ᠠᠷᠪᠠᠨ ᠰᠠᠷ᠎ᠠ ᠶᠢᠨ ᠠᠮᠠᠷᠠᠯᠲᠠ ᠶᠢᠨ ᠬᠤᠭᠤᠴᠠᠭᠠᠨ ᠳᠤ ᠮᠠᠨ ᠤ ᠣᠷᠣᠨ ᠳᠤ ᠪᠣᠷᠣᠭᠠᠨ ᠴᠠᠰᠤ ᠬᠤᠯᠢᠯᠳᠤᠨ ᠣᠷᠣᠵᠤ ᠶᠡᠭᠡ ᠪᠠᠷ ᠰᠠᠯᠬᠢᠯᠠᠵᠤ ᠬᠦᠢᠲᠡᠷᠡᠨ᠎ᠡ
ᠨᠡᠶᠢᠲᠡᠯᠡᠭᠰᠡᠨ ᠴᠠᠭ᠄
2018/9/30
     9 ᠳ᠋ᠤᠭᠡᠷ ᠰᠠᠷ᠎ᠡ ᠶᠢᠨ 29 ᠤ ᠡᠳᠤᠷ᠂ ᠦᠪᠦᠷ ᠮᠤᠩᠭᠤᠯ ᠤᠨ ᠴᠠᠭ ᠠᠭᠤᠷ ᠤᠨ ᠲᠤᠪᠴᠢᠶ᠎ᠡ ᠠᠴᠠ 2018 ᠤᠨ ᠤ ᠤᠯᠤᠰ ᠤᠨ ᠪᠡᠶᠡᠷ ᠤᠨ ᠠᠮᠠᠷᠠᠯᠳᠡ ᠶᠢᠨ ᠬᠤᠭᠤᠴᠠᠭᠠᠨ ᠳᠠᠬᠢ ᠴᠠᠭ ᠠᠭᠤᠷ ᠤᠨ ᠪᠠᠶᠢᠳᠠᠯ ᠢ ᠤᠷᠢᠳᠴᠢᠯᠠᠨ ᠮᠡᠳᠡᠬᠡᠯᠡᠬᠦ ᠬᠠᠷᠠᠭᠠᠨ ᠳᠠᠪᠲᠠᠮᠵᠢ ᠶᠢᠨ ᠬᠤᠷᠠᠯ ᠬᠤᠷᠠᠯᠳᠤᠭᠤᠯᠵᠤ᠂ ᠠᠮᠠᠷᠠᠯᠳᠡ ᠶᠢᠨ ᠬᠤᠭᠤᠴᠠᠭᠠᠨ ᠤ ᠴᠠᠭ ᠠᠭᠤᠷ ᠤᠨ ᠪᠠᠶᠢᠳᠠᠯ ᠢ ᠮᠡᠳᠡᠭᠳᠡᠭᠰᠡᠨ ᠪᠠᠶᠢᠨ᠎ᠡ᠃      ᠬᠤᠷᠠᠯ ᠠᠴᠠ ᠤᠢᠢᠯᠠᠭᠠᠬᠰᠠᠨ ᠢᠶᠠᠷ᠂ ᠬᠦᠢᠳᠡᠨ ᠤᠷᠤᠰᠬᠠᠯ ᠤᠨ ᠨᠦᠯᠦᠬᠡ ᠪᠠᠷ ᠤᠯᠤᠰ ᠤᠨ ᠪᠡᠶᠡᠷ ᠤᠨ ᠬᠤᠭᠤᠴᠠᠭᠠᠨ ᠳᠤ ᠮᠠᠨ ᠤ ᠤᠷᠤᠨ ᠤ ᠶᠡᠬᠡᠩᠬᠢ ᠭᠠᠵᠡᠷ ᠨᠡᠶᠢᠳᠡᠮ ᠬᠦᠢᠳᠡᠷᠡᠵᠤ᠂ ᠰᠡᠯᠬᠢ ᠶᠡᠭᠡ᠂ ᠵᠡᠬᠦᠨ ᠪᠡᠶ᠎ᠡ ᠶᠢᠨ ᠬᠤᠶᠢᠳᠤ ᠬᠡᠰᠡᠭ ᠢᠶᠠᠷ ᠬᠤᠷ᠎ᠡ ᠲᠤᠨᠳᠠᠰᠤ ᠶᠡᠬᠡᠳᠡᠢ᠃ 10 ᠳ᠋ᠤᠭᠠᠷ ᠰᠠᠷ᠎ᠡ ᠶᠢᠨ 1 ᠤ ᠡᠳᠤᠷ ᠠᠴᠠ 3 ᠤ ᠡᠳᠤᠷ ᠪᠤᠯᠳᠠᠯ᠎ᠡ ᠦᠪᠦᠷ ᠮᠤᠩᠭᠤᠯ ᠤᠨ ᠵᠡᠬᠦᠨ ᠪᠡᠶ᠎ᠡ ᠶᠢᠨ ᠬᠤᠶᠢᠳᠤ ᠬᠡᠰᠡᠭ ᠢᠶᠠᠷ ᠪᠠᠭ᠎ᠠ ᠪᠤᠷᠤᠭᠠᠨ ᠴᠠᠰᠤ ᠬᠤᠯᠢᠯᠳᠤᠨ ᠤᠷᠤᠵᠤ᠂ ᠲᠤᠮᠳᠡ ᠪᠡᠶ᠎ᠡ ᠶᠢᠨ ᠵᠡᠬᠦᠨ ᠬᠡᠰᠡᠭ ᠤᠷᠤᠨ ᠢᠶᠠᠷ ᠪᠠᠷᠠᠭᠤᠨ ᠬᠤᠶᠢᠨ᠎ᠡ ᠠᠴᠠ 5 ᠲᠡᠰ ᠤᠨ ᠰᠠᠯᠬᠢ ᠰᠠᠯᠬᠢᠯᠡᠨ᠎ᠡ᠃ 10 ᠳ᠋ᠤᠭᠠᠷ ᠰᠠᠷ᠎ᠡ ᠶᠢᠨ 4 ᠤ ᠡᠳᠤᠷ ᠠᠴᠠ 7 ᠤ ᠡᠳᠤᠷ ᠪᠤᠯᠳᠠᠯ᠎ᠡ᠂ ᠦᠪᠦᠷ ᠮᠤᠩᠭᠤᠯ ᠳᠤ ᠨᠡᠶᠢᠳᠡᠮ ᠳᠡᠭᠡᠨ ᠨᠢᠬᠡ ᠤᠳᠠᠭᠠᠨ ᠤ ᠪᠤᠷᠤᠭᠠᠨ ᠴᠠᠰᠤ ᠤᠷᠤᠵᠤ᠂ ᠠᠭᠠᠷ ᠤᠨ ᠲᠤᠯᠠᠭᠠᠨ ᠲᠤᠷᠤᠬᠰᠢᠯᠠᠨ ᠰᠠᠯᠬᠢᠯᠡᠨ᠎ᠡ᠃ ᠪᠠᠷᠠᠭᠤᠨ ᠪᠡᠶ᠎ᠡ ᠶᠢᠨ ᠡᠮᠤᠨ᠎ᠡ ᠬᠡᠰᠡᠭ ᠪᠤᠯᠤᠨ ᠵᠠᠬᠦᠨ ᠬᠡᠰᠡᠭ ᠵᠢᠴᠢ ᠲᠤᠮᠳᠡ ᠵᠡᠬᠦᠨ ᠪᠡᠶ᠎ᠡ ᠶᠢᠨ ᠶᠡᠬᠡᠩᠬᠢ ᠭᠠᠵᠡᠷ ᠪᠠᠭ᠎ᠠ ᠪᠤᠷᠤᠭᠠᠨ ᠪᠤᠶᠤ ᠴᠠᠰᠤ ᠪᠤᠷᠤᠭᠠᠨ ᠬᠤᠯᠢᠯᠳᠤᠨ ᠤᠷᠤᠵᠤ᠂ ᠬᠤᠷ᠎ᠡ ᠲᠤᠨᠳᠠᠰᠤᠨ ᠤ ᠬᠡᠮᠵᠢᠶ᠎ᠡ 0.1 ᠠᠴᠠ 9.9 ᠮᠢᠯᠢᠮᠧᠲᠷ ᠪᠠᠶᠢᠵᠤ᠂ ᠵᠡᠬᠦᠨ ᠬᠤᠶᠢᠳᠤ ᠬᠡᠰᠡᠭ ᠢᠶᠠᠷ ᠬᠤᠷ᠎ᠡ ᠲᠤᠨᠳᠠᠰᠤᠨ ᠤ ᠬᠡᠮᠵᠢᠶ᠎ᠡ 10 ᠮᠢᠯᠢᠮᠧᠲᠷ ᠢ ᠲᠠᠪᠠᠭ᠋ᠤ ᠪᠤᠯᠤᠨ᠎ᠡ᠃ ᠪᠦᠬᠦ ᠤᠷᠤᠨ ᠤ ᠶᠡᠬᠡᠩᠬᠢ ᠭᠠᠵᠡᠷ ᠤᠨ ᠠᠭᠠᠷ ᠤᠨ ᠲᠤᠯᠠᠭᠠᠨ 6 ᠠᠴᠠ 8 ℃ ᠲᠤᠷᠤᠬᠰᠢᠯᠠᠵᠤ᠂ ᠵᠡᠬᠦᠨ ᠬᠤᠶᠢᠳᠤ ᠪᠡᠶ᠎ᠡ ᠶᠢᠨ ᠨᠤᠳᠤᠭ ᠢᠶᠠᠷ 8 ᠠᠴᠠ 10℃ ᠲᠤᠷᠤᠬᠰᠢᠯᠠᠨ᠎ᠡ᠃ 6 ᠤ ᠡᠳᠤᠷ ᠠᠴᠠ 8 ᠤ ᠡᠳᠤᠷ  ᠤᠨ ᠦᠷᠯᠦᠬᠡ ᠪᠦᠬᠦ ᠤᠷᠤᠨ ᠳᠤ ᠨᠡᠶᠢᠳᠡᠮ ᠳᠡᠭᠡᠨ ᠬᠢᠷᠠᠭᠤ ᠤᠨᠠᠬᠤ ᠪᠤᠶᠤ ᠮᠦᠰᠦ ᠬᠦᠯᠳᠡᠨ᠎ᠡ᠃      ᠴᠠᠭ ᠠᠭᠤᠷ ᠤᠨ ᠪᠠᠶᠢᠳᠠᠯ ᠠᠴᠠ ᠦᠵᠡᠪᠡᠯ᠂ 10 ᠳ᠋ᠤᠭᠠᠷ ᠰᠠᠷ᠎ᠡ ᠶᠢᠨ 1 ᠤ ᠡᠳᠤᠷ ᠠᠴᠠ 3 ᠤ ᠡᠳᠤᠷ ᠪᠤᠯᠳᠠᠯ᠎ᠡ᠂ ᠬᠤᠷ᠎ᠡ ᠲᠤᠨᠳᠠᠰᠤᠨ ᠤ ᠨᠦᠯᠦᠬᠡ ᠪᠠᠷ᠂ ᠮᠠᠨ ᠤ ᠤᠷᠤᠨ ᠤ ᠵᠡᠬᠦᠨ ᠬᠤᠶᠢᠳᠤ ᠪᠡᠶ᠎ᠡ ᠶᠢᠨ ᠵᠢᠭᠤᠯᠴᠢᠯᠠᠯ  ᠤᠨ ᠭᠠᠵᠡᠷ ᠢᠶᠠᠷ ᠲᠤᠭᠤᠷᠢᠨ ᠵᠢᠭᠤᠯᠴᠢᠯᠠᠬᠤ ᠳᠤ ᠲᠤᠬᠢᠷᠠᠮᠵᠢ ᠦᠬᠡᠢ᠂ ᠲᠤᠮᠳᠡ ᠪᠡᠶ᠎ᠡ ᠪᠤᠯᠤᠨ ᠪᠠᠷᠠᠭᠤᠨ ᠪᠡᠶ᠎ᠡ ᠶᠢᠨ ᠵᠢᠭᠤᠯᠴᠢᠯᠠᠯ ᠤᠨ ᠤᠷᠤᠨ ᠢ ᠰᠤᠩᠭᠤᠵᠤ ᠪᠤᠯᠤᠨ᠎ᠡ︔ 10 ᠳ᠋ᠤᠭᠠᠷ ᠰᠠᠷ᠎ᠡ ᠶᠢᠨ 4 ᠤ ᠡᠳᠤᠷ ᠠᠴᠠ 8 ᠤ ᠡᠳᠤᠷ ᠪᠤᠯᠳᠠᠯ᠎ᠡ᠂ ᠠᠭᠠᠷ ᠤᠨ ᠲᠤᠯᠠᠭᠠᠨ ᠲᠤᠷᠤᠬᠰᠢᠯᠠᠨ᠂ ᠬᠤᠷ᠎ᠡ ᠲᠤᠨᠳᠠᠰᠤ ᠪᠠᠭᠤᠵᠤ ᠰᠠᠯᠬᠢ ᠶᠡᠬᠡᠳᠡᠢ ᠤᠴᠢᠷ ᠠᠴᠠ ᠮᠠᠨ ᠤ ᠤᠷᠤᠨ ᠤ ᠶᠡᠬᠡᠩᠬᠢ ᠭᠠᠵᠡᠷ ᠲᠤ ᠠᠶᠠᠯᠠᠨ ᠵᠢᠭᠤᠯᠴᠢᠯᠠᠬᠤ ᠳᠤ ᠲᠣᠬᠢᠷᠠᠮᠵᠢ ᠦᠭᠡᠢ᠃
 
ᠢᠷᠡᠯᠲᠡ᠄ ᠥᠪᠥᠷ ᠮᠣᠩᠭᠤᠯ ᠤᠨ ᠡᠳᠦᠷ  ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号