ᠲᠣᠩᠰᠢᠭᠤᠯᠬᠤ ᠰᠠᠴᠤᠷᠠᠯ ᠤᠨ ᠬᠦᠮᠦᠨ ᠤ ᠪᠡᠶ᠎ᠡ ᠳᠠᠬᠢ ᠦᠢᠰᠭᠡᠯ
ᠨᠡᠶᠢᠲᠡᠯᠡᠭᠰᠡᠨ ᠴᠠᠭ᠄
2019/1/23
    ᠨᠢᠭᠡᠳᠦᠭᠡᠷ ᠪᠦᠯᠦᠭ   ᠲᠣᠩᠰᠢᠭᠤᠯᠬᠤ ᠰᠠᠴᠤᠷᠠᠯ ᠤᠨ ᠬᠦᠮᠦᠨ ᠤ ᠪᠡᠶ᠎ᠡ ᠳᠠᠬᠢ ᠦᠢᠰᠭᠡᠯ     ᠳᠣᠩᠰᠢᠭᠤᠯᠬᠤ ᠰᠠᠴᠤᠷᠠᠯ ᠤᠨ ᠰᠢᠨᠵᠢ ᠴᠢᠨᠠᠷ ᠪᠠ ᠰᠦᠬᠦᠭᠡ ᠵᠡᠷᠭᠡ ᠠᠴᠠ ᠪᠣᠯᠵᠦ᠂ ᠲᠡᠷᠨ ᠨᠢ ᠬᠠᠷᠢᠯᠴᠠᠨ ᠦᠢᠯᠡᠴᠢᠯᠡᠬᠦ ᠪᠠᠷ ᠳᠠᠮᠵᠢᠨ ᠡᠨᠧᠷᠬᠢ ᠪᠠᠨ ᠪᠣᠳᠠᠰ  ᠲᠤ ᠤᠯᠠᠮᠵᠢᠯᠠᠭᠠᠳ ᠲᠡᠭᠦᠨ ᠤ ᠠᠲ᠋ᠤᠮ ᠪᠣᠯᠣᠨ ᠮᠣᠯᠧᠺᠦ᠋ᠯ ᠤᠨ ᠪᠦᠲᠦᠴᠡ ᠶᠢ ᠬᠤᠪᠢᠷᠠᠭᠤᠯᠤᠭᠠᠳ ᠡᠭᠦᠨ ᠤ ᠤᠯᠠᠮ ᠠᠴᠠ ᠨᠢᠭᠡᠨ ᠳᠠᠷᠠᠮ᠎ᠠ ᠹᠢᠽᠢᠺ ᠤᠨ ᠪᠣᠶᠤ ᠬᠢᠮᠢ  ᠶᠢᠨ ᠡᠰᠡᠭᠦᠯ᠎ᠡ ᠠᠮᠢᠳᠤ ᠪᠣᠳᠠᠰ ᠤᠨ ᠬᠤᠪᠢᠷᠠᠯᠲᠠ ᠭᠠᠷᠭᠠᠳᠠᠭ ᠢ ᠰᠠᠴᠤᠷᠠᠯ ᠤᠨ ᠦᠢᠰᠭᠡᠯ ︵Radiation Effect︶ ᠭᠡᠳᠡᠭ᠃ ᠡᠨᠡ ᠨᠢ ᠬᠦᠮᠦᠰ ᠲᠤ ᠰᠠᠴᠤᠷᠠᠭ ᠢ ᠲᠠᠨᠢᠵᠦ ᠮᠡᠳᠡᠬᠦ ᠪᠠ ᠬᠡᠮᠵᠢᠬᠦ ᠵᠢᠴᠢ ᠲᠡᠭᠦᠨ ᠢ ᠠᠰᠢᠭᠯᠠᠵᠦ ᠰᠡᠷᠭᠡᠶᠢᠯᠡᠬᠦ ᠶᠢᠨ ᠰᠠᠭᠤᠷᠢ ᠪᠤᠯᠳᠠᠭ᠃     ᠨᠢᠭᠡᠳᠦᠭᠡᠷ ᠬᠡᠰᠡᠭ  ᠬᠦᠮᠦᠨ ᠤ ᠪᠡᠶ᠎ᠡ ᠶᠢᠨ ᠪᠦᠲᠦᠴᠡ ᠶᠢᠨ ᠲᠣᠶᠢᠮᠤ     ᠳᠣᠩᠰᠢᠭᠤᠯᠬᠤ ᠰᠠᠴᠤᠷᠠᠯ ᠤᠨ ᠬᠦᠮᠦᠨ ᠤ ᠪᠡᠶ᠎ᠡ ᠳᠤ ᠡᠲᠦᠬᠦ ᠠᠮᠢᠳᠤ ᠪᠣᠳᠠᠰ ᠤᠨ ᠦᠢᠰᠭᠡᠯ ᠨᠢ ᠲᠡᠭᠦᠨ ᠤ ᠰᠢᠨᠵᠢ ᠴᠢᠨᠠᠷ ᠪᠠ ᠰᠦᠬᠦᠭᠡ ᠠᠴᠠ ᠰᠢᠯᠲᠠᠭᠠᠯᠠᠭᠳᠠᠬᠤ ᠮᠦᠷᠲᠡᠭᠡᠨ ᠡᠷᠬᠡᠲᠡᠨ ᠨᠡᠬᠡᠳᠡᠰᠤ ᠵᠢᠴᠢ ᠨᠠᠰᠤ ᠬᠦᠢᠰᠤ ᠵᠡᠷᠭᠡ ᠲᠠᠢ ᠴᠤ ᠨᠢᠭᠲᠠ ᠬᠤᠯᠪᠤᠭ᠎ᠠ ᠲᠠᠢ ᠪᠠᠶᠢᠳᠠᠭ᠃ ᠡᠶᠢᠮᠦ ᠠᠴᠠ ᠰᠠᠴᠤᠷᠠᠭ ᠢ ᠰᠡᠷᠭᠡᠶᠢᠯᠡᠨ ᠬᠠᠮᠠᠭᠠᠯᠠᠬᠤ ᠳᠤ ᠶᠠᠭᠤᠨ ᠤ ᠤᠷᠢᠳ ᠪᠢᠳᠡ ᠦᠪᠡᠷ ᠤᠨ ᠪᠡᠶ᠎ᠡ ᠶᠢᠨ ᠢᠶᠠᠨ ᠪᠦᠲᠦᠴᠡ ᠶᠢᠨ ᠲᠣᠶᠢᠮᠤ ᠶᠢ ᠣᠶᠢᠯᠠᠭᠠᠬᠤ ᠴᠢᠬᠤᠯᠲᠠᠢ᠃       ᠨᠢᠭᠡ᠂ ᠪᠡᠶ᠎ᠡ ᠶᠢᠨ ᠬᠡᠰᠡᠭ ᠪᠣᠯᠣᠨ ᠰᠢᠰᠲ᠋ᠧᠮ     ᠰᠠᠴᠤᠷᠠᠯ ᠠᠴᠠ ᠬᠠᠮᠠᠭᠠᠯᠠᠬᠤ ᠳᠤ ᠬᠠᠷᠢᠯᠴᠠᠨ ᠶᠠᠷᠢᠯᠴᠠᠵᠦ ᠤᠶᠢᠯᠠᠭᠠᠯᠴᠠᠬᠤ ᠪᠠ ᠲᠡᠭᠦᠨ ᠤ ᠳᠤᠰᠬᠠᠯᠲᠠ ᠶᠢᠨ ᠬᠤᠮᠵᠢᠮ ᠢ ᠬᠡᠮᠵᠢᠬᠦ ᠵᠢᠴᠢ ᠪᠠᠷᠤᠭᠴᠠᠭᠠᠨ ᠪᠣᠳᠤᠬᠤ ᠳᠤ ᠳᠦᠭᠦᠮ ᠢ ᠪᠣᠳᠤᠵᠦ᠂ ᠬᠦᠮᠦᠨ ᠤ ᠪᠡᠶ᠎ᠡ ᠶᠢ ᠶᠡᠭᠡ ᠲᠦᠯᠦᠪ ᠲᠣᠯᠤᠭᠠᠢ᠂ ᠭᠤᠣᠯ ᠪᠡᠶ᠎ᠡ ᠪᠠ ᠳᠦᠷᠪᠡᠨ ᠮᠦᠴᠢ ᠵᠡᠷᠭᠡ ᠬᠡᠳᠦᠨ ᠬᠡᠰᠡᠭ ᠠᠴᠠ ᠪᠦᠷᠢᠯᠳᠦᠯ᠎ᠡ ᠭᠡᠵᠦ ᠦᠵᠡᠳᠡᠭ᠃ ᠣᠯᠠᠩᠭᠢ ᠰᠡᠷᠡᠯ ᠤᠨ ᠡᠷᠬᠡᠲᠡᠳ ᠴᠦᠮ ᠲᠣᠯᠤᠭᠠᠢ ᠶᠢᠨ ᠬᠡᠰᠡᠭ ᠲᠤ ᠪᠠᠶᠢᠵᠦ᠂ ᠢᠯᠠᠩᠭᠤᠶ᠎ᠠ ᠨᠢᠳᠤ ᠪᠣᠯ ᠪᠡᠶ᠎ᠡ ᠶᠢᠨ ᠭᠠᠳᠠᠷᠭᠤ ᠳᠤ ᠢᠯᠨ ᠪᠠᠶᠢᠭ᠎ᠠ ᠲᠤᠯᠠᠲᠠ ᠰᠠᠴᠤᠷᠠᠭ ᠠᠴᠠ ᠬᠠᠮᠠᠭᠠᠯᠠᠬᠤ ᠳᠤ ᠣᠨᠴᠤᠭᠤᠢ ᠪᠠᠶᠢᠷᠢ ᠰᠠᠭᠤᠷᠢ ᠶᠢ ᠡᠵᠡᠯᠡᠳᠡᠭ᠃ ᠭᠤᠣᠯ ᠪᠡᠶ᠎ᠡ ᠨᠢ ᠲᠡᠤᠷ᠎ᠡ ᠪᠠᠷ ᠴᠡᠭᠡᠵᠢ ᠬᠡᠪᠡᠯᠢ ᠶᠢᠨ ᠬᠤᠶᠡᠷ ᠬᠦᠨᠳᠡᠢ ᠬᠡᠰᠡᠭ ᠪᠣᠯᠣᠨ ᠲᠤᠰᠭᠠᠷᠯᠠᠭᠳᠠᠭᠠᠳ᠂ ᠴᠢᠬᠤᠯᠨ ᠮᠦᠷᠲᠡᠭᠡᠨ ᠵᠦᠭᠡᠯᠡᠨ ᠵᠣᠩᠬᠢᠯᠠᠬᠤ ᠰᠠᠪᠠ ᠴᠣᠯᠤ ᠨᠤᠭᠤᠳ ᠴᠦᠮ ᠠᠳᠡ ᠲᠦᠪᠯᠡᠷᠡᠵᠦ ᠪᠠᠶᠢᠳᠠᠭ᠃     ᠬᠦᠮᠦᠨ ᠤ ᠪᠡᠶ᠎ᠡ ᠳᠤ ᠶᠠᠮᠠᠷ ᠨᠢᠭᠡᠨ ᠡᠭᠦᠷᠭᠡ ᠴᠢᠳᠠᠪᠤᠷᠢ ᠶᠢ ᠬᠠᠮᠲᠤᠪᠠᠷ ᠭᠦᠢᠴᠡᠳᠬᠡᠳᠡᠭ ᠵᠠᠷᠢᠮ ᠨᠢᠭᠡ ᠪᠦᠯᠦᠭ ᠡᠷᠬᠡᠲᠡᠨ ᠨᠦᠭᠦᠳ ᠤᠨ ᠬᠤᠯᠪᠤᠭᠠᠲᠤ ᠴᠣᠭᠴᠠᠰ ᠢ ᠰᠢᠰᠲ᠋ᠧᠮ ︵System︶ ᠭᠡᠳᠡᠭ᠃ ᠬᠦᠮᠦᠨ ᠤ ᠪᠡᠶ᠎ᠡ ᠳᠤ ᠠᠳᠠᠯᠢ ᠪᠤᠰᠤ ᠦᠢᠯᠡᠳᠦᠯ ᠪᠦᠬᠦᠢ ᠡᠯ᠎ᠡ ᠵᠦᠢᠯ ᠤᠨ ᠰᠢᠰᠲ᠋ᠧᠮ ᠬᠡᠳᠦᠨ ᠠᠷᠪᠠ ᠪᠠᠶᠢᠵᠦ᠂ ᠰᠢᠰᠲ᠋ᠧᠮ ᠪᠦᠷᠢ ᠨᠢ ᠴᠦᠮ ᠴᠢᠬᠤᠯᠨ ᠦᠢᠯᠡᠳᠦᠯ ᠭᠠᠷᠭᠠᠵᠦ ᠪᠠᠶᠢᠳᠠᠭ ᠪᠦᠭᠡᠳ ᠲᠡᠳᠡᠭᠡᠷ ᠨᠢ ᠬᠦᠮᠦᠨ ᠤ ᠪᠡᠶ᠎ᠡ ᠶᠢᠨ ᠠᠮᠢ ᠨᠠᠰᠤᠨ ᠤ ᠬᠡᠪ ᠤᠨ ᠠᠵᠢᠯᠯᠠᠭᠠᠨ ᠢ ᠦᠷᠬᠦᠯᠵᠢᠯᠡᠭᠦᠯᠬᠦ ᠶᠢᠨ ᠬᠠᠮᠲᠤ ᠭᠠᠳᠠᠭᠠᠳᠤ ᠣᠷᠴᠢᠨ ᠯᠤᠭ᠎ᠠ ᠶᠢᠨ ᠬᠠᠷᠢᠴᠠᠭ᠎ᠠ ᠶᠢ ᠵᠣᠬᠢᠴᠠᠯᠳᠤᠭᠤᠯᠵᠦ ᠪᠠᠶᠢᠳᠠᠭ᠃ ᠬᠦᠮᠦᠨ ᠤ ᠪᠡᠶ᠎ᠡ ᠶᠢᠨ ᠪᠣᠢ ᠪᠦᠬᠦᠢ ᠰᠢᠰᠲ᠋ᠧᠮ ᠤᠨ ᠠᠵᠢᠯᠯᠠᠭᠠᠨ ᠨᠢ ᠪᠦᠷ ᠮᠡᠳᠡᠷᠡᠯ ᠤᠨ ᠰᠢᠰᠲ᠋ᠧᠮ ᠪᠣᠯᠣᠨ ᠲᠣᠲᠤᠭᠠᠳᠤ ᠱᠦᠭᠦᠷᠯᠡᠯ ᠤᠨ ᠰᠢᠰᠲ᠋ᠧᠮ ᠢ ᠳᠠᠮᠵᠢᠨ ᠬᠤᠭᠤᠷᠣᠨᠳᠤ ᠪᠠᠨ ᠵᠣᠬᠢᠴᠠᠯᠳᠤᠵᠦ ᠪᠠᠶᠢᠳᠠᠭ᠃ ᠰᠠᠴᠤᠷᠠᠭ ᠠᠴᠠ ᠬᠠᠮᠠᠭᠠᠯᠠᠬᠤ ᠳᠤ ᠠᠮᠢᠰᠬᠤᠯ ᠤᠨ ᠰᠢᠰᠲ᠋ᠧᠮ᠂ ᠰᠠᠮᠰᠢᠭᠤ ᠪᠣᠯᠣᠨ ᠴᠢᠰᠤᠨ ᠡᠷᠭᠢᠯᠲᠡ ᠶᠢᠨ ᠰᠢᠰᠲ᠋ᠧᠮ ᠵᠡᠷᠭᠡ ᠴᠢᠬᠤᠯᠨ ᠪᠠᠶᠢᠳᠠᠭ᠃     1. ᠠᠮᠢᠰᠬᠤᠯ ᠤᠨ ᠰᠢᠰᠲ᠋ᠧᠮ     ᠭᠤᠣᠯᠳᠠᠭᠤ ᠬᠠᠮᠠᠷ᠂ ᠮᠦᠬᠡᠷᠰᠦᠨ ᠬᠤᠭᠤᠯᠠᠢ ᠪᠣᠯᠣᠨ ᠠᠭᠤᠰᠬᠢ ᠪᠠᠷ ᠪᠦᠷᠢᠯᠳᠦᠨ᠂ ᠬᠦᠮᠦᠨ ᠤ ᠪᠡᠶ᠎ᠡ ᠶᠢᠨ ᠡᠯ᠎ᠡ ᠡᠷᠬᠡᠲᠡᠨ ᠨᠡᠬᠡᠳᠡᠰᠤ ᠶᠢᠨ ᠡᠰ ᠨᠤᠭᠤᠳ ᠲᠤ ᠬᠦᠴᠢᠯᠲᠦᠷᠦᠭᠴᠢ ᠶᠢ ᠬᠠᠨᠭ᠍ᠭᠠᠳᠠᠭ᠃ ᠴᠢᠰᠤᠨ ᠡᠷᠭᠢᠯᠲᠠ ᠨᠢ ᠠᠭᠤᠰᠬᠢ ᠪᠠᠷ ᠦᠡᠭᠭᠡᠷᠡᠬᠦ ᠳᠡᠭᠡᠨ ᠠᠮᠢᠰᠬᠤᠨ ᠣᠷᠤᠭᠤᠯᠤᠭᠰᠠᠨ ᠬᠦᠴᠢᠯᠲᠦᠷᠦᠭᠴᠢ ᠶᠢ ᠰᠢᠩᠭᠡᠭᠡᠨ ᠠᠪᠤᠭᠠᠳ ᠪᠦᠬᠦ ᠪᠡᠶ᠎ᠡ ᠶᠢᠨ ᠡᠰ ᠲᠤ ᠬᠦᠷᠭᠡᠬᠦ ᠶᠢᠨ ᠳᠠᠭᠠᠤ ᠲᠡᠳᠡᠨ ᠠᠴᠠ ᠭᠠᠷᠤᠭᠰᠠᠨ ᠨᠡᠭᠦᠷᠡᠰᠦ ᠬᠦᠴᠢᠯ ᠤᠨ ᠳᠠᠪᠬᠤᠷ ᠢᠰᠤᠯ ᠵᠡᠷᠭᠡ ᠬᠠᠶᠠᠭᠳᠠᠮᠠᠯ ᠬᠡᠢ ᠶᠢ ᠠᠭᠤᠰᠬᠢᠨ ᠳᠤ ᠠᠪᠴᠢᠷᠠᠭᠠᠳ ᠠᠮᠢᠰᠬᠤᠨ ᠭᠠᠷᠭᠠᠳᠠᠭ᠃     ᠠᠭᠠᠷ ᠬᠡᠷᠪᠡ ᠰᠠᠴᠤᠷᠠᠭᠲᠤ ᠪᠣᠳᠠᠰ ᠲᠤ ᠪᠣᠬᠢᠷᠳᠠᠪᠠᠯ ᠲᠡᠭᠦᠨ ᠤ ᠵᠢᠭᠵᠢᠭᠡᠷ ᠮᠦᠬᠦᠯᠢᠭ ᠨᠦᠭᠦᠳ ᠨᠢ ᠠᠮᠢᠰᠬᠤᠯ ᠢ ᠳᠠᠭᠠᠯᠳᠤᠨ ᠲᠣᠭᠤᠰᠤ ᠲᠣᠷᠳᠤᠭ ᠲᠠᠢ ᠴᠤᠭᠭᠠᠷ ᠬᠦᠮᠦᠨ ᠤ ᠪᠡᠶᠡᠨ ᠳᠤ ᠣᠷᠤᠳᠠᠭ᠃ ᠡᠭᠦᠨ ᠤ ᠳᠣᠲᠤᠷᠠᠬᠢ ᠦᠴᠦᠬᠡᠨ ᠨᠢᠭᠡ ᠪᠦᠯᠦᠭ ᠨᠢ ᠠᠭᠤᠰᠬᠢᠨ ᠳᠤ ᠲᠤᠨᠤᠵᠦ᠂ ᠪᠤᠰᠤᠳ ᠢ ᠨᠢ ᠠᠮᠢᠰᠬᠤᠨ ᠭᠠᠷᠭᠠᠬᠤ ᠦᠭᠡᠢ ᠪᠣᠯ ᠳᠠᠷᠤᠢ ᠠᠮᠠᠨ ᠬᠦᠨᠳᠡᠢ ᠳᠤ ᠲᠤᠨᠤᠭᠠᠳ ᠳᠠᠷᠠᠭ᠎ᠠ ᠨᠢ ᠵᠠᠯᠭᠢᠨ ᠣᠷᠤᠭᠤᠯᠳᠠᠭ᠃ ᠠᠭᠤᠰᠬᠢᠨ ᠳᠤ ᠲᠤᠨᠤᠭᠰᠠᠨ ᠰᠠᠴᠤᠷᠠᠭᠲᠤ ᠪᠣᠳᠠᠰ ᠤᠨ ᠬᠢᠯᠪᠠᠷᠬᠠᠨ ᠠᠭᠤᠰᠳᠠᠭ ᠨᠢᠭᠡ ᠪᠦᠯᠦᠭ ᠤᠨ ᠣᠯᠠᠩᠬᠢ ᠨᠢ ᠬᠡᠳᠦᠨ ᠴᠠᠭ ᠤᠨ ᠳᠣᠲᠤᠷ᠎ᠠ ᠴᠢᠰᠤᠨ ᠳᠤ ᠬᠤᠯᠢᠯᠳᠤᠭᠠᠳ ᠲᠡᠭᠦᠨ ᠤ ᠡᠷᠭᠢᠯᠲᠡ ᠶᠢ ᠲᠠᠭᠠᠨ ᠪᠡᠶ᠎ᠡ ᠶᠢᠨ ᠡᠯ᠎ᠡ ᠭᠡᠰᠡᠭ ᠲᠤ ᠬᠦᠷᠳᠡᠭ᠃ ᠦᠯᠦ ᠠᠭᠤᠰᠬᠤ ᠨᠢᠭᠡ ᠪᠦᠯᠦᠭ ᠨᠢ ᠬᠠᠷᠢᠨ ᠠᠭᠤᠰᠬᠢᠨ ᠳᠣᠲᠤᠷ᠎ᠠ ᠬᠡᠳᠦᠨ ᠰᠠᠷ᠎ᠠ ᠪᠠᠷ ᠲᠣᠭᠲᠠᠵᠦ ᠪᠠᠶᠢᠳᠠᠭ᠃    2. ᠰᠠᠮᠰᠢᠭᠤ    ᠪᠣᠳᠠᠰ ᠪᠣᠯ ᠪᠦᠷ ᠲᠡᠳᠡᠭᠡᠷ ᠨᠢᠭᠡᠨᠲᠡ ᠮᠡᠳᠡᠭᠰᠡᠨ ᠵᠠᠭᠤ ᠭᠠᠷᠤᠢ ᠵᠦᠢᠯ ᠤᠨ ᠡᠯᠧᠮᠧᠨ᠋ᠲ ᠤᠨ ᠠᠳᠠᠯᠢ ᠪᠤᠰᠤ ᠨᠠᠶᠢᠷᠠᠯᠭ᠎ᠠ ᠪᠠᠷ ᠪᠦᠲᠦᠭᠰᠡᠨ ᠪᠦᠭᠡᠳ ᠪᠦᠬᠦᠯᠢ ᠴᠣᠭᠴᠠ ᠳᠤᠨᠢ ᠠᠪᠴᠤ ᠬᠡᠯᠡᠪᠡᠯ᠂ ᠣᠷᠴᠢᠯᠠᠩ ᠪᠠ ᠭᠠᠵᠠᠷ ᠤᠨ ᠪᠦᠮᠪᠦᠷᠴᠡᠭ ᠵᠢᠴᠢ ᠬᠦᠮᠦᠨ ᠤ ᠪᠡᠶ᠎ᠡ ᠳᠠᠬᠢ ᠡᠳᠡᠭᠡᠷ ᠡᠯᠧᠮᠧᠨ᠋ᠲ ᠶᠢᠨ ᠬᠠᠷᠢᠴᠠᠯ ᠨᠢ ᠶᠡᠭᠡ ᠲᠦᠯᠦᠪ ᠠᠳᠠᠯᠢᠪᠲᠤᠷ ᠪᠠᠶᠢᠳᠠᠭ᠃ ᠡᠶᠢᠮᠦ ᠠᠴᠠ ᠪᠠᠶᠢᠭᠠᠯᠢ ᠶᠢᠷᠲᠢᠨᠴᠤ ᠳᠤ ᠣᠷᠣᠰᠢᠵᠦ ᠪᠠᠶᠢᠭ᠎ᠠ ᠶᠠᠮᠠᠷ ᠴᠤ ᠨᠢᠭᠡᠨ ᠡᠯᠧᠮᠧᠨ᠋ᠲ ᠴᠤ ᠭᠡᠳ ᠬᠦᠮᠦᠨ ᠤ ᠪᠡᠶ᠎ᠡ ᠳᠤ ᠪᠦᠷ ᠪᠠᠶᠢᠵᠦ᠂ ᠲᠡᠳᠡᠨ ᠠᠴᠠ ᠪᠦᠷᠢᠯᠳᠦᠭᠰᠡ ᠰᠢᠬᠢᠷ᠂ ᠤᠭᠤᠷᠠᠭ ᠪᠣᠯᠣᠨ ᠦᠭᠡᠬᠦ ᠭᠤᠷᠪᠠᠨ ᠶᠡᠭᠡ ᠰᠢᠮ᠎ᠡ ᠲᠡᠵᠢᠭᠡᠯ ᠤᠨ ᠪᠦᠷᠢᠯᠳᠦᠭᠦᠨ ᠨᠢ ᠬᠦᠮᠦᠨ ᠤ ᠪᠡᠶ᠎ᠡ ᠮᠠᠬᠠᠪᠣᠳ ᠤᠨ ᠪᠣᠳᠠᠰ ᠤᠨ ᠰᠠᠭᠤᠷᠢ ᠶᠢ ᠪᠦᠲᠦᠭᠡᠳᠡᠭ᠃          ᠢᠳᠡᠭᠡᠨ ᠤᠮᠳᠠᠭᠠᠨ ᠢ ᠪᠣᠯᠪᠰᠤᠷᠠᠭᠤᠯᠤᠨ ᠬᠦᠮᠦᠨ ᠤ ᠪᠡᠶ᠎ᠡ ᠶᠢᠨ ᠡᠷᠬᠡᠲᠡᠨ ᠨᠡᠬᠡᠳᠡᠰᠤ ᠶᠢᠨ ᠦᠰᠦᠨ ᠪᠣᠶᠢᠵᠢᠬᠤ  ᠪᠣᠶᠤ ᠲᠣᠷᠪᠢᠵᠢᠬᠤ ᠳᠤ ᠬᠡᠷᠡᠭᠰᠡᠬᠦ ᠰᠢᠮ᠎ᠡ ᠲᠡᠵᠢᠭᠡᠯ ᠪᠣᠯᠭᠠᠳᠠᠭ ᠨᠢᠭᠡ ᠪᠦᠯᠦᠭ ᠰᠠᠪᠠ ᠨᠤᠭᠤᠳ ᠢ ᠰᠠᠮᠰᠢᠭᠤ ᠭᠡᠳᠡᠭ᠃ ᠲᠡᠷᠨ ᠨᠢ ᠭᠤᠣᠯᠳᠠᠭᠤ ᠤᠯᠠᠭᠠᠨ ᠬᠤᠭᠤᠯᠠᠢ᠂ ᠬᠤᠲᠤᠭᠤᠲᠤ᠂ ᠨᠤᠭᠤᠯᠤᠭᠤᠷ ᠭᠡᠳᠡᠰᠤ ᠪᠣᠯᠣᠨ ᠨᠠᠷᠢᠨ ᠭᠡᠳᠡᠰᠤ ᠪᠠᠷ ᠪᠦᠷᠢᠯᠳᠦᠳᠡᠭ᠃    ᠢᠳᠡᠭᠡᠨ ᠨᠢ ᠠᠮᠠᠨ ᠳᠤ ᠣᠷᠤᠭᠰᠠᠨ ᠤ ᠳᠠᠷᠠᠭ᠎ᠠ ᠵᠠᠵᠢᠯᠤᠭᠳᠠᠨ ᠨᠢᠴᠠᠷᠠᠭᠠᠳ ᠰᠢᠩᠭᠡᠭᠡᠯᠲᠡ ᠶᠢᠨ ᠱᠦᠭᠦᠷᠡᠰᠦᠨ ᠳᠤ ᠬᠤᠯᠢᠭᠳᠠᠨ ᠰᠠᠮᠰᠢᠭᠤ ᠳᠣᠲᠤᠷ᠎ᠠ ᠬᠢᠮᠢ ᠶᠢᠨ ᠤᠷᠪᠠᠯ ᠢᠶᠠᠷ ᠳᠠᠮᠵᠢᠨ ᠲᠣᠮᠤ ᠮᠣᠯᠧᠺᠦ᠋ᠯ ᠪᠣᠯᠣᠨ ᠵᠠᠳᠠᠷᠠᠭᠰᠠᠨ ᠤ ᠳᠠᠷᠠᠭ᠎ᠠ ᠢᠰᠦᠭᠦᠷ ᠲᠤ ᠪᠠᠰᠨ ᠬᠡᠮᠬᠡᠯᠡᠭᠳᠡᠭᠡᠳ᠂ ᠳᠠᠷᠠᠭ᠎ᠠ ᠨᠢ ᠡᠯᠢᠭᠡ ᠪᠠᠷ ᠳᠠᠮᠵᠢᠨ ᠢᠯᠴᠢ ᠪᠠ ᠡᠨᠧᠷᠬᠢ ᠪᠣᠯᠵᠦ ᠴᠢᠰᠤᠨ ᠳᠤ ᠰᠢᠩᠭᠡᠭᠡᠭᠳᠡᠭᠡᠳ ᠡᠯ᠎ᠡ ᠨᠡᠬᠡᠳᠡᠰᠤ ᠨᠦᠭᠦᠳ ᠲᠤ ᠬᠦᠷᠭᠡᠭᠳᠡᠳᠡᠭ᠃ ᠰᠢᠩᠭᠡᠭᠡᠭᠳᠡᠭᠰᠡᠨ ᠦᠭᠡᠢ ᠢᠳᠡᠰᠢ ᠪᠣᠯᠣᠨ ᠪᠠᠺᠲ᠋ᠧᠷᠢ ᠵᠢᠴᠢ ᠨᠠᠷᠢᠨ ᠭᠡᠳᠡᠰᠦᠨ ᠤ ᠬᠠᠨᠠᠨ ᠠᠴᠠ ᠬᠤᠭᠵᠢᠷᠠᠨ  ᠤᠨᠠᠭᠰᠠᠨ ᠡᠰ ᠵᠡᠷᠭᠡ ᠬᠠᠶᠠᠭᠳᠠᠮᠠᠯ ᠤᠳ ᠨᠢ ᠪᠦᠳᠦᠭᠦᠨ ᠭᠡᠳᠡᠰᠦᠨ ᠳᠤ ᠣᠷᠣᠵᠦ ᠬᠠᠲᠠᠭᠤᠷᠠᠭᠰᠠᠨ ᠤ ᠳᠠᠷᠠᠭ᠎ᠠ ᠡᠴᠦᠰ  ᠲᠡᠭᠡᠨ ᠪᠠᠭᠠᠰᠤ ᠪᠣᠯᠣᠨ ᠪᠡᠶ᠎ᠡ ᠠᠴᠠ ᠢᠯᠭᠠᠨ ᠭᠠᠷᠭᠠᠳᠠᠭ᠃     ᠤᠰᠤ ᠪᠣᠯ ᠬᠦᠮᠦᠨ ᠤ ᠪᠡᠶ᠎ᠡ ᠶᠢᠨ ᠠᠮᠢᠳᠤ ᠪᠣᠳᠠᠰ ᠤᠨ ᠬᠢᠮᠢ ᠶᠢᠨ ᠤᠷᠪᠠᠯ ᠢ ᠦᠷᠬᠦᠯᠵᠢᠯᠡᠭᠦᠯᠬᠦ ᠳᠤ ᠵᠠᠪᠠᠯ ᠬᠡᠷᠡᠭᠰᠡᠬᠦ  ᠪᠦᠷᠢᠯᠳᠦᠭᠦᠨ ᠨᠢ ᠪᠦᠭᠡᠳ ᠪᠠᠰᠨ ᠴᠤ ᠠᠮᠢ ᠨᠠᠰᠤᠨ ᠤ ᠠᠵᠢᠯᠯᠠᠭᠠᠨ ᠤ ᠪᠣᠳᠠᠰ ᠤᠨ ᠨᠦᠭᠦᠴᠡᠯ ᠤᠨ ᠨᠢᠭᠡ ᠨᠢ ᠮᠦᠨ᠃ ᠬᠦᠮᠦᠨ ᠤ ᠪᠡᠶ᠎ᠡ ᠶᠢᠨ ᠳᠤᠮᠳᠠᠴᠢ ᠬᠦᠨᠳᠤ ᠶᠢᠨ 65% ᠨᠢ ᠤᠰᠤ ᠪᠦᠭᠡᠳ ᠶᠡᠭᠡ ᠬᠦᠮᠦᠨ ᠪᠣᠯ 70%  ᠂ ᠬᠡᠪᠲᠡᠰᠢᠨ ᠳᠠᠬᠢ 4 ᠰᠠᠷ᠎ᠠ ᠲᠠᠢ ᠬᠡᠤᠬᠡᠳ ᠪᠣᠯ 91% ᠶᠢ ᠨᠢ ᠡᠵᠡᠯᠡᠳᠡᠭ᠃ ᠶᠠᠰᠤᠨ ᠤ ᠪᠣᠯ ᠪᠠᠷᠤᠭ 20%᠂ ᠪᠣᠯᠴᠢᠩ ᠪᠣᠯ ᠪᠠᠷᠤᠭ 76%᠂ ᠪᠠᠮᠪᠠᠢ ᠪᠣᠯᠴᠢᠷᠬᠠᠢ ᠶᠢᠨ ᠪᠠᠷᠤᠭ 80%᠂ ᠲᠠᠷᠢᠬᠢᠨ ᠤ ᠪᠠᠷᠤᠭ 86%᠂ ᠨᠢᠳᠦᠨ ᠪᠣᠯᠣᠷ ᠤᠨ ᠪᠠᠷᠤᠭ 99% ᠨᠢ ᠪᠦᠷ ᠤᠰᠤ ᠪᠢᠯᠨ᠃ ᠤᠰᠤ ᠨᠢ ᠪᠠᠰᠨ ᠡᠰ ᠤᠨ ᠳᠣᠲᠤᠭᠠᠲᠤ ᠭᠠᠳᠠᠭᠠᠳᠤ ᠣᠷᠴᠢᠨ ᠠᠬᠤᠢ ᠶᠢᠨ ᠴᠠᠬᠢᠯᠭᠠᠨ ᠲᠡᠩᠴᠡᠯ ᠵᠡᠷᠭᠡ ᠪᠠᠷ ᠳᠠᠮᠵᠢᠨ ᠬᠦᠮᠦᠨ ᠤ ᠪᠡᠶ᠎ᠡ ᠶᠢᠨ ᠣᠯᠠᠨ ᠵᠦᠢᠯ ᠢ ᠲᠡᠩᠴᠡᠭᠦᠯᠵᠦ ᠪᠠᠶᠢᠳᠠᠭ᠃ ᠬᠦᠮᠦᠨ ᠤ ᠪᠡᠶ᠎ᠡ ᠶᠢᠨ ᠬᠠᠶᠠᠭᠳᠠᠮᠠᠯ ᠰᠢᠩᠭᠡᠨ ᠡᠳ᠋ ᠳᠠᠷᠤᠢ ᠤᠰᠤᠨ ᠳᠤ ᠠᠭᠤᠰᠤᠭᠰᠠᠨ ᠬᠡᠷᠡᠭ ᠦᠭᠡᠢ ᠡᠰ ᠤᠳ ᠨᠢ ᠬᠠᠷ᠎ᠠ ᠪᠦᠭᠡᠷ᠎ᠡ ᠪᠣᠯᠣᠨ ᠳᠠᠪᠤᠰᠠᠩ  ᠢᠶᠠᠷ ᠳᠠᠮᠵᠢᠨ ᠰᠢᠭᠡᠰᠤ ᠪᠣᠯᠤᠭᠠᠳ ᠪᠠᠰᠨ ᠪᠡᠶ᠎ᠡ ᠶᠢᠨ ᠭᠠᠳᠠᠨ᠎ᠠ ᠢᠯᠭᠠᠭᠳᠠᠨ ᠭᠠᠷᠳᠠᠭ᠃           ᠣᠷᠴᠢᠨ ᠲᠣᠭᠤᠷᠢᠨ ᠰᠠᠴᠤᠷᠠᠭᠲᠤ ᠪᠣᠳᠠᠰ ᠲᠤ ᠪᠣᠬᠢᠷᠳᠠᠪᠠᠯ ᠠᠮᠢᠲᠠᠨ ᠤᠷᠭᠤᠮᠠᠯ ᠳᠤ ᠰᠢᠩᠭᠡᠭᠰᠡᠨ ᠰᠠᠴᠤᠷᠠᠭᠲᠤ ᠪᠣᠳᠠᠰ ᠨᠢ ᠢᠳᠡᠭᠡᠨ ᠤᠮᠳᠠᠭᠠᠨ ᠢᠶᠠᠷ ᠳᠠᠮᠵᠢᠨ ᠬᠦᠮᠦᠨ ᠤ ᠪᠡᠶᠡᠨ ᠳᠤ ᠣᠷᠤᠳᠠᠭ᠃ ᠪᠡᠶᠡᠨ ᠳᠤ ᠣᠷᠤᠭᠰᠠᠨ ᠰᠠᠴᠤᠷᠠᠭᠲᠤ ᠪᠣᠳᠠᠰ ᠤᠳ ᠤᠨ ᠠᠭᠤᠰᠬᠤ ᠨᠢᠭᠡ ᠪᠦᠯᠦᠭ ᠨᠢ ᠰᠠᠮᠰᠢᠭᠤ ᠪᠠᠷ ᠳᠠᠮᠵᠢᠨ ᠴᠢᠰᠤᠨ ᠡᠷᠭᠢᠯᠲᠠ ᠳᠤ ᠣᠷᠤᠭᠠᠳ ᠪᠡᠶ᠎ᠡ ᠶᠢᠨ ᠡᠯ᠎ᠡ ᠬᠡᠰᠡᠭ ᠳᠠᠬᠢ ᠲᠤᠰ ᠲᠤᠰ ᠤᠨ ᠢᠶᠠᠨ ᠲᠤᠨᠤᠬᠤ ᠲᠤᠷᠠᠲᠠᠢ ᠡᠷᠬᠡᠲᠡᠨ ᠨᠡᠬᠡᠳᠡᠰᠤ ᠨᠦᠭᠦᠳ ᠲᠡᠭᠡᠨ ᠬᠦᠷᠳᠡᠭ᠃ ᠠᠭᠤᠰᠬᠤ ᠦᠭᠡᠢ ᠨᠢᠭᠡ ᠪᠦᠯᠦᠭ ᠤᠳ ᠨᠢ ᠰᠠᠮᠰᠢᠭᠤ ᠪᠠ ᠰᠢᠭᠡᠰᠦᠨ ᠵᠠᠮ ᠢᠶᠠᠷ ᠳᠠᠮᠵᠢᠨ ᠳᠠᠷᠠᠭ᠎ᠠ ᠨᠢ ᠪᠠᠭᠠᠰᠤ ᠰᠢᠭᠡᠰᠤ ᠲᠠᠢ ᠴᠤᠭᠭᠠᠷ ᠢᠯᠭᠠᠭᠳᠠᠨ ᠭᠠᠷᠳᠠᠭ᠃ ᠡᠳᠡᠭᠡᠷ ᠰᠠᠴᠤᠷᠠᠭᠲᠤ ᠪᠣᠳᠠᠰ ᠤᠳ ᠨᠢ ᠬᠦᠮᠦᠨ ᠤ ᠪᠡᠶ᠎ᠡ ᠪᠠᠷ ᠦᠡᠭᠭᠡᠷᠡᠬᠦ ᠦᠶᠡᠰ ᠲᠤ᠂ ᠰᠠᠮᠰᠢᠭᠤ ᠪᠠ  ᠪᠦᠳᠦᠭᠦᠨ ᠭᠡᠳᠡᠰᠤ ᠵᠢᠴᠢ ᠬᠠᠷ᠎ᠠ ᠪᠦᠭᠡᠷ᠎ᠡ ᠪᠣᠯᠣᠨ ᠳᠠᠪᠤᠰᠠᠩ ᠨᠢ ᠰᠠᠴᠤᠷᠠᠭ ᠲᠤ ᠲᠤᠰᠬᠠᠭᠳᠠᠳᠠᠭ᠃      3. ᠡᠷᠭᠢᠯᠲᠡ ᠶᠢᠨ ᠰᠢᠰᠲ᠋ᠧᠮ     ᠬᠦᠮᠦᠨ ᠤ ᠪᠡᠶ᠎ᠡ ᠳᠤ ᠪᠠᠷᠤᠭ 5 ᠯᠢᠲᠷ ᠴᠢᠰᠤ ᠲᠠᠢ ᠪᠠᠶᠢᠵᠦ᠂ ᠲᠡᠷᠨ ᠨᠢ ᠵᠢᠷᠦᠬᠡ ᠰᠤᠳᠠᠯ ᠢᠶᠠᠷ ᠳᠠᠮᠵᠢᠨ ᠨᠢᠭᠡᠨ ᠪᠢᠲᠡᠭᠦᠦ ᠬᠡᠯᠬᠢᠶ᠎ᠡ ᠪᠣᠯᠣᠨ ᠪᠦᠷᠢᠯᠳᠦᠭᠡᠳ᠂ ᠵᠢᠷᠦᠬᠡᠨ ᠯᠤᠭᠰᠢᠯᠲᠠ ᠳᠣᠣᠷ᠎ᠠ ᠳᠤᠮᠳᠠᠴᠢ ᠪᠠᠷ ᠮᠢᠨᠦ᠋ᠲ ᠪᠦᠷᠢ ᠨᠢᠭᠡ ᠤᠳᠠᠭ᠎ᠠ ᠪᠦᠬᠦ ᠪᠡᠶ᠎ᠡ ᠶᠢᠨ ᠡᠯ᠎ᠡ ᠬᠡᠰᠡᠭ ᠤᠨ ᠡᠰ ᠲᠤ ᠬᠡᠷᠡᠭᠰᠡᠬᠦ ᠰᠢᠮ᠎ᠡ ᠲᠡᠵᠢᠭᠡᠯ ᠪᠣᠯᠣᠨ ᠬᠦᠴᠢᠯᠲᠦᠷᠦᠭᠴᠢ ᠶᠢ ᠬᠦᠷᠭᠡᠨ ᠦᠭᠭᠦ ᠶᠢᠨ ᠬᠠᠮᠲᠤ᠂ ᠭᠠᠷᠤᠭᠰᠠᠨ ᠬᠠᠶᠠᠭᠳᠠᠮᠠᠯ ᠡᠳ᠋ ᠪᠣᠯᠣᠨ ᠨᠡᠭᠦᠷᠡᠰᠦᠲᠦᠷᠦᠭᠴᠢ ᠶᠢᠨ ᠳᠠᠪᠬᠤᠷ ᠢᠰᠤᠯ ᠢ ᠢᠯᠭᠠᠬᠤ ᠡᠷᠬᠡᠲᠡᠨ ᠳᠤ ᠠᠪᠠᠭᠠᠴᠢᠵᠦ ᠦᠭᠬᠦᠳᠡᠭ᠃ ᠡᠭᠦᠨ ᠢ ᠭᠤᠣᠯᠳᠠᠭᠤ ᠵᠢᠷᠦᠬᠡᠨ ᠤ ᠬᠤᠶᠡᠷ ᠬᠦᠭᠡᠷᠭᠡ ᠪᠣᠯᠣᠨ ᠴᠢᠰᠤᠨ ᠤ ᠬᠤᠶᠡᠷ ᠡᠰ ᠪᠡᠶᠡᠯᠡᠭᠦᠯᠳᠡᠭ᠃  ᠵᠢᠷᠦᠬᠡᠨ ᠤ ᠵᠡᠭᠦᠨ ᠲᠠᠯ᠎ᠠ ᠶᠢᠨ ᠬᠦᠭᠡᠷᠭᠡ ᠨᠢ ᠯᠤᠭᠰᠢᠬᠤ ᠰᠤᠳᠠᠯ ᠢᠶᠠᠷ ᠳᠠᠮᠵᠢᠭᠤᠯᠤᠨ ᠴᠢᠰᠤ ᠶᠢ ᠡᠯ᠎ᠡ ᠡᠷᠬᠡᠲᠡᠨ ᠨᠡᠬᠡᠳᠡᠰᠤ ᠶᠢᠨ ᠡᠰ ᠨᠦᠭᠦᠳ ᠲᠤ ᠬᠦᠷᠭᠡᠬᠦ ᠪᠦᠭᠡᠳ ᠲᠡᠭᠦᠨ ᠳᠤ ᠮᠠᠰᠢ ᠠᠷᠪᠢᠨ ᠬᠦᠴᠢᠯᠲᠦᠷᠦᠭᠴᠢ ᠠᠭᠤᠯᠠᠭᠳᠠᠵᠦ ᠪᠠᠶᠢᠭ᠎ᠠ ᠪᠣᠯᠬᠤᠷ ᠲᠡᠷᠨ ᠨᠢ ᠴᠢᠰ ᠤᠯᠠᠭᠠᠨ ᠪᠠᠶᠢᠳᠠᠭ᠃ ᠴᠢᠰᠤ ᠨᠢ ᠨᠡᠬᠡᠳᠡᠰᠤ ᠪᠠᠷ ᠦᠡᠭᠭᠡᠷᠡᠭᠰᠡᠨ ᠤ ᠳᠠᠷᠠᠭ᠎ᠠ᠂ ᠨᠠᠮᠵᠢᠭᠤᠨ ᠰᠤᠳᠠᠯ ᠢᠶᠠᠷ ᠳᠠᠮᠵᠢᠨ ᠵᠢᠷᠦᠬᠡᠨ ᠤ ᠪᠠᠷᠠᠭᠤᠨ ᠲᠠᠯ᠎ᠠ ᠳᠤ ᠪᠣᠴᠠᠨ ᠢᠷᠡᠬᠦ ᠪᠦᠭᠡᠳ ᠲᠡᠭᠦᠨ ᠳᠤ ᠬᠦᠴᠢᠯᠲᠦᠷᠦᠭᠴᠢ ᠳᠤᠩ ᠴᠦᠬᠡᠨ ᠪᠣᠯᠬᠤᠷ᠂ ᠬᠦᠷᠡᠩ ᠤᠯᠠᠭᠠᠨ ᠦᠡᠭᠭᠡᠲᠠᠢ ᠪᠠᠶᠢᠳᠠᠭ᠃ ᠵᠠᠯᠭᠠᠭᠠᠳ ᠲᠡᠭᠦᠨ ᠢ ᠠᠭᠤᠰᠬᠢᠨ ᠳᠤ ᠬᠦᠷᠬᠡᠨ ᠬᠦᠴᠢᠯᠲᠦᠷᠦᠭᠵᠢᠭᠰᠡᠨ ᠤ ᠳᠠᠷᠠᠭ᠎ᠠ ᠳᠠᠬᠢᠨ ᠵᠢᠷᠦᠬᠡᠨ ᠤ ᠵᠡᠭᠦᠨ ᠲᠠᠯ᠎ᠠ ᠳᠤ ᠪᠣᠴᠠᠨ ᠰᠢᠨ᠎ᠡ ᠨᠢᠭᠡᠨ ᠡᠷᠭᠢᠯᠲᠠ ᠡᠬᠢᠯᠡᠳᠡᠭ᠃      ᠴᠢᠰᠤᠨ ᠳᠤ ᠤᠯᠠᠭᠠᠨ ᠡᠰ᠂ ᠴᠠᠭᠠᠨ ᠡᠰ ᠪᠣᠯᠣᠨ ᠴᠢᠰᠤᠨ ᠤ ᠢᠯᠳᠠᠰᠤ ᠭᠡᠰᠡᠨ ᠭᠤᠷᠪᠠᠨ ᠵᠦᠢᠯ ᠤᠨ ᠡᠰ ᠪᠠᠶᠢᠬᠤ ᠪᠦᠭᠡᠳ ᠴᠢᠰᠤᠨ ᠤ ᠶᠡᠷᠦᠩᠬᠡᠢ ᠡᠵᠡᠯᠡᠭᠦᠨ ᠤ 45% ᠶᠢ ᠨᠢ ᠡᠵᠡᠯᠡᠳᠡᠭ᠂ ᠡᠳᠡᠨ ᠪᠣᠯ ᠴᠢᠮᠦᠭᠡᠨ ᠳᠣᠲᠤᠷᠠᠬᠢ ᠴᠢᠰᠦ ᠪᠦᠲᠦᠭᠡᠭᠴᠢ ᠭᠤᠣᠯ ᠡᠰ ᠠᠴᠠ ᠢᠷᠡᠯᠲᠠᠢ ᠶᠣᠮ᠃ ᠴᠢᠰᠤᠨ ᠤ ᠤᠯᠠᠭᠠᠨ ᠡᠰ  ᠶᠢ ᠪᠠᠰᠨ ᠴᠢᠰᠤᠨ ᠤ ᠤᠯᠠᠭᠠᠨ ᠴᠣᠭᠴᠠ ᠭᠡᠳᠡᠭ ᠪᠦᠭᠡᠳ ᠲᠡᠷᠨ ᠨᠢ ᠭᠤᠣᠯᠳᠠᠭᠤ ᠪᠡᠶ᠎ᠡ ᠶᠢᠨ ᠡᠷᠬᠡᠲᠡᠨ ᠨᠡᠬᠡᠳᠡᠰᠤ ᠶᠢᠨ ᠡᠰ ᠲᠤ ᠬᠡᠷᠡᠭᠰᠡᠬᠦ ᠰᠢᠮ᠎ᠡ ᠲᠡᠵᠢᠭᠡᠯ ᠪᠣᠯᠣᠨ ᠬᠦᠴᠢᠯᠲᠦᠷᠦᠭᠴᠢ ᠶᠢ ᠬᠦᠷᠭᠡᠳᠡᠭ᠃ ᠴᠠᠭᠠᠨ ᠡᠰ ᠲᠤ ᠴᠢᠰᠤᠨ ᠤ ᠴᠠᠭᠠᠨ ᠴᠣᠭᠴᠠ ᠪᠣᠯᠣᠨ ᠯᠢᠮᠹ ᠪᠠᠭᠲᠠᠬᠤ ᠪᠦᠭᠡᠳ ᠲᠡᠷᠨ ᠨᠢ ᠮᠢᠺᠷᠣᠪ ᠤᠨ ᠬᠦᠮᠦᠨ ᠤ ᠪᠡᠶ᠎ᠡ ᠳᠤ ᠬᠠᠯᠳᠠᠪᠤᠷᠢᠯᠠᠬᠤ ᠶᠢ ᠡᠰᠡᠷᠭᠦᠴᠡᠨ ᠬᠤᠷᠢᠭᠯᠠᠳᠠᠭ᠃ ᠲᠡᠷᠨ ᠨᠢ ᠰᠠᠴᠤᠷᠠᠯ ᠳᠤ ᠨᠡᠯᠢᠶᠡᠳ ᠶᠡᠭᠡ ᠰᠡᠷᠭᠡᠭ ᠴᠢᠨᠠᠷᠲᠠᠢ ᠪᠠᠶᠢᠳᠠᠭ᠃ ᠴᠢᠰᠤᠨ ᠤ ᠢᠯᠳᠠᠰᠤ ᠶᠢ ᠪᠠᠰᠨ ᠪᠦᠯᠦᠩᠨᠡᠭᠦᠯᠬᠦ ︵ᠪᠠᠷᠢᠯᠳᠤᠭᠤᠯᠬᠤ︶ ᠡᠰ ᠭᠡᠳᠡᠭ᠂ ᠲᠡᠷᠨ ᠨᠢ ᠬᠦᠮᠦᠨ ᠤ ᠪᠡᠶ᠎ᠡ ᠶᠢᠨ ᠭᠡᠮᠲᠦᠵᠦ ᠰᠢᠷᠬᠠᠳᠤᠭᠰᠠᠨ ᠬᠡᠰᠡᠭ ᠤᠨ ᠴᠢᠰᠦ ᠶᠢ ᠪᠠᠷᠢᠯᠳᠤᠭᠤᠯᠬᠤ ᠳᠤ ᠵᠠᠩᠬᠢᠯᠠᠭ᠎ᠠ ᠶᠢᠨ ᠦᠢᠯᠡᠳᠦᠯ ᠭᠠᠷᠭᠠᠳᠠᠭ᠃      ᠬᠤᠶᠡᠷ᠂ ᠨᠡᠬᠡᠳᠡᠰᠤ ᠪᠠ ᠡᠷᠬᠡᠲᠡᠨ      ᠬᠦᠮᠦᠨ ᠤ ᠪᠡᠶ᠎ᠡ ᠳᠤ ᠣᠯᠠᠨ ᠠᠷᠪᠢᠨ ᠳᠦᠷᠰᠤ ᠪᠠᠶᠢᠳᠠᠯ ᠢᠶᠠᠷ ᠲᠦᠰᠦᠭᠡᠲᠠᠢ ᠮᠦᠷᠲᠡᠭᠡᠨ ᠦᠢᠯᠡᠳᠦᠯ ᠨᠢ ᠠᠳᠠᠯᠢᠬᠠᠨ ᠡᠰ ᠤᠳ ᠪᠣᠯᠣᠨ ᠡᠰ ᠤᠨ ᠵᠠᠪᠰᠠᠷ ᠤᠨ ᠡᠳ᠋ ᠤᠳ ᠢ ᠶᠡᠷᠦᠩᠬᠡᠶᠢᠯᠡᠭᠡᠳ ᠨᠡᠬᠡᠳᠡᠰᠤ ︵Tissiu︶ ᠭᠡᠳᠡᠭ᠃ ᠲᠦᠷᠢ ᠪᠠᠶᠢᠳᠠᠯ ᠪᠣᠯᠣᠨ ᠦᠢᠯᠡᠳᠦᠯ ᠢᠶᠠᠷ ᠨᠢ ᠲᠡᠳᠡᠨᠦᠰ ᠢ ᠦᠡᠭᠭᠡᠨ ᠠᠷᠠᠰᠤᠨ ᠨᠡᠬᠡᠳᠡᠰᠤ᠂ ᠬᠡᠯᠬᠢᠶ᠎ᠡ ᠨᠡᠬᠡᠳᠡᠰᠤ᠂ ᠪᠣᠯᠴᠢᠩ ᠤᠨ ᠨᠡᠬᠡᠳᠡᠰᠤ ᠪᠣᠯᠣᠨ ᠮᠡᠳᠡᠷᠡᠯ ᠤᠨ ᠨᠡᠬᠡᠳᠡᠰᠤ ᠭᠡᠵᠦ ᠳᠦᠷᠪᠡᠨ ᠶᠡᠭᠡ ᠲᠦᠷᠦᠯ ᠳᠤ ᠠᠩᠬᠢᠯᠠᠳᠠᠭ᠃ ᠬᠠᠷᠢᠨ ᠡᠯ᠎ᠡ ᠨᠡᠬᠡᠳᠡᠰᠤ ᠠᠴᠠ ᠪᠦᠷᠢᠯᠳᠦᠨ ᠶᠠᠮᠠᠷ ᠨᠢᠭᠡᠨ ᠹᠢᠽᠢᠣᠯᠤᠬᠢ ᠶᠢᠨ ᠦᠢᠯᠨ ᠠᠵᠢᠯᠯᠠᠭᠠᠨ ᠢ ᠭᠦᠢᠴᠡᠳᠬᠡᠳᠡᠭ ᠨᠢᠭᠡᠴᠡ ᠶᠢ ᠡᠷᠬᠡᠲᠡᠨ ︵Organ︶ ᠭᠡᠳᠡᠭ᠃ ᠡᠯ᠎ᠡ ᠡᠷᠬᠡᠲᠡᠨ ᠪᠠ ᠨᠡᠬᠡᠳᠡᠰᠤ ᠨᠢ ᠪᠦᠷ ᠲᠤᠰᠬᠠᠢ ᠦᠢᠯᠡᠳᠦᠯ ᠲᠠᠢ ᠪᠠᠶᠢᠵᠦ᠂ ᠡᠨᠧᠷᠬᠢ ᠶᠢ ᠡᠭᠦᠰᠭᠡᠬᠦ ᠪᠠ ᠬᠠᠳᠠᠭᠠᠯᠠᠬᠤ᠂  ᠪᠣᠯᠴᠢᠩ ᠤᠨ ᠬᠦᠳᠡᠯᠭᠡᠭᠡᠨ ᠡᠭᠦᠰᠭᠡᠬᠦ᠂ ᠢᠳᠡᠰᠢ ᠤᠤᠭᠤᠰᠢ  ᠶᠢ ᠰᠢᠩᠭᠡᠭᠡᠬᠦ᠂ ᠬᠡᠷᠡᠭ ᠦᠭᠡᠢ ᠪᠣᠯᠤᠭᠰᠠᠨ ᠵᠦᠢᠯᠡᠰ ᠢ ᠢᠯᠭᠠᠨ ᠭᠠᠷᠭᠠᠬᠤ ᠪᠠ ᠬᠦᠴᠢᠯᠲᠦᠷᠦᠭᠴᠢ ᠬᠠᠨᠭ᠍ᠭᠠᠬᠤ ᠭᠡᠬᠦ ᠮᠡᠲᠤ ᠶᠢᠨ ᠦᠢᠯᠡᠳᠦᠯ ᠲᠠᠢ ᠪᠠᠶᠢᠳᠠᠭ᠃      ᠨᠡᠬᠡᠳᠡᠰᠤ ᠪᠠ ᠡᠷᠬᠡᠲᠡᠨ ᠳᠤ ᠰᠠᠴᠤᠷᠠᠭ ᠤᠨ ᠡᠭᠦᠰᠭᠡᠬᠦ ᠡᠯ᠎ᠡ ᠵᠦᠢᠯ ᠤᠨ ᠬᠤᠣᠷ ᠬᠦᠨᠦᠭᠡᠯᠲᠤ ᠦᠢᠰᠭᠡᠯ ᠤᠨ ᠬᠦᠨᠳᠤ ᠬᠦᠡᠭᠭᠡᠨ ᠨᠢ ᠲᠡᠳᠡᠨ ᠤ ᠡᠰ ᠢᠶᠠᠨ ᠰᠡᠯᠪᠢᠬᠦ ᠪᠠ ᠣᠷᠤᠯᠠᠬᠤ ᠴᠢᠳᠠᠪᠤᠷᠢ ᠲᠠᠢ ᠨᠢ ᠬᠤᠯᠪᠤᠭᠠᠲᠠᠢ ᠪᠠᠶᠢᠳᠠᠭ᠃ ᠡᠨᠡ ᠨᠢ ᠰᠠᠴᠤᠷᠠᠭ ᠲᠤ ᠲᠤᠰᠬᠠᠭᠳᠠᠬᠤ ᠦᠶᠡᠰ ᠳᠠᠬᠢ ᠨᠠᠰᠤ ᠵᠢᠯ᠂ ᠡᠷᠡᠭᠦᠯ ᠴᠢᠬᠢᠷᠠᠭ ᠤᠨ ᠪᠠᠶᠢᠳᠠᠯ᠂ ᠬᠦᠢᠰᠤ ᠪᠠ ᠪᠣᠳᠠᠭᠠᠯᠢ ᠪᠡᠶ᠎ᠡ ᠶᠢᠨ ᠤᠳᠤᠮᠰᠢᠯ ᠤᠨ ᠰᠢᠯᠲᠠᠭᠠᠨ ᠵᠡᠷᠭᠡ ᠠᠴᠠ ᠲᠣᠭᠲᠠᠭᠠᠭᠳᠠᠳᠠᠭ᠃        ᠰᠠᠴᠤᠷᠠᠯ ᠢ ᠰᠡᠷᠭᠡᠶᠢᠯᠡᠬᠦ ᠳᠤ ᠨᠡᠯᠢᠶᠡᠳ ᠴᠢᠬᠤᠯᠴᠢᠯᠠᠳᠠᠭ ᠨᠡᠬᠡᠳᠡᠰᠤ ᠪᠠ ᠡᠷᠬᠡᠲᠡᠨ ᠳᠤ ᠭᠤᠣᠯᠳᠠᠭᠤ ᠪᠡᠯᠬᠡ ᠶᠢᠨ ᠪᠣᠯᠴᠢᠷᠬᠠᠢ ︵ ᠬᠤᠰᠢᠭ᠎ᠠ ᠪᠣᠶᠤ ᠵᠠᠰᠠᠭ᠎ᠠ ᠪᠣᠯᠣᠨ ᠦᠨᠳᠡᠭᠡᠪᠴᠢ︶᠂ ᠤᠯᠠᠭᠠᠨ ᠴᠢᠮᠦᠭᠡ᠂ ᠠᠭᠤᠰᠬᠢ ︵ᠠᠭᠤᠰᠬᠢᠨ ᠤ ᠯᠢᠮᠪ ᠨᠡᠬᠡᠳᠡᠰᠤ ᠪᠠᠭᠲᠠᠨ᠎ᠠ︶᠂ ᠪᠠᠮᠪᠠᠢ ᠪᠣᠯᠴᠢᠷᠬᠠᠢ᠂ ᠬᠦᠬᠦᠨ ᠪᠣᠯᠴᠢᠷᠬᠠᠢ ᠪᠣᠯᠣᠨ ᠨᠢᠳᠦᠨ ᠪᠣᠯᠣᠷ ᠪᠣᠢ᠃    ᠤᠯᠠᠭᠠᠨ ᠴᠢᠮᠦᠭᠡ ᠪᠣᠯ ᠴᠢᠰᠤ ᠪᠦᠲᠦᠭᠡᠬᠦ ᠭᠤᠣᠯ ᠡᠷᠬᠡᠲᠡᠨ ᠪᠦᠭᠡᠳ ᠭᠤᠣᠯᠳᠠᠭᠤ ᠭᠠᠪᠠᠯᠨ᠂ ᠨᠢᠷᠤᠭᠤ ᠰᠡᠭᠡᠷ᠂ ᠡᠪᠴᠢᠭᠦᠦ ᠬᠠᠪᠢᠷᠭ᠎ᠠ ᠪᠣᠯᠣᠨ ᠠᠭᠠᠷᠴᠠᠭ ᠤᠨ ᠶᠠᠰᠤᠨ ᠤ ᠲᠣᠯᠤᠭᠠᠢ ᠶᠢᠨ ᠰᠡᠶᠢᠮᠡᠭᠡᠢ ᠪᠠᠷ ᠲᠠᠷᠬᠠᠵᠦ᠂ ᠴᠢᠰᠤ ᠪᠦᠲᠦᠭᠡᠬᠦ ᠭᠤᠣᠯ ᠡᠰ ᠨᠢ ᠲᠡᠭᠦᠨ ᠤ ᠳᠤᠮᠳᠠ ᠪᠠᠶᠢᠵᠦ᠂ ᠬᠡᠷᠪᠡ ᠲᠡᠷᠨ ᠨᠢ ᠰᠠᠴᠤᠷᠠᠭ ᠲᠤ ᠲᠤᠰᠬᠠᠭᠳᠠᠪᠠᠯ ᠴᠢᠰᠤᠨ ᠡᠰ ᠢ ᠰᠡᠯᠪᠢᠬᠦ ᠴᠢᠳᠠᠪᠤᠷᠢ ᠪᠠᠨ ᠠᠯᠳᠠᠨ᠎ᠠ᠃     ᠪᠡᠯᠬᠡ ᠶᠢᠨ ᠪᠣᠯᠴᠢᠷᠬᠠᠢ ᠪᠣᠯ ᠭᠤᠣᠯᠳᠠᠭᠤ ᠡᠷᠡᠭᠲᠠᠶᠢᠴᠤᠳ ᠤᠨ ᠬᠤᠰᠢᠭ᠎ᠠ ᠪᠣᠶᠤ ᠵᠠᠰᠠᠭ᠎ᠠ ᠪᠣᠯᠣᠨ ᠡᠮᠡᠭᠲᠠᠶᠢᠴᠤᠳ ᠤᠨ ᠦᠨᠳᠡᠭᠡᠪᠴᠢ ᠶᠢ ᠬᠡᠯᠡᠵᠦ ᠪᠠᠶᠢᠭ᠎ᠠ ᠪᠦᠭᠡᠳ ᠰᠠᠴᠤᠷᠠᠭ ᠲᠤ ᠲᠤᠰᠬᠠᠭᠳᠠᠪᠠᠯ ᠬᠤᠷᠢᠴᠠᠯ ᠤᠨ ᠴᠢᠳᠠᠪᠤᠷᠢ  ᠪᠠᠭᠤᠷᠠᠵᠦ᠂ ᠦᠷᠡᠵᠢᠯ ᠤᠨ ᠴᠢᠳᠠᠪᠤᠷᠢ ᠮᠠᠭᠤᠲᠠᠬᠤ ᠪᠣᠶᠤ ᠴᠢᠨᠠᠭᠰᠢᠯᠠᠪᠠᠯ ᠠᠯᠳᠠᠬᠤ᠂ ᠳᠠᠷᠠᠭ᠎ᠠ ᠦᠶ᠎ᠡ ᠳᠤ ᠤᠳᠤᠮᠰᠢᠯ ᠤᠨ ᠦᠢᠰᠭᠡᠯ ᠵᠡᠷᠭᠡ ᠶᠢ ᠡᠲᠦᠵᠦ ᠮᠡᠳᠡᠨ᠎ᠡ᠃     ᠨᠢᠳᠦᠨ ᠪᠣᠯᠣᠷ ᠪᠣᠯ ᠴᠡᠴᠡᠭᠡᠢ ᠶᠢᠨ ᠡᠮᠦᠨ᠎ᠡ ᠬᠡᠰᠡᠭ ᠲᠤ ᠰᠣᠯᠤᠩᠭᠠᠨ ᠪᠦᠷᠬᠦᠪᠴᠢ ᠶᠢᠨ ᠠᠷᠤ ᠳᠤ ᠰᠢᠯᠯᠢᠷᠬᠡᠭ ᠪᠡᠶᠡᠲᠤ ᠶᠢᠨ ᠡᠮᠦᠨ᠎ᠡ ᠣᠷᠤᠰᠢᠳᠠᠭ᠃ ᠲᠡᠭᠦᠨ ᠤ ᠭᠡᠮᠲᠦᠯ ᠪᠣᠯ ᠳᠠᠷᠤᠢ ᠪᠣᠯᠠᠩᠬᠢᠷᠲᠤᠭᠠᠳ ᠲᠤᠩᠭᠠᠯᠠᠭ ᠨᠡᠪᠲᠡᠷᠬᠡᠢ ᠪᠠᠶᠢᠳᠠᠯ ᠢᠶᠠᠨ ᠠᠯᠳᠠᠳᠠᠭ ᠪᠣᠯᠬᠤᠷ ᠨᠢᠳᠦᠨ ᠪᠣᠯᠣᠷ ᠪᠣᠯᠠᠩᠬᠢᠷᠲᠤᠬᠤ ︵Lens Opacities︶ ᠪᠣᠶᠤ ᠴᠠᠭ᠎ᠠ ᠤᠨᠠᠬᠤ ᠡᠰᠡᠭᠦᠯ᠎ᠡ ᠡᠮᠴᠢ ᠨᠠᠷ ᠴᠠᠭᠠᠨ ᠴᠡᠴᠡᠭᠡᠢ ︵Cataract︶ ᠭᠡᠳᠡᠭ᠃     ᠪᠠᠮᠪᠠᠢ ᠪᠣᠯᠴᠢᠷᠬᠠᠢ ᠶᠢᠨ ᠬᠦᠨᠳᠤ ᠨᠢ 16 ~20g ᠤᠨ ᠬᠤᠭᠤᠷᠣᠨᠳᠤ ᠪᠠᠶᠢᠳᠠᠭ᠃ ᠰᠠᠴᠤᠷᠠᠭ ᠨᠢ ᠭᠤᠣᠯᠳᠠᠭᠤ ᠪᠠᠮᠪᠠᠢ ᠪᠣᠯᠴᠢᠷᠬᠠᠢ ᠶᠢᠨ ᠦᠮᠡᠨ ᠢ ᠶᠡᠭᠡ ᠠᠮᠠᠷᠬᠠᠨ ᠡᠲᠦᠳᠡᠭ ᠪᠦᠭᠡᠳ ᠡᠮᠡᠭᠲᠠᠶᠢᠴᠤᠳ ᠲᠤ ᠡᠭᠦᠰᠬᠦ ᠨᠣᠷᠮ᠎ᠠ ᠨᠢ ᠡᠷᠡᠭᠲᠠᠶᠢᠴᠤᠳ ᠠᠴᠠ 2.5 ᠳᠠᠬᠢᠨ ᠢᠯᠡᠭᠦᠦ ᠪᠠᠶᠢᠳᠠᠭ᠃     ᠳᠡᠭᠡᠳᠤ ᠵᠡᠷᠭᠡ ᠶᠢᠨ ᠠᠮᠢᠳᠤ ᠪᠣᠳᠠᠰ ᠤᠨ ᠪᠡᠶ᠎ᠡ ᠳᠣᠲᠤᠷᠠᠬᠢ ᠨᠡᠬᠡᠳᠡᠰᠤ ᠪᠠ ᠡᠷᠬᠡᠲᠡᠨ ᠪᠣᠯ ᠡᠰ ᠢᠶᠠᠷ ᠪᠦᠷᠢᠯᠳᠦᠭᠰᠡᠨ ᠶᠣᠮ᠃            ᠭᠤᠷᠪᠠ᠂ ᠡᠰ ᠪᠠ ᠡᠰ ᠤᠨ ᠵᠠᠪᠰᠠᠷ ᠤᠨ ᠡᠳ᠋     ᠠᠯᠢᠪᠠ ᠠᠮᠢᠳᠤ ᠪᠣᠳᠠᠰ ᠪᠣᠯᠣᠨ ᠣᠷᠭᠠᠨᠢᠭ ᠪᠡᠶᠡᠲᠤ ᠨᠢ ᠪᠦᠷ ᠡᠰ ᠪᠠᠷ ᠪᠦᠷᠢᠯᠳᠦᠭᠰᠡᠨ ᠪᠦᠭᠡᠳ ᠲᠡᠭᠦᠨ ᠤ ᠶᠡᠭᠡ ᠪᠠᠭ᠎ᠠ ᠶᠢ ᠨᠢ ᠮᠢᠺᠷᠤᠨ ︵μm︶ ᠪᠠᠷ ᠯᠨ ᠨᠢᠭᠡᠴᠢᠯᠡᠳᠡᠭ᠃ ᠭᠡᠪᠡᠴᠤ ᠳᠦᠭᠦᠮᠬᠡᠨ ᠣᠷᠭᠠᠨᠢᠭ ᠪᠡᠶᠡᠲᠤ ᠶᠢᠨ ᠨᠢᠭᠡ ᠡᠰ ᠤᠨ ᠬᠠᠳᠠᠭᠠᠯᠠᠵᠦ ᠴᠢᠳᠠᠬᠤ ᠲᠠᠨᠤᠭ ᠵᠠᠩᠬᠢ ᠨᠢ  ᠡᠩ ᠤᠨ ᠨᠢᠭᠡᠨ ᠺᠣᠮᠫᠢᠤᠲ᠋ᠧᠷ ᠠᠴᠠ ᠴᠤ ᠬᠡᠲᠦᠷᠡᠳᠡᠭ᠃ ᠬᠦᠮᠦᠨ ᠤ ᠪᠡᠶ᠎ᠡ ᠶᠡᠭᠡ ᠲᠦᠯᠦᠪ 1016 ᠡᠰ ᠢᠶᠠᠷ ᠪᠦᠷᠢᠯᠳᠦᠵᠦ᠂ ᠡᠰ ᠪᠦᠷᠢ ᠨᠢ ᠪᠠᠰᠨ ᠶᠡᠭᠡ ᠲᠦᠯᠦᠪ 1012 ᠠᠴᠠ 1014 ᠠᠲ᠋ᠤᠮ ᠠᠭᠤᠯᠠᠵᠦ ᠪᠠᠶᠢᠨ᠎ᠠ᠃ ᠬᠦᠮᠦᠨ ᠤ  ᠡᠰ ᠨᠢ ᠣᠯᠠᠨ ᠳᠦᠷᠰᠤ ᠪᠠᠶᠢᠳᠠᠯ ᠲᠠᠢ ᠮᠦᠷᠲᠡᠭᠡᠨ ᠶᠡᠭᠡ ᠪᠠᠭ᠎ᠠ ᠵᠢᠴᠢ ᠴᠢᠳᠠᠪᠤᠷᠢ ᠨᠢ ᠴᠤ ᠮᠠᠰᠢ ᠶᠡᠭᠡ ᠵᠦᠷᠢᠶᠡᠨ ᠲᠠᠢ ᠪᠠᠶᠢᠳᠠᠭ ᠃ ᠣᠯᠠᠩᠬᠢ ᠡᠰ ᠨᠢ ᠪᠦᠮᠪᠦᠭᠡᠯᠢᠭ ᠪᠦᠭᠡᠳ ᠳ᠋ᠢᠶᠠᠮᠧᠲᠷ ᠨᠢ ᠪᠠᠷᠤᠭ 10μm ᠶᠢᠨ ᠨᠠᠭᠠᠭᠤᠷ ᠴᠠᠭᠠᠭᠤᠷ ᠪᠠᠶᠢᠳᠠᠭ᠃ ᠴᠢᠰᠤᠨ ᠤ ᠴᠠᠭᠠᠨ ᠡᠰ ᠨᠢ 3μm ~4μm᠂ ᠤᠯᠠᠭᠠᠨ ᠡᠰ ᠨᠢ 7μm ~8μm᠂ ᠦᠡᠭᠭᠡᠨ ᠠᠷᠠᠰᠤᠨ ᠡᠰ ᠨᠢ 20μm᠂ ᠦᠨᠳᠡᠭᠡᠨ ᠡᠰ ᠨᠢ 100μm ~150μm ᠬᠦᠷᠳᠡᠭ᠃ ᠬᠠᠷᠢᠨ ᠰᠠᠭᠤᠳᠠᠯ ᠶᠠᠰᠤᠨ ᠤ ᠮᠡᠳᠡᠷᠡᠯ ᠤᠨ ᠡᠰ ᠤᠨ ᠳᠣᠪᠤᠭᠤᠷ ᠨᠢ 1 ᠮᠧᠲᠷ ︵m︶ ᠢᠯᠡᠭᠦᠦ ᠤᠷᠲᠤ ᠪᠠᠶᠢᠳᠠᠭ᠃ ᠬᠦᠮᠦᠨ ᠤ ᠪᠡᠶ᠎ᠡ ᠶᠢᠨ ᠡᠰ ᠤᠨ ᠠᠮᠢ ᠨᠠᠰᠤ  ᠨᠢ ᠬᠡᠳᠦᠨ ᠴᠠᠭ ᠠᠴᠠ ᠬᠡᠴᠢᠨᠡᠨ ᠵᠢᠯ ᠤᠨ ᠬᠤᠭᠤᠷᠣᠨᠲᠤ ᠪᠠᠶᠢᠵᠦ᠂ ᠲᠡᠭᠦᠨ ᠳᠤ ᠪᠠᠰᠨ ᠭᠡᠮᠲᠦᠯ ᠢᠶᠠᠨ ᠰᠡᠯᠪᠢᠨ ᠵᠠᠰᠠᠬᠤ ᠰᠢᠰᠲ᠋ᠧᠮ ᠢᠯᠠᠩᠭᠤᠶ᠎ᠠ ᠡᠰ ᠤᠨ ᠪᠦᠭᠡᠮ  ᠳᠠᠬᠢ DNA ᠶᠢᠨ ᠭᠡᠮᠲᠦᠯ ᠢᠶᠠᠨ ᠰᠡᠯᠪᠢᠬᠦ ᠨᠠᠷᠢᠨ ᠪᠣᠳᠤᠯᠢᠶᠠᠨᠲᠤ ᠰᠢᠰᠲ᠋ᠧᠮ ᠲᠠᠢ ᠪᠢᠯᠨ᠃ ᠰᠠᠴᠤᠷᠠᠭ ᠤᠨ ᠬᠦᠮᠦᠨ ᠤ ᠪᠡᠶ᠎ᠡ ᠳᠠᠬᠢ ᠦᠢᠰᠭᠡᠯ ᠨᠢ  ᠪᠦᠷ ᠡᠰ ᠤᠨ ᠭᠡᠮᠲᠦᠯ ᠲᠠᠢ ᠬᠤᠯᠪᠤᠭ᠎ᠠ ᠲᠠᠢ ᠪᠠᠶᠢᠳᠠᠭ᠃ ᠡᠰ ᠨᠢ ᠪᠠᠰᠨ ᠲᠡᠭᠦᠨ ᠤ ᠪᠦᠲᠦᠬᠦ᠂ ᠦᠷᠡᠵᠢᠬᠦ᠂ ᠰᠡᠯᠪᠢᠬᠦ᠂ ᠦᠲᠡᠯᠡᠬᠦ ᠪᠠ ᠦᠬᠦᠬᠦ ᠶᠠᠪᠤᠴᠠ ᠲᠠᠢ ᠪᠦᠭᠡᠳ ᠦᠨᠳᠦᠰᠦᠨ ᠴᠢᠳᠠᠪᠤᠷᠢ ᠪᠠᠷ ᠨᠢ ᠮᠠᠬᠠᠪᠣᠳ ᠤᠨ ᠡᠰ ᠪᠠ ᠦᠷᠡᠵᠢᠯ ᠤᠨ ᠡᠰ ᠭᠡᠵᠦ ᠠᠩᠬᠢᠯᠠᠳᠠᠭ᠃     ᠮᠠᠬᠠᠪᠣᠳ ᠤᠨ ᠡᠰ ᠪᠣᠯ ᠡᠯ᠎ᠡ ᠡᠷᠬᠡᠲᠡᠨ ᠨᠡᠬᠡᠳᠡᠰᠦ ᠶᠢ ᠪᠦᠷᠢᠯᠳᠦᠭᠦᠯᠳᠡᠭ ᠪᠣᠢ ᠪᠦᠬᠦᠢ ᠡᠰ ᠤᠨ ᠶᠡᠷᠦᠩᠬᠡᠢ ᠨᠡᠷᠡᠶᠢᠳᠦᠯ ᠪᠦᠭᠡᠳ ᠡᠳᠡᠭᠡᠷ ᠡᠰ ᠨᠢ ᠬᠤᠪᠢᠶᠠᠭᠳᠠᠨ ᠦᠷᠡᠵᠢᠭᠡᠳ᠂ ᠦᠲᠡᠯᠡᠵᠦ᠂ ᠭᠡᠮᠲᠦᠵᠦ᠂ ᠦᠬᠦᠭᠰᠡᠨ ᠡᠰ ᠢᠶᠠᠨ ᠣᠷᠤᠯᠠᠭᠤᠯᠵᠦ᠂ ᠪᠡᠶ᠎ᠡ ᠮᠠᠬᠠᠪᠣᠳ ᠤᠨ ᠦᠰᠦᠯᠲᠡ ᠪᠣᠶᠢᠵᠢᠯᠲᠠ ᠶᠢ ᠬᠡᠪ ᠤᠨ ᠪᠠᠶᠢᠯᠭᠠᠳᠠᠭ᠃ ᠬᠦᠮᠦᠨ ᠤ ᠪᠡᠶ᠎ᠡ ᠨᠢ ᠰᠧᠺᠦ᠋ᠨ᠋ᠲ ᠪᠦᠷᠢ ᠳᠤ ᠠᠳᠠᠭ ᠲᠠᠭᠠᠨ 400 ᠲᠦᠮᠡᠨ ᠡᠰ᠂ ᠨᠢᠭᠡ ᠡᠳᠦᠷ 3500 ᠳ᠋ᠦᠡᠭᠰᠢᠭᠤᠷ᠂ ᠨᠢᠭᠡ ᠵᠢᠯ ᠳᠤ 1014 ᠡᠰ ᠬᠤᠪᠢᠶᠠᠭᠳᠠᠨ ᠦᠷᠡᠵᠢᠨ᠎ᠡ᠃ ᠮᠠᠬᠠᠪᠣᠳ ᠤᠨ ᠡᠰ ᠨᠢ ᠬᠡᠷᠡᠭᠴᠡᠭᠡ ᠶᠢ ᠦᠨᠳᠦᠰᠦᠯᠡᠨ ᠰᠢᠷᠬᠡᠭᠵᠢᠨ ᠬᠤᠪᠢᠶᠠᠭᠳᠠᠬᠤ ᠪᠣᠶᠤ ᠰᠢᠷᠬᠡᠭᠵᠢᠬᠦ ᠦᠭᠡᠢ ᠬᠤᠪᠢᠶᠠᠭᠳᠠᠨ ᠦᠷᠡᠵᠢᠳᠡᠭ᠃ ᠰᠢᠷᠬᠡᠭᠵᠢᠨ ᠬᠤᠪᠢᠶᠠᠭᠳᠠᠬᠤ ᠦᠶᠡᠰ ᠲᠤ ᠡᠰ ᠤᠨ ᠭᠤᠣᠯ ᠨᠢ ᠰᠢᠷᠬᠡᠭᠵᠢᠨ ᠰᠤᠨᠵᠦ ᠪᠠᠶᠢᠭᠠᠳ ᠦᠪᠡᠷ ᠲᠠᠢ ᠪᠠᠨ ᠠᠪ ᠠᠳᠠᠯᠢᠬᠠᠨ ᠬᠤᠶᠡᠷ ᠰᠢᠨ᠎ᠡ ᠡᠰ ᠪᠣᠯᠣᠨ ᠦᠷᠡᠵᠢᠳᠡᠭ᠃ ᠡᠨᠡᠬᠦ ᠬᠤᠭᠤᠴᠠᠭ᠎ᠠ ᠨᠢ ᠶᠡᠷᠦᠳᠡᠭᠡᠨ 1~2 ᠴᠠᠭ ᠬᠡᠷᠡᠭᠰᠡᠨ᠎ᠡ᠃ ᠰᠢᠷᠬᠡᠭᠵᠢᠬᠦ ᠦᠭᠡᠢ ᠬᠤᠪᠢᠶᠠᠭᠳᠠᠬᠤ ᠦᠶᠡᠰ ᠲᠤ ᠤᠷᠢᠳᠠ ᠪᠠᠷ ᠡᠰ ᠤᠨ ᠴᠦᠮ᠎ᠡ᠂ ᠵᠠᠯᠭᠠᠭᠠᠳ ᠡᠰ ᠤᠨ ᠪᠦᠭᠡᠮ ᠨᠢ᠂ ᠳᠠᠷᠠᠭ᠎ᠠ ᠨᠢ ᠡᠰ ᠤᠨ ᠪᠡᠶ᠎ᠡ ᠨᠢ ᠴᠤ ᠬᠤᠪᠢᠶᠠᠭᠳᠠᠨ ᠡᠴᠦᠰ ᠲᠡᠭᠡᠨ ᠬᠤᠶᠡᠷ ᠰᠢᠨ᠎ᠡ ᠡᠰ ᠪᠣᠯᠳᠠᠭ᠃     ᠦᠷᠡᠵᠢᠯ ᠤᠨ ᠡᠰ ᠢ ᠪᠠᠰᠨ ᠪᠡᠯᠭᠡ ᠶᠢᠨ ᠡᠰ ᠭᠡᠳᠡᠭ ᠪᠦᠭᠡᠳ ᠲᠡᠭᠦᠨ ᠳᠤ ᠡᠷᠡᠭᠲᠠᠢ ᠶᠢᠨ ᠦᠷ᠎ᠡ ᠶᠢᠨ ᠡᠰ ᠪᠣᠯᠣᠨ ᠡᠮᠡᠭᠲᠠᠢ ᠶᠢᠨ ᠦᠨᠳᠡᠭᠡᠨ ᠡᠰ ᠪᠠᠭᠲᠠᠨ᠎ᠠ᠃ ᠦᠷ᠎ᠡ ᠪᠠ ᠦᠨᠳᠡᠭᠡ ᠡᠨᠡ ᠬᠤᠶᠡᠷ ᠡᠰ ᠨᠢ ᠨᠡᠶᠢᠯᠡᠭᠡᠳ ᠰᠠᠶ᠋ᠢ ᠨᠢᠭᠡᠨ ᠰᠢᠨ᠎ᠡ ᠡᠰ ᠪᠣᠢ ᠪᠣᠯᠬᠤ ᠮᠦᠷᠲᠡᠭᠡᠨ ᠡᠰ ᠤᠨ ᠠᠮᠢ ᠨᠠᠰᠤᠨ ᠤ ᠦᠶᠡᠯᠡᠯ ᠳᠤ ᠵᠦᠪᠬᠡᠨ ᠨᠢᠭᠡ ᠯᠡ ᠤᠳᠠᠭ᠎ᠠ ᠨᠡᠶᠢᠯᠡᠨ ᠦᠷᠡᠵᠢᠳᠡᠭ᠃ ᠰᠢᠨ᠎ᠡ ᠡᠰ ᠨᠢ ᠲᠤᠰ ᠲᠤᠰ ᠤᠨ ᠢᠶᠠᠨ ᠡᠬᠡ ᠡᠰ ᠠᠴᠠ ᠠᠪᠴᠤ ᠢᠷᠡᠭᠰᠡᠨ ᠤᠳᠤᠮᠰᠢᠯ ᠤᠨ ᠪᠣᠳᠠᠰ ᠳᠠᠷᠤᠢ ᠭᠧᠨ ᠢ ᠠᠭᠤᠯᠠᠵᠦ ᠪᠠᠶᠢᠳᠠᠭ᠃ ᠬᠦᠪᠦᠷᠡᠯ ᠵᠢᠴᠢ ᠬᠡᠤᠬᠡᠳ ᠪᠣᠯ ᠡᠨᠡᠬᠦ ᠭᠠᠭᠴᠠ ᠡᠰ ᠳᠠᠷᠤᠢ ᠦᠷ᠎ᠡ ᠲᠣᠭᠲᠠᠭᠰᠠᠨ ᠦᠨᠳᠡᠭᠡᠨ ᠠᠴᠠ ᠪᠣᠶᠢᠵᠢᠨ ᠭᠠᠷᠳᠠᠭ᠃     ᠤᠯᠠᠭᠠᠨ ᠡᠰ ᠠᠴᠠ ᠪᠣᠰᠤᠳ ᠡᠰ ᠤᠳ ᠨᠢ ᠪᠠᠷᠤᠭ ᠴᠦᠮ ᠡᠰ ᠤᠨ ᠪᠦᠭᠡᠮ ᠪᠣᠯᠣᠨ ᠡᠰ ᠤᠨ ︵ᠨᠢᠯᠴᠠᠭᠠᠷ︶ ᠡᠳ᠋ ᠵᠢᠴᠢ ᠡᠰ ᠤᠨ ᠪᠦᠷᠬᠦᠭᠦᠯ ᠢᠶᠠᠷ ᠪᠦᠷᠢᠯᠳᠦᠳᠡᠭ᠃     1. ᠡᠰ ᠤᠨ ᠪᠦᠭᠡᠮ     ᠶᠡᠷᠤᠳᠡᠭᠡᠨ ᠡᠰ ᠤᠨ ᠭᠤᠣᠯ ᠳᠤᠮᠳᠠ ᠨᠢ ᠪᠣᠶᠤ ᠵᠠᠷᠢᠮ ᠨᠢ ᠬᠡᠯᠪᠡᠶᠢᠭᠦᠦ ᠣᠷᠣᠰᠢᠨ᠂ ᠭᠠᠳᠠᠭᠤᠷ ᠨᠢ ᠨᠢᠭᠡᠨ ᠳᠠᠪᠬᠤᠷ ᠰᠠᠷᠢᠰᠤ ᠪᠦᠷᠬᠦᠵᠦ ᠪᠠᠶᠢᠳᠠᠭ᠃ ᠡᠰ ᠤᠨ ᠪᠦᠭᠡᠮ ᠤᠨ ᠬᠡᠯᠪᠡᠷᠢ ᠳᠦᠷᠰᠤ ᠨᠢ ᠴᠤ ᠣᠯᠠᠨ ᠶᠠᠩᠵᠦ ᠶᠢᠨ ᠪᠠᠶᠢᠵᠦ᠂ ᠳᠣᠲᠤᠷ᠎ᠠ ᠨᠢ ᠡᠰ ᠤᠨ ᠦᠪᠡᠷ ᠤᠨ ᠡᠭᠦᠷᠭᠡ ᠴᠢᠳᠠᠯ ᠢᠶᠠᠨ ᠭᠦᠢᠴᠡᠳᠬᠡᠬᠦ ᠪᠣᠯᠣᠨ ᠲᠤᠰ ᠪᠡᠶ᠎ᠡ  ᠶᠢᠨ ᠢᠶᠠᠨ ᠦᠷᠡᠵᠢᠬᠦ ᠳᠤ ᠬᠡᠷᠡᠭᠰᠡᠬᠦ ᠪᠣᠢ ᠪᠦᠬᠦᠢ ᠲᠠᠨᠤᠭ ᠢ ᠠᠭᠤᠯᠠᠵᠦ ᠪᠠᠶᠢᠨ᠎ᠠ᠃ ᠣᠯᠠᠩᠬᠢ ᠡᠰ ᠨᠢ ᠵᠦᠪᠬᠡᠨ ᠨᠢᠭᠡᠯᠨ ᠡᠰ ᠤᠨ ᠪᠦᠭᠡᠮ ᠲᠠᠢ ᠪᠣᠯᠪᠠᠴᠤ᠂ ᠪᠠᠰᠨ ᠵᠠᠷᠢᠮ ᠨᠢ ᠬᠤᠶᠡᠷ ᠪᠣᠶᠤ ᠨᠡᠩ ᠣᠯᠠᠨ ᠡᠰ ᠤᠨ ᠪᠦᠭᠡᠮ ᠲᠠᠢ ᠴᠤ ᠪᠣᠢ᠃ ᠡᠰ ᠤᠨ ᠪᠦᠭᠡᠮ ᠳᠣᠲᠤᠷ᠎ᠠ ᠨᠢ ᠨᠢᠭᠡ ᠪᠣᠶᠤ ᠨᠢᠵᠢᠭᠡᠳ ᠲᠦᠭᠦᠷᠢᠭ ᠴᠦᠮ᠎ᠡ ᠲᠠᠢ ᠪᠦᠭᠡᠳ ᠲᠡᠷᠨ ᠨᠢ ᠪᠣᠳᠤᠭᠲᠠᠮᠠᠬᠠᠢ ᠡᠳ᠋᠂ ᠭᠧᠨ᠂ ᠬᠦᠴᠢᠯᠲᠦᠷᠦᠭᠴᠢ ᠦᠭᠡᠢ ᠪᠦᠭᠡᠮ ᠰᠢᠬᠢᠷ ᠪᠦᠭᠡᠮ ᠬᠦᠴᠢᠯ ︵DNA︶ ᠪᠣᠯᠣᠨ‌‍ᠪᠦ᠋ᠭᠡᠮ ᠰᠢᠬᠢᠷ ᠪᠦᠭᠡᠮ ᠬᠦᠴᠢᠯ ︵RNA︶ ᠵᠢᠴᠢ ᠱᠦᠯᠲᠦᠯᠢᠭ ᠤᠭᠤᠷᠠᠭ ᠵᠡᠷᠭᠡ ᠪᠠᠷ ᠪᠦᠷᠢᠯᠳᠦᠭᠰᠡᠨ ᠪᠠᠶᠢᠳᠠᠭ᠃ ᠶᠡᠷᠦᠳᠡᠭᠡᠨ ᠴᠦᠮ᠎ᠡ ᠨᠢ ᠤᠭᠤᠷᠠᠭ ᠤᠨ ᠨᠡᠶᠢᠯᠡᠯᠭᠡ ᠲᠠᠢ ᠬᠤᠯᠪᠤᠭ᠎ᠠ ᠭᠡᠵᠦ ᠦᠵᠡᠳᠡᠭ᠃ ᠡᠰ ᠤᠨ ᠪᠦᠭᠡᠮ ᠨᠢ ᠡᠰ ᠤᠨ ᠦᠷᠡᠵᠢᠬᠦ᠂ ᠪᠣᠶᠢᠵᠢᠬᠤ ᠵᠢᠴᠢ ᠬᠦᠮᠦᠨ ᠤ ᠪᠡᠶ᠎ᠡ ᠶᠢᠨ ᠪᠣᠶᠢᠵᠢᠯᠲᠠ ᠪᠣᠯᠣᠨ ᠡᠪᠡᠳᠴᠢᠨ ᠡᠮᠬᠡᠭ ᠵᠡᠷᠭᠡ ᠲᠠᠢ ᠪᠦᠷ ᠴᠢᠬᠤᠯᠨ ᠬᠠᠷᠢᠴᠠᠭ᠎ᠠ ᠲᠠᠢ ᠪᠠᠶᠢᠳᠠᠭ᠃ ᠡᠰ ᠤᠨ ᠪᠦᠭᠡᠮ ᠤᠨ ᠭᠠᠳᠠᠭᠤᠷ ᠨᠢ ᠡᠰ ᠤᠨ ᠨᠢᠯᠲᠠᠭ ᠡᠳ᠋ ᠪᠣᠢ᠃        2. ᠡᠰ ᠤᠨ ᠨᠢᠯᠲᠠᠭ ᠡᠳ᠋      ᠪᠠᠰᠨ ︿ᠡᠰ ᠤᠨ ᠡᠳ᠋﹀ ᠴᠤ ᠭᠡᠳᠡᠭ᠂ ᠡᠰ ᠤᠨ ᠪᠦᠭᠡᠮ ᠤᠨ ᠡᠷᠭᠢᠨ ᠲᠣᠭᠤᠷᠢᠨ ᠳᠠᠬᠢ ᠬᠠᠭᠠᠰ ᠲᠤᠩᠭᠠᠯᠠᠭ ᠨᠢᠯᠲᠠᠭ ᠰᠢᠩᠭᠡᠨ ᠪᠣᠳᠠᠰ ᠪᠦᠭᠡᠳ ᠲᠡᠷᠨ ᠨᠢ ᠤᠭᠤᠷᠠᠭ᠂ ᠦᠭᠡᠬᠦᠯᠢᠭ᠂ ᠰᠢᠬᠢᠷ᠂ ᠤᠷᠭᠠᠨᠢᠭ ᠪᠤᠰᠤ ᠳᠠᠪᠤᠰᠤ ᠪᠣᠯᠣᠨ ᠶᠡᠭᠡ ᠬᠡᠮᠵᠢᠶᠡᠨ ᠤ ᠤᠰᠤ ᠪᠠᠷ ᠪᠦᠷᠢᠯᠳᠦᠭᠰᠡᠨ ᠪᠠᠶᠢᠳᠠᠭ᠃ ᠠᠳᠡ ᠭᠤᠣᠯᠳᠠᠭᠤ ᠢᠳᠡᠭᠡᠨ ᠤᠮᠳᠠᠭᠠᠨ ᠤ ᠲᠣᠮᠤ ᠮᠣᠯᠧᠺᠦ᠋ᠯ ᠤᠳ ᠢ ᠵᠠᠳᠠᠷᠠᠭᠤᠯᠤᠨ ᠡᠨᠧᠷᠬᠢ ᠪᠠ ᠵᠢᠵᠢᠭ ᠮᠣᠯᠧᠺᠦ᠋ᠯ ᠪᠣᠯᠭᠠᠨ ᠬᠤᠪᠢᠷᠠᠭᠤᠯᠤᠭᠠᠳ᠂ ᠵᠠᠯᠭᠠᠭᠠᠳ ᠳᠠᠬᠢᠨ ᠪᠠᠰᠨ ᠲᠡᠭᠦᠨ ᠢᠶᠠᠨ ᠡᠰ ᠤᠨ ᠣᠷᠣᠰᠢᠨ  ᠲᠣᠭᠲᠠᠨᠢᠬᠤ ᠪᠠ ᠦᠷᠡᠵᠢᠨ ᠲᠦᠯᠵᠢᠬᠦ ᠳᠤ ᠬᠡᠷᠡᠭᠰᠡᠬᠦ  ᠨᠡᠩ ᠨᠠᠷᠢᠨ ᠪᠣᠳᠤᠯᠢᠶᠠᠨᠲᠠᠢ ᠮᠣᠯᠧᠺᠦ᠋ᠯ ᠪᠣᠯᠭᠠᠳᠠᠭ᠃ ᠡᠰ ᠤᠨ ᠨᠢᠯᠲᠠᠭ ᠡᠳ᠋ ᠳᠣᠲᠤᠷ᠎ᠠ  ᠨᠢ ᠪᠠᠰᠨ ᠡᠰ ᠤᠨ ᠡᠷᠬᠡᠲᠡᠨ ᠪᠠ ᠠᠭᠤᠯᠤᠭᠳᠠᠮᠠᠯ ᠡᠳ᠋ ᠭᠡᠵᠦ ᠪᠣᠢ᠃      ᠡᠰ ᠤᠨ ᠡᠷᠬᠡᠲᠡᠨ᠄ ᠡᠰ ᠤᠨ ᠪᠣᠳᠠᠰ ᠤᠨ ᠰᠣᠯᠢᠯᠴᠠᠭ᠎ᠠ ᠳᠤ ᠴᠢᠬᠤᠯᠨ ᠦᠢᠯᠡᠳᠦᠯ ᠭᠠᠷᠭᠠᠳᠠᠭ ᠠᠷᠤᠷᠠᠯᠢᠭ ᠪᠡᠶᠡᠲᠤ᠂ ᠭᠤᠣᠯ ᠪᠡᠶᠡᠲᠤ᠂ ᠲᠣᠣᠷᠯᠢᠭ ᠪᠡᠶᠡᠲᠤ ᠵᠡᠷᠭᠡ ᠣᠨᠴᠤᠭᠤᠢ ᠪᠦᠲᠦᠴᠡ ᠶᠢ ᠶᠡᠷᠦᠩᠬᠡᠶᠢᠯᠡᠭᠡᠳ ᠡᠰ ᠤᠨ ᠡᠷᠬᠡᠲᠡᠨ ᠭᠡᠳᠡᠭ ᠪᠦᠭᠡᠳ ᠭᠤᠣᠯᠳᠠᠭᠤ ᠤᠭᠤᠷᠠᠭ ᠪᠣᠯᠣᠨ ᠡᠨᠧᠷᠬᠢ ᠶᠢᠨ ᠦᠢᠯᠡᠳᠪᠦᠷᠢᠯᠡᠯ ᠢ ᠪᠠᠲᠤᠯᠠᠳᠠᠭ᠃     ᠠᠷᠤᠷᠠᠯᠢᠭ ᠪᠡᠶᠡᠲᠤ ᠨᠢ ᠬᠤᠶᠡᠷ ᠳᠠᠪᠬᠤᠷ ᠰᠠᠷᠢᠰᠤ ᠲᠠᠢ᠂ ᠲᠡᠭᠦᠨ ᠤ ᠳᠣᠲᠤᠷ᠎ᠠ ᠨᠢ ᠡᠨᠧᠷᠬᠢ ᠲᠠᠯᠪᠢᠨ ᠭᠠᠷᠭᠠᠬᠤ ᠬᠢᠮᠢ ᠶᠢᠨ ᠤᠷᠪᠠᠯ ᠳᠤ ᠣᠷᠤᠯᠴᠠᠬᠤ ᠡᠯ᠎ᠡ ᠵᠦᠢᠯ ᠤᠨ ᠪᠣᠳᠠᠰ ᠪᠣᠯᠣᠨ ᠢᠰᠭᠡᠭᠦᠷ ᠢ ᠠᠭᠤᠯᠵᠦ ᠪᠠᠶᠢᠳᠠᠭ᠃ ᠡᠶᠢᠮᠦ ᠠᠴᠠ ᠪᠠᠰᠨ ᠲᠡᠭᠦᠨ ᠢ ︿ᠡᠰ ᠤᠨ ᠴᠠᠬᠢᠯᠭᠠᠨ ᠦᠷᠲᠡᠭᠡ﹀ ᠴᠤ ᠭᠡᠳᠡᠭ᠃ ᠬᠦᠮᠦᠨ ᠤ ᠪᠡᠶ᠎ᠡ  ᠶᠢᠨ ᠭᠤᠷᠪᠠᠨ ᠶᠡᠭᠡ ᠰᠢᠮ᠎ᠡ ᠲᠡᠵᠢᠭᠡᠯ ᠡᠳ᠋ ᠪᠣᠯᠬᠤ ᠤᠭᠤᠷᠠᠭ᠂ ᠰᠢᠬᠢᠷ ᠪᠣᠯᠣᠨ ᠦᠭᠡᠬᠦ ᠶᠢᠨ ᠢᠰᠦᠯᠳᠦᠬᠦ ᠪᠠ ᠡᠨᠧᠷᠬᠢ ᠬᠠᠨᠭ᠍ᠭᠠᠯᠲᠠ ᠨᠢ ᠪᠦᠷ ᠲᠡᠭᠦᠨ ᠤ ᠳᠤᠲᠤᠷ᠎ᠠ ᠶᠠᠪᠤᠭᠳᠠᠳᠠᠭ᠃ ᠨᠢᠭᠡᠨ ᠶᠡᠷᠤᠳᠡ ᠶᠢᠨ ᠡᠰ ᠨᠢ ᠬᠡᠳᠦᠨ ᠵᠠᠭᠤ ᠠᠴᠠ ᠨᠢᠭᠡ ᠮᠢᠩᠭᠠᠨ ᠠᠷᠤᠷᠠᠯᠢᠭ ᠪᠡᠶᠡᠲᠤ ᠶᠢ ᠠᠭᠤᠯᠵᠦ ᠮᠡᠳᠡᠬᠦ ᠪᠦᠭᠡᠳ ᠮᠠᠰᠢ ᠶᠡᠭᠡ ᠡᠰ ᠨᠢ ᠬᠡᠳᠦᠨ ᠪᠤᠮ ᠢᠶᠠᠷ ᠠᠭᠤᠯᠵᠦ ᠪᠠᠶᠢᠳᠠᠭ᠃      ᠭᠤᠣᠯ ᠪᠡᠶᠡᠲᠤ ᠨᠢ ᠭᠤᠣᠯᠳᠠᠭᠤ ᠡᠰ ᠤᠨ ᠰᠢᠷᠬᠡᠭᠵᠢᠨ ᠬᠤᠪᠢᠶᠠᠭᠳᠠᠵᠦ ᠦᠷᠡᠵᠢᠬᠦ ᠲᠠᠢ ᠬᠤᠯᠪᠤᠭ᠎ᠠ ᠲᠠᠢ ᠪᠠᠶᠢᠵᠦ᠂ ᠬᠠᠷᠢᠨ‌‍ᠲ᠋ᠣᠣᠷᠯᠢᠭ ᠪᠡᠶᠡᠲᠤ ᠨᠢ ᠡᠰ ᠤᠨ ᠱᠦᠭᠦᠷᠡᠯ ᠲᠠᠢ ᠬᠤᠯᠪᠤᠭ᠎ᠠ ᠲᠠᠢ ᠮᠠᠭᠠᠳ ᠦᠭᠡᠢ᠃ ᠡᠭᠦᠨ ᠠᠴᠠ ᠭᠠᠳᠠᠨ᠎ᠠ ᠪᠠᠰᠨ ᠡᠰ ᠤᠨ ᠰᠡᠷᠭᠡᠶᠢᠯᠡᠨ ᠬᠠᠮᠠᠭᠠᠯᠠᠬᠤ ᠦᠢᠯᠡᠳᠦᠯ ᠪᠦᠬᠦᠢ ᠪᠤᠰᠤᠳ ᠣᠯᠠᠨ ᠵᠦᠢᠯᠡᠰ ᠴᠤ ᠡᠰ ᠤᠨ ᠡᠷᠬᠡᠲᠡᠨ ᠳᠤ ᠪᠠᠭᠲᠠᠨ᠎ᠠ᠃     ᠠᠭᠤᠯᠤᠭᠳᠠᠮᠠᠯ ᠡᠳ᠋᠄ ᠳᠠᠷᠤᠢ ᠡᠰ ᠤᠨ ᠪᠣᠳᠠᠰ ᠤᠨ ᠰᠣᠯᠢᠯᠴᠠᠭᠠᠨ ᠤ ᠶᠠᠪᠤᠴᠠ ᠳᠤ ᠭᠠᠷᠤᠭᠰᠠᠨ ᠪᠦᠲᠦᠭᠡᠭᠳᠡᠬᠦᠨ ᠵᠢᠱᠢᠶᠡᠯᠡᠪᠡᠯ ᠰᠢᠬᠢᠷ ᠤᠭᠤᠷᠠᠭ ᠵᠡᠷᠭᠡ ᠰᠢᠮ᠎ᠡ ᠲᠡᠵᠢᠭᠡᠯᠲᠤ ᠡᠳ᠋ ᠤᠨ ᠬᠠᠳᠠᠭᠠᠯᠠᠰᠤ᠂ ᠢᠰᠭᠡᠭᠦᠷ ᠮᠡᠲᠤ ᠶᠢᠨ ᠱᠦᠭᠦᠷᠡᠰᠤ ᠪᠣᠯᠣᠨ ᠢᠯᠭᠠᠳᠠᠰᠤ ᠵᠡᠷᠭᠡ ᠪᠣᠢ᠃          3. ᠡᠰ ᠤᠨ ᠬᠠᠯᠢᠰᠤ      ᠡᠰ ᠤᠨ ᠪᠦᠭᠡᠮ ᠪᠣᠯᠣᠨ ᠡᠰ ᠤᠨ ᠨᠢᠯᠲᠠᠭ ᠡᠳ᠋ ᠢ ᠪᠦᠷᠬᠦᠨ ᠭᠠᠳᠠᠷ ᠣᠷᠴᠢᠨ ᠠᠴᠠ ᠲᠤᠰᠭᠠᠷᠯᠠᠭᠠᠳ᠂ ᠡᠰ ᠢ ᠠᠰᠲᠠᠭᠠᠨ ᠨᠢᠭᠡᠨ ᠵᠢᠵᠢᠭ ᠣᠷᠴᠢᠨ ︵Milieu Intérieur︶ ᠪᠣᠯᠭᠠᠳᠠᠭ ᠨᠢᠭᠡᠨ ᠳᠠᠪᠬᠤᠷ  ᠰᠠᠷᠢᠰᠤ ᠶᠢ ᠡᠰ ᠤᠨ ᠬᠠᠯᠢᠰᠤ ᠪᠣᠶᠤ ᠪᠦᠷᠬᠦᠭᠦᠯ ᠭᠡᠳᠡᠭ᠃ ᠲᠡᠷᠨ ᠨᠢ ᠤᠭᠤᠷᠠᠭ ᠪᠣᠯᠣᠨ ᠦᠭᠡᠬᠦᠯᠢᠭ  ᠢᠶᠠᠷ ᠪᠦᠲᠦᠭᠰᠡᠨ ᠨᠢᠭᠡᠨ ᠬᠠᠭᠠᠰ ᠨᠡᠪᠲᠡᠷᠬᠡᠢ ᠲᠦᠢᠯ ᠤᠨ ᠨᠢᠮᠭᠡᠨ ᠨᠠᠷᠢᠨ ᠪᠣᠳᠤᠯᠢᠶᠠᠨᠲᠤ ᠪᠣᠳᠠᠰ ᠤᠨ ᠰᠢᠰᠲ᠋ᠧᠮ ᠪᠠᠶᠢᠵᠦ᠂ ᠡᠰ ᠤᠨ ᠳᠣᠲᠤᠷ᠎ᠠ ᠣᠷᠣᠵᠦ ᠭᠠᠷᠬᠤ ᠤᠰᠤ ᠪᠣᠯᠣᠨ ᠰᠢᠮ᠎ᠡ ᠲᠡᠵᠢᠭᠡᠯᠲᠤ ᠡᠳ᠋ ᠵᠢᠴᠢ ᠴᠠᠬᠢᠯᠭᠠᠨ ᠳᠤ ᠵᠠᠳᠠᠷᠠᠬᠤ ᠡᠳ᠋ ᠤᠳ ᠢ ᠳᠤᠬᠢᠷᠠᠭᠤᠯᠤᠨ ᠵᠣᠬᠢᠴᠠᠭᠤᠯᠵᠦ᠂ ᠠᠭᠤᠰᠬᠤ ᠪᠣᠳᠠᠰ ᠢ ᠣᠷᠤᠭᠤᠯᠠᠬᠤ ᠬᠡᠮᠵᠢᠶ᠎ᠡ ᠪᠠ ᠢᠯᠭᠠᠨ ᠭᠠᠷᠭᠠᠬᠤ ᠬᠡᠮᠵᠢᠶ᠎ᠡ ᠶᠢ ᠡᠵᠡᠮᠰᠢᠨ᠂ ᠡᠰ ᠤᠨ ᠣᠷᠤᠰᠢᠨ ᠲᠣᠭᠲᠠᠨᠢᠬᠤ ᠳᠤ ᠬᠡᠷᠡᠭᠰᠡᠬᠦ ᠡᠨᠧᠷᠬᠢ ᠶᠢᠨ ᠲᠡᠩᠴᠡᠯ ᠢ ᠬᠡᠪ ᠢᠶᠠᠷ ᠨᠢ ᠪᠠᠶᠢᠯᠭᠠᠳᠠᠭ᠃ ᠡᠨᠡᠬᠦ ᠲᠡᠩᠴᠡᠯ ᠤᠨ ᠶᠠᠮᠠᠷ ᠨᠢᠭᠡᠨ ᠵᠣᠬᠢᠴᠠᠯ ᠨᠢ ᠠᠯᠳᠠᠭᠳᠠᠬᠤ ᠨᠢ ᠪᠦᠷ ᠡᠰ ᠤᠨ ᠠᠮᠢᠳᠤᠷᠠᠬᠤ ᠬᠦᠴᠦᠨ ᠢ ᠰᠦᠷᠳᠡᠭᠦᠯᠳᠡᠭ᠃          5. ᠡᠰ ᠤᠨ ᠵᠠᠪᠰᠠᠷ ᠤᠨ ᠡᠳ᠋     ᠡᠰ ᠪᠣᠯᠣᠨ ᠡᠰ ᠤᠨ ᠬᠤᠭᠤᠷᠣᠨᠳᠤᠬᠢ ᠨᠢᠭᠡᠨ ᠵᠦᠢᠯ ᠤᠨ ᠠᠮᠢᠳᠤᠷᠠᠯ ᠤᠨ ᠪᠣᠳᠠᠰ ᠪᠦᠭᠡᠳ ᠶᠡᠷᠦᠳᠡᠭᠡᠨ ᠲᠣᠭᠲᠠᠭᠰᠠᠨ ᠬᠡᠯᠪᠡᠷᠢ ᠦᠭᠡᠢ ᠦᠨᠳᠦᠰᠦᠨ ᠡᠳ᠋ ᠤᠳ  ᠢᠶᠠᠷ ᠪᠦᠷᠢᠯᠳᠦᠳᠡᠭ᠃ ᠡᠰ ᠤᠨ ᠵᠠᠪᠰᠠᠷ ᠤᠨ ᠡᠳ᠋ ᠨᠢ ᠡᠰ ᠤᠨ ᠬᠡᠯᠪᠡᠷᠢ ᠲᠦᠯᠦᠪ ᠪᠣᠯᠣᠨ ᠴᠢᠳᠠᠪᠤᠷᠢ ᠲᠠᠢ ᠨᠢᠭᠲᠠ ᠬᠠᠷᠢᠴᠠᠭ᠎ᠠ ᠲᠠᠢ ᠪᠠᠶᠢᠳᠠᠭ᠃       ᠳᠦᠷᠪᠡ᠂ ᠪᠣᠳᠤᠭᠲᠠᠮᠠᠬᠠᠢ ᠡᠳ᠋ ᠪᠣᠯᠣᠨ ᠪᠣᠳᠤᠭᠲᠠᠮᠠᠬᠠᠢ ᠪᠡᠶᠡᠲᠤ      ᠡᠰ ᠤᠨ ᠪᠦᠭᠡᠮ ᠳᠣᠲᠤᠷ᠎ᠠ ᠪᠠᠶᠢᠭ᠎ᠠ ᠵᠢᠵᠢᠭ ᠮᠦᠬᠦᠯᠢᠭ ᠰᠢᠭ ᠪᠣᠶᠤ ᠵᠢᠵᠢᠭ ᠬᠡᠰᠡᠭᠲᠤ ᠱᠦᠯᠲᠦᠯᠢᠭ ᠴᠢᠨᠠᠷ ᠲᠠᠢ ᠡᠳ᠋ ᠤᠳ ᠢ ᠪᠣᠳᠤᠭᠲᠠᠮᠠᠬᠠᠢ ᠡᠳ᠋ ᠭᠡᠳᠡᠭ ᠪᠦᠭᠡᠳ ᠲᠡᠷᠨ ᠨᠢ ᠬᠦᠴᠢᠯᠲᠦᠷᠦᠭᠴᠢ ᠦᠭᠡᠢ ᠪᠦᠭᠡᠮ ᠰᠢᠬᠢᠷ ᠪᠦᠭᠡᠮ ᠬᠦᠴᠢᠯ ︵DNA︶ ᠪᠣᠯᠣᠨ ᠱᠦᠯᠲᠦᠯᠢᠭ ᠤᠭᠤᠷᠠᠭ ᠢᠶᠠᠷ ᠪᠦᠷᠢᠯᠳᠦᠳᠡᠭ᠃ ᠪᠣᠳᠤᠭᠲᠠᠮᠠᠬᠠᠢ ᠡᠳ᠋ ᠪᠣᠯᠣᠨ ᠪᠣᠳᠤᠭᠲᠠᠮᠠᠬᠠᠢ ᠪᠡᠶᠡᠲᠤ ᠭᠡᠳᠡᠭ ᠪᠣᠯ ᠢᠵᠢᠯ ᠨᠢᠭᠡᠨ ᠶᠠᠭᠤᠮᠠᠨ ᠤ ᠬᠤᠶᠡᠷ ᠵᠦᠢᠯ ᠤᠨ ᠬᠦᠳᠡᠯᠭᠡᠭᠡᠨᠲᠤ ᠬᠡᠯᠪᠡᠷᠢ ᠶᠢᠨ ᠨᠡᠷᠡᠶᠢᠳᠦᠯ ᠶᠣᠮ᠃ ᠪᠣᠳᠤᠭᠲᠠᠮᠠᠬᠠᠢ ᠡᠳ᠋ ᠨᠢ ᠡᠰ ᠤᠨ ᠬᠤᠪᠢᠶᠠᠭᠳᠠᠯ ᠤᠨ ᠬᠤᠭᠤᠴᠠᠭᠠᠨ ᠳᠤ ᠮᠣᠰᠬᠢᠷᠠᠬᠤ ᠪᠠ ᠳᠠᠪᠬᠤᠴᠠᠬᠤ ᠪᠠᠷ ᠳᠠᠮᠵᠢᠨ ᠪᠣᠳᠤᠭᠲᠠᠮᠠᠬᠠᠢ ᠪᠡᠶᠡᠲᠤ ︵Chromosome︶ ᠪᠣᠯᠵᠦ ᠂ ᠡᠰ ᠨᠢ ᠰᠢᠷᠬᠡᠭᠵᠢᠨ ᠬᠤᠪᠢᠶᠠᠭᠳᠠᠵᠦ ᠲᠠᠭᠤᠰᠤᠭᠠᠳ ᠵᠠᠪᠰᠠᠷ ᠤᠨ ᠬᠤᠭᠤᠴᠠᠭᠠᠨ ᠳᠤ ᠣᠷᠣᠬᠤ ᠦᠶᠡᠰ ᠲᠤ᠂ ᠪᠣᠳᠤᠭᠲᠠᠮᠠᠬᠠᠢ ᠪᠡᠶᠡᠲᠤ ᠤᠨ ᠮᠣᠰᠬᠢᠷᠠᠭ᠎ᠠ ᠨᠢ ᠠᠯᠳᠠᠷᠠᠨ ᠪᠣᠳᠤᠭᠲᠠᠮᠠᠬᠠᠢ ᠡᠳ᠋ ᠤᠨ ᠪᠠᠶᠢᠳᠠᠯ ᠢᠶᠠᠨ ᠰᠡᠷᠭᠦᠭᠡᠳᠡᠭ᠃       ᠪᠣᠳᠤᠭᠲᠠᠮᠠᠬᠠᠢ ᠡᠳ᠋ ᠪᠣᠯ ᠪᠦᠭᠡᠮ ᠤᠨ ᠦᠨᠳᠦᠰᠦᠨ ᠴᠣᠭᠴᠠᠰ ᠢᠶᠠᠷ ᠪᠦᠷᠢᠯᠳᠦᠳᠡᠭ ᠪᠦᠭᠡᠳ ᠪᠦᠭᠡᠮ ᠤᠨ ᠦᠨᠳᠦᠰᠦᠨ ᠴᠣᠭᠴᠠᠰ ᠪᠦᠷᠢ ᠨᠢ 8 ᠪᠦᠯᠦᠭ ᠤᠭᠤᠷᠠᠭ ᠤᠨ ᠪᠦᠷᠢᠯᠳᠦᠰ ᠢᠶᠠᠷ ᠭᠤᠣᠯ ᠪᠣᠯᠭᠠᠨ  DNA ᠶᠢᠨ ᠬᠤᠣᠰ ᠡᠷᠭᠢᠭᠦᠯᠭᠡᠨ ᠢ 13/4 ᠣᠷᠢᠶᠠᠵᠦ ᠪᠠᠶᠢᠳᠠᠭ᠃ ᠡᠭᠦᠨ ᠠᠴᠠ ᠭᠠᠳᠠᠨ᠎ᠠ ᠪᠠᠰᠨ ᠠᠰᠲᠠᠭᠠᠨ ᠨᠢᠭᠡᠨ ᠪᠦᠭᠡᠮ ᠤᠨ ᠦᠨᠳᠦᠰᠦᠨ ᠴᠣᠭᠴᠠᠰ ᠤᠨ ᠮᠣᠯᠧᠺᠦ᠋ᠯ ᠨᠠᠭᠠᠯᠳᠤᠨ ᠳᠠᠭᠠᠵᠦ ᠪᠠᠶᠢᠳᠠᠭ᠃ ᠪᠣᠳᠤᠭᠲᠠᠮᠠᠬᠠᠢ ᠡᠳ᠋ ᠤᠨ ᠳᠣᠲᠤᠷ᠎ᠠ  ᠪᠦᠭᠡᠮ ᠤᠨ ᠦᠨᠳᠦᠰᠦᠨ ᠴᠣᠭᠴᠠᠰ ᠨᠢᠭᠡᠳ ᠨᠢᠭᠡ ᠪᠠᠷ ᠵᠠᠯᠭᠠᠯᠳᠤᠨ᠂ 6  ᠪᠦᠭᠡᠮ ᠤᠨ ᠦᠨᠳᠦᠰᠦᠨ ᠴᠣᠭᠴᠠᠰ ᠪᠦᠷᠢ ᠨᠢ ᠳᠠᠷᠦᠢ ᠨᠢᠭᠡᠨ ᠡᠷᠭᠢᠭᠦᠯᠭᠡᠨ ᠪᠣᠯᠣᠨ ᠮᠣᠰᠬᠢᠷᠠᠭᠠᠳ᠂ ᠴᠢᠩᠭᠠᠷᠠᠬᠤ ᠦᠶᠡᠰ ᠲᠤ ᠳᠠᠷᠤᠢ ᠮᠣᠰᠭᠢᠷᠠᠭ᠎ᠠ ᠬᠤᠭᠤᠯᠠᠢ ᠰᠢᠭ ᠪᠣᠯᠳᠠᠭ᠃ ᠮᠣᠰᠭᠢᠷᠠᠭ᠎ᠠ ᠬᠤᠭᠤᠯᠠᠢ ᠨᠢ ᠤᠯᠠᠮ ᠨᠢᠭᠡ ᠠᠯᠬᠤᠮ ᠮᠣᠰᠬᠢᠷᠠᠨ ᠴᠢᠩᠭᠠᠷᠠᠬᠤ ᠦᠶᠡᠰ ᠲᠤ ᠳᠠᠷᠤᠢ ᠪᠣᠳᠤᠭᠲᠠᠮᠠᠬᠠᠢ ᠪᠡᠶᠡᠲᠤ ᠪᠣᠯᠣᠨ ᠪᠦᠷᠢᠯᠳᠦᠳᠡᠭ᠃    ᠡᠰ ᠬᠤᠪᠢᠶᠠᠭᠳᠠᠬᠤ ᠦᠶᠡᠰ ᠲᠤ ᠠᠷᠤᠷᠠᠯᠢᠭ ᠪᠡᠶᠡᠲᠤ ᠳᠤ ᠱᠦᠯᠲᠦᠯᠢᠭ ᠪᠣᠳᠤᠭ ᠣᠷᠤᠭᠤᠯᠪᠠᠯ ᠳᠠᠷᠤᠢ ᠲᠡᠭᠦᠨ ᠢ ᠪᠣᠳᠤᠭᠲᠠᠮᠠᠬᠠᠢ ᠪᠡᠶᠡᠲᠤ  ᠭᠡᠳᠡᠭ᠃ ᠪᠣᠳᠤᠭᠲᠠᠮᠠᠬᠠᠢ ᠪᠡᠶᠡᠲᠤ ᠪᠣᠯ ᠭᠧᠨ ᠢᠶᠠᠷ ᠪᠦᠷᠢᠯᠳᠦᠭᠰᠡᠨ ᠡᠰ ᠤᠨ ᠪᠦᠭᠡᠮ ᠤᠨ ᠭᠤᠣᠯ ᠪᠦᠷᠢᠯᠳᠦᠭᠦᠨ ᠨᠢ ᠪᠦᠭᠡᠳ ᠲᠡᠭᠦᠨ ᠤ ᠬᠢᠮᠢ ᠶᠢᠨ ᠪᠦᠷᠢᠯᠳᠦᠭᠦᠨ ᠨᠢ ᠭᠤᠣᠯᠳᠠᠭᠤ DNA ᠪᠣᠯᠣᠨ ᠤᠭᠤᠷᠠᠭ ᠤᠨ ᠪᠦᠷᠢᠯᠳᠦᠭᠦᠨ ᠪᠠᠶᠢᠵᠦ᠂ ᠠᠮᠢᠳᠤ ᠪᠣᠳᠠᠰ ᠤᠨ ᠤᠳᠤᠮᠰᠢᠯ ᠤᠨ ᠲᠠᠨᠤᠭ ᠳᠠᠷᠤᠢ ᠭᠧᠨ ᠤ ᠠᠴᠢᠶᠠᠯᠠᠭᠴᠢ ᠮᠦᠨ᠂ ᠪᠠᠰᠨ ᠴᠤ ᠪᠣᠳᠤᠭᠲᠠᠮᠠᠬᠠᠢ ᠡᠳ᠋ ᠤᠨ ᠬᠦᠳᠡᠯᠭᠡᠭᠡᠨᠲᠤ ᠬᠡᠯᠪᠡᠷᠢ ᠮᠦᠨ᠃ ᠬᠦᠮᠦᠨ ᠲᠦᠷᠦᠯᠬᠢᠲᠡᠨ ᠨᠢ ᠶᠡᠷᠦᠳᠡᠭᠡᠨ 46 ᠪᠣᠳᠤᠭᠲᠠᠮᠠᠬᠠᠢ ᠪᠡᠶᠡᠲᠤ ᠲᠠᠢ ᠪᠠᠶᠢᠵᠦ᠂ ᠪᠡᠶ᠎ᠡ ᠶᠢᠨ ᠡᠰ ᠪᠦᠷᠢ ᠳᠤ ᠲᠡᠳᠡᠭᠡᠷ ᠨᠢ ᠬᠤᠣᠰ ᠬᠤᠣᠰ ᠢᠶᠠᠷ ᠬᠤᠶᠡᠷ ᠲᠦᠭᠦᠷ ᠪᠣᠯᠳᠠᠭ᠃ ᠨᠢᠭᠡ ᠲᠦᠭᠦᠷ ᠨᠢ ᠡᠬᠡ ᠶᠢᠨ ᠪᠡᠯᠭᠡ ᠶᠢᠨ ᠡᠰ ᠠᠴᠠ᠂ ᠨᠦᠭᠦᠭᠡ ᠨᠢᠭᠡ ᠲᠦᠭᠦᠷ ᠨᠢ ᠡᠴᠢᠭᠡ ᠶᠢᠨ ᠪᠡᠯᠭᠡ ᠶᠢᠨ ᠡᠰ ᠠᠴᠠ ᠢᠷᠡᠭᠰᠡᠨ ᠪᠠᠶᠢᠳᠠᠭ᠃ ᠬᠦᠮᠦᠨ ᠲᠦᠷᠦᠯᠬᠢᠲᠡᠨ ᠤ 23 ᠬᠤᠣᠰ ᠪᠣᠳᠤᠭᠲᠠᠮᠠᠬᠠᠢ ᠪᠡᠶᠡᠲᠤ ᠶᠢᠨ 1 ~22 ᠬᠤᠣᠰ ᠨᠢ ᠡᠷᠡᠭᠲᠡᠢ ᠡᠮᠡᠭᠲᠡᠢ ᠴᠦᠮ ᠠᠳᠠᠯᠢ ᠪᠠᠶᠢᠳᠠᠭ ᠶᠡᠷᠦᠳᠡ ᠶᠢᠨ ᠪᠣᠳᠤᠭᠲᠠᠮᠠᠬᠠᠢ ᠪᠡᠶᠡᠲᠤ ᠪᠠᠶᠢᠵᠦ᠂ ᠦᠯᠡᠳᠡᠭᠰᠡᠨ ᠨᠢᠭᠡ ᠬᠤᠣᠰ ᠪᠣᠳᠤᠭᠲᠠᠮᠠᠬᠠᠢ ᠪᠡᠶᠡᠲᠤ ᠶᠢ ᠨᠢ ᠦᠷᠡᠵᠢᠯ ᠤᠨ  ᠪᠣᠳᠤᠭᠲᠠᠮᠠᠬᠠᠢ ᠪᠡᠶᠡᠲᠤ ᠭᠡᠳᠡᠭ ᠪᠦᠭᠡᠳ ᠲᠡᠷᠨ ᠨᠢ x ᠪᠣᠯᠣᠨ yᠬᠤᠶᠡᠷ ᠬᠡᠯᠪᠡᠷᠢ ᠲᠠᠢ ᠪᠠᠶᠢᠵᠦ᠂ ᠡᠷᠡᠭᠲᠡᠢ ᠬᠦᠮᠦᠨ ᠤ ᠬᠢᠨᠢ x ᠪᠣᠯᠣᠨ y ᠬᠤᠣᠰ᠂ ᠡᠮᠡᠭᠲᠡᠢ ᠬᠦᠮᠦᠨ ᠤ ᠬᠢᠨᠢ x᠂ x ᠬᠤᠣᠰᠯᠠᠵᠦ ᠪᠠᠶᠢᠳᠠᠭ᠃ ᠬᠡᠷᠪᠡ ᠡᠮᠡᠭᠲᠡᠢ ᠶᠢᠨ ᠪᠣᠳᠤᠭᠲᠠᠮᠠᠬᠠᠢ ᠪᠡᠶᠡᠲᠤ ᠲᠠᠢ ᠡᠷᠡᠭᠲᠡᠢ ᠶᠢᠨx ᠪᠣᠳᠤᠭᠲᠠᠮᠠᠬᠠᠢ ᠪᠡᠶᠡᠲᠤ ᠨᠢ ᠨᠡᠶᠢᠯᠡᠪᠡᠯ ᠬᠡᠤᠬᠡᠨ ᠲᠦᠷᠦᠵᠦ᠂ y ᠪᠣᠳᠤᠭᠲᠠᠮᠠᠬᠠᠢ ᠪᠡᠶᠡᠲᠤ ᠨᠢ ᠨᠡᠶᠢᠯᠡᠪᠡᠯ ᠬᠦᠦ ᠲᠦᠷᠦᠳᠡᠭ᠃ x ᠪᠣᠳᠤᠭᠲᠠᠮᠠᠬᠠᠢ ᠪᠡᠶᠡᠲᠤ ᠨᠢ ᠤᠷᠲᠤ᠂  y ᠪᠣᠳᠤᠭᠲᠠᠮᠠᠬᠠᠢ ᠪᠡᠶᠡᠲᠤ ᠨᠢ ᠪᠤᠭᠤᠨᠢ ᠪᠣᠯᠬᠤᠷ ᠡᠮᠡᠭᠲᠡᠢ ᠬᠦᠮᠦᠨ ᠨᠢ ᠡᠷᠡᠭᠲᠡᠢ ᠬᠦᠮᠦᠨ ᠠᠴᠠ ᠢᠯᠡᠭᠦᠦ ᠤᠷᠲᠤ ᠨᠠᠰᠤᠯᠠᠳᠠᠭ᠃      ᠬᠡᠷᠪᠡ ᠶᠡᠷᠦᠳᠡ ᠶᠢᠨ ᠪᠣᠳᠤᠭᠲᠠᠮᠠᠬᠠᠢ ᠪᠡᠶᠡᠲᠤ ᠨᠢ ᠰᠠᠴᠤᠷᠠᠭ ᠲᠤ ᠭᠡᠮᠲᠦᠪᠡᠯ ᠲᠤᠰ ᠪᠡᠶ᠎ᠡ ᠳᠤᠨᠢ ᠦᠮᠡᠨ ᠪᠣᠶᠤ ᠪᠤᠰᠤᠳ ᠦᠢᠰᠭᠡᠯ ᠭᠠᠷᠴᠤ᠂ ᠦᠷᠡᠵᠢᠯ ᠤᠨ ᠪᠣᠳᠤᠭᠲᠠᠮᠠᠬᠠᠢ ᠪᠡᠶᠡᠲᠤ ᠨᠢ ᠰᠠᠴᠤᠷᠠᠭ ᠲᠤ ᠭᠡᠮᠲᠦᠪᠡᠯ ᠬᠤᠶᠢᠴᠢ ᠦᠶ᠎ᠡ ᠳᠤᠨᠢ ᠤᠳᠤᠮᠰᠢᠯ ᠤᠨ ᠦᠢᠰᠭᠡᠯ ᠭᠠᠷᠤᠨ᠎ᠠ᠃ ᠬᠡᠯᠡᠯᠭᠡᠨ ᠦᠭᠡᠢ ᠪᠣᠳᠤᠭᠲᠠᠮᠠᠬᠠᠢ ᠪᠡᠶᠡᠲᠤ ᠶᠢᠨ ᠭᠡᠮᠲᠦᠯ ᠨᠢ ᠲᠡᠭᠦᠨ ᠢ ᠪᠦᠷᠢᠯᠳᠦᠭᠦᠯᠦᠭᠰᠡᠨ ᠭᠧᠨ ᠵᠢᠴᠢ ᠪᠦᠭᠡᠮ ᠬᠦᠴᠢᠯ ᠠᠴᠠ ᠰᠢᠯᠲᠠᠭᠠᠯᠠᠭᠳᠠᠨ᠎ᠠ᠃      ᠲᠠᠪᠤ᠂ ᠭᠧᠨ ᠪᠣᠯᠣᠨ ᠪᠦᠭᠡᠮ     ᠭᠧᠨ ︵Gene︶ ᠪᠣᠯ ᠪᠣᠳᠤᠭᠲᠠᠮᠠᠬᠠᠢ ᠪᠡᠶᠡᠲᠤ ᠶᠢᠨ ᠪᠦᠷᠢᠯᠳᠦᠭᠦᠨ ᠮᠦᠨ᠂ ᠪᠣᠳᠤᠭᠲᠠᠮᠠᠬᠠᠢ ᠪᠡᠶᠡᠲᠤ ᠪᠦᠷᠢ ᠳᠡᠭᠡᠷ᠎ᠡ ᠪᠠᠷᠤᠭ 2000 ᠭᠠᠷᠤᠢ ᠭᠧᠨ ᠪᠠᠶᠢᠵᠦ᠂ ᠲᠣᠭᠲᠠᠭᠰᠠᠨ ᠳᠡᠰ ᠳᠠᠷᠠᠭᠠᠯᠠᠯ ᠢᠶᠠᠷ ᠵᠢᠭᠰᠠᠭᠠᠳ ᠵᠣᠬᠢᠬᠤ ᠣᠷᠣᠨ ᠪᠠᠶᠢᠷᠢ ᠳᠤ ᠣᠷᠤᠰᠢᠵᠦ ᠪᠠᠶᠢᠳᠠᠭ᠃ ᠲᠡᠭᠦᠨ ᠤ ᠬᠢᠮᠢ ᠶᠢᠨ ᠪᠦᠷᠢᠯᠳᠦᠭᠦᠨ ᠨᠢ ᠳᠠᠷᠤᠢ DNA ᠮᠣᠯᠧᠺᠦ᠋ᠯ ᠤᠨ ᠨᠢᠭᠡ ᠬᠡᠰᠡᠭ ᠪᠦᠭᠡᠳ ᠤᠷᠲᠤ ᠣᠬᠤᠷ ᠨᠢ ᠪᠠᠷᠤᠭ 1000 ᠱᠦᠯᠲᠤ ᠶᠢᠨ ᠪᠦᠯᠦᠭ ᠤᠨ ᠬᠤᠣᠰ ᠲᠠᠢ ᠲᠡᠩᠴᠡᠨ᠎ᠡ᠃ ᠬᠦᠮᠦᠨ ᠲᠦᠷᠦᠯᠬᠢᠲᠡᠨ ᠨᠢ ᠪᠠᠷᠤᠭ 50000 ᠵᠦᠢᠯ ᠠᠴᠠ ᠳᠡᠭᠡᠭᠰᠢᠬᠢ ᠪᠦᠲᠦᠴᠡ ᠶᠢᠨ ᠭᠧᠨ ᠲᠠᠢ᠃ ᠭᠧᠨ ᠪᠣᠯ ᠤᠳᠤᠮᠰᠢᠯ ᠤᠨ ᠲᠠᠨᠤᠭ ᠢ ᠬᠠᠳᠠᠭᠠᠯᠠᠬᠤ ᠨᠢᠭᠡᠴᠢ ᠪᠦᠭᠡᠳ ᠰᠢᠨ᠎ᠡ ᠡᠰ ᠤᠨ ᠣᠨᠴᠠᠯᠢᠭ ᠨᠢ ᠡᠳᠡᠭᠡᠷ ᠲᠠᠨᠤᠭ ᠤᠳ ᠠᠴᠠ ᠲᠣᠭᠲᠠᠭᠠᠭᠳᠠᠳᠠᠭ᠃ ᠭᠧᠨ ᠨᠢ ᠬᠦᠴᠢᠯᠲᠦᠷᠦᠭᠴᠢ ᠦᠭᠡᠢ ᠪᠦᠭᠡᠮ ᠰᠢᠬᠢᠷ ᠪᠦᠭᠡᠮ ᠬᠦᠴᠢᠯ ︵DNA︶ ᠪᠣᠯᠣᠨ ᠤᠭᠤᠷᠠᠭ ᠤᠨ ᠮᠣᠯᠧᠺᠦ᠋ᠯ ᠢᠶᠠᠷ ᠪᠦᠷᠢᠯᠳᠦᠳᠡᠭ᠃     1. ᠬᠦᠴᠢᠯᠲᠦᠷᠦᠭᠴᠢᠭᠦᠢ ᠪᠦᠭᠡᠮ ᠰᠢᠬᠢᠷ ᠪᠦᠭᠡᠮ ᠬᠦᠴᠢᠯ᠄ DNA ᠪᠣᠯ ᠬᠦᠴᠢᠯᠲᠦᠷᠦᠭᠴᠢᠭᠦᠢ  ᠪᠦᠭᠡᠮ ᠰᠢᠬᠢᠷ ᠪᠦᠭᠡᠮ ᠬᠦᠴᠢᠯ ᠤᠨ ᠠᠩᠭ᠍ᠯᠢ ᠬᠡᠯᠡᠨ ᠤ ᠨᠡᠷᠡᠶᠢᠳᠦᠯ Deoxyribo Nucleic Acid ᠤᠨ  ᠲᠣᠪᠴᠢᠯᠠᠭᠰᠠᠨ ᠪᠢᠴᠢᠯᠭᠡ ᠪᠣᠯᠤᠨ᠎ᠠ᠃ DNA ᠪᠣᠯ ᠡᠰ ᠤᠨ ᠪᠦᠭᠡᠮ ᠤᠨ ᠭᠤᠣᠯ ᠪᠦᠷᠢᠯᠳᠦᠭᠦᠨ ᠲᠤᠯᠠᠲᠠ ᠠᠯᠢᠪᠠ ᠠᠮᠢᠳᠤ ᠪᠣᠳᠠᠰ ᠤᠨ ᠡᠰ ᠪᠦᠷᠢ ᠨᠢ ᠠᠳᠠᠭ ᠲᠠᠭᠠᠨ ᠨᠢᠭᠡ DNA ᠪᠣᠶᠤ ᠲᠡᠭᠦᠨ ᠤ ᠣᠶᠢᠷ᠎ᠠ ᠲᠦᠷᠦᠯ ᠪᠣᠯᠬᠤ RNA ᠶᠢᠨ ᠮᠣᠯᠧᠺᠦ᠋ᠯ ᠤᠨ ᠤᠷᠲᠤ ᠭᠢᠨᠵᠢ ᠶᠢ ᠠᠬᠤᠯᠠᠵᠦ ᠪᠠᠶᠢᠳᠠᠭ᠃ ᠨᠢᠭᠡᠨ ᠪᠦᠷᠢᠨ ᠪᠦᠲᠦᠨ DNA ᠵᠢᠨ‌ᠮᠣᠯᠧᠺᠦ᠋ᠯ ᠪᠣᠯ ᠶᠠᠭ ᠨᠢᠭᠡᠨ ᠮᠣᠰᠬᠢᠷᠠᠭᠰᠠᠨ ᠲᠡᠮᠦᠷ ᠱᠠᠲᠤ ᠮᠡᠲᠤ ᠬᠡᠯᠪᠡᠷᠢ ᠲᠠᠢ ᠳᠠᠷᠤᠢ ᠬᠤᠭᠤᠷᠣᠨᠳᠤ ᠪᠠᠨ ᠬᠠᠷᠢᠯᠴᠠᠨ ᠬᠤᠯᠪᠤᠯᠳᠤᠭᠰᠠᠨ ᠬᠤᠣᠰ ᠬᠡᠯᠬᠢᠶ᠎ᠡ ᠪᠠᠶᠢᠳᠠᠭ᠃ DNA ᠶᠢᠨ ᠮᠣᠯᠧᠺᠦ᠋ᠯ ᠤᠨ ᠪᠦᠲᠦᠴᠡ ᠶᠢᠨ ᠦᠨᠳᠦᠰᠦᠨ ᠨᠢᠭᠡᠴᠢ ᠨᠢ ᠪᠣᠯ ᠪᠦᠭᠡᠮ ᠰᠢᠬᠢᠷ ᠤᠨ ᠬᠦᠴᠢᠯ ᠮᠦᠨ᠃      ︵1︶ ᠪᠦᠭᠡᠮ ᠰᠢᠬᠢᠷ ᠤᠨ ᠬᠦᠴᠢᠯ᠄ ᠮᠣᠯᠧᠺᠦ᠋ᠯ ᠨᠢᠭᠡᠪᠦᠷᠢ ᠨᠢ ᠴᠦᠮ ᠨᠢᠭᠡ ᠬᠦᠴᠢᠯᠲᠦᠷᠦᠭᠴᠢᠭᠦᠢ ᠪᠦᠭᠡᠮ ᠰᠢᠬᠢᠷ ᠪᠣᠯᠣᠨ ᠨᠢᠭᠡ ᠹᠣᠰᠹᠣᠷ ᠬᠦᠴᠢᠯ ᠵᠢᠴᠢ ᠨᠢᠭᠡ ᠱᠦᠯᠲᠤ ᠶᠢᠨ ᠪᠦᠯᠦᠭ ᠢᠶᠠᠷ ᠪᠦᠷᠢᠯᠳᠦᠳᠡᠭ᠃ ᠬᠦᠴᠢᠯᠲᠦᠷᠦᠭᠴᠢᠭᠦᠢ ᠪᠦᠭᠡᠮ ᠰᠢᠬᠢᠷ ᠨᠢ ᠬᠤᠭᠤᠷᠣᠨᠳᠤ ᠪᠠᠨ ᠹᠣᠰᠹᠣᠷ ᠬᠦᠴᠢᠯ ᠢᠶᠠᠷ ᠵᠠᠯᠭᠠᠯᠳᠤᠨ DNA ᠶᠢᠨ ᠳ᠋ᠠᠩ ᠬᠡᠯᠬᠢᠶ᠎ᠡ ᠳᠠᠷᠤᠢ ᠱᠠᠲᠤᠨ ᠤ ᠨᠢᠭᠡ ᠠᠷᠠᠯ ᠢ ᠨᠢ ᠪᠦᠲᠦᠭᠡᠨ᠎ᠡ᠃ ᠡᠨᠡᠬᠦ ᠬᠡᠯᠬᠢᠶ᠎ᠡ ᠳᠡᠭᠡᠷᠡᠬᠢ ᠬᠦᠴᠢᠯᠲᠦᠷᠦᠭᠴᠢᠭᠦᠢ ᠪᠦᠭᠡᠮ ᠰᠢᠬᠢᠷ ᠠᠴᠠ ᠨᠢ ᠪᠦᠷ ᠱᠦᠯᠲᠤ ᠶᠢᠨ ᠪᠦᠯᠦᠭ ᠰᠤᠨᠤᠨ ᠭᠠᠷᠤᠭᠠᠳ ᠤᠰᠤᠲᠦᠷᠦᠭᠴᠢ ᠶᠢᠨ ᠴᠦᠭᠴᠦᠷᠭᠡ ︵-H︶ ᠪᠠᠷ ᠬᠠᠷᠢᠯᠴᠠᠨ ᠵᠠᠯᠭᠠᠵᠦ᠂ ᠬᠤᠶᠡᠷ ᠳ᠋ᠠᠩ ᠬᠡᠯᠬᠢᠶ᠎ᠡ ᠶᠢ ᠱᠠᠲᠤᠨ ᠤ ᠭᠢᠰᠭᠢᠭᠦᠷ ᠮᠡᠲᠤ ᠬᠤᠯᠪᠤᠵᠦ ᠪᠠᠶᠢᠳᠠᠭ᠃      ︵2︶ ᠱᠦᠯᠲᠤ ᠶᠢᠨ ᠪᠦᠯᠦᠭ᠄  ᠭᠤᠣᠯᠳᠠᠭᠤ ᠫᠦᠷᠢᠨ ︵Purine︶ ᠪᠣᠯᠣᠨ ᠫᠢᠷᠢᠮᠢᠳᠢᠨ ︵Pyrimidine︶ ᠢᠶᠠᠷ ᠪᠦᠷᠢᠯᠳᠦᠭᠰᠡᠨ ᠪᠦᠭᠡᠳ ᠭᠡᠵᠦ ᠬᠤᠶᠡᠷ ᠵᠦᠢᠯ ᠪᠠᠶᠢᠳᠠᠭ ᠪᠦᠭᠡᠳ ᠡᠮᠦᠨᠡᠬᠢ ᠨᠢ ᠳ᠋ᠠᠩ ᠴᠠᠭᠠᠷᠢᠭᠯᠠᠭᠰᠠᠨ ᠨᠡᠶᠢᠯᠡᠮᠡᠯ ᠪᠣᠳᠠᠰ᠂ ᠬᠤᠶᠢᠨᠠᠬᠢ ᠨᠢ ᠳᠠᠪᠬᠤᠷ  ᠴᠠᠭᠠᠷᠢᠭᠯᠠᠭᠰᠠᠨ ᠨᠡᠶᠢᠯᠡᠮᠡᠯ ᠪᠣᠳᠠᠰ ᠪᠠᠶᠢᠳᠠᠭ᠃  ᠫᠦᠷᠢᠨ ᠨᠢ ᠪᠣᠯᠴᠢᠷᠬᠠᠢ ᠶᠢᠨ  ᠫᠦᠷᠢᠨ ᠳᠠᠷᠤᠢ ᠠᠳᠧᠨᠢᠨ ︵Adenine᠂ A ᠪᠠᠷ ᠢᠯᠡᠳᠬᠡᠳᠡᠭ︶ ᠪᠣᠯᠣᠨ ᠰᠢᠪᠠᠭᠤᠨ ᠤ ᠫᠦᠷᠢᠨ ᠳᠠᠷᠤᠢ ᠭᠤᠸᠠᠨᠢᠨ ︵Guanine᠂ G ᠪᠠᠷ ᠢᠯᠡᠳᠬᠡᠨ᠎ᠡ﹀ ᠭᠡᠵᠦ ᠬᠤᠶᠡᠷ ᠵᠦᠢᠯ ᠪᠣᠢ᠃ ᠫᠢᠷᠢᠮᠢᠳᠢᠨ ᠨᠢ ᠡᠰ ᠤᠨ ᠫᠢᠷᠢᠮᠢᠳᠢᠨ ᠳᠠᠷᠤᠢ ᠰᠠᠶ᠋ᠢᠲ᠋ᠧᠰᠠᠶ᠋ᠢᠨ ︵Cytocine᠂ C ᠪᠠᠷ ᠢᠯᠡᠳᠬᠡᠳᠡᠭ︶ ᠪᠣᠯᠣᠨ ᠴᠡᠭᠡᠵᠢᠨ ᠤ ᠪᠣᠯᠴᠢᠷᠬᠠᠢ ᠶᠢᠨ ᠫᠢᠷᠢᠮᠢᠳᠢᠨ ︵Thymine᠂ T ᠪᠠᠷ ᠢᠯᠡᠳᠬᠡᠨ᠎ᠡ︶ ᠭᠡᠵᠦ ᠪᠠᠰᠨ ᠬᠤᠶᠡᠷ ᠵᠦᠢᠯ ᠪᠠᠶᠢᠳᠠᠭ᠃ ᠫᠦᠷᠢᠨ ᠵᠦᠢᠯ ᠪᠣᠯᠣᠨ ᠫᠢᠷᠢᠮᠢᠳᠢᠨ ᠤ ᠵᠦᠢᠯᠡᠰ ᠨᠢ ᠴᠦᠮ ᠠᠽᠤᠲ ᠤᠨ ᠡᠯᠳᠡᠪ ᠴᠠᠭᠠᠷᠢᠭᠲᠤ ᠨᠡᠶᠢᠯᠡᠮᠡᠯ ᠪᠣᠳᠠᠰ ᠪᠣᠯᠬᠤᠷ᠂ ᠲᠡᠳᠡᠨ ᠢ ᠶᠡᠷᠦᠨᠢ ᠱᠦᠯᠲᠤ ᠶᠢᠨ ᠪᠦᠯᠦᠭ ᠪᠣᠶᠤ ᠡᠰᠡᠭᠦᠯ᠎ᠡ ᠠᠼᠤᠲ ᠲᠠᠢ ᠬᠤᠵᠢᠷ ᠭᠡᠳᠡᠭ᠃      DNA ᠶᠢᠨ ᠬᠤᠶᠡᠷ ᠳ᠋ᠠᠩ ᠬᠡᠯᠬᠢᠶᠡᠨ ᠳᠡᠭᠡᠷᠡᠬᠢ ᠡᠨᠡᠬᠦ 4 ᠵᠦᠢᠯ ᠤᠨ ᠱᠦᠯᠲᠤ ᠶᠢᠨ ᠪᠦᠯᠦᠭ ᠨᠢ ᠬᠤᠭᠤᠷᠣᠨᠳᠤ ᠪᠠᠨ ᠤᠰᠤᠲᠦᠷᠦᠭᠴᠢ ᠶᠢᠨ ᠴᠦᠭᠴᠦᠷᠭᠡ  ᠪᠠᠷ ᠬᠠᠷᠢᠯᠴᠠᠨ ᠵᠠᠯᠭᠠᠯᠳᠤᠬᠤ ᠳᠠᠭᠠᠨ᠂ ᠡᠨᠡ ᠲᠠᠯ᠎ᠠ ᠶᠢᠨ   ᠬᠡᠯᠬᠢᠶᠡᠨ ᠳᠡᠭᠡᠷᠡᠬᠢ ᠪᠣᠯᠴᠢᠷᠬᠠᠢ ᠶᠢᠨ ᠫᠦᠷᠢᠨ A ᠨᠢ ᠬᠡᠵᠢᠶᠡᠳᠡ ᠨᠦᠭᠦᠭᠡ ᠲᠠᠯ᠎ᠠ ᠶᠢᠨ ᠬᠡᠯᠬᠢᠶᠡᠨ ᠳᠡᠭᠡᠷᠡᠬᠢ ᠴᠡᠭᠡᠵᠢᠨ ᠤ ᠪᠣᠯᠴᠢᠷᠬᠠᠢ ᠶᠢᠨ ᠫᠢᠷᠢᠮᠢᠳᠢᠨ T ᠲᠠᠢ ᠬᠤᠶᠡᠷ ᠤᠰᠤᠲᠦᠷᠦᠭᠴᠢ ᠶᠢᠨ ᠴᠦᠭᠴᠦᠷᠭᠡ ᠪᠠᠷ A=T ᠪᠣᠶᠤ T=A ᠪᠠᠷ ᠬᠠᠷᠢᠯᠴᠠᠨ ᠵᠠᠯᠭᠠᠯᠳᠤᠨ᠎ᠠ᠃ ᠰᠢᠪᠠᠭᠤᠨ ᠤ ᠫᠦᠷᠢᠨ G ᠨᠢ ᠬᠡᠵᠢᠶᠡᠳᠡ ᠡᠰ ᠤᠨ ᠫᠢᠷᠢᠮᠢᠳᠢᠨ C ᠲᠠᠢ ᠭᠤᠷᠪᠠᠨ ᠤᠰᠤᠲᠦᠷᠦᠭᠴᠢ ᠶᠢᠨ ᠴᠦᠭᠴᠦᠷᠭᠡ ᠪᠠᠷ G≡C ᠪᠣᠶᠤ C≡G ᠪᠠᠷ ᠬᠠᠷᠢᠯᠴᠠᠨ  ᠵᠠᠯᠭᠠᠯᠳᠤᠳᠠᠭ᠃ ᠢᠡᠭᠭᠢᠵᠦ ᠵᠠᠯᠭᠠᠯᠳᠤᠨ ᠪᠣᠢ ᠪᠣᠯᠤᠭᠰᠠᠨ ᠱᠦᠯᠲᠤ ᠶᠢᠨ ᠪᠦᠯᠦᠭ ᠤᠨ ᠬᠤᠣᠰ ᠤᠨ ᠵᠢᠭᠰᠠᠯ ᠨᠢ ᠳᠠᠷᠤᠢ ᠤᠳᠤᠮᠰᠢᠯ ᠤᠨ ᠲᠠᠨᠤᠭ ᠮᠦᠨ᠃ ᠨᠢᠭᠡ DNA ᠶᠢᠨ ᠮᠣᠯᠧᠺᠦ᠋ᠯ ᠳᠤ ᠪᠠᠷᠤᠭ 40000 ᠬᠤᠣᠰ ᠱᠦᠯᠲᠤ ᠶᠢᠨ ᠪᠦᠯᠦᠭ ᠪᠠᠶᠢᠵᠦ᠂ ᠬᠡᠷᠪᠡ ᠨᠢᠭᠡ ᠵᠦᠢᠯ ᠤᠨ ᠱᠦᠯᠲᠤ ᠶᠢᠨ ᠪᠦᠯᠦᠭ ᠤᠨ ᠬᠤᠣᠰ ᠨᠢ ᠨᠢᠭᠡ ᠵᠦᠢᠯ ᠤᠨ ᠤᠳᠤᠮᠰᠢᠯ ᠤᠨ ᠲᠠᠨᠤᠭ ᠢ ᠲᠦᠯᠦᠭᠡᠯᠡᠵᠦ ᠪᠠᠶᠢᠪᠠᠯ᠂ ᠨᠢᠭᠡ DNA ᠶᠢᠨ ᠮᠣᠯᠧᠺᠦ᠋ᠯ ᠨᠢ ᠳᠠᠷᠤᠢ 440000 ᠵᠦᠢᠯ ᠤᠨ ᠤᠳᠤᠮᠰᠢᠯ ᠤᠨ ᠲᠠᠨᠤᠭ ᠢ ᠠᠭᠤᠯᠵᠦ ᠪᠠᠶᠢᠨ᠎ᠠ᠃          DNA ᠪᠣᠯ ᠵᠦᠪᠬᠡᠨ ᠤᠳᠤᠮᠰᠢᠯ ᠤᠨ ᠲᠠᠨᠤᠭ ᠢ ᠬᠠᠳᠠᠭᠠᠯᠠᠵᠦ᠂ ᠬᠠᠷᠢᠨ RNA ᠪᠣᠯ ᠲᠡᠭᠦᠨ ᠢ ᠣᠷᠴᠢᠭᠤᠯᠤᠭᠠᠳ ᠰᠢᠨ᠎ᠡ ᠠᠮᠢ ᠨᠠᠰᠤᠨ ᠳᠤ ᠤᠯᠠᠮᠵᠢᠯᠠᠳᠠᠭ᠃       2. ᠪᠦᠭᠡᠮ ᠰᠢᠬᠢᠷ ᠪᠦᠭᠡᠮ ᠬᠦᠴᠢᠯ᠄ RNA ᠪᠣᠯ ᠪᠦᠭᠡᠮ ᠰᠢᠬᠢᠷ ᠪᠦᠭᠡᠮ ᠬᠦᠴᠢᠯ ᠤᠨ ᠠᠩᠭ᠍ᠯᠢ ᠬᠡᠯᠡᠨ ᠤ ᠨᠡᠷᠡᠶᠢᠳᠦᠯ Ribonucleic Acid ᠤᠨ ᠲᠣᠪᠴᠢᠯᠠᠭᠰᠠᠨ ᠪᠢᠴᠢᠯᠭᠡ ᠪᠣᠯᠤᠨ᠎ᠠ᠃ RNA ᠢ ᠪᠦᠷᠢᠯᠳᠦᠭᠦᠯᠬᠦ ᠪᠦᠭᠡᠮ ᠰᠢᠬᠢᠷ ᠤᠨ ᠬᠦᠴᠢᠯ ᠨᠢ ᠪᠠᠰᠨ ᠳᠦᠷᠪᠡᠨ ᠵᠦᠢᠯ ᠳᠠᠷᠤᠢ ᠪᠣᠯᠴᠢᠷᠬᠠᠢ ᠶᠢᠨ ᠫᠦᠷᠢᠨ ᠤ ᠪᠦᠭᠡᠮ ᠰᠢᠬᠢᠷ ᠤᠨ ᠬᠦᠴᠢᠯ ︵AMP︶᠂ ᠰᠢᠪᠠᠭᠤᠨ ᠤ ᠫᠦᠷᠢᠨ ᠤ ᠪᠦᠭᠡᠮ ᠰᠢᠬᠢᠷ ᠤᠨ ᠬᠦᠴᠢᠯ ︵GMP︶᠂ ᠡᠰ ᠤᠨ ᠫᠢᠷᠢᠮᠢᠳᠢᠨ ᠪᠦᠭᠡᠮ ᠰᠢᠬᠢᠷ  ᠤᠨ ᠬᠦᠴᠢᠯ ︵CMP︶ ᠪᠣᠯᠣᠨ ᠰᠢᠭᠡᠰᠦᠨ ᠤ ᠫᠢᠷᠢᠮᠢᠳᠢᠨ ᠪᠦᠭᠡᠮ ᠰᠢᠬᠢᠷ ᠤᠨ ᠬᠦᠴᠢᠯ ︵UMP︶ ᠭᠡᠵᠦ ᠪᠠᠶᠢᠳᠠᠭ᠃  ᠪᠦᠭᠡᠮ ᠰᠢᠬᠢᠷ ᠪᠦᠭᠡᠮ ᠬᠦᠴᠢᠯ ᠨᠢ ᠭᠤᠣᠯᠳᠠᠭᠤ ᠡᠰ ᠤᠨ ᠨᠢᠯᠴᠠᠭᠠᠢ ᠡᠳ᠋ ᠤᠨ ᠳᠣᠲᠤᠷ᠎ᠠ ᠲᠠᠷᠬᠠᠵᠦ᠂ ᠴᠦᠬᠡᠨ ᠲᠣᠭᠠᠨ ᠤ ᠬᠢᠨᠢ ᠡᠰ ᠤᠨ ᠪᠦᠭᠡᠮ  ᠳᠣᠲᠤᠷ᠎ᠠ ᠪᠠᠶᠢᠳᠠᠭ᠃ ᠨᠢᠭᠡᠨᠲᠡ ᠮᠡᠳᠡᠭᠰᠡᠨ RNA  ᠨᠢ ᠴᠢᠮᠡᠭᠡ ᠳᠠᠮᠵᠢᠭᠤᠯᠤᠭᠴᠢ RNA᠂ ᠰᠢᠯᠵᠢᠭᠦᠯᠬᠦ RNA᠂ ᠪᠦᠭᠡᠮ ᠤᠨ ᠤᠭᠤᠷᠠᠭ ᠴᠣᠭᠴᠠ RNA ᠭᠡᠬᠦ ᠭᠤᠷᠪᠠᠨ ᠵᠦᠢᠯ ᠪᠣᠢ᠃      ︵1︶ mRNA᠄ ᠴᠢᠮᠡᠭᠡ ᠳᠠᠮᠵᠢᠭᠤᠯᠤᠭᠴᠢ RNA ᠳᠠᠷᠤᠢ Messenger-RNA ᠶᠢᠨ ᠲᠣᠪᠴᠢᠯᠠᠭᠰᠠᠨ ᠨᠡᠷᠡᠶᠢᠳᠦᠯ᠃ ᠲᠡᠷᠨ ᠨᠢ ᠡᠰ ᠤᠨ ᠳᠣᠲᠤᠷᠠᠬᠢ RNA ᠤ ᠶᠡᠷᠦᠩᠬᠡᠢ ᠬᠡᠮᠵᠢᠶᠡᠨ ᠤ 5%~10% ᠶᠢ ᠨᠢ ᠡᠵᠡᠯᠡᠳᠡᠭ᠃ mRNA ᠨᠢ ᠡᠰ ᠤᠨ ᠪᠦᠭᠡᠮ ᠤᠨ ᠳᠣᠲᠤᠷᠠᠬᠢ DNA ᠮᠣᠯᠧᠺᠦ᠋ᠯ ᠠᠴᠠ ᠤᠳᠤᠮᠰᠢᠯ ᠤᠨ ᠲᠠᠨᠤᠭ ᠢ ᠰᠢᠩᠭᠡᠭᠡᠨ ᠠᠪᠤᠭᠠᠳ᠂ ᠡᠰ ᠤᠨ ᠨᠢᠯᠴᠠᠭᠠᠢ ᠡᠳ᠋ ᠪᠣᠯᠣᠨ ᠡᠰ ᠤᠨ ᠪᠦᠭᠡᠮ ᠤᠨ ᠤᠭᠤᠷᠠᠭ ᠴᠣᠭᠴᠠ ᠳᠤ ᠠᠪᠠᠴᠢᠵᠦ ᠦᠭᠭᠦᠭᠡᠳ ᠤᠭᠤᠷᠠᠭ ᠢ ᠨᠡᠶᠢᠯᠡᠭᠦᠯᠦᠨ ᠦᠢᠯᠡᠳᠬᠦ ᠬᠡᠪ ᠵᠠᠭᠪᠤᠷ ᠪᠣᠯᠭᠠᠬᠤ ᠦᠢᠯᠡᠳᠦᠯ ᠭᠠᠷᠭᠠᠳᠠᠭ᠃      ︵2︶ t-RNA᠄ ᠰᠢᠯᠵᠢᠭᠦᠯᠬᠦ RNA ᠳᠠᠷᠤᠢ Transfer- RNA ᠶᠢᠨ ᠲᠣᠪᠴᠢᠯᠠᠭᠰᠠᠨ ᠨᠡᠷᠡᠶᠢᠳᠦᠯ᠃ ᠲᠡᠷᠨ ᠨᠢ ᠪᠠᠰᠨ ᠡᠰ ᠤᠨ ᠳᠣᠲᠤᠷᠠᠬᠢ RNA ᠤ ᠶᠡᠷᠦᠩᠬᠡᠢ ᠬᠡᠮᠵᠢᠶᠡᠨ ᠤ 5%~10% ᠶᠢ ᠨᠢ ᠡᠵᠡᠯᠡᠳᠡᠭ᠃ ᠡᠰ ᠠᠴᠠ ᠤᠭᠤᠷᠠᠭ ᠢ ᠨᠡᠶᠢᠯᠡᠭᠦᠯᠦᠨ ᠪᠦᠲᠦᠭᠡᠬᠦ ᠶᠠᠪᠤᠴᠠ ᠳᠤ t-RNA ᠨᠢ ᠰᠢᠪᠲᠤᠷᠲᠤ ᠬᠦᠴᠢᠯ ᠤᠨ ᠮᠣᠯᠧᠺᠦ᠋ᠯ ᠢ ᠡᠰ ᠤᠨ ᠪᠦᠭᠡᠮ ᠤᠨ ᠤᠭᠤᠷᠠᠭ ᠴᠣᠭᠴᠠ ᠶᠢᠨ mRNA ᠳᠤ ᠵᠦᠭᠡᠭᠡᠨ ᠠᠪᠠᠴᠢᠵᠦ ᠦᠭᠭᠦᠭᠡᠳ᠂ ᠤᠷᠪᠠᠭᠤ ᠲᠠᠨᠤᠭ ᠵᠠᠩᠬᠢ ᠤᠨ ᠴᠠᠭᠠᠷᠢᠭ ᠳᠡᠭᠡᠷᠡᠬᠢ ᠠᠳᠠᠯᠢ ᠪᠤᠰᠤ ᠤᠷᠪᠠᠭᠤ ᠲᠠᠨᠤᠭ ᠤᠳ ᠤᠨ ᠶᠣᠰᠤᠭᠠᠷ ᠠᠳᠠᠯᠢ ᠪᠤᠰᠤ ᠰᠢᠪᠲᠤᠷᠲᠤ ᠬᠦᠴᠢᠯ ᠢ ᠵᠦᠭᠡᠭᠡᠨ ᠬᠦᠷᠭᠡᠳᠡᠭ᠃ t-RNA  ᠨᠢ ᠦᠨᠳᠦᠰᠦᠨ ᠳᠡᠭᠡᠨ ᠳᠠᠩ ᠬᠡᠯᠬᠢᠶ᠎ᠡ ᠪᠣᠯᠪᠠᠴᠤ᠂ ᠦᠷᠬᠦᠯᠵᠢ ᠨᠢᠭᠡ ᠬᠡᠰᠡᠭ ᠨᠢ ᠮᠣᠰᠭᠢᠷᠠᠨ ᠡᠪᠬᠡᠷᠡᠭᠡᠳ ᠬᠤᠶᠡᠷ ᠬᠡᠯᠬᠢᠶᠡᠲᠤ ᠡᠷᠭᠢᠭᠦᠯᠭᠡᠨ ᠪᠠᠶᠢᠳᠠᠯ ᠲᠠᠢ ᠪᠣᠯᠳᠠᠭ᠃ ᠪᠦᠬᠦᠶᠢᠯᠨ ᠮᠣᠯᠧᠺᠦ᠋ᠯ ᠨᠢ ᠭᠡᠷ ᠤᠨ ᠬᠤᠰᠢᠶᠠᠩᠭᠤᠷ ᠤᠨ ᠮᠠᠶ᠋ᠢᠭ ᠲᠠᠢ ᠪᠠᠶᠢᠵᠦ᠂ ᠲᠡᠭᠦᠨ ᠤ ︿ᠪᠠᠷᠢᠭᠤᠯ﹀ ᠤᠨ ᠬᠡᠰᠡᠭ ᠣᠷᠴᠢᠮ ᠳᠤᠨᠢ CCA ᠭᠤᠷᠪᠠᠨ ᠱᠦᠯᠲᠤ  ᠶᠢᠨ ᠪᠦᠯᠦᠭ ᠪᠠᠶᠢᠵᠦ᠂ ᠲᠡᠭᠦᠨ ᠲᠠᠢ ᠡᠰᠡᠷᠭᠦᠯᠡᠭᠰᠡᠨ  ᠪᠦᠮᠪᠦᠭᠡᠯᠢᠭ ᠬᠡᠯᠪᠡᠷᠢ ᠲᠠᠢ ᠨᠢᠭᠡ ᠦᠵᠦᠭᠦᠷ ᠢ ᠨᠢ ᠤᠷᠪᠠᠭᠤ ᠲᠠᠨᠤᠭ ᠤᠨ ᠴᠠᠭᠠᠷᠢᠭ ᠭᠡᠵᠦ᠂  ᠴᠠᠭᠠᠷᠢᠭ ᠳᠡᠭᠡᠷᠡᠬᠢ ᠭᠤᠷᠪᠠᠨ ᠱᠦᠯᠲᠤ ᠶᠢᠨ ᠪᠦᠯᠦᠭ ᠢ ᠨᠢ ᠤᠷᠪᠠᠭᠤ ᠲᠠᠨᠤᠭ ᠭᠡᠳᠡᠭ᠃      ︵3︶ r-RNA᠄ ᠪᠦᠭᠡᠮ ᠤᠨ ᠤᠭᠤᠷᠠᠭ ᠴᠣᠭᠴᠠ RNA ᠳᠠᠷᠤᠢ Ribosomal-RNA ᠶᠢᠨ ᠲᠣᠪᠴᠢᠯᠠᠭᠰᠠᠨ ᠨᠡᠷᠡᠶᠢᠳᠦᠯ᠃ ᠡᠨᠡ ᠪᠣᠯ ᠪᠦᠭᠡᠮ ᠤᠨ ᠤᠭᠤᠷᠠᠭ ᠴᠣᠭᠴᠠ ᠶᠢ ᠪᠦᠷᠢᠯᠳᠦᠭᠦᠯᠬᠦ ᠭᠤᠣᠯ ᠪᠦᠷᠢᠯᠳᠦᠭᠦᠨ ᠮᠦᠨ ᠪᠦᠭᠡᠳ ᠲᠡᠷᠨ ᠨᠢ  ᠪᠦᠭᠡᠮ ᠤᠨ ᠤᠭᠤᠷᠠᠭ ᠴᠣᠭᠴᠠ ᠳᠤ ᠤᠭᠤᠷᠠᠭ ᠨᠡᠶᠢᠯᠡᠭᠦᠯᠦᠨ ᠦᠢᠯᠡᠳᠬᠦ ᠬᠡᠪ ᠵᠠᠭᠪᠤᠷ ᠪᠣᠯᠤᠯᠲᠠᠢ᠃          ᠵᠢᠷᠭᠤᠭ᠎ᠠ᠂ ᠮᠣᠯᠧᠺᠦ᠋ᠯ ᠪᠣᠯᠣᠨ ᠠᠲ᠋ᠤᠮ     DNA ᠠᠮᠢᠳᠤ ᠪᠣᠳᠠᠰ ᠤᠨ ᠲᠣᠮᠤ ᠮᠣᠯᠧᠺᠦ᠋ᠯ ᠨᠢ ᠪᠠᠷᠤᠭ 108 ᠠᠴᠠ 1010 ᠠᠲ᠋ᠤᠮ ᠢᠶᠠᠷ ᠪᠦᠷᠢᠯᠳᠦᠵᠦ᠂ ᠶᠡᠭᠡ ᠪᠠᠭ᠎ᠠ ᠨᠢ ᠵᠦᠪᠬᠡᠨ 10-9 ᠮᠧᠲᠷ ᠯᠨ ᠪᠠᠶᠢᠳᠠᠭ᠃ DNA ᠶᠢᠨ ᠱᠦᠯᠲᠤ ᠶᠢᠨ ᠪᠦᠯᠦᠭ ᠤᠨ ᠪᠠᠶᠢᠷᠢᠰᠢᠯ ᠤᠨ ᠳᠡᠰ ᠳᠠᠷᠠᠭ᠎ᠠ ᠨᠢ ᠡᠴᠦᠰ ᠰᠡᠭᠦᠯ ᠳᠡᠭᠡᠨ ᠴᠦᠮ ᠲᠡᠭᠦᠨ ᠢ ᠪᠦᠷᠢᠯᠳᠦᠭᠦᠯᠦᠭᠰᠡᠨ ᠠᠲ᠋ᠤᠮ ᠤᠨ ᠨᠠᠷᠢᠨ ᠣᠨᠣᠪᠴᠢᠲᠠᠢ ᠪᠠᠶᠢᠷᠢᠰᠢᠯ ᠠᠴᠠ ᠲᠣᠭᠲᠠᠭᠠᠭᠳᠠᠳᠠᠭ᠃ ᠡᠨᠡ ᠨᠢ ᠮᠠᠨ ᠤ ᠭᠠᠵᠠᠷ ᠤᠨ ᠪᠦᠮᠪᠦᠷᠴᠡᠭ ᠳᠡᠭᠡᠷᠡᠬᠢ ᠨᠢᠭᠡᠨᠲᠡ ᠮᠡᠳᠡᠭᠰᠡᠨ ᠪᠠ ᠨᠡᠷᠡᠯᠡᠭᠰᠡᠨ ᠰᠠᠶ᠎ᠠ ᠠᠴᠠ ᠳᠡᠭᠡᠭᠰᠢᠬᠢ ᠳᠦᠷᠰᠤ ᠪᠠ ᠳᠦᠷᠰᠤ ᠶᠢᠨ ᠬᠤᠭᠤᠷᠣᠨᠳᠤ ᠵᠢᠴᠢ ᠪᠤᠳᠠᠭᠠᠯᠢ ᠪᠡᠶ᠎ᠡ ᠶᠢᠨ ᠬᠠᠷᠢᠯᠴᠠᠨ ᠢᠯᠭᠠᠭᠳᠠᠬᠤ ᠢᠮ ᠳᠡᠮᠳᠡᠭ  ᠢ ᠪᠣᠢ ᠪᠣᠯᠭᠠᠭᠰᠠᠨ ᠪᠠᠶᠢᠨ᠎ᠠ᠃ ᠲᠡᠷᠡᠴᠢᠯᠡᠨ ᠪᠣᠢ ᠪᠦᠬᠦᠢ ᠠᠮᠢ ᠨᠠᠰᠤ ᠪᠦᠬᠦᠢ ᠴᠣᠭᠴᠠᠰ ᠤᠨ ᠨᠢᠭᠡᠨ ᠪᠦᠷᠢᠨ ᠪᠦᠲᠦᠨ ᠬᠦᠮᠦᠨ᠂ ᠠᠮᠢᠲᠠᠨ  ᠤᠷᠭᠤᠮᠠᠯ᠂ ᠮᠢᠺᠷᠤᠪ ᠭᠡᠬᠦ ᠮᠡᠲᠤ ᠶᠢᠨ ᠪᠦᠲᠦᠴᠡ ᠶᠢᠨ ᠡᠷᠬᠡᠪᠡᠰᠢ ᠬᠡᠷᠡᠭᠰᠡᠬᠦ ᠪᠣᠢ ᠪᠦᠬᠦᠢ ᠬᠢᠮᠢ ᠶᠢᠨ ᠲᠠᠨᠤᠭ ᠪᠣᠶᠤ ᠡᠰᠡᠭᠦᠯ᠎ᠡ ᠡᠰ ᠤᠨ ᠦᠷᠡᠵᠢᠬᠦ ᠪᠠ ᠡᠰ ᠤᠨ ᠲᠣᠲᠤᠷᠠᠬᠢ ᠤᠭᠤᠷᠠᠭ ᠤᠨ ᠨᠡᠶᠢᠯᠡᠯᠭᠡ ᠶᠢ ᠬᠠᠨᠭ᠍ᠭᠠᠬᠤ ᠵᠢᠴᠢ ᠤᠳᠤᠮᠰᠢᠯ ᠤᠨ ᠲᠠᠨᠤᠭ ᠢ ᠲᠣᠭᠲᠠᠭᠠᠵᠦ ᠪᠠᠶᠢᠨ᠎ᠠ᠃ ᠡᠶᠢᠮᠦ ᠠᠴᠠ ᠠᠮᠢᠳᠤ ᠪᠣᠳᠠᠰ ᠪᠠ ᠠᠮᠢ ᠦᠭᠡᠢ ᠪᠣᠳᠠᠰ ᠤᠨ ᠬᠤᠭᠤᠷᠣᠨᠳᠤ ᠦᠨᠡᠨᠳᠡᠭᠡᠨ ᠲᠡᠶᠢᠮᠦ ᠲᠣᠳᠤᠷᠬᠠᠢ ᠵᠠᠭᠠᠭ ᠭᠡᠵᠦ ᠪᠠᠶᠢᠳᠠᠭ ᠦᠭᠡᠢ ᠶᠣᠮ᠃     ᠤᠳᠤᠮᠰᠢᠯ ᠤᠨ ᠮᠦᠨ ᠴᠢᠨᠠᠷ ᠨᠢ ᠳᠠᠷᠤᠢ ᠤᠳᠤᠮᠰᠢᠯ ᠤᠨ ᠪᠣᠳᠠᠰ ᠢ ᠳᠠᠬᠢᠨ ᠪᠦᠲᠦᠭᠡᠵᠦ ᠴᠢᠳᠠᠬᠤ ᠳᠤ ᠪᠣᠢ᠃ ᠡᠰ ᠤᠨ ᠦᠷᠡᠵᠢᠯ ᠤᠨ DNA ᠶᠢᠨ ᠨᠡᠶᠢᠯᠡᠯᠭᠡ ᠶᠢᠨ ᠬᠤᠭᠤᠴᠠᠭᠠᠨ ᠳᠤ ᠱᠦᠯᠲᠤ ᠶᠢᠨ ᠪᠦᠯᠦᠭ ᠤᠨ ᠬᠤᠣᠰ ᠤᠨ ᠬᠤᠭᠤᠷᠣᠨᠳᠤᠬᠢ ᠤᠰᠤᠲᠦᠷᠦᠭᠴᠢ ᠶᠢᠨ ᠠᠲ᠋ᠤᠮ ᠤᠨ ᠴᠦᠭᠴᠦᠷᠭᠡ ᠨᠢ ᠨᠡᠭᠡᠭᠡᠭᠳᠡᠭᠡᠳ᠂ DNA ᠶᠢᠨ ᠮᠣᠯᠧᠺᠦ᠋ᠯ ᠨᠢ ᠬᠤᠶᠡᠷ ᠪᠦᠭᠡᠮ ᠰᠢᠬᠢᠷ ᠤᠨ ᠬᠦᠴᠢᠯ ᠤᠨ ᠬᠡᠯᠬᠢᠶ᠎ᠡ ᠪᠣᠯᠣᠨ ᠰᠠᠯᠳᠠᠭ᠃ ᠪᠦᠭᠡᠮ ᠰᠢᠬᠢᠷ ᠤᠨ ᠬᠦᠴᠢᠯ ᠤᠨ ᠬᠡᠯᠬᠢᠶ᠎ᠡ ᠪᠦᠷᠢ ᠨᠢ ᠴᠦᠮ ᠦᠪᠡᠷ ᠤᠨ ᠡᠰ ᠤᠨ ᠳᠣᠲᠤᠷᠠᠬᠢ ᠪᠣᠳᠠᠰ ᠠᠴᠠ ᠲᠡᠭᠦᠨ ᠤ ᠨᠦᠭᠦᠭᠡ ᠬᠠᠭᠠᠰ ᠢᠶᠠᠨ ᠨᠦᠬᠦᠪᠦᠷᠢᠯᠡᠨ ᠭᠦᠢᠴᠡᠭᠡᠬᠦ ᠡᠳ᠋ ᠢ ᠡᠷᠢᠵᠦ ᠣᠯᠤᠭᠠᠳ ᠤᠤᠯ ᠤᠨ ᠨᠢᠭᠡ  DNA ᠶᠢᠨ ᠮᠣᠯᠧᠺᠦ᠋ᠯ ᠨᠢ ᠠᠪ ᠠᠳᠠᠯᠢᠬᠠᠨ ᠬᠤᠶᠡᠷ DNA ᠶᠢᠨ ᠮᠣᠯᠧᠺᠦ᠋ᠯ ᠪᠣᠯᠳᠠᠭ᠃ DNA ᠶᠢᠨ ᠤᠳᠤᠮᠰᠢᠯ ᠤᠨ ᠲᠠᠨᠤᠭ ᠨᠢ RNA ᠳᠤ ᠰᠢᠩᠭᠡᠭᠡᠭᠳᠡᠵᠦ ᠲᠡᠷᠡᠴᠢᠯᠡᠨ ᠣᠷᠴᠢᠭᠤᠯᠤᠭᠳᠠᠭᠠᠳ᠂ ᠡᠰ ᠢᠶᠠᠷ ᠳᠠᠮᠵᠢᠨ ᠳᠠᠷᠠᠭ᠎ᠠ ᠦᠶ᠎ᠡ ᠶᠢᠨ ᠰᠢᠨ᠎ᠡ ᠠᠮᠢ ᠨᠠᠰᠤᠨ ᠳᠤ ᠤᠯᠠᠮᠵᠢᠯᠠᠭᠳᠠᠳᠠᠭ᠃      ᠰᠠᠴᠤᠷᠠᠭ ᠨᠢ ᠴᠦᠮ  ᠠᠲ᠋ᠤᠮ ᠠᠴᠠ ᠪᠠᠭ᠎ᠠ ᠮᠦᠬᠦᠯᠢᠭ ᠤᠳ ᠪᠣᠯᠬᠤᠷ᠂ ᠠᠲ᠋ᠤᠮ ᠤᠨ ᠡᠯᠧᠺᠲᠷᠣᠨ ᠪᠣᠶᠤ ᠠᠲ᠋ᠤᠮ ᠤᠨ ᠴᠦᠮ᠎ᠡ ᠶᠢᠨ ᠮᠦᠬᠦᠯᠢᠭ ᠲᠠᠢ ᠰᠢᠭᠤᠳ ᠪᠣᠶᠤ ᠳᠠᠮ ᠢᠶᠠᠷ ᠬᠠᠷᠢᠯᠴᠠᠨ ᠦᠢᠯᠡᠴᠢᠯᠡᠬᠦ ᠪᠠᠷ ᠳᠠᠮᠵᠢᠨ᠂  DNA ᠮᠣᠯᠧᠺᠦ᠋ᠯ ᠤᠨ ᠱᠦᠯᠲᠤ ᠶᠢᠨ ᠪᠦᠯᠦᠭ ᠤᠨ ᠠᠲ᠋ᠤᠮ ᠤᠨ ᠪᠠᠶᠢᠷᠢᠰᠢᠯ ᠤᠨ ᠳᠡᠰ ᠳᠠᠷᠠᠭ᠎ᠠ ᠶᠢ ᠬᠤᠪᠢᠷᠠᠭᠤᠯᠤᠭᠠᠳ᠂ ᠡᠭᠦᠨ ᠤ ᠤᠯᠠᠮ ᠠᠴᠠ DNA ᠪᠣᠯᠣᠨ ᠡᠰ ᠤᠨ ᠪᠦᠲᠦᠴᠡ ᠶᠢ ᠬᠤᠪᠢᠷᠠᠭᠤᠯᠤᠭᠠᠳ᠂ ᠡᠰ ᠢ ᠭᠡᠮᠲᠦᠭᠡᠬᠦ᠂ ᠣᠨᠳᠣᠣᠰᠢᠭᠤᠯᠬᠤ᠂ ᠦᠬᠦᠭᠦᠯᠬᠦ ᠵᠡᠷᠭᠡ  ᠡᠯ᠎ᠡ ᠵᠦᠢᠯ ᠤᠨ ᠰᠠᠴᠤᠷᠠᠯ ᠤᠨ ᠦᠢᠰᠭᠡᠯ ᠢ ᠡᠲᠦᠬᠦ ᠪᠣᠯᠣᠨ᠎ᠠ᠃ ᠡᠨᠡ ᠪᠦᠬᠦᠨ ᠨᠢ ᠴᠦᠮ ᠨᠢᠭᠡ ᠮᠧᠲᠷ ᠤᠨ ᠰᠠᠶᠠᠨ ᠬᠤᠪᠢᠨ ᠤ ᠨᠢᠭᠡ ︵10-6 ︶ ᠪᠣᠶᠤ ᠲᠠᠷᠪᠤᠮ ᠬᠤᠪᠢ ᠶᠢᠨ ᠨᠢᠭᠡ ︵10-9︶ ᠪᠣᠯᠬᠤ ᠪᠢᠴᠢᠯ ᠣᠷᠣᠨ ᠵᠠᠢ ᠠᠴᠠ ᠡᠬᠢᠯᠡᠨ ᠡᠴᠤᠰ ᠲᠡᠭᠡᠨ ᠪᠦᠬᠦ ᠪᠡᠶ᠎ᠡ ᠶᠢ ᠨᠦᠯᠦᠭᠡᠯᠡᠬᠦ ᠪᠣᠶᠤ ᠴᠢᠨᠠᠭᠰᠢᠯᠠᠪᠠᠯ ᠦᠬᠦᠭᠦᠯᠵᠦ ᠮᠡᠳᠡᠳᠡᠭ᠃        ᠬᠤᠶᠠᠳᠤᠭᠠᠷ ᠬᠡᠰᠡᠭ   ᠰᠠᠴᠤᠷᠠᠯ ᠤᠨ ᠬᠦᠮᠦᠨ ᠤ ᠪᠡᠶ᠎ᠡ ᠳᠠᠬᠢ ᠦᠢᠰᠭᠡᠯ      ᠴᠠᠬᠢᠯᠭᠠᠨᠲᠠᠭᠤᠯᠬᠤ ᠰᠠᠴᠤᠷᠠᠯ ᠤᠨ ᠪᠣᠳᠠᠰ ᠲᠠᠢ ᠦᠢᠯᠡᠴᠢᠯᠡᠭᠡᠳ ᠡᠲᠦᠬᠦ ᠡᠯ᠎ᠡ ᠵᠦᠢᠯ ᠤᠨ ᠬᠤᠪᠢᠷᠠᠯᠲᠠ ᠶᠢ ᠰᠠᠴᠤᠷᠠᠯ ᠤᠨ ᠦᠢᠰᠭᠡᠯ ︵Radiation Effect︶ ᠭᠡᠳᠡᠭ᠃  ᠬᠡᠷᠪᠡ ᠲᠡᠷᠨ ᠨᠢ ᠣᠷᠭᠠᠨᠢᠭ ᠪᠡᠶ᠎ᠡ ᠶᠢᠨ ᠨᠡᠬᠡᠳᠡᠰᠤ ᠡᠰ ᠪᠣᠯᠣᠨ ᠠᠮᠢ ᠨᠠᠰᠤᠨ ᠤ ᠡᠯ᠎ᠡ ᠰᠢᠰᠲ᠋ᠧᠮ ᠤᠨ ᠬᠤᠭᠤᠷᠣᠨᠳᠤᠬᠢ ᠴᠢᠳᠠᠪᠤᠷᠢ᠂ ᠵᠣᠬᠢᠴᠠᠭᠤᠯᠭ᠎ᠠ ᠪᠣᠯᠣᠨ ᠰᠣᠯᠢᠯᠴᠠᠭ᠎ᠠ ᠳᠤ ᠬᠤᠪᠢᠷᠠᠯᠲᠠ ᠭᠠᠷᠭᠠᠭᠰᠠᠨ ᠪᠣᠯ ᠬᠠᠷᠢᠨ ᠰᠠᠴᠤᠷᠠᠯ ᠤᠨ ᠠᠮᠢᠳᠤ ᠪᠣᠳᠠᠰ ᠤᠨ ᠦᠢᠰᠭᠡᠯ ︵Biological Effect of Ionizing Radiation︶ ᠭᠡᠨ᠎ᠡ᠃ ᠰᠠᠴᠤᠷᠠᠯ ᠤᠨ ᠬᠦᠮᠦᠨ ᠤ ᠪᠡᠶ᠎ᠡ ᠳᠤ ᠡᠲᠦᠬᠦ ᠡᠯ᠎ᠡ ᠵᠦᠢᠯ ᠤᠨ ᠠᠳᠠᠯᠢ ᠪᠤᠰᠤ ᠬᠡᠮᠵᠢᠶᠡᠨ ᠤ ᠬᠤᠣᠷ ᠬᠦᠨᠦᠭᠡᠯᠲᠤ ᠦᠢᠰᠭᠡᠯ ᠢ ᠰᠠᠴᠤᠷᠠᠯ ᠤᠨ ᠭᠡᠮᠲᠦᠯ ︵Radiation Injuries ᠪᠣᠶᠤ Radiation Injury ᠡᠰᠡᠭᠦᠯ᠎ᠡ Radiation Damage ᠪᠠᠰᠠ Injury︶ ᠭᠡᠳᠡᠭ᠃ ᠲᠡᠷᠨ ᠨᠢ ᠰᠠᠴᠤᠷᠠᠯ ᠤᠨ ᠡᠨᠧᠷᠬᠢ ᠬᠦᠮᠦᠨ ᠤ ᠪᠡᠶ᠎ᠡ ᠳᠤ ᠰᠢᠯᠵᠢᠨ ᠲᠤᠨᠤᠭᠰᠠᠨ ᠠᠴᠠ ᠪᠣᠯᠤᠭᠰᠠᠨ ᠪᠦᠭᠡᠳ ᠲᠦᠢᠯ ᠤᠨ ᠨᠠᠷᠢᠨ ᠪᠣᠳᠤᠯᠢᠶᠠᠨᠲᠠᠢ  ᠬᠠᠷᠢᠯᠴᠠᠨ‌ᠦᠢᠯᠡᠴᠢᠯᠡᠬᠦ ᠶᠠᠪᠤᠴᠠ ᠶᠢ ᠦᠡᠭᠭᠡᠷᠡᠭᠡᠳᠡᠭ᠃ ᠶᠡᠭᠡ ᠲᠦᠯᠦᠪ ᠪᠡᠶ᠎ᠡ ᠶᠢᠨ ᠠᠲ᠋ᠤᠮ ᠢ ᠳᠡᠪᠬᠡᠷᠡᠭᠦᠯᠬᠦ ᠪᠣᠶᠤ ᠴᠠᠬᠢᠯᠭᠠᠨᠲᠠᠭᠤᠯᠬᠤ ᠠᠴᠠ ᠡᠬᠢᠯᠡᠨ᠂ ᠡᠭᠦᠨ ᠤ ᠤᠯᠠᠮ ᠠᠴᠠ ᠠᠮᠢᠳᠤ ᠪᠣᠳᠠᠰ ᠤᠨ ᠲᠣᠮᠤ ᠮᠣᠯᠧᠺᠦ᠋ᠯ ᠤᠨ ᠪᠦᠲᠦᠴᠡ ᠶᠢ ᠬᠤᠪᠢᠷᠠᠭᠤᠯᠤᠭᠠᠳ᠂ ᠡᠴᠦᠰ ᠲᠡᠭᠡᠨ ᠡᠰ ᠢ ᠣᠨᠳᠣᠣᠰᠢᠭᠤᠯᠬᠤ ᠪᠣᠶᠤ ᠦᠬᠦᠭᠦᠯᠳᠡᠭ᠃ ᠡᠰ ᠤᠨ ᠡᠨᠡ ᠬᠤᠶᠡᠷ ᠵᠦᠢᠯ ᠤᠨ ᠦᠷ᠎ᠡ ᠳ᠋ᠦᠡᠭ ᠨᠢ ᠡᠷᠬᠡᠲᠡᠨ ᠨᠡᠬᠡᠳᠡᠰᠤ ᠵᠢᠴᠢ ᠬᠦᠮᠦᠨ ᠤ ᠪᠡᠶ᠎ᠡ ᠳᠤ ᠲᠡᠰ ᠦᠭᠡᠷ᠎ᠡ ᠤᠷᠲᠤ ᠬᠤᠭᠤᠴᠠᠭᠠᠨ ᠤ ᠨᠦᠯᠦᠭᠡ ᠭᠠᠷᠭᠠᠳᠠᠭ ᠃ ᠲᠡᠷᠨ ᠨᠢ ᠪᠣᠳᠠᠭᠠᠯᠢ ᠪᠡᠶ᠎ᠡ ᠳᠡᠭᠡᠷ᠎ᠡ ᠪᠣᠯ ᠰᠠᠴᠤᠷᠠᠯ ᠤᠨ ᠭᠡᠮᠲᠦᠯ ᠪᠠ ᠦᠮᠡᠨ ᠵᠡᠷᠭᠡ ᠮᠠᠬᠠᠪᠣᠳ ᠤᠨ ᠦᠢᠰᠭᠡᠯ ᠪᠣᠯᠣᠨ ᠢᠯᠡᠷᠡᠵᠦ᠂ ᠲᠡᠳᠡᠨ ᠤ ᠬᠤᠶᠢᠴᠢ ᠦᠶ᠎ᠡ ᠳᠤ ᠪᠣᠯ ᠬᠠᠷᠢᠨ ᠤᠳᠤᠮᠰᠢᠯ ᠤᠨ ᠦᠢᠰᠭᠡᠯ ᠪᠣᠯᠣᠨ ᠢᠯᠡᠷᠡᠳᠡᠭ᠃          ᠨᠢᠭᠡ᠂ ᠰᠠᠴᠤᠷᠠᠯ ᠤᠨ ᠭᠡᠮᠲᠦᠯ        ᠬᠦᠮᠦᠨ ᠲᠦᠷᠦᠯᠬᠢᠲᠡᠨ ᠪᠠᠷᠤᠭ ᠯᠨ ᠴᠠᠬᠢᠯᠭᠠᠨᠲᠠᠭᠤᠯᠬᠤ ᠰᠠᠴᠤᠷᠠᠯ ᠢ ᠢᠯᠡᠷᠡᠭᠦᠯᠬᠦ ᠶᠢᠨ ᠬᠠᠮᠲᠤ ᠰᠠᠴᠤᠷᠠᠯ ᠤᠨ ᠬᠦᠮᠦᠨ ᠤ ᠪᠡᠶ᠎ᠡ ᠳᠠᠬᠢ ᠬᠤᠣᠷ ᠬᠦᠨᠦᠭᠡᠯᠲᠤ ᠦᠢᠰᠭᠡᠯ ᠢ ᠴᠤ ᠣᠯᠵᠦ ᠮᠡᠳᠡᠭᠰᠡᠨ ᠪᠦᠭᠡᠳ ᠡᠭᠦᠨ ᠤ ᠲᠤᠯᠠᠲᠠ ᠪᠠᠰᠨ ᠯᠤᠲᠤ ᠶᠡᠭᠡ ᠦᠨ᠎ᠡ ᠦᠷᠳᠡᠭ ᠭᠠᠷᠭᠠᠭᠰᠠᠨ ᠪᠢᠯᠨ᠃ ᠦᠨᠦᠳᠦᠷ ᠤᠨ ᠮᠠᠨ ᠤ ᠬᠡᠷᠡᠭᠯᠡᠵᠦ ᠪᠠᠶᠢᠭ᠎ᠠ ᠬᠦᠮᠦᠨ ᠤ ᠪᠡᠶ᠎ᠡ ᠶᠢᠨ ᠰᠠᠴᠤᠷᠠᠯ ᠤᠨ ᠦᠢᠰᠭᠡᠯ ᠤᠨ ᠮᠠᠲ᠋ᠧᠷᠢᠶᠠᠯ ᠤᠳ ᠨᠢ ᠭᠤᠣᠯᠳᠠᠭᠤ ᠰᠠᠴᠤᠷᠠᠭ ᠪᠣᠯᠣᠨ ᠰᠠᠴᠤᠷᠠᠭᠲᠤ ᠪᠣᠳᠠᠰ ᠤᠨ ᠰᠢᠨᠵᠢᠯᠡᠬᠦ ᠤᠬᠠᠭᠠᠨᠲᠠᠳ᠂ ᠰᠠᠴᠤᠷᠠᠭ ᠤᠨ ᠮᠡᠷᠭᠡᠵᠢᠯᠲᠡᠨ ᠪᠣᠯᠣᠨ ᠡᠮᠴᠢ ᠨᠠᠷ᠂ χ ᠰᠠᠴᠤᠷᠠᠭ ᠪᠠ ᠲᠣᠷᠢ ᠪᠠᠷ ᠵᠢᠷᠤᠭ ᠲᠣᠳᠤᠷᠠᠭᠤᠯᠬᠤ ᠵᠢᠴᠢ ᠷᠠᠳᠢ ᠪᠠᠷ ᠡᠪᠡᠳᠴᠢᠨ ᠣᠨᠣᠰᠢᠯᠠᠭᠤᠯᠵᠦ ᠵᠠᠰᠠᠭᠤᠯᠤᠭᠴᠢᠳ᠂ ᠰᠦᠨᠢ ᠭᠡᠷᠡᠯᠲᠦᠬᠦ ᠴᠠᠭ ᠬᠡᠮᠵᠢᠭᠦᠷᠯᠢᠭ ᠤᠨ ᠬᠡᠷᠴᠢᠶᠡᠯᠡᠰᠦ ᠶᠢ ᠷᠠᠳᠢ ᠪᠠᠷ ᠵᠢᠷᠤᠭᠰᠠᠳ᠂ ᠦᠷᠠᠨ ᠤ ᠠᠭᠤᠷᠬᠠᠢ ᠶᠢᠨ ᠠᠵᠢᠯᠴᠢᠳ ᠂ ᠴᠦᠮ᠎ᠡ ᠶᠢᠨ ᠠᠵᠦ ᠦᠢᠯᠡᠳᠪᠦᠷᠢ ᠶᠢᠨ ᠠᠵᠢᠯᠲᠠᠳ᠂ ᠶᠠᠫᠤᠨ ᠤ ᠠᠲ᠋ᠤᠮ ᠤᠨ ᠪᠦᠮᠪᠦᠭᠡ ᠶᠢᠨ ᠬᠦᠨᠦᠭᠡᠯ ᠠᠴᠠ ᠵᠣᠯ ᠢᠶᠠᠷ ᠦᠯᠡᠳᠡᠭᠰᠡᠳ ᠵᠢᠴᠢ ᠰᠠᠴᠤᠷᠠᠯ ᠤᠨ ᠦᠮᠡᠨ ᠤ ᠶᠡᠭᠡ ᠬᠡᠮᠵᠢᠶᠡᠨ ᠤ ᠠᠮᠢᠲᠠᠨ ᠤ ᠲᠤᠷᠰᠢᠯᠲᠠ ᠵᠡᠷᠭᠡ ᠶᠢ ᠨᠢᠭᠲᠠᠯᠠᠨ ᠰᠤᠳᠤᠯᠬᠤ ᠪᠠᠷ ᠳᠠᠮᠵᠢᠨ ᠣᠯᠤᠭᠰᠠᠨ ᠶᠣᠮ᠃      1. ᠮᠣᠯᠧᠺᠦ᠋ᠯ ᠤᠨ ᠭᠡᠮᠲᠦᠯ     ᠠᠮᠢᠳᠤ ᠪᠣᠳᠠᠰ ᠤᠨ ᠮᠣᠯᠧᠺᠦ᠋ᠯ ᠳᠤ ᠰᠠᠴᠤᠷᠠᠯ ᠤᠨ ᠭᠠᠷᠭᠠᠬᠤ ᠭᠡᠮᠲᠦᠯ ᠨᠢ ᠰᠢᠭᠤᠳ ᠦᠢᠯᠡᠴᠢᠯᠡᠯ ᠪᠣᠯᠣᠨ ᠳᠠᠮ ᠦᠢᠯᠡᠴᠢᠯᠡᠯ ᠢᠶᠠᠷ ᠡᠭᠦᠰᠳᠡᠭ ᠪᠦᠭᠡᠳ ᠬᠦᠮᠦᠨ ᠤ ᠪᠡᠶ᠎ᠡ ᠰᠠᠴᠤᠷᠠᠭ ᠲᠤ ᠲᠤᠰᠬᠠᠭᠳᠠᠬᠤ ᠦᠶᠡᠰ ᠲᠤ ᠡᠨᠡᠬᠦ ᠬᠤᠶᠡᠷ ᠵᠦᠢᠯ ᠤᠨ ᠦᠢᠯᠡᠴᠢᠯᠡᠯ ᠨᠢ ᠶᠡᠷᠤᠨᠢ ᠴᠤᠭᠭᠠᠷ ᠶᠠᠪᠤᠭᠳᠠᠳᠠᠭ ᠶᠣᠮ᠃        ︵1︶ ᠰᠢᠭᠤᠳ ᠦᠢᠯᠡᠴᠢᠯᠡᠯ     ᠴᠠᠬᠢᠯᠭᠠᠨᠲᠠᠭᠤᠯᠬᠤ ᠰᠠᠴᠤᠷᠠᠯ ᠤᠨ ᠡᠨᠧᠷᠬᠢ ᠠᠮᠢᠳᠤ ᠪᠣᠳᠠᠰ ᠤᠨ ᠴᠢᠬᠤᠯᠨ ᠮᠣᠯᠧᠺᠦ᠋ᠯ ᠪᠣᠯᠬᠤ DNA ᠨᠤᠭᠤᠳ ᠲᠤ ᠰᠢᠭᠤᠳ ᠲᠤᠨᠤᠭᠠᠳ ᠲᠡᠳᠡᠨ ᠤ ᠬᠡᠯᠬᠢᠶ᠎ᠡ ᠶᠢ ᠨᠢ ᠲᠠᠰᠤᠯᠤᠭᠠᠳ ᠨᠢᠭᠡᠨ ᠳᠠᠷᠠᠮ᠎ᠠ ᠹᠢᠽᠢᠺ ᠪᠣᠯᠣᠨ ᠬᠢᠮᠢ ᠶᠢᠨ ᠬᠤᠪᠢᠷᠠᠯᠲᠠ ᠶᠢ ᠡᠲᠦᠳᠡᠭ ᠢ ᠨᠢ ᠰᠢᠭᠤᠳ ᠦᠢᠯᠡᠴᠢᠯᠡᠯ ︵Direct Effect︶ ᠭᠡᠳᠡᠭ᠃ ᠶᠡᠭᠡ ᠲᠦᠯᠦᠪ ᠵᠦᠪᠬᠡᠨ 10-16 ᠰᠧᠺᠦ᠋ᠨ᠋ᠲ ᠤᠨ ᠬᠤᠷᠤᠮᠬᠠᠨ ᠳᠤ᠂ ᠰᠠᠴᠤᠷᠠᠯ ᠤᠨ ᠮᠦᠬᠦᠯᠢᠭ ᠨᠢ ᠠᠲ᠋ᠤᠮ ᠲᠠᠢ  ᠦᠢᠯᠡᠴᠢᠯᠡᠨ ᠡᠨᠧᠷᠬᠢ ᠪᠠᠨ ᠲᠡᠭᠦᠨ  ᠳᠤ ᠰᠢᠯᠵᠢᠭᠦᠯᠦᠭᠡᠳ ᠠᠲ᠋ᠤᠮ ᠢ ᠴᠠᠬᠢᠯᠭᠠᠨᠲᠠᠭᠤᠯᠬᠤ ᠪᠤᠶᠤ ᠳᠡᠪᠬᠡᠷᠡᠭᠦᠯᠦᠨ᠎ᠡ᠃ ᠬᠡᠷᠪᠡ ᠳᠣᠩᠰᠢᠯ ᠡᠯᠧᠺᠲᠷᠤᠨ ᠤ ᠬᠦᠷᠲᠡᠭᠰᠡᠨ ᠡᠨᠧᠷᠬᠢ ᠨᠢ ᠭᠦᠢᠴᠡᠳ ᠶᠡᠭᠡ ᠪᠣᠯ ᠲᠡᠷᠨ ᠨᠢ ᠪᠠᠰᠨ ᠪᠤᠰᠤᠳ  ᠲᠦᠰᠦᠷ ᠠᠲ᠋ᠤᠮ ᠪᠤᠶᠤ ᠮᠣᠯᠧᠺᠦ᠋ᠯ ᠤᠳ ᠢ ᠵᠠᠯᠭᠠᠯᠳᠤᠭ᠎ᠠ ᠪᠠᠷ ᠳᠡᠪᠬᠡᠷᠡᠭᠦᠯᠬᠦ ᠪᠤᠶᠤ ᠴᠠᠬᠢᠯᠭᠠᠨᠲᠠᠭᠤᠯᠤᠭᠠᠳ᠂ ᠡᠭᠦᠨ ᠤ ᠤᠯᠠᠮ ᠠᠴᠠ ᠶᠡᠭᠡ ᠬᠡᠮᠵᠢᠶᠡᠨ ᠤ ᠳᠣᠩᠰᠢᠯ ᠤᠨ ᠬᠤᠣᠰ ᠢ ᠪᠣᠢ ᠪᠣᠯᠭᠠᠳᠠᠭ᠃ ᠰᠢᠭᠤᠳ ᠦᠢᠯᠡᠴᠢᠯᠡᠯ ᠳᠤ ᠰᠠᠴᠤᠷᠠᠯ ᠤᠨ ᠡᠨᠧᠷᠬᠢ ᠶᠢᠨ ᠬᠠᠭᠠᠰ ᠲᠦᠯᠦᠪ ᠨᠢ ᠬᠦᠮᠦᠨ ᠤ ᠪᠡᠶ᠎ᠡ ᠶᠢᠨ ᠠᠲ᠋ᠤᠮ ᠪᠤᠶᠤ ᠮᠣᠯᠧᠺᠦ᠋ᠯ ᠢ ᠳᠡᠪᠬᠡᠷᠡᠭᠦᠯᠬᠦ ᠳᠤ ᠬᠡᠷᠡᠭᠯᠡᠳᠡᠭ᠃ ᠳᠡᠪᠬᠡᠷᠡᠭᠦᠯᠬᠦ ᠨᠢ ᠪᠠᠰᠨ ᠬᠦᠮᠦᠨ ᠤ ᠪᠡᠶ᠎ᠡ ᠶᠢᠨ ᠭᠡᠮᠲᠦᠯ ᠢ ᠡᠲᠦᠳᠡᠭ ᠪᠣᠯᠪᠠᠴᠤ᠂ ᠴᠠᠬᠢᠯᠭᠠᠨᠲᠠᠭᠤᠯᠬᠤ  ᠠᠴᠠ ᠬᠦᠡᠭᠭᠡᠬᠡᠨ ᠪᠠᠶᠢᠳᠠᠭ᠃ ᠬᠡᠷᠪᠡ ᠳᠡᠪᠬᠡᠷᠡᠭᠦᠯᠬᠦ ᠡᠨᠧᠷᠬᠢ ᠨᠢ ᠮᠣᠯᠧᠺᠦ᠋ᠯ ᠤᠨ ᠴᠠᠬᠢᠯᠭᠠᠨᠲᠠᠬᠤ ᠪᠠᠶᠢᠷᠢ ᠠᠴᠠ ᠦᠨᠳᠦᠷ ᠪᠣᠯ ᠮᠣᠯᠧᠺᠦ᠋ᠯ ᠨᠢ ᠴᠠᠬᠢᠯᠭᠠᠨᠲᠠᠵᠦ᠂ ᠬᠡᠷᠪᠡ ᠳᠡᠪᠬᠡᠷᠡᠭᠦᠯᠬᠦ ᠡᠨᠧᠷᠬᠢ ᠨᠢ ᠴᠦᠭᠴᠦᠷᠭᠡ ᠶᠢᠨ ᠡᠨᠧᠷᠬᠢ ᠠᠴᠠ ᠦᠨᠳᠦᠷ ᠪᠣᠯ ᠮᠣᠯᠧᠺᠦ᠋ᠯ ᠤᠨ ᠳᠣᠲᠤᠷᠠᠬᠢ ᠬᠢᠮᠢ ᠶᠢᠨ ᠴᠦᠭᠴᠦᠷᠭᠡ ᠶᠢ ᠬᠤᠭᠤᠯᠳᠠᠭ᠃ ᠬᠡᠷᠪᠡ ᠳᠡᠪᠬᠡᠷᠡᠭᠦᠯᠬᠦ ᠡᠨᠧᠷᠬᠢ ᠨᠢ ᠠᠲ᠋ᠤᠮ ᠤᠨ ᠨᠡᠶᠢᠯᠡᠯᠲᠡ ᠶᠢᠨ ᠡᠨᠧᠷᠬᠢ ᠠᠴᠠ ᠦᠨᠳᠦᠷ ᠪᠣᠯ ᠪᠠᠰᠨ ᠮᠣᠯᠧᠺᠦ᠋ᠯ ᠤᠨ ᠪᠦᠲᠦᠴᠡ ᠶᠢ ᠡᠪᠳᠡᠬᠦ ᠪᠣᠶᠤ ᠬᠢᠮᠢ ᠶᠢᠨ ᠴᠦᠭᠴᠦᠷᠭᠡ  ᠶᠢ ᠨᠢ ᠬᠤᠭᠤᠯᠤᠨ᠂ ᠪᠠᠷᠢᠯᠳᠤᠯ ᠢ ᠨᠢ ᠵᠠᠳᠠᠷᠠᠭᠤᠯᠵᠦ᠂ ᠨᠠᠭᠠᠯᠳᠤᠴᠠ ᠶᠢ ᠨᠢ ᠪᠠᠭᠤᠷᠠᠭᠤᠯᠬᠤ ᠪᠤᠶᠤ ᠠᠮᠢᠳᠤ ᠴᠢᠨᠠᠷ ᠢ ᠨᠢ ᠠᠯᠳᠠᠭᠤᠯᠬᠤ ᠵᠡᠷᠭᠡ ᠠᠯᠢ ᠣᠯᠠᠨ ᠬᠤᠪᠢᠷᠠᠯᠲᠠ ᠶᠢ ᠡᠲᠦᠳᠡᠭ᠃ DNA ᠪᠣᠯ ᠰᠠᠴᠤᠷᠠᠭ ᠤᠨ ᠰᠢᠭᠤᠳ ᠦᠢᠯᠡᠴᠢᠯᠡᠯ ᠤᠨ ᠲᠡᠷᠢᠭᠦᠨ ᠴᠢᠬᠤᠯᠨ ᠫᠠᠢ ᠨᠢ ᠪᠦᠭᠡᠳ ᠶᠡᠷᠦᠳᠡᠭᠡᠨ ᠲᠡᠭᠦᠨ ᠤ ᠳᠠᠩ ᠠᠷᠠᠯ ᠪᠣᠶᠤ ᠡᠰᠡᠭᠦᠯ᠎ᠡ ᠬᠤᠶᠡᠷ ᠠᠷᠠᠯ ᠢ ᠨᠢ ᠬᠤᠭᠤᠯᠳᠠᠭ᠃      1.︶  ᠳᠠᠩ ᠠᠷᠠᠯ ᠨᠢ ᠬᠤᠭᠤᠷᠠᠬᠤ    ᠰᠠᠴᠤᠷᠠᠯ ᠤᠨ ᠡᠨᠧᠷᠬᠢ ᠨᠢ ᠪᠠᠷᠤᠭ ᠬᠡᠳᠦᠨ ᠠᠷᠪᠠᠨ ᠡᠯᠧᠺᠲᠷᠣᠨ ᠸᠤᠯᠲ ︵eV︶ ᠪᠠᠶᠢᠪᠠᠯ DNA ᠶᠢᠨ ᠳᠠᠩ ᠠᠷᠠᠯ ᠳᠡᠭᠡᠷᠡᠬᠢ ᠴᠦᠭᠴᠦᠷᠭᠡ ᠠᠲ᠋ᠤᠮ ᠢ ᠨᠢ ᠮᠣᠯᠲᠤᠯᠵᠦ ᠴᠢᠳᠠᠳᠠᠭ ᠲᠤᠯᠠᠳᠠ ᠳᠠᠩ ᠠᠷᠠᠯ ᠨᠢ ᠳᠠᠷᠤᠢ ᠬᠤᠭᠤᠷᠠᠴᠢᠳᠠᠭ᠃ ᠳᠠᠩ ᠠᠷᠠᠯ ᠬᠤᠭᠤᠷᠠᠬᠤ ᠨᠢ ᠶᠡᠷᠤ ᠶᠢᠨ ᠪᠠᠶᠢᠳᠠᠯ ᠳᠤ ᠬᠠᠮᠤᠭ ᠠᠴᠠ ᠠᠮᠠᠷᠬᠠᠨ ᠡᠭᠦᠰᠳᠡᠭ ᠨᠢᠭᠡᠨ ᠵᠦᠢᠯ ᠤᠨ ᠭᠡᠮᠲᠦᠯ ᠪᠣᠯᠪᠠᠴᠤ᠂ DNA ᠨᠢ ᠨᠦᠭᠦᠭᠡ ᠠᠷᠠᠯ ᠠᠴᠠ ᠪᠠᠨ ᠲᠠᠰᠤᠷᠠᠭᠰᠠᠨ ᠬᠡᠰᠡᠭ ᠤᠨ ᠶᠠᠩᠵᠦ ᠶᠢ ᠠᠪᠴᠢᠷᠠᠭᠠᠳ ᠲᠡᠭᠦᠨ ᠢ ᠲᠠᠭᠤᠷᠢᠶᠠᠨ ᠲᠦᠳᠡᠯ ᠦᠭᠡᠢ ᠰᠡᠯᠪᠢᠨ ᠵᠠᠯᠭᠠᠴᠢᠳᠠᠭ ᠪᠣᠯᠬᠤᠷ ᠵᠣᠩᠬᠢᠯᠠᠬᠤ ᠳᠠᠩ ᠠᠷᠠᠯ ᠬᠤᠭᠤᠷᠠᠬᠤ ᠨᠢ ᠬᠠᠷᠢᠨ ᠨᠢᠭᠡ ᠵᠦᠢᠯ ᠤᠨ ᠦᠬᠦᠭᠦᠯᠬᠦ ᠴᠢᠨᠠᠷᠲᠠᠢ ᠭᠡᠮᠲᠦᠯ ᠭᠠᠷᠭᠠᠳᠠᠭ ᠦᠭᠡᠢ ᠪᠢᠯᠨ᠃        2.︶ ᠬᠤᠶᠡᠷ ᠠᠷᠠᠯ ᠨᠢ ᠬᠤᠭᠤᠷᠠᠬᠤ     ᠣᠯᠠᠩᠬᠢ ᠳᠠᠭᠠᠨ ᠰᠠᠴᠤᠷᠠᠯ ᠤᠨ ᠨᠢᠭᠡ ᠮᠦᠬᠦᠯᠢᠭ ᠨᠢ DNA ᠶᠢᠨ ᠬᠤᠶᠡᠷ ᠠᠷᠠᠯ ᠢ ᠴᠤᠭᠭᠠᠷ ᠬᠤᠭᠤᠯᠳᠠᠭ᠃ ᠪᠠᠰᠨ ᠬᠤᠶᠡᠷ ᠮᠦᠬᠦᠯᠢᠭ ᠲᠤ ᠬᠠᠮᠲᠤᠪᠠᠷ ᠣᠨᠤᠭᠳᠠᠭᠠᠳ ᠬᠤᠭᠤᠷᠠᠬᠤ ᠶᠠᠪᠤᠳᠠᠯ ᠴᠤ ᠭᠠᠷᠳᠠᠭ ᠪᠣᠯᠪᠠᠴᠤ ᠪᠣᠯᠤᠯᠴᠠᠭ᠎ᠠ ᠨᠢ ᠬᠠᠷᠢᠨ ᠮᠠᠰᠢ ᠴᠦᠬᠡᠨ ᠪᠠᠶᠢᠳᠠᠭ᠃ ᠡᠶᠢᠮᠦᠷᠬᠦ ᠪᠠᠶᠢᠳᠠᠯ ᠳᠤ ᠭᠠᠭᠴᠠ ᠬᠦ᠋‍ ᠨᠢᠭᠡ ᠠᠷᠠᠯ  ᠨᠢ ᠳᠠᠬᠢᠨ ᠵᠠᠯᠭᠠᠭᠳᠠᠵᠦ ᠠᠮᠵᠢᠬᠤ ᠠᠴᠠ ᠡᠮᠦᠨ᠎ᠡ ᠨᠦᠭᠦᠭᠡ ᠠᠷᠠᠯ ᠨᠢ ᠬᠤᠭᠤᠷᠠᠮᠠᠨᠵᠢᠨ ᠰᠠᠶ᠋ᠢ DNA ᠶᠢᠨ ᠮᠣᠯᠧᠺᠦ᠋ᠯ ᠨᠢ ᠬᠦᠴᠦᠨ ᠪᠦᠬᠦᠢ ᠭᠡᠮᠲᠦᠳᠡᠭ᠃ ᠡᠰᠨ ᠲᠡᠶᠢᠮᠦ ᠪᠣᠯ ᠠᠮᠢᠳᠤ ᠪᠣᠳᠠᠰ ᠤᠨ ᠦᠢᠰᠭᠡᠯ ᠢ ᠡᠲᠦᠵᠦ ᠴᠢᠳᠠᠳᠠᠭ ᠦᠭᠡᠢ᠃ ᠬᠤᠶᠡᠷ ᠠᠷᠠᠯ ᠨᠢ ᠬᠤᠭᠤᠷᠠᠬᠤ ᠨᠢ DNA ᠶᠢᠨ ᠮᠣᠯᠧᠺᠦ᠋ᠯ ᠤᠨ ᠪᠦᠲᠦᠴᠡ ᠪᠠ ᠤᠳᠤᠮᠰᠢᠯ ᠤᠨ ᠪᠦᠷᠢᠨ ᠪᠦᠲᠦᠨ ᠳᠤ ᠬᠦᠨᠳᠤ ᠨᠣᠴᠢᠲᠠᠢ ᠭᠡᠮᠲᠦᠯ ᠢ ᠪᠣᠢ ᠪᠣᠯᠭᠠᠬᠤ ᠲᠤᠯᠠᠲᠠ᠂ ᠡᠨᠡ ᠨᠢ ᠡᠰ ᠤᠨ ᠦᠬᠦᠬᠦ ᠭᠤᠣᠯ ᠰᠢᠯᠲᠠᠭᠠᠨ ᠪᠣᠯᠣᠨ᠎ᠠ᠃ DNA  ᠶᠢᠨ ᠬᠤᠶᠡᠷ ᠠᠷᠠᠯ ᠢ ᠬᠤᠭᠤᠯᠬᠤ ᠳᠤ ᠬᠡᠷᠡᠭᠰᠡᠬᠦ ᠰᠠᠴᠤᠷᠠᠯ ᠤᠨ ᠡᠨᠧᠷᠬᠢ ᠨᠢ ᠳᠠᠩ ᠠᠷᠠᠯ ᠢ ᠨᠢ ᠬᠤᠭᠤᠯᠬᠤ ᠳᠤ ᠬᠡᠷᠡᠭᠰᠡᠬᠦ ᠡᠨᠧᠷᠬᠢ ᠠᠴᠠ ᠬᠤᠯᠨ ᠶᠡᠭᠡ ᠪᠠᠶᠢᠵᠦ᠂ ᠠᠳᠠᠯᠢ ᠬᠤᠮᠵᠢᠮ ᠤᠨ ᠲᠤᠰᠬᠠᠯᠲᠠ ᠳᠤ ᠬᠤᠭᠤᠷᠠᠬᠤ ᠨᠣᠷᠮ᠎ᠠ ᠨᠢ ᠵᠦᠪᠬᠡᠨ ᠳᠠᠩ ᠠᠷᠠᠯ ᠤᠨ 1/15~1/20 ᠯᠨ ᠪᠠᠶᠢᠳᠠᠭ᠃ ᠡᠭᠦᠨ ᠠᠴᠠ ᠭᠠᠳᠠᠨ᠎ᠠ ᠪᠠᠰᠨ DNA ᠶᠢᠨ ᠬᠤᠭᠤᠷᠠᠭᠰᠠᠨ ᠠᠷᠠᠯ ᠤᠨ ᠵᠠᠯᠭᠠᠯᠲᠠ ᠶᠢᠨ ᠵᠦᠷᠢᠬᠦ᠂ ᠳᠠᠪᠬᠤᠴᠠᠬᠤ᠂ ᠰᠣᠯᠪᠢᠯᠴᠠᠬᠤ᠂ ᠳᠤᠲᠠᠭᠳᠠᠬᠤ ᠵᠡᠷᠭᠡ  ᠪᠠᠶᠢᠷᠢᠯᠠᠯ ᠤᠨ ᠬᠤᠪᠢᠷᠠᠯᠲᠠ ᠨᠢ ᠲᠡᠭᠦᠨ ᠤ ᠲᠠᠨᠤᠭ ᠤᠨ ᠵᠦᠪ ᠣᠨᠣᠪᠴᠢᠲᠠᠢ ᠪᠠᠶᠢᠬᠤ ᠶᠢ ᠨᠦᠯᠦᠭᠡᠯᠡᠨ᠂ ᠡᠰ ᠤᠨ ᠣᠣᠨᠳᠣᠰᠢᠯ ᠤᠨ ᠭᠤᠣᠯ ᠰᠢᠯᠲᠠᠭᠠᠨ ᠪᠣᠯᠳᠠᠭ᠃        ︵2︶ ᠳᠠᠮ ᠦᠢᠯᠡᠴᠢᠯᠡᠯ     ᠴᠠᠬᠢᠯᠭᠠᠨᠲᠠᠭᠤᠯᠬᠤ ᠰᠠᠴᠤᠷᠠᠯ ᠤᠨ ᠡᠨᠧᠷᠬᠢ ᠨᠢ ᠴᠢᠬᠤᠯᠨ ᠪᠣᠯᠬᠤ ᠠᠮᠢᠳᠤ ᠪᠣᠳᠠᠰ ᠤᠨ ᠮᠣᠯᠧᠺᠦ᠋ᠯ ᠤᠨ ᠡᠷᠭᠢᠨ ᠲᠣᠭᠤᠷᠢᠨ ᠤ ᠪᠤᠰᠤᠳ ᠪᠦᠷᠢᠯᠳᠦᠭᠦᠨ ᠳᠡᠭᠡᠷ᠎ᠡ ᠲᠤᠨᠤᠭᠠᠳ᠂ ᠲᠡᠳᠡᠨ ᠠᠴᠠ ᠡᠭᠦᠰᠦᠭᠰᠡᠨ ᠤᠷᠪᠠᠯ ᠤᠨ ᠪᠦᠲᠦᠭᠡᠭᠳᠡᠬᠦᠨ ᠨᠢ ᠳᠠᠬᠢᠨ ᠠᠮᠢᠳᠤ ᠪᠣᠳᠠᠰ ᠤᠨ ᠲᠤᠮᠤ ᠮᠣᠯᠧᠺᠦ᠋ᠯ ᠲᠠᠢ ᠦᠢᠯᠡᠴᠢᠯᠡᠭᠡᠳ ᠲᠡᠭᠦᠨ ᠢ ᠭᠡᠮᠲᠦᠭᠡᠬᠦ  ᠶᠢ ᠳᠠᠮ ᠦᠢᠯᠡᠴᠢᠯᠡᠯ ︵Indirect Effect︶ ᠭᠡᠳᠡᠭ᠃ ᠬᠦᠮᠦᠨ ᠤ ᠪᠡᠶ᠎ᠡ ᠪᠣᠯᠣᠨ ᠨᠡᠬᠡᠳᠡᠰᠤ ᠵᠢᠴᠢ ᠡᠰ ᠪᠣᠯ ᠭᠤᠣᠯᠳᠠᠭᠤ ᠤᠰᠤ ᠪᠠᠷ ᠪᠦᠷᠢᠯᠳᠦᠭᠰᠡᠨ ᠪᠣᠯᠬᠤᠷ ᠂ ᠲᠡᠷᠨ ᠨᠢ ᠰᠠᠴᠤᠷᠠᠯ ᠤᠨ ᠳᠠᠮ ᠦᠢᠯᠡᠴᠢᠯᠡᠯ ᠡᠭᠦᠰᠭᠡᠬᠦ ᠭᠤᠣᠯ ᠪᠣᠳᠠᠰ ᠶᠣᠮ᠃ ᠤᠰᠤᠨ ᠠᠴᠠ ᠭᠠᠷᠤᠭᠰᠠᠨ ᠬᠤᠣᠷᠠᠲᠤ ᠪᠣᠳᠠᠰ ᠢᠡᠭᠭᠢᠵᠦ ᠡᠰ ᠤᠨ ᠪᠦᠲᠦᠴᠡ ᠪᠣᠯᠣᠨ ᠦᠢᠯᠡᠳᠦᠯ ᠢ ᠬᠤᠪᠢᠷᠠᠭᠤᠯᠤᠭᠠᠳ ᠡᠴᠦᠰ ᠲᠡᠭᠡᠨ ᠰᠠᠴᠤᠷᠠᠭ ᠤᠨ ᠡᠪᠡᠳᠴᠢᠨ᠂ ᠴᠠᠭᠠᠨ ᠴᠡᠴᠡᠭᠡᠢ ᠪᠣᠶᠤ ᠨᠡᠯᠢᠶᠡᠳ ᠤᠷᠲᠤ ᠬᠤᠭᠤᠴᠠᠭᠠᠨ ᠤ ᠳᠠᠷᠠᠭ᠎ᠠ ᠦᠮᠡᠨ ᠪᠣᠯᠣᠨ ᠢᠯᠡᠷᠡᠳᠡᠭ᠃ ᠡᠶᠢᠮᠦᠷᠬᠦ ᠰᠠᠴᠤᠷᠠᠯ ᠤᠨ ᠭᠡᠮᠲᠦᠯ ᠪᠣᠯ ᠮᠠᠰᠢ ᠨᠠᠷᠢᠨ ᠪᠣᠳᠤᠯᠢᠶᠠᠨᠲᠠᠢ ᠪᠠᠶᠢᠵᠦ᠂ ᠶᠡᠷᠦᠳᠡᠭᠡᠨ ᠲᠡᠷᠨ ᠨᠢ ᠳᠦᠷᠪᠡᠨ ᠱᠠᠲᠤ ᠦᠶ᠎ᠡ ᠶᠢ ᠦᠡᠭᠭᠡᠷᠡᠭᠡᠳᠡᠭ᠃      1︶ ᠬᠠᠮᠤᠭ ᠠᠩᠬᠠᠨ ᠤ ᠹᠢᠽᠢᠺ ᠤᠨ ᠱᠠᠲᠤ ᠦᠶ᠎ᠡ      ᠶᠡᠭᠡ ᠲᠦᠯᠦᠪ ᠵᠦᠪᠬᠡᠨ 10-16 ᠰᠧᠺᠦ᠋ᠨ᠋ᠲ ᠤᠨ ᠬᠤᠷᠤᠮᠬᠠᠨ ᠳᠤ ᠰᠠᠴᠤᠷᠠᠯ ᠤᠨ ᠡᠨᠧᠷᠬᠢ ᠨᠢ ᠤᠰᠤᠨ ᠤ ᠮᠣᠯᠧᠺᠦ᠋ᠯ H2O ᠳᠤ ᠰᠢᠯᠵᠢᠭᠡᠳ ᠲᠡᠭᠦᠨ ᠤ ᠠᠲ᠋ᠤᠮ ᠢ ᠴᠠᠬᠢᠯᠭᠠᠨᠲᠠᠭᠤᠯᠤᠨ ᠠᠷᠭ᠎ᠠ ᠳᠣᠩᠰᠢᠯ H2O+ ᠪᠣᠯᠣᠨ ᠪᠢᠯᠢᠭ ᠳᠣᠩᠰᠢᠯ  e-  ᠤᠨ ᠬᠤᠣᠰ ᠪᠣᠯᠭᠠᠭᠠᠳ ᠲᠡᠷᠡᠴᠢᠯᠡᠨ ᠪᠣᠳᠤᠭᠲᠠᠮᠠᠬᠠᠢ ᠪᠡᠶ᠎ᠡ ᠳᠤ ᠬᠤᠣᠷ ᠲᠠᠢ ᠨᠢᠭᠡᠨ ᠵᠦᠢᠯ ᠤᠨ ᠬᠢᠮᠢ ᠶᠢᠨ ᠡᠳ᠋ ᠢ ᠪᠣᠢ ᠪᠣᠯᠭᠠᠳᠠᠭ᠃ ᠪᠣᠳᠤᠭᠲᠠᠮᠠᠬᠠᠢ ᠪᠡᠶ᠎ᠡ ᠶᠢᠨ ᠭᠡᠮᠲᠦᠯ ᠨᠢ ᠡᠰ ᠤᠨ ᠪᠦᠲᠦᠴᠡ ᠪᠣᠯᠣᠨ ᠴᠢᠳᠠᠪᠤᠷᠢ ᠳᠤ ᠬᠤᠪᠢᠷᠠᠯᠲᠠ ᠭᠠᠷᠭᠠᠳᠠᠭ᠃        2︶ ᠹᠢᠽᠢᠺ — ᠬᠢᠮᠢ ᠶᠢᠨ ᠱᠠᠲᠤ ᠦᠶ᠎ᠡ      ᠶᠡᠭᠡ ᠲᠦᠯᠦᠪ 10-12 ᠰᠧᠺᠦ᠋ᠨ᠋ᠲ ᠤᠨ ᠹᠢᠽᠢᠺ ᠬᠢᠮᠢ ᠶᠢᠨ ᠶᠠᠪᠤᠴᠠ ᠳᠤ ᠳᠣᠩᠰᠢᠯ ᠤᠳ ᠨᠢ ᠤᠰᠤᠨ ᠤ ᠪᠤᠰᠤᠳ ᠮᠣᠯᠧᠺᠦ᠋ᠯ ᠤᠳ ᠲᠠᠢ ᠬᠠᠷᠢᠯᠴᠠᠨ ᠦᠢᠯᠡᠴᠢᠯᠡᠭᠡᠳ ᠨᠢᠭᠡ ᠪᠦᠯᠦᠭ ᠰᠢᠨ᠎ᠡ ᠪᠦᠲᠦᠭᠡᠭᠳᠡᠭᠦᠨ ᠵᠢᠱᠢᠶᠡᠯᠡᠪᠡᠯ ᠠᠷᠭ᠎ᠠ ᠳᠣᠩᠰᠢᠯ H2O+ ᠨᠢ ᠵᠠᠳᠠᠷᠠᠭᠠᠳ H+ ᠪᠣᠯᠣᠨ OH  ᠪᠣᠯᠵᠦ᠂ OH ᠪᠣᠯᠣᠨ OH ᠨᠢ ᠤᠷᠪᠠᠯᠳᠤᠭᠠᠳ ᠬᠡᠳᠤ ᠢᠰᠦᠯᠲᠤ ᠤᠰᠤᠲᠦᠷᠦᠭᠴᠢ H2O2 ᠪᠣᠯᠤᠨ᠎ᠠ᠃ ᠪᠢᠯᠢᠭ ᠳᠣᠩᠰᠢᠯ ᠨᠢ ᠬᠠᠷᠢᠨ ᠤᠰᠤᠨ ᠤ ᠮᠡᠨᠢᠰ ᠮᠣᠯᠧᠺᠦ᠋ᠯ H2O  ᠲᠠᠢ ᠨᠠᠭᠠᠯᠳᠤᠨ ᠪᠠᠷᠢᠯᠳᠤᠭᠠᠳ ᠲᠡᠭᠦᠨ ᠢ H2O- ᠪᠣᠯᠭᠠᠨ᠎ᠠ᠃ H2O- ᠨᠢ ᠬᠠᠷᠢᠨ ᠤᠯᠠᠮ ᠨᠢᠭᠡ ᠠᠯᠬᠤᠮ ᠵᠠᠳᠠᠷᠠᠭᠠᠳ H ᠪᠣᠯᠣᠨOH- ᠵᠡᠷᠭᠡ ᠪᠣᠯᠳᠠᠭ᠃ ᠤᠷᠪᠠᠯ ᠤᠨ ᠪᠦᠲᠦᠭᠡᠭᠳᠡᠬᠦᠨ H+᠂ OH-᠂ H ᠪᠣᠯᠣᠨ OH ᠳᠦᠷᠪᠡ ᠶᠢᠨ ᠡᠮᠦᠨᠡᠬᠢ ᠬᠤᠶᠡᠷ ᠳᠣᠩᠰᠢᠯ ᠨᠢ ᠡᠩ ᠤᠨ ᠤᠰᠤᠨ ᠳᠣᠲᠤᠷ᠎ᠠ ᠴᠤ ᠠᠷᠪᠢᠨ ᠪᠠᠶᠢᠳᠠᠭ ᠪᠣᠯᠬᠤᠷ ᠵᠠᠯᠭᠠᠭᠠᠳ ᠤᠷᠪᠠᠯ ᠭᠠᠷᠭᠠᠳᠠᠭ ᠦᠭᠡᠢ᠃ ᠬᠠᠷᠢᠨ H ᠪᠣᠯᠣᠨ OH ᠶᠢ ᠪᠣᠯ ᠴᠢᠯᠦᠭᠡᠲᠤ ᠪᠦᠯᠦᠭ ︵Free Radicals︶ ᠭᠡᠳᠡᠭ ᠪᠦᠭᠡᠳ ᠲᠡᠳᠡᠭᠡᠷ ᠨᠢ ᠪᠦᠷ ᠰᠤᠨᠳᠤᠭᠤᠢ ᠡᠯᠧᠺᠲᠷᠤᠨ ᠲᠠᠢ ᠪᠣᠯᠬᠤᠷ᠂ ᠬᠢᠮᠢ ᠶᠢᠨ ᠲᠠᠯ᠎ᠠ ᠪᠠᠷ ᠶᠡᠭᠡ ᠢᠳᠡᠪᠬᠢᠵᠢᠯ ᠲᠠᠢ ᠪᠠᠶᠢᠳᠠᠭ᠃ ᠳᠠᠷᠠᠭ᠎ᠠ ᠨᠢ ᠪᠠᠷᠤᠭ 10-6 ᠰᠧᠺᠦ᠋ᠨ᠋ᠲ ᠪᠣᠶᠤ ᠨᠡᠩ ᠣᠬᠤᠷ ᠬᠤᠭᠤᠴᠠᠭᠠᠨ ᠳᠤ ᠳᠠᠬᠢᠨ ᠨᠡᠶᠢᠯᠡᠬᠦ ᠪᠣᠶᠤ ᠪᠦᠲᠦᠴᠡ ᠪᠠᠨ ᠬᠤᠪᠢᠷᠠᠭᠤᠯᠬᠤ᠂ ᠡᠰᠡᠭᠦᠯ᠎ᠡ ᠡᠨᠧᠷᠬᠢ ᠪᠠᠨ ᠣᠨᠳᠣᠣ ᠨᠢᠭᠡᠨ ᠮᠣᠯᠧᠺᠦ᠋ᠯ ᠳᠤ ᠤᠯᠠᠮᠵᠢᠯᠠᠨ ᠦᠭᠬᠦ ᠵᠡᠷᠭᠡ ᠠᠷᠭ᠎ᠠ ᠮᠠᠶ᠋ᠢᠭ ᠢᠶᠠᠷ ᠳᠠᠮᠵᠢᠨ ᠲᠣᠭᠲᠠᠪᠤᠷᠢᠲᠤ ᠮᠣᠯᠧᠺᠦ᠋ᠯ ᠪᠣᠯᠳᠠᠭ ᠪᠠᠶᠢᠨ᠎ᠠ᠃      3︶ ᠬᠢᠮᠢ ᠶᠢᠨ ᠱᠠᠲᠤ ᠦᠶ᠎ᠡ     ᠡᠳᠡᠭᠡᠷ ᠴᠢᠯᠦᠭᠡᠲᠤ ᠪᠦᠯᠦᠭ ᠪᠣᠯᠣᠨ ᠬᠡᠳᠤ ᠢᠰᠦᠯᠲᠤ ᠤᠰᠤᠲᠦᠷᠦᠭᠴᠢ ᠵᠡᠷᠭᠡ ᠪᠣᠯ ᠪᠣᠲᠤᠭᠲᠠᠮᠠᠬᠠᠢ ᠪᠡᠶᠡᠲᠤ ᠳᠤ ᠬᠤᠣᠷ ᠲᠠᠢ ᠨᠢᠭᠡᠨ ᠵᠦᠢᠯ ᠤᠨ ᠬᠢᠮᠢ ᠶᠢᠨ ᠪᠣᠳᠠᠰ ᠪᠦᠭᠡᠳ DNA ᠵᠡᠷᠭᠡ ᠠᠮᠢᠳᠤ ᠪᠣᠳᠠᠰ ᠤᠨ ᠴᠢᠬᠤᠯᠨ ᠲᠣᠮᠤ ᠮᠣᠯᠧᠺᠦ᠋ᠯ ᠳᠡᠭᠡᠷ᠎ᠡ ᠨᠠᠭᠠᠯᠳᠤᠨ ᠪᠠᠷᠢᠯᠳᠤᠭᠠᠳ᠂ ᠤᠤᠯ ᠤᠨ ᠣᠷᠣᠨ ᠠᠴᠠ ᠪᠠᠨ ᠦᠳᠲᠡᠷ ᠲᠦᠷᠭᠡᠨ ᠢᠶᠠᠷ ᠲᠠᠷᠬᠠᠭᠠᠳ᠂ ᠬᠡᠳᠦᠨ ᠰᠧᠺᠦ᠋ᠨ᠋ᠲ ᠤᠨ ᠳᠣᠲᠤᠷ᠎ᠠ ᠮᠣᠯᠧᠺᠦ᠋ᠯ ᠤᠨ ᠬᠡᠯᠬᠢᠶᠡᠨ ᠤ ᠴᠦᠭᠴᠦᠷᠭᠡ ᠶᠢ ᠨᠢ ᠡᠪᠳᠡᠭᠡᠳ ᠲᠡᠭᠦᠨ ᠤ ᠪᠦᠲᠦᠴᠡ ᠪᠣᠯᠣᠨ ᠴᠢᠳᠠᠪᠤᠷᠢ ᠶᠢ ᠭᠡᠮᠳᠦᠭᠦᠯᠵᠦ᠂ ᠵᠠᠯᠭᠠᠭᠠᠳ ᠪᠠᠰᠨ ᠪᠣᠲᠤᠭᠲᠠᠮᠠᠬᠠᠢ ᠪᠡᠶᠡᠲᠤ ᠶᠢᠨ ᠪᠦᠲᠦᠴᠡ ᠶᠢ ᠴᠤ ᠡᠪᠳᠡᠯᠵᠦ ᠮᠡᠳᠡᠳᠡᠭ᠃ ᠪᠠᠰᠨ ᠤᠭᠤᠷᠠᠭ ᠤᠨ ᠰᠢᠪᠲᠤᠷᠲᠤ ᠪᠦᠯᠦᠭ ᠢ ᠨᠢ ᠠᠩᠬᠢᠵᠢᠷᠠᠭᠤᠯᠬᠤ ᠪᠣᠶᠤ ᠤᠰᠤᠲᠦᠷᠦᠭᠴᠢ ᠶᠢ ᠨᠢ ᠠᠯᠳᠠᠭᠤᠯᠵᠦ᠂ ᠤᠰᠤᠨ ᠮᠣᠯᠧᠺᠦ᠋ᠯ ᠤᠨ ᠴᠦᠭᠴᠦᠷᠭᠡ ᠶᠢ ᠨᠢ ᠬᠤᠭᠤᠯᠬᠤ ᠵᠢᠴᠢ ᠪᠡᠶ᠎ᠡ ᠮᠠᠬᠠᠪᠤᠳ ᠤᠨ ᠵᠠᠷᠢᠮ ᠤᠷᠭᠠᠨᠢᠭ ᠪᠤᠰᠤ ᠡᠯᠧᠮᠧᠨ᠋ᠲ ᠤᠳ ᠢ ᠢᠰᠦᠯᠳᠦᠭᠦᠯᠦᠭᠡᠳ᠂ ᠠᠮᠢᠳᠤ ᠪᠣᠳᠠᠰ ᠲᠤ ᠬᠤᠣᠷᠲᠤ ᠦᠢᠯᠡᠳᠦᠯ ᠲᠠᠢ ᠨᠡᠶᠢᠯᠡᠮᠡᠯ ᠪᠣᠳᠠᠰ ᠢ ᠪᠣᠢ ᠪᠣᠯᠭᠠᠬᠤ ᠵᠡᠷᠭᠡ ᠠᠯᠢ ᠣᠯᠠᠨ ᠬᠢᠮᠢ ᠶᠢᠨ ᠬᠤᠪᠢᠷᠠᠯᠲᠠ ᠡᠭᠦᠰᠭᠡᠳᠡᠭ᠃          4︶ ᠠᠮᠢᠳᠤ ᠪᠣᠳᠠᠰ ᠤᠨ ᠱᠠᠲᠤ ᠦᠶ᠎ᠡ      ᠴᠠᠭ ᠬᠤᠭᠤᠴᠠᠭ᠎ᠠ ᠨᠢ ᠬᠡᠳᠦᠨ ᠠᠷᠪᠠᠨ ᠮᠢᠨᠦ᠋ᠲ ᠠᠴᠠ ᠬᠡᠳᠦᠨ ᠠᠷᠪᠠᠨ ᠵᠢᠯ ᠤᠨ ᠬᠤᠭᠤᠷᠣᠨᠲᠤ ᠪᠠᠶᠢᠵᠦ᠂ ᠡᠨᠡ ᠨᠢ ᠭᠤᠣᠯᠳᠠᠭᠤ ᠣᠨᠴᠤᠭᠤᠢ ᠡᠪᠡᠳᠴᠢᠨ ᠭᠡᠮᠳᠦᠯ ᠤᠨ  ᠢᠯᠡᠷᠡᠯ ᠠᠴᠠ ᠨᠢ ᠲᠣᠭᠲᠠᠭᠠᠭᠳᠠᠳᠠᠭ᠃ ᠮᠣᠯᠧᠺᠦ᠋ᠯ ᠳᠠᠬᠢ ᠰᠠᠴᠤᠷᠠᠯ ᠤᠨ ᠳᠠᠮ ᠦᠢᠯᠡᠴᠢᠯᠡᠯ ᠨᠢ ᠭᠤᠣᠯᠳᠠᠭᠤ ᠡᠶᠢᠮᠦᠷᠬᠦ ᠠᠯᠢ ᠣᠯᠠᠨ ᠬᠢᠮᠢ ᠶᠢᠨ ᠤᠷᠪᠠᠯ ᠠᠴᠠ ᠡᠭᠦᠰᠦᠭᠰᠡᠨ ᠪᠦᠭᠡᠳ ᠬᠢᠮᠢ ᠶᠢᠨ ᠡᠳᠡᠭᠡᠷ ᠬᠤᠪᠢᠷᠠᠯᠲᠠ ᠨᠢ ᠣᠯᠠᠨ ᠠᠷᠭ᠎ᠠ ᠮᠠᠶ᠋ᠢᠭ ᠢᠶᠠᠷ ᠳᠠᠩ ᠡᠰ ᠢ ᠨᠦᠯᠦᠭᠡᠯᠡᠵᠦ᠂ ᠨᠢᠭᠡ ᠪᠣᠯ ᠡᠰ ᠢ ᠦᠬᠦᠭᠦᠯᠦᠨ᠂ ᠨᠢᠭᠡ ᠪᠣᠯ ᠡᠰ ᠤᠨ ᠬᠤᠪᠢᠶᠠᠭᠳᠠᠬᠤ ᠶᠢ ᠵᠣᠭᠰᠤᠭᠠᠬᠤ ᠪᠣᠶᠤ ᠬᠤᠶᠢᠰᠢᠯᠠᠭᠤᠯᠵᠦ᠂ ᠡᠰᠡᠪᠡᠯ ᠡᠰ ᠢ ᠦᠨᠢᠳᠡ  ᠣᠨᠳᠣᠰᠢᠭᠤᠯᠤᠨ ᠦᠷᠡᠵᠢᠭᠦᠯᠳᠡᠭ ᠪᠠᠶᠢᠨ᠎ᠠ᠃       2.  ᠭᠧᠨ ᠤ ᠴᠣᠴᠢᠮᠠᠭ ᠬᠤᠪᠢᠷᠠᠯᠲᠠ      ᠬᠡᠷᠪᠡ ᠬᠤᠭᠤᠷᠠᠭᠰᠠᠨ DNA ᠶᠢ ᠰᠡᠯᠪᠢᠨ ᠵᠠᠰᠠᠬᠤ ᠶᠠᠪᠤᠴᠠ ᠳᠤ ᠶᠠᠮᠠᠷ ᠨᠢᠭᠡᠨ ᠠᠨᠳᠤᠭᠤ ᠲᠠᠰᠢᠶ᠎ᠠ ᠭᠠᠷᠬᠤ ᠪᠣᠶᠤ ᠡᠰᠡᠭᠦᠯ᠎ᠡ ᠴᠦᠬᠡᠨ ᠨᠢᠭᠡ ᠬᠡᠰᠡᠭ ᠨᠢ ᠰᠡᠯᠪᠢᠨ ᠰᠡᠷᠭᠦᠭᠡᠬᠦ ᠶᠢᠨ ᠠᠷᠭ᠎ᠠ ᠦᠭᠡᠢ ᠪᠣᠯᠤᠭᠰᠠᠨ ᠪᠠᠶᠢᠳᠠᠯ ᠳᠣᠣᠷ᠎ᠠ᠂ ᠭᠧᠨ ᠤ ᠴᠣᠴᠢᠮᠠᠭ ᠬᠤᠪᠢᠷᠠᠯᠲᠠ ᠪᠣᠯᠣᠨ ᠪᠣᠲᠤᠭᠲᠠᠮᠠᠬᠠᠢ ᠪᠡᠶᠡᠲᠤ ᠶᠢᠨ ᠴᠣᠴᠢᠮᠠᠭ ᠬᠤᠪᠢᠷᠠᠯᠲᠠ ᠭᠠᠷᠳᠠᠭ᠃    DNA ᠮᠣᠯᠧᠺᠦ᠋ᠯ ᠤᠨ ᠳᠣᠲᠦᠷᠠᠬᠢ ᠠᠯᠢ ᠨᠢᠭᠡᠨ ᠲᠤᠭᠲᠠᠭᠰᠠᠨ ᠭᠧᠨ ᠤ ᠱᠦᠯᠲᠤ ᠶᠢᠨ ᠪᠦᠯᠦᠭ ᠤᠨ ᠬᠤᠣᠰ ᠤᠨ ᠪᠦᠷᠢᠯᠳᠦᠭᠦᠨ ᠪᠣᠶᠤ ᠵᠢᠭᠰᠠᠯ ᠤᠨ ᠳᠡᠰ ᠳᠠᠷᠠᠭ᠎ᠠ ᠳᠠᠷᠤᠢ ᠤᠳᠤᠮᠰᠢᠯ ᠤᠨ ᠲᠠᠨᠤᠭ ᠨᠢ ᠦᠭᠡᠷᠡᠴᠢᠯᠡᠭᠳᠡᠭᠡᠳ᠂ ᠡᠭᠦᠨ ᠤ ᠤᠯᠠᠮ ᠠᠴᠠ ᠭᠧᠨ ᠤ ᠪᠦᠲᠦᠴᠡ ᠨᠢ ᠣᠨᠳᠣᠣᠰᠢᠳᠠᠭ ᠢ ᠭᠧᠨ ᠤ ᠴᠣᠴᠢᠮᠠᠭ ᠬᠤᠪᠢᠷᠠᠯᠲᠠ ︵Gene Mutation︶ ᠭᠡᠳᠡᠭ᠃ ᠤᠳᠤᠮᠰᠢᠯ ᠤᠨ ᠲᠠᠨᠤᠭ ᠤᠨ ᠪᠦᠲᠦᠴᠨ ᠶᠢᠨ ᠬᠤᠪᠢᠷᠠᠯᠲᠠ ᠨᠢ ᠳᠠᠷᠤᠢ ᠱᠦᠯᠲᠤ ᠶᠢᠨ ᠪᠦᠯᠦᠭ ‍ᠣᠨ‌ᠤᠭ ᠤᠨ ᠫᠦᠷᠢᠨ᠂ ᠫᠢᠷᠢᠮᠢᠳᠢᠨ ᠨᠢ ᠣᠨᠳᠣᠣ ᠨᠢᠭᠡᠨ ᠵᠦᠢᠯ ᠤᠨ ᠫᠦᠷᠢᠨ᠂ ᠫᠢᠷᠢᠮᠢᠳᠢᠨ ᠳᠤ ᠣᠷᠤᠯᠠᠭᠳᠠᠬᠤ ᠪᠣᠶᠤ ᠡᠰᠡᠭᠦᠯ᠎ᠡ ᠨᠢᠭᠡ ᠪᠣᠶᠤ ᠨᠢᠭᠡ ᠪᠦᠯᠦᠭ ᠫᠦᠷᠢᠨ᠂ ᠫᠢᠷᠢᠮᠢᠳᠢᠨ ᠨᠡᠮᠡᠭᠳᠡᠬᠦ ᠪᠣᠶᠤ ᠬᠠᠰᠤᠭᠳᠠᠨ᠂ ᠡᠭᠦᠨ ᠠᠴᠠ ᠪᠣᠯᠵᠦ RNA ᠪᠤᠷᠤᠭᠤ ᠰᠢᠩᠭᠡᠭᠡᠬᠦ ᠪᠠ ᠣᠷᠴᠢᠭᠤᠯᠬᠤ ᠪᠠᠷ ᠳᠠᠮᠵᠢᠨ᠂ ᠶᠡᠷᠤ ᠪᠣᠰᠤ ᠶᠢᠨ ᠭᠧᠨ ᠪᠣᠯᠳᠠᠭ᠃ ᠭᠧᠨ ᠤ ᠭᠡᠨᠡᠳᠲᠡ  ᠶᠢᠨ ᠬᠤᠪᠢᠷᠠᠯᠲᠠ ᠨᠢ ᠬᠠᠪᠤᠳᠠᠷ ᠪᠠ ᠤᠳᠤᠮᠰᠢᠯ ᠤᠨ ᠦᠢᠰᠭᠡᠯ ᠢ ᠡᠲᠦᠳᠡᠭ᠃ ᠭᠡᠪᠡᠴᠤ ᠠᠮᠢᠳᠤ ᠪᠣᠳᠠᠰ ᠤᠨ ᠪᠡᠶᠡᠨ ᠳᠤ DNA ᠶᠢ ᠵᠠᠰᠠᠨ ᠰᠡᠷᠭᠦᠭᠡᠬᠦ ᠡᠯ᠎ᠡ ᠵᠦᠢᠯ ᠤᠨ ᠰᠢᠰᠲ᠋ᠧᠮ ᠪᠠᠶᠢᠵᠦ᠂ DNA ᠶᠢᠨ ᠮᠣᠯᠧᠺᠦ᠋ᠯ ᠤᠨ ᠭᠡᠮᠲᠦᠯ ᠢ ᠵᠠᠯᠠᠷᠠᠭᠤᠯᠤᠨ ᠰᠡᠯᠪᠢᠨ ᠵᠠᠰᠠᠳᠠᠭ ᠲᠤᠯᠠᠲᠠ᠂ ᠴᠣᠴᠢᠮᠠᠭ ᠬᠤᠪᠢᠷᠠᠯᠲᠠ ᠡᠭᠦᠰᠬᠦ ᠶᠢ ᠶᠡᠬᠡᠪᠡᠷ ᠪᠠᠭᠤᠷᠠᠭᠤᠯᠤᠭᠰᠠᠨ ᠪᠠᠶᠢᠨ᠎ᠠ᠃ ᠡᠶᠢᠮᠦ ᠠᠴᠠ ᠪᠠᠶᠢᠭᠠᠯᠢ ᠶᠢᠨ ᠨᠦᠭᠦᠴᠡᠯ ᠳᠣᠣᠷ᠎ᠠ ᠦᠪᠡᠷᠲᠡᠭᠡᠨ ᠴᠣᠴᠢᠮᠠᠭ ᠬᠤᠪᠢᠷᠠᠬᠤ ᠨᠣᠷᠮ᠎ᠠ ᠨᠢ ᠶᠡᠷᠤᠳᠡᠭᠡᠨ ᠳᠣᠩ ᠳᠣᠣᠷ᠎ᠠ ᠪᠠᠶᠢᠵᠦ᠂ ᠭᠠᠭᠴᠠ ᠬᠦ ᠡᠯ᠎ᠡ ᠵᠦᠢᠯ ᠤᠨ ᠰᠠᠴᠤᠷᠠᠭ ᠤᠨ ᠬᠦᠴᠦᠲᠠᠢ ᠦᠢᠯᠡᠴᠢᠯᠡᠯ ᠳᠣᠣᠷ᠎ᠠ ᠴᠣᠴᠢᠮᠠᠭ ᠬᠤᠪᠢᠷᠠᠮᠵᠢ ᠨᠢ ᠰᠠᠶ᠋ᠢ ᠨᠡᠮᠡᠭᠳᠡᠳᠡᠭ᠃ ᠨᠢᠭᠡᠨᠲᠡ ᠴᠣᠴᠢᠮᠠᠭ ᠬᠤᠪᠢᠷᠠᠴᠢᠭᠰᠠᠨ ᠭᠧᠨ ᠪᠣᠯ ᠮᠠᠰᠢ ᠲᠣᠭᠲᠠᠪᠤᠷᠢᠲᠠᠢ ᠪᠠᠶᠢᠵᠦ᠂ ᠲᠡᠷᠡᠴᠢᠯᠡᠨ ᠰᠡᠯᠪᠢᠨ ᠰᠡᠷᠭᠦᠭᠡᠵᠦ ᠪᠣᠯᠬᠤ ᠦᠭᠡᠢ ᠪᠠᠶᠢᠳᠠᠭ᠃       3. ᠪᠣᠲᠤᠭᠲᠠᠮᠠᠬᠠᠢ ᠪᠡᠶᠡᠲᠤ ᠶᠢᠨ ᠭᠠᠵᠢᠯᠲᠠ       DNAᠮᠣᠯᠧᠺᠦ᠋ᠯ ᠤᠨ ᠰᠢᠭᠤᠳ ᠪᠣᠶᠤ ᠳᠠᠮ ᠭᠡᠮᠲᠦᠯ ᠨᠢ ᠭᠧᠨ ᠢ ᠴᠣᠴᠢᠮᠠᠭ ᠬᠤᠪᠢᠷᠠᠭᠤᠯᠤᠭᠠᠳ ᠡᠭᠦᠨ ᠤ ᠤᠯᠠᠮ ᠠᠴᠠ ᠪᠣᠲᠤᠭᠲᠠᠮᠠᠬᠠᠢ ᠪᠡᠶᠡᠲᠤ ᠶᠢᠨ ᠪᠦᠲᠦᠴᠡ ᠨᠢ ᠡᠷᠡᠮᠳᠡᠭ ᠪᠣᠯᠳᠠᠭ᠃ ᠭᠡᠪᠡᠴᠤ DNA  ᠮᠣᠯᠧᠺᠦ᠋ᠯ ᠤᠨ ᠭᠡᠮᠲᠦᠯ ᠨᠢ ᠬᠢᠷᠬᠢᠨ ᠪᠣᠲᠤᠭᠲᠠᠮᠠᠬᠠᠢ ᠪᠡᠶᠡᠲᠤ ᠶᠢᠨ ᠡᠷᠡᠮᠳᠡᠭ  ᠪᠣᠯᠣᠨ ᠤᠯᠠᠷᠢᠭᠰᠠᠨ ᠪᠣᠳᠠᠲᠠᠢ ᠠᠯᠬᠤᠮ ᠳᠠᠷᠠᠭ᠎ᠠ ᠶᠢ ᠨᠢ ᠣᠳᠣ ᠪᠣᠯᠲᠠᠯ᠎ᠠ ᠲᠣᠳᠤᠷᠬᠠᠶᠢᠯᠠᠵᠦ ᠴᠢᠳᠠᠭ᠎ᠠ ᠦᠭᠡᠢ ᠪᠠᠶᠢᠨ᠎ᠠ᠃      ᠠᠷᠠᠯ ᠨᠢ ᠬᠤᠭᠤᠷᠠᠭᠰᠠᠨ DNA ᠶᠢᠨ ᠮᠣᠯᠧᠺᠦ᠋ᠯ ᠨᠢ ᠵᠠᠯᠭᠠᠭᠠᠳ ᠪᠠᠰᠨ ᠪᠣᠲᠤᠭᠲᠠᠮᠠᠬᠠᠢ ᠪᠡᠶᠡᠲᠤ ᠶᠢ ᠬᠤᠭᠤᠯᠠᠭᠠᠳ ᠲᠡᠨᠦᠮᠡᠯ ᠲᠠᠰᠤᠷᠬᠠᠢ ᠪᠣᠯᠭᠠᠳᠠᠭ᠃  ᠪᠣᠲᠤᠭᠲᠠᠮᠠᠬᠠᠢ ᠪᠡᠶᠡᠲᠤ ᠶᠢᠨ ᠬᠤᠭᠤᠷᠬᠠᠢ ᠦᠵᠦᠭᠦᠷ ᠨᠢ ᠲᠤᠩ ᠲᠣᠭᠲᠠᠪᠤᠷᠢ ᠦᠭᠡᠢ ᠲᠤᠯᠠᠲᠠ ᠦᠢᠯᠡᠴᠢᠯᠡᠬᠦ ᠪᠠᠷ ᠳᠠᠮᠵᠢᠨ ᠪᠣᠲᠤᠭᠲᠠᠮᠠᠬᠠᠢ ᠪᠡᠶᠡᠲᠤ ᠶᠢ ᠡᠷᠡᠮᠳᠡᠭ ᠪᠣᠯᠭᠠᠳᠠᠭ᠃ ᠪᠣᠲᠤᠭᠲᠠᠮᠠᠬᠠᠢ ᠪᠡᠶᠡᠲᠤ ᠶᠢᠨ ᠪᠦᠲᠦᠴᠠ ᠶᠢᠨ ᠡᠷᠡᠮᠳᠡᠭ ᠲᠤ ᠪᠣᠲᠤᠭᠲᠠᠮᠠᠬᠠᠢ ᠪᠡᠶᠡᠲᠤ ᠶᠢᠨ ᠨᠢᠭᠡ ᠬᠡᠰᠡᠭ ᠨᠢ ᠲᠤᠲᠠᠭᠤ ᠳᠣᠷᠭᠤᠨ ᠪᠣᠯᠬᠤ ᠪᠠ ᠬᠡᠰᠡᠭ ᠪᠣᠲᠤᠭᠲᠠᠮᠠᠬᠠᠢ ᠪᠡᠶᠡᠲᠤ ᠨᠢ ᠳᠠᠪᠬᠤᠴᠠᠬᠤ ᠵᠢᠴᠢ ᠠᠳᠠᠯᠢ ᠪᠤᠰᠤ ᠪᠣᠲᠤᠭᠲᠠᠮᠠᠬᠠᠢ ᠪᠡᠶᠡᠲᠤ ᠶᠢᠨ ᠲᠠᠰᠤᠷᠬᠠᠢ ᠬᠠᠷᠢᠯᠴᠠᠨ ᠰᠣᠯᠢᠭᠳᠠᠬᠤ ︵ᠵᠢᠱᠢᠶᠡᠯᠡᠪᠡᠯ ᠪᠠᠶᠢᠷᠢ ᠰᠣᠯᠢᠬᠤ ︶ ᠵᠡᠷᠭᠡ ᠪᠠᠭᠲᠠᠨ᠎ᠠ᠃ ᠪᠣᠲᠤᠭᠲᠠᠮᠠᠬᠠᠢ ᠪᠡᠶᠡᠲᠤ ᠶᠢᠨ ᠲᠣᠭᠠᠨ ᠤ ᠡᠷᠡᠮᠳᠡᠭ ᠲᠤ ᠪᠣᠲᠤᠭᠲᠠᠮᠠᠬᠠᠢ ᠪᠡᠶᠡᠲᠤ ᠨᠢ ᠪᠦᠬᠦᠯᠢ ᠢᠶᠠᠷ ᠢᠶᠠᠨ ᠭᠡᠭᠡᠭᠳᠡᠬᠦ ᠪᠣᠶᠤ ᠨᠡᠮᠡᠭᠳᠡᠬᠦ ᠪᠠᠭᠲᠠᠨ᠎ᠠ ᠃ ᠪᠣᠲᠤᠭᠲᠠᠮᠠᠬᠠᠢ ᠪᠡᠶᠡᠲᠤ ᠶᠢᠨ ᠡᠶᠢᠮᠦᠷᠬᠦ ᠡᠷᠡᠮᠳᠡᠭ ᠬᠤᠪᠢᠷᠠᠯᠲᠠ ᠨᠢ ᠳᠠᠷᠠᠭ᠎ᠠ ᠦᠶ᠎ᠡ ᠶᠢᠨ ᠴᠦᠬᠡᠨ ᠨᠢᠭᠡ  ᠪᠦᠯᠦᠭ ᠬᠦᠮᠦᠰ ᠢ ᠲᠦᠷᠦᠯᠬᠢ ᠡᠷᠡᠭᠦᠯ ᠪᠤᠰᠤ ᠪᠣᠯᠭᠠᠳᠠᠭ᠃ ᠰᠠᠴᠤᠷᠠᠭ᠂ ᠬᠦᠷᠢᠨ ᠤ ᠭᠠᠳᠠᠨᠠᠬᠢ ᠲᠤᠶᠠᠭ᠎ᠠ᠂ ᠡᠪᠡᠳᠴᠢᠨ ᠤ ᠬᠤᠤᠷᠰ ᠪᠣᠯᠣᠨ ᠦᠮᠡᠨ ᠡᠭᠦᠰᠭᠡᠭᠴᠢ ᠬᠢᠮᠢ ᠶᠢᠨ ᠡᠳ᠋ ᠤᠳ ᠨᠢ ᠪᠦᠷ ᠪᠣᠳᠤᠭᠲᠠᠮᠠᠬᠠᠢ ᠪᠡᠶᠡᠲᠤ ᠶᠢ ᠡᠷᠡᠮᠳᠡᠭ ᠪᠣᠯᠭᠠᠳᠠᠭ᠃ ᠬᠦᠮᠦᠨ ᠲᠦᠷᠦᠯᠬᠢᠲᠡᠨ ᠪᠣᠯᠣᠨ ᠠᠮᠢᠲᠠᠨ ᠤ ᠵᠣᠩᠬᠢᠯᠠᠬᠤ ᠦᠮᠡᠨ ᠨᠢ ᠪᠦᠷ ᠡᠷᠡᠮᠳᠡᠭ ᠪᠣᠳᠤᠭᠲᠠᠮᠠᠬᠠᠢ ᠪᠡᠶᠡᠲᠤ ᠠᠴᠠ ᠡᠭᠦᠰᠳᠡᠭ᠃ ᠡᠭᠦᠨ ᠳᠤ ᠴᠢᠰᠤ ᠴᠠᠶᠢᠬᠤ ᠡᠪᠡᠳᠴᠢᠨ ᠪᠣᠯᠣᠨ ᠯᠢᠮᠪ ᠤᠨ ᠬᠠᠪᠤᠳᠠᠷ ᠭᠤᠣᠯᠯᠠᠨ᠎ᠠ᠃       4. ᠡᠰ ᠤᠨ ᠭᠡᠮᠲᠦᠯ     ᠬᠦᠮᠦᠨ ᠤ ᠪᠡᠶ᠎ᠡ ᠳᠠᠬᠢ ᠰᠠᠴᠤᠷᠠᠯ ᠤᠨ ᠦᠢᠰᠭᠡᠯ ᠨᠢ ᠭᠠᠭᠴᠨ ᠨᠢᠭᠡᠨ ᠡᠰ ᠤᠨ ᠭᠡᠮᠲᠦᠯ ᠳᠤ ᠰᠠᠭᠤᠷᠢᠯᠠᠨ᠂ ᠪᠣᠲᠤᠭᠲᠠᠮᠠᠬᠠᠢ ᠪᠡᠶᠡᠲᠤ ᠶᠢᠨ ᠭᠠᠵᠢᠯᠲᠠ ᠪᠠᠷ ᠳᠠᠮᠵᠢᠨ ᠡᠰ ᠢ ᠣᠨᠳᠣᠣᠰᠢᠭᠤᠯᠬᠤ ᠪᠣᠶᠤ ᠦᠬᠦᠭᠦᠯᠳᠡᠭ᠃ ᠰᠠᠴᠤᠷᠠᠯ ᠨᠢ ᠡᠷᠡᠭᠦᠯ ᠡᠰ ᠢ ᠭᠡᠮᠲᠦᠭᠡᠨ ᠦᠮᠡᠨ ᠤ ᠡᠰ ᠪᠣᠯᠭᠠᠬᠤ ᠪᠠ ᠨᠢᠭᠤᠭᠳᠠᠵᠦ ᠪᠠᠶᠢᠭᠰᠠᠨ ᠦᠮᠡᠨ ᠤ ᠡᠰ ᠢ ᠡᠲᠦᠨ ᠬᠦᠳᠡᠯᠭᠡᠵᠦ ᠲᠡᠷᠡᠴᠢᠯᠡᠨ ᠦᠮᠡᠨ ᠤ ᠡᠰ ᠤᠨ ᠦᠷᠡᠵᠢᠯ ᠢ ᠲᠦᠷᠭᠡᠳᠭᠡᠬᠦ ᠵᠢᠴᠢ ᠪᠠᠰᠨ ᠡᠷᠡᠭᠦᠯ ᠡᠰ ᠢ ᠭᠡᠮᠲᠦᠭᠡᠨ ᠦᠮᠡᠨ ᠤ ᠡᠰ ᠢ ᠦᠬᠦᠭᠦᠯᠬᠦ ᠵᠡᠷᠭᠡ ᠣᠯᠠᠨ ᠵᠦᠢᠯ ᠤᠨ ᠦᠢᠯᠡᠳᠦᠯ ᠭᠠᠷᠭᠠᠳᠠᠭ᠃      ︵1︶ ᠡᠰ ᠤᠨ ᠭᠡᠮᠲᠦᠯ       ᠪᠣᠲᠤᠭᠲᠠᠮᠠᠬᠠᠢ ᠪᠡᠶᠡᠲᠤ ᠶᠢᠨ ᠡᠷᠡᠮᠳᠡᠭ ᠪᠣᠯᠬᠤ ᠨᠢ ᠡᠰ ᠤᠨ ᠳᠦᠷᠰᠤ ᠪᠠᠶᠢᠳᠠᠯ ᠢ ᠬᠤᠪᠢᠷᠠᠭᠤᠯᠬᠤ ᠪᠠ ᠤᠳᠤᠮᠰᠢᠯ ᠤᠨ ᠰᠢᠨᠵᠢ ᠴᠢᠨᠠᠷ ᠢ ᠨᠢ ᠶᠡᠷᠤ ᠪᠤᠰᠤ ᠪᠣᠯᠭᠠᠨ᠂ ᠡᠰ ᠤᠨ ᠦᠶᠡᠯᠡᠯ ᠤᠨ ᠬᠤᠭᠤᠴᠠᠭᠠᠨ ᠤ ᠡᠯ᠎ᠡ ᠱᠠᠲᠤ ᠦᠶ᠎ᠡ ᠶᠢ ᠤᠳᠠᠭᠠᠰᠢᠷᠠᠭᠤᠯᠤᠨ᠂ ᠡᠰ ᠤᠨ ᠪᠣᠶᠢᠵᠢᠯᠲᠠ ᠪᠠ ᠦᠷᠡᠵᠢᠯ ᠢ ᠬᠠᠷᠰᠢᠯᠠᠬᠤ ᠪᠣᠶᠤ ᠬᠤᠶᠢᠰᠢᠯᠠᠭᠤᠯᠵᠦ ᠴᠢᠨᠠᠭᠰᠢᠯᠠᠪᠠᠯ ᠵᠣᠭᠰᠤᠭᠠᠳᠠᠭ᠃ ᠪᠠᠰᠨ ᠡᠰ ᠤᠨ ᠡᠷᠬᠡᠲᠡᠨ ᠤ ᠵᠣᠬᠢᠴᠠᠭᠤᠯᠤᠨ ᠲᠡᠩᠨᠡᠭᠦᠯᠬᠦ ᠬᠡᠪ ᠤᠨ ᠦᠢᠯᠨ ᠠᠵᠢᠯᠯᠠᠭ᠎ᠠ ᠪᠣᠯᠣᠨ ᠪᠣᠳᠠᠰ ᠤᠨ ᠰᠣᠯᠢᠯᠴᠠᠭ᠎ᠠ ᠬᠢᠬᠦ ᠦᠢᠯᠡᠳᠦᠯ ᠢ ᠨᠢ ᠬᠠᠷᠰᠢᠯᠠᠳᠠᠭ᠃ ᠡᠭᠦᠨ ᠤ ᠦᠷ᠎ᠡ ᠳ᠋ᠦᠡᠭ ᠨᠢ ᠳᠠᠷᠤᠢ ᠨᠢᠭᠡ ᠪᠣᠯ ᠡᠰ ᠢ ᠡᠷᠲᠡ ᠦᠬᠦᠭᠦᠯᠵᠦ ᠡᠰᠡᠪᠡᠯ ᠨᠢᠭᠡᠨ ᠮᠦᠡᠭᠬᠡ ᠣᠨᠳᠣᠣᠰᠢᠭᠰᠠᠨ ᠡᠰ ᠢ ᠪᠣᠢ  ᠪᠣᠯᠭᠠᠨ ᠦᠷᠡᠵᠢᠭᠦᠯᠦᠨ᠎ᠡ᠃      ︵2︶  ᠡᠰ ᠤᠨ ᠰᠡᠯᠪᠢᠯᠲᠡ      ᠡᠰ ᠤᠨ ᠭᠡᠮᠲᠦᠯ ᠤᠨ ᠦᠷ᠎ᠡ ᠳ᠋ᠦᠡᠭ ᠨᠢ ᠣᠷᠭᠠᠨᠢᠭ ᠴᠣᠭᠴᠠ ᠶᠢᠨ ᠰᠡᠯᠪᠢᠨ ᠰᠡᠷᠭᠦᠭᠡᠬᠦ ᠴᠢᠳᠠᠪᠣᠷᠢ ᠠᠴᠠ ᠲᠣᠭᠲᠠᠭᠠᠭᠳᠠᠭ᠃ ᠬᠦᠮᠦᠨ ᠤ ᠪᠡᠶ᠎ᠡ ᠶᠢᠨ ᠡᠰ ᠲᠤ DNA ᠶᠢᠨ ᠭᠡᠮᠲᠦᠯ ᠢ ᠢᠯᠭᠠᠨ ᠲᠠᠨᠢᠬᠤ ᠪᠠ ᠰᠡᠯᠪᠢᠨ ᠰᠡᠷᠭᠦᠭᠡᠬᠦ ᠢᠰᠭᠡᠭᠦᠷ ᠤᠨ ᠰᠢᠰᠲ᠋ᠧᠮ ᠪᠠᠶᠢᠳᠠᠭ᠃ ᠲᠡᠷᠨ ᠨᠢ ᠶᠡᠷᠦᠳᠡᠭᠡᠨ ᠨᠢᠭᠡ ᠪᠦᠯᠦᠭ ᠤᠭᠤᠷᠠᠭ ᠪᠣᠶᠤ ᠨᠡᠶᠢᠯᠡᠮᠡᠯ ᠤᠭᠤᠷᠠᠭ ᠤᠳ ᠪᠠᠶᠢᠵᠦ᠂ ᠲᠡᠷᠡᠴᠢᠯᠡᠨ ᠬᠡᠵᠢᠶᠡᠳᠡ ᠬᠡᠳᠦᠨ ᠠᠷᠪᠠᠨ ᠮᠢᠨᠦ᠋ᠲ ᠤᠨ ᠳᠣᠲᠤᠷ᠎ᠠ ᠭᠡᠮᠲᠦᠭᠰᠡᠨ ᠬᠡᠰᠡᠭ ᠢ ᠨᠢ ᠰᠡᠯᠪᠢᠵᠦ ᠪᠡᠷᠭᠠᠳᠠᠭ᠃ ᠬᠡᠷᠪᠡ DNA ᠶᠢᠨ ᠳᠠᠩ ᠠᠷᠠᠯ ᠨᠢ ᠬᠤᠭᠤᠷᠠᠭᠰᠠᠨ ᠪᠣᠯ᠂ ᠵᠦᠪᠬᠡᠨ ᠳᠦᠭᠦᠮᠬᠡᠨ ᠢᠶᠠᠷ ᠰᠡᠯᠪᠢᠨ ᠵᠠᠰᠠᠪᠠᠯ ᠳᠠᠷᠤᠢ ᠬᠤᠭᠤᠷᠬᠠᠢ ᠬᠡᠰᠡᠭ ᠢᠶᠠᠨ ᠤᠭ ᠤᠨ ᠬᠢᠮᠢ ᠶᠢᠨ ᠪᠦᠲᠦᠴᠡ ᠪᠠ ᠲᠦᠷᠰᠤ ᠪᠠᠶᠢᠳᠠᠯ ᠲᠠᠢ ᠨᠢ ᠠᠪ ᠠᠳᠠᠯᠢᠬᠠᠨ ᠢᠶᠠᠷ ᠮᠠᠰᠢ ᠨᠠᠷᠢᠯᠢᠭ ᠣᠨᠣᠪᠴᠢᠲᠠᠢ ᠪᠠᠷ ᠰᠡᠷᠭᠦᠭᠡᠳᠡᠭ᠃ ᠬᠡᠷᠪᠡ ᠳᠠᠩ ᠠᠷᠠᠯ ᠳᠡᠭᠡᠷᠡᠬᠢ ᠱᠦᠯᠲᠤ ᠶᠢᠨ ᠪᠦᠯᠦᠭ ᠨᠢ ᠭᠡᠮᠲᠦᠭᠰᠡᠨ ᠪᠣᠯ ᠬᠠᠷᠢᠨ ᠢᠰᠤᠯ ᠤᠨ ᠤᠷᠪᠠᠯ ᠢᠶᠠᠷ ᠣᠭᠲᠤᠯᠣᠨ ᠬᠠᠶᠠᠭᠠᠳ ᠰᠡᠯᠪᠢᠨ ᠰᠡᠷᠭᠦᠭᠡᠳᠡᠭ᠃ ᠡᠨᠡ ᠦᠶ᠎ᠡ ᠳᠤ ᠲᠤᠰ ᠮᠣᠯᠧᠺᠦ᠋ᠯ ᠤᠨ ᠭᠡᠮᠲᠦᠭᠰᠡᠨ ᠦᠭᠡᠢ ᠠᠷᠠᠯ ᠨᠢ ᠲᠡᠭᠦᠨ ᠳᠤ ᠨᠢᠭᠡᠨ ᠬᠡᠪ ᠬᠠᠪᠲᠠᠰᠤ ᠬᠠᠨᠭ᠍ᠭᠠᠬᠤ ᠪᠦᠭᠡᠳ ᠲᠡᠭᠦᠨ ᠳᠡᠭᠡᠷ᠎ᠡ ᠨᠢ ᠱᠦᠯᠲᠤ ᠶᠢᠨ ᠪᠦᠯᠦᠭ ᠢᠶᠠᠨ ᠵᠦᠪ ᠣᠨᠣᠪᠴᠢᠲᠠᠢ ᠳᠡᠰ ᠳᠠᠷᠠᠭᠠᠯᠠᠯ ᠢᠶᠠᠷ ᠨᠢ ᠳᠠᠬᠢᠨ ᠪᠦᠲᠦᠭᠡᠳᠡᠭ᠃ ᠡᠶᠢᠮᠦᠷᠬᠦ ᠪᠤᠷᠤᠭᠤ ᠵᠦᠷᠢᠶ᠎ᠡ ᠦᠭᠡᠢ ᠪᠦᠷᠢᠨ ᠭᠦᠢᠴᠡᠳ ᠰᠡᠯᠪᠢᠨ ᠰᠡᠷᠭᠦᠭᠡᠬᠦ ᠨᠢ ᠭᠡᠮᠲᠦᠭᠰᠡᠨ ᠡᠰ ᠢ ᠤᠷᠲᠤ ᠬᠤᠭᠤᠴᠠᠭ᠎ᠠ ᠪᠠᠷ ᠨᠦᠯᠦᠭᠡᠯᠡᠳᠡᠭ ᠦᠭᠡᠢ᠃ ᠬᠤᠣᠰ ᠠᠷᠠᠯ ᠨᠢ  ᠬᠤᠭᠤᠷᠠᠭᠰᠠᠨ ᠢ ᠴᠤ ᠭᠡᠳ ᠮᠦᠨ ᠠᠳᠠᠯᠢᠬᠠᠨ ᠢᠶᠠᠷ ᠳᠦᠭᠦᠮ ᠰᠢᠭ ᠰᠡᠯᠪᠢᠨ ᠵᠠᠰᠠᠪᠠᠯ ᠡᠳᠡᠭᠡᠨ ᠰᠡᠷᠭᠦᠭᠡᠳᠡᠭ᠃ ᠭᠡᠪᠡᠴᠤ ᠬᠤᠣᠰ ᠠᠷᠠᠯ ᠳᠡᠭᠡᠷᠡᠬᠢ ᠱᠦᠯᠲᠤ ᠶᠢᠨ ᠪᠦᠯᠦᠭ ᠨᠢ ᠴᠤᠭᠭᠠᠷ ᠭᠡᠮᠲᠦᠭᠰᠡᠨ ᠪᠣᠯ᠂ ᠭᠤᠣᠯᠳᠠᠭᠤ ᠳᠠᠬᠢᠨ ᠪᠠᠶᠢᠭᠤᠯᠤᠨ ᠰᠡᠷᠭᠦᠭᠡᠳᠡᠭ᠃ ᠡᠨᠡ ᠦᠶᠡᠰ ᠲᠤ ᠠᠯᠢ ᠨᠢᠭᠡᠨ ᠠᠷᠠᠯ ᠳᠡᠭᠡᠷ᠎ᠡ ᠨᠢ ᠴᠤ ᠱᠦᠯᠲᠤ ᠶᠢᠨ ᠪᠦᠯᠦᠭ ᠤᠨ ᠳᠡᠰ ᠳᠠᠷᠠᠭᠠᠯᠠᠯ ᠢ ᠳᠠᠬᠢᠨ ᠪᠠᠶᠢᠭᠤᠯᠬᠤ ᠳᠤ ᠬᠡᠷᠡᠭᠰᠡᠬᠦ ᠬᠡᠪ ᠬᠠᠪᠲᠠᠰᠤ ᠨᠢᠭᠡᠨᠲᠡ ᠦᠭᠡᠢ ᠪᠣᠯᠤᠭᠰᠠᠨ ᠲᠤᠯᠠᠲᠠ᠂ ᠨᠢᠭᠡᠨ ᠵᠦᠢᠯ ᠤᠨ ᠳᠠᠬᠢᠨ ᠪᠠᠶᠢᠭᠤᠯᠬᠤ ᠢᠰᠭᠡᠭᠦᠷ ᠨᠢ ᠣᠨᠳᠣᠣ ᠨᠢᠭᠡᠨ ᠬᠡᠰᠡᠭ ᠭᠡᠮᠲᠦᠭᠰᠡᠨ ᠦᠭᠡᠢ DNA ᠶᠢᠨ ᠬᠤᠤᠰ ᠠᠷᠠᠯ ᠢ ᠭᠡᠮᠲᠦᠭᠰᠡᠨ ᠭᠠᠵᠠᠷ ᠤᠨ ᠬᠠᠪᠢ ᠳᠤ ᠰᠢᠯᠵᠢᠭᠦᠯᠦᠨ ᠠᠪᠴᠢᠷᠠᠭᠠᠳ᠂ ᠵᠦᠪ ᠣᠨᠣᠪᠴᠢᠲᠠᠢ ᠬᠡᠪ ᠬᠠᠪᠲᠠᠰᠤ ᠪᠣᠯᠭᠠᠵᠦ ᠳᠠᠬᠢᠨ ᠪᠠᠶᠢᠭᠤᠯᠳᠠᠭ ᠪᠠᠶᠢᠨ᠎ᠠ᠃ ᠵᠠᠷᠢᠮ ᠪᠠᠶᠢᠳᠠᠯ  ᠳᠤ ᠳᠠᠬᠢᠨ ᠪᠠᠶᠢᠭᠤᠯᠬᠤ ᠳᠤ ᠣᠷᠤᠯᠴᠠᠵᠦ ᠪᠠᠶᠢᠭ᠎ᠠ ᠬᠤᠶᠡᠷ ᠬᠡᠰᠡᠭ ᠬᠤᠤᠰ ᠠᠷᠠᠯ ᠤᠨ DNA ᠨᠢ ᠨᠡᠯᠢᠶᠡᠳ ᠤᠷᠲᠤ ᠬᠡᠪᠴᠢᠶᠡᠨ ᠳᠤ ᠳᠡᠰ ᠳᠠᠷᠠᠭᠠᠯᠠᠯ ᠨᠢ ᠠᠳᠠᠯᠢ ᠪᠠᠶᠢᠳᠠᠭ ᠪᠣᠯᠬᠤᠷ᠂ ᠳᠠᠬᠢᠨ ᠪᠠᠶᠢᠭᠤᠯᠤᠭᠰᠠᠨ ᠰᠢᠨ᠎ᠡ ᠬᠡᠰᠡᠭ ᠨᠢ ᠳᠠᠷᠤᠢ ᠵᠦᠪ ᠣᠨᠣᠪᠴᠢᠲᠠᠢ ᠳᠡᠰ ᠳᠠᠷᠠᠭᠠᠯᠠᠯ ᠲᠠᠢ ᠪᠣᠯᠳᠠᠭ᠃      ᠳᠡᠭᠡᠷᠡᠬᠢ ᠡᠯ᠎ᠡ ᠵᠦᠢᠯ ᠤᠨ ᠰᠡᠯᠪᠢᠨ ᠰᠡᠷᠭᠦᠭᠡᠬᠦ ᠠᠷᠭ᠎ᠠ ᠵᠠᠮ ᠠᠴᠠ ᠭᠠᠳᠠᠨ᠎ᠠ᠂ ᠡᠰ ᠨᠢ ᠪᠠᠰᠨ DNA ᠶᠢ ᠳᠠᠭᠤᠷᠢᠶᠠᠨ ᠪᠦᠲᠦᠭᠡᠬᠦ ᠪᠣᠶᠤ ᠭᠡᠮᠲᠦᠯ ᠢ ᠰᠡᠯᠪᠢᠨ ᠵᠠᠰᠠᠬᠤ ᠳᠤ ᠪᠤᠷᠤᠭᠤ ᠲᠠᠭᠠᠷᠠᠭᠤᠯᠤᠭᠰᠠᠨ ᠱᠦᠯᠲᠤ ᠶᠢᠨ ᠪᠦᠯᠦᠭ ᠢ ᠴᠤ ᠳᠠᠬᠢᠨ ᠲᠣᠬᠢᠷᠠᠭᠤᠯᠬᠤ ᠴᠢᠳᠠᠪᠤᠷᠢ ᠲᠠᠢ ᠪᠠᠶᠢᠳᠠᠭ᠃ ᠡᠰ ᠤᠨ ᠲᠣᠲᠤᠷ᠎ᠠ ᠪᠤᠷᠤᠭᠤ ᠲᠠᠭᠠᠷᠠᠭᠤᠯᠤᠭᠰᠠᠨ ᠢ ᠳᠠᠬᠢᠨ ᠵᠠᠰᠠᠬᠤ ᠣᠯᠠᠨ ᠵᠦᠢᠯ ᠤᠨ ᠢᠰᠭᠡᠭᠦᠷ ᠪᠠ ᠣᠭᠤᠷᠠᠭ ᠤᠳ ᠪᠠᠶᠢᠵᠦ᠂ ᠲᠡᠳᠡᠭᠡᠷ ᠨᠢ ᠪᠤᠷᠤᠭᠤ ᠲᠠᠭᠠᠷᠠᠭᠤᠯᠤᠭᠰᠠᠨ ᠱᠦᠯᠲᠤ ᠶᠢᠨ ᠪᠦᠯᠦᠭ ᠢ ᠢᠯᠭᠠᠨ ᠲᠠᠨᠢᠵᠦ ᠲᠡᠷᠡᠴᠢᠯᠡᠨ ᠠᠯᠢ ᠠᠷᠠᠯ ᠳᠠᠬᠢ ᠨᠢ ᠪᠤᠷᠤᠭᠤ ᠭᠡᠳᠡᠭ ᠢ ᠴᠤ ᠢᠯᠭᠠᠨ ᠣᠯᠤᠭᠠᠳ᠂ ᠪᠤᠷᠤᠭᠤ ᠱᠦᠯᠲᠤ ᠶᠢᠨ ᠪᠦᠯᠦᠭ ᠤᠨ ᠣᠷᠣᠰᠢᠵᠦ ᠪᠠᠶᠢᠬᠤ ᠪᠦᠭᠡᠮ ᠰᠢᠬᠢᠷ ᠤᠨ ᠬᠦᠴᠢᠯ ᠤᠨ ᠬᠡᠯᠬᠢᠶᠡᠨ ᠤ ᠲᠡᠷᠡᠬᠦ  ᠬᠡᠰᠡᠭ ᠢ ᠨᠢ ᠬᠠᠶᠢᠴᠢᠯᠠᠵᠦ ᠬᠠᠶᠠᠭᠠᠳ ᠰᠡᠯᠪᠢᠨ ᠰᠡᠷᠭᠦᠭᠡᠵᠦ ᠨᠡᠶᠢᠯᠡᠭᠦᠯᠳᠡᠭ᠃ ᠡᠨᠡᠬᠦ ᠵᠦᠢᠯ ᠤᠨ ᠰᠡᠯᠪᠢᠨ ᠰᠡᠷᠭᠦᠭᠡᠬᠦ‍ ᠵᠢᠭ ᠨᠢ ᠤᠳᠤᠮᠰᠢᠯ ᠤᠨ ᠲᠠᠨᠤᠭ ᠤᠨ ᠲᠣᠭᠲᠠᠪᠤᠷᠢᠲᠤ ᠴᠢᠨᠠᠷ ᠢ ᠬᠡᠪ ᠢᠶᠠᠷ ᠨᠢ ᠪᠠᠶᠢᠯᠭᠠᠬᠤ ᠳᠤ ᠮᠠᠰᠢ ᠴᠢᠬᠤᠯᠨ ᠪᠢᠯᠨ᠃      ︵3︶  ᠡᠰ ᠤᠨ ᠣᠨᠳᠣᠣᠰᠢᠯ     ᠭᠧᠨ ᠤ  ᠴᠣᠴᠢᠮᠠᠭ ᠬᠤᠪᠢᠷᠠᠯᠲᠠ ᠪᠣᠯᠣᠨ ᠪᠣᠲᠤᠭᠲᠠᠮᠠᠬᠠᠢ ᠪᠡᠶᠡᠲᠤ ᠶᠢᠨ ᠡᠷᠡᠮᠳᠡᠭ ᠬᠤᠪᠢᠷᠠᠯᠲᠠ ᠨᠢ ᠡᠰ ᠤᠨ ᠪᠦᠲᠦᠴᠡ ᠪᠠ ᠴᠢᠳᠠᠪᠤᠷᠢ ᠶᠢ ᠬᠤᠪᠢᠷᠠᠭᠤᠯᠤᠭᠠᠳ ᠂ ᠲᠡᠷᠡᠴᠢᠯᠡᠨ ᠨᠢᠭᠡᠨ ᠬᠡᠳᠦᠶᠢᠪᠡᠷ ᠠᠮᠢᠳᠤ ᠪᠣᠯᠪᠠᠴᠤ ᠤᠳᠤᠮᠰᠢᠯ ᠤᠨ ᠬᠡᠪ ᠴᠢᠨᠠᠷ ᠢᠶᠠᠨ ᠨᠢᠭᠡᠨᠲᠡ ᠦᠨᠢᠳᠡ ᠠᠯᠳᠠᠭᠰᠠᠨ ᠡᠰ ᠪᠣᠯᠭᠠᠳᠠᠭ ᠢ ᠡᠰ ᠤᠨ ᠣᠨᠳᠣᠣᠰᠢᠯ ᠭᠡᠨ᠎ᠡ ᠃ ᠣᠨᠳᠣᠣᠰᠢᠭᠰᠠᠨ ᠡᠰ ᠪᠣᠯ ᠳᠠᠷᠤᠢ ᠦᠮᠡᠨ ᠤ ᠡᠰ ᠪᠦᠭᠡᠳ ᠲᠡᠷᠨ ᠨᠢ ᠬᠢᠵᠠᠭᠠᠷ ᠦᠭᠡᠢ ᠦᠷᠡᠵᠢᠬᠦ ᠨᠢᠭᠤᠴᠠᠭᠠᠢ ᠴᠢᠳᠠᠪᠤᠷᠢ ᠲᠠᠢ ᠮᠦᠷᠲᠡᠭᠡᠨ ᠪᠤᠷᠤᠭᠤ ᠤᠳᠤᠮᠰᠢᠯ ᠤᠨ ᠲᠠᠨᠤᠭ ᠢᠶᠠᠨ ᠬᠤᠶᠢᠴᠢ ᠦᠶ᠎ᠡ ᠳᠡᠭᠡᠨ ᠦᠷᠬᠦᠯᠵᠢᠯᠡᠨ ᠤᠯᠠᠮᠵᠢᠯᠠᠵᠦ ᠴᠢᠳᠠᠳᠠᠭ᠃ ᠲᠡᠷᠡᠴᠢᠯᠡᠨ ᠲᠡᠭᠦᠨ ᠤ ᠲᠦᠰᠦᠷ ᠡᠷᠡᠭᠦᠯ ᠡᠰ ᠪᠠ ᠨᠡᠬᠡᠳᠡᠰᠤ  ᠨᠤᠭᠤᠳ ᠢ ᠬᠠᠯᠳᠠᠨ ᠳᠠᠭᠠᠷᠢᠭᠠᠳ᠂ ᠲᠡᠳᠡᠨ ᠤ ᠪᠦᠲᠦᠴᠡ ᠶᠢ ᠦᠭᠡᠷᠡᠲᠦᠭᠦᠯᠬᠦ ᠪᠠ ᠣᠨᠳᠣᠣᠰᠢᠭᠤᠯᠵᠦ᠂ ᠦᠮᠡᠨ ᠪᠣᠯᠣᠨ ᠬᠦᠭᠵᠢᠬᠦ ᠨᠡᠩ ᠣᠯᠠᠨ ᠡᠰ ᠢ ᠪᠣᠢ ᠪᠣᠯᠭᠠᠳᠠᠭ᠃ ᠡᠨᠡᠬᠦ ᠶᠠᠪᠤᠴᠠ ᠨᠢ ᠬᠡᠳᠦᠨ ᠠᠷᠪᠠᠨ ᠮᠢᠨᠦ᠋ᠲ ᠠᠴᠠ ᠬᠡᠳᠦᠨ ᠠᠷᠪᠠᠨ ᠵᠢᠯ ᠦᠷᠬᠦᠯᠵᠢᠯᠡᠵᠦ᠂ ᠬᠡᠷᠪᠡ ᠮᠠᠬᠠᠪᠤᠳ ᠤᠨ ᠡᠰ ᠪᠣᠯ ᠬᠤᠣᠷᠠᠲᠤ ᠬᠠᠪᠤᠳᠠᠷ ᠪᠣᠯᠣᠨ ᠤᠯᠠᠷᠢᠵᠦ ᠮᠡᠳᠡᠬᠦ ᠪᠦᠭᠡᠳ ᠪᠡᠯᠭᠡ ᠶᠢᠨ ᠡᠰ ᠪᠣᠯ ᠬᠠᠷᠢᠨ ᠬᠤᠶᠢᠴᠢ ᠦᠶ᠎ᠡ   ᠶᠢᠨ ᠤᠳᠤᠮᠰᠢᠯ ᠤᠨ ᠡᠪᠡᠳᠴᠢᠨ ᠡᠮᠬᠡᠭ ᠵᠡᠷᠭᠡ ᠬᠦᠨᠳᠤ ᠨᠣᠴᠢᠲᠠᠢ ᠦᠷ᠎ᠡ ᠳ᠋ᠦᠡᠭ ᠭᠠᠷᠳᠠᠭ᠃ ᠭᠡᠪᠡᠴᠤ ᠬᠦᠮᠦᠨ ᠤ ᠪᠡᠶ᠎ᠡ ᠳᠤ ᠦᠯᠦ ᠬᠠᠯᠳᠠᠭᠠᠬᠤ ᠪᠠ ᠰᠡᠷᠭᠡᠶᠢᠯᠡᠨ ᠬᠤᠷᠢᠭᠯᠠᠬᠤ ᠵᠢᠭ ᠭᠦᠢᠴᠡᠳ ᠪᠠᠶᠢᠪᠠᠯ᠂ ᠣᠯᠠᠩᠬᠢ ᠡᠰ ᠨᠢ ᠭᠠᠭᠴᠠᠭᠠᠷ ᠢᠶᠠᠨ ᠦᠮᠡᠨ ᠪᠣᠯᠣᠨ ᠬᠤᠪᠢᠷᠠᠬᠤ ᠪᠣᠶᠤ ᠡᠰᠡᠭᠦᠯ᠎ᠡ ᠲᠡᠷᠨ ᠳᠣᠣᠷ᠎ᠠ ᠪᠠᠨ ᠬᠤᠣᠷᠠᠲᠤ ᠡᠰ ᠪᠣᠯᠣᠨ ᠤᠯᠠᠷᠢᠬᠤ ᠪᠢᠰᠢ ᠶᠣᠮ᠃ ᠠᠩᠬ᠎ᠠ ᠡᠭᠦᠰᠦᠭᠰᠡᠨ ᠦᠮᠡᠨ ᠤ ᠡᠰ ᠠᠴᠠ ᠡᠮᠨᠡᠯᠭᠡ ᠳᠤ ᠪᠠᠶᠢᠴᠠᠭᠠᠨ ᠦᠵᠡᠵᠦ ᠭᠠᠷᠬᠤ ᠦᠮᠡᠨ ᠤ ᠭᠦᠬᠡᠢ ᠪᠣᠯᠲᠠᠯ᠎ᠠ ᠣᠯᠠᠨ ᠵᠢᠯ ᠤᠨ ᠨᠢᠭᠤᠭᠳᠠᠮᠠᠯ ᠬᠤᠭᠤᠴᠠᠭ᠎ᠠ ᠶᠢ ᠦᠡᠭᠭᠡᠷᠡᠭᠦᠯᠬᠦ ᠪᠦᠭᠡᠳ ᠡᠨᠡ ᠦᠶ᠎ᠡ ᠳᠤ ᠲᠡᠷᠨ ᠨᠢ ᠨᠢᠭᠡᠨᠲᠡ ᠬᠡᠳᠦᠨ ᠠᠷᠪᠠᠨ ᠳ᠋ᠦᠡᠭᠰᠢᠭᠤᠷ ᠦᠮᠡᠨ ᠤ ᠡᠰ ᠪᠣᠯᠴᠢᠬᠠᠭᠠᠳ᠂ ᠳᠠᠬᠢᠨ ᠪᠠᠰᠨ ᠣᠯᠠᠨ ᠵᠢᠯ ᠤᠨ ᠬᠤᠭᠤᠴᠠᠭᠠᠨ ᠳᠤ ᠪᠣᠰᠤᠳ ᠡᠷᠬᠡᠲᠡᠨ ᠨᠡᠬᠡᠳᠡᠰᠤ ᠴᠢᠨᠠᠭᠰᠢᠯᠠᠪᠠᠯ ᠪᠦᠬᠦ ᠪᠡᠶ᠎ᠡ ᠳᠤ ᠲᠠᠷᠬᠠᠳᠠᠭ᠃      ︵4︶  ᠡᠰ ᠤᠨ ᠦᠬᠦᠯᠲᠡ      ᠬᠡᠷᠪᠡ DNA ᠶᠢᠨ ᠮᠣᠯᠧᠺᠦ᠋ᠯ ᠨᠢ ᠰᠡᠯᠪᠢᠨ ᠰᠡᠷᠭᠦᠭᠡᠬᠦ ᠶᠢᠨ ᠠᠷᠭ᠎ᠠ ᠦᠭᠡᠢ ᠪᠣᠯᠲᠠᠯ᠎ᠠ ᠰᠠᠴᠤᠷᠠᠯ ᠳᠤ ᠭᠡᠮᠲᠦᠪᠡᠯ᠂ ᠬᠠᠮᠤᠭ ᠡᠴᠦᠰ ᠲᠡᠭᠡᠨ ᠡᠰ ᠢ ᠦᠬᠦᠭᠦᠯᠬᠦ ᠳᠤ ᠬᠦᠷᠭᠡᠳᠡᠭ᠃ ᠨᠡᠯᠢᠶᠡᠳ ᠶᠡᠭᠡ ᠬᠤᠮᠵᠢᠮ ᠤᠨ ᠰᠠᠴᠤᠷᠠᠭ ᠲᠤ ᠲᠤᠰᠬᠠᠭᠳᠠᠭᠰᠠᠨ ᠡᠰ ᠨᠢ ᠪᠠᠷᠢᠨ ᠳᠣᠣᠷ᠎ᠠ ᠪᠠᠨ ᠦᠬᠦᠬᠦ ᠠᠴᠠ ᠭᠠᠳᠠᠨ᠎ᠠ᠂ ᠪᠠᠭ᠎ᠠ ᠬᠤᠮᠵᠢᠮ ᠢᠶᠠᠷ ᠲᠤᠰᠬᠠᠭᠳᠠᠭᠰᠠᠨ ᠵᠣᠩᠬᠢᠯᠠᠬᠤ ᠡᠰ ᠨᠢ ᠵᠣᠬᠢᠬᠤ ᠴᠠᠭ ᠬᠤᠭᠤᠴᠠᠭ᠎ᠠ ᠶᠢ ᠦᠡᠭᠭᠡᠷᠡᠭᠡᠮᠠᠨᠵᠢᠨ ᠰᠠᠶ᠋ᠢ ᠦᠬᠦᠳᠡᠭ᠃ ᠦᠷᠡᠵᠢᠯ ᠤᠨ ᠬᠤᠭᠤᠴᠠᠭᠠᠨ ᠳᠠᠬᠢ ᠡᠰ ᠨᠢ ᠦᠬᠦᠬᠦ ᠠᠴᠠ ᠪᠠᠨ ᠡᠮᠦᠨ᠎ᠡ ᠨᠢᠭᠡ ᠪᠣᠶᠤ ᠬᠡᠳᠤ ᠤᠳᠠᠭ᠎ᠠ ᠬᠤᠪᠢᠶᠠᠭᠳᠠᠬᠤ ᠪᠠᠷ ᠣᠷᠤᠯᠳᠤᠪᠠᠴᠤ᠂  ᠪᠣᠲᠤᠭᠲᠠᠮᠠᠬᠠᠢ ᠪᠡᠶᠡᠲᠤ ᠶᠢᠨ ᠬᠦᠨᠳᠤ ᠨᠣᠴᠢᠲᠠᠢ ᠭᠡᠮᠲᠦᠯ ᠵᠡᠷᠭᠡ ᠰᠢᠯᠲᠠᠭᠠᠨ ᠠᠴᠠ ᠪᠣᠯᠵᠦ᠂ ᠳᠠᠬᠢᠨ ᠦᠷᠡᠵᠢᠬᠦ ᠭᠡᠰᠡᠨ ᠡᠨᠡᠬᠦ ᠣᠷᠤᠯᠳᠤᠯᠭ᠎ᠠ ᠨᠢ ᠢᠯᠠᠭᠳᠠᠭᠠᠳ ᠡᠰ ᠨᠢ ᠳᠠᠷᠤᠢ ᠦᠷᠡᠵᠢᠯᠲᠡ ᠳᠤ ᠦᠬᠦᠳᠡᠭ᠃ ᠲᠦᠷᠭᠡᠨ ᠴᠢᠨᠠᠷᠲᠤ ᠦᠢᠰᠭᠡᠯ ᠤᠨ ᠣᠯᠠᠩᠬᠢ ᠨᠢ ᠪᠦᠷ ᠡᠰ ᠤᠨ ᠦᠷᠡᠵᠢᠯᠲᠡ ᠶᠢᠨ ᠦᠬᠦᠯ ᠠᠴᠠ ᠡᠭᠦᠰᠳᠡᠭ᠃ ᠦᠳᠲᠡᠷ ᠲᠦᠷᠭᠡᠨ ᠦᠷᠡᠵᠢᠳᠡᠭ ᠡᠰ ᠤᠳ ᠪᠣᠯ ᠰᠠᠴᠤᠷᠠᠭ ᠲᠤ ᠲᠤᠰᠬᠠᠭᠳᠠᠭᠰᠠᠨ ᠤ ᠳᠠᠷᠠᠭᠠᠬᠢ ᠬᠡᠳᠦᠨ ᠴᠠᠭ ᠠᠴᠠ ᠬᠡᠳᠤ ᠬᠤᠨᠤᠭ ᠤᠨ ᠳᠣᠲᠤᠷ᠎ᠠ ᠳᠠᠷᠦᠢ  ᠦᠬᠦᠴᠢᠳᠡᠭ᠃ ᠬᠠᠷᠢᠨ ᠠᠯᠭᠤᠷ ᠠᠭᠠᠵᠢᠮ ᠢᠶᠠᠷ  ᠦᠷᠡᠵᠢᠳᠡᠭ ᠡᠰ ᠤᠳ ᠪᠣᠯ ᠬᠡᠳᠦᠨ ᠰᠠᠷ᠎ᠠ ᠴᠢᠨᠠᠭᠰᠢᠯᠠᠪᠠᠯ ᠬᠡᠳᠦᠨ ᠵᠢᠯ ᠤᠨ ᠳᠣᠲᠦᠷ᠎ᠠ ᠴᠤ ᠭᠡᠳ ᠦᠬᠦᠬᠦ ᠦᠭᠡᠢ ᠪᠠᠶᠢᠳᠠᠭ᠃ ᠬᠡᠯᠡᠯᠭᠡᠨ ᠦᠭᠡᠢ ᠰᠠᠴᠤᠷᠠᠭ ᠤᠨ ᠡᠰ ᠢ ᠠᠯᠠᠬᠤ ᠨᠢ ᠪᠠᠰᠨ ᠴᠤ ᠨᠢᠭᠡᠨ ᠮᠠᠭᠠᠳ ᠦᠭᠡᠢ ᠶᠠᠪᠤᠴᠠ ᠪᠤᠰᠤ ᠪᠣᠯᠬᠤᠷ᠂ ᠵᠣᠩᠬᠢᠯᠠᠬᠤ ᠪᠠᠶᠢᠳᠠᠯ ᠳᠤ ᠨᠢᠭᠡ ᠪᠤᠶᠤ ᠡᠰᠡᠭᠦᠯ᠎ᠡ ᠴᠦᠬᠡᠨ ᠲᠣᠭᠠᠨ ᠤ ᠡᠰ ᠦᠬᠦᠬᠦ ᠨᠢ ᠬᠦᠮᠦᠨ ᠤ ᠪᠡᠶ᠎ᠡ ᠳᠤ ᠨᠦᠯᠦᠭᠡ ᠪᠣᠯᠬᠤ ᠦᠭᠡᠢ ᠶᠣᠮ᠃ ᠭᠡᠪᠡᠴᠤ ᠶᠡᠭᠡ ᠬᠡᠮᠵᠢᠶᠡᠨ ᠤ ᠡᠰ ᠠᠯᠠᠭᠳᠠᠪᠠᠯ ᠬᠠᠷᠢᠨ ᠡᠷᠬᠡᠲᠡᠨ ᠨᠡᠬᠡᠳᠡᠰᠤ ᠶᠢᠨ ᠭᠡᠮᠲᠦᠯ ᠪᠣᠯᠣᠨ ᠢᠯᠡᠷᠡᠳᠡᠭ᠃       5. ᠡᠷᠬᠡᠲᠡᠨ ᠨᠡᠬᠡᠳᠡᠰᠤ ᠶᠢᠨ ᠭᠡᠮᠲᠦᠯ     ᠬᠦᠮᠦᠨ ᠤ ᠪᠡᠶ᠎ᠡ ᠶᠢᠨ ᠡᠷᠬᠡᠲᠡᠨ ᠨᠡᠬᠡᠳᠡᠰᠤ ᠶᠢᠨ ᠭᠡᠮᠲᠦᠯ ᠢ ᠪᠠᠷᠤᠭ ᠰᠠᠴᠤᠷᠠᠭ ᠢ ᠢᠯᠡᠷᠡᠭᠦᠯᠦᠭᠰᠡᠨ ᠪᠠ ᠬᠡᠷᠡᠭᠯᠡᠭᠡᠳ ᠳᠡᠮᠡᠢ ᠤᠳᠠᠭᠰᠠᠨ ᠦᠭᠡᠢ ᠪᠠᠷ ᠣᠯᠵᠦ ᠠᠩᠬᠠᠷᠤᠭᠰᠠᠨ ᠪᠠᠶᠢᠳᠠᠭ᠃ ᠰᠡᠭᠦᠯᠡᠷ ᠨᠢ ᠪᠠᠰᠨ ᠭᠤᠣᠯ ᠡᠰ ︵Progenitor Cell︶ ᠨᠢ ᠠᠯᠠᠭᠳᠠᠭᠰᠠᠨ ᠢᠯᠠᠩᠭᠤᠶ᠎ᠠ ᠴᠢᠮᠦᠭᠡ᠂ ᠴᠡᠭᠡᠵᠢᠨ ᠪᠣᠯᠴᠢᠷᠬᠠᠢ᠂ ᠳᠡᠯᠢᠭᠦᠦ᠂ ᠯᠢᠮᠹ ᠤᠨ ᠵᠠᠩᠬᠢᠯᠠᠭ᠎ᠠ᠂ ᠨᠠᠷᠢᠨ ᠭᠡᠳᠡᠰᠤ ᠵᠡᠷᠭᠡ DNA ᠶᠢᠨ ᠨᠡᠶᠢᠯᠡᠯᠭᠡ ᠦᠷᠨᠢᠩᠭᠦᠢ ᠡᠷᠬᠡᠲᠡᠨ ᠨᠡᠬᠡᠳᠡᠰᠤ ᠨᠦᠭᠦᠳ ᠤᠨ ᠭᠡᠮᠲᠦᠯ ᠨᠢ ᠨᠡᠩ ᠢᠯᠡᠭᠦᠦ ᠭᠡᠳᠡᠭ ᠢ ᠮᠡᠳᠡᠭᠰᠡᠨ ᠪᠠᠶᠢᠨ᠎ᠠ᠃ ᠰᠠᠴᠤᠷᠠᠯ ᠤᠨ ᠡᠷᠬᠡᠲᠡᠨ ᠨᠡᠬᠡᠳᠡᠰᠤ ᠨᠦᠭᠦᠳ ᠳᠠᠬᠢ ᠦᠢᠰᠭᠡᠯ ᠨᠢ ᠭᠤᠣᠯᠳᠠᠭᠤ ᠲᠦᠷᠦᠭᠦᠤ ᠬᠡᠳᠦᠨ ᠭᠠᠷᠠᠭ ᠪᠣᠶᠤ ᠲᠦᠷᠦᠭᠦᠦ ᠬᠡᠳᠦᠨ ᠰᠠᠷ᠎ᠠ ᠶᠢᠨ ᠲᠤᠲᠤᠷ᠎ᠠ ᠳᠠᠷᠤᠢ ᠠᠷᠠᠰᠤ ᠬᠦᠷᠦᠰᠦ ᠨᠢ ᠤᠯᠠᠶᠢᠨ ᠬᠠᠪᠤᠳᠤᠬᠤ ᠪᠣᠶᠤ ᠬᠠᠯᠠᠭᠠᠭᠳᠠᠨ ᠲᠦᠯᠡᠭᠳᠡᠬᠦ᠂ ᠬᠡᠵᠢᠭᠡ ᠦᠰᠦ ᠤᠨᠠᠬᠤ᠂ ᠰᠠᠯᠢᠰᠤᠲᠤ ᠪᠦᠷᠬᠦᠪᠴᠢ ᠨᠢ ᠡᠪᠳᠡᠭᠳᠡᠬᠦ᠂ ᠭᠡᠳᠡᠰᠦᠨ ᠤ ᠨᠢᠯᠴᠠᠭᠠᠢ ᠪᠦᠷᠬᠦᠪᠴᠢ ᠨᠢ ᠨᠤᠯᠲᠠᠷᠠᠬᠤ ᠪᠠ ᠴᠢᠰᠤ ᠪᠦᠲᠦᠭᠡᠬᠦ ᠴᠢᠳᠠᠪᠤᠷᠢ ᠶᠢᠨ ᠬᠠᠷᠰᠢ ᠰᠠᠭᠠᠳ  ᠵᠡᠷᠭᠡ ᠲᠦᠷᠭᠡᠨ ᠴᠢᠨᠠᠷᠲᠠᠢ ᠰᠠᠴᠤᠷᠠᠭ ᠤᠨ ᠬᠠᠮ ᠡᠪᠡᠳᠴᠢᠨ ᠵᠡᠷᠭᠡ ᠭᠡᠮᠲᠦᠯ ᠢᠯᠡᠷᠡᠨ᠎ᠡ᠃ ᠬᠤᠶᠢᠰᠢᠲᠠ ᠶᠢᠨ ᠨᠢᠭᠡ ᠪᠦᠯᠦᠭ ᠴᠠᠭ ᠬᠤᠭᠤᠴᠠᠭᠠᠨ ᠳᠤ ᠪᠠᠰᠨ ᠠᠷᠠᠰᠤᠨ ᠤ ᠬᠢᠯᠭᠠᠰᠤᠨ ᠰᠤᠳᠠᠯ ᠲᠡᠯᠡᠬᠦ᠂ ᠡᠯ᠎ᠡ ᠵᠦᠢᠯ ᠤᠨ ᠵᠦᠭᠡᠯᠡᠨ ᠨᠡᠬᠡᠳᠡᠰᠤ ᠪᠣᠶᠤ ᠴᠣᠯᠤ ᠡᠷᠬᠡᠲᠡᠨ ᠰᠢᠷᠬᠡᠭᠵᠢᠬᠦ᠂ ᠲᠠᠷᠢᠬᠢ ᠪᠣᠶᠤ ᠨᠤᠭᠤᠰᠤᠨ ᠤ ᠭᠡᠮᠲᠦᠯ ᠵᠢᠴᠢ ᠰᠤᠳᠠᠯ ᠤᠨ ᠭᠡᠮᠲᠦᠯ ᠵᠡᠷᠭᠡ ᠰᠡᠭᠦᠯᠴᠢ ᠶᠢᠨ ᠦᠶ᠎ᠡ ᠶᠢᠨ ᠦᠢᠰᠭᠡᠯ ᠭᠠᠷᠳᠠᠭ᠃ ᠭᠡᠮᠲᠦᠭᠰᠡᠨ ᠨᠡᠬᠡᠳᠡᠰᠤ᠂ ᠡᠷᠬᠡᠲᠡᠨ ᠨᠢ ᠪᠠᠰᠨ ᠪᠡᠶ᠎ᠡ ᠶᠢᠨ ᠪᠣᠳᠠᠰ ᠤᠨ ᠰᠣᠯᠢᠯᠴᠠᠭ᠎ᠠ ᠶᠢ ᠡᠮᠬᠢ ᠵᠠᠮᠪᠠᠷᠠᠭ᠎ᠠ ᠦᠭᠡᠢ ᠪᠣᠯᠭᠠᠨ ᠴᠢᠳᠠᠪᠤᠷᠢ ᠶᠢᠨ ᠵᠣᠬᠢᠴᠠᠯ ᠢ ᠨᠢ ᠠᠯᠳᠠᠭᠤᠯᠤᠨ᠂ ᠬᠦᠨᠳᠤ ᠨᠣᠴᠢᠲᠠᠢ ᠨᠢ ᠪᠦᠬᠦ ᠪᠡᠶ᠎ᠡ ᠶᠢ ᠭᠡᠮᠲᠦᠭᠡᠵᠦ ᠴᠢᠨᠠᠭᠰᠢᠯᠠᠪᠠᠯ ᠦᠬᠦᠭᠦᠯᠳᠡᠭ  ᠃             ︵1︶  ᠠᠷᠠᠰᠤ ᠬᠦᠷᠦᠰᠦ ᠶᠢ ᠭᠡᠮᠲᠦᠭᠡᠬᠦ     χ ᠰᠠᠴᠤᠷᠠᠭ ᠢ ᠢᠯᠡᠷᠡᠭᠦᠯᠦᠭᠡᠳ ᠬᠤᠶᠡᠷ ᠰᠠᠷ᠎ᠠ  ᠪᠣᠯᠤᠭ᠎ᠠ ᠦᠭᠡᠢ ᠪᠠᠷ᠂ χ ᠰᠠᠴᠤᠷᠠᠭ ᠤᠨ ᠴᠣᠯᠴᠤᠩ ᠢ ᠡᠭᠦᠳᠦᠭᠴᠢ Grubbé ᠤᠨ ᠭᠠᠷ ᠨᠢ ︿ ᠣᠨᠴᠤᠭᠤᠢ ᠠᠷᠠᠰᠤᠨ ᠦᠷᠪᠢᠰᠦᠯ﹀ ᠣᠯᠤᠭᠰᠠᠨ ᠪᠠᠶᠢᠯ᠎ᠠ᠃ 1896 ᠣᠨ ᠳᠤ᠂ ︿ᠪᠠᠶᠢᠭᠠᠯᠢ﹀ ᠰᠡᠳᠭᠦᠯ ᠳᠡᠭᠡᠷ᠎ᠡ ᠭᠠᠷ ᠨᠢ χ ᠰᠠᠴᠤᠷᠠᠭ ᠲᠤ ᠣᠯᠠᠨᠲᠠ ᠳᠤᠰᠬᠠᠭᠳᠠᠭᠠᠳ ᠢᠯᠡᠷᠡᠭᠰᠡᠨ ᠦᠢᠰᠭᠡᠯ ᠢ ᠮᠡᠳᠡᠭᠡᠯᠡᠵᠦ᠂ Stewens ᠭᠡᠭᠴᠢ ᠬᠦᠮᠦᠨ ᠪᠠᠰᠨ χ ᠰᠠᠴᠤᠷᠠᠭ ᠨᠢ ᠠᠷᠠᠰᠤ ᠮᠢᠬᠠᠨ ᠳᠤ ᠤᠯᠠᠭᠠᠨ ᠲᠣᠯᠪᠤ ᠰᠠᠭᠤᠯᠭᠠᠬᠤ ᠪᠠ ᠬᠠᠪᠤᠳᠤᠭᠤᠯᠬᠤ ᠶᠢ ᠴᠤ ᠮᠡᠳᠡᠭᠡᠯᠡᠭᠰᠡᠨ ᠪᠠᠶᠢᠯ᠎ᠠ᠃ 1897 ᠣᠨ ᠤ 2 ᠳ᠋ᠤᠭᠠᠷ ᠰᠠᠷ᠎ᠠ ᠳᠤ Gilchrist ᠠᠴᠠ χ ᠰᠠᠴᠤᠷᠠᠭ ᠤᠨ ᠠᠷᠠᠰᠤᠨ ᠦᠷᠪᠢᠰᠤᠯ ᠣᠯᠤᠭᠰᠠᠨ 23 ᠬᠦᠮᠦᠨ ᠤ ᠪᠠᠶᠢᠳᠠᠯ ᠢ ᠴᠤ ᠮᠡᠳᠡᠭᠡᠯᠡᠵᠠᠢ᠃ 1900 ᠣᠨ ᠳᠤ᠂ Walkoff ᠠᠴᠠ ᠷᠠᠳᠢ ᠨᠢ ᠪᠠᠰᠨ ᠠᠷᠠᠰᠤᠨ ᠦᠷᠪᠢᠰᠦᠯ ᠡᠭᠦᠰᠭᠡᠨ᠎ᠡ ᠭᠡᠵᠦ ᠵᠢᠭᠠᠨ ᠭᠠᠷᠭᠠᠭᠰᠠᠨ ᠪᠦᠭᠡᠳ ᠮᠦᠨ ᠵᠢᠯ ᠤᠨ 11 ᠳ᠋ᠤᠭᠡᠷ ᠰᠠᠷ᠎ᠠ ᠳᠤ᠂ Giesel ᠠᠴᠠ ᠹᠷᠤᠮᠲᠤ ᠷᠠᠳᠢ ᠪᠠᠷ ᠲᠡᠭᠦᠨ ᠤ ᠠᠳᠬᠤᠭᠠᠯ ᠤᠨ ᠬᠡᠰᠡᠭ  ᠢᠶᠠᠨ 2 ᠴᠠᠭ ᠲᠤᠰᠬᠠᠭᠠᠭᠠᠳ᠂ ᠠᠷᠠᠰᠤ ᠮᠢᠬ᠎ᠠ ᠨᠢ ᠭᠡᠮᠲᠦᠭᠰᠡᠨ ᠢ ᠲᠦᠷᠰᠦᠯᠡᠨ ᠶᠠᠷᠢᠵᠦ ᠪᠠᠶᠢᠭᠰᠠᠨ ᠭᠡᠳᠡᠭ᠃ 1901 ᠣᠨ ᠳᠤ᠂ ᠪᠧᠺᠯᠧᠷ ︵︶ ᠪᠣᠯᠣᠨ ᠺᠶᠦ᠋ᠷᠢ ︵︶ ᠨᠠᠷ ᠴᠤ ᠲᠡᠳᠡᠨ ᠤ ᠲᠤᠷᠰᠢᠯᠭ᠎ᠠ ᠪᠠᠨ ᠲᠦᠷᠰᠦᠯᠡᠨ ᠦᠭᠦᠯᠡᠵᠦ ᠪᠠᠶᠢᠵᠠᠢ᠃ ᠪᠧᠺᠯᠧᠷ ᠲᠡᠷᠡᠬᠦ ᠷᠠᠳᠢ ᠶᠢᠨ ᠳᠠᠪᠤᠰᠤ ᠬᠢᠳᠡᠭ ᠪᠢᠴᠢᠬᠠᠨ ᠰᠢᠯ ᠴᠣᠯᠴᠣᠩ ᠢᠶᠠᠨ ᠬᠦᠷᠮᠡᠨ ᠳᠡᠭᠡᠨ 6 ᠴᠠᠭ ᠬᠢᠷᠢᠲᠠᠢ ᠬᠠᠷᠮᠠᠯᠠᠭᠠᠳ᠂ ᠨᠢᠭᠡ ᠭᠠᠷᠠᠭ ᠤᠨ ᠳᠠᠷᠠᠭ᠎ᠠ ᠲᠡᠷᠡᠬᠦ ᠬᠡᠰᠡᠭ ᠤᠨ ᠠᠷᠠᠰᠤ ᠨᠢ ᠤᠯᠠᠶᠢᠭᠠᠳ᠂ 11 ᠡᠳᠤᠷ ᠳᠡᠭᠡᠷ᠎ᠡ ᠪᠠᠨ ᠨᠤᠯᠲᠠᠷᠠᠨ ᠤᠨᠠᠭᠰᠠᠨ ᠭᠡᠯ᠎ᠡ᠃  ᠺᠶᠦ᠋ᠷᠢ ᠶᠢᠨ ᠡᠾᠷᠤᠮᠲᠤ ᠷᠠᠳᠢ ᠲᠠᠢ 10 ᠴᠠᠭ ᠬᠦᠷᠦᠯᠴᠡᠭᠰᠡᠨ ᠠᠷᠠᠰᠤ ᠮᠢᠬ᠎ᠠ ᠨᠢ ᠭᠤᠷᠪᠠᠳᠡᠬᠢ ᠭᠠᠷᠠᠭ ᠳᠡᠭᠡᠷ᠎ᠡ ᠪᠠᠨ ᠪᠠᠰᠨ  ᠨᠤᠯᠲᠠᠷᠠᠨ ᠤᠨᠠᠭᠰᠠᠨ ᠪᠠᠶᠢᠵᠠᠢ᠃ 1902 ᠣᠨ ᠳᠤ᠂ Frieben ᠠᠴᠠ χ ᠰᠠᠴᠤᠷᠠᠭ ᠤᠨ ︿ᠤᠵᠢᠭ ᠴᠢᠨᠠᠷᠲᠠᠢ﹀ ᠨᠤᠯᠲᠠᠷᠠᠯ ᠨᠢ  ᠠᠷᠠᠰᠤᠨ ᠦᠮᠠᠨ ᠪᠣᠯᠤᠭᠰᠠᠨ ᠢ ᠬᠠᠮᠤᠭ ᠲᠦᠷᠦᠭᠦᠦ ᠮᠡᠳᠡᠭᠡᠯᠡᠯ᠎ᠡ᠃  ᠵᠠᠷᠢᠮ ᠰᠠᠴᠤᠷᠠᠭ ᠤᠨ ᠤᠬᠠᠭᠠᠨᠲᠠᠨ ᠨᠠᠷ ᠴᠤ χ ᠰᠠᠴᠤᠷᠠᠭ ᠢ ᠬᠡᠷᠡᠭᠯᠡᠬᠦ ᠪᠠᠨ ᠵᠣᠭᠰᠤᠭᠠᠳ 25 ᠵᠢᠯ ᠪᠣᠯᠤᠭᠰᠠᠨ ᠤ ᠬᠤᠶᠢᠨ᠎ᠠ ᠪᠠᠰᠨ ᠠᠷᠠᠰᠤᠨ ᠡᠪᠡᠳᠴᠢᠨ ᠡᠭᠦᠰᠦᠭᠰᠡᠨ ᠪᠠᠶᠢᠯ᠎ᠠ᠃       ︵2︶ ᠦᠮᠡᠨ ᠪᠠ ᠬᠠᠪᠤᠳᠠᠷ ᠣᠯᠤᠭᠤᠯᠬᠤ     1935~1954 ᠣᠨ ᠤ ᠬᠤᠭᠤᠷᠣᠨᠲᠤ᠂ ᠠᠩᠭ᠍ᠯᠢ ᠤᠯᠤᠰ ᠤᠨ ᠬᠢᠨ ᠬᠦᠰᠢᠭᠦᠨ ᠴᠢᠨᠠᠷᠲᠤ ᠭᠤᠣᠯ ᠨᠢᠷᠤᠭᠤᠨ ᠦᠷᠪᠢᠰᠦᠯ ᠣᠯᠤᠭᠰᠠᠳ ᠢ χ ᠰᠠᠴᠤᠷᠠᠭ ᠲᠤᠰᠬᠠᠨ ᠡᠮᠨᠡᠨ ᠵᠠᠰᠠᠵᠦ ᠪᠠᠶᠢᠪᠠ᠃ 1944~1951ᠣᠨ ᠤ ᠬᠤᠭᠤᠷᠣᠨᠲᠤ᠂ ᠭᠧᠷᠮᠠᠨ ᠤᠯᠤᠰ ᠤᠨ ᠬᠢᠨ ᠴᠤ ᠷᠠᠳᠢ — 224 ᠢ ᠵᠡᠭᠦᠯᠡᠨ ᠬᠦᠰᠢᠭᠦᠨ ᠴᠢᠨᠠᠷᠲᠤ ᠰᠡᠭᠡᠷ ᠨᠢᠷᠤᠭᠤᠨ ᠡᠪᠡᠳᠴᠢᠨ᠂ ᠦᠶ᠎ᠡ ᠭᠡᠰᠢᠭᠦᠦ ᠶᠢᠨ ᠦᠷᠪᠢᠰᠦᠯ ᠪᠣᠯᠣᠨ ᠰᠦᠷᠢᠶ᠎ᠡ ᠡᠪᠡᠳᠴᠢᠲᠡᠨ ᠢ ᠵᠠᠰᠠᠵᠦ ᠪᠠᠶᠢᠵᠠᠢ᠃ 1928~1954 ᠣᠨ ᠤ ᠬᠤᠭᠤᠷᠣᠨᠲᠤ᠂ ᠵᠠᠷᠢᠮ ᠨᠢᠭᠡ ᠪᠦᠯᠦᠭ ᠤᠯᠤᠰ ᠣᠷᠣᠨ ᠨᠤᠭᠤᠳ ᠨᠢ ᠲᠣᠷᠢᠲᠤ ᠳᠣᠳᠤᠷᠠᠭᠤᠯᠤᠭᠴᠢ ︵Thorotrast︶ ᠶᠢ ᠬᠡᠷᠡᠭᠯᠡᠨ ᠡᠯᠢᠭᠡ᠂ ᠳᠡᠯᠢᠭᠦᠦ᠂ ᠰᠤᠳᠠᠯ ᠵᠡᠷᠭᠡ  ᠵᠦᠭᠡᠯᠡᠨ ᠨᠡᠬᠡᠳᠡᠰᠦ ᠡᠷᠬᠡᠲᠡᠨ ᠤ χ ᠰᠠᠴᠤᠷᠠᠭ ᠤᠨ ᠵᠢᠷᠤᠭ ᠲᠠᠲᠠᠵᠦ ᠪᠠᠶᠢᠪᠡ᠃ ᠰᠡᠭᠦᠯᠡᠷ ᠨᠢ ᠲᠡᠳᠡᠭᠡᠷ ᠪᠠᠶᠢᠴᠠᠭᠠᠯᠭᠠᠭᠰᠠᠳ ᠪᠠ ᠡᠪᠡᠳᠴᠢᠳᠡᠳ ᠨᠢ ᠴᠢᠰᠤ ᠴᠠᠶᠢᠬᠤ ᠡᠪᠡᠳᠴᠢᠨ᠂ ᠶᠠᠰᠤᠨ ᠤ ᠪᠠᠮ᠂ ᠡᠯᠢᠭᠡᠨ ᠦᠮᠡᠨ ᠵᠡᠷᠭᠡ ᠬᠤᠣᠷᠠᠲᠤ ᠬᠠᠪᠤᠳᠠᠷ ᠣᠯᠤᠭᠰᠠᠨ ᠪᠠᠶᠢᠪᠠ᠃ Ledoux—Lebard ᠤᠨ ᠪᠦᠷᠢᠳᠬᠡᠭᠰᠡᠨ ᠢ ᠦᠨᠳᠦᠰᠦᠯᠡᠪᠡᠯ᠂ 1922 ᠣᠨ ᠪᠣᠯᠬᠤ ᠳᠤ ᠨᠢᠭᠡᠨᠲᠡ 100 ᠭᠠᠷᠤᠢ ᠰᠠᠴᠤᠷᠠᠭ ᠤᠨ ᠠᠵᠢᠯᠲᠠᠳ ᠠᠵᠢᠯ ᠤᠨ ᠨᠦᠯᠦᠭᠡᠨ ᠤ  ᠬᠤᠣᠷᠠᠲᠤ ᠦᠮᠡᠨ  ᠳᠤ ᠦᠬᠦᠭᠰᠡᠨ ᠪᠠᠶᠢᠪᠠ᠃ ᠬᠡᠲᠤ ᠣᠯᠠᠨ ᠡᠭᠦᠰᠦᠭᠰᠡᠨ ᠬᠤᠣᠷᠠᠲᠤ ᠡᠪᠡᠳᠴᠢᠨ ᠡᠮᠬᠡᠭ ᠨᠢ ᠲᠡᠳᠡᠨ ᠤ ᠠᠮᠢ ᠨᠠᠰᠤ ᠶᠢ ᠢᠯᠠᠤᠲᠠ ᠪᠤᠭᠤᠨᠢᠰᠬᠠᠭᠰᠠᠨ ᠪᠠᠶᠢᠯ᠎ᠠ᠃      1︶ ᠬᠠᠪᠤᠳᠠᠷ᠄ 1904 ᠣᠨ ᠳᠤ᠂ ᠰᠠᠴᠤᠷᠠᠯ ᠠᠴᠠ ᠪᠣᠯᠵᠦ ᠬᠤᠣᠷᠠᠲᠤ ᠡᠪᠡᠳᠴᠢᠨ ᠡᠮᠬᠡᠭ ᠲᠤ ᠨᠡᠷᠪᠡᠭᠳᠡᠭᠰᠡᠨ 104 ᠬᠦᠮᠦᠰ ᠢ Feygin ᠵᠢᠱᠢᠶᠡᠯᠡᠵᠦ ᠪᠠᠶᠢᠯ᠎ᠠ᠃ 1906 ᠣᠨ ᠳᠤ᠂ Bergoniè ᠪᠣᠯᠣᠨ Tribondeau ᠨᠠᠷ ᠰᠠᠴᠤᠷᠠᠭ ᠤᠨ ᠠᠵᠢᠯᠲᠠᠳ ᠬᠡᠲᠦᠷᠬᠡᠢ ᠲᠤᠰᠬᠠᠭᠳᠠᠭᠰᠠᠨ ᠠᠴᠠ ᠪᠣᠯᠵᠦ ᠬᠠᠪᠤᠳᠠᠷ ᠣᠯᠵᠦ ᠪᠠᠶᠢᠬᠤ ᠶᠢ ᠠᠩᠬᠠᠷᠴᠤ ᠪᠠᠶᠢᠪᠠ᠃ 1911 ᠣᠨ ᠳᠤ᠂ Krause ᠠᠴᠠ ᠠᠨᠠᠭᠠᠬᠤ ᠤᠬᠠᠭᠠᠨ ᠤ ᠰᠠᠴᠤᠷᠠᠭ ᠤᠨ ᠠᠵᠢᠯᠲᠠᠨ 54 ᠬᠦᠮᠦᠰ  ᠨᠢᠭᠡᠨᠲᠡ ᠬᠤᠣᠷᠠᠲᠤ ᠡᠪᠡᠳᠴᠢᠨ ᠡᠮᠬᠡᠭ ᠲᠤ ᠦᠬᠦᠭᠰᠡᠨ ᠢ ᠣᠯᠵᠦ ᠠᠩᠬᠠᠷᠤᠭᠠᠳ ᠬᠦᠮᠦᠰ ᠢ ᠰᠡᠷᠡᠮᠵᠢᠯᠡᠭᠦᠯᠵᠦ ᠪᠠᠶᠢᠯ᠎ᠠ᠃ 1911 ᠣᠨ ᠳᠤ ᠡᠾᠧᠰᠸᠢ ︵Hesse︶  χ ᠰᠠᠴᠤᠷᠠᠭ ᠠᠴᠠ ᠪᠣᠯᠵᠦ ᠪᠡᠶ᠎ᠡ ᠳᠣᠲᠤᠷ᠎ᠠ ᠨᠢ ᠬᠠᠪᠤᠳᠠᠷ ᠭᠠᠷᠤᠭᠰᠠᠨ‌ᠨᠢ 94 ᠬᠦᠮᠦᠰ ᠢ ᠰᠣᠳᠤᠯᠤᠨ ᠰᠢᠨᠵᠢᠯᠡᠭᠰᠡᠨ ᠳᠤ᠂ ᠲᠡᠳᠡᠨ ᠤ ᠳᠣᠲᠤᠷᠠᠬᠢ 50 ᠬᠦᠮᠦᠰ ᠨᠢ ᠰᠠᠴᠤᠷᠠᠭ ᠤᠨ ᠤᠬᠠᠭᠠᠨᠲᠠᠨ ᠪᠠᠶᠢᠵᠠᠢ᠃     2︶ ᠶᠠᠰᠤ ᠮᠢᠬᠠᠨ ᠤ ᠬᠠᠪᠤᠳᠠᠷ᠄ 20 ᠳ᠋ᠤᠭᠠᠷ ᠵᠠᠭᠤᠨ ᠤ 20 ᠭᠠᠳ ᠣᠨ ᠳᠤ᠂ ᠠᠮᠧᠷᠢᠺᠠ ᠤᠯᠤᠰ ᠤᠨ ᠬᠢᠨ ᠷᠠᠳᠢᠲᠤ ᠭᠡᠷᠡᠯᠲᠦᠭᠦᠯᠬᠦ ᠮᠠᠲ᠋ᠧᠷᠢᠶᠠᠯ ᠢᠶᠠᠷ ᠰᠦᠨᠢ ᠭᠡᠷᠡᠯᠲᠦᠬᠦ ᠴᠠᠭ ᠤᠨ ᠨᠢᠭᠤᠷ ᠢ ᠬᠡᠷᠴᠢᠮᠯᠡᠵᠦ ᠪᠠᠶᠢᠪᠠ᠃ ᠡᠨᠡᠬᠦ ᠠᠵᠢᠯ ᠨᠢ ᠬᠦᠡᠭᠭᠡᠨ ᠪᠦᠭᠡᠳ ᠨᠠᠷᠢᠯᠢᠭ ᠪᠣᠯᠬᠤᠷ ᠠᠵᠢᠯᠴᠢᠨ ᠨᠢ ᠪᠦᠷ ᠣᠷᠢ ᠵᠠᠯᠠᠭᠤ ᠪᠦᠰᠡᠭᠦᠶᠢᠴᠦᠳ ᠪᠠᠶᠢᠪᠠ᠃ ᠲᠡᠳᠡᠨᠡᠷ ᠷᠠᠳᠢ ᠳᠤ ᠳᠦᠷᠢᠭᠰᠡᠨ ᠪᠢᠷ ᠢᠶᠠᠨ ᠤᠷᠤᠭᠤᠯ ᠬᠡᠯᠨ ᠪᠠᠷ ᠢᠶᠠᠨ ᠨᠠᠷᠢᠰᠬᠠᠨ ᠦᠵᠦᠭᠦᠷᠯᠡᠳᠡᠭ ᠠᠴᠠ ᠬᠦᠨᠳᠤ ᠨᠣᠴᠢᠲᠠᠢ ᠳᠣᠲᠤᠷ᠎ᠠ ᠰᠠᠴᠤᠷᠠᠭᠲᠤ ᠳᠤ ᠲᠤᠰᠬᠠᠭᠳᠠᠭᠰᠠᠨ ᠪᠠᠶᠢᠵᠠᠢ᠃ Martland ᠨᠠᠷ ᠤᠨ 1925 ᠣᠨ ᠤ ᠮᠡᠳᠡᠭᠦᠯᠦᠯᠲᠡ ᠶᠢ ᠦᠨᠳᠦᠰᠦᠯᠡᠪᠡᠯ᠂ ᠡᠳᠡᠭᠡᠷ ᠡᠮᠡᠭᠲᠠᠶᠢᠴᠤᠳ ᠪᠠᠷᠤᠭ ᠬᠡᠳᠦᠨ ᠠᠷᠪᠠ ᠴᠢᠨᠠᠭᠰᠢᠯᠠᠪᠠᠯ ᠬᠡᠳᠦᠨ ᠵᠠᠭᠤᠨ ᠮᠢᠺᠷᠤ᠋ ᠺᠶᠦ᠋ᠷᠢ ᠶᠢᠨ ᠷᠠᠳᠢ ᠶᠢ ᠵᠠᠯᠭᠢᠨ ᠣᠷᠤᠭᠤᠯᠤᠭᠰᠠᠨ ᠪᠦᠭᠡᠳ ᠡᠭᠦᠨ ᠠᠴᠠ ᠪᠣᠯᠵᠦ ᠲᠤᠬᠠᠢ ᠶᠢᠨ ᠦᠶ᠎ᠡ ᠳᠤ ᠨᠢᠭᠡᠨᠲᠡ 50 ᠭᠠᠷᠤᠢ ᠬᠦᠮᠦᠰ ᠶᠠᠰᠤᠨ ᠬᠠᠪᠤᠳᠠᠷ ᠪᠠ ᠬᠠᠮᠠᠷ ᠤᠨ ᠬᠦᠨᠳᠡᠢ ᠶᠢᠨ ᠦᠮᠡᠨ ᠣᠯᠤᠭᠰᠠᠨ ᠪᠠᠶᠢᠳᠠᠭ᠃     3︶ ᠠᠭᠤᠰᠬᠢᠨ ᠦᠮᠡᠨ᠄  ᠪᠠᠷᠤᠭ 1500 ᠣᠨ ᠤ ᠦᠶᠡᠰ ᠢᠶᠠᠷ ᠭᠧᠷᠮᠠᠨ ᠤᠯᠤᠰ ᠤᠨ ᠡᠮᠦᠨᠡᠲᠤ ᠬᠡᠰᠡᠭ ᠪᠣᠯᠣᠨ ᠴᠧᠺ ᠤᠯᠤᠰ ᠤᠨ ᠪᠠᠷᠠᠭᠤᠨ ᠬᠡᠰᠡᠭ ᠢᠶᠠᠷ  ᠬᠢ ᠵᠠᠷᠢᠮ ᠠᠭᠤᠷᠬᠠᠢ ᠶᠢᠨ ᠠᠵᠢᠯᠴᠢᠳ ᠤᠨ ᠳᠣᠲᠤᠷ᠎ᠠ ᠠᠭᠤᠰᠬᠢᠨ ᠦᠮᠡᠨ ᠢᠶᠠᠷ ᠦᠬᠦᠭᠰᠡᠳ ᠢᠯᠠᠤᠲᠠ ᠣᠯᠠᠨ ᠪᠠᠶᠢᠳᠠᠭ ᠢ K.E.Morgan ᠰᠣᠳᠤᠯᠤᠨ ᠢᠯᠡᠷᠡᠭᠦᠯᠪᠡ᠃ 1925 ᠣᠨ ᠳᠤ᠂ Martland ᠨᠠᠷ ᠤᠨ ᠮᠡᠳᠡᠭᠦᠯᠦᠭᠰᠡᠨ ᠢᠶᠠᠷ ᠪᠣᠯ᠂ ᠠᠮᠧᠷᠢᠺᠠ ᠤᠯᠤᠰ ᠤᠨ ᠰᠠᠺᠰᠧᠨ ᠳᠠᠬᠢ Schneberg ᠤᠨ ᠺᠣᠪᠡᠯᠲ ᠤᠨ ᠠᠭᠤᠷᠬᠠᠢ ᠶᠢᠨ 1875~1917 ᠣᠨ ᠤ ᠬᠤᠭᠤᠷᠣᠨᠳᠤ ᠦᠬᠦᠭᠰᠡᠨ 622 ᠠᠵᠢᠯᠴᠢᠳ ᠤᠨ ᠳᠣᠲᠤᠷ᠎ᠠ 322 ᠨᠢ ᠦᠮᠡᠨ ᠢᠶᠠᠷ ᠦᠬᠦᠵᠦ᠂ ᠡᠭᠦᠨ ᠤ ᠳᠣᠲᠤᠷ᠎ᠠ ᠠᠭᠤᠰᠬᠢᠨ ᠦᠮᠡᠨ ᠢᠶᠠᠷ ᠦᠬᠦᠭᠰᠡᠳ ᠨᠢ 87% ᠶᠢ ᠡᠵᠡᠯᠡᠵᠦ ᠪᠠᠶᠢᠪᠠ᠃ 1921~1926 ᠣᠨ ᠤ ᠬᠤᠭᠤᠷᠣᠨᠳᠤ᠂ ᠲᠤᠰ ᠠᠭᠤᠷᠬᠠᠢ ᠶᠢᠨ ᠦᠬᠦᠭᠰᠡᠨ ᠠᠵᠢᠯᠴᠢᠳ ᠤᠨ ᠳᠣᠲᠤᠷ᠎ᠠ  ᠠᠭᠤᠰᠬᠢᠨ ᠦᠮᠡᠨ ᠢᠶᠠᠷ ᠦᠬᠦᠭᠰᠡᠳ ᠨᠢ 50% ᠪᠠᠶᠢᠵᠠᠢ᠃ ᠪᠦᠱᠢᠮᠢᠶ᠎ᠠ ᠶᠢᠨ Joachimstal ᠳᠠᠬᠢ ᠦᠷᠠᠨ ᠤ ᠬᠦᠳᠡᠷ ᠤᠨ ᠠᠭᠤᠷᠬᠠᠢ ᠶᠢᠨ 1929~1930 ᠣᠨ ᠤ ᠬᠤᠭᠤᠷᠣᠨᠳᠤ ᠦᠬᠦᠭᠰᠡᠨ ᠠᠵᠢᠯᠴᠢᠳ ᠤᠨ ᠳᠣᠲᠤᠷ᠎ᠠ ᠪᠠᠰᠨ ᠬᠠᠭᠠᠰ ᠨᠢ  ᠠᠭᠤᠰᠬᠢᠨ ᠦᠮᠡᠨ ᠢᠶᠠᠷ ᠦᠬᠦᠭᠰᠡᠨ ᠪᠠᠶᠢᠪᠠ᠃  ᠡᠳᠡᠭᠡᠷ ᠠᠭᠤᠷᠬᠠᠢ ᠶᠢᠨ ᠦᠬᠦᠭᠰᠡᠨ ᠠᠵᠢᠯᠴᠢᠳ ᠪᠣᠯ ᠦᠷᠠᠨ ᠤ ᠡᠭᠦᠰᠦᠮᠡᠯ ᠡᠯᠧᠮᠧᠨ᠋ᠲ ᠪᠣᠯᠬᠤ ᠷᠠᠳᠢ —226 ︵226Ra︶᠂ ᠷᠠᠳᠤᠨ —222 ︵222Rn︶ ᠪᠣᠯᠣᠨ ᠫᠣᠯᠣᠨᠢ —218 ︵218Po︶ ᠤᠳ ᠢ ᠠᠮᠢᠰᠬᠤᠨ ᠣᠷᠤᠭᠤᠯᠤᠭᠰᠠᠨ ᠠᠴᠠ ᠪᠣᠯᠤᠭᠰᠠᠨ ᠭᠡᠳᠡᠭ ᠢ ᠬᠤᠵᠢᠮ ᠨᠢ ᠰᠠᠶ᠋ᠢ ᠮᠡᠳᠡᠵᠠᠢ᠃      4︶ ᠴᠢᠰᠤ ᠴᠠᠶᠢᠬᠤ ᠡᠪᠡᠳᠴᠢᠨ᠄   ᠡᠷᠲᠡ ᠦᠶ᠎ᠡ ᠳᠤ χ ᠰᠠᠴᠤᠷᠠᠭ ᠪᠣᠯᠣᠨ ᠷᠠᠳᠢ ᠵᠡᠷᠭᠡ ᠰᠠᠴᠤᠷᠠᠭᠲᠤ ᠪᠣᠳᠠᠰ ᠢ ᠰᠣᠳᠤᠯᠵᠦ ᠪᠠᠶᠢᠭᠰᠠᠨ ᠵᠠᠷᠢᠮ ᠨᠢᠭᠡ ᠪᠦᠯᠦᠭ ᠰᠢᠨᠵᠢᠯᠡᠬᠦ ᠤᠬᠠᠭᠠᠨᠲᠠᠳ᠂ ᠬᠡᠷᠡᠭᠯᠡᠵᠦ ᠪᠠᠶᠢᠭᠰᠠᠨ ᠡᠮᠴᠢ ᠪᠠ ᠮᠡᠷᠭᠡᠵᠢᠯᠲᠡᠳ ᠲᠡᠷᠡᠴᠢᠯᠡᠨ ᠠᠮᠢ ᠨᠠᠰᠤᠨ ᠳᠤ ᠬᠦᠷᠬᠦ ᠭᠡᠮᠲᠦᠯ ᠬᠦᠨᠦᠭᠡᠯ ᠳᠤ ᠤᠴᠠᠷᠠᠭᠰᠠᠨ ᠪᠠᠶᠢᠪᠠ᠃ χ ᠰᠠᠴᠤᠷᠠᠭ ᠤᠨ ᠠᠰᠢᠭᠯᠠᠯᠲᠠ ᠬᠡᠷᠡᠭᠯᠡᠯᠲᠡ ᠶᠢᠨ ᠨᠡᠮᠡᠭᠳᠡᠬᠦ ᠶᠢ ᠳᠠᠭᠠᠯᠳᠤᠨ᠂ ᠴᠢᠰᠤ ᠴᠠᠶᠢᠬᠤ ᠡᠪᠳᠴᠢᠨ ᠣᠯᠤᠭᠰᠠᠳ ᠴᠤ ᠳᠠᠬᠢᠨ ᠢᠶᠠᠷ ᠨᠡᠮᠡᠭᠳᠡᠪᠡ᠃ χ ᠰᠠᠴᠤᠷᠠᠭ ᠤᠨ ᠡᠮᠴᠢ ᠨᠠᠷ ᠴᠢᠰᠤ ᠴᠠᠶᠢᠬᠤ ᠡᠪᠳᠴᠢᠨ ᠳᠤ ᠨᠡᠷᠪᠡᠭᠳᠡᠬᠦ ᠨᠢ ᠡᠩ ᠤᠨ ᠬᠦᠮᠦᠰ ᠠᠴᠠ 2 ᠳᠠᠬᠢᠨ ᠪᠠᠶᠢᠵᠦ᠂ ᠴᠢᠰᠤ ᠴᠠᠶᠢᠬᠤ ᠡᠪᠳᠴᠢᠨ ᠢᠶᠠᠷ ᠦᠬᠦᠭᠰᠡᠳ ᠤᠨ ᠨᠣᠷᠮ᠎ᠠ ᠨᠢ ᠴᠤ ᠪᠤᠰᠤᠳ ᠡᠮᠴᠢ ᠨᠠᠷ ᠠᠴᠠ 9 ᠳᠠᠬᠢᠨ ᠪᠠᠶᠢᠪᠠ᠃  ᠺᠶᠦ᠋ᠷᠢ ᠬᠠᠲᠤᠨ ᠪᠣᠯᠣᠨ ᠲᠡᠭᠦᠨ ᠤ ᠦᠬᠢᠨ ᠢᠷᠠᠶᠢᠨ᠂ ᠵᠣᠯᠢᠶᠣᠲ — ᠺᠶᠦ᠋ᠷᠢ ︵︶ ᠴᠤ ᠰᠠᠴᠤᠷᠠᠭ ᠲᠤ ᠬᠡᠲᠦᠷᠬᠡᠢ ᠲᠤᠰᠬᠠᠭᠳᠠᠭᠰᠠᠨ ᠠᠴᠠ ᠪᠣᠯᠵᠦ᠂ ᠴᠢᠰᠤ ᠴᠠᠶᠢᠬᠤ ᠡᠪᠳᠴᠢᠨ ᠢᠶᠠᠷ ᠨᠠᠰᠤ ᠪᠠᠷᠠᠭᠰᠠᠨ ᠪᠠᠶᠢᠯ᠎ᠠ᠃     3. ᠨᠢᠳᠤ ᠪᠠ ᠬᠡᠵᠢᠭᠡ ᠦᠰᠦ ᠶᠢ ᠭᠡᠮᠲᠦᠭᠡᠬᠦ     1896 ᠣᠨ ᠳᠤ᠂ Edison ᠪᠣᠯᠣᠨ ᠲᠡᠭᠦᠨ ᠤ ᠬᠠᠪᠰᠤᠷᠠᠭᠴᠢ Morton ᠤ ᠨᠢᠳᠤ ᠨᠢ ᠰᠠᠴᠤᠷᠠᠭ ᠲᠤ ᠬᠡᠳᠦᠨ ᠴᠠᠭ ᠲᠤᠰᠬᠠᠭᠳᠠᠭᠰᠠᠨ ᠠᠴᠠ ᠨᠢᠳᠤ  ᠨᠢ ᠡᠪᠡᠳᠬᠦ  ᠪᠣᠯᠵᠦ᠂ ᠵᠠᠯᠭᠠᠭᠠᠳ ᠡᠪᠡᠷᠯᠢᠭ ᠪᠦᠷᠬᠦᠪᠴᠢ ᠶᠢᠨ ᠦᠷᠪᠢᠰᠦᠯ ᠪᠣᠯᠤᠭᠰᠠᠨ ᠪᠠᠶᠢᠪᠠ᠃ 1896 ᠣᠨ ᠤ 4 ᠰᠠᠷ᠎ᠠ ᠳᠤ᠂ Danil ᠪᠠᠰᠨ χ ᠰᠠᠴᠤᠷᠠᠭ ᠨᠢ ᠦᠰᠦ ᠬᠠᠯᠴᠠᠷᠠᠭᠤᠯᠳᠠᠭ ᠢ ᠮᠡᠳᠡᠭᠡᠯᠡᠭᠰᠡᠨ ᠶᠣᠮ᠃      20 ᠳ᠋ᠤᠭᠠᠷ ᠵᠠᠭᠤᠨ ᠤ 40 ᠭᠡᠳ ᠣᠨ ᠤ ᠳᠤᠮᠳᠠᠴᠢ ᠠᠴᠠ ᠨᠠᠰᠢ᠂ ᠴᠦᠮ᠎ᠡ ᠶᠢᠨ ᠤᠷᠪᠠᠯ ᠤᠨ ᠵᠤᠤᠬ᠎ᠠ ᠵᠢᠴᠢ ᠴᠦᠮ᠎ᠡ ᠶᠢᠨ ᠵᠡᠪᠰᠡᠭ ᠪᠣᠢ ᠪᠣᠯᠤᠭᠰᠠᠨ ᠨᠢ ᠰᠢᠨ᠎ᠡ ᠠᠶᠤᠯ ᠲᠦᠭᠰᠢᠭᠦᠷᠢ ᠢ ᠨᠡᠮᠡᠭᠳᠡᠭᠦᠯᠦᠭᠰᠡᠨ ᠪᠦᠭᠡᠳ ᠲᠡᠳᠡᠭᠡᠷ ᠤᠨ ᠲᠠᠯᠪᠢᠨ ᠭᠠᠷᠭᠠᠭᠰᠠᠨ ᠰᠠᠴᠤᠷᠠᠭᠲᠤ ᠪᠣᠳᠠᠰ ᠤᠳ ᠨᠢ ᠪᠦᠬᠦᠶᠢᠯᠨ ᠠᠭᠠᠷ ᠮᠠᠨᠳᠠᠯ ᠪᠠ ᠳᠠᠯᠠᠢ ᠲᠠᠩᠬᠢᠰ ᠵᠢᠴᠢ ᠬᠦᠷᠦᠰᠦ ᠰᠢᠷᠣᠢ᠂ ᠪᠢᠳᠡᠨ ᠤ ᠢᠳᠡᠵᠦ ᠤᠤᠭᠤᠬᠤ ᠵᠡᠷᠭᠡ ᠠᠯᠢᠪᠠ ᠪᠦᠬᠦᠨ ᠢ ᠴᠦᠮ ᠠᠮᠢ ᠨᠠᠰᠤᠨ ᠳᠤ ᠬᠤᠣᠷᠲᠠᠢ ᠶᠠᠭᠤᠮ᠎ᠠ ᠪᠣᠯᠭᠠᠨ ᠬᠤᠪᠢᠷᠠᠭᠤᠯᠤᠭᠰᠠᠨ ᠪᠠᠶᠢᠨ᠎ᠠ᠃         ᠬᠤᠶᠡᠷ᠂ ᠰᠠᠴᠤᠷᠠᠯ ᠤᠨ ᠬᠦᠮᠦᠨ ᠤ ᠪᠡᠶ᠎ᠡ ᠳᠠᠬᠢ ᠦᠢᠰᠭᠡᠯ      ᠬᠦᠮᠦᠨ ᠤ ᠪᠡᠶ᠎ᠡ ᠶᠢᠨ ᠡᠷᠬᠡᠲᠡᠨ ᠨᠡᠬᠡᠳᠡᠰᠤ ᠵᠢᠨ‌‍ᠰᠠᠴᠤᠷᠠᠯ ᠤᠨ ᠭᠡᠮᠲᠦᠯ ᠨᠢ ᠡᠴᠤᠰ ᠲᠡᠭᠡᠨ ᠪᠣᠳᠠᠭᠠᠯᠢ ᠪᠡᠶ᠎ᠡ ᠳᠤ ᠣᠯᠠᠨ ᠵᠦᠢᠯ ᠤᠨ ᠮᠠᠬᠠᠪᠣᠳ ‍ᠣᠨ‌ᠦᠢᠰᠭᠡᠯ ᠢ ᠦᠳᠦᠭᠡᠨ ᠡᠭᠦᠰᠭᠡᠬᠦ ᠪᠠ ᠲᠡᠷᠡᠴᠢᠯᠡᠨ ᠵᠠᠷᠢᠮ ᠨᠢ ᠬᠤᠶᠢᠴᠢ ᠦᠶ᠎ᠡ ᠳᠤᠨᠢ ᠤᠯᠠᠮᠵᠢᠯᠠᠭᠳᠠᠭᠠᠳ ᠤᠳᠤᠮᠰᠢᠯ ᠤᠨ ᠦᠢᠰᠭᠡᠯ ᠪᠣᠯᠣᠨ ᠢᠯᠡᠷᠡᠵᠦ ᠴᠤ ᠮᠡᠳᠡᠳᠡᠭ᠃ ᠡᠳᠡᠭᠡᠷ ᠦᠢᠰᠭᠡᠯ ᠤᠳ ᠨᠢ ᠭᠤᠣᠯᠳᠠᠭᠤ ᠰᠠᠴᠤᠷᠠᠯ ᠤᠨ ᠰᠢᠨᠵᠢ ᠴᠢᠨᠠᠷ ᠪᠠ ᠪᠣᠳᠠᠭᠠᠯᠢ ᠪᠡᠶ᠎ᠡ ᠶᠢᠨ ᠪᠠᠶᠢᠳᠠᠯ᠂ ᠬᠦᠷᠲᠡᠭᠰᠡᠨ ᠬᠤᠮᠵᠢᠮ ᠪᠣᠶᠤ ᠬᠤᠮᠵᠢᠮᠵᠢ ᠪᠣᠯᠣᠨ ᠲᠤᠰᠬᠠᠭᠳᠠᠭᠰᠠᠨ ᠬᠡᠯᠪᠡᠷᠢ ᠮᠠᠶ᠋ᠢᠭ ᠵᠢᠴᠢ ᠣᠷᠣᠨ ᠵᠠᠢ᠂ ᠴᠠᠭ ᠬᠤᠭᠤᠴᠠᠭ᠎ᠠ ᠵᠡᠷᠭᠡ ᠣᠯᠠᠨ ᠲᠠᠯ᠎ᠠ ᠠᠴᠠ ᠰᠢᠯᠲᠠᠭᠠᠯᠠᠭᠳᠠᠳᠠᠭ᠃     1. ᠰᠠᠴᠤᠷᠠᠯ ᠤᠨ ᠦᠢᠰᠭᠡᠯ ᠤᠨ ᠲᠦᠷᠦᠯ ᠵᠦᠢᠯ      ᠴᠠᠬᠢᠯᠭᠠᠨᠲᠠᠭᠤᠯᠬᠤ ᠰᠠᠴᠤᠷᠠᠯ ᠤᠨ ᠬᠦᠮᠦᠨ ᠤ ᠪᠡᠶ᠎ᠡ ᠳᠤ ᠡᠲᠦᠬᠦ ᠠᠮᠢᠳᠤ ᠪᠣᠳᠠᠰ ᠤᠨ ᠦᠢᠰᠭᠡᠯ ᠢ ᠠᠳᠠᠯᠢ ᠪᠤᠰᠤ ᠬᠠᠷᠠᠭᠠᠰᠤ ᠠᠴᠠ ᠳᠣᠣᠷᠠᠬᠢ ᠬᠡᠳᠦᠨ ᠲᠦᠷᠦᠯ ᠳᠤ ᠠᠩᠬᠢᠯᠠᠵᠦ ᠪᠠᠶᠢᠳᠠᠭ᠃      ︵1︶ ᠮᠠᠬᠠᠪᠣᠳ ‍ᠣᠨ‌ᠦᠢᠰᠭᠡᠯ ᠪᠣᠯᠣᠨ ᠤᠳᠤᠮᠰᠢᠯ ᠤᠨ ᠦᠢᠰᠭᠡᠯ     ᠰᠠᠴᠤᠷᠠᠯ ᠤᠨ ᠠᠮᠢᠳᠤ ᠪᠣᠳᠠᠰ ᠤᠨ ᠦᠢᠰᠭᠡᠯ ᠤᠨ ᠢᠯᠡᠷᠡᠬᠦ ᠪᠣᠰᠤᠳᠴᠢ ᠴᠣᠭᠴᠠ ᠪᠠᠷ ᠨᠢ ᠪᠡᠶ᠎ᠡ ᠮᠠᠬᠠᠪᠣᠳ ‍ᠣᠨ‌ᠦᠢᠰᠭᠡᠯ ᠪᠣᠯᠣᠨ ᠤᠳᠤᠮᠰᠢᠯ ᠤᠨ ᠦᠢᠰᠭᠡᠯ ᠭᠡᠵᠦ ᠠᠩᠬᠢᠯᠠᠵᠦ ᠪᠠᠶᠢᠳᠠᠭ᠃     ᠪᠡᠶ᠎ᠡ ᠮᠠᠬᠠᠪᠣᠳ ‍ᠣᠨ‌ᠦᠢᠰᠭᠡᠯ᠄ ᠰᠠᠴᠤᠷᠠᠯ ᠳᠤ ᠬᠦᠮᠦᠨ ᠤ ᠪᠡᠶ᠎ᠡ ᠶᠢᠨ ᠮᠠᠬᠠᠪᠤᠳ ᠤᠨ ᠡᠰ ᠨᠢ ᠠᠷᠪᠢᠨ ᠠᠯᠠᠭᠳᠠᠭᠰᠠᠨ ᠪᠣᠶᠤ ᠲᠠᠩ ᠡᠰ ᠤᠨ ᠣᠨᠳᠣᠣᠰᠢᠭᠰᠠᠨ  ᠠᠴᠠ ᠪᠣᠯᠵᠦ᠂ ᠳᠤᠰᠬᠠᠯᠲᠠ ᠬᠦᠷᠲᠡᠭᠰᠡᠳ ᠤᠨ ᠲᠤᠰ ᠪᠡᠶᠡᠨ ᠳᠤ ᠢᠯᠡᠷᠡᠬᠦ ᠡᠯ᠎ᠡ ᠵᠦᠢᠯ ᠤᠨ ᠬᠤᠣᠷ ᠬᠦᠨᠦᠭᠡᠯᠲᠤ ᠠᠮᠢᠳᠤ ᠪᠣᠳᠠᠰ ᠤᠨ ᠦᠢᠰᠭᠡᠯ ᠢ ᠪᠡᠶ᠎ᠡ ᠮᠠᠬᠠᠪᠣᠳ ‍ᠣᠨ‌ᠦᠢᠰᠭᠡᠯ  ︵somatic effects︶ ᠭᠡᠳᠡᠭ᠃     ᠤᠳᠤᠮᠰᠢᠯ ᠤᠨ ᠦᠢᠰᠭᠡᠯ᠄ ᠰᠠᠴᠤᠷᠠᠯ ᠳᠤ ᠬᠦᠮᠦᠨ ᠤ ᠪᠡᠶ᠎ᠡ ᠶᠢᠨ ᠦᠷᠡᠵᠢᠯ ᠤᠨ ᠡᠰ ᠨᠢ ᠣᠨᠳᠣᠣᠰᠢᠭᠰᠠᠨ ᠠᠴᠠ ᠪᠣᠯᠵᠦ᠂ ᠳᠤᠰᠬᠠᠯᠲᠠ ᠬᠦᠷᠲᠡᠭᠰᠡᠳ ᠤᠨ ᠬᠤᠶᠢᠴᠢ ᠦᠶ᠎ᠡ ᠶᠢᠨ ᠪᠡᠶᠡᠨ ᠳᠤ ᠢᠯᠡᠷᠡᠬᠦ ᠡᠯ᠎ᠡ ᠵᠦᠢᠯ ᠤᠨ ᠬᠤᠣᠷ ᠬᠦᠨᠦᠭᠡᠯᠲᠤ ᠠᠮᠢᠳᠤ ᠪᠣᠳᠠᠰ ᠤᠨ ᠦᠢᠰᠭᠡᠯ ᠢ ᠤᠳᠤᠮᠰᠢᠯ ᠤᠨ ᠦᠢᠰᠭᠡᠯ ︵Hereditary Effects or genetic effects︶ ᠭᠡᠨ᠎ᠡ᠃       ︵2︶ ᠲᠦᠷᠭᠡᠨ ᠦᠢᠰᠭᠡᠯ ᠪᠣᠯᠣᠨ ᠠᠯᠭᠤᠷ ᠦᠢᠰᠭᠡᠯ      ᠰᠠᠴᠤᠷᠠᠯ ᠤᠨ ᠠᠮᠢᠳᠤ ᠪᠣᠳᠠᠰ ᠤᠨ ᠦᠢᠰᠭᠡᠯ ᠤᠨ ᠢᠯᠡᠷᠡᠬᠦ ᠴᠠᠭ ᠬᠤᠭᠤᠴᠠᠭ᠎ᠠ ᠪᠠᠷ ᠨᠢ ᠪᠠᠰᠨ ᠲᠦᠷᠭᠡᠨ ᠦᠢᠰᠭᠡᠯ ᠪᠣᠯᠣᠨ ᠠᠯᠭᠤᠷ ᠦᠢᠰᠭᠡᠯ ᠭᠡᠵᠦ ᠠᠩᠬᠢᠯᠠᠵᠦ ᠪᠠᠶᠢᠳᠠᠭ᠃      ᠲᠦᠷᠭᠡᠨ ᠦᠢᠰᠭᠡᠯ᠄ ᠰᠠᠴᠤᠷᠠᠯ ᠳᠤ ᠶᠡᠭᠡ ᠬᠡᠮᠵᠢᠶᠡᠨ ᠪᠡᠶ᠎ᠡ ᠶᠢᠨ ᠮᠠᠬᠠᠪᠤᠳ ᠤᠨ ᠡᠰ ᠠᠯᠠᠭᠳᠠᠭᠰᠠᠨ ᠤ ᠳᠠᠷᠠᠭ᠎ᠠ ᠬᠡᠳᠦᠨ ᠡᠳᠦᠷ ᠪᠣᠶᠤ ᠬᠡᠳᠦᠨ ᠭᠠᠷᠠᠭ ᠤᠨ ᠳᠣᠲᠤᠷ᠎ᠠ ᠳᠠᠷᠤᠢ ᠶᠡᠷᠦᠳᠡᠭᠡᠨ ᠲᠤᠰᠬᠠᠭᠳᠠᠭᠰᠠᠨ ᠤ ᠳᠠᠷᠠᠭ᠎ᠠ 60 ᠡᠳᠦᠷ ᠤᠨ ᠳᠣᠲᠤᠷ᠎ᠠ ᠢᠯᠡᠷᠡᠬᠦ ᠦᠢᠰᠭᠡᠯ ᠢ ᠲᠦᠷᠭᠡᠨ ᠦᠢᠰᠭᠡᠯ ︵Acute Radiation Effect︶ ᠪᠣᠶᠤ ᠡᠷᠲᠡ ᠶᠢᠨ ᠦᠢᠰᠭᠡᠯ ︵Early Effect︶ ᠡᠰᠡᠭᠦᠯ᠎ᠡ ᠪᠠᠰᠨ ᠣᠶᠢᠷ᠎ᠠ ᠶᠢᠨ ᠦᠢᠰᠭᠡᠯ ᠴᠤ ᠭᠡᠳᠡᠭ᠃      ᠠᠯᠭᠤᠷ ᠦᠢᠰᠭᠡᠯ᠄ ᠰᠠᠴᠤᠷᠠᠯ ᠳᠤ ᠲᠤᠰᠬᠠᠭᠳᠠᠭᠰᠠᠨ ᠤ ᠳᠠᠷᠠᠭ᠎ᠠ ᠨᠢᠭᠤᠭᠳᠠᠮᠠᠯ ᠬᠤᠭᠤᠴᠠᠭ᠎ᠠ ᠨᠢ ᠬᠡᠳᠦᠨ ᠰᠠᠷ᠎ᠠ᠂ ᠬᠡᠳᠦᠨ ᠵᠢᠯ ᠴᠢᠨᠠᠭᠰᠢᠯᠠᠪᠠᠯ ᠬᠡᠳᠦᠨ ᠠᠷᠪᠠᠨ ᠵᠢᠯ ᠪᠣᠯᠤᠮᠠᠨᠵᠢᠨ ᠰᠠᠶ᠋ᠢ ᠢᠯᠡᠷᠡᠳᠡᠭ ᠴᠢᠰᠤ ᠴᠠᠶᠢᠬᠤ ᠡᠪᠡᠳᠴᠢᠨ ᠪᠠ ᠦᠮᠡᠨ ᠵᠡᠷᠭᠡ ᠡᠪᠡᠳᠴᠢᠨ ᠡᠮᠬᠡᠭ ᠨᠦᠭᠦᠳ ᠢ ᠠᠯᠭᠤᠷ ᠦᠢᠰᠭᠡᠯ ︵Chronic Radiation Effect︶ ᠪᠣᠶᠤ ᠰᠡᠭᠦᠯᠴᠢ ᠶᠢᠨ ᠦᠢᠰᠭᠡᠯ ︵Late Effect︶ ᠡᠰᠡᠭᠦᠯ᠎ᠡ ᠪᠠᠰᠨ ᠤᠳᠠᠭᠠᠨ ᠦᠢᠰᠭᠡᠯ ᠭᠡᠳᠡᠭ᠃      ︵3︶ ᠪᠦᠬᠦ ᠪᠡᠶ᠎ᠡ ᠶᠢᠨ ᠦᠢᠰᠭᠡᠯ ᠪᠣᠯᠣᠨ ᠬᠡᠰᠡᠭ ᠪᠡᠶ᠎ᠡ ᠶᠢᠨ ᠦᠢᠰᠭᠡᠯ     ᠰᠠᠴᠤᠷᠠᠯ ᠤᠨ ᠠᠮᠢᠳᠤ ᠪᠣᠳᠠᠰ ᠤᠨ ᠦᠢᠰᠭᠡᠯ ᠤᠨ ᠢᠯᠡᠷᠡᠬᠦ ᠬᠡᠪᠴᠢᠶ᠎ᠡ ᠪᠠᠷ ᠨᠢ ᠪᠦᠬᠦ ᠪᠡᠶ᠎ᠡ ᠶᠢᠨ ᠦᠢᠰᠭᠡᠯ ᠪᠣᠯᠣᠨ ᠬᠡᠰᠡᠭ ᠪᠡᠶ᠎ᠡ ᠶᠢᠨ ᠦᠢᠰᠭᠡᠯ ᠭᠡᠵᠦ ᠠᠩᠬᠢᠯᠠᠵᠦ ᠪᠠᠶᠢᠳᠠᠭ᠃     ᠪᠦᠬᠦ ᠪᠡᠶ᠎ᠡ ᠶᠢᠨ ᠦᠢᠰᠭᠡᠯ᠄ ᠰᠠᠴᠤᠷᠠᠯ ᠳᠤ ᠲᠤᠰᠬᠠᠭᠳᠠᠭᠰᠠᠨ ᠤ ᠳᠠᠷᠠᠭ᠎ᠠ ᠪᠦᠬᠦ ᠪᠡᠶᠡᠨ ᠳᠤ ᠢᠯᠡᠷᠡᠬᠦ ᠮᠠᠬᠠᠪᠣᠳ ‍ᠣᠨ‌ᠦᠢᠰᠭᠡᠯ ᠢ ᠶᠡᠷᠦᠩᠬᠡᠶᠢᠯᠡᠭᠡᠳ ᠪᠦᠬᠦ ᠪᠡᠶ᠎ᠡ  ᠶᠢᠨ ᠦᠢᠰᠭᠡᠯ ︵Total Body Effect︶ ᠭᠡᠳᠡᠭ᠃      ᠬᠡᠰᠡᠭ ᠪᠡᠶ᠎ᠡ ᠶᠢᠨ ᠦᠢᠰᠭᠡᠯ᠄ ᠰᠠᠴᠤᠷᠠᠯ ᠳᠤ ᠲᠤᠰᠬᠠᠭᠳᠠᠭᠰᠠᠨ ᠤ ᠳᠠᠷᠠᠭ᠎ᠠ ᠬᠡᠰᠡᠭ ᠪᠡᠶᠡᠨ ᠳᠤ ᠢᠯᠡᠷᠡᠬᠦ ᠮᠠᠬᠠᠪᠣᠳ ‍ᠣᠨ‌ᠦᠢᠰᠭᠡᠯ ᠢ ᠶᠡᠷᠦᠩᠬᠡᠶᠢᠯᠡᠭᠡᠳ ᠬᠡᠰᠡᠭ ᠪᠡᠶ᠎ᠡ ᠶᠢᠨ ᠦᠢᠰᠭᠡᠯ ︵Local Effect︶ ᠭᠡᠨ᠎ᠡ᠃      ︵3︶   ᠮᠠᠭᠠᠳ  ᠪᠤᠰᠤ ᠦᠢᠰᠭᠡᠯ ᠪᠣᠯᠣᠨ ᠮᠠᠭᠠᠳ ᠪᠦᠬᠦᠢ ᠦᠢᠰᠭᠡᠯ       ᠰᠠᠴᠤᠷᠠᠯ ᠤᠨ ᠠᠮᠢᠳᠤ ᠪᠣᠳᠠᠰ ᠤᠨ ᠦᠢᠰᠭᠡᠯ ᠢ ᠰᠢᠨᠵᠢ ᠴᠢᠨᠠᠷ ᠢᠶᠠᠷ ᠨᠢ ᠮᠠᠭᠠᠳ ᠦᠭᠡᠢ ᠦᠢᠰᠭᠡᠯ ᠪᠣᠯᠣᠨ ᠮᠠᠭᠠᠳ ᠪᠦᠬᠦᠢ ᠦᠢᠰᠭᠡᠯ ᠭᠡᠵᠦ ᠬᠤᠶᠡᠷ ᠶᠡᠭᠡ ᠲᠦᠷᠦᠯ ᠳᠤ ᠠᠩᠬᠢᠯᠠᠵᠦ ᠪᠠᠶᠢᠳᠠᠭ᠃              ᠮᠠᠭᠠᠳ ᠪᠤᠰᠤ ᠦᠢᠰᠭᠡᠯ᠄ ᠰᠠᠴᠤᠷᠠᠯ ᠳᠤ ᠬᠦᠮᠦᠨ ᠤ ᠪᠡᠶ᠎ᠡ ᠶᠢᠨ ᠮᠠᠬᠠᠪᠤᠳ ᠤᠨ ᠭᠠᠭᠴᠠ ᠡᠰ ᠪᠣᠶᠤ ᠦᠷᠡᠵᠢᠯ ᠤᠨ ᠭᠠᠭᠴᠠ ᠡᠰ ᠨᠢ ᠣᠨᠳᠣᠣᠰᠢᠭᠰᠠᠨ  ᠠᠴᠠ ᠪᠣᠯᠵᠦ᠂ ᠳᠤᠰᠬᠠᠯᠲᠠ ᠬᠦᠷᠲᠡᠭᠰᠡᠳ ᠤᠨ ᠲᠤᠰ ᠪᠡᠶᠡᠨ ᠳᠤ ᠢᠯᠡᠷᠡᠬᠦ ᠴᠢᠰᠤ ᠴᠠᠶᠢᠬᠤ ᠡᠪᠡᠳᠴᠢᠨ ᠪᠣᠯᠣᠨ ᠦᠮᠠᠨ ᠢᠶᠠᠷ ᠭᠤᠣᠯᠯᠠᠭᠰᠠᠨ ᠪᠡᠶ᠎ᠡ ᠮᠠᠬᠠᠪᠣᠳ ‍ᠣᠨ‌ᠦᠢᠰᠭᠡᠯ ᠪᠣᠯᠣᠨ ᠬᠤᠶᠢᠴᠢ ᠦᠶ᠎ᠡ ᠳᠤᠨᠢ ᠢᠯᠡᠷᠡᠬᠦ ᠡᠯ᠎ᠡ ᠵᠦᠢᠯ ‍ᠣᠨ‌ᠤᠳᠤᠮᠰᠢᠯ ᠤᠨ ᠦᠢᠰᠭᠡᠯ ᠢ ᠶᠡᠷᠦᠩᠬᠡᠶᠢᠯᠡᠭᠡᠳ ᠮᠠᠭᠠᠳ  ᠪᠤᠰᠤ ᠦᠢᠰᠭᠡᠯ ︵stochastic  effects︶ ᠭᠡᠨ᠎ᠡ᠃      ᠮᠠᠭᠠᠳ ᠪᠦᠬᠦᠢ ᠦᠢᠰᠭᠡᠯ᠄ ᠰᠠᠴᠤᠷᠠᠯ ᠳᠤ ᠠᠯᠠᠭᠳᠠᠭᠰᠠᠨ ᠡᠷᠬᠡᠲᠡᠨ ᠨᠡᠬᠡᠳᠡᠰᠤ ᠶᠢᠨ ᠡᠰ ᠨᠢ ᠵᠣᠬᠢᠬᠤ ᠲᠣᠭᠠᠨ ᠳᠤ ᠬᠦᠷᠦᠭᠡᠳ ᠲᠡᠷᠡᠴᠢᠯᠡᠨ ᠠᠮᠢᠳᠤ ᠡᠰ  ᠢᠶᠠᠷ ᠨᠦᠬᠦᠪᠦᠷᠢᠯᠡᠵᠦ ᠴᠢᠳᠠᠬᠤ ᠦᠭᠡᠢ ᠦᠶᠡᠰ ᠲᠤ ᠡᠮᠨᠡᠯᠭᠡ ᠳᠤ ᠠᠵᠢᠭᠯᠠᠨ ᠪᠠᠶᠢᠴᠠᠭᠠᠵᠦ ᠭᠠᠷᠬᠤ ᠴᠢᠳᠠᠪᠤᠷᠢ ᠶᠢᠨ ᠭᠡᠮᠲᠦᠯ ᠨᠤᠭᠤᠳ ᠢ ᠶᠡᠷᠦᠩᠬᠡᠶᠢᠯᠡᠭᠡᠳ ᠮᠠᠭᠠᠳ ᠪᠦᠬᠦᠢ ᠦᠢᠰᠭᠡᠯ ︵deterministic  effects︶ ᠭᠡᠳᠡᠭ᠃       ︵4︶ ᠭᠠᠮᠨᠠᠬᠤ ᠦᠢᠰᠭᠡᠯ     ᠠᠳᠠᠯᠢ ᠬᠤᠮᠵᠢᠮ ᠤᠨ ᠰᠠᠴᠤᠷᠠᠭ ᠲᠤ ᠨᠢᠭᠡᠯᠨ ᠳᠡᠭᠡᠷ᠎ᠡ ᠳᠤᠰᠬᠠᠭᠳᠠᠭᠰᠠᠨ ᠬᠦᠮᠦᠨ ᠤ ᠪᠡᠶ᠎ᠡ ᠶᠢᠨ ᠦᠢᠰᠭᠡᠯ ᠨᠢ ᠲᠡᠭᠦᠨ ᠢ ᠬᠡᠳᠤ ᠦᠶᠡᠯᠡᠵᠦ ᠬᠤᠪᠢᠶᠠᠨ ᠳᠤᠰᠬᠠᠭᠳᠠᠭᠰᠠᠨ ᠦᠢᠰᠭᠡᠯ ᠠᠴᠠ ᠬᠦᠨᠳᠦ ᠪᠠᠶᠢᠳᠠᠭ᠃ ᠡᠨᠡ ᠨᠢ ᠭᠤᠣᠯᠳᠠᠭᠤ ᠬᠤᠪᠢᠶᠠᠨ ᠳᠤᠰᠬᠠᠬᠤ ᠦᠶᠡᠰ ᠲᠤ ᠨᠢᠭᠡ ᠪᠦᠯᠦᠭ ᠡᠷᠬᠡᠲᠡᠨ ᠨᠡᠬᠡᠳᠡᠰᠤ ᠨᠦᠭᠦᠳ ᠨᠢ ᠭᠡᠮᠲᠦᠯ ᠢᠶᠠᠨ ᠳᠠᠬᠢᠨ ᠰᠡᠯᠪᠢᠨ ᠰᠡᠷᠭᠦᠭᠡᠵᠦ ᠵᠠᠪᠳᠤᠲᠠᠭ ᠲᠤ ᠪᠣᠢ᠃ ᠡᠶᠢᠮᠦ ᠠᠴᠠ ᠵᠠᠷᠢᠮ ᠬᠦᠮᠦᠰ ᠤᠳ ᠬᠡᠳᠤ ᠦᠶᠡᠯᠡᠵᠦ ᠬᠤᠪᠢᠶᠠᠨ ᠳᠤᠰᠬᠠᠭᠳᠠᠭᠰᠠᠨ ᠦᠢᠰᠭᠡᠯ ᠢ ᠬᠦᠡᠭᠭᠡᠨ ᠦᠢᠰᠭᠡᠯ ᠪᠣᠶᠤ ᠭᠠᠮᠨᠠᠭᠰᠠᠨ ᠦᠢᠰᠭᠡᠯ ︵Sparing Effect︶ ᠭᠡᠳᠡᠭ᠃     ᠡᠭᠦᠨ ᠠᠴᠠ ᠭᠠᠳᠠᠨ᠎ᠠ᠂ ᠰᠠᠴᠤᠷᠠᠯ ᠤᠨ ᠡᠲᠦᠬᠦ ᠵᠢᠷᠦᠬᠡ ᠲᠠᠷᠢᠬᠢᠨ ᠰᠤᠳᠠᠯ᠂ ᠰᠢᠩᠭᠡᠭᠡᠯᠲᠡ ᠪᠣᠯᠣᠨ ᠠᠮᠢᠰᠬᠤᠯ ᠤᠨ ᠡᠪᠡᠳᠴᠢᠨ ᠡᠮᠬᠡᠭ ᠵᠡᠷᠭᠡ ᠦᠮᠡᠨ ᠪᠤᠰᠤ ᠦᠢᠰᠭᠡᠯ ᠤᠳ ᠴᠤ᠂ ᠵᠦᠪᠬᠡᠨ ᠯᠨ ᠲᠤᠰᠬᠠᠭᠳᠠᠬᠤ ᠦᠶᠡᠰ ᠲᠤ ᠳᠠᠷᠤᠢ ᠲᠣᠭᠲᠠᠭᠠᠭᠳᠠᠬᠤ ᠪᠢᠰᠢ  ᠂ ᠰᠠᠴᠤᠷᠠᠯ ᠳᠤ ᠳᠤᠰᠬᠠᠭᠳᠠᠭᠰᠠᠨ ᠤ ᠰᠡᠭᠦᠯᠡᠷ ᠴᠤ ᠭᠡᠳ ᠬᠤᠪᠢᠷᠠᠯᠲᠠ ᠭᠠᠷᠳᠠᠭ᠃ ᠡᠶᠢᠮᠤ ᠠᠴᠠ ᠣᠳᠤᠬᠠᠨ᠎ᠠ ᠡᠳᠡᠭᠡᠷ ᠦᠢᠰᠭᠡᠯ ᠤᠳ ᠢ ᠮᠠᠭᠠᠳ ᠪᠦᠬᠦᠢ ᠦᠢᠰᠭᠡᠯ ᠠᠴᠠ ᠢᠯᠭᠠᠨ ᠭᠠᠷᠭᠠᠭᠠᠳ᠂ ᠨᠡᠶᠢᠳᠡᠮ ᠳᠤᠨᠢ ᠨᠡᠬᠡᠳᠡᠰᠤ  ᠶᠢᠨ ᠲᠤᠰᠬᠠᠯ ᠭᠡᠵᠦ ᠨᠡᠷᠡᠶᠢᠳᠦᠭᠰᠡᠨ ᠪᠠᠶᠢᠨ᠎ᠠ᠃ ᠬᠡᠪᠲᠡᠰᠢᠨ ᠳᠠᠬᠢ ᠬᠡᠤᠬᠡᠳ ᠪᠣᠯᠣᠨ ᠠᠷᠠᠰᠤ ᠬᠦᠷᠦᠰᠦᠨ ᠳᠤ ᠡᠲᠦᠬᠦ ᠰᠠᠴᠤᠷᠠᠯ ᠤᠨ ᠦᠢᠰᠭᠡᠯ ᠨᠢ ᠮᠠᠭᠠᠳ ᠪᠤᠰᠤ ᠴᠢᠨᠠᠷᠲᠠᠢ ᠮᠦᠷᠲᠡᠭᠡᠨ ᠪᠠᠰᠨ ᠮᠠᠭᠠᠳ ᠪᠦᠬᠦᠢ ᠴᠢᠨᠠᠷᠲᠠᠢ ᠴᠤ ᠪᠠᠶᠢᠳᠠᠭ᠃         2. ᠰᠠᠴᠤᠷᠠᠯ ᠤᠨ ᠦᠢᠰᠭᠡᠯ ᠢ ᠨᠦᠯᠦᠭᠡᠯᠡᠬᠦ ᠰᠢᠯᠲᠠᠭᠠᠨ    ᠬᠦᠮᠦᠨ ᠤ ᠪᠡᠶ᠎ᠡ ᠳᠤ ᠰᠠᠴᠤᠷᠠᠯ ᠤᠨ ᠡᠭᠦᠰᠭᠡᠬᠦ ᠦᠢᠰᠭᠡᠯ ᠨᠢ ᠭᠤᠣᠯᠳᠠᠭᠤ ᠰᠠᠴᠤᠷᠠᠯ ᠤᠨ ᠲᠠᠯ᠎ᠠ ᠶᠢᠨ ᠰᠢᠯᠲᠠᠭᠠᠨ ᠪᠣᠯᠣᠨ ᠲᠤᠰᠬᠠᠭᠳᠠᠭᠰᠠᠨ ᠡᠲᠡᠭᠡᠳ ‍ᠣᠨ‌‍ᠰᠢᠯᠲᠠᠭᠠᠨ ᠬᠤᠶᠡᠷ ᠲᠤ ᠨᠦᠯᠦᠭᠡᠯᠡᠭᠳᠡᠳᠡᠭ᠃     ︵1︶ ᠰᠠᠴᠤᠷᠠᠯ ᠲᠠᠢ ᠬᠤᠯᠪᠤᠭᠳᠠᠬᠤ ᠰᠢᠯᠲᠠᠭᠠᠨ     ᠰᠠᠴᠤᠷᠠᠯ ᠤᠨ ᠲᠠᠯ᠎ᠠ ᠠᠴᠠ ᠭᠤᠣᠯᠳᠠᠭᠤ ᠲᠡᠭᠦᠨ ᠤ ᠰᠢᠨᠵᠢ ᠴᠢᠨᠠᠷ᠂ ᠬᠤᠮᠵᠢᠮ᠂ ᠬᠤᠮᠵᠢᠮᠵᠢ ᠪᠣᠯᠣᠨ ᠳᠤᠰᠬᠠᠬᠤ ᠨᠦᠭᠦᠴᠡᠯ ᠵᠡᠷᠭᠡ ᠨᠢ ᠬᠦᠮᠦᠨ ᠤ ᠪᠡᠶ᠎ᠡ ᠳᠤ ᠡᠭᠦᠰᠭᠡᠬᠦ ᠦᠢᠰᠭᠡᠯ ᠢ ᠨᠦᠯᠦᠭᠡᠯᠡᠳᠡᠭ᠃     ᠰᠠᠴᠤᠷᠠᠯ ᠤᠨ ᠴᠢᠨᠠᠷ᠄ ᠠᠳᠠᠯᠢ ᠪᠤᠰᠤ ᠲᠦᠷᠦᠯ ᠵᠦᠢᠯ ᠪᠣᠯᠣᠨ ᠠᠳᠠᠯᠢ ᠪᠤᠰᠤ ᠡᠨᠧᠷᠬᠢ ᠶᠢᠨ ᠰᠠᠴᠤᠷᠠᠭ ᠤᠨ ᠬᠦᠮᠦᠨ ᠤ ᠪᠡᠶ᠎ᠡ ᠳᠤ ᠡᠭᠦᠰᠭᠡᠬᠦ ᠠᠮᠢᠳᠤ ᠪᠣᠳᠠᠰ ᠤᠨ ᠦᠢᠰᠭᠡᠯ ᠨᠢ ᠴᠤ ᠠᠳᠠᠯᠢ ᠦᠭᠡᠢ ᠪᠠᠶᠢᠳᠠᠭ᠃ ᠶᠡᠷᠦᠩᠬᠡᠢ ᠳᠤᠨᠢ ᠠᠪᠴᠤ ᠬᠡᠯᠡᠪᠡᠯ α᠂ ᠨᠧᠲᠷᠣᠨ ᠵᠡᠷᠭᠡ ᠳᠡᠭᠡᠲᠤ LET ᠶᠢᠨ ᠰᠠᠴᠤᠷᠠᠯ ᠤᠨ ᠠᠮᠢᠳᠤ ᠪᠣᠳᠠᠰ ᠤᠨ ᠦᠢᠰᠭᠡᠯ ᠨᠢ χ᠂ γ ᠵᠡᠷᠭᠡ ᠳᠣᠣᠷ᠎ᠠ LET ᠰᠠᠴᠤᠷᠠᠯ ᠠᠴᠠ ᠨᠡᠩ ᠢᠯᠡᠷᠬᠡᠢ ᠪᠣᠶᠤ ᠬᠦᠨᠲᠤ ᠨᠣᠴᠢᠲᠠᠢ ᠪᠠᠶᠢᠳᠠᠭ᠃ ᠢᠵᠢᠯ ᠨᠢᠭᠡᠨ ᠳᠤᠰᠬᠠᠬᠠᠬᠤ ᠬᠡᠯᠪᠡᠷᠢ ᠪᠣᠯᠣᠨ ᠠᠳᠠᠯᠢᠬᠠᠨ ᠬᠤᠮᠵᠢᠮ ᠤᠨ ᠳᠤᠰᠬᠠᠯᠲᠠ ᠳᠣᠣᠷ᠎ᠠ᠂ ᠰᠠᠴᠤᠷᠠᠯ ᠤᠨ ᠲᠡᠩᠨᠡᠭᠦᠯᠦᠭᠴᠢ ᠨᠢ ᠦᠨᠳᠦᠷ ᠪᠣᠯᠬᠤ ᠳᠣᠲᠤᠮ ᠰᠠᠴᠤᠷᠠᠯ ᠤᠨ ᠦᠢᠰᠭᠡᠯ ᠨᠢ ᠳᠠᠷᠤᠢ ᠤᠯᠠᠮ ᠢᠯᠡᠷᠬᠡᠢ ᠪᠠᠶᠢᠳᠠᠭ᠃       ᠰᠠᠴᠤᠷᠠᠯ ᠤᠨ ᠬᠤᠮᠵᠢᠮ᠄ ᠬᠦᠷᠲᠡᠭᠰᠡᠨ ᠬᠤᠮᠵᠢᠮ ᠤᠨ ᠶᠡᠭᠡ ᠪᠠᠭ᠎ᠠ ᠨᠢ ᠶᠡᠷᠤᠨᠢ ᠬᠤᠮᠵᠢᠮ — ᠦᠢᠰᠭᠡᠯ ᠤᠨ ᠬᠠᠷᠢᠴᠠᠭᠠᠨ ᠳᠤ ᠰᠢᠢᠳᠪᠦᠷᠢᠯᠡᠬᠦ ᠴᠢᠨᠠᠷᠲᠠᠢ ᠰᠢᠯᠲᠠᠭᠠᠨ ᠪᠣᠯᠵᠦ ᠪᠠᠶᠢᠳᠠᠭ᠃ ᠮᠠᠭᠠᠳ ᠪᠤᠰᠤ ᠦᠢᠰᠭᠡᠯ ᠳᠤ ᠪᠣᠯ ᠬᠦᠷᠲᠡᠬᠦ ᠬᠤᠮᠵᠢᠮ ᠤᠨ ᠨᠡᠮᠡᠭᠳᠡᠬᠦ ᠶᠢ ᠳᠠᠭᠠᠯᠳᠤᠨ ᠦᠢᠰᠭᠡᠯ ᠤᠨ ᠡᠭᠦᠰᠬᠦ ᠲᠣᠬᠢᠶᠠᠯᠳᠤᠮᠵᠢ ᠨᠢ ᠨᠡᠮᠡᠭᠳᠡᠳᠡᠭ᠃ ᠮᠠᠭᠠᠳ ᠪᠦᠬᠦᠢ ᠦᠢᠰᠭᠡᠯ ᠳᠤ ᠪᠣᠯ ᠲᠤᠰᠬᠠᠭᠳᠠᠭᠰᠠᠨ ᠬᠤᠮᠵᠢᠮ ᠤᠨ ᠨᠡᠮᠡᠭᠳᠡᠬᠦ ᠶᠢ ᠳᠠᠭᠠᠯᠳᠤᠨ᠂  ᠦᠢᠰᠭᠡᠯ ᠤᠨ ᠬᠦᠨᠳᠤ ᠨᠣᠴᠢᠲᠤ ᠬᠡᠮᠵᠢᠶ᠎ᠡ ᠨᠢ ᠨᠡᠮᠡᠭᠳᠡᠳᠡᠭ᠃  ᠪᠡᠶ᠎ᠡ ᠳᠤ ᠵᠢᠭᠳᠡ ᠳᠤᠰᠤᠭᠰᠠᠨ ᠠᠳᠠᠯᠢ ᠪᠤᠰᠤ ᠬᠤᠮᠵᠢᠮ ︵ᠮᠢᠯᠯᠢ ᠰᠢᠸᠧᠲ︶ ᠤᠨ γ ᠰᠠᠴᠤᠷᠠᠭ ᠬᠦᠷᠲᠡᠭᠰᠡᠳ ᠳᠤ ᠳᠣᠣᠷᠠᠬᠢ ᠮᠡᠲᠤ ᠦᠢᠰᠭᠡᠯ ᠢᠯᠡᠷᠡᠳᠡᠭ᠄  ︿250᠄ ᠦᠢᠰᠭᠡᠯ ᠤᠨ ᠢᠯᠡᠷᠡᠯ ᠢ ᠨᠢ ᠡᠮᠴᠢᠯᠡᠪᠦᠷᠢ ᠳᠡᠭᠡᠷ᠎ᠡ ᠪᠠᠶᠢᠴᠠᠭᠠᠵᠦ ᠣᠯᠳᠠᠭ ᠦᠭᠡᠢ᠂ ᠬᠤᠵᠢᠭᠤ ᠡᠭᠦᠰᠬᠦ ᠦᠢᠰᠭᠡᠯ ᠪᠠᠷᠤᠭ ᠦᠭᠡᠢ ᠪᠣᠯᠤᠯᠲᠠᠢ ᠃                    250~1000᠄ ᠴᠢᠰᠤᠨ ᠤ ᠬᠦᠰᠦᠨᠦᠭ ︵ᠵᠢᠷᠤᠭ︶ ᠨᠢ ᠲᠦᠷ ᠴᠠᠭ ᠤᠨ ᠴᠢᠨᠠᠷᠲᠠᠢ ᠵᠢᠭᠠᠬᠠᠨ ᠬᠤᠪᠢᠷᠠᠯᠲᠠ ᠭᠠᠷᠬᠤ ᠪᠣᠯᠪᠠᠴᠤ᠂ ᠪᠠᠶᠢᠴᠠᠭᠠᠨ ᠣᠯᠬᠤ ᠡᠮᠴᠢᠯᠡᠪᠦᠷᠢ ᠶᠢᠨ ᠪᠣᠰᠤᠳ ᠢᠯᠡᠷᠡᠯ ᠭᠡᠵᠦ ᠦᠭᠡᠢ᠂ ᠭᠡᠪᠡᠴᠤ ᠬᠤᠵᠢᠭᠤ ᠡᠭᠦᠰᠬᠦ ᠦᠢᠰᠭᠡᠯ ᠪᠠᠶᠢᠬᠤ ᠮᠠᠭᠠᠳ᠂ ᠪᠤᠳᠠᠭᠠᠯᠢ ᠪᠡᠶ᠎ᠡ ᠳᠤ ᠶᠡᠷᠦᠩᠬᠡᠢ ᠳᠡᠭᠡᠨ ᠬᠦᠨᠳᠤ ᠨᠣᠴᠢᠲᠠᠢ ᠦᠢᠰᠭᠡᠯ ᠭᠡᠵᠦ ᠪᠠᠶᠢᠬᠤ ᠦᠭᠡᠢ᠃      1000~2000᠄ ᠲᠤᠷ᠎ᠠ ᠪᠣᠯᠭᠢᠬᠤ᠂ ᠲᠠᠮᠢᠷᠳᠠᠬᠤ ᠵᠡᠷᠭᠡ ᠢᠯᠡᠷᠡᠯ ᠭᠠᠷᠴᠤ᠂ 1.25 ᠰᠢᠸᠧᠲ ᠠᠴᠠ ᠳᠡᠭᠡᠭᠰᠢ ᠪᠣᠯ 20%~25% ᠶᠢᠨ ᠬᠦᠮᠦᠰ  ᠨᠢ ᠪᠦᠭᠡᠯᠵᠢᠬᠦ᠂ ᠴᠢᠰᠤᠨ ᠤ ᠬᠦᠰᠦᠨᠦᠭ ︵ᠵᠢᠷᠤᠭ︶ ᠨᠢ ᠢᠯᠡᠷᠬᠡᠢ ᠬᠤᠪᠢᠷᠠᠯᠲᠠ ᠲᠠᠢ ᠪᠣᠯᠵᠦ᠂ ᠲᠦᠷᠭᠡᠨ ᠴᠢᠨᠠᠷᠲᠤ ᠬᠦᠡᠭᠭᠡᠪᠲᠦᠷ ᠰᠠᠴᠤᠷᠠᠭ ᠤᠨ ᠡᠪᠡᠳᠴᠢᠨ ᠣᠯᠳᠠᠭ᠃          2000~4000᠄ ᠳᠤᠰᠬᠠᠭᠳᠠᠭᠠᠳ 24 ᠴᠠᠭ ᠤᠨ ᠳᠣᠲᠤᠷ᠎ᠠ ᠲᠤᠷ᠎ᠠ ᠪᠣᠯᠭᠢᠬᠤ ᠪᠠ ᠪᠦᠭᠡᠯᠵᠢᠬᠦ ᠵᠡᠷᠭᠡ ᠢᠯᠡᠷᠡᠯ ᠭᠠᠷᠤᠨ᠎ᠠ᠃ ᠨᠢᠭᠡ ᠭᠠᠷᠠᠭ ᠤᠨ ᠨᠢᠭᠤᠭᠳᠠᠮᠠᠯ ᠬᠤᠭᠤᠴᠠᠭ᠎ᠠ ᠨᠢ ᠦᠡᠭᠭᠡᠷᠡᠪᠡᠯ ᠦᠰᠦ ᠭᠡᠵᠢᠭᠡ ᠤᠨᠠᠬᠤ᠂ ᠢᠳᠡᠭᠡᠨ ᠳᠤ ᠲᠤᠷ᠎ᠠ ᠦᠭᠡᠢ ᠪᠣᠯᠵᠦ᠂ ᠪᠦᠬᠦ ᠪᠡᠶ᠎ᠡ ᠨᠢ ᠲᠠᠮᠢᠷ ᠦᠭᠡᠢ ᠪᠠ ᠬᠤᠭᠤᠯᠠᠢ ᠶᠢᠨ ᠦᠷᠪᠢᠰᠦᠯ᠂ ᠰᠠᠭᠤᠯᠭᠠᠬᠤ ᠵᠡᠷᠭᠡ ᠡᠮᠴᠢᠯᠡᠪᠦᠷᠢ ᠶᠢᠨ ᠢᠯᠡᠷᠡᠯ ᠡᠭᠦᠰᠳᠡᠭ᠃ ᠬᠡᠷᠪᠡ ᠤᠭ ᠲᠠᠭᠠᠨ ᠡᠷᠡᠭᠦᠯ ᠴᠢᠬᠢᠷᠠᠭ ᠪᠣᠶᠤ  ᠪᠤᠰᠤᠳ ᠳᠠᠪᠬᠤᠴᠠᠭᠰᠠᠨ ᠡᠪᠡᠳᠴᠢᠨ ᠡᠮᠬᠡᠭ ᠦᠭᠡᠢ ᠪᠣᠯ ᠣᠬᠤᠷ ᠬᠤᠭᠤᠴᠠᠭᠠᠨ ᠳᠤ ᠰᠠᠶᠢᠨ ᠪᠣᠯᠬᠤ ᠪᠣᠯᠤᠯᠴᠠᠭ᠎ᠠ ᠪᠣᠢ᠃      4000~6000᠄ ᠡᠨᠡᠬᠦ ᠬᠤᠮᠵᠢᠮ ᠳᠤ ᠳᠤᠰᠬᠠᠭᠳᠠᠭᠰᠠᠨ ᠬᠦᠮᠦᠰ ᠬᠡᠳᠦᠨ ᠴᠠᠭ ᠤᠨ ᠳᠣᠲᠤᠷ᠎ᠠ ᠲᠤᠷ᠎ᠠ ᠪᠣᠯᠭᠢᠬᠤ ᠪᠠ ᠪᠦᠭᠡᠯᠵᠢᠨ᠎ᠡ᠃ ᠶᠡᠭᠡ ᠲᠦᠯᠦᠪ ᠨᠢᠭᠡ ᠭᠠᠷᠠᠭ ᠤᠨ ᠨᠢᠭᠤᠭᠳᠠᠮᠠᠯ ᠬᠤᠭᠤᠴᠠᠭ᠎ᠠ ᠲᠠᠢ᠃ ᠬᠤᠶᠡᠷ ᠭᠠᠷᠠᠭ ᠤᠨ ᠳᠠᠷᠠᠭ᠎ᠠ ᠭᠡᠵᠢᠭᠡ ᠦᠰᠦ ᠤᠨᠠᠬᠤ ᠪᠠ ᠢᠳᠡᠭᠡᠨ ᠳᠤ ᠲᠤᠷ᠎ᠠ ᠦᠭᠡᠢ ᠪᠣᠯᠵᠦ᠂ ᠪᠦᠬᠦ ᠪᠡᠶ᠎ᠡ  ᠨᠢ ᠲᠠᠮᠢᠷ ᠦᠭᠡᠢ ᠳᠡᠭᠡᠷ᠎ᠡ ᠪᠡᠶ᠎ᠡ ᠶᠢᠨ ᠬᠠᠯᠠᠭᠤᠨ ᠨᠢ ᠳᠡᠭᠡᠭᠰᠢᠯᠡᠨ᠎ᠡ᠃ ᠭᠤᠷᠪᠠᠳᠡᠬᠢ ᠭᠠᠷᠠᠭ ᠲᠤ ᠶᠠᠭᠠᠨ ᠲᠣᠯᠪᠤ ︵ᠪᠡᠶ᠎ᠡ ᠬᠦᠬᠡᠷᠡᠬᠦ︶ ᠭᠠᠷᠴᠤ᠂ ᠠᠮᠠᠨ ᠬᠦᠨᠳᠡᠢ ᠪᠠ ᠵᠠᠯᠭᠢᠭᠤᠷ ᠤᠨ ᠬᠡᠰᠡᠭ ᠨᠢ ᠬᠠᠯᠳᠠᠪᠤᠷᠢᠯᠠᠨ᠎ᠠ᠃ ᠳᠦᠷᠪᠡᠳᠡᠬᠢ ᠭᠠᠷᠠᠭ ᠲᠤ ᠬᠤᠵᠢᠢᠨ ᠴᠢᠯᠪᠡᠶᠢᠭᠡᠳ᠂ ᠬᠠᠮᠠᠷ ᠠᠴᠠ ᠨᠢ ᠴᠢᠰᠤ ᠭᠠᠷᠬᠤ᠂ ᠰᠠᠭᠤᠯᠭᠠᠬᠤ ᠶᠢᠨ ᠬᠠᠮᠲᠤ ᠦᠳᠲᠡᠷ ᠲᠦᠷᠭᠡᠨ ᠢᠶᠠᠷ ᠡᠴᠡᠨ ᠲᠤᠷᠠᠳᠠᠭ᠃ ᠬᠡᠷᠪᠡ ᠡᠮᠨᠡᠨ ᠵᠠᠰᠠᠭᠤᠯᠬᠤ ᠦᠭᠡᠢ ᠪᠣᠯ ᠪᠠᠷᠤᠭ ᠬᠠᠭᠠᠰ ︵ 50%  ︶ ᠨᠢ ᠦᠬᠦᠨ᠎ᠡ᠃      ≥6000᠄ ᠡᠨᠡᠬᠦ ᠬᠤᠮᠵᠢᠮ ᠳᠤ ᠳᠤᠰᠬᠠᠭᠳᠠᠭᠰᠠᠨ ᠬᠦᠮᠦᠰ 1~2 ᠴᠠᠭ ᠤᠨ ᠳᠣᠲᠤᠷ᠎ᠠ ᠲᠤᠷ᠎ᠠ ᠪᠣᠯᠭᠢᠬᠤ᠂ ᠪᠦᠭᠡᠯᠵᠢᠬᠦ ᠪᠠ ᠰᠠᠭᠤᠯᠭᠠᠳᠠᠭ᠃ ᠨᠢᠭᠡ ᠭᠠᠷᠠᠭ ᠤᠨ ᠳᠠᠷᠠᠭ᠎ᠠ ᠢᠳᠡᠭᠡᠨ ᠳᠤ ᠲᠤᠷ᠎ᠠ ᠦᠭᠡᠢ ᠪᠣᠯᠵᠦ᠂ ᠪᠦᠬᠦ ᠪᠡᠶ᠎ᠡ ᠨᠢ ᠲᠠᠮᠢᠷ ᠦᠭᠡᠢ ᠪᠠ ᠪᠡᠶ᠎ᠡ ᠶᠢᠨ ᠬᠠᠯᠠᠭᠤᠨ ᠨᠢ ᠳᠡᠭᠡᠭᠰᠢᠯᠡᠨ᠂ ᠶᠠᠭᠠᠨ ᠲᠣᠯᠪᠤ᠂ ᠠᠮᠠᠨ ᠬᠦᠨᠳᠡᠢ ᠪᠠ ᠵᠠᠯᠭᠢᠭᠤᠷ ᠤᠨ ᠬᠡᠰᠡᠭ ᠨᠢ ᠦᠷᠪᠢᠰᠦᠨ ᠬᠠᠯᠳᠠᠪᠤᠷᠢᠯᠠᠬᠤ ᠶᠢᠨ ᠬᠠᠮᠲᠤ ᠦᠳᠲᠡᠷ ᠲᠦᠷᠭᠡᠨ ᠢᠶᠠᠷ ᠡᠴᠡᠨ ᠲᠤᠷᠠᠳᠠᠭ᠃ ᠬᠡᠷᠪᠡ ᠡᠮᠨᠡᠨ ᠵᠠᠰᠠᠭᠤᠯᠬᠤ ᠦᠭᠡᠢ ᠪᠣᠯ ᠪᠠᠷᠤᠭ ᠪᠦᠬᠦᠨ ︵100%︶ ᠢᠶᠠᠷ ᠢᠶᠠᠨ ᠦᠬᠦᠨ᠎ᠡ᠃      ᠬᠤᠮᠵᠢᠮᠵᠢ᠄  ᠶᠡᠷᠦᠩᠬᠡᠢ ᠳᠤᠨᠢ ᠠᠪᠴᠤ ᠬᠡᠯᠡᠪᠡᠯ᠂ ᠨᠢᠭᠡᠴᠢ ᠬᠤᠭᠤᠴᠠᠭᠠᠨ ᠳᠤ ᠬᠦᠮᠦᠨ ᠤ ᠪᠡᠶ᠎ᠡ ᠳᠤ ᠳᠤᠰᠬᠤ ᠬᠤᠮᠵᠢᠮ ᠨᠢ ᠬᠡᠳᠦᠢ ᠶᠡᠭᠡ ᠪᠣᠯᠪᠡᠯ᠂ ᠰᠠᠴᠤᠷᠠᠯ ᠤᠨ ᠦᠢᠰᠭᠡᠯ ᠨᠢ ᠴᠤ ᠤᠯᠠᠮ ᠢᠯᠡᠷᠬᠡᠢ ᠪᠣᠯᠵᠦ᠂ ᠢᠯᠠᠩᠭᠤᠶ᠎ᠠ ᠬᠤᠮᠵᠢᠮᠵᠢ ᠨᠢ ᠴᠠᠭ ᠪᠦᠷᠢ 0.1 ᠭᠧᠷᠸᠢ ︵0.1Gy•h-1  ︶ ᠠᠴᠠ ᠮᠢᠨᠦ᠋ᠲ ᠪᠦᠷᠢ 1 ᠭᠧᠷᠸᠢ ︵1Gy•min-1︶ ᠶᠢᠨ ᠬᠤᠭᠤᠷᠣᠨᠳᠤ ᠡᠨᠡᠬᠦ ᠬᠠᠷᠢᠴᠠᠭ᠎ᠠ ᠨᠢ ᠨᠡᠯᠢᠶᠡᠳ ᠢᠯᠡᠷᠬᠡᠢ ᠪᠠᠶᠢᠵᠦ᠂ ᠬᠠᠷᠢᠨ ᠬᠤᠮᠵᠢᠮ ᠨᠢ 0.1Gy• h-1  ᠠᠴᠠ ᠳᠣᠣᠷ᠎ᠠ ᠪᠣᠶᠤ ᠡᠰᠡᠭᠦᠯ᠎ᠡ 1Gy•min-1 ᠠᠴᠠ ᠶᠡᠭᠡ ᠪᠣᠯᠪᠠᠯ ᠲᠡᠶᠢᠮᠦ ᠢᠯᠡᠷᠬᠡᠢ ᠪᠢᠰᠢ ᠪᠣᠯᠳᠠᠭ᠃ 0.1Gy•h-1 ᠠᠴᠠ ᠬᠡᠲᠦᠷᠡᠭᠰᠡᠨ ᠳᠣᠣᠷ᠎ᠠ LET ᠰᠠᠴᠤᠷᠠᠯ ᠤᠨ ᠦᠢᠰᠭᠡᠯ ᠨᠢ ᠬᠠᠮᠤᠭ ᠶᠡᠭᠡ ᠪᠠᠶᠢᠵᠦ᠂ ᠳᠡᠭᠡᠷ᠎ᠡ LET ᠰᠠᠴᠤᠷᠠᠯ ᠳᠤ ᠠᠪᠴᠤ ᠬᠡᠯᠡᠪᠡᠯ᠂ ᠨᠢᠭᠡᠴᠢ ᠰᠢᠩᠭᠡᠭᠡᠴᠡ ᠶᠢᠨ ᠬᠤᠮᠵᠢᠮ ᠤᠨ ᠡᠭᠦᠰᠭᠡᠬᠦ ᠦᠢᠰᠭᠡᠯ ᠤᠨ ᠳᠠᠪᠲᠠᠮᠵᠢ ᠪᠠ ᠬᠦᠨᠲᠤ ᠰᠦᠷᠡᠬᠡᠢ ᠪᠠᠶᠢᠳᠠᠯ ᠨᠢ ᠪᠦᠷ ᠨᠡᠯᠢᠶᠡᠳ ᠦᠨᠳᠦᠷ ᠪᠠᠶᠢᠳᠠᠭ᠃    1986 ᠣᠨ ᠳᠤ᠂ ᠣᠯᠠᠨ ᠤᠯᠤᠰ ᠤᠨ ᠬᠤᠯᠪᠤᠭᠠᠲᠤ ᠪᠠᠶᠢᠭᠤᠯᠤᠯᠭ᠎ᠠ ᠶᠢᠨ ᠰᠠᠴᠤᠷᠠᠯ ᠤᠨ ᠦᠢᠰᠭᠡᠯ ᠤᠨ ᠵᠦᠪᠯᠡᠯ ᠠᠴᠠ ᠳᠡᠭᠡᠷ᠎ᠡ᠂ ᠳᠤᠮᠳᠠ᠂ ᠳᠣᠣᠷ᠎ᠠ ᠬᠤᠮᠵᠢᠮ ᠪᠠ ᠬᠤᠮᠵᠢᠮᠵᠢ ᠶᠢ ᠠᠩᠬᠢᠯᠠᠬᠤ ᠲᠤᠬᠠᠢ ᠳᠣᠣᠷᠠᠬᠢ ᠮᠡᠲᠤ ᠲᠣᠳᠤᠷᠬᠠᠢ ᠰᠠᠨᠠᠭᠤᠯᠭ᠎ᠠ ᠶᠢ ᠳᠤᠷᠠᠳᠤᠭᠰᠠᠨ ᠪᠠᠶᠢᠳᠠᠭ᠃     ᠳᠣᠣᠷ᠎ᠠ ᠬᠤᠮᠵᠢᠮ᠄ ᠳᠣᠣᠷ᠎ᠠ LET ᠰᠠᠴᠤᠷᠠᠯ ᠳᠤ <0.2Gy ᠠᠴᠠ ᠪᠠᠭ᠎ᠠ᠂ ᠳᠡᠭᠡᠷ᠎ᠡ LET ᠰᠠᠴᠤᠷᠠᠯ ᠳᠤ <0.05Gy     ᠳᠤᠮᠳᠠ ᠬᠤᠮᠵᠢᠮ᠄ ᠳᠣᠣᠷ᠎ᠠ LET ᠰᠠᠴᠤᠷᠠᠯ ᠳᠤ 0.2~2.0Gy᠂ ᠳᠡᠭᠡᠷ᠎ᠡ LET ᠰᠠᠴᠤᠷᠠᠯ ᠳᠤ 0.05~0.5Gy     ᠳᠡᠭᠡᠷ᠎ᠡ ᠬᠤᠮᠵᠢᠮ᠄ ᠳᠣᠣᠷ᠎ᠠ LET ᠰᠠᠴᠤᠷᠠᠯ ᠳᠤ >2.0Gy᠂ ᠳᠡᠭᠡᠷ᠎ᠡ LET ᠰᠠᠴᠤᠷᠠᠯ ᠳᠤ >0.5Gy     ᠳᠣᠣᠷ᠎ᠠ ᠬᠤᠮᠵᠢᠮᠵᠢ᠄ ᠳᠣᠣᠷ᠎ᠠ LET ᠰᠠᠴᠤᠷᠠᠯ ᠳᠤ <0.05mGy/min᠂ ᠳᠡᠭᠡᠷ᠎ᠡ LET ᠰᠠᠴᠤᠷᠠᠯ ᠳᠤ <0.05mGy/min     ᠳᠤᠮᠳᠠ ᠬᠤᠮᠵᠢᠮᠵᠢ᠄ ᠳᠣᠣᠷ᠎ᠠ LET ᠰᠠᠴᠤᠷᠠᠯ ᠳᠤ 0.05mGy/min~0.05Gy/min᠂ ᠳᠡᠭᠡᠷ᠎ᠡ LET ᠰᠠᠴᠤᠷᠠᠯ ᠳᠤ 0.05mGy/min~0.05Gy/min     ᠳᠡᠭᠡᠷ᠎ᠡ ᠬᠤᠮᠵᠢᠮᠵᠢ᠄ ᠳᠣᠣᠷ᠎ᠠ LET ᠰᠠᠴᠤᠷᠠᠯ ᠳᠤ >0.05Gy/min᠂ ᠳᠡᠭᠡᠷ᠎ᠡ LET ᠰᠠᠴᠤᠷᠠᠯ ᠳᠤ >0.05Gy/min     ᠳᠤᠰᠬᠠᠬᠤ ᠨᠦᠭᠦᠴᠡᠯ᠄ ᠶᠡᠷᠦᠩᠬᠡᠢ ᠳᠤᠨᠢ ᠠᠪᠴᠤ ᠬᠡᠯᠡᠪᠡᠯ᠂ ᠪᠡᠶ᠎ᠡ ᠶᠢᠨ ᠭᠠᠳᠠᠨ᠎ᠠ ᠠᠴᠠ ᠳᠤᠰᠠᠬᠤ ᠰᠠᠴᠤᠷᠠᠭ ᠨᠢ ᠲᠦᠷᠭᠡᠨ ᠴᠢᠨᠠᠷᠲᠤ ᠦᠢᠰᠭᠡᠯ ᠢ ᠠᠮᠠᠷᠬᠠᠨ ᠡᠲᠦᠵᠦ᠂ ᠪᠡᠶ᠎ᠡ ᠶᠢᠨ ᠳᠣᠲᠤᠷ᠎ᠠ ᠣᠷᠤᠭᠰᠠᠨ ᠰᠠᠴᠤᠷᠠᠭᠲᠤ ᠪᠣᠳᠠᠰ ᠨᠢ ᠤᠳᠠᠭᠠᠨ ᠴᠢᠨᠠᠷᠲᠤ ᠦᠢᠰᠭᠡᠯ ᠭᠠᠷᠭᠠᠬᠤ ᠨᠢ ᠠᠷᠪᠢᠨ ᠪᠠᠶᠢᠳᠠᠭ᠃ χ᠂ γ ᠪᠣᠯᠣᠨ ᠨᠧᠲᠷᠣᠨ ᠨᠢ ᠭᠤᠣᠯᠳᠠᠭᠤ ᠭᠠᠳᠠᠨ᠎ᠠ ᠠᠴᠠ ᠳᠤᠰᠠᠬᠤ ᠦᠢᠰᠭᠡᠯ ᠢ ᠡᠲᠦᠵᠦ᠂ ᠬᠠᠷᠢᠨ α ᠪᠣᠯᠣᠨ β ᠮᠦᠬᠦᠯᠢᠭ ᠨᠢ ᠲᠤᠲᠤᠷ ᠲᠤᠰᠤᠭᠰᠠᠨ ᠦᠢᠰᠭᠡᠯ ᠳᠤ ᠭᠤᠣᠯ ᠪᠠᠶᠢᠷᠢ ᠶᠢ ᠡᠵᠡᠯᠡᠳᠡᠭ᠃ ᠠᠳᠠᠯᠢᠬᠠᠨ ᠬᠤᠮᠵᠢᠮ ᠤᠨ ᠳᠤᠰᠬᠠᠯᠲᠠ ᠶᠢᠨ ᠭᠤᠣᠯ ᠪᠡᠶ᠎ᠡ ᠳᠤ ᠡᠲᠦᠬᠦ ᠦᠢᠰᠭᠡᠯ ᠨᠢ ᠳᠦᠷᠪᠡᠨ ᠮᠦᠴᠢ ᠳᠤ ᠡᠭᠦᠰᠭᠡᠬᠦ ᠦᠢᠰᠭᠡᠯ ᠠᠴᠠ ᠬᠦᠨᠳᠤ ᠰᠦᠷᠡᠬᠡᠢ ᠪᠠᠶᠢᠳᠠᠭ᠃ ᠲᠤᠰᠤᠭᠰᠠᠨ ᠲᠠᠯᠠᠪᠠᠢ ᠨᠢ ᠪᠠᠭ᠎ᠠ ᠪᠣᠯᠬᠤ ᠳᠣᠲᠤᠮ ᠰᠠᠴᠤᠷᠠᠯ ᠤᠨ ᠦᠢᠰᠭᠡᠯ ᠨᠢ ᠤᠯᠠᠮ ᠬᠦᠡᠭᠭᠡᠨ ᠪᠠᠶᠢᠳᠠᠭ᠃ ᠬᠡᠷᠪᠡ ᠳᠤᠰᠬᠠᠭᠳᠠᠭᠰᠠᠨ ᠲᠠᠯᠠᠪᠠᠢ ᠨᠢ ᠶᠡᠬᠡᠰᠦᠭᠡᠳ ᠪᠦᠬᠦ ᠪᠡᠶ᠎ᠡ ᠶᠢᠨ ᠲᠠᠯᠠᠪᠠᠢ ᠶᠢᠨ 1/3 ᠶᠢ ᠡᠵᠡᠯᠡᠪᠡᠯ᠂ ᠳᠠᠷᠤᠢ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠣᠯᠳᠠᠭ᠃     ︵2︶ ᠲᠤᠰᠬᠠᠭᠳᠠᠭᠰᠠᠨ ᠡᠲᠡᠭᠡᠳ ᠲᠠᠢ ᠬᠤᠯᠪᠤᠭᠳᠠᠬᠤ ᠰᠢᠯᠲᠠᠭᠠᠨ    ᠰᠠᠴᠤᠷᠠᠯ ᠤᠨ ᠦᠢᠰᠭᠡᠯ ᠤᠨ ᠬᠦᠨᠳᠤ ᠨᠣᠴᠢᠲᠤ ᠬᠡᠮᠵᠢᠶ᠎ᠡ ᠨᠢ ᠪᠠᠰᠨ ᠲᠤᠰᠬᠠᠭᠳᠠᠭᠰᠠᠨ ᠬᠦᠮᠦᠰ ᠤᠨ ᠪᠠᠶᠢᠳᠠᠯ ᠲᠠᠢ ᠠᠷᠪᠢᠨ ᠬᠤᠯᠪᠤᠭᠳᠠᠳᠠᠭ᠃ ᠭᠤᠣᠯᠳᠠᠭᠤ ᠠᠳᠠᠯᠢ ᠪᠤᠰᠤ ᠡᠭᠦᠯᠳᠡᠷ᠂ ᠠᠳᠠᠯᠢ ᠪᠤᠰᠤ ᠣᠷᠭᠠᠨᠢᠭ ᠪᠡᠶᠡᠲᠤ ᠪᠣᠯᠣᠨ ᠡᠷᠬᠡᠲᠡᠨ ᠨᠡᠬᠡᠳᠡᠰᠤ ᠴᠢᠨᠠᠭᠰᠢᠯᠠᠪᠠᠯ ᠠᠳᠠᠯᠢ ᠪᠤᠰᠤ ᠡᠰ ᠤᠨ ᠰᠠᠴᠤᠷᠠᠯ ᠳᠠᠬᠢ ᠰᠡᠷᠭᠡᠭ ᠤᠨ ᠬᠡᠮᠵᠢᠶ᠎ᠡ ᠲᠠᠢ ᠬᠤᠯᠪᠤᠭᠳᠠᠯ ᠲᠠᠢ ᠪᠠᠶᠢᠳᠠᠭ᠃ ᠡᠰ᠂ ᠨᠡᠬᠡᠳᠡᠰᠤ᠂ ᠡᠷᠬᠡᠲᠡᠨ᠂ ᠣᠷᠭᠠᠨᠢᠭ ᠪᠡᠶᠡᠲᠤ ᠪᠣᠶᠤ ᠠᠯᠢᠪᠠ ᠠᠮᠢ ᠨᠠᠰᠤ ᠪᠦᠬᠦᠢ ᠪᠣᠳᠠᠰ ᠤᠳ ᠤᠨ ᠰᠠᠴᠤᠷᠠᠯ ᠤᠨ ᠭᠡᠮᠲᠦᠯ ᠤᠨ ᠦᠢᠯᠡᠴᠢᠯᠡᠯ ᠳᠠᠬᠢ ᠬᠠᠷᠢᠴᠠᠩᠭᠤᠢ ᠰᠡᠷᠭᠡᠭ ᠤᠨ ᠬᠡᠮᠵᠢᠶ᠎ᠡ ᠶᠢ ᠰᠠᠴᠤᠷᠠᠯ ᠳᠤ ᠰᠡᠷᠭᠡᠭ ᠴᠢᠨᠠᠷ  ︵radiosensitivity︶ ᠭᠡᠨ᠎ᠡ᠃ ᠰᠠᠴᠤᠷᠠᠯ ᠳᠤ ᠰᠡᠷᠭᠡᠭ ᠴᠢᠨᠠᠷ ᠪᠣᠯ ᠳᠠᠷᠤᠢ ᠳᠤᠰᠬᠠᠭᠳᠠᠭᠰᠠᠨ ᠨᠦᠭᠦᠴᠡᠯ ᠪᠦᠷᠢᠮᠦᠰᠦᠨ ᠠᠳᠠᠯᠢ ᠪᠠᠶᠢᠳᠠᠯ ᠤᠨ ᠳᠣᠣᠷ᠎ᠠ᠂ ᠮᠦᠨ ᠨᠢᠭᠡᠨ ᠵᠦᠢᠯ ᠤᠨ ᠰᠠᠴᠤᠷᠠᠯ ᠤᠨ ᠦᠢᠰᠭᠡᠯ ᠡᠭᠦᠰᠬᠦ ᠬᠤᠷᠳᠤᠴᠠ ᠪᠣᠯᠣᠨ ᠬᠦᠨᠳᠤ ᠰᠦᠷᠡᠬᠡᠢ ᠬᠡᠮᠵᠢᠶ᠎ᠡ ᠶᠢ ᠬᠡᠯᠡᠨ᠎ᠡ᠃     ᠠᠮᠢᠲᠠᠨ ᠤ ᠲᠦᠷᠦᠯ᠄ ᠬᠤᠮᠵᠢᠮ ᠪᠣᠯᠣᠨ ᠬᠤᠮᠵᠢᠮᠵᠢ ᠨᠢ ᠠᠳᠠᠯᠢᠬᠠᠨ ᠪᠠᠶᠢᠳᠠᠯ ᠳᠣᠣᠷ᠎ᠠ ᠰᠡᠭᠡᠷᠲᠡᠨ ᠤ ᠠᠩᠬᠢ ᠶᠢᠨ ᠬᠦᠬᠦᠲᠡᠨ ᠨᠢ ᠪᠤᠰᠤᠳ ᠡᠯ᠎ᠡ ᠵᠦᠢᠯ ᠤᠨ ᠠᠮᠢᠲᠠᠳ ᠠᠴᠠ ᠪᠦᠷ ᠰᠡᠷᠭᠡᠭ ᠰᠢᠭ ᠪᠠᠶᠢᠵᠦ᠂ ᠬᠠᠷᠢᠨ ᠬᠦᠮᠦᠨ ᠲᠦᠷᠦᠯᠬᠢᠲᠡᠨ ᠨᠢ ᠬᠦᠬᠦᠲᠡᠨ ᠪᠣᠯᠤᠭᠰᠠᠨ ᠤ ᠬᠤᠪᠢ ᠳᠤ ᠵᠦᠪᠬᠡᠨ ᠠᠨᠠᠶᠢᠬᠠᠨ ᠡᠰᠡᠷᠭᠦᠴᠡᠬᠦ ᠴᠢᠳᠠᠯ  ᠲᠠᠢ ᠯᠨ ᠪᠠᠶᠢᠳᠠᠭ᠃     ᠨᠠᠰᠤ ᠪᠠ ᠬᠦᠢᠰᠦ᠄  ᠵᠠᠯᠠᠭᠤ ᠬᠦᠮᠦᠰ ᠨᠢ ᠦᠲᠡᠭᠦᠰ ᠠᠴᠠ ᠰᠡᠷᠭᠡᠭ ᠪᠠᠶᠢᠵᠦ ᠵᠢᠱᠢᠶᠡᠯᠡᠪᠡᠯ 20 ᠭᠠᠳ ᠨᠠᠰᠤᠨ ᠤ ᠬᠦᠮᠦᠰ ᠤᠳ ᠨᠢ 50 ᠭᠠᠳ ᠨᠠᠰᠤᠨ ᠤ ᠬᠦᠮᠦᠰ ᠠᠴᠠ 2 ᠳᠠᠬᠢᠨ ᠤᠨ ᠰᠡᠷᠭᠡᠭ ᠪᠠᠶᠢᠳᠠᠭ᠃ ᠦᠷ᠎ᠡ ᠲᠣᠭᠲᠠᠭᠰᠠᠨ ᠤ ᠬᠤᠶᠢᠨ᠎ᠠ ᠪᠠᠷᠤᠭ 38 ᠡᠳᠦᠷ ᠤᠨ ᠬᠦᠪᠦᠷᠡᠯ ᠨᠢ> ᠬᠦᠪᠦᠷᠡᠯ ᠤᠨ ᠬᠤᠭᠤᠴᠠᠭ᠎ᠠ> ᠬᠡᠤᠬᠡᠳ> ᠪᠠᠭᠠᠴᠤᠳ> ᠵᠠᠯᠠᠭᠤᠴᠤᠳ> ᠢᠳᠡᠷᠴᠦᠳ ᠠᠴᠠ ᠰᠡᠷᠭᠡᠭ ᠪᠠᠶᠢᠳᠠᠭ᠃ ᠡᠮᠡᠭᠲᠠᠶᠢᠴᠤᠳ ᠨᠢ ᠰᠠᠴᠤᠷᠠᠭ ᠲᠤ ᠡᠷᠡᠭᠲᠠᠶᠢᠴᠤᠳ ᠠᠴᠠ ᠰᠡᠷᠭᠡᠭ ᠪᠠᠶᠢᠳᠠᠭ ᠃ ᠶᠡᠷᠦᠳᠡᠭᠡᠨ ᠨᠠᠰᠤ ᠪᠠᠭ᠎ᠠ ᠦᠶᠡᠰ ᠲᠤ ᠰᠠᠴᠤᠷᠠᠭ ᠲᠤ ᠳᠤᠰᠬᠠᠭᠳᠠᠪᠠᠯ ᠨᠡᠩ ᠬᠢᠯᠪᠠᠷᠬᠠᠨ ᠢᠶᠠᠷ ᠴᠣᠯᠬᠤᠡᠭ ᠣᠯᠵᠦ᠂ ᠢᠯᠠᠩᠭᠤᠶ᠎ᠠ ᠬᠦᠬᠦᠨ ᠪᠣᠯᠴᠢᠷᠬᠠᠢ ᠶᠢᠨ ᠴᠣᠯᠬᠤᠡᠭ ᠪᠣᠯᠣᠨ ᠪᠠᠮᠪᠠᠢ ᠪᠣᠯᠴᠢᠷᠬᠠᠢ ᠶᠢᠨ ᠴᠣᠯᠬᠤᠡᠭ᠂ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ ᠠᠶᠤᠯ ᠲᠦᠭᠰᠢᠭᠦᠷᠢ ᠨᠢ ᠲᠠᠰᠤᠷᠠᠯᠲᠠ ᠦᠭᠡᠢ ᠪᠠᠭᠤᠷᠠᠳᠠᠭ᠃ ᠭᠡᠪᠡᠴᠤ ᠵᠠᠷᠢᠮ ᠨᠢᠭᠡ ᠪᠦᠯᠦᠭ ᠴᠣᠯᠬᠤᠡᠭ ᠵᠢᠱᠢᠶᠡᠯᠡᠪᠡᠯ ᠴᠢᠰᠤ ᠴᠠᠶᠢᠬᠤ ᠡᠪᠡᠳᠴᠢᠨ ᠪᠣᠯᠣᠨ ᠡᠮᠡᠭᠲᠠᠶᠢᠴᠤᠳ ᠤᠨ ᠠᠭᠤᠰᠬᠢᠨ ᠴᠣᠯᠬᠤᠡᠭ ᠨᠢ ᠦᠲᠡᠯᠡᠭᠰᠡᠨ ᠤ ᠳᠠᠷᠠᠭ᠎ᠠ ᠦᠶᠡᠰ ᠲᠤ ᠲᠡᠭᠦᠨ ᠤ ᠲᠤᠰᠬᠠᠭᠳᠠᠭᠰᠠᠨ ᠤ ᠳᠠᠷᠠᠭᠠᠬᠢ ᠰᠡᠷᠭᠡᠭ ᠴᠢᠨᠠᠷ ᠨᠢ ᠳᠠᠬᠢᠨ ᠳᠡᠭᠡᠭᠰᠢᠯᠡᠳᠡᠭ᠃          ᠣᠷᠣᠨ ᠪᠠᠶᠢᠷᠢ᠄ ᠶᠡᠷᠦᠳᠡ ᠶᠢᠨ ᠪᠠᠶᠢᠳᠠᠯ ᠳᠤ ᠬᠦᠮᠦᠨ ᠤ ᠪᠡᠶ᠎ᠡ ᠶᠢᠨ ᠡᠯ᠎ᠡ ᠬᠡᠰᠡᠭ ᠤᠨ  ᠰᠠᠴᠤᠷᠠᠯ ᠳᠠᠬᠢ ᠰᠡᠷᠭᠡᠭ ᠴᠢᠨᠠᠷ ᠢᠶᠠᠷ ᠠᠪᠴᠤ ᠬᠡᠯᠡᠪᠡᠯ᠂ ᠬᠡᠪᠡᠯᠢ  ᠶᠢᠨ ᠬᠡᠰᠡᠭ ᠨᠢ > ᠠᠭᠠᠷᠴᠠᠭ ᠤᠨ ᠬᠦᠨᠳᠡᠢ > ᠲᠣᠯᠤᠭᠠᠢ ᠶᠢᠨ ᠬᠡᠰᠡᠭ > ᠴᠡᠭᠡᠵᠢ ᠶᠢᠨ ᠬᠡᠰᠡᠭ > ᠳᠦᠷᠪᠡᠨ ᠮᠦᠴᠢ ᠠᠴᠠ ᠲᠤᠰ ᠲᠤᠰ ᠢᠯᠡᠭᠦᠦ ᠰᠡᠷᠭᠡᠭ  ᠪᠠᠶᠢᠳᠠᠭ᠃      ᠡᠷᠬᠡᠲᠡᠨ ᠨᠡᠬᠡᠳᠡᠰᠤ᠄ ᠵᠣᠬᠢᠬᠤ ᠬᠤᠮᠵᠢᠮ ᠤᠨ ᠰᠠᠴᠤᠷᠠᠯ ᠤᠨ ᠦᠢᠯᠡᠴᠢᠯᠡᠯ ᠳᠣᠣᠷ᠎ᠠ ᠡᠯ᠎ᠡ ᠨᠡᠬᠡᠳᠡᠰᠤ ᠲᠤ ᠡᠭᠦᠰᠬᠦ ᠭᠡᠮᠲᠦᠯ ᠤᠨ ᠬᠦᠨᠳᠤ ᠨᠣᠴᠢᠲᠤ ᠬᠡᠮᠵᠢᠶ᠎ᠡ  ᠨᠢ ᠪᠠᠰᠨ ᠲᠡᠳᠡᠨ ᠤ ᠰᠠᠴᠤᠷᠠᠯ ᠤᠨ ᠰᠡᠷᠭᠡᠭ ᠴᠢᠨᠠᠷ ᠲᠠᠢ ᠰᠢᠭᠤᠳ ᠬᠤᠯᠪᠤᠭ᠎ᠠ ᠲᠠᠢ ᠪᠠᠶᠢᠳᠠᠭ᠃ ᠨᠡᠯᠢᠶᠡᠳ ᠶᠡᠭᠡ ᠵᠦᠷᠢᠶ᠎ᠡ ᠲᠠᠢ ᠪᠠᠶᠢᠳᠠᠭ᠃ ᠬᠦᠮᠦᠨ ᠤ ᠪᠡᠶ᠎ᠡ ᠶᠢᠨ ᠡᠯ᠎ᠡ ᠡᠷᠬᠡᠲᠡᠨ ᠪᠣᠶᠤ ᠨᠡᠬᠡᠳᠡᠰᠤ ᠶᠢᠨ ᠰᠠᠴᠤᠷᠠᠯ ᠳᠤ ᠰᠡᠷᠭᠡᠭ ᠤᠨ ᠪᠠᠶᠢᠳᠠᠯ ᠢᠶᠠᠷ ᠨᠢ ᠲᠡᠳᠡᠨ ᠢ ᠶᠡᠭᠡ ᠰᠡᠷᠭᠡᠭ᠂ ᠨᠡᠯᠢᠶᠡᠳ ᠰᠡᠷᠭᠡᠭ᠂  ᠪᠠᠭ᠋ᠠᠨ ᠰᠡᠷᠭᠡᠭ ᠪᠠ ᠰᠡᠷᠭᠡᠭ ᠪᠤᠰᠤ ᠭᠡᠵᠦ ᠶᠡᠭᠡ ᠲᠦᠯᠦᠪ ᠳᠦᠷᠪᠡᠨ ᠲᠦᠷᠦᠯ ᠳᠤ ᠠᠩᠬᠢᠯᠠᠳᠠᠭ᠃      ᠶᠡᠭᠡ ᠰᠡᠷᠭᠡᠭ ᠡᠷᠬᠡᠲᠡᠨ ᠪᠣᠶᠤ ᠨᠡᠬᠡᠳᠡᠰᠤ ᠨᠦᠭᠦᠳ ᠲᠤ᠄ ᠯᠢᠮᠹ ᠨᠡᠬᠡᠳᠡᠰᠤ ︵ᠯᠢᠮᠹ ᠤᠨ ᠡᠰ ᠪᠣᠯᠣᠨ ᠨᠢᠯᠬ᠎ᠠ ᠯᠢᠮᠹ ᠤᠨ ᠡᠰ︶᠂ ᠴᠡᠭᠡᠵᠢᠨ ᠪᠣᠯᠴᠢᠷᠬᠠᠢ ︵ᠴᠡᠭᠡᠵᠢᠨ ᠪᠣᠯᠴᠢᠷᠬᠠᠢ ᠶᠢᠨ ᠡᠰ︶᠂ ᠴᠢᠮᠦᠭᠡ ︵ᠨᠢᠯᠬ᠎ᠠ ᠤᠯᠠᠭᠠᠨ᠂  ᠠᠷᠤᠷᠠᠯᠢᠭ ᠪᠡᠶᠡᠲᠤ ᠪᠣᠯᠣᠨ ᠠᠪᠤᠷᠭᠤ ᠴᠦᠮᠡᠲᠤ ᠡᠰ︶᠂ ᠬᠤᠳᠤᠭᠤᠳᠣ ᠭᠡᠳᠡᠰᠦᠨ ᠤ ᠦᠡᠭᠭᠡᠨ ᠬᠠᠯᠢᠰᠤ ︵ᠣᠨᠴᠤᠭᠤᠶᠢᠯᠠᠨ ᠨᠠᠷᠢᠨ ᠭᠡᠳᠡᠰᠦᠨ ᠤ ᠤᠡᠭᠬᠤᠯ ᠤᠨ ᠦᠡᠭᠭᠡᠨ ᠡᠰ︶᠂ ᠪᠡᠯᠬᠡ ᠶᠢᠨ ᠡᠰ ︵ᠵᠠᠰᠠᠭ᠎ᠠ ᠪᠣᠯᠣᠨ ᠦᠨᠳᠡᠭᠡᠪᠴᠢ ᠶᠢᠨ ᠦᠷᠡᠵᠢᠯ ᠤᠨ ᠡᠰ︶᠂ ᠬᠦᠪᠦᠷᠡᠯ ᠤᠨ ᠨᠡᠬᠡᠳᠡᠰᠤ᠂ ᠬᠡᠪᠲᠡᠰᠢᠨ ᠳᠠᠬᠢ ᠬᠡᠤᠬᠡᠳ᠂ ᠳᠡᠯᠢᠭᠦᠦ ᠵᠡᠷᠭᠡ ᠪᠣᠢ᠃     ᠨᠡᠯᠢᠶᠡᠳ ᠰᠡᠷᠭᠡᠭ ᠡᠷᠬᠡᠲᠡᠨ ᠪᠣᠶᠤ ᠨᠡᠬᠡᠳᠡᠰᠤ ᠨᠦᠭᠦᠳ ᠲᠤ᠄ ᠰᠡᠷᠡᠯ ᠤᠨ ᠡᠷᠬᠡᠲᠡᠨ ︵ᠡᠪᠡᠷᠯᠢᠭ ᠪᠦᠷᠬᠦᠪᠴᠢ᠂ ᠨᠢᠳᠦᠨ ᠪᠣᠯᠣᠷ᠂ ᠨᠢᠳᠦᠨ ᠤ ᠰᠠᠯᠢᠰᠤᠲᠤ ᠪᠦᠷᠬᠦᠪᠴᠢ︶᠂ ᠳᠣᠲᠤᠷ ᠦᠡᠭᠭᠡᠨ ᠡᠰ᠂ ᠠᠷᠠᠰᠤᠨ ᠤ ᠬᠦᠷᠦᠰᠤ᠂ ᠰᠢᠯᠦᠰᠦᠨ ᠪᠣᠯᠴᠢᠷᠬᠠᠢ᠂ ᠪᠦᠭᠡᠷ᠎ᠡ᠂ ᠡᠯᠢᠭᠡ ᠪᠣᠯᠣᠨ ᠠᠭᠤᠰᠬᠢᠨ ᠤ ᠦᠡᠭᠭᠡᠨ ᠡᠰ᠂ ᠰᠠᠮᠰᠢᠭᠤ ᠵᠡᠷᠭᠡ ᠪᠣᠢ᠃     ᠪᠠᠭ᠋ᠠᠨ ᠰᠡᠷᠭᠡᠭ ᠡᠷᠬᠡᠲᠡᠨ ᠪᠣᠶᠤ ᠨᠡᠬᠡᠳᠡᠰᠤ ᠨᠦᠭᠦᠳ ᠲᠤ᠄ ᠭᠤᠣᠯ ᠮᠡᠳᠡᠷᠡᠯ ᠤᠨ ᠰᠢᠰᠲ᠋ᠧᠮ᠂ ᠳᠣᠲᠤᠭᠠᠳᠤ ᠱᠦᠭᠦᠷᠡᠯᠡᠯ ᠤᠨ ᠪᠣᠯᠴᠢᠷᠬᠠᠢ ︵ᠪᠡᠯᠭᠡ ᠶᠢᠨ ᠪᠣᠯᠴᠢᠷᠬᠠᠢ ᠠᠴᠠ ᠪᠤᠰᠤᠳ︶᠂ ᠵᠢᠷᠦᠬᠡ᠂ ᠡᠯᠢᠭᠡ᠂ ᠰᠤᠳᠠᠯ ᠵᠡᠷᠭᠡ ᠪᠣᠢ᠃     ᠰᠡᠷᠭᠡᠭ ᠪᠤᠰᠤ ᠡᠷᠬᠡᠲᠡᠨ ᠪᠣᠶᠤ ᠨᠡᠬᠡᠳᠡᠰᠤ ᠨᠦᠭᠦᠳ ᠲᠤ᠄ ᠪᠣᠯᠴᠢᠩ᠂ ᠮᠦᠬᠡᠷᠰᠤ ᠪᠣᠯᠣᠨ ᠶᠠᠰᠤᠨ ᠨᠡᠬᠡᠳᠡᠰᠤ᠂ ᠬᠡᠯᠬᠢᠶ᠎ᠡ ᠨᠡᠬᠡᠳᠡᠰᠤ᠂ ᠮᠡᠳᠡᠷᠡᠯ ᠵᠡᠷᠭᠡ ᠪᠣᠢ᠃     ᠡᠭᠦᠨ ᠠᠴᠠ ᠭᠠᠳᠠᠨ᠎ᠠ ᠲᠦᠷᠭᠡᠨ ᠦᠷᠡᠵᠢᠯᠲᠤ ᠡᠰ ᠢᠶᠠᠷ ᠪᠦᠲᠦᠭᠰᠡᠨ ᠴᠢᠮᠦᠭᠡ᠂ ᠪᠡᠯᠬᠡ ᠶᠢᠨ ᠪᠣᠯᠴᠢᠷᠬᠠᠢ ᠪᠣᠯᠣᠨ ᠭᠡᠳᠡᠰᠦᠨ ᠤ ᠦᠡᠭᠭᠡᠨ ᠬᠠᠯᠢᠰᠤ᠂ ᠨᠢᠳᠦᠨ ᠪᠣᠯᠣᠷ ᠵᠡᠷᠭᠡ ᠡᠷᠬᠡᠲᠡᠨ ᠨᠡᠬᠡᠳᠡᠰᠤ ᠨᠤᠭᠤᠳ ᠨᠢ ᠰᠠᠴᠤᠷᠠᠯ ᠳᠤ ᠨᠡᠯᠢᠶᠡᠳ ᠰᠡᠷᠭᠡᠭ ᠲᠤᠯᠠᠲᠠ ᠬᠤᠣᠷ ᠬᠦᠨᠦᠭᠡᠯ ᠨᠢ ᠡᠷᠲᠡ ᠢᠯᠡᠷᠡᠳᠡᠭ᠃ ᠬᠠᠷᠢᠨ ᠠᠯᠭᠤᠷ ᠦᠷᠡᠵᠢᠯᠲᠤ ᠡᠰ ᠢᠶᠠᠷ ᠪᠦᠲᠦᠭᠰᠡᠨ ᠡᠯᠢᠭᠡ᠂ ᠪᠦᠭᠡᠷ᠎ᠡ ᠪᠣᠯᠣᠨ ᠲᠠᠷᠢᠬᠢ ᠵᠡᠷᠭᠡ ᠡᠷᠬᠡᠲᠡᠨ ᠨᠡᠬᠡᠳᠡᠰᠤ ᠨᠤᠭᠤᠳ ᠨᠢ ᠰᠠᠴᠤᠷᠠᠯ ᠳᠤ ᠲᠡᠶᠢᠮᠦ ᠰᠦᠷᠡᠬᠡᠢ ᠰᠡᠷᠭᠡᠭ ᠪᠢᠰᠢ ᠪᠣᠯᠬᠤᠷ ᠬᠤᠣᠷ ᠬᠦᠨᠦᠭᠡᠯ ᠨᠢ ᠣᠷᠣᠢ ᠢᠯᠡᠷᠡᠳᠡᠭ᠃ ᠶᠡᠷᠦᠩᠬᠡᠢ ᠳᠤᠨᠢ ᠠᠪᠴᠤ ᠬᠡᠯᠡᠪᠡᠯ ᠪᠠᠭ᠎ᠠ ᠰᠢᠭ ᠡᠷᠬᠡᠲᠡᠨ> ᠲᠣᠮᠤ ᠰᠢᠭ᠋ ᠡᠷᠬᠡᠲᠡᠨ᠂ ᠴᠢᠬᠤᠯᠨ ᠡᠷᠬᠡᠲᠡᠨ > ᠡᠩ ᠤᠨ ᠡᠷᠬᠡᠲᠡᠨ ᠠᠴᠠ ᠢᠯᠡᠭᠦᠦ ᠰᠡᠷᠭᠡᠭ ᠪᠠᠶᠢᠵᠦ᠂ ᠪᠠᠮᠪᠠᠢ ᠪᠣᠯᠴᠢᠷᠬᠠᠢ> ᠠᠭᠤᠰᠬᠢ> ᠤᠯᠠᠭᠠᠨ ᠴᠢᠮᠦᠭᠡ> ᠬᠦᠬᠦᠨ ᠪᠣᠯᠴᠢᠷᠬᠠᠢ> ᠶᠠᠰᠤ ᠠᠴᠠ ᠰᠡᠷᠭᠡᠭ ᠪᠠᠶᠢᠳᠠᠭ᠃           ᠡᠰ᠄ ᠳᠠᠩ ᠭᠠᠭᠴᠠ ᠡᠰ ᠲᠤ ᠠᠪᠴᠤ ᠬᠡᠯᠡᠪᠡᠯ᠂ ᠡᠰ ᠤᠨ ᠪᠦᠭᠡᠮ > ᠡᠰ ᠤᠨ ᠰᠢᠩᠭᠡᠨ ᠠᠴᠠ ᠰᠡᠷᠭᠡᠭ ᠪᠠᠶᠢᠵᠦ᠂ ᠡᠰ ᠤᠨ ᠰᠢᠩᠭᠡᠨ ᠤ ᠳᠣᠲᠤᠷᠠᠬᠢ ᠠᠷᠤᠷᠠᠯᠢᠭ ᠪᠡᠶᠡᠲᠤ ᠶᠢᠨ ᠠᠷᠪᠢᠨ ᠴᠦᠬᠡᠨ ᠨᠢ ᠪᠠᠰᠨ ᠰᠠᠴᠤᠷᠠᠯ ᠳᠤ ᠰᠡᠷᠭᠡᠭ ᠡᠰᠡᠬᠦ ᠶᠢᠨ ᠴᠢᠬᠤᠯᠨ ᠰᠢᠯᠲᠠᠭᠠᠨ ᠪᠣᠯᠣᠨ᠎ᠠ᠃ ᠦᠳᠲᠡᠷ ᠲᠦᠷᠭᠡᠨ ᠦᠷᠡᠵᠢᠳᠡᠭ ᠮᠦᠷᠲᠡᠭᠡᠨ ᠨᠢᠯᠬ᠎ᠠ ᠡᠰ ᠨᠢ> ᠠᠯᠭᠤᠷ ᠦᠷᠡᠵᠢᠳᠡᠭ ᠮᠦᠷᠲᠡᠭᠡᠨ ᠦᠲᠡᠭᠦᠰ ᠡᠰ ᠠᠴᠠ ᠰᠡᠷᠭᠡᠭ᠃ ᠢᠯᠭᠠᠷᠠᠭᠠᠳᠤᠢ ᠡᠰ ᠤᠨ ᠲᠦᠷᠦᠯ ᠬᠡᠯᠪᠡᠷᠢ ᠨᠢ ᠢᠯᠭᠠᠷᠠᠭᠰᠠᠨ ᠡᠰ ᠤᠨ  ᠲᠦᠷᠦᠯ ᠬᠡᠯᠪᠡᠷᠢ ᠠᠴᠠ ᠨᠡᠩ ᠰᠡᠷᠭᠡᠭ ᠪᠠᠶᠢᠳᠠᠭ᠃ ᠭᠡᠪᠡᠴᠤ ᠪᠠᠰᠨ ᠡᠭᠦᠨ ᠠᠴᠠ ᠭᠠᠳᠠᠭᠤᠷ ᠴᠤ ᠪᠠᠰᠨ ᠪᠣᠢ᠂ ᠵᠢᠱᠢᠶᠡᠯᠡᠪᠡᠯ ᠯᠢᠮᠹ ᠤᠨ ᠡᠰ ᠪᠣᠯᠣᠨ ᠦᠨᠳᠡᠭᠡᠨ ᠡᠬᠡ ᠡᠰ ᠨᠢ ᠬᠡᠳᠦᠶᠢᠪᠡᠷ  ᠦᠷᠡᠵᠢᠬᠦ ᠦᠭᠡᠢ ᠪᠣᠯᠪᠠᠴᠤ ᠰᠠᠴᠤᠷᠠᠯ ᠳᠤ ᠨᠡᠯᠢᠶᠡᠳ ᠰᠡᠷᠭᠡᠭ ᠪᠠᠶᠢᠳᠠᠭ᠃ ᠴᠢᠰᠤ ᠪᠦᠲᠦᠭᠡᠬᠦ ᠡᠷᠬᠡᠲᠡᠨ ᠤ ᠡᠯ᠎ᠡ ᠵᠦᠢᠯ ᠤᠨ ᠡᠰ ᠤᠨ ᠰᠠᠴᠤᠷᠠᠭ ᠤᠨ ᠰᠡᠷᠭᠡᠭ ᠴᠢᠨᠠᠷ ᠨᠢ ᠯᠢᠮᠹ ᠤᠨ ᠡᠰ > ᠨᠢᠯᠬ᠎ᠠ ᠤᠯᠠᠭᠠᠨ ᠡᠰ> ᠨᠢᠯᠬ᠎ᠠ ᠲᠠᠩ ᠴᠦᠮᠡᠲᠤ ᠡᠰ> ᠨᠢᠯᠬ᠎ᠠ ᠮᠦᠬᠦᠯᠢᠭ ᠡᠰ> ᠠᠪᠤᠷᠭᠤ ᠴᠦᠮᠡᠲᠤ ᠡᠰ> ᠡᠯ᠎ᠡ ᠠᠶᠢᠮᠠᠭ ᠤᠨ ᠪᠡᠶ᠎ᠡ ᠭᠦᠢᠴᠡᠭᠰᠡᠨ ᠴᠢᠰᠤᠨ ᠡᠰ> ᠲᠣᠣᠷᠯᠢᠭ ᠳᠣᠲᠤᠷ ᠦᠡᠭᠭᠡᠨ ᠡᠰ ᠪᠣᠯᠣᠨ ᠦᠭᠡᠬᠦᠨ ᠡᠰ ᠠᠴᠠ ᠰᠡᠷᠭᠡᠭ ᠪᠠᠶᠢᠳᠠᠭ᠃ ᠴᠢᠰᠤᠨ ᠡᠰ ᠳᠠᠬᠢ ᠯᠢᠮᠹ ᠤᠨ ᠡᠰ > ᠤᠯᠠᠭᠠᠨ ᠡᠰ ᠤᠨ ᠡᠬᠡ ᠡᠰ> ᠮᠦᠬᠦᠯᠢᠭᠯᠢᠭ ᠴᠠᠭᠠᠨ ᠡᠰ> ᠴᠢᠰᠤᠨ ᠢᠯᠳᠠᠰᠤ ᠰᠡᠷᠭᠡᠭ ᠪᠠᠶᠢᠳᠠᠭ᠃  ᠡᠭᠦᠨ ᠠᠴᠠ ᠭᠠᠳᠠᠨ᠎ᠠ ᠦᠷᠡᠵᠢᠯ ᠤᠨ ᠡᠰ ᠨᠢ ᠮᠠᠬᠠᠪᠤᠳ ᠤᠨ ᠡᠰ ᠠᠴᠠ ᠰᠠᠴᠤᠷᠠᠭ ᠲᠤ ᠨᠡᠩ ᠰᠡᠷᠭᠡᠭ ᠪᠠᠶᠢᠳᠠᠭ᠃    ᠡᠭᠦᠨ ᠠᠴᠠ ᠭᠠᠳᠠᠨ᠎ᠠ᠂ ᠰᠠᠴᠤᠷᠠᠯ ᠤᠨ ᠰᠡᠷᠭᠡᠭ ᠴᠢᠨᠠᠷ ᠨᠢ ᠪᠠᠰᠨ ᠡᠰ ᠤᠨ ᠦᠶᠡᠯᠡᠯ ᠤᠨ ᠵᠠᠪᠰᠠᠷ ᠤᠨ ᠬᠤᠭᠤᠴᠠᠭᠠᠨ ᠳᠠᠬᠢ ᠪᠣᠲᠤᠭᠲᠠᠮᠠᠬᠠᠢ ᠪᠡᠶᠡᠲᠤ ᠶᠢᠨ ᠡᠵᠡᠯᠡᠭᠦᠨ ᠲᠠᠢ ᠰᠢᠭᠤᠳ ᠬᠠᠷᠢᠴᠠᠭ᠎ᠠ ᠲᠠᠢ᠂ ᠳᠠᠷᠤᠢ DNA ᠶᠢᠨ ᠠᠭᠤᠯᠤᠭᠳᠠᠴᠠ ᠲᠠᠢ ᠬᠤᠯᠪᠤᠭ᠎ᠠ ᠲᠠᠢ ᠪᠠᠶᠢᠳᠠᠭ᠃      ᠪᠦᠭᠡᠮ ᠬᠦᠴᠢᠯ᠄ DNA>mRNA>rRNA>tRNA> ᠤᠭᠤᠷᠠᠭ ᠠᠴᠠ ᠰᠡᠷᠭᠡᠭ ᠪᠠᠶᠢᠵᠦ᠂ DNA ᠶᠢᠨ ᠨᠡᠶᠢᠯᠡᠯᠭᠡ ᠶᠢᠨ ᠬᠤᠭᠤᠴᠠᠭ᠎ᠠ  ᠨᠢ ᠬᠠᠮᠤᠭ ᠠᠴᠠ ᠢᠯᠡᠭᠦᠦ ᠰᠡᠷᠭᠡᠭ ᠪᠠᠶᠢᠳᠠᠭ᠃      ᠭᠤᠷᠪᠠᠳᠤᠭᠠᠷ ᠬᠡᠰᠡᠭ   ᠮᠠᠭᠠᠳ ᠪᠤᠰᠤ ᠦᠢᠰᠭᠡᠯ    ᠰᠠᠴᠤᠷᠠᠭ ᠲᠤ ᠲᠤᠰᠬᠠᠭᠳᠠᠭᠰᠠᠨ ᠳᠠᠩ ᠭᠠᠭᠴᠠ ᠮᠠᠬᠠᠪᠤᠳ ᠤᠨ ᠡᠰ ᠪᠣᠶᠤ ᠦᠷᠡᠵᠢᠯ ᠤᠨ ᠡᠰ ᠤᠨ ᠣᠨᠳᠣᠣᠰᠢᠯ ᠠᠴᠠ ᠪᠣᠯᠵᠦ ᠬᠦᠮᠦᠰ ᠲᠤ ᠬᠡᠵᠢᠶ᠎ᠡ ᠬᠤᠶᠢᠨ᠎ᠡ  ᠨᠢ ᠰᠠᠶ᠋ᠢ ᠢᠯᠡᠷᠡᠳᠡᠭ ᠡᠯ᠎ᠡ ᠵᠦᠢᠯ ᠤᠨ ᠴᠤᠯᠬᠤᠡᠭ ︵ᠦᠮᠡᠨ︶ ᠵᠢᠴᠢ ᠤᠳᠤᠮᠰᠢᠯ ᠤᠨ ᠡᠪᠡᠳᠴᠢᠨ ᠡᠮᠬᠡᠭ ᠤᠳ ᠢ ᠶᠡᠷᠦᠩᠬᠡᠶᠢᠯᠡᠭᠡᠳ ᠮᠠᠭᠠᠳ ᠪᠤᠰᠤ ᠦᠢᠰᠭᠡᠯ ︵Stochastic Effect︶ ᠭᠡᠳᠡᠭ᠃ ᠰᠠᠴᠤᠷᠠᠭ ᠪᠣᠯᠣᠨ ᠡᠰ ᠤᠨ ᠲᠠᠯ᠎ᠠ ᠠᠴᠠ ᠠᠯᠢ ᠨᠢᠭᠡ ᠰᠠᠴᠤᠷᠠᠭ ᠤᠨ ᠮᠦᠬᠦᠯᠢᠭ ᠨᠢ ᠬᠠᠷᠢᠯᠴᠠᠨ ᠦᠢᠯᠡᠴᠢᠯᠡᠬᠦ ᠪᠠ ᠠᠯᠢ ᠨᠢᠭᠡ ᠡᠰ ᠨᠢ ᠭᠡᠮᠲᠦᠬᠦ ᠵᠢᠴᠢ ᠭᠡᠮᠲᠦᠭᠰᠡᠨ ᠡᠰ ᠤᠨ ᠠᠯᠢ ᠨᠢᠭᠡ ᠨᠢ ᠣᠨᠳᠣᠣᠰᠢᠬᠤ ᠪᠠᠶᠢᠲᠤᠭᠠᠢ᠂ ᠲᠡᠷᠡᠴᠢᠯᠡᠨ ᠰᠠᠴᠤᠷᠠᠭ ᠲᠤ ᠳᠤᠰᠬᠠᠭᠳᠠᠭᠰᠠᠨ ᠬᠦᠮᠦᠰ ᠤᠨ ᠳᠣᠲᠤᠷ᠎ᠠ ᠬᠡᠨ ᠳᠤᠨᠢ ᠪᠠ ᠬᠠᠮᠢᠭ᠎ᠠ ᠨᠢ ᠵᠢᠴᠢ ᠬᠡᠵᠢᠶ᠎ᠡ ᠡᠨᠡᠬᠦ ᠦᠢᠰᠭᠡᠯ ᠭᠠᠷᠬᠤ ᠭᠡᠳᠡᠭ ᠢ ᠴᠤ ᠶᠡᠷᠦᠨᠢ ᠤᠷᠢᠳᠴᠢᠯᠠᠨ ᠲᠦᠰᠦᠭᠯᠡᠬᠦ ᠶᠢᠨ ᠠᠷᠭ᠎ᠠ ᠦᠭᠡᠢ ᠪᠠᠶᠢᠳᠠᠭ᠃ ᠭᠡᠪᠡᠴᠤ ᠰᠠᠴᠤᠷᠠᠯ ᠤᠨ ᠡᠪᠡᠳᠴᠢᠨ ᠤ ᠳᠡᠯᠭᠡᠷᠡᠯ ᠤᠨ ᠰᠣᠳᠤᠯᠤᠯ ᠤᠨ ᠪᠦᠷᠢᠳᠬᠡᠯ ᠢᠶᠠᠷ ᠳᠠᠮᠵᠢᠭᠤᠯᠤᠨ ᠳᠤᠰᠬᠠᠭᠳᠠᠭᠰᠠᠨ ᠬᠦᠮᠦᠰ ᠤᠨ ᠳᠣᠲᠤᠷ᠎ᠠ ᠮᠠᠭᠠᠳ ᠪᠤᠰᠤ ᠦᠢᠰᠭᠡᠯ ᠡᠭᠦᠰᠬᠦ ᠨᠣᠷᠮ᠎ᠠ ᠶᠢ ᠨᠢ ᠪᠠᠷᠤᠭᠴᠠᠭᠠᠨ ᠪᠣᠳᠤᠵᠦ ᠭᠠᠷᠭᠠᠵᠦ ᠪᠣᠯᠳᠠᠭ ᠲᠤᠯᠠᠲᠠ ᠲᠤᠯᠠᠲᠠ ᠮᠠᠭᠠᠳ ᠪᠤᠰᠤ ᠭᠡᠵᠠᠢ᠃ ᠶᠠᠭ ᠡᠶᠢᠮᠦ ᠠᠴᠠ ᠰᠠᠴᠤᠷᠠᠭ ᠠᠴᠠ ᠬᠠᠮᠠᠭᠠᠯᠠᠬᠤ ᠤᠬᠠᠭᠠᠨ ᠳᠤ ᠮᠠᠭᠠᠳ ᠪᠤᠰᠤ ᠦᠢᠰᠭᠡᠯ ᠨᠢ ᠡᠭᠦᠰᠬᠦ ᠦᠭᠡᠢ ᠭᠡᠰᠡᠨ ᠬᠠᠮᠤᠭ ᠤᠨ ᠳᠣᠣᠷ᠎ᠠ ᠬᠤᠮᠵᠢᠮ ᠤᠨ ᠬᠢᠵᠠᠭᠠᠷ ᠳᠠᠷᠤᠢ ᠴᠤᠯᠢᠩ ᠬᠡᠮᠵᠢᠭᠳᠡᠭᠦᠨ ᠪᠠᠶᠢᠬᠤ ᠦᠭᠡᠢ ᠭᠡᠵᠦ ᠦᠵᠡᠳᠡᠭ᠃ ᠡᠶᠢᠮᠦ ᠠᠴᠠ ᠰᠠᠴᠤᠷᠠᠭ ᠠᠴᠠ ᠬᠠᠮᠠᠭᠠᠯᠠᠬᠤ ᠬᠤᠪᠢ ᠬᠦᠮᠦᠨ ᠤ ᠬᠤᠮᠵᠢᠮ ᠤᠨ ᠬᠢᠵᠠᠭᠠᠷᠯᠠᠯ ᠤᠨ ᠬᠡᠮᠵᠢᠭᠳᠡᠭᠦᠨ ᠢ ᠠᠮᠤᠷ ᠲᠦᠪᠰᠢᠨ ᠪᠠ ᠠᠶᠤᠯ ᠲᠦᠭᠰᠢᠭᠦᠷᠢ ᠶᠢᠨ ᠵᠠᠭᠠᠭ ᠪᠣᠯᠭᠠᠨ ᠦᠵᠡᠵᠦ ᠪᠣᠯᠬᠤ ᠦᠭᠡᠢ᠃ ᠲᠡᠷᠨ ᠨᠢ ᠵᠦᠪᠬᠡᠨ ᠮᠠᠭᠠᠳ ᠪᠤᠰᠤ ᠦᠢᠰᠭᠡᠯ ᠤᠨ ᠡᠭᠦᠰᠬᠦ ᠲᠣᠬᠢᠶᠠᠯᠳᠤᠮᠵᠢ ᠶᠢ  ᠨᠢ ᠪᠠᠭᠠᠰᠬᠠᠭᠰᠠᠨ ᠠᠴᠠ ᠪᠢᠰᠢ ᠬᠠᠷᠢᠨ ᠲᠡᠭᠦᠨ ᠠᠴᠠ ᠳᠣᠣᠷ᠎ᠠ ᠪᠣᠯ ᠡᠭᠦᠰᠬᠦ ᠦᠭᠡᠢ ᠭᠡᠰᠡᠨ ᠬᠡᠷᠡᠭ ᠪᠢᠰᠢ ᠶᠣᠮ᠃ ᠮᠠᠭᠠᠳ ᠪᠤᠰᠤ ᠦᠢᠰᠭᠡᠯ ᠠᠴᠠ ᠪᠦᠷᠢᠮᠦᠰᠦᠨ ᠵᠠᠶᠢᠯᠠᠵᠦ ᠭᠠᠷᠴᠤ ᠴᠢᠳᠠᠳᠠᠭ ᠦᠭᠡᠢ ᠪᠣᠯᠬᠤᠷ ᠵᠦᠪᠬᠡᠨ ᠰᠠᠴᠤᠷᠠᠭ ᠠᠴᠠ ᠬᠠᠮᠠᠭᠠᠯᠠᠬᠤ ᠲᠠᠯ᠎ᠠ ᠪᠠᠷ ᠬᠦᠴᠦᠨ ᠪᠦᠬᠦᠢ ᠠᠷᠭ᠎ᠠ ᠬᠡᠮᠵᠢᠶ᠎ᠡ ᠠᠪᠴᠤ ᠪᠠᠶᠢᠭᠠᠳ ᠲᠡᠭᠦᠨ ᠤ ᠡᠭᠦᠰᠬᠦ ᠲᠣᠬᠢᠶᠠᠯᠳᠤᠮᠵᠢ ᠶᠢ ᠬᠦᠯᠢᠶᠡᠨ ᠠᠪᠴᠤ ᠪᠣᠯᠤᠮᠠᠷ ᠲᠦᠪᠰᠢᠨ ᠳᠤ ᠬᠦᠷᠲᠡᠯ᠎ᠡ ᠬᠢᠵᠠᠭᠠᠷᠯᠠᠬᠤ ᠠᠴᠠ ᠦᠭᠡᠷ᠎ᠡ ᠠᠷᠭ᠎ᠠ ᠭᠡᠵᠦ ᠪᠠᠶᠢᠬᠤ ᠦᠭᠡᠢ ᠪᠢᠯᠨ᠃ ᠰᠠᠴᠤᠷᠠᠭ  ᠲᠤ ᠳᠤᠰᠬᠠᠭᠳᠠᠬᠤ ᠤᠳᠠᠭ᠎ᠠ ᠶᠢᠨ ᠲᠤᠭ᠎ᠠ ᠨᠢ ᠠᠷᠪᠢᠳᠬᠤ ᠪᠣᠶᠤ ᠬᠦᠮᠦᠨ ᠤ ᠲᠤᠭ᠎ᠠ ᠨᠢ ᠣᠯᠠᠰᠢᠷᠠᠬᠤ ᠵᠢᠴᠢ ᠬᠤᠮᠵᠢᠮ ᠤᠨ ᠬᠡᠮᠵᠢᠶ᠎ᠡ ᠨᠢ ᠶᠡᠬᠡᠰᠬᠦ ᠶᠢ ᠳᠠᠭᠠᠯᠳᠤᠨ ᠮᠠᠭᠠᠳ ᠪᠤᠰᠤ ᠦᠢᠰᠭᠡᠯ ᠤᠨ ᠡᠭᠦᠰᠬᠦ ᠲᠣᠬᠢᠶᠠᠯᠳᠤᠮᠵᠢ ᠨᠢ ᠴᠤ ᠨᠡᠮᠡᠭᠳᠡᠳᠡᠭ᠃ ᠬᠠᠷᠢᠨ ᠲᠡᠭᠦᠨ ᠤ ᠬᠦᠨᠳᠤ ᠨᠣᠴᠢᠲᠤ ᠬᠡᠮᠵᠢᠶ᠎ᠡ ᠨᠢ ᠳᠤᠰᠬᠠᠭᠳᠠᠭᠰᠠᠨ ᠰᠠᠴᠤᠷᠠᠭ ᠤᠨ ᠬᠤᠮᠵᠢᠮ ᠤᠨ ᠶᠡᠭᠡ ᠪᠠᠭ᠎ᠠ ᠲᠠᠢ ᠬᠠᠮᠢᠶ᠎ᠠ ᠦᠭᠡᠢ᠂ ᠤᠴᠢᠷ ᠨᠢ ᠴᠤᠯᠬᠤᠡᠭ ︵ᠦᠮᠡᠨ︶  ᠪᠣᠯ ᠨᠢᠭᠡᠨ ᠵᠦᠢᠯ ᠤᠨ ᠬᠤᠣᠷᠠᠲᠤ ᠡᠪᠡᠳᠴᠢᠨ ᠪᠣᠯᠬᠤᠷ ᠲᠡᠭᠦᠨ ᠢ ᠣᠯᠤᠪᠠᠯ ᠳᠠᠷᠤᠢ ᠦᠷ᠎ᠡ ᠳ᠋ᠦᠡᠭ ᠨᠢ ᠬᠦᠨᠳᠤ ᠨᠣᠴᠢᠲᠠᠢ ᠪᠠᠶᠢᠵᠦ᠂ ᠰᠠᠴᠤᠷᠠᠭ ᠲᠤ ᠠᠷᠪᠢᠨ ᠳᠤᠰᠬᠠᠭᠳᠠᠭᠠᠳ ᠬᠦᠨᠳᠤ ᠴᠤᠯᠬᠤᠡᠭ ︵ᠦᠮᠡᠨ︶ ᠣᠯᠬᠤ᠂ ᠴᠦᠬᠡᠨ ᠳᠤᠰᠬᠠᠭᠳᠠᠭᠠᠳ ᠬᠦᠡᠭᠭᠡᠨ ᠴᠤᠯᠬᠤᠡᠭ ︵ᠦᠮᠡᠨ︶  ᠣᠯᠬᠤ ᠭᠡᠰᠡᠨ ᠶᠠᠪᠤᠳᠠᠯ ᠪᠠᠶᠢᠬᠤ ᠦᠭᠡᠢ ᠪᠢᠯᠨ᠃ ᠮᠠᠭᠠᠳ ᠪᠤᠰᠤ ᠦᠢᠰᠭᠡᠯ ᠪᠣᠯ χ ᠪᠣᠯᠣᠨ γ ᠰᠠᠴᠤᠷᠠᠭ ᠤᠨ ᠳᠣᠣᠷ᠎ᠠ ᠬᠤᠮᠵᠢᠮᠵᠢ᠂ ᠪᠠᠭ᠎ᠠ ᠬᠤᠮᠵᠢᠮ ᠤᠨ  ᠳᠤᠰᠬᠠᠯᠲᠠ ᠳᠠᠬᠢ ᠬᠦᠮᠦᠰ ᠲᠤ ᠪᠣᠢ ᠪᠣᠯᠭᠠᠬᠤ ᠭᠤᠣᠯ ᠬᠤᠣᠷ ᠬᠦᠨᠦᠭᠡᠯ ᠮᠦᠨ᠃          ᠨᠢᠭᠡ᠂ ᠰᠠᠴᠤᠷᠠᠯ ᠤᠨ ᠴᠤᠯᠬᠤᠡᠭ ᠢ ᠡᠲᠦᠬᠦ ᠪᠠ ᠳᠡᠭᠵᠢᠭᠦᠯᠬᠦ ᠦᠢᠯᠡᠳᠦᠯ     ᠰᠠᠴᠤᠷᠠᠯ ᠪᠣᠯ ᠴᠤᠯᠬᠤᠡᠭ ︵ᠦᠮᠡᠨ︶ ᠢ ᠡᠲᠦᠨ ᠡᠭᠦᠰᠭᠡᠵᠦ ᠴᠢᠳᠠᠬᠤ ᠮᠦᠷᠲᠡᠭᠡᠨ ᠪᠠᠰᠨ ᠦᠮᠡᠨ ᠢ ᠳᠡᠭᠵᠢᠭᠦᠯᠦᠨ ᠠᠬᠢᠭᠤᠯᠵᠦ ᠴᠢᠳᠠᠬᠤ ᠬᠤᠱᠤᠢ ᠦᠢᠯᠡᠳᠦᠯ  ᠲᠠᠢ ᠪᠠᠶᠢᠳᠠᠭ᠃ ᠰᠠᠴᠤᠷᠠᠯ ᠤᠨ ᠴᠤᠯᠬᠤᠡᠭ ︵ᠦᠮᠡᠨ︶ ᠡᠲᠦᠬᠦ ᠦᠢᠰᠭᠡᠯ ︵Carcinogenesis︶ ᠪᠣᠯ ᠪᠠᠭ᠎ᠠ ᠬᠤᠮᠵᠢᠮ ᠤᠨ ᠳᠤᠰᠬᠠᠯᠲᠠ ᠶᠢᠨ ᠭᠤᠣᠯ ᠪᠣᠯᠬᠤ ᠬᠤᠣᠷ ᠬᠦᠨᠦᠭᠡᠯ ᠤᠨ ᠨᠢᠭᠡ ᠨᠢ ᠪᠣᠯᠤᠨ᠎ᠠ᠃ ᠪᠠᠭ᠎ᠠ ᠬᠤᠮᠵᠢᠮ ᠤᠨ ᠳᠤᠰᠬᠠᠯᠲᠠ ᠳᠤ ᠰᠠᠴᠤᠷᠠᠯ ᠨᠢ ᠦᠮᠡᠨ ᠡᠲᠦᠬᠦ ᠳᠠᠪᠠᠭᠤ ᠪᠠᠶᠢᠷᠢᠨ ᠳᠤ ᠪᠠᠶᠢᠵᠦ᠂ ᠡᠷᠡᠭᠦᠯ ᠡᠰ ᠢ ᠦᠮᠡᠨ ᠤ ᠡᠰ ᠪᠣᠯᠭᠠᠬᠤ ᠠᠩᠬᠠᠨ ᠤ ᠦᠢᠯᠡᠴᠢᠯᠡᠯ ᠢ ᠣᠯᠭᠤᠳᠠᠭ᠃ ᠭᠡᠪᠡᠴᠤ ᠲᠡᠭᠦᠨ ᠤ ᠴᠤᠯᠬᠤᠡᠭ ︵ᠦᠮᠡᠨ︶ ᠡᠲᠦᠬᠦ‍ ᠵᠢᠭ ᠢ ᠨᠢ ᠬᠠᠷᠠᠬᠠᠨ ᠪᠦᠷᠢᠮᠦᠰᠦᠨ ᠲᠣᠳᠤᠷᠬᠠᠶᠢᠯᠠᠭᠠᠳᠤᠢ ᠪᠠᠶᠢᠭᠰᠠᠭᠠᠷ᠃ ᠶᠡᠷᠦᠳᠡᠭᠡᠨ ᠪᠡᠶ᠎ᠡ ᠶᠢᠨ ᠠᠮᠢᠳᠤ ᠦᠯᠡᠳᠡᠭᠰᠡᠨ ᠣᠨᠳᠣᠣᠰᠢᠮᠠᠯ ᠡᠰ ᠨᠢ ᠶᠠᠮᠠᠷ ᠨᠢᠭᠡᠨ ᠵᠦᠢᠯ ᠤᠨ ᠡᠲᠦᠯᠭᠡ ᠪᠠᠷ ᠨᠢᠭᠤᠭᠳᠠᠮᠠᠯ ᠬᠦᠴᠦᠨ ᠪᠦᠬᠦᠢ ᠬᠤᠣᠷᠲᠤ ᠡᠰ ᠪᠣᠯᠣᠨ ᠬᠤᠪᠢᠷᠠᠭᠠᠳ᠂ ᠲᠡᠷᠡᠴᠢᠯᠡᠨ ᠣᠯᠠᠮ ᠨᠢᠭᠡ ᠠᠯᠬᠤᠮ ᠦᠷᠡᠵᠢᠨ ᠡᠴᠦᠰ ᠲᠡᠭᠡᠨ ᠦᠮᠡᠨ ᠪᠣᠯᠤᠯ᠎ᠠ ᠭᠡᠵᠦ ᠦᠵᠡᠳᠡᠭ᠃ ᠬᠡᠯᠡᠯᠭᠡᠨ ᠦᠭᠡᠢ ᠶᠡᠭᠡ ᠬᠤᠮᠵᠢᠮ ᠤᠨ ᠳᠤᠰᠬᠠᠯᠲᠠ ᠳᠤ ᠰᠠᠴᠤᠷᠠᠯ ᠤᠨ ᠦᠮᠡᠨ ᠤ ᠡᠰ ᠢ ᠦᠬᠦᠭᠦᠯᠬᠦ ᠨᠢ ᠳᠠᠪᠠᠭᠤ ᠪᠠᠶᠢᠷᠢᠨ ᠳᠤ ᠣᠷᠤᠳᠠᠭ ᠲᠤᠯᠠᠲᠠ ᠬᠤᠣᠷᠠᠲᠤ ᠬᠠᠪᠤᠳᠠᠷ ᠢ ᠵᠠᠰᠠᠬᠤ ᠪᠠᠰᠨ ᠨᠢᠭᠡᠨ ᠴᠢᠬᠤᠯᠨ ᠠᠷᠭ᠎ᠠ ᠪᠣᠯᠵᠦ ᠪᠠᠶᠢᠨ᠎ᠠ᠃ ᠬᠠᠷᠢᠨ ᠠᠶᠠᠨᠳᠠᠭᠠᠨ ᠡᠭᠦᠰᠬᠦ ᠨᠣᠷᠮ᠎ᠠ ᠪᠠᠷ ᠤᠤᠯ ᠠᠴᠠ ᠪᠠᠨ ᠨᠡᠯᠢᠶᠡᠳ ᠦᠨᠳᠦᠷ ᠬᠤᠣᠷᠲᠤ ᠡᠪᠡᠳᠴᠢᠨ ᠳᠤ ᠰᠠᠴᠤᠷᠠᠯ ᠨᠢ ᠶᠡᠷᠦᠳᠡᠭᠡᠨ ᠳᠡᠭᠵᠢᠭᠦᠯᠬᠦ ᠦᠢᠯᠡᠳᠦᠯ ᠦᠵᠡᠭᠦᠯᠳᠡᠭ᠃ ᠤᠴᠢᠷ ᠨᠢ ᠦᠮᠡᠨ ᠤ ᠡᠰ ᠪᠣᠯ ᠪᠦᠷ ᠲᠡᠳᠡᠭᠡᠷ ᠦᠷᠡᠵᠢᠯ ᠢᠶᠠᠨ ᠬᠢᠵᠠᠭᠠᠷᠯᠠᠵᠦ ᠴᠢᠳᠠᠬᠤ ᠦᠭᠡᠢ ᠮᠦᠷᠲᠡᠭᠡᠨ ᠦᠷᠡᠵᠢᠯ ᠨᠢ ᠴᠤ ᠦᠳᠲᠡᠷ ᠲᠦᠷᠭᠡᠨ  ᠪᠣᠯᠬᠤᠷ ᠰᠠᠴᠤᠷᠠᠯ ᠳᠤ ᠡᠷᠡᠭᠦᠯ ᠡᠰ ᠠᠴᠠ ᠨᠡᠩ ᠰᠡᠷᠭᠡᠭ ᠪᠠᠶᠢᠳᠠᠭ ᠲᠤ ᠣᠷᠤᠰᠢᠨ᠎ᠠ᠃ ᠡᠨᠡᠬᠦ ᠬᠤᠶᠡᠷ ᠵᠦᠢᠯ ᠤᠨ ᠦᠢᠯᠡᠳᠦᠯ ᠨᠢ ᠶᠡᠷᠦᠳᠡᠭᠡᠨ ᠪᠦᠷ ᠴᠤᠭᠭᠠᠷ ᠣᠷᠤᠰᠢᠵᠦ ᠪᠠᠶᠢᠳᠠᠭ ᠪᠣᠯᠬᠤᠷ ᠲᠡᠳᠡᠨ ᠢ ᠢᠯᠭᠠᠬᠤ ᠳᠤ ᠮᠠᠰᠢ ᠪᠡᠷᠬᠡ ᠪᠠᠶᠢᠳᠠᠭ᠃     1. ᠴᠤᠯᠬᠤᠡᠭ ︵ᠦᠮᠡᠨ︶  ᠤᠨ ᠨᠢᠭᠤᠭᠳᠠᠮᠠᠯ ᠬᠤᠭᠤᠴᠠᠭ᠎ᠠ     ᠬᠦᠮᠦᠨ ᠤ ᠮᠠᠬᠠᠪᠤᠳ ᠤᠨ ᠡᠰ ᠨᠢ ᠰᠠᠴᠤᠷᠠᠭ ᠲᠤ ᠳᠤᠰᠬᠠᠭᠳᠠᠨ ᠭᠡᠮᠲᠦᠵᠦ ᠣᠨᠳᠣᠣᠰᠢᠭᠰᠠᠨ ᠠᠴᠠ ᠠᠪᠤᠭᠠᠳ ᠬᠠᠪᠤᠳᠠᠷ ᠴᠤᠯᠬᠤᠡᠭ  ᠪᠣᠯᠵᠦ ᠬᠤᠪᠢᠷᠠᠨ᠂ ᠲᠡᠷᠡᠴᠢᠯᠡᠨ ᠡᠮᠴᠢᠯᠡᠪᠦᠷᠢ ᠳᠤ ᠲᠡᠭᠦᠨ ᠢ ᠢᠯᠭᠠᠨ ᠲᠣᠳᠤᠯᠠᠵᠦ ᠭᠠᠷᠬᠤ ᠪᠣᠯᠲᠠᠯ᠎ᠠ ᠨᠡᠯᠢᠶᠡᠳ ᠵᠢᠯ ᠤᠨ ᠴᠠᠭ ᠬᠤᠭᠤᠴᠠᠭ᠎ᠠ ᠶᠢ ᠬᠡᠷᠡᠭᠰᠡᠳᠡᠭ᠃ ᠡᠶᠢᠮᠦ ᠠᠴᠠ ᠰᠠᠴᠤᠷᠠᠭ  ᠲᠤ ᠲᠤᠰᠬᠠᠭᠳᠠᠭᠰᠠᠨ ᠠᠴᠠ ᠠᠪᠤᠭᠠᠳ ᠪᠠᠶᠢᠴᠠᠭᠠᠨ ᠲᠣᠳᠤᠯᠠᠵᠦ ᠭᠠᠷᠬᠤ ᠪᠣᠯᠲᠠᠯᠠᠬᠢ ᠬᠤᠭᠤᠴᠠᠭ᠎ᠠ ᠶᠢ ᠴᠤᠯᠬᠤᠡᠭ ᠤᠨ ᠨᠢᠭᠤᠭᠳᠠᠮᠠᠯ ᠬᠤᠭᠤᠴᠠᠭ᠎ᠠ ᠭᠡᠳᠡᠭ᠃ ᠰᠠᠴᠤᠷᠠᠯ ᠠᠴᠠ ᠡᠭᠦᠰᠦᠭᠰᠡᠨ ᠴᠤᠯᠬᠤᠡᠭ ᠤᠨ ᠨᠢᠭᠤᠭᠳᠠᠮᠠᠯ ᠬᠤᠭᠤᠴᠠᠭ᠎ᠠ ᠶᠢᠨ ᠤᠷᠲᠤ ᠪᠤᠭᠤᠨᠢ ᠨᠢ ᠴᠤᠯᠬᠤᠡᠭ ᠤᠨ ᠲᠦᠷᠦᠯ ᠵᠦᠢᠯ᠂ ᠳᠤᠰᠬᠠᠭᠳᠠᠭᠰᠠᠨ ᠬᠤᠮᠵᠢᠮ ᠤᠨ ᠶᠡᠭᠡ ᠪᠠᠭ᠎ᠠ᠂ ᠲᠤᠰᠬᠠᠭᠳᠠᠬᠤ ᠦᠶ᠎ᠡ ᠶᠢᠨ ᠨᠠᠰᠤᠨ ᠵᠢᠯ ᠪᠣᠯᠣᠨ ᠴᠣᠯᠬᠤᠡᠭ ᠡᠭᠦᠰᠬᠦ ᠨᠠᠰᠤ ᠵᠢᠯ ᠵᠢᠴᠢ ᠲᠡᠭᠦᠨ ᠢ ᠪᠣᠳᠤᠬᠤ ᠠᠷᠭ᠎ᠠ ᠵᠡᠷᠭᠡ ᠣᠯᠠᠨ ᠲᠠᠯ᠎ᠠ  ᠠᠴᠠ ᠰᠢᠯᠲᠠᠭᠠᠯᠠᠭᠳᠠᠨ᠎ᠠ᠃ ᠡᠶᠢᠮᠦ ᠠᠴᠠ ᠨᠢᠭᠡᠨᠲᠡ ᠮᠡᠳᠡᠭᠰᠡᠨ ᠪᠣᠶᠤ ᠡᠰᠡᠭᠦᠯ᠎ᠡ ᠲᠤᠰᠬᠠᠭᠳᠠᠭᠰᠠᠨ ᠤ ᠳᠠᠷᠠᠭ᠎ᠠ ᠰᠠᠴᠤᠷᠠᠯ ᠠᠴᠠ ᠶᠠᠮᠠᠷ ᠨᠢᠭᠡᠨ ᠴᠣᠯᠬᠤᠡᠭ ᠢ ᠡᠲᠦᠨ ᠡᠭᠦᠰᠭᠡᠬᠦ ᠭᠡᠳᠡᠭ ᠢ ᠢᠲᠡᠭᠡᠵᠦ ᠪᠣᠯᠬᠤ ᠬᠠᠮᠤᠭ ᠤᠨ ᠪᠤᠭᠤᠨᠢ ᠨᠢᠭᠤᠭᠳᠠᠮᠠᠯ ᠬᠤᠭᠤᠴᠠᠭ᠎ᠠ ᠪᠠᠶᠢᠳᠠᠭ᠃ ᠲᠡᠭᠦᠨ ᠠᠴᠠ ᠬᠤᠶᠢᠰᠢ ᠰᠠᠴᠤᠷᠠᠯ ᠤᠨ ᠡᠲᠦᠭᠰᠡᠨ ᠴᠣᠯᠬᠤᠡᠭ ᠤᠨ ᠡᠭᠦᠰᠬᠦ ᠪᠣᠯᠤᠮᠵᠢ ᠨᠢ ᠲᠠᠰᠤᠷᠠᠯᠲᠠ ᠦᠭᠡᠢ ᠨᠡᠮᠡᠭᠳᠡᠨ᠂ ᠵᠣᠬᠢᠬᠤ ᠨᠢᠭᠡᠨ ᠲᠦᠪᠰᠢᠨ ᠳᠤ ᠬᠦᠷᠦᠭᠰᠡᠨ ᠤ ᠳᠠᠷᠠᠭ᠎ᠠ ᠴᠣᠯᠬᠤᠡᠭ ᠶᠡᠬᠡᠪᠡᠷ ᠡᠭᠦᠰᠬᠦ ᠪᠣᠶᠤ ᠦᠬᠦᠨ ᠦᠬᠦᠲᠡᠯ᠎ᠡ ᠦᠷᠬᠦᠯᠵᠢᠯᠡᠵᠦ ᠡᠰᠡᠭᠦᠯ᠎ᠡ ᠠᠭᠠᠵᠢᠮ ᠢᠶᠠᠷ ᠪᠠᠭᠤᠷᠠᠭᠠᠳ ᠤᠤᠯ ᠤᠨ ᠬᠡᠪ ᠤᠨ ᠪᠠᠶᠢᠳᠠᠯ ᠳᠠᠭᠠᠨ ᠣᠷᠤᠳᠠᠭ᠃ ᠰᠠᠴᠤᠷᠠᠯ ᠠᠴᠠ ᠡᠲᠦᠭᠰᠡᠨ ᠴᠤᠯᠬᠤᠡᠭ ᠤᠨ ᠢᠯᠡᠷᠡᠬᠦ ᠴᠠᠭ ᠬᠤᠭᠤᠴᠠᠭ᠎ᠠ ᠨᠢ ᠶᠡᠷᠦᠳᠡᠭᠡᠨ 2~50 ᠵᠢᠯ ᠬᠡᠷᠡᠭᠰᠡᠳᠡᠭ᠃ ᠰᠠᠴᠤᠷᠠᠭ ᠠᠴᠠ ᠬᠠᠮᠠᠭᠠᠯᠠᠬᠤ ᠳᠤ ᠶᠡᠷᠦᠳᠡᠭᠡᠨ ᠪᠠᠰᠨ ᠴᠣᠯᠬᠤᠡᠭ ᠤᠨ ᠡᠭᠦᠰᠬᠦ ᠳᠤᠮᠳᠠᠴᠢ ᠨᠢᠭᠤᠭᠳᠠᠮᠠᠯ ᠬᠤᠭᠤᠴᠠᠭ᠎ᠠ ᠶᠢ ᠬᠡᠷᠡᠭᠯᠡᠳᠡᠭ᠃ ᠦᠡᠭᠭᠡᠷᠡᠭᠰᠡᠨ ᠳᠤ ᠰᠠᠴᠤᠷᠠᠯ ᠤᠨ ᠡᠲᠦᠬᠦ ᠴᠤᠯᠬᠤᠡᠭ ᠤᠨ ᠠᠶᠤᠯ ᠲᠦᠭᠰᠢᠭᠦᠷᠢ ᠶᠢᠨ ᠦᠷᠬᠦᠯᠵᠢᠯᠡᠬᠦ ᠴᠠᠭ ᠬᠤᠭᠤᠴᠠᠭ᠎ᠠ ᠶᠢ ᠶᠡᠭᠡ ᠲᠦᠯᠦᠪ 30 ᠵᠢᠯ ᠭᠡᠵᠦ ᠦᠵᠡᠵᠦ ᠪᠠᠶᠢᠪᠠ᠃ ᠭᠡᠪᠡᠴᠤ ᠣᠳᠤ ᠶᠢᠨ ᠰᠣᠳᠤᠯᠤᠯᠲᠠ ᠶᠢᠨ ᠪᠠᠶᠢᠳᠠᠯ ᠠᠴᠠ ᠦᠵᠡᠪᠡᠯ ᠬᠠᠷᠢᠨ ᠡᠭᠦᠨ  ᠠᠴᠠ ᠨᠡᠩ ᠤᠷᠲᠤ ᠪᠣᠯᠤᠯᠲᠠᠢ᠃         2. ᠭᠤᠣᠯ ᠪᠣᠯᠬᠤ ᠴᠤᠯᠬᠤᠡᠭ ︵ᠦᠮᠡᠨ︶     ᠳᠡᠯᠡᠬᠡᠢ ᠶᠢᠨ ᠰᠠᠴᠤᠷᠠᠯ ᠠᠴᠠ ᠰᠡᠷᠭᠡᠶᠢᠯᠡᠨ ᠬᠠᠮᠠᠭᠠᠯᠠᠬᠤ ᠵᠦᠪᠯᠡᠯ ᠤᠨ 1990 ᠣᠨ ᠤ 60 ᠳ᠋ᠤᠭᠠᠷ ᠲᠣᠭᠠᠲᠤ ᠬᠡᠪᠯᠡᠯ ᠤᠨ ᠪᠢᠴᠢᠭ ᠲᠡᠭᠡᠨ ᠴᠠᠬᠢᠯᠭᠠᠨᠲᠠᠭᠤᠯᠬᠤ ᠰᠠᠴᠤᠷᠠᠯ ᠠᠴᠠ ᠬᠦᠮᠦᠨ ᠲᠦᠷᠦᠯᠬᠢᠲᠡᠨ ᠳᠤ ᠡᠲᠦᠬᠦ ᠴᠤᠯᠬᠤᠡᠭ ︵ᠦᠮᠡᠨ︶ ᠤᠨ ᠲᠦᠷᠦᠯ ᠵᠦᠢᠯ ᠪᠣᠯᠣᠨ ᠠᠶᠤᠯ ᠲᠦᠭᠰᠢᠭᠦᠷᠢ ᠶᠢᠨ ᠢᠯᠡᠳᠬᠡᠮᠵᠢ ᠶᠢ ᠦᠭᠭᠦᠭᠰᠡᠨ ᠪᠠᠶᠢᠨ᠎ᠠ᠃ ᠡᠭᠦᠨ ᠳᠤ ᠳᠣᠣᠷ᠎ᠠ ᠰᠢᠯᠤᠭᠤᠨ ᠨᠢᠭᠲᠠᠴᠠᠲᠤ ︵LET︶ ᠰᠠᠴᠤᠷᠠᠯ ᠤᠨ ᠲᠠᠪᠤᠰᠠᠩ᠂ ᠴᠢᠮᠦᠭᠡ᠂ ᠶᠠᠰᠤᠨ ᠤ ᠭᠠᠳᠠᠷᠭᠤ᠂ ᠳᠡᠯᠡᠩ᠂ ᠬᠤᠲᠤᠷᠢᠩᠬᠠᠢ ᠭᠡᠳᠡᠰᠤ᠂ ᠡᠯᠢᠭᠡ᠂ ᠠᠭᠤᠰᠬᠢ᠂ ᠤᠯᠠᠭᠠᠨ ᠬᠤᠭᠤᠯᠠᠢ᠂ ᠦᠨᠳᠡᠭᠡᠪᠴᠢ᠂ ᠠᠷᠠᠰᠤ᠂ ᠬᠤᠳᠤᠭᠤᠳᠤ᠂ ᠪᠠᠮᠪᠠᠢ ᠪᠣᠯᠴᠢᠷᠬᠠᠢ᠂ ᠪᠡᠯᠬᠡ ᠶᠢᠨ ᠪᠣᠯᠴᠢᠷᠬᠠᠢ ᠵᠡᠷᠭᠡ 13 ᠵᠦᠢᠯ ᠤᠨ ᠴᠣᠯᠬᠤᠡᠭ ᠤᠨ ᠲᠤᠰ ᠲᠤᠰ ᠤᠨ ᠬᠢᠨᠢ ᠠᠶᠤᠯ ᠲᠦᠭᠰᠢᠭᠦᠷᠢ ᠶᠢᠨ ᠢᠯᠡᠳᠬᠡᠮᠵᠢ ᠪᠠ ᠬᠠᠷ᠎ᠠ ᠪᠦᠭᠡᠷ᠎ᠡ ᠶᠢᠨ ᠳᠡᠭᠡᠷᠡᠬᠢ ᠪᠣᠯᠴᠢᠷᠬᠠᠢ᠂ ᠲᠠᠷᠢᠬᠢ᠂ ᠪᠦᠳᠦᠭᠦᠨ ᠭᠡᠳᠡᠰᠦᠨ ᠤ ᠳᠡᠭᠡᠳᠤ ᠬᠡᠰᠡᠭ᠂ ᠨᠠᠷᠢᠨ ᠭᠡᠳᠡᠰᠤ᠂ ᠬᠠᠷ᠎ᠠ ᠪᠦᠭᠡᠷ᠎ᠡ᠂ ᠪᠣᠯᠴᠢᠩ᠂ ᠨᠣᠶᠢᠷ ᠤᠨ ᠪᠣᠯᠴᠢᠷᠬᠠᠢ᠂ ᠳᠡᠯᠢᠭᠦᠦ᠂ ᠡᠪᠴᠢᠭᠦᠨ ᠤ ᠪᠣᠯᠴᠢᠷᠬᠠᠢ ᠪᠣᠯᠣᠨ ᠬᠡᠤᠬᠡᠨ ᠬᠡᠪᠲᠡᠰᠢ ᠵᠡᠷᠭᠡ 10 ᠵᠦᠢᠯ ᠤᠨ ᠪᠤᠰᠤᠳ ᠴᠣᠯᠬᠤᠡᠭ ᠤᠨ ᠠᠶᠤᠯ ᠲᠦᠭᠰᠢᠭᠦᠷᠢ ᠶᠢᠨ ᠶᠡᠷᠦᠩᠬᠡᠢ ᠢᠯᠡᠳᠬᠡᠮᠵᠢ ᠶᠢ ᠦᠭᠭᠦᠭᠰᠡᠨ ᠪᠠᠶᠢᠳᠠᠭ᠃     ︵1︶ ᠴᠢᠰᠤ ᠴᠠᠶᠢᠬᠤ ᠡᠪᠡᠳᠴᠢᠨ      ᠴᠢᠰᠤ ᠴᠠᠶᠢᠬᠤ ᠡᠪᠡᠳᠴᠢᠨ ᠪᠣᠯ ᠴᠢᠰᠤ ᠪᠦᠲᠦᠭᠡᠬᠦ ᠡᠷᠬᠡᠲᠡᠨ ᠤ ᠬᠤᠣᠷᠠᠲᠤ ᠡᠪᠡᠳᠴᠢᠨ ᠪᠦᠭᠡᠳ ᠭᠤᠣᠯ ᠣᠨᠴᠠᠯᠢᠭ ᠨᠢ ᠴᠢᠰᠤᠨ ᠤ ᠴᠠᠭᠠᠨ ᠡᠰ ᠤᠨ ᠲᠤᠭ᠎ᠠ  ᠶᠢ ᠶᠡᠷᠤ ᠪᠣᠰᠤ ᠪᠠᠷ ᠨᠡᠮᠡᠭᠳᠡᠨ᠂ ᠲᠡᠷᠡᠴᠢᠯᠡᠨ ᠦᠷᠬᠦᠯᠵᠢ ᠨᠢᠯᠬ᠎ᠠ ᠡᠰ ᠬᠠᠷᠠᠭᠳᠠᠳᠠᠭ᠃ ᠡᠪᠡᠳᠴᠢᠨ ᠤ ᠭᠤᠣᠯ ᠢᠯᠡᠷᠡᠯ ᠨᠢ ᠪᠡᠶ᠎ᠡ ᠬᠠᠯᠠᠭᠤᠷᠠᠬᠤ᠂ ᠬᠠᠯᠳᠠᠪᠤᠷᠢᠯᠠᠬᠤ᠂ ᠴᠢᠰᠤ ᠲᠤᠲᠠᠬᠤ ᠪᠠ ᠴᠢᠰᠤ ᠭᠠᠷᠳᠠᠭ᠃    ᠴᠢᠰᠤ ᠴᠠᠶᠢᠬᠤ ᠡᠪᠡᠳᠴᠢᠨ ᠪᠣᠯ ᠨᠢᠭᠡᠨᠲᠡ ᠨᠡᠶᠢᠲᠡ ᠳᠤ ᠮᠡᠳᠡᠷᠡᠭᠳᠡᠭᠰᠡᠨ ᠭᠤᠣᠯᠳᠠᠭᠤ ᠰᠠᠴᠤᠷᠠᠯ ᠠᠴᠠ ᠡᠲᠦᠭᠳᠡᠨ ᠡᠭᠦᠰᠬᠦ ᠨᠢᠭᠡᠨ ᠵᠦᠢᠯ ᠤᠨ ᠬᠤᠣᠷᠠᠲᠤ ᠡᠪᠡᠳᠴᠢᠨ ᠮᠦᠨ᠃ ᠡᠭᠦᠨ ᠢ ᠲᠤᠬᠠᠶᠢᠯᠠᠭᠰᠠᠨ ᠠᠵᠢᠯ ᠤᠨ ᠲᠤᠰᠬᠠᠯᠲᠠ᠂ ᠡᠮᠨᠡᠯᠭᠡ ᠶᠢᠨ ᠲᠤᠰᠬᠠᠯᠲᠠ ᠪᠣᠯᠣᠨ ᠠᠲ᠋ᠤᠮ ᠤᠨ ᠪᠦᠮᠪᠦᠭᠡᠨ ᠤ ᠳᠡᠯᠪᠡᠷᠡᠯᠲᠡ ᠶᠢᠨ ᠬᠡᠷᠡᠭ ᠶᠠᠪᠤᠳᠠᠯ ᠠᠴᠠ ᠠᠯᠢ ᠡᠷᠲᠡ ᠨᠢᠭᠡᠨᠲᠡ ᠭᠡᠷᠡᠴᠢᠯᠡᠨ ᠲᠣᠳᠤᠯᠤᠭᠰᠠᠨ ᠶᠣᠮ᠃ ᠰᠠᠴᠤᠷᠠᠯ ᠤᠨ ᠡᠲᠦᠬᠦ ᠴᠣᠯᠬᠤᠡᠭ ᠳᠣᠲᠤᠷ᠎ᠠ ᠴᠢᠰᠤ ᠴᠠᠶᠢᠬᠤ ᠡᠪᠡᠳᠴᠢᠨ ᠤ ᠡᠭᠦᠰᠬᠦ ᠨᠣᠷᠮ᠎ᠡ ᠨᠢ ᠦᠨᠳᠦᠷ᠂ ᠨᠢᠭᠤᠭᠳᠠᠬᠤ ᠬᠤᠭᠤᠴᠠᠭ᠎ᠠ ᠨᠢ ᠣᠬᠤᠷ᠂ ᠡᠲᠦᠬᠦ ᠬᠤᠮᠵᠢᠮ ᠨᠢ ᠨᠡᠯᠢᠶᠡᠳ ᠳᠣᠣᠷ᠎ᠠ ᠪᠠᠶᠢᠳᠠᠭ᠃ ᠴᠢᠰᠤ ᠴᠠᠶᠢᠬᠤ ᠡᠪᠡᠳᠴᠢᠨ ᠨᠢ ᠲᠦᠷᠭᠡᠨ ᠴᠢᠨᠠᠷᠲᠠᠢ ᠪᠠ ᠤᠵᠢᠭ ᠴᠢᠨᠠᠷᠲᠠᠢ ᠬᠤᠶᠡᠷ ᠵᠦᠢᠯ ᠪᠠᠶᠢᠵᠦ᠂ ᠲᠦᠷᠭᠡᠨ ᠴᠢᠨᠠᠷᠲᠠᠢ ᠨᠢ ᠠᠷᠪᠢᠨ ᠪᠠᠶᠢᠳᠠᠭ᠃ ᠲᠡᠭᠦᠨ ᠤ ᠡᠭᠦᠰᠬᠦ ᠨᠣᠷᠮ᠎ᠠ ᠪᠣᠯᠣᠨ ᠦᠬᠦᠬᠦ ᠨᠣᠷᠮ᠎ᠠ ᠨᠢ ᠴᠦᠮ ᠬᠦᠷᠲᠡᠭᠰᠡᠨ ᠰᠠᠴᠤᠷᠠᠭ ᠤᠨ ᠬᠤᠮᠵᠢᠮ ᠲᠠᠢ ᠬᠤᠯᠪᠤᠭ᠎ᠠ ᠲᠠᠢ ᠪᠠᠶᠢᠳᠠᠭ᠃ 1Gy ᠠᠴᠠ ᠳᠡᠭᠡᠭᠰᠢᠬᠢ ᠴᠣᠴᠢᠮᠠᠭ ᠳᠤᠰᠬᠠᠯᠲᠠ ᠳᠤ ᠡᠯ᠎ᠡ ᠵᠦᠢᠯ ᠤᠨ ᠳᠦᠷᠭᠡᠨ ᠴᠢᠨᠠᠷᠲᠠᠢ ᠴᠢᠰᠤ ᠴᠠᠶᠢᠬᠤ ᠡᠪᠡᠳᠴᠢᠨ ᠢᠯᠠᠤᠲᠠ ᠨᠡᠮᠡᠭᠳᠡᠨ᠎ᠡ᠃ ᠪᠠᠭ᠎ᠠ ᠬᠤᠮᠵᠢᠮ ᠤᠨ ᠳᠤᠰᠬᠠᠯᠲᠠ ᠪᠣᠶᠤ ᠠᠵᠢᠯ ᠤᠨ ᠳᠤᠰᠬᠠᠯᠲᠠ ᠳᠤ ᠤᠵᠢᠭ ᠴᠢᠨᠠᠷᠲᠠᠢ ᠴᠢᠰᠤ ᠴᠠᠶᠢᠬᠤ ᠡᠪᠡᠳᠴᠢᠨ ᠠᠮᠠᠷᠬᠠᠨ ᠡᠭᠦᠰᠳᠡᠭ᠃     ᠴᠢᠰᠤ ᠴᠠᠶᠢᠬᠤ ᠡᠪᠡᠳᠴᠢᠨ ᠤ ᠨᠢᠭᠤᠭᠳᠠᠮᠠᠯ ᠬᠤᠭᠤᠴᠠᠭ᠎ᠠ ᠨᠢ ᠬᠠᠮᠤᠭ ᠣᠬᠤᠷ ᠲᠠᠭᠠᠨ 2 ᠵᠢᠯ ᠪᠠᠶᠢᠵᠦ᠂ ᠵᠣᠩᠬᠢᠯᠠᠬᠤ ᠨᠢ ᠶᠡᠷᠦᠳᠡᠭᠡᠨ 8 ~13 ᠵᠢᠯ ᠤᠨ ᠬᠤᠭᠤᠷᠣᠨᠳᠤ ᠢᠯᠡᠷᠡᠨ᠂ ᠬᠠᠮᠤᠭ ᠤᠷᠲᠤ ᠨᠢ ᠴᠤ 25 ᠵᠢᠯ ᠠᠴᠠ ᠬᠡᠲᠦᠷᠡᠳᠡᠭ ᠦᠭᠡᠢ᠂ ᠳᠤᠮᠳᠠᠴᠢ ᠪᠠᠷ ᠪᠠᠷᠤᠭ 10 ᠵᠢᠯ ᠪᠠᠶᠢᠳᠠᠭ᠃ ᠬᠠᠷᠢᠨ ᠪᠤᠰᠤᠳ ᠴᠤᠯᠤ ᠪᠡᠶᠡᠲᠤ ᠴᠣᠯᠬᠤᠡᠭ ᠤᠳ ᠤᠨ ᠨᠢᠭᠤᠭᠳᠠᠮᠠᠯ ᠬᠤᠭᠤᠴᠠᠭ᠎ᠠ ᠨᠢ ᠴᠦᠮ ᠲᠡᠭᠦᠨ ᠠᠴᠠ ᠬᠤᠯᠨ ᠤᠷᠲᠤ ᠪᠠᠶᠢᠳᠠᠭ᠃ ᠶᠠᠫᠤᠨ ᠤ ᠠᠲ᠋ᠤᠮ ᠤᠨ ᠪᠦᠮᠪᠦᠭᠡᠨ ᠤ ᠳᠠᠭᠠᠷᠢᠯᠳᠠ  ᠳᠤ ᠵᠣᠯ ᠢᠶᠠᠷ ᠦᠯᠡᠳᠡᠭᠰᠡᠳ ᠤᠨ ᠳᠣᠲᠤᠷ᠎ᠠ᠂ ᠳᠡᠮᠡᠢ ᠬᠡᠳᠦᠨ ᠵᠢᠯ ᠪᠣᠯᠤᠭᠰᠠᠨ ᠦᠭᠡᠢ ᠪᠠᠷ ᠴᠢᠰᠤ ᠴᠠᠶᠢᠬᠤ ᠡᠪᠡᠳᠴᠢᠨ ᠨᠡᠮᠡᠭᠳᠡᠵᠦ ᠡᠬᠢᠯᠡᠪᠡ᠃           ︵2︶ ᠪᠠᠮᠪᠠᠢ ᠪᠣᠯᠴᠢᠷᠬᠠᠢ ᠶᠢᠨ ᠴᠤᠯᠬᠤᠡᠭ     ᠪᠠᠮᠪᠠᠢ ᠪᠣᠯᠴᠢᠷᠬᠠᠢ ᠪᠣᠯ ᠰᠠᠴᠤᠷᠠᠯ ᠳᠤ ᠳᠡᠭᠡᠲᠤ ᠬᠡᠮᠵᠢᠶᠡᠨ ᠤ ᠰᠣᠷᠭᠤᠭ ᠡᠷᠬᠡᠲᠡᠨ ᠪᠣᠯᠤᠨ᠎ᠠ᠃ ᠰᠠᠴᠤᠷᠠᠯ ᠨᠢ ᠪᠠᠮᠪᠠᠢ ᠪᠣᠯᠴᠢᠷᠬᠠᠢ ᠳᠤ ᠴᠤᠯᠬᠤᠡᠭ ᠡᠲᠦᠬᠦ ᠭᠡᠳᠡᠭ ᠢ 20 ᠳ᠋ᠤᠭᠠᠷ ᠵᠠᠭᠤᠨ ᠤ ᠲᠠᠪᠢᠭᠠᠳ ᠣᠨ ᠳᠤ ᠨᠢᠭᠡᠨᠲᠡ ᠮᠡᠳᠡᠭᠰᠡᠨ ᠪᠦᠭᠡᠳ ᠡᠭᠦᠰᠦᠯᠲᠡ ᠶᠢᠨ ᠨᠣᠷᠮ᠎ᠠ ᠨᠢ ᠴᠤ ᠨᠡᠯᠢᠶᠡᠳ ᠦᠨᠳᠦᠷ ᠭᠡᠳᠡᠭ ᠢ ᠰᠠᠴᠤᠷᠠᠭ ᠲᠤ ᠲᠤᠰᠬᠠᠭᠳᠠᠭᠰᠠᠨ ᠬᠦᠮᠦᠰ ᠢ ᠠᠵᠢᠭᠯᠠᠨ ᠪᠠᠶᠢᠴᠠᠭᠠᠭᠰᠠᠨ ᠶᠡᠭᠡ ᠬᠡᠮᠵᠢᠶᠡᠨ ᠤ ᠮᠠᠲ᠋ᠧᠷᠢᠶᠠᠯ ᠪᠠᠰᠨ ᠨᠢᠭᠡᠨᠲᠡ ᠨᠣᠲᠠᠯᠠᠭᠰᠠᠨ ᠪᠢᠯᠨ᠃ ᠭᠠᠳᠠᠨ᠎ᠠ ᠠᠴᠠ ᠲᠤᠰᠬᠤ ᠰᠠᠴᠤᠷᠠᠭ ᠪᠣᠯᠣᠨ ᠪᠡᠶ᠎ᠡ ᠳᠤ ᠣᠷᠤᠭᠰᠠᠨ ᠰᠠᠴᠤᠷᠠᠭᠲᠤ ᠪᠣᠳᠠᠰ ᠨᠢ ᠴᠦᠮ ᠪᠠᠮᠪᠠᠢ ᠪᠣᠯᠴᠢᠷᠬᠠᠢ ᠶᠢᠨ ᠴᠤᠯᠬᠤᠡᠭ ᠢ ᠡᠲᠦᠬᠦ ᠪᠦᠭᠡᠳ ᠭᠠᠳᠠᠨ᠎ᠠ ᠠᠴᠠ ᠲᠤᠰᠬᠤ ᠰᠠᠴᠤᠷᠠᠭ ᠠᠴᠠ ᠡᠲᠦᠭᠳᠡᠬᠦ ᠨᠢ ᠣᠯᠠᠨ ᠪᠠᠶᠢᠳᠠᠭ᠃ ᠡᠭᠦᠨ ᠠᠴᠠ ᠭᠠᠳᠠᠨ᠎ᠠ ᠪᠠᠰᠨ ᠪᠠᠮᠪᠠᠢ ᠪᠣᠯᠴᠢᠷᠬᠠᠢ ᠶᠢᠨ ᠪᠤᠰᠤᠳ ᠡᠪᠡᠳᠴᠢᠨ ᠡᠮᠬᠡᠭ ᠤᠳ ᠢ ᠴᠤ ᠡᠲᠦᠨ ᠡᠭᠦᠰᠭᠡᠳᠡᠭ᠃ ᠪᠠᠮᠪᠠᠢ ᠪᠣᠯᠴᠢᠷᠬᠠᠢ ᠶᠢᠨ ᠴᠤᠯᠬᠤᠡᠭ ᠪᠣᠯ ᠲᠡᠭᠦᠨ ᠤ ᠴᠦᠪᠦᠷᠢᠭᠦᠦ ᠶᠢᠨ ᠦᠡᠭᠭᠡᠨ ᠬᠠᠯᠢᠰᠤ ᠨᠢ  ᠬᠤᠣᠷᠠᠳᠠᠭᠰᠠᠨ ᠤ ᠦᠷ᠎ᠡ ᠳ᠋ᠦᠡᠭ ᠮᠦᠨ᠃ ᠰᠠᠴᠤᠷᠠᠯ ᠤᠨ ᠡᠲᠦᠬᠦ ᠪᠠᠮᠪᠠᠢ ᠪᠣᠯᠴᠢᠷᠬᠠᠢ ᠶᠢᠨ ᠴᠤᠯᠬᠤᠡᠭ ᠪᠣᠯ ᠶᠡᠷᠦᠳᠡᠭᠡᠨ ᠬᠦᠬᠦᠨ ᠲᠣᠪᠴᠢᠯᠢᠭ ᠴᠤᠯᠬᠤᠡᠭ  ᠪᠣᠶᠤ ᠤᠭᠤᠲᠠᠨᠴᠢᠷ ᠴᠦᠪᠦᠷᠢᠭᠦᠦ ᠶᠢᠨ ᠴᠤᠯᠬᠤᠡᠭ ᠪᠠᠶᠢᠳᠠᠭ᠃ ᠲᠡᠭᠦᠨ ᠤ ᠤᠷᠭᠤᠬᠤ ᠨᠢ ᠠᠯᠭᠤᠷ ᠤᠳᠠᠭᠠᠨ ᠮᠦᠷᠲᠡᠭᠡᠨ ᠪᠠᠷᠤᠭᠲᠠᠢ ᠳᠤ ᠰᠢᠯᠵᠢᠨ ᠲᠠᠷᠬᠠᠳᠠᠭ ᠦᠭᠡᠢ ᠲᠤᠯᠠᠲᠠ ᠮᠡᠰᠨ ᠵᠠᠰᠠᠯ ᠢᠶᠠᠷ ᠠᠮᠠᠷᠬᠠᠨ ᠬᠤᠭ ᠦᠭᠡᠢ ᠵᠠᠰᠠᠵᠦ ᠪᠣᠯᠳᠠᠭ᠃ ᠡᠶᠢᠮᠦ ᠠᠴᠠ ᠲᠡᠭᠦᠨ ᠢ  ᠪᠠᠶᠢᠴᠠᠭᠠᠨ ᠲᠣᠳᠤᠯᠠᠵᠦ ᠭᠠᠷᠭᠠᠬᠤ ᠨᠣᠷᠮ᠎ᠡ ᠨᠢ ᠦᠨᠳᠦᠷ᠂ ᠠᠮᠢᠳᠤᠷᠠᠬᠤ ᠬᠤᠭᠤᠴᠠᠭ᠎ᠠ ᠨᠢ ᠤᠷᠲᠤ᠂ ᠦᠬᠦᠯᠲᠡ ᠶᠢᠨ ᠨᠣᠷᠮ᠎ᠠ ᠨᠢ ᠳᠣᠩ ᠳᠣᠣᠷ᠎ᠠ ᠪᠠᠶᠢᠳᠠᠭ᠃          ᠬᠦᠷᠲᠡᠭᠰᠡᠨ ᠬᠤᠮᠵᠢᠮ ᠨᠢ 1Gy ᠠᠴᠠ ᠶᠡᠭᠡ ᠪᠣᠶᠤ ᠡᠰᠡᠭᠦᠯ᠎ᠡ ᠴᠢᠨᠠᠭᠰᠢᠯᠠᠭᠠᠳ 0.1Gy ᠠᠴᠠ ᠳᠣᠣᠭᠤᠷ ᠪᠠᠶᠢᠯ᠎ᠠ ᠴᠤ ᠭᠡᠳ ᠴᠦᠮ ᠪᠠᠮᠪᠠᠢ ᠪᠣᠯᠴᠢᠷᠬᠠᠢ  ᠶᠢᠨ ᠴᠤᠯᠬᠤᠡᠭ ᠢ ᠡᠲᠦᠨ ᠡᠭᠦᠰᠭᠡᠵᠦ ᠮᠡᠳᠡᠨ᠎ᠡ᠃ ᠶᠠᠫᠤᠨ ᠤ ᠠᠲ᠋ᠤᠮ ᠤᠨ ᠪᠦᠮᠪᠦᠭᠡᠨ ᠤ ᠳᠠᠭᠠᠷᠢᠯᠳᠠ ᠳᠤ ᠵᠣᠯ ᠢᠶᠠᠷ ᠦᠯᠡᠳᠡᠭᠰᠡᠳ ᠤᠨ ᠶᠡᠭᠡ ᠬᠦᠮᠦᠰ ᠤᠨ ᠳᠣᠲᠤᠷ᠎ᠠ ᠪᠠᠮᠪᠠᠢ ᠪᠣᠯᠴᠢᠷᠬᠠᠢ ᠶᠢᠨ ᠴᠤᠯᠬᠤᠡᠭ ᠢ ᠡᠲᠦᠨ ᠡᠭᠦᠰᠭᠡᠭᠰᠡᠨ ᠬᠠᠮᠤᠭ ᠳᠣᠣᠷ᠎ᠠ ᠬᠤᠮᠵᠢᠮ ᠨᠢ 0.5Gy ᠪᠠᠶᠢᠯ᠎ᠠ᠃  ᠬᠡᠤᠬᠡᠳ ᠲᠤ 0.065Gy ᠪᠣᠯ ᠳᠠᠷᠤᠢ ᠪᠠᠮᠪᠠᠢ ᠪᠣᠯᠴᠢᠷᠬᠠᠢ ᠶᠢᠨ ᠴᠤᠯᠬᠤᠡᠭ ᠢ ᠡᠲᠦᠨ ᠡᠭᠦᠰᠭᠡᠳᠡᠭ᠃ ᠬᠦᠷᠲᠡᠭᠰᠡᠨ ᠬᠤᠮᠵᠢᠮ ᠤᠨ ᠨᠡᠮᠡᠭᠳᠡᠬᠦ ᠶᠢ ᠳᠠᠭᠠᠯᠳᠤᠨ ᠪᠠᠮᠪᠠᠢ ᠪᠣᠯᠴᠢᠷᠬᠠᠢ ᠶᠢᠨ ᠴᠤᠯᠬᠤᠡᠭ ᠢ ᠡᠲᠦᠨ ᠡᠭᠦᠰᠭᠡᠬᠦ ᠨᠣᠷᠮ᠎ᠠ ᠨᠢ ᠴᠤ ᠳᠡᠭᠡᠭᠰᠢᠯᠡᠳᠡᠭ᠃ ᠪᠡᠶ᠎ᠡ ᠳᠤ ᠣᠷᠤᠭᠰᠠᠨ ᠰᠠᠴᠤᠷᠠᠭᠲᠤ ᠪᠣᠳᠠᠰ ᠤᠨ ᠠᠮᠢᠷᠵᠢᠴᠠ ᠨᠢ ᠶᠡᠭᠡ ᠬᠦᠮᠦᠰ ᠲᠤ 5.5×108 ᠪᠧᠺᠯᠧᠷ ︵Bq ︶᠂ ᠬᠡᠤᠬᠡᠳ ᠲᠤ 7.4×107 ᠪᠧᠺᠯᠧᠷ ︵Bq︶ ᠪᠣᠯ ᠳᠠᠷᠤᠢ ᠪᠠᠮᠪᠠᠢ ᠪᠣᠯᠴᠢᠷᠬᠠᠢ ᠶᠢᠨ ᠴᠤᠯᠬᠤᠡᠭ ᠢ ᠡᠲᠦᠨ ᠡᠭᠦᠰᠭᠡᠳᠡᠭ᠃ ᠡᠮᠡᠭᠲᠠᠶᠢᠴᠤᠳ ᠪᠠᠮᠪᠠᠢ ᠪᠣᠯᠴᠢᠷᠬᠠᠢ ᠶᠢᠨ ᠴᠤᠯᠬᠤᠡᠭ ᠣᠯᠬᠤ ᠨᠣᠷᠮ᠎ᠡ ᠨᠢ ᠡᠷᠡᠭᠲᠠᠶᠢᠴᠤᠳ ᠠᠴᠠ 2~3 ᠳᠠᠬᠢᠨ ᠪᠠᠶᠢᠳᠠᠭ᠃ ᠶᠡᠭᠡ ᠬᠤᠮᠵᠢᠮ ᠳᠤ ᠳᠤᠰᠬᠠᠭᠳᠠᠭᠰᠠᠨ ᠡᠮᠡᠭᠲᠠᠶᠢᠴᠤᠳ ᠤᠨ ᠪᠠᠮᠪᠠᠢ ᠪᠣᠯᠴᠢᠷᠬᠠᠢ ᠶᠢᠨ ᠴᠤᠯᠬᠤᠡᠭ ᠣᠯᠬᠤ ᠨᠣᠷᠮ᠎ᠡ ᠨᠢ ᠡᠩ ᠤᠨ ᠬᠦᠮᠦᠰ ᠠᠴᠠ 6~9 ᠳᠠᠬᠢᠨ ᠪᠠᠶᠢᠳᠠᠭ᠃ 10 ᠨᠠᠰᠤᠨ ᠳᠣᠲᠤᠷᠠᠬᠢ ᠦᠬᠢᠳ ᠤᠳ ᠤᠨ ᠪᠠᠮᠪᠠᠢ ᠪᠣᠯᠴᠢᠷᠬᠠᠢ ᠶᠢᠨ ᠴᠤᠯᠬᠤᠡᠭ ᠣᠯᠬᠤ ᠨᠣᠷᠮ᠎ᠠ ᠨᠢ ᠨᠡᠩ ᠦᠨᠳᠦᠷ ᠪᠠᠶᠢᠳᠠᠭ᠃ ᠨᠠᠰᠤ ᠬᠡᠳᠦᠢ ᠪᠠᠭ᠎ᠠ ᠪᠣᠯ ᠪᠠᠮᠪᠠᠢ ᠪᠣᠯᠴᠢᠷᠬᠠᠢ ᠶᠢᠨ ᠴᠤᠯᠬᠤᠡᠭ ᠣᠯᠬᠤ ᠠᠶᠤᠯ ᠨᠢ ᠳᠠᠷᠤᠢ ᠲᠡᠳᠦᠢ ᠶᠡᠭᠡ ᠪᠣᠯᠳᠠᠭ᠃ ᠡᠮᠡᠭᠲᠠᠶᠢᠴᠤᠳ ᠨᠠᠰᠤ ᠶᠠᠪᠤᠬᠤ ᠳᠣᠲᠤᠮ ᠣᠯᠬᠤ ᠨᠣᠷᠮ᠎ᠠ ᠨᠢ ᠨᠡᠯᠢᠶᠡᠳ ᠳᠣᠷᠤᠭᠰᠢᠯᠠᠵᠦ᠂ ᠡᠷᠡᠭᠲᠠᠶᠢᠴᠤᠳ ᠬᠠᠷᠢᠨ ᠲᠡᠶᠢᠮᠦ ᠢᠯᠡᠷᠬᠡᠢ ᠦᠭᠡᠢ᠃ ᠬᠡᠤᠬᠡᠳ ᠤᠳ ᠶᠡᠭᠡ ᠬᠦᠮᠦᠰ ᠠᠴᠠ 2 ᠳᠠᠬᠢᠨ ᠢᠯᠡᠭᠦᠦ ᠪᠠᠶᠢᠬᠤ ᠮᠠᠶ᠋ᠢᠭᠲᠠᠢ᠃ ᠰᠠᠴᠤᠷᠠᠯ ᠤᠨ ᠪᠠᠮᠪᠠᠢ ᠪᠣᠯᠴᠢᠷᠬᠠᠢ ᠶᠢᠨ ᠦᠮᠡᠨ ᠢ ᠡᠲᠦᠨ ᠡᠭᠦᠰᠭᠡᠬᠦ ᠨᠢᠭᠤᠭᠳᠠᠮᠠᠯ ᠬᠤᠭᠤᠴᠠᠭ᠎ᠠ ᠨᠢ 4~38 ᠵᠢᠯ᠂ ᠳᠤᠮᠳᠠᠴᠢ ᠪᠠᠷ 11 ᠵᠢᠯ ᠪᠠᠶᠢᠳᠠᠭ᠃      ︵3︶ ᠬᠦᠬᠦᠨ ᠪᠣᠯᠴᠢᠷᠬᠠᠢ ᠶᠢᠨ ᠴᠤᠯᠬᠤᠡᠭ     ᠬᠦᠬᠦᠨ ᠪᠣᠯᠴᠢᠷᠬᠠᠢ ᠶᠢᠨ ᠴᠤᠯᠬᠤᠡᠭ ᠪᠣᠯ ᠬᠦᠬᠦᠨ ᠪᠣᠯᠴᠢᠷᠬᠠᠢ ᠶᠢᠨ ᠨᠡᠬᠡᠳᠡᠰᠤ ᠶᠢᠨ ᠬᠤᠣᠷᠲᠤ ᠡᠪᠡᠳᠴᠢᠨ ᠮᠦᠨ᠃ ᠰᠠᠴᠤᠷᠠᠯ ᠳᠤ ᠰᠡᠷᠭᠡᠭ ᠴᠢᠨᠠᠷ ᠢᠶᠠᠷ ᠬᠦᠬᠦᠨ ᠪᠣᠯᠴᠢᠷᠬᠠᠢ ᠨᠢ ᠵᠦᠪᠬᠡᠨ ᠴᠢᠰᠤ ᠪᠦᠲᠦᠭᠡᠬᠦ ᠨᠡᠬᠡᠳᠡᠰᠤ ᠪᠠ ᠪᠠᠮᠪᠠᠢ ᠪᠣᠯᠴᠢᠷᠬᠠᠢ ᠶᠢᠨ ᠳᠠᠷᠠᠭ᠎ᠠ ᠯᠡ ᠣᠷᠤᠳᠠᠭ᠃ ᠡᠶᠢᠮᠦ ᠠᠴᠠ ᠰᠠᠴᠤᠷᠠᠯ ᠤᠨ ᠬᠦᠬᠦᠨ ᠪᠣᠯᠴᠢᠷᠬᠠᠢ ᠶᠢᠨ ᠴᠤᠯᠬᠤᠡᠭ ᠤᠨ ᠡᠭᠦᠰᠦᠯᠲᠡ ᠶᠢᠨ ᠨᠣᠷᠮ᠎ᠠ ᠨᠢ ᠦᠨᠳᠦᠷ ᠪᠦᠭᠡᠳ ᠵᠣᠩᠬᠢᠯᠠᠬᠤ ᠨᠢ ᠪᠠᠷᠤᠭ ᠯᠨ ᠡᠮᠡᠭᠲᠠᠶᠢᠴᠤᠳ ᠲᠤ ᠡᠭᠦᠰᠳᠡᠭ᠃ ᠭᠡᠪᠡᠴᠤ ᠦᠬᠦᠯᠲᠠ ᠶᠢᠨ ᠨᠣᠷᠮ᠎ᠠ ᠨᠢ ᠳᠣᠣᠷ᠎ᠠ ᠪᠠᠶᠢᠵᠦ᠂ ᠡᠭᠦᠰᠦᠯᠲᠡ ᠶᠢᠨ ᠨᠣᠷᠮ᠎ᠠ ᠨᠢ ᠪᠠᠷᠤᠭ ᠦᠬᠦᠯᠲᠠ ᠶᠢᠨ ᠨᠣᠷᠮ᠎ᠠ ᠶᠢᠨ ᠢᠶᠠᠨ 4 ᠳᠠᠬᠢᠨ ᠪᠠᠶᠢᠳᠠᠭ᠃ ᠰᠠᠴᠤᠷᠠᠯ ᠤᠨ ᠡᠲᠦᠬᠦ ᠬᠦᠬᠦᠨ ᠪᠣᠯᠴᠢᠷᠬᠠᠢ ᠶᠢᠨ ᠴᠤᠯᠬᠤᠡᠭ ᠨᠢ ᠠᠩᠬ᠎ᠠ ᠡᠭᠦᠰᠬᠦ ᠳᠡᠭᠡᠨ ᠪᠠᠷᠤᠭ 71.4% ᠨᠢ ᠳᠠᠮᠵᠢᠭᠤᠯᠤᠭᠴᠢ ᠴᠣᠷᠭᠤ ᠶᠢᠨ ᠡᠰ ᠲᠤ ᠪᠠᠶᠢᠳᠠᠭ ᠪᠣᠯᠪᠠᠴᠤ ᠬᠡᠵᠢᠶᠡᠳᠡ ᠬᠦᠬᠦᠨ ᠪᠣᠯᠴᠢᠷᠬᠠᠢ ᠶᠢᠨ ᠨᠡᠬᠡᠳᠡᠰᠦᠨ ᠳᠤ ᠨᠡᠪᠴᠢᠷᠡᠨ ᠣᠷᠤᠳᠠᠭ᠃ 10~19 ᠨᠠᠰᠤᠨ ᠳᠤ ᠲᠤᠰᠬᠠᠭᠳᠠᠪᠠᠯ᠂ ᠬᠦᠬᠦᠨ ᠪᠣᠯᠴᠢᠷᠬᠠᠢ ᠶᠢᠨ ᠴᠤᠯᠬᠤᠡᠭ ᠡᠭᠦᠰᠬᠦ ᠨᠣᠷᠮ᠎ᠠ ᠨᠢ ᠬᠠᠮᠤᠭ ᠠᠴᠠ ᠦᠨᠳᠦᠷ ᠪᠠᠶᠢᠵᠦ᠂ ᠴᠡᠭᠡᠵᠢᠨ ᠤ ᠬᠡᠰᠡᠭ ᠨᠢ χ ᠰᠠᠴᠤᠷᠠᠭ ᠲᠤ ᠲᠤᠰᠬᠠᠭᠳᠠᠭᠰᠠᠨ ᠬᠦᠮᠦᠰ ᠤᠨ ᠬᠦᠬᠦᠨ ᠪᠣᠯᠴᠢᠷᠬᠠᠢ  ᠶᠢᠨ ᠦᠮᠡᠨ ᠡᠭᠦᠰᠬᠦ ᠨᠣᠷᠮ᠎ᠠ ᠨᠢ ᠴᠤ ᠢᠯᠠᠤᠲᠠ ᠳᠡᠭᠡᠭᠰᠢᠯᠡᠳᠡᠭ᠃ ᠶᠡᠷᠦᠳᠡᠭᠡᠨ ᠲᠤᠰᠬᠠᠭᠳᠠᠭᠰᠠᠨ ᠤ ᠰᠡᠭᠦᠯᠡᠷ 15~20 ᠵᠢᠯ ᠳᠤ ᠶᠡᠬᠡᠪᠡᠷ ᠡᠭᠦᠰᠳᠡᠭ᠃ ᠡᠮᠡᠭᠲᠠᠶᠢᠴᠤᠳ ᠤᠨ ᠬᠦᠬᠦᠨ ᠪᠣᠯᠴᠢᠷᠬᠠᠢ ᠶᠢᠨ ᠴᠤᠯᠬᠤᠡᠭ ᠨᠢ ᠲᠤᠰᠬᠠᠭᠳᠠᠬᠤ ᠦᠶᠡᠰ ᠳᠤ ᠨᠠᠰᠤ ᠨᠢ ᠶᠡᠭᠡ ᠪᠠᠭ᠎ᠠ ᠭᠡᠰᠡᠨ ᠦᠭᠡᠢ ᠪᠦᠷ ᠯᠨ ᠨᠠᠰᠤ ᠠᠬᠢᠭᠠᠳ ᠦᠮᠡᠨ ᠡᠭᠦᠰᠬᠦ ᠬᠠᠨᠳᠤᠰᠢ ᠲᠠᠢ ᠪᠠᠶᠢᠳᠠᠭ᠃ ᠰᠠᠴᠤᠷᠠᠯ ᠤᠨ ᠬᠦᠬᠦᠨ ᠪᠣᠯᠴᠢᠷᠬᠠᠢ ᠶᠢᠨ ᠴᠤᠯᠬᠤᠡᠭ ᠤᠨ ᠨᠢᠭᠤᠭᠳᠠᠮᠠᠯ ᠬᠤᠭᠤᠴᠠᠭ᠎ᠠ ᠨᠢ 23.6 ᠵᠢᠯ ᠪᠠᠶᠢᠵᠦ᠂ ᠳᠤᠮᠳᠠᠴᠢ ᠨᠢᠭᠤᠭᠳᠠᠮᠠᠯ ᠬᠤᠭᠤᠴᠠᠭ᠎ᠠ ᠨᠢ 15 ᠵᠢᠯ᠂ ᠬᠠᠮᠤᠭ ᠣᠬᠤᠷ ᠨᠢᠭᠤᠭᠳᠠᠮᠠᠯ ᠬᠤᠭᠤᠴᠠᠭ᠎ᠠ ᠨᠢ 10 ᠵᠢᠯ ᠪᠠᠶᠢᠳᠠᠭ᠃     ᠰᠠᠴᠤᠷᠠᠯ ᠤᠨ ᠬᠦᠬᠦᠨ ᠪᠣᠯᠴᠢᠷᠬᠠᠢ ᠶᠢᠨ ᠴᠤᠯᠬᠤᠡᠭ ᠤᠨ ᠡᠳᠡᠭᠡᠷ ᠮᠠᠲ᠋ᠧᠷᠢᠶᠠᠯ ᠪᠣᠯ ᠶᠠᠫᠤᠨ ᠤ ᠠᠲ᠋ᠤᠮ ᠤᠨ ᠪᠦᠮᠪᠦᠭᠡᠨ ᠤ ᠳᠠᠭᠠᠷᠢᠯᠳᠠ ᠳᠤ ᠵᠣᠯ ᠢᠶᠠᠷ ᠦᠯᠡᠳᠡᠭᠰᠡᠳ᠂ χ ᠰᠠᠴᠤᠷᠠᠭ ᠢᠶᠠᠷ ᠴᠡᠭᠡᠵᠢᠨ ᠤ ᠬᠡᠰᠡᠭ ᠤᠨ ᠡᠪᠡᠳᠴᠢᠨ ᠢᠶᠠᠨ ᠪᠠᠶᠢᠴᠠᠭᠠᠯᠭᠠᠭᠰᠠᠳ ᠵᠢᠴᠢ ᠦᠵᠡᠭᠳᠡᠭᠰᠡᠨ ᠤ ᠳᠠᠷᠠᠭ᠎ᠠ ᠲᠦᠷᠭᠡᠨ ᠴᠢᠨᠠᠷᠲᠤ ᠬᠦᠬᠦᠨ ᠪᠣᠯᠴᠢᠷᠬᠠᠢ ᠶᠢᠨ ᠦᠷᠪᠢᠰᠦᠯ ᠢ ᠰᠠᠴᠤᠷᠠᠭ ᠢᠶᠠᠷ ᠡᠮᠨᠡᠨ ᠵᠠᠰᠠᠭᠤᠯᠤᠭᠴᠢᠳ ᠢ ᠠᠵᠢᠭᠯᠠᠨ ᠪᠠᠶᠢᠴᠠᠭᠠᠵᠦ ᠣᠯᠤᠭᠰᠠᠨ ᠶᠣᠮ᠃        ︵4︶ ᠠᠭᠤᠰᠬᠢᠨ ᠴᠤᠯᠬᠤᠡᠭ    ᠰᠠᠴᠤᠷᠠᠯ ᠤᠨ ᠰᠡᠷᠭᠡᠶᠢᠯᠡᠯᠲᠡ ᠳᠤ ᠮᠦᠬᠡᠷᠰᠦᠨ ᠬᠤᠭᠤᠯᠠᠢ᠂ ᠰᠠᠯᠪᠤᠷᠢ ᠮᠦᠬᠡᠷᠰᠦᠨ ᠬᠤᠭᠤᠯᠠᠢ ᠪᠣᠯᠣᠨ ᠠᠭᠤᠰᠬᠢᠨ ᠤ ᠬᠤᠣᠷᠲᠤ ᠬᠠᠪᠤᠳᠠᠷ ᠢ ᠶᠡᠷᠦᠩᠬᠡᠶᠢᠯᠡᠭᠡᠳ ᠠᠭᠤᠰᠬᠢᠨ ᠴᠤᠯᠬᠤᠡᠭ ᠭᠡᠳᠡᠭ᠃ ᠭᠤᠣᠯᠳᠠᠭᠤ ᠦᠷᠠᠨ ᠤ ᠠᠭᠤᠷᠬᠠᠢ ᠶᠢᠨ ᠠᠵᠢᠯᠴᠢᠳ ᠷᠠᠳᠤᠨ ᠬᠡᠢ ᠶᠢ ᠠᠮᠢᠰᠬᠤᠨ ᠣᠷᠤᠭᠤᠯᠤᠭᠰᠠᠨ ᠤ ᠳᠠᠷᠠᠭ᠎ᠠ᠂ ᠴᠤᠴᠠᠷᠠᠯᠲᠠ ᠪᠠᠷ ᠳᠠᠮᠵᠢᠨ ᠬᠠᠷᠪᠤᠨ ᠭᠠᠷᠭᠠᠭᠰᠠᠨ α ᠰᠠᠴᠤᠷᠠᠭ ᠠᠴᠠ ᠡᠭᠦᠰᠳᠡᠭ᠃ ᠷᠠᠳᠤᠨ ᠤ ᠦᠳᠬᠡᠴᠡ ᠨᠢ ᠨᠡᠯᠢᠶᠡᠳ ᠶᠡᠭᠡ ᠪᠤᠰᠤᠳ ᠠᠭᠤᠷᠬᠠᠢ ᠳᠣᠲᠤᠷ᠎ᠠ ᠤᠷᠲᠤ ᠬᠤᠭᠤᠴᠠᠭ᠎ᠠ  ᠪᠠᠷ ᠠᠵᠢᠯᠯᠠᠭᠰᠠᠨ ᠬᠦᠮᠦᠰ ᠤᠳ ᠴᠤ ᠠᠭᠤᠰᠬᠢᠨ ᠴᠤᠯᠬᠤᠡᠭ ᠣᠯᠬᠤ ᠨᠣᠷᠮ᠎ᠠ ᠨᠢ ᠨᠡᠯᠢᠶᠡᠳ ᠶᠡᠭᠡ ᠪᠠᠶᠢᠳᠠᠭ᠃ ᠠᠭᠤᠷᠬᠠᠢ ᠶᠢᠨ ᠠᠵᠢᠯᠴᠢᠳ ᠤᠨ ᠠᠭᠤᠰᠬᠢᠨ ᠴᠤᠯᠬᠤᠡᠭ ᠨᠢ ᠡᠪᠡᠳᠴᠢᠨ ᠬᠦᠳᠡᠯᠬᠦ ᠨᠠᠰᠤ ᠵᠢᠯ ᠨᠢ ᠪᠠᠭ᠎ᠠ᠂ ᠡᠪᠡᠳᠴᠢᠨ ᠤ ᠶᠠᠪᠤᠴᠠ ᠨᠢ ᠣᠬᠤᠷ᠂ ᠲᠠᠷᠬᠠᠨ ᠰᠢᠯᠵᠢᠬᠦ ᠨᠢ ᠨᠡᠯᠢᠶᠡᠳ ᠡᠷᠲᠡ ᠵᠡᠷᠭᠡ ᠣᠨᠴᠠᠯᠢᠭ ᠲᠠᠢ᠃ ᠰᠠᠴᠤᠷᠠᠯ ᠤᠨ ᠡᠲᠦᠬᠦ ᠠᠭᠤᠰᠬᠢᠨ ᠴᠤᠯᠬᠤᠡᠭ ᠨᠢ ᠲᠠᠮᠠᠬᠢ ᠲᠠᠲᠠᠬᠤ ᠲᠠᠢ ᠨᠡᠶᠢᠯᠡᠮᠡᠯ ᠦᠢᠯᠡᠳᠦᠯ ᠲᠠᠢ ᠭᠡᠳᠡᠭ ᠢ ᠠᠭᠤᠷᠬᠠᠢ ᠶᠢᠨ ᠠᠵᠢᠯᠴᠢᠳ ᠤᠨ ᠳᠣᠲᠤᠷ᠎ᠠ ᠠᠴᠠ ᠠᠵᠢᠨ ᠪᠠᠶᠢᠴᠠᠭᠠᠵᠦ ᠮᠡᠳᠡᠪᠡ᠃ ᠡᠨᠡ ᠨᠢ ᠲᠠᠮᠠᠬᠢᠨ ᠨᠠᠪᠴᠢᠨ ᠳᠠᠬᠢ ᠵᠠᠷᠢᠮ ᠪᠦᠷᠢᠯᠳᠦᠭᠦᠨ ᠨᠢ ᠠᠬᠢᠭᠤᠯᠬᠤ ᠦᠢᠯᠡᠳᠦᠯ ᠭᠠᠷᠭᠠᠵᠦ᠂ ᠰᠠᠴᠤᠷᠠᠯ ᠤᠨ ᠡᠲᠦᠨ ᠡᠭᠦᠰᠭᠡᠭᠰᠡᠨ ᠬᠠᠪᠤᠳᠠᠷ ᠤᠨ ᠡᠭᠦᠰᠬᠦ ᠴᠠᠭ ᠢ ᠨᠢ ᠪᠣᠭᠤᠨᠢᠰᠬᠠᠭᠰᠠᠨ ᠠᠴᠠ ᠪᠣᠯᠤᠭᠰᠠᠨ ᠮᠠᠭᠠᠳ᠃ ᠠᠭᠤᠰᠬᠢᠨ ᠴᠤᠯᠬᠤᠡᠭ ᠤᠨ ᠬᠤᠣᠷ ᠨᠢ ᠶᠡᠭᠡ᠂  ᠳᠡᠭᠵᠢᠬᠦ ᠨᠢ ᠲᠦᠷᠭᠡᠨ᠂ ᠠᠮᠠᠷᠬᠠᠨ ᠲᠠᠷᠬᠠᠳᠠᠭ᠃ ᠲᠡᠭᠦᠨ ᠤ ᠡᠭᠦᠰᠦᠯᠲᠡ ᠶᠢᠨ ᠨᠣᠷᠮ᠎ᠠ ᠪᠣᠯᠣᠨ ᠦᠬᠦᠯᠲᠡ ᠶᠢᠨ ᠨᠣᠷᠮ᠎ᠠ ᠨᠢ ᠪᠠᠷᠤᠭ ᠲᠡᠩᠴᠡᠭᠦᠦ ᠪᠠᠶᠢᠳᠠᠭ᠃ ᠠᠭᠤᠰᠬᠢᠨ ᠴᠤᠯᠬᠤᠡᠭ ᠤᠨ ᠡᠭᠦᠰᠦᠯᠲᠡ ᠶᠢᠨ ᠨᠣᠷᠮ᠎ᠠ ᠨᠢ ᠲᠤᠰᠤᠭᠰᠠᠨ ᠬᠤᠮᠵᠢᠮ ᠲᠠᠢ ᠬᠤᠯᠪᠤᠭᠠᠲᠠᠢ ᠪᠠᠶᠢᠵᠦ᠂ ᠡᠷᠡᠭᠲᠠᠶᠢᠴᠤᠳ ᠤᠨ ᠠᠭᠤᠰᠬᠢᠨ ᠴᠤᠯᠬᠤᠡᠭ ᠤᠨ ᠡᠭᠦᠰᠦᠯᠲᠡ  ᠶᠢᠨ ᠨᠣᠷᠮ᠎ᠠ ᠨᠢ ᠡᠮᠡᠭᠲᠠᠶᠢᠴᠤᠳ ᠠᠴᠠ ᠦᠨᠳᠦᠷ ᠪᠠᠶᠢᠳᠠᠭ ᠪᠦᠭᠡᠳ 20~29 ᠨᠠᠰᠤᠨ ᠤ ᠲᠤᠰᠬᠠᠭᠳᠠᠭᠰᠠᠨ ᠬᠦᠮᠦᠰ ᠲᠤ ᠡᠭᠦᠰᠦᠯᠲᠡ ᠶᠢᠨ ᠨᠣᠷᠮ᠎ᠠ ᠨᠢ ᠬᠠᠮᠤᠭ  ᠠᠴᠠ ᠦᠨᠳᠦᠷ ᠪᠠᠶᠢᠳᠠᠭ᠃      ᠰᠠᠴᠤᠷᠠᠯ ᠤᠨ ᠡᠲᠦᠬᠦ ᠠᠭᠤᠰᠬᠢᠨ ᠴᠤᠯᠬᠤᠡᠭ ᠤᠨ ᠨᠢᠭᠤᠭᠳᠠᠮᠠᠯ ᠬᠤᠭᠤᠴᠠᠭ᠎ᠠ ᠨᠢ ᠬᠠᠮᠤᠭ ᠣᠬᠤᠷ ᠲᠠᠭᠠᠨ 10 ᠵᠢᠯ᠂ ᠵᠣᠩᠬᠢᠯᠠᠬᠤ ᠨᠢ 15~24 ᠵᠢᠯ ᠤᠨ ᠬᠤᠭᠤᠷᠣᠨᠳᠤ ᠪᠠᠶᠢᠵᠦ᠂ 30 ᠵᠢᠯ ᠠᠴᠠ ᠳᠡᠭᠡᠭᠰᠢᠬᠢ ᠴᠤ ᠪᠠᠰᠨ ᠪᠣᠢ᠃ ᠳᠤᠮᠳᠠᠴᠢ ᠨᠢᠭᠤᠭᠳᠠᠮᠠᠯ ᠬᠤᠭᠤᠴᠠᠭ᠎ᠠ ᠨᠢ 17 ᠵᠢᠯ ᠪᠠᠶᠢᠳᠠᠭ᠃      ︵5︶ ᠶᠠᠰᠤᠨ ᠤ ᠬᠠᠪᠤᠳᠠᠷ      ᠶᠠᠰᠤᠨ ᠤ ᠬᠠᠪᠤᠳᠠᠷ  ᠪᠣᠯ ᠶᠠᠰᠤᠨ ᠤ ᠭᠠᠳᠠᠷᠭᠤ ᠶᠢᠨ 10 ᠮᠢᠺᠷᠤᠮᠧᠲᠷ ︵μm︶ ᠳᠣᠲᠤᠷᠠᠬᠢ ᠡᠰ ᠤᠨ ᠳᠠᠪᠬᠤᠷᠭ᠎ᠠ ᠠᠴᠠ ᠡᠭᠦᠰᠦᠭᠰᠡᠨ ᠬᠤᠣᠷᠲᠤ ᠡᠪᠡᠳᠴᠢᠨ ᠪᠦᠭᠡᠳ ᠶᠠᠰᠤᠨ ᠨᠡᠬᠡᠳᠡᠰᠤ ᠶᠢ ᠢᠳᠡᠪᠬᠢᠲᠠᠢ ᠪᠠᠷ ᠳᠠᠬᠢᠨ ᠪᠠᠶᠢᠭᠤᠯᠵᠦ ᠪᠠᠶᠢᠭ᠎ᠠ ᠬᠡᠰᠡᠭ ᠪᠣᠶᠤ ᠡᠰᠡᠭᠦᠯ᠎ᠡ ᠶᠠᠰᠤᠨ ᠡᠰ ᠤᠨ ᠦᠷᠡᠵᠢᠯ ᠢᠳᠡᠪᠬᠢᠲᠠᠢ ᠶᠠᠪᠤᠭᠳᠠᠵᠦ ᠪᠠᠶᠢᠭ᠎ᠠ ᠰᠡᠶᠢᠮᠡᠭᠡᠢ ᠬᠡᠰᠡᠭ ᠲᠤ ᠢᠯᠡᠭᠦᠤ ᠡᠭᠦᠰᠳᠡᠭ᠃ ᠰᠠᠴᠤᠷᠠᠯ ᠤᠨ ᠶᠠᠰᠤ ᠮᠢᠬᠠᠨ ᠬᠠᠪᠤᠳᠠᠷ ᠪᠣᠯ ᠭᠤᠣᠯᠳᠠᠭᠤ ᠪᠡᠶ᠎ᠡ ᠳᠤ ᠣᠷᠤᠭᠰᠠᠨ ᠰᠠᠴᠤᠷᠠᠭᠲᠤ ᠪᠣᠳᠠᠰ ‍ᠣᠨ‌‍ᠲ᠋ᠣᠲᠤᠷ ᠳᠤᠰᠬᠠᠯᠲᠠ ᠠᠴᠠ ᠢᠷᠡᠯᠲᠠᠢ ᠪᠠᠶᠢᠵᠦ᠂ ᠣᠬᠤᠷ ᠨᠠᠰᠤᠲᠤ ᠴᠦᠮ᠎ᠡ ᠪᠣᠯ ᠶᠡᠷᠤᠳᠡᠭᠡᠨ ᠡᠨᠧᠷᠬᠢ ᠪᠠᠨ ᠪᠠᠷᠤᠭ ᠶᠠᠰᠤᠨ ᠤ ᠭᠠᠳᠠᠷᠭᠤ ᠳᠤ ᠪᠦᠬᠦᠨ ᠢ ᠲᠠᠯᠪᠢᠨ ᠭᠠᠷᠭᠠᠳᠠᠭ ᠲᠤᠯᠠᠲᠠ ᠨᠡᠩ ᠬᠤᠣᠷ ᠲᠠᠢ ᠪᠠᠶᠢᠳᠠᠭ᠃  ᠭᠠᠳᠠᠨ᠎ᠠ ᠠᠴᠠ ᠳᠤᠰᠬᠤ ᠰᠠᠴᠤᠷᠠᠭ ᠪᠣᠯ ᠪᠡᠶ᠎ᠡ ᠶᠢᠨ ᠬᠡᠰᠡᠭ ᠭᠠᠵᠠᠷ ᠲᠤ ᠬᠤᠮᠵᠢᠮ ᠨᠢ 30Gy ᠬᠦᠷᠦᠮᠡᠨᠵᠢᠨ ᠰᠠᠶ᠋ᠢ ᠡᠭᠦᠰᠳᠡᠭ᠃ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ ᠶᠠᠰᠤᠨ ᠤ ᠬᠠᠪᠤᠳᠠᠷ ᠡᠭᠦᠰᠬᠦ ᠨᠢ ᠢᠯᠠᠤᠲᠠ ᠠᠷᠪᠢᠨ ᠪᠣᠯᠵᠦ᠂ ᠡᠷᠡᠭᠲᠠᠶᠢᠴᠤᠳ ᠲᠤ ᠡᠭᠦᠰᠬᠦ ᠨᠣᠷᠮ᠎ᠠ ᠨᠢ ᠡᠮᠡᠭᠲᠠᠶᠢᠴᠤᠳ ᠠᠴᠠ ᠪᠠᠷᠤᠭ 2 ᠳᠠᠬᠢᠨ ᠢᠯᠡᠭᠦᠦ ᠪᠠᠶᠢᠳᠠᠭ᠃ ᠨᠢᠭᠤᠭᠳᠠᠮᠠᠯ ᠬᠤᠭᠤᠴᠠᠭ᠎ᠠ ᠨᠢ ᠬᠠᠮᠤᠭ ᠣᠬᠤᠷ ᠲᠠᠭᠠᠨ 1.5 ᠵᠢᠯ ᠪᠠᠶᠢᠵᠦ᠂ ᠵᠣᠩᠬᠢᠯᠠᠬᠤ ᠨᠢ 21~37 ᠵᠢᠯ ᠪᠣᠯᠣᠨ᠎ᠠ᠃     ︵6︶ ᠡᠯᠢᠭᠡᠨ ᠴᠤᠯᠬᠤᠡᠭ     ᠡᠯᠢᠭᠡᠨ ᠴᠤᠯᠬᠤᠡᠭ ᠨᠢ ᠭᠤᠣᠯᠳᠠᠭᠤ ᠵᠢᠷᠤᠭ ᠲᠣᠳᠤᠷᠠᠭᠤᠯᠤᠭᠴᠢ ᠶᠢ ᠵᠡᠭᠦᠯᠡᠭᠰᠡᠨ α ᠰᠠᠴᠤᠷᠠᠯ ᠠᠴᠠ ᠢᠷᠡᠯᠲᠠᠢ᠃ ᠲᠣᠷᠢ ᠪᠠᠷ ᠵᠢᠷᠤᠭ ᠲᠣᠳᠤᠷᠠᠭᠤᠯᠤᠭᠴᠢ  ᠶᠢᠨ ᠡᠲᠦᠭᠰᠡᠨ ᠡᠯᠢᠭᠡᠨ ᠬᠠᠪᠤᠳᠠᠷ ᠨᠢ ᠭᠤᠣᠯᠳᠠᠭᠤ ᠰᠦᠰᠦᠨ ᠴᠣᠷᠭᠤ ᠶᠢᠨ ᠴᠤᠯᠬᠤᠡᠭ ᠪᠣᠯᠣᠨ ᠰᠤᠳᠠᠯ ᠤᠨ ᠳᠣᠲᠤᠷ ᠬᠠᠯᠢᠰᠤᠨ ᠤ ᠬᠠᠪᠤᠳᠠᠷ ᠵᠢᠴᠢ ᠴᠦᠬᠡᠨ ᠨᠢ ᠡᠯᠢᠭᠡᠨ ᠡᠰ ᠠᠴᠠ ᠡᠬᠢᠲᠠᠢ ᠡᠯᠢᠭᠡᠨ ᠡᠰ ᠤᠨ ᠬᠠᠪᠤᠳᠠᠷ ᠪᠠᠶᠢᠳᠠᠭ᠃ ᠡᠳᠡᠭᠡᠷ ᠬᠠᠪᠤᠳᠠᠷ ᠤᠨ ᠨᠢᠭᠤᠭᠳᠠᠮᠠᠯ ᠬᠤᠭᠤᠴᠠᠭ᠎ᠠ ᠨᠢ ᠣᠬᠤᠷ᠂ ᠬᠠᠮᠤᠭ ᠣᠬᠤᠷ ᠨᠢ 10 ᠵᠢᠯ ᠂ ᠳᠤᠮᠳᠠᠴᠢ ᠪᠠᠷ 13 ᠵᠢᠯ ᠪᠠᠶᠢᠵᠦ᠂ ᠨᠠᠰᠤ ᠵᠢᠯ ᠢ ᠳᠠᠭᠠᠯᠳᠤᠨ ᠬᠤᠪᠢᠷᠠᠳᠠᠭ ᠦᠭᠡᠢ ᠪᠢᠯᠨ᠃᠂     ︵7︶ ᠠᠷᠠᠰᠤᠨ ᠤ ᠴᠤᠯᠬᠤᠡᠭ     ᠰᠠᠴᠤᠷᠠᠯ ᠨᠢ ᠬᠦᠮᠦᠨ ᠤ ᠠᠷᠠᠰᠤ ᠬᠦᠷᠦᠰᠦ ᠶᠢ ᠬᠠᠯᠠᠭᠠᠵᠦ ᠲᠦᠯᠡᠨ ᠭᠡᠮᠲᠦᠭᠦᠯᠬᠦ ᠠᠴᠠ ᠭᠠᠳᠠᠨ᠎ᠠ ᠪᠠᠰᠨ ᠴᠣᠯᠬᠤᠡᠭ ᠡᠭᠦᠰᠭᠡᠳᠡᠭ᠃ ᠨᠡᠯᠢᠶᠡᠳ ᠤᠷᠲᠤ ᠬᠤᠭᠤᠴᠠᠭ᠎ᠠ ᠪᠠᠷ ᠰᠠᠴᠤᠷᠠᠭ ᠲᠤ ᠳᠤᠰᠬᠠᠭᠳᠠᠵᠦ᠂ ᠤᠵᠢᠭ ᠴᠢᠨᠠᠷᠲᠤ ᠠᠷᠠᠰᠤᠨ ᠦᠷᠪᠢᠰᠦᠯ ᠣᠯᠬᠤ ᠪᠣᠶᠤ ᠭᠡᠮᠲᠦᠯ ᠭᠠᠷᠬᠤ ᠶᠢᠨ ᠡᠴᠤᠰ ᠤᠨ ᠦᠷ᠎ᠡ ᠳ᠋ᠦᠡᠭ ᠤᠨ ᠨᠢᠭᠡ ᠨᠢ ᠳᠠᠷᠤᠢ ᠠᠷᠠᠰᠤᠨ  ᠴᠤᠯᠬᠤᠡᠭ ᠪᠣᠯᠤᠨ᠎ᠠ᠃  ᠠᠷᠠᠰᠤᠨ ᠴᠤᠯᠬᠤᠡᠭ ᠤᠨ ᠡᠭᠦᠰᠬᠦ ᠨᠣᠷᠮ᠎ᠠ ᠨᠢ ᠳᠣᠣᠷ᠎ᠠ᠂ ᠠᠵᠢᠯ ᠤᠨ ᠨᠦᠯᠦᠭᠡᠨ ᠤ ᠤᠳᠠᠭᠠᠨ ᠴᠢᠨᠠᠷᠲᠤ ᠰᠠᠴᠤᠷᠠᠭ ᠤᠨ ᠠᠷᠠᠰᠤᠨ ᠦᠷᠪᠢᠰᠦᠯ ᠤᠨ ᠰᠠᠭᠤᠷᠢᠨ ᠳᠡᠭᠡᠷ᠎ᠡ ᠠᠷᠠᠰᠤᠨ ᠤ ᠬᠤᠣᠷᠲᠤ ᠴᠣᠯᠬᠤᠡᠭ ᠡᠭᠦᠰᠬᠦ ᠨᠣᠷᠮ᠎ᠠ ᠨᠢ 10~28%  ᠪᠠᠶᠢᠳᠠᠭ᠃ ᠭᠡᠪᠡᠴᠤ ᠪᠠᠰᠨ ᠰᠠᠴᠤᠷᠠᠭ ᠲᠤ ᠲᠤᠰᠬᠠᠭᠳᠠᠭᠰᠠᠨ ᠬᠡᠰᠡᠭ ᠨᠢ ᠠᠷᠠᠰᠤᠨ ᠦᠷᠪᠢᠰᠦᠯ ᠡᠭᠦᠰᠬᠦ ᠦᠭᠡᠢ ᠪᠠᠷ ᠰᠢᠭᠤᠳ ᠠᠷᠠᠰᠤᠨ ᠴᠤᠯᠬᠤᠡᠭ ᠪᠣᠯᠬᠤ ᠴᠤ ᠪᠣᠢ᠃     ᠰᠠᠴᠤᠷᠠᠭ ᠤᠨ ᠠᠷᠠᠰᠤᠨ ᠤ ᠴᠤᠯᠬᠤᠡᠭ ᠨᠢ ᠪᠠᠰᠨ ᠬᠦᠮᠦᠨ ᠤ ᠪᠡᠶ᠎ᠡ ᠶᠢᠨ ᠬᠦᠷᠢᠨ ᠤ ᠭᠠᠳᠠᠨᠠᠬᠢ ᠲᠤᠶᠠᠭ᠎ᠠ ᠳᠤ ᠳᠤᠰᠬᠠᠭᠳᠠᠬᠤ ᠲᠠᠯᠠᠪᠠᠢ ᠶᠢᠨ ᠶᠡᠬᠡᠰᠬᠦ ᠶᠢ ᠳᠠᠭᠠᠯᠳᠤᠨ ᠡᠭᠦᠰᠬᠦ ᠲᠣᠬᠢᠶᠠᠯᠳᠤᠮᠵᠢ ᠨᠢ ᠴᠤ ᠨᠡᠮᠡᠭᠳᠡᠳᠡᠭ᠃ ᠬᠡᠷᠪᠡ ᠬᠦᠮᠦᠨ ᠤ ᠪᠡᠶᠡᠨ ᠳᠤ ᠲᠣᠯᠪᠤ ᠪᠣᠶᠤ ᠦ ᠠᠷᠪᠢᠨ ᠪᠣᠯ ᠠᠷᠠᠰᠤᠨ ᠤ ᠴᠤᠯᠬᠤᠡᠭ ᠣᠯᠬᠤ ᠨᠣᠷᠮ᠎ᠡ  ᠨᠢ ᠴᠤ ᠨᠡᠯᠢᠶᠡᠳ ᠦᠨᠳᠦᠷ ᠪᠣᠯᠳᠠᠭ᠃ ᠰᠢᠷ᠎ᠠ ᠴᠠᠭᠠᠨ ᠠᠷᠠᠰᠤ ᠲᠠᠢ ᠬᠦᠮᠦᠰ ᠤᠨ ᠠᠷᠠᠰᠤᠨ ᠤ ᠴᠤᠯᠬᠤᠡᠭ ᠣᠯᠬᠤ ᠨᠣᠷᠮ᠎ᠡ ᠨᠢ ᠦᠨᠳᠦᠷ᠂ ᠬᠠᠷ᠎ᠠ ᠪᠣᠷᠤ ᠠᠷᠠᠰᠤ  ᠲᠠᠢ ᠬᠦᠮᠦᠰ ᠤᠳ ᠲᠤ ᠠᠶᠠᠨᠳᠠᠭᠠᠨ ᠡᠭᠦᠰᠬᠦ ᠪᠣᠶᠤ ᠰᠠᠴᠤᠷᠠᠭ ᠠᠴᠠ ᠡᠲᠦᠭᠳᠡᠨ ᠠᠷᠠᠰᠤᠨ ᠡᠪᠡᠳᠴᠢᠨ ᠪᠠ ᠴᠤᠯᠬᠤᠡᠭ ᠣᠯᠬᠤ ᠲᠣᠬᠢᠶᠠᠯᠳᠤᠮᠵᠢ ᠨᠢ ᠴᠦᠮ ᠳᠣᠩ ᠳᠣᠣᠷ᠎ᠠ ᠪᠠᠶᠢᠳᠠᠭ᠃ ᠬᠡᠷᠪᠡ ᠲᠤᠰᠬᠠᠭᠳᠠᠭᠰᠠᠨ ᠲᠠᠯᠠᠪᠠᠢ ᠨᠢ ᠶᠡᠭᠡ ᠪᠣᠯ 1Gy ᠠᠴᠠ ᠪᠠᠭ᠎ᠠ ᠰᠢᠭ᠋ ᠬᠤᠮᠵᠢᠮ ᠴᠤ ᠭᠡᠳ ᠪᠠᠰᠨ ᠠᠷᠠᠰᠤᠨ  ᠴᠤᠯᠬᠤᠡᠭ ᠢ ᠡᠲᠦᠨ ᠡᠭᠦᠰᠭᠡᠬᠦ ᠬᠡᠲᠤ ᠦᠨᠳᠦᠷ ᠠᠶᠤᠯ ᠲᠠᠢ ᠪᠠᠶᠢᠳᠠᠭ᠃     ᠨᠢᠭᠤᠭᠳᠠᠮᠠᠯ ᠬᠤᠭᠤᠴᠠᠭ᠎ᠠ ᠨᠢ 6% ᠶᠢᠨ ᠡᠪᠡᠳᠴᠢᠲᠡᠨ ᠨᠢ 10 ᠵᠢᠯ ᠬᠦᠷᠬᠦ ᠦᠭᠡᠢ ᠪᠠᠶᠢᠳᠠᠭ᠃ 20% ᠨᠢ 31~50 ᠵᠢᠯ᠂ ᠪᠤᠰᠤᠳ ᠨᠢ 13~26 ᠵᠢᠯ ᠤᠨ ᠬᠤᠭᠤᠷᠣᠨᠳᠤ ᠪᠠᠶᠢᠵᠦ᠂ ᠤᠷᠲᠤ ᠰᠢᠭ᠋ ᠨᠢ 64 ᠵᠢᠯ ᠬᠦᠷᠬᠦ ᠴᠤ ᠪᠣᠢ᠃ ᠳᠤᠮᠳᠠᠴᠢ ᠨᠢᠭᠤᠭᠳᠠᠮᠠᠯ ᠬᠤᠭᠤᠴᠠᠭ᠎ᠠ ᠨᠢ 25 ᠵᠢᠯ ᠪᠠᠶᠢᠳᠠᠭ᠃     8.  ᠬᠡᠪᠲᠡᠰᠢᠨ ᠳᠠᠬᠢ ᠬᠡᠤᠬᠡᠳ ᠤᠨ ᠬᠤᠣᠷᠲᠤ ᠬᠠᠪᠤᠳᠠᠷ     ᠬᠡᠤᠬᠡᠳ ᠡᠬᠡ ᠶᠢᠨ ᠢᠶᠠᠨ ᠬᠡᠪᠡᠯᠢ ᠳᠤ ᠰᠠᠴᠤᠷᠠᠭ ᠲᠤ ᠳᠤᠰᠬᠠᠭᠳᠠᠬᠤ ᠪᠠ 10 ᠨᠠᠰᠤᠨ ᠠᠴᠠ ᠡᠮᠦᠨ᠎ᠡ ᠰᠠᠴᠤᠷᠠᠭ ᠲᠤ ᠳᠤᠰᠬᠠᠭᠳᠠᠬᠤ ᠶᠢᠨ ᠦᠷ᠎ᠡ ᠳ᠋ᠦᠡᠭ ᠨᠢ ᠠᠳᠠᠯᠢ ᠪᠠᠶᠢᠳᠠᠭ᠃ ᠴᠢᠰᠤ ᠴᠠᠶᠢᠬᠤ ᠡᠪᠡᠳᠴᠢᠨ ᠢ ᠪᠠᠭᠲᠠᠭᠠᠭᠰᠠᠨ ᠬᠤᠣᠷᠲᠤ ᠡᠪᠡᠳᠴᠢᠨ ᠳᠤ ᠨᠡᠷᠪᠡᠭᠳᠡᠬᠦ ᠨᠣᠷᠮ᠎ᠠ ᠨᠢ ᠲᠦᠷᠦᠭᠰᠡᠨ ᠤ ᠰᠡᠭᠦᠯᠡᠷ ᠳᠤᠰᠬᠠᠭᠳᠠᠭᠰᠠᠳ ᠤᠨ ᠨᠣᠷᠮ᠎ᠠ ᠲᠠᠢ ᠠᠳᠠᠯᠢᠬᠠᠨ ᠪᠠᠶᠢᠳᠠᠭ᠃ ᠡᠭᠦᠨ ᠤ ᠳᠣᠲᠤᠷ᠎ᠠ ᠡᠳᠡᠭᠡᠷ ᠬᠤᠣᠷᠲᠤ ᠡᠪᠡᠳᠴᠢᠨ ᠤ ᠬᠠᠭᠠᠰ ᠨᠢ ᠴᠢᠰᠤ ᠴᠠᠶᠢᠬᠤ ᠡᠪᠡᠳᠴᠢᠨ ᠪᠠᠶᠢᠵᠦ ᠂  1/4 ᠨᠢ ᠮᠡᠳᠡᠷᠡᠯ ᠤᠨ ᠰᠢᠰᠲ᠋ᠧᠮ ᠤᠨ ᠬᠠᠪᠤᠳᠠᠷ ᠪᠠᠶᠢᠳᠠᠭ᠃ ᠠᠲ᠋ᠤᠮ ᠤᠨ ᠪᠦᠮᠪᠦᠭᠡᠨ ᠤ ᠳᠡᠯᠪᠡᠷᠡᠯᠲᠡ ᠶᠢᠨ ᠰᠠᠴᠤᠷᠠᠭ ᠲᠤ ᠳᠤᠰᠬᠠᠭᠳᠠᠭᠰᠠᠨ ᠬᠡᠪᠲᠡᠰᠢᠨ ᠳᠠᠬᠢ ᠬᠡᠤᠬᠡᠳ ᠨᠢ ᠦᠲᠡᠯᠡᠭᠡ ᠨᠠᠰᠤᠨ ᠳᠠᠭᠠᠨ ᠴᠢᠰᠤ ᠴᠠᠶᠢᠬᠤ ᠡᠪᠡᠳᠴᠢᠨ ᠢ ᠪᠠᠭᠲᠠᠭᠠᠭᠰᠠᠨ ᠴᠤᠯᠬᠤᠡᠭ ᠡᠭᠦᠰᠬᠦ ᠨᠣᠷᠮ᠎ᠠ ᠨᠢ ᠴᠤ ᠪᠠᠰᠨ ᠡᠳᠦᠢ ᠲᠡᠳᠦᠢ ᠳᠡᠭᠡᠭᠰᠢᠯᠡᠭᠰᠡᠨ ᠪᠠᠶᠢᠳᠠᠭ᠃ ᠡᠨᠡ ᠨᠢ ᠬᠡᠤᠬᠡᠳ ᠲᠤ ᠴᠢᠰᠤ ᠴᠠᠶᠢᠬᠤ ᠡᠪᠡᠳᠴᠢᠨ ᠪᠠ ᠪᠤᠰᠤᠳ ᠬᠤᠣᠷᠲᠤ ᠡᠪᠡᠳᠴᠢᠨ ᠡᠭᠦᠰᠬᠦ ᠨᠣᠷᠮ᠎ᠡ ᠳᠡᠭᠡᠭᠰᠢᠯᠡᠭᠰᠡᠨ ᠨᠢ ᠦᠨᠡᠩᠬᠦ ᠰᠠᠴᠤᠷᠠᠯ ᠠᠴᠠ ᠪᠣᠯᠤᠭᠰᠠᠨ ᠭᠡᠳᠡᠭ ᠢ ᠢᠯᠡᠳᠬᠡᠵᠦ ᠪᠠᠶᠢᠨ᠎ᠠ᠃      ᠡᠭᠦᠨ ᠠᠴᠠ ᠭᠠᠳᠠᠨ᠎ᠠ᠂ ᠠᠭᠠᠷᠴᠠᠭ ᠤᠨ ᠡᠷᠬᠡᠲᠡᠨ ᠤ ᠡᠪᠡᠳᠴᠢᠨ ᠢ ᠰᠠᠴᠤᠷᠠᠯ ᠢᠶᠠᠷ ᠵᠠᠰᠠᠭᠤᠯᠤᠭᠰᠠᠨ ᠬᠦᠮᠦᠰ ᠤᠳ ᠢ ᠲᠠᠭᠠᠨ ᠠᠵᠢᠨ ᠪᠠᠶᠢᠴᠠᠭᠠᠭᠰᠠᠨ ᠴᠤ ᠭᠡᠳ᠂ ᠠᠭᠠᠷᠴᠠᠭ ᠤᠨ ᠡᠯ᠎ᠡ ᠡᠷᠬᠡᠲᠡᠨ ᠤ  ᠴᠤᠯᠬᠤᠡᠭ ᠡᠭᠦᠰᠬᠦ ᠨᠣᠷᠮ᠎ᠠ ᠴᠤ ᠭᠡᠳ ᠪᠦᠷ ᠳᠡᠭᠡᠭᠰᠢᠯᠡᠭᠰᠡᠨ ᠢ ᠢᠯᠡᠳᠬᠡᠭᠰᠡᠨ ᠪᠠᠶᠢᠯ᠎ᠠ᠃ ᠠᠲ᠋ᠤᠮ ᠤᠨ ᠪᠦᠮᠪᠦᠭᠡᠨ ᠤ ᠳᠡᠯᠪᠡᠷᠡᠯᠲᠡ ᠳᠤ ᠵᠣᠯ ᠢᠶᠠᠷ ᠦᠯᠡᠳᠡᠭᠰᠡᠳ ᠢ ᠪᠠᠶᠢᠴᠠᠭᠠᠭᠠᠳ᠂ ᠯᠢᠮᠹ ᠤᠨ ᠬᠤᠣᠷᠲᠤ ᠬᠠᠪᠤᠳᠠᠷ ᠪᠣᠯᠣᠨ ᠠᠷᠪᠢᠨ ᠡᠭᠦᠰᠬᠦ ᠴᠢᠨᠠᠷᠲᠠᠢ ᠴᠢᠮᠦᠭᠡᠨ ᠬᠠᠪᠤᠳᠠᠷ ᠤᠨ ᠡᠭᠦᠰᠬᠦ ᠨᠣᠷᠮ᠎ᠠ ᠴᠤ ᠨᠡᠮᠡᠭᠳᠡᠭᠰᠡᠨ ᠢ ᠮᠡᠳᠡᠵᠠᠢ᠃ ᠴᠠᠬᠢᠯᠭᠠᠨᠲᠠᠭᠤᠯᠬᠤ ᠰᠠᠴᠤᠷᠠᠯ ᠨᠢ ᠪᠠᠰᠨ ᠠᠮᠠᠨ ᠬᠦᠨᠳᠡᠢ ᠶᠢᠨ ᠴᠤᠯᠬᠤᠡᠭ᠂ ᠰᠢᠯᠦᠰᠦᠨ ᠪᠣᠯᠴᠢᠷᠬᠠᠢ ᠶᠢᠨ ᠴᠤᠯᠬᠤᠡᠭ᠂ ᠨᠠᠷᠢ ᠪᠣᠯᠣᠨ ᠬᠤᠳᠤᠭᠤᠳᠤᠨ  ᠴᠤᠯᠬᠤᠡᠭ᠂ ᠨᠠᠷᠢᠨ ᠭᠡᠳᠡᠰᠦᠨ  ᠴᠤᠯᠬᠤᠡᠭ᠂ ᠪᠦᠳᠦᠭᠦᠨ ᠭᠡᠳᠡᠰᠦᠨ  ᠴᠤᠯᠬᠤᠡᠭ᠂ ᠨᠣᠶᠢᠷ ᠤᠨ ᠪᠣᠯᠴᠢᠷᠬᠠᠢ ᠶᠢᠨ ᠴᠤᠯᠬᠤᠡᠭ ᠢ ᠴᠤ ᠪᠦᠷ ᠡᠲᠦᠨ ᠡᠭᠦᠰᠭᠡᠳᠡᠭ᠃       ᠬᠤᠶᠡᠷ᠂ ᠤᠳᠤᠮᠰᠢᠯ ᠤᠨ ᠦᠢᠰᠭᠡᠯ      ᠳᠡᠭᠡᠷ᠎ᠡ ᠦᠶ᠎ᠡ ᠪᠣᠯᠣᠨ ᠲᠡᠭᠦᠨ ᠤ ᠳᠠᠷᠠᠭ᠎ᠠ ᠦᠶ᠎ᠡ ᠶᠢᠨ ᠬᠤᠭᠤᠷᠣᠨᠳᠣᠬᠢ ᠶᠠᠮᠠᠷ ᠨᠢᠭᠡᠨ ᠲᠦᠰᠦᠭᠡᠲᠠᠢ ᠰᠢᠨᠵᠢ ᠪᠠᠶᠢᠳᠠᠯ ᠢ ᠤᠳᠤᠮᠰᠢᠯ ᠭᠡᠳᠡᠭ᠃ ᠤᠳᠤᠮᠰᠢᠯ ᠤᠨ ᠰᠢᠯᠲᠠᠭᠠᠨ ᠠᠴᠠ ᠪᠣᠯᠵᠦ ᠳᠡᠭᠡᠷ᠎ᠡ ᠳᠣᠣᠷ᠎ᠠ ᠬᠤᠶᠡᠷ ᠦᠶ᠎ᠡ ᠶᠢᠨ ᠬᠤᠭᠤᠷᠣᠨᠳᠤ ᠬᠠᠷᠢᠯᠴᠠᠨ ᠰᠢᠭᠤᠳ ᠤᠯᠠᠮᠵᠢᠯᠠᠬᠤ ᠳᠤ ᠡᠭᠦᠰᠦᠭᠰᠡᠨ ᠡᠪᠡᠳᠴᠢᠨ ᠡᠮᠬᠡᠭ ᠢ ᠤᠳᠤᠮᠰᠢᠯ ᠤᠨ ᠡᠪᠡᠳᠴᠢᠨ ᠭᠡᠳᠡᠭ᠃ ᠨᠢᠭᠡᠨᠲᠡ ᠮᠡᠳᠡᠭᠰᠡᠨ ᠬᠦᠮᠦᠨ ᠲᠦᠷᠦᠯᠬᠢᠲᠡᠨ ᠤ ᠤᠳᠤᠮᠰᠢᠯ ᠤᠨ ᠡᠪᠡᠳᠴᠢᠨ ᠠᠳᠠᠭ ᠲᠠᠭᠠᠨ 2735 ᠵᠦᠢᠯ ᠪᠠᠶᠢᠵᠦ ᠂ ᠵᠦᠪᠬᠡᠨ ᠨᠢᠳᠦᠨ ᠤ ᠤᠳᠤᠮᠰᠢᠯ ᠤᠨ ᠡᠪᠡᠳᠴᠢᠨ ᠳᠠᠷᠤᠢ 246 ᠵᠦᠢᠯ ᠳᠤ ᠬᠦᠷᠴᠦ᠂ ᠪᠣᠲᠤᠭᠲᠠᠮᠠᠬᠠᠢ ᠪᠡᠶᠡᠲᠤ ᠶᠢᠨ ᠡᠪᠡᠳᠴᠢᠨ ᠴᠤ ᠭᠡᠳ 300 ᠵᠦᠢᠯ ᠠᠴᠠ ᠳᠣᠣᠷ᠎ᠠ ᠦᠭᠡᠢ ᠪᠢᠯᠨ᠂ ᠬᠦᠮᠦᠨ ᠲᠦᠷᠦᠯᠬᠢᠲᠡᠨ ᠤ ᠤᠳᠤᠮᠰᠢᠯ ᠤᠨ ᠴᠢᠨᠠᠷᠲᠠᠢ ᠡᠪᠡᠳᠴᠢᠨ ᠡᠮᠬᠡᠭ ᠪᠣᠯᠣᠨ ᠤᠳᠤᠮᠰᠢᠯ ᠤᠨ ᠴᠢᠨᠠᠷᠲᠠᠢ ᠡᠷᠡᠮᠳᠡᠭ ᠵᠡᠮᠳᠡᠭ ᠤᠨ ᠠᠶᠠᠨᠳᠠᠭᠠᠨ ᠡᠭᠦᠰᠬᠦ ᠨᠣᠷᠮ᠎ᠠ ᠨᠢ 10.5% ᠪᠠᠶᠢᠳᠠᠭ᠃        ᠰᠠᠴᠤᠷᠠᠯ ᠤᠨ ᠤᠳᠤᠮᠰᠢᠯ ᠤᠨ ᠦᠢᠰᠭᠡᠯ ᠪᠣᠯ ᠬᠦᠮᠦᠨ ᠲᠦᠷᠦᠯᠬᠢᠲᠡᠨ ᠤ ᠬᠤᠶᠢᠴᠢ ᠦᠶ᠎ᠡ ᠳᠤ ᠡᠭᠦᠰᠬᠦ ᠨᠦᠭᠦᠭᠡ ᠨᠢᠭᠡ ᠵᠦᠢᠯ ᠤᠨ ᠮᠠᠭᠠᠳ ᠪᠤᠰᠤ ᠦᠢᠰᠭᠡᠯ ᠮᠦᠨ᠃ ᠲᠡᠷᠨ ᠨᠢ ᠤᠳᠤᠮᠰᠢᠯ ᠤᠨ ᠦᠨᠳᠦᠰᠦᠨ ᠨᠢᠭᠡᠴᠢ ᠳᠠᠷᠤᠢ ᠭᠧᠨ ᠤ ᠬᠤᠪᠢᠷᠠᠯᠲᠠ ᠪᠣᠯᠣᠨ ᠪᠣᠲᠤᠭᠲᠠᠮᠠᠬᠠᠢ ᠪᠡᠶᠡᠲᠤ ᠶᠢᠨ ᠪᠦᠲᠦᠴᠡ ᠪᠣᠶᠤ  ᠪᠣᠲᠤᠭᠲᠠᠮᠠᠬᠠᠢ ᠪᠡᠶᠡᠲᠤ ᠶᠢᠨ ᠲᠣᠭᠠᠨ ᠤ ᠬᠤᠪᠢᠷᠠᠯᠲᠠ ᠠᠴᠠ ᠡᠭᠦᠰᠦᠭᠰᠡᠨ ᠶᠣᠮ᠃ ᠡᠶᠢᠮᠦᠷᠬᠦ ᠭᠡᠮᠲᠦᠯ ᠨᠢ ᠤᠳᠤᠮ ᠤᠯᠠᠮᠵᠢᠯᠠᠬᠤ ᠪᠦᠭᠡᠳ ᠲᠡᠭᠦᠨᠴᠢᠯᠡᠨ ᠲᠤᠰᠬᠠᠭᠳᠠᠭᠰᠠᠨ ᠬᠦᠮᠦᠨ ᠤ ᠬᠤᠶᠢᠴᠢ ᠦᠶ᠎ᠡ ᠶᠢᠨ ᠤᠳᠤᠮᠰᠢᠯ ᠢ ᠨᠢ ᠡᠮᠬᠢ ᠵᠠᠮᠪᠠᠷᠠᠭ᠎ᠠ ᠦᠭᠡᠢ ᠪᠣᠯᠭᠠᠳᠠᠭ᠃ ᠬᠡᠷᠪᠡ ᠶᠠᠮᠠᠷ ᠨᠢᠭᠡᠨ ᠵᠦᠢᠯ ᠤᠨ ᠴᠣᠴᠢᠮᠠᠭ ᠬᠤᠪᠢᠷᠠᠯᠲᠠ ᠶᠢᠨ ᠦᠢᠰᠭᠡᠯ  ᠨᠢ ᠳᠠᠷᠠᠭ᠎ᠠ ᠨᠢᠭᠡ ᠦᠶ᠎ᠡ ᠳᠤᠨᠢ ᠢᠯᠡᠷᠡᠪᠡᠯ ︵ᠲᠡᠷᠡᠴᠢᠯᠡᠨ ᠡᠨᠡᠬᠦ ᠵᠦᠢᠯ ᠤᠨ ᠴᠣᠴᠢᠮᠠᠭ ᠬᠤᠪᠢᠷᠠᠯᠲᠠ ᠨᠢ ᠡᠴᠢᠭᠡ ᠡᠬᠡ ᠶᠢᠨ ᠬᠢᠨᠢ ᠬᠡᠨ ᠨᠢᠭᠡᠨ ᠠᠴᠠ ᠨᠢ ᠢᠷᠡᠭᠰᠡᠨ ᠪᠣᠯᠪᠠᠴᠤ᠂ ᠮᠦᠨᠬᠦ ᠲᠡᠷᠡᠬᠦ  ᠴᠣᠴᠢᠮᠠᠭ ᠬᠤᠪᠢᠷᠠᠯᠲᠠ ᠶᠢ ᠨᠢ ᠵᠠᠯᠭᠠᠮᠵᠢᠯᠠᠵᠦ ᠴᠢᠳᠠᠨ᠎ᠠ︶ ᠲᠡᠭᠦᠨ ᠢ ᠢᠯᠡᠷᠬᠡᠢ  ᠴᠣᠴᠢᠮᠠᠭ ᠬᠤᠪᠢᠷᠠᠯᠲᠠ ᠭᠡᠵᠦ᠂ ᠬᠠᠷᠢᠨ ᠶᠠᠮᠠᠷ ᠨᠢᠭᠡᠨ ᠵᠦᠢᠯ ᠤᠨ ᠴᠣᠴᠢᠮᠠᠭ ᠬᠤᠪᠢᠷᠠᠯᠲᠠ ᠶᠢᠨ ᠦᠢᠰᠭᠡᠯ ᠨᠢ ᠳᠠᠷᠠᠭ᠎ᠠ ᠨᠢᠭᠡ ᠦᠶ᠎ᠡ ᠳᠤᠨᠢ ᠦᠯᠦ ᠢᠯᠡᠷᠡᠪᠡᠯ ᠲᠡᠭᠦᠨ ᠢ  ᠨᠢᠭᠤᠴᠠᠬᠠᠢ ᠴᠣᠴᠢᠮᠠᠭ ᠬᠤᠪᠢᠷᠠᠯᠲᠠ ᠭᠡᠳᠡᠭ᠃     ᠤᠳᠤᠮᠰᠢᠯ ᠤᠨ ᠦᠢᠰᠭᠡᠯ ᠤᠨ ᠵᠠᠷᠢᠮ ᠢ ᠨᠢ ᠲᠦᠷᠦᠬᠦ ᠦᠶᠡᠰ ᠲᠤᠨᠢ ᠪᠣᠶᠤ ᠬᠡᠤᠬᠡᠳ ᠤᠨ ᠦᠶ᠎ᠡ ᠳᠤᠨᠢ ᠳᠠᠷᠤᠢ ᠢᠯᠭᠠᠨ ᠮᠡᠳᠡᠵᠦ  ᠴᠢᠳᠠᠬᠤ ᠪᠣᠶᠤ ᠢᠯᠡᠷᠡᠨ ᠭᠠᠷᠳᠠᠭ᠂ ᠭᠡᠪᠡᠴᠤ ᠣᠯᠠᠩᠬᠢ ᠨᠢ ᠪᠠᠷᠤᠭ ᠶᠡᠭᠡ ᠪᠣᠯᠤᠭᠰᠠᠨ ᠤ ᠰᠡᠭᠦᠯᠡᠷ ᠰᠠᠶ᠋ᠢ ᠢᠯᠡᠷᠡᠳᠡᠭ᠃  ᠤᠳᠤᠮᠰᠢᠯ ᠤᠨ ᠡᠪᠡᠳᠴᠢᠨ ᠡᠮᠬᠡᠭ ᠤᠨ ᠪᠠᠷᠤᠭᠴᠠᠭᠠᠮᠵᠢ ᠶᠢ ᠶᠡᠭᠡ ᠲᠦᠯᠦᠪ ︿ᠳᠠᠬᠢᠨ ᠬᠤᠮᠵᠢᠮ ᠤᠨ ᠠᠷᠭ᠎ᠠ﹀ ᠪᠣᠯᠣᠨ ︿ᠰᠢᠭᠤᠳ ᠠᠷᠭ᠎ᠠ﹀ ᠭᠡᠬᠦ ᠬᠤᠶᠡᠷ ᠵᠦᠢᠯ ᠤᠨ ᠠᠷᠭ᠎ᠠ ᠪᠠᠷ ᠪᠣᠳᠤᠳᠠᠭ᠃ ᠳᠡᠯᠡᠬᠡᠢ ᠶᠢᠨ ᠰᠠᠴᠤᠷᠠᠭ ᠠᠴᠠ ᠬᠠᠮᠠᠭᠠᠯᠠᠬᠤ ᠵᠦᠪᠯᠡᠯ ︵ICRP︶ ᠪᠣᠯ ᠳᠠᠬᠢᠨ ᠬᠤᠮᠵᠢᠮ ᠤᠨ ᠠᠷᠭ᠎ᠠ ᠶᠢ ᠡᠷᠬᠢᠮᠯᠡᠳᠡᠭ᠃ ᠳᠠᠬᠢᠨ ᠬᠤᠮᠵᠢᠮ ᠤᠨ ᠠᠷᠭ᠎ᠠ ᠪᠣᠯ ᠨᠢᠭᠡ ᠦᠶ᠎ᠡ ᠳᠤ ᠭᠠᠷᠤᠭᠰᠠᠨ ᠴᠣᠴᠢᠮᠠᠭ ᠬᠤᠪᠢᠷᠠᠯᠲᠠ ᠶᠢᠨ ᠲᠤᠭ᠎ᠠ ᠶᠢ ᠠᠶᠠᠨᠳᠠᠭᠠᠨ ᠡᠭᠦᠰᠬᠦ ᠲᠤᠭ᠎ᠠ ᠲᠠᠢ ᠲᠡᠩᠴᠡᠭᠦᠯᠬᠦ ᠳᠤ ᠬᠡᠷᠡᠭᠰᠡᠬᠦ ᠰᠠᠴᠤᠷᠠᠯ ᠤᠨ ᠬᠡᠮᠵᠢᠶ᠎ᠡ ᠡᠰᠡᠭᠦᠯ᠎ᠡ ᠦᠭᠡᠷ᠎ᠡ ᠪᠠᠷ ᠬᠡᠯᠡᠪᠡᠯ ᠠᠶᠠᠨᠳᠠᠭᠠᠨ ᠡᠭᠦᠰᠬᠦ ᠴᠣᠴᠢᠮᠠᠭ ᠬᠤᠪᠢᠷᠠᠯᠲᠠ ᠶᠢᠨ ᠨᠣᠷᠮ᠎ᠠ ᠶᠢ ᠨᠢᠭᠡ ᠳᠠᠬᠢᠨ ᠨᠡᠮᠡᠭᠳᠡᠭᠦᠯᠬᠦ ᠬᠤᠮᠵᠢᠮ ᠪᠣᠯᠣᠨ᠎ᠠ᠃ ᠣᠯᠠᠨ ᠤᠯᠤᠰ ᠤᠨ ᠬᠤᠯᠪᠤᠭᠠᠲᠤ ᠪᠠᠶᠢᠭᠤᠯᠤᠯᠭ᠎ᠠ  ᠶᠢᠨ ᠠᠲ᠋ᠤᠮ ᠤᠨ ᠰᠠᠴᠤᠷᠠᠯ ᠤᠨ ᠨᠦᠯᠦᠭᠡᠨ ᠤ ᠠᠰᠠᠭᠤᠳᠠᠯ ᠤᠨ ᠰᠢᠨᠵᠢᠯᠡᠭᠡᠨ ᠤ ᠵᠦᠪᠯᠡᠯ ︵UNSCEAR︶ ᠪᠣᠯᠣᠨ ᠳᠡᠯᠡᠬᠡᠢ ᠶᠢᠨ ᠰᠠᠴᠤᠷᠠᠭ   ᠠᠴᠠ ᠬᠠᠮᠠᠭᠠᠯᠠᠬᠤ ᠵᠦᠪᠯᠡᠯ ︵ICRP︶ ᠤᠨ ᠬᠡᠷᠡᠭᠯᠡᠳᠡᠭ  ᠳᠠᠬᠢᠨ ᠬᠤᠮᠵᠢᠮ ᠤᠨ ᠪᠠᠷᠤᠭᠴᠠᠭᠠᠭᠰᠠᠨ ᠬᠡᠮᠵᠢᠭᠳᠡᠭᠦᠨ ᠨᠢ ᠪᠣᠯ 1Gy ᠪᠠᠶᠢᠳᠠᠭ᠃        ᠮᠠᠭᠠᠳ ᠪᠤᠰᠤ ᠦᠢᠰᠭᠡᠯ ᠤᠨ ᠴᠣᠯᠬᠤᠡᠭ ᠪᠣᠯᠣᠨ ᠤᠳᠤᠮᠰᠢᠯ ᠤᠨ ᠡᠪᠡᠳᠴᠢᠨ ᠡᠮᠬᠡᠭ ᠨᠢ ᠣᠳᠣᠬᠠᠨ᠎ᠠ ᠡᠳᠡᠭᠡᠷᠡᠯᠲᠡ ᠶᠢᠨ ᠨᠣᠷᠮ᠎ᠠ ᠨᠢ ᠳᠣᠩ ᠳᠣᠣᠷ᠎ᠠ ᠪᠣᠶᠤ ᠡᠰᠡᠭᠦᠯ᠎ᠡ ᠬᠠᠷᠬᠠᠨ ᠵᠠᠰᠠᠨ ᠡᠳᠡᠭᠡᠷᠡᠭᠦᠯᠵᠦ ᠴᠢᠳᠠᠬᠤ ᠦᠭᠡᠢ ᠳᠡᠭᠡᠷ᠎ᠡ ᠪᠠᠰᠨ ᠴᠤᠯᠢᠩ ᠬᠤᠮᠵᠢᠮ ᠭᠡᠵᠦ ᠦᠭᠡᠢ ᠪᠣᠯᠬᠤᠷ᠂ ᠵᠦᠪᠬᠡᠨ ᠬᠤᠮᠵᠢᠮ ᠢ ᠪᠠᠭᠠᠰᠬᠠᠬᠤ ᠠᠷᠭ᠎ᠠ  ᠪᠠᠷ ᠲᠡᠭᠦᠨ ᠤ ᠡᠭᠦᠰᠦᠯᠲᠡ ᠶᠢᠨ ᠨᠣᠷᠮ᠎ᠠ ᠶᠢ ᠪᠠᠭᠤᠷᠠᠭᠤᠯᠳᠠᠭ᠃ ᠭᠡᠪᠡᠴᠤ ᠲᠡᠭᠦᠨ ᠠᠴᠠ ᠪᠦᠷᠢᠮᠦᠰᠦᠨ ᠲᠤᠶᠢᠯᠪᠤᠷᠢᠲᠠᠢ ᠵᠠᠶᠢᠯᠠᠵᠦ ᠭᠠᠷᠴᠤ ᠴᠢᠳᠠᠳᠠᠭ ᠦᠭᠡᠢ ᠶᠣᠮ᠂ ᠤᠴᠢᠷ ᠨᠢ ᠪᠠᠭᠠᠬᠠᠨ ᠬᠤᠮᠵᠢᠮ ᠳᠤ ᠴᠤ ᠭᠡᠳ ᠮᠠᠭᠠᠳ ᠪᠤᠰᠤ ᠦᠢᠰᠭᠡᠯ ᠨᠢ ᠪᠠᠰᠨ ᠳᠣᠣᠷ᠎ᠠ ᠨᠣᠷᠮ᠎ᠠ ᠪᠠᠷ ᠡᠭᠦᠰᠲᠡᠭ᠃ ᠮᠠᠭᠠᠳ ᠪᠤᠰᠤ ᠦᠢᠰᠭᠡᠯ ᠳᠤ᠂ ᠶᠠᠮᠠᠷ ᠨᠢᠭᠡᠨ ᠡᠷᠬᠡᠲᠡᠨ ᠪᠣᠶᠤ ᠨᠡᠬᠡᠳᠡᠰᠤ ᠶᠢᠨ ᠣᠯᠠᠨᠲᠠ ᠬᠦᠷᠲᠡᠭᠰᠡᠨ ᠬᠤᠮᠵᠢᠮ ᠢ ᠨᠢ ᠪᠦᠬᠦᠲᠡ ᠶᠢ ᠨᠡᠮᠡᠭᠡᠳ᠂ ᠶᠡᠷᠦᠩᠬᠡᠢ ᠠᠶᠤᠯᠲᠤ ᠬᠡᠮᠵᠢᠶ᠎ᠡ ᠶᠢ ᠨᠢ ᠦᠨᠡᠯᠡᠵᠦ ᠪᠣᠯᠳᠠᠭ᠃ ᠮᠠᠭᠠᠳ ᠪᠤᠰᠤ ᠦᠢᠰᠭᠡᠯ ᠪᠣᠯᠣᠨ ᠬᠤᠮᠵᠢᠮ ᠤᠨ ᠬᠠᠷᠢᠴᠠᠭ᠎ᠠ ᠨᠢ ᠰᠠᠴᠤᠷᠠᠯ ᠤᠨ ᠵᠢᠭᠤᠴᠢ ᠪᠣᠳᠠᠰ ᠳᠠᠬᠢ ᠡᠨᠧᠷᠬᠢ ᠶᠢᠨ ᠤᠯᠠᠮᠵᠢᠯᠠᠯ ᠤᠨ ᠰᠢᠯᠤᠭᠤᠨ ᠨᠢᠭᠲᠠᠴᠨ ︵LET︶ ᠶᠢᠨ ᠠᠳᠠᠯᠢ ᠪᠤᠰᠤ᠂ ᠳᠣᠲᠤᠷ ᠭᠠᠳᠠᠨᠠᠬᠢ ᠲᠤᠰᠤᠯᠲᠠ ᠵᠢᠴᠢ ᠹᠢᠽᠢᠺ ᠪᠣᠯᠣᠨ ᠠᠮᠢᠳᠤ ᠪᠣᠳᠠᠰ ᠤᠨ ᠨᠦᠭᠦᠴᠡᠯ ᠰᠢᠯᠲᠠᠭᠠᠨ ᠵᠡᠷᠭᠡ ᠶᠢᠨ ᠬᠤᠪᠢᠷᠠᠯᠲᠠ ᠠᠴᠠ ᠪᠣᠯᠵᠦ ᠣᠯᠠᠨ ᠵᠦᠢᠯ ᠤᠨ ᠬᠡᠯᠪᠡᠷᠢ ᠪᠠᠷ ᠢᠯᠡᠷᠡᠳᠡᠭ᠃      ᠳᠦᠷᠪᠡᠳᠦᠭᠡᠷ ᠬᠡᠰᠡᠭ   ᠮᠠᠭᠠᠳ ᠪᠦᠬᠦᠢ ᠦᠢᠰᠭᠡᠯ       ᠳᠡᠯᠡᠬᠡᠢ ᠶᠢᠨ ᠰᠠᠴᠤᠷᠠᠭ ᠠᠴᠠ ᠬᠠᠮᠠᠭᠠᠯᠠᠬᠤ ᠵᠦᠪᠯᠡᠯ ︵ICRP︶ ᠤᠨ 60 ᠳ᠋ᠤᠭᠠᠷ ᠲᠣᠭᠠᠲᠤ ᠮᠡᠳᠡᠭᠦᠯᠦᠯᠲᠡ ᠨᠡᠶᠢᠲᠡᠯᠡᠭᠳᠡᠬᠦ ᠠᠴᠠ ᠡᠮᠦᠨ᠎ᠡ ᠮᠠᠭᠠᠳ ᠪᠦᠬᠦᠢ ᠦᠢᠰᠭᠡᠯ ᠢ ︿ᠮᠠᠭᠠᠳ ᠪᠤᠰᠤ ᠪᠢᠰᠢ ᠦᠢᠰᠭᠡᠯ﹀ ︵Non-Stochastic Effect︶ ᠭᠡᠵᠦ ᠨᠡᠷᠡᠯᠡᠵᠦ ᠪᠠᠶᠢᠵᠠᠢ᠃ ᠡᠷᠬᠡᠲᠡᠨ ᠪᠣᠶᠤ ᠨᠡᠬᠡᠳᠡᠰᠦᠨ ᠳᠤ ᠬᠠᠷᠪᠤᠭᠳᠠᠨ ᠣᠷᠤᠭᠰᠠᠨ ᠰᠠᠴᠤᠷᠠᠭ ᠨᠢ ᠲᠡᠭᠦᠨ ᠳᠤ ᠳᠠᠭᠠᠷᠢᠭᠳᠠᠭᠰᠠᠨ ᠡᠰ ᠤᠳ ᠢ ᠠᠯᠠᠵᠦ ᠮᠡᠳᠡᠨ᠎ᠡ᠃ ᠰᠠᠴᠤᠷᠠᠯ ᠤᠨ ᠭᠡᠮᠲᠦᠯ ᠤᠨ ᠵᠢᠭ ᠲᠤ ᠡᠰ ᠢ ᠠᠯᠠᠬᠤ ᠨᠢ ︿ᠰᠢᠢᠳᠪᠦᠷᠢᠲᠤ ᠴᠢᠨᠠᠷᠲᠠᠢ﹀ ᠦᠢᠯᠡᠳᠦᠯ ᠢ ᠭᠠᠷᠠᠭᠠᠵᠦ ᠪᠠᠶᠢᠳᠠᠭ᠃ ᠶᠠᠮᠠᠷ ᠨᠢᠭᠡᠨ ᠨᠡᠬᠡᠳᠡᠰᠦᠨ ᠳᠠᠬᠢ ᠵᠣᠩᠬᠢᠯᠠᠬᠤ ᠲᠣᠭᠠᠨ ᠤ ᠡᠰ ᠢ ᠨᠢ ᠠᠯᠠᠭᠰᠠᠨ ᠠᠴᠠ ᠡᠭᠦᠰᠬᠦ ᠬᠠᠮ ᠦᠢᠰᠭᠡᠯ ᠪᠣᠶᠤ ᠪᠤᠰᠤᠳ ᠬᠡᠯᠪᠡᠷᠢ ᠶᠢᠨ ᠭᠡᠮᠲᠦᠯ ᠤᠨ ᠶᠡᠷᠦᠩᠬᠡᠢ ᠦᠢᠰᠭᠡᠯ ᠨᠢ ᠵᠠᠶᠢᠯᠠᠰᠢ ᠦᠭᠡᠢ ᠲᠤᠯᠠᠲᠠ ᠮᠠᠭᠠᠳ ᠪᠦᠬᠦᠢ ᠦᠢᠰᠭᠡᠯ ︵Deterministic Effect︶ ᠭᠡᠵᠦ ᠬᠠᠯᠠᠨ ᠨᠡᠷᠡᠶᠢᠳᠦᠭᠰᠡᠨ ᠪᠠᠶᠢᠨ᠎ᠠ᠃ ᠪᠠᠰᠨ ︿ᠯᠠᠪᠲᠠᠢ ᠦᠢᠰᠭᠡᠯ﹀ ᠪᠣᠶᠤ ᠮᠦᠨᠦ ᠪᠠᠰᠨ ᠵᠠᠷᠢᠮ ᠨᠢ ︿ᠨᠡᠬᠡᠳᠡᠰᠤ ᠶᠢᠨ ᠬᠤᠣᠷ ᠬᠦᠨᠦᠭᠡᠯᠲᠤ ᠦᠢᠰᠭᠡᠯ﹀ ᠭᠡᠬᠦ ᠴᠤ ᠪᠣᠢ᠃ ᠮᠠᠭᠠᠳ ᠪᠦᠬᠦᠢ ᠦᠢᠰᠭᠡᠯ ᠨᠢ ᠲᠦᠷᠭᠡᠨ ᠴᠢᠨᠠᠷᠲᠠᠢ ᠪᠠ ᠤᠳᠠᠭᠠᠨ ᠴᠢᠨᠠᠷᠲᠠᠢ ᠭᠡᠵᠦ ᠪᠠᠶᠢᠬᠤ ᠪᠦᠭᠡᠳ ᠲᠡᠷᠨ ᠨᠢ ᠰᠠᠴᠤᠷᠠᠭ ᠲᠤ ᠳᠤᠰᠬᠠᠭᠳᠠᠭᠰᠠᠨ ᠬᠤᠮᠵᠢᠮ ᠨᠢ ᠶᠠᠮᠠᠷ ᠨᠢᠭᠡᠨ ᠴᠤᠯᠢᠩ ᠬᠡᠮᠵᠢᠭᠲᠡᠬᠦᠨ ᠠᠴᠠ ᠬᠡᠲᠦᠷᠡᠬᠦ ᠦᠶᠡᠰ ᠲᠤ ᠰᠠᠶ᠋ᠢ ᠢᠯᠡᠷᠡᠬᠦ ᠢᠯᠡᠷᠡᠳᠡᠭ᠃      ᠨᠢᠭᠡ᠂ ᠴᠤᠯᠢᠩ ᠬᠤᠮᠵᠢᠮ      ᠬᠦᠮᠦᠨ ᠲᠦᠷᠦᠯᠬᠢᠲᠡᠨ ᠤ ᠪᠣᠳᠠᠭᠠᠯᠢ ᠪᠡᠶᠡᠲᠤ ᠪᠣᠯᠣᠨ ᠪᠣᠲᠠᠯᠢᠭ ᠪᠡᠶᠡᠲᠤ ᠳᠠᠬᠢ ᠴᠠᠬᠢᠯᠭᠠᠨᠲᠠᠭᠤᠯᠬᠤ ᠰᠠᠴᠤᠷᠠᠯ ᠤᠨ ᠬᠤᠣᠷ ᠬᠦᠨᠦᠭᠡᠯᠲᠤ ᠦᠢᠰᠭᠡᠯ ᠢ ᠤᠷᠲᠤ ᠬᠤᠭᠤᠴᠠᠭ᠎ᠠ ᠪᠠᠷ ᠠᠵᠢᠨ ᠪᠠᠶᠢᠴᠠᠭᠠᠬᠤ ᠶᠢ ᠳᠠᠮᠵᠢᠨ᠂ ᠡᠷᠬᠡᠲᠡᠨ ᠨᠡᠬᠡᠳᠡᠰᠤ ᠶᠢᠨ ᠬᠦᠷᠳᠡᠭᠰᠡᠨ ᠰᠠᠴᠤᠷᠠᠯ ᠤᠨ ᠳᠤᠰᠬᠠᠯᠲᠠ ᠶᠢᠨ ᠬᠤᠮᠵᠢᠮ ᠨᠢ ᠶᠠᠮᠠᠷ ᠨᠢᠭᠡᠨ ᠬᠡᠮᠵᠢᠶᠡᠨ  ᠳᠤ ᠬᠦᠷᠬᠦ ᠦᠶᠡᠰ ᠮᠠᠭᠠᠳ ᠪᠦᠬᠦᠢ ᠦᠢᠰᠭᠡᠯ ᠨᠢ ᠵᠠᠶᠢᠯᠠᠰᠢ ᠦᠭᠡᠢ ᠭᠠᠷᠳᠠᠭ ᠢ ᠣᠯᠵᠦ ᠮᠡᠳᠡᠭᠰᠡᠨ ᠪᠠᠶᠢᠨ᠎ᠠ᠃ ᠦᠭᠡᠷ᠎ᠡ ᠪᠠᠷ ᠬᠡᠯᠡᠪᠡᠯ ᠰᠠᠴᠤᠷᠠᠯ ᠤᠨ ᠮᠠᠭᠠᠳ ᠪᠦᠬᠦᠢ ᠦᠢᠰᠭᠡᠯ ᠨᠢ ᠨᠢᠭᠡᠨ ᠬᠤᠮᠵᠢᠮ ᠤᠨ ᠴᠤᠯᠢᠩ ᠬᠡᠮᠵᠢᠭᠲᠡᠬᠦᠨ ᠣᠷᠤᠰᠢᠵᠦ ᠪᠠᠶᠢᠬᠤ ᠭᠡᠰᠡᠨ ᠶᠠᠪᠤᠳᠠᠯ ᠪᠣᠯᠤᠨ᠎ᠠ᠃ ᠡᠶᠢᠮᠦ ᠠᠴᠠ ᠰᠠᠴᠤᠷᠠᠭ ᠠᠴᠠ ᠬᠠᠮᠠᠭᠠᠯᠠᠬᠤ ᠤᠬᠠᠭᠠᠨ  ᠳᠤ ᠶᠡᠷᠦᠳᠡᠭᠡᠨ ᠬᠦᠮᠦᠨ ᠤ ᠪᠡᠶ᠎ᠡ ᠳᠤ ᠶᠠᠮᠠᠷ ᠨᠢᠭᠡᠨ ᠮᠠᠭᠠᠳ ᠪᠦᠬᠦᠢ ᠦᠢᠰᠭᠡᠯ ᠡᠬᠢᠯᠡᠨ ᠭᠠᠷᠭᠠᠵᠦ ᠴᠢᠳᠠᠬᠤ ᠬᠠᠮᠤᠭ ᠤᠨ ᠳᠣᠣᠷ᠎ᠠ ᠬᠤᠮᠵᠢᠮ᠂ ᠳᠠᠷᠤᠢ ᠰᠠᠴᠤᠷᠠᠭ ᠲᠤ ᠲᠤᠰᠬᠠᠭᠳᠠᠭᠰᠠᠨ ᠬᠦᠮᠦᠰ ᠤᠨ ᠳᠣᠲᠤᠷ᠎ᠠ ᠠᠳᠠᠭ ᠲᠠᠭᠠᠨ 1%~5% ᠶᠢᠨ ᠪᠣᠳᠠᠭᠠᠯᠢ ᠪᠡᠶᠡᠲᠤ ᠳᠤ ᠶᠡᠷᠤ ᠪᠣᠰᠤ ᠶᠢᠨ ᠦᠢᠰᠭᠡᠯ ᠡᠭᠦᠰᠭᠡᠬᠦ ᠳᠤ ᠬᠡᠷᠡᠭᠰᠡᠬᠦ ᠰᠠᠴᠤᠷᠠᠯ ᠤᠨ ᠬᠡᠮᠵᠢᠶ᠎ᠡ ᠶᠢ ᠴᠤᠯᠢᠩ ᠬᠤᠮᠵᠢᠮ ᠭᠡᠳᠡᠭ᠃ ᠬᠦᠮᠦᠨ ᠤ ᠪᠡᠶ᠎ᠡ ᠶᠢᠨ ᠡᠷᠬᠡᠲᠡᠨ ᠨᠡᠬᠡᠳᠡᠰᠤ ᠨᠦᠭᠦᠳ ᠤᠨ ᠰᠠᠴᠤᠷᠠᠯ ᠳᠤ ᠰᠡᠷᠭᠡᠭ ᠴᠢᠨᠠᠷ ᠨᠢ ᠠᠳᠠᠯᠢ ᠪᠤᠰᠤ ᠲᠤᠯᠠᠲᠠ ᠴᠤᠯᠢᠩ ᠬᠤᠮᠵᠢᠮ ᠤᠨ ᠬᠡᠮᠵᠢᠭᠳᠡᠬᠦᠨ ᠨᠢ ᠴᠤ ᠠᠳᠠᠯᠢ ᠪᠤᠰᠤ ᠪᠠᠶᠢᠳᠠᠭ᠃ ᠭᠠᠭᠴᠠ ᠬᠦ ᠬᠦᠷᠲᠡᠭᠰᠡᠨ ᠬᠤᠮᠵᠢᠮ ᠨᠢ ᠴᠤᠯᠢᠩ ᠬᠡᠮᠵᠢᠭᠳᠡᠬᠦᠨ ᠳᠤ ᠬᠦᠷᠬᠦ ᠪᠣᠶᠤ ᠡᠰᠡᠭᠦᠯ᠎ᠡ ᠲᠡᠭᠦᠨ ᠠᠴᠠ ᠬᠡᠳᠦᠷᠡᠬᠦ ᠦᠶᠡᠰ ᠲᠤ᠂  ᠡᠷᠬᠡᠲᠡᠨ ᠨᠡᠬᠡᠳᠡᠰᠤ ᠨᠦᠭᠦᠳ ᠲᠤ ᠰᠠᠶ᠋ᠢ ᠮᠠᠭᠠᠳ ᠭᠡᠮᠲᠦᠯ ᠡᠭᠦᠰᠦᠨ᠎ᠡ᠃      ᠴᠤᠯᠢᠩ ᠬᠡᠮᠵᠢᠭᠳᠡᠬᠦᠨ ᠨᠢ ᠰᠠᠴᠤᠷᠠᠯ ᠳᠤ ᠦᠬᠦᠭᠰᠡᠨ ᠮᠠᠬᠠᠪᠤᠳ ᠤᠨ ᠡᠰ ᠤᠨ ᠲᠤᠭ᠎ᠠ ᠲᠠᠢ ᠰᠢᠭᠤᠳ ᠬᠤᠯᠪᠤᠭᠳᠠᠨ᠎ᠠ᠃ ᠬᠡᠷᠪᠡ ᠬᠤᠬᠢᠷᠠᠭᠰᠠᠨ ᠡᠰ ᠤᠨ ᠲᠤᠭ᠎ᠠ ᠨᠢ ᠨᠡᠯᠢᠶᠡᠳ ᠴᠦᠬᠡᠨ ᠪᠣᠯ ᠰᠢᠨ᠎ᠡ ᠡᠰ ᠢᠶᠠᠷ ᠨᠦᠬᠦᠪᠦᠷᠢᠯᠡᠵᠦ ᠪᠣᠯᠬᠤ ᠲᠤᠯᠠᠲᠠ᠂ ᠡᠷᠬᠡᠲᠡᠨ ᠪᠣᠶᠤ ᠨᠡᠬᠡᠳᠡᠰᠤ ᠶᠢᠨ ᠦᠢᠯᠡᠳᠦᠯ ᠴᠢᠳᠠᠪᠤᠷᠢ ᠶᠢ ᠨᠢ ᠨᠦᠯᠦᠭᠡᠯᠡᠬᠦ ᠦᠭᠡᠢ ᠶᠣᠮ᠃ ᠭᠡᠪᠡᠴᠤ ᠨᠠᠭᠤᠢ ᠠᠷᠪᠢᠨ ᠡᠰ ᠢ ᠠᠯᠠᠭᠠᠳ ᠲᠡᠳᠡᠭᠡᠷ ᠢ ᠨᠢ ᠪᠠᠰᠨ ᠠᠮᠢᠳᠤ ᠡᠰ ᠤᠨ ᠦᠷᠡᠵᠢᠯ ᠢᠶᠠᠷ ᠨᠦᠬᠦᠪᠦᠷᠢᠯᠡᠵᠦ ᠵᠠᠪᠳᠤᠬᠤ ᠦᠭᠡᠢ ᠪᠣᠶᠤ ᠨᠢᠭᠡᠨᠲᠡ ᠨᠦᠬᠦᠪᠦᠷᠢᠯᠡᠵᠦ ᠴᠢᠳᠠᠬᠤ ᠦᠭᠡᠢ ᠪᠣᠯᠤᠭᠰᠠᠨ ᠪᠣᠯ᠂ ᠡᠷᠬᠡᠲᠡᠨ ᠪᠣᠶᠤ ᠨᠡᠬᠡᠳᠡᠰᠦᠨ ᠳᠤ ᠰᠡᠷᠡᠵᠦ ᠮᠡᠳᠡᠬᠦ ᠪᠣᠶᠤ ᠡᠰᠡᠭᠦᠯ᠎ᠡ ᠪᠠᠶᠢᠴᠠᠭᠠᠵᠦ ᠣᠯᠬᠤ ᠬᠤᠪᠢᠷᠠᠯᠲᠠ ᠵᠠᠶᠢᠯᠠᠰᠢ ᠦᠭᠡᠢ ᠭᠠᠷᠤᠨ᠎ᠠ᠃ ᠡᠶᠢᠮᠦᠷᠬᠦ ᠬᠤᠪᠢᠷᠠᠯᠲᠠ ᠨᠢ ᠡᠷᠬᠡᠲᠡᠨ ᠪᠣᠶᠤ ᠨᠡᠬᠡᠳᠡᠰᠤ ᠶᠢᠨ ᠦᠢᠯᠡᠳᠦᠯ ᠴᠢᠳᠠᠪᠤᠷᠢ ᠶᠢ ᠨᠢ ᠠᠯᠳᠠᠭᠤᠯᠵᠦ ᠴᠢᠨᠠᠭᠰᠢᠯᠠᠪᠠᠯ ᠪᠡᠶ᠎ᠡ ᠴᠣᠭᠴᠠᠰ ᠢ ᠴᠤ ᠦᠬᠦᠬᠦᠯᠳᠡᠭ᠃ ᠶᠡᠷᠦᠩᠬᠡᠢ ᠳᠤᠨᠢ ᠠᠪᠴᠤ ᠬᠡᠯᠡᠪᠡᠯ᠂ ᠦᠬᠦᠯ ᠪᠣᠯ ᠳᠠᠷᠤᠢ ᠪᠡᠶ᠎ᠡ ᠶᠢᠨ ᠨᠢᠭᠡ ᠪᠣᠶᠤ ᠨᠢᠵᠢᠭᠡᠳ ᠴᠢᠬᠤᠯᠨ ᠡᠷᠬᠡᠲᠡᠨ ᠤ ᠰᠢᠰᠲ᠋ᠧᠮ ᠳᠤ ᠡᠰ ᠬᠦᠨᠳᠤ ᠨᠣᠴᠢᠲᠠᠢ ᠲᠤᠲᠠᠭᠳᠠᠭᠰᠠᠨ ᠮᠠᠭᠠᠳ ᠨᠣᠲᠠᠲᠠᠢ ᠵᠠᠶᠢᠯᠠᠰᠢ ᠦᠭᠡᠢ ᠦᠷ᠎ᠡ ᠳ᠋ᠦᠡᠭ ᠮᠦᠨ᠃ ᠶᠡᠷᠤᠳᠡ ᠶᠢᠨ ᠪᠠᠶᠢᠳᠠᠯ ᠳᠣᠣᠷ᠎ᠠ ᠪᠠᠶᠢᠴᠠᠭᠠᠨ ᠬᠡᠮᠵᠢᠵᠦ ᠭᠠᠷᠭᠠᠵᠦ ᠴᠢᠳᠠᠬᠤ ᠮᠠᠭᠠᠳ ᠪᠦᠬᠦᠢ ᠭᠡᠮᠲᠦᠯ ᠳᠤ ᠠᠪᠴᠤ ᠬᠡᠯᠡᠪᠡᠯ᠂ ᠰᠠᠴᠤᠷᠠᠯ ᠨᠢ ᠡᠷᠬᠡᠪᠰᠢ ᠶᠠᠮᠠᠷ ᠨᠢᠭᠡᠨ ᠲᠣᠭᠲᠠᠭᠰᠠᠨ ᠬᠤᠪᠢ ᠶᠢᠨ ᠡᠰ ᠢ ᠠᠯᠠᠬᠤ ᠪᠦᠭᠡᠳ ᠬᠤᠮᠵᠢᠮ ᠨᠢ ᠶᠡᠭᠡ ᠪᠣᠯᠬᠤ ᠳᠣᠲᠤᠮ ᠭᠡᠮᠲᠦᠯ ᠨᠢ ᠤᠯᠠᠮ ᠬᠦᠨᠳᠤ ᠨᠣᠴᠢᠲᠠᠢ ᠪᠣᠯᠳᠠᠭ᠃ ᠬᠡᠷᠪᠡ ᠴᠤᠯᠢᠩ ᠬᠤᠮᠵᠢᠮ ᠠᠴᠠ ᠳᠣᠭᠤᠣᠷ ᠰᠠᠴᠤᠷᠠᠭ ᠲᠤ ᠳᠤᠰᠬᠠᠭᠳᠠᠪᠠᠯ᠂ ᠡᠷᠬᠡᠲᠡᠨ ᠨᠡᠬᠡᠳᠡᠰᠤ ᠨᠦᠭᠦᠳ ᠲᠤ ᠮᠠᠭᠠᠳ ᠪᠦᠬᠦᠢ ᠦᠢᠰᠭᠡᠯ ᠢᠯᠡᠷᠡᠳᠡᠭ ᠦᠭᠡᠢ᠃ ᠴᠤᠯᠢᠩ ᠬᠤᠮᠵᠢᠮ  ᠨᠢ ᠰᠠᠴᠤᠷᠠᠭ ᠤᠨ ᠲᠦᠷᠦᠯ ᠵᠦᠢᠯ ᠪᠠ ᠡᠨᠧᠷᠬᠢ ᠶᠢᠨ ᠤᠯᠠᠮᠵᠢᠯᠠᠯ ᠤᠨ ᠰᠢᠯᠤᠭᠤᠨ ᠨᠢᠭᠲᠠᠴᠨ ︵LET︶᠂ ᠲᠤᠰᠬᠠᠭᠰᠠᠨ ᠬᠡᠯᠪᠡᠷᠢ ᠮᠠᠶ᠋ᠢᠭ᠂ ᠴᠠᠭ ᠬᠤᠭᠤᠴᠠᠭ᠎ᠠ ᠵᠢᠴᠢ ᠲᠤᠰᠬᠠᠭᠳᠠᠭᠰᠠᠨ ᠨᠡᠬᠡᠳᠡᠰᠤ ᠶᠢᠨ ᠳᠤᠭ᠎ᠠ ᠵᠡᠷᠭᠡ ᠠᠷᠪᠢᠨ ᠰᠢᠯᠲᠠᠭᠠᠨ ᠲᠠᠢ ᠬᠤᠯᠪᠤᠭᠳᠠᠳᠠᠭ᠃     ᠰᠠᠴᠤᠷᠠᠭ ᠠᠴᠠ ᠬᠠᠮᠠᠭᠠᠯᠠᠬᠤ ᠤᠬᠠᠭᠠᠨ ᠳᠤ ᠶᠡᠷᠦᠳᠡᠭᠡᠨ ᠳᠤᠰᠬᠠᠯᠲᠠ ᠶᠢᠨ ᠬᠤᠮᠵᠢᠮ ᠢ ᠴᠤᠯᠢᠩ ᠬᠡᠮᠵᠢᠭᠳᠡᠬᠦᠨ ᠠᠴᠠ ᠳᠣᠭᠤᠤᠷ ᠪᠠᠶᠢᠯᠭᠠᠬᠤ ᠠᠷᠭ᠎ᠠ ᠪᠠᠷ ᠬᠤᠣᠷ ᠬᠦᠨᠦᠭᠡᠯᠲᠤ ᠮᠠᠭᠠᠳ ᠪᠦᠬᠦᠢ ᠦᠢᠰᠭᠡᠯ ᠡᠭᠦᠰᠬᠦ ᠠᠴᠠ ᠰᠡᠷᠭᠡᠶᠢᠯᠡᠵᠦ ᠪᠠᠶᠢᠳᠠᠭ᠃ ᠨᠢᠳᠦᠨ ᠪᠣᠯᠣᠷ᠂ ᠠᠷᠠᠰᠤ ᠪᠣᠯᠣᠨ ᠳᠦᠷᠪᠡᠨ ᠮᠦᠴᠢ ᠳᠤ ᠲᠣᠭᠲᠠᠭᠠᠭᠰᠠᠨ ᠰᠠᠴᠤᠷᠠᠭ ᠤᠨ ᠬᠤᠮᠵᠢᠮ ᠤᠨ ᠬᠢᠵᠠᠭᠠᠷᠯᠠᠯ ᠪᠣᠯ ᠳᠠᠷᠤᠢ ᠮᠠᠭᠠᠳ ᠪᠦᠬᠦᠢ ᠦᠢᠰᠭᠡᠯ ᠠᠴᠠ ᠪᠦᠷᠢᠮᠦᠰᠦᠨ ᠵᠠᠶᠢᠯᠠᠭᠤᠯᠬᠤ ᠬᠡᠮᠵᠢᠭᠳᠡᠬᠦᠨ ᠪᠣᠯᠤᠨ᠎ᠠ᠃      ᠬᠤᠶᠡᠷ᠂ ᠭᠤᠣᠯ ᠪᠣᠯᠬᠤ ᠮᠠᠭᠠᠳ ᠪᠦᠬᠦᠢ ᠦᠢᠰᠭᠡᠯ      ᠳᠣᠣᠷ᠎ᠠ ᠬᠤᠮᠵᠢᠮᠵᠢ ᠪᠠᠷ ᠤᠷᠲᠤ ᠬᠤᠭᠤᠴᠠᠭ᠎ᠠ ᠠᠯᠭᠤᠷ ᠢᠶᠠᠷ ᠲᠤᠰᠬᠤ ᠪᠠᠶᠢᠳᠠᠯ ᠳᠤ᠂ ᠬᠡᠷᠪᠡ ᠬᠦᠷᠲᠡᠭᠰᠡᠨ ᠬᠤᠮᠵᠢᠮ ᠨᠢ ᠵᠢᠯ ᠤᠨ ᠬᠤᠮᠵᠢᠮ ᠤᠨ ᠬᠢᠵᠠᠭᠠᠷᠯᠠᠯ ᠬᠡᠮᠵᠢᠭᠳᠡᠭᠦᠨ ᠠᠴᠠ ᠬᠡᠲᠦᠷᠡᠬᠦ ᠦᠭᠡᠢ ᠪᠣᠯ᠂ ᠮᠠᠭᠠᠳ ᠪᠦᠬᠦᠢ ᠦᠢᠰᠭᠡᠯ ᠭᠠᠷᠬᠤ ᠦᠭᠡᠢ ᠶᠣᠮ᠃ ᠬᠡᠷᠪᠡ ᠬᠤᠮᠵᠢᠮ ᠨᠢ ᠲᠡᠶᠢᠮᠦ ᠶᠡᠭᠡ ᠪᠢᠰᠢ ᠪᠣᠯ ᠮᠠᠭᠠᠳ ᠪᠦᠬᠦᠢ ᠦᠢᠰᠭᠡᠯ ᠨᠢ ᠭᠤᠣᠯᠳᠠᠭᠤ ᠶᠠᠳᠠᠩᠭᠤᠶᠢᠷᠠᠬᠤ᠂ ᠭᠡᠵᠢᠭᠡ ᠦᠰᠦ ᠤᠨᠠᠬᠤ᠂ ᠪᠦᠢᠯᠨ ᠠᠴᠠ ᠴᠢᠰᠤ ᠭᠠᠷᠬᠤ᠂ ᠴᠢᠰᠤᠨ ᠤ ᠴᠠᠭᠠᠨ ᠡᠰ ᠳᠤᠲᠠᠬᠤ᠂ ᠴᠠᠭᠠᠨ ᠴᠡᠴᠡᠭᠡᠢ᠂ ᠠᠷᠠᠰᠤᠨ ᠤ ᠤᠯᠠᠭᠠᠨ ᠲᠣᠯᠪᠤ᠂ ᠴᠢᠰᠤ ᠪᠦᠲᠦᠭᠡᠬᠦ ᠬᠠᠷᠰᠢ᠂ ᠲᠠᠴᠢᠶᠠᠯ ᠮᠠᠭᠤᠲᠠᠬᠤ ᠪᠠ ᠦᠷᠡᠵᠢᠯ ᠤᠨ ᠴᠢᠳᠠᠯ ᠭᠡᠮᠲᠦᠬᠦ ᠵᠡᠷᠭᠡ ᠢᠯᠡᠷᠡᠯ ᠭᠠᠷᠳᠠᠭ᠃ ᠬᠡᠷᠪᠡ ᠬᠤᠮᠵᠢᠮ ᠨᠢ ᠨᠡᠯᠢᠶᠡᠳ ᠶᠡᠭᠡ ᠪᠣᠯ ᠬᠦᠡᠭᠭᠡᠨ ᠰᠢᠭ ᠲᠤᠨᠢ ᠡᠷᠬᠡᠲᠡᠨ ᠨᠡᠬᠡᠳᠡᠰᠤ ᠨᠦᠭᠦᠳ ᠭᠡᠮᠲᠦᠵᠦ᠂ ᠬᠦᠨᠳᠤ ᠨᠢ ᠪᠣᠯ ᠴᠢᠮᠦᠭᠡᠨ ᠤ ᠮᠠᠶ᠋ᠢᠭ ᠤᠨ᠂ ᠬᠤᠳᠤᠭᠤᠳᠤ ᠭᠡᠳᠡᠰᠦᠨ ᠤ ᠮᠠᠶ᠋ᠢᠭ ᠤᠨ ᠪᠣᠯᠣᠨ ᠲᠠᠷᠢᠬᠢᠨ ᠤ ᠮᠠᠶ᠋ᠢᠭ ᠤᠨ ᠦᠬᠦᠭᠦᠯᠬᠦ ᠦᠢᠰᠭᠡᠯ ᠭᠠᠷᠳᠠᠭ᠃     1. ᠪᠡᠯᠬᠡ ᠶᠢᠨ ᠪᠣᠯᠴᠢᠷᠬᠠᠢ     ᠵᠠᠰᠠᠬ᠎ᠠ ᠬᠡᠷᠪᠡ ᠨᠢᠭᠡᠯᠨ ᠳᠡᠭᠡᠷ᠎ᠡ ᠪᠣᠶᠤ ᠣᠬᠤᠷ ᠬᠤᠭᠤᠴᠠᠭᠠᠨ ᠳᠤ 0.15Gy ᠶᠢᠨ ᠬᠤᠮᠵᠢᠮ ᠢ ᠬᠦᠷᠲᠡᠬᠦ ᠡᠰᠡᠭᠦᠯ᠎ᠡ ᠵᠢᠯ ᠪᠦᠷᠢ 0.4Gy ᠬᠤᠮᠵᠢᠮ ᠢᠶᠠᠷ ᠣᠯᠠᠨ ᠵᠢᠯ ᠰᠠᠴᠤᠷᠠᠭ ᠲᠤ ᠳᠤᠰᠬᠠᠭᠳᠠᠪᠠᠯ᠂ ᠦᠷ᠎ᠡ ᠶᠢᠨ ᠡᠰ ᠤᠨ ᠲᠤᠭ᠎ᠠ ᠨᠢ ᠪᠠᠭᠤᠷᠠᠭᠠᠳ᠂ ᠦᠷᠡᠵᠢᠯ ᠤᠨ ᠴᠢᠳᠠᠪᠤᠷᠢ ᠪᠠᠨ ᠲᠦᠷ ᠠᠯᠳᠠᠳᠠᠭ᠃ ᠬᠡᠷᠪᠡ ᠵᠠᠰᠠᠭ᠎ᠠ  ᠳᠤᠨᠢ ᠪᠠᠰᠨ ᠵᠣᠬᠢᠬᠤ ᠲᠣᠭᠠᠨ ᠤ ᠦᠷ᠎ᠡ ᠶᠢᠨ ᠭᠤᠣᠯ ᠡᠰ ᠦᠯᠡᠳᠡᠵᠦ ᠪᠠᠶᠢᠪᠠᠯ᠂ ᠦᠷᠡᠵᠢᠯ ᠤᠨ ᠴᠢᠳᠠᠪᠤᠷᠢ ᠨᠢ ᠠᠭᠠᠵᠢᠮ ᠢᠶᠠᠷ ᠰᠡᠷᠭᠦᠵᠦ ᠳᠡᠶᠢᠯᠦᠨ᠎ᠡ᠃ ᠬᠠᠷᠢᠨ ᠨᠢᠭᠡᠯᠨ ᠳᠡᠭᠡᠷ᠎ᠡ 3Gy~5Gy ᠶᠢᠨ ᠬᠤᠮᠵᠢᠮ ᠠᠴᠠ ᠬᠡᠲᠦᠷᠡᠬᠦ ᠪᠣᠶᠤ ᠵᠢᠯ ᠪᠦᠷᠢ 2Gy ᠶᠢᠨ ᠬᠤᠮᠵᠢᠮ ᠢᠶᠠᠷ ᠣᠯᠠᠨ ᠵᠢᠯ ᠳᠤᠰᠬᠠᠭᠳᠠᠪᠠᠯ ᠦᠷᠡᠵᠢᠯ ᠤᠨ ᠴᠢᠳᠠᠪᠤᠷᠢ ᠪᠠᠨ ᠦᠨᠢᠳᠡ ᠠᠯᠳᠠᠳᠠᠭ᠃    ᠦᠨᠳᠡᠭᠡᠪᠴᠢ ᠶᠢᠨ ᠬᠦᠷᠲᠡᠭᠰᠡᠨ ᠬᠤᠮᠵᠢᠮ ᠨᠢ 0.65Gy~1.5 Gy ᠶᠢ ᠬᠡᠲᠦᠷᠡᠬᠦ ᠦᠶᠡᠰ ᠲᠤ᠂ ᠦᠷᠡᠵᠢᠯ ᠤᠨ ᠴᠢᠳᠠᠪᠤᠷᠢ ᠪᠠᠨ ᠲᠦᠷ ᠠᠯᠳᠠᠳᠠᠭ᠃ ᠬᠤᠮᠵᠢᠮ ᠨᠢ 2Gy~3 Gy ᠠᠴᠠ ᠬᠡᠲᠦᠷᠡᠬᠦ ᠦᠭᠡᠢ ᠦᠶᠡᠰ ᠲᠤ᠂ ᠠᠮᠢᠳᠤ ᠦᠯᠡᠳᠡᠭᠰᠡᠨ ᠪᠣᠶᠢᠵᠢᠨ ᠪᠡᠶᠡᠵᠢᠵᠦ ᠭᠦᠢᠴᠡᠭᠡ ᠦᠭᠡᠢ ᠦᠨᠳᠡᠭᠡᠨ ᠡᠬᠡ ᠡᠰ ᠨᠢ ᠪᠠᠰᠨ ᠰᠡᠷᠭᠦᠵᠦ ᠴᠢᠳᠠᠳᠠᠭ ᠪᠣᠯᠪᠠᠴᠤ᠂ ᠡᠨᠡᠬᠦ ᠬᠡᠮᠵᠢᠭᠳᠡᠭᠦᠨ ᠠᠴᠠ ᠬᠡᠲᠦᠷᠡᠪᠡᠯ ᠦᠨᠢᠳᠠ ᠦᠷᠡᠵᠢᠯ ᠤᠨ ᠴᠢᠳᠠᠪᠤᠷᠢ ᠪᠠᠨ ᠠᠯᠳᠠᠳᠠᠭ᠃ ᠨᠢᠭᠡᠯᠨ ᠳᠡᠭᠡᠷ᠎ᠡ 2.5~6 Gy ᠶᠢᠨ ᠬᠤᠮᠵᠢᠮ ᠢ ᠬᠦᠷᠲᠡᠪᠡᠯ ᠦᠷᠡᠵᠢᠯ ᠤᠨ ᠴᠢᠳᠠᠪᠤᠷᠢ ᠪᠠᠨ ᠦᠨᠢᠳᠠ ᠠᠯᠳᠠᠨ᠎ᠠ᠃ ᠰᠠᠷ᠎ᠠ ᠶᠢᠨ ᠭᠬᠢᠷ ᠨᠢ ᠴᠡᠪᠡᠷᠵᠢᠬᠦ ᠰᠢᠬᠠᠭᠰᠠᠨ ᠡᠮᠡᠭᠲᠠᠶᠢᠴᠤᠳ ᠵᠢᠯ ᠪᠦᠷᠢ >0.2Gy ᠶᠢᠨ ᠬᠤᠮᠵᠢᠮ ᠢᠶᠠᠷ ᠣᠯᠠᠨ ᠵᠢᠯ ᠳᠤᠰᠬᠠᠭᠳᠠᠪᠠᠯ ᠲᠦᠷᠦᠬᠦ ᠦᠭᠡᠢ ᠪᠣᠯᠳᠠᠭ᠃     2. ᠴᠢᠰᠤ ᠪᠦᠲᠦᠭᠡᠬᠦ ᠰᠢᠰᠲ᠋ᠧᠮ      ᠴᠢᠰᠤ ᠪᠦᠲᠦᠭᠡᠬᠦ ᠰᠢᠰᠲ᠋ᠧᠮ ᠳᠠᠬᠢ ᠰᠠᠴᠤᠷᠠᠯ ᠤᠨ ᠭᠡᠮᠲᠦᠯ ᠨᠢ ᠭᠤᠣᠯᠳᠠᠭᠤ ᠴᠢᠰᠤ ᠪᠦᠲᠦᠭᠡᠬᠦ ᠭᠤᠣᠯ ᠡᠰ᠂ ᠡᠪᠦᠭᠡ ᠡᠰ ᠪᠠ ᠦᠷᠡᠵᠢᠯ ᠤᠨ ᠴᠢᠳᠠᠪᠤᠷᠢ ᠪᠦᠬᠦᠢ ᠴᠢᠮᠦᠭᠡᠨ ᠤ ᠨᠢᠯᠬ᠎ᠠ ᠡᠰ ᠲᠤ ᠡᠭᠦᠰᠳᠡᠭ᠃ ᠬᠡᠷᠪᠡ ᠬᠤᠮᠵᠢᠮ ᠨᠢ 1Gy ᠠᠴᠠ ᠬᠡᠲᠦᠷᠡᠪᠡᠯ᠂ ᠲᠤᠰᠬᠠᠭᠳᠠᠭᠰᠠᠨ ᠤ ᠰᠡᠭᠦᠯᠡᠷ 2~5 ᠭᠠᠷᠠᠭ ᠲᠤ ᠴᠢᠰᠤᠨ ᠤ ᠴᠠᠭᠠᠨ ᠡᠰ ᠤᠨ ᠲᠦᠪᠰᠢᠨ ᠨᠢ ᠪᠠᠭᠤᠷᠠᠭᠠᠳ ᠬᠠᠮᠤᠭ ᠳᠣᠣᠷ᠎ᠠ ᠪᠣᠯᠵᠦ᠂ ᠪᠠᠭᠤᠷᠠᠬᠤ ᠬᠤᠷᠳᠤᠴᠠ ᠨᠢ ᠬᠤᠮᠵᠢᠮ ᠤᠨ ᠨᠡᠮᠡᠭᠳᠡᠬᠦ ᠶᠢ ᠳᠠᠭᠠᠯᠳᠤᠨ ᠲᠦᠷᠭᠡᠰᠳᠡᠭ᠃ ᠴᠢᠰᠤᠨ ᠤ ᠵᠢᠵᠢᠭ ᠢᠯᠳᠠᠰᠤᠨ ᠲᠤᠭ᠎ᠠ ᠶᠢᠨ ᠪᠠᠭᠠᠰᠠᠯᠲᠠ ᠨᠢ ᠵᠢᠭᠠᠬᠠᠨ ᠠᠯᠭᠤᠷ ᠪᠠᠶᠢᠵᠦ᠂ ᠬᠠᠷᠢᠨ ᠴᠢᠰᠤᠨ ᠤ ᠤᠯᠠᠭᠠᠨ ᠡᠰ ᠤᠨ ᠲᠤᠭ᠎ᠠ ᠶᠢᠨ ᠪᠠᠭᠠᠰᠬᠤ ᠨᠢ ᠬᠠᠮᠤᠭ  ᠠᠴᠠ ᠤᠳᠠᠭᠠᠨ ᠪᠠᠶᠢᠳᠠᠭ᠃ ᠴᠢᠰᠤ ᠪᠦᠲᠦᠭᠡᠬᠦ ᠰᠢᠰᠲ᠋ᠧᠮ ᠳᠠᠬᠢ ᠰᠠᠴᠤᠷᠠᠯ ᠤᠨ ᠬᠤᠵᠢᠭᠤ ᠦᠢᠰᠭᠡᠯ ᠨᠢ ᠶᠡᠷᠦᠳᠡᠭᠡᠨ 3~8 ᠵᠢᠯ ᠪᠣᠶᠤ ᠨᠡᠩ ᠤᠷᠲᠤ ᠬᠤᠭᠤᠴᠠᠭ᠎ᠠ  ᠪᠣᠯᠤᠮᠠᠨᠵᠢᠨ ᠰᠠᠶ᠋ᠢ ᠢᠯᠡᠷᠡᠳᠡᠭ᠃ ᠵᠠᠷᠢᠮ ᠨᠢ ᠪᠠᠰᠨ ᠴᠢᠰᠤ ᠴᠠᠶᠢᠬᠤ ᠡᠪᠡᠳᠴᠢᠨ᠂ ᠴᠢᠰᠤ ᠲᠤᠳᠠᠬᠤ ᠪᠣᠶᠤ ᠶᠠᠰᠤ ᠰᠢᠷᠬᠡᠭᠵᠢᠬᠦ ᠵᠡᠷᠭᠡ ᠡᠪᠡᠳᠴᠢᠨ ᠡᠭᠦᠰᠳᠡᠭ᠃ ᠬᠤᠮᠵᠢᠮᠵᠢ Sv.a-1ᠤᠯᠠᠭᠠᠨ ᠴᠢᠮᠦᠭᠡ  ᠴᠢᠰᠤ ᠪᠦᠲᠦᠭᠡᠬᠦ ᠴᠢᠳᠠᠪᠤᠷᠢ ᠨᠢ ᠮᠠᠭᠤᠲᠠᠨ᠎ᠠᠴᠢᠰᠤ ᠪᠦᠲᠦᠭᠡᠬᠦ ᠴᠢᠳᠠᠪᠤᠷᠢ ᠶᠢᠨ ᠳᠠᠬᠢᠨ ᠪᠦᠲᠦᠬᠦ ᠬᠠᠷᠰᠢ  0.5  1.5 >0.4    >1.0     3. ᠨᠢᠳᠦᠨ ᠪᠣᠯᠣᠷ     ᠴᠠᠬᠢᠯᠭᠠᠨᠲᠠᠭᠤᠯᠬᠤ ᠰᠠᠴᠤᠷᠠᠯ ᠳᠤ ᠡᠲᠦᠭᠳᠡᠨ ᠨᠢᠳᠦᠨ ᠪᠣᠯᠣᠷ ᠪᠣᠯᠢᠩᠬᠢᠷᠲᠤᠬᠤ ᠶᠢ ᠶᠡᠷᠦᠩᠬᠡᠶᠢᠯᠡᠭᠡᠳ ᠰᠠᠴᠤᠷᠠᠭ ᠤᠨ ᠴᠠᠭᠠᠨ ᠴᠡᠴᠡᠭᠡᠢ ︵Radiation cataract︶ ᠭᠡᠳᠡᠭ᠃ ᠰᠠᠴᠤᠷᠠᠭ ᠤᠨ ᠴᠠᠭᠠᠨ ᠴᠡᠴᠡᠭᠡᠢ ᠪᠣᠯ   ᠬᠤᠵᠢᠭᠤ ᠡᠭᠦᠰᠬᠦ ᠦᠢᠰᠭᠡᠯ ᠤᠨ ᠨᠢᠭᠡ ᠨᠢ ᠪᠦᠭᠡᠳ ᠲᠤᠰᠬᠠᠭᠳᠠᠭᠰᠠᠨ ᠠᠴᠠ ᠠᠪᠤᠭᠠᠳ ᠪᠣᠯᠣᠷ ᠪᠡᠶᠡᠲᠤ ᠪᠣᠯᠢᠩᠬᠢᠷᠲᠤᠬᠤ ᠪᠣᠯᠳᠠᠯ᠎ᠠ ᠨᠢᠭᠡᠨ ᠨᠢᠭᠤᠭᠳᠠᠮᠠᠯ ᠬᠤᠭᠤᠴᠠᠭ᠎ᠠ ᠶᠢ ᠦᠡᠭᠭᠡᠷᠡᠭᠦᠯᠳᠡᠭ᠃ ᠲᠤᠰᠬᠠᠭᠳᠠᠭᠰᠠᠨ ᠬᠤᠮᠵᠢᠮ ᠨᠢ  ᠨᠢᠭᠤᠭᠳᠠᠮᠠᠯ ᠬᠤᠭᠤᠴᠠᠭ᠎ᠠ ᠲᠠᠢ ᠨᠢᠭᠲᠠ ᠬᠤᠯᠪᠤᠭ᠎ᠠ ᠲᠠᠢ ᠪᠠᠶᠢᠵᠦ᠂ ᠪᠠᠰᠨ ᠨᠠᠰᠤ ᠲᠠᠢ ᠬᠤᠯᠪᠤᠭᠳᠠᠳᠠᠭ᠃  ᠬᠤᠮᠵᠢᠮ ᠨᠢ ᠤᠯᠠᠮ ᠶᠡᠭᠡ᠂ ᠨᠠᠰᠤ ᠨᠢ ᠤᠯᠠᠮ ᠪᠠᠭ᠎ᠠ ᠪᠣᠯ ᠨᠢᠭᠤᠭᠳᠠᠮᠠᠯ ᠬᠤᠭᠤᠴᠠᠭ᠎ᠠ  ᠨᠢ ᠤᠯᠠᠮ ᠣᠬᠤᠷ ᠪᠠᠶᠢᠳᠠᠭ᠃ ᠨᠢᠭᠤᠭᠳᠠᠮᠠᠯ ᠬᠤᠭᠤᠴᠠᠭ᠎ᠠ ᠨᠢ ᠬᠠᠮᠤᠭ ᠣᠬᠤᠷ ᠨᠢ 9 ᠰᠠᠷ᠎ᠠ᠂ ᠬᠠᠮᠤᠭ ᠤᠷᠲᠤ ᠨᠢ 12 ᠵᠢᠯ᠂ ᠳᠤᠮᠳᠠᠴᠢ ᠪᠠᠷ 2~4 ᠵᠢᠯ ᠪᠠᠶᠢᠳᠠᠭ᠃ ᠳᠣᠣᠷ᠎ᠠ LET ᠰᠠᠴᠤᠷᠠᠯ ᠤᠨ ᠲᠤᠰᠬᠠᠯᠲᠠ ᠨᠢ ᠨᠢᠳᠦᠨ ᠪᠣᠯᠣᠷ ᠪᠣᠯᠢᠩᠬᠢᠷᠲᠤᠬᠤ ᠶᠢ ᠭᠦᠢᠴᠡᠳ ᠡᠲᠦᠬᠦ ᠴᠤᠯᠢᠩ ᠬᠤᠮᠵᠢᠮ ᠨᠢ 2Gy~10Gy ᠪᠠᠶᠢᠵᠦ᠂ ᠳᠡᠭᠡᠳᠤ LET ᠰᠠᠴᠤᠷᠠᠯ ᠪᠣᠯ 1Gy~2Gy ᠪᠠᠶᠢᠳᠠᠭ᠃ ᠤᠷᠲᠤ ᠬᠤᠭᠤᠴᠠᠭ᠎ᠠ ᠪᠠᠷ ᠠᠯᠭᠤᠷ ᠳᠤᠰᠬᠠᠭᠳᠠᠬᠤ ᠶᠢᠨ ᠴᠤᠯᠢᠩ ᠬᠤᠮᠵᠢᠮ ᠨᠢ ᠬᠠᠷᠠᠬᠠᠨ ᠨᠢᠭᠡᠲᠦᠯᠲᠠᠢ ᠲᠤᠭ᠎ᠠ ᠬᠡᠮᠵᠢᠭᠳᠡᠭᠦᠨ ᠪᠠᠶᠢᠬᠤ ᠦᠭᠡᠢ᠂ ᠭᠡᠪᠡᠴᠤ ᠳᠣᠣᠷ᠎ᠠ LET ᠰᠠᠴᠤᠷᠠᠯ ᠳᠤ ᠶᠡᠭᠡ ᠲᠦᠯᠦᠪ ᠵᠢᠯ ᠪᠦᠷᠢ 0.15Gy ᠶᠢ ᠬᠡᠲᠦᠷᠡᠳᠡᠭ᠃ᠨᠢᠳᠦᠨ ᠪᠣᠯᠣᠷ   ᠪᠠᠶᠢᠴᠠᠭᠠᠵᠦ ᠭᠠᠷᠬᠤ ᠪᠣᠯᠢᠩᠬᠢᠷᠲᠤᠯ    5.0 >0.1 >0.15ᠬᠠᠷᠠᠭᠠᠨ ᠤ ᠬᠠᠷᠰᠢ ︵ᠴᠠᠭᠠᠨ ᠴᠡᠴᠡᠭᠡᠢ︶ 0.5~2.0     4. ᠠᠷᠠᠰᠤᠨ ᠤ ᠦᠢᠰᠭᠡᠯ    ᠰᠠᠴᠤᠷᠠᠯ ᠨᠢ ᠠᠷᠠᠰᠤᠨ ᠳᠤ ᠴᠣᠯᠬᠤᠡᠭ ᠵᠡᠷᠭᠡ ᠮᠠᠭᠠᠳ ᠪᠤᠰᠤ ᠦᠢᠰᠭᠡᠯ ᠢ ᠡᠲᠦᠬᠦ ᠠᠴᠠ ᠭᠠᠳᠠᠨ᠎ᠠ᠂ ᠪᠠᠰᠨ ᠲᠦᠷᠭᠡᠨ ᠴᠢᠨᠠᠷᠲᠠᠢ ᠪᠣᠶᠤ ᠤᠵᠢᠭ ᠴᠢᠨᠠᠷᠲᠠᠢ ᠮᠠᠭᠠᠳ ᠪᠦᠬᠦᠢ ᠦᠢᠰᠭᠡᠯ ᠢ ᠴᠤ ᠡᠲᠦᠳᠡᠭ᠃ ᠨᠢᠭᠡᠨ ᠮᠠᠰᠢ ᠪᠠᠭ᠎ᠠ ᠬᠡᠪᠴᠢᠶᠡᠨ ᠤ ᠠᠷᠠᠰᠤᠨ ᠳᠡᠭᠡᠷ᠎ᠡ ᠳᠣᠩ ᠶᠡᠭᠡ ᠬᠤᠮᠵᠢᠮ ᠤᠨ ᠳᠤᠮᠳᠠ᠂ ᠳᠡᠭᠡᠳᠤ ᠡᠨᠧᠷᠬᠢᠲᠤ β ᠮᠦᠬᠦᠯᠢᠭ ᠪᠣᠯᠣᠨ ᠳᠣᠣᠷ᠎ᠠ ᠡᠨᠧᠷᠬᠢᠲᠤ γ ᠰᠠᠴᠤᠷᠠᠭ ᠳᠤᠰᠪᠠᠯ ᠠᠷᠠᠰᠤᠨ ᠤ ᠮᠠᠭᠠᠳ ᠪᠦᠬᠦᠢ ᠦᠢᠰᠭᠡᠯ ᠡᠭᠦᠰᠳᠡᠭ᠃ ᠠᠷᠠᠰᠤᠨ ᠤ ᠭᠠᠳᠠᠷ ᠬᠦᠷᠦᠰᠦᠨ ᠳᠤ ᠪᠣᠯ α ᠮᠦᠬᠦᠯᠢᠭ ᠴᠤ ᠮᠠᠭᠠᠳ ᠪᠦᠬᠦᠢ ᠦᠢᠰᠭᠡᠯ ᠢ ᠡᠲᠦᠨ᠎ᠡ᠃ ᠵᠣᠩᠬᠢᠯᠠᠬᠤ ᠬᠦᠨᠳᠤ ᠨᠣᠴᠢᠲᠠᠢ ᠦᠢᠰᠭᠡᠯ ᠨᠢ ᠭᠤᠣᠯᠳᠠᠭᠤ ᠠᠷᠠᠰᠤᠨ ᠤ 300μm~500μm  ᠲᠤ ᠡᠭᠦᠰᠳᠡᠭ᠃ ᠠᠷᠠᠰᠤᠨ ᠤ ᠦᠢᠰᠭᠡᠯ ᠨᠢ ᠰᠠᠴᠤᠷᠠᠭ ᠲᠤ ᠳᠤᠰᠬᠠᠭᠳᠠᠬᠤ ᠲᠠᠯᠠᠪᠠᠢ ᠶᠢᠨ ᠶᠡᠭᠡ ᠪᠠᠭ᠎ᠠ᠂ ᠰᠠᠴᠤᠷᠠᠯ ᠤᠨ ᠡᠨᠧᠷᠬᠢ᠂ ᠲᠤᠰᠬᠠᠯᠲᠠ ᠶᠢᠨ ᠵᠢᠭᠳᠡ ᠴᠢᠨᠠᠷ ᠪᠣᠯᠣᠨ ᠬᠤᠮᠵᠢᠮ ᠵᠡᠷᠭᠡ ᠲᠠᠢ ᠬᠤᠯᠪᠤᠭᠳᠠᠳᠠᠭ᠃      ︵1︶ ᠲᠦᠷᠭᠡᠨ ᠴᠢᠨᠠᠷᠲᠤ ᠦᠢᠰᠭᠡᠯ᠄ ᠬᠡᠷᠪᠡ ᠣᠬᠤᠷ ᠬᠤᠭᠤᠴᠠᠭᠠᠨ ᠳᠤ ᠨᠢᠭᠡᠯᠨ ᠳᠡᠭᠡᠷ᠎ᠡ 3Gy~5Gy ᠶᠢᠨ ᠰᠠᠴᠤᠷᠠᠭ ᠲᠤ ᠳᠤᠰᠬᠠᠭᠳᠠᠪᠠᠯ 3 ᠭᠠᠷᠠᠭ ᠤᠨ ᠳᠠᠷᠠᠭ᠎ᠠ ᠠᠷᠠᠰᠤᠨ ᠳᠤ ᠤᠯᠠᠭᠠᠨ ᠲᠣᠯᠪᠤ ᠰᠠᠭᠤᠬᠤ ᠪᠠ ᠬᠠᠭᠤᠷᠠᠶᠢᠲᠤᠨ ᠬᠠᠭᠵᠢᠷᠠᠳᠠᠭ᠃ 20Gy ᠠᠴᠠ ᠳᠡᠭᠡᠭᠰᠢ ᠳᠤᠰᠬᠠᠭᠳᠠᠪᠠᠯ ᠴᠢᠬᠢᠭᠲᠦᠨ ᠱᠠᠭᠠᠷᠠᠵᠦ᠂ 1 ᠰᠠᠷ᠎ᠠ ᠶᠢᠨ ᠳᠠᠷᠠᠭ᠎ᠠ ᠤᠰᠤᠨ ᠴᠦᠪᠦᠷᠢᠭᠦᠦ ᠭᠠᠷᠤᠨ᠎ᠠ᠃ ᠬᠡᠷᠪᠡ ᠬᠠᠯᠠᠭᠤᠨ ᠮᠦᠬᠦᠯᠢᠭ ᠲᠤ ᠳᠤᠰᠬᠠᠭᠳᠠᠪᠠᠯ ᠲᠦᠷᠭᠡᠨ ᠴᠢᠨᠠᠷᠲᠤ ᠠᠷᠠᠰᠤᠨ ᠤ ᠨᠤᠯᠲᠠᠷᠠᠯ ᠭᠠᠷᠳᠠᠭ᠃ 50Gy ᠠᠴᠠ ᠳᠡᠭᠡᠭᠰᠢᠬᠢ ᠬᠤᠮᠵᠢᠮ ᠢᠶᠠᠷ ᠳᠤᠰᠬᠠᠭᠳᠠᠪᠠᠯ ᠠᠷᠠᠰᠤᠨ ᠤ ᠨᠡᠬᠡᠳᠡᠰᠤ ᠦᠬᠦᠵᠢᠳᠡᠭ᠃     ︵2︶ ᠤᠳᠠᠭᠠᠨ ᠴᠢᠨᠠᠷᠲᠤ ᠦᠢᠰᠭᠡᠯ᠄ ᠶᠡᠭᠡ ᠲᠦᠯᠦᠪ 30Gy ~ 40Gy ᠶᠢᠨ ᠰᠠᠴᠤᠷᠠᠭ ᠲᠤ ᠳᠤᠰᠬᠠᠭᠳᠠᠪᠠᠯ ᠠᠷᠠᠰᠤ ᠬᠤᠷᠴᠢᠢᠳᠡᠭ᠃ ᠡᠨᠡ ᠨᠢ ᠭᠤᠣᠯᠳᠠᠭᠤ ᠳᠤᠮᠳᠠ ᠪᠣᠶᠤ ᠳᠡᠭᠡᠳᠤ ᠡᠨᠧᠷᠬᠢᠲᠤ β ᠰᠠᠴᠤᠷᠠᠯ ᠤᠨ ᠠᠯᠭᠤᠷ ᠳᠤᠰᠤᠯᠲᠠ ᠠᠴᠠ ᠡᠭᠦᠰᠳᠡᠭ ᠪᠦᠭᠡᠳ ᠬᠡᠷᠪᠡ ᠤᠯᠠᠨᠲᠠ ᠳᠤᠰᠬᠠᠭᠳᠠᠪᠠᠯ 5 ᠵᠢᠯ ᠤᠨ ᠳᠠᠷᠠᠭ᠎ᠠ ᠬᠢᠯᠠᠭᠠᠰᠤᠨ ᠰᠤᠳᠠᠯ ᠲᠡᠯᠡᠷᠡᠳᠡᠭ᠃ ᠬᠡᠷᠪᠡ ᠬᠤᠮᠵᠢᠮ ᠨᠢ ᠠᠷᠠᠰᠤᠨ ᠤ ᠲᠦᠷᠭᠡᠨ ᠴᠢᠨᠠᠷᠲᠤ ᠭᠡᠮᠲᠦᠯ ᠤᠨ ᠴᠤᠯᠢᠩ ᠬᠤᠮᠵᠢᠮ ᠠᠴᠠ ᠪᠠᠭ᠎ᠠ ᠪᠣᠯ ᠠᠷᠠᠰᠤ ᠡᠪᠡᠷᠰᠢᠳᠡᠭ᠃ ᠠᠷᠠᠰᠤᠨ ᠤ ᠰᠢᠷᠬᠠᠯᠠᠭ᠎ᠠ ᠪᠣᠯ ᠲᠤᠰᠬᠠᠭᠳᠠᠬᠤ ᠠᠴᠠ ᠰᠢᠭᠤᠳ ᠡᠲᠦᠭᠳᠡᠬᠦ ᠪᠣᠶᠤ ᠡᠰᠡᠭᠦᠯ᠎ᠡ ᠠᠷᠠᠰᠤ ᠬᠦᠷᠦᠰᠦ ᠨᠢ ᠰᠢᠯᠪᠤᠷᠠᠵᠦ ᠤᠯᠪᠤᠷᠠᠭᠠᠳ ᠬᠠᠯᠳᠠᠪᠤᠷᠢᠯᠠᠬᠤ ᠠᠴᠠ ᠪᠣᠯᠳᠠᠭ᠃ ᠭᠡᠪᠡᠴᠤ ᠬᠤᠮᠵᠢᠮ ᠨᠢ 250Gy ᠠᠴᠠ ᠪᠠᠭ᠎ᠠ ᠪᠣᠯ᠂ ᠰᠢᠷᠬᠠᠯᠠᠭ᠎ᠠ ᠨᠢ 1 ᠭᠠᠷᠠᠭ ᠪᠣᠯᠤᠯ ᠦᠭᠡᠢ ᠪᠠᠷ ᠠᠨᠢᠯᠳᠤᠳᠠᠭ᠃ ᠡᠨᠡᠬᠦ  ᠬᠤᠮᠵᠢᠮ ᠳᠤ ᠪᠠᠰᠨ ᠲᠣᠮᠤ ᠤᠯᠠᠭᠠᠨ ᠲᠣᠯᠪᠤ ᠰᠠᠭᠤᠳᠠᠭ᠃ ᠵᠠᠷᠢᠮ ᠨᠡᠩ ᠤᠳᠠᠭᠠᠨ ᠴᠢᠨᠠᠷᠲᠠᠢ ᠰᠢᠭ᠋ ᠰᠢᠷᠬᠠᠯᠠᠭ᠎ᠠ ᠶᠢᠨ ᠴᠤᠯᠢᠩ ᠬᠡᠮᠵᠢᠭᠳᠡᠭᠦᠨ ᠨᠢ ᠶᠡᠭᠡ ᠲᠦᠯᠦᠪ 1010  ᠮᠦᠬᠦᠯᠢᠭ ᠳᠠᠷᠤᠢ ᠰᠧᠺᠦ᠋ᠨ᠋ᠲ ᠪᠦᠷᠢ 1010Bq ᠬᠦᠷᠦᠨ᠎ᠡ᠃ ᠡᠶᠢᠮᠦᠷᠬᠦ ᠰᠠᠴᠤᠷᠠᠭ ᠬᠠᠷᠪᠤᠯᠲᠠ ᠶᠢᠨ ᠬᠡᠮᠵᠢᠶ᠎ᠡ ᠨᠢ ᠶᠡᠭᠡ ᠲᠦᠯᠦᠪ 5Gy ᠶᠢᠨ ᠬᠤᠮᠵᠢᠮ ᠲᠠᠢ ᠲᠡᠩᠴᠡᠨ᠎ᠡ᠃     5. ᠰᠢᠩᠭᠡᠭᠡᠯᠲᠡ ᠶᠢᠨ ᠰᠢᠰᠲ᠋ᠧᠮ    ᠰᠢᠩᠭᠡᠭᠡᠯᠲᠡ ᠶᠢᠨ ᠰᠢᠰᠲ᠋ᠧᠮ ᠴᠤ ᠪᠠᠰᠨ ᠰᠠᠴᠤᠷᠠᠯ ᠳᠤ ᠨᠡᠯᠢᠶᠡᠳ ᠰᠡᠷᠭᠡᠭ ᠨᠡᠬᠡᠳᠡᠰᠦᠨ ᠳᠤ ᠲᠣᠭᠠᠴᠢᠭᠳᠠᠬᠤ ᠪᠦᠭᠡᠳ ᠢᠯᠠᠩᠭᠤᠶ᠎ᠠ ᠨᠠᠷᠢᠨ ᠭᠡᠳᠡᠰᠦᠨ ᠤ ᠦᠡᠭᠭᠡᠨ ᠬᠠᠯᠢᠰᠤᠨ ᠤ ᠭᠤᠣᠯ ᠡᠰ ᠪᠠ ᠭᠡᠳᠡᠰᠦᠨ ᠤ ᠤᠡᠭᠬᠤᠯ ᠤᠨ ᠭᠤᠣᠯ ᠳᠤ ᠪᠠᠶᠢᠷᠢᠯᠡᠨ ᠦᠷᠡᠵᠢᠵᠦ ᠪᠠᠶᠢᠭ᠎ᠠ ᠡᠰ ᠨᠦᠭᠦᠳ ᠪᠣᠯ ᠪᠦᠷ ᠰᠠᠴᠤᠷᠠᠭ ᠲᠤ ᠬᠠᠮᠤᠭ  ᠠᠴᠠ ᠰᠡᠷᠭᠡᠭ ᠪᠠᠶᠢᠳᠠᠭ᠃ ᠨᠡᠯᠢᠶᠡᠳ ᠶᠡᠭᠡ ᠬᠤᠮᠵᠢᠮ ᠤᠨ ᠰᠠᠴᠤᠷᠠᠭ ᠲᠤ᠂ ᠨᠠᠷᠢᠨ ᠭᠡᠳᠡᠰᠦᠨ ᠤ ᠤᠡᠭᠬᠤᠯ ᠤᠨ ᠡᠰ ᠤᠨ ᠦᠷᠡᠵᠢᠯ ᠨᠢ ᠬᠤᠶᠢᠰᠢᠯᠠᠬᠤ ᠪᠠ ᠦᠬᠦᠳᠡᠭ  ᠠᠴᠠ ᠰᠠᠯᠢᠰᠤᠲᠤ ᠪᠦᠷᠬᠦᠪᠴᠢ ︵ᠨᠢᠯᠲᠠᠭ ᠪᠦᠷᠬᠦᠭᠦᠯ ︶ ᠶᠢᠨ ᠳᠣᠲᠤᠷᠠᠬᠢ ᠤᠡᠭᠬᠤᠯ ᠨᠢ ᠴᠦᠭᠡᠷᠡᠭᠡᠳ᠂ ᠨᠠᠷᠢᠨ ᠭᠡᠳᠡᠰᠦᠨ ᠤ ᠴᠠᠯᠮᠠᠨ ᠦᠰᠦᠨ ᠤ ᠬᠢᠨᠢ ᠦᠡᠭᠭᠡᠨ ᠡᠰ ᠲᠤᠲᠠᠭᠳᠠᠭᠰᠠᠨ ᠠᠴᠠ ᠪᠣᠯᠵᠦ ᠭᠡᠳᠡᠰᠦᠨ ᠤ ᠳᠣᠲᠤᠷ ᠬᠠᠨ᠎ᠠ ᠨᠢ ᠢᠯᠡᠷᠡᠳᠡᠭ᠃ ᠬᠦᠨᠳᠤ ᠨᠣᠴᠢᠲᠠᠢ ᠨᠢ ᠴᠢᠨᠠᠭᠰᠢᠯᠠᠪᠠᠯ ᠭᠡᠳᠡᠰᠦᠨ ᠤ ᠨᠢᠯᠲᠠᠭ ᠨᠢ ᠦᠬᠦᠵᠢᠭᠡᠳ ᠶᠡᠭᠡ ᠶᠡᠭᠡ ᠬᠡᠰᠡᠭ ᠢᠶᠠᠷ ᠰᠢᠯᠪᠤᠷᠠᠵᠦ ᠤᠨᠠᠳᠠᠭ᠃ ᠡᠭᠦᠨ ᠤ ᠤᠯᠠᠮ ᠠᠴᠠ ᠭᠡᠳᠡᠰᠦᠨ ᠳᠠᠬᠢ ᠪᠠᠺᠲ᠋ᠧᠷᠢ᠂ ᠬᠤᠣᠷᠲᠤ ᠡᠳ᠋ ᠪᠠ ᠡᠰ ᠤᠨ ᠵᠠᠳᠠᠷᠠᠯ ᠤᠨ ᠡᠳ᠋ ᠤᠳ ᠪᠦᠷ ᠪᠡᠶᠡᠨ  ᠳᠤ ᠣᠷᠤᠭᠠᠳ ᠴᠢᠰᠤ ᠪᠠᠺᠲ᠋ᠧᠷᠵᠢᠬᠤ ᠡᠪᠡᠳᠴᠢᠨ ᠪᠣᠶᠤ ᠴᠢᠰᠤ ᠬᠤᠣᠷᠳᠠᠬᠤ ᠡᠪᠡᠳᠴᠢᠨ ᠪᠣᠯᠳᠠᠭ᠃ ᠲᠦᠷᠦᠯᠬᠢ ᠬᠠᠯᠬᠠᠪᠴᠢ ᠪᠠᠨ ᠠᠯᠳᠠᠭᠰᠠᠨ ᠭᠡᠳᠡᠰᠦᠨ ᠤ  ᠪᠦᠭᠡᠯᠵᠢᠵᠦ ᠰᠠᠭᠤᠯᠭᠠᠬᠤ ᠵᠡᠷᠭᠡ ᠡᠪᠡᠳᠴᠢᠨ ᠡᠮᠬᠡᠭ ᠨᠢ ᠪᠠᠰᠨ ᠬᠦᠮᠦᠨ ᠤ ᠪᠡᠶ᠎ᠡ ᠶᠢᠨ ᠤᠰᠤ ᠪᠣᠯᠣᠨ ᠴᠠᠬᠢᠯᠭᠠᠨ ᠵᠠᠳᠠᠷᠠᠯ ᠤᠨ ᠪᠣᠳᠠᠰ ᠢ ᠶᠡᠭᠡ ᠬᠡᠮᠵᠢᠶ᠎ᠡ ᠪᠠᠷ ᠠᠯᠳᠠᠭᠤᠯᠳᠠᠭ ᠪᠠᠶᠢᠨ᠎ᠠ᠃ ᠡᠳᠡᠭᠡᠷ ᠨᠢ ᠪᠦᠷ ︿ᠭᠡᠳᠡᠰᠦᠨ ᠤ ᠮᠠᠶ᠋ᠢᠭ﹀ ᠤᠨ ᠰᠠᠴᠤᠷᠠᠭ ᠤᠨ ᠡᠪᠡᠳᠴᠢᠨ ᠢᠶᠠᠷ ᠦᠬᠦᠳᠡᠭ ᠤᠨ ᠰᠢᠯᠲᠠᠭᠠᠨ ᠨᠢ ᠮᠦᠨ᠃       ᠭᠤᠷᠪᠠ᠂ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ      ᠬᠦᠮᠦᠨ ᠤ ᠪᠡᠶ᠎ᠡ ᠨᠢᠭᠡᠯᠨ ᠤᠳᠠᠭ᠎ᠠ ᠳᠤ ᠪᠣᠶᠤ ᠡᠰᠡᠭᠦᠯ᠎ᠡ ᠬᠡᠳᠦᠨ ᠡᠳᠦᠷ ᠤᠨ ᠳᠣᠲᠤᠷ᠎ᠠ ᠨᠡᠯᠢᠶᠡᠳ ᠶᠡᠭᠡ ᠬᠤᠮᠵᠢᠮ ᠤᠨ ᠳᠤᠰᠬᠠᠯᠲᠠ ᠶᠢ ᠬᠦᠷᠲᠡᠭᠰᠡᠨ ᠤ ᠰᠡᠭᠦᠯᠡᠷ ᠢᠯᠡᠷᠡᠬᠦ ᠪᠦᠬᠦ ᠪᠡᠶ᠎ᠡ ᠶᠢᠨ ᠴᠢᠨᠠᠷᠲᠠᠢ ᠡᠪᠡᠳᠴᠢᠨ ᠡᠮᠬᠡᠭ ᠢ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠭᠡᠳᠡᠭ᠃ ᠬᠦᠷᠲᠡᠭᠰᠡᠨ ᠬᠤᠮᠵᠢᠮ᠂ ᠡᠮᠴᠢᠯᠡᠭᠡ  ᠶᠢᠨ ᠢᠯᠡᠷᠡᠯ᠂ ᠡᠪᠡᠳᠴᠢᠨ ᠤ ᠶᠠᠪᠤᠴᠠ᠂ ᠦᠬᠦᠬᠦ ᠴᠠᠭ ᠬᠤᠭᠤᠴᠠᠭ᠎ᠠ᠂ ᠡᠪᠡᠳᠴᠢᠨ ᠤ ᠵᠦᠢ ᠵᠢᠴᠢ ᠨᠡᠬᠡᠳᠡᠰᠤ ᠶᠢᠨ ᠤᠬᠠᠭᠠᠨ ᠤ ᠪᠠᠶᠢᠴᠠᠭᠠᠯᠲᠠ ᠶᠢᠨ ᠦᠷ᠎ᠡ ᠳ᠋ᠦᠡᠭ ᠵᠡᠷᠭᠡ ᠶᠢ ᠦᠨᠳᠦᠰᠦᠯᠡᠨ᠂ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠢ ᠴᠢᠮᠦᠭᠡᠨ ᠤ ᠮᠠᠶ᠋ᠢᠭ᠂ ᠭᠡᠳᠡᠰᠦᠨ ᠤ ᠮᠠᠶ᠋ᠢᠭ᠂ ᠲᠠᠷᠢᠬᠢᠨ ᠤ ᠮᠠᠶ᠋ᠢᠭ ᠭᠤᠷᠪᠠᠨ ᠲᠦᠷᠦᠯ  ᠳᠤ ᠠᠩᠬᠢᠯᠠᠳᠠᠭ᠃ ᠪᠠᠰᠨ ᠵᠠᠷᠢᠮ ᠨᠢ ᠬᠦᠷᠲᠡᠭᠰᠡᠨ ᠬᠤᠮᠵᠢᠮ ᠢᠶᠠᠷ ᠨᠢ 1Gy~10Gy ᠤ ᠬᠢᠨ ᠢ ᠴᠢᠮᠦᠭᠡᠨ ᠤ ᠮᠠᠶ᠋ᠢᠭ ᠤᠨ᠂ 10Gy~20Gy ᠤ ᠬᠢᠨ ᠢ ᠬᠤᠳᠤᠭᠤᠳᠣ ᠭᠡᠳᠡᠰᠦᠨ ᠤ ᠮᠠᠶ᠋ᠢᠭ ᠤᠨ᠂ 20Gy~50Gy ᠤ ᠬᠢᠨ ᠢ ᠵᠢᠷᠦᠬᠡ ᠰᠤᠳᠠᠯ ᠤᠨ ᠮᠠᠶ᠋ᠢᠭ ᠤᠨ ᠪᠣᠯᠣᠨ >50Gy  ᠤ ᠬᠢᠨ ᠢ ᠲᠠᠷᠢᠬᠢᠨ ᠤ ᠮᠠᠶ᠋ᠢᠭ ᠤᠨ  ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠭᠡᠵᠦ ᠠᠩᠬᠢᠯᠠᠬᠤ ᠴᠤ ᠪᠣᠢ᠃     1. ᠴᠢᠮᠦᠭᠡᠨ ᠤ ᠮᠠᠶ᠋ᠢᠭ ᠤᠨ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ    100cGy ~ 1000cGy ᠶᠢᠨ ᠬᠤᠮᠵᠢᠮ ᠤᠨ ᠰᠠᠴᠤᠷᠠᠭ ᠲᠤ ᠳᠤᠰᠬᠠᠭᠳᠠᠬᠤ ᠦᠶᠡᠰ ᠲᠤ ᠢᠯᠡᠷᠡᠬᠦ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠢ ᠴᠢᠮᠦᠭᠡᠨ ᠤ ᠮᠠᠶ᠋ᠢᠭ ᠤᠨ ᠡᠪᠡᠳᠴᠢᠨ ︵bone marrow type︶ ᠭᠡᠳᠡᠭ ᠪᠦᠭᠡᠳ ᠡᠪᠡᠳᠴᠢᠨ ᠤ ᠶᠠᠪᠤᠴᠠ ᠶᠢ ᠨᠢ ᠦᠨᠳᠦᠰᠦᠯᠡᠨ ᠪᠠᠰᠠ ᠬᠦᠡᠭᠭᠡᠨ᠂ ᠬᠦᠡᠭᠭᠡᠨ ᠰᠢᠭ᠂ ᠬᠦᠨᠳᠤ᠂ ᠣᠨᠴᠠ ᠬᠦᠨᠳᠤ ᠳᠦᠷᠪᠡᠨ ᠪᠠᠶᠢᠳᠠᠯ ᠳᠤ ᠠᠩᠬᠢᠯᠠᠳᠠᠭ᠃      ︵1︶ ᠬᠦᠡᠭᠭᠡᠨ ᠪᠠᠶᠢᠳᠠᠯ      ᠳᠤᠰᠬᠠᠭᠳᠠᠭᠰᠠᠨ ᠰᠠᠴᠤᠷᠠᠭ ᠤᠨ ᠳ᠋ᠠᠽᠸᠢ ᠭᠧᠷᠸᠢ ᠬᠤᠮᠵᠢᠮ ᠨᠢ 100 ᠳ᠋ᠠᠽᠸᠢ ᠭᠧᠷᠸᠢ ︵cGy︶ ~ 200cGy ᠶᠢᠨ ᠬᠤᠭᠤᠷᠣᠨᠳᠤ ᠪᠠᠶᠢᠬᠤ ᠦᠶᠡᠰ  ᠲᠤ᠂ ᠶᠡᠭᠡ ᠲᠦᠯᠦᠪ 1/3 ᠶᠢᠨ ᠬᠦᠮᠦᠰ ᠪᠠᠷᠤᠭ ᠡᠪᠡᠳᠴᠢᠨ ᠤ ᠢᠯᠡᠷᠬᠡᠢ ᠰᠢᠨᠵᠢ ᠳᠡᠮᠳᠡᠭ ᠭᠠᠷᠳᠠᠭ ᠦᠭᠡᠢ᠃ ᠲᠦᠷᠦᠭᠦᠦ ᠬᠡᠳᠦᠨ ᠡᠳᠦᠷ ᠲᠤᠨᠢ ᠪᠡᠶ᠎ᠡ ᠨᠢ ᠠᠯᠵᠠᠭᠤᠷᠠᠨ ᠶᠠᠳᠠᠩᠭᠤᠶᠢᠷᠠᠵᠦ ᠰᠤᠯᠳᠠᠶᠢᠵᠦ ᠲᠠᠮᠢᠷᠳᠠᠭᠠᠳ᠂ ᠲᠣᠯᠤᠭᠠᠢ ᠨᠢ ᠳ᠋ᠦᠡᠭᠰᠦᠶᠢᠨ ᠳᠤᠷ᠎ᠠ ᠪᠣᠯᠭᠢᠬᠤ ᠪᠣᠯᠣᠨ ᠢᠳᠡᠭᠡᠨ ᠳᠤ ᠲᠤᠷ᠎ᠠ ᠪᠠᠷ ᠮᠠᠭᠤ ᠵᠡᠷᠭᠡ ᠢᠯᠡᠷᠡᠯ ᠭᠠᠷᠤᠨ᠎ᠠ᠃ ᠵᠠᠷᠢᠮ ᠬᠦᠮᠦᠰ ᠤᠨ ᠴᠢᠰᠤᠨ ᠤ ᠴᠠᠭᠠᠨ ᠡᠰ ᠤᠨ ᠲᠤᠭ᠎ᠠ ᠨᠢ 1~2 ᠡᠳᠦᠷ ᠤᠨ ᠳᠣᠲᠤᠷ᠎ᠠ ᠨᠡᠮᠡᠭᠳᠡᠭᠡᠳ ᠯᠢᠲᠷ ︵L︶ ᠪᠦᠷᠢ ᠳᠤ 10×109 ᠤᠨ ᠨᠠᠭᠠᠨ᠎ᠠ ᠴᠠᠭᠠᠨ᠎ᠠ  ᠬᠦᠷᠴᠤ᠂ ᠰᠡᠭᠦᠯᠡᠷ ᠨᠢ ᠢᠳᠡᠭ ᠢᠳᠡᠭ ᠢᠶᠠᠷ ᠪᠠᠭᠤᠷᠠᠨ᠂ 30 ᠡᠳᠦᠷ ᠤᠨ ᠤᠷᠢᠳᠠᠭᠤᠷ ᠬᠤᠶᠢᠭᠤᠷ 3×109/L ~ 4×109/L ᠪᠣᠯᠣᠨ ᠳᠣᠷᠣᠭᠰᠢᠯᠠᠭᠠᠳ᠂ ᠰᠡᠭᠦᠯᠡᠷ ᠨᠢ ᠳᠠᠬᠢᠨ ᠠᠭᠠᠵᠢᠮ ᠢᠶᠠᠷ ᠨᠡᠮᠡᠭᠳᠡᠭᠡᠳ ᠬᠡᠪ ᠤᠨ ᠪᠠᠶᠢᠳᠠᠯ ᠳᠠᠭᠠᠨ ᠣᠶᠢᠷᠠᠲᠤᠬᠤ ᠪᠣᠶᠤ ᠲᠡᠷᠨ ᠣᠷᠴᠢᠮ ᠢᠶᠠᠷ ᠨᠡᠮᠡᠭᠳᠡᠵᠦ ᠬᠠᠰᠤᠭᠳᠠᠳᠠᠭ ᠪᠠᠶᠢᠨ᠎ᠠ᠃ 1 ~ 3 ᠡᠳᠦᠷ ᠤᠨ ᠳᠣᠲᠤᠷ᠎ᠠ ᠯᠢᠮᠹ ᠤᠨ ᠡᠰ ᠤᠨ ᠬᠠᠷᠢᠴᠠᠯᠠᠰᠢ ᠦᠭᠡᠢ ᠬᠡᠮᠵᠢᠭᠳᠡᠭᠦᠨ ᠨᠢ 1×109/L ᠠᠴᠠ ᠳᠣᠣᠷ᠎ᠠ ᠪᠣᠯᠳᠠᠭ ᠦᠭᠡᠢ᠃ ᠴᠢᠰᠤᠨ ᠤ ᠢᠯᠳᠠᠰᠤ ᠪᠣᠯᠣᠨ ᠤᠯᠠᠭᠠᠨ ᠡᠰ ᠤᠨ ᠲᠣᠭᠠᠨ ᠤ ᠬᠤᠪᠢᠷᠠᠯᠲᠠ ᠨᠢ ᠬᠠᠷᠢᠨ ᠲᠡᠶᠢᠮᠦ ᠢᠯᠡᠷᠡᠬᠡᠢ ᠪᠤᠰᠤ᠃ 50 ~ 60 ᠡᠳᠦᠷ ᠤᠨ ᠰᠡᠭᠦᠯᠡᠷ ᠴᠢᠰᠤᠨ ᠤ ᠵᠢᠷᠤᠭ ᠨᠢ ᠢᠳᠡᠭ ᠢᠳᠡᠭ ᠢᠶᠠᠷ ᠬᠡᠪ ᠤᠨ ᠪᠠᠶᠢᠳᠠᠯ ᠳᠠᠭᠠᠨ ᠣᠷᠣᠳᠠᠭ᠂ ᠶᠡᠷᠦᠩᠬᠡᠢ ᠳᠤᠨᠢ ᠠᠪᠴᠤ ᠬᠡᠯᠡᠪᠡᠯ ᠠᠮᠢ ᠨᠠᠰᠤᠨ ᠳᠤᠨᠢ ᠠᠶᠤᠯ ᠪᠣᠯᠳᠠᠭ ᠦᠭᠡᠢ᠃      ︵2︶  ᠬᠦᠡᠭᠭᠡᠨ ᠰᠢᠭ ᠪᠠᠶᠢᠳᠠᠯ    ᠬᠦᠷᠲᠡᠭᠰᠡᠨ ᠬᠤᠮᠵᠢᠮ ᠨᠢ 200cGy ~ 400cGy ᠪᠣᠯᠪᠠᠯ᠂ ᠲᠦᠷᠭᠡᠨ ᠴᠢᠨᠠᠷᠲᠤ  ᠰᠠᠴᠤᠷᠠᠭ ᠤᠨ ᠡᠪᠡᠳᠴᠢᠨ ᠤ ᠨᠡᠶᠢᠲᠡᠯᠢᠭ ᠢᠯᠡᠷᠡᠯ ᠪᠦᠷ ᠭᠠᠷᠴᠤ᠂ ᠡᠪᠡᠳᠴᠢᠨ ᠤ ᠶᠠᠪᠤᠴᠠ ᠨᠢ ᠡᠬᠢᠨ ᠤ ᠬᠤᠭᠤᠴᠠᠭ᠎ᠠ᠂  ᠬᠠᠭᠤᠷᠮᠠᠭ ᠢᠯᠡᠷᠡᠶᠢᠰᠢᠬᠦ ᠬᠤᠭᠤᠴᠠᠭ᠎ᠠ᠂ ᠬᠦᠨᠳᠤ ᠬᠤᠭᠤᠴᠠᠭ᠎ᠠ ᠪᠣᠯᠣᠨ ᠲᠡᠩᠬᠡᠷᠡᠬᠦ ᠬᠤᠭᠤᠴᠠᠭ᠎ᠠ ᠶᠢᠨ ᠢᠯᠡᠷᠬᠡᠢ ᠳᠦᠷᠪᠡᠨ ᠱᠠᠲᠤ ᠦᠶ᠎ᠡ ᠶᠢ ᠦᠡᠭᠭᠡᠷᠡᠭᠡᠳᠡᠭ᠃       A. ᠡᠬᠢᠨ ᠤ ᠬᠤᠭᠤᠴᠠᠭ᠎ᠠ᠄ ᠶᠡᠷᠦᠳᠡᠭᠡᠨ 4 ~ 5 ᠡᠳᠦᠷ ᠦᠷᠬᠦᠯᠵᠢᠯᠡᠵᠦ᠂ ᠳᠤᠰᠬᠠᠭᠳᠠᠭᠰᠠᠨ ᠤ ᠳᠠᠷᠠᠭ᠎ᠠ ᠬᠡᠳᠦᠨ ᠴᠠᠭ ᠤᠨ ᠳᠣᠲᠤᠷ᠎ᠠ ᠶᠠᠳᠠᠩᠭᠤᠶᠢᠷᠠᠨ ᠰᠤᠯᠲᠠᠶᠢᠵᠦ᠂ ᠢᠳᠡᠰᠢᠨ ᠳᠤ ᠲᠤᠷ᠎ᠠ ᠦᠭᠡᠢ ᠪᠣᠯᠬᠤ ᠪᠠ  ᠲᠣᠲᠤᠷ᠎ᠠ ᠭᠤᠪᠢᠨ ᠪᠦᠭᠡᠯᠵᠢᠬᠦ ᠪᠠᠷ ᠭᠤᠣᠯᠯᠠᠨ᠂ ᠲᠣᠯᠤᠭᠠᠢ ᠳ᠋ᠦᠡᠭᠰᠦᠶᠢᠨ ᠡᠪᠡᠳᠬᠦ᠂ ᠨᠣᠶᠢᠷ ᠬᠤᠯᠵᠢᠵᠦ ᠪᠠᠴᠢᠮᠳᠠᠨ ᠰᠠᠮᠠᠭᠠᠷᠳᠠᠵᠦ ᠰᠠᠭᠤᠭᠠᠳ ᠰᠠᠭᠤᠷᠢ ᠦᠭᠡᠢ ᠪᠣᠯᠳᠠᠭ᠃ ᠪᠠᠰᠨ‌ᠵᠢᠷᠦᠬᠡ ᠴᠡᠴᠡᠷᠡᠨ ᠲᠦᠭᠰᠢᠵᠦ᠂ ᠬᠦᠯᠦᠰᠤ ᠭᠠᠷᠤᠨ᠂ ᠵᠡᠭᠦᠳᠤ ᠣᠯᠠᠰᠢᠷᠠᠨ᠂ ᠬᠠᠯᠠᠭᠤᠴᠠᠬᠤ ᠮᠡᠲᠤ ᠰᠠᠨᠠᠭᠳᠠᠵᠦ᠂ ᠪᠡᠶ᠎ᠡ ᠨᠢ ᠬᠠᠯᠠᠭᠤᠷᠠᠭᠠᠳ 38 ᠭᠷᠠᠳᠦ᠋ᠰ ︵℃︶ ᠶᠢᠨ ᠨᠠᠭᠠᠭᠤᠷ ᠴᠠᠭᠠᠭᠤᠷ ᠪᠣᠯᠬᠤ ᠪᠠ ᠳᠠᠭᠠᠷᠠᠳᠠᠰᠤ ᠬᠦᠷᠬᠦ ᠮᠡᠲᠤ ᠵᠡᠷᠭᠡ ᠢᠯᠡᠷᠡᠯ ᠭᠠᠷᠳᠠᠭ᠃ ᠪᠦᠭᠡᠯᠵᠢᠬᠦ ᠨᠢ ᠶᠡᠷᠦᠳᠡᠭᠡᠨ 1 ᠡᠳᠦᠷ ᠦᠷᠬᠦᠯᠵᠢᠯᠡᠵᠦ᠂ ᠳᠤᠷ᠎ᠠ ᠪᠣᠯᠭᠢᠬᠤ ᠪᠣᠯᠣᠨ ᠬᠤᠭᠤᠯᠠᠨ ᠳᠤ ᠳᠤᠷ᠎ᠠ ᠦᠭᠡᠢ ᠪᠣᠯᠬᠤ ᠨᠢ 1~3 ᠬᠢᠷᠢᠲᠠᠢ ᠦᠷᠭᠦᠯᠵᠢᠯᠡᠳᠡᠭ᠃ ᠡᠭᠦᠨ ᠤ ᠬᠠᠮᠲᠤ ᠪᠠᠰᠨ ᠤᠷᠤᠭᠤᠯ ᠠᠮᠨ ᠨᠢ ᠬᠠᠪᠤᠩᠨᠠᠬᠤ᠂ ᠠᠷᠠᠰᠤ ᠬᠦᠷᠦᠰᠤ ᠨᠢ ᠤᠯᠠᠶᠢᠬᠤ᠂ ᠨᠢᠳᠦᠨ ᠤ ᠰᠠᠯᠢᠰᠤᠲᠤ ᠪᠦᠷᠬᠦᠪᠴᠢ ᠳᠤᠨᠢ ᠴᠢᠰᠤ ᠬᠤᠷᠠᠬᠤ᠂ ᠲᠦᠭᠦᠰᠢ ᠨᠢ ᠬᠠᠪᠤᠳᠤᠭᠠᠳ ᠡᠪᠡᠳᠳᠡᠭ᠃ ᠬᠡᠳᠦᠨ ᠴᠠᠭ ᠠᠴᠠ 1 ᠡᠳᠦᠷ ᠤᠨ ᠳᠣᠲᠤᠷ᠎ᠠ ᠴᠢᠰᠤᠨ ᠤ ᠴᠠᠭᠠᠨ ᠡᠰ ᠤᠨ ᠲᠤᠭ᠎ᠠ ᠨᠢ ᠨᠡᠮᠡᠭᠳᠡᠭᠡᠳ 10×109/L  ᠠᠴᠠ ᠳᠡᠭᠡᠭᠰᠢ ᠪᠣᠯᠬᠤ ᠪᠣᠶᠤ ᠡᠰᠡᠭᠦᠯ᠎ᠡ ᠵᠦᠪᠬᠡᠨ ᠵᠢᠭᠠᠬᠠᠨ ᠴᠦᠬᠡᠷᠡᠳᠡᠭ᠃     B. ᠬᠠᠭᠤᠷᠮᠠᠭ ᠢᠯᠡᠷᠡᠶᠢᠰᠢᠬᠦ ᠬᠤᠭᠤᠴᠠᠭ᠎ᠠ᠄  ᠪᠠᠷᠤᠭ 20~30 ᠡᠳᠦᠷ ᠦᠷᠬᠦᠯᠵᠢᠯᠡᠨ᠂ ᠪᠡᠶ᠎ᠡ ᠵᠢᠭᠠᠬᠠᠨ ᠶᠠᠳᠠᠩᠭᠤᠶᠢᠷᠠᠨ ᠰᠤᠯᠳᠠᠶᠢᠬᠤ ᠠᠴᠠ ᠭᠠᠳᠠᠨ᠎ᠠ᠂ ᠪᠤᠰᠤᠳ ᠢᠯᠡᠷᠡᠯ ᠨᠢ ᠪᠦᠷ ᠢᠯᠡᠦᠲᠡ ᠬᠦᠡᠭᠭᠡᠷᠡᠬᠦ ᠪᠣᠶᠤ ᠠᠷᠢᠯᠤᠨ᠂ ᠴᠤᠭ ᠰᠦᠯᠳᠠ ᠣᠷᠤᠭᠠᠳ ᠬᠤᠭᠤᠯᠠᠨ ᠳᠤᠷᠠᠰᠢᠯ ᠨᠢ ᠬᠡᠪ ᠤᠨ ᠪᠠᠶᠢᠳᠠᠯ ᠳᠠᠭᠠᠨ ᠣᠷᠤᠳᠠᠭ᠃ 7~12 ᠡᠳᠦᠷ ᠲᠤ ᠴᠢᠰᠤᠨ ᠤ ᠴᠠᠭᠠᠨ ᠡᠰ ᠤᠨ ᠲᠤᠭ᠎ᠠ ᠨᠢ ᠪᠠᠭᠤᠷᠠᠭᠠᠳ ᠬᠠᠮᠤᠭ ᠳᠣᠣᠷ᠎ᠠ ᠪᠣᠯᠵᠦ᠂ ᠰᠡᠭᠦᠯᠡᠷ ᠨᠢ ᠳᠠᠬᠢᠨ ᠲᠦᠷ ᠴᠠᠭ ᠨᠡᠮᠡᠭᠳᠡᠳᠡᠭ᠃ 14 ᠳ᠋ᠤᠭᠡᠷ ᠡᠳᠦᠷ ᠪᠣᠯᠬᠤ ᠳᠤ ᠴᠢᠰᠤᠨ ᠤ ᠢᠯᠳᠠᠰᠤ ᠶᠢᠨ ᠲᠤᠭ᠎ᠠ ᠨᠢ ᠪᠠᠭᠤᠷᠠᠭᠠᠳ 60×109/L ᠠᠴᠠ ᠳᠣᠷᠣᠭᠰᠢ ᠪᠣᠯᠳᠠᠭ᠃ ᠬᠠᠷᠢᠨ ᠤᠯᠠᠭᠠᠨ ᠡᠰ ᠨᠢ ᠲᠡᠶᠢᠮᠦ ᠢᠯᠡᠷᠬᠡᠢ ᠬᠤᠪᠢᠷᠠᠯᠲᠠ ᠭᠠᠷᠳᠠᠭ ᠦᠭᠡᠢ᠃ ᠪᠠᠰᠨ ᠭᠡᠵᠢᠭᠡ ᠦᠰᠦ ᠨᠢ ᠤᠨᠠᠬᠤ ᠪᠦᠭᠡᠳ ᠲᠦᠷᠦᠭᠦᠦ 1~2 ᠡᠳᠦᠷ ᠲᠤ ᠲᠣᠯᠤᠭᠠᠢ ᠶᠢᠨ ᠠᠷᠠᠰᠤ ᠨᠢ ᠴᠢᠨᠦᠷᠡᠵᠦ ᠡᠪᠡᠳᠳᠡᠭ᠃       C. ᠬᠦᠨᠳᠤ ᠬᠤᠭᠤᠴᠠᠭ᠎ᠠ᠄ ᠪᠠᠷᠤᠭ 18~34 ᠡᠳᠦᠷ ᠦᠷᠬᠦᠯᠵᠢᠯᠡᠵᠦ᠂ ᠴᠠᠭᠠᠨ ᠡᠰ ᠤᠨ ᠲᠤᠭ᠎ᠠ ᠨᠢ ᠪᠠᠭᠤᠷᠠᠭᠠᠳ 2×109/L ᠤᠨ ᠨᠠᠭᠠᠭᠤᠷ ᠴᠠᠭᠠᠭᠤᠷ ᠪᠣᠯᠵᠦ᠂ ᠤᠯᠠᠭᠠᠨ ᠡᠰ ᠤᠨ ᠲᠤᠭ᠎ᠠ ᠨᠢ ᠴᠤ ᠵᠢᠭᠠᠬᠠᠨ ᠪᠠᠭᠤᠷᠠᠳᠠᠭ᠃ ᠡᠨᠡ ᠦᠶ᠎ᠡ ᠳᠤ ᠤᠷᠢᠳᠠᠪᠡᠷ ᠠᠮᠨ ᠬᠤᠭᠤᠯᠠᠢ᠂ ᠳᠠᠷᠠᠭ᠎ᠠ ᠨᠢ ᠠᠭᠤᠰᠬᠢ᠂ ᠵᠠᠯᠭᠠᠭᠠᠳ ᠰᠢᠭᠡᠰᠦᠨ ᠵᠠᠮ᠂ ᠰᠠᠮᠰᠢᠭᠤ ᠴᠢᠨᠠᠭᠰᠢᠯᠠᠪᠠᠯ ᠪᠦᠬᠦ ᠪᠡᠶ᠎ᠡ ᠦᠷᠪᠢᠰᠦᠨ ᠬᠠᠯᠳᠠᠪᠤᠷᠢᠯᠠᠨ᠎ᠠ᠃ ᠴᠢᠰᠤᠨ ᠢᠯᠳᠠᠰᠤ ᠶᠢᠨ ᠲᠤᠭ᠎ᠠ ᠨᠢ ᠪᠠᠭᠤᠷᠠᠭᠠᠳ 20×109/L ᠠᠴᠠ ᠳᠣᠷᠣᠭᠰᠢ ᠪᠣᠯᠬᠤ ᠦᠶᠡᠰ ᠲᠤ ᠬᠠᠮᠠᠷ ᠠᠴᠠ ᠴᠢᠰᠤ ᠭᠠᠷᠬᠤ᠂ ᠴᠢᠰᠤ ᠲᠠᠢ ᠰᠢᠭᠡᠬᠦ ᠪᠣᠶᠤ ᠪᠠᠭᠠᠬᠤ᠂ ᠴᠢᠰᠤ ᠲᠠᠢ ᠬᠠᠨᠢᠶᠠᠬᠤ᠂ ᠴᠢᠰᠤ ᠪᠠᠷ ᠪᠦᠭᠡᠯᠵᠢᠬᠦ᠂ ᠬᠡᠪᠲᠡᠰᠢᠨ ᠠᠴᠠ ᠴᠢᠰᠤ ᠭᠠᠷᠴᠤ᠂ ᠡᠭᠦᠨ ᠤ ᠤᠯᠠᠮ ᠠᠴᠠ ᠠᠭᠤᠰᠬᠢ᠂ ᠬᠠᠷ᠎ᠠ᠂ᠪᠦᠭᠡᠷ᠎ᠡ ᠶᠢᠨ ᠳᠡᠭᠡᠷᠡᠬᠢ ᠪᠣᠯᠴᠢᠷᠬᠠᠢ᠂ ᠵᠢᠷᠦᠬᠡᠨ ᠪᠣᠯᠴᠢᠩ᠂ ᠲᠠᠷᠢᠬᠢᠨ  ᠳᠤ ᠴᠢᠰᠤ ᠬᠠᠷᠪᠤᠬᠤ ᠵᠡᠷᠭᠡ ᠡᠪᠡᠳᠴᠢᠨ ᠡᠮᠬᠡᠭ ᠢ ᠡᠭᠦᠰᠭᠡᠳᠡᠭ᠃ ᠪᠠᠰᠨ ᠪᠣᠬᠢᠨᠢᠳᠤᠨ ᠪᠠᠴᠢᠮᠳᠠᠬᠤ᠂ ᠳᠤᠷᠠᠮᠵᠢᠬᠠᠨ ᠪᠣᠶᠤ ᠪᠦᠦᠷ ᠲᠦᠦᠷ ᠪᠣᠯᠬᠤ᠂ ᠪᠡᠶ᠎ᠡ ᠨᠢ ᠰᠢᠭᠤᠷᠠᠬᠤ ︵ᠬᠦᠨᠳᠤ ᠨᠢ ᠪᠠᠭᠤᠷᠠᠬᠤ︶᠂ ᠪᠡᠶ᠎ᠡ ᠶᠢᠨ ᠤᠰᠤ ᠠᠯᠳᠠᠭᠳᠠᠬᠤ ᠪᠠᠶᠢᠳᠠᠯ ᠭᠠᠷᠳᠠᠭ᠃     D. ᠲᠡᠩᠬᠡᠷᠡᠬᠦ ᠬᠤᠭᠤᠴᠠᠭ᠎ᠠ᠄ ᠬᠦᠨᠳᠤ ᠴᠢᠮᠦᠭᠡᠨ ᠮᠠᠶ᠋ᠢᠭ ᠤᠨ ᠰᠠᠴᠤᠷᠠᠭ ᠤᠨ ᠡᠪᠡᠳᠴᠢᠨ ᠳᠤ ᠬᠠᠮ ᠵᠠᠰᠠᠯᠭ᠎ᠠ ᠬᠢᠪᠡᠯ ᠳᠤᠰᠬᠠᠭᠳᠠᠭᠰᠠᠨ ᠤ ᠰᠡᠭᠦᠯᠡᠷ 5~7 ᠭᠠᠷᠠᠭ ᠠᠴᠠ ᠡᠬᠢᠯᠡᠨ ᠢᠯᠡᠷᠡᠶᠢᠰᠢᠵᠦ᠂ 50 ~ 60 ᠡᠳᠦᠷ ᠲᠤ ᠴᠠᠭᠠᠨ ᠡᠰ ᠤᠨ ᠲᠤᠭ᠎ᠠ ᠨᠢ ᠰᠡᠷᠭᠦᠭᠡᠳ 5×109/L ᠤᠨ ᠨᠠᠭᠠᠭᠤᠷ ᠴᠠᠭᠠᠭᠤᠷ ᠪᠣᠯᠵᠦ᠂ ᠴᠢᠰᠤᠨ ᠢᠯᠳᠠᠰᠤ ᠶᠢᠨ ᠲᠤᠭ᠎ᠠ ᠨᠢ ᠴᠤ ᠦᠨᠳᠦᠰᠦᠨ ᠳᠡᠭᠡᠨ ᠬᠡᠪ ᠤᠨ ᠪᠣᠯᠳᠠᠭ᠃ ᠪᠡᠶ᠎ᠡ ᠶᠢᠨ ᠬᠠᠯᠠᠭᠤᠨ ᠨᠢ ᠠᠭᠠᠵᠢᠮ ᠢᠶᠠᠷ ᠬᠡᠪ ᠤᠨ ᠪᠠᠶᠢᠳᠠᠯ ᠳᠠᠭᠠᠨ ᠣᠷᠤᠵᠦ᠂ ᠴᠢᠰᠤ ᠭᠠᠷᠬᠤ ᠨᠢ ᠵᠣᠭᠰᠤᠭᠠᠳ ᠪᠡᠶ᠎ᠡ ᠶᠢᠨ ᠬᠦᠨᠳᠤ ᠨᠢ ᠴᠤ ᠠᠯᠭᠤᠷ ᠢᠶᠠᠷ ᠨᠡᠮᠡᠭᠳᠡᠳᠡᠭ᠃ 2 ᠰᠠᠷ᠎ᠠ ᠶᠢᠨ ᠳᠠᠷᠠᠭ᠎ᠠ ᠭᠡᠵᠢᠭᠡ ᠦᠰᠤ ᠨᠢ ᠡᠬᠢᠯᠡᠨ ᠤᠷᠭᠤᠵᠦ᠂ 2 ~ 4 ᠰᠠᠷ᠎ᠠ ᠳᠤ ᠦᠯᠦ ᠬᠠᠯᠳᠠᠭᠠᠬᠤ ᠴᠢᠳᠠᠪᠤᠷᠢ ᠪᠠᠨ ᠦᠨᠳᠦᠰᠦᠨ ᠳᠡᠭᠡᠨ ᠰᠡᠷᠭᠦᠭᠡᠳᠡᠭ᠃ ᠦᠷ᠎ᠡ ᠶᠢᠨ ᠰᠢᠩᠭᠡᠨ ᠨᠢ 1 ᠵᠢᠯ ᠤᠨ ᠳᠠᠷᠠᠭ᠎ᠠ ᠠᠴᠠ ᠡᠬᠢᠯᠡᠨ ᠰᠡᠷᠭᠦᠵᠦ᠂ 2 ᠵᠢᠯ ᠤᠨ ᠰᠡᠭᠦᠯᠡᠷ ᠦᠷᠡᠵᠢᠯ ᠤᠨ ᠴᠢᠳᠠᠪᠤᠷᠢ ᠨᠢ ᠰᠡᠷᠭᠦᠵᠦ ᠪᠣᠯᠣᠨ᠎ᠠ᠃ ᠬᠡᠷᠪᠡ  600cGy ᠲᠤᠰᠬᠠᠭᠲᠠᠭᠰᠠᠨ ᠪᠣᠯ ᠦᠷᠡᠵᠢᠯ ᠨᠢ ᠲᠠᠰᠤᠷᠠᠨ᠎ᠠ᠃ ᠬᠦᠨᠳᠤ ᠪᠠᠶᠢᠳᠠᠯ ᠶᠢᠨ ᠬᠢᠨ ᠦᠨᠳᠦᠰᠦᠨ ᠳᠡᠭᠡᠨ ᠦᠷᠡᠵᠢᠯ ᠤᠨ ᠴᠢᠳᠠᠪᠤᠷᠢ ᠪᠠᠨ ᠰᠡᠷᠭᠦᠭᠡᠵᠦ ᠴᠢᠳᠠᠳᠠᠭ ᠦᠭᠡᠢ᠃      ︵3︶ ᠬᠦᠨᠳᠤ ᠪᠠᠶᠢᠳᠠᠯ     ᠬᠦᠷᠲᠡᠭᠰᠡᠨ ᠬᠤᠮᠵᠢᠮ ᠨᠢ 400cGy ~ 600cGy ᠪᠠᠶᠢᠵᠦ᠂ ᠦᠨᠳᠦᠰᠦᠨ ᠢᠯᠡᠷᠡᠯ ᠨᠢ ᠬᠦᠡᠭᠭᠡᠨ ᠰᠢᠭ ᠪᠠᠶᠢᠳᠠᠯ ᠲᠠᠢ ᠲᠦᠰᠦᠭᠡᠲᠡᠢ᠃ ᠡᠬᠢᠨ ᠤ ᠬᠤᠭᠤᠴᠠᠭᠠᠨ ᠳᠤ ᠴᠠᠭᠠᠨ ᠡᠰ ᠤᠨ ᠲᠤᠭ᠎ᠠ ᠨᠢ ᠨᠡᠮᠡᠭᠳᠡᠳᠡᠭ   ᠬᠦᠮᠦᠰ ᠨᠡᠯᠢᠶᠡᠳ ᠠᠷᠪᠢᠨ ᠪᠠᠶᠢᠳᠠᠭ᠃ 24 ~ 48 ᠴᠠᠭ ᠲᠤ ᠴᠢᠰᠤᠨ ᠤ ᠯᠢᠮᠹ ᠤᠨ ᠡᠰ ᠤᠨ ᠬᠠᠷᠢᠴᠠᠯᠠᠰᠢ ᠦᠭᠡᠢ ᠬᠡᠮᠵᠢᠭᠳᠡᠭᠦᠨ ᠨᠢ ᠲᠦᠷᠭᠡᠨ ᠪᠠᠭᠤᠷᠠᠨ᠎ᠠ᠃ ᠬᠠᠭᠤᠷᠮᠠᠭ ᠢᠯᠡᠷᠡᠶᠢᠰᠢᠬᠦ ᠬᠤᠭᠤᠴᠠᠭ᠎ᠠ ᠨᠢ ᠪᠠᠷᠤᠭ 15 ~ 25 ᠡᠳᠦᠷ ᠦᠷᠬᠦᠯᠵᠢᠯᠡᠨ᠂ 14 ᠡᠳᠦᠷ ᠤᠨ ᠦᠶ᠎ᠡ ᠪᠠᠷ ᠴᠢᠰᠤᠨ ᠤ ᠢᠯᠳᠠᠰᠤ ᠶᠢᠨ ᠲᠤᠭ᠎ᠠ ᠨᠢ ᠪᠠᠭᠤᠷᠠᠭᠠᠳ 30×109/L ᠠᠴᠠ ᠳᠣᠷᠣᠭᠰᠢ ᠪᠣᠯᠵᠦ᠂ 1~2 ᠭᠠᠷᠠᠭ ᠤᠨ ᠳᠣᠲᠤᠷ᠎ᠠ ᠭᠡᠵᠢᠭᠡ ᠦᠰᠦ ᠨᠢ ᠬᠤᠭ ᠦᠭᠡᠢ  ᠤᠨᠠᠭᠠᠳ᠂ ᠤᠯᠠᠭᠠᠨ ᠡᠰ ᠤᠨ ᠲᠤᠭ᠎ᠠ ᠨᠢ 2.5×1012/L ᠠᠴᠠ ᠳᠣᠷᠣᠭᠰᠢ ᠪᠣᠯᠵᠦ᠂ ᠬᠠᠯᠳᠠᠪᠤᠷᠢᠯᠠᠭᠰᠠᠳ ᠤᠨ ᠪᠡᠶ᠎ᠡ ᠨᠢ ᠬᠠᠯᠠᠭᠤᠷᠠᠭᠠᠳ 39℃~ 40℃ ᠬᠦᠷᠳᠡᠭ᠃ ᠬᠦᠨᠳᠤ ᠬᠤᠭᠤᠴᠠᠭᠠᠨ ᠳᠤ ᠴᠢᠰᠤᠨ ᠤ ᠢᠯᠳᠠᠰᠤ ᠶᠢᠨ ᠲᠤᠭ᠎ᠠ ᠨᠢ ᠪᠠᠭᠤᠷᠠᠭᠠᠳ 20×109/L ᠠᠴᠠ ᠳᠣᠷᠣᠭᠰᠢ ᠪᠣᠯᠬᠤ ᠦᠶᠡᠰ ᠲᠤ ᠶᠡᠭᠡ ᠴᠢᠰᠤ ᠭᠠᠷᠤᠨ᠎ᠠ᠃ ᠡᠭᠦᠨ ᠠᠴᠠ ᠭᠠᠳᠠᠨ᠎ᠠ ᠪᠠᠰᠨ ᠪᠦᠭᠡᠯᠵᠢᠬᠦ᠂ ᠬᠤᠭᠤᠯᠠᠨ ᠳᠤ ᠲᠤᠷ᠎ᠠ ᠦᠭᠡᠢ ᠪᠣᠯᠬᠤ᠂ ᠴᠢᠴᠠᠭ᠎ᠠ ᠠᠯᠳᠠᠬᠤ ︵ᠰᠠᠭᠤᠯᠭᠠᠬᠤ︶᠂ ᠭᠡᠳᠡᠰᠤ ᠡᠪᠡᠳᠬᠦ᠂ ᠮᠢᠬ᠎ᠠ ᠰᠢᠭᠤᠷᠠᠬᠤ᠂ ᠤᠰᠤ ᠠᠯᠳᠠᠭᠳᠠᠬᠤ᠂ ᠪᠤᠬᠢᠨᠢᠲᠤᠨ ᠪᠠᠴᠢᠮᠳᠠᠬᠤ᠂ ᠲᠤᠷᠠᠮᠵᠢᠬᠠᠨ ᠪᠣᠯᠬᠤ ᠵᠡᠷᠭᠡ ᠢᠯᠡᠷᠡᠯ ᠭᠠᠷᠳᠠᠭ᠃     ︵4︶ ᠣᠨᠴᠠ ᠬᠦᠨᠳᠤ ᠪᠠᠶᠢᠳᠠᠯ    ᠬᠦᠷᠲᠡᠭᠰᠡᠨ ᠬᠤᠮᠵᠢᠮ ᠨᠢ 600cGy~1000cGy ᠪᠠᠶᠢᠵᠦ᠂ ᠡᠪᠡᠳᠴᠢᠨ ᠤ ᠢᠯᠡᠷᠡᠯ ᠪᠣᠯᠣᠨ ᠶᠠᠪᠤᠴᠠ ᠨᠢ ᠬᠦᠨᠳᠤ ᠪᠠᠶᠢᠳᠠᠯ ᠤᠨ ᠬᠢ ᠲᠠᠢ ᠦᠨᠳᠦᠰᠦᠨ  ᠳᠡᠭᠡᠨ ᠠᠳᠠᠯᠢᠪᠲᠤᠷ ᠪᠠᠶᠢᠳᠠᠭ᠃ ᠳᠤᠰᠬᠠᠭᠳᠠᠭᠰᠠᠨ ᠤ ᠳᠠᠷᠠᠭᠠᠬᠢ 1 ᠴᠠᠭ ᠤᠨ ᠳᠣᠲᠤᠷ᠎ᠠ ᠪᠠᠶᠢᠨ ᠪᠠᠶᠢᠨ ᠪᠦᠭᠡᠯᠵᠢᠵᠦ᠂ ᠬᠤᠭᠤᠯᠠᠨ ᠳᠤ ᠳᠤᠷ᠎ᠠ ᠦᠭᠡᠢ ᠪᠣᠯᠤᠨ᠎ᠠ᠃  2~3 ᠡᠳᠦᠷ ᠤᠨ ᠳᠠᠷᠠᠭ᠎ᠠ ᠲᠦᠷ ᠵᠠᠭᠤᠷ᠎ᠠ ᠶᠢᠨ ᠬᠠᠭᠤᠷᠮᠠᠭ ᠢᠯᠡᠷᠡᠶᠢᠰᠢᠬᠦ ᠬᠤᠭᠤᠴᠠᠭ᠎ᠠ ᠭᠠᠷᠬᠤ ᠪᠣᠶᠤ ᠡᠰᠡᠭᠦᠯ᠎ᠡ ᠰᠢᠭᠤᠳ ᠬᠦᠨᠳᠤ ᠬᠤᠭᠤᠴᠠᠭᠠᠨ ᠳᠤ ᠣᠷᠤᠳᠠᠭ᠃ ᠬᠡᠷᠪᠡ ᠬᠠᠭᠤᠷᠮᠠᠭ ᠢᠯᠡᠷᠡᠶᠢᠰᠢᠬᠦ ᠬᠤᠭᠤᠴᠠᠭ᠎ᠠ ᠭᠠᠷᠪᠠᠯ ᠶᠡᠷᠦᠳᠡᠭᠡᠨ 10 ᠡᠳᠦᠷ ᠠᠴᠠ ᠬᠡᠲᠦᠷᠡᠳᠡᠭ ᠦᠭᠡᠢ᠃ 1 ᠭᠠᠷᠠᠭ ᠤᠨ ᠳᠠᠷᠠᠭ᠎ᠠ ᠴᠠᠭᠠᠨ ᠡᠰ ᠤᠨ ᠲᠤᠭ᠎ᠠ ᠨᠢ ᠪᠠᠭᠤᠷᠠᠭᠠᠳ 1×109/L ᠠᠴᠠ ᠳᠣᠷᠤᠭᠰᠢ ᠪᠣᠯᠵᠦ᠂ 2~3 ᠡᠳᠦᠷ ᠤᠨ ᠳᠣᠲᠤᠷ᠎ᠠ ᠯᠢᠮᠹ ᠤᠨ ᠡᠰ ᠤᠨ ᠲᠤᠭ᠎ᠠ ᠨᠢ ᠪᠠᠭᠤᠷᠠᠭᠠᠳ 0.25×109/L ᠠᠴᠠ ᠳᠣᠷᠤᠭᠰᠢ ᠪᠣᠯᠵᠦ᠂ ᠶᠡᠭᠡ ᠬᠠᠯᠠᠭᠤᠷᠠᠨ ᠬᠦᠨᠳᠤ ᠬᠠᠯᠳᠠᠪᠤᠷᠢᠯᠠᠵᠦ᠂ ᠴᠢᠰᠤ ᠭᠠᠷᠤᠨ ᠴᠢᠴᠠᠭ᠎ᠠ ᠠᠯᠳᠠᠬᠤ ᠪᠠ ᠤᠰᠤ ᠪᠣᠶᠤ ᠴᠢᠰᠤ ᠪᠠᠷ ᠰᠠᠭᠤᠯᠭᠠᠳᠠᠭ᠃ ᠤᠷᠲᠤ ᠬᠤᠭᠤᠴᠠᠭ᠎ᠠ ᠪᠠᠷ ᠠᠮᠢᠳᠤᠷᠠᠭᠰᠠᠨ ᠡᠪᠡᠳᠴᠢᠲᠡᠨ ᠤ ᠵᠢᠱᠢᠶ᠎ᠡ ᠬᠠᠷᠬᠠᠨ ᠪᠠᠶᠢᠭ᠎ᠠ ᠦᠭᠡᠢ᠃     2.  ᠭᠡᠳᠡᠰᠦᠨ ᠤ ᠮᠠᠶ᠋ᠢᠭ ᠤᠨ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ      ᠬᠦᠷᠲᠡᠭᠰᠡᠨ ᠬᠤᠮᠵᠢᠮ ᠨᠢ 1000cGy~5000cGy ᠪᠣᠯᠬᠤ ᠳᠤ ᠢᠯᠡᠷᠡᠬᠦ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠢ ᠭᠡᠳᠡᠰᠦᠨ ᠤ ᠮᠠᠶ᠋ᠢᠭ ᠤᠨ ︵gastro-intestianl type︶ ᠡᠪᠡᠳᠴᠢᠨ ᠭᠡᠳᠡᠭ ᠪᠦᠭᠡᠳ ᠮᠦᠨᠦ ᠪᠣᠯᠳᠠᠯ᠎ᠠ 20 ᠭᠠᠷᠤᠢ ᠡᠪᠡᠳᠴᠢᠲᠡᠨ ᠤ ᠵᠢᠱᠢᠶ᠎ᠡ ᠪᠣᠢ᠃ ᠳᠤᠰᠬᠠᠭᠳᠠᠭᠰᠠᠨ ᠤ ᠳᠠᠷᠠᠭᠠᠬᠢ 20 ᠮᠢᠨᠦ᠋ᠲ ᠠᠴᠠ 4 ᠴᠠᠭ ᠤᠨ ᠳᠣᠲᠤᠷ᠎ᠠ ᠡᠬᠢᠨ ᠤ ᠬᠤᠭᠤᠴᠠᠭ᠎ᠠ ᠶᠢᠨ ᠪᠠᠶᠢᠳᠠᠭ ᠢᠯᠡᠷᠡᠯ ᠤᠳ ᠪᠦᠷ ᠭᠠᠷᠴᠤ᠂  ᠪᠠᠶᠢᠨ ᠪᠠᠶᠢᠨ ᠪᠦᠭᠡᠯᠵᠢᠬᠦ ᠪᠠ ᠰᠠᠭᠤᠯᠭᠠᠵᠦ᠂ ᠪᠦᠬᠦ ᠪᠡᠶ᠎ᠡ ᠨᠢ ᠮᠠᠭᠤᠵᠢᠷᠠᠳᠠᠭ᠃ ᠪᠠᠰᠨ ᠶᠡᠷᠦᠳᠡᠭᠡᠨ ᠭᠡᠳᠡᠰᠤ ᠤᠭᠯᠠᠷᠠᠬᠤ ᠪᠣᠶᠤ ᠪᠦᠭᠯᠡᠷᠡᠬᠦ ᠶᠠᠪᠤᠳᠠᠯ ᠭᠠᠷᠤᠨ᠎ᠠ᠃  3~5 ᠡᠳᠦᠷ ᠤᠨ ᠳᠠᠷᠠᠭ᠎ᠠ ᠪᠠᠭ᠋ᠠᠨ ᠬᠦᠡᠭᠭᠡᠷᠡᠬᠦ ᠪᠣᠶᠤ ᠡᠰᠡᠭᠦᠯ᠎ᠡ ᠰᠢᠭᠤᠳ  ᠬᠦᠨᠳᠤ ᠬᠤᠭᠤᠴᠠᠭᠠᠨ ᠳᠤ ᠣᠷᠤᠳᠠᠭ᠃ 5~8 ᠡᠳᠦᠷ ᠳᠡᠭᠡᠷ᠎ᠡ ᠪᠠᠨ ᠡᠳᠦᠷ ᠪᠦᠷᠢ 20 ~30 ᠤᠳᠠᠭ᠎ᠠ ᠴᠢᠴᠠᠭ᠎ᠠ ᠠᠯᠳᠠᠬᠤ ᠬᠦᠨᠳᠤ ᠨᠣᠴᠢᠲᠠᠢ ᠪᠠᠶᠢᠳᠠᠯ ᠭᠠᠷᠴᠤ᠂ ᠶᠡᠷᠦᠳᠡᠭᠡᠨ 20 ᠡᠳᠦᠷ ᠲᠤ ᠦᠬᠦᠳᠡᠭ᠃ ᠴᠢᠮᠦᠭᠡ ᠶᠢ ᠰᠣᠯᠢᠪᠠᠯ 2 ~ 3 ᠰᠠᠷ᠎ᠠ ᠠᠮᠢᠳᠤᠷᠠᠵᠦ ᠪᠣᠯᠤᠨ᠎ᠠ᠃       3.  ᠲᠠᠷᠢᠬᠢᠨ ᠤ ᠮᠠᠶ᠋ᠢᠭ ᠤᠨ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ    ᠬᠦᠷᠲᠡᠭᠰᠡᠨ ᠬᠤᠮᠵᠢᠮ ᠨᠢ 5000cGy ᠳᠡᠭᠡᠭᠰᠢ ᠪᠣᠯᠬᠤ ᠦᠶᠡᠰ ᠲᠤ ᠢᠯᠡᠷᠡᠬᠦ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠢ ᠲᠠᠷᠢᠬᠢᠨ ᠤ ᠮᠠᠶ᠋ᠢᠭ ᠤᠨ ᠡᠪᠡᠳᠴᠢᠨ ︵central nervous system type︶ ᠭᠡᠳᠡᠭ᠃ ᠡᠨᠡ ᠪᠣᠯ ᠭᠤᠣᠯ ᠮᠡᠳᠡᠷᠡᠯ ᠤᠨ ᠰᠢᠰᠲ᠋ᠧᠮ ᠤᠨ ᠨᠢᠭᠡᠨ ᠵᠦᠢᠯ ᠤᠨ ᠰᠠᠴᠤᠷᠠᠭ ᠤᠨ ᠡᠪᠡᠳᠴᠢᠨ ᠡᠮᠬᠡᠭ ᠪᠣᠯᠣᠨ᠎ᠠ᠃ ᠣᠳᠣ ᠪᠣᠯᠲᠠᠯ᠎ᠠ 6 ᠡᠪᠡᠳᠴᠢᠲᠡᠨ ᠤ ᠵᠢᠱᠢᠶ᠎ᠡ ᠪᠠᠶᠢᠳᠠᠭ ᠪᠦᠭᠡᠳ ᠡᠭᠦᠨ ᠤ ᠳᠣᠲᠤᠷᠠᠬᠢ 2 ᠬᠦᠮᠦᠨ ᠨᠢ ᠣᠯᠵᠦ ᠠᠪᠬᠤ ᠦᠶᠡᠰ ᠲᠤ ᠨᠢᠭᠡᠨᠲᠡ ᠦᠬᠦᠭᠡᠳ᠂ 1 ᠨᠢ ᠡᠮᠨᠡᠯᠭᠡ ᠳᠤ ᠬᠦᠷᠭᠡᠬᠦ ᠵᠠᠮ ᠵᠠᠭᠤᠷ᠎ᠠ ᠪᠠᠨ ᠦᠬᠦᠭᠰᠡᠨ ᠪᠠᠶᠢᠨ᠎ᠠ᠃ 1 ᠡᠪᠡᠳᠴᠢᠲᠡᠨ ᠨᠢ ᠪᠠᠰᠨ ᠨᠠᠷᠢᠨ ᠳᠣᠲᠤᠷᠬᠠᠢ ᠮᠠᠲ᠋ᠧᠷᠢᠶᠠᠯ ᠭᠡᠵᠦ ᠦᠭᠡᠢ᠂ ᠵᠦᠪᠬᠡᠨ 2 ᠬᠦᠮᠦᠨ ᠨᠢ ᠯᠨ ᠰᠠᠶ᠋ᠢ ᠪᠦᠷᠢᠨ ᠪᠦᠲᠦᠨ ᠠᠵᠢᠨ ᠪᠠᠶᠢᠴᠠᠭᠠᠭᠰᠠᠨ ᠮᠠᠲ᠋ᠧᠷᠢᠶᠠᠯ ᠲᠠᠢ ᠪᠠᠶᠢᠳᠠᠭ᠃     ᠡᠳᠡ ᠬᠤᠶᠡᠷ ᠤᠨ ᠨᠢᠭᠡ ᠨᠢ 8800cGy ᠶᠢᠨ ᠰᠠᠴᠤᠷᠠᠭ ᠬᠦᠷᠲᠡᠭᠡᠳ᠂ ᠲᠤᠰᠬᠠᠭᠳᠠᠭᠰᠠᠨ ᠤ ᠰᠡᠭᠦᠯᠡᠷ 10 ᠮᠢᠨᠦ᠋ᠲ ᠲᠤ ᠭᠡᠳᠡᠰᠦ ᠨᠢ ᠡᠪᠡᠳᠦᠨ᠂ ᠳᠣᠲᠤᠷ᠎ᠠ ᠭᠤᠪᠢᠨ ᠪᠣᠯᠭᠢᠯᠠᠵᠦ ᠦᠯᠢᠶᠡᠨ ᠪᠦᠭᠡᠯᠵᠢᠵᠦ᠂ ᠳᠡᠮᠡᠢ ᠤᠳᠠᠭᠰᠠᠨ ᠦᠭᠡᠢ ᠪᠠᠷ ᠭᠤᠰ ᠭᠤᠰ ᠬᠢᠲᠡᠯ᠎ᠡ ᠤᠰᠤ ᠪᠠᠷ ᠰᠠᠭᠤᠯᠭᠠᠳᠠᠭ᠃ ᠪᠡᠶ᠎ᠡ ᠨᠢ ᠬᠠᠯᠠᠭᠤᠷᠠᠭᠠᠳ ᠦᠳᠲᠡᠷ ᠲᠦᠷᠭᠡᠨ ᠢᠶᠠᠷ 38℃~ 39.4℃ ᠪᠣᠯᠵᠦ᠂ ᠴᠡᠴᠡᠷᠡᠵᠦ ᠳᠠᠭᠵᠢᠲᠠᠯ᠎ᠠ ᠲᠠᠭᠠᠷᠠᠳᠠᠰᠤ ᠬᠦᠷᠦᠨ᠂ ᠪᠠᠰᠨ ᠬᠦᠯᠦᠰᠦ ᠶᠡᠭᠡ ᠪᠠᠳᠬᠠᠷᠠᠬᠤ ᠵᠡᠷᠭᠡ ᠢᠯᠡᠷᠡᠯ ᠭᠠᠷᠴᠠᠢ᠃ ᠦᠬᠦᠬᠦ ᠠᠴᠠ ᠪᠠᠨ ᠡᠮᠦᠨ᠎ᠡ ᠠᠶᠢᠳᠠᠰ ᠬᠦᠷᠦᠨ ᠠᠶᠤᠵᠦ ᠡᠮᠢᠶᠡᠬᠦ᠂  ᠪᠣᠬᠢᠨᠢᠳᠤᠨ ᠪᠠᠴᠢᠮᠳᠠᠵᠦ ᠠᠮᠤᠷ ᠲᠣᠭᠲᠠᠪᠤᠷᠢ ᠦᠭᠡᠢ ᠪᠣᠯᠵᠦ᠂ ᠵᠢᠷᠦᠬᠡᠨ ᠲᠦᠭᠰᠢᠯᠲᠡ ᠨᠢ ᠲᠦᠷᠭᠡᠰᠦᠨ ᠵᠦᠭ ᠴᠢᠭᠯᠡᠯ ᠪᠠ ᠠᠩᠬᠠᠷᠤᠯ ᠲᠦᠪᠯᠡᠷᠡᠯ ᠤᠨ ᠴᠢᠳᠠᠪᠤᠷᠢ ᠪᠠᠨ ᠠᠯᠳᠠᠭᠠᠳ 49 ᠴᠠᠭ ᠳᠡᠭᠡᠷ᠎ᠡ ᠪᠠᠨ ᠦᠬᠦᠭᠰᠡᠨ ᠪᠠᠶᠢᠯ᠎ᠠ᠃ ᠬᠡᠭᠦᠷ ᠢ ᠨᠢ ᠪᠠᠶᠢᠴᠠᠭᠠᠭᠰᠠᠨ ᠳᠤ ᠪᠦᠬᠦ ᠪᠡᠶ᠎ᠡ ᠨᠢ ᠤᠰᠤ ᠬᠠᠪᠤᠩᠨᠠᠵᠦ᠂ ᠰᠤᠳᠠᠯ ᠳᠤᠨᠢ ᠴᠢᠰᠤ ᠨᠡᠶᠢᠳᠡᠮ  ᠬᠤᠷᠠᠭᠰᠠᠨ ᠪᠠᠶᠢᠨ᠎ᠠ᠃ ᠵᠢᠷᠦᠬᠡᠨ ᠪᠣᠯᠴᠢᠩ ᠪᠣᠯᠣᠨ ᠦᠡᠭᠬᠦᠯᠴᠡᠭ ᠤᠨ ᠦᠷᠪᠢᠰᠦᠯ ᠭᠠᠷᠴᠤ᠂ ᠬᠠᠷᠢᠨ ᠲᠠᠷᠢᠬᠢᠨ ᠳᠤᠨᠢ ᠳᠡᠮᠡᠢ ᠶᠡᠭᠡ ᠡᠪᠡᠳᠴᠢᠨ ᠤ ᠬᠤᠪᠢᠷᠠᠯᠲᠠ ᠦᠭᠡᠢ ᠪᠠᠶᠢᠪᠠ᠃     ᠨᠦᠭᠦᠭᠡ ᠨᠢᠭᠡ ᠡᠪᠡᠳᠴᠢᠲᠡᠨ ᠨᠢ ᠬᠠᠷᠢᠨ12000cGy ᠶᠢᠨ ᠰᠠᠴᠤᠷᠠᠭ ᠳᠤᠰᠬᠠᠭᠳᠠᠵᠦ᠂ ᠬᠡᠳᠦᠨ ᠮᠢᠨᠦ᠋ᠲ ᠤᠨ ᠳᠠᠷᠠᠭ᠎ᠠ ᠬᠦᠮᠦᠨ ᠲᠡᠭᠦᠨ ᠢ ᠣᠯᠵᠦ ᠦᠵᠡᠬᠦ ᠦᠶ᠎ᠡ ᠳᠤ ᠨᠢᠭᠡᠨᠲᠡ ᠬᠦᠳᠡᠯᠭᠡᠭᠡᠨ ᠨᠢ ᠵᠣᠬᠢᠴᠠᠯ ᠢᠶᠠᠨ ᠠᠯᠳᠠᠭᠰᠠᠨ ᠪᠠ ᠵᠦᠭ ᠴᠢᠭᠯᠡᠯ ᠤᠨ ᠲᠤᠳᠬᠠᠷ ᠲᠠᠢ ᠪᠣᠯᠤᠭᠰᠠᠨ ᠪᠠᠶᠢᠵᠠᠢ᠃ 11 ᠮᠢᠨᠦ᠋ᠲ ᠲᠤ ᠠᠷᠠᠰᠤ ᠬᠦᠷᠦᠰᠦᠨ ᠳᠤᠨᠢ ᠤᠯᠠᠭᠠᠨ ᠲᠣᠯᠪᠤ ᠭᠠᠷᠤᠭᠰᠠᠨ ᠪᠠ ᠴᠢᠰᠤ ᠬᠤᠷᠠᠭᠰᠠᠨ ᠪᠠᠶᠢᠪᠠ᠃ 18 ᠮᠢᠨᠦ᠋ᠲ ᠲᠤ ᠡᠮᠨᠡᠯᠭᠡ ᠳᠤ ᠬᠦᠷᠬᠦ ᠦᠶᠡᠰ ᠲᠤ ᠨᠢᠭᠡᠨᠲᠡ ᠪᠦᠦᠷ ᠲᠦᠦᠷ ᠪᠣᠯᠤᠭᠠᠳ᠂ 20~30 ᠮᠢᠨᠦ᠋ᠲ ᠳᠡᠭᠡᠷ᠎ᠡ ᠪᠠᠨ ᠣᠪᠤᠷ ᠪᠠᠶᠢᠳᠠᠯ ᠢᠶᠠᠨ ᠠᠯᠳᠠᠭᠠᠳ᠂ ᠳᠦᠷᠪᠡᠨ ᠮᠦᠴᠢ ᠨᠢ ᠲᠠᠰᠤᠷᠠᠯᠲᠠ ᠦᠭᠡᠢ ᠲᠠᠲᠠᠪᠠᠯᠵᠠᠵᠦ ᠵᠠᠯᠭᠠᠭᠠᠳ ᠪᠦᠬᠦ ᠪᠡᠶ᠎ᠡ ᠨᠢ ᠲᠠᠲᠤᠯᠳᠤᠵᠦ᠂ ᠳᠡᠮᠡᠢ ᠤᠳᠠᠭᠰᠠᠨ ᠦᠭᠡᠢ ᠪᠠᠷ ᠮᠠᠨᠠᠷᠠᠪᠠ᠃ ᠪᠦᠬᠦ ᠪᠡᠶᠡᠨ ᠳᠤᠨᠢ ᠠᠷᠪᠢᠨ ᠤᠯᠠᠭᠠᠨ ᠲᠣᠯᠪᠤ ᠭᠠᠷᠴᠤ᠂ ᠴᠢᠰᠤᠨ ᠳᠠᠷᠤᠯᠲᠠ ᠨᠢ 80 ᠪᠠ 40 ᠪᠣᠯᠵᠦ᠂ ᠪᠡᠶ᠎ᠡ ᠶᠢᠨ ᠬᠠᠯᠠᠭᠤᠨ ᠨᠢ 39.4℃ ᠬᠦᠷᠦᠭᠡᠳ᠂ 14 ᠴᠠᠭ ᠳᠡᠭᠡᠷ᠎ᠡ ᠪᠠᠨ ᠰᠠᠶ᠋ᠢ ᠨᠢᠭᠡ ᠰᠢᠭᠡᠭᠡᠵᠠᠢ᠃ 30 ᠴᠠᠭ ᠳᠡᠭᠡᠷ᠎ᠡ ᠪᠠᠨ ᠭᠡᠨᠡᠳᠲᠠ ᠪᠦᠭᠡᠯᠵᠢᠰᠦ ᠬᠦᠷᠦᠨ ᠬᠦᠯᠦᠰᠤ ᠪᠠᠳᠬᠠᠷᠠᠬᠠᠤ ᠵᠡᠷᠭᠡ ᠢᠯᠡᠷᠡᠯ ᠭᠠᠷᠪᠠ᠃ ᠳᠡᠮᠡᠢ ᠤᠳᠠᠭᠰᠠᠨ ᠦᠭᠡᠢ ᠳᠠᠬᠢᠨ ᠮᠡᠳᠡᠭᠡ ᠰᠡᠭᠡᠭᠡ ᠦᠭᠡᠢ ᠪᠣᠯᠤᠭᠠᠳ 34.7 ᠴᠠᠭ ᠳᠡᠭᠡᠷ᠎ᠡ ᠪᠠᠨ ᠦᠬᠦᠪᠡ᠃      ᠬᠡᠳᠦᠨ ᠮᠢᠨᠦ᠋ᠲ ᠤᠨ ᠳᠣᠲᠤᠷ᠎ᠠ ᠠᠳᠠᠯᠢ ᠪᠤᠰᠤ ᠬᠤᠮᠵᠢᠮ ᠤᠨ ᠳᠣᠣᠷ᠎ᠠ LET ᠰᠠᠴᠤᠷᠠᠯ ᠳᠤ ᠳᠤᠰᠬᠠᠭᠳᠠᠭᠰᠠᠨ ᠤ ᠰᠡᠭᠦᠯᠡᠷᠬᠢ ᠠᠳᠠᠯᠢ ᠪᠤᠰᠤ ᠦᠬᠦᠬᠦ ᠴᠠᠭ ᠬᠤᠭᠤᠴᠠᠭ᠎ᠠ ᠶᠢᠨ ᠬᠦᠰᠦᠨᠦᠭ 4—3      ᠬᠦᠰᠦᠨᠦᠭ 4—3 ᠳᠣᠣᠷ᠎ᠠ LET ᠳᠤ ᠪᠦᠬᠦ ᠪᠡᠶ᠎ᠡ ᠵᠢᠭᠳᠡ ᠤᠭᠵᠤᠮ ᠲᠤᠰᠬᠠᠭᠳᠠᠭᠠᠳ ᠡᠲᠦᠭᠳᠡᠬᠦ ᠬᠠᠮ ᠢᠯᠡᠷᠡᠯ ᠪᠣᠯᠣᠨ ᠦᠬᠦᠭᠦᠯᠬᠦ ᠰᠠᠴᠤᠷᠠᠯ ᠤᠨ ᠬᠤᠮᠵᠢᠮ ᠤᠨ ᠬᠡᠪᠴᠢᠶ᠎ᠡ ᠪᠦᠬᠦ ᠪᠡᠶ᠎ᠡ ᠶᠢᠨ ᠰᠢᠮᠡᠳᠦᠭᠰᠡᠨ ᠬᠤᠮᠵᠢᠮ ︵Gy︶ ᠦᠬᠦᠭᠦᠯᠬᠦ ᠭᠤᠣᠯ ᠦᠢᠰᠭᠡᠯ ᠳᠤᠰᠬᠠᠭᠳᠠᠭᠰᠠᠨ ᠤ ᠳᠠᠷᠠᠭᠠᠬᠢ ᠦᠬᠦᠬᠦ ᠴᠠᠭ ᠬᠤᠭᠤᠴᠠᠭ᠎ᠠ ︵d︶>1 25% ᠵᠢᠨ‌‍ᠲ᠋ᠤᠰᠬᠠᠭᠳᠠᠭᠰᠠᠳ ᠡᠪᠡᠳᠴᠢᠨ ᠤ ᠪᠠᠶᠢᠳᠠᠯ ᠢᠯᠡᠷᠡᠨ᠎ᠡ  — 3~5 ᠴᠢᠮᠦᠭᠡ ᠭᠡᠮᠲᠦᠨ᠎ᠡ  30~60  5~15 ᠬᠤᠳᠤᠭᠤᠳᠤ ᠭᠡᠳᠡᠰᠤ ᠪᠠ ᠠᠭᠤᠰᠬᠢ ᠭᠡᠮᠲᠦᠨ᠎ᠡ 10~20>15 ᠮᠡᠳᠡᠷᠡᠯ ᠤᠨ ᠰᠢᠰᠲ᠋ᠧᠮ ᠪᠣᠯᠣᠨ ᠵᠢᠷᠦᠬᠡ ᠰᠤᠳᠠᠯ ᠤᠨ ᠰᠢᠰᠲ᠋ᠧᠮ ᠭᠡᠮᠲᠦᠨ᠎ᠡ 1~5      ᠲᠠᠪᠤᠳᠤᠭᠠᠷ ᠬᠡᠰᠡᠭ   ᠨᠡᠬᠡᠳᠡᠰᠤ ᠶᠢᠨ ᠳᠤᠰᠬᠠᠯ      ᠦᠡᠭᠭᠡᠷᠡᠭᠰᠡᠨ ᠳᠤ ᠮᠠᠭᠠᠳ ᠪᠦᠬᠦᠢ ᠦᠢᠰᠭᠡᠯ ᠭᠡᠵᠦ ᠨᠡᠷᠡᠶᠢᠳᠴᠤ ᠪᠠᠶᠢᠭᠰᠠᠨ ᠤ ᠵᠢᠷᠦᠬᠡ ᠲᠠᠷᠢᠬᠢᠨ ᠰᠤᠳᠠᠯ ᠤᠨ ᠡᠪᠡᠳᠴᠢᠨ ᠡᠮᠬᠡᠭ᠂ ᠰᠠᠮᠰᠢᠭᠤ ᠪᠣᠯᠣᠨ ᠠᠮᠢᠰᠬᠤᠯ ᠤᠨ ᠡᠪᠡᠳᠴᠢᠨ ᠡᠮᠬᠡᠭ ᠵᠡᠷᠭᠡ ᠨᠢ ᠴᠤᠯᠢᠩ ᠬᠡᠮᠵᠢᠭᠳᠡᠬᠦᠨ ᠪᠠᠶᠢᠬᠤ ᠡᠰᠡᠬᠦ ᠶᠢ ᠬᠠᠷᠬᠠᠨ ᠲᠣᠭᠲᠠᠭᠠᠳᠤᠢ᠃ ᠬᠡᠪᠲᠡᠰᠢᠨ ᠳᠠᠬᠢ ᠬᠡᠤᠬᠡᠳ ᠤᠨ 100mGy  ᠠᠴᠠ ᠳᠣᠷᠤᠭᠰᠢᠬᠢ ᠲᠤᠰᠬᠠᠯᠲᠠ ᠨᠢ ᠶᠠᠮᠠᠷ ᠴᠤ ᠨᠢᠭᠡᠨ ᠰᠠᠴᠤᠷᠠᠯ ᠤᠨ ᠦᠢᠰᠭᠡᠯ ᠢ ᠡᠭᠦᠰᠭᠡᠬᠦ ᠦᠭᠡᠢ ᠪᠦᠭᠡᠳ ᠲᠡᠭᠦᠨ ᠤ ᠳᠣᠲᠤᠷᠠᠬᠢ ᠵᠠᠷᠢᠮ ᠦᠢᠰᠭᠡᠯ ᠨᠢ ᠵᠦᠪᠬᠡᠨ ᠳᠤᠰᠬᠠᠭᠳᠠᠬᠤ ᠦᠶᠡᠰ ᠲᠤ ᠯᠨ ᠳᠣᠭᠲᠠᠭᠠᠭᠳᠠᠬᠤ ᠶᠠᠪᠤᠳᠠᠯ ᠪᠢᠰᠢ᠂ ᠬᠠᠷᠢᠨ ᠳᠤᠰᠬᠠᠭᠳᠠᠭᠰᠠᠨ ᠤ ᠰᠡᠭᠦᠯᠡᠷ ᠪᠠᠰᠨ ᠬᠤᠪᠢᠷᠠᠯᠲᠠ ᠭᠠᠷᠳᠠᠭ᠃ ᠡᠶᠢᠮᠦ ᠠᠴᠠ ᠳᠡᠯᠡᠬᠡᠢ  ᠶᠢᠨ ᠰᠠᠴᠤᠷᠠᠭ ᠠᠴᠠ ᠰᠡᠷᠭᠡᠶᠢᠯᠡᠨ ᠬᠠᠮᠠᠭᠠᠯᠠᠬᠤ ᠵᠦᠪᠯᠡᠯ ︵ICRP︶ ᠠᠴᠠ ᠡᠳᠡᠭᠡᠷ ᠴᠣᠯᠬᠤᠡᠭ ᠪᠤᠰᠤ ᠰᠠᠴᠤᠷᠠᠯ ᠤᠨ ᠦᠢᠰᠭᠡᠯ ᠤᠳ ᠢ ᠣᠳᠣ ᠨᠡᠬᠡᠳᠡᠰᠤ ᠶᠢᠨ ᠲᠤᠰᠬᠠᠯ ︵Tissue Reaction︶ ᠭᠡᠵᠦ ᠨᠡᠷᠡᠯᠡᠬᠦ ᠪᠣᠯᠤᠭᠰᠠᠨ ᠪᠠᠶᠢᠨ᠎ᠠ᠃     ICRP ᠠᠴᠠ ᠣᠶᠢᠷ᠎ᠠ ᠶᠢᠨ ᠰᠠᠨᠠᠭᠤᠯᠭ᠎ᠠ ᠶᠢᠨ ᠲᠦᠰᠦᠯ ᠳᠡᠭᠡᠨ ᠰᠢᠩᠭᠡᠭᠡᠬᠦ ᠬᠤᠮᠵᠢᠮ ᠨᠢ 0.1Gy ᠠᠴᠠ ᠬᠡᠲᠦᠷᠡᠬᠦ ᠦᠭᠡᠢ ᠪᠣᠯ ᠨᠡᠬᠡᠳᠡᠰᠤ ᠶᠢᠨ ᠲᠤᠰᠬᠠᠯ ᠮᠡᠲᠤ ᠶᠢᠨ ᠮᠠᠭᠠᠳ ᠪᠦᠬᠦᠢ ᠦᠢᠰᠭᠡᠯ ᠢᠯᠡᠷᠡᠬᠦ ᠦᠭᠡᠢ  ᠭᠡᠪᠡ᠃ ᠨᠡᠬᠡᠳᠡᠰᠤ ᠶᠢᠨ ᠲᠤᠰᠬᠠᠯ ᠤᠨ ᠤᠬᠠᠭᠳᠠᠬᠤᠨ ᠨᠢ ᠭᠠᠭᠴᠠᠬᠠᠨ ᠤᠳᠠᠭᠠᠨ ᠤ ᠴᠣᠴᠢᠮᠠᠭ ᠳᠤᠰᠬᠠᠯᠲᠠ  ᠳᠤ ᠬᠡᠷᠡᠭᠯᠡᠵᠦ ᠪᠣᠯᠬᠤ ᠮᠦᠷᠲᠡᠭᠡᠨ ᠤᠷᠲᠤ ᠬᠤᠭᠤᠴᠠᠭᠠᠨ᠎ᠠ ᠪᠠᠭ᠎ᠠ ᠬᠤᠮᠵᠢᠮ ᠢᠶᠠᠷ ᠳᠠᠬᠢᠨ ᠳᠠᠪᠲᠠᠨ ᠳᠤᠰᠬᠠᠭᠳᠠᠬᠤ ᠳᠤ ᠴᠤ ᠬᠡᠷᠡᠭᠯᠡᠵᠦ ᠪᠣᠯᠳᠠᠭ᠃ ᠡᠶᠢᠮᠦ ᠠᠴᠠ ᠨᠡᠬᠡᠳᠡᠰᠤ ᠶᠢᠨ ᠲᠤᠰᠬᠠᠯ ᠨᠢ ᠮᠠᠭᠠᠳ ᠪᠦᠬᠦᠢ ᠦᠢᠰᠭᠡᠯ ᠢ ᠣᠷᠤᠯᠠᠬᠤ ᠪᠣᠯᠤᠯᠴᠠᠭ᠎ᠠ ᠲᠠᠢ᠃     ᠬᠡᠪᠲᠡᠰᠢᠨ ᠳᠠᠬᠢ ᠬᠡᠤᠬᠡᠳ ᠤᠨ ᠰᠠᠴᠤᠷᠠᠭ ᠤᠨ ᠦᠢᠰᠭᠡᠯ ᠳᠤ ᠴᠢᠰᠤ ᠴᠠᠶᠢᠬᠤ ᠡᠪᠡᠳᠴᠢᠨ ᠢ ᠪᠠᠭᠲᠠᠭᠠᠰᠠᠨ ᠬᠤᠣᠷᠲᠤ ᠡᠪᠡᠳᠴᠢᠨ ᠡᠮᠬᠡᠭ ᠪᠣᠯᠣᠨ ᠤᠳᠤᠮᠰᠢᠯ ᠤᠨ ᠦᠢᠰᠭᠡᠯ ᠠᠴᠠ ᠭᠠᠳᠠᠨ᠎ᠠ ᠪᠠᠰᠨ ᠨᠢᠭᠡ ᠪᠦᠯᠦᠭ ᠨᠡᠬᠡᠳᠡᠰᠤ ᠶᠢᠨ ᠳᠤᠰᠬᠠᠯ ᠤᠳ ᠴᠤ ᠪᠠᠭᠲᠠᠳᠠᠭ᠃      ᠨᠢᠭᠡ᠂ ᠬᠦᠪᠦᠷᠡᠯ ᠪᠠ ᠬᠡᠪᠲᠡᠰᠢᠨ ᠳᠠᠬᠢ ᠬᠡᠤᠬᠡᠳ ᠤᠨ ᠦᠬᠦᠬᠦ      ᠬᠡᠷᠪᠡ ᠬᠦᠪᠦᠷᠡᠯ ᠨᠢ ᠬᠡᠪᠲᠡᠰᠢᠨ ᠳᠤ ᠣᠷᠣᠨᠰᠢᠬᠤ ᠠᠴᠠ ᠡᠮᠦᠨ᠎ᠡ ᠪᠣᠶᠤ ᠡᠰᠡᠭᠦᠯ᠎ᠡ ᠲᠡᠭᠦᠨ ᠢ ᠣᠷᠣᠨᠰᠢᠭᠰᠠᠨ ᠤ ᠳᠠᠷᠠᠭᠠᠬᠢ ᠲᠡᠷᠡᠬᠦ ᠭᠱᠠᠨ ᠳᠤ ᠨᠡᠯᠢᠶᠡᠳ ᠪᠠᠭ᠎ᠠ ᠬᠤᠮᠵᠢᠮ ᠵᠢᠱᠢᠶᠡᠯᠡᠪᠡᠯ 0.1Gy ᠶᠢᠨ ᠰᠠᠴᠤᠷᠠᠭ ᠲᠤ ᠳᠤᠰᠬᠠᠭᠳᠠᠪᠠᠯ ᠦᠬᠦᠨ᠎ᠡ᠃ ᠪᠣᠶᠢᠵᠢᠵᠦ ᠪᠠᠶᠢᠭ᠎ᠠ ᠡᠯ᠎ᠡ ᠱᠠᠲᠤ ᠦᠶ᠎ᠡ ᠳᠤ ᠶᠡᠭᠡ ᠬᠤᠮᠵᠢᠮ ᠳᠤ ᠳᠤᠰᠬᠠᠭᠳᠠᠪᠠᠯ᠂ ᠬᠡᠪᠲᠡᠰᠢᠨ ᠳᠠᠬᠢ ᠬᠡᠤᠬᠡᠳ ᠪᠠᠰᠨ ᠦᠬᠦᠨ᠎ᠡ᠃       ᠬᠤᠶᠡᠷ᠂  ᠬᠡᠪᠲᠡᠰᠢᠨ ᠳᠠᠬᠢ ᠬᠡᠤᠬᠡᠳ ᠢ ᠲᠦᠷᠦᠯᠬᠢ ᠵᠡᠷᠡᠮᠳᠡᠭ ᠪᠣᠯᠭᠠᠬᠤ      ᠲᠦᠷᠦᠯᠬᠢ ᠵᠡᠷᠡᠮᠳᠡᠭ ᠪᠣᠯ ᠰᠠᠴᠤᠷᠠᠯ ᠨᠢ ᠬᠦᠪᠦᠷᠡᠯ ᠳᠠᠬᠢ ᠬᠡᠤᠬᠡᠳ ᠲᠤ ᠦᠢᠯᠡᠴᠢᠯᠡᠭᠰᠡᠨ ᠠᠴᠠ ᠡᠲᠦᠭᠳᠡᠳᠡᠭ᠃ ᠬᠡᠪᠲᠡᠰᠢᠨ ᠳᠠᠬᠢ ᠬᠡᠤᠬᠡᠳ ᠤᠨ ᠡᠷᠬᠡᠲᠡᠨ ᠪᠦᠷᠢᠯᠳᠦᠬᠦ ᠬᠤᠭᠤᠴᠠᠭᠠᠨ ᠳᠤ ᠢᠯᠠᠩᠭᠤᠶ᠎ᠠ ᠡᠷᠬᠡᠲᠡᠨ ᠤ ᠪᠦᠲᠦᠴᠠ ᠶᠢᠨ ᠡᠰ ᠤᠨ ᠨᠡᠮᠡᠭᠳᠡᠨ ᠦᠷᠡᠵᠢᠬᠦ ᠪᠣᠯᠣᠨ ᠢᠯᠭᠠᠷᠠᠬᠤ ᠬᠠᠮᠤᠭ ᠤᠨ ᠢᠳᠡᠪᠬᠢᠲᠠᠢ ᠬᠤᠭᠤᠴᠠᠭᠠᠨ  ᠳᠤ ᠰᠠᠴᠤᠷᠠᠭ ᠲᠤ ᠳᠤᠰᠬᠠᠭᠳᠠᠪᠠᠯ ᠲᠦᠷᠦᠯᠬᠢ ᠵᠡᠷᠡᠮᠳᠡᠭ ᠪᠣᠯᠳᠠᠭ ᠪᠠᠶᠢᠨ᠎ᠠ᠃ ᠪᠣᠶᠢᠵᠢᠯᠲᠠ ᠶᠢᠨ ᠡᠯ᠎ᠡ ᠱᠠᠲᠤ ᠦᠶ᠎ᠡ ᠢᠯᠡᠩᠭᠤᠶ᠎ᠠ ᠵᠢᠷᠮᠦᠰᠦᠯᠡᠭᠰᠡᠨ ᠤ ᠰᠡᠭᠦᠯᠴᠢ ᠶᠢᠨ ᠬᠤᠭᠤᠴᠠᠭᠠᠨ ᠳᠤ ᠰᠠᠴᠤᠷᠠᠭ ᠲᠤ ᠳᠤᠰᠬᠠᠭᠳᠠᠪᠠᠯ᠂ ᠬᠡᠳᠦᠶᠢᠪᠡᠷ ᠵᠡᠷᠮᠡᠳᠡᠭ ᠪᠣᠯᠬᠤ ᠦᠭᠡᠢ ᠪᠣᠯᠪᠠᠴᠤ ᠪᠠᠰᠨ ᠪᠣᠶᠢᠵᠢᠯᠲᠠ ᠳᠤ ᠬᠠᠷᠰᠢ ᠰᠠᠭᠠᠳ ᠭᠠᠷᠳᠠᠭ᠃ ᠡᠳᠡᠭᠡᠷ ᠬᠤᠪᠢᠷᠠᠯᠲᠠ ᠨᠢ ᠭᠤᠣᠯᠳᠠᠭᠤ ᠡᠰ ᠤᠨ ᠠᠯᠠᠭᠳᠠᠭᠰᠠᠨ ᠠᠴᠠ ᠪᠣᠯᠤᠭᠰᠠᠨ ᠮᠠᠶ᠋ᠢᠭᠲᠠᠢ ᠪᠠᠶᠢᠳᠠᠭ᠃      ᠭᠤᠷᠪᠠ᠂ ᠪᠢᠳᠠᠭᠤ ᠪᠣᠯᠬᠤ    ᠬᠡᠪᠲᠡᠰᠢᠨ ᠳᠠᠬᠢ ᠬᠡᠤᠬᠡᠳ ᠰᠠᠴᠤᠷᠠᠭ ᠲᠤ ᠳᠤᠰᠬᠠᠭᠳᠠᠪᠠᠯ᠂ ᠶᠡᠭᠡ ᠲᠠᠷᠢᠬᠢᠨ ᠤ ᠪᠦᠲᠦᠴᠡ ᠨᠢ ᠪᠠᠰᠨ ᠬᠤᠪᠢᠷᠠᠯᠲᠠ ᠭᠠᠷᠳᠠᠭ᠃ ᠢᠯᠠᠩᠭᠤᠶ᠎ᠠ ᠶᠡᠭᠡ ᠲᠠᠷᠢᠬᠢᠨ ᠤ ᠬᠦᠷᠦᠰᠦᠨ ᠳᠠᠪᠬᠤᠷᠭ᠎ᠠ ᠶᠠᠭ ᠰᠠᠶ᠋ᠢᠬᠠᠨ ᠪᠦᠷᠢᠯᠳᠦᠵᠦ ᠪᠠᠶᠢᠭ᠎ᠠ ᠬᠤᠭᠤᠴᠠᠭ᠎ᠠ ᠳᠠᠷᠤᠢ ᠵᠢᠷᠮᠦᠰᠦᠯᠡᠭᠰᠡᠨ ᠤ ᠳᠠᠷᠠᠭᠠᠬᠢ 8 ~15 ᠭᠠᠷᠠᠭ ᠤᠨ ᠬᠤᠭᠤᠴᠠᠭᠠᠨ ᠳᠤ ᠰᠠᠴᠤᠷᠠᠭ ᠲᠤ ᠳᠤᠰᠬᠠᠭᠳᠠᠬᠤ ᠨᠢ ᠬᠠᠮᠤᠭ ᠠᠴᠠ ᠠᠶᠤᠯᠲᠠᠢ ᠪᠠᠶᠢᠳᠠᠭ᠃ ᠲᠡᠷᠨ ᠨᠢ ᠬᠡᠤᠬᠡᠳ ᠤᠨ ᠣᠢ ᠪᠢᠯᠢᠭ ᠢ ᠠᠳᠠᠯᠢ ᠪᠤᠰᠤ ᠬᠡᠮᠵᠢᠶ᠎ᠡ ᠪᠠᠷ ᠪᠢᠳᠠᠭᠤ ᠪᠣᠯᠭᠠᠵᠦ᠂ ᠬᠦᠨᠳᠤ ᠨᠣᠴᠢᠲᠠᠢ ᠪᠠᠶᠢᠳᠠᠯ ᠨᠢ ᠬᠤᠮᠵᠢᠮ ᠢ ᠳᠠᠭᠠᠯᠳᠤᠨ ᠨᠡᠮᠡᠭᠳᠡᠳᠡᠭ᠃ ᠲᠡᠷᠡᠴᠢᠯᠡᠨ ᠪᠡᠶ᠎ᠡ ᠮᠠᠬᠠᠪᠤᠳ ᠤᠨ ᠪᠣᠶᠢᠵᠢᠯᠲᠠ ᠶᠢᠨ ᠭᠤᠣᠯ ᠣᠨᠴᠠᠯᠢᠭ ᠤᠨ ᠢᠯᠡᠷᠡᠬᠦ ᠴᠠᠭ ᠬᠤᠭᠤᠴᠠᠭ᠎ᠠ ᠨᠢ ᠴᠤ ᠬᠤᠪᠢᠷᠠᠨ᠂ ᠪᠠᠰᠨ ᠪᠤᠰᠤᠳ ᠦᠢᠰᠭᠡᠯ ᠴᠤ ᠡᠭᠦᠰᠬᠦ ᠪᠠ ᠤᠨᠠᠳᠠᠭ ᠡᠪᠡᠳᠴᠢᠨ ᠣᠯᠤᠭᠠᠳ ᠪᠠᠶᠢᠨ ᠪᠠᠶᠢᠨ ᠬᠦᠳᠡᠯᠳᠡᠭ᠃     ᠳᠡᠯᠡᠬᠡᠢ ᠶᠢᠨ ᠰᠠᠴᠤᠷᠠᠭ ᠠᠴᠠ ᠰᠡᠷᠭᠡᠶᠢᠯᠡᠨ ᠬᠠᠮᠠᠭᠠᠯᠠᠬᠤ ᠵᠦᠪᠯᠡᠯ ᠪᠠᠰᠨ ᠣᠶᠢᠷ᠎ᠠ ᠶᠢᠨ ᠲᠠᠬᠤᠯ ᠡᠪᠡᠳᠴᠢᠨ ᠤ ᠰᠣᠳᠤᠯᠤᠯ ᠤᠨ ᠳᠤᠭ᠎ᠠ ᠪᠠᠷᠢᠮᠲᠠ ᠶᠢ ᠰᠢᠭᠦᠨ ᠦᠭᠦᠯᠡᠭᠰᠡᠨ ᠪᠦᠭᠡᠳ ᠵᠠᠷᠢᠮ ᠨᠢᠭᠡ ᠪᠦᠯᠦᠭ ᠨᠡᠬᠡᠳᠡᠰᠦ ᠶᠢᠨ ᠳᠤᠰᠬᠠᠯ ᠢᠯᠠᠩᠭᠤᠶ᠎ᠠ ᠲᠡᠳᠡᠭᠡᠷ ᠲᠣᠩ ᠣᠷᠣᠢ ᠰᠠᠶ᠋ᠢ ᠢᠯᠡᠷᠡᠳᠡᠭ ᠦᠢᠰᠭᠡᠯ ᠤᠨ ᠴᠤᠯᠢᠩ ᠬᠤᠮᠵᠢᠮ ᠨᠢ ᠨᠡᠩ ᠳᠣᠣᠷ᠎ᠠ ᠪᠣᠶᠤ ᠦᠡᠭᠭᠡᠷᠡᠭᠰᠡᠨ ᠤ ᠪᠣᠳᠤᠯᠬᠢᠯᠠᠵᠦ ᠪᠠᠶᠢᠭᠰᠠᠨ ᠠᠴᠠ ᠬᠤᠯᠨ ᠳᠣᠣᠷ᠎ᠠ ᠮᠠᠭᠠᠳ ᠦᠭᠡᠢ ᠭᠡᠵᠦ ᠦᠵᠡᠭᠰᠡᠨ ᠪᠠᠶᠢᠨ᠎ᠠ᠃ ᠵᠢᠱᠢᠶᠡᠯᠡᠪᠡᠯ ᠰᠠᠴᠤᠷᠠᠭ ᠤᠨ ᠰᠢᠩᠭᠡᠭᠡᠴᠡ ᠶᠢᠨ ᠬᠤᠮᠵᠢᠮ ᠨᠢ ᠪᠠᠷᠤᠭ 0.5 Gy ᠬᠦᠷᠪᠡᠯ ᠳᠠᠷᠤᠢ ᠵᠢᠷᠦᠬᠡ ᠪᠣᠶᠤ ᠲᠠᠷᠢᠬᠢᠨ ᠰᠤᠳᠠᠯ ᠤᠨ ᠡᠪᠡᠳᠴᠢᠨ ᠡᠮᠬᠡᠭ ᠢᠯᠡᠷᠡᠳᠡᠭ ᠪᠣᠯᠬᠤᠷ᠂ ᠲᠡᠭᠦᠨ ᠤ ᠴᠤᠯᠢᠩ ᠬᠡᠮᠵᠢᠭᠳᠡᠬᠦᠨ ᠨᠢ ᠶᠡᠭᠡ ᠳᠣᠣᠷ᠎ᠠ ᠪᠠᠶᠢᠨ᠎ᠠ᠃ ᠨᠢᠳᠦᠨ ᠤ ᠪᠣᠯᠣᠷ ᠤᠨ ᠰᠢᠩᠭᠡᠭᠡᠯᠲᠡ ᠶᠢᠨ ᠴᠤᠯᠢᠩ ᠬᠡᠮᠵᠢᠭᠳᠡᠬᠦᠨ ᠢ ᠪᠠᠰᠨ 0.5 Gy ᠭᠡᠵᠦ ᠪᠣᠳᠤᠯᠬᠢᠯᠠᠵᠦ ᠪᠣᠢ᠃ χ ᠰᠠᠴᠤᠷᠠᠭ ᠤᠨ ᠮᠠᠰᠢᠨ᠂ CT ᠪᠠᠷ ᠡᠪᠡᠳᠴᠢᠨ ᠪᠠᠶᠢᠴᠠᠭᠠᠬᠤ ᠦᠶᠡᠰ ᠲᠤ  ᠬᠦᠮᠦᠰ ᠤᠨ ᠬᠦᠷᠲᠡᠬᠦ ᠬᠤᠮᠵᠢᠮ ᠨᠢ ᠪᠦᠷ ᠡᠨᠡᠬᠦ ᠲᠦᠪᠰᠢᠨ ᠳᠤ ᠬᠦᠷᠳᠡᠭ᠃ ᠡᠶᠢᠮᠦ ᠠᠴᠠ ᠰᠠᠴᠤᠷᠠᠭ ᠢᠶᠠᠷ ᠡᠪᠡᠳᠴᠢᠨ ᠣᠨᠣᠰᠢᠯᠠᠬᠤ ᠳᠤ ᠪᠠᠶᠢᠴᠠᠭᠠᠯᠭᠠᠭᠰᠠᠳ ᠤᠨ ᠬᠠᠮᠠᠭᠠᠯᠠᠯᠲᠠ ᠶᠢ ᠣᠬᠢ ᠰᠠᠶᠢᠨᠴᠢᠯᠠᠬᠤ ᠶᠢ ᠣᠨᠴᠤᠭᠤᠢ ᠴᠢᠬᠤᠯᠴᠢᠯᠠᠬᠤ ᠬᠡᠷᠡᠭᠲᠠᠢ ᠪᠠᠶᠢᠨ᠎ᠠ᠃ ᠨᠡᠬᠡᠳᠡᠰᠦ ᠶᠢᠨ ᠳᠤᠰᠬᠠᠯ ᠢ ᠰᠡᠷᠭᠡᠶᠢᠯᠡᠬᠦ ᠨᠢ ᠭᠤᠣᠯᠳᠠᠭᠤ ᠬᠠᠮᠠᠭᠠᠯᠠᠯᠲᠠ ᠶᠢ ᠣᠬᠢ ᠰᠠᠶᠢᠨᠴᠢᠯᠠᠬᠤ ᠪᠠᠷ ᠳᠠᠮᠵᠢᠨ ᠪᠡᠶᠡᠯᠡᠭᠳᠡᠳᠡᠭ᠃ ᠨᠢᠳᠦᠨ ᠪᠣᠯᠣᠷ᠂ ᠵᠢᠷᠦᠬᠡ ᠪᠣᠯᠣᠨ ᠲᠠᠷᠢᠬᠢᠨ ᠰᠤᠳᠠᠯ ᠤᠨ ᠰᠢᠰᠲ᠋ᠧᠮ ᠵᠡᠷᠭᠡ ᠣᠨᠴᠤᠭᠤᠢ ᠨᠡᠬᠡᠳᠡᠰᠤ ᠶᠢᠨ ᠬᠠᠮᠠᠭᠠᠯᠠᠯᠲᠠ ᠶᠢ ᠣᠬᠢ ᠰᠠᠶᠢᠨᠴᠢᠯᠠᠬᠤ ᠪᠠᠷ ᠪᠠᠷᠠᠬᠤ ᠦᠭᠡᠢ ᠪᠠᠰᠨ ᠪᠦᠬᠦ ᠪᠡᠶ᠎ᠡ ᠶᠢᠨ ᠳᠤᠰᠬᠠᠯᠲᠠ ᠶᠢᠨ ᠬᠠᠮᠠᠭᠠᠯᠠᠯᠲᠠ ᠶᠢ ᠴᠤ ᠣᠬᠢ ᠰᠠᠶᠢᠨᠴᠢᠯᠠᠬᠤ ᠬᠡᠷᠡᠭᠲᠠᠢ᠃-------          ᠬᠤᠶᠠᠳᠤᠭᠠᠷ ᠪᠦᠯᠦᠭ    ᠲᠣᠩᠰᠢᠭᠤᠯᠬᠤ ᠰᠠᠴᠤᠷᠠᠯ ᠤᠨ ᠬᠦᠮᠦᠨ ᠤ ᠪᠡᠶ᠎ᠡ ᠳᠠᠬᠢ ᠦᠢᠰᠭᠡᠯ    ᠲᠣᠩᠰᠢᠭᠤᠯᠬᠤ ᠰᠠᠴᠤᠷᠠᠯ ᠤᠨ ᠰᠢᠨᠵᠢ ᠴᠢᠨᠠᠷ ᠪᠠ ᠰᠦᠬᠦᠭᠡ ᠵᠡᠷᠭᠡ ᠠᠴᠠ ᠪᠣᠯᠵᠦ᠂ ᠲᠡᠷᠨ ᠨᠢ ᠬᠠᠷᠢᠯᠴᠠᠨ ᠦᠢᠯᠡᠴᠢᠯᠡᠬᠦ ᠪᠠᠷ ᠳᠠᠮᠵᠢᠨ ᠡᠨᠧᠷᠬᠢ ᠪᠠᠨ ᠪᠣᠳᠠᠰ  ᠲᠤ ᠤᠯᠠᠮᠵᠢᠯᠠᠭᠠᠳ ᠲᠡᠭᠦᠨ ᠤ ᠠᠲ᠋ᠤᠮ ᠪᠣᠯᠣᠨ ᠮᠣᠯᠧᠺᠦ᠋ᠯ ᠤᠨ ᠪᠦᠲᠦᠴᠡ ᠶᠢ ᠬᠤᠪᠢᠷᠠᠭᠤᠯᠤᠭᠠᠳ ᠡᠭᠦᠨ ᠤ ᠤᠯᠠᠮ ᠠᠴᠠ ᠨᠢᠭᠡᠨ ᠳᠠᠷᠠᠮ᠎ᠠ ᠹᠢᠽᠢᠺ ᠤᠨ ᠪᠣᠶᠤ ᠬᠢᠮᠢ  ᠶᠢᠨ ᠡᠰᠡᠭᠦᠯ᠎ᠡ ᠠᠮᠢᠳᠤ ᠪᠣᠳᠠᠰ ᠤᠨ ᠬᠤᠪᠢᠷᠠᠯᠲᠠ ᠭᠠᠷᠭᠠᠳᠠᠭ ᠢ ᠰᠠᠴᠤᠷᠠᠯ ᠤᠨ ᠦᠢᠰᠭᠡᠯ ︵Radiation Effect︶ ᠭᠡᠳᠡᠭ᠃ ᠡᠨᠡ ᠨᠢ ᠬᠦᠮᠦᠰ ᠲᠤ ᠰᠠᠴᠤᠷᠠᠭ ᠢ ᠲᠠᠨᠢᠵᠦ ᠮᠡᠳᠡᠬᠦ ᠪᠠ ᠬᠡᠮᠵᠢᠬᠦ ᠵᠢᠴᠢ ᠲᠡᠭᠦᠨ ᠢ ᠠᠰᠢᠭᠯᠠᠵᠦ ᠰᠡᠷᠭᠡᠶᠢᠯᠡᠬᠦ ᠶᠢᠨ ᠰᠠᠭᠤᠷᠢ ᠪᠤᠯᠳᠠᠭ᠃     ᠨᠢᠭᠡᠳᠦᠭᠡᠷ ᠬᠡᠰᠡᠭ  ᠬᠦᠮᠦᠨ ᠤ ᠪᠡᠶ᠎ᠡ ᠶᠢᠨ ᠪᠦᠲᠦᠴᠡ ᠶᠢᠨ ᠲᠣᠶᠢᠮᠤ    ᠲᠣᠩᠰᠢᠭᠤᠯᠬᠤ ᠰᠠᠴᠤᠷᠠᠯ ᠤᠨ ᠬᠦᠮᠦᠨ ᠤ ᠪᠡᠶ᠎ᠡ ᠳᠤ ᠡᠲᠦᠬᠦ ᠠᠮᠢᠳᠤ ᠪᠣᠳᠠᠰ ᠤᠨ ᠦᠢᠰᠭᠡᠯ ᠨᠢ ᠲᠡᠭᠦᠨ ᠤ ᠰᠢᠨᠵᠢ ᠴᠢᠨᠠᠷ ᠪᠠ ᠰᠦᠬᠦᠭᠡ ᠠᠴᠠ ᠰᠢᠯᠲᠠᠭᠠᠯᠠᠭᠳᠠᠬᠤ ᠮᠦᠷᠲᠡᠭᠡᠨ ᠡᠷᠬᠡᠲᠡᠨ ᠨᠡᠬᠡᠳᠡᠰᠤ ᠵᠢᠴᠢ ᠨᠠᠰᠤ ᠬᠦᠢᠰᠤ ᠵᠡᠷᠭᠡ ᠲᠠᠢ ᠴᠤ ᠨᠢᠭᠲᠠ ᠬᠤᠯᠪᠤᠭ᠎ᠠ ᠲᠠᠢ ᠪᠠᠶᠢᠳᠠᠭ᠃ ᠡᠶᠢᠮᠦ ᠠᠴᠠ ᠰᠠᠴᠤᠷᠠᠭ ᠢ ᠰᠡᠷᠭᠡᠶᠢᠯᠡᠨ ᠬᠠᠮᠠᠭᠠᠯᠠᠬᠤ ᠳᠤ ᠶᠠᠭᠤᠨ ᠤ ᠤᠷᠢᠳ ᠪᠢᠳᠡ ᠦᠪᠡᠷ ᠤᠨ ᠪᠡᠶ᠎ᠡ ᠶᠢᠨ ᠢᠶᠠᠨ ᠪᠦᠲᠦᠴᠡ ᠶᠢᠨ ᠲᠣᠶᠢᠮᠤ ᠶᠢ ᠣᠶᠢᠯᠠᠭᠠᠬᠤ ᠴᠢᠬᠤᠯᠲᠠᠢ᠃        ᠨᠢᠭᠡ᠂ ᠪᠡᠶ᠎ᠡ ᠶᠢᠨ ᠬᠡᠰᠡᠭ ᠪᠣᠯᠣᠨ ᠰᠢᠰᠲ᠋ᠧᠮ     ᠰᠠᠴᠤᠷᠠᠯ ᠠᠴᠠ ᠬᠠᠮᠠᠭᠠᠯᠠᠬᠤ ᠳᠤ ᠬᠠᠷᠢᠯᠴᠠᠨ ᠶᠠᠷᠢᠯᠴᠠᠵᠦ ᠤᠶᠢᠯᠠᠭᠠᠯᠴᠠᠬᠤ ᠪᠠ ᠲᠡᠭᠦᠨ ᠤ ᠳᠤᠰᠬᠠᠯᠲᠠ ᠶᠢᠨ ᠬᠤᠮᠵᠢᠮ ᠢ ᠬᠡᠮᠵᠢᠬᠦ ᠵᠢᠴᠢ ᠪᠠᠷᠤᠭᠴᠠᠭᠠᠨ ᠪᠣᠳᠤᠬᠤ ᠳᠤ ᠳᠦᠭᠦᠮ ᠢ ᠪᠣᠳᠤᠵᠦ᠂ ᠬᠦᠮᠦᠨ ᠤ ᠪᠡᠶ᠎ᠡ ᠶᠢ ᠶᠡᠭᠡ ᠲᠦᠯᠦᠪ ᠲᠣᠯᠤᠭᠠᠢ᠂ ᠭᠤᠣᠯ ᠪᠡᠶ᠎ᠡ ᠪᠠ ᠳᠦᠷᠪᠡᠨ ᠮᠦᠴᠢ ᠵᠡᠷᠭᠡ ᠬᠡᠳᠦᠨ ᠬᠡᠰᠡᠭ ᠠᠴᠠ ᠪᠦᠷᠢᠯᠳᠦᠯ᠎ᠡ ᠭᠡᠵᠦ ᠦᠵᠡᠳᠡᠭ᠃ ᠣᠯᠠᠩᠭᠢ ᠰᠡᠷᠡᠯ ᠤᠨ ᠡᠷᠬᠡᠲᠡᠳ ᠴᠦᠮ ᠲᠣᠯᠤᠭᠠᠢ ᠶᠢᠨ ᠬᠡᠰᠡᠭ ᠲᠤ ᠪᠠᠶᠢᠵᠦ᠂ ᠢᠯᠠᠩᠭᠤᠶ᠎ᠠ ᠨᠢᠳᠤ ᠪᠣᠯ ᠪᠡᠶ᠎ᠡ ᠶᠢᠨ ᠭᠠᠳᠠᠷᠭᠤ ᠳᠤ ᠢᠯᠨ ᠪᠠᠶᠢᠭ᠎ᠠ ᠲᠤᠯᠠᠲᠠ ᠰᠠᠴᠤᠷᠠᠭ ᠠᠴᠠ ᠬᠠᠮᠠᠭᠠᠯᠠᠬᠤ ᠳᠤ ᠣᠨᠴᠤᠭᠤᠢ ᠪᠠᠶᠢᠷᠢ ᠰᠠᠭᠤᠷᠢ ᠶᠢ ᠡᠵᠡᠯᠡᠳᠡᠭ᠃ ᠭᠤᠣᠯ ᠪᠡᠶ᠎ᠡ ᠨᠢ ᠲᠡᠤᠷ᠎ᠡ ᠪᠠᠷ ᠴᠡᠭᠡᠵᠢ ᠬᠡᠪᠡᠯᠢ ᠶᠢᠨ ᠬᠤᠶᠡᠷ ᠬᠦᠨᠳᠡᠢ ᠬᠡᠰᠡᠭ ᠪᠣᠯᠣᠨ ᠲᠤᠰᠭᠠᠷᠯᠠᠭᠳᠠᠭᠠᠳ᠂ ᠴᠢᠬᠤᠯᠨ ᠮᠦᠷᠲᠡᠭᠡᠨ ᠵᠦᠭᠡᠯᠡᠨ ᠵᠣᠩᠬᠢᠯᠠᠬᠤ ᠰᠠᠪᠠ ᠴᠣᠯᠤ ᠨᠤᠭᠤᠳ ᠴᠦᠮ ᠠᠳᠡ ᠲᠦᠪᠯᠡᠷᠡᠵᠦ ᠪᠠᠶᠢᠳᠠᠭ᠃      ᠬᠦᠮᠦᠨ ᠤ ᠪᠡᠶ᠎ᠡ ᠳᠤ ᠶᠠᠮᠠᠷ ᠨᠢᠭᠡᠨ ᠡᠭᠦᠷᠭᠡ ᠴᠢᠳᠠᠪᠤᠷᠢ ᠶᠢ ᠬᠠᠮᠲᠤᠪᠠᠷ ᠭᠦᠢᠴᠡᠳᠬᠡᠳᠡᠭ ᠵᠠᠷᠢᠮ ᠨᠢᠭᠡ ᠪᠦᠯᠦᠭ ᠡᠷᠬᠡᠲᠡᠨ ᠨᠦᠭᠦᠳ ᠤᠨ ᠬᠤᠯᠪᠤᠭᠠᠲᠤ ᠴᠣᠭᠴᠠᠰ ᠢ ᠰᠢᠰᠲ᠋ᠧᠮ ︵System︶ ᠭᠡᠳᠡᠭ᠃ ᠬᠦᠮᠦᠨ ᠤ ᠪᠡᠶ᠎ᠡ ᠳᠤ ᠠᠳᠠᠯᠢ ᠪᠤᠰᠤ ᠦᠢᠯᠡᠳᠦᠯ ᠪᠦᠬᠦᠢ ᠡᠯ᠎ᠡ ᠵᠦᠢᠯ ᠤᠨ ᠰᠢᠰᠲ᠋ᠧᠮ ᠬᠡᠳᠦᠨ ᠠᠷᠪᠠ ᠪᠠᠶᠢᠵᠦ᠂ ᠰᠢᠰᠲ᠋ᠧᠮ ᠪᠦᠷᠢ ᠨᠢ ᠴᠦᠮ ᠴᠢᠬᠤᠯᠨ ᠦᠢᠯᠡᠳᠦᠯ ᠭᠠᠷᠭᠠᠵᠦ ᠪᠠᠶᠢᠳᠠᠭ ᠪᠦᠭᠡᠳ ᠲᠡᠳᠡᠭᠡᠷ ᠨᠢ ᠬᠦᠮᠦᠨ ᠤ ᠪᠡᠶ᠎ᠡ ᠶᠢᠨ ᠠᠮᠢ ᠨᠠᠰᠤᠨ ᠤ ᠬᠡᠪ ᠤᠨ ᠠᠵᠢᠯᠯᠠᠭᠠᠨ ᠢ ᠦᠷᠬᠦᠯᠵᠢᠯᠡᠭᠦᠯᠬᠦ ᠶᠢᠨ ᠬᠠᠮᠲᠤ ᠭᠠᠳᠠᠭᠠᠳᠤ ᠣᠷᠴᠢᠨ ᠯᠤᠭ᠎ᠠ ᠶᠢᠨ ᠬᠠᠷᠢᠴᠠᠭ᠎ᠠ ᠶᠢ ᠵᠣᠬᠢᠴᠠᠯᠳᠤᠭᠤᠯᠵᠦ ᠪᠠᠶᠢᠳᠠᠭ᠃ ᠬᠦᠮᠦᠨ ᠤ ᠪᠡᠶ᠎ᠡ ᠶᠢᠨ ᠪᠣᠢ ᠪᠦᠬᠦᠢ ᠰᠢᠰᠲ᠋ᠧᠮ ᠤᠨ ᠠᠵᠢᠯᠯᠠᠭᠠᠨ ᠨᠢ ᠪᠦᠷ ᠮᠡᠳᠡᠷᠡᠯ ᠤᠨ ᠰᠢᠰᠲ᠋ᠧᠮ ᠪᠣᠯᠣᠨ ᠲᠣᠲᠤᠭᠠᠳᠤ ᠱᠦᠭᠦᠷᠯᠡᠯ ᠤᠨ ᠰᠢᠰᠲ᠋ᠧᠮ ᠢ ᠳᠠᠮᠵᠢᠨ ᠬᠤᠭᠤᠷᠣᠨᠳᠤ ᠪᠠᠨ ᠵᠣᠬᠢᠴᠠᠯᠳᠤᠵᠦ ᠪᠠᠶᠢᠳᠠᠭ᠃ ᠰᠠᠴᠤᠷᠠᠭ ᠠᠴᠠ ᠬᠠᠮᠠᠭᠠᠯᠠᠬᠤ ᠳᠤ ᠠᠮᠢᠰᠬᠤᠯ ᠤᠨ ᠰᠢᠰᠲ᠋ᠧᠮ᠂ ᠰᠠᠮᠰᠢᠭᠤ ᠪᠣᠯᠣᠨ ᠴᠢᠰᠤᠨ ᠡᠷᠭᠢᠯᠲᠡ ᠶᠢᠨ ᠰᠢᠰᠲ᠋ᠧᠮ ᠵᠡᠷᠭᠡ ᠴᠢᠬᠤᠯᠨ ᠪᠠᠶᠢᠳᠠᠭ᠃     1. ᠠᠮᠢᠰᠬᠤᠯ ᠤᠨ ᠰᠢᠰᠲ᠋ᠧᠮ    ᠭᠤᠣᠯᠳᠠᠭᠤ ᠬᠠᠮᠠᠷ᠂ ᠮᠦᠬᠡᠷᠰᠦᠨ ᠬᠤᠭᠤᠯᠠᠢ ᠪᠣᠯᠣᠨ ᠠᠭᠤᠰᠬᠢ ᠪᠠᠷ ᠪᠦᠷᠢᠯᠳᠦᠨ᠂ ᠬᠦᠮᠦᠨ ᠤ ᠪᠡᠶ᠎ᠡ ᠶᠢᠨ ᠡᠯ᠎ᠡ ᠡᠷᠬᠡᠲᠡᠨ ᠨᠡᠬᠡᠳᠡᠰᠤ ᠶᠢᠨ ᠡᠰ ᠨᠤᠭᠤᠳ ᠲᠤ ᠬᠦᠴᠢᠯᠲᠦᠷᠦᠭᠴᠢ ᠶᠢ ᠬᠠᠨᠭ᠍ᠭᠠᠳᠠᠭ᠃ ᠴᠢᠰᠤᠨ ᠡᠷᠭᠢᠯᠲᠠ ᠨᠢ ᠠᠭᠤᠰᠬᠢ ᠪᠠᠷ ᠦᠡᠭᠭᠡᠷᠡᠬᠦ ᠳᠡᠭᠡᠨ ᠠᠮᠢᠰᠬᠤᠨ ᠣᠷᠤᠭᠤᠯᠤᠭᠰᠠᠨ ᠬᠦᠴᠢᠯᠲᠦᠷᠦᠭᠴᠢ ᠶᠢ ᠰᠢᠩᠭᠡᠭᠡᠨ ᠠᠪᠤᠭᠠᠳ ᠪᠦᠬᠦ ᠪᠡᠶ᠎ᠡ ᠶᠢᠨ ᠡᠰ ᠲᠤ ᠬᠦᠷᠭᠡᠬᠦ ᠶᠢᠨ ᠳᠠᠭᠠᠤ ᠲᠡᠳᠡᠨ ᠠᠴᠠ ᠭᠠᠷᠤᠭᠰᠠᠨ ᠨᠡᠭᠦᠷᠡᠰᠦ ᠬᠦᠴᠢᠯ ᠤᠨ ᠳᠠᠪᠬᠤᠷ ᠢᠰᠤᠯ ᠵᠡᠷᠭᠡ ᠬᠠᠶᠠᠭᠳᠠᠮᠠᠯ ᠬᠡᠢ ᠶᠢ ᠠᠭᠤᠰᠬᠢᠨ ᠳᠤ ᠠᠪᠴᠢᠷᠠᠭᠠᠳ ᠠᠮᠢᠰᠬᠤᠨ ᠭᠠᠷᠭᠠᠳᠠᠭ᠃     ᠠᠭᠠᠷ ᠬᠡᠷᠪᠡ ᠰᠠᠴᠤᠷᠠᠭᠲᠤ ᠪᠣᠳᠠᠰ ᠲᠤ ᠪᠣᠬᠢᠷᠳᠠᠪᠠᠯ ᠲᠡᠭᠦᠨ ᠤ ᠵᠢᠭᠵᠢᠭᠡᠷ ᠮᠦᠬᠦᠯᠢᠭ ᠨᠦᠭᠦᠳ ᠨᠢ ᠠᠮᠢᠰᠬᠤᠯ ᠢ ᠳᠠᠭᠠᠯᠳᠤᠨ ᠲᠣᠭᠤᠰᠤ ᠲᠣᠷᠳᠤᠭ ᠲᠠᠢ ᠴᠤᠭᠭᠠᠷ ᠬᠦᠮᠦᠨ ᠤ ᠪᠡᠶᠡᠨ ᠳᠤ ᠣᠷᠤᠳᠠᠭ᠃ ᠡᠭᠦᠨ ᠤ ᠳᠣᠲᠤᠷᠠᠬᠢ ᠦᠴᠦᠬᠡᠨ ᠨᠢᠭᠡ ᠪᠦᠯᠦᠭ ᠨᠢ ᠠᠭᠤᠰᠬᠢᠨ ᠳᠤ ᠲᠤᠨᠤᠵᠦ᠂ ᠪᠤᠰᠤᠳ ᠢ ᠨᠢ ᠠᠮᠢᠰᠬᠤᠨ ᠭᠠᠷᠭᠠᠬᠤ ᠦᠭᠡᠢ ᠪᠣᠯ ᠳᠠᠷᠤᠢ ᠠᠮᠠᠨ ᠬᠦᠨᠳᠡᠢ ᠳᠤ ᠲᠤᠨᠤᠭᠠᠳ ᠳᠠᠷᠠᠭ᠎ᠠ ᠨᠢ ᠵᠠᠯᠭᠢᠨ ᠣᠷᠤᠭᠤᠯᠳᠠᠭ᠃ ᠠᠭᠤᠰᠬᠢᠨ ᠳᠤ ᠲᠤᠨᠤᠭᠰᠠᠨ ᠰᠠᠴᠤᠷᠠᠭᠲᠤ ᠪᠣᠳᠠᠰ ᠤᠨ ᠬᠢᠯᠪᠠᠷᠬᠠᠨ ᠠᠭᠤᠰᠳᠠᠭ ᠨᠢᠭᠡ ᠪᠦᠯᠦᠭ ᠤᠨ ᠣᠯᠠᠩᠬᠢ ᠨᠢ ᠬᠡᠳᠦᠨ ᠴᠠᠭ ᠤᠨ ᠳᠣᠲᠤᠷ᠎ᠠ ᠴᠢᠰᠤᠨ ᠳᠤ ᠬᠤᠯᠢᠯᠳᠤᠭᠠᠳ ᠲᠡᠭᠦᠨ ᠤ ᠡᠷᠭᠢᠯᠲᠡ ᠶᠢ ᠲᠠᠭᠠᠨ ᠪᠡᠶ᠎ᠡ ᠶᠢᠨ ᠡᠯ᠎ᠡ ᠭᠡᠰᠡᠭ ᠲᠤ ᠬᠦᠷᠳᠡᠭ᠃ ᠦᠯᠦ ᠠᠭᠤᠰᠬᠤ ᠨᠢᠭᠡ ᠪᠦᠯᠦᠭ ᠨᠢ ᠬᠠᠷᠢᠨ ᠠᠭᠤᠰᠬᠢᠨ ᠳᠣᠲᠤᠷ᠎ᠠ ᠬᠡᠳᠦᠨ ᠰᠠᠷ᠎ᠠ ᠪᠠᠷ ᠲᠣᠭᠲᠠᠵᠦ ᠪᠠᠶᠢᠳᠠᠭ᠃    2. ᠰᠠᠮᠰᠢᠭᠤ    ᠪᠣᠳᠠᠰ ᠪᠣᠯ ᠪᠦᠷ ᠲᠡᠳᠡᠭᠡᠷ ᠨᠢᠭᠡᠨᠲᠡ ᠮᠡᠳᠡᠭᠰᠡᠨ ᠵᠠᠭᠤ ᠭᠠᠷᠤᠢ ᠵᠦᠢᠯ ᠤᠨ ᠡᠯᠧᠮᠧᠨ᠋ᠲ ᠤᠨ ᠠᠳᠠᠯᠢ ᠪᠤᠰᠤ ᠨᠠᠶᠢᠷᠠᠯᠭ᠎ᠠ ᠪᠠᠷ ᠪᠦᠲᠦᠭᠰᠡᠨ ᠪᠦᠭᠡᠳ ᠪᠦᠬᠦᠯᠢ ᠴᠣᠭᠴᠠ ᠳᠤᠨᠢ ᠠᠪᠴᠤ ᠬᠡᠯᠡᠪᠡᠯ᠂ ᠣᠷᠴᠢᠯᠠᠩ ᠪᠠ ᠭᠠᠵᠠᠷ ᠤᠨ ᠪᠦᠮᠪᠦᠷᠴᠡᠭ ᠵᠢᠴᠢ ᠬᠦᠮᠦᠨ ᠤ ᠪᠡᠶ᠎ᠡ ᠳᠠᠬᠢ ᠡᠳᠡᠭᠡᠷ ᠡᠯᠧᠮᠧᠨ᠋ᠲ ᠶᠢᠨ ᠬᠠᠷᠢᠴᠠᠯ ᠨᠢ ᠶᠡᠭᠡ ᠲᠦᠯᠦᠪ ᠠᠳᠠᠯᠢᠪᠲᠤᠷ ᠪᠠᠶᠢᠳᠠᠭ᠃ ᠡᠶᠢᠮᠦ ᠠᠴᠠ ᠪᠠᠶᠢᠭᠠᠯᠢ ᠶᠢᠷᠲᠢᠨᠴᠤ ᠳᠤ ᠣᠷᠣᠰᠢᠵᠦ ᠪᠠᠶᠢᠭ᠎ᠠ ᠶᠠᠮᠠᠷ ᠴᠤ ᠨᠢᠭᠡᠨ ᠡᠯᠧᠮᠧᠨ᠋ᠲ ᠴᠤ ᠭᠡᠳ ᠬᠦᠮᠦᠨ ᠤ ᠪᠡᠶ᠎ᠡ ᠳᠤ ᠪᠦᠷ ᠪᠠᠶᠢᠵᠦ᠂ ᠲᠡᠳᠡᠨ ᠠᠴᠠ ᠪᠦᠷᠢᠯᠳᠦᠭᠰᠡ ᠰᠢᠬᠢᠷ᠂ ᠤᠭᠤᠷᠠᠭ ᠪᠣᠯᠣᠨ ᠦᠭᠡᠬᠦ ᠭᠤᠷᠪᠠᠨ ᠶᠡᠭᠡ ᠰᠢᠮ᠎ᠡ ᠲᠡᠵᠢᠭᠡᠯ ᠤᠨ ᠪᠦᠷᠢᠯᠳᠦᠭᠦᠨ ᠨᠢ ᠬᠦᠮᠦᠨ ᠤ ᠪᠡᠶ᠎ᠡ ᠮᠠᠬᠠᠪᠣᠳ ᠤᠨ ᠪᠣᠳᠠᠰ ᠤᠨ ᠰᠠᠭᠤᠷᠢ ᠶᠢ ᠪᠦᠲᠦᠭᠡᠳᠡᠭ᠃          ᠢᠳᠡᠭᠡᠨ ᠤᠮᠳᠠᠭᠠᠨ ᠢ ᠪᠣᠯᠪᠰᠤᠷᠠᠭᠤᠯᠤᠨ ᠬᠦᠮᠦᠨ ᠤ ᠪᠡᠶ᠎ᠡ ᠶᠢᠨ ᠡᠷᠬᠡᠲᠡᠨ ᠨᠡᠬᠡᠳᠡᠰᠤ ᠶᠢᠨ ᠦᠰᠦᠨ ᠪᠣᠶᠢᠵᠢᠬᠤ  ᠪᠣᠶᠤ ᠲᠣᠷᠪᠢᠵᠢᠬᠤ ᠳᠤ ᠬᠡᠷᠡᠭᠰᠡᠬᠦ ᠰᠢᠮ᠎ᠡ ᠲᠡᠵᠢᠭᠡᠯ ᠪᠣᠯᠭᠠᠳᠠᠭ ᠨᠢᠭᠡ ᠪᠦᠯᠦᠭ ᠰᠠᠪᠠ ᠨᠤᠭᠤᠳ ᠢ ᠰᠠᠮᠰᠢᠭᠤ ᠭᠡᠳᠡᠭ᠃ ᠲᠡᠷᠨ ᠨᠢ ᠭᠤᠣᠯᠳᠠᠭᠤ ᠤᠯᠠᠭᠠᠨ ᠬᠤᠭᠤᠯᠠᠢ᠂ ᠬᠤᠲᠤᠭᠤᠲᠤ᠂ ᠨᠤᠭᠤᠯᠤᠭᠤᠷ ᠭᠡᠳᠡᠰᠤ ᠪᠣᠯᠣᠨ ᠨᠠᠷᠢᠨ ᠭᠡᠳᠡᠰᠤ ᠪᠠᠷ ᠪᠦᠷᠢᠯᠳᠦᠳᠡᠭ᠃    ᠢᠳᠡᠭᠡᠨ ᠨᠢ ᠠᠮᠠᠨ ᠳᠤ ᠣᠷᠤᠭᠰᠠᠨ ᠤ ᠳᠠᠷᠠᠭ᠎ᠠ ᠵᠠᠵᠢᠯᠤᠭᠳᠠᠨ ᠨᠢᠴᠠᠷᠠᠭᠠᠳ ᠰᠢᠩᠭᠡᠭᠡᠯᠲᠡ ᠶᠢᠨ ᠱᠦᠭᠦᠷᠡᠰᠦᠨ ᠳᠤ ᠬᠤᠯᠢᠭᠳᠠᠨ ᠰᠠᠮᠰᠢᠭᠤ ᠳᠣᠲᠤᠷ᠎ᠠ ᠬᠢᠮᠢ ᠶᠢᠨ ᠤᠷᠪᠠᠯ ᠢᠶᠠᠷ ᠳᠠᠮᠵᠢᠨ ᠲᠣᠮᠤ ᠮᠣᠯᠧᠺᠦ᠋ᠯ ᠪᠣᠯᠣᠨ ᠵᠠᠳᠠᠷᠠᠭᠰᠠᠨ ᠤ ᠳᠠᠷᠠᠭ᠎ᠠ ᠢᠰᠦᠭᠦᠷ ᠲᠤ ᠪᠠᠰᠨ ᠬᠡᠮᠬᠡᠯᠡᠭᠳᠡᠭᠡᠳ᠂ ᠳᠠᠷᠠᠭ᠎ᠠ ᠨᠢ ᠡᠯᠢᠭᠡ ᠪᠠᠷ ᠳᠠᠮᠵᠢᠨ ᠢᠯᠴᠢ ᠪᠠ ᠡᠨᠧᠷᠬᠢ ᠪᠣᠯᠵᠦ ᠴᠢᠰᠤᠨ ᠳᠤ ᠰᠢᠩᠭᠡᠭᠡᠭᠳᠡᠭᠡᠳ ᠡᠯ᠎ᠡ ᠨᠡᠬᠡᠳᠡᠰᠤ ᠨᠦᠭᠦᠳ ᠲᠤ ᠬᠦᠷᠭᠡᠭᠳᠡᠳᠡᠭ᠃ ᠰᠢᠩᠭᠡᠭᠡᠭᠳᠡᠭᠰᠡᠨ ᠦᠭᠡᠢ ᠢᠳᠡᠰᠢ ᠪᠣᠯᠣᠨ ᠪᠠᠺᠲ᠋ᠧᠷᠢ ᠵᠢᠴᠢ ᠨᠠᠷᠢᠨ ᠭᠡᠳᠡᠰᠦᠨ ᠤ ᠬᠠᠨᠠᠨ ᠠᠴᠠ ᠬᠤᠭᠵᠢᠷᠠᠨ  ᠤᠨᠠᠭᠰᠠᠨ ᠡᠰ ᠵᠡᠷᠭᠡ ᠬᠠᠶᠠᠭᠳᠠᠮᠠᠯ ᠤᠳ ᠨᠢ ᠪᠦᠳᠦᠭᠦᠨ ᠭᠡᠳᠡᠰᠦᠨ ᠳᠤ ᠣᠷᠣᠵᠦ ᠬᠠᠲᠠᠭᠤᠷᠠᠭᠰᠠᠨ ᠤ ᠳᠠᠷᠠᠭ᠎ᠠ ᠡᠴᠦᠰ  ᠲᠡᠭᠡᠨ ᠪᠠᠭᠠᠰᠤ ᠪᠣᠯᠣᠨ ᠪᠡᠶ᠎ᠡ ᠠᠴᠠ ᠢᠯᠭᠠᠨ ᠭᠠᠷᠭᠠᠳᠠᠭ᠃     ᠤᠰᠤ ᠪᠣᠯ ᠬᠦᠮᠦᠨ ᠤ ᠪᠡᠶ᠎ᠡ ᠶᠢᠨ ᠠᠮᠢᠳᠤ ᠪᠣᠳᠠᠰ ᠤᠨ ᠬᠢᠮᠢ ᠶᠢᠨ ᠤᠷᠪᠠᠯ ᠢ ᠦᠷᠬᠦᠯᠵᠢᠯᠡᠭᠦᠯᠬᠦ ᠳᠤ ᠵᠠᠪᠠᠯ ᠬᠡᠷᠡᠭᠰᠡᠬᠦ  ᠪᠦᠷᠢᠯᠳᠦᠭᠦᠨ ᠨᠢ ᠪᠦᠭᠡᠳ ᠪᠠᠰᠨ ᠴᠤ ᠠᠮᠢ ᠨᠠᠰᠤᠨ ᠤ ᠠᠵᠢᠯᠯᠠᠭᠠᠨ ᠤ ᠪᠣᠳᠠᠰ ᠤᠨ ᠨᠦᠭᠦᠴᠡᠯ ᠤᠨ ᠨᠢᠭᠡ ᠨᠢ ᠮᠦᠨ᠃ ᠬᠦᠮᠦᠨ ᠤ ᠪᠡᠶ᠎ᠡ ᠶᠢᠨ ᠳᠤᠮᠳᠠᠴᠢ ᠬᠦᠨᠳᠤ ᠶᠢᠨ 65% ᠨᠢ ᠤᠰᠤ ᠪᠦᠭᠡᠳ ᠶᠡᠭᠡ ᠬᠦᠮᠦᠨ ᠪᠣᠯ 70%  ᠂ ᠬᠡᠪᠲᠡᠰᠢᠨ ᠳᠠᠬᠢ 4 ᠰᠠᠷ᠎ᠠ ᠲᠠᠢ ᠬᠡᠤᠬᠡᠳ ᠪᠣᠯ 91% ᠶᠢ ᠨᠢ ᠡᠵᠡᠯᠡᠳᠡᠭ᠃ ᠶᠠᠰᠤᠨ ᠤ ᠪᠣᠯ ᠪᠠᠷᠤᠭ 20%᠂ ᠪᠣᠯᠴᠢᠩ ᠪᠣᠯ ᠪᠠᠷᠤᠭ 76%᠂ ᠪᠠᠮᠪᠠᠢ ᠪᠣᠯᠴᠢᠷᠬᠠᠢ ᠶᠢᠨ ᠪᠠᠷᠤᠭ 80%᠂ ᠲᠠᠷᠢᠬᠢᠨ ᠤ ᠪᠠᠷᠤᠭ 86%᠂ ᠨᠢᠳᠦᠨ ᠪᠣᠯᠣᠷ ᠤᠨ ᠪᠠᠷᠤᠭ 99% ᠨᠢ ᠪᠦᠷ ᠤᠰᠤ ᠪᠢᠯᠨ᠃ ᠤᠰᠤ ᠨᠢ ᠪᠠᠰᠨ ᠡᠰ ᠤᠨ ᠳᠣᠲᠤᠭᠠᠲᠤ ᠭᠠᠳᠠᠭᠠᠳᠤ ᠣᠷᠴᠢᠨ ᠠᠬᠤᠢ ᠶᠢᠨ ᠴᠠᠬᠢᠯᠭᠠᠨ ᠲᠡᠩᠴᠡᠯ ᠵᠡᠷᠭᠡ ᠪᠠᠷ ᠳᠠᠮᠵᠢᠨ ᠬᠦᠮᠦᠨ ᠤ ᠪᠡᠶ᠎ᠡ ᠶᠢᠨ ᠣᠯᠠᠨ ᠵᠦᠢᠯ ᠢ ᠲᠡᠩᠴᠡᠭᠦᠯᠵᠦ ᠪᠠᠶᠢᠳᠠᠭ᠃ ᠬᠦᠮᠦᠨ ᠤ ᠪᠡᠶ᠎ᠡ ᠶᠢᠨ ᠬᠠᠶᠠᠭᠳᠠᠮᠠᠯ ᠰᠢᠩᠭᠡᠨ ᠡᠳ᠋ ᠳᠠᠷᠤᠢ ᠤᠰᠤᠨ ᠳᠤ ᠠᠭᠤᠰᠤᠭᠰᠠᠨ ᠬᠡᠷᠡᠭ ᠦᠭᠡᠢ ᠡᠰ ᠤᠳ ᠨᠢ ᠬᠠᠷ᠎ᠠ ᠪᠦᠭᠡᠷ᠎ᠡ ᠪᠣᠯᠣᠨ ᠳᠠᠪᠤᠰᠠᠩ  ᠢᠶᠠᠷ ᠳᠠᠮᠵᠢᠨ ᠰᠢᠭᠡᠰᠤ ᠪᠣᠯᠤᠭᠠᠳ ᠪᠠᠰᠨ ᠪᠡᠶ᠎ᠡ ᠶᠢᠨ ᠭᠠᠳᠠᠨ᠎ᠠ ᠢᠯᠭᠠᠭᠳᠠᠨ ᠭᠠᠷᠳᠠᠭ᠃           ᠣᠷᠴᠢᠨ ᠲᠣᠭᠤᠷᠢᠨ ᠰᠠᠴᠤᠷᠠᠭᠲᠤ ᠪᠣᠳᠠᠰ ᠲᠤ ᠪᠣᠬᠢᠷᠳᠠᠪᠠᠯ ᠠᠮᠢᠲᠠᠨ ᠤᠷᠭᠤᠮᠠᠯ ᠳᠤ ᠰᠢᠩᠭᠡᠭᠰᠡᠨ ᠰᠠᠴᠤᠷᠠᠭᠲᠤ ᠪᠣᠳᠠᠰ ᠨᠢ ᠢᠳᠡᠭᠡᠨ ᠤᠮᠳᠠᠭᠠᠨ ᠢᠶᠠᠷ ᠳᠠᠮᠵᠢᠨ ᠬᠦᠮᠦᠨ ᠤ ᠪᠡᠶᠡᠨ ᠳᠤ ᠣᠷᠤᠳᠠᠭ᠃ ᠪᠡᠶᠡᠨ ᠳᠤ ᠣᠷᠤᠭᠰᠠᠨ ᠰᠠᠴᠤᠷᠠᠭᠲᠤ ᠪᠣᠳᠠᠰ ᠤᠳ ᠤᠨ ᠠᠭᠤᠰᠬᠤ ᠨᠢᠭᠡ ᠪᠦᠯᠦᠭ ᠨᠢ ᠰᠠᠮᠰᠢᠭᠤ ᠪᠠᠷ ᠳᠠᠮᠵᠢᠨ ᠴᠢᠰᠤᠨ ᠡᠷᠭᠢᠯᠲᠠ ᠳᠤ ᠣᠷᠤᠭᠠᠳ ᠪᠡᠶ᠎ᠡ ᠶᠢᠨ ᠡᠯ᠎ᠡ ᠬᠡᠰᠡᠭ ᠳᠠᠬᠢ ᠲᠤᠰ ᠲᠤᠰ ᠤᠨ ᠢᠶᠠᠨ ᠲᠤᠨᠤᠬᠤ ᠲᠤᠷᠠᠲᠠᠢ ᠡᠷᠬᠡᠲᠡᠨ ᠨᠡᠬᠡᠳᠡᠰᠤ ᠨᠦᠭᠦᠳ ᠲᠡᠭᠡᠨ ᠬᠦᠷᠳᠡᠭ᠃ ᠠᠭᠤᠰᠬᠤ ᠦᠭᠡᠢ ᠨᠢᠭᠡ ᠪᠦᠯᠦᠭ ᠤᠳ ᠨᠢ ᠰᠠᠮᠰᠢᠭᠤ ᠪᠠ ᠰᠢᠭᠡᠰᠦᠨ ᠵᠠᠮ ᠢᠶᠠᠷ ᠳᠠᠮᠵᠢᠨ ᠳᠠᠷᠠᠭ᠎ᠠ ᠨᠢ ᠪᠠᠭᠠᠰᠤ ᠰᠢᠭᠡᠰᠤ ᠲᠠᠢ ᠴᠤᠭᠭᠠᠷ ᠢᠯᠭᠠᠭᠳᠠᠨ ᠭᠠᠷᠳᠠᠭ᠃ ᠡᠳᠡᠭᠡᠷ ᠰᠠᠴᠤᠷᠠᠭᠲᠤ ᠪᠣᠳᠠᠰ ᠤᠳ ᠨᠢ ᠬᠦᠮᠦᠨ ᠤ ᠪᠡᠶ᠎ᠡ ᠪᠠᠷ ᠦᠡᠭᠭᠡᠷᠡᠬᠦ ᠦᠶᠡᠰ ᠲᠤ᠂ ᠰᠠᠮᠰᠢᠭᠤ ᠪᠠ  ᠪᠦᠳᠦᠭᠦᠨ ᠭᠡᠳᠡᠰᠤ ᠵᠢᠴᠢ ᠬᠠᠷ᠎ᠠ ᠪᠦᠭᠡᠷ᠎ᠡ ᠪᠣᠯᠣᠨ ᠳᠠᠪᠤᠰᠠᠩ ᠨᠢ ᠰᠠᠴᠤᠷᠠᠭ ᠲᠤ ᠲᠤᠰᠬᠠᠭᠳᠠᠳᠠᠭ᠃      3. ᠡᠷᠭᠢᠯᠲᠡ ᠶᠢᠨ ᠰᠢᠰᠲ᠋ᠧᠮ     ᠬᠦᠮᠦᠨ ᠤ ᠪᠡᠶ᠎ᠡ ᠳᠤ ᠪᠠᠷᠤᠭ 5 ᠯᠢᠲᠷ ᠴᠢᠰᠤ ᠲᠠᠢ ᠪᠠᠶᠢᠵᠦ᠂ ᠲᠡᠷᠨ ᠨᠢ ᠵᠢᠷᠦᠬᠡ ᠰᠤᠳᠠᠯ ᠢᠶᠠᠷ ᠳᠠᠮᠵᠢᠨ ᠨᠢᠭᠡᠨ ᠪᠢᠲᠡᠭᠦᠦ ᠬᠡᠯᠬᠢᠶ᠎ᠡ ᠪᠣᠯᠣᠨ ᠪᠦᠷᠢᠯᠳᠦᠭᠡᠳ᠂ ᠵᠢᠷᠦᠬᠡᠨ ᠯᠤᠭᠰᠢᠯᠲᠠ ᠳᠣᠣᠷ᠎ᠠ ᠳᠤᠮᠳᠠᠴᠢ ᠪᠠᠷ ᠮᠢᠨᠦ᠋ᠲ ᠪᠦᠷᠢ ᠨᠢᠭᠡ ᠤᠳᠠᠭ᠎ᠠ ᠪᠦᠬᠦ ᠪᠡᠶ᠎ᠡ ᠶᠢᠨ ᠡᠯ᠎ᠡ ᠬᠡᠰᠡᠭ ᠤᠨ ᠡᠰ ᠲᠤ ᠬᠡᠷᠡᠭᠰᠡᠬᠦ ᠰᠢᠮ᠎ᠡ ᠲᠡᠵᠢᠭᠡᠯ ᠪᠣᠯᠣᠨ ᠬᠦᠴᠢᠯᠲᠦᠷᠦᠭᠴᠢ ᠶᠢ ᠬᠦᠷᠭᠡᠨ ᠦᠭᠭᠦ ᠶᠢᠨ ᠬᠠᠮᠲᠤ᠂ ᠭᠠᠷᠤᠭᠰᠠᠨ ᠬᠠᠶᠠᠭᠳᠠᠮᠠᠯ ᠡᠳ᠋ ᠪᠣᠯᠣᠨ ᠨᠡᠭᠦᠷᠡᠰᠦᠲᠦᠷᠦᠭᠴᠢ ᠶᠢᠨ ᠳᠠᠪᠬᠤᠷ ᠢᠰᠤᠯ ᠢ ᠢᠯᠭᠠᠬᠤ ᠡᠷᠬᠡᠲᠡᠨ ᠳᠤ ᠠᠪᠠᠭᠠᠴᠢᠵᠦ ᠦᠭᠬᠦᠳᠡᠭ᠃ ᠡᠭᠦᠨ ᠢ ᠭᠤᠣᠯᠳᠠᠭᠤ ᠵᠢᠷᠦᠬᠡᠨ ᠤ ᠬᠤᠶᠡᠷ ᠬᠦᠭᠡᠷᠭᠡ ᠪᠣᠯᠣᠨ ᠴᠢᠰᠤᠨ ᠤ ᠬᠤᠶᠡᠷ ᠡᠰ ᠪᠡᠶᠡᠯᠡᠭᠦᠯᠳᠡᠭ᠃  ᠵᠢᠷᠦᠬᠡᠨ ᠤ ᠵᠡᠭᠦᠨ ᠲᠠᠯ᠎ᠠ ᠶᠢᠨ ᠬᠦᠭᠡᠷᠭᠡ ᠨᠢ ᠯᠤᠭᠰᠢᠬᠤ ᠰᠤᠳᠠᠯ ᠢᠶᠠᠷ ᠳᠠᠮᠵᠢᠭᠤᠯᠤᠨ ᠴᠢᠰᠤ ᠶᠢ ᠡᠯ᠎ᠡ ᠡᠷᠬᠡᠲᠡᠨ ᠨᠡᠬᠡᠳᠡᠰᠤ ᠶᠢᠨ ᠡᠰ ᠨᠦᠭᠦᠳ ᠲᠤ ᠬᠦᠷᠭᠡᠬᠦ ᠪᠦᠭᠡᠳ ᠲᠡᠭᠦᠨ ᠳᠤ ᠮᠠᠰᠢ ᠠᠷᠪᠢᠨ ᠬᠦᠴᠢᠯᠲᠦᠷᠦᠭᠴᠢ ᠠᠭᠤᠯᠠᠭᠳᠠᠵᠦ ᠪᠠᠶᠢᠭ᠎ᠠ ᠪᠣᠯᠬᠤᠷ ᠲᠡᠷᠨ ᠨᠢ ᠴᠢᠰ ᠤᠯᠠᠭᠠᠨ ᠪᠠᠶᠢᠳᠠᠭ᠃ ᠴᠢᠰᠤ ᠨᠢ ᠨᠡᠬᠡᠳᠡᠰᠤ ᠪᠠᠷ ᠦᠡᠭᠭᠡᠷᠡᠭᠰᠡᠨ ᠤ ᠳᠠᠷᠠᠭ᠎ᠠ᠂ ᠨᠠᠮᠵᠢᠭᠤᠨ ᠰᠤᠳᠠᠯ ᠢᠶᠠᠷ ᠳᠠᠮᠵᠢᠨ ᠵᠢᠷᠦᠬᠡᠨ ᠤ ᠪᠠᠷᠠᠭᠤᠨ ᠲᠠᠯ᠎ᠠ ᠳᠤ ᠪᠣᠴᠠᠨ ᠢᠷᠡᠬᠦ ᠪᠦᠭᠡᠳ ᠲᠡᠭᠦᠨ ᠳᠤ ᠬᠦᠴᠢᠯᠲᠦᠷᠦᠭᠴᠢ ᠳᠤᠩ ᠴᠦᠬᠡᠨ ᠪᠣᠯᠬᠤᠷ᠂ ᠬᠦᠷᠡᠩ ᠤᠯᠠᠭᠠᠨ ᠦᠡᠭᠭᠡᠲᠠᠢ ᠪᠠᠶᠢᠳᠠᠭ᠃ ᠵᠠᠯᠭᠠᠭᠠᠳ ᠲᠡᠭᠦᠨ ᠢ ᠠᠭᠤᠰᠬᠢᠨ ᠳᠤ ᠬᠦᠷᠬᠡᠨ ᠬᠦᠴᠢᠯᠲᠦᠷᠦᠭᠵᠢᠭᠰᠡᠨ ᠤ ᠳᠠᠷᠠᠭ᠎ᠠ ᠳᠠᠬᠢᠨ ᠵᠢᠷᠦᠬᠡᠨ ᠤ ᠵᠡᠭᠦᠨ ᠲᠠᠯ᠎ᠠ ᠳᠤ ᠪᠣᠴᠠᠨ ᠰᠢᠨ᠎ᠡ ᠨᠢᠭᠡᠨ ᠡᠷᠭᠢᠯᠲᠠ ᠡᠬᠢᠯᠡᠳᠡᠭ᠃      ᠴᠢᠰᠤᠨ ᠳᠤ ᠤᠯᠠᠭᠠᠨ ᠡᠰ᠂ ᠴᠠᠭᠠᠨ ᠡᠰ ᠪᠣᠯᠣᠨ ᠴᠢᠰᠤᠨ ᠤ ᠢᠯᠳᠠᠰᠤ ᠭᠡᠰᠡᠨ ᠭᠤᠷᠪᠠᠨ ᠵᠦᠢᠯ ᠤᠨ ᠡᠰ ᠪᠠᠶᠢᠬᠤ ᠪᠦᠭᠡᠳ ᠴᠢᠰᠤᠨ ᠤ ᠶᠡᠷᠦᠩᠬᠡᠢ ᠡᠵᠡᠯᠡᠭᠦᠨ ᠤ 45% ᠶᠢ ᠨᠢ ᠡᠵᠡᠯᠡᠳᠡᠭ᠂ ᠡᠳᠡᠨ ᠪᠣᠯ ᠴᠢᠮᠦᠭᠡᠨ ᠳᠣᠲᠤᠷᠠᠬᠢ ᠴᠢᠰᠦ ᠪᠦᠲᠦᠭᠡᠭᠴᠢ ᠭᠤᠣᠯ ᠡᠰ ᠠᠴᠠ ᠢᠷᠡᠯᠲᠠᠢ ᠶᠣᠮ᠃ ᠴᠢᠰᠤᠨ ᠤ ᠤᠯᠠᠭᠠᠨ ᠡᠰ  ᠶᠢ ᠪᠠᠰᠨ ᠴᠢᠰᠤᠨ ᠤ ᠤᠯᠠᠭᠠᠨ ᠴᠣᠭᠴᠠ ᠭᠡᠳᠡᠭ ᠪᠦᠭᠡᠳ ᠲᠡᠷᠨ ᠨᠢ ᠭᠤᠣᠯᠳᠠᠭᠤ ᠪᠡᠶ᠎ᠡ ᠶᠢᠨ ᠡᠷᠬᠡᠲᠡᠨ ᠨᠡᠬᠡᠳᠡᠰᠤ ᠶᠢᠨ ᠡᠰ ᠲᠤ ᠬᠡᠷᠡᠭᠰᠡᠬᠦ ᠰᠢᠮ᠎ᠡ ᠲᠡᠵᠢᠭᠡᠯ ᠪᠣᠯᠣᠨ ᠬᠦᠴᠢᠯᠲᠦᠷᠦᠭᠴᠢ ᠶᠢ ᠬᠦᠷᠭᠡᠳᠡᠭ᠃ ᠴᠠᠭᠠᠨ ᠡᠰ ᠲᠤ ᠴᠢᠰᠤᠨ ᠤ ᠴᠠᠭᠠᠨ ᠴᠣᠭᠴᠠ ᠪᠣᠯᠣᠨ ᠯᠢᠮᠹ ᠪᠠᠭᠲᠠᠬᠤ ᠪᠦᠭᠡᠳ ᠲᠡᠷᠨ ᠨᠢ ᠮᠢᠺᠷᠣᠪ ᠤᠨ ᠬᠦᠮᠦᠨ ᠤ ᠪᠡᠶ᠎ᠡ ᠳᠤ ᠬᠠᠯᠳᠠᠪᠤᠷᠢᠯᠠᠬᠤ ᠶᠢ ᠡᠰᠡᠷᠭᠦᠴᠡᠨ ᠬᠤᠷᠢᠭᠯᠠᠳᠠᠭ᠃ ᠲᠡᠷᠨ ᠨᠢ ᠰᠠᠴᠤᠷᠠᠯ ᠳᠤ ᠨᠡᠯᠢᠶᠡᠳ ᠶᠡᠭᠡ ᠰᠡᠷᠭᠡᠭ ᠴᠢᠨᠠᠷᠲᠠᠢ ᠪᠠᠶᠢᠳᠠᠭ᠃ ᠴᠢᠰᠤᠨ ᠤ ᠢᠯᠳᠠᠰᠤ ᠶᠢ ᠪᠠᠰᠨ ᠪᠦᠯᠦᠩᠨᠡᠭᠦᠯᠬᠦ ︵ᠪᠠᠷᠢᠯᠳᠤᠭᠤᠯᠬᠤ︶ ᠡᠰ ᠭᠡᠳᠡᠭ᠂ ᠲᠡᠷᠨ ᠨᠢ ᠬᠦᠮᠦᠨ ᠤ ᠪᠡᠶ᠎ᠡ ᠶᠢᠨ ᠭᠡᠮᠲᠦᠵᠦ ᠰᠢᠷᠬᠠᠳᠤᠭᠰᠠᠨ ᠬᠡᠰᠡᠭ ᠤᠨ ᠴᠢᠰᠦ ᠶᠢ ᠪᠠᠷᠢᠯᠳᠤᠭᠤᠯᠬᠤ ᠳᠤ ᠵᠠᠩᠬᠢᠯᠠᠭ᠎ᠠ ᠶᠢᠨ ᠦᠢᠯᠡᠳᠦᠯ ᠭᠠᠷᠭᠠᠳᠠᠭ᠃      ᠬᠤᠶᠡᠷ᠂ ᠨᠡᠬᠡᠳᠡᠰᠤ ᠪᠠ ᠡᠷᠬᠡᠲᠡᠨ      ᠬᠦᠮᠦᠨ ᠤ ᠪᠡᠶ᠎ᠡ ᠳᠤ ᠣᠯᠠᠨ ᠠᠷᠪᠢᠨ ᠳᠦᠷᠰᠤ ᠪᠠᠶᠢᠳᠠᠯ ᠢᠶᠠᠷ ᠲᠦᠰᠦᠭᠡᠲᠠᠢ ᠮᠦᠷᠲᠡᠭᠡᠨ ᠦᠢᠯᠡᠳᠦᠯ ᠨᠢ ᠠᠳᠠᠯᠢᠬᠠᠨ ᠡᠰ ᠤᠳ ᠪᠣᠯᠣᠨ ᠡᠰ ᠤᠨ ᠵᠠᠪᠰᠠᠷ ᠤᠨ ᠡᠳ᠋ ᠤᠳ ᠢ ᠶᠡᠷᠦᠩᠬᠡᠶᠢᠯᠡᠭᠡᠳ ᠨᠡᠬᠡᠳᠡᠰᠤ ︵Tissiu︶ ᠭᠡᠳᠡᠭ᠃ ᠲᠦᠷᠢ ᠪᠠᠶᠢᠳᠠᠯ ᠪᠣᠯᠣᠨ ᠦᠢᠯᠡᠳᠦᠯ ᠢᠶᠠᠷ ᠨᠢ ᠲᠡᠳᠡᠨᠦᠰ ᠢ ᠦᠡᠭᠭᠡᠨ ᠠᠷᠠᠰᠤᠨ ᠨᠡᠬᠡᠳᠡᠰᠤ᠂ ᠬᠡᠯᠬᠢᠶ᠎ᠡ ᠨᠡᠬᠡᠳᠡᠰᠤ᠂ ᠪᠣᠯᠴᠢᠩ ᠤᠨ ᠨᠡᠬᠡᠳᠡᠰᠤ ᠪᠣᠯᠣᠨ ᠮᠡᠳᠡᠷᠡᠯ ᠤᠨ ᠨᠡᠬᠡᠳᠡᠰᠤ ᠭᠡᠵᠦ ᠳᠦᠷᠪᠡᠨ ᠶᠡᠭᠡ ᠲᠦᠷᠦᠯ ᠳᠤ ᠠᠩᠬᠢᠯᠠᠳᠠᠭ᠃ ᠬᠠᠷᠢᠨ ᠡᠯ᠎ᠡ ᠨᠡᠬᠡᠳᠡᠰᠤ ᠠᠴᠠ ᠪᠦᠷᠢᠯᠳᠦᠨ ᠶᠠᠮᠠᠷ ᠨᠢᠭᠡᠨ ᠹᠢᠽᠢᠣᠯᠤᠬᠢ ᠶᠢᠨ ᠦᠢᠯᠨ ᠠᠵᠢᠯᠯᠠᠭᠠᠨ ᠢ ᠭᠦᠢᠴᠡᠳᠬᠡᠳᠡᠭ ᠨᠢᠭᠡᠴᠡ ᠶᠢ ᠡᠷᠬᠡᠲᠡᠨ ︵Organ︶ ᠭᠡᠳᠡᠭ᠃ ᠡᠯ᠎ᠡ ᠡᠷᠬᠡᠲᠡᠨ ᠪᠠ ᠨᠡᠬᠡᠳᠡᠰᠤ ᠨᠢ ᠪᠦᠷ ᠲᠤᠰᠬᠠᠢ ᠦᠢᠯᠡᠳᠦᠯ ᠲᠠᠢ ᠪᠠᠶᠢᠵᠦ᠂ ᠡᠨᠧᠷᠬᠢ ᠶᠢ ᠡᠭᠦᠰᠭᠡᠬᠦ ᠪᠠ ᠬᠠᠳᠠᠭᠠᠯᠠᠬᠤ᠂  ᠪᠣᠯᠴᠢᠩ ᠤᠨ ᠬᠦᠳᠡᠯᠭᠡᠭᠡᠨ ᠡᠭᠦᠰᠭᠡᠬᠦ᠂ ᠢᠳᠡᠰᠢ ᠤᠤᠭᠤᠰᠢ  ᠶᠢ ᠰᠢᠩᠭᠡᠭᠡᠬᠦ᠂ ᠬᠡᠷᠡᠭ ᠦᠭᠡᠢ ᠪᠣᠯᠤᠭᠰᠠᠨ ᠵᠦᠢᠯᠡᠰ ᠢ ᠢᠯᠭᠠᠨ ᠭᠠᠷᠭᠠᠬᠤ ᠪᠠ ᠬᠦᠴᠢᠯᠲᠦᠷᠦᠭᠴᠢ ᠬᠠᠨᠭ᠍ᠭᠠᠬᠤ ᠭᠡᠬᠦ ᠮᠡᠲᠤ ᠶᠢᠨ ᠦᠢᠯᠡᠳᠦᠯ ᠲᠠᠢ ᠪᠠᠶᠢᠳᠠᠭ᠃      ᠨᠡᠬᠡᠳᠡᠰᠤ ᠪᠠ ᠡᠷᠬᠡᠲᠡᠨ ᠳᠤ ᠰᠠᠴᠤᠷᠠᠭ ᠤᠨ ᠡᠭᠦᠰᠭᠡᠬᠦ ᠡᠯ᠎ᠡ ᠵᠦᠢᠯ ᠤᠨ ᠬᠤᠣᠷ ᠬᠦᠨᠦᠭᠡᠯᠲᠤ ᠦᠢᠰᠭᠡᠯ ᠤᠨ ᠬᠦᠨᠳᠤ ᠬᠦᠡᠭᠭᠡᠨ ᠨᠢ ᠲᠡᠳᠡᠨ ᠤ ᠡᠰ ᠢᠶᠠᠨ ᠰᠡᠯᠪᠢᠬᠦ ᠪᠠ ᠣᠷᠤᠯᠠᠬᠤ ᠴᠢᠳᠠᠪᠤᠷᠢ ᠲᠠᠢ ᠨᠢ ᠬᠤᠯᠪᠤᠭᠠᠲᠠᠢ ᠪᠠᠶᠢᠳᠠᠭ᠃ ᠡᠨᠡ ᠨᠢ ᠰᠠᠴᠤᠷᠠᠭ ᠲᠤ ᠲᠤᠰᠬᠠᠭᠳᠠᠬᠤ ᠦᠶᠡᠰ ᠳᠠᠬᠢ ᠨᠠᠰᠤ ᠵᠢᠯ᠂ ᠡᠷᠡᠭᠦᠯ ᠴᠢᠬᠢᠷᠠᠭ ᠤᠨ ᠪᠠᠶᠢᠳᠠᠯ᠂ ᠬᠦᠢᠰᠤ ᠪᠠ ᠪᠣᠳᠠᠭᠠᠯᠢ ᠪᠡᠶ᠎ᠡ ᠶᠢᠨ ᠤᠳᠤᠮᠰᠢᠯ ᠤᠨ ᠰᠢᠯᠲᠠᠭᠠᠨ ᠵᠡᠷᠭᠡ ᠠᠴᠠ ᠲᠣᠭᠲᠠᠭᠠᠭᠳᠠᠳᠠᠭ᠃        ᠰᠠᠴᠤᠷᠠᠯ ᠢ ᠰᠡᠷᠭᠡᠶᠢᠯᠡᠬᠦ ᠳᠤ ᠨᠡᠯᠢᠶᠡᠳ ᠴᠢᠬᠤᠯᠴᠢᠯᠠᠳᠠᠭ ᠨᠡᠬᠡᠳᠡᠰᠤ ᠪᠠ ᠡᠷᠬᠡᠲᠡᠨ ᠳᠤ ᠭᠤᠣᠯᠳᠠᠭᠤ ᠪᠡᠯᠬᠡ ᠶᠢᠨ ᠪᠣᠯᠴᠢᠷᠬᠠᠢ ︵ ᠬᠤᠰᠢᠭ᠎ᠠ ᠪᠣᠶᠤ ᠵᠠᠰᠠᠭ᠎ᠠ ᠪᠣᠯᠣᠨ ᠦᠨᠳᠡᠭᠡᠪᠴᠢ︶᠂ ᠤᠯᠠᠭᠠᠨ ᠴᠢᠮᠦᠭᠡ᠂ ᠠᠭᠤᠰᠬᠢ ︵ᠠᠭᠤᠰᠬᠢᠨ ᠤ ᠯᠢᠮᠪ ᠨᠡᠬᠡᠳᠡᠰᠤ ᠪᠠᠭᠲᠠᠨ᠎ᠠ︶᠂ ᠪᠠᠮᠪᠠᠢ ᠪᠣᠯᠴᠢᠷᠬᠠᠢ᠂ ᠬᠦᠬᠦᠨ ᠪᠣᠯᠴᠢᠷᠬᠠᠢ ᠪᠣᠯᠣᠨ ᠨᠢᠳᠦᠨ ᠪᠣᠯᠣᠷ ᠪᠣᠢ᠃    ᠤᠯᠠᠭᠠᠨ ᠴᠢᠮᠦᠭᠡ ᠪᠣᠯ ᠴᠢᠰᠤ ᠪᠦᠲᠦᠭᠡᠬᠦ ᠭᠤᠣᠯ ᠡᠷᠬᠡᠲᠡᠨ ᠪᠦᠭᠡᠳ ᠭᠤᠣᠯᠳᠠᠭᠤ ᠭᠠᠪᠠᠯᠨ᠂ ᠨᠢᠷᠤᠭᠤ ᠰᠡᠭᠡᠷ᠂ ᠡᠪᠴᠢᠭᠦᠦ ᠬᠠᠪᠢᠷᠭ᠎ᠠ ᠪᠣᠯᠣᠨ ᠠᠭᠠᠷᠴᠠᠭ ᠤᠨ ᠶᠠᠰᠤᠨ ᠤ ᠲᠣᠯᠤᠭᠠᠢ ᠶᠢᠨ ᠰᠡᠶᠢᠮᠡᠭᠡᠢ ᠪᠠᠷ ᠲᠠᠷᠬᠠᠵᠦ᠂ ᠴᠢᠰᠤ ᠪᠦᠲᠦᠭᠡᠬᠦ ᠭᠤᠣᠯ ᠡᠰ ᠨᠢ ᠲᠡᠭᠦᠨ ᠤ ᠳᠤᠮᠳᠠ ᠪᠠᠶᠢᠵᠦ᠂ ᠬᠡᠷᠪᠡ ᠲᠡᠷᠨ ᠨᠢ ᠰᠠᠴᠤᠷᠠᠭ ᠲᠤ ᠲᠤᠰᠬᠠᠭᠳᠠᠪᠠᠯ ᠴᠢᠰᠤᠨ ᠡᠰ ᠢ ᠰᠡᠯᠪᠢᠬᠦ ᠴᠢᠳᠠᠪᠤᠷᠢ ᠪᠠᠨ ᠠᠯᠳᠠᠨ᠎ᠠ᠃     ᠪᠡᠯᠬᠡ ᠶᠢᠨ ᠪᠣᠯᠴᠢᠷᠬᠠᠢ ᠪᠣᠯ ᠭᠤᠣᠯᠳᠠᠭᠤ ᠡᠷᠡᠭᠲᠠᠶᠢᠴᠤᠳ ᠤᠨ ᠬᠤᠰᠢᠭ᠎ᠠ ᠪᠣᠶᠤ ᠵᠠᠰᠠᠭ᠎ᠠ ᠪᠣᠯᠣᠨ ᠡᠮᠡᠭᠲᠠᠶᠢᠴᠤᠳ ᠤᠨ ᠦᠨᠳᠡᠭᠡᠪᠴᠢ ᠶᠢ ᠬᠡᠯᠡᠵᠦ ᠪᠠᠶᠢᠭ᠎ᠠ ᠪᠦᠭᠡᠳ ᠰᠠᠴᠤᠷᠠᠭ ᠲᠤ ᠲᠤᠰᠬᠠᠭᠳᠠᠪᠠᠯ ᠬᠤᠷᠢᠴᠠᠯ ᠤᠨ ᠴᠢᠳᠠᠪᠤᠷᠢ  ᠪᠠᠭᠤᠷᠠᠵᠦ᠂ ᠦᠷᠡᠵᠢᠯ ᠤᠨ ᠴᠢᠳᠠᠪᠤᠷᠢ ᠮᠠᠭᠤᠲᠠᠬᠤ ᠪᠣᠶᠤ ᠴᠢᠨᠠᠭᠰᠢᠯᠠᠪᠠᠯ ᠠᠯᠳᠠᠬᠤ᠂ ᠳᠠᠷᠠᠭ᠎ᠠ ᠦᠶ᠎ᠡ ᠳᠤ ᠤᠳᠤᠮᠰᠢᠯ ᠤᠨ ᠦᠢᠰᠭᠡᠯ ᠵᠡᠷᠭᠡ ᠶᠢ ᠡᠲᠦᠵᠦ ᠮᠡᠳᠡᠨ᠎ᠡ᠃     ᠨᠢᠳᠦᠨ ᠪᠣᠯᠣᠷ ᠪᠣᠯ ᠴᠡᠴᠡᠭᠡᠢ ᠶᠢᠨ ᠡᠮᠦᠨ᠎ᠡ ᠬᠡᠰᠡᠭ ᠲᠤ ᠰᠣᠯᠤᠩᠭᠠᠨ ᠪᠦᠷᠬᠦᠪᠴᠢ ᠶᠢᠨ ᠠᠷᠤ ᠳᠤ ᠰᠢᠯᠯᠢᠷᠬᠡᠭ ᠪᠡᠶᠡᠲᠤ ᠶᠢᠨ ᠡᠮᠦᠨ᠎ᠡ ᠣᠷᠤᠰᠢᠳᠠᠭ᠃ ᠲᠡᠭᠦᠨ ᠤ ᠭᠡᠮᠲᠦᠯ ᠪᠣᠯ ᠳᠠᠷᠤᠢ ᠪᠣᠯᠠᠩᠬᠢᠷᠲᠤᠭᠠᠳ ᠲᠤᠩᠭᠠᠯᠠᠭ ᠨᠡᠪᠲᠡᠷᠬᠡᠢ ᠪᠠᠶᠢᠳᠠᠯ ᠢᠶᠠᠨ ᠠᠯᠳᠠᠳᠠᠭ ᠪᠣᠯᠬᠤᠷ ᠨᠢᠳᠦᠨ ᠪᠣᠯᠣᠷ ᠪᠣᠯᠠᠩᠬᠢᠷᠲᠤᠬᠤ ︵Lens Opacities︶ ᠪᠣᠶᠤ ᠴᠠᠭ᠎ᠠ ᠤᠨᠠᠬᠤ ᠡᠰᠡᠭᠦᠯ᠎ᠡ ᠡᠮᠴᠢ ᠨᠠᠷ ᠴᠠᠭᠠᠨ ᠴᠡᠴᠡᠭᠡᠢ ︵Cataract︶ ᠭᠡᠳᠡᠭ᠃     ᠪᠠᠮᠪᠠᠢ ᠪᠣᠯᠴᠢᠷᠬᠠᠢ ᠶᠢᠨ ᠬᠦᠨᠳᠤ ᠨᠢ 16 ~20g ᠤᠨ ᠬᠤᠭᠤᠷᠣᠨᠳᠤ ᠪᠠᠶᠢᠳᠠᠭ᠃ ᠰᠠᠴᠤᠷᠠᠭ ᠨᠢ ᠭᠤᠣᠯᠳᠠᠭᠤ ᠪᠠᠮᠪᠠᠢ ᠪᠣᠯᠴᠢᠷᠬᠠᠢ ᠶᠢᠨ ᠦᠮᠡᠨ ᠢ ᠶᠡᠭᠡ ᠠᠮᠠᠷᠬᠠᠨ ᠡᠲᠦᠳᠡᠭ ᠪᠦᠭᠡᠳ ᠡᠮᠡᠭᠲᠠᠶᠢᠴᠤᠳ ᠲᠤ ᠡᠭᠦᠰᠬᠦ ᠨᠣᠷᠮ᠎ᠠ ᠨᠢ ᠡᠷᠡᠭᠲᠠᠶᠢᠴᠤᠳ ᠠᠴᠠ 2.5 ᠳᠠᠬᠢᠨ ᠢᠯᠡᠭᠦᠦ ᠪᠠᠶᠢᠳᠠᠭ᠃     ᠳᠡᠭᠡᠳᠤ ᠵᠡᠷᠭᠡ ᠶᠢᠨ ᠠᠮᠢᠳᠤ ᠪᠣᠳᠠᠰ ᠤᠨ ᠪᠡᠶ᠎ᠡ ᠳᠣᠲᠤᠷᠠᠬᠢ ᠨᠡᠬᠡᠳᠡᠰᠤ ᠪᠠ ᠡᠷᠬᠡᠲᠡᠨ ᠪᠣᠯ ᠡᠰ ᠢᠶᠠᠷ ᠪᠦᠷᠢᠯᠳᠦᠭᠰᠡᠨ ᠶᠣᠮ᠃            ᠭᠤᠷᠪᠠ᠂ ᠡᠰ ᠪᠠ ᠡᠰ ᠤᠨ ᠵᠠᠪᠰᠠᠷ ᠤᠨ ᠡᠳ᠋     ᠠᠯᠢᠪᠠ ᠠᠮᠢᠳᠤ ᠪᠣᠳᠠᠰ ᠪᠣᠯᠣᠨ ᠣᠷᠭᠠᠨᠢᠭ ᠪᠡᠶᠡᠲᠤ ᠨᠢ ᠪᠦᠷ ᠡᠰ ᠪᠠᠷ ᠪᠦᠷᠢᠯᠳᠦᠭᠰᠡᠨ ᠪᠦᠭᠡᠳ ᠲᠡᠭᠦᠨ ᠤ ᠶᠡᠭᠡ ᠪᠠᠭ᠎ᠠ ᠶᠢ ᠨᠢ ᠮᠢᠺᠷᠤᠨ ︵μm︶ ᠪᠠᠷ ᠯᠨ ᠨᠢᠭᠡᠴᠢᠯᠡᠳᠡᠭ᠃ ᠭᠡᠪᠡᠴᠤ ᠳᠦᠭᠦᠮᠬᠡᠨ ᠣᠷᠭᠠᠨᠢᠭ ᠪᠡᠶᠡᠲᠤ ᠶᠢᠨ ᠨᠢᠭᠡ ᠡᠰ ᠤᠨ ᠬᠠᠳᠠᠭᠠᠯᠠᠵᠦ ᠴᠢᠳᠠᠬᠤ ᠲᠠᠨᠤᠭ ᠵᠠᠩᠬᠢ ᠨᠢ  ᠡᠩ ᠤᠨ ᠨᠢᠭᠡᠨ ᠺᠣᠮᠫᠢᠤᠲ᠋ᠧᠷ ᠠᠴᠠ ᠴᠤ ᠬᠡᠲᠦᠷᠡᠳᠡᠭ᠃ ᠬᠦᠮᠦᠨ ᠤ ᠪᠡᠶ᠎ᠡ ᠶᠡᠭᠡ ᠲᠦᠯᠦᠪ 1016 ᠡᠰ ᠢᠶᠠᠷ ᠪᠦᠷᠢᠯᠳᠦᠵᠦ᠂ ᠡᠰ ᠪᠦᠷᠢ ᠨᠢ ᠪᠠᠰᠨ ᠶᠡᠭᠡ ᠲᠦᠯᠦᠪ 1012 ᠠᠴᠠ 1014 ᠠᠲ᠋ᠤᠮ ᠠᠭᠤᠯᠠᠵᠦ ᠪᠠᠶᠢᠨ᠎ᠠ᠃ ᠬᠦᠮᠦᠨ ᠤ  ᠡᠰ ᠨᠢ ᠣᠯᠠᠨ ᠳᠦᠷᠰᠤ ᠪᠠᠶᠢᠳᠠᠯ ᠲᠠᠢ ᠮᠦᠷᠲᠡᠭᠡᠨ ᠶᠡᠭᠡ ᠪᠠᠭ᠎ᠠ ᠵᠢᠴᠢ ᠴᠢᠳᠠᠪᠤᠷᠢ ᠨᠢ ᠴᠤ ᠮᠠᠰᠢ ᠶᠡᠭᠡ ᠵᠦᠷᠢᠶᠡᠨ ᠲᠠᠢ ᠪᠠᠶᠢᠳᠠᠭ ᠃ ᠣᠯᠠᠩᠬᠢ ᠡᠰ ᠨᠢ ᠪᠦᠮᠪᠦᠭᠡᠯᠢᠭ ᠪᠦᠭᠡᠳ ᠳ᠋ᠢᠶᠠᠮᠧᠲᠷ ᠨᠢ ᠪᠠᠷᠤᠭ 10μm ᠶᠢᠨ ᠨᠠᠭᠠᠭᠤᠷ ᠴᠠᠭᠠᠭᠤᠷ ᠪᠠᠶᠢᠳᠠᠭ᠃ ᠴᠢᠰᠤᠨ ᠤ ᠴᠠᠭᠠᠨ ᠡᠰ ᠨᠢ 3μm ~4μm᠂ ᠤᠯᠠᠭᠠᠨ ᠡᠰ ᠨᠢ 7μm ~8μm᠂ ᠦᠡᠭᠭᠡᠨ ᠠᠷᠠᠰᠤᠨ ᠡᠰ ᠨᠢ 20μm᠂ ᠦᠨᠳᠡᠭᠡᠨ ᠡᠰ ᠨᠢ 100μm ~150μm ᠬᠦᠷᠳᠡᠭ᠃ ᠬᠠᠷᠢᠨ ᠰᠠᠭᠤᠳᠠᠯ ᠶᠠᠰᠤᠨ ᠤ ᠮᠡᠳᠡᠷᠡᠯ ᠤᠨ ᠡᠰ ᠤᠨ ᠳᠣᠪᠤᠭᠤᠷ ᠨᠢ 1 ᠮᠧᠲᠷ ︵m︶ ᠢᠯᠡᠭᠦᠦ ᠤᠷᠲᠤ ᠪᠠᠶᠢᠳᠠᠭ᠃ ᠬᠦᠮᠦᠨ ᠤ ᠪᠡᠶ᠎ᠡ ᠶᠢᠨ ᠡᠰ ᠤᠨ ᠠᠮᠢ ᠨᠠᠰᠤ  ᠨᠢ ᠬᠡᠳᠦᠨ ᠴᠠᠭ ᠠᠴᠠ ᠬᠡᠴᠢᠨᠡᠨ ᠵᠢᠯ ᠤᠨ ᠬᠤᠭᠤᠷᠣᠨᠲᠤ ᠪᠠᠶᠢᠵᠦ᠂ ᠲᠡᠭᠦᠨ ᠳᠤ ᠪᠠᠰᠨ ᠭᠡᠮᠲᠦᠯ ᠢᠶᠠᠨ ᠰᠡᠯᠪᠢᠨ ᠵᠠᠰᠠᠬᠤ ᠰᠢᠰᠲ᠋ᠧᠮ ᠢᠯᠠᠩᠭᠤᠶ᠎ᠠ ᠡᠰ ᠤᠨ ᠪᠦᠭᠡᠮ  ᠳᠠᠬᠢ DNA ᠶᠢᠨ ᠭᠡᠮᠲᠦᠯ ᠢᠶᠠᠨ ᠰᠡᠯᠪᠢᠬᠦ ᠨᠠᠷᠢᠨ ᠪᠣᠳᠤᠯᠢᠶᠠᠨᠲᠤ ᠰᠢᠰᠲ᠋ᠧᠮ ᠲᠠᠢ ᠪᠢᠯᠨ᠃ ᠰᠠᠴᠤᠷᠠᠭ ᠤᠨ ᠬᠦᠮᠦᠨ ᠤ ᠪᠡᠶ᠎ᠡ ᠳᠠᠬᠢ ᠦᠢᠰᠭᠡᠯ ᠨᠢ  ᠪᠦᠷ ᠡᠰ ᠤᠨ ᠭᠡᠮᠲᠦᠯ ᠲᠠᠢ ᠬᠤᠯᠪᠤᠭ᠎ᠠ ᠲᠠᠢ ᠪᠠᠶᠢᠳᠠᠭ᠃ ᠡᠰ ᠨᠢ ᠪᠠᠰᠨ ᠲᠡᠭᠦᠨ ᠤ ᠪᠦᠲᠦᠬᠦ᠂ ᠦᠷᠡᠵᠢᠬᠦ᠂ ᠰᠡᠯᠪᠢᠬᠦ᠂ ᠦᠲᠡᠯᠡᠬᠦ ᠪᠠ ᠦᠬᠦᠬᠦ ᠶᠠᠪᠤᠴᠠ ᠲᠠᠢ ᠪᠦᠭᠡᠳ ᠦᠨᠳᠦᠰᠦᠨ ᠴᠢᠳᠠᠪᠤᠷᠢ ᠪᠠᠷ ᠨᠢ ᠮᠠᠬᠠᠪᠣᠳ ᠤᠨ ᠡᠰ ᠪᠠ ᠦᠷᠡᠵᠢᠯ ᠤᠨ ᠡᠰ ᠭᠡᠵᠦ ᠠᠩᠬᠢᠯᠠᠳᠠᠭ᠃     ᠮᠠᠬᠠᠪᠣᠳ ᠤᠨ ᠡᠰ ᠪᠣᠯ ᠡᠯ᠎ᠡ ᠡᠷᠬᠡᠲᠡᠨ ᠨᠡᠬᠡᠳᠡᠰᠦ ᠶᠢ ᠪᠦᠷᠢᠯᠳᠦᠭᠦᠯᠳᠡᠭ ᠪᠣᠢ ᠪᠦᠬᠦᠢ ᠡᠰ ᠤᠨ ᠶᠡᠷᠦᠩᠬᠡᠢ ᠨᠡᠷᠡᠶᠢᠳᠦᠯ ᠪᠦᠭᠡᠳ ᠡᠳᠡᠭᠡᠷ ᠡᠰ ᠨᠢ ᠬᠤᠪᠢᠶᠠᠭᠳᠠᠨ ᠦᠷᠡᠵᠢᠭᠡᠳ᠂ ᠦᠲᠡᠯᠡᠵᠦ᠂ ᠭᠡᠮᠲᠦᠵᠦ᠂ ᠦᠬᠦᠭᠰᠡᠨ ᠡᠰ ᠢᠶᠠᠨ ᠣᠷᠤᠯᠠᠭᠤᠯᠵᠦ᠂ ᠪᠡᠶ᠎ᠡ ᠮᠠᠬᠠᠪᠣᠳ ᠤᠨ ᠦᠰᠦᠯᠲᠡ ᠪᠣᠶᠢᠵᠢᠯᠲᠠ ᠶᠢ ᠬᠡᠪ ᠤᠨ ᠪᠠᠶᠢᠯᠭᠠᠳᠠᠭ᠃ ᠬᠦᠮᠦᠨ ᠤ ᠪᠡᠶ᠎ᠡ ᠨᠢ ᠰᠧᠺᠦ᠋ᠨ᠋ᠲ ᠪᠦᠷᠢ ᠳᠤ ᠠᠳᠠᠭ ᠲᠠᠭᠠᠨ 400 ᠲᠦᠮᠡᠨ ᠡᠰ᠂ ᠨᠢᠭᠡ ᠡᠳᠦᠷ 3500 ᠳ᠋ᠦᠡᠭᠰᠢᠭᠤᠷ᠂ ᠨᠢᠭᠡ ᠵᠢᠯ ᠳᠤ 1014 ᠡᠰ ᠬᠤᠪᠢᠶᠠᠭᠳᠠᠨ ᠦᠷᠡᠵᠢᠨ᠎ᠡ᠃ ᠮᠠᠬᠠᠪᠣᠳ ᠤᠨ ᠡᠰ ᠨᠢ ᠬᠡᠷᠡᠭᠴᠡᠭᠡ ᠶᠢ ᠦᠨᠳᠦᠰᠦᠯᠡᠨ ᠰᠢᠷᠬᠡᠭᠵᠢᠨ ᠬᠤᠪᠢᠶᠠᠭᠳᠠᠬᠤ ᠪᠣᠶᠤ ᠰᠢᠷᠬᠡᠭᠵᠢᠬᠦ ᠦᠭᠡᠢ ᠬᠤᠪᠢᠶᠠᠭᠳᠠᠨ ᠦᠷᠡᠵᠢᠳᠡᠭ᠃ ᠰᠢᠷᠬᠡᠭᠵᠢᠨ ᠬᠤᠪᠢᠶᠠᠭᠳᠠᠬᠤ ᠦᠶᠡᠰ ᠲᠤ ᠡᠰ ᠤᠨ ᠭᠤᠣᠯ ᠨᠢ ᠰᠢᠷᠬᠡᠭᠵᠢᠨ ᠰᠤᠨᠵᠦ ᠪᠠᠶᠢᠭᠠᠳ ᠦᠪᠡᠷ ᠲᠠᠢ ᠪᠠᠨ ᠠᠪ ᠠᠳᠠᠯᠢᠬᠠᠨ ᠬᠤᠶᠡᠷ ᠰᠢᠨ᠎ᠡ ᠡᠰ ᠪᠣᠯᠣᠨ ᠦᠷᠡᠵᠢᠳᠡᠭ᠃ ᠡᠨᠡᠬᠦ ᠬᠤᠭᠤᠴᠠᠭ᠎ᠠ ᠨᠢ ᠶᠡᠷᠦᠳᠡᠭᠡᠨ 1~2 ᠴᠠᠭ ᠬᠡᠷᠡᠭᠰᠡᠨ᠎ᠡ᠃ ᠰᠢᠷᠬᠡᠭᠵᠢᠬᠦ ᠦᠭᠡᠢ ᠬᠤᠪᠢᠶᠠᠭᠳᠠᠬᠤ ᠦᠶᠡᠰ ᠲᠤ ᠤᠷᠢᠳᠠ ᠪᠠᠷ ᠡᠰ ᠤᠨ ᠴᠦᠮ᠎ᠡ᠂ ᠵᠠᠯᠭᠠᠭᠠᠳ ᠡᠰ ᠤᠨ ᠪᠦᠭᠡᠮ ᠨᠢ᠂ ᠳᠠᠷᠠᠭ᠎ᠠ ᠨᠢ ᠡᠰ ᠤᠨ ᠪᠡᠶ᠎ᠡ ᠨᠢ ᠴᠤ ᠬᠤᠪᠢᠶᠠᠭᠳᠠᠨ ᠡᠴᠦᠰ ᠲᠡᠭᠡᠨ ᠬᠤᠶᠡᠷ ᠰᠢᠨ᠎ᠡ ᠡᠰ ᠪᠣᠯᠳᠠᠭ᠃     ᠦᠷᠡᠵᠢᠯ ᠤᠨ ᠡᠰ ᠢ ᠪᠠᠰᠨ ᠪᠡᠯᠭᠡ ᠶᠢᠨ ᠡᠰ ᠭᠡᠳᠡᠭ ᠪᠦᠭᠡᠳ ᠲᠡᠭᠦᠨ ᠳᠤ ᠡᠷᠡᠭᠲᠠᠢ ᠶᠢᠨ ᠦᠷ᠎ᠡ ᠶᠢᠨ ᠡᠰ ᠪᠣᠯᠣᠨ ᠡᠮᠡᠭᠲᠠᠢ ᠶᠢᠨ ᠦᠨᠳᠡᠭᠡᠨ ᠡᠰ ᠪᠠᠭᠲᠠᠨ᠎ᠠ᠃ ᠦᠷ᠎ᠡ ᠪᠠ ᠦᠨᠳᠡᠭᠡ ᠡᠨᠡ ᠬᠤᠶᠡᠷ ᠡᠰ ᠨᠢ ᠨᠡᠶᠢᠯᠡᠭᠡᠳ ᠰᠠᠶ᠋ᠢ ᠨᠢᠭᠡᠨ ᠰᠢᠨ᠎ᠡ ᠡᠰ ᠪᠣᠢ ᠪᠣᠯᠬᠤ ᠮᠦᠷᠲᠡᠭᠡᠨ ᠡᠰ ᠤᠨ ᠠᠮᠢ ᠨᠠᠰᠤᠨ ᠤ ᠦᠶᠡᠯᠡᠯ ᠳᠤ ᠵᠦᠪᠬᠡᠨ ᠨᠢᠭᠡ ᠯᠡ ᠤᠳᠠᠭ᠎ᠠ ᠨᠡᠶᠢᠯᠡᠨ ᠦᠷᠡᠵᠢᠳᠡᠭ᠃ ᠰᠢᠨ᠎ᠡ ᠡᠰ ᠨᠢ ᠲᠤᠰ ᠲᠤᠰ ᠤᠨ ᠢᠶᠠᠨ ᠡᠬᠡ ᠡᠰ ᠠᠴᠠ ᠠᠪᠴᠤ ᠢᠷᠡᠭᠰᠡᠨ ᠤᠳᠤᠮᠰᠢᠯ ᠤᠨ ᠪᠣᠳᠠᠰ ᠳᠠᠷᠤᠢ ᠭᠧᠨ ᠢ ᠠᠭᠤᠯᠠᠵᠦ ᠪᠠᠶᠢᠳᠠᠭ᠃ ᠬᠦᠪᠦᠷᠡᠯ ᠵᠢᠴᠢ ᠬᠡᠤᠬᠡᠳ ᠪᠣᠯ ᠡᠨᠡᠬᠦ ᠭᠠᠭᠴᠠ ᠡᠰ ᠳᠠᠷᠤᠢ ᠦᠷ᠎ᠡ ᠲᠣᠭᠲᠠᠭᠰᠠᠨ ᠦᠨᠳᠡᠭᠡᠨ ᠠᠴᠠ ᠪᠣᠶᠢᠵᠢᠨ ᠭᠠᠷᠳᠠᠭ᠃     ᠤᠯᠠᠭᠠᠨ ᠡᠰ ᠠᠴᠠ ᠪᠣᠰᠤᠳ ᠡᠰ ᠤᠳ ᠨᠢ ᠪᠠᠷᠤᠭ ᠴᠦᠮ ᠡᠰ ᠤᠨ ᠪᠦᠭᠡᠮ ᠪᠣᠯᠣᠨ ᠡᠰ ᠤᠨ ︵ᠨᠢᠯᠴᠠᠭᠠᠷ︶ ᠡᠳ᠋ ᠵᠢᠴᠢ ᠡᠰ ᠤᠨ ᠪᠦᠷᠬᠦᠭᠦᠯ ᠢᠶᠠᠷ ᠪᠦᠷᠢᠯᠳᠦᠳᠡᠭ᠃     1. ᠡᠰ ᠤᠨ ᠪᠦᠭᠡᠮ     ᠶᠡᠷᠤᠳᠡᠭᠡᠨ ᠡᠰ ᠤᠨ ᠭᠤᠣᠯ ᠳᠤᠮᠳᠠ ᠨᠢ ᠪᠣᠶᠤ ᠵᠠᠷᠢᠮ ᠨᠢ ᠬᠡᠯᠪᠡᠶᠢᠭᠦᠦ ᠣᠷᠣᠰᠢᠨ᠂ ᠭᠠᠳᠠᠭᠤᠷ ᠨᠢ ᠨᠢᠭᠡᠨ ᠳᠠᠪᠬᠤᠷ ᠰᠠᠷᠢᠰᠤ ᠪᠦᠷᠬᠦᠵᠦ ᠪᠠᠶᠢᠳᠠᠭ᠃ ᠡᠰ ᠤᠨ ᠪᠦᠭᠡᠮ ᠤᠨ ᠬᠡᠯᠪᠡᠷᠢ ᠳᠦᠷᠰᠤ ᠨᠢ ᠴᠤ ᠣᠯᠠᠨ ᠶᠠᠩᠵᠦ ᠶᠢᠨ ᠪᠠᠶᠢᠵᠦ᠂ ᠳᠣᠲᠤᠷ᠎ᠠ ᠨᠢ ᠡᠰ ᠤᠨ ᠦᠪᠡᠷ ᠤᠨ ᠡᠭᠦᠷᠭᠡ ᠴᠢᠳᠠᠯ ᠢᠶᠠᠨ ᠭᠦᠢᠴᠡᠳᠬᠡᠬᠦ ᠪᠣᠯᠣᠨ ᠲᠤᠰ ᠪᠡᠶ᠎ᠡ  ᠶᠢᠨ ᠢᠶᠠᠨ ᠦᠷᠡᠵᠢᠬᠦ ᠳᠤ ᠬᠡᠷᠡᠭᠰᠡᠬᠦ ᠪᠣᠢ ᠪᠦᠬᠦᠢ ᠲᠠᠨᠤᠭ ᠢ ᠠᠭᠤᠯᠠᠵᠦ ᠪᠠᠶᠢᠨ᠎ᠠ᠃ ᠣᠯᠠᠩᠬᠢ ᠡᠰ ᠨᠢ ᠵᠦᠪᠬᠡᠨ ᠨᠢᠭᠡᠯᠨ ᠡᠰ ᠤᠨ ᠪᠦᠭᠡᠮ ᠲᠠᠢ ᠪᠣᠯᠪᠠᠴᠤ᠂ ᠪᠠᠰᠨ ᠵᠠᠷᠢᠮ ᠨᠢ ᠬᠤᠶᠡᠷ ᠪᠣᠶᠤ ᠨᠡᠩ ᠣᠯᠠᠨ ᠡᠰ ᠤᠨ ᠪᠦᠭᠡᠮ ᠲᠠᠢ ᠴᠤ ᠪᠣᠢ᠃ ᠡᠰ ᠤᠨ ᠪᠦᠭᠡᠮ ᠳᠣᠲᠤᠷ᠎ᠠ ᠨᠢ ᠨᠢᠭᠡ ᠪᠣᠶᠤ ᠨᠢᠵᠢᠭᠡᠳ ᠲᠦᠭᠦᠷᠢᠭ ᠴᠦᠮ᠎ᠡ ᠲᠠᠢ ᠪᠦᠭᠡᠳ ᠲᠡᠷᠨ ᠨᠢ ᠪᠣᠳᠤᠭᠲᠠᠮᠠᠬᠠᠢ ᠡᠳ᠋᠂ ᠭᠧᠨ᠂ ᠬᠦᠴᠢᠯᠲᠦᠷᠦᠭᠴᠢ ᠦᠭᠡᠢ ᠪᠦᠭᠡᠮ ᠰᠢᠬᠢᠷ ᠪᠦᠭᠡᠮ ᠬᠦᠴᠢᠯ ︵DNA︶ ᠪᠣᠯᠣᠨ‌‍ᠪᠦ᠋ᠭᠡᠮ ᠰᠢᠬᠢᠷ ᠪᠦᠭᠡᠮ ᠬᠦᠴᠢᠯ ︵RNA︶ ᠵᠢᠴᠢ ᠱᠦᠯᠲᠦᠯᠢᠭ ᠤᠭᠤᠷᠠᠭ ᠵᠡᠷᠭᠡ ᠪᠠᠷ ᠪᠦᠷᠢᠯᠳᠦᠭᠰᠡᠨ ᠪᠠᠶᠢᠳᠠᠭ᠃ ᠶᠡᠷᠦᠳᠡᠭᠡᠨ ᠴᠦᠮ᠎ᠡ ᠨᠢ ᠤᠭᠤᠷᠠᠭ ᠤᠨ ᠨᠡᠶᠢᠯᠡᠯᠭᠡ ᠲᠠᠢ ᠬᠤᠯᠪᠤᠭ᠎ᠠ ᠭᠡᠵᠦ ᠦᠵᠡᠳᠡᠭ᠃ ᠡᠰ ᠤᠨ ᠪᠦᠭᠡᠮ ᠨᠢ ᠡᠰ ᠤᠨ ᠦᠷᠡᠵᠢᠬᠦ᠂ ᠪᠣᠶᠢᠵᠢᠬᠤ ᠵᠢᠴᠢ ᠬᠦᠮᠦᠨ ᠤ ᠪᠡᠶ᠎ᠡ ᠶᠢᠨ ᠪᠣᠶᠢᠵᠢᠯᠲᠠ ᠪᠣᠯᠣᠨ ᠡᠪᠡᠳᠴᠢᠨ ᠡᠮᠬᠡᠭ ᠵᠡᠷᠭᠡ ᠲᠠᠢ ᠪᠦᠷ ᠴᠢᠬᠤᠯᠨ ᠬᠠᠷᠢᠴᠠᠭ᠎ᠠ ᠲᠠᠢ ᠪᠠᠶᠢᠳᠠᠭ᠃ ᠡᠰ ᠤᠨ ᠪᠦᠭᠡᠮ ᠤᠨ ᠭᠠᠳᠠᠭᠤᠷ ᠨᠢ ᠡᠰ ᠤᠨ ᠨᠢᠯᠲᠠᠭ ᠡᠳ᠋ ᠪᠣᠢ᠃        2. ᠡᠰ ᠤᠨ ᠨᠢᠯᠲᠠᠭ ᠡᠳ᠋      ᠪᠠᠰᠨ ︿ᠡᠰ ᠤᠨ ᠡᠳ᠋﹀ ᠴᠤ ᠭᠡᠳᠡᠭ᠂ ᠡᠰ ᠤᠨ ᠪᠦᠭᠡᠮ ᠤᠨ ᠡᠷᠭᠢᠨ ᠲᠣᠭᠤᠷᠢᠨ ᠳᠠᠬᠢ ᠬᠠᠭᠠᠰ ᠲᠤᠩᠭᠠᠯᠠᠭ ᠨᠢᠯᠲᠠᠭ ᠰᠢᠩᠭᠡᠨ ᠪᠣᠳᠠᠰ ᠪᠦᠭᠡᠳ ᠲᠡᠷᠨ ᠨᠢ ᠤᠭᠤᠷᠠᠭ᠂ ᠦᠭᠡᠬᠦᠯᠢᠭ᠂ ᠰᠢᠬᠢᠷ᠂ ᠤᠷᠭᠠᠨᠢᠭ ᠪᠤᠰᠤ ᠳᠠᠪᠤᠰᠤ ᠪᠣᠯᠣᠨ ᠶᠡᠭᠡ ᠬᠡᠮᠵᠢᠶᠡᠨ ᠤ ᠤᠰᠤ ᠪᠠᠷ ᠪᠦᠷᠢᠯᠳᠦᠭᠰᠡᠨ ᠪᠠᠶᠢᠳᠠᠭ᠃ ᠠᠳᠡ ᠭᠤᠣᠯᠳᠠᠭᠤ ᠢᠳᠡᠭᠡᠨ ᠤᠮᠳᠠᠭᠠᠨ ᠤ ᠲᠣᠮᠤ ᠮᠣᠯᠧᠺᠦ᠋ᠯ ᠤᠳ ᠢ ᠵᠠᠳᠠᠷᠠᠭᠤᠯᠤᠨ ᠡᠨᠧᠷᠬᠢ ᠪᠠ ᠵᠢᠵᠢᠭ ᠮᠣᠯᠧᠺᠦ᠋ᠯ ᠪᠣᠯᠭᠠᠨ ᠬᠤᠪᠢᠷᠠᠭᠤᠯᠤᠭᠠᠳ᠂ ᠵᠠᠯᠭᠠᠭᠠᠳ ᠳᠠᠬᠢᠨ ᠪᠠᠰᠨ ᠲᠡᠭᠦᠨ ᠢᠶᠠᠨ ᠡᠰ ᠤᠨ ᠣᠷᠣᠰᠢᠨ  ᠲᠣᠭᠲᠠᠨᠢᠬᠤ ᠪᠠ ᠦᠷᠡᠵᠢᠨ ᠲᠦᠯᠵᠢᠬᠦ ᠳᠤ ᠬᠡᠷᠡᠭᠰᠡᠬᠦ  ᠨᠡᠩ ᠨᠠᠷᠢᠨ ᠪᠣᠳᠤᠯᠢᠶᠠᠨᠲᠠᠢ ᠮᠣᠯᠧᠺᠦ᠋ᠯ ᠪᠣᠯᠭᠠᠳᠠᠭ᠃ ᠡᠰ ᠤᠨ ᠨᠢᠯᠲᠠᠭ ᠡᠳ᠋ ᠳᠣᠲᠤᠷ᠎ᠠ  ᠨᠢ ᠪᠠᠰᠨ ᠡᠰ ᠤᠨ ᠡᠷᠬᠡᠲᠡᠨ ᠪᠠ ᠠᠭᠤᠯᠤᠭᠳᠠᠮᠠᠯ ᠡᠳ᠋ ᠭᠡᠵᠦ ᠪᠣᠢ᠃      ᠡᠰ ᠤᠨ ᠡᠷᠬᠡᠲᠡᠨ᠄ ᠡᠰ ᠤᠨ ᠪᠣᠳᠠᠰ ᠤᠨ ᠰᠣᠯᠢᠯᠴᠠᠭ᠎ᠠ ᠳᠤ ᠴᠢᠬᠤᠯᠨ ᠦᠢᠯᠡᠳᠦᠯ ᠭᠠᠷᠭᠠᠳᠠᠭ ᠠᠷᠤᠷᠠᠯᠢᠭ ᠪᠡᠶᠡᠲᠤ᠂ ᠭᠤᠣᠯ ᠪᠡᠶᠡᠲᠤ᠂ ᠲᠣᠣᠷᠯᠢᠭ ᠪᠡᠶᠡᠲᠤ ᠵᠡᠷᠭᠡ ᠣᠨᠴᠤᠭᠤᠢ ᠪᠦᠲᠦᠴᠡ ᠶᠢ ᠶᠡᠷᠦᠩᠬᠡᠶᠢᠯᠡᠭᠡᠳ ᠡᠰ ᠤᠨ ᠡᠷᠬᠡᠲᠡᠨ ᠭᠡᠳᠡᠭ ᠪᠦᠭᠡᠳ ᠭᠤᠣᠯᠳᠠᠭᠤ ᠤᠭᠤᠷᠠᠭ ᠪᠣᠯᠣᠨ ᠡᠨᠧᠷᠬᠢ ᠶᠢᠨ ᠦᠢᠯᠡᠳᠪᠦᠷᠢᠯᠡᠯ ᠢ ᠪᠠᠲᠤᠯᠠᠳᠠᠭ᠃     ᠠᠷᠤᠷᠠᠯᠢᠭ ᠪᠡᠶᠡᠲᠤ ᠨᠢ ᠬᠤᠶᠡᠷ ᠳᠠᠪᠬᠤᠷ ᠰᠠᠷᠢᠰᠤ ᠲᠠᠢ᠂ ᠲᠡᠭᠦᠨ ᠤ ᠳᠣᠲᠤᠷ᠎ᠠ ᠨᠢ ᠡᠨᠧᠷᠬᠢ ᠲᠠᠯᠪᠢᠨ ᠭᠠᠷᠭᠠᠬᠤ ᠬᠢᠮᠢ ᠶᠢᠨ ᠤᠷᠪᠠᠯ ᠳᠤ ᠣᠷᠤᠯᠴᠠᠬᠤ ᠡᠯ᠎ᠡ ᠵᠦᠢᠯ ᠤᠨ ᠪᠣᠳᠠᠰ ᠪᠣᠯᠣᠨ ᠢᠰᠭᠡᠭᠦᠷ ᠢ ᠠᠭᠤᠯᠵᠦ ᠪᠠᠶᠢᠳᠠᠭ᠃ ᠡᠶᠢᠮᠦ ᠠᠴᠠ ᠪᠠᠰᠨ ᠲᠡᠭᠦᠨ ᠢ ︿ᠡᠰ ᠤᠨ ᠴᠠᠬᠢᠯᠭᠠᠨ ᠦᠷᠲᠡᠭᠡ﹀ ᠴᠤ ᠭᠡᠳᠡᠭ᠃ ᠬᠦᠮᠦᠨ ᠤ ᠪᠡᠶ᠎ᠡ  ᠶᠢᠨ ᠭᠤᠷᠪᠠᠨ ᠶᠡᠭᠡ ᠰᠢᠮ᠎ᠡ ᠲᠡᠵᠢᠭᠡᠯ ᠡᠳ᠋ ᠪᠣᠯᠬᠤ ᠤᠭᠤᠷᠠᠭ᠂ ᠰᠢᠬᠢᠷ ᠪᠣᠯᠣᠨ ᠦᠭᠡᠬᠦ ᠶᠢᠨ ᠢᠰᠦᠯᠳᠦᠬᠦ ᠪᠠ ᠡᠨᠧᠷᠬᠢ ᠬᠠᠨᠭ᠍ᠭᠠᠯᠲᠠ ᠨᠢ ᠪᠦᠷ ᠲᠡᠭᠦᠨ ᠤ ᠳᠤᠲᠤᠷ᠎ᠠ ᠶᠠᠪᠤᠭᠳᠠᠳᠠᠭ᠃ ᠨᠢᠭᠡᠨ ᠶᠡᠷᠤᠳᠡ ᠶᠢᠨ ᠡᠰ ᠨᠢ ᠬᠡᠳᠦᠨ ᠵᠠᠭᠤ ᠠᠴᠠ ᠨᠢᠭᠡ ᠮᠢᠩᠭᠠᠨ ᠠᠷᠤᠷᠠᠯᠢᠭ ᠪᠡᠶᠡᠲᠤ ᠶᠢ ᠠᠭᠤᠯᠵᠦ ᠮᠡᠳᠡᠬᠦ ᠪᠦᠭᠡᠳ ᠮᠠᠰᠢ ᠶᠡᠭᠡ ᠡᠰ ᠨᠢ ᠬᠡᠳᠦᠨ ᠪᠤᠮ ᠢᠶᠠᠷ ᠠᠭᠤᠯᠵᠦ ᠪᠠᠶᠢᠳᠠᠭ᠃      ᠭᠤᠣᠯ ᠪᠡᠶᠡᠲᠤ ᠨᠢ ᠭᠤᠣᠯᠳᠠᠭᠤ ᠡᠰ ᠤᠨ ᠰᠢᠷᠬᠡᠭᠵᠢᠨ ᠬᠤᠪᠢᠶᠠᠭᠳᠠᠵᠦ ᠦᠷᠡᠵᠢᠬᠦ ᠲᠠᠢ ᠬᠤᠯᠪᠤᠭ᠎ᠠ ᠲᠠᠢ ᠪᠠᠶᠢᠵᠦ᠂ ᠬᠠᠷᠢᠨ‌‍ᠲ᠋ᠣᠣᠷᠯᠢᠭ ᠪᠡᠶᠡᠲᠤ ᠨᠢ ᠡᠰ ᠤᠨ ᠱᠦᠭᠦᠷᠡᠯ ᠲᠠᠢ ᠬᠤᠯᠪᠤᠭ᠎ᠠ ᠲᠠᠢ ᠮᠠᠭᠠᠳ ᠦᠭᠡᠢ᠃ ᠡᠭᠦᠨ ᠠᠴᠠ ᠭᠠᠳᠠᠨ᠎ᠠ ᠪᠠᠰᠨ ᠡᠰ ᠤᠨ ᠰᠡᠷᠭᠡᠶᠢᠯᠡᠨ ᠬᠠᠮᠠᠭᠠᠯᠠᠬᠤ ᠦᠢᠯᠡᠳᠦᠯ ᠪᠦᠬᠦᠢ ᠪᠤᠰᠤᠳ ᠣᠯᠠᠨ ᠵᠦᠢᠯᠡᠰ ᠴᠤ ᠡᠰ ᠤᠨ ᠡᠷᠬᠡᠲᠡᠨ ᠳᠤ ᠪᠠᠭᠲᠠᠨ᠎ᠠ᠃     ᠠᠭᠤᠯᠤᠭᠳᠠᠮᠠᠯ ᠡᠳ᠋᠄ ᠳᠠᠷᠤᠢ ᠡᠰ ᠤᠨ ᠪᠣᠳᠠᠰ ᠤᠨ ᠰᠣᠯᠢᠯᠴᠠᠭᠠᠨ ᠤ ᠶᠠᠪᠤᠴᠠ ᠳᠤ ᠭᠠᠷᠤᠭᠰᠠᠨ ᠪᠦᠲᠦᠭᠡᠭᠳᠡᠬᠦᠨ ᠵᠢᠱᠢᠶᠡᠯᠡᠪᠡᠯ ᠰᠢᠬᠢᠷ ᠤᠭᠤᠷᠠᠭ ᠵᠡᠷᠭᠡ ᠰᠢᠮ᠎ᠡ ᠲᠡᠵᠢᠭᠡᠯᠲᠤ ᠡᠳ᠋ ᠤᠨ ᠬᠠᠳᠠᠭᠠᠯᠠᠰᠤ᠂ ᠢᠰᠭᠡᠭᠦᠷ ᠮᠡᠲᠤ ᠶᠢᠨ ᠱᠦᠭᠦᠷᠡᠰᠤ ᠪᠣᠯᠣᠨ ᠢᠯᠭᠠᠳᠠᠰᠤ ᠵᠡᠷᠭᠡ ᠪᠣᠢ᠃          3. ᠡᠰ ᠤᠨ ᠬᠠᠯᠢᠰᠤ      ᠡᠰ ᠤᠨ ᠪᠦᠭᠡᠮ ᠪᠣᠯᠣᠨ ᠡᠰ ᠤᠨ ᠨᠢᠯᠲᠠᠭ ᠡᠳ᠋ ᠢ ᠪᠦᠷᠬᠦᠨ ᠭᠠᠳᠠᠷ ᠣᠷᠴᠢᠨ ᠠᠴᠠ ᠲᠤᠰᠭᠠᠷᠯᠠᠭᠠᠳ᠂ ᠡᠰ ᠢ ᠠᠰᠲᠠᠭᠠᠨ ᠨᠢᠭᠡᠨ ᠵᠢᠵᠢᠭ ᠣᠷᠴᠢᠨ ︵Milieu Intérieur︶ ᠪᠣᠯᠭᠠᠳᠠᠭ ᠨᠢᠭᠡᠨ ᠳᠠᠪᠬᠤᠷ  ᠰᠠᠷᠢᠰᠤ ᠶᠢ ᠡᠰ ᠤᠨ ᠬᠠᠯᠢᠰᠤ ᠪᠣᠶᠤ ᠪᠦᠷᠬᠦᠭᠦᠯ ᠭᠡᠳᠡᠭ᠃ ᠲᠡᠷᠨ ᠨᠢ ᠤᠭᠤᠷᠠᠭ ᠪᠣᠯᠣᠨ ᠦᠭᠡᠬᠦᠯᠢᠭ  ᠢᠶᠠᠷ ᠪᠦᠲᠦᠭᠰᠡᠨ ᠨᠢᠭᠡᠨ ᠬᠠᠭᠠᠰ ᠨᠡᠪᠲᠡᠷᠬᠡᠢ ᠲᠦᠢᠯ ᠤᠨ ᠨᠢᠮᠭᠡᠨ ᠨᠠᠷᠢᠨ ᠪᠣᠳᠤᠯᠢᠶᠠᠨᠲᠤ ᠪᠣᠳᠠᠰ ᠤᠨ ᠰᠢᠰᠲ᠋ᠧᠮ ᠪᠠᠶᠢᠵᠦ᠂ ᠡᠰ ᠤᠨ ᠳᠣᠲᠤᠷ᠎ᠠ ᠣᠷᠣᠵᠦ ᠭᠠᠷᠬᠤ ᠤᠰᠤ ᠪᠣᠯᠣᠨ ᠰᠢᠮ᠎ᠡ ᠲᠡᠵᠢᠭᠡᠯᠲᠤ ᠡᠳ᠋ ᠵᠢᠴᠢ ᠴᠠᠬᠢᠯᠭᠠᠨ ᠳᠤ ᠵᠠᠳᠠᠷᠠᠬᠤ ᠡᠳ᠋ ᠤᠳ ᠢ ᠳᠤᠬᠢᠷᠠᠭᠤᠯᠤᠨ ᠵᠣᠬᠢᠴᠠᠭᠤᠯᠵᠦ᠂ ᠠᠭᠤᠰᠬᠤ ᠪᠣᠳᠠᠰ ᠢ ᠣᠷᠤᠭᠤᠯᠠᠬᠤ ᠬᠡᠮᠵᠢᠶ᠎ᠡ ᠪᠠ ᠢᠯᠭᠠᠨ ᠭᠠᠷᠭᠠᠬᠤ ᠬᠡᠮᠵᠢᠶ᠎ᠡ ᠶᠢ ᠡᠵᠡᠮᠰᠢᠨ᠂ ᠡᠰ ᠤᠨ ᠣᠷᠤᠰᠢᠨ ᠲᠣᠭᠲᠠᠨᠢᠬᠤ ᠳᠤ ᠬᠡᠷᠡᠭᠰᠡᠬᠦ ᠡᠨᠧᠷᠬᠢ ᠶᠢᠨ ᠲᠡᠩᠴᠡᠯ ᠢ ᠬᠡᠪ ᠢᠶᠠᠷ ᠨᠢ ᠪᠠᠶᠢᠯᠭᠠᠳᠠᠭ᠃ ᠡᠨᠡᠬᠦ ᠲᠡᠩᠴᠡᠯ ᠤᠨ ᠶᠠᠮᠠᠷ ᠨᠢᠭᠡᠨ ᠵᠣᠬᠢᠴᠠᠯ ᠨᠢ ᠠᠯᠳᠠᠭᠳᠠᠬᠤ ᠨᠢ ᠪᠦᠷ ᠡᠰ ᠤᠨ ᠠᠮᠢᠳᠤᠷᠠᠬᠤ ᠬᠦᠴᠦᠨ ᠢ ᠰᠦᠷᠳᠡᠭᠦᠯᠳᠡᠭ᠃          5. ᠡᠰ ᠤᠨ ᠵᠠᠪᠰᠠᠷ ᠤᠨ ᠡᠳ᠋     ᠡᠰ ᠪᠣᠯᠣᠨ ᠡᠰ ᠤᠨ ᠬᠤᠭᠤᠷᠣᠨᠳᠤᠬᠢ ᠨᠢᠭᠡᠨ ᠵᠦᠢᠯ ᠤᠨ ᠠᠮᠢᠳᠤᠷᠠᠯ ᠤᠨ ᠪᠣᠳᠠᠰ ᠪᠦᠭᠡᠳ ᠶᠡᠷᠦᠳᠡᠭᠡᠨ ᠲᠣᠭᠲᠠᠭᠰᠠᠨ ᠬᠡᠯᠪᠡᠷᠢ ᠦᠭᠡᠢ ᠦᠨᠳᠦᠰᠦᠨ ᠡᠳ᠋ ᠤᠳ  ᠢᠶᠠᠷ ᠪᠦᠷᠢᠯᠳᠦᠳᠡᠭ᠃ ᠡᠰ ᠤᠨ ᠵᠠᠪᠰᠠᠷ ᠤᠨ ᠡᠳ᠋ ᠨᠢ ᠡᠰ ᠤᠨ ᠬᠡᠯᠪᠡᠷᠢ ᠲᠦᠯᠦᠪ ᠪᠣᠯᠣᠨ ᠴᠢᠳᠠᠪᠤᠷᠢ ᠲᠠᠢ ᠨᠢᠭᠲᠠ ᠬᠠᠷᠢᠴᠠᠭ᠎ᠠ ᠲᠠᠢ ᠪᠠᠶᠢᠳᠠᠭ᠃       ᠳᠦᠷᠪᠡ᠂ ᠪᠣᠳᠤᠭᠲᠠᠮᠠᠬᠠᠢ ᠡᠳ᠋ ᠪᠣᠯᠣᠨ ᠪᠣᠳᠤᠭᠲᠠᠮᠠᠬᠠᠢ ᠪᠡᠶᠡᠲᠤ      ᠡᠰ ᠤᠨ ᠪᠦᠭᠡᠮ ᠳᠣᠲᠤᠷ᠎ᠠ ᠪᠠᠶᠢᠭ᠎ᠠ ᠵᠢᠵᠢᠭ ᠮᠦᠬᠦᠯᠢᠭ ᠰᠢᠭ ᠪᠣᠶᠤ ᠵᠢᠵᠢᠭ ᠬᠡᠰᠡᠭᠲᠤ ᠱᠦᠯᠲᠦᠯᠢᠭ ᠴᠢᠨᠠᠷ ᠲᠠᠢ ᠡᠳ᠋ ᠤᠳ ᠢ ᠪᠣᠳᠤᠭᠲᠠᠮᠠᠬᠠᠢ ᠡᠳ᠋ ᠭᠡᠳᠡᠭ ᠪᠦᠭᠡᠳ ᠲᠡᠷᠨ ᠨᠢ ᠬᠦᠴᠢᠯᠲᠦᠷᠦᠭᠴᠢ ᠦᠭᠡᠢ ᠪᠦᠭᠡᠮ ᠰᠢᠬᠢᠷ ᠪᠦᠭᠡᠮ ᠬᠦᠴᠢᠯ ︵DNA︶ ᠪᠣᠯᠣᠨ ᠱᠦᠯᠲᠦᠯᠢᠭ ᠤᠭᠤᠷᠠᠭ ᠢᠶᠠᠷ ᠪᠦᠷᠢᠯᠳᠦᠳᠡᠭ᠃ ᠪᠣᠳᠤᠭᠲᠠᠮᠠᠬᠠᠢ ᠡᠳ᠋ ᠪᠣᠯᠣᠨ ᠪᠣᠳᠤᠭᠲᠠᠮᠠᠬᠠᠢ ᠪᠡᠶᠡᠲᠤ ᠭᠡᠳᠡᠭ ᠪᠣᠯ ᠢᠵᠢᠯ ᠨᠢᠭᠡᠨ ᠶᠠᠭᠤᠮᠠᠨ ᠤ ᠬᠤᠶᠡᠷ ᠵᠦᠢᠯ ᠤᠨ ᠬᠦᠳᠡᠯᠭᠡᠭᠡᠨᠲᠤ ᠬᠡᠯᠪᠡᠷᠢ ᠶᠢᠨ ᠨᠡᠷᠡᠶᠢᠳᠦᠯ ᠶᠣᠮ᠃ ᠪᠣᠳᠤᠭᠲᠠᠮᠠᠬᠠᠢ ᠡᠳ᠋ ᠨᠢ ᠡᠰ ᠤᠨ ᠬᠤᠪᠢᠶᠠᠭᠳᠠᠯ ᠤᠨ ᠬᠤᠭᠤᠴᠠᠭᠠᠨ ᠳᠤ ᠮᠣᠰᠬᠢᠷᠠᠬᠤ ᠪᠠ ᠳᠠᠪᠬᠤᠴᠠᠬᠤ ᠪᠠᠷ ᠳᠠᠮᠵᠢᠨ ᠪᠣᠳᠤᠭᠲᠠᠮᠠᠬᠠᠢ ᠪᠡᠶᠡᠲᠤ ︵Chromosome︶ ᠪᠣᠯᠵᠦ ᠂ ᠡᠰ ᠨᠢ ᠰᠢᠷᠬᠡᠭᠵᠢᠨ ᠬᠤᠪᠢᠶᠠᠭᠳᠠᠵᠦ ᠲᠠᠭᠤᠰᠤᠭᠠᠳ ᠵᠠᠪᠰᠠᠷ ᠤᠨ ᠬᠤᠭᠤᠴᠠᠭᠠᠨ ᠳᠤ ᠣᠷᠣᠬᠤ ᠦᠶᠡᠰ ᠲᠤ᠂ ᠪᠣᠳᠤᠭᠲᠠᠮᠠᠬᠠᠢ ᠪᠡᠶᠡᠲᠤ ᠤᠨ ᠮᠣᠰᠬᠢᠷᠠᠭ᠎ᠠ ᠨᠢ ᠠᠯᠳᠠᠷᠠᠨ ᠪᠣᠳᠤᠭᠲᠠᠮᠠᠬᠠᠢ ᠡᠳ᠋ ᠤᠨ ᠪᠠᠶᠢᠳᠠᠯ ᠢᠶᠠᠨ ᠰᠡᠷᠭᠦᠭᠡᠳᠡᠭ᠃       ᠪᠣᠳᠤᠭᠲᠠᠮᠠᠬᠠᠢ ᠡᠳ᠋ ᠪᠣᠯ ᠪᠦᠭᠡᠮ ᠤᠨ ᠦᠨᠳᠦᠰᠦᠨ ᠴᠣᠭᠴᠠᠰ ᠢᠶᠠᠷ ᠪᠦᠷᠢᠯᠳᠦᠳᠡᠭ ᠪᠦᠭᠡᠳ ᠪᠦᠭᠡᠮ ᠤᠨ ᠦᠨᠳᠦᠰᠦᠨ ᠴᠣᠭᠴᠠᠰ ᠪᠦᠷᠢ ᠨᠢ 8 ᠪᠦᠯᠦᠭ ᠤᠭᠤᠷᠠᠭ ᠤᠨ ᠪᠦᠷᠢᠯᠳᠦᠰ ᠢᠶᠠᠷ ᠭᠤᠣᠯ ᠪᠣᠯᠭᠠᠨ  DNA ᠶᠢᠨ ᠬᠤᠣᠰ ᠡᠷᠭᠢᠭᠦᠯᠭᠡᠨ ᠢ 13/4 ᠣᠷᠢᠶᠠᠵᠦ ᠪᠠᠶᠢᠳᠠᠭ᠃ ᠡᠭᠦᠨ ᠠᠴᠠ ᠭᠠᠳᠠᠨ᠎ᠠ ᠪᠠᠰᠨ ᠠᠰᠲᠠᠭᠠᠨ ᠨᠢᠭᠡᠨ ᠪᠦᠭᠡᠮ ᠤᠨ ᠦᠨᠳᠦᠰᠦᠨ ᠴᠣᠭᠴᠠᠰ ᠤᠨ ᠮᠣᠯᠧᠺᠦ᠋ᠯ ᠨᠠᠭᠠᠯᠳᠤᠨ ᠳᠠᠭᠠᠵᠦ ᠪᠠᠶᠢᠳᠠᠭ᠃ ᠪᠣᠳᠤᠭᠲᠠᠮᠠᠬᠠᠢ ᠡᠳ᠋ ᠤᠨ ᠳᠣᠲᠤᠷ᠎ᠠ  ᠪᠦᠭᠡᠮ ᠤᠨ ᠦᠨᠳᠦᠰᠦᠨ ᠴᠣᠭᠴᠠᠰ ᠨᠢᠭᠡᠳ ᠨᠢᠭᠡ ᠪᠠᠷ ᠵᠠᠯᠭᠠᠯᠳᠤᠨ᠂ 6  ᠪᠦᠭᠡᠮ ᠤᠨ ᠦᠨᠳᠦᠰᠦᠨ ᠴᠣᠭᠴᠠᠰ ᠪᠦᠷᠢ ᠨᠢ ᠳᠠᠷᠦᠢ ᠨᠢᠭᠡᠨ ᠡᠷᠭᠢᠭᠦᠯᠭᠡᠨ ᠪᠣᠯᠣᠨ ᠮᠣᠰᠬᠢᠷᠠᠭᠠᠳ᠂ ᠴᠢᠩᠭᠠᠷᠠᠬᠤ ᠦᠶᠡᠰ ᠲᠤ ᠳᠠᠷᠤᠢ ᠮᠣᠰᠭᠢᠷᠠᠭ᠎ᠠ ᠬᠤᠭᠤᠯᠠᠢ ᠰᠢᠭ ᠪᠣᠯᠳᠠᠭ᠃ ᠮᠣᠰᠭᠢᠷᠠᠭ᠎ᠠ ᠬᠤᠭᠤᠯᠠᠢ ᠨᠢ ᠤᠯᠠᠮ ᠨᠢᠭᠡ ᠠᠯᠬᠤᠮ ᠮᠣᠰᠬᠢᠷᠠᠨ ᠴᠢᠩᠭᠠᠷᠠᠬᠤ ᠦᠶᠡᠰ ᠲᠤ ᠳᠠᠷᠤᠢ ᠪᠣᠳᠤᠭᠲᠠᠮᠠᠬᠠᠢ ᠪᠡᠶᠡᠲᠤ ᠪᠣᠯᠣᠨ ᠪᠦᠷᠢᠯᠳᠦᠳᠡᠭ᠃    ᠡᠰ ᠬᠤᠪᠢᠶᠠᠭᠳᠠᠬᠤ ᠦᠶᠡᠰ ᠲᠤ ᠠᠷᠤᠷᠠᠯᠢᠭ ᠪᠡᠶᠡᠲᠤ ᠳᠤ ᠱᠦᠯᠲᠦᠯᠢᠭ ᠪᠣᠳᠤᠭ ᠣᠷᠤᠭᠤᠯᠪᠠᠯ ᠳᠠᠷᠤᠢ ᠲᠡᠭᠦᠨ ᠢ ᠪᠣᠳᠤᠭᠲᠠᠮᠠᠬᠠᠢ ᠪᠡᠶᠡᠲᠤ  ᠭᠡᠳᠡᠭ᠃ ᠪᠣᠳᠤᠭᠲᠠᠮᠠᠬᠠᠢ ᠪᠡᠶᠡᠲᠤ ᠪᠣᠯ ᠭᠧᠨ ᠢᠶᠠᠷ ᠪᠦᠷᠢᠯᠳᠦᠭᠰᠡᠨ ᠡᠰ ᠤᠨ ᠪᠦᠭᠡᠮ ᠤᠨ ᠭᠤᠣᠯ ᠪᠦᠷᠢᠯᠳᠦᠭᠦᠨ ᠨᠢ ᠪᠦᠭᠡᠳ ᠲᠡᠭᠦᠨ ᠤ ᠬᠢᠮᠢ ᠶᠢᠨ ᠪᠦᠷᠢᠯᠳᠦᠭᠦᠨ ᠨᠢ ᠭᠤᠣᠯᠳᠠᠭᠤ DNA ᠪᠣᠯᠣᠨ ᠤᠭᠤᠷᠠᠭ ᠤᠨ ᠪᠦᠷᠢᠯᠳᠦᠭᠦᠨ ᠪᠠᠶᠢᠵᠦ᠂ ᠠᠮᠢᠳᠤ ᠪᠣᠳᠠᠰ ᠤᠨ ᠤᠳᠤᠮᠰᠢᠯ ᠤᠨ ᠲᠠᠨᠤᠭ ᠳᠠᠷᠤᠢ ᠭᠧᠨ ᠤ ᠠᠴᠢᠶᠠᠯᠠᠭᠴᠢ ᠮᠦᠨ᠂ ᠪᠠᠰᠨ ᠴᠤ ᠪᠣᠳᠤᠭᠲᠠᠮᠠᠬᠠᠢ ᠡᠳ᠋ ᠤᠨ ᠬᠦᠳᠡᠯᠭᠡᠭᠡᠨᠲᠤ ᠬᠡᠯᠪᠡᠷᠢ ᠮᠦᠨ᠃ ᠬᠦᠮᠦᠨ ᠲᠦᠷᠦᠯᠬᠢᠲᠡᠨ ᠨᠢ ᠶᠡᠷᠦᠳᠡᠭᠡᠨ 46 ᠪᠣᠳᠤᠭᠲᠠᠮᠠᠬᠠᠢ ᠪᠡᠶᠡᠲᠤ ᠲᠠᠢ ᠪᠠᠶᠢᠵᠦ᠂ ᠪᠡᠶ᠎ᠡ ᠶᠢᠨ ᠡᠰ ᠪᠦᠷᠢ ᠳᠤ ᠲᠡᠳᠡᠭᠡᠷ ᠨᠢ ᠬᠤᠣᠰ ᠬᠤᠣᠰ ᠢᠶᠠᠷ ᠬᠤᠶᠡᠷ ᠲᠦᠭᠦᠷ ᠪᠣᠯᠳᠠᠭ᠃ ᠨᠢᠭᠡ ᠲᠦᠭᠦᠷ ᠨᠢ ᠡᠬᠡ ᠶᠢᠨ ᠪᠡᠯᠭᠡ ᠶᠢᠨ ᠡᠰ ᠠᠴᠠ᠂ ᠨᠦᠭᠦᠭᠡ ᠨᠢᠭᠡ ᠲᠦᠭᠦᠷ ᠨᠢ ᠡᠴᠢᠭᠡ ᠶᠢᠨ ᠪᠡᠯᠭᠡ ᠶᠢᠨ ᠡᠰ ᠠᠴᠠ ᠢᠷᠡᠭᠰᠡᠨ ᠪᠠᠶᠢᠳᠠᠭ᠃ ᠬᠦᠮᠦᠨ ᠲᠦᠷᠦᠯᠬᠢᠲᠡᠨ ᠤ 23 ᠬᠤᠣᠰ ᠪᠣᠳᠤᠭᠲᠠᠮᠠᠬᠠᠢ ᠪᠡᠶᠡᠲᠤ ᠶᠢᠨ 1 ~22 ᠬᠤᠣᠰ ᠨᠢ ᠡᠷᠡᠭᠲᠡᠢ ᠡᠮᠡᠭᠲᠡᠢ ᠴᠦᠮ ᠠᠳᠠᠯᠢ ᠪᠠᠶᠢᠳᠠᠭ ᠶᠡᠷᠦᠳᠡ ᠶᠢᠨ ᠪᠣᠳᠤᠭᠲᠠᠮᠠᠬᠠᠢ ᠪᠡᠶᠡᠲᠤ ᠪᠠᠶᠢᠵᠦ᠂ ᠦᠯᠡᠳᠡᠭᠰᠡᠨ ᠨᠢᠭᠡ ᠬᠤᠣᠰ ᠪᠣᠳᠤᠭᠲᠠᠮᠠᠬᠠᠢ ᠪᠡᠶᠡᠲᠤ ᠶᠢ ᠨᠢ ᠦᠷᠡᠵᠢᠯ ᠤᠨ  ᠪᠣᠳᠤᠭᠲᠠᠮᠠᠬᠠᠢ ᠪᠡᠶᠡᠲᠤ ᠭᠡᠳᠡᠭ ᠪᠦᠭᠡᠳ ᠲᠡᠷᠨ ᠨᠢ x ᠪᠣᠯᠣᠨ yᠬᠤᠶᠡᠷ ᠬᠡᠯᠪᠡᠷᠢ ᠲᠠᠢ ᠪᠠᠶᠢᠵᠦ᠂ ᠡᠷᠡᠭᠲᠡᠢ ᠬᠦᠮᠦᠨ ᠤ ᠬᠢᠨᠢ x ᠪᠣᠯᠣᠨ y ᠬᠤᠣᠰ᠂ ᠡᠮᠡᠭᠲᠡᠢ ᠬᠦᠮᠦᠨ ᠤ ᠬᠢᠨᠢ x᠂ x ᠬᠤᠣᠰᠯᠠᠵᠦ ᠪᠠᠶᠢᠳᠠᠭ᠃ ᠬᠡᠷᠪᠡ ᠡᠮᠡᠭᠲᠡᠢ ᠶᠢᠨ ᠪᠣᠳᠤᠭᠲᠠᠮᠠᠬᠠᠢ ᠪᠡᠶᠡᠲᠤ ᠲᠠᠢ ᠡᠷᠡᠭᠲᠡᠢ ᠶᠢᠨx ᠪᠣᠳᠤᠭᠲᠠᠮᠠᠬᠠᠢ ᠪᠡᠶᠡᠲᠤ ᠨᠢ ᠨᠡᠶᠢᠯᠡᠪᠡᠯ ᠬᠡᠤᠬᠡᠨ ᠲᠦᠷᠦᠵᠦ᠂ y ᠪᠣᠳᠤᠭᠲᠠᠮᠠᠬᠠᠢ ᠪᠡᠶᠡᠲᠤ ᠨᠢ ᠨᠡᠶᠢᠯᠡᠪᠡᠯ ᠬᠦᠦ ᠲᠦᠷᠦᠳᠡᠭ᠃ x ᠪᠣᠳᠤᠭᠲᠠᠮᠠᠬᠠᠢ ᠪᠡᠶᠡᠲᠤ ᠨᠢ ᠤᠷᠲᠤ᠂  y ᠪᠣᠳᠤᠭᠲᠠᠮᠠᠬᠠᠢ ᠪᠡᠶᠡᠲᠤ ᠨᠢ ᠪᠤᠭᠤᠨᠢ ᠪᠣᠯᠬᠤᠷ ᠡᠮᠡᠭᠲᠡᠢ ᠬᠦᠮᠦᠨ ᠨᠢ ᠡᠷᠡᠭᠲᠡᠢ ᠬᠦᠮᠦᠨ ᠠᠴᠠ ᠢᠯᠡᠭᠦᠦ ᠤᠷᠲᠤ ᠨᠠᠰᠤᠯᠠᠳᠠᠭ᠃      ᠬᠡᠷᠪᠡ ᠶᠡᠷᠦᠳᠡ ᠶᠢᠨ ᠪᠣᠳᠤᠭᠲᠠᠮᠠᠬᠠᠢ ᠪᠡᠶᠡᠲᠤ ᠨᠢ ᠰᠠᠴᠤᠷᠠᠭ ᠲᠤ ᠭᠡᠮᠲᠦᠪᠡᠯ ᠲᠤᠰ ᠪᠡᠶ᠎ᠡ ᠳᠤᠨᠢ ᠦᠮᠡᠨ ᠪᠣᠶᠤ ᠪᠤᠰᠤᠳ ᠦᠢᠰᠭᠡᠯ ᠭᠠᠷᠴᠤ᠂ ᠦᠷᠡᠵᠢᠯ ᠤᠨ ᠪᠣᠳᠤᠭᠲᠠᠮᠠᠬᠠᠢ ᠪᠡᠶᠡᠲᠤ ᠨᠢ ᠰᠠᠴᠤᠷᠠᠭ ᠲᠤ ᠭᠡᠮᠲᠦᠪᠡᠯ ᠬᠤᠶᠢᠴᠢ ᠦᠶ᠎ᠡ ᠳᠤᠨᠢ ᠤᠳᠤᠮᠰᠢᠯ ᠤᠨ ᠦᠢᠰᠭᠡᠯ ᠭᠠᠷᠤᠨ᠎ᠠ᠃ ᠬᠡᠯᠡᠯᠭᠡᠨ ᠦᠭᠡᠢ ᠪᠣᠳᠤᠭᠲᠠᠮᠠᠬᠠᠢ ᠪᠡᠶᠡᠲᠤ ᠶᠢᠨ ᠭᠡᠮᠲᠦᠯ ᠨᠢ ᠲᠡᠭᠦᠨ ᠢ ᠪᠦᠷᠢᠯᠳᠦᠭᠦᠯᠦᠭᠰᠡᠨ ᠭᠧᠨ ᠵᠢᠴᠢ ᠪᠦᠭᠡᠮ ᠬᠦᠴᠢᠯ ᠠᠴᠠ ᠰᠢᠯᠲᠠᠭᠠᠯᠠᠭᠳᠠᠨ᠎ᠠ᠃      ᠲᠠᠪᠤ᠂ ᠭᠧᠨ ᠪᠣᠯᠣᠨ ᠪᠦᠭᠡᠮ     ᠭᠧᠨ ︵Gene︶ ᠪᠣᠯ ᠪᠣᠳᠤᠭᠲᠠᠮᠠᠬᠠᠢ ᠪᠡᠶᠡᠲᠤ ᠶᠢᠨ ᠪᠦᠷᠢᠯᠳᠦᠭᠦᠨ ᠮᠦᠨ᠂ ᠪᠣᠳᠤᠭᠲᠠᠮᠠᠬᠠᠢ ᠪᠡᠶᠡᠲᠤ ᠪᠦᠷᠢ ᠳᠡᠭᠡᠷ᠎ᠡ ᠪᠠᠷᠤᠭ 2000 ᠭᠠᠷᠤᠢ ᠭᠧᠨ ᠪᠠᠶᠢᠵᠦ᠂ ᠲᠣᠭᠲᠠᠭᠰᠠᠨ ᠳᠡᠰ ᠳᠠᠷᠠᠭᠠᠯᠠᠯ ᠢᠶᠠᠷ ᠵᠢᠭᠰᠠᠭᠠᠳ ᠵᠣᠬᠢᠬᠤ ᠣᠷᠣᠨ ᠪᠠᠶᠢᠷᠢ ᠳᠤ ᠣᠷᠤᠰᠢᠵᠦ ᠪᠠᠶᠢᠳᠠᠭ᠃ ᠲᠡᠭᠦᠨ ᠤ ᠬᠢᠮᠢ ᠶᠢᠨ ᠪᠦᠷᠢᠯᠳᠦᠭᠦᠨ ᠨᠢ ᠳᠠᠷᠤᠢ DNA ᠮᠣᠯᠧᠺᠦ᠋ᠯ ᠤᠨ ᠨᠢᠭᠡ ᠬᠡᠰᠡᠭ ᠪᠦᠭᠡᠳ ᠤᠷᠲᠤ ᠣᠬᠤᠷ ᠨᠢ ᠪᠠᠷᠤᠭ 1000 ᠱᠦᠯᠲᠤ ᠶᠢᠨ ᠪᠦᠯᠦᠭ ᠤᠨ ᠬᠤᠣᠰ ᠲᠠᠢ ᠲᠡᠩᠴᠡᠨ᠎ᠡ᠃ ᠬᠦᠮᠦᠨ ᠲᠦᠷᠦᠯᠬᠢᠲᠡᠨ ᠨᠢ ᠪᠠᠷᠤᠭ 50000 ᠵᠦᠢᠯ ᠠᠴᠠ ᠳᠡᠭᠡᠭᠰᠢᠬᠢ ᠪᠦᠲᠦᠴᠡ ᠶᠢᠨ ᠭᠧᠨ ᠲᠠᠢ᠃ ᠭᠧᠨ ᠪᠣᠯ ᠤᠳᠤᠮᠰᠢᠯ ᠤᠨ ᠲᠠᠨᠤᠭ ᠢ ᠬᠠᠳᠠᠭᠠᠯᠠᠬᠤ ᠨᠢᠭᠡᠴᠢ ᠪᠦᠭᠡᠳ ᠰᠢᠨ᠎ᠡ ᠡᠰ ᠤᠨ ᠣᠨᠴᠠᠯᠢᠭ ᠨᠢ ᠡᠳᠡᠭᠡᠷ ᠲᠠᠨᠤᠭ ᠤᠳ ᠠᠴᠠ ᠲᠣᠭᠲᠠᠭᠠᠭᠳᠠᠳᠠᠭ᠃ ᠭᠧᠨ ᠨᠢ ᠬᠦᠴᠢᠯᠲᠦᠷᠦᠭᠴᠢ ᠦᠭᠡᠢ ᠪᠦᠭᠡᠮ ᠰᠢᠬᠢᠷ ᠪᠦᠭᠡᠮ ᠬᠦᠴᠢᠯ ︵DNA︶ ᠪᠣᠯᠣᠨ ᠤᠭᠤᠷᠠᠭ ᠤᠨ ᠮᠣᠯᠧᠺᠦ᠋ᠯ ᠢᠶᠠᠷ ᠪᠦᠷᠢᠯᠳᠦᠳᠡᠭ᠃     1. ᠬᠦᠴᠢᠯᠲᠦᠷᠦᠭᠴᠢᠭᠦᠢ ᠪᠦᠭᠡᠮ ᠰᠢᠬᠢᠷ ᠪᠦᠭᠡᠮ ᠬᠦᠴᠢᠯ᠄ DNA ᠪᠣᠯ ᠬᠦᠴᠢᠯᠲᠦᠷᠦᠭᠴᠢᠭᠦᠢ  ᠪᠦᠭᠡᠮ ᠰᠢᠬᠢᠷ ᠪᠦᠭᠡᠮ ᠬᠦᠴᠢᠯ ᠤᠨ ᠠᠩᠭ᠍ᠯᠢ ᠬᠡᠯᠡᠨ ᠤ ᠨᠡᠷᠡᠶᠢᠳᠦᠯ Deoxyribo Nucleic Acid ᠤᠨ  ᠲᠣᠪᠴᠢᠯᠠᠭᠰᠠᠨ ᠪᠢᠴᠢᠯᠭᠡ ᠪᠣᠯᠤᠨ᠎ᠠ᠃ DNA ᠪᠣᠯ ᠡᠰ ᠤᠨ ᠪᠦᠭᠡᠮ ᠤᠨ ᠭᠤᠣᠯ ᠪᠦᠷᠢᠯᠳᠦᠭᠦᠨ ᠲᠤᠯᠠᠲᠠ ᠠᠯᠢᠪᠠ ᠠᠮᠢᠳᠤ ᠪᠣᠳᠠᠰ ᠤᠨ ᠡᠰ ᠪᠦᠷᠢ ᠨᠢ ᠠᠳᠠᠭ ᠲᠠᠭᠠᠨ ᠨᠢᠭᠡ DNA ᠪᠣᠶᠤ ᠲᠡᠭᠦᠨ ᠤ ᠣᠶᠢᠷ᠎ᠠ ᠲᠦᠷᠦᠯ ᠪᠣᠯᠬᠤ RNA ᠶᠢᠨ ᠮᠣᠯᠧᠺᠦ᠋ᠯ ᠤᠨ ᠤᠷᠲᠤ ᠭᠢᠨᠵᠢ ᠶᠢ ᠠᠬᠤᠯᠠᠵᠦ ᠪᠠᠶᠢᠳᠠᠭ᠃ ᠨᠢᠭᠡᠨ ᠪᠦᠷᠢᠨ ᠪᠦᠲᠦᠨ DNA ᠵᠢᠨ‌ᠮᠣᠯᠧᠺᠦ᠋ᠯ ᠪᠣᠯ ᠶᠠᠭ ᠨᠢᠭᠡᠨ ᠮᠣᠰᠬᠢᠷᠠᠭᠰᠠᠨ ᠲᠡᠮᠦᠷ ᠱᠠᠲᠤ ᠮᠡᠲᠤ ᠬᠡᠯᠪᠡᠷᠢ ᠲᠠᠢ ᠳᠠᠷᠤᠢ ᠬᠤᠭᠤᠷᠣᠨᠳᠤ ᠪᠠᠨ ᠬᠠᠷᠢᠯᠴᠠᠨ ᠬᠤᠯᠪᠤᠯᠳᠤᠭᠰᠠᠨ ᠬᠤᠣᠰ ᠬᠡᠯᠬᠢᠶ᠎ᠡ ᠪᠠᠶᠢᠳᠠᠭ᠃ DNA ᠶᠢᠨ ᠮᠣᠯᠧᠺᠦ᠋ᠯ ᠤᠨ ᠪᠦᠲᠦᠴᠡ ᠶᠢᠨ ᠦᠨᠳᠦᠰᠦᠨ ᠨᠢᠭᠡᠴᠢ ᠨᠢ ᠪᠣᠯ ᠪᠦᠭᠡᠮ ᠰᠢᠬᠢᠷ ᠤᠨ ᠬᠦᠴᠢᠯ ᠮᠦᠨ᠃      ︵1︶ ᠪᠦᠭᠡᠮ ᠰᠢᠬᠢᠷ ᠤᠨ ᠬᠦᠴᠢᠯ᠄ ᠮᠣᠯᠧᠺᠦ᠋ᠯ ᠨᠢᠭᠡᠪᠦᠷᠢ ᠨᠢ ᠴᠦᠮ ᠨᠢᠭᠡ ᠬᠦᠴᠢᠯᠲᠦᠷᠦᠭᠴᠢᠭᠦᠢ ᠪᠦᠭᠡᠮ ᠰᠢᠬᠢᠷ ᠪᠣᠯᠣᠨ ᠨᠢᠭᠡ ᠹᠣᠰᠹᠣᠷ ᠬᠦᠴᠢᠯ ᠵᠢᠴᠢ ᠨᠢᠭᠡ ᠱᠦᠯᠲᠤ ᠶᠢᠨ ᠪᠦᠯᠦᠭ ᠢᠶᠠᠷ ᠪᠦᠷᠢᠯᠳᠦᠳᠡᠭ᠃ ᠬᠦᠴᠢᠯᠲᠦᠷᠦᠭᠴᠢᠭᠦᠢ ᠪᠦᠭᠡᠮ ᠰᠢᠬᠢᠷ ᠨᠢ ᠬᠤᠭᠤᠷᠣᠨᠳᠤ ᠪᠠᠨ ᠹᠣᠰᠹᠣᠷ ᠬᠦᠴᠢᠯ ᠢᠶᠠᠷ ᠵᠠᠯᠭᠠᠯᠳᠤᠨ DNA ᠶᠢᠨ ᠳ᠋ᠠᠩ ᠬᠡᠯᠬᠢᠶ᠎ᠡ ᠳᠠᠷᠤᠢ ᠱᠠᠲᠤᠨ ᠤ ᠨᠢᠭᠡ ᠠᠷᠠᠯ ᠢ ᠨᠢ ᠪᠦᠲᠦᠭᠡᠨ᠎ᠡ᠃ ᠡᠨᠡᠬᠦ ᠬᠡᠯᠬᠢᠶ᠎ᠡ ᠳᠡᠭᠡᠷᠡᠬᠢ ᠬᠦᠴᠢᠯᠲᠦᠷᠦᠭᠴᠢᠭᠦᠢ ᠪᠦᠭᠡᠮ ᠰᠢᠬᠢᠷ ᠠᠴᠠ ᠨᠢ ᠪᠦᠷ ᠱᠦᠯᠲᠤ ᠶᠢᠨ ᠪᠦᠯᠦᠭ ᠰᠤᠨᠤᠨ ᠭᠠᠷᠤᠭᠠᠳ ᠤᠰᠤᠲᠦᠷᠦᠭᠴᠢ ᠶᠢᠨ ᠴᠦᠭᠴᠦᠷᠭᠡ ︵-H︶ ᠪᠠᠷ ᠬᠠᠷᠢᠯᠴᠠᠨ ᠵᠠᠯᠭᠠᠵᠦ᠂ ᠬᠤᠶᠡᠷ ᠳ᠋ᠠᠩ ᠬᠡᠯᠬᠢᠶ᠎ᠡ ᠶᠢ ᠱᠠᠲᠤᠨ ᠤ ᠭᠢᠰᠭᠢᠭᠦᠷ ᠮᠡᠲᠤ ᠬᠤᠯᠪᠤᠵᠦ ᠪᠠᠶᠢᠳᠠᠭ᠃      ︵2︶ ᠱᠦᠯᠲᠤ ᠶᠢᠨ ᠪᠦᠯᠦᠭ᠄  ᠭᠤᠣᠯᠳᠠᠭᠤ ᠫᠦᠷᠢᠨ ︵Purine︶ ᠪᠣᠯᠣᠨ ᠫᠢᠷᠢᠮᠢᠳᠢᠨ ︵Pyrimidine︶ ᠢᠶᠠᠷ ᠪᠦᠷᠢᠯᠳᠦᠭᠰᠡᠨ ᠪᠦᠭᠡᠳ ᠭᠡᠵᠦ ᠬᠤᠶᠡᠷ ᠵᠦᠢᠯ ᠪᠠᠶᠢᠳᠠᠭ ᠪᠦᠭᠡᠳ ᠡᠮᠦᠨᠡᠬᠢ ᠨᠢ ᠳ᠋ᠠᠩ ᠴᠠᠭᠠᠷᠢᠭᠯᠠᠭᠰᠠᠨ ᠨᠡᠶᠢᠯᠡᠮᠡᠯ ᠪᠣᠳᠠᠰ᠂ ᠬᠤᠶᠢᠨᠠᠬᠢ ᠨᠢ ᠳᠠᠪᠬᠤᠷ  ᠴᠠᠭᠠᠷᠢᠭᠯᠠᠭᠰᠠᠨ ᠨᠡᠶᠢᠯᠡᠮᠡᠯ ᠪᠣᠳᠠᠰ ᠪᠠᠶᠢᠳᠠᠭ᠃  ᠫᠦᠷᠢᠨ ᠨᠢ ᠪᠣᠯᠴᠢᠷᠬᠠᠢ ᠶᠢᠨ  ᠫᠦᠷᠢᠨ ᠳᠠᠷᠤᠢ ᠠᠳᠧᠨᠢᠨ ︵Adenine᠂ A ᠪᠠᠷ ᠢᠯᠡᠳᠬᠡᠳᠡᠭ︶ ᠪᠣᠯᠣᠨ ᠰᠢᠪᠠᠭᠤᠨ ᠤ ᠫᠦᠷᠢᠨ ᠳᠠᠷᠤᠢ ᠭᠤᠸᠠᠨᠢᠨ ︵Guanine᠂ G ᠪᠠᠷ ᠢᠯᠡᠳᠬᠡᠨ᠎ᠡ﹀ ᠭᠡᠵᠦ ᠬᠤᠶᠡᠷ ᠵᠦᠢᠯ ᠪᠣᠢ᠃ ᠫᠢᠷᠢᠮᠢᠳᠢᠨ ᠨᠢ ᠡᠰ ᠤᠨ ᠫᠢᠷᠢᠮᠢᠳᠢᠨ ᠳᠠᠷᠤᠢ ᠰᠠᠶ᠋ᠢᠲ᠋ᠧᠰᠠᠶ᠋ᠢᠨ ︵Cytocine᠂ C ᠪᠠᠷ ᠢᠯᠡᠳᠬᠡᠳᠡᠭ︶ ᠪᠣᠯᠣᠨ ᠴᠡᠭᠡᠵᠢᠨ ᠤ ᠪᠣᠯᠴᠢᠷᠬᠠᠢ ᠶᠢᠨ ᠫᠢᠷᠢᠮᠢᠳᠢᠨ ︵Thymine᠂ T ᠪᠠᠷ ᠢᠯᠡᠳᠬᠡᠨ᠎ᠡ︶ ᠭᠡᠵᠦ ᠪᠠᠰᠨ ᠬᠤᠶᠡᠷ ᠵᠦᠢᠯ ᠪᠠᠶᠢᠳᠠᠭ᠃ ᠫᠦᠷᠢᠨ ᠵᠦᠢᠯ ᠪᠣᠯᠣᠨ ᠫᠢᠷᠢᠮᠢᠳᠢᠨ ᠤ ᠵᠦᠢᠯᠡᠰ ᠨᠢ ᠴᠦᠮ ᠠᠽᠤᠲ ᠤᠨ ᠡᠯᠳᠡᠪ ᠴᠠᠭᠠᠷᠢᠭᠲᠤ ᠨᠡᠶᠢᠯᠡᠮᠡᠯ ᠪᠣᠳᠠᠰ ᠪᠣᠯᠬᠤᠷ᠂ ᠲᠡᠳᠡᠨ ᠢ ᠶᠡᠷᠦᠨᠢ ᠱᠦᠯᠲᠤ ᠶᠢᠨ ᠪᠦᠯᠦᠭ ᠪᠣᠶᠤ ᠡᠰᠡᠭᠦᠯ᠎ᠡ ᠠᠼᠤᠲ ᠲᠠᠢ ᠬᠤᠵᠢᠷ ᠭᠡᠳᠡᠭ᠃      DNA ᠶᠢᠨ ᠬᠤᠶᠡᠷ ᠳ᠋ᠠᠩ ᠬᠡᠯᠬᠢᠶᠡᠨ ᠳᠡᠭᠡᠷᠡᠬᠢ ᠡᠨᠡᠬᠦ 4 ᠵᠦᠢᠯ ᠤᠨ ᠱᠦᠯᠲᠤ ᠶᠢᠨ ᠪᠦᠯᠦᠭ ᠨᠢ ᠬᠤᠭᠤᠷᠣᠨᠳᠤ ᠪᠠᠨ ᠤᠰᠤᠲᠦᠷᠦᠭᠴᠢ ᠶᠢᠨ ᠴᠦᠭᠴᠦᠷᠭᠡ  ᠪᠠᠷ ᠬᠠᠷᠢᠯᠴᠠᠨ ᠵᠠᠯᠭᠠᠯᠳᠤᠬᠤ ᠳᠠᠭᠠᠨ᠂ ᠡᠨᠡ ᠲᠠᠯ᠎ᠠ ᠶᠢᠨ   ᠬᠡᠯᠬᠢᠶᠡᠨ ᠳᠡᠭᠡᠷᠡᠬᠢ ᠪᠣᠯᠴᠢᠷᠬᠠᠢ ᠶᠢᠨ ᠫᠦᠷᠢᠨ A ᠨᠢ ᠬᠡᠵᠢᠶᠡᠳᠡ ᠨᠦᠭᠦᠭᠡ ᠲᠠᠯ᠎ᠠ ᠶᠢᠨ ᠬᠡᠯᠬᠢᠶᠡᠨ ᠳᠡᠭᠡᠷᠡᠬᠢ ᠴᠡᠭᠡᠵᠢᠨ ᠤ ᠪᠣᠯᠴᠢᠷᠬᠠᠢ ᠶᠢᠨ ᠫᠢᠷᠢᠮᠢᠳᠢᠨ T ᠲᠠᠢ ᠬᠤᠶᠡᠷ ᠤᠰᠤᠲᠦᠷᠦᠭᠴᠢ ᠶᠢᠨ ᠴᠦᠭᠴᠦᠷᠭᠡ ᠪᠠᠷ A=T ᠪᠣᠶᠤ T=A ᠪᠠᠷ ᠬᠠᠷᠢᠯᠴᠠᠨ ᠵᠠᠯᠭᠠᠯᠳᠤᠨ᠎ᠠ᠃ ᠰᠢᠪᠠᠭᠤᠨ ᠤ ᠫᠦᠷᠢᠨ G ᠨᠢ ᠬᠡᠵᠢᠶᠡᠳᠡ ᠡᠰ ᠤᠨ ᠫᠢᠷᠢᠮᠢᠳᠢᠨ C ᠲᠠᠢ ᠭᠤᠷᠪᠠᠨ ᠤᠰᠤᠲᠦᠷᠦᠭᠴᠢ ᠶᠢᠨ ᠴᠦᠭᠴᠦᠷᠭᠡ ᠪᠠᠷ G≡C ᠪᠣᠶᠤ C≡G ᠪᠠᠷ ᠬᠠᠷᠢᠯᠴᠠᠨ  ᠵᠠᠯᠭᠠᠯᠳᠤᠳᠠᠭ᠃ ᠢᠡᠭᠭᠢᠵᠦ ᠵᠠᠯᠭᠠᠯᠳᠤᠨ ᠪᠣᠢ ᠪᠣᠯᠤᠭᠰᠠᠨ ᠱᠦᠯᠲᠤ ᠶᠢᠨ ᠪᠦᠯᠦᠭ ᠤᠨ ᠬᠤᠣᠰ ᠤᠨ ᠵᠢᠭᠰᠠᠯ ᠨᠢ ᠳᠠᠷᠤᠢ ᠤᠳᠤᠮᠰᠢᠯ ᠤᠨ ᠲᠠᠨᠤᠭ ᠮᠦᠨ᠃ ᠨᠢᠭᠡ DNA ᠶᠢᠨ ᠮᠣᠯᠧᠺᠦ᠋ᠯ ᠳᠤ ᠪᠠᠷᠤᠭ 40000 ᠬᠤᠣᠰ ᠱᠦᠯᠲᠤ ᠶᠢᠨ ᠪᠦᠯᠦᠭ ᠪᠠᠶᠢᠵᠦ᠂ ᠬᠡᠷᠪᠡ ᠨᠢᠭᠡ ᠵᠦᠢᠯ ᠤᠨ ᠱᠦᠯᠲᠤ ᠶᠢᠨ ᠪᠦᠯᠦᠭ ᠤᠨ ᠬᠤᠣᠰ ᠨᠢ ᠨᠢᠭᠡ ᠵᠦᠢᠯ ᠤᠨ ᠤᠳᠤᠮᠰᠢᠯ ᠤᠨ ᠲᠠᠨᠤᠭ ᠢ ᠲᠦᠯᠦᠭᠡᠯᠡᠵᠦ ᠪᠠᠶᠢᠪᠠᠯ᠂ ᠨᠢᠭᠡ DNA ᠶᠢᠨ ᠮᠣᠯᠧᠺᠦ᠋ᠯ ᠨᠢ ᠳᠠᠷᠤᠢ 440000 ᠵᠦᠢᠯ ᠤᠨ ᠤᠳᠤᠮᠰᠢᠯ ᠤᠨ ᠲᠠᠨᠤᠭ ᠢ ᠠᠭᠤᠯᠵᠦ ᠪᠠᠶᠢᠨ᠎ᠠ᠃          DNA ᠪᠣᠯ ᠵᠦᠪᠬᠡᠨ ᠤᠳᠤᠮᠰᠢᠯ ᠤᠨ ᠲᠠᠨᠤᠭ ᠢ ᠬᠠᠳᠠᠭᠠᠯᠠᠵᠦ᠂ ᠬᠠᠷᠢᠨ RNA ᠪᠣᠯ ᠲᠡᠭᠦᠨ ᠢ ᠣᠷᠴᠢᠭᠤᠯᠤᠭᠠᠳ ᠰᠢᠨ᠎ᠡ ᠠᠮᠢ ᠨᠠᠰᠤᠨ ᠳᠤ ᠤᠯᠠᠮᠵᠢᠯᠠᠳᠠᠭ᠃       2. ᠪᠦᠭᠡᠮ ᠰᠢᠬᠢᠷ ᠪᠦᠭᠡᠮ ᠬᠦᠴᠢᠯ᠄ RNA ᠪᠣᠯ ᠪᠦᠭᠡᠮ ᠰᠢᠬᠢᠷ ᠪᠦᠭᠡᠮ ᠬᠦᠴᠢᠯ ᠤᠨ ᠠᠩᠭ᠍ᠯᠢ ᠬᠡᠯᠡᠨ ᠤ ᠨᠡᠷᠡᠶᠢᠳᠦᠯ Ribonucleic Acid ᠤᠨ ᠲᠣᠪᠴᠢᠯᠠᠭᠰᠠᠨ ᠪᠢᠴᠢᠯᠭᠡ ᠪᠣᠯᠤᠨ᠎ᠠ᠃ RNA ᠢ ᠪᠦᠷᠢᠯᠳᠦᠭᠦᠯᠬᠦ ᠪᠦᠭᠡᠮ ᠰᠢᠬᠢᠷ ᠤᠨ ᠬᠦᠴᠢᠯ ᠨᠢ ᠪᠠᠰᠨ ᠳᠦᠷᠪᠡᠨ ᠵᠦᠢᠯ ᠳᠠᠷᠤᠢ ᠪᠣᠯᠴᠢᠷᠬᠠᠢ ᠶᠢᠨ ᠫᠦᠷᠢᠨ ᠤ ᠪᠦᠭᠡᠮ ᠰᠢᠬᠢᠷ ᠤᠨ ᠬᠦᠴᠢᠯ ︵AMP︶᠂ ᠰᠢᠪᠠᠭᠤᠨ ᠤ ᠫᠦᠷᠢᠨ ᠤ ᠪᠦᠭᠡᠮ ᠰᠢᠬᠢᠷ ᠤᠨ ᠬᠦᠴᠢᠯ ︵GMP︶᠂ ᠡᠰ ᠤᠨ ᠫᠢᠷᠢᠮᠢᠳᠢᠨ ᠪᠦᠭᠡᠮ ᠰᠢᠬᠢᠷ  ᠤᠨ ᠬᠦᠴᠢᠯ ︵CMP︶ ᠪᠣᠯᠣᠨ ᠰᠢᠭᠡᠰᠦᠨ ᠤ ᠫᠢᠷᠢᠮᠢᠳᠢᠨ ᠪᠦᠭᠡᠮ ᠰᠢᠬᠢᠷ ᠤᠨ ᠬᠦᠴᠢᠯ ︵UMP︶ ᠭᠡᠵᠦ ᠪᠠᠶᠢᠳᠠᠭ᠃  ᠪᠦᠭᠡᠮ ᠰᠢᠬᠢᠷ ᠪᠦᠭᠡᠮ ᠬᠦᠴᠢᠯ ᠨᠢ ᠭᠤᠣᠯᠳᠠᠭᠤ ᠡᠰ ᠤᠨ ᠨᠢᠯᠴᠠᠭᠠᠢ ᠡᠳ᠋ ᠤᠨ ᠳᠣᠲᠤᠷ᠎ᠠ ᠲᠠᠷᠬᠠᠵᠦ᠂ ᠴᠦᠬᠡᠨ ᠲᠣᠭᠠᠨ ᠤ ᠬᠢᠨᠢ ᠡᠰ ᠤᠨ ᠪᠦᠭᠡᠮ  ᠳᠣᠲᠤᠷ᠎ᠠ ᠪᠠᠶᠢᠳᠠᠭ᠃ ᠨᠢᠭᠡᠨᠲᠡ ᠮᠡᠳᠡᠭᠰᠡᠨ RNA  ᠨᠢ ᠴᠢᠮᠡᠭᠡ ᠳᠠᠮᠵᠢᠭᠤᠯᠤᠭᠴᠢ RNA᠂ ᠰᠢᠯᠵᠢᠭᠦᠯᠬᠦ RNA᠂ ᠪᠦᠭᠡᠮ ᠤᠨ ᠤᠭᠤᠷᠠᠭ ᠴᠣᠭᠴᠠ RNA ᠭᠡᠬᠦ ᠭᠤᠷᠪᠠᠨ ᠵᠦᠢᠯ ᠪᠣᠢ᠃      ︵1︶ mRNA᠄ ᠴᠢᠮᠡᠭᠡ ᠳᠠᠮᠵᠢᠭᠤᠯᠤᠭᠴᠢ RNA ᠳᠠᠷᠤᠢ Messenger-RNA ᠶᠢᠨ ᠲᠣᠪᠴᠢᠯᠠᠭᠰᠠᠨ ᠨᠡᠷᠡᠶᠢᠳᠦᠯ᠃ ᠲᠡᠷᠨ ᠨᠢ ᠡᠰ ᠤᠨ ᠳᠣᠲᠤᠷᠠᠬᠢ RNA ᠤ ᠶᠡᠷᠦᠩᠬᠡᠢ ᠬᠡᠮᠵᠢᠶᠡᠨ ᠤ 5%~10% ᠶᠢ ᠨᠢ ᠡᠵᠡᠯᠡᠳᠡᠭ᠃ mRNA ᠨᠢ ᠡᠰ ᠤᠨ ᠪᠦᠭᠡᠮ ᠤᠨ ᠳᠣᠲᠤᠷᠠᠬᠢ DNA ᠮᠣᠯᠧᠺᠦ᠋ᠯ ᠠᠴᠠ ᠤᠳᠤᠮᠰᠢᠯ ᠤᠨ ᠲᠠᠨᠤᠭ ᠢ ᠰᠢᠩᠭᠡᠭᠡᠨ ᠠᠪᠤᠭᠠᠳ᠂ ᠡᠰ ᠤᠨ ᠨᠢᠯᠴᠠᠭᠠᠢ ᠡᠳ᠋ ᠪᠣᠯᠣᠨ ᠡᠰ ᠤᠨ ᠪᠦᠭᠡᠮ ᠤᠨ ᠤᠭᠤᠷᠠᠭ ᠴᠣᠭᠴᠠ ᠳᠤ ᠠᠪᠠᠴᠢᠵᠦ ᠦᠭᠭᠦᠭᠡᠳ ᠤᠭᠤᠷᠠᠭ ᠢ ᠨᠡᠶᠢᠯᠡᠭᠦᠯᠦᠨ ᠦᠢᠯᠡᠳᠬᠦ ᠬᠡᠪ ᠵᠠᠭᠪᠤᠷ ᠪᠣᠯᠭᠠᠬᠤ ᠦᠢᠯᠡᠳᠦᠯ ᠭᠠᠷᠭᠠᠳᠠᠭ᠃      ︵2︶ t-RNA᠄ ᠰᠢᠯᠵᠢᠭᠦᠯᠬᠦ RNA ᠳᠠᠷᠤᠢ Transfer- RNA ᠶᠢᠨ ᠲᠣᠪᠴᠢᠯᠠᠭᠰᠠᠨ ᠨᠡᠷᠡᠶᠢᠳᠦᠯ᠃ ᠲᠡᠷᠨ ᠨᠢ ᠪᠠᠰᠨ ᠡᠰ ᠤᠨ ᠳᠣᠲᠤᠷᠠᠬᠢ RNA ᠤ ᠶᠡᠷᠦᠩᠬᠡᠢ ᠬᠡᠮᠵᠢᠶᠡᠨ ᠤ 5%~10% ᠶᠢ ᠨᠢ ᠡᠵᠡᠯᠡᠳᠡᠭ᠃ ᠡᠰ ᠠᠴᠠ ᠤᠭᠤᠷᠠᠭ ᠢ ᠨᠡᠶᠢᠯᠡᠭᠦᠯᠦᠨ ᠪᠦᠲᠦᠭᠡᠬᠦ ᠶᠠᠪᠤᠴᠠ ᠳᠤ t-RNA ᠨᠢ ᠰᠢᠪᠲᠤᠷᠲᠤ ᠬᠦᠴᠢᠯ ᠤᠨ ᠮᠣᠯᠧᠺᠦ᠋ᠯ ᠢ ᠡᠰ ᠤᠨ ᠪᠦᠭᠡᠮ ᠤᠨ ᠤᠭᠤᠷᠠᠭ ᠴᠣᠭᠴᠠ ᠶᠢᠨ mRNA ᠳᠤ ᠵᠦᠭᠡᠭᠡᠨ ᠠᠪᠠᠴᠢᠵᠦ ᠦᠭᠭᠦᠭᠡᠳ᠂ ᠤᠷᠪᠠᠭᠤ ᠲᠠᠨᠤᠭ ᠵᠠᠩᠬᠢ ᠤᠨ ᠴᠠᠭᠠᠷᠢᠭ ᠳᠡᠭᠡᠷᠡᠬᠢ ᠠᠳᠠᠯᠢ ᠪᠤᠰᠤ ᠤᠷᠪᠠᠭᠤ ᠲᠠᠨᠤᠭ ᠤᠳ ᠤᠨ ᠶᠣᠰᠤᠭᠠᠷ ᠠᠳᠠᠯᠢ ᠪᠤᠰᠤ ᠰᠢᠪᠲᠤᠷᠲᠤ ᠬᠦᠴᠢᠯ ᠢ ᠵᠦᠭᠡᠭᠡᠨ ᠬᠦᠷᠭᠡᠳᠡᠭ᠃ t-RNA  ᠨᠢ ᠦᠨᠳᠦᠰᠦᠨ ᠳᠡᠭᠡᠨ ᠳᠠᠩ ᠬᠡᠯᠬᠢᠶ᠎ᠡ ᠪᠣᠯᠪᠠᠴᠤ᠂ ᠦᠷᠬᠦᠯᠵᠢ ᠨᠢᠭᠡ ᠬᠡᠰᠡᠭ ᠨᠢ ᠮᠣᠰᠭᠢᠷᠠᠨ ᠡᠪᠬᠡᠷᠡᠭᠡᠳ ᠬᠤᠶᠡᠷ ᠬᠡᠯᠬᠢᠶᠡᠲᠤ ᠡᠷᠭᠢᠭᠦᠯᠭᠡᠨ ᠪᠠᠶᠢᠳᠠᠯ ᠲᠠᠢ ᠪᠣᠯᠳᠠᠭ᠃ ᠪᠦᠬᠦᠶᠢᠯᠨ ᠮᠣᠯᠧᠺᠦ᠋ᠯ ᠨᠢ ᠭᠡᠷ ᠤᠨ ᠬᠤᠰᠢᠶᠠᠩᠭᠤᠷ ᠤᠨ ᠮᠠᠶ᠋ᠢᠭ ᠲᠠᠢ ᠪᠠᠶᠢᠵᠦ᠂ ᠲᠡᠭᠦᠨ ᠤ ︿ᠪᠠᠷᠢᠭᠤᠯ﹀ ᠤᠨ ᠬᠡᠰᠡᠭ ᠣᠷᠴᠢᠮ ᠳᠤᠨᠢ CCA ᠭᠤᠷᠪᠠᠨ ᠱᠦᠯᠲᠤ  ᠶᠢᠨ ᠪᠦᠯᠦᠭ ᠪᠠᠶᠢᠵᠦ᠂ ᠲᠡᠭᠦᠨ ᠲᠠᠢ ᠡᠰᠡᠷᠭᠦᠯᠡᠭᠰᠡᠨ  ᠪᠦᠮᠪᠦᠭᠡᠯᠢᠭ ᠬᠡᠯᠪᠡᠷᠢ ᠲᠠᠢ ᠨᠢᠭᠡ ᠦᠵᠦᠭᠦᠷ ᠢ ᠨᠢ ᠤᠷᠪᠠᠭᠤ ᠲᠠᠨᠤᠭ ᠤᠨ ᠴᠠᠭᠠᠷᠢᠭ ᠭᠡᠵᠦ᠂  ᠴᠠᠭᠠᠷᠢᠭ ᠳᠡᠭᠡᠷᠡᠬᠢ ᠭᠤᠷᠪᠠᠨ ᠱᠦᠯᠲᠤ ᠶᠢᠨ ᠪᠦᠯᠦᠭ ᠢ ᠨᠢ ᠤᠷᠪᠠᠭᠤ ᠲᠠᠨᠤᠭ ᠭᠡᠳᠡᠭ᠃      ︵3︶ r-RNA᠄ ᠪᠦᠭᠡᠮ ᠤᠨ ᠤᠭᠤᠷᠠᠭ ᠴᠣᠭᠴᠠ RNA ᠳᠠᠷᠤᠢ Ribosomal-RNA ᠶᠢᠨ ᠲᠣᠪᠴᠢᠯᠠᠭᠰᠠᠨ ᠨᠡᠷᠡᠶᠢᠳᠦᠯ᠃ ᠡᠨᠡ ᠪᠣᠯ ᠪᠦᠭᠡᠮ ᠤᠨ ᠤᠭᠤᠷᠠᠭ ᠴᠣᠭᠴᠠ ᠶᠢ ᠪᠦᠷᠢᠯᠳᠦᠭᠦᠯᠬᠦ ᠭᠤᠣᠯ ᠪᠦᠷᠢᠯᠳᠦᠭᠦᠨ ᠮᠦᠨ ᠪᠦᠭᠡᠳ ᠲᠡᠷᠨ ᠨᠢ  ᠪᠦᠭᠡᠮ ᠤᠨ ᠤᠭᠤᠷᠠᠭ ᠴᠣᠭᠴᠠ ᠳᠤ ᠤᠭᠤᠷᠠᠭ ᠨᠡᠶᠢᠯᠡᠭᠦᠯᠦᠨ ᠦᠢᠯᠡᠳᠬᠦ ᠬᠡᠪ ᠵᠠᠭᠪᠤᠷ ᠪᠣᠯᠤᠯᠲᠠᠢ᠃          ᠵᠢᠷᠭᠤᠭ᠎ᠠ᠂ ᠮᠣᠯᠧᠺᠦ᠋ᠯ ᠪᠣᠯᠣᠨ ᠠᠲ᠋ᠤᠮ     DNA ᠠᠮᠢᠳᠤ ᠪᠣᠳᠠᠰ ᠤᠨ ᠲᠣᠮᠤ ᠮᠣᠯᠧᠺᠦ᠋ᠯ ᠨᠢ ᠪᠠᠷᠤᠭ 108 ᠠᠴᠠ 1010 ᠠᠲ᠋ᠤᠮ ᠢᠶᠠᠷ ᠪᠦᠷᠢᠯᠳᠦᠵᠦ᠂ ᠶᠡᠭᠡ ᠪᠠᠭ᠎ᠠ ᠨᠢ ᠵᠦᠪᠬᠡᠨ 10-9 ᠮᠧᠲᠷ ᠯᠨ ᠪᠠᠶᠢᠳᠠᠭ᠃ DNA ᠶᠢᠨ ᠱᠦᠯᠲᠤ ᠶᠢᠨ ᠪᠦᠯᠦᠭ ᠤᠨ ᠪᠠᠶᠢᠷᠢᠰᠢᠯ ᠤᠨ ᠳᠡᠰ ᠳᠠᠷᠠᠭ᠎ᠠ ᠨᠢ ᠡᠴᠦᠰ ᠰᠡᠭᠦᠯ ᠳᠡᠭᠡᠨ ᠴᠦᠮ ᠲᠡᠭᠦᠨ ᠢ ᠪᠦᠷᠢᠯᠳᠦᠭᠦᠯᠦᠭᠰᠡᠨ ᠠᠲ᠋ᠤᠮ ᠤᠨ ᠨᠠᠷᠢᠨ ᠣᠨᠣᠪᠴᠢᠲᠠᠢ ᠪᠠᠶᠢᠷᠢᠰᠢᠯ ᠠᠴᠠ ᠲᠣᠭᠲᠠᠭᠠᠭᠳᠠᠳᠠᠭ᠃ ᠡᠨᠡ ᠨᠢ ᠮᠠᠨ ᠤ ᠭᠠᠵᠠᠷ ᠤᠨ ᠪᠦᠮᠪᠦᠷᠴᠡᠭ ᠳᠡᠭᠡᠷᠡᠬᠢ ᠨᠢᠭᠡᠨᠲᠡ ᠮᠡᠳᠡᠭᠰᠡᠨ ᠪᠠ ᠨᠡᠷᠡᠯᠡᠭᠰᠡᠨ ᠰᠠᠶ᠎ᠠ ᠠᠴᠠ ᠳᠡᠭᠡᠭᠰᠢᠬᠢ ᠳᠦᠷᠰᠤ ᠪᠠ ᠳᠦᠷᠰᠤ ᠶᠢᠨ ᠬᠤᠭᠤᠷᠣᠨᠳᠤ ᠵᠢᠴᠢ ᠪᠤᠳᠠᠭᠠᠯᠢ ᠪᠡᠶ᠎ᠡ ᠶᠢᠨ ᠬᠠᠷᠢᠯᠴᠠᠨ ᠢᠯᠭᠠᠭᠳᠠᠬᠤ ᠢᠮ ᠳᠡᠮᠳᠡᠭ  ᠢ ᠪᠣᠢ ᠪᠣᠯᠭᠠᠭᠰᠠᠨ ᠪᠠᠶᠢᠨ᠎ᠠ᠃ ᠲᠡᠷᠡᠴᠢᠯᠡᠨ ᠪᠣᠢ ᠪᠦᠬᠦᠢ ᠠᠮᠢ ᠨᠠᠰᠤ ᠪᠦᠬᠦᠢ ᠴᠣᠭᠴᠠᠰ ᠤᠨ ᠨᠢᠭᠡᠨ ᠪᠦᠷᠢᠨ ᠪᠦᠲᠦᠨ ᠬᠦᠮᠦᠨ᠂ ᠠᠮᠢᠲᠠᠨ  ᠤᠷᠭᠤᠮᠠᠯ᠂ ᠮᠢᠺᠷᠤᠪ ᠭᠡᠬᠦ ᠮᠡᠲᠤ ᠶᠢᠨ ᠪᠦᠲᠦᠴᠡ ᠶᠢᠨ ᠡᠷᠬᠡᠪᠡᠰᠢ ᠬᠡᠷᠡᠭᠰᠡᠬᠦ ᠪᠣᠢ ᠪᠦᠬᠦᠢ ᠬᠢᠮᠢ ᠶᠢᠨ ᠲᠠᠨᠤᠭ ᠪᠣᠶᠤ ᠡᠰᠡᠭᠦᠯ᠎ᠡ ᠡᠰ ᠤᠨ ᠦᠷᠡᠵᠢᠬᠦ ᠪᠠ ᠡᠰ ᠤᠨ ᠲᠣᠲᠤᠷᠠᠬᠢ ᠤᠭᠤᠷᠠᠭ ᠤᠨ ᠨᠡᠶᠢᠯᠡᠯᠭᠡ ᠶᠢ ᠬᠠᠨᠭ᠍ᠭᠠᠬᠤ ᠵᠢᠴᠢ ᠤᠳᠤᠮᠰᠢᠯ ᠤᠨ ᠲᠠᠨᠤᠭ ᠢ ᠲᠣᠭᠲᠠᠭᠠᠵᠦ ᠪᠠᠶᠢᠨ᠎ᠠ᠃ ᠡᠶᠢᠮᠦ ᠠᠴᠠ ᠠᠮᠢᠳᠤ ᠪᠣᠳᠠᠰ ᠪᠠ ᠠᠮᠢ ᠦᠭᠡᠢ ᠪᠣᠳᠠᠰ ᠤᠨ ᠬᠤᠭᠤᠷᠣᠨᠳᠤ ᠦᠨᠡᠨᠳᠡᠭᠡᠨ ᠲᠡᠶᠢᠮᠦ ᠲᠣᠳᠤᠷᠬᠠᠢ ᠵᠠᠭᠠᠭ ᠭᠡᠵᠦ ᠪᠠᠶᠢᠳᠠᠭ ᠦᠭᠡᠢ ᠶᠣᠮ᠃     ᠤᠳᠤᠮᠰᠢᠯ ᠤᠨ ᠮᠦᠨ ᠴᠢᠨᠠᠷ ᠨᠢ ᠳᠠᠷᠤᠢ ᠤᠳᠤᠮᠰᠢᠯ ᠤᠨ ᠪᠣᠳᠠᠰ ᠢ ᠳᠠᠬᠢᠨ ᠪᠦᠲᠦᠭᠡᠵᠦ ᠴᠢᠳᠠᠬᠤ ᠳᠤ ᠪᠣᠢ᠃ ᠡᠰ ᠤᠨ ᠦᠷᠡᠵᠢᠯ ᠤᠨ DNA ᠶᠢᠨ ᠨᠡᠶᠢᠯᠡᠯᠭᠡ ᠶᠢᠨ ᠬᠤᠭᠤᠴᠠᠭᠠᠨ ᠳᠤ ᠱᠦᠯᠲᠤ ᠶᠢᠨ ᠪᠦᠯᠦᠭ ᠤᠨ ᠬᠤᠣᠰ ᠤᠨ ᠬᠤᠭᠤᠷᠣᠨᠳᠤᠬᠢ ᠤᠰᠤᠲᠦᠷᠦᠭᠴᠢ ᠶᠢᠨ ᠠᠲ᠋ᠤᠮ ᠤᠨ ᠴᠦᠭᠴᠦᠷᠭᠡ ᠨᠢ ᠨᠡᠭᠡᠭᠡᠭᠳᠡᠭᠡᠳ᠂ DNA ᠶᠢᠨ ᠮᠣᠯᠧᠺᠦ᠋ᠯ ᠨᠢ ᠬᠤᠶᠡᠷ ᠪᠦᠭᠡᠮ ᠰᠢᠬᠢᠷ ᠤᠨ ᠬᠦᠴᠢᠯ ᠤᠨ ᠬᠡᠯᠬᠢᠶ᠎ᠡ ᠪᠣᠯᠣᠨ ᠰᠠᠯᠳᠠᠭ᠃ ᠪᠦᠭᠡᠮ ᠰᠢᠬᠢᠷ ᠤᠨ ᠬᠦᠴᠢᠯ ᠤᠨ ᠬᠡᠯᠬᠢᠶ᠎ᠡ ᠪᠦᠷᠢ ᠨᠢ ᠴᠦᠮ ᠦᠪᠡᠷ ᠤᠨ ᠡᠰ ᠤᠨ ᠳᠣᠲᠤᠷᠠᠬᠢ ᠪᠣᠳᠠᠰ ᠠᠴᠠ ᠲᠡᠭᠦᠨ ᠤ ᠨᠦᠭᠦᠭᠡ ᠬᠠᠭᠠᠰ ᠢᠶᠠᠨ ᠨᠦᠬᠦᠪᠦᠷᠢᠯᠡᠨ ᠭᠦᠢᠴᠡᠭᠡᠬᠦ ᠡᠳ᠋ ᠢ ᠡᠷᠢᠵᠦ ᠣᠯᠤᠭᠠᠳ ᠤᠤᠯ ᠤᠨ ᠨᠢᠭᠡ  DNA ᠶᠢᠨ ᠮᠣᠯᠧᠺᠦ᠋ᠯ ᠨᠢ ᠠᠪ ᠠᠳᠠᠯᠢᠬᠠᠨ ᠬᠤᠶᠡᠷ DNA ᠶᠢᠨ ᠮᠣᠯᠧᠺᠦ᠋ᠯ ᠪᠣᠯᠳᠠᠭ᠃ DNA ᠶᠢᠨ ᠤᠳᠤᠮᠰᠢᠯ ᠤᠨ ᠲᠠᠨᠤᠭ ᠨᠢ RNA ᠳᠤ ᠰᠢᠩᠭᠡᠭᠡᠭᠳᠡᠵᠦ ᠲᠡᠷᠡᠴᠢᠯᠡᠨ ᠣᠷᠴᠢᠭᠤᠯᠤᠭᠳᠠᠭᠠᠳ᠂ ᠡᠰ ᠢᠶᠠᠷ ᠳᠠᠮᠵᠢᠨ ᠳᠠᠷᠠᠭ᠎ᠠ ᠦᠶ᠎ᠡ ᠶᠢᠨ ᠰᠢᠨ᠎ᠡ ᠠᠮᠢ ᠨᠠᠰᠤᠨ ᠳᠤ ᠤᠯᠠᠮᠵᠢᠯᠠᠭᠳᠠᠳᠠᠭ᠃      ᠰᠠᠴᠤᠷᠠᠭ ᠨᠢ ᠴᠦᠮ  ᠠᠲ᠋ᠤᠮ ᠠᠴᠠ ᠪᠠᠭ᠎ᠠ ᠮᠦᠬᠦᠯᠢᠭ ᠤᠳ ᠪᠣᠯᠬᠤᠷ᠂ ᠠᠲ᠋ᠤᠮ ᠤᠨ ᠡᠯᠧᠺᠲᠷᠣᠨ ᠪᠣᠶᠤ ᠠᠲ᠋ᠤᠮ ᠤᠨ ᠴᠦᠮ᠎ᠡ ᠶᠢᠨ ᠮᠦᠬᠦᠯᠢᠭ ᠲᠠᠢ ᠰᠢᠭᠤᠳ ᠪᠣᠶᠤ ᠳᠠᠮ ᠢᠶᠠᠷ ᠬᠠᠷᠢᠯᠴᠠᠨ ᠦᠢᠯᠡᠴᠢᠯᠡᠬᠦ ᠪᠠᠷ ᠳᠠᠮᠵᠢᠨ᠂  DNA ᠮᠣᠯᠧᠺᠦ᠋ᠯ ᠤᠨ ᠱᠦᠯᠲᠤ ᠶᠢᠨ ᠪᠦᠯᠦᠭ ᠤᠨ ᠠᠲ᠋ᠤᠮ ᠤᠨ ᠪᠠᠶᠢᠷᠢᠰᠢᠯ ᠤᠨ ᠳᠡᠰ ᠳᠠᠷᠠᠭ᠎ᠠ ᠶᠢ ᠬᠤᠪᠢᠷᠠᠭᠤᠯᠤᠭᠠᠳ᠂ ᠡᠭᠦᠨ ᠤ ᠤᠯᠠᠮ ᠠᠴᠠ DNA ᠪᠣᠯᠣᠨ ᠡᠰ ᠤᠨ ᠪᠦᠲᠦᠴᠡ ᠶᠢ ᠬᠤᠪᠢᠷᠠᠭᠤᠯᠤᠭᠠᠳ᠂ ᠡᠰ ᠢ ᠭᠡᠮᠲᠦᠭᠡᠬᠦ᠂ ᠣᠨᠳᠣᠣᠰᠢᠭᠤᠯᠬᠤ᠂ ᠦᠬᠦᠭᠦᠯᠬᠦ ᠵᠡᠷᠭᠡ  ᠡᠯ᠎ᠡ ᠵᠦᠢᠯ ᠤᠨ ᠰᠠᠴᠤᠷᠠᠯ ᠤᠨ ᠦᠢᠰᠭᠡᠯ ᠢ ᠡᠲᠦᠬᠦ ᠪᠣᠯᠣᠨ᠎ᠠ᠃ ᠡᠨᠡ ᠪᠦᠬᠦᠨ ᠨᠢ ᠴᠦᠮ ᠨᠢᠭᠡ ᠮᠧᠲᠷ ᠤᠨ ᠰᠠᠶᠠᠨ ᠬᠤᠪᠢᠨ ᠤ ᠨᠢᠭᠡ ︵10-6 ︶ ᠪᠣᠶᠤ ᠲᠠᠷᠪᠤᠮ ᠬᠤᠪᠢ ᠶᠢᠨ ᠨᠢᠭᠡ ︵10-9︶ ᠪᠣᠯᠬᠤ ᠪᠢᠴᠢᠯ ᠣᠷᠣᠨ ᠵᠠᠢ ᠠᠴᠠ ᠡᠬᠢᠯᠡᠨ ᠡᠴᠤᠰ ᠲᠡᠭᠡᠨ ᠪᠦᠬᠦ ᠪᠡᠶ᠎ᠡ ᠶᠢ ᠨᠦᠯᠦᠭᠡᠯᠡᠬᠦ ᠪᠣᠶᠤ ᠴᠢᠨᠠᠭᠰᠢᠯᠠᠪᠠᠯ ᠦᠬᠦᠭᠦᠯᠵᠦ ᠮᠡᠳᠡᠳᠡᠭ᠃        ᠬᠤᠶᠠᠳᠤᠭᠠᠷ ᠬᠡᠰᠡᠭ   ᠰᠠᠴᠤᠷᠠᠯ ᠤᠨ ᠬᠦᠮᠦᠨ ᠤ ᠪᠡᠶ᠎ᠡ ᠳᠠᠬᠢ ᠦᠢᠰᠭᠡᠯ      ᠴᠠᠬᠢᠯᠭᠠᠨᠲᠠᠭᠤᠯᠬᠤ ᠰᠠᠴᠤᠷᠠᠯ ᠤᠨ ᠪᠣᠳᠠᠰ ᠲᠠᠢ ᠦᠢᠯᠡᠴᠢᠯᠡᠭᠡᠳ ᠡᠲᠦᠬᠦ ᠡᠯ᠎ᠡ ᠵᠦᠢᠯ ᠤᠨ ᠬᠤᠪᠢᠷᠠᠯᠲᠠ ᠶᠢ ᠰᠠᠴᠤᠷᠠᠯ ᠤᠨ ᠦᠢᠰᠭᠡᠯ ︵Radiation Effect︶ ᠭᠡᠳᠡᠭ᠃  ᠬᠡᠷᠪᠡ ᠲᠡᠷᠨ ᠨᠢ ᠣᠷᠭᠠᠨᠢᠭ ᠪᠡᠶ᠎ᠡ ᠶᠢᠨ ᠨᠡᠬᠡᠳᠡᠰᠤ ᠡᠰ ᠪᠣᠯᠣᠨ ᠠᠮᠢ ᠨᠠᠰᠤᠨ ᠤ ᠡᠯ᠎ᠡ ᠰᠢᠰᠲ᠋ᠧᠮ ᠤᠨ ᠬᠤᠭᠤᠷᠣᠨᠳᠤᠬᠢ ᠴᠢᠳᠠᠪᠤᠷᠢ᠂ ᠵᠣᠬᠢᠴᠠᠭᠤᠯᠭ᠎ᠠ ᠪᠣᠯᠣᠨ ᠰᠣᠯᠢᠯᠴᠠᠭ᠎ᠠ ᠳᠤ ᠬᠤᠪᠢᠷᠠᠯᠲᠠ ᠭᠠᠷᠭᠠᠭᠰᠠᠨ ᠪᠣᠯ ᠬᠠᠷᠢᠨ ᠰᠠᠴᠤᠷᠠᠯ ᠤᠨ ᠠᠮᠢᠳᠤ ᠪᠣᠳᠠᠰ ᠤᠨ ᠦᠢᠰᠭᠡᠯ ︵Biological Effect of Ionizing Radiation︶ ᠭᠡᠨ᠎ᠡ᠃ ᠰᠠᠴᠤᠷᠠᠯ ᠤᠨ ᠬᠦᠮᠦᠨ ᠤ ᠪᠡᠶ᠎ᠡ ᠳᠤ ᠡᠲᠦᠬᠦ ᠡᠯ᠎ᠡ ᠵᠦᠢᠯ ᠤᠨ ᠠᠳᠠᠯᠢ ᠪᠤᠰᠤ ᠬᠡᠮᠵᠢᠶᠡᠨ ᠤ ᠬᠤᠣᠷ ᠬᠦᠨᠦᠭᠡᠯᠲᠤ ᠦᠢᠰᠭᠡᠯ ᠢ ᠰᠠᠴᠤᠷᠠᠯ ᠤᠨ ᠭᠡᠮᠲᠦᠯ ︵Radiation Injuries ᠪᠣᠶᠤ Radiation Injury ᠡᠰᠡᠭᠦᠯ᠎ᠡ Radiation Damage ᠪᠠᠰᠠ Injury︶ ᠭᠡᠳᠡᠭ᠃ ᠲᠡᠷᠨ ᠨᠢ ᠰᠠᠴᠤᠷᠠᠯ ᠤᠨ ᠡᠨᠧᠷᠬᠢ ᠬᠦᠮᠦᠨ ᠤ ᠪᠡᠶ᠎ᠡ ᠳᠤ ᠰᠢᠯᠵᠢᠨ ᠲᠤᠨᠤᠭᠰᠠᠨ ᠠᠴᠠ ᠪᠣᠯᠤᠭᠰᠠᠨ ᠪᠦᠭᠡᠳ ᠲᠦᠢᠯ ᠤᠨ ᠨᠠᠷᠢᠨ ᠪᠣᠳᠤᠯᠢᠶᠠᠨᠲᠠᠢ  ᠬᠠᠷᠢᠯᠴᠠᠨ‌ᠦᠢᠯᠡᠴᠢᠯᠡᠬᠦ ᠶᠠᠪᠤᠴᠠ ᠶᠢ ᠦᠡᠭᠭᠡᠷᠡᠭᠡᠳᠡᠭ᠃ ᠶᠡᠭᠡ ᠲᠦᠯᠦᠪ ᠪᠡᠶ᠎ᠡ ᠶᠢᠨ ᠠᠲ᠋ᠤᠮ ᠢ ᠳᠡᠪᠬᠡᠷᠡᠭᠦᠯᠬᠦ ᠪᠣᠶᠤ ᠴᠠᠬᠢᠯᠭᠠᠨᠲᠠᠭᠤᠯᠬᠤ ᠠᠴᠠ ᠡᠬᠢᠯᠡᠨ᠂ ᠡᠭᠦᠨ ᠤ ᠤᠯᠠᠮ ᠠᠴᠠ ᠠᠮᠢᠳᠤ ᠪᠣᠳᠠᠰ ᠤᠨ ᠲᠣᠮᠤ ᠮᠣᠯᠧᠺᠦ᠋ᠯ ᠤᠨ ᠪᠦᠲᠦᠴᠡ ᠶᠢ ᠬᠤᠪᠢᠷᠠᠭᠤᠯᠤᠭᠠᠳ᠂ ᠡᠴᠦᠰ ᠲᠡᠭᠡᠨ ᠡᠰ ᠢ ᠣᠨᠳᠣᠣᠰᠢᠭᠤᠯᠬᠤ ᠪᠣᠶᠤ ᠦᠬᠦᠭᠦᠯᠳᠡᠭ᠃ ᠡᠰ ᠤᠨ ᠡᠨᠡ ᠬᠤᠶᠡᠷ ᠵᠦᠢᠯ ᠤᠨ ᠦᠷ᠎ᠡ ᠳ᠋ᠦᠡᠭ ᠨᠢ ᠡᠷᠬᠡᠲᠡᠨ ᠨᠡᠬᠡᠳᠡᠰᠤ ᠵᠢᠴᠢ ᠬᠦᠮᠦᠨ ᠤ ᠪᠡᠶ᠎ᠡ ᠳᠤ ᠲᠡᠰ ᠦᠭᠡᠷ᠎ᠡ ᠤᠷᠲᠤ ᠬᠤᠭᠤᠴᠠᠭᠠᠨ ᠤ ᠨᠦᠯᠦᠭᠡ ᠭᠠᠷᠭᠠᠳᠠᠭ ᠃ ᠲᠡᠷᠨ ᠨᠢ ᠪᠣᠳᠠᠭᠠᠯᠢ ᠪᠡᠶ᠎ᠡ ᠳᠡᠭᠡᠷ᠎ᠡ ᠪᠣᠯ ᠰᠠᠴᠤᠷᠠᠯ ᠤᠨ ᠭᠡᠮᠲᠦᠯ ᠪᠠ ᠦᠮᠡᠨ ᠵᠡᠷᠭᠡ ᠮᠠᠬᠠᠪᠣᠳ ᠤᠨ ᠦᠢᠰᠭᠡᠯ ᠪᠣᠯᠣᠨ ᠢᠯᠡᠷᠡᠵᠦ᠂ ᠲᠡᠳᠡᠨ ᠤ ᠬᠤᠶᠢᠴᠢ ᠦᠶ᠎ᠡ ᠳᠤ ᠪᠣᠯ ᠬᠠᠷᠢᠨ ᠤᠳᠤᠮᠰᠢᠯ ᠤᠨ ᠦᠢᠰᠭᠡᠯ ᠪᠣᠯᠣᠨ ᠢᠯᠡᠷᠡᠳᠡᠭ᠃          ᠨᠢᠭᠡ᠂ ᠰᠠᠴᠤᠷᠠᠯ ᠤᠨ ᠭᠡᠮᠲᠦᠯ        ᠬᠦᠮᠦᠨ ᠲᠦᠷᠦᠯᠬᠢᠲᠡᠨ ᠪᠠᠷᠤᠭ ᠯᠨ ᠴᠠᠬᠢᠯᠭᠠᠨᠲᠠᠭᠤᠯᠬᠤ ᠰᠠᠴᠤᠷᠠᠯ ᠢ ᠢᠯᠡᠷᠡᠭᠦᠯᠬᠦ ᠶᠢᠨ ᠬᠠᠮᠲᠤ ᠰᠠᠴᠤᠷᠠᠯ ᠤᠨ ᠬᠦᠮᠦᠨ ᠤ ᠪᠡᠶ᠎ᠡ ᠳᠠᠬᠢ ᠬᠤᠣᠷ ᠬᠦᠨᠦᠭᠡᠯᠲᠤ ᠦᠢᠰᠭᠡᠯ ᠢ ᠴᠤ ᠣᠯᠵᠦ ᠮᠡᠳᠡᠭᠰᠡᠨ ᠪᠦᠭᠡᠳ ᠡᠭᠦᠨ ᠤ ᠲᠤᠯᠠᠲᠠ ᠪᠠᠰᠨ ᠯᠤᠲᠤ ᠶᠡᠭᠡ ᠦᠨ᠎ᠡ ᠦᠷᠳᠡᠭ ᠭᠠᠷᠭᠠᠭᠰᠠᠨ ᠪᠢᠯᠨ᠃ ᠦᠨᠦᠳᠦᠷ ᠤᠨ ᠮᠠᠨ ᠤ ᠬᠡᠷᠡᠭᠯᠡᠵᠦ ᠪᠠᠶᠢᠭ᠎ᠠ ᠬᠦᠮᠦᠨ ᠤ ᠪᠡᠶ᠎ᠡ ᠶᠢᠨ ᠰᠠᠴᠤᠷᠠᠯ ᠤᠨ ᠦᠢᠰᠭᠡᠯ ᠤᠨ ᠮᠠᠲ᠋ᠧᠷᠢᠶᠠᠯ ᠤᠳ ᠨᠢ ᠭᠤᠣᠯᠳᠠᠭᠤ ᠰᠠᠴᠤᠷᠠᠭ ᠪᠣᠯᠣᠨ ᠰᠠᠴᠤᠷᠠᠭᠲᠤ ᠪᠣᠳᠠᠰ ᠤᠨ ᠰᠢᠨᠵᠢᠯᠡᠬᠦ ᠤᠬᠠᠭᠠᠨᠲᠠᠳ᠂ ᠰᠠᠴᠤᠷᠠᠭ ᠤᠨ ᠮᠡᠷᠭᠡᠵᠢᠯᠲᠡᠨ ᠪᠣᠯᠣᠨ ᠡᠮᠴᠢ ᠨᠠᠷ᠂ χ ᠰᠠᠴᠤᠷᠠᠭ ᠪᠠ ᠲᠣᠷᠢ ᠪᠠᠷ ᠵᠢᠷᠤᠭ ᠲᠣᠳᠤᠷᠠᠭᠤᠯᠬᠤ ᠵᠢᠴᠢ ᠷᠠᠳᠢ ᠪᠠᠷ ᠡᠪᠡᠳᠴᠢᠨ ᠣᠨᠣᠰᠢᠯᠠᠭᠤᠯᠵᠦ ᠵᠠᠰᠠᠭᠤᠯᠤᠭᠴᠢᠳ᠂ ᠰᠦᠨᠢ ᠭᠡᠷᠡᠯᠲᠦᠬᠦ ᠴᠠᠭ ᠬᠡᠮᠵᠢᠭᠦᠷᠯᠢᠭ ᠤᠨ ᠬᠡᠷᠴᠢᠶᠡᠯᠡᠰᠦ ᠶᠢ ᠷᠠᠳᠢ ᠪᠠᠷ ᠵᠢᠷᠤᠭᠰᠠᠳ᠂ ᠦᠷᠠᠨ ᠤ ᠠᠭᠤᠷᠬᠠᠢ ᠶᠢᠨ ᠠᠵᠢᠯᠴᠢᠳ ᠂ ᠴᠦᠮ᠎ᠡ ᠶᠢᠨ ᠠᠵᠦ ᠦᠢᠯᠡᠳᠪᠦᠷᠢ ᠶᠢᠨ ᠠᠵᠢᠯᠲᠠᠳ᠂ ᠶᠠᠫᠤᠨ ᠤ ᠠᠲ᠋ᠤᠮ ᠤᠨ ᠪᠦᠮᠪᠦᠭᠡ ᠶᠢᠨ ᠬᠦᠨᠦᠭᠡᠯ ᠠᠴᠠ ᠵᠣᠯ ᠢᠶᠠᠷ ᠦᠯᠡᠳᠡᠭᠰᠡᠳ ᠵᠢᠴᠢ ᠰᠠᠴᠤᠷᠠᠯ ᠤᠨ ᠦᠮᠡᠨ ᠤ ᠶᠡᠭᠡ ᠬᠡᠮᠵᠢᠶᠡᠨ ᠤ ᠠᠮᠢᠲᠠᠨ ᠤ ᠲᠤᠷᠰᠢᠯᠲᠠ ᠵᠡᠷᠭᠡ ᠶᠢ ᠨᠢᠭᠲᠠᠯᠠᠨ ᠰᠤᠳᠤᠯᠬᠤ ᠪᠠᠷ ᠳᠠᠮᠵᠢᠨ ᠣᠯᠤᠭᠰᠠᠨ ᠶᠣᠮ᠃      1. ᠮᠣᠯᠧᠺᠦ᠋ᠯ ᠤᠨ ᠭᠡᠮᠲᠦᠯ     ᠠᠮᠢᠳᠤ ᠪᠣᠳᠠᠰ ᠤᠨ ᠮᠣᠯᠧᠺᠦ᠋ᠯ ᠳᠤ ᠰᠠᠴᠤᠷᠠᠯ ᠤᠨ ᠭᠠᠷᠭᠠᠬᠤ ᠭᠡᠮᠲᠦᠯ ᠨᠢ ᠰᠢᠭᠤᠳ ᠦᠢᠯᠡᠴᠢᠯᠡᠯ ᠪᠣᠯᠣᠨ ᠳᠠᠮ ᠦᠢᠯᠡᠴᠢᠯᠡᠯ ᠢᠶᠠᠷ ᠡᠭᠦᠰᠳᠡᠭ ᠪᠦᠭᠡᠳ ᠬᠦᠮᠦᠨ ᠤ ᠪᠡᠶ᠎ᠡ ᠰᠠᠴᠤᠷᠠᠭ ᠲᠤ ᠲᠤᠰᠬᠠᠭᠳᠠᠬᠤ ᠦᠶᠡᠰ ᠲᠤ ᠡᠨᠡᠬᠦ ᠬᠤᠶᠡᠷ ᠵᠦᠢᠯ ᠤᠨ ᠦᠢᠯᠡᠴᠢᠯᠡᠯ ᠨᠢ ᠶᠡᠷᠤᠨᠢ ᠴᠤᠭᠭᠠᠷ ᠶᠠᠪᠤᠭᠳᠠᠳᠠᠭ ᠶᠣᠮ᠃        ︵1︶ ᠰᠢᠭᠤᠳ ᠦᠢᠯᠡᠴᠢᠯᠡᠯ     ᠴᠠᠬᠢᠯᠭᠠᠨᠲᠠᠭᠤᠯᠬᠤ ᠰᠠᠴᠤᠷᠠᠯ ᠤᠨ ᠡᠨᠧᠷᠬᠢ ᠠᠮᠢᠳᠤ ᠪᠣᠳᠠᠰ ᠤᠨ ᠴᠢᠬᠤᠯᠨ ᠮᠣᠯᠧᠺᠦ᠋ᠯ ᠪᠣᠯᠬᠤ DNA ᠨᠤᠭᠤᠳ ᠲᠤ ᠰᠢᠭᠤᠳ ᠲᠤᠨᠤᠭᠠᠳ ᠲᠡᠳᠡᠨ ᠤ ᠬᠡᠯᠬᠢᠶ᠎ᠡ ᠶᠢ ᠨᠢ ᠲᠠᠰᠤᠯᠤᠭᠠᠳ ᠨᠢᠭᠡᠨ ᠳᠠᠷᠠᠮ᠎ᠠ ᠹᠢᠽᠢᠺ ᠪᠣᠯᠣᠨ ᠬᠢᠮᠢ ᠶᠢᠨ ᠬᠤᠪᠢᠷᠠᠯᠲᠠ ᠶᠢ ᠡᠲᠦᠳᠡᠭ ᠢ ᠨᠢ ᠰᠢᠭᠤᠳ ᠦᠢᠯᠡᠴᠢᠯᠡᠯ ︵Direct Effect︶ ᠭᠡᠳᠡᠭ᠃ ᠶᠡᠭᠡ ᠲᠦᠯᠦᠪ ᠵᠦᠪᠬᠡᠨ 10-16 ᠰᠧᠺᠦ᠋ᠨ᠋ᠲ ᠤᠨ ᠬᠤᠷᠤᠮᠬᠠᠨ ᠳᠤ᠂ ᠰᠠᠴᠤᠷᠠᠯ ᠤᠨ ᠮᠦᠬᠦᠯᠢᠭ ᠨᠢ ᠠᠲ᠋ᠤᠮ ᠲᠠᠢ  ᠦᠢᠯᠡᠴᠢᠯᠡᠨ ᠡᠨᠧᠷᠬᠢ ᠪᠠᠨ ᠲᠡᠭᠦᠨ  ᠳᠤ ᠰᠢᠯᠵᠢᠭᠦᠯᠦᠭᠡᠳ ᠠᠲ᠋ᠤᠮ ᠢ ᠴᠠᠬᠢᠯᠭᠠᠨᠲᠠᠭᠤᠯᠬᠤ ᠪᠤᠶᠤ ᠳᠡᠪᠬᠡᠷᠡᠭᠦᠯᠦᠨ᠎ᠡ᠃ ᠬᠡᠷᠪᠡ ᠳᠣᠩᠰᠢᠯ ᠡᠯᠧᠺᠲᠷᠤᠨ ᠤ ᠬᠦᠷᠲᠡᠭᠰᠡᠨ ᠡᠨᠧᠷᠬᠢ ᠨᠢ ᠭᠦᠢᠴᠡᠳ ᠶᠡᠭᠡ ᠪᠣᠯ ᠲᠡᠷᠨ ᠨᠢ ᠪᠠᠰᠨ ᠪᠤᠰᠤᠳ  ᠲᠦᠰᠦᠷ ᠠᠲ᠋ᠤᠮ ᠪᠤᠶᠤ ᠮᠣᠯᠧᠺᠦ᠋ᠯ ᠤᠳ ᠢ ᠵᠠᠯᠭᠠᠯᠳᠤᠭ᠎ᠠ ᠪᠠᠷ ᠳᠡᠪᠬᠡᠷᠡᠭᠦᠯᠬᠦ ᠪᠤᠶᠤ ᠴᠠᠬᠢᠯᠭᠠᠨᠲᠠᠭᠤᠯᠤᠭᠠᠳ᠂ ᠡᠭᠦᠨ ᠤ ᠤᠯᠠᠮ ᠠᠴᠠ ᠶᠡᠭᠡ ᠬᠡᠮᠵᠢᠶᠡᠨ ᠤ ᠳᠣᠩᠰᠢᠯ ᠤᠨ ᠬᠤᠣᠰ ᠢ ᠪᠣᠢ ᠪᠣᠯᠭᠠᠳᠠᠭ᠃ ᠰᠢᠭᠤᠳ ᠦᠢᠯᠡᠴᠢᠯᠡᠯ ᠳᠤ ᠰᠠᠴᠤᠷᠠᠯ ᠤᠨ ᠡᠨᠧᠷᠬᠢ ᠶᠢᠨ ᠬᠠᠭᠠᠰ ᠲᠦᠯᠦᠪ ᠨᠢ ᠬᠦᠮᠦᠨ ᠤ ᠪᠡᠶ᠎ᠡ ᠶᠢᠨ ᠠᠲ᠋ᠤᠮ ᠪᠤᠶᠤ ᠮᠣᠯᠧᠺᠦ᠋ᠯ ᠢ ᠳᠡᠪᠬᠡᠷᠡᠭᠦᠯᠬᠦ ᠳᠤ ᠬᠡᠷᠡᠭᠯᠡᠳᠡᠭ᠃ ᠳᠡᠪᠬᠡᠷᠡᠭᠦᠯᠬᠦ ᠨᠢ ᠪᠠᠰᠨ ᠬᠦᠮᠦᠨ ᠤ ᠪᠡᠶ᠎ᠡ ᠶᠢᠨ ᠭᠡᠮᠲᠦᠯ ᠢ ᠡᠲᠦᠳᠡᠭ ᠪᠣᠯᠪᠠᠴᠤ᠂ ᠴᠠᠬᠢᠯᠭᠠᠨᠲᠠᠭᠤᠯᠬᠤ  ᠠᠴᠠ ᠬᠦᠡᠭᠭᠡᠬᠡᠨ ᠪᠠᠶᠢᠳᠠᠭ᠃ ᠬᠡᠷᠪᠡ ᠳᠡᠪᠬᠡᠷᠡᠭᠦᠯᠬᠦ ᠡᠨᠧᠷᠬᠢ ᠨᠢ ᠮᠣᠯᠧᠺᠦ᠋ᠯ ᠤᠨ ᠴᠠᠬᠢᠯᠭᠠᠨᠲᠠᠬᠤ ᠪᠠᠶᠢᠷᠢ ᠠᠴᠠ ᠦᠨᠳᠦᠷ ᠪᠣᠯ ᠮᠣᠯᠧᠺᠦ᠋ᠯ ᠨᠢ ᠴᠠᠬᠢᠯᠭᠠᠨᠲᠠᠵᠦ᠂ ᠬᠡᠷᠪᠡ ᠳᠡᠪᠬᠡᠷᠡᠭᠦᠯᠬᠦ ᠡᠨᠧᠷᠬᠢ ᠨᠢ ᠴᠦᠭᠴᠦᠷᠭᠡ ᠶᠢᠨ ᠡᠨᠧᠷᠬᠢ ᠠᠴᠠ ᠦᠨᠳᠦᠷ ᠪᠣᠯ ᠮᠣᠯᠧᠺᠦ᠋ᠯ ᠤᠨ ᠳᠣᠲᠤᠷᠠᠬᠢ ᠬᠢᠮᠢ ᠶᠢᠨ ᠴᠦᠭᠴᠦᠷᠭᠡ ᠶᠢ ᠬᠤᠭᠤᠯᠳᠠᠭ᠃ ᠬᠡᠷᠪᠡ ᠳᠡᠪᠬᠡᠷᠡᠭᠦᠯᠬᠦ ᠡᠨᠧᠷᠬᠢ ᠨᠢ ᠠᠲ᠋ᠤᠮ ᠤᠨ ᠨᠡᠶᠢᠯᠡᠯᠲᠡ ᠶᠢᠨ ᠡᠨᠧᠷᠬᠢ ᠠᠴᠠ ᠦᠨᠳᠦᠷ ᠪᠣᠯ ᠪᠠᠰᠨ ᠮᠣᠯᠧᠺᠦ᠋ᠯ ᠤᠨ ᠪᠦᠲᠦᠴᠡ ᠶᠢ ᠡᠪᠳᠡᠬᠦ ᠪᠣᠶᠤ ᠬᠢᠮᠢ ᠶᠢᠨ ᠴᠦᠭᠴᠦᠷᠭᠡ  ᠶᠢ ᠨᠢ ᠬᠤᠭᠤᠯᠤᠨ᠂ ᠪᠠᠷᠢᠯᠳᠤᠯ ᠢ ᠨᠢ ᠵᠠᠳᠠᠷᠠᠭᠤᠯᠵᠦ᠂ ᠨᠠᠭᠠᠯᠳᠤᠴᠠ ᠶᠢ ᠨᠢ ᠪᠠᠭᠤᠷᠠᠭᠤᠯᠬᠤ ᠪᠤᠶᠤ ᠠᠮᠢᠳᠤ ᠴᠢᠨᠠᠷ ᠢ ᠨᠢ ᠠᠯᠳᠠᠭᠤᠯᠬᠤ ᠵᠡᠷᠭᠡ ᠠᠯᠢ ᠣᠯᠠᠨ ᠬᠤᠪᠢᠷᠠᠯᠲᠠ ᠶᠢ ᠡᠲᠦᠳᠡᠭ᠃ DNA ᠪᠣᠯ ᠰᠠᠴᠤᠷᠠᠭ ᠤᠨ ᠰᠢᠭᠤᠳ ᠦᠢᠯᠡᠴᠢᠯᠡᠯ ᠤᠨ ᠲᠡᠷᠢᠭᠦᠨ ᠴᠢᠬᠤᠯᠨ ᠫᠠᠢ ᠨᠢ ᠪᠦᠭᠡᠳ ᠶᠡᠷᠦᠳᠡᠭᠡᠨ ᠲᠡᠭᠦᠨ ᠤ ᠳᠠᠩ ᠠᠷᠠᠯ ᠪᠣᠶᠤ ᠡᠰᠡᠭᠦᠯ᠎ᠡ ᠬᠤᠶᠡᠷ ᠠᠷᠠᠯ ᠢ ᠨᠢ ᠬᠤᠭᠤᠯᠳᠠᠭ᠃      1.︶  ᠳᠠᠩ ᠠᠷᠠᠯ ᠨᠢ ᠬᠤᠭᠤᠷᠠᠬᠤ    ᠰᠠᠴᠤᠷᠠᠯ ᠤᠨ ᠡᠨᠧᠷᠬᠢ ᠨᠢ ᠪᠠᠷᠤᠭ ᠬᠡᠳᠦᠨ ᠠᠷᠪᠠᠨ ᠡᠯᠧᠺᠲᠷᠣᠨ ᠸᠤᠯᠲ ︵eV︶ ᠪᠠᠶᠢᠪᠠᠯ DNA ᠶᠢᠨ ᠳᠠᠩ ᠠᠷᠠᠯ ᠳᠡᠭᠡᠷᠡᠬᠢ ᠴᠦᠭᠴᠦᠷᠭᠡ ᠠᠲ᠋ᠤᠮ ᠢ ᠨᠢ ᠮᠣᠯᠲᠤᠯᠵᠦ ᠴᠢᠳᠠᠳᠠᠭ ᠲᠤᠯᠠᠳᠠ ᠳᠠᠩ ᠠᠷᠠᠯ ᠨᠢ ᠳᠠᠷᠤᠢ ᠬᠤᠭᠤᠷᠠᠴᠢᠳᠠᠭ᠃ ᠳᠠᠩ ᠠᠷᠠᠯ ᠬᠤᠭᠤᠷᠠᠬᠤ ᠨᠢ ᠶᠡᠷᠤ ᠶᠢᠨ ᠪᠠᠶᠢᠳᠠᠯ ᠳᠤ ᠬᠠᠮᠤᠭ ᠠᠴᠠ ᠠᠮᠠᠷᠬᠠᠨ ᠡᠭᠦᠰᠳᠡᠭ ᠨᠢᠭᠡᠨ ᠵᠦᠢᠯ ᠤᠨ ᠭᠡᠮᠲᠦᠯ ᠪᠣᠯᠪᠠᠴᠤ᠂ DNA ᠨᠢ ᠨᠦᠭᠦᠭᠡ ᠠᠷᠠᠯ ᠠᠴᠠ ᠪᠠᠨ ᠲᠠᠰᠤᠷᠠᠭᠰᠠᠨ ᠬᠡᠰᠡᠭ ᠤᠨ ᠶᠠᠩᠵᠦ ᠶᠢ ᠠᠪᠴᠢᠷᠠᠭᠠᠳ ᠲᠡᠭᠦᠨ ᠢ ᠲᠠᠭᠤᠷᠢᠶᠠᠨ ᠲᠦᠳᠡᠯ ᠦᠭᠡᠢ ᠰᠡᠯᠪᠢᠨ ᠵᠠᠯᠭᠠᠴᠢᠳᠠᠭ ᠪᠣᠯᠬᠤᠷ ᠵᠣᠩᠬᠢᠯᠠᠬᠤ ᠳᠠᠩ ᠠᠷᠠᠯ ᠬᠤᠭᠤᠷᠠᠬᠤ ᠨᠢ ᠬᠠᠷᠢᠨ ᠨᠢᠭᠡ ᠵᠦᠢᠯ ᠤᠨ ᠦᠬᠦᠭᠦᠯᠬᠦ ᠴᠢᠨᠠᠷᠲᠠᠢ ᠭᠡᠮᠲᠦᠯ ᠭᠠᠷᠭᠠᠳᠠᠭ ᠦᠭᠡᠢ ᠪᠢᠯᠨ᠃        2.︶ ᠬᠤᠶᠡᠷ ᠠᠷᠠᠯ ᠨᠢ ᠬᠤᠭᠤᠷᠠᠬᠤ     ᠣᠯᠠᠩᠬᠢ ᠳᠠᠭᠠᠨ ᠰᠠᠴᠤᠷᠠᠯ ᠤᠨ ᠨᠢᠭᠡ ᠮᠦᠬᠦᠯᠢᠭ ᠨᠢ DNA ᠶᠢᠨ ᠬᠤᠶᠡᠷ ᠠᠷᠠᠯ ᠢ ᠴᠤᠭᠭᠠᠷ ᠬᠤᠭᠤᠯᠳᠠᠭ᠃ ᠪᠠᠰᠨ ᠬᠤᠶᠡᠷ ᠮᠦᠬᠦᠯᠢᠭ ᠲᠤ ᠬᠠᠮᠲᠤᠪᠠᠷ ᠣᠨᠤᠭᠳᠠᠭᠠᠳ ᠬᠤᠭᠤᠷᠠᠬᠤ ᠶᠠᠪᠤᠳᠠᠯ ᠴᠤ ᠭᠠᠷᠳᠠᠭ ᠪᠣᠯᠪᠠᠴᠤ ᠪᠣᠯᠤᠯᠴᠠᠭ᠎ᠠ ᠨᠢ ᠬᠠᠷᠢᠨ ᠮᠠᠰᠢ ᠴᠦᠬᠡᠨ ᠪᠠᠶᠢᠳᠠᠭ᠃ ᠡᠶᠢᠮᠦᠷᠬᠦ ᠪᠠᠶᠢᠳᠠᠯ ᠳᠤ ᠭᠠᠭᠴᠠ ᠬᠦ᠋‍ ᠨᠢᠭᠡ ᠠᠷᠠᠯ  ᠨᠢ ᠳᠠᠬᠢᠨ ᠵᠠᠯᠭᠠᠭᠳᠠᠵᠦ ᠠᠮᠵᠢᠬᠤ ᠠᠴᠠ ᠡᠮᠦᠨ᠎ᠡ ᠨᠦᠭᠦᠭᠡ ᠠᠷᠠᠯ ᠨᠢ ᠬᠤᠭᠤᠷᠠᠮᠠᠨᠵᠢᠨ ᠰᠠᠶ᠋ᠢ DNA ᠶᠢᠨ ᠮᠣᠯᠧᠺᠦ᠋ᠯ ᠨᠢ ᠬᠦᠴᠦᠨ ᠪᠦᠬᠦᠢ ᠭᠡᠮᠲᠦᠳᠡᠭ᠃ ᠡᠰᠨ ᠲᠡᠶᠢᠮᠦ ᠪᠣᠯ ᠠᠮᠢᠳᠤ ᠪᠣᠳᠠᠰ ᠤᠨ ᠦᠢᠰᠭᠡᠯ ᠢ ᠡᠲᠦᠵᠦ ᠴᠢᠳᠠᠳᠠᠭ ᠦᠭᠡᠢ᠃ ᠬᠤᠶᠡᠷ ᠠᠷᠠᠯ ᠨᠢ ᠬᠤᠭᠤᠷᠠᠬᠤ ᠨᠢ DNA ᠶᠢᠨ ᠮᠣᠯᠧᠺᠦ᠋ᠯ ᠤᠨ ᠪᠦᠲᠦᠴᠡ ᠪᠠ ᠤᠳᠤᠮᠰᠢᠯ ᠤᠨ ᠪᠦᠷᠢᠨ ᠪᠦᠲᠦᠨ ᠳᠤ ᠬᠦᠨᠳᠤ ᠨᠣᠴᠢᠲᠠᠢ ᠭᠡᠮᠲᠦᠯ ᠢ ᠪᠣᠢ ᠪᠣᠯᠭᠠᠬᠤ ᠲᠤᠯᠠᠲᠠ᠂ ᠡᠨᠡ ᠨᠢ ᠡᠰ ᠤᠨ ᠦᠬᠦᠬᠦ ᠭᠤᠣᠯ ᠰᠢᠯᠲᠠᠭᠠᠨ ᠪᠣᠯᠣᠨ᠎ᠠ᠃ DNA  ᠶᠢᠨ ᠬᠤᠶᠡᠷ ᠠᠷᠠᠯ ᠢ ᠬᠤᠭᠤᠯᠬᠤ ᠳᠤ ᠬᠡᠷᠡᠭᠰᠡᠬᠦ ᠰᠠᠴᠤᠷᠠᠯ ᠤᠨ ᠡᠨᠧᠷᠬᠢ ᠨᠢ ᠳᠠᠩ ᠠᠷᠠᠯ ᠢ ᠨᠢ ᠬᠤᠭᠤᠯᠬᠤ ᠳᠤ ᠬᠡᠷᠡᠭᠰᠡᠬᠦ ᠡᠨᠧᠷᠬᠢ ᠠᠴᠠ ᠬᠤᠯᠨ ᠶᠡᠭᠡ ᠪᠠᠶᠢᠵᠦ᠂ ᠠᠳᠠᠯᠢ ᠬᠤᠮᠵᠢᠮ ᠤᠨ ᠲᠤᠰᠬᠠᠯᠲᠠ ᠳᠤ ᠬᠤᠭᠤᠷᠠᠬᠤ ᠨᠣᠷᠮ᠎ᠠ ᠨᠢ ᠵᠦᠪᠬᠡᠨ ᠳᠠᠩ ᠠᠷᠠᠯ ᠤᠨ 1/15~1/20 ᠯᠨ ᠪᠠᠶᠢᠳᠠᠭ᠃ ᠡᠭᠦᠨ ᠠᠴᠠ ᠭᠠᠳᠠᠨ᠎ᠠ ᠪᠠᠰᠨ DNA ᠶᠢᠨ ᠬᠤᠭᠤᠷᠠᠭᠰᠠᠨ ᠠᠷᠠᠯ ᠤᠨ ᠵᠠᠯᠭᠠᠯᠲᠠ ᠶᠢᠨ ᠵᠦᠷᠢᠬᠦ᠂ ᠳᠠᠪᠬᠤᠴᠠᠬᠤ᠂ ᠰᠣᠯᠪᠢᠯᠴᠠᠬᠤ᠂ ᠳᠤᠲᠠᠭᠳᠠᠬᠤ ᠵᠡᠷᠭᠡ  ᠪᠠᠶᠢᠷᠢᠯᠠᠯ ᠤᠨ ᠬᠤᠪᠢᠷᠠᠯᠲᠠ ᠨᠢ ᠲᠡᠭᠦᠨ ᠤ ᠲᠠᠨᠤᠭ ᠤᠨ ᠵᠦᠪ ᠣᠨᠣᠪᠴᠢᠲᠠᠢ ᠪᠠᠶᠢᠬᠤ ᠶᠢ ᠨᠦᠯᠦᠭᠡᠯᠡᠨ᠂ ᠡᠰ ᠤᠨ ᠣᠣᠨᠳᠣᠰᠢᠯ ᠤᠨ ᠭᠤᠣᠯ ᠰᠢᠯᠲᠠᠭᠠᠨ ᠪᠣᠯᠳᠠᠭ᠃        ︵2︶ ᠳᠠᠮ ᠦᠢᠯᠡᠴᠢᠯᠡᠯ     ᠴᠠᠬᠢᠯᠭᠠᠨᠲᠠᠭᠤᠯᠬᠤ ᠰᠠᠴᠤᠷᠠᠯ ᠤᠨ ᠡᠨᠧᠷᠬᠢ ᠨᠢ ᠴᠢᠬᠤᠯᠨ ᠪᠣᠯᠬᠤ ᠠᠮᠢᠳᠤ ᠪᠣᠳᠠᠰ ᠤᠨ ᠮᠣᠯᠧᠺᠦ᠋ᠯ ᠤᠨ ᠡᠷᠭᠢᠨ ᠲᠣᠭᠤᠷᠢᠨ ᠤ ᠪᠤᠰᠤᠳ ᠪᠦᠷᠢᠯᠳᠦᠭᠦᠨ ᠳᠡᠭᠡᠷ᠎ᠡ ᠲᠤᠨᠤᠭᠠᠳ᠂ ᠲᠡᠳᠡᠨ ᠠᠴᠠ ᠡᠭᠦᠰᠦᠭᠰᠡᠨ ᠤᠷᠪᠠᠯ ᠤᠨ ᠪᠦᠲᠦᠭᠡᠭᠳᠡᠬᠦᠨ ᠨᠢ ᠳᠠᠬᠢᠨ ᠠᠮᠢᠳᠤ ᠪᠣᠳᠠᠰ ᠤᠨ ᠲᠤᠮᠤ ᠮᠣᠯᠧᠺᠦ᠋ᠯ ᠲᠠᠢ ᠦᠢᠯᠡᠴᠢᠯᠡᠭᠡᠳ ᠲᠡᠭᠦᠨ ᠢ ᠭᠡᠮᠲᠦᠭᠡᠬᠦ  ᠶᠢ ᠳᠠᠮ ᠦᠢᠯᠡᠴᠢᠯᠡᠯ ︵Indirect Effect︶ ᠭᠡᠳᠡᠭ᠃ ᠬᠦᠮᠦᠨ ᠤ ᠪᠡᠶ᠎ᠡ ᠪᠣᠯᠣᠨ ᠨᠡᠬᠡᠳᠡᠰᠤ ᠵᠢᠴᠢ ᠡᠰ ᠪᠣᠯ ᠭᠤᠣᠯᠳᠠᠭᠤ ᠤᠰᠤ ᠪᠠᠷ ᠪᠦᠷᠢᠯᠳᠦᠭᠰᠡᠨ ᠪᠣᠯᠬᠤᠷ ᠂ ᠲᠡᠷᠨ ᠨᠢ ᠰᠠᠴᠤᠷᠠᠯ ᠤᠨ ᠳᠠᠮ ᠦᠢᠯᠡᠴᠢᠯᠡᠯ ᠡᠭᠦᠰᠭᠡᠬᠦ ᠭᠤᠣᠯ ᠪᠣᠳᠠᠰ ᠶᠣᠮ᠃ ᠤᠰᠤᠨ ᠠᠴᠠ ᠭᠠᠷᠤᠭᠰᠠᠨ ᠬᠤᠣᠷᠠᠲᠤ ᠪᠣᠳᠠᠰ ᠢᠡᠭᠭᠢᠵᠦ ᠡᠰ ᠤᠨ ᠪᠦᠲᠦᠴᠡ ᠪᠣᠯᠣᠨ ᠦᠢᠯᠡᠳᠦᠯ ᠢ ᠬᠤᠪᠢᠷᠠᠭᠤᠯᠤᠭᠠᠳ ᠡᠴᠦᠰ ᠲᠡᠭᠡᠨ ᠰᠠᠴᠤᠷᠠᠭ ᠤᠨ ᠡᠪᠡᠳᠴᠢᠨ᠂ ᠴᠠᠭᠠᠨ ᠴᠡᠴᠡᠭᠡᠢ ᠪᠣᠶᠤ ᠨᠡᠯᠢᠶᠡᠳ ᠤᠷᠲᠤ ᠬᠤᠭᠤᠴᠠᠭᠠᠨ ᠤ ᠳᠠᠷᠠᠭ᠎ᠠ ᠦᠮᠡᠨ ᠪᠣᠯᠣᠨ ᠢᠯᠡᠷᠡᠳᠡᠭ᠃ ᠡᠶᠢᠮᠦᠷᠬᠦ ᠰᠠᠴᠤᠷᠠᠯ ᠤᠨ ᠭᠡᠮᠲᠦᠯ ᠪᠣᠯ ᠮᠠᠰᠢ ᠨᠠᠷᠢᠨ ᠪᠣᠳᠤᠯᠢᠶᠠᠨᠲᠠᠢ ᠪᠠᠶᠢᠵᠦ᠂ ᠶᠡᠷᠦᠳᠡᠭᠡᠨ ᠲᠡᠷᠨ ᠨᠢ ᠳᠦᠷᠪᠡᠨ ᠱᠠᠲᠤ ᠦᠶ᠎ᠡ ᠶᠢ ᠦᠡᠭᠭᠡᠷᠡᠭᠡᠳᠡᠭ᠃      1︶ ᠬᠠᠮᠤᠭ ᠠᠩᠬᠠᠨ ᠤ ᠹᠢᠽᠢᠺ ᠤᠨ ᠱᠠᠲᠤ ᠦᠶ᠎ᠡ      ᠶᠡᠭᠡ ᠲᠦᠯᠦᠪ ᠵᠦᠪᠬᠡᠨ 10-16 ᠰᠧᠺᠦ᠋ᠨ᠋ᠲ ᠤᠨ ᠬᠤᠷᠤᠮᠬᠠᠨ ᠳᠤ ᠰᠠᠴᠤᠷᠠᠯ ᠤᠨ ᠡᠨᠧᠷᠬᠢ ᠨᠢ ᠤᠰᠤᠨ ᠤ ᠮᠣᠯᠧᠺᠦ᠋ᠯ H2O ᠳᠤ ᠰᠢᠯᠵᠢᠭᠡᠳ ᠲᠡᠭᠦᠨ ᠤ ᠠᠲ᠋ᠤᠮ ᠢ ᠴᠠᠬᠢᠯᠭᠠᠨᠲᠠᠭᠤᠯᠤᠨ ᠠᠷᠭ᠎ᠠ ᠳᠣᠩᠰᠢᠯ H2O+ ᠪᠣᠯᠣᠨ ᠪᠢᠯᠢᠭ ᠳᠣᠩᠰᠢᠯ  e-  ᠤᠨ ᠬᠤᠣᠰ ᠪᠣᠯᠭᠠᠭᠠᠳ ᠲᠡᠷᠡᠴᠢᠯᠡᠨ ᠪᠣᠳᠤᠭᠲᠠᠮᠠᠬᠠᠢ ᠪᠡᠶ᠎ᠡ ᠳᠤ ᠬᠤᠣᠷ ᠲᠠᠢ ᠨᠢᠭᠡᠨ ᠵᠦᠢᠯ ᠤᠨ ᠬᠢᠮᠢ ᠶᠢᠨ ᠡᠳ᠋ ᠢ ᠪᠣᠢ ᠪᠣᠯᠭᠠᠳᠠᠭ᠃ ᠪᠣᠳᠤᠭᠲᠠᠮᠠᠬᠠᠢ ᠪᠡᠶ᠎ᠡ ᠶᠢᠨ ᠭᠡᠮᠲᠦᠯ ᠨᠢ ᠡᠰ ᠤᠨ ᠪᠦᠲᠦᠴᠡ ᠪᠣᠯᠣᠨ ᠴᠢᠳᠠᠪᠤᠷᠢ ᠳᠤ ᠬᠤᠪᠢᠷᠠᠯᠲᠠ ᠭᠠᠷᠭᠠᠳᠠᠭ᠃        2︶ ᠹᠢᠽᠢᠺ — ᠬᠢᠮᠢ ᠶᠢᠨ ᠱᠠᠲᠤ ᠦᠶ᠎ᠡ      ᠶᠡᠭᠡ ᠲᠦᠯᠦᠪ 10-12 ᠰᠧᠺᠦ᠋ᠨ᠋ᠲ ᠤᠨ ᠹᠢᠽᠢᠺ ᠬᠢᠮᠢ ᠶᠢᠨ ᠶᠠᠪᠤᠴᠠ ᠳᠤ ᠳᠣᠩᠰᠢᠯ ᠤᠳ ᠨᠢ ᠤᠰᠤᠨ ᠤ ᠪᠤᠰᠤᠳ ᠮᠣᠯᠧᠺᠦ᠋ᠯ ᠤᠳ ᠲᠠᠢ ᠬᠠᠷᠢᠯᠴᠠᠨ ᠦᠢᠯᠡᠴᠢᠯᠡᠭᠡᠳ ᠨᠢᠭᠡ ᠪᠦᠯᠦᠭ ᠰᠢᠨ᠎ᠡ ᠪᠦᠲᠦᠭᠡᠭᠳᠡᠭᠦᠨ ᠵᠢᠱᠢᠶᠡᠯᠡᠪᠡᠯ ᠠᠷᠭ᠎ᠠ ᠳᠣᠩᠰᠢᠯ H2O+ ᠨᠢ ᠵᠠᠳᠠᠷᠠᠭᠠᠳ H+ ᠪᠣᠯᠣᠨ OH  ᠪᠣᠯᠵᠦ᠂ OH ᠪᠣᠯᠣᠨ OH ᠨᠢ ᠤᠷᠪᠠᠯᠳᠤᠭᠠᠳ ᠬᠡᠳᠤ ᠢᠰᠦᠯᠲᠤ ᠤᠰᠤᠲᠦᠷᠦᠭᠴᠢ H2O2 ᠪᠣᠯᠤᠨ᠎ᠠ᠃ ᠪᠢᠯᠢᠭ ᠳᠣᠩᠰᠢᠯ ᠨᠢ ᠬᠠᠷᠢᠨ ᠤᠰᠤᠨ ᠤ ᠮᠡᠨᠢᠰ ᠮᠣᠯᠧᠺᠦ᠋ᠯ H2O  ᠲᠠᠢ ᠨᠠᠭᠠᠯᠳᠤᠨ ᠪᠠᠷᠢᠯᠳᠤᠭᠠᠳ ᠲᠡᠭᠦᠨ ᠢ H2O- ᠪᠣᠯᠭᠠᠨ᠎ᠠ᠃ H2O- ᠨᠢ ᠬᠠᠷᠢᠨ ᠤᠯᠠᠮ ᠨᠢᠭᠡ ᠠᠯᠬᠤᠮ ᠵᠠᠳᠠᠷᠠᠭᠠᠳ H ᠪᠣᠯᠣᠨOH- ᠵᠡᠷᠭᠡ ᠪᠣᠯᠳᠠᠭ᠃ ᠤᠷᠪᠠᠯ ᠤᠨ ᠪᠦᠲᠦᠭᠡᠭᠳᠡᠬᠦᠨ H+᠂ OH-᠂ H ᠪᠣᠯᠣᠨ OH ᠳᠦᠷᠪᠡ ᠶᠢᠨ ᠡᠮᠦᠨᠡᠬᠢ ᠬᠤᠶᠡᠷ ᠳᠣᠩᠰᠢᠯ ᠨᠢ ᠡᠩ ᠤᠨ ᠤᠰᠤᠨ ᠳᠣᠲᠤᠷ᠎ᠠ ᠴᠤ ᠠᠷᠪᠢᠨ ᠪᠠᠶᠢᠳᠠᠭ ᠪᠣᠯᠬᠤᠷ ᠵᠠᠯᠭᠠᠭᠠᠳ ᠤᠷᠪᠠᠯ ᠭᠠᠷᠭᠠᠳᠠᠭ ᠦᠭᠡᠢ᠃ ᠬᠠᠷᠢᠨ H ᠪᠣᠯᠣᠨ OH ᠶᠢ ᠪᠣᠯ ᠴᠢᠯᠦᠭᠡᠲᠤ ᠪᠦᠯᠦᠭ ︵Free Radicals︶ ᠭᠡᠳᠡᠭ ᠪᠦᠭᠡᠳ ᠲᠡᠳᠡᠭᠡᠷ ᠨᠢ ᠪᠦᠷ ᠰᠤᠨᠳᠤᠭᠤᠢ ᠡᠯᠧᠺᠲᠷᠤᠨ ᠲᠠᠢ ᠪᠣᠯᠬᠤᠷ᠂ ᠬᠢᠮᠢ ᠶᠢᠨ ᠲᠠᠯ᠎ᠠ ᠪᠠᠷ ᠶᠡᠭᠡ ᠢᠳᠡᠪᠬᠢᠵᠢᠯ ᠲᠠᠢ ᠪᠠᠶᠢᠳᠠᠭ᠃ ᠳᠠᠷᠠᠭ᠎ᠠ ᠨᠢ ᠪᠠᠷᠤᠭ 10-6 ᠰᠧᠺᠦ᠋ᠨ᠋ᠲ ᠪᠣᠶᠤ ᠨᠡᠩ ᠣᠬᠤᠷ ᠬᠤᠭᠤᠴᠠᠭᠠᠨ ᠳᠤ ᠳᠠᠬᠢᠨ ᠨᠡᠶᠢᠯᠡᠬᠦ ᠪᠣᠶᠤ ᠪᠦᠲᠦᠴᠡ ᠪᠠᠨ ᠬᠤᠪᠢᠷᠠᠭᠤᠯᠬᠤ᠂ ᠡᠰᠡᠭᠦᠯ᠎ᠡ ᠡᠨᠧᠷᠬᠢ ᠪᠠᠨ ᠣᠨᠳᠣᠣ ᠨᠢᠭᠡᠨ ᠮᠣᠯᠧᠺᠦ᠋ᠯ ᠳᠤ ᠤᠯᠠᠮᠵᠢᠯᠠᠨ ᠦᠭᠬᠦ ᠵᠡᠷᠭᠡ ᠠᠷᠭ᠎ᠠ ᠮᠠᠶ᠋ᠢᠭ ᠢᠶᠠᠷ ᠳᠠᠮᠵᠢᠨ ᠲᠣᠭᠲᠠᠪᠤᠷᠢᠲᠤ ᠮᠣᠯᠧᠺᠦ᠋ᠯ ᠪᠣᠯᠳᠠᠭ ᠪᠠᠶᠢᠨ᠎ᠠ᠃      3︶ ᠬᠢᠮᠢ ᠶᠢᠨ ᠱᠠᠲᠤ ᠦᠶ᠎ᠡ     ᠡᠳᠡᠭᠡᠷ ᠴᠢᠯᠦᠭᠡᠲᠤ ᠪᠦᠯᠦᠭ ᠪᠣᠯᠣᠨ ᠬᠡᠳᠤ ᠢᠰᠦᠯᠲᠤ ᠤᠰᠤᠲᠦᠷᠦᠭᠴᠢ ᠵᠡᠷᠭᠡ ᠪᠣᠯ ᠪᠣᠲᠤᠭᠲᠠᠮᠠᠬᠠᠢ ᠪᠡᠶᠡᠲᠤ ᠳᠤ ᠬᠤᠣᠷ ᠲᠠᠢ ᠨᠢᠭᠡᠨ ᠵᠦᠢᠯ ᠤᠨ ᠬᠢᠮᠢ ᠶᠢᠨ ᠪᠣᠳᠠᠰ ᠪᠦᠭᠡᠳ DNA ᠵᠡᠷᠭᠡ ᠠᠮᠢᠳᠤ ᠪᠣᠳᠠᠰ ᠤᠨ ᠴᠢᠬᠤᠯᠨ ᠲᠣᠮᠤ ᠮᠣᠯᠧᠺᠦ᠋ᠯ ᠳᠡᠭᠡᠷ᠎ᠡ ᠨᠠᠭᠠᠯᠳᠤᠨ ᠪᠠᠷᠢᠯᠳᠤᠭᠠᠳ᠂ ᠤᠤᠯ ᠤᠨ ᠣᠷᠣᠨ ᠠᠴᠠ ᠪᠠᠨ ᠦᠳᠲᠡᠷ ᠲᠦᠷᠭᠡᠨ ᠢᠶᠠᠷ ᠲᠠᠷᠬᠠᠭᠠᠳ᠂ ᠬᠡᠳᠦᠨ ᠰᠧᠺᠦ᠋ᠨ᠋ᠲ ᠤᠨ ᠳᠣᠲᠤᠷ᠎ᠠ ᠮᠣᠯᠧᠺᠦ᠋ᠯ ᠤᠨ ᠬᠡᠯᠬᠢᠶᠡᠨ ᠤ ᠴᠦᠭᠴᠦᠷᠭᠡ ᠶᠢ ᠨᠢ ᠡᠪᠳᠡᠭᠡᠳ ᠲᠡᠭᠦᠨ ᠤ ᠪᠦᠲᠦᠴᠡ ᠪᠣᠯᠣᠨ ᠴᠢᠳᠠᠪᠤᠷᠢ ᠶᠢ ᠭᠡᠮᠳᠦᠭᠦᠯᠵᠦ᠂ ᠵᠠᠯᠭᠠᠭᠠᠳ ᠪᠠᠰᠨ ᠪᠣᠲᠤᠭᠲᠠᠮᠠᠬᠠᠢ ᠪᠡᠶᠡᠲᠤ ᠶᠢᠨ ᠪᠦᠲᠦᠴᠡ ᠶᠢ ᠴᠤ ᠡᠪᠳᠡᠯᠵᠦ ᠮᠡᠳᠡᠳᠡᠭ᠃ ᠪᠠᠰᠨ ᠤᠭᠤᠷᠠᠭ ᠤᠨ ᠰᠢᠪᠲᠤᠷᠲᠤ ᠪᠦᠯᠦᠭ ᠢ ᠨᠢ ᠠᠩᠬᠢᠵᠢᠷᠠᠭᠤᠯᠬᠤ ᠪᠣᠶᠤ ᠤᠰᠤᠲᠦᠷᠦᠭᠴᠢ ᠶᠢ ᠨᠢ ᠠᠯᠳᠠᠭᠤᠯᠵᠦ᠂ ᠤᠰᠤᠨ ᠮᠣᠯᠧᠺᠦ᠋ᠯ ᠤᠨ ᠴᠦᠭᠴᠦᠷᠭᠡ ᠶᠢ ᠨᠢ ᠬᠤᠭᠤᠯᠬᠤ ᠵᠢᠴᠢ ᠪᠡᠶ᠎ᠡ ᠮᠠᠬᠠᠪᠤᠳ ᠤᠨ ᠵᠠᠷᠢᠮ ᠤᠷᠭᠠᠨᠢᠭ ᠪᠤᠰᠤ ᠡᠯᠧᠮᠧᠨ᠋ᠲ ᠤᠳ ᠢ ᠢᠰᠦᠯᠳᠦᠭᠦᠯᠦᠭᠡᠳ᠂ ᠠᠮᠢᠳᠤ ᠪᠣᠳᠠᠰ ᠲᠤ ᠬᠤᠣᠷᠲᠤ ᠦᠢᠯᠡᠳᠦᠯ ᠲᠠᠢ ᠨᠡᠶᠢᠯᠡᠮᠡᠯ ᠪᠣᠳᠠᠰ ᠢ ᠪᠣᠢ ᠪᠣᠯᠭᠠᠬᠤ ᠵᠡᠷᠭᠡ ᠠᠯᠢ ᠣᠯᠠᠨ ᠬᠢᠮᠢ ᠶᠢᠨ ᠬᠤᠪᠢᠷᠠᠯᠲᠠ ᠡᠭᠦᠰᠭᠡᠳᠡᠭ᠃          4︶ ᠠᠮᠢᠳᠤ ᠪᠣᠳᠠᠰ ᠤᠨ ᠱᠠᠲᠤ ᠦᠶ᠎ᠡ      ᠴᠠᠭ ᠬᠤᠭᠤᠴᠠᠭ᠎ᠠ ᠨᠢ ᠬᠡᠳᠦᠨ ᠠᠷᠪᠠᠨ ᠮᠢᠨᠦ᠋ᠲ ᠠᠴᠠ ᠬᠡᠳᠦᠨ ᠠᠷᠪᠠᠨ ᠵᠢᠯ ᠤᠨ ᠬᠤᠭᠤᠷᠣᠨᠲᠤ ᠪᠠᠶᠢᠵᠦ᠂ ᠡᠨᠡ ᠨᠢ ᠭᠤᠣᠯᠳᠠᠭᠤ ᠣᠨᠴᠤᠭᠤᠢ ᠡᠪᠡᠳᠴᠢᠨ ᠭᠡᠮᠳᠦᠯ ᠤᠨ  ᠢᠯᠡᠷᠡᠯ ᠠᠴᠠ ᠨᠢ ᠲᠣᠭᠲᠠᠭᠠᠭᠳᠠᠳᠠᠭ᠃ ᠮᠣᠯᠧᠺᠦ᠋ᠯ ᠳᠠᠬᠢ ᠰᠠᠴᠤᠷᠠᠯ ᠤᠨ ᠳᠠᠮ ᠦᠢᠯᠡᠴᠢᠯᠡᠯ ᠨᠢ ᠭᠤᠣᠯᠳᠠᠭᠤ ᠡᠶᠢᠮᠦᠷᠬᠦ ᠠᠯᠢ ᠣᠯᠠᠨ ᠬᠢᠮᠢ ᠶᠢᠨ ᠤᠷᠪᠠᠯ ᠠᠴᠠ ᠡᠭᠦᠰᠦᠭᠰᠡᠨ ᠪᠦᠭᠡᠳ ᠬᠢᠮᠢ ᠶᠢᠨ ᠡᠳᠡᠭᠡᠷ ᠬᠤᠪᠢᠷᠠᠯᠲᠠ ᠨᠢ ᠣᠯᠠᠨ ᠠᠷᠭ᠎ᠠ ᠮᠠᠶ᠋ᠢᠭ ᠢᠶᠠᠷ ᠳᠠᠩ ᠡᠰ ᠢ ᠨᠦᠯᠦᠭᠡᠯᠡᠵᠦ᠂ ᠨᠢᠭᠡ ᠪᠣᠯ ᠡᠰ ᠢ ᠦᠬᠦᠭᠦᠯᠦᠨ᠂ ᠨᠢᠭᠡ ᠪᠣᠯ ᠡᠰ ᠤᠨ ᠬᠤᠪᠢᠶᠠᠭᠳᠠᠬᠤ ᠶᠢ ᠵᠣᠭᠰᠤᠭᠠᠬᠤ ᠪᠣᠶᠤ ᠬᠤᠶᠢᠰᠢᠯᠠᠭᠤᠯᠵᠦ᠂ ᠡᠰᠡᠪᠡᠯ ᠡᠰ ᠢ ᠦᠨᠢᠳᠡ  ᠣᠨᠳᠣᠰᠢᠭᠤᠯᠤᠨ ᠦᠷᠡᠵᠢᠭᠦᠯᠳᠡᠭ ᠪᠠᠶᠢᠨ᠎ᠠ᠃       2.  ᠭᠧᠨ ᠤ ᠴᠣᠴᠢᠮᠠᠭ ᠬᠤᠪᠢᠷᠠᠯᠲᠠ      ᠬᠡᠷᠪᠡ ᠬᠤᠭᠤᠷᠠᠭᠰᠠᠨ DNA ᠶᠢ ᠰᠡᠯᠪᠢᠨ ᠵᠠᠰᠠᠬᠤ ᠶᠠᠪᠤᠴᠠ ᠳᠤ ᠶᠠᠮᠠᠷ ᠨᠢᠭᠡᠨ ᠠᠨᠳᠤᠭᠤ ᠲᠠᠰᠢᠶ᠎ᠠ ᠭᠠᠷᠬᠤ ᠪᠣᠶᠤ ᠡᠰᠡᠭᠦᠯ᠎ᠡ ᠴᠦᠬᠡᠨ ᠨᠢᠭᠡ ᠬᠡᠰᠡᠭ ᠨᠢ ᠰᠡᠯᠪᠢᠨ ᠰᠡᠷᠭᠦᠭᠡᠬᠦ ᠶᠢᠨ ᠠᠷᠭ᠎ᠠ ᠦᠭᠡᠢ ᠪᠣᠯᠤᠭᠰᠠᠨ ᠪᠠᠶᠢᠳᠠᠯ ᠳᠣᠣᠷ᠎ᠠ᠂ ᠭᠧᠨ ᠤ ᠴᠣᠴᠢᠮᠠᠭ ᠬᠤᠪᠢᠷᠠᠯᠲᠠ ᠪᠣᠯᠣᠨ ᠪᠣᠲᠤᠭᠲᠠᠮᠠᠬᠠᠢ ᠪᠡᠶᠡᠲᠤ ᠶᠢᠨ ᠴᠣᠴᠢᠮᠠᠭ ᠬᠤᠪᠢᠷᠠᠯᠲᠠ ᠭᠠᠷᠳᠠᠭ᠃    DNA ᠮᠣᠯᠧᠺᠦ᠋ᠯ ᠤᠨ ᠳᠣᠲᠦᠷᠠᠬᠢ ᠠᠯᠢ ᠨᠢᠭᠡᠨ ᠲᠤᠭᠲᠠᠭᠰᠠᠨ ᠭᠧᠨ ᠤ ᠱᠦᠯᠲᠤ ᠶᠢᠨ ᠪᠦᠯᠦᠭ ᠤᠨ ᠬᠤᠣᠰ ᠤᠨ ᠪᠦᠷᠢᠯᠳᠦᠭᠦᠨ ᠪᠣᠶᠤ ᠵᠢᠭᠰᠠᠯ ᠤᠨ ᠳᠡᠰ ᠳᠠᠷᠠᠭ᠎ᠠ ᠳᠠᠷᠤᠢ ᠤᠳᠤᠮᠰᠢᠯ ᠤᠨ ᠲᠠᠨᠤᠭ ᠨᠢ ᠦᠭᠡᠷᠡᠴᠢᠯᠡᠭᠳᠡᠭᠡᠳ᠂ ᠡᠭᠦᠨ ᠤ ᠤᠯᠠᠮ ᠠᠴᠠ ᠭᠧᠨ ᠤ ᠪᠦᠲᠦᠴᠡ ᠨᠢ ᠣᠨᠳᠣᠣᠰᠢᠳᠠᠭ ᠢ ᠭᠧᠨ ᠤ ᠴᠣᠴᠢᠮᠠᠭ ᠬᠤᠪᠢᠷᠠᠯᠲᠠ ︵Gene Mutation︶ ᠭᠡᠳᠡᠭ᠃ ᠤᠳᠤᠮᠰᠢᠯ ᠤᠨ ᠲᠠᠨᠤᠭ ᠤᠨ ᠪᠦᠲᠦᠴᠨ ᠶᠢᠨ ᠬᠤᠪᠢᠷᠠᠯᠲᠠ ᠨᠢ ᠳᠠᠷᠤᠢ ᠱᠦᠯᠲᠤ ᠶᠢᠨ ᠪᠦᠯᠦᠭ ‍ᠣᠨ‌ᠤᠭ ᠤᠨ ᠫᠦᠷᠢᠨ᠂ ᠫᠢᠷᠢᠮᠢᠳᠢᠨ ᠨᠢ ᠣᠨᠳᠣᠣ ᠨᠢᠭᠡᠨ ᠵᠦᠢᠯ ᠤᠨ ᠫᠦᠷᠢᠨ᠂ ᠫᠢᠷᠢᠮᠢᠳᠢᠨ ᠳᠤ ᠣᠷᠤᠯᠠᠭᠳᠠᠬᠤ ᠪᠣᠶᠤ ᠡᠰᠡᠭᠦᠯ᠎ᠡ ᠨᠢᠭᠡ ᠪᠣᠶᠤ ᠨᠢᠭᠡ ᠪᠦᠯᠦᠭ ᠫᠦᠷᠢᠨ᠂ ᠫᠢᠷᠢᠮᠢᠳᠢᠨ ᠨᠡᠮᠡᠭᠳᠡᠬᠦ ᠪᠣᠶᠤ ᠬᠠᠰᠤᠭᠳᠠᠨ᠂ ᠡᠭᠦᠨ ᠠᠴᠠ ᠪᠣᠯᠵᠦ RNA ᠪᠤᠷᠤᠭᠤ ᠰᠢᠩᠭᠡᠭᠡᠬᠦ ᠪᠠ ᠣᠷᠴᠢᠭᠤᠯᠬᠤ ᠪᠠᠷ ᠳᠠᠮᠵᠢᠨ᠂ ᠶᠡᠷᠤ ᠪᠣᠰᠤ ᠶᠢᠨ ᠭᠧᠨ ᠪᠣᠯᠳᠠᠭ᠃ ᠭᠧᠨ ᠤ ᠭᠡᠨᠡᠳᠲᠡ  ᠶᠢᠨ ᠬᠤᠪᠢᠷᠠᠯᠲᠠ ᠨᠢ ᠬᠠᠪᠤᠳᠠᠷ ᠪᠠ ᠤᠳᠤᠮᠰᠢᠯ ᠤᠨ ᠦᠢᠰᠭᠡᠯ ᠢ ᠡᠲᠦᠳᠡᠭ᠃ ᠭᠡᠪᠡᠴᠤ ᠠᠮᠢᠳᠤ ᠪᠣᠳᠠᠰ ᠤᠨ ᠪᠡᠶᠡᠨ ᠳᠤ DNA ᠶᠢ ᠵᠠᠰᠠᠨ ᠰᠡᠷᠭᠦᠭᠡᠬᠦ ᠡᠯ᠎ᠡ ᠵᠦᠢᠯ ᠤᠨ ᠰᠢᠰᠲ᠋ᠧᠮ ᠪᠠᠶᠢᠵᠦ᠂ DNA ᠶᠢᠨ ᠮᠣᠯᠧᠺᠦ᠋ᠯ ᠤᠨ ᠭᠡᠮᠲᠦᠯ ᠢ ᠵᠠᠯᠠᠷᠠᠭᠤᠯᠤᠨ ᠰᠡᠯᠪᠢᠨ ᠵᠠᠰᠠᠳᠠᠭ ᠲᠤᠯᠠᠲᠠ᠂ ᠴᠣᠴᠢᠮᠠᠭ ᠬᠤᠪᠢᠷᠠᠯᠲᠠ ᠡᠭᠦᠰᠬᠦ ᠶᠢ ᠶᠡᠬᠡᠪᠡᠷ ᠪᠠᠭᠤᠷᠠᠭᠤᠯᠤᠭᠰᠠᠨ ᠪᠠᠶᠢᠨ᠎ᠠ᠃ ᠡᠶᠢᠮᠦ ᠠᠴᠠ ᠪᠠᠶᠢᠭᠠᠯᠢ ᠶᠢᠨ ᠨᠦᠭᠦᠴᠡᠯ ᠳᠣᠣᠷ᠎ᠠ ᠦᠪᠡᠷᠲᠡᠭᠡᠨ ᠴᠣᠴᠢᠮᠠᠭ ᠬᠤᠪᠢᠷᠠᠬᠤ ᠨᠣᠷᠮ᠎ᠠ ᠨᠢ ᠶᠡᠷᠤᠳᠡᠭᠡᠨ ᠳᠣᠩ ᠳᠣᠣᠷ᠎ᠠ ᠪᠠᠶᠢᠵᠦ᠂ ᠭᠠᠭᠴᠠ ᠬᠦ ᠡᠯ᠎ᠡ ᠵᠦᠢᠯ ᠤᠨ ᠰᠠᠴᠤᠷᠠᠭ ᠤᠨ ᠬᠦᠴᠦᠲᠠᠢ ᠦᠢᠯᠡᠴᠢᠯᠡᠯ ᠳᠣᠣᠷ᠎ᠠ ᠴᠣᠴᠢᠮᠠᠭ ᠬᠤᠪᠢᠷᠠᠮᠵᠢ ᠨᠢ ᠰᠠᠶ᠋ᠢ ᠨᠡᠮᠡᠭᠳᠡᠳᠡᠭ᠃ ᠨᠢᠭᠡᠨᠲᠡ ᠴᠣᠴᠢᠮᠠᠭ ᠬᠤᠪᠢᠷᠠᠴᠢᠭᠰᠠᠨ ᠭᠧᠨ ᠪᠣᠯ ᠮᠠᠰᠢ ᠲᠣᠭᠲᠠᠪᠤᠷᠢᠲᠠᠢ ᠪᠠᠶᠢᠵᠦ᠂ ᠲᠡᠷᠡᠴᠢᠯᠡᠨ ᠰᠡᠯᠪᠢᠨ ᠰᠡᠷᠭᠦᠭᠡᠵᠦ ᠪᠣᠯᠬᠤ ᠦᠭᠡᠢ ᠪᠠᠶᠢᠳᠠᠭ᠃       3. ᠪᠣᠲᠤᠭᠲᠠᠮᠠᠬᠠᠢ ᠪᠡᠶᠡᠲᠤ ᠶᠢᠨ ᠭᠠᠵᠢᠯᠲᠠ       DNAᠮᠣᠯᠧᠺᠦ᠋ᠯ ᠤᠨ ᠰᠢᠭᠤᠳ ᠪᠣᠶᠤ ᠳᠠᠮ ᠭᠡᠮᠲᠦᠯ ᠨᠢ ᠭᠧᠨ ᠢ ᠴᠣᠴᠢᠮᠠᠭ ᠬᠤᠪᠢᠷᠠᠭᠤᠯᠤᠭᠠᠳ ᠡᠭᠦᠨ ᠤ ᠤᠯᠠᠮ ᠠᠴᠠ ᠪᠣᠲᠤᠭᠲᠠᠮᠠᠬᠠᠢ ᠪᠡᠶᠡᠲᠤ ᠶᠢᠨ ᠪᠦᠲᠦᠴᠡ ᠨᠢ ᠡᠷᠡᠮᠳᠡᠭ ᠪᠣᠯᠳᠠᠭ᠃ ᠭᠡᠪᠡᠴᠤ DNA  ᠮᠣᠯᠧᠺᠦ᠋ᠯ ᠤᠨ ᠭᠡᠮᠲᠦᠯ ᠨᠢ ᠬᠢᠷᠬᠢᠨ ᠪᠣᠲᠤᠭᠲᠠᠮᠠᠬᠠᠢ ᠪᠡᠶᠡᠲᠤ ᠶᠢᠨ ᠡᠷᠡᠮᠳᠡᠭ  ᠪᠣᠯᠣᠨ ᠤᠯᠠᠷᠢᠭᠰᠠᠨ ᠪᠣᠳᠠᠲᠠᠢ ᠠᠯᠬᠤᠮ ᠳᠠᠷᠠᠭ᠎ᠠ ᠶᠢ ᠨᠢ ᠣᠳᠣ ᠪᠣᠯᠲᠠᠯ᠎ᠠ ᠲᠣᠳᠤᠷᠬᠠᠶᠢᠯᠠᠵᠦ ᠴᠢᠳᠠᠭ᠎ᠠ ᠦᠭᠡᠢ ᠪᠠᠶᠢᠨ᠎ᠠ᠃      ᠠᠷᠠᠯ ᠨᠢ ᠬᠤᠭᠤᠷᠠᠭᠰᠠᠨ DNA ᠶᠢᠨ ᠮᠣᠯᠧᠺᠦ᠋ᠯ ᠨᠢ ᠵᠠᠯᠭᠠᠭᠠᠳ ᠪᠠᠰᠨ ᠪᠣᠲᠤᠭᠲᠠᠮᠠᠬᠠᠢ ᠪᠡᠶᠡᠲᠤ ᠶᠢ ᠬᠤᠭᠤᠯᠠᠭᠠᠳ ᠲᠡᠨᠦᠮᠡᠯ ᠲᠠᠰᠤᠷᠬᠠᠢ ᠪᠣᠯᠭᠠᠳᠠᠭ᠃  ᠪᠣᠲᠤᠭᠲᠠᠮᠠᠬᠠᠢ ᠪᠡᠶᠡᠲᠤ ᠶᠢᠨ ᠬᠤᠭᠤᠷᠬᠠᠢ ᠦᠵᠦᠭᠦᠷ ᠨᠢ ᠲᠤᠩ ᠲᠣᠭᠲᠠᠪᠤᠷᠢ ᠦᠭᠡᠢ ᠲᠤᠯᠠᠲᠠ ᠦᠢᠯᠡᠴᠢᠯᠡᠬᠦ ᠪᠠᠷ ᠳᠠᠮᠵᠢᠨ ᠪᠣᠲᠤᠭᠲᠠᠮᠠᠬᠠᠢ ᠪᠡᠶᠡᠲᠤ ᠶᠢ ᠡᠷᠡᠮᠳᠡᠭ ᠪᠣᠯᠭᠠᠳᠠᠭ᠃ ᠪᠣᠲᠤᠭᠲᠠᠮᠠᠬᠠᠢ ᠪᠡᠶᠡᠲᠤ ᠶᠢᠨ ᠪᠦᠲᠦᠴᠠ ᠶᠢᠨ ᠡᠷᠡᠮᠳᠡᠭ ᠲᠤ ᠪᠣᠲᠤᠭᠲᠠᠮᠠᠬᠠᠢ ᠪᠡᠶᠡᠲᠤ ᠶᠢᠨ ᠨᠢᠭᠡ ᠬᠡᠰᠡᠭ ᠨᠢ ᠲᠤᠲᠠᠭᠤ ᠳᠣᠷᠭᠤᠨ ᠪᠣᠯᠬᠤ ᠪᠠ ᠬᠡᠰᠡᠭ ᠪᠣᠲᠤᠭᠲᠠᠮᠠᠬᠠᠢ ᠪᠡᠶᠡᠲᠤ ᠨᠢ ᠳᠠᠪᠬᠤᠴᠠᠬᠤ ᠵᠢᠴᠢ ᠠᠳᠠᠯᠢ ᠪᠤᠰᠤ ᠪᠣᠲᠤᠭᠲᠠᠮᠠᠬᠠᠢ ᠪᠡᠶᠡᠲᠤ ᠶᠢᠨ ᠲᠠᠰᠤᠷᠬᠠᠢ ᠬᠠᠷᠢᠯᠴᠠᠨ ᠰᠣᠯᠢᠭᠳᠠᠬᠤ ︵ᠵᠢᠱᠢᠶᠡᠯᠡᠪᠡᠯ ᠪᠠᠶᠢᠷᠢ ᠰᠣᠯᠢᠬᠤ ︶ ᠵᠡᠷᠭᠡ ᠪᠠᠭᠲᠠᠨ᠎ᠠ᠃ ᠪᠣᠲᠤᠭᠲᠠᠮᠠᠬᠠᠢ ᠪᠡᠶᠡᠲᠤ ᠶᠢᠨ ᠲᠣᠭᠠᠨ ᠤ ᠡᠷᠡᠮᠳᠡᠭ ᠲᠤ ᠪᠣᠲᠤᠭᠲᠠᠮᠠᠬᠠᠢ ᠪᠡᠶᠡᠲᠤ ᠨᠢ ᠪᠦᠬᠦᠯᠢ ᠢᠶᠠᠷ ᠢᠶᠠᠨ ᠭᠡᠭᠡᠭᠳᠡᠬᠦ ᠪᠣᠶᠤ ᠨᠡᠮᠡᠭᠳᠡᠬᠦ ᠪᠠᠭᠲᠠᠨ᠎ᠠ ᠃ ᠪᠣᠲᠤᠭᠲᠠᠮᠠᠬᠠᠢ ᠪᠡᠶᠡᠲᠤ ᠶᠢᠨ ᠡᠶᠢᠮᠦᠷᠬᠦ ᠡᠷᠡᠮᠳᠡᠭ ᠬᠤᠪᠢᠷᠠᠯᠲᠠ ᠨᠢ ᠳᠠᠷᠠᠭ᠎ᠠ ᠦᠶ᠎ᠡ ᠶᠢᠨ ᠴᠦᠬᠡᠨ ᠨᠢᠭᠡ  ᠪᠦᠯᠦᠭ ᠬᠦᠮᠦᠰ ᠢ ᠲᠦᠷᠦᠯᠬᠢ ᠡᠷᠡᠭᠦᠯ ᠪᠤᠰᠤ ᠪᠣᠯᠭᠠᠳᠠᠭ᠃ ᠰᠠᠴᠤᠷᠠᠭ᠂ ᠬᠦᠷᠢᠨ ᠤ ᠭᠠᠳᠠᠨᠠᠬᠢ ᠲᠤᠶᠠᠭ᠎ᠠ᠂ ᠡᠪᠡᠳᠴᠢᠨ ᠤ ᠬᠤᠤᠷᠰ ᠪᠣᠯᠣᠨ ᠦᠮᠡᠨ ᠡᠭᠦᠰᠭᠡᠭᠴᠢ ᠬᠢᠮᠢ ᠶᠢᠨ ᠡᠳ᠋ ᠤᠳ ᠨᠢ ᠪᠦᠷ ᠪᠣᠳᠤᠭᠲᠠᠮᠠᠬᠠᠢ ᠪᠡᠶᠡᠲᠤ ᠶᠢ ᠡᠷᠡᠮᠳᠡᠭ ᠪᠣᠯᠭᠠᠳᠠᠭ᠃ ᠬᠦᠮᠦᠨ ᠲᠦᠷᠦᠯᠬᠢᠲᠡᠨ ᠪᠣᠯᠣᠨ ᠠᠮᠢᠲᠠᠨ ᠤ ᠵᠣᠩᠬᠢᠯᠠᠬᠤ ᠦᠮᠡᠨ ᠨᠢ ᠪᠦᠷ ᠡᠷᠡᠮᠳᠡᠭ ᠪᠣᠳᠤᠭᠲᠠᠮᠠᠬᠠᠢ ᠪᠡᠶᠡᠲᠤ ᠠᠴᠠ ᠡᠭᠦᠰᠳᠡᠭ᠃ ᠡᠭᠦᠨ ᠳᠤ ᠴᠢᠰᠤ ᠴᠠᠶᠢᠬᠤ ᠡᠪᠡᠳᠴᠢᠨ ᠪᠣᠯᠣᠨ ᠯᠢᠮᠪ ᠤᠨ ᠬᠠᠪᠤᠳᠠᠷ ᠭᠤᠣᠯᠯᠠᠨ᠎ᠠ᠃       4. ᠡᠰ ᠤᠨ ᠭᠡᠮᠲᠦᠯ     ᠬᠦᠮᠦᠨ ᠤ ᠪᠡᠶ᠎ᠡ ᠳᠠᠬᠢ ᠰᠠᠴᠤᠷᠠᠯ ᠤᠨ ᠦᠢᠰᠭᠡᠯ ᠨᠢ ᠭᠠᠭᠴᠨ ᠨᠢᠭᠡᠨ ᠡᠰ ᠤᠨ ᠭᠡᠮᠲᠦᠯ ᠳᠤ ᠰᠠᠭᠤᠷᠢᠯᠠᠨ᠂ ᠪᠣᠲᠤᠭᠲᠠᠮᠠᠬᠠᠢ ᠪᠡᠶᠡᠲᠤ ᠶᠢᠨ ᠭᠠᠵᠢᠯᠲᠠ ᠪᠠᠷ ᠳᠠᠮᠵᠢᠨ ᠡᠰ ᠢ ᠣᠨᠳᠣᠣᠰᠢᠭᠤᠯᠬᠤ ᠪᠣᠶᠤ ᠦᠬᠦᠭᠦᠯᠳᠡᠭ᠃ ᠰᠠᠴᠤᠷᠠᠯ ᠨᠢ ᠡᠷᠡᠭᠦᠯ ᠡᠰ ᠢ ᠭᠡᠮᠲᠦᠭᠡᠨ ᠦᠮᠡᠨ ᠤ ᠡᠰ ᠪᠣᠯᠭᠠᠬᠤ ᠪᠠ ᠨᠢᠭᠤᠭᠳᠠᠵᠦ ᠪᠠᠶᠢᠭᠰᠠᠨ ᠦᠮᠡᠨ ᠤ ᠡᠰ ᠢ ᠡᠲᠦᠨ ᠬᠦᠳᠡᠯᠭᠡᠵᠦ ᠲᠡᠷᠡᠴᠢᠯᠡᠨ ᠦᠮᠡᠨ ᠤ ᠡᠰ ᠤᠨ ᠦᠷᠡᠵᠢᠯ ᠢ ᠲᠦᠷᠭᠡᠳᠭᠡᠬᠦ ᠵᠢᠴᠢ ᠪᠠᠰᠨ ᠡᠷᠡᠭᠦᠯ ᠡᠰ ᠢ ᠭᠡᠮᠲᠦᠭᠡᠨ ᠦᠮᠡᠨ ᠤ ᠡᠰ ᠢ ᠦᠬᠦᠭᠦᠯᠬᠦ ᠵᠡᠷᠭᠡ ᠣᠯᠠᠨ ᠵᠦᠢᠯ ᠤᠨ ᠦᠢᠯᠡᠳᠦᠯ ᠭᠠᠷᠭᠠᠳᠠᠭ᠃      ︵1︶ ᠡᠰ ᠤᠨ ᠭᠡᠮᠲᠦᠯ       ᠪᠣᠲᠤᠭᠲᠠᠮᠠᠬᠠᠢ ᠪᠡᠶᠡᠲᠤ ᠶᠢᠨ ᠡᠷᠡᠮᠳᠡᠭ ᠪᠣᠯᠬᠤ ᠨᠢ ᠡᠰ ᠤᠨ ᠳᠦᠷᠰᠤ ᠪᠠᠶᠢᠳᠠᠯ ᠢ ᠬᠤᠪᠢᠷᠠᠭᠤᠯᠬᠤ ᠪᠠ ᠤᠳᠤᠮᠰᠢᠯ ᠤᠨ ᠰᠢᠨᠵᠢ ᠴᠢᠨᠠᠷ ᠢ ᠨᠢ ᠶᠡᠷᠤ ᠪᠤᠰᠤ ᠪᠣᠯᠭᠠᠨ᠂ ᠡᠰ ᠤᠨ ᠦᠶᠡᠯᠡᠯ ᠤᠨ ᠬᠤᠭᠤᠴᠠᠭᠠᠨ ᠤ ᠡᠯ᠎ᠡ ᠱᠠᠲᠤ ᠦᠶ᠎ᠡ ᠶᠢ ᠤᠳᠠᠭᠠᠰᠢᠷᠠᠭᠤᠯᠤᠨ᠂ ᠡᠰ ᠤᠨ ᠪᠣᠶᠢᠵᠢᠯᠲᠠ ᠪᠠ ᠦᠷᠡᠵᠢᠯ ᠢ ᠬᠠᠷᠰᠢᠯᠠᠬᠤ ᠪᠣᠶᠤ ᠬᠤᠶᠢᠰᠢᠯᠠᠭᠤᠯᠵᠦ ᠴᠢᠨᠠᠭᠰᠢᠯᠠᠪᠠᠯ ᠵᠣᠭᠰᠤᠭᠠᠳᠠᠭ᠃ ᠪᠠᠰᠨ ᠡᠰ ᠤᠨ ᠡᠷᠬᠡᠲᠡᠨ ᠤ ᠵᠣᠬᠢᠴᠠᠭᠤᠯᠤᠨ ᠲᠡᠩᠨᠡᠭᠦᠯᠬᠦ ᠬᠡᠪ ᠤᠨ ᠦᠢᠯᠨ ᠠᠵᠢᠯᠯᠠᠭ᠎ᠠ ᠪᠣᠯᠣᠨ ᠪᠣᠳᠠᠰ ᠤᠨ ᠰᠣᠯᠢᠯᠴᠠᠭ᠎ᠠ ᠬᠢᠬᠦ ᠦᠢᠯᠡᠳᠦᠯ ᠢ ᠨᠢ ᠬᠠᠷᠰᠢᠯᠠᠳᠠᠭ᠃ ᠡᠭᠦᠨ ᠤ ᠦᠷ᠎ᠡ ᠳ᠋ᠦᠡᠭ ᠨᠢ ᠳᠠᠷᠤᠢ ᠨᠢᠭᠡ ᠪᠣᠯ ᠡᠰ ᠢ ᠡᠷᠲᠡ ᠦᠬᠦᠭᠦᠯᠵᠦ ᠡᠰᠡᠪᠡᠯ ᠨᠢᠭᠡᠨ ᠮᠦᠡᠭᠬᠡ ᠣᠨᠳᠣᠣᠰᠢᠭᠰᠠᠨ ᠡᠰ ᠢ ᠪᠣᠢ  ᠪᠣᠯᠭᠠᠨ ᠦᠷᠡᠵᠢᠭᠦᠯᠦᠨ᠎ᠡ᠃      ︵2︶  ᠡᠰ ᠤᠨ ᠰᠡᠯᠪᠢᠯᠲᠡ      ᠡᠰ ᠤᠨ ᠭᠡᠮᠲᠦᠯ ᠤᠨ ᠦᠷ᠎ᠡ ᠳ᠋ᠦᠡᠭ ᠨᠢ ᠣᠷᠭᠠᠨᠢᠭ ᠴᠣᠭᠴᠠ ᠶᠢᠨ ᠰᠡᠯᠪᠢᠨ ᠰᠡᠷᠭᠦᠭᠡᠬᠦ ᠴᠢᠳᠠᠪᠣᠷᠢ ᠠᠴᠠ ᠲᠣᠭᠲᠠᠭᠠᠭᠳᠠᠭ᠃ ᠬᠦᠮᠦᠨ ᠤ ᠪᠡᠶ᠎ᠡ ᠶᠢᠨ ᠡᠰ ᠲᠤ DNA ᠶᠢᠨ ᠭᠡᠮᠲᠦᠯ ᠢ ᠢᠯᠭᠠᠨ ᠲᠠᠨᠢᠬᠤ ᠪᠠ ᠰᠡᠯᠪᠢᠨ ᠰᠡᠷᠭᠦᠭᠡᠬᠦ ᠢᠰᠭᠡᠭᠦᠷ ᠤᠨ ᠰᠢᠰᠲ᠋ᠧᠮ ᠪᠠᠶᠢᠳᠠᠭ᠃ ᠲᠡᠷᠨ ᠨᠢ ᠶᠡᠷᠦᠳᠡᠭᠡᠨ ᠨᠢᠭᠡ ᠪᠦᠯᠦᠭ ᠤᠭᠤᠷᠠᠭ ᠪᠣᠶᠤ ᠨᠡᠶᠢᠯᠡᠮᠡᠯ ᠤᠭᠤᠷᠠᠭ ᠤᠳ ᠪᠠᠶᠢᠵᠦ᠂ ᠲᠡᠷᠡᠴᠢᠯᠡᠨ ᠬᠡᠵᠢᠶᠡᠳᠡ ᠬᠡᠳᠦᠨ ᠠᠷᠪᠠᠨ ᠮᠢᠨᠦ᠋ᠲ ᠤᠨ ᠳᠣᠲᠤᠷ᠎ᠠ ᠭᠡᠮᠲᠦᠭᠰᠡᠨ ᠬᠡᠰᠡᠭ ᠢ ᠨᠢ ᠰᠡᠯᠪᠢᠵᠦ ᠪᠡᠷᠭᠠᠳᠠᠭ᠃ ᠬᠡᠷᠪᠡ DNA ᠶᠢᠨ ᠳᠠᠩ ᠠᠷᠠᠯ ᠨᠢ ᠬᠤᠭᠤᠷᠠᠭᠰᠠᠨ ᠪᠣᠯ᠂ ᠵᠦᠪᠬᠡᠨ ᠳᠦᠭᠦᠮᠬᠡᠨ ᠢᠶᠠᠷ ᠰᠡᠯᠪᠢᠨ ᠵᠠᠰᠠᠪᠠᠯ ᠳᠠᠷᠤᠢ ᠬᠤᠭᠤᠷᠬᠠᠢ ᠬᠡᠰᠡᠭ ᠢᠶᠠᠨ ᠤᠭ ᠤᠨ ᠬᠢᠮᠢ ᠶᠢᠨ ᠪᠦᠲᠦᠴᠡ ᠪᠠ ᠲᠦᠷᠰᠤ ᠪᠠᠶᠢᠳᠠᠯ ᠲᠠᠢ ᠨᠢ ᠠᠪ ᠠᠳᠠᠯᠢᠬᠠᠨ ᠢᠶᠠᠷ ᠮᠠᠰᠢ ᠨᠠᠷᠢᠯᠢᠭ ᠣᠨᠣᠪᠴᠢᠲᠠᠢ ᠪᠠᠷ ᠰᠡᠷᠭᠦᠭᠡᠳᠡᠭ᠃ ᠬᠡᠷᠪᠡ ᠳᠠᠩ ᠠᠷᠠᠯ ᠳᠡᠭᠡᠷᠡᠬᠢ ᠱᠦᠯᠲᠤ ᠶᠢᠨ ᠪᠦᠯᠦᠭ ᠨᠢ ᠭᠡᠮᠲᠦᠭᠰᠡᠨ ᠪᠣᠯ ᠬᠠᠷᠢᠨ ᠢᠰᠤᠯ ᠤᠨ ᠤᠷᠪᠠᠯ ᠢᠶᠠᠷ ᠣᠭᠲᠤᠯᠣᠨ ᠬᠠᠶᠠᠭᠠᠳ ᠰᠡᠯᠪᠢᠨ ᠰᠡᠷᠭᠦᠭᠡᠳᠡᠭ᠃ ᠡᠨᠡ ᠦᠶ᠎ᠡ ᠳᠤ ᠲᠤᠰ ᠮᠣᠯᠧᠺᠦ᠋ᠯ ᠤᠨ ᠭᠡᠮᠲᠦᠭᠰᠡᠨ ᠦᠭᠡᠢ ᠠᠷᠠᠯ ᠨᠢ ᠲᠡᠭᠦᠨ ᠳᠤ ᠨᠢᠭᠡᠨ ᠬᠡᠪ ᠬᠠᠪᠲᠠᠰᠤ ᠬᠠᠨᠭ᠍ᠭᠠᠬᠤ ᠪᠦᠭᠡᠳ ᠲᠡᠭᠦᠨ ᠳᠡᠭᠡᠷ᠎ᠡ ᠨᠢ ᠱᠦᠯᠲᠤ ᠶᠢᠨ ᠪᠦᠯᠦᠭ ᠢᠶᠠᠨ ᠵᠦᠪ ᠣᠨᠣᠪᠴᠢᠲᠠᠢ ᠳᠡᠰ ᠳᠠᠷᠠᠭᠠᠯᠠᠯ ᠢᠶᠠᠷ ᠨᠢ ᠳᠠᠬᠢᠨ ᠪᠦᠲᠦᠭᠡᠳᠡᠭ᠃ ᠡᠶᠢᠮᠦᠷᠬᠦ ᠪᠤᠷᠤᠭᠤ ᠵᠦᠷᠢᠶ᠎ᠡ ᠦᠭᠡᠢ ᠪᠦᠷᠢᠨ ᠭᠦᠢᠴᠡᠳ ᠰᠡᠯᠪᠢᠨ ᠰᠡᠷᠭᠦᠭᠡᠬᠦ ᠨᠢ ᠭᠡᠮᠲᠦᠭᠰᠡᠨ ᠡᠰ ᠢ ᠤᠷᠲᠤ ᠬᠤᠭᠤᠴᠠᠭ᠎ᠠ ᠪᠠᠷ ᠨᠦᠯᠦᠭᠡᠯᠡᠳᠡᠭ ᠦᠭᠡᠢ᠃ ᠬᠤᠣᠰ ᠠᠷᠠᠯ ᠨᠢ  ᠬᠤᠭᠤᠷᠠᠭᠰᠠᠨ ᠢ ᠴᠤ ᠭᠡᠳ ᠮᠦᠨ ᠠᠳᠠᠯᠢᠬᠠᠨ ᠢᠶᠠᠷ ᠳᠦᠭᠦᠮ ᠰᠢᠭ ᠰᠡᠯᠪᠢᠨ ᠵᠠᠰᠠᠪᠠᠯ ᠡᠳᠡᠭᠡᠨ ᠰᠡᠷᠭᠦᠭᠡᠳᠡᠭ᠃ ᠭᠡᠪᠡᠴᠤ ᠬᠤᠣᠰ ᠠᠷᠠᠯ ᠳᠡᠭᠡᠷᠡᠬᠢ ᠱᠦᠯᠲᠤ ᠶᠢᠨ ᠪᠦᠯᠦᠭ ᠨᠢ ᠴᠤᠭᠭᠠᠷ ᠭᠡᠮᠲᠦᠭᠰᠡᠨ ᠪᠣᠯ᠂ ᠭᠤᠣᠯᠳᠠᠭᠤ ᠳᠠᠬᠢᠨ ᠪᠠᠶᠢᠭᠤᠯᠤᠨ ᠰᠡᠷᠭᠦᠭᠡᠳᠡᠭ᠃ ᠡᠨᠡ ᠦᠶᠡᠰ ᠲᠤ ᠠᠯᠢ ᠨᠢᠭᠡᠨ ᠠᠷᠠᠯ ᠳᠡᠭᠡᠷ᠎ᠡ ᠨᠢ ᠴᠤ ᠱᠦᠯᠲᠤ ᠶᠢᠨ ᠪᠦᠯᠦᠭ ᠤᠨ ᠳᠡᠰ ᠳᠠᠷᠠᠭᠠᠯᠠᠯ ᠢ ᠳᠠᠬᠢᠨ ᠪᠠᠶᠢᠭᠤᠯᠬᠤ ᠳᠤ ᠬᠡᠷᠡᠭᠰᠡᠬᠦ ᠬᠡᠪ ᠬᠠᠪᠲᠠᠰᠤ ᠨᠢᠭᠡᠨᠲᠡ ᠦᠭᠡᠢ ᠪᠣᠯᠤᠭᠰᠠᠨ ᠲᠤᠯᠠᠲᠠ᠂ ᠨᠢᠭᠡᠨ ᠵᠦᠢᠯ ᠤᠨ ᠳᠠᠬᠢᠨ ᠪᠠᠶᠢᠭᠤᠯᠬᠤ ᠢᠰᠭᠡᠭᠦᠷ ᠨᠢ ᠣᠨᠳᠣᠣ ᠨᠢᠭᠡᠨ ᠬᠡᠰᠡᠭ ᠭᠡᠮᠲᠦᠭᠰᠡᠨ ᠦᠭᠡᠢ DNA ᠶᠢᠨ ᠬᠤᠤᠰ ᠠᠷᠠᠯ ᠢ ᠭᠡᠮᠲᠦᠭᠰᠡᠨ ᠭᠠᠵᠠᠷ ᠤᠨ ᠬᠠᠪᠢ ᠳᠤ ᠰᠢᠯᠵᠢᠭᠦᠯᠦᠨ ᠠᠪᠴᠢᠷᠠᠭᠠᠳ᠂ ᠵᠦᠪ ᠣᠨᠣᠪᠴᠢᠲᠠᠢ ᠬᠡᠪ ᠬᠠᠪᠲᠠᠰᠤ ᠪᠣᠯᠭᠠᠵᠦ ᠳᠠᠬᠢᠨ ᠪᠠᠶᠢᠭᠤᠯᠳᠠᠭ ᠪᠠᠶᠢᠨ᠎ᠠ᠃ ᠵᠠᠷᠢᠮ ᠪᠠᠶᠢᠳᠠᠯ  ᠳᠤ ᠳᠠᠬᠢᠨ ᠪᠠᠶᠢᠭᠤᠯᠬᠤ ᠳᠤ ᠣᠷᠤᠯᠴᠠᠵᠦ ᠪᠠᠶᠢᠭ᠎ᠠ ᠬᠤᠶᠡᠷ ᠬᠡᠰᠡᠭ ᠬᠤᠤᠰ ᠠᠷᠠᠯ ᠤᠨ DNA ᠨᠢ ᠨᠡᠯᠢᠶᠡᠳ ᠤᠷᠲᠤ ᠬᠡᠪᠴᠢᠶᠡᠨ ᠳᠤ ᠳᠡᠰ ᠳᠠᠷᠠᠭᠠᠯᠠᠯ ᠨᠢ ᠠᠳᠠᠯᠢ ᠪᠠᠶᠢᠳᠠᠭ ᠪᠣᠯᠬᠤᠷ᠂ ᠳᠠᠬᠢᠨ ᠪᠠᠶᠢᠭᠤᠯᠤᠭᠰᠠᠨ ᠰᠢᠨ᠎ᠡ ᠬᠡᠰᠡᠭ ᠨᠢ ᠳᠠᠷᠤᠢ ᠵᠦᠪ ᠣᠨᠣᠪᠴᠢᠲᠠᠢ ᠳᠡᠰ ᠳᠠᠷᠠᠭᠠᠯᠠᠯ ᠲᠠᠢ ᠪᠣᠯᠳᠠᠭ᠃      ᠳᠡᠭᠡᠷᠡᠬᠢ ᠡᠯ᠎ᠡ ᠵᠦᠢᠯ ᠤᠨ ᠰᠡᠯᠪᠢᠨ ᠰᠡᠷᠭᠦᠭᠡᠬᠦ ᠠᠷᠭ᠎ᠠ ᠵᠠᠮ ᠠᠴᠠ ᠭᠠᠳᠠᠨ᠎ᠠ᠂ ᠡᠰ ᠨᠢ ᠪᠠᠰᠨ DNA ᠶᠢ ᠳᠠᠭᠤᠷᠢᠶᠠᠨ ᠪᠦᠲᠦᠭᠡᠬᠦ ᠪᠣᠶᠤ ᠭᠡᠮᠲᠦᠯ ᠢ ᠰᠡᠯᠪᠢᠨ ᠵᠠᠰᠠᠬᠤ ᠳᠤ ᠪᠤᠷᠤᠭᠤ ᠲᠠᠭᠠᠷᠠᠭᠤᠯᠤᠭᠰᠠᠨ ᠱᠦᠯᠲᠤ ᠶᠢᠨ ᠪᠦᠯᠦᠭ ᠢ ᠴᠤ ᠳᠠᠬᠢᠨ ᠲᠣᠬᠢᠷᠠᠭᠤᠯᠬᠤ ᠴᠢᠳᠠᠪᠤᠷᠢ ᠲᠠᠢ ᠪᠠᠶᠢᠳᠠᠭ᠃ ᠡᠰ ᠤᠨ ᠲᠣᠲᠤᠷ᠎ᠠ ᠪᠤᠷᠤᠭᠤ ᠲᠠᠭᠠᠷᠠᠭᠤᠯᠤᠭᠰᠠᠨ ᠢ ᠳᠠᠬᠢᠨ ᠵᠠᠰᠠᠬᠤ ᠣᠯᠠᠨ ᠵᠦᠢᠯ ᠤᠨ ᠢᠰᠭᠡᠭᠦᠷ ᠪᠠ ᠣᠭᠤᠷᠠᠭ ᠤᠳ ᠪᠠᠶᠢᠵᠦ᠂ ᠲᠡᠳᠡᠭᠡᠷ ᠨᠢ ᠪᠤᠷᠤᠭᠤ ᠲᠠᠭᠠᠷᠠᠭᠤᠯᠤᠭᠰᠠᠨ ᠱᠦᠯᠲᠤ ᠶᠢᠨ ᠪᠦᠯᠦᠭ ᠢ ᠢᠯᠭᠠᠨ ᠲᠠᠨᠢᠵᠦ ᠲᠡᠷᠡᠴᠢᠯᠡᠨ ᠠᠯᠢ ᠠᠷᠠᠯ ᠳᠠᠬᠢ ᠨᠢ ᠪᠤᠷᠤᠭᠤ ᠭᠡᠳᠡᠭ ᠢ ᠴᠤ ᠢᠯᠭᠠᠨ ᠣᠯᠤᠭᠠᠳ᠂ ᠪᠤᠷᠤᠭᠤ ᠱᠦᠯᠲᠤ ᠶᠢᠨ ᠪᠦᠯᠦᠭ ᠤᠨ ᠣᠷᠣᠰᠢᠵᠦ ᠪᠠᠶᠢᠬᠤ ᠪᠦᠭᠡᠮ ᠰᠢᠬᠢᠷ ᠤᠨ ᠬᠦᠴᠢᠯ ᠤᠨ ᠬᠡᠯᠬᠢᠶᠡᠨ ᠤ ᠲᠡᠷᠡᠬᠦ  ᠬᠡᠰᠡᠭ ᠢ ᠨᠢ ᠬᠠᠶᠢᠴᠢᠯᠠᠵᠦ ᠬᠠᠶᠠᠭᠠᠳ ᠰᠡᠯᠪᠢᠨ ᠰᠡᠷᠭᠦᠭᠡᠵᠦ ᠨᠡᠶᠢᠯᠡᠭᠦᠯᠳᠡᠭ᠃ ᠡᠨᠡᠬᠦ ᠵᠦᠢᠯ ᠤᠨ ᠰᠡᠯᠪᠢᠨ ᠰᠡᠷᠭᠦᠭᠡᠬᠦ‍ ᠵᠢᠭ ᠨᠢ ᠤᠳᠤᠮᠰᠢᠯ ᠤᠨ ᠲᠠᠨᠤᠭ ᠤᠨ ᠲᠣᠭᠲᠠᠪᠤᠷᠢᠲᠤ ᠴᠢᠨᠠᠷ ᠢ ᠬᠡᠪ ᠢᠶᠠᠷ ᠨᠢ ᠪᠠᠶᠢᠯᠭᠠᠬᠤ ᠳᠤ ᠮᠠᠰᠢ ᠴᠢᠬᠤᠯᠨ ᠪᠢᠯᠨ᠃      ︵3︶  ᠡᠰ ᠤᠨ ᠣᠨᠳᠣᠣᠰᠢᠯ     ᠭᠧᠨ ᠤ  ᠴᠣᠴᠢᠮᠠᠭ ᠬᠤᠪᠢᠷᠠᠯᠲᠠ ᠪᠣᠯᠣᠨ ᠪᠣᠲᠤᠭᠲᠠᠮᠠᠬᠠᠢ ᠪᠡᠶᠡᠲᠤ ᠶᠢᠨ ᠡᠷᠡᠮᠳᠡᠭ ᠬᠤᠪᠢᠷᠠᠯᠲᠠ ᠨᠢ ᠡᠰ ᠤᠨ ᠪᠦᠲᠦᠴᠡ ᠪᠠ ᠴᠢᠳᠠᠪᠤᠷᠢ ᠶᠢ ᠬᠤᠪᠢᠷᠠᠭᠤᠯᠤᠭᠠᠳ ᠂ ᠲᠡᠷᠡᠴᠢᠯᠡᠨ ᠨᠢᠭᠡᠨ ᠬᠡᠳᠦᠶᠢᠪᠡᠷ ᠠᠮᠢᠳᠤ ᠪᠣᠯᠪᠠᠴᠤ ᠤᠳᠤᠮᠰᠢᠯ ᠤᠨ ᠬᠡᠪ ᠴᠢᠨᠠᠷ ᠢᠶᠠᠨ ᠨᠢᠭᠡᠨᠲᠡ ᠦᠨᠢᠳᠡ ᠠᠯᠳᠠᠭᠰᠠᠨ ᠡᠰ ᠪᠣᠯᠭᠠᠳᠠᠭ ᠢ ᠡᠰ ᠤᠨ ᠣᠨᠳᠣᠣᠰᠢᠯ ᠭᠡᠨ᠎ᠡ ᠃ ᠣᠨᠳᠣᠣᠰᠢᠭᠰᠠᠨ ᠡᠰ ᠪᠣᠯ ᠳᠠᠷᠤᠢ ᠦᠮᠡᠨ ᠤ ᠡᠰ ᠪᠦᠭᠡᠳ ᠲᠡᠷᠨ ᠨᠢ ᠬᠢᠵᠠᠭᠠᠷ ᠦᠭᠡᠢ ᠦᠷᠡᠵᠢᠬᠦ ᠨᠢᠭᠤᠴᠠᠭᠠᠢ ᠴᠢᠳᠠᠪᠤᠷᠢ ᠲᠠᠢ ᠮᠦᠷᠲᠡᠭᠡᠨ ᠪᠤᠷᠤᠭᠤ ᠤᠳᠤᠮᠰᠢᠯ ᠤᠨ ᠲᠠᠨᠤᠭ ᠢᠶᠠᠨ ᠬᠤᠶᠢᠴᠢ ᠦᠶ᠎ᠡ ᠳᠡᠭᠡᠨ ᠦᠷᠬᠦᠯᠵᠢᠯᠡᠨ ᠤᠯᠠᠮᠵᠢᠯᠠᠵᠦ ᠴᠢᠳᠠᠳᠠᠭ᠃ ᠲᠡᠷᠡᠴᠢᠯᠡᠨ ᠲᠡᠭᠦᠨ ᠤ ᠲᠦᠰᠦᠷ ᠡᠷᠡᠭᠦᠯ ᠡᠰ ᠪᠠ ᠨᠡᠬᠡᠳᠡᠰᠤ  ᠨᠤᠭᠤᠳ ᠢ ᠬᠠᠯᠳᠠᠨ ᠳᠠᠭᠠᠷᠢᠭᠠᠳ᠂ ᠲᠡᠳᠡᠨ ᠤ ᠪᠦᠲᠦᠴᠡ ᠶᠢ ᠦᠭᠡᠷᠡᠲᠦᠭᠦᠯᠬᠦ ᠪᠠ ᠣᠨᠳᠣᠣᠰᠢᠭᠤᠯᠵᠦ᠂ ᠦᠮᠡᠨ ᠪᠣᠯᠣᠨ ᠬᠦᠭᠵᠢᠬᠦ ᠨᠡᠩ ᠣᠯᠠᠨ ᠡᠰ ᠢ ᠪᠣᠢ ᠪᠣᠯᠭᠠᠳᠠᠭ᠃ ᠡᠨᠡᠬᠦ ᠶᠠᠪᠤᠴᠠ ᠨᠢ ᠬᠡᠳᠦᠨ ᠠᠷᠪᠠᠨ ᠮᠢᠨᠦ᠋ᠲ ᠠᠴᠠ ᠬᠡᠳᠦᠨ ᠠᠷᠪᠠᠨ ᠵᠢᠯ ᠦᠷᠬᠦᠯᠵᠢᠯᠡᠵᠦ᠂ ᠬᠡᠷᠪᠡ ᠮᠠᠬᠠᠪᠤᠳ ᠤᠨ ᠡᠰ ᠪᠣᠯ ᠬᠤᠣᠷᠠᠲᠤ ᠬᠠᠪᠤᠳᠠᠷ ᠪᠣᠯᠣᠨ ᠤᠯᠠᠷᠢᠵᠦ ᠮᠡᠳᠡᠬᠦ ᠪᠦᠭᠡᠳ ᠪᠡᠯᠭᠡ ᠶᠢᠨ ᠡᠰ ᠪᠣᠯ ᠬᠠᠷᠢᠨ ᠬᠤᠶᠢᠴᠢ ᠦᠶ᠎ᠡ   ᠶᠢᠨ ᠤᠳᠤᠮᠰᠢᠯ ᠤᠨ ᠡᠪᠡᠳᠴᠢᠨ ᠡᠮᠬᠡᠭ ᠵᠡᠷᠭᠡ ᠬᠦᠨᠳᠤ ᠨᠣᠴᠢᠲᠠᠢ ᠦᠷ᠎ᠡ ᠳ᠋ᠦᠡᠭ ᠭᠠᠷᠳᠠᠭ᠃ ᠭᠡᠪᠡᠴᠤ ᠬᠦᠮᠦᠨ ᠤ ᠪᠡᠶ᠎ᠡ ᠳᠤ ᠦᠯᠦ ᠬᠠᠯᠳᠠᠭᠠᠬᠤ ᠪᠠ ᠰᠡᠷᠭᠡᠶᠢᠯᠡᠨ ᠬᠤᠷᠢᠭᠯᠠᠬᠤ ᠵᠢᠭ ᠭᠦᠢᠴᠡᠳ ᠪᠠᠶᠢᠪᠠᠯ᠂ ᠣᠯᠠᠩᠬᠢ ᠡᠰ ᠨᠢ ᠭᠠᠭᠴᠠᠭᠠᠷ ᠢᠶᠠᠨ ᠦᠮᠡᠨ ᠪᠣᠯᠣᠨ ᠬᠤᠪᠢᠷᠠᠬᠤ ᠪᠣᠶᠤ ᠡᠰᠡᠭᠦᠯ᠎ᠡ ᠲᠡᠷᠨ ᠳᠣᠣᠷ᠎ᠠ ᠪᠠᠨ ᠬᠤᠣᠷᠠᠲᠤ ᠡᠰ ᠪᠣᠯᠣᠨ ᠤᠯᠠᠷᠢᠬᠤ ᠪᠢᠰᠢ ᠶᠣᠮ᠃ ᠠᠩᠬ᠎ᠠ ᠡᠭᠦᠰᠦᠭᠰᠡᠨ ᠦᠮᠡᠨ ᠤ ᠡᠰ ᠠᠴᠠ ᠡᠮᠨᠡᠯᠭᠡ ᠳᠤ ᠪᠠᠶᠢᠴᠠᠭᠠᠨ ᠦᠵᠡᠵᠦ ᠭᠠᠷᠬᠤ ᠦᠮᠡᠨ ᠤ ᠭᠦᠬᠡᠢ ᠪᠣᠯᠲᠠᠯ᠎ᠠ ᠣᠯᠠᠨ ᠵᠢᠯ ᠤᠨ ᠨᠢᠭᠤᠭᠳᠠᠮᠠᠯ ᠬᠤᠭᠤᠴᠠᠭ᠎ᠠ ᠶᠢ ᠦᠡᠭᠭᠡᠷᠡᠭᠦᠯᠬᠦ ᠪᠦᠭᠡᠳ ᠡᠨᠡ ᠦᠶ᠎ᠡ ᠳᠤ ᠲᠡᠷᠨ ᠨᠢ ᠨᠢᠭᠡᠨᠲᠡ ᠬᠡᠳᠦᠨ ᠠᠷᠪᠠᠨ ᠳ᠋ᠦᠡᠭᠰᠢᠭᠤᠷ ᠦᠮᠡᠨ ᠤ ᠡᠰ ᠪᠣᠯᠴᠢᠬᠠᠭᠠᠳ᠂ ᠳᠠᠬᠢᠨ ᠪᠠᠰᠨ ᠣᠯᠠᠨ ᠵᠢᠯ ᠤᠨ ᠬᠤᠭᠤᠴᠠᠭᠠᠨ ᠳᠤ ᠪᠣᠰᠤᠳ ᠡᠷᠬᠡᠲᠡᠨ ᠨᠡᠬᠡᠳᠡᠰᠤ ᠴᠢᠨᠠᠭᠰᠢᠯᠠᠪᠠᠯ ᠪᠦᠬᠦ ᠪᠡᠶ᠎ᠡ ᠳᠤ ᠲᠠᠷᠬᠠᠳᠠᠭ᠃      ︵4︶  ᠡᠰ ᠤᠨ ᠦᠬᠦᠯᠲᠡ      ᠬᠡᠷᠪᠡ DNA ᠶᠢᠨ ᠮᠣᠯᠧᠺᠦ᠋ᠯ ᠨᠢ ᠰᠡᠯᠪᠢᠨ ᠰᠡᠷᠭᠦᠭᠡᠬᠦ ᠶᠢᠨ ᠠᠷᠭ᠎ᠠ ᠦᠭᠡᠢ ᠪᠣᠯᠲᠠᠯ᠎ᠠ ᠰᠠᠴᠤᠷᠠᠯ ᠳᠤ ᠭᠡᠮᠲᠦᠪᠡᠯ᠂ ᠬᠠᠮᠤᠭ ᠡᠴᠦᠰ ᠲᠡᠭᠡᠨ ᠡᠰ ᠢ ᠦᠬᠦᠭᠦᠯᠬᠦ ᠳᠤ ᠬᠦᠷᠭᠡᠳᠡᠭ᠃ ᠨᠡᠯᠢᠶᠡᠳ ᠶᠡᠭᠡ ᠬᠤᠮᠵᠢᠮ ᠤᠨ ᠰᠠᠴᠤᠷᠠᠭ ᠲᠤ ᠲᠤᠰᠬᠠᠭᠳᠠᠭᠰᠠᠨ ᠡᠰ ᠨᠢ ᠪᠠᠷᠢᠨ ᠳᠣᠣᠷ᠎ᠠ ᠪᠠᠨ ᠦᠬᠦᠬᠦ ᠠᠴᠠ ᠭᠠᠳᠠᠨ᠎ᠠ᠂ ᠪᠠᠭ᠎ᠠ ᠬᠤᠮᠵᠢᠮ ᠢᠶᠠᠷ ᠲᠤᠰᠬᠠᠭᠳᠠᠭᠰᠠᠨ ᠵᠣᠩᠬᠢᠯᠠᠬᠤ ᠡᠰ ᠨᠢ ᠵᠣᠬᠢᠬᠤ ᠴᠠᠭ ᠬᠤᠭᠤᠴᠠᠭ᠎ᠠ ᠶᠢ ᠦᠡᠭᠭᠡᠷᠡᠭᠡᠮᠠᠨᠵᠢᠨ ᠰᠠᠶ᠋ᠢ ᠦᠬᠦᠳᠡᠭ᠃ ᠦᠷᠡᠵᠢᠯ ᠤᠨ ᠬᠤᠭᠤᠴᠠᠭᠠᠨ ᠳᠠᠬᠢ ᠡᠰ ᠨᠢ ᠦᠬᠦᠬᠦ ᠠᠴᠠ ᠪᠠᠨ ᠡᠮᠦᠨ᠎ᠡ ᠨᠢᠭᠡ ᠪᠣᠶᠤ ᠬᠡᠳᠤ ᠤᠳᠠᠭ᠎ᠠ ᠬᠤᠪᠢᠶᠠᠭᠳᠠᠬᠤ ᠪᠠᠷ ᠣᠷᠤᠯᠳᠤᠪᠠᠴᠤ᠂  ᠪᠣᠲᠤᠭᠲᠠᠮᠠᠬᠠᠢ ᠪᠡᠶᠡᠲᠤ ᠶᠢᠨ ᠬᠦᠨᠳᠤ ᠨᠣᠴᠢᠲᠠᠢ ᠭᠡᠮᠲᠦᠯ ᠵᠡᠷᠭᠡ ᠰᠢᠯᠲᠠᠭᠠᠨ ᠠᠴᠠ ᠪᠣᠯᠵᠦ᠂ ᠳᠠᠬᠢᠨ ᠦᠷᠡᠵᠢᠬᠦ ᠭᠡᠰᠡᠨ ᠡᠨᠡᠬᠦ ᠣᠷᠤᠯᠳᠤᠯᠭ᠎ᠠ ᠨᠢ ᠢᠯᠠᠭᠳᠠᠭᠠᠳ ᠡᠰ ᠨᠢ ᠳᠠᠷᠤᠢ ᠦᠷᠡᠵᠢᠯᠲᠡ ᠳᠤ ᠦᠬᠦᠳᠡᠭ᠃ ᠲᠦᠷᠭᠡᠨ ᠴᠢᠨᠠᠷᠲᠤ ᠦᠢᠰᠭᠡᠯ ᠤᠨ ᠣᠯᠠᠩᠬᠢ ᠨᠢ ᠪᠦᠷ ᠡᠰ ᠤᠨ ᠦᠷᠡᠵᠢᠯᠲᠡ ᠶᠢᠨ ᠦᠬᠦᠯ ᠠᠴᠠ ᠡᠭᠦᠰᠳᠡᠭ᠃ ᠦᠳᠲᠡᠷ ᠲᠦᠷᠭᠡᠨ ᠦᠷᠡᠵᠢᠳᠡᠭ ᠡᠰ ᠤᠳ ᠪᠣᠯ ᠰᠠᠴᠤᠷᠠᠭ ᠲᠤ ᠲᠤᠰᠬᠠᠭᠳᠠᠭᠰᠠᠨ ᠤ ᠳᠠᠷᠠᠭᠠᠬᠢ ᠬᠡᠳᠦᠨ ᠴᠠᠭ ᠠᠴᠠ ᠬᠡᠳᠤ ᠬᠤᠨᠤᠭ ᠤᠨ ᠳᠣᠲᠤᠷ᠎ᠠ ᠳᠠᠷᠦᠢ  ᠦᠬᠦᠴᠢᠳᠡᠭ᠃ ᠬᠠᠷᠢᠨ ᠠᠯᠭᠤᠷ ᠠᠭᠠᠵᠢᠮ ᠢᠶᠠᠷ  ᠦᠷᠡᠵᠢᠳᠡᠭ ᠡᠰ ᠤᠳ ᠪᠣᠯ ᠬᠡᠳᠦᠨ ᠰᠠᠷ᠎ᠠ ᠴᠢᠨᠠᠭᠰᠢᠯᠠᠪᠠᠯ ᠬᠡᠳᠦᠨ ᠵᠢᠯ ᠤᠨ ᠳᠣᠲᠦᠷ᠎ᠠ ᠴᠤ ᠭᠡᠳ ᠦᠬᠦᠬᠦ ᠦᠭᠡᠢ ᠪᠠᠶᠢᠳᠠᠭ᠃ ᠬᠡᠯᠡᠯᠭᠡᠨ ᠦᠭᠡᠢ ᠰᠠᠴᠤᠷᠠᠭ ᠤᠨ ᠡᠰ ᠢ ᠠᠯᠠᠬᠤ ᠨᠢ ᠪᠠᠰᠨ ᠴᠤ ᠨᠢᠭᠡᠨ ᠮᠠᠭᠠᠳ ᠦᠭᠡᠢ ᠶᠠᠪᠤᠴᠠ ᠪᠤᠰᠤ ᠪᠣᠯᠬᠤᠷ᠂ ᠵᠣᠩᠬᠢᠯᠠᠬᠤ ᠪᠠᠶᠢᠳᠠᠯ ᠳᠤ ᠨᠢᠭᠡ ᠪᠤᠶᠤ ᠡᠰᠡᠭᠦᠯ᠎ᠡ ᠴᠦᠬᠡᠨ ᠲᠣᠭᠠᠨ ᠤ ᠡᠰ ᠦᠬᠦᠬᠦ ᠨᠢ ᠬᠦᠮᠦᠨ ᠤ ᠪᠡᠶ᠎ᠡ ᠳᠤ ᠨᠦᠯᠦᠭᠡ ᠪᠣᠯᠬᠤ ᠦᠭᠡᠢ ᠶᠣᠮ᠃ ᠭᠡᠪᠡᠴᠤ ᠶᠡᠭᠡ ᠬᠡᠮᠵᠢᠶᠡᠨ ᠤ ᠡᠰ ᠠᠯᠠᠭᠳᠠᠪᠠᠯ ᠬᠠᠷᠢᠨ ᠡᠷᠬᠡᠲᠡᠨ ᠨᠡᠬᠡᠳᠡᠰᠤ ᠶᠢᠨ ᠭᠡᠮᠲᠦᠯ ᠪᠣᠯᠣᠨ ᠢᠯᠡᠷᠡᠳᠡᠭ᠃       5. ᠡᠷᠬᠡᠲᠡᠨ ᠨᠡᠬᠡᠳᠡᠰᠤ ᠶᠢᠨ ᠭᠡᠮᠲᠦᠯ     ᠬᠦᠮᠦᠨ ᠤ ᠪᠡᠶ᠎ᠡ ᠶᠢᠨ ᠡᠷᠬᠡᠲᠡᠨ ᠨᠡᠬᠡᠳᠡᠰᠤ ᠶᠢᠨ ᠭᠡᠮᠲᠦᠯ ᠢ ᠪᠠᠷᠤᠭ ᠰᠠᠴᠤᠷᠠᠭ ᠢ ᠢᠯᠡᠷᠡᠭᠦᠯᠦᠭᠰᠡᠨ ᠪᠠ ᠬᠡᠷᠡᠭᠯᠡᠭᠡᠳ ᠳᠡᠮᠡᠢ ᠤᠳᠠᠭᠰᠠᠨ ᠦᠭᠡᠢ ᠪᠠᠷ ᠣᠯᠵᠦ ᠠᠩᠬᠠᠷᠤᠭᠰᠠᠨ ᠪᠠᠶᠢᠳᠠᠭ᠃ ᠰᠡᠭᠦᠯᠡᠷ ᠨᠢ ᠪᠠᠰᠨ ᠭᠤᠣᠯ ᠡᠰ ︵Progenitor Cell︶ ᠨᠢ ᠠᠯᠠᠭᠳᠠᠭᠰᠠᠨ ᠢᠯᠠᠩᠭᠤᠶ᠎ᠠ ᠴᠢᠮᠦᠭᠡ᠂ ᠴᠡᠭᠡᠵᠢᠨ ᠪᠣᠯᠴᠢᠷᠬᠠᠢ᠂ ᠳᠡᠯᠢᠭᠦᠦ᠂ ᠯᠢᠮᠹ ᠤᠨ ᠵᠠᠩᠬᠢᠯᠠᠭ᠎ᠠ᠂ ᠨᠠᠷᠢᠨ ᠭᠡᠳᠡᠰᠤ ᠵᠡᠷᠭᠡ DNA ᠶᠢᠨ ᠨᠡᠶᠢᠯᠡᠯᠭᠡ ᠦᠷᠨᠢᠩᠭᠦᠢ ᠡᠷᠬᠡᠲᠡᠨ ᠨᠡᠬᠡᠳᠡᠰᠤ ᠨᠦᠭᠦᠳ ᠤᠨ ᠭᠡᠮᠲᠦᠯ ᠨᠢ ᠨᠡᠩ ᠢᠯᠡᠭᠦᠦ ᠭᠡᠳᠡᠭ ᠢ ᠮᠡᠳᠡᠭᠰᠡᠨ ᠪᠠᠶᠢᠨ᠎ᠠ᠃ ᠰᠠᠴᠤᠷᠠᠯ ᠤᠨ ᠡᠷᠬᠡᠲᠡᠨ ᠨᠡᠬᠡᠳᠡᠰᠤ ᠨᠦᠭᠦᠳ ᠳᠠᠬᠢ ᠦᠢᠰᠭᠡᠯ ᠨᠢ ᠭᠤᠣᠯᠳᠠᠭᠤ ᠲᠦᠷᠦᠭᠦᠤ ᠬᠡᠳᠦᠨ ᠭᠠᠷᠠᠭ ᠪᠣᠶᠤ ᠲᠦᠷᠦᠭᠦᠦ ᠬᠡᠳᠦᠨ ᠰᠠᠷ᠎ᠠ ᠶᠢᠨ ᠲᠤᠲᠤᠷ᠎ᠠ ᠳᠠᠷᠤᠢ ᠠᠷᠠᠰᠤ ᠬᠦᠷᠦᠰᠦ ᠨᠢ ᠤᠯᠠᠶᠢᠨ ᠬᠠᠪᠤᠳᠤᠬᠤ ᠪᠣᠶᠤ ᠬᠠᠯᠠᠭᠠᠭᠳᠠᠨ ᠲᠦᠯᠡᠭᠳᠡᠬᠦ᠂ ᠬᠡᠵᠢᠭᠡ ᠦᠰᠦ ᠤᠨᠠᠬᠤ᠂ ᠰᠠᠯᠢᠰᠤᠲᠤ ᠪᠦᠷᠬᠦᠪᠴᠢ ᠨᠢ ᠡᠪᠳᠡᠭᠳᠡᠬᠦ᠂ ᠭᠡᠳᠡᠰᠦᠨ ᠤ ᠨᠢᠯᠴᠠᠭᠠᠢ ᠪᠦᠷᠬᠦᠪᠴᠢ ᠨᠢ ᠨᠤᠯᠲᠠᠷᠠᠬᠤ ᠪᠠ ᠴᠢᠰᠤ ᠪᠦᠲᠦᠭᠡᠬᠦ ᠴᠢᠳᠠᠪᠤᠷᠢ ᠶᠢᠨ ᠬᠠᠷᠰᠢ ᠰᠠᠭᠠᠳ  ᠵᠡᠷᠭᠡ ᠲᠦᠷᠭᠡᠨ ᠴᠢᠨᠠᠷᠲᠠᠢ ᠰᠠᠴᠤᠷᠠᠭ ᠤᠨ ᠬᠠᠮ ᠡᠪᠡᠳᠴᠢᠨ ᠵᠡᠷᠭᠡ ᠭᠡᠮᠲᠦᠯ ᠢᠯᠡᠷᠡᠨ᠎ᠡ᠃ ᠬᠤᠶᠢᠰᠢᠲᠠ ᠶᠢᠨ ᠨᠢᠭᠡ ᠪᠦᠯᠦᠭ ᠴᠠᠭ ᠬᠤᠭᠤᠴᠠᠭᠠᠨ ᠳᠤ ᠪᠠᠰᠨ ᠠᠷᠠᠰᠤᠨ ᠤ ᠬᠢᠯᠭᠠᠰᠤᠨ ᠰᠤᠳᠠᠯ ᠲᠡᠯᠡᠬᠦ᠂ ᠡᠯ᠎ᠡ ᠵᠦᠢᠯ ᠤᠨ ᠵᠦᠭᠡᠯᠡᠨ ᠨᠡᠬᠡᠳᠡᠰᠤ ᠪᠣᠶᠤ ᠴᠣᠯᠤ ᠡᠷᠬᠡᠲᠡᠨ ᠰᠢᠷᠬᠡᠭᠵᠢᠬᠦ᠂ ᠲᠠᠷᠢᠬᠢ ᠪᠣᠶᠤ ᠨᠤᠭᠤᠰᠤᠨ ᠤ ᠭᠡᠮᠲᠦᠯ ᠵᠢᠴᠢ ᠰᠤᠳᠠᠯ ᠤᠨ ᠭᠡᠮᠲᠦᠯ ᠵᠡᠷᠭᠡ ᠰᠡᠭᠦᠯᠴᠢ ᠶᠢᠨ ᠦᠶ᠎ᠡ ᠶᠢᠨ ᠦᠢᠰᠭᠡᠯ ᠭᠠᠷᠳᠠᠭ᠃ ᠭᠡᠮᠲᠦᠭᠰᠡᠨ ᠨᠡᠬᠡᠳᠡᠰᠤ᠂ ᠡᠷᠬᠡᠲᠡᠨ ᠨᠢ ᠪᠠᠰᠨ ᠪᠡᠶ᠎ᠡ ᠶᠢᠨ ᠪᠣᠳᠠᠰ ᠤᠨ ᠰᠣᠯᠢᠯᠴᠠᠭ᠎ᠠ ᠶᠢ ᠡᠮᠬᠢ ᠵᠠᠮᠪᠠᠷᠠᠭ᠎ᠠ ᠦᠭᠡᠢ ᠪᠣᠯᠭᠠᠨ ᠴᠢᠳᠠᠪᠤᠷᠢ ᠶᠢᠨ ᠵᠣᠬᠢᠴᠠᠯ ᠢ ᠨᠢ ᠠᠯᠳᠠᠭᠤᠯᠤᠨ᠂ ᠬᠦᠨᠳᠤ ᠨᠣᠴᠢᠲᠠᠢ ᠨᠢ ᠪᠦᠬᠦ ᠪᠡᠶ᠎ᠡ ᠶᠢ ᠭᠡᠮᠲᠦᠭᠡᠵᠦ ᠴᠢᠨᠠᠭᠰᠢᠯᠠᠪᠠᠯ ᠦᠬᠦᠭᠦᠯᠳᠡᠭ  ᠃             ︵1︶  ᠠᠷᠠᠰᠤ ᠬᠦᠷᠦᠰᠦ ᠶᠢ ᠭᠡᠮᠲᠦᠭᠡᠬᠦ     χ ᠰᠠᠴᠤᠷᠠᠭ ᠢ ᠢᠯᠡᠷᠡᠭᠦᠯᠦᠭᠡᠳ ᠬᠤᠶᠡᠷ ᠰᠠᠷ᠎ᠠ  ᠪᠣᠯᠤᠭ᠎ᠠ ᠦᠭᠡᠢ ᠪᠠᠷ᠂ χ ᠰᠠᠴᠤᠷᠠᠭ ᠤᠨ ᠴᠣᠯᠴᠤᠩ ᠢ ᠡᠭᠦᠳᠦᠭᠴᠢ Grubbé ᠤᠨ ᠭᠠᠷ ᠨᠢ ︿ ᠣᠨᠴᠤᠭᠤᠢ ᠠᠷᠠᠰᠤᠨ ᠦᠷᠪᠢᠰᠦᠯ﹀ ᠣᠯᠤᠭᠰᠠᠨ ᠪᠠᠶᠢᠯ᠎ᠠ᠃ 1896 ᠣᠨ ᠳᠤ᠂ ︿ᠪᠠᠶᠢᠭᠠᠯᠢ﹀ ᠰᠡᠳᠭᠦᠯ ᠳᠡᠭᠡᠷ᠎ᠡ ᠭᠠᠷ ᠨᠢ χ ᠰᠠᠴᠤᠷᠠᠭ ᠲᠤ ᠣᠯᠠᠨᠲᠠ ᠳᠤᠰᠬᠠᠭᠳᠠᠭᠠᠳ ᠢᠯᠡᠷᠡᠭᠰᠡᠨ ᠦᠢᠰᠭᠡᠯ ᠢ ᠮᠡᠳᠡᠭᠡᠯᠡᠵᠦ᠂ Stewens ᠭᠡᠭᠴᠢ ᠬᠦᠮᠦᠨ ᠪᠠᠰᠨ χ ᠰᠠᠴᠤᠷᠠᠭ ᠨᠢ ᠠᠷᠠᠰᠤ ᠮᠢᠬᠠᠨ ᠳᠤ ᠤᠯᠠᠭᠠᠨ ᠲᠣᠯᠪᠤ ᠰᠠᠭᠤᠯᠭᠠᠬᠤ ᠪᠠ ᠬᠠᠪᠤᠳᠤᠭᠤᠯᠬᠤ ᠶᠢ ᠴᠤ ᠮᠡᠳᠡᠭᠡᠯᠡᠭᠰᠡᠨ ᠪᠠᠶᠢᠯ᠎ᠠ᠃ 1897 ᠣᠨ ᠤ 2 ᠳ᠋ᠤᠭᠠᠷ ᠰᠠᠷ᠎ᠠ ᠳᠤ Gilchrist ᠠᠴᠠ χ ᠰᠠᠴᠤᠷᠠᠭ ᠤᠨ ᠠᠷᠠᠰᠤᠨ ᠦᠷᠪᠢᠰᠤᠯ ᠣᠯᠤᠭᠰᠠᠨ 23 ᠬᠦᠮᠦᠨ ᠤ ᠪᠠᠶᠢᠳᠠᠯ ᠢ ᠴᠤ ᠮᠡᠳᠡᠭᠡᠯᠡᠵᠠᠢ᠃ 1900 ᠣᠨ ᠳᠤ᠂ Walkoff ᠠᠴᠠ ᠷᠠᠳᠢ ᠨᠢ ᠪᠠᠰᠨ ᠠᠷᠠᠰᠤᠨ ᠦᠷᠪᠢᠰᠦᠯ ᠡᠭᠦᠰᠭᠡᠨ᠎ᠡ ᠭᠡᠵᠦ ᠵᠢᠭᠠᠨ ᠭᠠᠷᠭᠠᠭᠰᠠᠨ ᠪᠦᠭᠡᠳ ᠮᠦᠨ ᠵᠢᠯ ᠤᠨ 11 ᠳ᠋ᠤᠭᠡᠷ ᠰᠠᠷ᠎ᠠ ᠳᠤ᠂ Giesel ᠠᠴᠠ ᠹᠷᠤᠮᠲᠤ ᠷᠠᠳᠢ ᠪᠠᠷ ᠲᠡᠭᠦᠨ ᠤ ᠠᠳᠬᠤᠭᠠᠯ ᠤᠨ ᠬᠡᠰᠡᠭ  ᠢᠶᠠᠨ 2 ᠴᠠᠭ ᠲᠤᠰᠬᠠᠭᠠᠭᠠᠳ᠂ ᠠᠷᠠᠰᠤ ᠮᠢᠬ᠎ᠠ ᠨᠢ ᠭᠡᠮᠲᠦᠭᠰᠡᠨ ᠢ ᠲᠦᠷᠰᠦᠯᠡᠨ ᠶᠠᠷᠢᠵᠦ ᠪᠠᠶᠢᠭᠰᠠᠨ ᠭᠡᠳᠡᠭ᠃ 1901 ᠣᠨ ᠳᠤ᠂ ᠪᠧᠺᠯᠧᠷ ︵︶ ᠪᠣᠯᠣᠨ ᠺᠶᠦ᠋ᠷᠢ ︵︶ ᠨᠠᠷ ᠴᠤ ᠲᠡᠳᠡᠨ ᠤ ᠲᠤᠷᠰᠢᠯᠭ᠎ᠠ ᠪᠠᠨ ᠲᠦᠷᠰᠦᠯᠡᠨ ᠦᠭᠦᠯᠡᠵᠦ ᠪᠠᠶᠢᠵᠠᠢ᠃ ᠪᠧᠺᠯᠧᠷ ᠲᠡᠷᠡᠬᠦ ᠷᠠᠳᠢ ᠶᠢᠨ ᠳᠠᠪᠤᠰᠤ ᠬᠢᠳᠡᠭ ᠪᠢᠴᠢᠬᠠᠨ ᠰᠢᠯ ᠴᠣᠯᠴᠣᠩ ᠢᠶᠠᠨ ᠬᠦᠷᠮᠡᠨ ᠳᠡᠭᠡᠨ 6 ᠴᠠᠭ ᠬᠢᠷᠢᠲᠠᠢ ᠬᠠᠷᠮᠠᠯᠠᠭᠠᠳ᠂ ᠨᠢᠭᠡ ᠭᠠᠷᠠᠭ ᠤᠨ ᠳᠠᠷᠠᠭ᠎ᠠ ᠲᠡᠷᠡᠬᠦ ᠬᠡᠰᠡᠭ ᠤᠨ ᠠᠷᠠᠰᠤ ᠨᠢ ᠤᠯᠠᠶᠢᠭᠠᠳ᠂ 11 ᠡᠳᠤᠷ ᠳᠡᠭᠡᠷ᠎ᠡ ᠪᠠᠨ ᠨᠤᠯᠲᠠᠷᠠᠨ ᠤᠨᠠᠭᠰᠠᠨ ᠭᠡᠯ᠎ᠡ᠃  ᠺᠶᠦ᠋ᠷᠢ ᠶᠢᠨ ᠡᠾᠷᠤᠮᠲᠤ ᠷᠠᠳᠢ ᠲᠠᠢ 10 ᠴᠠᠭ ᠬᠦᠷᠦᠯᠴᠡᠭᠰᠡᠨ ᠠᠷᠠᠰᠤ ᠮᠢᠬ᠎ᠠ ᠨᠢ ᠭᠤᠷᠪᠠᠳᠡᠬᠢ ᠭᠠᠷᠠᠭ ᠳᠡᠭᠡᠷ᠎ᠡ ᠪᠠᠨ ᠪᠠᠰᠨ  ᠨᠤᠯᠲᠠᠷᠠᠨ ᠤᠨᠠᠭᠰᠠᠨ ᠪᠠᠶᠢᠵᠠᠢ᠃ 1902 ᠣᠨ ᠳᠤ᠂ Frieben ᠠᠴᠠ χ ᠰᠠᠴᠤᠷᠠᠭ ᠤᠨ ︿ᠤᠵᠢᠭ ᠴᠢᠨᠠᠷᠲᠠᠢ﹀ ᠨᠤᠯᠲᠠᠷᠠᠯ ᠨᠢ  ᠠᠷᠠᠰᠤᠨ ᠦᠮᠠᠨ ᠪᠣᠯᠤᠭᠰᠠᠨ ᠢ ᠬᠠᠮᠤᠭ ᠲᠦᠷᠦᠭᠦᠦ ᠮᠡᠳᠡᠭᠡᠯᠡᠯ᠎ᠡ᠃  ᠵᠠᠷᠢᠮ ᠰᠠᠴᠤᠷᠠᠭ ᠤᠨ ᠤᠬᠠᠭᠠᠨᠲᠠᠨ ᠨᠠᠷ ᠴᠤ χ ᠰᠠᠴᠤᠷᠠᠭ ᠢ ᠬᠡᠷᠡᠭᠯᠡᠬᠦ ᠪᠠᠨ ᠵᠣᠭᠰᠤᠭᠠᠳ 25 ᠵᠢᠯ ᠪᠣᠯᠤᠭᠰᠠᠨ ᠤ ᠬᠤᠶᠢᠨ᠎ᠠ ᠪᠠᠰᠨ ᠠᠷᠠᠰᠤᠨ ᠡᠪᠡᠳᠴᠢᠨ ᠡᠭᠦᠰᠦᠭᠰᠡᠨ ᠪᠠᠶᠢᠯ᠎ᠠ᠃       ︵2︶ ᠦᠮᠡᠨ ᠪᠠ ᠬᠠᠪᠤᠳᠠᠷ ᠣᠯᠤᠭᠤᠯᠬᠤ     1935~1954 ᠣᠨ ᠤ ᠬᠤᠭᠤᠷᠣᠨᠲᠤ᠂ ᠠᠩᠭ᠍ᠯᠢ ᠤᠯᠤᠰ ᠤᠨ ᠬᠢᠨ ᠬᠦᠰᠢᠭᠦᠨ ᠴᠢᠨᠠᠷᠲᠤ ᠭᠤᠣᠯ ᠨᠢᠷᠤᠭᠤᠨ ᠦᠷᠪᠢᠰᠦᠯ ᠣᠯᠤᠭᠰᠠᠳ ᠢ χ ᠰᠠᠴᠤᠷᠠᠭ ᠲᠤᠰᠬᠠᠨ ᠡᠮᠨᠡᠨ ᠵᠠᠰᠠᠵᠦ ᠪᠠᠶᠢᠪᠠ᠃ 1944~1951ᠣᠨ ᠤ ᠬᠤᠭᠤᠷᠣᠨᠲᠤ᠂ ᠭᠧᠷᠮᠠᠨ ᠤᠯᠤᠰ ᠤᠨ ᠬᠢᠨ ᠴᠤ ᠷᠠᠳᠢ — 224 ᠢ ᠵᠡᠭᠦᠯᠡᠨ ᠬᠦᠰᠢᠭᠦᠨ ᠴᠢᠨᠠᠷᠲᠤ ᠰᠡᠭᠡᠷ ᠨᠢᠷᠤᠭᠤᠨ ᠡᠪᠡᠳᠴᠢᠨ᠂ ᠦᠶ᠎ᠡ ᠭᠡᠰᠢᠭᠦᠦ ᠶᠢᠨ ᠦᠷᠪᠢᠰᠦᠯ ᠪᠣᠯᠣᠨ ᠰᠦᠷᠢᠶ᠎ᠡ ᠡᠪᠡᠳᠴᠢᠲᠡᠨ ᠢ ᠵᠠᠰᠠᠵᠦ ᠪᠠᠶᠢᠵᠠᠢ᠃ 1928~1954 ᠣᠨ ᠤ ᠬᠤᠭᠤᠷᠣᠨᠲᠤ᠂ ᠵᠠᠷᠢᠮ ᠨᠢᠭᠡ ᠪᠦᠯᠦᠭ ᠤᠯᠤᠰ ᠣᠷᠣᠨ ᠨᠤᠭᠤᠳ ᠨᠢ ᠲᠣᠷᠢᠲᠤ ᠳᠣᠳᠤᠷᠠᠭᠤᠯᠤᠭᠴᠢ ︵Thorotrast︶ ᠶᠢ ᠬᠡᠷᠡᠭᠯᠡᠨ ᠡᠯᠢᠭᠡ᠂ ᠳᠡᠯᠢᠭᠦᠦ᠂ ᠰᠤᠳᠠᠯ ᠵᠡᠷᠭᠡ  ᠵᠦᠭᠡᠯᠡᠨ ᠨᠡᠬᠡᠳᠡᠰᠦ ᠡᠷᠬᠡᠲᠡᠨ ᠤ χ ᠰᠠᠴᠤᠷᠠᠭ ᠤᠨ ᠵᠢᠷᠤᠭ ᠲᠠᠲᠠᠵᠦ ᠪᠠᠶᠢᠪᠡ᠃ ᠰᠡᠭᠦᠯᠡᠷ ᠨᠢ ᠲᠡᠳᠡᠭᠡᠷ ᠪᠠᠶᠢᠴᠠᠭᠠᠯᠭᠠᠭᠰᠠᠳ ᠪᠠ ᠡᠪᠡᠳᠴᠢᠳᠡᠳ ᠨᠢ ᠴᠢᠰᠤ ᠴᠠᠶᠢᠬᠤ ᠡᠪᠡᠳᠴᠢᠨ᠂ ᠶᠠᠰᠤᠨ ᠤ ᠪᠠᠮ᠂ ᠡᠯᠢᠭᠡᠨ ᠦᠮᠡᠨ ᠵᠡᠷᠭᠡ ᠬᠤᠣᠷᠠᠲᠤ ᠬᠠᠪᠤᠳᠠᠷ ᠣᠯᠤᠭᠰᠠᠨ ᠪᠠᠶᠢᠪᠠ᠃ Ledoux—Lebard ᠤᠨ ᠪᠦᠷᠢᠳᠬᠡᠭᠰᠡᠨ ᠢ ᠦᠨᠳᠦᠰᠦᠯᠡᠪᠡᠯ᠂ 1922 ᠣᠨ ᠪᠣᠯᠬᠤ ᠳᠤ ᠨᠢᠭᠡᠨᠲᠡ 100 ᠭᠠᠷᠤᠢ ᠰᠠᠴᠤᠷᠠᠭ ᠤᠨ ᠠᠵᠢᠯᠲᠠᠳ ᠠᠵᠢᠯ ᠤᠨ ᠨᠦᠯᠦᠭᠡᠨ ᠤ  ᠬᠤᠣᠷᠠᠲᠤ ᠦᠮᠡᠨ  ᠳᠤ ᠦᠬᠦᠭᠰᠡᠨ ᠪᠠᠶᠢᠪᠠ᠃ ᠬᠡᠲᠤ ᠣᠯᠠᠨ ᠡᠭᠦᠰᠦᠭᠰᠡᠨ ᠬᠤᠣᠷᠠᠲᠤ ᠡᠪᠡᠳᠴᠢᠨ ᠡᠮᠬᠡᠭ ᠨᠢ ᠲᠡᠳᠡᠨ ᠤ ᠠᠮᠢ ᠨᠠᠰᠤ ᠶᠢ ᠢᠯᠠᠤᠲᠠ ᠪᠤᠭᠤᠨᠢᠰᠬᠠᠭᠰᠠᠨ ᠪᠠᠶᠢᠯ᠎ᠠ᠃      1︶ ᠬᠠᠪᠤᠳᠠᠷ᠄ 1904 ᠣᠨ ᠳᠤ᠂ ᠰᠠᠴᠤᠷᠠᠯ ᠠᠴᠠ ᠪᠣᠯᠵᠦ ᠬᠤᠣᠷᠠᠲᠤ ᠡᠪᠡᠳᠴᠢᠨ ᠡᠮᠬᠡᠭ ᠲᠤ ᠨᠡᠷᠪᠡᠭᠳᠡᠭᠰᠡᠨ 104 ᠬᠦᠮᠦᠰ ᠢ Feygin ᠵᠢᠱᠢᠶᠡᠯᠡᠵᠦ ᠪᠠᠶᠢᠯ᠎ᠠ᠃ 1906 ᠣᠨ ᠳᠤ᠂ Bergoniè ᠪᠣᠯᠣᠨ Tribondeau ᠨᠠᠷ ᠰᠠᠴᠤᠷᠠᠭ ᠤᠨ ᠠᠵᠢᠯᠲᠠᠳ ᠬᠡᠲᠦᠷᠬᠡᠢ ᠲᠤᠰᠬᠠᠭᠳᠠᠭᠰᠠᠨ ᠠᠴᠠ ᠪᠣᠯᠵᠦ ᠬᠠᠪᠤᠳᠠᠷ ᠣᠯᠵᠦ ᠪᠠᠶᠢᠬᠤ ᠶᠢ ᠠᠩᠬᠠᠷᠴᠤ ᠪᠠᠶᠢᠪᠠ᠃ 1911 ᠣᠨ ᠳᠤ᠂ Krause ᠠᠴᠠ ᠠᠨᠠᠭᠠᠬᠤ ᠤᠬᠠᠭᠠᠨ ᠤ ᠰᠠᠴᠤᠷᠠᠭ ᠤᠨ ᠠᠵᠢᠯᠲᠠᠨ 54 ᠬᠦᠮᠦᠰ  ᠨᠢᠭᠡᠨᠲᠡ ᠬᠤᠣᠷᠠᠲᠤ ᠡᠪᠡᠳᠴᠢᠨ ᠡᠮᠬᠡᠭ ᠲᠤ ᠦᠬᠦᠭᠰᠡᠨ ᠢ ᠣᠯᠵᠦ ᠠᠩᠬᠠᠷᠤᠭᠠᠳ ᠬᠦᠮᠦᠰ ᠢ ᠰᠡᠷᠡᠮᠵᠢᠯᠡᠭᠦᠯᠵᠦ ᠪᠠᠶᠢᠯ᠎ᠠ᠃ 1911 ᠣᠨ ᠳᠤ ᠡᠾᠧᠰᠸᠢ ︵Hesse︶  χ ᠰᠠᠴᠤᠷᠠᠭ ᠠᠴᠠ ᠪᠣᠯᠵᠦ ᠪᠡᠶ᠎ᠡ ᠳᠣᠲᠤᠷ᠎ᠠ ᠨᠢ ᠬᠠᠪᠤᠳᠠᠷ ᠭᠠᠷᠤᠭᠰᠠᠨ‌ᠨᠢ 94 ᠬᠦᠮᠦᠰ ᠢ ᠰᠣᠳᠤᠯᠤᠨ ᠰᠢᠨᠵᠢᠯᠡᠭᠰᠡᠨ ᠳᠤ᠂ ᠲᠡᠳᠡᠨ ᠤ ᠳᠣᠲᠤᠷᠠᠬᠢ 50 ᠬᠦᠮᠦᠰ ᠨᠢ ᠰᠠᠴᠤᠷᠠᠭ ᠤᠨ ᠤᠬᠠᠭᠠᠨᠲᠠᠨ ᠪᠠᠶᠢᠵᠠᠢ᠃     2︶ ᠶᠠᠰᠤ ᠮᠢᠬᠠᠨ ᠤ ᠬᠠᠪᠤᠳᠠᠷ᠄ 20 ᠳ᠋ᠤᠭᠠᠷ ᠵᠠᠭᠤᠨ ᠤ 20 ᠭᠠᠳ ᠣᠨ ᠳᠤ᠂ ᠠᠮᠧᠷᠢᠺᠠ ᠤᠯᠤᠰ ᠤᠨ ᠬᠢᠨ ᠷᠠᠳᠢᠲᠤ ᠭᠡᠷᠡᠯᠲᠦᠭᠦᠯᠬᠦ ᠮᠠᠲ᠋ᠧᠷᠢᠶᠠᠯ ᠢᠶᠠᠷ ᠰᠦᠨᠢ ᠭᠡᠷᠡᠯᠲᠦᠬᠦ ᠴᠠᠭ ᠤᠨ ᠨᠢᠭᠤᠷ ᠢ ᠬᠡᠷᠴᠢᠮᠯᠡᠵᠦ ᠪᠠᠶᠢᠪᠠ᠃ ᠡᠨᠡᠬᠦ ᠠᠵᠢᠯ ᠨᠢ ᠬᠦᠡᠭᠭᠡᠨ ᠪᠦᠭᠡᠳ ᠨᠠᠷᠢᠯᠢᠭ ᠪᠣᠯᠬᠤᠷ ᠠᠵᠢᠯᠴᠢᠨ ᠨᠢ ᠪᠦᠷ ᠣᠷᠢ ᠵᠠᠯᠠᠭᠤ ᠪᠦᠰᠡᠭᠦᠶᠢᠴᠦᠳ ᠪᠠᠶᠢᠪᠠ᠃ ᠲᠡᠳᠡᠨᠡᠷ ᠷᠠᠳᠢ ᠳᠤ ᠳᠦᠷᠢᠭᠰᠡᠨ ᠪᠢᠷ ᠢᠶᠠᠨ ᠤᠷᠤᠭᠤᠯ ᠬᠡᠯᠨ ᠪᠠᠷ ᠢᠶᠠᠨ ᠨᠠᠷᠢᠰᠬᠠᠨ ᠦᠵᠦᠭᠦᠷᠯᠡᠳᠡᠭ ᠠᠴᠠ ᠬᠦᠨᠳᠤ ᠨᠣᠴᠢᠲᠠᠢ ᠳᠣᠲᠤᠷ᠎ᠠ ᠰᠠᠴᠤᠷᠠᠭᠲᠤ ᠳᠤ ᠲᠤᠰᠬᠠᠭᠳᠠᠭᠰᠠᠨ ᠪᠠᠶᠢᠵᠠᠢ᠃ Martland ᠨᠠᠷ ᠤᠨ 1925 ᠣᠨ ᠤ ᠮᠡᠳᠡᠭᠦᠯᠦᠯᠲᠡ ᠶᠢ ᠦᠨᠳᠦᠰᠦᠯᠡᠪᠡᠯ᠂ ᠡᠳᠡᠭᠡᠷ ᠡᠮᠡᠭᠲᠠᠶᠢᠴᠤᠳ ᠪᠠᠷᠤᠭ ᠬᠡᠳᠦᠨ ᠠᠷᠪᠠ ᠴᠢᠨᠠᠭᠰᠢᠯᠠᠪᠠᠯ ᠬᠡᠳᠦᠨ ᠵᠠᠭᠤᠨ ᠮᠢᠺᠷᠤ᠋ ᠺᠶᠦ᠋ᠷᠢ ᠶᠢᠨ ᠷᠠᠳᠢ ᠶᠢ ᠵᠠᠯᠭᠢᠨ ᠣᠷᠤᠭᠤᠯᠤᠭᠰᠠᠨ ᠪᠦᠭᠡᠳ ᠡᠭᠦᠨ ᠠᠴᠠ ᠪᠣᠯᠵᠦ ᠲᠤᠬᠠᠢ ᠶᠢᠨ ᠦᠶ᠎ᠡ ᠳᠤ ᠨᠢᠭᠡᠨᠲᠡ 50 ᠭᠠᠷᠤᠢ ᠬᠦᠮᠦᠰ ᠶᠠᠰᠤᠨ ᠬᠠᠪᠤᠳᠠᠷ ᠪᠠ ᠬᠠᠮᠠᠷ ᠤᠨ ᠬᠦᠨᠳᠡᠢ ᠶᠢᠨ ᠦᠮᠡᠨ ᠣᠯᠤᠭᠰᠠᠨ ᠪᠠᠶᠢᠳᠠᠭ᠃     3︶ ᠠᠭᠤᠰᠬᠢᠨ ᠦᠮᠡᠨ᠄  ᠪᠠᠷᠤᠭ 1500 ᠣᠨ ᠤ ᠦᠶᠡᠰ ᠢᠶᠠᠷ ᠭᠧᠷᠮᠠᠨ ᠤᠯᠤᠰ ᠤᠨ ᠡᠮᠦᠨᠡᠲᠤ ᠬᠡᠰᠡᠭ ᠪᠣᠯᠣᠨ ᠴᠧᠺ ᠤᠯᠤᠰ ᠤᠨ ᠪᠠᠷᠠᠭᠤᠨ ᠬᠡᠰᠡᠭ ᠢᠶᠠᠷ  ᠬᠢ ᠵᠠᠷᠢᠮ ᠠᠭᠤᠷᠬᠠᠢ ᠶᠢᠨ ᠠᠵᠢᠯᠴᠢᠳ ᠤᠨ ᠳᠣᠲᠤᠷ᠎ᠠ ᠠᠭᠤᠰᠬᠢᠨ ᠦᠮᠡᠨ ᠢᠶᠠᠷ ᠦᠬᠦᠭᠰᠡᠳ ᠢᠯᠠᠤᠲᠠ ᠣᠯᠠᠨ ᠪᠠᠶᠢᠳᠠᠭ ᠢ K.E.Morgan ᠰᠣᠳᠤᠯᠤᠨ ᠢᠯᠡᠷᠡᠭᠦᠯᠪᠡ᠃ 1925 ᠣᠨ ᠳᠤ᠂ Martland ᠨᠠᠷ ᠤᠨ ᠮᠡᠳᠡᠭᠦᠯᠦᠭᠰᠡᠨ ᠢᠶᠠᠷ ᠪᠣᠯ᠂ ᠠᠮᠧᠷᠢᠺᠠ ᠤᠯᠤᠰ ᠤᠨ ᠰᠠᠺᠰᠧᠨ ᠳᠠᠬᠢ Schneberg ᠤᠨ ᠺᠣᠪᠡᠯᠲ ᠤᠨ ᠠᠭᠤᠷᠬᠠᠢ ᠶᠢᠨ 1875~1917 ᠣᠨ ᠤ ᠬᠤᠭᠤᠷᠣᠨᠳᠤ ᠦᠬᠦᠭᠰᠡᠨ 622 ᠠᠵᠢᠯᠴᠢᠳ ᠤᠨ ᠳᠣᠲᠤᠷ᠎ᠠ 322 ᠨᠢ ᠦᠮᠡᠨ ᠢᠶᠠᠷ ᠦᠬᠦᠵᠦ᠂ ᠡᠭᠦᠨ ᠤ ᠳᠣᠲᠤᠷ᠎ᠠ ᠠᠭᠤᠰᠬᠢᠨ ᠦᠮᠡᠨ ᠢᠶᠠᠷ ᠦᠬᠦᠭᠰᠡᠳ ᠨᠢ 87% ᠶᠢ ᠡᠵᠡᠯᠡᠵᠦ ᠪᠠᠶᠢᠪᠠ᠃ 1921~1926 ᠣᠨ ᠤ ᠬᠤᠭᠤᠷᠣᠨᠳᠤ᠂ ᠲᠤᠰ ᠠᠭᠤᠷᠬᠠᠢ ᠶᠢᠨ ᠦᠬᠦᠭᠰᠡᠨ ᠠᠵᠢᠯᠴᠢᠳ ᠤᠨ ᠳᠣᠲᠤᠷ᠎ᠠ  ᠠᠭᠤᠰᠬᠢᠨ ᠦᠮᠡᠨ ᠢᠶᠠᠷ ᠦᠬᠦᠭᠰᠡᠳ ᠨᠢ 50% ᠪᠠᠶᠢᠵᠠᠢ᠃ ᠪᠦᠱᠢᠮᠢᠶ᠎ᠠ ᠶᠢᠨ Joachimstal ᠳᠠᠬᠢ ᠦᠷᠠᠨ ᠤ ᠬᠦᠳᠡᠷ ᠤᠨ ᠠᠭᠤᠷᠬᠠᠢ ᠶᠢᠨ 1929~1930 ᠣᠨ ᠤ ᠬᠤᠭᠤᠷᠣᠨᠳᠤ ᠦᠬᠦᠭᠰᠡᠨ ᠠᠵᠢᠯᠴᠢᠳ ᠤᠨ ᠳᠣᠲᠤᠷ᠎ᠠ ᠪᠠᠰᠨ ᠬᠠᠭᠠᠰ ᠨᠢ  ᠠᠭᠤᠰᠬᠢᠨ ᠦᠮᠡᠨ ᠢᠶᠠᠷ ᠦᠬᠦᠭᠰᠡᠨ ᠪᠠᠶᠢᠪᠠ᠃  ᠡᠳᠡᠭᠡᠷ ᠠᠭᠤᠷᠬᠠᠢ ᠶᠢᠨ ᠦᠬᠦᠭᠰᠡᠨ ᠠᠵᠢᠯᠴᠢᠳ ᠪᠣᠯ ᠦᠷᠠᠨ ᠤ ᠡᠭᠦᠰᠦᠮᠡᠯ ᠡᠯᠧᠮᠧᠨ᠋ᠲ ᠪᠣᠯᠬᠤ ᠷᠠᠳᠢ —226 ︵226Ra︶᠂ ᠷᠠᠳᠤᠨ —222 ︵222Rn︶ ᠪᠣᠯᠣᠨ ᠫᠣᠯᠣᠨᠢ —218 ︵218Po︶ ᠤᠳ ᠢ ᠠᠮᠢᠰᠬᠤᠨ ᠣᠷᠤᠭᠤᠯᠤᠭᠰᠠᠨ ᠠᠴᠠ ᠪᠣᠯᠤᠭᠰᠠᠨ ᠭᠡᠳᠡᠭ ᠢ ᠬᠤᠵᠢᠮ ᠨᠢ ᠰᠠᠶ᠋ᠢ ᠮᠡᠳᠡᠵᠠᠢ᠃      4︶ ᠴᠢᠰᠤ ᠴᠠᠶᠢᠬᠤ ᠡᠪᠡᠳᠴᠢᠨ᠄   ᠡᠷᠲᠡ ᠦᠶ᠎ᠡ ᠳᠤ χ ᠰᠠᠴᠤᠷᠠᠭ ᠪᠣᠯᠣᠨ ᠷᠠᠳᠢ ᠵᠡᠷᠭᠡ ᠰᠠᠴᠤᠷᠠᠭᠲᠤ ᠪᠣᠳᠠᠰ ᠢ ᠰᠣᠳᠤᠯᠵᠦ ᠪᠠᠶᠢᠭᠰᠠᠨ ᠵᠠᠷᠢᠮ ᠨᠢᠭᠡ ᠪᠦᠯᠦᠭ ᠰᠢᠨᠵᠢᠯᠡᠬᠦ ᠤᠬᠠᠭᠠᠨᠲᠠᠳ᠂ ᠬᠡᠷᠡᠭᠯᠡᠵᠦ ᠪᠠᠶᠢᠭᠰᠠᠨ ᠡᠮᠴᠢ ᠪᠠ ᠮᠡᠷᠭᠡᠵᠢᠯᠲᠡᠳ ᠲᠡᠷᠡᠴᠢᠯᠡᠨ ᠠᠮᠢ ᠨᠠᠰᠤᠨ ᠳᠤ ᠬᠦᠷᠬᠦ ᠭᠡᠮᠲᠦᠯ ᠬᠦᠨᠦᠭᠡᠯ ᠳᠤ ᠤᠴᠠᠷᠠᠭᠰᠠᠨ ᠪᠠᠶᠢᠪᠠ᠃ χ ᠰᠠᠴᠤᠷᠠᠭ ᠤᠨ ᠠᠰᠢᠭᠯᠠᠯᠲᠠ ᠬᠡᠷᠡᠭᠯᠡᠯᠲᠡ ᠶᠢᠨ ᠨᠡᠮᠡᠭᠳᠡᠬᠦ ᠶᠢ ᠳᠠᠭᠠᠯᠳᠤᠨ᠂ ᠴᠢᠰᠤ ᠴᠠᠶᠢᠬᠤ ᠡᠪᠳᠴᠢᠨ ᠣᠯᠤᠭᠰᠠᠳ ᠴᠤ ᠳᠠᠬᠢᠨ ᠢᠶᠠᠷ ᠨᠡᠮᠡᠭᠳᠡᠪᠡ᠃ χ ᠰᠠᠴᠤᠷᠠᠭ ᠤᠨ ᠡᠮᠴᠢ ᠨᠠᠷ ᠴᠢᠰᠤ ᠴᠠᠶᠢᠬᠤ ᠡᠪᠳᠴᠢᠨ ᠳᠤ ᠨᠡᠷᠪᠡᠭᠳᠡᠬᠦ ᠨᠢ ᠡᠩ ᠤᠨ ᠬᠦᠮᠦᠰ ᠠᠴᠠ 2 ᠳᠠᠬᠢᠨ ᠪᠠᠶᠢᠵᠦ᠂ ᠴᠢᠰᠤ ᠴᠠᠶᠢᠬᠤ ᠡᠪᠳᠴᠢᠨ ᠢᠶᠠᠷ ᠦᠬᠦᠭᠰᠡᠳ ᠤᠨ ᠨᠣᠷᠮ᠎ᠠ ᠨᠢ ᠴᠤ ᠪᠤᠰᠤᠳ ᠡᠮᠴᠢ ᠨᠠᠷ ᠠᠴᠠ 9 ᠳᠠᠬᠢᠨ ᠪᠠᠶᠢᠪᠠ᠃  ᠺᠶᠦ᠋ᠷᠢ ᠬᠠᠲᠤᠨ ᠪᠣᠯᠣᠨ ᠲᠡᠭᠦᠨ ᠤ ᠦᠬᠢᠨ ᠢᠷᠠᠶᠢᠨ᠂ ᠵᠣᠯᠢᠶᠣᠲ — ᠺᠶᠦ᠋ᠷᠢ ︵︶ ᠴᠤ ᠰᠠᠴᠤᠷᠠᠭ ᠲᠤ ᠬᠡᠲᠦᠷᠬᠡᠢ ᠲᠤᠰᠬᠠᠭᠳᠠᠭᠰᠠᠨ ᠠᠴᠠ ᠪᠣᠯᠵᠦ᠂ ᠴᠢᠰᠤ ᠴᠠᠶᠢᠬᠤ ᠡᠪᠳᠴᠢᠨ ᠢᠶᠠᠷ ᠨᠠᠰᠤ ᠪᠠᠷᠠᠭᠰᠠᠨ ᠪᠠᠶᠢᠯ᠎ᠠ᠃     3. ᠨᠢᠳᠤ ᠪᠠ ᠬᠡᠵᠢᠭᠡ ᠦᠰᠦ ᠶᠢ ᠭᠡᠮᠲᠦᠭᠡᠬᠦ     1896 ᠣᠨ ᠳᠤ᠂ Edison ᠪᠣᠯᠣᠨ ᠲᠡᠭᠦᠨ ᠤ ᠬᠠᠪᠰᠤᠷᠠᠭᠴᠢ Morton ᠤ ᠨᠢᠳᠤ ᠨᠢ ᠰᠠᠴᠤᠷᠠᠭ ᠲᠤ ᠬᠡᠳᠦᠨ ᠴᠠᠭ ᠲᠤᠰᠬᠠᠭᠳᠠᠭᠰᠠᠨ ᠠᠴᠠ ᠨᠢᠳᠤ  ᠨᠢ ᠡᠪᠡᠳᠬᠦ  ᠪᠣᠯᠵᠦ᠂ ᠵᠠᠯᠭᠠᠭᠠᠳ ᠡᠪᠡᠷᠯᠢᠭ ᠪᠦᠷᠬᠦᠪᠴᠢ ᠶᠢᠨ ᠦᠷᠪᠢᠰᠦᠯ ᠪᠣᠯᠤᠭᠰᠠᠨ ᠪᠠᠶᠢᠪᠠ᠃ 1896 ᠣᠨ ᠤ 4 ᠰᠠᠷ᠎ᠠ ᠳᠤ᠂ Danil ᠪᠠᠰᠨ χ ᠰᠠᠴᠤᠷᠠᠭ ᠨᠢ ᠦᠰᠦ ᠬᠠᠯᠴᠠᠷᠠᠭᠤᠯᠳᠠᠭ ᠢ ᠮᠡᠳᠡᠭᠡᠯᠡᠭᠰᠡᠨ ᠶᠣᠮ᠃      20 ᠳ᠋ᠤᠭᠠᠷ ᠵᠠᠭᠤᠨ ᠤ 40 ᠭᠡᠳ ᠣᠨ ᠤ ᠳᠤᠮᠳᠠᠴᠢ ᠠᠴᠠ ᠨᠠᠰᠢ᠂ ᠴᠦᠮ᠎ᠡ ᠶᠢᠨ ᠤᠷᠪᠠᠯ ᠤᠨ ᠵᠤᠤᠬ᠎ᠠ ᠵᠢᠴᠢ ᠴᠦᠮ᠎ᠡ ᠶᠢᠨ ᠵᠡᠪᠰᠡᠭ ᠪᠣᠢ ᠪᠣᠯᠤᠭᠰᠠᠨ ᠨᠢ ᠰᠢᠨ᠎ᠡ ᠠᠶᠤᠯ ᠲᠦᠭᠰᠢᠭᠦᠷᠢ ᠢ ᠨᠡᠮᠡᠭᠳᠡᠭᠦᠯᠦᠭᠰᠡᠨ ᠪᠦᠭᠡᠳ ᠲᠡᠳᠡᠭᠡᠷ ᠤᠨ ᠲᠠᠯᠪᠢᠨ ᠭᠠᠷᠭᠠᠭᠰᠠᠨ ᠰᠠᠴᠤᠷᠠᠭᠲᠤ ᠪᠣᠳᠠᠰ ᠤᠳ ᠨᠢ ᠪᠦᠬᠦᠶᠢᠯᠨ ᠠᠭᠠᠷ ᠮᠠᠨᠳᠠᠯ ᠪᠠ ᠳᠠᠯᠠᠢ ᠲᠠᠩᠬᠢᠰ ᠵᠢᠴᠢ ᠬᠦᠷᠦᠰᠦ ᠰᠢᠷᠣᠢ᠂ ᠪᠢᠳᠡᠨ ᠤ ᠢᠳᠡᠵᠦ ᠤᠤᠭᠤᠬᠤ ᠵᠡᠷᠭᠡ ᠠᠯᠢᠪᠠ ᠪᠦᠬᠦᠨ ᠢ ᠴᠦᠮ ᠠᠮᠢ ᠨᠠᠰᠤᠨ ᠳᠤ ᠬᠤᠣᠷᠲᠠᠢ ᠶᠠᠭᠤᠮ᠎ᠠ ᠪᠣᠯᠭᠠᠨ ᠬᠤᠪᠢᠷᠠᠭᠤᠯᠤᠭᠰᠠᠨ ᠪᠠᠶᠢᠨ᠎ᠠ᠃         ᠬᠤᠶᠡᠷ᠂ ᠰᠠᠴᠤᠷᠠᠯ ᠤᠨ ᠬᠦᠮᠦᠨ ᠤ ᠪᠡᠶ᠎ᠡ ᠳᠠᠬᠢ ᠦᠢᠰᠭᠡᠯ      ᠬᠦᠮᠦᠨ ᠤ ᠪᠡᠶ᠎ᠡ ᠶᠢᠨ ᠡᠷᠬᠡᠲᠡᠨ ᠨᠡᠬᠡᠳᠡᠰᠤ ᠵᠢᠨ‌‍ᠰᠠᠴᠤᠷᠠᠯ ᠤᠨ ᠭᠡᠮᠲᠦᠯ ᠨᠢ ᠡᠴᠤᠰ ᠲᠡᠭᠡᠨ ᠪᠣᠳᠠᠭᠠᠯᠢ ᠪᠡᠶ᠎ᠡ ᠳᠤ ᠣᠯᠠᠨ ᠵᠦᠢᠯ ᠤᠨ ᠮᠠᠬᠠᠪᠣᠳ ‍ᠣᠨ‌ᠦᠢᠰᠭᠡᠯ ᠢ ᠦᠳᠦᠭᠡᠨ ᠡᠭᠦᠰᠭᠡᠬᠦ ᠪᠠ ᠲᠡᠷᠡᠴᠢᠯᠡᠨ ᠵᠠᠷᠢᠮ ᠨᠢ ᠬᠤᠶᠢᠴᠢ ᠦᠶ᠎ᠡ ᠳᠤᠨᠢ ᠤᠯᠠᠮᠵᠢᠯᠠᠭᠳᠠᠭᠠᠳ ᠤᠳᠤᠮᠰᠢᠯ ᠤᠨ ᠦᠢᠰᠭᠡᠯ ᠪᠣᠯᠣᠨ ᠢᠯᠡᠷᠡᠵᠦ ᠴᠤ ᠮᠡᠳᠡᠳᠡᠭ᠃ ᠡᠳᠡᠭᠡᠷ ᠦᠢᠰᠭᠡᠯ ᠤᠳ ᠨᠢ ᠭᠤᠣᠯᠳᠠᠭᠤ ᠰᠠᠴᠤᠷᠠᠯ ᠤᠨ ᠰᠢᠨᠵᠢ ᠴᠢᠨᠠᠷ ᠪᠠ ᠪᠣᠳᠠᠭᠠᠯᠢ ᠪᠡᠶ᠎ᠡ ᠶᠢᠨ ᠪᠠᠶᠢᠳᠠᠯ᠂ ᠬᠦᠷᠲᠡᠭᠰᠡᠨ ᠬᠤᠮᠵᠢᠮ ᠪᠣᠶᠤ ᠬᠤᠮᠵᠢᠮᠵᠢ ᠪᠣᠯᠣᠨ ᠲᠤᠰᠬᠠᠭᠳᠠᠭᠰᠠᠨ ᠬᠡᠯᠪᠡᠷᠢ ᠮᠠᠶ᠋ᠢᠭ ᠵᠢᠴᠢ ᠣᠷᠣᠨ ᠵᠠᠢ᠂ ᠴᠠᠭ ᠬᠤᠭᠤᠴᠠᠭ᠎ᠠ ᠵᠡᠷᠭᠡ ᠣᠯᠠᠨ ᠲᠠᠯ᠎ᠠ ᠠᠴᠠ ᠰᠢᠯᠲᠠᠭᠠᠯᠠᠭᠳᠠᠳᠠᠭ᠃     1. ᠰᠠᠴᠤᠷᠠᠯ ᠤᠨ ᠦᠢᠰᠭᠡᠯ ᠤᠨ ᠲᠦᠷᠦᠯ ᠵᠦᠢᠯ      ᠲᠣᠩᠰᠢᠭᠤᠯᠬᠤ ᠰᠠᠴᠤᠷᠠᠯ ᠤᠨ ᠬᠦᠮᠦᠨ ᠤ ᠪᠡᠶ᠎ᠡ ᠳᠤ ᠡᠲᠦᠬᠦ ᠠᠮᠢᠳᠤ ᠪᠣᠳᠠᠰ ᠤᠨ ᠦᠢᠰᠭᠡᠯ ᠢ ᠠᠳᠠᠯᠢ ᠪᠤᠰᠤ ᠬᠠᠷᠠᠭᠠᠰᠤ ᠠᠴᠠ ᠳᠣᠣᠷᠠᠬᠢ ᠬᠡᠳᠦᠨ ᠲᠦᠷᠦᠯ  ᠳᠤ ᠠᠩᠬᠢᠯᠠᠵᠦ ᠪᠠᠶᠢᠳᠠᠭ᠃      ︵1︶ ᠮᠠᠬᠠᠪᠣᠳ ‍ᠣᠨ‌ᠦᠢᠰᠭᠡᠯ ᠪᠣᠯᠣᠨ ᠤᠳᠤᠮᠰᠢᠯ ᠤᠨ ᠦᠢᠰᠭᠡᠯ     ᠰᠠᠴᠤᠷᠠᠯ ᠤᠨ ᠠᠮᠢᠳᠤ ᠪᠣᠳᠠᠰ ᠤᠨ ᠦᠢᠰᠭᠡᠯ ᠤᠨ ᠢᠯᠡᠷᠡᠬᠦ ᠪᠣᠰᠤᠳᠴᠢ ᠴᠣᠭᠴᠠ ᠪᠠᠷ ᠨᠢ ᠪᠡᠶ᠎ᠡ ᠮᠠᠬᠠᠪᠣᠳ ‍ᠣᠨ‌ᠦᠢᠰᠭᠡᠯ ᠪᠣᠯᠣᠨ ᠤᠳᠤᠮᠰᠢᠯ ᠤᠨ ᠦᠢᠰᠭᠡᠯ ᠭᠡᠵᠦ ᠠᠩᠬᠢᠯᠠᠵᠦ ᠪᠠᠶᠢᠳᠠᠭ᠃     ᠪᠡᠶ᠎ᠡ ᠮᠠᠬᠠᠪᠣᠳ ‍ᠣᠨ‌ᠦᠢᠰᠭᠡᠯ᠄ ᠰᠠᠴᠤᠷᠠᠯ ᠳᠤ ᠬᠦᠮᠦᠨ ᠤ ᠪᠡᠶ᠎ᠡ ᠶᠢᠨ ᠮᠠᠬᠠᠪᠤᠳ ᠤᠨ ᠡᠰ ᠨᠢ ᠠᠷᠪᠢᠨ ᠠᠯᠠᠭᠳᠠᠭᠰᠠᠨ ᠪᠣᠶᠤ ᠲᠠᠩ ᠡᠰ ᠤᠨ ᠣᠨᠳᠣᠣᠰᠢᠭᠰᠠᠨ  ᠠᠴᠠ ᠪᠣᠯᠵᠦ᠂ ᠳᠤᠰᠬᠠᠯᠲᠠ ᠬᠦᠷᠲᠡᠭᠰᠡᠳ ᠤᠨ ᠲᠤᠰ ᠪᠡᠶᠡᠨ ᠳᠤ ᠢᠯᠡᠷᠡᠬᠦ ᠡᠯ᠎ᠡ ᠵᠦᠢᠯ ᠤᠨ ᠬᠤᠣᠷ ᠬᠦᠨᠦᠭᠡᠯᠲᠤ ᠠᠮᠢᠳᠤ ᠪᠣᠳᠠᠰ ᠤᠨ ᠦᠢᠰᠭᠡᠯ ᠢ ᠪᠡᠶ᠎ᠡ ᠮᠠᠬᠠᠪᠣᠳ ‍ᠣᠨ‌ᠦᠢᠰᠭᠡᠯ  ︵somatic effects︶ ᠭᠡᠳᠡᠭ᠃     ᠤᠳᠤᠮᠰᠢᠯ ᠤᠨ ᠦᠢᠰᠭᠡᠯ᠄ ᠰᠠᠴᠤᠷᠠᠯ ᠳᠤ ᠬᠦᠮᠦᠨ ᠤ ᠪᠡᠶ᠎ᠡ ᠶᠢᠨ ᠦᠷᠡᠵᠢᠯ ᠤᠨ ᠡᠰ ᠨᠢ ᠣᠨᠳᠣᠣᠰᠢᠭᠰᠠᠨ ᠠᠴᠠ ᠪᠣᠯᠵᠦ᠂ ᠳᠤᠰᠬᠠᠯᠲᠠ ᠬᠦᠷᠲᠡᠭᠰᠡᠳ ᠤᠨ ᠬᠤᠶᠢᠴᠢ ᠦᠶ᠎ᠡ ᠶᠢᠨ ᠪᠡᠶᠡᠨ ᠳᠤ ᠢᠯᠡᠷᠡᠬᠦ ᠡᠯ᠎ᠡ ᠵᠦᠢᠯ ᠤᠨ ᠬᠤᠣᠷ ᠬᠦᠨᠦᠭᠡᠯᠲᠤ ᠠᠮᠢᠳᠤ ᠪᠣᠳᠠᠰ ᠤᠨ ᠦᠢᠰᠭᠡᠯ ᠢ ᠤᠳᠤᠮᠰᠢᠯ ᠤᠨ ᠦᠢᠰᠭᠡᠯ ︵Hereditary Effects or genetic effects︶ ᠭᠡᠨ᠎ᠡ᠃       ︵2︶ ᠲᠦᠷᠭᠡᠨ ᠦᠢᠰᠭᠡᠯ ᠪᠣᠯᠣᠨ ᠠᠯᠭᠤᠷ ᠦᠢᠰᠭᠡᠯ      ᠰᠠᠴᠤᠷᠠᠯ ᠤᠨ ᠠᠮᠢᠳᠤ ᠪᠣᠳᠠᠰ ᠤᠨ ᠦᠢᠰᠭᠡᠯ ᠤᠨ ᠢᠯᠡᠷᠡᠬᠦ ᠴᠠᠭ ᠬᠤᠭᠤᠴᠠᠭ᠎ᠠ ᠪᠠᠷ ᠨᠢ ᠪᠠᠰᠨ ᠲᠦᠷᠭᠡᠨ ᠦᠢᠰᠭᠡᠯ ᠪᠣᠯᠣᠨ ᠠᠯᠭᠤᠷ ᠦᠢᠰᠭᠡᠯ ᠭᠡᠵᠦ ᠠᠩᠬᠢᠯᠠᠵᠦ ᠪᠠᠶᠢᠳᠠᠭ᠃      ᠲᠦᠷᠭᠡᠨ ᠦᠢᠰᠭᠡᠯ᠄ ᠰᠠᠴᠤᠷᠠᠯ ᠳᠤ ᠶᠡᠭᠡ ᠬᠡᠮᠵᠢᠶᠡᠨ ᠪᠡᠶ᠎ᠡ ᠶᠢᠨ ᠮᠠᠬᠠᠪᠤᠳ ᠤᠨ ᠡᠰ ᠠᠯᠠᠭᠳᠠᠭᠰᠠᠨ ᠤ ᠳᠠᠷᠠᠭ᠎ᠠ ᠬᠡᠳᠦᠨ ᠡᠳᠦᠷ ᠪᠣᠶᠤ ᠬᠡᠳᠦᠨ ᠭᠠᠷᠠᠭ ᠤᠨ ᠳᠣᠲᠤᠷ᠎ᠠ ᠳᠠᠷᠤᠢ ᠶᠡᠷᠦᠳᠡᠭᠡᠨ ᠲᠤᠰᠬᠠᠭᠳᠠᠭᠰᠠᠨ ᠤ ᠳᠠᠷᠠᠭ᠎ᠠ 60 ᠡᠳᠦᠷ ᠤᠨ ᠳᠣᠲᠤᠷ᠎ᠠ ᠢᠯᠡᠷᠡᠬᠦ ᠦᠢᠰᠭᠡᠯ ᠢ ᠲᠦᠷᠭᠡᠨ ᠦᠢᠰᠭᠡᠯ ︵Acute Radiation Effect︶ ᠪᠣᠶᠤ ᠡᠷᠲᠡ ᠶᠢᠨ ᠦᠢᠰᠭᠡᠯ ︵Early Effect︶ ᠡᠰᠡᠭᠦᠯ᠎ᠡ ᠪᠠᠰᠨ ᠣᠶᠢᠷ᠎ᠠ ᠶᠢᠨ ᠦᠢᠰᠭᠡᠯ ᠴᠤ ᠭᠡᠳᠡᠭ᠃      ᠠᠯᠭᠤᠷ ᠦᠢᠰᠭᠡᠯ᠄ ᠰᠠᠴᠤᠷᠠᠯ ᠳᠤ ᠲᠤᠰᠬᠠᠭᠳᠠᠭᠰᠠᠨ ᠤ ᠳᠠᠷᠠᠭ᠎ᠠ ᠨᠢᠭᠤᠭᠳᠠᠮᠠᠯ ᠬᠤᠭᠤᠴᠠᠭ᠎ᠠ ᠨᠢ ᠬᠡᠳᠦᠨ ᠰᠠᠷ᠎ᠠ᠂ ᠬᠡᠳᠦᠨ ᠵᠢᠯ ᠴᠢᠨᠠᠭᠰᠢᠯᠠᠪᠠᠯ ᠬᠡᠳᠦᠨ ᠠᠷᠪᠠᠨ ᠵᠢᠯ ᠪᠣᠯᠤᠮᠠᠨᠵᠢᠨ ᠰᠠᠶ᠋ᠢ ᠢᠯᠡᠷᠡᠳᠡᠭ ᠴᠢᠰᠤ ᠴᠠᠶᠢᠬᠤ ᠡᠪᠡᠳᠴᠢᠨ ᠪᠠ ᠦᠮᠡᠨ ᠵᠡᠷᠭᠡ ᠡᠪᠡᠳᠴᠢᠨ ᠡᠮᠬᠡᠭ ᠨᠦᠭᠦᠳ ᠢ ᠠᠯᠭᠤᠷ ᠦᠢᠰᠭᠡᠯ ︵Chronic Radiation Effect︶ ᠪᠣᠶᠤ ᠰᠡᠭᠦᠯᠴᠢ ᠶᠢᠨ ᠦᠢᠰᠭᠡᠯ ︵Late Effect︶ ᠡᠰᠡᠭᠦᠯ᠎ᠡ ᠪᠠᠰᠨ ᠤᠳᠠᠭᠠᠨ ᠦᠢᠰᠭᠡᠯ ᠭᠡᠳᠡᠭ᠃      ︵3︶ ᠪᠦᠬᠦ ᠪᠡᠶ᠎ᠡ ᠶᠢᠨ ᠦᠢᠰᠭᠡᠯ ᠪᠣᠯᠣᠨ ᠬᠡᠰᠡᠭ ᠪᠡᠶ᠎ᠡ ᠶᠢᠨ ᠦᠢᠰᠭᠡᠯ     ᠰᠠᠴᠤᠷᠠᠯ ᠤᠨ ᠠᠮᠢᠳᠤ ᠪᠣᠳᠠᠰ ᠤᠨ ᠦᠢᠰᠭᠡᠯ ᠤᠨ ᠢᠯᠡᠷᠡᠬᠦ ᠬᠡᠪᠴᠢᠶ᠎ᠡ ᠪᠠᠷ ᠨᠢ ᠪᠦᠬᠦ ᠪᠡᠶ᠎ᠡ ᠶᠢᠨ ᠦᠢᠰᠭᠡᠯ ᠪᠣᠯᠣᠨ ᠬᠡᠰᠡᠭ ᠪᠡᠶ᠎ᠡ ᠶᠢᠨ ᠦᠢᠰᠭᠡᠯ ᠭᠡᠵᠦ ᠠᠩᠬᠢᠯᠠᠵᠦ ᠪᠠᠶᠢᠳᠠᠭ᠃     ᠪᠦᠬᠦ ᠪᠡᠶ᠎ᠡ ᠶᠢᠨ ᠦᠢᠰᠭᠡᠯ᠄ ᠰᠠᠴᠤᠷᠠᠯ ᠳᠤ ᠲᠤᠰᠬᠠᠭᠳᠠᠭᠰᠠᠨ ᠤ ᠳᠠᠷᠠᠭ᠎ᠠ ᠪᠦᠬᠦ ᠪᠡᠶᠡᠨ ᠳᠤ ᠢᠯᠡᠷᠡᠬᠦ ᠮᠠᠬᠠᠪᠣᠳ ‍ᠣᠨ‌ᠦᠢᠰᠭᠡᠯ ᠢ ᠶᠡᠷᠦᠩᠬᠡᠶᠢᠯᠡᠭᠡᠳ ᠪᠦᠬᠦ ᠪᠡᠶ᠎ᠡ  ᠶᠢᠨ ᠦᠢᠰᠭᠡᠯ ︵Total Body Effect︶ ᠭᠡᠳᠡᠭ᠃      ᠬᠡᠰᠡᠭ ᠪᠡᠶ᠎ᠡ ᠶᠢᠨ ᠦᠢᠰᠭᠡᠯ᠄ ᠰᠠᠴᠤᠷᠠᠯ ᠳᠤ ᠲᠤᠰᠬᠠᠭᠳᠠᠭᠰᠠᠨ ᠤ ᠳᠠᠷᠠᠭ᠎ᠠ ᠬᠡᠰᠡᠭ ᠪᠡᠶᠡᠨ ᠳᠤ ᠢᠯᠡᠷᠡᠬᠦ ᠮᠠᠬᠠᠪᠣᠳ ‍ᠣᠨ‌ᠦᠢᠰᠭᠡᠯ ᠢ ᠶᠡᠷᠦᠩᠬᠡᠶᠢᠯᠡᠭᠡᠳ ᠬᠡᠰᠡᠭ ᠪᠡᠶ᠎ᠡ ᠶᠢᠨ ᠦᠢᠰᠭᠡᠯ ︵Local Effect︶ ᠭᠡᠨ᠎ᠡ᠃      ︵3︶   ᠮᠠᠭᠠᠳ  ᠪᠤᠰᠤ ᠦᠢᠰᠭᠡᠯ ᠪᠣᠯᠣᠨ ᠮᠠᠭᠠᠳ ᠪᠦᠬᠦᠢ ᠦᠢᠰᠭᠡᠯ       ᠰᠠᠴᠤᠷᠠᠯ ᠤᠨ ᠠᠮᠢᠳᠤ ᠪᠣᠳᠠᠰ ᠤᠨ ᠦᠢᠰᠭᠡᠯ ᠢ ᠰᠢᠨᠵᠢ ᠴᠢᠨᠠᠷ ᠢᠶᠠᠷ ᠨᠢ ᠮᠠᠭᠠᠳ ᠦᠭᠡᠢ ᠦᠢᠰᠭᠡᠯ ᠪᠣᠯᠣᠨ ᠮᠠᠭᠠᠳ ᠪᠦᠬᠦᠢ ᠦᠢᠰᠭᠡᠯ ᠭᠡᠵᠦ ᠬᠤᠶᠡᠷ ᠶᠡᠭᠡ ᠲᠦᠷᠦᠯ ᠳᠤ ᠠᠩᠬᠢᠯᠠᠵᠦ ᠪᠠᠶᠢᠳᠠᠭ᠃              ᠮᠠᠭᠠᠳ ᠪᠤᠰᠤ ᠦᠢᠰᠭᠡᠯ᠄ ᠰᠠᠴᠤᠷᠠᠯ ᠳᠤ ᠬᠦᠮᠦᠨ ᠤ ᠪᠡᠶ᠎ᠡ ᠶᠢᠨ ᠮᠠᠬᠠᠪᠤᠳ ᠤᠨ ᠭᠠᠭᠴᠠ ᠡᠰ ᠪᠣᠶᠤ ᠦᠷᠡᠵᠢᠯ ᠤᠨ ᠭᠠᠭᠴᠠ ᠡᠰ ᠨᠢ ᠣᠨᠳᠣᠣᠰᠢᠭᠰᠠᠨ  ᠠᠴᠠ ᠪᠣᠯᠵᠦ᠂ ᠳᠤᠰᠬᠠᠯᠲᠠ ᠬᠦᠷᠲᠡᠭᠰᠡᠳ ᠤᠨ ᠲᠤᠰ ᠪᠡᠶᠡᠨ ᠳᠤ ᠢᠯᠡᠷᠡᠬᠦ ᠴᠢᠰᠤ ᠴᠠᠶᠢᠬᠤ ᠡᠪᠡᠳᠴᠢᠨ ᠪᠣᠯᠣᠨ ᠦᠮᠠᠨ ᠢᠶᠠᠷ ᠭᠤᠣᠯᠯᠠᠭᠰᠠᠨ ᠪᠡᠶ᠎ᠡ ᠮᠠᠬᠠᠪᠣᠳ ‍ᠣᠨ‌ᠦᠢᠰᠭᠡᠯ ᠪᠣᠯᠣᠨ ᠬᠤᠶᠢᠴᠢ ᠦᠶ᠎ᠡ ᠳᠤᠨᠢ ᠢᠯᠡᠷᠡᠬᠦ ᠡᠯ᠎ᠡ ᠵᠦᠢᠯ ‍ᠣᠨ‌ᠤᠳᠤᠮᠰᠢᠯ ᠤᠨ ᠦᠢᠰᠭᠡᠯ ᠢ ᠶᠡᠷᠦᠩᠬᠡᠶᠢᠯᠡᠭᠡᠳ ᠮᠠᠭᠠᠳ  ᠪᠤᠰᠤ ᠦᠢᠰᠭᠡᠯ ︵stochastic  effects︶ ᠭᠡᠨ᠎ᠡ᠃      ᠮᠠᠭᠠᠳ ᠪᠦᠬᠦᠢ ᠦᠢᠰᠭᠡᠯ᠄ ᠰᠠᠴᠤᠷᠠᠯ ᠳᠤ ᠠᠯᠠᠭᠳᠠᠭᠰᠠᠨ ᠡᠷᠬᠡᠲᠡᠨ ᠨᠡᠬᠡᠳᠡᠰᠤ ᠶᠢᠨ ᠡᠰ ᠨᠢ ᠵᠣᠬᠢᠬᠤ ᠲᠣᠭᠠᠨ ᠳᠤ ᠬᠦᠷᠦᠭᠡᠳ ᠲᠡᠷᠡᠴᠢᠯᠡᠨ ᠠᠮᠢᠳᠤ ᠡᠰ  ᠢᠶᠠᠷ ᠨᠦᠬᠦᠪᠦᠷᠢᠯᠡᠵᠦ ᠴᠢᠳᠠᠬᠤ ᠦᠭᠡᠢ ᠦᠶᠡᠰ ᠲᠤ ᠡᠮᠨᠡᠯᠭᠡ ᠳᠤ ᠠᠵᠢᠭᠯᠠᠨ ᠪᠠᠶᠢᠴᠠᠭᠠᠵᠦ ᠭᠠᠷᠬᠤ ᠴᠢᠳᠠᠪᠤᠷᠢ ᠶᠢᠨ ᠭᠡᠮᠲᠦᠯ ᠨᠤᠭᠤᠳ ᠢ ᠶᠡᠷᠦᠩᠬᠡᠶᠢᠯᠡᠭᠡᠳ ᠮᠠᠭᠠᠳ ᠪᠦᠬᠦᠢ ᠦᠢᠰᠭᠡᠯ ︵deterministic  effects︶ ᠭᠡᠳᠡᠭ᠃       ︵4︶ ᠭᠠᠮᠨᠠᠬᠤ ᠦᠢᠰᠭᠡᠯ     ᠠᠳᠠᠯᠢ ᠬᠤᠮᠵᠢᠮ ᠤᠨ ᠰᠠᠴᠤᠷᠠᠭ ᠲᠤ ᠨᠢᠭᠡᠯᠨ ᠳᠡᠭᠡᠷ᠎ᠡ ᠳᠤᠰᠬᠠᠭᠳᠠᠭᠰᠠᠨ ᠬᠦᠮᠦᠨ ᠤ ᠪᠡᠶ᠎ᠡ ᠶᠢᠨ ᠦᠢᠰᠭᠡᠯ ᠨᠢ ᠲᠡᠭᠦᠨ ᠢ ᠬᠡᠳᠤ ᠦᠶᠡᠯᠡᠵᠦ ᠬᠤᠪᠢᠶᠠᠨ ᠳᠤᠰᠬᠠᠭᠳᠠᠭᠰᠠᠨ ᠦᠢᠰᠭᠡᠯ ᠠᠴᠠ ᠬᠦᠨᠳᠦ ᠪᠠᠶᠢᠳᠠᠭ᠃ ᠡᠨᠡ ᠨᠢ ᠭᠤᠣᠯᠳᠠᠭᠤ ᠬᠤᠪᠢᠶᠠᠨ ᠳᠤᠰᠬᠠᠬᠤ ᠦᠶᠡᠰ ᠲᠤ ᠨᠢᠭᠡ ᠪᠦᠯᠦᠭ ᠡᠷᠬᠡᠲᠡᠨ ᠨᠡᠬᠡᠳᠡᠰᠤ ᠨᠦᠭᠦᠳ ᠨᠢ ᠭᠡᠮᠲᠦᠯ ᠢᠶᠠᠨ ᠳᠠᠬᠢᠨ ᠰᠡᠯᠪᠢᠨ ᠰᠡᠷᠭᠦᠭᠡᠵᠦ ᠵᠠᠪᠳᠤᠲᠠᠭ ᠲᠤ ᠪᠣᠢ᠃ ᠡᠶᠢᠮᠦ ᠠᠴᠠ ᠵᠠᠷᠢᠮ ᠬᠦᠮᠦᠰ ᠤᠳ ᠬᠡᠳᠤ ᠦᠶᠡᠯᠡᠵᠦ ᠬᠤᠪᠢᠶᠠᠨ ᠳᠤᠰᠬᠠᠭᠳᠠᠭᠰᠠᠨ ᠦᠢᠰᠭᠡᠯ ᠢ ᠬᠦᠡᠭᠭᠡᠨ ᠦᠢᠰᠭᠡᠯ ᠪᠣᠶᠤ ᠭᠠᠮᠨᠠᠭᠰᠠᠨ ᠦᠢᠰᠭᠡᠯ ︵Sparing Effect︶ ᠭᠡᠳᠡᠭ᠃        ᠡᠭᠦᠨ ᠠᠴᠠ ᠭᠠᠳᠠᠨ᠎ᠠ᠂ ᠰᠠᠴᠤᠷᠠᠯ ᠤᠨ ᠡᠲᠦᠬᠦ ᠵᠢᠷᠦᠬᠡ ᠲᠠᠷᠢᠬᠢᠨ ᠰᠤᠳᠠᠯ᠂ ᠰᠢᠩᠭᠡᠭᠡᠯᠲᠡ ᠪᠣᠯᠣᠨ ᠠᠮᠢᠰᠬᠤᠯ ᠤᠨ ᠡᠪᠡᠳᠴᠢᠨ ᠡᠮᠬᠡᠭ ᠵᠡᠷᠭᠡ ᠦᠮᠡᠨ ᠪᠤᠰᠤ ᠦᠢᠰᠭᠡᠯ ᠤᠳ ᠴᠤ᠂ ᠵᠦᠪᠬᠡᠨ ᠯᠨ ᠲᠤᠰᠬᠠᠭᠳᠠᠬᠤ ᠦᠶᠡᠰ ᠲᠤ ᠳᠠᠷᠤᠢ ᠲᠣᠭᠲᠠᠭᠠᠭᠳᠠᠬᠤ ᠪᠢᠰᠢ  ᠂ ᠰᠠᠴᠤᠷᠠᠯ ᠳᠤ ᠳᠤᠰᠬᠠᠭᠳᠠᠭᠰᠠᠨ ᠤ ᠰᠡᠭᠦᠯᠡᠷ ᠴᠤ ᠭᠡᠳ ᠬᠤᠪᠢᠷᠠᠯᠲᠠ ᠭᠠᠷᠳᠠᠭ᠃ ᠡᠶᠢᠮᠤ ᠠᠴᠠ ᠣᠳᠤᠬᠠᠨ᠎ᠠ ᠡᠳᠡᠭᠡᠷ ᠦᠢᠰᠭᠡᠯ ᠤᠳ ᠢ ᠮᠠᠭᠠᠳ ᠪᠦᠬᠦᠢ ᠦᠢᠰᠭᠡᠯ ᠠᠴᠠ ᠢᠯᠭᠠᠨ ᠭᠠᠷᠭᠠᠭᠠᠳ᠂ ᠨᠡᠶᠢᠳᠡᠮ ᠳᠤᠨᠢ ᠨᠡᠬᠡᠳᠡᠰᠤ  ᠶᠢᠨ ᠲᠤᠰᠬᠠᠯ ᠭᠡᠵᠦ ᠨᠡᠷᠡᠶᠢᠳᠦᠭᠰᠡᠨ ᠪᠠᠶᠢᠨ᠎ᠠ᠃ ᠬᠡᠪᠲᠡᠰᠢᠨ ᠳᠠᠬᠢ ᠬᠡᠤᠬᠡᠳ ᠪᠣᠯᠣᠨ ᠠᠷᠠᠰᠤ ᠬᠦᠷᠦᠰᠦᠨ ᠳᠤ ᠡᠲᠦᠬᠦ ᠰᠠᠴᠤᠷᠠᠯ ᠤᠨ ᠦᠢᠰᠭᠡᠯ ᠨᠢ ᠮᠠᠭᠠᠳ ᠪᠤᠰᠤ ᠴᠢᠨᠠᠷᠲᠠᠢ ᠮᠦᠷᠲᠡᠭᠡᠨ ᠪᠠᠰᠨ ᠮᠠᠭᠠᠳ ᠪᠦᠬᠦᠢ ᠴᠢᠨᠠᠷᠲᠠᠢ ᠴᠤ ᠪᠠᠶᠢᠳᠠᠭ᠃            2. ᠰᠠᠴᠤᠷᠠᠯ ᠤᠨ ᠦᠢᠰᠭᠡᠯ ᠢ ᠨᠦᠯᠦᠭᠡᠯᠡᠬᠦ ᠰᠢᠯᠲᠠᠭᠠᠨ        ᠬᠦᠮᠦᠨ ᠤ ᠪᠡᠶ᠎ᠡ ᠳᠤ ᠰᠠᠴᠤᠷᠠᠯ ᠤᠨ ᠡᠭᠦᠰᠭᠡᠬᠦ ᠦᠢᠰᠭᠡᠯ ᠨᠢ ᠭᠤᠣᠯᠳᠠᠭᠤ ᠰᠠᠴᠤᠷᠠᠯ ᠤᠨ ᠲᠠᠯ᠎ᠠ ᠶᠢᠨ ᠰᠢᠯᠲᠠᠭᠠᠨ ᠪᠣᠯᠣᠨ ᠲᠤᠰᠬᠠᠭᠳᠠᠭᠰᠠᠨ ᠡᠲᠡᠭᠡᠳ ‍ᠣᠨ‌‍ᠰᠢᠯᠲᠠᠭᠠᠨ ᠬᠤᠶᠡᠷ ᠲᠤ ᠨᠦᠯᠦᠭᠡᠯᠡᠭᠳᠡᠳᠡᠭ᠃        ︵1︶ ᠰᠠᠴᠤᠷᠠᠯ ᠲᠠᠢ ᠬᠤᠯᠪᠤᠭᠳᠠᠬᠤ ᠰᠢᠯᠲᠠᠭᠠᠨ        ᠰᠠᠴᠤᠷᠠᠯ ᠤᠨ ᠲᠠᠯ᠎ᠠ ᠠᠴᠠ ᠭᠤᠣᠯᠳᠠᠭᠤ ᠲᠡᠭᠦᠨ ᠤ ᠰᠢᠨᠵᠢ ᠴᠢᠨᠠᠷ᠂ ᠬᠤᠮᠵᠢᠮ᠂ ᠬᠤᠮᠵᠢᠮᠵᠢ ᠪᠣᠯᠣᠨ ᠳᠤᠰᠬᠠᠬᠤ ᠨᠦᠭᠦᠴᠡᠯ ᠵᠡᠷᠭᠡ ᠨᠢ ᠬᠦᠮᠦᠨ ᠤ ᠪᠡᠶ᠎ᠡ  ᠳᠤ ᠡᠭᠦᠰᠭᠡᠬᠦ ᠦᠢᠰᠭᠡᠯ ᠢ ᠨᠦᠯᠦᠭᠡᠯᠡᠳᠡᠭ᠃        ᠰᠠᠴᠤᠷᠠᠯ ᠤᠨ ᠴᠢᠨᠠᠷ᠄ ᠠᠳᠠᠯᠢ ᠪᠤᠰᠤ ᠲᠦᠷᠦᠯ ᠵᠦᠢᠯ ᠪᠣᠯᠣᠨ ᠠᠳᠠᠯᠢ ᠪᠤᠰᠤ ᠡᠨᠧᠷᠬᠢ ᠶᠢᠨ ᠰᠠᠴᠤᠷᠠᠭ ᠤᠨ ᠬᠦᠮᠦᠨ ᠤ ᠪᠡᠶ᠎ᠡ ᠳᠤ ᠡᠭᠦᠰᠭᠡᠬᠦ ᠠᠮᠢᠳᠤ ᠪᠣᠳᠠᠰ ᠤᠨ ᠦᠢᠰᠭᠡᠯ ᠨᠢ ᠴᠤ ᠠᠳᠠᠯᠢ ᠦᠭᠡᠢ ᠪᠠᠶᠢᠳᠠᠭ᠃ ᠶᠡᠷᠦᠩᠬᠡᠢ ᠳᠤᠨᠢ ᠠᠪᠴᠤ ᠬᠡᠯᠡᠪᠡᠯ α᠂ ᠨᠧᠲᠷᠣᠨ ᠵᠡᠷᠭᠡ ᠳᠡᠭᠡᠲᠤ LET ᠶᠢᠨ ᠰᠠᠴᠤᠷᠠᠯ ᠤᠨ ᠠᠮᠢᠳᠤ ᠪᠣᠳᠠᠰ ᠤᠨ ᠦᠢᠰᠭᠡᠯ ᠨᠢ χ᠂ γ ᠵᠡᠷᠭᠡ ᠳᠣᠣᠷ᠎ᠠ LET ᠰᠠᠴᠤᠷᠠᠯ ᠠᠴᠠ ᠨᠡᠩ ᠢᠯᠡᠷᠬᠡᠢ ᠪᠣᠶᠤ ᠬᠦᠨᠲᠤ ᠨᠣᠴᠢᠲᠠᠢ ᠪᠠᠶᠢᠳᠠᠭ᠃ ᠢᠵᠢᠯ ᠨᠢᠭᠡᠨ ᠳᠤᠰᠬᠠᠬᠠᠬᠤ ᠬᠡᠯᠪᠡᠷᠢ ᠪᠣᠯᠣᠨ ᠠᠳᠠᠯᠢᠬᠠᠨ ᠬᠤᠮᠵᠢᠮ ᠤᠨ ᠳᠤᠰᠬᠠᠯᠲᠠ ᠳᠣᠣᠷ᠎ᠠ᠂ ᠰᠠᠴᠤᠷᠠᠯ ᠤᠨ ᠲᠡᠩᠨᠡᠭᠦᠯᠦᠭᠴᠢ ᠨᠢ ᠦᠨᠳᠦᠷ ᠪᠣᠯᠬᠤ ᠳᠣᠲᠤᠮ ᠰᠠᠴᠤᠷᠠᠯ ᠤᠨ ᠦᠢᠰᠭᠡᠯ ᠨᠢ ᠳᠠᠷᠤᠢ ᠤᠯᠠᠮ ᠢᠯᠡᠷᠬᠡᠢ ᠪᠠᠶᠢᠳᠠᠭ᠃          ᠰᠠᠴᠤᠷᠠᠯ ᠤᠨ ᠬᠤᠮᠵᠢᠮ᠄ ᠬᠦᠷᠲᠡᠭᠰᠡᠨ ᠬᠤᠮᠵᠢᠮ ᠤᠨ ᠶᠡᠭᠡ ᠪᠠᠭ᠎ᠠ ᠨᠢ ᠶᠡᠷᠤᠨᠢ ᠬᠤᠮᠵᠢᠮ — ᠦᠢᠰᠭᠡᠯ ᠤᠨ ᠬᠠᠷᠢᠴᠠᠭᠠᠨ ᠳᠤ ᠰᠢᠢᠳᠪᠦᠷᠢᠯᠡᠬᠦ ᠴᠢᠨᠠᠷᠲᠠᠢ ᠰᠢᠯᠲᠠᠭᠠᠨ ᠪᠣᠯᠵᠦ ᠪᠠᠶᠢᠳᠠᠭ᠃ ᠮᠠᠭᠠᠳ ᠪᠤᠰᠤ ᠦᠢᠰᠭᠡᠯ ᠳᠤ ᠪᠣᠯ ᠬᠦᠷᠲᠡᠬᠦ ᠬᠤᠮᠵᠢᠮ ᠤᠨ ᠨᠡᠮᠡᠭᠳᠡᠬᠦ ᠶᠢ ᠳᠠᠭᠠᠯᠳᠤᠨ ᠦᠢᠰᠭᠡᠯ ᠤᠨ ᠡᠭᠦᠰᠬᠦ ᠲᠣᠬᠢᠶᠠᠯᠳᠤᠮᠵᠢ ᠨᠢ ᠨᠡᠮᠡᠭᠳᠡᠳᠡᠭ᠃ ᠮᠠᠭᠠᠳ ᠪᠦᠬᠦᠢ ᠦᠢᠰᠭᠡᠯ ᠳᠤ ᠪᠣᠯ ᠲᠤᠰᠬᠠᠭᠳᠠᠭᠰᠠᠨ ᠬᠤᠮᠵᠢᠮ ᠤᠨ ᠨᠡᠮᠡᠭᠳᠡᠬᠦ ᠶᠢ ᠳᠠᠭᠠᠯᠳᠤᠨ᠂  ᠦᠢᠰᠭᠡᠯ ᠤᠨ ᠬᠦᠨᠳᠤ ᠨᠣᠴᠢᠲᠤ ᠬᠡᠮᠵᠢᠶ᠎ᠡ ᠨᠢ ᠨᠡᠮᠡᠭᠳᠡᠳᠡᠭ᠃  ᠪᠡᠶ᠎ᠡ ᠳᠤ ᠵᠢᠭᠳᠡ ᠳᠤᠰᠤᠭᠰᠠᠨ ᠠᠳᠠᠯᠢ ᠪᠤᠰᠤ ᠬᠤᠮᠵᠢᠮ  ︵ᠮᠢᠯᠯᠢ ᠰᠢᠸᠧᠲ  ︶ ᠤᠨ γ ᠰᠠᠴᠤᠷᠠᠭ ᠬᠦᠷᠲᠡᠭᠰᠡᠳ ᠳᠤ ᠳᠣᠣᠷᠠᠬᠢ ᠮᠡᠲᠤ ᠦᠢᠰᠭᠡᠯ ᠢᠯᠡᠷᠡᠳᠡᠭ᠄          ﹀250᠄ ᠦᠢᠰᠭᠡᠯ ᠤᠨ ᠢᠯᠡᠷᠡᠯ ᠢ ᠨᠢ ᠡᠮᠴᠢᠯᠡᠪᠦᠷᠢ ᠳᠡᠭᠡᠷ᠎ᠡ ᠪᠠᠶᠢᠴᠠᠭᠠᠵᠦ ᠣᠯᠳᠠᠭ ᠦᠭᠡᠢ᠂ ᠬᠤᠵᠢᠭᠤ ᠡᠭᠦᠰᠬᠦ ᠦᠢᠰᠭᠡᠯ ᠪᠠᠷᠤᠭ ᠦᠭᠡᠢ ᠪᠣᠯᠤᠯᠲᠠᠢ᠃                      250~1000᠄ ᠴᠢᠰᠤᠨ ᠤ ᠬᠦᠰᠦᠨᠦᠭ ︵ᠵᠢᠷᠤᠭ︶ ᠨᠢ ᠲᠦᠷ ᠴᠠᠭ ᠤᠨ ᠴᠢᠨᠠᠷᠲᠠᠢ ᠵᠢᠭᠠᠬᠠᠨ ᠬᠤᠪᠢᠷᠠᠯᠲᠠ ᠭᠠᠷᠬᠤ ᠪᠣᠯᠪᠠᠴᠤ᠂ ᠪᠠᠶᠢᠴᠠᠭᠠᠨ ᠣᠯᠬᠤ ᠡᠮᠴᠢᠯᠡᠪᠦᠷᠢ ᠶᠢᠨ ᠪᠣᠰᠤᠳ ᠢᠯᠡᠷᠡᠯ ᠭᠡᠵᠦ ᠦᠭᠡᠢ᠂ ᠭᠡᠪᠡᠴᠤ ᠬᠤᠵᠢᠭᠤ ᠡᠭᠦᠰᠬᠦ ᠦᠢᠰᠭᠡᠯ ᠪᠠᠶᠢᠬᠤ ᠮᠠᠭᠠᠳ᠂ ᠪᠤᠳᠠᠭᠠᠯᠢ ᠪᠡᠶ᠎ᠡ ᠳᠤ ᠶᠡᠷᠦᠩᠬᠡᠢ ᠳᠡᠭᠡᠨ ᠬᠦᠨᠳᠤ ᠨᠣᠴᠢᠲᠠᠢ ᠦᠢᠰᠭᠡᠯ ᠭᠡᠵᠦ ᠪᠠᠶᠢᠬᠤ ᠦᠭᠡᠢ᠃        1000~2000᠄ ᠲᠤᠷ᠎ᠠ ᠪᠣᠯᠭᠢᠬᠤ᠂ ᠲᠠᠮᠢᠷᠳᠠᠬᠤ ᠵᠡᠷᠭᠡ ᠢᠯᠡᠷᠡᠯ ᠭᠠᠷᠴᠤ᠂ 1.25 ᠰᠢᠸᠧᠲ ᠠᠴᠠ ᠳᠡᠭᠡᠭᠰᠢ ᠪᠣᠯ 20%~25% ᠶᠢᠨ ᠬᠦᠮᠦᠰ  ᠨᠢ ᠪᠦᠭᠡᠯᠵᠢᠬᠦ᠂ ᠴᠢᠰᠤᠨ ᠤ ᠬᠦᠰᠦᠨᠦᠭ ︵ᠵᠢᠷᠤᠭ︶ ᠨᠢ ᠢᠯᠡᠷᠬᠡᠢ ᠬᠤᠪᠢᠷᠠᠯᠲᠠ ᠲᠠᠢ ᠪᠣᠯᠵᠦ᠂ ᠲᠦᠷᠭᠡᠨ ᠴᠢᠨᠠᠷᠲᠤ ᠬᠦᠡᠭᠭᠡᠪᠲᠦᠷ ᠰᠠᠴᠤᠷᠠᠭ ᠤᠨ ᠡᠪᠡᠳᠴᠢᠨ ᠣᠯᠳᠠᠭ᠃        2000~4000᠄ ᠳᠤᠰᠬᠠᠭᠳᠠᠭᠠᠳ 24 ᠴᠠᠭ ᠤᠨ ᠳᠣᠲᠤᠷ᠎ᠠ ᠲᠤᠷ᠎ᠠ ᠪᠣᠯᠭᠢᠬᠤ ᠪᠠ ᠪᠦᠭᠡᠯᠵᠢᠬᠦ ᠵᠡᠷᠭᠡ ᠢᠯᠡᠷᠡᠯ ᠭᠠᠷᠤᠨ᠎ᠠ᠃ ᠨᠢᠭᠡ ᠭᠠᠷᠠᠭ ᠤᠨ ᠨᠢᠭᠤᠭᠳᠠᠮᠠᠯ ᠬᠤᠭᠤᠴᠠᠭ᠎ᠠ ᠨᠢ ᠦᠡᠭᠭᠡᠷᠡᠪᠡᠯ ᠦᠰᠦ ᠭᠡᠵᠢᠭᠡ ᠤᠨᠠᠬᠤ᠂ ᠢᠳᠡᠭᠡᠨ ᠳᠤ ᠲᠤᠷ᠎ᠠ ᠦᠭᠡᠢ ᠪᠣᠯᠵᠦ᠂ ᠪᠦᠬᠦ ᠪᠡᠶ᠎ᠡ ᠨᠢ ᠲᠠᠮᠢᠷ ᠦᠭᠡᠢ ᠪᠠ ᠬᠤᠭᠤᠯᠠᠢ ᠶᠢᠨ ᠦᠷᠪᠢᠰᠦᠯ᠂ ᠰᠠᠭᠤᠯᠭᠠᠬᠤ ᠵᠡᠷᠭᠡ ᠡᠮᠴᠢᠯᠡᠪᠦᠷᠢ ᠶᠢᠨ ᠢᠯᠡᠷᠡᠯ ᠡᠭᠦᠰᠳᠡᠭ᠃ ᠬᠡᠷᠪᠡ ᠤᠭ ᠲᠠᠭᠠᠨ ᠡᠷᠡᠭᠦᠯ ᠴᠢᠬᠢᠷᠠᠭ ᠪᠣᠶᠤ  ᠪᠤᠰᠤᠳ ᠳᠠᠪᠬᠤᠴᠠᠭᠰᠠᠨ ᠡᠪᠡᠳᠴᠢᠨ ᠡᠮᠬᠡᠭ ᠦᠭᠡᠢ ᠪᠣᠯ ᠣᠬᠤᠷ ᠬᠤᠭᠤᠴᠠᠭᠠᠨ ᠳᠤ ᠰᠠᠶᠢᠨ ᠪᠣᠯᠬᠤ ᠪᠣᠯᠤᠯᠴᠠᠭ᠎ᠠ ᠪᠣᠢ᠃        4000~6000᠄ ᠡᠨᠡᠬᠦ ᠬᠤᠮᠵᠢᠮ ᠳᠤ ᠳᠤᠰᠬᠠᠭᠳᠠᠭᠰᠠᠨ ᠬᠦᠮᠦᠰ ᠬᠡᠳᠦᠨ ᠴᠠᠭ ᠤᠨ ᠳᠣᠲᠤᠷ᠎ᠠ ᠲᠤᠷ᠎ᠠ ᠪᠣᠯᠭᠢᠬᠤ ᠪᠠ ᠪᠦᠭᠡᠯᠵᠢᠨ᠎ᠡ᠃ ᠶᠡᠭᠡ ᠲᠦᠯᠦᠪ ᠨᠢᠭᠡ ᠭᠠᠷᠠᠭ ᠤᠨ ᠨᠢᠭᠤᠭᠳᠠᠮᠠᠯ ᠬᠤᠭᠤᠴᠠᠭ᠎ᠠ ᠲᠠᠢ᠃ ᠬᠤᠶᠡᠷ ᠭᠠᠷᠠᠭ ᠤᠨ ᠳᠠᠷᠠᠭ᠎ᠠ ᠭᠡᠵᠢᠭᠡ ᠦᠰᠦ ᠤᠨᠠᠬᠤ ᠪᠠ ᠢᠳᠡᠭᠡᠨ ᠳᠤ ᠲᠤᠷ᠎ᠠ ᠦᠭᠡᠢ ᠪᠣᠯᠵᠦ᠂ ᠪᠦᠬᠦ ᠪᠡᠶ᠎ᠡ  ᠨᠢ ᠲᠠᠮᠢᠷ ᠦᠭᠡᠢ ᠳᠡᠭᠡᠷ᠎ᠡ ᠪᠡᠶ᠎ᠡ ᠶᠢᠨ ᠬᠠᠯᠠᠭᠤᠨ ᠨᠢ ᠳᠡᠭᠡᠭᠰᠢᠯᠡᠨ᠎ᠡ᠃ ᠭᠤᠷᠪᠠᠳᠡᠬᠢ ᠭᠠᠷᠠᠭ ᠲᠤ ᠶᠠᠭᠠᠨ ᠲᠣᠯᠪᠤ ︵ᠪᠡᠶ᠎ᠡ ᠬᠦᠬᠡᠷᠡᠬᠦ︶ ᠭᠠᠷᠴᠤ᠂ ᠠᠮᠠᠨ ᠬᠦᠨᠳᠡᠢ ᠪᠠ ᠵᠠᠯᠭᠢᠭᠤᠷ ᠤᠨ ᠬᠡᠰᠡᠭ ᠨᠢ ᠬᠠᠯᠳᠠᠪᠤᠷᠢᠯᠠᠨ᠎ᠠ᠃ ᠳᠦᠷᠪᠡᠳᠡᠬᠢ ᠭᠠᠷᠠᠭ ᠲᠤ ᠬᠤᠵᠢᠢᠨ ᠴᠢᠯᠪᠡᠶᠢᠭᠡᠳ᠂ ᠬᠠᠮᠠᠷ ᠠᠴᠠ ᠨᠢ ᠴᠢᠰᠤ ᠭᠠᠷᠬᠤ᠂ ᠰᠠᠭᠤᠯᠭᠠᠬᠤ ᠶᠢᠨ ᠬᠠᠮᠲᠤ ᠦᠳᠲᠡᠷ ᠲᠦᠷᠭᠡᠨ ᠢᠶᠠᠷ ᠡᠴᠡᠨ ᠲᠤᠷᠠᠳᠠᠭ᠃ ᠬᠡᠷᠪᠡ ᠡᠮᠨᠡᠨ ᠵᠠᠰᠠᠭᠤᠯᠬᠤ ᠦᠭᠡᠢ ᠪᠣᠯ ᠪᠠᠷᠤᠭ ᠬᠠᠭᠠᠰ ︵ 50%  ︶ ᠨᠢ ᠦᠬᠦᠨ᠎ᠡ᠃        ≥6000᠄ ᠡᠨᠡᠬᠦ ᠬᠤᠮᠵᠢᠮ ᠳᠤ ᠳᠤᠰᠬᠠᠭᠳᠠᠭᠰᠠᠨ ᠬᠦᠮᠦᠰ 1~2 ᠴᠠᠭ ᠤᠨ ᠳᠣᠲᠤᠷ᠎ᠠ ᠲᠤᠷ᠎ᠠ ᠪᠣᠯᠭᠢᠬᠤ᠂ ᠪᠦᠭᠡᠯᠵᠢᠬᠦ ᠪᠠ ᠰᠠᠭᠤᠯᠭᠠᠳᠠᠭ᠃ ᠨᠢᠭᠡ ᠭᠠᠷᠠᠭ ᠤᠨ ᠳᠠᠷᠠᠭ᠎ᠠ ᠢᠳᠡᠭᠡᠨ ᠳᠤ ᠲᠤᠷ᠎ᠠ ᠦᠭᠡᠢ ᠪᠣᠯᠵᠦ᠂ ᠪᠦᠬᠦ ᠪᠡᠶ᠎ᠡ ᠨᠢ ᠲᠠᠮᠢᠷ ᠦᠭᠡᠢ ᠪᠠ ᠪᠡᠶ᠎ᠡ ᠶᠢᠨ ᠬᠠᠯᠠᠭᠤᠨ ᠨᠢ ᠳᠡᠭᠡᠭᠰᠢᠯᠡᠨ᠂ ᠶᠠᠭᠠᠨ ᠲᠣᠯᠪᠤ᠂ ᠠᠮᠠᠨ ᠬᠦᠨᠳᠡᠢ ᠪᠠ ᠵᠠᠯᠭᠢᠭᠤᠷ ᠤᠨ ᠬᠡᠰᠡᠭ ᠨᠢ ᠦᠷᠪᠢᠰᠦᠨ ᠬᠠᠯᠳᠠᠪᠤᠷᠢᠯᠠᠬᠤ ᠶᠢᠨ ᠬᠠᠮᠲᠤ ᠦᠳᠲᠡᠷ ᠲᠦᠷᠭᠡᠨ ᠢᠶᠠᠷ ᠡᠴᠡᠨ ᠲᠤᠷᠠᠳᠠᠭ᠃ ᠬᠡᠷᠪᠡ ᠡᠮᠨᠡᠨ ᠵᠠᠰᠠᠭᠤᠯᠬᠤ ᠦᠭᠡᠢ ᠪᠣᠯ ᠪᠠᠷᠤᠭ ᠪᠦᠬᠦᠨ ︵100%︶ ᠢᠶᠠᠷ ᠢᠶᠠᠨ ᠦᠬᠦᠨ᠎ᠡ᠃        ᠬᠤᠮᠵᠢᠮᠵᠢ᠄  ᠶᠡᠷᠦᠩᠬᠡᠢ ᠳᠤᠨᠢ ᠠᠪᠴᠤ ᠬᠡᠯᠡᠪᠡᠯ᠂ ᠨᠢᠭᠡᠴᠢ ᠬᠤᠭᠤᠴᠠᠭᠠᠨ ᠳᠤ ᠬᠦᠮᠦᠨ ᠤ ᠪᠡᠶ᠎ᠡ ᠳᠤ ᠳᠤᠰᠬᠤ ᠬᠤᠮᠵᠢᠮ ᠨᠢ ᠬᠡᠳᠦᠢ ᠶᠡᠭᠡ ᠪᠣᠯᠪᠡᠯ᠂ ᠰᠠᠴᠤᠷᠠᠯ ᠤᠨ ᠦᠢᠰᠭᠡᠯ ᠨᠢ ᠴᠤ ᠤᠯᠠᠮ ᠢᠯᠡᠷᠬᠡᠢ ᠪᠣᠯᠵᠦ᠂ ᠢᠯᠠᠩᠭᠤᠶ᠎ᠠ ᠬᠤᠮᠵᠢᠮᠵᠢ ᠨᠢ ᠴᠠᠭ ᠪᠦᠷᠢ 0.1 ᠭᠧᠷᠸᠢ ︵0.1Gy??h-1  ︶ ᠠᠴᠠ ᠮᠢᠨᠦ᠋ᠲ ᠪᠦᠷᠢ 1 ᠭᠧᠷᠸᠢ ︵1Gy??min-1︶ ᠶᠢᠨ ᠬᠤᠭᠤᠷᠣᠨᠳᠤ ᠡᠨᠡᠬᠦ ᠬᠠᠷᠢᠴᠠᠭ᠎ᠠ ᠨᠢ ᠨᠡᠯᠢᠶᠡᠳ ᠢᠯᠡᠷᠬᠡᠢ ᠪᠠᠶᠢᠵᠦ᠂ ᠬᠠᠷᠢᠨ ᠬᠤᠮᠵᠢᠮ ᠨᠢ 0.1Gy?? h-1  ᠠᠴᠠ ᠳᠣᠣᠷ᠎ᠠ ᠪᠣᠶᠤ ᠡᠰᠡᠭᠦᠯ᠎ᠡ 1Gy??min-1 ᠠᠴᠠ ᠶᠡᠭᠡ ᠪᠣᠯᠪᠠᠯ ᠲᠡᠶᠢᠮᠦ ᠢᠯᠡᠷᠬᠡᠢ ᠪᠢᠰᠢ ᠪᠣᠯᠳᠠᠭ᠃ 0.1Gy??h-1 ᠠᠴᠠ ᠬᠡᠲᠦᠷᠡᠭᠰᠡᠨ ᠳᠣᠣᠷ᠎ᠠ LET ᠰᠠᠴᠤᠷᠠᠯ ᠤᠨ ᠦᠢᠰᠭᠡᠯ ᠨᠢ ᠬᠠᠮᠤᠭ ᠶᠡᠭᠡ ᠪᠠᠶᠢᠵᠦ᠂ ᠳᠡᠭᠡᠷ᠎ᠡ LET ᠰᠠᠴᠤᠷᠠᠯ ᠳᠤ ᠠᠪᠴᠤ ᠬᠡᠯᠡᠪᠡᠯ᠂ ᠨᠢᠭᠡᠴᠢ ᠰᠢᠩᠭᠡᠭᠡᠴᠡ ᠶᠢᠨ ᠬᠤᠮᠵᠢᠮ ᠤᠨ ᠡᠭᠦᠰᠭᠡᠬᠦ ᠦᠢᠰᠭᠡᠯ ᠤᠨ ᠳᠠᠪᠲᠠᠮᠵᠢ ᠪᠠ ᠬᠦᠨᠲᠤ ᠰᠦᠷᠡᠬᠡᠢ ᠪᠠᠶᠢᠳᠠᠯ ᠨᠢ ᠪᠦᠷ ᠨᠡᠯᠢᠶᠡᠳ ᠦᠨᠳᠦᠷ ᠪᠠᠶᠢᠳᠠᠭ᠃        1986 ᠣᠨ ᠳᠤ᠂ ᠣᠯᠠᠨ ᠤᠯᠤᠰ ᠤᠨ ᠬᠤᠯᠪᠤᠭᠠᠲᠤ ᠪᠠᠶᠢᠭᠤᠯᠤᠯᠭ᠎ᠠ ᠶᠢᠨ ᠰᠠᠴᠤᠷᠠᠯ ᠤᠨ ᠦᠢᠰᠭᠡᠯ ᠤᠨ ᠵᠦᠪᠯᠡᠯ ᠠᠴᠠ ᠳᠡᠭᠡᠷ᠎ᠡ᠂ ᠳᠤᠮᠳᠠ᠂ ᠳᠣᠣᠷ᠎ᠠ ᠬᠤᠮᠵᠢᠮ ᠪᠠ ᠬᠤᠮᠵᠢᠮᠵᠢ ᠶᠢ ᠠᠩᠬᠢᠯᠠᠬᠤ ᠲᠤᠬᠠᠢ ᠳᠣᠣᠷᠠᠬᠢ ᠮᠡᠲᠤ ᠲᠣᠳᠤᠷᠬᠠᠢ ᠰᠠᠨᠠᠭᠤᠯᠭ᠎ᠠ ᠶᠢ ᠳᠤᠷᠠᠳᠤᠭᠰᠠᠨ ᠪᠠᠶᠢᠳᠠᠭ᠃        ᠳᠣᠣᠷ᠎ᠠ ᠬᠤᠮᠵᠢᠮ᠄ ᠳᠣᠣᠷ᠎ᠠ LET ᠰᠠᠴᠤᠷᠠᠯ ᠳᠤ <0.2Gy ᠠᠴᠠ ᠪᠠᠭ᠎ᠠ᠂ ᠳᠡᠭᠡᠷ᠎ᠡ LET ᠰᠠᠴᠤᠷᠠᠯ ᠳᠤ <0.05Gy        ᠳᠤᠮᠳᠠ ᠬᠤᠮᠵᠢᠮ᠄ ᠳᠣᠣᠷ᠎ᠠ LET ᠰᠠᠴᠤᠷᠠᠯ ᠳᠤ 0.2~2.0Gy᠂ ᠳᠡᠭᠡᠷ᠎ᠡ LET ᠰᠠᠴᠤᠷᠠᠯ ᠳᠤ 0.05~0.5Gy        ᠳᠡᠭᠡᠷ᠎ᠡ ᠬᠤᠮᠵᠢᠮ᠄ ᠳᠣᠣᠷ᠎ᠠ LET ᠰᠠᠴᠤᠷᠠᠯ ᠳᠤ >2.0Gy᠂ ᠳᠡᠭᠡᠷ᠎ᠡ LET ᠰᠠᠴᠤᠷᠠᠯ ᠳᠤ >0.5Gy        ᠳᠣᠣᠷ᠎ᠠ ᠬᠤᠮᠵᠢᠮᠵᠢ᠄ ᠳᠣᠣᠷ᠎ᠠ LET ᠰᠠᠴᠤᠷᠠᠯ ᠳᠤ <0.05mGy/min᠂ ᠳᠡᠭᠡᠷ᠎ᠡ LET ᠰᠠᠴᠤᠷᠠᠯ ᠳᠤ <0.05mGy/min        ᠳᠤᠮᠳᠠ ᠬᠤᠮᠵᠢᠮᠵᠢ᠄ ᠳᠣᠣᠷ᠎ᠠ LET ᠰᠠᠴᠤᠷᠠᠯ ᠳᠤ 0.05mGy/min~0.05Gy/min  ᠂ ᠳᠡᠭᠡᠷ᠎ᠡ LET ᠰᠠᠴᠤᠷᠠᠯ ᠳᠤ 0.05mGy/min~0.05Gy/min        ᠳᠡᠭᠡᠷ᠎ᠡ ᠬᠤᠮᠵᠢᠮᠵᠢ᠄ ᠳᠣᠣᠷ᠎ᠠ LET ᠰᠠᠴᠤᠷᠠᠯ ᠳᠤ >0.05Gy/min᠂ ᠳᠡᠭᠡᠷ᠎ᠡ LET ᠰᠠᠴᠤᠷᠠᠯ ᠳᠤ >0.05Gy/min        ᠳᠤᠰᠬᠠᠬᠤ ᠨᠦᠭᠦᠴᠡᠯ᠄ ᠶᠡᠷᠦᠩᠬᠡᠢ ᠳᠤᠨᠢ ᠠᠪᠴᠤ ᠬᠡᠯᠡᠪᠡᠯ᠂ ᠪᠡᠶ᠎ᠡ ᠶᠢᠨ ᠭᠠᠳᠠᠨ᠎ᠠ ᠠᠴᠠ ᠳᠤᠰᠠᠬᠤ ᠰᠠᠴᠤᠷᠠᠭ ᠨᠢ ᠲᠦᠷᠭᠡᠨ ᠴᠢᠨᠠᠷᠲᠤ ᠦᠢᠰᠭᠡᠯ ᠢ ᠠᠮᠠᠷᠬᠠᠨ ᠡᠲᠦᠵᠦ᠂ ᠪᠡᠶ᠎ᠡ ᠶᠢᠨ ᠳᠣᠲᠤᠷ᠎ᠠ ᠣᠷᠤᠭᠰᠠᠨ ᠰᠠᠴᠤᠷᠠᠭᠲᠤ ᠪᠣᠳᠠᠰ ᠨᠢ ᠤᠳᠠᠭᠠᠨ ᠴᠢᠨᠠᠷᠲᠤ ᠦᠢᠰᠭᠡᠯ ᠭᠠᠷᠭᠠᠬᠤ ᠨᠢ ᠠᠷᠪᠢᠨ ᠪᠠᠶᠢᠳᠠᠭ᠃ χ᠂ γ ᠪᠣᠯᠣᠨ ᠨᠧᠲᠷᠣᠨ ᠨᠢ ᠭᠤᠣᠯᠳᠠᠭᠤ ᠭᠠᠳᠠᠨ᠎ᠠ ᠠᠴᠠ ᠳᠤᠰᠠᠬᠤ ᠦᠢᠰᠭᠡᠯ ᠢ ᠡᠲᠦᠵᠦ᠂ ᠬᠠᠷᠢᠨ α ᠪᠣᠯᠣᠨ β ᠮᠦᠬᠦᠯᠢᠭ ᠨᠢ ᠲᠤᠲᠤᠷ ᠲᠤᠰᠤᠭᠰᠠᠨ ᠦᠢᠰᠭᠡᠯ ᠳᠤ ᠭᠤᠣᠯ ᠪᠠᠶᠢᠷᠢ ᠶᠢ ᠡᠵᠡᠯᠡᠳᠡᠭ᠃ ᠠᠳᠠᠯᠢᠬᠠᠨ ᠬᠤᠮᠵᠢᠮ ᠤᠨ ᠳᠤᠰᠬᠠᠯᠲᠠ ᠶᠢᠨ ᠭᠤᠣᠯ ᠪᠡᠶ᠎ᠡ ᠳᠤ ᠡᠲᠦᠬᠦ ᠦᠢᠰᠭᠡᠯ ᠨᠢ ᠳᠦᠷᠪᠡᠨ ᠮᠦᠴᠢ ᠳᠤ ᠡᠭᠦᠰᠭᠡᠬᠦ ᠦᠢᠰᠭᠡᠯ  ᠠᠴᠠ ᠬᠦᠨᠳᠤ ᠰᠦᠷᠡᠬᠡᠢ ᠪᠠᠶᠢᠳᠠᠭ᠃ ᠲᠤᠰᠤᠭᠰᠠᠨ ᠲᠠᠯᠠᠪᠠᠢ ᠨᠢ ᠪᠠᠭ᠎ᠠ ᠪᠣᠯᠬᠤ ᠳᠣᠲᠤᠮ ᠰᠠᠴᠤᠷᠠᠯ ᠤᠨ ᠦᠢᠰᠭᠡᠯ ᠨᠢ ᠤᠯᠠᠮ ᠬᠦᠡᠭᠭᠡᠨ ᠪᠠᠶᠢᠳᠠᠭ᠃ ᠬᠡᠷᠪᠡ ᠳᠤᠰᠬᠠᠭᠳᠠᠭᠰᠠᠨ ᠲᠠᠯᠠᠪᠠᠢ ᠨᠢ ᠶᠡᠬᠡᠰᠦᠭᠡᠳ ᠪᠦᠬᠦ ᠪᠡᠶ᠎ᠡ ᠶᠢᠨ ᠲᠠᠯᠠᠪᠠᠢ ᠶᠢᠨ 1/3 ᠶᠢ ᠡᠵᠡᠯᠡᠪᠡᠯ᠂ ᠳᠠᠷᠤᠢ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠣᠯᠳᠠᠭ᠃        ︵2︶ ᠲᠤᠰᠬᠠᠭᠳᠠᠭᠰᠠᠨ ᠡᠲᠡᠭᠡᠳ ᠲᠠᠢ ᠬᠤᠯᠪᠤᠭᠳᠠᠬᠤ ᠰᠢᠯᠲᠠᠭᠠᠨ        ᠰᠠᠴᠤᠷᠠᠯ ᠤᠨ ᠦᠢᠰᠭᠡᠯ ᠤᠨ ᠬᠦᠨᠳᠤ ᠨᠣᠴᠢᠲᠤ ᠬᠡᠮᠵᠢᠶ᠎ᠡ ᠨᠢ ᠪᠠᠰᠨ ᠲᠤᠰᠬᠠᠭᠳᠠᠭᠰᠠᠨ ᠬᠦᠮᠦᠰ ᠤᠨ ᠪᠠᠶᠢᠳᠠᠯ ᠲᠠᠢ ᠠᠷᠪᠢᠨ ᠬᠤᠯᠪᠤᠭᠳᠠᠳᠠᠭ᠃ ᠭᠤᠣᠯᠳᠠᠭᠤ ᠠᠳᠠᠯᠢ ᠪᠤᠰᠤ ᠡᠭᠦᠯᠳᠡᠷ᠂ ᠠᠳᠠᠯᠢ ᠪᠤᠰᠤ ᠣᠷᠭᠠᠨᠢᠭ ᠪᠡᠶᠡᠲᠤ ᠪᠣᠯᠣᠨ ᠡᠷᠬᠡᠲᠡᠨ ᠨᠡᠬᠡᠳᠡᠰᠤ ᠴᠢᠨᠠᠭᠰᠢᠯᠠᠪᠠᠯ ᠠᠳᠠᠯᠢ ᠪᠤᠰᠤ ᠡᠰ ᠤᠨ ᠰᠠᠴᠤᠷᠠᠯ ᠳᠠᠬᠢ ᠰᠡᠷᠭᠡᠭ ᠤᠨ ᠬᠡᠮᠵᠢᠶ᠎ᠡ ᠲᠠᠢ ᠬᠤᠯᠪᠤᠭᠳᠠᠯ ᠲᠠᠢ ᠪᠠᠶᠢᠳᠠᠭ᠃ ᠡᠰ᠂ ᠨᠡᠬᠡᠳᠡᠰᠤ᠂ ᠡᠷᠬᠡᠲᠡᠨ᠂ ᠣᠷᠭᠠᠨᠢᠭ ᠪᠡᠶᠡᠲᠤ ᠪᠣᠶᠤ ᠠᠯᠢᠪᠠ ᠠᠮᠢ ᠨᠠᠰᠤ ᠪᠦᠬᠦᠢ ᠪᠣᠳᠠᠰ ᠤᠳ ᠤᠨ ᠰᠠᠴᠤᠷᠠᠯ ᠤᠨ ᠭᠡᠮᠲᠦᠯ ᠤᠨ ᠦᠢᠯᠡᠴᠢᠯᠡᠯ ᠳᠠᠬᠢ ᠬᠠᠷᠢᠴᠠᠩᠭᠤᠢ ᠰᠡᠷᠭᠡᠭ ᠤᠨ ᠬᠡᠮᠵᠢᠶ᠎ᠡ ᠶᠢ ᠰᠠᠴᠤᠷᠠᠯ ᠳᠤ ᠰᠡᠷᠭᠡᠭ ᠴᠢᠨᠠᠷ  ︵radiosensitivity︶ ᠭᠡᠨ᠎ᠡ᠃ ᠰᠠᠴᠤᠷᠠᠯ ᠳᠤ ᠰᠡᠷᠭᠡᠭ ᠴᠢᠨᠠᠷ ᠪᠣᠯ ᠳᠠᠷᠤᠢ ᠳᠤᠰᠬᠠᠭᠳᠠᠭᠰᠠᠨ ᠨᠦᠭᠦᠴᠡᠯ ᠪᠦᠷᠢᠮᠦᠰᠦᠨ ᠠᠳᠠᠯᠢ ᠪᠠᠶᠢᠳᠠᠯ ᠤᠨ ᠳᠣᠣᠷ᠎ᠠ᠂ ᠮᠦᠨ ᠨᠢᠭᠡᠨ ᠵᠦᠢᠯ ᠤᠨ ᠰᠠᠴᠤᠷᠠᠯ ᠤᠨ ᠦᠢᠰᠭᠡᠯ ᠡᠭᠦᠰᠬᠦ ᠬᠤᠷᠳᠤᠴᠠ ᠪᠣᠯᠣᠨ ᠬᠦᠨᠳᠤ ᠰᠦᠷᠡᠬᠡᠢ ᠬᠡᠮᠵᠢᠶ᠎ᠡ ᠶᠢ ᠬᠡᠯᠡᠨ᠎ᠡ᠃        ᠠᠮᠢᠲᠠᠨ ᠤ ᠲᠦᠷᠦᠯ᠄ ᠬᠤᠮᠵᠢᠮ ᠪᠣᠯᠣᠨ ᠬᠤᠮᠵᠢᠮᠵᠢ ᠨᠢ ᠠᠳᠠᠯᠢᠬᠠᠨ ᠪᠠᠶᠢᠳᠠᠯ ᠳᠣᠣᠷ᠎ᠠ ᠰᠡᠭᠡᠷᠲᠡᠨ ᠤ ᠠᠩᠬᠢ ᠶᠢᠨ ᠬᠦᠬᠦᠲᠡᠨ ᠨᠢ ᠪᠤᠰᠤᠳ ᠡᠯ᠎ᠡ ᠵᠦᠢᠯ ᠤᠨ ᠠᠮᠢᠲᠠᠳ ᠠᠴᠠ ᠪᠦᠷ ᠰᠡᠷᠭᠡᠭ ᠰᠢᠭ ᠪᠠᠶᠢᠵᠦ᠂ ᠬᠠᠷᠢᠨ ᠬᠦᠮᠦᠨ ᠲᠦᠷᠦᠯᠬᠢᠲᠡᠨ ᠨᠢ ᠬᠦᠬᠦᠲᠡᠨ ᠪᠣᠯᠤᠭᠰᠠᠨ ᠤ ᠬᠤᠪᠢ ᠳᠤ ᠵᠦᠪᠬᠡᠨ ᠠᠨᠠᠶᠢᠬᠠᠨ ᠡᠰᠡᠷᠭᠦᠴᠡᠬᠦ ᠴᠢᠳᠠᠯ ᠲᠠᠢ ᠯᠨ ᠪᠠᠶᠢᠳᠠᠭ᠃        ᠨᠠᠰᠤ ᠪᠠ ᠬᠦᠢᠰᠦ᠄  ᠵᠠᠯᠠᠭᠤ ᠬᠦᠮᠦᠰ ᠨᠢ ᠦᠲᠡᠭᠦᠰ ᠠᠴᠠ ᠰᠡᠷᠭᠡᠭ ᠪᠠᠶᠢᠵᠦ ᠵᠢᠱᠢᠶᠡᠯᠡᠪᠡᠯ 20 ᠭᠠᠳ ᠨᠠᠰᠤᠨ ᠤ ᠬᠦᠮᠦᠰ ᠤᠳ ᠨᠢ 50 ᠭᠠᠳ ᠨᠠᠰᠤᠨ ᠤ ᠬᠦᠮᠦᠰ ᠠᠴᠠ 2 ᠳᠠᠬᠢᠨ ᠤᠨ ᠰᠡᠷᠭᠡᠭ ᠪᠠᠶᠢᠳᠠᠭ᠃ ᠦᠷ᠎ᠡ ᠲᠣᠭᠲᠠᠭᠰᠠᠨ ᠤ ᠬᠤᠶᠢᠨ᠎ᠠ ᠪᠠᠷᠤᠭ 38 ᠡᠳᠦᠷ ᠤᠨ ᠬᠦᠪᠦᠷᠡᠯ ᠨᠢ> ᠬᠦᠪᠦᠷᠡᠯ ᠤᠨ ᠬᠤᠭᠤᠴᠠᠭ᠎ᠠ> ᠬᠡᠤᠬᠡᠳ> ᠪᠠᠭᠠᠴᠤᠳ> ᠵᠠᠯᠠᠭᠤᠴᠤᠳ> ᠢᠳᠡᠷᠴᠦᠳ ᠠᠴᠠ ᠰᠡᠷᠭᠡᠭ ᠪᠠᠶᠢᠳᠠᠭ᠃ ᠡᠮᠡᠭᠲᠠᠶᠢᠴᠤᠳ ᠨᠢ ᠰᠠᠴᠤᠷᠠᠭ ᠲᠤ ᠡᠷᠡᠭᠲᠠᠶᠢᠴᠤᠳ ᠠᠴᠠ ᠰᠡᠷᠭᠡᠭ ᠪᠠᠶᠢᠳᠠᠭ᠃ ᠶᠡᠷᠦᠳᠡᠭᠡᠨ ᠨᠠᠰᠤ ᠪᠠᠭ᠎ᠠ ᠦᠶᠡᠰ ᠲᠤ ᠰᠠᠴᠤᠷᠠᠭ ᠲᠤ ᠳᠤᠰᠬᠠᠭᠳᠠᠪᠠᠯ ᠨᠡᠩ ᠬᠢᠯᠪᠠᠷᠬᠠᠨ ᠢᠶᠠᠷ ᠴᠣᠯᠬᠤᠡᠭ ᠣᠯᠵᠦ᠂ ᠢᠯᠠᠩᠭᠤᠶ᠎ᠠ ᠬᠦᠬᠦᠨ ᠪᠣᠯᠴᠢᠷᠬᠠᠢ ᠶᠢᠨ ᠴᠣᠯᠬᠤᠡᠭ ᠪᠣᠯᠣᠨ ᠪᠠᠮᠪᠠᠢ ᠪᠣᠯᠴᠢᠷᠬᠠᠢ ᠶᠢᠨ ᠴᠣᠯᠬᠤᠡᠭ᠂ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ ᠠᠶᠤᠯ ᠲᠦᠭᠰᠢᠭᠦᠷᠢ ᠨᠢ ᠲᠠᠰᠤᠷᠠᠯᠲᠠ ᠦᠭᠡᠢ ᠪᠠᠭᠤᠷᠠᠳᠠᠭ᠃ ᠭᠡᠪᠡᠴᠤ ᠵᠠᠷᠢᠮ ᠨᠢᠭᠡ ᠪᠦᠯᠦᠭ ᠴᠣᠯᠬᠤᠡᠭ ᠵᠢᠱᠢᠶᠡᠯᠡᠪᠡᠯ ᠴᠢᠰᠤ ᠴᠠᠶᠢᠬᠤ ᠡᠪᠡᠳᠴᠢᠨ ᠪᠣᠯᠣᠨ ᠡᠮᠡᠭᠲᠠᠶᠢᠴᠤᠳ ᠤᠨ ᠠᠭᠤᠰᠬᠢᠨ ᠴᠣᠯᠬᠤᠡᠭ ᠨᠢ ᠦᠲᠡᠯᠡᠭᠰᠡᠨ ᠤ ᠳᠠᠷᠠᠭ᠎ᠠ ᠦᠶᠡᠰ ᠲᠤ ᠲᠡᠭᠦᠨ ᠤ ᠲᠤᠰᠬᠠᠭᠳᠠᠭᠰᠠᠨ ᠤ ᠳᠠᠷᠠᠭᠠᠬᠢ ᠰᠡᠷᠭᠡᠭ ᠴᠢᠨᠠᠷ ᠨᠢ ᠳᠠᠬᠢᠨ ᠳᠡᠭᠡᠭᠰᠢᠯᠡᠳᠡᠭ᠃            ᠣᠷᠣᠨ ᠪᠠᠶᠢᠷᠢ᠄ ᠶᠡᠷᠦᠳᠡ ᠶᠢᠨ ᠪᠠᠶᠢᠳᠠᠯ ᠳᠤ ᠬᠦᠮᠦᠨ ᠤ ᠪᠡᠶ᠎ᠡ ᠶᠢᠨ ᠡᠯ᠎ᠡ ᠬᠡᠰᠡᠭ ᠤᠨ  ᠰᠠᠴᠤᠷᠠᠯ ᠳᠠᠬᠢ ᠰᠡᠷᠭᠡᠭ ᠴᠢᠨᠠᠷ ᠢᠶᠠᠷ ᠠᠪᠴᠤ ᠬᠡᠯᠡᠪᠡᠯ᠂ ᠬᠡᠪᠡᠯᠢ  ᠶᠢᠨ ᠬᠡᠰᠡᠭ ᠨᠢ > ᠠᠭᠠᠷᠴᠠᠭ ᠤᠨ ᠬᠦᠨᠳᠡᠢ > ᠲᠣᠯᠤᠭᠠᠢ ᠶᠢᠨ ᠬᠡᠰᠡᠭ > ᠴᠡᠭᠡᠵᠢ ᠶᠢᠨ ᠬᠡᠰᠡᠭ > ᠳᠦᠷᠪᠡᠨ ᠮᠦᠴᠢ ᠠᠴᠠ ᠲᠤᠰ ᠲᠤᠰ ᠢᠯᠡᠭᠦᠦ ᠰᠡᠷᠭᠡᠭ  ᠪᠠᠶᠢᠳᠠᠭ᠃        ᠡᠷᠬᠡᠲᠡᠨ ᠨᠡᠬᠡᠳᠡᠰᠤ᠄ ᠵᠣᠬᠢᠬᠤ ᠬᠤᠮᠵᠢᠮ ᠤᠨ ᠰᠠᠴᠤᠷᠠᠯ ᠤᠨ ᠦᠢᠯᠡᠴᠢᠯᠡᠯ ᠳᠣᠣᠷ᠎ᠠ ᠡᠯ᠎ᠡ ᠨᠡᠬᠡᠳᠡᠰᠤ ᠲᠤ ᠡᠭᠦᠰᠬᠦ ᠭᠡᠮᠲᠦᠯ ᠤᠨ ᠬᠦᠨᠳᠤ ᠨᠣᠴᠢᠲᠤ ᠬᠡᠮᠵᠢᠶ᠎ᠡ  ᠨᠢ ᠪᠠᠰᠨ ᠲᠡᠳᠡᠨ ᠤ ᠰᠠᠴᠤᠷᠠᠯ ᠤᠨ ᠰᠡᠷᠭᠡᠭ ᠴᠢᠨᠠᠷ ᠲᠠᠢ ᠰᠢᠭᠤᠳ ᠬᠤᠯᠪᠤᠭ᠎ᠠ ᠲᠠᠢ ᠪᠠᠶᠢᠳᠠᠭ᠃ ᠨᠡᠯᠢᠶᠡᠳ ᠶᠡᠭᠡ ᠵᠦᠷᠢᠶ᠎ᠡ ᠲᠠᠢ ᠪᠠᠶᠢᠳᠠᠭ᠃ ᠬᠦᠮᠦᠨ ᠤ ᠪᠡᠶ᠎ᠡ ᠶᠢᠨ ᠡᠯ᠎ᠡ ᠡᠷᠬᠡᠲᠡᠨ ᠪᠣᠶᠤ ᠨᠡᠬᠡᠳᠡᠰᠤ ᠶᠢᠨ ᠰᠠᠴᠤᠷᠠᠯ ᠳᠤ ᠰᠡᠷᠭᠡᠭ ᠤᠨ ᠪᠠᠶᠢᠳᠠᠯ ᠢᠶᠠᠷ ᠨᠢ ᠲᠡᠳᠡᠨ ᠢ ᠶᠡᠭᠡ ᠰᠡᠷᠭᠡᠭ᠂ ᠨᠡᠯᠢᠶᠡᠳ ᠰᠡᠷᠭᠡᠭ᠂  ᠪᠠᠭ᠋ᠠᠨ ᠰᠡᠷᠭᠡᠭ ᠪᠠ ᠰᠡᠷᠭᠡᠭ ᠪᠤᠰᠤ ᠭᠡᠵᠦ ᠶᠡᠭᠡ ᠲᠦᠯᠦᠪ ᠳᠦᠷᠪᠡᠨ ᠲᠦᠷᠦᠯ ᠳᠤ ᠠᠩᠬᠢᠯᠠᠳᠠᠭ᠃        ᠶᠡᠭᠡ ᠰᠡᠷᠭᠡᠭ ᠡᠷᠬᠡᠲᠡᠨ ᠪᠣᠶᠤ ᠨᠡᠬᠡᠳᠡᠰᠤ ᠨᠦᠭᠦᠳ ᠲᠤ᠄ ᠯᠢᠮᠹ ᠨᠡᠬᠡᠳᠡᠰᠤ ︵ᠯᠢᠮᠹ ᠤᠨ ᠡᠰ ᠪᠣᠯᠣᠨ ᠨᠢᠯᠬ᠎ᠠ ᠯᠢᠮᠹ ᠤᠨ ᠡᠰ︶᠂ ᠴᠡᠭᠡᠵᠢᠨ ᠪᠣᠯᠴᠢᠷᠬᠠᠢ ︵ᠴᠡᠭᠡᠵᠢᠨ ᠪᠣᠯᠴᠢᠷᠬᠠᠢ ᠶᠢᠨ ᠡᠰ︶᠂ ᠴᠢᠮᠦᠭᠡ ︵ᠨᠢᠯᠬ᠎ᠠ ᠤᠯᠠᠭᠠᠨ᠂  ᠠᠷᠤᠷᠠᠯᠢᠭ ᠪᠡᠶᠡᠲᠤ ᠪᠣᠯᠣᠨ ᠠᠪᠤᠷᠭᠤ ᠴᠦᠮᠡᠲᠤ ᠡᠰ︶᠂ ᠬᠤᠳᠤᠭᠤᠳᠣ ᠭᠡᠳᠡᠰᠦᠨ ᠤ ᠦᠡᠭᠭᠡᠨ ᠬᠠᠯᠢᠰᠤ ︵ᠣᠨᠴᠤᠭᠤᠶᠢᠯᠠᠨ ᠨᠠᠷᠢᠨ ᠭᠡᠳᠡᠰᠦᠨ ᠤ ᠤᠡᠭᠬᠤᠯ ᠤᠨ ᠦᠡᠭᠭᠡᠨ ᠡᠰ︶᠂ ᠪᠡᠯᠬᠡ ᠶᠢᠨ ᠡᠰ ︵ᠵᠠᠰᠠᠭ᠎ᠠ ᠪᠣᠯᠣᠨ ᠦᠨᠳᠡᠭᠡᠪᠴᠢ ᠶᠢᠨ ᠦᠷᠡᠵᠢᠯ ᠤᠨ ᠡᠰ︶᠂ ᠬᠦᠪᠦᠷᠡᠯ ᠤᠨ ᠨᠡᠬᠡᠳᠡᠰᠤ᠂ ᠬᠡᠪᠲᠡᠰᠢᠨ ᠳᠠᠬᠢ ᠬᠡᠤᠬᠡᠳ᠂ ᠳᠡᠯᠢᠭᠦᠦ ᠵᠡᠷᠭᠡ ᠪᠣᠢ᠃        ᠨᠡᠯᠢᠶᠡᠳ ᠰᠡᠷᠭᠡᠭ ᠡᠷᠬᠡᠲᠡᠨ ᠪᠣᠶᠤ ᠨᠡᠬᠡᠳᠡᠰᠤ ᠨᠦᠭᠦᠳ ᠲᠤ᠄ ᠰᠡᠷᠡᠯ ᠤᠨ ᠡᠷᠬᠡᠲᠡᠨ ︵ᠡᠪᠡᠷᠯᠢᠭ ᠪᠦᠷᠬᠦᠪᠴᠢ᠂ ᠨᠢᠳᠦᠨ ᠪᠣᠯᠣᠷ᠂ ᠨᠢᠳᠦᠨ ᠤ ᠰᠠᠯᠢᠰᠤᠲᠤ ᠪᠦᠷᠬᠦᠪᠴᠢ︶᠂ ᠳᠣᠲᠤᠷ ᠦᠡᠭᠭᠡᠨ ᠡᠰ᠂ ᠠᠷᠠᠰᠤᠨ ᠤ ᠬᠦᠷᠦᠰᠤ᠂ ᠰᠢᠯᠦᠰᠦᠨ ᠪᠣᠯᠴᠢᠷᠬᠠᠢ᠂ ᠪᠦᠭᠡᠷ᠎ᠡ᠂ ᠡᠯᠢᠭᠡ ᠪᠣᠯᠣᠨ ᠠᠭᠤᠰᠬᠢᠨ ᠤ ᠦᠡᠭᠭᠡᠨ ᠡᠰ᠂ ᠰᠠᠮᠰᠢᠭᠤ ᠵᠡᠷᠭᠡ ᠪᠣᠢ᠃        ᠪᠠᠭ᠋ᠠᠨ ᠰᠡᠷᠭᠡᠭ ᠡᠷᠬᠡᠲᠡᠨ ᠪᠣᠶᠤ ᠨᠡᠬᠡᠳᠡᠰᠤ ᠨᠦᠭᠦᠳ ᠲᠤ᠄ ᠭᠤᠣᠯ ᠮᠡᠳᠡᠷᠡᠯ ᠤᠨ ᠰᠢᠰᠲ᠋ᠧᠮ᠂ ᠳᠣᠲᠤᠭᠠᠳᠤ ᠱᠦᠭᠦᠷᠡᠯᠡᠯ ᠤᠨ ᠪᠣᠯᠴᠢᠷᠬᠠᠢ ︵ᠪᠡᠯᠭᠡ ᠶᠢᠨ ᠪᠣᠯᠴᠢᠷᠬᠠᠢ ᠠᠴᠠ ᠪᠤᠰᠤᠳ︶᠂ ᠵᠢᠷᠦᠬᠡ᠂ ᠡᠯᠢᠭᠡ᠂ ᠰᠤᠳᠠᠯ ᠵᠡᠷᠭᠡ ᠪᠣᠢ᠃        ᠰᠡᠷᠭᠡᠭ ᠪᠤᠰᠤ ᠡᠷᠬᠡᠲᠡᠨ ᠪᠣᠶᠤ ᠨᠡᠬᠡᠳᠡᠰᠤ ᠨᠦᠭᠦᠳ ᠲᠤ᠄ ᠪᠣᠯᠴᠢᠩ᠂ ᠮᠦᠬᠡᠷᠰᠤ ᠪᠣᠯᠣᠨ ᠶᠠᠰᠤᠨ ᠨᠡᠬᠡᠳᠡᠰᠤ᠂ ᠬᠡᠯᠬᠢᠶ᠎ᠡ ᠨᠡᠬᠡᠳᠡᠰᠤ᠂ ᠮᠡᠳᠡᠷᠡᠯ ᠵᠡᠷᠭᠡ ᠪᠣᠢ᠃        ᠡᠭᠦᠨ ᠠᠴᠠ ᠭᠠᠳᠠᠨ᠎ᠠ ᠲᠦᠷᠭᠡᠨ ᠦᠷᠡᠵᠢᠯᠲᠤ ᠡᠰ ᠢᠶᠠᠷ ᠪᠦᠲᠦᠭᠰᠡᠨ ᠴᠢᠮᠦᠭᠡ᠂ ᠪᠡᠯᠬᠡ ᠶᠢᠨ ᠪᠣᠯᠴᠢᠷᠬᠠᠢ ᠪᠣᠯᠣᠨ ᠭᠡᠳᠡᠰᠦᠨ ᠤ ᠦᠡᠭᠭᠡᠨ ᠬᠠᠯᠢᠰᠤ᠂ ᠨᠢᠳᠦᠨ ᠪᠣᠯᠣᠷ ᠵᠡᠷᠭᠡ ᠡᠷᠬᠡᠲᠡᠨ ᠨᠡᠬᠡᠳᠡᠰᠤ ᠨᠤᠭᠤᠳ ᠨᠢ ᠰᠠᠴᠤᠷᠠᠯ ᠳᠤ ᠨᠡᠯᠢᠶᠡᠳ ᠰᠡᠷᠭᠡᠭ ᠲᠤᠯᠠᠲᠠ ᠬᠤᠣᠷ ᠬᠦᠨᠦᠭᠡᠯ ᠨᠢ ᠡᠷᠲᠡ ᠢᠯᠡᠷᠡᠳᠡᠭ᠃ ᠬᠠᠷᠢᠨ ᠠᠯᠭᠤᠷ ᠦᠷᠡᠵᠢᠯᠲᠤ ᠡᠰ ᠢᠶᠠᠷ ᠪᠦᠲᠦᠭᠰᠡᠨ ᠡᠯᠢᠭᠡ᠂ ᠪᠦᠭᠡᠷ᠎ᠡ ᠪᠣᠯᠣᠨ ᠲᠠᠷᠢᠬᠢ ᠵᠡᠷᠭᠡ ᠡᠷᠬᠡᠲᠡᠨ ᠨᠡᠬᠡᠳᠡᠰᠤ ᠨᠤᠭᠤᠳ ᠨᠢ ᠰᠠᠴᠤᠷᠠᠯ ᠳᠤ ᠲᠡᠶᠢᠮᠦ ᠰᠦᠷᠡᠬᠡᠢ ᠰᠡᠷᠭᠡᠭ ᠪᠢᠰᠢ ᠪᠣᠯᠬᠤᠷ ᠬᠤᠣᠷ ᠬᠦᠨᠦᠭᠡᠯ ᠨᠢ ᠣᠷᠣᠢ ᠢᠯᠡᠷᠡᠳᠡᠭ᠃ ᠶᠡᠷᠦᠩᠬᠡᠢ ᠳᠤᠨᠢ ᠠᠪᠴᠤ ᠬᠡᠯᠡᠪᠡᠯ ᠪᠠᠭ᠎ᠠ ᠰᠢᠭ ᠡᠷᠬᠡᠲᠡᠨ> ᠲᠣᠮᠤ ᠰᠢᠭ᠋ ᠡᠷᠬᠡᠲᠡᠨ᠂ ᠴᠢᠬᠤᠯᠨ ᠡᠷᠬᠡᠲᠡᠨ > ᠡᠩ ᠤᠨ ᠡᠷᠬᠡᠲᠡᠨ ᠠᠴᠠ ᠢᠯᠡᠭᠦᠦ ᠰᠡᠷᠭᠡᠭ ᠪᠠᠶᠢᠵᠦ᠂ ᠪᠠᠮᠪᠠᠢ ᠪᠣᠯᠴᠢᠷᠬᠠᠢ> ᠠᠭᠤᠰᠬᠢ> ᠤᠯᠠᠭᠠᠨ ᠴᠢᠮᠦᠭᠡ> ᠬᠦᠬᠦᠨ ᠪᠣᠯᠴᠢᠷᠬᠠᠢ> ᠶᠠᠰᠤ ᠠᠴᠠ ᠰᠡᠷᠭᠡᠭ ᠪᠠᠶᠢᠳᠠᠭ᠃              ᠡᠰ᠄ ᠳᠠᠩ ᠭᠠᠭᠴᠠ ᠡᠰ ᠲᠤ ᠠᠪᠴᠤ ᠬᠡᠯᠡᠪᠡᠯ᠂ ᠡᠰ ᠤᠨ ᠪᠦᠭᠡᠮ > ᠡᠰ ᠤᠨ ᠰᠢᠩᠭᠡᠨ ᠠᠴᠠ ᠰᠡᠷᠭᠡᠭ ᠪᠠᠶᠢᠵᠦ᠂ ᠡᠰ ᠤᠨ ᠰᠢᠩᠭᠡᠨ ᠤ ᠳᠣᠲᠤᠷᠠᠬᠢ ᠠᠷᠤᠷᠠᠯᠢᠭ ᠪᠡᠶᠡᠲᠤ ᠶᠢᠨ ᠠᠷᠪᠢᠨ ᠴᠦᠬᠡᠨ ᠨᠢ ᠪᠠᠰᠨ ᠰᠠᠴᠤᠷᠠᠯ ᠳᠤ ᠰᠡᠷᠭᠡᠭ ᠡᠰᠡᠬᠦ ᠶᠢᠨ ᠴᠢᠬᠤᠯᠨ ᠰᠢᠯᠲᠠᠭᠠᠨ ᠪᠣᠯᠣᠨ᠎ᠠ᠃ ᠦᠳᠲᠡᠷ ᠲᠦᠷᠭᠡᠨ ᠦᠷᠡᠵᠢᠳᠡᠭ ᠮᠦᠷᠲᠡᠭᠡᠨ ᠨᠢᠯᠬ᠎ᠠ ᠡᠰ ᠨᠢ> ᠠᠯᠭᠤᠷ ᠦᠷᠡᠵᠢᠳᠡᠭ ᠮᠦᠷᠲᠡᠭᠡᠨ ᠦᠲᠡᠭᠦᠰ ᠡᠰ ᠠᠴᠠ ᠰᠡᠷᠭᠡᠭ᠃ ᠢᠯᠭᠠᠷᠠᠭᠠᠳᠤᠢ ᠡᠰ ᠤᠨ ᠲᠦᠷᠦᠯ ᠬᠡᠯᠪᠡᠷᠢ ᠨᠢ ᠢᠯᠭᠠᠷᠠᠭᠰᠠᠨ ᠡᠰ ᠤᠨ  ᠲᠦᠷᠦᠯ ᠬᠡᠯᠪᠡᠷᠢ ᠠᠴᠠ ᠨᠡᠩ ᠰᠡᠷᠭᠡᠭ ᠪᠠᠶᠢᠳᠠᠭ᠃ ᠭᠡᠪᠡᠴᠤ ᠪᠠᠰᠨ ᠡᠭᠦᠨ ᠠᠴᠠ ᠭᠠᠳᠠᠭᠤᠷ ᠴᠤ ᠪᠠᠰᠨ ᠪᠣᠢ᠂ ᠵᠢᠱᠢᠶᠡᠯᠡᠪᠡᠯ ᠯᠢᠮᠹ ᠤᠨ ᠡᠰ ᠪᠣᠯᠣᠨ ᠦᠨᠳᠡᠭᠡᠨ ᠡᠬᠡ ᠡᠰ ᠨᠢ ᠬᠡᠳᠦᠶᠢᠪᠡᠷ  ᠦᠷᠡᠵᠢᠬᠦ ᠦᠭᠡᠢ ᠪᠣᠯᠪᠠᠴᠤ ᠰᠠᠴᠤᠷᠠᠯ ᠳᠤ ᠨᠡᠯᠢᠶᠡᠳ ᠰᠡᠷᠭᠡᠭ ᠪᠠᠶᠢᠳᠠᠭ᠃ ᠴᠢᠰᠤ ᠪᠦᠲᠦᠭᠡᠬᠦ ᠡᠷᠬᠡᠲᠡᠨ ᠤ ᠡᠯ᠎ᠡ ᠵᠦᠢᠯ ᠤᠨ ᠡᠰ ᠤᠨ ᠰᠠᠴᠤᠷᠠᠭ ᠤᠨ ᠰᠡᠷᠭᠡᠭ ᠴᠢᠨᠠᠷ ᠨᠢ ᠯᠢᠮᠹ ᠤᠨ ᠡᠰ > ᠨᠢᠯᠬ᠎ᠠ ᠤᠯᠠᠭᠠᠨ ᠡᠰ> ᠨᠢᠯᠬ᠎ᠠ ᠲᠠᠩ ᠴᠦᠮᠡᠲᠤ ᠡᠰ> ᠨᠢᠯᠬ᠎ᠠ ᠮᠦᠬᠦᠯᠢᠭ ᠡᠰ> ᠠᠪᠤᠷᠭᠤ ᠴᠦᠮᠡᠲᠤ ᠡᠰ> ᠡᠯ᠎ᠡ ᠠᠶᠢᠮᠠᠭ ᠤᠨ ᠪᠡᠶ᠎ᠡ ᠭᠦᠢᠴᠡᠭᠰᠡᠨ ᠴᠢᠰᠤᠨ ᠡᠰ> ᠲᠣᠣᠷᠯᠢᠭ ᠳᠣᠲᠤᠷ ᠦᠡᠭᠭᠡᠨ ᠡᠰ ᠪᠣᠯᠣᠨ ᠦᠭᠡᠬᠦᠨ ᠡᠰ ᠠᠴᠠ ᠰᠡᠷᠭᠡᠭ ᠪᠠᠶᠢᠳᠠᠭ᠃ ᠴᠢᠰᠤᠨ ᠡᠰ ᠳᠠᠬᠢ ᠯᠢᠮᠹ ᠤᠨ ᠡᠰ > ᠤᠯᠠᠭᠠᠨ ᠡᠰ ᠤᠨ ᠡᠬᠡ ᠡᠰ> ᠮᠦᠬᠦᠯᠢᠭᠯᠢᠭ ᠴᠠᠭᠠᠨ ᠡᠰ> ᠴᠢᠰᠤᠨ ᠢᠯᠳᠠᠰᠤ ᠰᠡᠷᠭᠡᠭ ᠪᠠᠶᠢᠳᠠᠭ᠃  ᠡᠭᠦᠨ ᠠᠴᠠ ᠭᠠᠳᠠᠨ᠎ᠠ ᠦᠷᠡᠵᠢᠯ ᠤᠨ ᠡᠰ ᠨᠢ ᠮᠠᠬᠠᠪᠤᠳ ᠤᠨ ᠡᠰ ᠠᠴᠠ ᠰᠠᠴᠤᠷᠠᠭ ᠲᠤ ᠨᠡᠩ ᠰᠡᠷᠭᠡᠭ ᠪᠠᠶᠢᠳᠠᠭ᠃        ᠡᠭᠦᠨ ᠠᠴᠠ ᠭᠠᠳᠠᠨ᠎ᠠ᠂ ᠰᠠᠴᠤᠷᠠᠯ ᠤᠨ ᠰᠡᠷᠭᠡᠭ ᠴᠢᠨᠠᠷ ᠨᠢ ᠪᠠᠰᠨ ᠡᠰ ᠤᠨ ᠦᠶᠡᠯᠡᠯ ᠤᠨ ᠵᠠᠪᠰᠠᠷ ᠤᠨ ᠬᠤᠭᠤᠴᠠᠭᠠᠨ ᠳᠠᠬᠢ ᠪᠣᠲᠤᠭᠲᠠᠮᠠᠬᠠᠢ ᠪᠡᠶᠡᠲᠤ ᠶᠢᠨ ᠡᠵᠡᠯᠡᠭᠦᠨ ᠲᠠᠢ ᠰᠢᠭᠤᠳ ᠬᠠᠷᠢᠴᠠᠭ᠎ᠠ ᠲᠠᠢ᠂ ᠳᠠᠷᠤᠢ DNA ᠶᠢᠨ ᠠᠭᠤᠯᠤᠭᠳᠠᠴᠠ ᠲᠠᠢ ᠬᠤᠯᠪᠤᠭ᠎ᠠ ᠲᠠᠢ ᠪᠠᠶᠢᠳᠠᠭ᠃        ᠪᠦᠭᠡᠮ ᠬᠦᠴᠢᠯ᠄ DNA>mRNA>rRNA>tRNA> ᠤᠭᠤᠷᠠᠭ ᠠᠴᠠ ᠰᠡᠷᠭᠡᠭ ᠪᠠᠶᠢᠵᠦ᠂ DNA ᠶᠢᠨ ᠨᠡᠶᠢᠯᠡᠯᠭᠡ ᠶᠢᠨ ᠬᠤᠭᠤᠴᠠᠭ᠎ᠠ  ᠨᠢ ᠬᠠᠮᠤᠭ ᠠᠴᠠ ᠢᠯᠡᠭᠦᠦ ᠰᠡᠷᠭᠡᠭ ᠪᠠᠶᠢᠳᠠᠭ᠃        ᠭᠤᠷᠪᠠᠳᠤᠭᠠᠷ ᠬᠡᠰᠡᠭ   ᠮᠠᠭᠠᠳ ᠪᠤᠰᠤ ᠦᠢᠰᠭᠡᠯ        ᠰᠠᠴᠤᠷᠠᠭ ᠲᠤ ᠲᠤᠰᠬᠠᠭᠳᠠᠭᠰᠠᠨ ᠳᠠᠩ ᠭᠠᠭᠴᠠ ᠮᠠᠬᠠᠪᠤᠳ ᠤᠨ ᠡᠰ ᠪᠣᠶᠤ ᠦᠷᠡᠵᠢᠯ ᠤᠨ ᠡᠰ ᠤᠨ ᠣᠨᠳᠣᠣᠰᠢᠯ ᠠᠴᠠ ᠪᠣᠯᠵᠦ ᠬᠦᠮᠦᠰ ᠲᠤ ᠬᠡᠵᠢᠶ᠎ᠡ ᠬᠤᠶᠢᠨ᠎ᠡ ᠨᠢ ᠰᠠᠶ᠋ᠢ ᠢᠯᠡᠷᠡᠳᠡᠭ ᠡᠯ᠎ᠡ ᠵᠦᠢᠯ ᠤᠨ ᠴᠤᠯᠬᠤᠡᠭ ︵ᠦᠮᠡᠨ︶ ᠵᠢᠴᠢ ᠤᠳᠤᠮᠰᠢᠯ ᠤᠨ ᠡᠪᠡᠳᠴᠢᠨ ᠡᠮᠬᠡᠭ ᠤᠳ ᠢ ᠶᠡᠷᠦᠩᠬᠡᠶᠢᠯᠡᠭᠡᠳ ᠮᠠᠭᠠᠳ ᠪᠤᠰᠤ ᠦᠢᠰᠭᠡᠯ ︵Stochastic Effect︶ ᠭᠡᠳᠡᠭ᠃ ᠰᠠᠴᠤᠷᠠᠭ ᠪᠣᠯᠣᠨ ᠡᠰ ᠤᠨ ᠲᠠᠯ᠎ᠠ ᠠᠴᠠ ᠠᠯᠢ ᠨᠢᠭᠡ ᠰᠠᠴᠤᠷᠠᠭ ᠤᠨ ᠮᠦᠬᠦᠯᠢᠭ ᠨᠢ ᠬᠠᠷᠢᠯᠴᠠᠨ ᠦᠢᠯᠡᠴᠢᠯᠡᠬᠦ ᠪᠠ ᠠᠯᠢ ᠨᠢᠭᠡ ᠡᠰ ᠨᠢ ᠭᠡᠮᠲᠦᠬᠦ ᠵᠢᠴᠢ ᠭᠡᠮᠲᠦᠭᠰᠡᠨ ᠡᠰ ᠤᠨ ᠠᠯᠢ ᠨᠢᠭᠡ ᠨᠢ ᠣᠨᠳᠣᠣᠰᠢᠬᠤ ᠪᠠᠶᠢᠲᠤᠭᠠᠢ᠂ ᠲᠡᠷᠡᠴᠢᠯᠡᠨ ᠰᠠᠴᠤᠷᠠᠭ ᠲᠤ ᠳᠤᠰᠬᠠᠭᠳᠠᠭᠰᠠᠨ ᠬᠦᠮᠦᠰ ᠤᠨ ᠳᠣᠲᠤᠷ᠎ᠠ ᠬᠡᠨ ᠳᠤᠨᠢ ᠪᠠ ᠬᠠᠮᠢᠭ᠎ᠠ ᠨᠢ ᠵᠢᠴᠢ ᠬᠡᠵᠢᠶ᠎ᠡ ᠡᠨᠡᠬᠦ ᠦᠢᠰᠭᠡᠯ ᠭᠠᠷᠬᠤ ᠭᠡᠳᠡᠭ ᠢ ᠴᠤ ᠶᠡᠷᠦᠨᠢ ᠤᠷᠢᠳᠴᠢᠯᠠᠨ ᠲᠦᠰᠦᠭᠯᠡᠬᠦ  ᠶᠢᠨ ᠠᠷᠭ᠎ᠠ ᠦᠭᠡᠢ ᠪᠠᠶᠢᠳᠠᠭ᠃ ᠭᠡᠪᠡᠴᠤ ᠰᠠᠴᠤᠷᠠᠯ ᠤᠨ ᠡᠪᠡᠳᠴᠢᠨ ᠤ ᠳᠡᠯᠭᠡᠷᠡᠯ ᠤᠨ ᠰᠣᠳᠤᠯᠤᠯ ᠤᠨ ᠪᠦᠷᠢᠳᠬᠡᠯ ᠢᠶᠠᠷ ᠳᠠᠮᠵᠢᠭᠤᠯᠤᠨ ᠳᠤᠰᠬᠠᠭᠳᠠᠭᠰᠠᠨ ᠬᠦᠮᠦᠰ ᠤᠨ ᠳᠣᠲᠤᠷ᠎ᠠ ᠮᠠᠭᠠᠳ ᠪᠤᠰᠤ ᠦᠢᠰᠭᠡᠯ ᠡᠭᠦᠰᠬᠦ ᠨᠣᠷᠮ᠎ᠠ ᠶᠢ ᠨᠢ ᠪᠠᠷᠤᠭᠴᠠᠭᠠᠨ ᠪᠣᠳᠤᠵᠦ ᠭᠠᠷᠭᠠᠵᠦ ᠪᠣᠯᠳᠠᠭ ᠲᠤᠯᠠᠲᠠ ᠲᠤᠯᠠᠲᠠ ᠮᠠᠭᠠᠳ ᠪᠤᠰᠤ ᠭᠡᠵᠠᠢ᠃ ᠶᠠᠭ ᠡᠶᠢᠮᠦ ᠠᠴᠠ ᠰᠠᠴᠤᠷᠠᠭ ᠠᠴᠠ ᠬᠠᠮᠠᠭᠠᠯᠠᠬᠤ ᠤᠬᠠᠭᠠᠨ ᠳᠤ ᠮᠠᠭᠠᠳ ᠪᠤᠰᠤ ᠦᠢᠰᠭᠡᠯ ᠨᠢ ᠡᠭᠦᠰᠬᠦ ᠦᠭᠡᠢ ᠭᠡᠰᠡᠨ ᠬᠠᠮᠤᠭ ᠤᠨ ᠳᠣᠣᠷ᠎ᠠ ᠬᠤᠮᠵᠢᠮ ᠤᠨ ᠬᠢᠵᠠᠭᠠᠷ ᠳᠠᠷᠤᠢ ᠴᠤᠯᠢᠩ ᠬᠡᠮᠵᠢᠭᠳᠡᠭᠦᠨ ᠪᠠᠶᠢᠬᠤ ᠦᠭᠡᠢ ᠭᠡᠵᠦ ᠦᠵᠡᠳᠡᠭ᠃ ᠡᠶᠢᠮᠦ ᠠᠴᠠ ᠰᠠᠴᠤᠷᠠᠭ ᠠᠴᠠ ᠬᠠᠮᠠᠭᠠᠯᠠᠬᠤ ᠬᠤᠪᠢ ᠬᠦᠮᠦᠨ ᠤ ᠬᠤᠮᠵᠢᠮ ᠤᠨ ᠬᠢᠵᠠᠭᠠᠷᠯᠠᠯ ᠤᠨ ᠬᠡᠮᠵᠢᠭᠳᠡᠭᠦᠨ ᠢ ᠠᠮᠤᠷ ᠲᠦᠪᠰᠢᠨ ᠪᠠ ᠠᠶᠤᠯ ᠲᠦᠭᠰᠢᠭᠦᠷᠢ ᠶᠢᠨ ᠵᠠᠭᠠᠭ ᠪᠣᠯᠭᠠᠨ ᠦᠵᠡᠵᠦ ᠪᠣᠯᠬᠤ ᠦᠭᠡᠢ᠃ ᠲᠡᠷᠨ ᠨᠢ ᠵᠦᠪᠬᠡᠨ ᠮᠠᠭᠠᠳ ᠪᠤᠰᠤ ᠦᠢᠰᠭᠡᠯ ᠤᠨ ᠡᠭᠦᠰᠬᠦ ᠲᠣᠬᠢᠶᠠᠯᠳᠤᠮᠵᠢ ᠶᠢ ᠨᠢ ᠪᠠᠭᠠᠰᠬᠠᠭᠰᠠᠨ ᠠᠴᠠ ᠪᠢᠰᠢ ᠬᠠᠷᠢᠨ ᠲᠡᠭᠦᠨ ᠠᠴᠠ ᠳᠣᠣᠷ᠎ᠠ ᠪᠣᠯ ᠡᠭᠦᠰᠬᠦ ᠦᠭᠡᠢ ᠭᠡᠰᠡᠨ ᠬᠡᠷᠡᠭ ᠪᠢᠰᠢ ᠶᠣᠮ᠃ ᠮᠠᠭᠠᠳ ᠪᠤᠰᠤ ᠦᠢᠰᠭᠡᠯ ᠠᠴᠠ ᠪᠦᠷᠢᠮᠦᠰᠦᠨ ᠵᠠᠶᠢᠯᠠᠵᠦ ᠭᠠᠷᠴᠤ ᠴᠢᠳᠠᠳᠠᠭ ᠦᠭᠡᠢ ᠪᠣᠯᠬᠤᠷ ᠵᠦᠪᠬᠡᠨ ᠰᠠᠴᠤᠷᠠᠭ ᠠᠴᠠ ᠬᠠᠮᠠᠭᠠᠯᠠᠬᠤ ᠲᠠᠯ᠎ᠠ ᠪᠠᠷ ᠬᠦᠴᠦᠨ ᠪᠦᠬᠦᠢ ᠠᠷᠭ᠎ᠠ ᠬᠡᠮᠵᠢᠶ᠎ᠡ ᠠᠪᠴᠤ ᠪᠠᠶᠢᠭᠠᠳ ᠲᠡᠭᠦᠨ ᠤ ᠡᠭᠦᠰᠬᠦ ᠲᠣᠬᠢᠶᠠᠯᠳᠤᠮᠵᠢ ᠶᠢ ᠬᠦᠯᠢᠶᠡᠨ ᠠᠪᠴᠤ ᠪᠣᠯᠤᠮᠠᠷ ᠲᠦᠪᠰᠢᠨ ᠳᠤ ᠬᠦᠷᠲᠡᠯ᠎ᠡ ᠬᠢᠵᠠᠭᠠᠷᠯᠠᠬᠤ ᠠᠴᠠ ᠦᠭᠡᠷ᠎ᠡ ᠠᠷᠭ᠎ᠠ ᠭᠡᠵᠦ ᠪᠠᠶᠢᠬᠤ ᠦᠭᠡᠢ ᠪᠢᠯᠨ᠃ ᠰᠠᠴᠤᠷᠠᠭ ᠲᠤ ᠳᠤᠰᠬᠠᠭᠳᠠᠬᠤ ᠤᠳᠠᠭ᠎ᠠ ᠶᠢᠨ ᠲᠤᠭ᠎ᠠ ᠨᠢ ᠠᠷᠪᠢᠳᠬᠤ ᠪᠣᠶᠤ ᠬᠦᠮᠦᠨ ᠤ ᠲᠤᠭ᠎ᠠ ᠨᠢ ᠣᠯᠠᠰᠢᠷᠠᠬᠤ ᠵᠢᠴᠢ ᠬᠤᠮᠵᠢᠮ ᠤᠨ ᠬᠡᠮᠵᠢᠶ᠎ᠡ ᠨᠢ ᠶᠡᠬᠡᠰᠬᠦ ᠶᠢ ᠳᠠᠭᠠᠯᠳᠤᠨ ᠮᠠᠭᠠᠳ ᠪᠤᠰᠤ ᠦᠢᠰᠭᠡᠯ ᠤᠨ ᠡᠭᠦᠰᠬᠦ ᠲᠣᠬᠢᠶᠠᠯᠳᠤᠮᠵᠢ ᠨᠢ ᠴᠤ ᠨᠡᠮᠡᠭᠳᠡᠳᠡᠭ᠃ ᠬᠠᠷᠢᠨ ᠲᠡᠭᠦᠨ ᠤ ᠬᠦᠨᠳᠤ ᠨᠣᠴᠢᠲᠤ ᠬᠡᠮᠵᠢᠶ᠎ᠡ  ᠨᠢ ᠳᠤᠰᠬᠠᠭᠳᠠᠭᠰᠠᠨ ᠰᠠᠴᠤᠷᠠᠭ ᠤᠨ ᠬᠤᠮᠵᠢᠮ ᠤᠨ ᠶᠡᠭᠡ ᠪᠠᠭ᠎ᠠ ᠲᠠᠢ ᠬᠠᠮᠢᠶ᠎ᠠ ᠦᠭᠡᠢ᠂ ᠤᠴᠢᠷ ᠨᠢ ᠴᠤᠯᠬᠤᠡᠭ ︵ᠦᠮᠡᠨ︶  ᠪᠣᠯ ᠨᠢᠭᠡᠨ ᠵᠦᠢᠯ ᠤᠨ ᠬᠤᠣᠷᠠᠲᠤ ᠡᠪᠡᠳᠴᠢᠨ ᠪᠣᠯᠬᠤᠷ ᠲᠡᠭᠦᠨ ᠢ ᠣᠯᠤᠪᠠᠯ ᠳᠠᠷᠤᠢ ᠦᠷ᠎ᠡ ᠳ᠋ᠦᠡᠭ ᠨᠢ ᠬᠦᠨᠳᠤ ᠨᠣᠴᠢᠲᠠᠢ ᠪᠠᠶᠢᠵᠦ᠂ ᠰᠠᠴᠤᠷᠠᠭ ᠲᠤ ᠠᠷᠪᠢᠨ ᠳᠤᠰᠬᠠᠭᠳᠠᠭᠠᠳ ᠬᠦᠨᠳᠤ ᠴᠤᠯᠬᠤᠡᠭ ︵ᠦᠮᠡᠨ︶ ᠣᠯᠬᠤ᠂ ᠴᠦᠬᠡᠨ ᠳᠤᠰᠬᠠᠭᠳᠠᠭᠠᠳ ᠬᠦᠡᠭᠭᠡᠨ ᠴᠤᠯᠬᠤᠡᠭ ︵ᠦᠮᠡᠨ︶  ᠣᠯᠬᠤ ᠭᠡᠰᠡᠨ ᠶᠠᠪᠤᠳᠠᠯ ᠪᠠᠶᠢᠬᠤ ᠦᠭᠡᠢ ᠪᠢᠯᠨ᠃ ᠮᠠᠭᠠᠳ ᠪᠤᠰᠤ ᠦᠢᠰᠭᠡᠯ ᠪᠣᠯ χ ᠪᠣᠯᠣᠨ γ ᠰᠠᠴᠤᠷᠠᠭ ᠤᠨ ᠳᠣᠣᠷ᠎ᠠ ᠬᠤᠮᠵᠢᠮᠵᠢ᠂ ᠪᠠᠭ᠎ᠠ ᠬᠤᠮᠵᠢᠮ ᠤᠨ  ᠳᠤᠰᠬᠠᠯᠲᠠ ᠳᠠᠬᠢ ᠬᠦᠮᠦᠰ ᠲᠤ ᠪᠣᠢ ᠪᠣᠯᠭᠠᠬᠤ ᠭᠤᠣᠯ ᠬᠤᠣᠷ ᠬᠦᠨᠦᠭᠡᠯ ᠮᠦᠨ᠃            ᠨᠢᠭᠡ᠂ ᠰᠠᠴᠤᠷᠠᠯ ᠤᠨ ᠴᠤᠯᠬᠤᠡᠭ ᠢ ᠡᠲᠦᠬᠦ ᠪᠠ ᠳᠡᠭᠵᠢᠭᠦᠯᠬᠦ ᠦᠢᠯᠡᠳᠦᠯ        ᠰᠠᠴᠤᠷᠠᠯ ᠪᠣᠯ ᠴᠤᠯᠬᠤᠡᠭ ︵ᠦᠮᠡᠨ︶ ᠢ ᠡᠲᠦᠨ ᠡᠭᠦᠰᠭᠡᠵᠦ ᠴᠢᠳᠠᠬᠤ ᠮᠦᠷᠲᠡᠭᠡᠨ ᠪᠠᠰᠨ ᠦᠮᠡᠨ ᠢ ᠳᠡᠭᠵᠢᠭᠦᠯᠦᠨ ᠠᠬᠢᠭᠤᠯᠵᠦ ᠴᠢᠳᠠᠬᠤ ᠬᠤᠱᠤᠢ ᠦᠢᠯᠡᠳᠦᠯ ᠲᠠᠢ ᠪᠠᠶᠢᠳᠠᠭ᠃ ᠰᠠᠴᠤᠷᠠᠯ ᠤᠨ ᠴᠤᠯᠬᠤᠡᠭ ︵ᠦᠮᠡᠨ︶ ᠡᠲᠦᠬᠦ ᠦᠢᠰᠭᠡᠯ ︵Carcinogenesis︶ ᠪᠣᠯ ᠪᠠᠭ᠎ᠠ ᠬᠤᠮᠵᠢᠮ ᠤᠨ ᠳᠤᠰᠬᠠᠯᠲᠠ ᠶᠢᠨ ᠭᠤᠣᠯ ᠪᠣᠯᠬᠤ ᠬᠤᠣᠷ ᠬᠦᠨᠦᠭᠡᠯ ᠤᠨ ᠨᠢᠭᠡ ᠨᠢ ᠪᠣᠯᠤᠨ᠎ᠠ᠃ ᠪᠠᠭ᠎ᠠ ᠬᠤᠮᠵᠢᠮ ᠤᠨ ᠳᠤᠰᠬᠠᠯᠲᠠ ᠳᠤ ᠰᠠᠴᠤᠷᠠᠯ ᠨᠢ ᠦᠮᠡᠨ ᠡᠲᠦᠬᠦ ᠳᠠᠪᠠᠭᠤ ᠪᠠᠶᠢᠷᠢᠨ ᠳᠤ ᠪᠠᠶᠢᠵᠦ᠂ ᠡᠷᠡᠭᠦᠯ ᠡᠰ ᠢ ᠦᠮᠡᠨ ᠤ ᠡᠰ ᠪᠣᠯᠭᠠᠬᠤ ᠠᠩᠬᠠᠨ ᠤ ᠦᠢᠯᠡᠴᠢᠯᠡᠯ ᠢ ᠣᠯᠭᠤᠳᠠᠭ᠃ ᠭᠡᠪᠡᠴᠤ ᠲᠡᠭᠦᠨ ᠤ ᠴᠤᠯᠬᠤᠡᠭ ︵ᠦᠮᠡᠨ︶ ᠡᠲᠦᠬᠦ‍ ᠵᠢᠭ ᠢ ᠨᠢ ᠬᠠᠷᠠᠬᠠᠨ ᠪᠦᠷᠢᠮᠦᠰᠦᠨ ᠲᠣᠳᠤᠷᠬᠠᠶᠢᠯᠠᠭᠠᠳᠤᠢ ᠪᠠᠶᠢᠭᠰᠠᠭᠠᠷ᠃ ᠶᠡᠷᠦᠳᠡᠭᠡᠨ ᠪᠡᠶ᠎ᠡ ᠶᠢᠨ ᠠᠮᠢᠳᠤ ᠦᠯᠡᠳᠡᠭᠰᠡᠨ ᠣᠨᠳᠣᠣᠰᠢᠮᠠᠯ ᠡᠰ ᠨᠢ ᠶᠠᠮᠠᠷ ᠨᠢᠭᠡᠨ ᠵᠦᠢᠯ ᠤᠨ ᠡᠲᠦᠯᠭᠡ ᠪᠠᠷ ᠨᠢᠭᠤᠭᠳᠠᠮᠠᠯ ᠬᠦᠴᠦᠨ ᠪᠦᠬᠦᠢ ᠬᠤᠣᠷᠲᠤ ᠡᠰ ᠪᠣᠯᠣᠨ ᠬᠤᠪᠢᠷᠠᠭᠠᠳ᠂ ᠲᠡᠷᠡᠴᠢᠯᠡᠨ ᠣᠯᠠᠮ ᠨᠢᠭᠡ ᠠᠯᠬᠤᠮ ᠦᠷᠡᠵᠢᠨ ᠡᠴᠦᠰ ᠲᠡᠭᠡᠨ ᠦᠮᠡᠨ ᠪᠣᠯᠤᠯ᠎ᠠ ᠭᠡᠵᠦ ᠦᠵᠡᠳᠡᠭ᠃ ᠬᠡᠯᠡᠯᠭᠡᠨ ᠦᠭᠡᠢ ᠶᠡᠭᠡ ᠬᠤᠮᠵᠢᠮ ᠤᠨ ᠳᠤᠰᠬᠠᠯᠲᠠ ᠳᠤ ᠰᠠᠴᠤᠷᠠᠯ ᠤᠨ ᠦᠮᠡᠨ ᠤ ᠡᠰ ᠢ ᠦᠬᠦᠭᠦᠯᠬᠦ ᠨᠢ ᠳᠠᠪᠠᠭᠤ ᠪᠠᠶᠢᠷᠢᠨ ᠳᠤ ᠣᠷᠤᠳᠠᠭ ᠲᠤᠯᠠᠲᠠ ᠬᠤᠣᠷᠠᠲᠤ ᠬᠠᠪᠤᠳᠠᠷ ᠢ ᠵᠠᠰᠠᠬᠤ ᠪᠠᠰᠨ ᠨᠢᠭᠡᠨ ᠴᠢᠬᠤᠯᠨ ᠠᠷᠭ᠎ᠠ ᠪᠣᠯᠵᠦ ᠪᠠᠶᠢᠨ᠎ᠠ᠃ ᠬᠠᠷᠢᠨ ᠠᠶᠠᠨᠳᠠᠭᠠᠨ ᠡᠭᠦᠰᠬᠦ ᠨᠣᠷᠮ᠎ᠠ ᠪᠠᠷ ᠤᠤᠯ ᠠᠴᠠ ᠪᠠᠨ ᠨᠡᠯᠢᠶᠡᠳ ᠦᠨᠳᠦᠷ ᠬᠤᠣᠷᠲᠤ ᠡᠪᠡᠳᠴᠢᠨ ᠳᠤ ᠰᠠᠴᠤᠷᠠᠯ ᠨᠢ ᠶᠡᠷᠦᠳᠡᠭᠡᠨ ᠳᠡᠭᠵᠢᠭᠦᠯᠬᠦ ᠦᠢᠯᠡᠳᠦᠯ ᠦᠵᠡᠭᠦᠯᠳᠡᠭ᠃ ᠤᠴᠢᠷ ᠨᠢ ᠦᠮᠡᠨ ᠤ ᠡᠰ ᠪᠣᠯ ᠪᠦᠷ ᠲᠡᠳᠡᠭᠡᠷ ᠦᠷᠡᠵᠢᠯ ᠢᠶᠠᠨ ᠬᠢᠵᠠᠭᠠᠷᠯᠠᠵᠦ ᠴᠢᠳᠠᠬᠤ ᠦᠭᠡᠢ ᠮᠦᠷᠲᠡᠭᠡᠨ ᠦᠷᠡᠵᠢᠯ ᠨᠢ ᠴᠤ ᠦᠳᠲᠡᠷ ᠲᠦᠷᠭᠡᠨ  ᠪᠣᠯᠬᠤᠷ ᠰᠠᠴᠤᠷᠠᠯ ᠳᠤ ᠡᠷᠡᠭᠦᠯ ᠡᠰ ᠠᠴᠠ ᠨᠡᠩ ᠰᠡᠷᠭᠡᠭ ᠪᠠᠶᠢᠳᠠᠭ ᠲᠤ ᠣᠷᠤᠰᠢᠨ᠎ᠠ᠃ ᠡᠨᠡᠬᠦ ᠬᠤᠶᠡᠷ ᠵᠦᠢᠯ ᠤᠨ ᠦᠢᠯᠡᠳᠦᠯ ᠨᠢ ᠶᠡᠷᠦᠳᠡᠭᠡᠨ ᠪᠦᠷ ᠴᠤᠭᠭᠠᠷ ᠣᠷᠤᠰᠢᠵᠦ ᠪᠠᠶᠢᠳᠠᠭ ᠪᠣᠯᠬᠤᠷ ᠲᠡᠳᠡᠨ ᠢ ᠢᠯᠭᠠᠬᠤ ᠳᠤ ᠮᠠᠰᠢ ᠪᠡᠷᠬᠡ ᠪᠠᠶᠢᠳᠠᠭ᠃        1. ᠴᠤᠯᠬᠤᠡᠭ ︵ᠦᠮᠡᠨ︶  ᠤᠨ ᠨᠢᠭᠤᠭᠳᠠᠮᠠᠯ ᠬᠤᠭᠤᠴᠠᠭ᠎ᠠ        ᠬᠦᠮᠦᠨ ᠤ ᠮᠠᠬᠠᠪᠤᠳ ᠤᠨ ᠡᠰ ᠨᠢ ᠰᠠᠴᠤᠷᠠᠭ ᠲᠤ ᠳᠤᠰᠬᠠᠭᠳᠠᠨ ᠭᠡᠮᠲᠦᠵᠦ ᠣᠨᠳᠣᠣᠰᠢᠭᠰᠠᠨ ᠠᠴᠠ ᠠᠪᠤᠭᠠᠳ ᠬᠠᠪᠤᠳᠠᠷ ᠴᠤᠯᠬᠤᠡᠭ  ᠪᠣᠯᠵᠦ ᠬᠤᠪᠢᠷᠠᠨ᠂ ᠲᠡᠷᠡᠴᠢᠯᠡᠨ ᠡᠮᠴᠢᠯᠡᠪᠦᠷᠢ ᠳᠤ ᠲᠡᠭᠦᠨ ᠢ ᠢᠯᠭᠠᠨ ᠲᠣᠳᠤᠯᠠᠵᠦ ᠭᠠᠷᠬᠤ ᠪᠣᠯᠲᠠᠯ᠎ᠠ ᠨᠡᠯᠢᠶᠡᠳ ᠵᠢᠯ ᠤᠨ ᠴᠠᠭ ᠬᠤᠭᠤᠴᠠᠭ᠎ᠠ ᠶᠢ ᠬᠡᠷᠡᠭᠰᠡᠳᠡᠭ᠃ ᠡᠶᠢᠮᠦ ᠠᠴᠠ ᠰᠠᠴᠤᠷᠠᠭ  ᠲᠤ ᠲᠤᠰᠬᠠᠭᠳᠠᠭᠰᠠᠨ ᠠᠴᠠ ᠠᠪᠤᠭᠠᠳ ᠪᠠᠶᠢᠴᠠᠭᠠᠨ ᠲᠣᠳᠤᠯᠠᠵᠦ ᠭᠠᠷᠬᠤ ᠪᠣᠯᠲᠠᠯᠠᠬᠢ ᠬᠤᠭᠤᠴᠠᠭ᠎ᠠ ᠶᠢ ᠴᠤᠯᠬᠤᠡᠭ ᠤᠨ ᠨᠢᠭᠤᠭᠳᠠᠮᠠᠯ ᠬᠤᠭᠤᠴᠠᠭ᠎ᠠ ᠭᠡᠳᠡᠭ᠃ ᠰᠠᠴᠤᠷᠠᠯ ᠠᠴᠠ ᠡᠭᠦᠰᠦᠭᠰᠡᠨ ᠴᠤᠯᠬᠤᠡᠭ ᠤᠨ ᠨᠢᠭᠤᠭᠳᠠᠮᠠᠯ ᠬᠤᠭᠤᠴᠠᠭ᠎ᠠ ᠶᠢᠨ ᠤᠷᠲᠤ ᠪᠤᠭᠤᠨᠢ ᠨᠢ ᠴᠤᠯᠬᠤᠡᠭ ᠤᠨ ᠲᠦᠷᠦᠯ ᠵᠦᠢᠯ᠂ ᠳᠤᠰᠬᠠᠭᠳᠠᠭᠰᠠᠨ ᠬᠤᠮᠵᠢᠮ ᠤᠨ ᠶᠡᠭᠡ ᠪᠠᠭ᠎ᠠ᠂ ᠲᠤᠰᠬᠠᠭᠳᠠᠬᠤ ᠦᠶ᠎ᠡ ᠶᠢᠨ ᠨᠠᠰᠤᠨ ᠵᠢᠯ ᠪᠣᠯᠣᠨ ᠴᠣᠯᠬᠤᠡᠭ ᠡᠭᠦᠰᠬᠦ ᠨᠠᠰᠤ ᠵᠢᠯ ᠵᠢᠴᠢ ᠲᠡᠭᠦᠨ ᠢ ᠪᠣᠳᠤᠬᠤ ᠠᠷᠭ᠎ᠠ ᠵᠡᠷᠭᠡ ᠣᠯᠠᠨ ᠲᠠᠯ᠎ᠠ  ᠠᠴᠠ ᠰᠢᠯᠲᠠᠭᠠᠯᠠᠭᠳᠠᠨ᠎ᠠ᠃ ᠡᠶᠢᠮᠦ ᠠᠴᠠ ᠨᠢᠭᠡᠨᠲᠡ ᠮᠡᠳᠡᠭᠰᠡᠨ ᠪᠣᠶᠤ ᠡᠰᠡᠭᠦᠯ᠎ᠡ ᠲᠤᠰᠬᠠᠭᠳᠠᠭᠰᠠᠨ ᠤ ᠳᠠᠷᠠᠭ᠎ᠠ ᠰᠠᠴᠤᠷᠠᠯ ᠠᠴᠠ ᠶᠠᠮᠠᠷ ᠨᠢᠭᠡᠨ ᠴᠣᠯᠬᠤᠡᠭ ᠢ ᠡᠲᠦᠨ ᠡᠭᠦᠰᠭᠡᠬᠦ ᠭᠡᠳᠡᠭ ᠢ ᠢᠲᠡᠭᠡᠵᠦ ᠪᠣᠯᠬᠤ ᠬᠠᠮᠤᠭ ᠤᠨ ᠪᠤᠭᠤᠨᠢ ᠨᠢᠭᠤᠭᠳᠠᠮᠠᠯ ᠬᠤᠭᠤᠴᠠᠭ᠎ᠠ ᠪᠠᠶᠢᠳᠠᠭ᠃ ᠲᠡᠭᠦᠨ ᠠᠴᠠ ᠬᠤᠶᠢᠰᠢ ᠰᠠᠴᠤᠷᠠᠯ ᠤᠨ ᠡᠲᠦᠭᠰᠡᠨ ᠴᠣᠯᠬᠤᠡᠭ ᠤᠨ ᠡᠭᠦᠰᠬᠦ ᠪᠣᠯᠤᠮᠵᠢ ᠨᠢ ᠲᠠᠰᠤᠷᠠᠯᠲᠠ ᠦᠭᠡᠢ ᠨᠡᠮᠡᠭᠳᠡᠨ᠂ ᠵᠣᠬᠢᠬᠤ ᠨᠢᠭᠡᠨ ᠲᠦᠪᠰᠢᠨ ᠳᠤ ᠬᠦᠷᠦᠭᠰᠡᠨ ᠤ ᠳᠠᠷᠠᠭ᠎ᠠ ᠴᠣᠯᠬᠤᠡᠭ ᠶᠡᠬᠡᠪᠡᠷ ᠡᠭᠦᠰᠬᠦ ᠪᠣᠶᠤ ᠦᠬᠦᠨ ᠦᠬᠦᠲᠡᠯ᠎ᠡ ᠦᠷᠬᠦᠯᠵᠢᠯᠡᠵᠦ ᠡᠰᠡᠭᠦᠯ᠎ᠡ ᠠᠭᠠᠵᠢᠮ ᠢᠶᠠᠷ ᠪᠠᠭᠤᠷᠠᠭᠠᠳ ᠤᠤᠯ ᠤᠨ ᠬᠡᠪ ᠤᠨ ᠪᠠᠶᠢᠳᠠᠯ ᠳᠠᠭᠠᠨ ᠣᠷᠤᠳᠠᠭ᠃ ᠰᠠᠴᠤᠷᠠᠯ ᠠᠴᠠ ᠡᠲᠦᠭᠰᠡᠨ ᠴᠤᠯᠬᠤᠡᠭ ᠤᠨ ᠢᠯᠡᠷᠡᠬᠦ ᠴᠠᠭ ᠬᠤᠭᠤᠴᠠᠭ᠎ᠠ ᠨᠢ ᠶᠡᠷᠦᠳᠡᠭᠡᠨ 2~50 ᠵᠢᠯ ᠬᠡᠷᠡᠭᠰᠡᠳᠡᠭ᠃ ᠰᠠᠴᠤᠷᠠᠭ ᠠᠴᠠ ᠬᠠᠮᠠᠭᠠᠯᠠᠬᠤ ᠳᠤ ᠶᠡᠷᠦᠳᠡᠭᠡᠨ ᠪᠠᠰᠨ ᠴᠣᠯᠬᠤᠡᠭ ᠤᠨ ᠡᠭᠦᠰᠬᠦ ᠳᠤᠮᠳᠠᠴᠢ ᠨᠢᠭᠤᠭᠳᠠᠮᠠᠯ ᠬᠤᠭᠤᠴᠠᠭ᠎ᠠ ᠶᠢ ᠬᠡᠷᠡᠭᠯᠡᠳᠡᠭ᠃ ᠦᠡᠭᠭᠡᠷᠡᠭᠰᠡᠨ ᠳᠤ ᠰᠠᠴᠤᠷᠠᠯ ᠤᠨ ᠡᠲᠦᠬᠦ ᠴᠤᠯᠬᠤᠡᠭ ᠤᠨ ᠠᠶᠤᠯ ᠲᠦᠭᠰᠢᠭᠦᠷᠢ ᠶᠢᠨ ᠦᠷᠬᠦᠯᠵᠢᠯᠡᠬᠦ ᠴᠠᠭ ᠬᠤᠭᠤᠴᠠᠭ᠎ᠠ ᠶᠢ ᠶᠡᠭᠡ ᠲᠦᠯᠦᠪ 30 ᠵᠢᠯ ᠭᠡᠵᠦ ᠦᠵᠡᠵᠦ ᠪᠠᠶᠢᠪᠠ᠃ ᠭᠡᠪᠡᠴᠤ ᠣᠳᠤ ᠶᠢᠨ ᠰᠣᠳᠤᠯᠤᠯᠲᠠ ᠶᠢᠨ ᠪᠠᠶᠢᠳᠠᠯ ᠠᠴᠠ ᠦᠵᠡᠪᠡᠯ ᠬᠠᠷᠢᠨ ᠡᠭᠦᠨ  ᠠᠴᠠ ᠨᠡᠩ ᠤᠷᠲᠤ ᠪᠣᠯᠤᠯᠲᠠᠢ᠃            2. ᠭᠤᠣᠯ ᠪᠣᠯᠬᠤ ᠴᠤᠯᠬᠤᠡᠭ ︵ᠦᠮᠡᠨ︶        ᠳᠡᠯᠡᠬᠡᠢ ᠶᠢᠨ ᠰᠠᠴᠤᠷᠠᠯ ᠠᠴᠠ ᠰᠡᠷᠭᠡᠶᠢᠯᠡᠨ ᠬᠠᠮᠠᠭᠠᠯᠠᠬᠤ ᠵᠦᠪᠯᠡᠯ ᠤᠨ 1990 ᠣᠨ ᠤ 60 ᠳ᠋ᠤᠭᠠᠷ ᠲᠣᠭᠠᠲᠤ ᠬᠡᠪᠯᠡᠯ ᠤᠨ ᠪᠢᠴᠢᠭ ᠲᠡᠭᠡᠨ ᠴᠠᠬᠢᠯᠭᠠᠨᠲᠠᠭᠤᠯᠬᠤ ᠰᠠᠴᠤᠷᠠᠯ ᠠᠴᠠ ᠬᠦᠮᠦᠨ ᠲᠦᠷᠦᠯᠬᠢᠲᠡᠨ ᠳᠤ ᠡᠲᠦᠬᠦ ᠴᠤᠯᠬᠤᠡᠭ ︵ᠦᠮᠡᠨ︶ ᠤᠨ ᠲᠦᠷᠦᠯ ᠵᠦᠢᠯ ᠪᠣᠯᠣᠨ ᠠᠶᠤᠯ ᠲᠦᠭᠰᠢᠭᠦᠷᠢ ᠶᠢᠨ ᠢᠯᠡᠳᠬᠡᠮᠵᠢ ᠶᠢ ᠦᠭᠭᠦᠭᠰᠡᠨ ᠪᠠᠶᠢᠨ᠎ᠠ᠃ ᠡᠭᠦᠨ ᠳᠤ ᠳᠣᠣᠷ᠎ᠠ ᠰᠢᠯᠤᠭᠤᠨ ᠨᠢᠭᠲᠠᠴᠠᠲᠤ ︵LET︶ ᠰᠠᠴᠤᠷᠠᠯ ᠤᠨ ᠲᠠᠪᠤᠰᠠᠩ᠂ ᠴᠢᠮᠦᠭᠡ᠂ ᠶᠠᠰᠤᠨ ᠤ ᠭᠠᠳᠠᠷᠭᠤ᠂ ᠳᠡᠯᠡᠩ᠂ ᠬᠤᠲᠤᠷᠢᠩᠬᠠᠢ ᠭᠡᠳᠡᠰᠤ᠂ ᠡᠯᠢᠭᠡ᠂ ᠠᠭᠤᠰᠬᠢ᠂ ᠤᠯᠠᠭᠠᠨ ᠬᠤᠭᠤᠯᠠᠢ᠂ ᠦᠨᠳᠡᠭᠡᠪᠴᠢ᠂ ᠠᠷᠠᠰᠤ᠂ ᠬᠤᠳᠤᠭᠤᠳᠤ᠂ ᠪᠠᠮᠪᠠᠢ ᠪᠣᠯᠴᠢᠷᠬᠠᠢ᠂ ᠪᠡᠯᠬᠡ ᠶᠢᠨ ᠪᠣᠯᠴᠢᠷᠬᠠᠢ ᠵᠡᠷᠭᠡ 13 ᠵᠦᠢᠯ ᠤᠨ ᠴᠣᠯᠬᠤᠡᠭ ᠤᠨ ᠲᠤᠰ ᠲᠤᠰ ᠤᠨ ᠬᠢᠨᠢ ᠠᠶᠤᠯ ᠲᠦᠭᠰᠢᠭᠦᠷᠢ ᠶᠢᠨ ᠢᠯᠡᠳᠬᠡᠮᠵᠢ ᠪᠠ ᠬᠠᠷ᠎ᠠ ᠪᠦᠭᠡᠷ᠎ᠡ ᠶᠢᠨ ᠳᠡᠭᠡᠷᠡᠬᠢ ᠪᠣᠯᠴᠢᠷᠬᠠᠢ᠂ ᠲᠠᠷᠢᠬᠢ᠂ ᠪᠦᠳᠦᠭᠦᠨ ᠭᠡᠳᠡᠰᠦᠨ ᠤ ᠳᠡᠭᠡᠳᠤ ᠬᠡᠰᠡᠭ᠂ ᠨᠠᠷᠢᠨ ᠭᠡᠳᠡᠰᠤ᠂ ᠬᠠᠷ᠎ᠠ ᠪᠦᠭᠡᠷ᠎ᠡ᠂ ᠪᠣᠯᠴᠢᠩ᠂ ᠨᠣᠶᠢᠷ ᠤᠨ ᠪᠣᠯᠴᠢᠷᠬᠠᠢ᠂ ᠳᠡᠯᠢᠭᠦᠦ᠂ ᠡᠪᠴᠢᠭᠦᠨ ᠤ ᠪᠣᠯᠴᠢᠷᠬᠠᠢ ᠪᠣᠯᠣᠨ ᠬᠡᠤᠬᠡᠨ ᠬᠡᠪᠲᠡᠰᠢ ᠵᠡᠷᠭᠡ 10 ᠵᠦᠢᠯ ᠤᠨ ᠪᠤᠰᠤᠳ ᠴᠣᠯᠬᠤᠡᠭ ᠤᠨ ᠠᠶᠤᠯ ᠲᠦᠭᠰᠢᠭᠦᠷᠢ ᠶᠢᠨ ᠶᠡᠷᠦᠩᠬᠡᠢ ᠢᠯᠡᠳᠬᠡᠮᠵᠢ ᠶᠢ ᠦᠭᠭᠦᠭᠰᠡᠨ ᠪᠠᠶᠢᠳᠠᠭ᠃        ︵1︶ ᠴᠢᠰᠤ ᠴᠠᠶᠢᠬᠤ ᠡᠪᠡᠳᠴᠢᠨ        ᠴᠢᠰᠤ ᠴᠠᠶᠢᠬᠤ ᠡᠪᠡᠳᠴᠢᠨ ᠪᠣᠯ ᠴᠢᠰᠤ ᠪᠦᠲᠦᠭᠡᠬᠦ ᠡᠷᠬᠡᠲᠡᠨ ᠤ ᠬᠤᠣᠷᠠᠲᠤ ᠡᠪᠡᠳᠴᠢᠨ ᠪᠦᠭᠡᠳ ᠭᠤᠣᠯ ᠣᠨᠴᠠᠯᠢᠭ ᠨᠢ ᠴᠢᠰᠤᠨ ᠤ ᠴᠠᠭᠠᠨ ᠡᠰ ᠤᠨ ᠲᠤᠭ᠎ᠠ ᠶᠢ ᠶᠡᠷᠤ ᠪᠣᠰᠤ ᠪᠠᠷ ᠨᠡᠮᠡᠭᠳᠡᠨ᠂ ᠲᠡᠷᠡᠴᠢᠯᠡᠨ ᠦᠷᠬᠦᠯᠵᠢ ᠨᠢᠯᠬ᠎ᠠ ᠡᠰ ᠬᠠᠷᠠᠭᠳᠠᠳᠠᠭ᠃ ᠡᠪᠡᠳᠴᠢᠨ ᠤ ᠭᠤᠣᠯ ᠢᠯᠡᠷᠡᠯ ᠨᠢ ᠪᠡᠶ᠎ᠡ ᠬᠠᠯᠠᠭᠤᠷᠠᠬᠤ᠂ ᠬᠠᠯᠳᠠᠪᠤᠷᠢᠯᠠᠬᠤ᠂ ᠴᠢᠰᠤ ᠲᠤᠲᠠᠬᠤ ᠪᠠ ᠴᠢᠰᠤ ᠭᠠᠷᠳᠠᠭ᠃        ᠴᠢᠰᠤ ᠴᠠᠶᠢᠬᠤ ᠡᠪᠡᠳᠴᠢᠨ ᠪᠣᠯ ᠨᠢᠭᠡᠨᠲᠡ ᠨᠡᠶᠢᠲᠡ ᠳᠤ ᠮᠡᠳᠡᠷᠡᠭᠳᠡᠭᠰᠡᠨ ᠭᠤᠣᠯᠳᠠᠭᠤ ᠰᠠᠴᠤᠷᠠᠯ ᠠᠴᠠ ᠡᠲᠦᠭᠳᠡᠨ ᠡᠭᠦᠰᠬᠦ ᠨᠢᠭᠡᠨ ᠵᠦᠢᠯ ᠤᠨ ᠬᠤᠣᠷᠠᠲᠤ ᠡᠪᠡᠳᠴᠢᠨ ᠮᠦᠨ᠃ ᠡᠭᠦᠨ ᠢ ᠲᠤᠬᠠᠶᠢᠯᠠᠭᠰᠠᠨ ᠠᠵᠢᠯ ᠤᠨ ᠲᠤᠰᠬᠠᠯᠲᠠ᠂ ᠡᠮᠨᠡᠯᠭᠡ ᠶᠢᠨ ᠲᠤᠰᠬᠠᠯᠲᠠ ᠪᠣᠯᠣᠨ ᠠᠲ᠋ᠤᠮ ᠤᠨ ᠪᠦᠮᠪᠦᠭᠡᠨ ᠤ ᠳᠡᠯᠪᠡᠷᠡᠯᠲᠡ ᠶᠢᠨ ᠬᠡᠷᠡᠭ ᠶᠠᠪᠤᠳᠠᠯ ᠠᠴᠠ ᠠᠯᠢ ᠡᠷᠲᠡ ᠨᠢᠭᠡᠨᠲᠡ ᠭᠡᠷᠡᠴᠢᠯᠡᠨ ᠲᠣᠳᠤᠯᠤᠭᠰᠠᠨ ᠶᠣᠮ᠃ ᠰᠠᠴᠤᠷᠠᠯ ᠤᠨ ᠡᠲᠦᠬᠦ ᠴᠣᠯᠬᠤᠡᠭ ᠳᠣᠲᠤᠷ᠎ᠠ ᠴᠢᠰᠤ ᠴᠠᠶᠢᠬᠤ ᠡᠪᠡᠳᠴᠢᠨ ᠤ ᠡᠭᠦᠰᠬᠦ ᠨᠣᠷᠮ᠎ᠡ ᠨᠢ ᠦᠨᠳᠦᠷ᠂ ᠨᠢᠭᠤᠭᠳᠠᠬᠤ ᠬᠤᠭᠤᠴᠠᠭ᠎ᠠ ᠨᠢ ᠣᠬᠤᠷ᠂ ᠡᠲᠦᠬᠦ ᠬᠤᠮᠵᠢᠮ ᠨᠢ ᠨᠡᠯᠢᠶᠡᠳ ᠳᠣᠣᠷ᠎ᠠ ᠪᠠᠶᠢᠳᠠᠭ᠃ ᠴᠢᠰᠤ ᠴᠠᠶᠢᠬᠤ ᠡᠪᠡᠳᠴᠢᠨ ᠨᠢ ᠲᠦᠷᠭᠡᠨ ᠴᠢᠨᠠᠷᠲᠠᠢ ᠪᠠ ᠤᠵᠢᠭ ᠴᠢᠨᠠᠷᠲᠠᠢ ᠬᠤᠶᠡᠷ ᠵᠦᠢᠯ ᠪᠠᠶᠢᠵᠦ᠂ ᠲᠦᠷᠭᠡᠨ ᠴᠢᠨᠠᠷᠲᠠᠢ ᠨᠢ ᠠᠷᠪᠢᠨ ᠪᠠᠶᠢᠳᠠᠭ᠃ ᠲᠡᠭᠦᠨ ᠤ ᠡᠭᠦᠰᠬᠦ ᠨᠣᠷᠮ᠎ᠠ ᠪᠣᠯᠣᠨ ᠦᠬᠦᠬᠦ ᠨᠣᠷᠮ᠎ᠠ ᠨᠢ ᠴᠦᠮ ᠬᠦᠷᠲᠡᠭᠰᠡᠨ ᠰᠠᠴᠤᠷᠠᠭ ᠤᠨ ᠬᠤᠮᠵᠢᠮ ᠲᠠᠢ ᠬᠤᠯᠪᠤᠭ᠎ᠠ ᠲᠠᠢ ᠪᠠᠶᠢᠳᠠᠭ᠃ 1Gy ᠠᠴᠠ ᠳᠡᠭᠡᠭᠰᠢᠬᠢ ᠴᠣᠴᠢᠮᠠᠭ ᠳᠤᠰᠬᠠᠯᠲᠠ ᠳᠤ ᠡᠯ᠎ᠡ ᠵᠦᠢᠯ ᠤᠨ ᠳᠦᠷᠭᠡᠨ ᠴᠢᠨᠠᠷᠲᠠᠢ ᠴᠢᠰᠤ ᠴᠠᠶᠢᠬᠤ ᠡᠪᠡᠳᠴᠢᠨ ᠢᠯᠠᠤᠲᠠ ᠨᠡᠮᠡᠭᠳᠡᠨ᠎ᠡ᠃ ᠪᠠᠭ᠎ᠠ ᠬᠤᠮᠵᠢᠮ ᠤᠨ ᠳᠤᠰᠬᠠᠯᠲᠠ ᠪᠣᠶᠤ ᠠᠵᠢᠯ ᠤᠨ ᠳᠤᠰᠬᠠᠯᠲᠠ ᠳᠤ ᠤᠵᠢᠭ ᠴᠢᠨᠠᠷᠲᠠᠢ ᠴᠢᠰᠤ ᠴᠠᠶᠢᠬᠤ ᠡᠪᠡᠳᠴᠢᠨ ᠠᠮᠠᠷᠬᠠᠨ ᠡᠭᠦᠰᠳᠡᠭ᠃        ᠴᠢᠰᠤ ᠴᠠᠶᠢᠬᠤ ᠡᠪᠡᠳᠴᠢᠨ ᠤ ᠨᠢᠭᠤᠭᠳᠠᠮᠠᠯ ᠬᠤᠭᠤᠴᠠᠭ᠎ᠠ ᠨᠢ ᠬᠠᠮᠤᠭ ᠣᠬᠤᠷ ᠲᠠᠭᠠᠨ 2 ᠵᠢᠯ ᠪᠠᠶᠢᠵᠦ᠂ ᠵᠣᠩᠬᠢᠯᠠᠬᠤ ᠨᠢ ᠶᠡᠷᠦᠳᠡᠭᠡᠨ 8 ~13 ᠵᠢᠯ ᠤᠨ ᠬᠤᠭᠤᠷᠣᠨᠳᠤ ᠢᠯᠡᠷᠡᠨ᠂ ᠬᠠᠮᠤᠭ ᠤᠷᠲᠤ ᠨᠢ ᠴᠤ 25 ᠵᠢᠯ ᠠᠴᠠ ᠬᠡᠲᠦᠷᠡᠳᠡᠭ ᠦᠭᠡᠢ᠂ ᠳᠤᠮᠳᠠᠴᠢ ᠪᠠᠷ ᠪᠠᠷᠤᠭ 10 ᠵᠢᠯ ᠪᠠᠶᠢᠳᠠᠭ᠃ ᠬᠠᠷᠢᠨ ᠪᠤᠰᠤᠳ ᠴᠤᠯᠤ ᠪᠡᠶᠡᠲᠤ ᠴᠣᠯᠬᠤᠡᠭ ᠤᠳ ᠤᠨ ᠨᠢᠭᠤᠭᠳᠠᠮᠠᠯ ᠬᠤᠭᠤᠴᠠᠭ᠎ᠠ ᠨᠢ ᠴᠦᠮ ᠲᠡᠭᠦᠨ ᠠᠴᠠ ᠬᠤᠯᠨ ᠤᠷᠲᠤ ᠪᠠᠶᠢᠳᠠᠭ᠃ ᠶᠠᠫᠤᠨ ᠤ ᠠᠲ᠋ᠤᠮ ᠤᠨ ᠪᠦᠮᠪᠦᠭᠡᠨ ᠤ ᠳᠠᠭᠠᠷᠢᠯᠳᠠ  ᠳᠤ ᠵᠣᠯ ᠢᠶᠠᠷ ᠦᠯᠡᠳᠡᠭᠰᠡᠳ ᠤᠨ ᠳᠣᠲᠤᠷ᠎ᠠ᠂ ᠳᠡᠮᠡᠢ ᠬᠡᠳᠦᠨ ᠵᠢᠯ ᠪᠣᠯᠤᠭᠰᠠᠨ ᠦᠭᠡᠢ ᠪᠠᠷ ᠴᠢᠰᠤ ᠴᠠᠶᠢᠬᠤ ᠡᠪᠡᠳᠴᠢᠨ ᠨᠡᠮᠡᠭᠳᠡᠵᠦ ᠡᠬᠢᠯᠡᠪᠡ᠃              ︵2︶ ᠪᠠᠮᠪᠠᠢ ᠪᠣᠯᠴᠢᠷᠬᠠᠢ ᠶᠢᠨ ᠴᠤᠯᠬᠤᠡᠭ        ᠪᠠᠮᠪᠠᠢ ᠪᠣᠯᠴᠢᠷᠬᠠᠢ ᠪᠣᠯ ᠰᠠᠴᠤᠷᠠᠯ ᠳᠤ ᠳᠡᠭᠡᠲᠤ ᠬᠡᠮᠵᠢᠶᠡᠨ ᠤ ᠰᠣᠷᠭᠤᠭ ᠡᠷᠬᠡᠲᠡᠨ ᠪᠣᠯᠤᠨ᠎ᠠ᠃ ᠰᠠᠴᠤᠷᠠᠯ ᠨᠢ ᠪᠠᠮᠪᠠᠢ ᠪᠣᠯᠴᠢᠷᠬᠠᠢ ᠳᠤ ᠴᠤᠯᠬᠤᠡᠭ ᠡᠲᠦᠬᠦ ᠭᠡᠳᠡᠭ ᠢ 20 ᠳ᠋ᠤᠭᠠᠷ ᠵᠠᠭᠤᠨ ᠤ ᠲᠠᠪᠢᠭᠠᠳ ᠣᠨ ᠳᠤ ᠨᠢᠭᠡᠨᠲᠡ ᠮᠡᠳᠡᠭᠰᠡᠨ ᠪᠦᠭᠡᠳ ᠡᠭᠦᠰᠦᠯᠲᠡ ᠶᠢᠨ ᠨᠣᠷᠮ᠎ᠠ ᠨᠢ ᠴᠤ ᠨᠡᠯᠢᠶᠡᠳ ᠦᠨᠳᠦᠷ ᠭᠡᠳᠡᠭ ᠢ ᠰᠠᠴᠤᠷᠠᠭ ᠲᠤ ᠲᠤᠰᠬᠠᠭᠳᠠᠭᠰᠠᠨ ᠬᠦᠮᠦᠰ ᠢ ᠠᠵᠢᠭᠯᠠᠨ ᠪᠠᠶᠢᠴᠠᠭᠠᠭᠰᠠᠨ ᠶᠡᠭᠡ ᠬᠡᠮᠵᠢᠶᠡᠨ ᠤ ᠮᠠᠲ᠋ᠧᠷᠢᠶᠠᠯ ᠪᠠᠰᠨ ᠨᠢᠭᠡᠨᠲᠡ ᠨᠣᠲᠠᠯᠠᠭᠰᠠᠨ ᠪᠢᠯᠨ᠃ ᠭᠠᠳᠠᠨ᠎ᠠ ᠠᠴᠠ ᠲᠤᠰᠬᠤ ᠰᠠᠴᠤᠷᠠᠭ ᠪᠣᠯᠣᠨ ᠪᠡᠶ᠎ᠡ ᠳᠤ ᠣᠷᠤᠭᠰᠠᠨ ᠰᠠᠴᠤᠷᠠᠭᠲᠤ ᠪᠣᠳᠠᠰ ᠨᠢ ᠴᠦᠮ ᠪᠠᠮᠪᠠᠢ ᠪᠣᠯᠴᠢᠷᠬᠠᠢ ᠶᠢᠨ ᠴᠤᠯᠬᠤᠡᠭ ᠢ ᠡᠲᠦᠬᠦ ᠪᠦᠭᠡᠳ ᠭᠠᠳᠠᠨ᠎ᠠ ᠠᠴᠠ ᠲᠤᠰᠬᠤ ᠰᠠᠴᠤᠷᠠᠭ ᠠᠴᠠ ᠡᠲᠦᠭᠳᠡᠬᠦ ᠨᠢ ᠣᠯᠠᠨ ᠪᠠᠶᠢᠳᠠᠭ᠃ ᠡᠭᠦᠨ ᠠᠴᠠ ᠭᠠᠳᠠᠨ᠎ᠠ ᠪᠠᠰᠨ ᠪᠠᠮᠪᠠᠢ ᠪᠣᠯᠴᠢᠷᠬᠠᠢ ᠶᠢᠨ ᠪᠤᠰᠤᠳ ᠡᠪᠡᠳᠴᠢᠨ ᠡᠮᠬᠡᠭ ᠤᠳ ᠢ ᠴᠤ ᠡᠲᠦᠨ ᠡᠭᠦᠰᠭᠡᠳᠡᠭ᠃ ᠪᠠᠮᠪᠠᠢ ᠪᠣᠯᠴᠢᠷᠬᠠᠢ ᠶᠢᠨ ᠴᠤᠯᠬᠤᠡᠭ ᠪᠣᠯ ᠲᠡᠭᠦᠨ ᠤ ᠴᠦᠪᠦᠷᠢᠭᠦᠦ ᠶᠢᠨ ᠦᠡᠭᠭᠡᠨ ᠬᠠᠯᠢᠰᠤ ᠨᠢ  ᠬᠤᠣᠷᠠᠳᠠᠭᠰᠠᠨ ᠤ ᠦᠷ᠎ᠡ ᠳ᠋ᠦᠡᠭ ᠮᠦᠨ᠃ ᠰᠠᠴᠤᠷᠠᠯ ᠤᠨ ᠡᠲᠦᠬᠦ ᠪᠠᠮᠪᠠᠢ ᠪᠣᠯᠴᠢᠷᠬᠠᠢ ᠶᠢᠨ ᠴᠤᠯᠬᠤᠡᠭ ᠪᠣᠯ ᠶᠡᠷᠦᠳᠡᠭᠡᠨ ᠬᠦᠬᠦᠨ ᠲᠣᠪᠴᠢᠯᠢᠭ ᠴᠤᠯᠬᠤᠡᠭ  ᠪᠣᠶᠤ ᠤᠭᠤᠲᠠᠨᠴᠢᠷ ᠴᠦᠪᠦᠷᠢᠭᠦᠦ ᠶᠢᠨ ᠴᠤᠯᠬᠤᠡᠭ ᠪᠠᠶᠢᠳᠠᠭ᠃ ᠲᠡᠭᠦᠨ ᠤ ᠤᠷᠭᠤᠬᠤ ᠨᠢ ᠠᠯᠭᠤᠷ ᠤᠳᠠᠭᠠᠨ ᠮᠦᠷᠲᠡᠭᠡᠨ ᠪᠠᠷᠤᠭᠲᠠᠢ ᠳᠤ ᠰᠢᠯᠵᠢᠨ ᠲᠠᠷᠬᠠᠳᠠᠭ ᠦᠭᠡᠢ ᠲᠤᠯᠠᠲᠠ ᠮᠡᠰᠨ ᠵᠠᠰᠠᠯ ᠢᠶᠠᠷ ᠠᠮᠠᠷᠬᠠᠨ ᠬᠤᠭ ᠦᠭᠡᠢ ᠵᠠᠰᠠᠵᠦ ᠪᠣᠯᠳᠠᠭ᠃ ᠡᠶᠢᠮᠦ ᠠᠴᠠ ᠲᠡᠭᠦᠨ ᠢ  ᠪᠠᠶᠢᠴᠠᠭᠠᠨ ᠲᠣᠳᠤᠯᠠᠵᠦ ᠭᠠᠷᠭᠠᠬᠤ ᠨᠣᠷᠮ᠎ᠡ ᠨᠢ ᠦᠨᠳᠦᠷ᠂ ᠠᠮᠢᠳᠤᠷᠠᠬᠤ ᠬᠤᠭᠤᠴᠠᠭ᠎ᠠ ᠨᠢ ᠤᠷᠲᠤ᠂ ᠦᠬᠦᠯᠲᠡ ᠶᠢᠨ ᠨᠣᠷᠮ᠎ᠠ ᠨᠢ ᠳᠣᠩ ᠳᠣᠣᠷ᠎ᠠ ᠪᠠᠶᠢᠳᠠᠭ᠃            ᠬᠦᠷᠲᠡᠭᠰᠡᠨ ᠬᠤᠮᠵᠢᠮ ᠨᠢ 1Gy ᠠᠴᠠ ᠶᠡᠭᠡ ᠪᠣᠶᠤ ᠡᠰᠡᠭᠦᠯ᠎ᠡ ᠴᠢᠨᠠᠭᠰᠢᠯᠠᠭᠠᠳ 0.1Gy ᠠᠴᠠ ᠳᠣᠣᠭᠤᠷ ᠪᠠᠶᠢᠯ᠎ᠠ ᠴᠤ ᠭᠡᠳ ᠴᠦᠮ ᠪᠠᠮᠪᠠᠢ ᠪᠣᠯᠴᠢᠷᠬᠠᠢ ᠶᠢᠨ ᠴᠤᠯᠬᠤᠡᠭ ᠢ ᠡᠲᠦᠨ ᠡᠭᠦᠰᠭᠡᠵᠦ ᠮᠡᠳᠡᠨ᠎ᠡ᠃ ᠶᠠᠫᠤᠨ ᠤ ᠠᠲ᠋ᠤᠮ ᠤᠨ ᠪᠦᠮᠪᠦᠭᠡᠨ ᠤ ᠳᠠᠭᠠᠷᠢᠯᠳᠠ ᠳᠤ ᠵᠣᠯ ᠢᠶᠠᠷ ᠦᠯᠡᠳᠡᠭᠰᠡᠳ ᠤᠨ ᠶᠡᠭᠡ ᠬᠦᠮᠦᠰ ᠤᠨ ᠳᠣᠲᠤᠷ᠎ᠠ ᠪᠠᠮᠪᠠᠢ ᠪᠣᠯᠴᠢᠷᠬᠠᠢ ᠶᠢᠨ ᠴᠤᠯᠬᠤᠡᠭ ᠢ ᠡᠲᠦᠨ ᠡᠭᠦᠰᠭᠡᠭᠰᠡᠨ ᠬᠠᠮᠤᠭ ᠳᠣᠣᠷ᠎ᠠ ᠬᠤᠮᠵᠢᠮ ᠨᠢ 0.5Gy ᠪᠠᠶᠢᠯ᠎ᠠ᠃  ᠬᠡᠤᠬᠡᠳ ᠲᠤ 0.065Gy ᠪᠣᠯ ᠳᠠᠷᠤᠢ ᠪᠠᠮᠪᠠᠢ ᠪᠣᠯᠴᠢᠷᠬᠠᠢ ᠶᠢᠨ ᠴᠤᠯᠬᠤᠡᠭ ᠢ ᠡᠲᠦᠨ ᠡᠭᠦᠰᠭᠡᠳᠡᠭ᠃ ᠬᠦᠷᠲᠡᠭᠰᠡᠨ ᠬᠤᠮᠵᠢᠮ ᠤᠨ ᠨᠡᠮᠡᠭᠳᠡᠬᠦ ᠶᠢ ᠳᠠᠭᠠᠯᠳᠤᠨ ᠪᠠᠮᠪᠠᠢ ᠪᠣᠯᠴᠢᠷᠬᠠᠢ  ᠶᠢᠨ ᠴᠤᠯᠬᠤᠡᠭ ᠢ ᠡᠲᠦᠨ ᠡᠭᠦᠰᠭᠡᠬᠦ ᠨᠣᠷᠮ᠎ᠠ ᠨᠢ ᠴᠤ ᠳᠡᠭᠡᠭᠰᠢᠯᠡᠳᠡᠭ᠃ ᠪᠡᠶ᠎ᠡ ᠳᠤ ᠣᠷᠤᠭᠰᠠᠨ ᠰᠠᠴᠤᠷᠠᠭᠲᠤ ᠪᠣᠳᠠᠰ ᠤᠨ ᠠᠮᠢᠷᠵᠢᠴᠠ ᠨᠢ ᠶᠡᠭᠡ ᠬᠦᠮᠦᠰ ᠲᠤ 5.5×108 ᠪᠧᠺᠯᠧᠷ ︵Bq︶᠂ ᠬᠡᠤᠬᠡᠳ ᠲᠤ 7.4×107 ᠪᠧᠺᠯᠧᠷ ︵Bq︶ ᠪᠣᠯ ᠳᠠᠷᠤᠢ ᠪᠠᠮᠪᠠᠢ ᠪᠣᠯᠴᠢᠷᠬᠠᠢ ᠶᠢᠨ ᠴᠤᠯᠬᠤᠡᠭ ᠢ ᠡᠲᠦᠨ ᠡᠭᠦᠰᠭᠡᠳᠡᠭ᠃ ᠡᠮᠡᠭᠲᠠᠶᠢᠴᠤᠳ ᠪᠠᠮᠪᠠᠢ ᠪᠣᠯᠴᠢᠷᠬᠠᠢ ᠶᠢᠨ ᠴᠤᠯᠬᠤᠡᠭ ᠣᠯᠬᠤ ᠨᠣᠷᠮ᠎ᠡ ᠨᠢ ᠡᠷᠡᠭᠲᠠᠶᠢᠴᠤᠳ ᠠᠴᠠ 2~3 ᠳᠠᠬᠢᠨ ᠪᠠᠶᠢᠳᠠᠭ᠃ ᠶᠡᠭᠡ ᠬᠤᠮᠵᠢᠮ ᠳᠤ ᠳᠤᠰᠬᠠᠭᠳᠠᠭᠰᠠᠨ ᠡᠮᠡᠭᠲᠠᠶᠢᠴᠤᠳ ᠤᠨ ᠪᠠᠮᠪᠠᠢ ᠪᠣᠯᠴᠢᠷᠬᠠᠢ ᠶᠢᠨ ᠴᠤᠯᠬᠤᠡᠭ ᠣᠯᠬᠤ ᠨᠣᠷᠮ᠎ᠡ ᠨᠢ ᠡᠩ ᠤᠨ ᠬᠦᠮᠦᠰ ᠠᠴᠠ 6~9 ᠳᠠᠬᠢᠨ ᠪᠠᠶᠢᠳᠠᠭ᠃ 10 ᠨᠠᠰᠤᠨ ᠳᠣᠲᠤᠷᠠᠬᠢ ᠦᠬᠢᠳ ᠤᠳ ᠤᠨ ᠪᠠᠮᠪᠠᠢ ᠪᠣᠯᠴᠢᠷᠬᠠᠢ ᠶᠢᠨ ᠴᠤᠯᠬᠤᠡᠭ ᠣᠯᠬᠤ ᠨᠣᠷᠮ᠎ᠠ ᠨᠢ ᠨᠡᠩ ᠦᠨᠳᠦᠷ ᠪᠠᠶᠢᠳᠠᠭ᠃ ᠨᠠᠰᠤ ᠬᠡᠳᠦᠢ ᠪᠠᠭ᠎ᠠ ᠪᠣᠯ ᠪᠠᠮᠪᠠᠢ ᠪᠣᠯᠴᠢᠷᠬᠠᠢ ᠶᠢᠨ ᠴᠤᠯᠬᠤᠡᠭ ᠣᠯᠬᠤ ᠠᠶᠤᠯ ᠨᠢ ᠳᠠᠷᠤᠢ ᠲᠡᠳᠦᠢ ᠶᠡᠭᠡ ᠪᠣᠯᠳᠠᠭ᠃ ᠡᠮᠡᠭᠲᠠᠶᠢᠴᠤᠳ ᠨᠠᠰᠤ ᠶᠠᠪᠤᠬᠤ ᠳᠣᠲᠤᠮ ᠣᠯᠬᠤ ᠨᠣᠷᠮ᠎ᠠ ᠨᠢ ᠨᠡᠯᠢᠶᠡᠳ ᠳᠣᠷᠤᠭᠰᠢᠯᠠᠵᠦ᠂ ᠡᠷᠡᠭᠲᠠᠶᠢᠴᠤᠳ ᠬᠠᠷᠢᠨ ᠲᠡᠶᠢᠮᠦ ᠢᠯᠡᠷᠬᠡᠢ ᠦᠭᠡᠢ᠃ ᠬᠡᠤᠬᠡᠳ ᠤᠳ ᠶᠡᠭᠡ ᠬᠦᠮᠦᠰ ᠠᠴᠠ 2 ᠳᠠᠬᠢᠨ ᠢᠯᠡᠭᠦᠦ ᠪᠠᠶᠢᠬᠤ ᠮᠠᠶ᠋ᠢᠭᠲᠠᠢ᠃ ᠰᠠᠴᠤᠷᠠᠯ ᠤᠨ ᠪᠠᠮᠪᠠᠢ ᠪᠣᠯᠴᠢᠷᠬᠠᠢ ᠶᠢᠨ ᠦᠮᠡᠨ ᠢ ᠡᠲᠦᠨ ᠡᠭᠦᠰᠭᠡᠬᠦ ᠨᠢᠭᠤᠭᠳᠠᠮᠠᠯ ᠬᠤᠭᠤᠴᠠᠭ᠎ᠠ ᠨᠢ 4~38 ᠵᠢᠯ᠂ ᠳᠤᠮᠳᠠᠴᠢ ᠪᠠᠷ 11 ᠵᠢᠯ ᠪᠠᠶᠢᠳᠠᠭ᠃        ︵3︶ ᠬᠦᠬᠦᠨ ᠪᠣᠯᠴᠢᠷᠬᠠᠢ ᠶᠢᠨ ᠴᠤᠯᠬᠤᠡᠭ        ᠬᠦᠬᠦᠨ ᠪᠣᠯᠴᠢᠷᠬᠠᠢ ᠶᠢᠨ ᠴᠤᠯᠬᠤᠡᠭ ᠪᠣᠯ ᠬᠦᠬᠦᠨ ᠪᠣᠯᠴᠢᠷᠬᠠᠢ ᠶᠢᠨ ᠨᠡᠬᠡᠳᠡᠰᠤ ᠶᠢᠨ ᠬᠤᠣᠷᠲᠤ ᠡᠪᠡᠳᠴᠢᠨ ᠮᠦᠨ᠃ ᠰᠠᠴᠤᠷᠠᠯ ᠳᠤ ᠰᠡᠷᠭᠡᠭ ᠴᠢᠨᠠᠷ ᠢᠶᠠᠷ ᠬᠦᠬᠦᠨ ᠪᠣᠯᠴᠢᠷᠬᠠᠢ ᠨᠢ ᠵᠦᠪᠬᠡᠨ ᠴᠢᠰᠤ ᠪᠦᠲᠦᠭᠡᠬᠦ ᠨᠡᠬᠡᠳᠡᠰᠤ ᠪᠠ ᠪᠠᠮᠪᠠᠢ ᠪᠣᠯᠴᠢᠷᠬᠠᠢ ᠶᠢᠨ ᠳᠠᠷᠠᠭ᠎ᠠ ᠯᠡ ᠣᠷᠤᠳᠠᠭ᠃ ᠡᠶᠢᠮᠦ ᠠᠴᠠ ᠰᠠᠴᠤᠷᠠᠯ ᠤᠨ ᠬᠦᠬᠦᠨ ᠪᠣᠯᠴᠢᠷᠬᠠᠢ ᠶᠢᠨ ᠴᠤᠯᠬᠤᠡᠭ ᠤᠨ ᠡᠭᠦᠰᠦᠯᠲᠡ ᠶᠢᠨ ᠨᠣᠷᠮ᠎ᠠ ᠨᠢ ᠦᠨᠳᠦᠷ ᠪᠦᠭᠡᠳ ᠵᠣᠩᠬᠢᠯᠠᠬᠤ ᠨᠢ ᠪᠠᠷᠤᠭ ᠯᠨ ᠡᠮᠡᠭᠲᠠᠶᠢᠴᠤᠳ ᠲᠤ ᠡᠭᠦᠰᠳᠡᠭ᠃ ᠭᠡᠪᠡᠴᠤ ᠦᠬᠦᠯᠲᠠ ᠶᠢᠨ ᠨᠣᠷᠮ᠎ᠠ ᠨᠢ ᠳᠣᠣᠷ᠎ᠠ ᠪᠠᠶᠢᠵᠦ᠂ ᠡᠭᠦᠰᠦᠯᠲᠡ ᠶᠢᠨ ᠨᠣᠷᠮ᠎ᠠ ᠨᠢ ᠪᠠᠷᠤᠭ ᠦᠬᠦᠯᠲᠠ ᠶᠢᠨ ᠨᠣᠷᠮ᠎ᠠ ᠶᠢᠨ ᠢᠶᠠᠨ 4 ᠳᠠᠬᠢᠨ ᠪᠠᠶᠢᠳᠠᠭ᠃ ᠰᠠᠴᠤᠷᠠᠯ ᠤᠨ ᠡᠲᠦᠬᠦ ᠬᠦᠬᠦᠨ ᠪᠣᠯᠴᠢᠷᠬᠠᠢ ᠶᠢᠨ ᠴᠤᠯᠬᠤᠡᠭ ᠨᠢ ᠠᠩᠬ᠎ᠠ ᠡᠭᠦᠰᠬᠦ ᠳᠡᠭᠡᠨ ᠪᠠᠷᠤᠭ 71.4% ᠨᠢ ᠳᠠᠮᠵᠢᠭᠤᠯᠤᠭᠴᠢ ᠴᠣᠷᠭᠤ ᠶᠢᠨ ᠡᠰ ᠲᠤ ᠪᠠᠶᠢᠳᠠᠭ ᠪᠣᠯᠪᠠᠴᠤ ᠬᠡᠵᠢᠶᠡᠳᠡ ᠬᠦᠬᠦᠨ ᠪᠣᠯᠴᠢᠷᠬᠠᠢ ᠶᠢᠨ ᠨᠡᠬᠡᠳᠡᠰᠦᠨ ᠳᠤ ᠨᠡᠪᠴᠢᠷᠡᠨ ᠣᠷᠤᠳᠠᠭ᠃ 10~19 ᠨᠠᠰᠤᠨ ᠳᠤ ᠲᠤᠰᠬᠠᠭᠳᠠᠪᠠᠯ᠂ ᠬᠦᠬᠦᠨ ᠪᠣᠯᠴᠢᠷᠬᠠᠢ ᠶᠢᠨ ᠴᠤᠯᠬᠤᠡᠭ ᠡᠭᠦᠰᠬᠦ ᠨᠣᠷᠮ᠎ᠠ ᠨᠢ ᠬᠠᠮᠤᠭ ᠠᠴᠠ ᠦᠨᠳᠦᠷ ᠪᠠᠶᠢᠵᠦ᠂ ᠴᠡᠭᠡᠵᠢᠨ ᠤ ᠬᠡᠰᠡᠭ ᠨᠢ χ ᠰᠠᠴᠤᠷᠠᠭ ᠲᠤ ᠲᠤᠰᠬᠠᠭᠳᠠᠭᠰᠠᠨ ᠬᠦᠮᠦᠰ ᠤᠨ ᠬᠦᠬᠦᠨ ᠪᠣᠯᠴᠢᠷᠬᠠᠢ  ᠶᠢᠨ ᠦᠮᠡᠨ ᠡᠭᠦᠰᠬᠦ ᠨᠣᠷᠮ᠎ᠠ ᠨᠢ ᠴᠤ ᠢᠯᠠᠤᠲᠠ ᠳᠡᠭᠡᠭᠰᠢᠯᠡᠳᠡᠭ᠃ ᠶᠡᠷᠦᠳᠡᠭᠡᠨ ᠲᠤᠰᠬᠠᠭᠳᠠᠭᠰᠠᠨ ᠤ ᠰᠡᠭᠦᠯᠡᠷ 15~20 ᠵᠢᠯ ᠳᠤ ᠶᠡᠬᠡᠪᠡᠷ ᠡᠭᠦᠰᠳᠡᠭ᠃ ᠡᠮᠡᠭᠲᠠᠶᠢᠴᠤᠳ ᠤᠨ ᠬᠦᠬᠦᠨ ᠪᠣᠯᠴᠢᠷᠬᠠᠢ ᠶᠢᠨ ᠴᠤᠯᠬᠤᠡᠭ ᠨᠢ ᠲᠤᠰᠬᠠᠭᠳᠠᠬᠤ ᠦᠶᠡᠰ ᠳᠤ ᠨᠠᠰᠤ ᠨᠢ ᠶᠡᠭᠡ ᠪᠠᠭ᠎ᠠ ᠭᠡᠰᠡᠨ ᠦᠭᠡᠢ ᠪᠦᠷ ᠯᠨ ᠨᠠᠰᠤ ᠠᠬᠢᠭᠠᠳ ᠦᠮᠡᠨ ᠡᠭᠦᠰᠬᠦ ᠬᠠᠨᠳᠤᠰᠢ ᠲᠠᠢ ᠪᠠᠶᠢᠳᠠᠭ᠃ ᠰᠠᠴᠤᠷᠠᠯ ᠤᠨ ᠬᠦᠬᠦᠨ ᠪᠣᠯᠴᠢᠷᠬᠠᠢ ᠶᠢᠨ ᠴᠤᠯᠬᠤᠡᠭ ᠤᠨ ᠨᠢᠭᠤᠭᠳᠠᠮᠠᠯ ᠬᠤᠭᠤᠴᠠᠭ᠎ᠠ ᠨᠢ 23.6 ᠵᠢᠯ ᠪᠠᠶᠢᠵᠦ᠂ ᠳᠤᠮᠳᠠᠴᠢ ᠨᠢᠭᠤᠭᠳᠠᠮᠠᠯ ᠬᠤᠭᠤᠴᠠᠭ᠎ᠠ ᠨᠢ 15 ᠵᠢᠯ᠂ ᠬᠠᠮᠤᠭ ᠣᠬᠤᠷ ᠨᠢᠭᠤᠭᠳᠠᠮᠠᠯ ᠬᠤᠭᠤᠴᠠᠭ᠎ᠠ ᠨᠢ 10 ᠵᠢᠯ ᠪᠠᠶᠢᠳᠠᠭ᠃        ᠰᠠᠴᠤᠷᠠᠯ ᠤᠨ ᠬᠦᠬᠦᠨ ᠪᠣᠯᠴᠢᠷᠬᠠᠢ ᠶᠢᠨ ᠴᠤᠯᠬᠤᠡᠭ ᠤᠨ ᠡᠳᠡᠭᠡᠷ ᠮᠠᠲ᠋ᠧᠷᠢᠶᠠᠯ ᠪᠣᠯ ᠶᠠᠫᠤᠨ ᠤ ᠠᠲ᠋ᠤᠮ ᠤᠨ ᠪᠦᠮᠪᠦᠭᠡᠨ ᠤ ᠳᠠᠭᠠᠷᠢᠯᠳᠠ ᠳᠤ ᠵᠣᠯ ᠢᠶᠠᠷ ᠦᠯᠡᠳᠡᠭᠰᠡᠳ᠂ χ ᠰᠠᠴᠤᠷᠠᠭ ᠢᠶᠠᠷ ᠴᠡᠭᠡᠵᠢᠨ ᠤ ᠬᠡᠰᠡᠭ ᠤᠨ ᠡᠪᠡᠳᠴᠢᠨ ᠢᠶᠠᠨ ᠪᠠᠶᠢᠴᠠᠭᠠᠯᠭᠠᠭᠰᠠᠳ ᠵᠢᠴᠢ ᠦᠵᠡᠭᠳᠡᠭᠰᠡᠨ ᠤ ᠳᠠᠷᠠᠭ᠎ᠠ ᠲᠦᠷᠭᠡᠨ ᠴᠢᠨᠠᠷᠲᠤ ᠬᠦᠬᠦᠨ ᠪᠣᠯᠴᠢᠷᠬᠠᠢ ᠶᠢᠨ ᠦᠷᠪᠢᠰᠦᠯ ᠢ ᠰᠠᠴᠤᠷᠠᠭ ᠢᠶᠠᠷ ᠡᠮᠨᠡᠨ ᠵᠠᠰᠠᠭᠤᠯᠤᠭᠴᠢᠳ ᠢ ᠠᠵᠢᠭᠯᠠᠨ ᠪᠠᠶᠢᠴᠠᠭᠠᠵᠦ ᠣᠯᠤᠭᠰᠠᠨ ᠶᠣᠮ᠃           ︵4︶ ᠠᠭᠤᠰᠬᠢᠨ ᠴᠤᠯᠬᠤᠡᠭ        ᠰᠠᠴᠤᠷᠠᠯ ᠤᠨ ᠰᠡᠷᠭᠡᠶᠢᠯᠡᠯᠲᠡ ᠳᠤ ᠮᠦᠬᠡᠷᠰᠦᠨ ᠬᠤᠭᠤᠯᠠᠢ᠂ ᠰᠠᠯᠪᠤᠷᠢ ᠮᠦᠬᠡᠷᠰᠦᠨ ᠬᠤᠭᠤᠯᠠᠢ ᠪᠣᠯᠣᠨ ᠠᠭᠤᠰᠬᠢᠨ ᠤ ᠬᠤᠣᠷᠲᠤ ᠬᠠᠪᠤᠳᠠᠷ ᠢ ᠶᠡᠷᠦᠩᠬᠡᠶᠢᠯᠡᠭᠡᠳ ᠠᠭᠤᠰᠬᠢᠨ ᠴᠤᠯᠬᠤᠡᠭ ᠭᠡᠳᠡᠭ᠃ ᠭᠤᠣᠯᠳᠠᠭᠤ ᠦᠷᠠᠨ ᠤ ᠠᠭᠤᠷᠬᠠᠢ ᠶᠢᠨ ᠠᠵᠢᠯᠴᠢᠳ ᠷᠠᠳᠤᠨ ᠬᠡᠢ ᠶᠢ ᠠᠮᠢᠰᠬᠤᠨ ᠣᠷᠤᠭᠤᠯᠤᠭᠰᠠᠨ ᠤ ᠳᠠᠷᠠᠭ᠎ᠠ᠂ ᠴᠤᠴᠠᠷᠠᠯᠲᠠ ᠪᠠᠷ ᠳᠠᠮᠵᠢᠨ ᠬᠠᠷᠪᠤᠨ ᠭᠠᠷᠭᠠᠭᠰᠠᠨ α ᠰᠠᠴᠤᠷᠠᠭ ᠠᠴᠠ ᠡᠭᠦᠰᠳᠡᠭ᠃ ᠷᠠᠳᠤᠨ ᠤ ᠦᠳᠬᠡᠴᠡ ᠨᠢ ᠨᠡᠯᠢᠶᠡᠳ ᠶᠡᠭᠡ ᠪᠤᠰᠤᠳ ᠠᠭᠤᠷᠬᠠᠢ ᠳᠣᠲᠤᠷ᠎ᠠ ᠤᠷᠲᠤ ᠬᠤᠭᠤᠴᠠᠭ᠎ᠠ ᠪᠠᠷ ᠠᠵᠢᠯᠯᠠᠭᠰᠠᠨ ᠬᠦᠮᠦᠰ ᠤᠳ ᠴᠤ ᠠᠭᠤᠰᠬᠢᠨ ᠴᠤᠯᠬᠤᠡᠭ ᠣᠯᠬᠤ ᠨᠣᠷᠮ᠎ᠠ ᠨᠢ ᠨᠡᠯᠢᠶᠡᠳ ᠶᠡᠭᠡ ᠪᠠᠶᠢᠳᠠᠭ᠃ ᠠᠭᠤᠷᠬᠠᠢ ᠶᠢᠨ ᠠᠵᠢᠯᠴᠢᠳ ᠤᠨ ᠠᠭᠤᠰᠬᠢᠨ ᠴᠤᠯᠬᠤᠡᠭ ᠨᠢ ᠡᠪᠡᠳᠴᠢᠨ ᠬᠦᠳᠡᠯᠬᠦ ᠨᠠᠰᠤ ᠵᠢᠯ ᠨᠢ ᠪᠠᠭ᠎ᠠ᠂ ᠡᠪᠡᠳᠴᠢᠨ ᠤ ᠶᠠᠪᠤᠴᠠ ᠨᠢ ᠣᠬᠤᠷ᠂ ᠲᠠᠷᠬᠠᠨ ᠰᠢᠯᠵᠢᠬᠦ ᠨᠢ ᠨᠡᠯᠢᠶᠡᠳ ᠡᠷᠲᠡ ᠵᠡᠷᠭᠡ ᠣᠨᠴᠠᠯᠢᠭ ᠲᠠᠢ᠃ ᠰᠠᠴᠤᠷᠠᠯ ᠤᠨ ᠡᠲᠦᠬᠦ ᠠᠭᠤᠰᠬᠢᠨ ᠴᠤᠯᠬᠤᠡᠭ ᠨᠢ ᠲᠠᠮᠠᠬᠢ ᠲᠠᠲᠠᠬᠤ ᠲᠠᠢ ᠨᠡᠶᠢᠯᠡᠮᠡᠯ ᠦᠢᠯᠡᠳᠦᠯ ᠲᠠᠢ ᠭᠡᠳᠡᠭ ᠢ ᠠᠭᠤᠷᠬᠠᠢ ᠶᠢᠨ ᠠᠵᠢᠯᠴᠢᠳ ᠤᠨ ᠳᠣᠲᠤᠷ᠎ᠠ ᠠᠴᠠ ᠠᠵᠢᠨ ᠪᠠᠶᠢᠴᠠᠭᠠᠵᠦ ᠮᠡᠳᠡᠪᠡ᠃ ᠡᠨᠡ ᠨᠢ ᠲᠠᠮᠠᠬᠢᠨ ᠨᠠᠪᠴᠢᠨ ᠳᠠᠬᠢ ᠵᠠᠷᠢᠮ ᠪᠦᠷᠢᠯᠳᠦᠭᠦᠨ ᠨᠢ ᠠᠬᠢᠭᠤᠯᠬᠤ ᠦᠢᠯᠡᠳᠦᠯ ᠭᠠᠷᠭᠠᠵᠦ᠂ ᠰᠠᠴᠤᠷᠠᠯ ᠤᠨ ᠡᠲᠦᠨ ᠡᠭᠦᠰᠭᠡᠭᠰᠡᠨ ᠬᠠᠪᠤᠳᠠᠷ ᠤᠨ ᠡᠭᠦᠰᠬᠦ ᠴᠠᠭ ᠢ ᠨᠢ ᠪᠣᠭᠤᠨᠢᠰᠬᠠᠭᠰᠠᠨ ᠠᠴᠠ ᠪᠣᠯᠤᠭᠰᠠᠨ ᠮᠠᠭᠠᠳ᠃ ᠠᠭᠤᠰᠬᠢᠨ ᠴᠤᠯᠬᠤᠡᠭ ᠤᠨ ᠬᠤᠣᠷ ᠨᠢ ᠶᠡᠭᠡ᠂  ᠳᠡᠭᠵᠢᠬᠦ ᠨᠢ ᠲᠦᠷᠭᠡᠨ᠂ ᠠᠮᠠᠷᠬᠠᠨ ᠲᠠᠷᠬᠠᠳᠠᠭ᠃ ᠲᠡᠭᠦᠨ ᠤ ᠡᠭᠦᠰᠦᠯᠲᠡ ᠶᠢᠨ ᠨᠣᠷᠮ᠎ᠠ ᠪᠣᠯᠣᠨ ᠦᠬᠦᠯᠲᠡ ᠶᠢᠨ ᠨᠣᠷᠮ᠎ᠠ ᠨᠢ ᠪᠠᠷᠤᠭ ᠲᠡᠩᠴᠡᠭᠦᠦ ᠪᠠᠶᠢᠳᠠᠭ᠃ ᠠᠭᠤᠰᠬᠢᠨ ᠴᠤᠯᠬᠤᠡᠭ ᠤᠨ ᠡᠭᠦᠰᠦᠯᠲᠡ ᠶᠢᠨ ᠨᠣᠷᠮ᠎ᠠ ᠨᠢ ᠲᠤᠰᠤᠭᠰᠠᠨ ᠬᠤᠮᠵᠢᠮ ᠲᠠᠢ ᠬᠤᠯᠪᠤᠭᠠᠲᠠᠢ ᠪᠠᠶᠢᠵᠦ᠂ ᠡᠷᠡᠭᠲᠠᠶᠢᠴᠤᠳ ᠤᠨ ᠠᠭᠤᠰᠬᠢᠨ ᠴᠤᠯᠬᠤᠡᠭ ᠤᠨ ᠡᠭᠦᠰᠦᠯᠲᠡ ᠶᠢᠨ ᠨᠣᠷᠮ᠎ᠠ ᠨᠢ ᠡᠮᠡᠭᠲᠠᠶᠢᠴᠤᠳ ᠠᠴᠠ ᠦᠨᠳᠦᠷ ᠪᠠᠶᠢᠳᠠᠭ ᠪᠦᠭᠡᠳ 20~29 ᠨᠠᠰᠤᠨ ᠤ ᠲᠤᠰᠬᠠᠭᠳᠠᠭᠰᠠᠨ ᠬᠦᠮᠦᠰ ᠲᠤ ᠡᠭᠦᠰᠦᠯᠲᠡ ᠶᠢᠨ ᠨᠣᠷᠮ᠎ᠠ  ᠨᠢ ᠬᠠᠮᠤᠭ ᠠᠴᠠ ᠦᠨᠳᠦᠷ ᠪᠠᠶᠢᠳᠠᠭ᠃        ᠰᠠᠴᠤᠷᠠᠯ ᠤᠨ ᠡᠲᠦᠬᠦ ᠠᠭᠤᠰᠬᠢᠨ ᠴᠤᠯᠬᠤᠡᠭ ᠤᠨ ᠨᠢᠭᠤᠭᠳᠠᠮᠠᠯ ᠬᠤᠭᠤᠴᠠᠭ᠎ᠠ ᠨᠢ ᠬᠠᠮᠤᠭ ᠣᠬᠤᠷ ᠲᠠᠭᠠᠨ 10 ᠵᠢᠯ᠂ ᠵᠣᠩᠬᠢᠯᠠᠬᠤ ᠨᠢ 15~24 ᠵᠢᠯ ᠤᠨ ᠬᠤᠭᠤᠷᠣᠨᠳᠤ ᠪᠠᠶᠢᠵᠦ᠂ 30 ᠵᠢᠯ ᠠᠴᠠ ᠳᠡᠭᠡᠭᠰᠢᠬᠢ ᠴᠤ ᠪᠠᠰᠨ ᠪᠣᠢ᠃ ᠳᠤᠮᠳᠠᠴᠢ ᠨᠢᠭᠤᠭᠳᠠᠮᠠᠯ ᠬᠤᠭᠤᠴᠠᠭ᠎ᠠ ᠨᠢ 17 ᠵᠢᠯ ᠪᠠᠶᠢᠳᠠᠭ᠃        ︵5︶ ᠶᠠᠰᠤᠨ ᠤ ᠬᠠᠪᠤᠳᠠᠷ        ᠶᠠᠰᠤᠨ ᠤ ᠬᠠᠪᠤᠳᠠᠷ  ᠪᠣᠯ ᠶᠠᠰᠤᠨ ᠤ ᠭᠠᠳᠠᠷᠭᠤ ᠶᠢᠨ 10 ᠮᠢᠺᠷᠤᠮᠧᠲᠷ ︵μm︶ ᠳᠣᠲᠤᠷᠠᠬᠢ ᠡᠰ ᠤᠨ ᠳᠠᠪᠬᠤᠷᠭ᠎ᠠ ᠠᠴᠠ ᠡᠭᠦᠰᠦᠭᠰᠡᠨ ᠬᠤᠣᠷᠲᠤ ᠡᠪᠡᠳᠴᠢᠨ ᠪᠦᠭᠡᠳ ᠶᠠᠰᠤᠨ ᠨᠡᠬᠡᠳᠡᠰᠤ ᠶᠢ ᠢᠳᠡᠪᠬᠢᠲᠠᠢ ᠪᠠᠷ ᠳᠠᠬᠢᠨ ᠪᠠᠶᠢᠭᠤᠯᠵᠦ ᠪᠠᠶᠢᠭ᠎ᠠ ᠬᠡᠰᠡᠭ ᠪᠣᠶᠤ ᠡᠰᠡᠭᠦᠯ᠎ᠡ ᠶᠠᠰᠤᠨ ᠡᠰ ᠤᠨ ᠦᠷᠡᠵᠢᠯ ᠢᠳᠡᠪᠬᠢᠲᠠᠢ ᠶᠠᠪᠤᠭᠳᠠᠵᠦ ᠪᠠᠶᠢᠭ᠎ᠠ ᠰᠡᠶᠢᠮᠡᠭᠡᠢ ᠬᠡᠰᠡᠭ ᠲᠤ ᠢᠯᠡᠭᠦᠤ ᠡᠭᠦᠰᠳᠡᠭ᠃ ᠰᠠᠴᠤᠷᠠᠯ ᠤᠨ ᠶᠠᠰᠤ ᠮᠢᠬᠠᠨ ᠬᠠᠪᠤᠳᠠᠷ ᠪᠣᠯ ᠭᠤᠣᠯᠳᠠᠭᠤ ᠪᠡᠶ᠎ᠡ ᠳᠤ ᠣᠷᠤᠭᠰᠠᠨ ᠰᠠᠴᠤᠷᠠᠭᠲᠤ ᠪᠣᠳᠠᠰ ‍ᠣᠨ‌‍ᠲ᠋ᠣᠲᠤᠷ ᠳᠤᠰᠬᠠᠯᠲᠠ ᠠᠴᠠ ᠢᠷᠡᠯᠲᠠᠢ ᠪᠠᠶᠢᠵᠦ᠂ ᠣᠬᠤᠷ ᠨᠠᠰᠤᠲᠤ ᠴᠦᠮ᠎ᠡ ᠪᠣᠯ ᠶᠡᠷᠤᠳᠡᠭᠡᠨ ᠡᠨᠧᠷᠬᠢ ᠪᠠᠨ ᠪᠠᠷᠤᠭ ᠶᠠᠰᠤᠨ ᠤ ᠭᠠᠳᠠᠷᠭᠤ ᠳᠤ ᠪᠦᠬᠦᠨ ᠢ ᠲᠠᠯᠪᠢᠨ ᠭᠠᠷᠭᠠᠳᠠᠭ ᠲᠤᠯᠠᠲᠠ ᠨᠡᠩ ᠬᠤᠣᠷ ᠲᠠᠢ ᠪᠠᠶᠢᠳᠠᠭ᠃  ᠭᠠᠳᠠᠨ᠎ᠠ ᠠᠴᠠ ᠳᠤᠰᠬᠤ ᠰᠠᠴᠤᠷᠠᠭ ᠪᠣᠯ ᠪᠡᠶ᠎ᠡ ᠶᠢᠨ ᠬᠡᠰᠡᠭ ᠭᠠᠵᠠᠷ ᠲᠤ ᠬᠤᠮᠵᠢᠮ ᠨᠢ 30Gy ᠬᠦᠷᠦᠮᠡᠨᠵᠢᠨ ᠰᠠᠶ᠋ᠢ ᠡᠭᠦᠰᠳᠡᠭ᠃ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ ᠶᠠᠰᠤᠨ ᠤ ᠬᠠᠪᠤᠳᠠᠷ ᠡᠭᠦᠰᠬᠦ ᠨᠢ ᠢᠯᠠᠤᠲᠠ ᠠᠷᠪᠢᠨ ᠪᠣᠯᠵᠦ᠂ ᠡᠷᠡᠭᠲᠠᠶᠢᠴᠤᠳ ᠲᠤ ᠡᠭᠦᠰᠬᠦ ᠨᠣᠷᠮ᠎ᠠ ᠨᠢ ᠡᠮᠡᠭᠲᠠᠶᠢᠴᠤᠳ ᠠᠴᠠ ᠪᠠᠷᠤᠭ 2 ᠳᠠᠬᠢᠨ ᠢᠯᠡᠭᠦᠦ ᠪᠠᠶᠢᠳᠠᠭ᠃ ᠨᠢᠭᠤᠭᠳᠠᠮᠠᠯ ᠬᠤᠭᠤᠴᠠᠭ᠎ᠠ ᠨᠢ ᠬᠠᠮᠤᠭ ᠣᠬᠤᠷ ᠲᠠᠭᠠᠨ 1.5 ᠵᠢᠯ ᠪᠠᠶᠢᠵᠦ᠂ ᠵᠣᠩᠬᠢᠯᠠᠬᠤ ᠨᠢ 21~37 ᠵᠢᠯ ᠪᠣᠯᠣᠨ᠎ᠠ᠃        ︵6︶ ᠡᠯᠢᠭᠡᠨ ᠴᠤᠯᠬᠤᠡᠭ        ᠡᠯᠢᠭᠡᠨ ᠴᠤᠯᠬᠤᠡᠭ ᠨᠢ ᠭᠤᠣᠯᠳᠠᠭᠤ ᠵᠢᠷᠤᠭ ᠲᠣᠳᠤᠷᠠᠭᠤᠯᠤᠭᠴᠢ ᠶᠢ ᠵᠡᠭᠦᠯᠡᠭᠰᠡᠨ α ᠰᠠᠴᠤᠷᠠᠯ ᠠᠴᠠ ᠢᠷᠡᠯᠲᠠᠢ᠃ ᠲᠣᠷᠢ ᠪᠠᠷ ᠵᠢᠷᠤᠭ ᠲᠣᠳᠤᠷᠠᠭᠤᠯᠤᠭᠴᠢ ᠶᠢᠨ ᠡᠲᠦᠭᠰᠡᠨ ᠡᠯᠢᠭᠡᠨ ᠬᠠᠪᠤᠳᠠᠷ ᠨᠢ ᠭᠤᠣᠯᠳᠠᠭᠤ ᠰᠦᠰᠦᠨ ᠴᠣᠷᠭᠤ ᠶᠢᠨ ᠴᠤᠯᠬᠤᠡᠭ ᠪᠣᠯᠣᠨ ᠰᠤᠳᠠᠯ ᠤᠨ ᠳᠣᠲᠤᠷ ᠬᠠᠯᠢᠰᠤᠨ ᠤ ᠬᠠᠪᠤᠳᠠᠷ ᠵᠢᠴᠢ ᠴᠦᠬᠡᠨ ᠨᠢ ᠡᠯᠢᠭᠡᠨ ᠡᠰ ᠠᠴᠠ ᠡᠬᠢᠲᠠᠢ ᠡᠯᠢᠭᠡᠨ ᠡᠰ ᠤᠨ ᠬᠠᠪᠤᠳᠠᠷ ᠪᠠᠶᠢᠳᠠᠭ᠃ ᠡᠳᠡᠭᠡᠷ ᠬᠠᠪᠤᠳᠠᠷ ᠤᠨ ᠨᠢᠭᠤᠭᠳᠠᠮᠠᠯ ᠬᠤᠭᠤᠴᠠᠭ᠎ᠠ ᠨᠢ ᠣᠬᠤᠷ᠂ ᠬᠠᠮᠤᠭ ᠣᠬᠤᠷ ᠨᠢ 10 ᠵᠢᠯ᠂ ᠳᠤᠮᠳᠠᠴᠢ ᠪᠠᠷ 13 ᠵᠢᠯ ᠪᠠᠶᠢᠵᠦ᠂ ᠨᠠᠰᠤ ᠵᠢᠯ ᠢ ᠳᠠᠭᠠᠯᠳᠤᠨ ᠬᠤᠪᠢᠷᠠᠳᠠᠭ ᠦᠭᠡᠢ ᠪᠢᠯᠨ᠃᠂        ︵7︶ ᠠᠷᠠᠰᠤᠨ ᠤ ᠴᠤᠯᠬᠤᠡᠭ        ᠰᠠᠴᠤᠷᠠᠯ ᠨᠢ ᠬᠦᠮᠦᠨ ᠤ ᠠᠷᠠᠰᠤ ᠬᠦᠷᠦᠰᠦ ᠶᠢ ᠬᠠᠯᠠᠭᠠᠵᠦ ᠲᠦᠯᠡᠨ ᠭᠡᠮᠲᠦᠭᠦᠯᠬᠦ ᠠᠴᠠ ᠭᠠᠳᠠᠨ᠎ᠠ ᠪᠠᠰᠨ ᠴᠣᠯᠬᠤᠡᠭ ᠡᠭᠦᠰᠭᠡᠳᠡᠭ᠃ ᠨᠡᠯᠢᠶᠡᠳ ᠤᠷᠲᠤ ᠬᠤᠭᠤᠴᠠᠭ᠎ᠠ ᠪᠠᠷ ᠰᠠᠴᠤᠷᠠᠭ ᠲᠤ ᠳᠤᠰᠬᠠᠭᠳᠠᠵᠦ᠂ ᠤᠵᠢᠭ ᠴᠢᠨᠠᠷᠲᠤ ᠠᠷᠠᠰᠤᠨ ᠦᠷᠪᠢᠰᠦᠯ ᠣᠯᠬᠤ ᠪᠣᠶᠤ ᠭᠡᠮᠲᠦᠯ ᠭᠠᠷᠬᠤ ᠶᠢᠨ ᠡᠴᠤᠰ ᠤᠨ ᠦᠷ᠎ᠡ ᠳ᠋ᠦᠡᠭ ᠤᠨ ᠨᠢᠭᠡ ᠨᠢ ᠳᠠᠷᠤᠢ ᠠᠷᠠᠰᠤᠨ  ᠴᠤᠯᠬᠤᠡᠭ ᠪᠣᠯᠤᠨ᠎ᠠ᠃  ᠠᠷᠠᠰᠤᠨ ᠴᠤᠯᠬᠤᠡᠭ ᠤᠨ ᠡᠭᠦᠰᠬᠦ ᠨᠣᠷᠮ᠎ᠠ ᠨᠢ ᠳᠣᠣᠷ᠎ᠠ᠂ ᠠᠵᠢᠯ ᠤᠨ ᠨᠦᠯᠦᠭᠡᠨ ᠤ ᠤᠳᠠᠭᠠᠨ ᠴᠢᠨᠠᠷᠲᠤ ᠰᠠᠴᠤᠷᠠᠭ ᠤᠨ ᠠᠷᠠᠰᠤᠨ ᠦᠷᠪᠢᠰᠦᠯ ᠤᠨ ᠰᠠᠭᠤᠷᠢᠨ ᠳᠡᠭᠡᠷ᠎ᠡ ᠠᠷᠠᠰᠤᠨ ᠤ ᠬᠤᠣᠷᠲᠤ ᠴᠣᠯᠬᠤᠡᠭ ᠡᠭᠦᠰᠬᠦ ᠨᠣᠷᠮ᠎ᠠ ᠨᠢ 10~28%  ᠪᠠᠶᠢᠳᠠᠭ᠃ ᠭᠡᠪᠡᠴᠤ ᠪᠠᠰᠨ ᠰᠠᠴᠤᠷᠠᠭ ᠲᠤ ᠲᠤᠰᠬᠠᠭᠳᠠᠭᠰᠠᠨ ᠬᠡᠰᠡᠭ ᠨᠢ ᠠᠷᠠᠰᠤᠨ ᠦᠷᠪᠢᠰᠦᠯ ᠡᠭᠦᠰᠬᠦ ᠦᠭᠡᠢ ᠪᠠᠷ ᠰᠢᠭᠤᠳ ᠠᠷᠠᠰᠤᠨ ᠴᠤᠯᠬᠤᠡᠭ ᠪᠣᠯᠬᠤ ᠴᠤ ᠪᠣᠢ᠃        ᠰᠠᠴᠤᠷᠠᠭ ᠤᠨ ᠠᠷᠠᠰᠤᠨ ᠤ ᠴᠤᠯᠬᠤᠡᠭ ᠨᠢ ᠪᠠᠰᠨ ᠬᠦᠮᠦᠨ ᠤ ᠪᠡᠶ᠎ᠡ ᠶᠢᠨ ᠬᠦᠷᠢᠨ ᠤ ᠭᠠᠳᠠᠨᠠᠬᠢ ᠲᠤᠶᠠᠭ᠎ᠠ ᠳᠤ ᠳᠤᠰᠬᠠᠭᠳᠠᠬᠤ ᠲᠠᠯᠠᠪᠠᠢ ᠶᠢᠨ ᠶᠡᠬᠡᠰᠬᠦ ᠶᠢ ᠳᠠᠭᠠᠯᠳᠤᠨ ᠡᠭᠦᠰᠬᠦ ᠲᠣᠬᠢᠶᠠᠯᠳᠤᠮᠵᠢ ᠨᠢ ᠴᠤ ᠨᠡᠮᠡᠭᠳᠡᠳᠡᠭ᠃ ᠬᠡᠷᠪᠡ ᠬᠦᠮᠦᠨ ᠤ ᠪᠡᠶᠡᠨ ᠳᠤ ᠲᠣᠯᠪᠤ ᠪᠣᠶᠤ ᠦ ᠠᠷᠪᠢᠨ ᠪᠣᠯ ᠠᠷᠠᠰᠤᠨ ᠤ ᠴᠤᠯᠬᠤᠡᠭ ᠣᠯᠬᠤ ᠨᠣᠷᠮ᠎ᠡ  ᠨᠢ ᠴᠤ ᠨᠡᠯᠢᠶᠡᠳ ᠦᠨᠳᠦᠷ ᠪᠣᠯᠳᠠᠭ᠃ ᠰᠢᠷ᠎ᠠ ᠴᠠᠭᠠᠨ ᠠᠷᠠᠰᠤ ᠲᠠᠢ ᠬᠦᠮᠦᠰ ᠤᠨ ᠠᠷᠠᠰᠤᠨ ᠤ ᠴᠤᠯᠬᠤᠡᠭ ᠣᠯᠬᠤ ᠨᠣᠷᠮ᠎ᠡ ᠨᠢ ᠦᠨᠳᠦᠷ᠂ ᠬᠠᠷ᠎ᠠ ᠪᠣᠷᠤ ᠠᠷᠠᠰᠤ  ᠲᠠᠢ ᠬᠦᠮᠦᠰ ᠤᠳ ᠲᠤ ᠠᠶᠠᠨᠳᠠᠭᠠᠨ ᠡᠭᠦᠰᠬᠦ ᠪᠣᠶᠤ ᠰᠠᠴᠤᠷᠠᠭ ᠠᠴᠠ ᠡᠲᠦᠭᠳᠡᠨ ᠠᠷᠠᠰᠤᠨ ᠡᠪᠡᠳᠴᠢᠨ ᠪᠠ ᠴᠤᠯᠬᠤᠡᠭ ᠣᠯᠬᠤ ᠲᠣᠬᠢᠶᠠᠯᠳᠤᠮᠵᠢ ᠨᠢ ᠴᠦᠮ ᠳᠣᠩ ᠳᠣᠣᠷ᠎ᠠ ᠪᠠᠶᠢᠳᠠᠭ᠃ ᠬᠡᠷᠪᠡ ᠲᠤᠰᠬᠠᠭᠳᠠᠭᠰᠠᠨ ᠲᠠᠯᠠᠪᠠᠢ ᠨᠢ ᠶᠡᠭᠡ ᠪᠣᠯ 1Gy ᠠᠴᠠ ᠪᠠᠭ᠎ᠠ ᠰᠢᠭ᠋ ᠬᠤᠮᠵᠢᠮ ᠴᠤ ᠭᠡᠳ ᠪᠠᠰᠨ ᠠᠷᠠᠰᠤᠨ  ᠴᠤᠯᠬᠤᠡᠭ ᠢ ᠡᠲᠦᠨ ᠡᠭᠦᠰᠭᠡᠬᠦ ᠬᠡᠲᠤ ᠦᠨᠳᠦᠷ ᠠᠶᠤᠯ ᠲᠠᠢ ᠪᠠᠶᠢᠳᠠᠭ᠃        ᠨᠢᠭᠤᠭᠳᠠᠮᠠᠯ ᠬᠤᠭᠤᠴᠠᠭ᠎ᠠ ᠨᠢ 6% ᠶᠢᠨ ᠡᠪᠡᠳᠴᠢᠲᠡᠨ ᠨᠢ 10 ᠵᠢᠯ ᠬᠦᠷᠬᠦ ᠦᠭᠡᠢ ᠪᠠᠶᠢᠳᠠᠭ᠃ 20% ᠨᠢ 31~50 ᠵᠢᠯ᠂ ᠪᠤᠰᠤᠳ ᠨᠢ 13~26 ᠵᠢᠯ ᠤᠨ ᠬᠤᠭᠤᠷᠣᠨᠳᠤ ᠪᠠᠶᠢᠵᠦ᠂ ᠤᠷᠲᠤ ᠰᠢᠭ᠋ ᠨᠢ 64 ᠵᠢᠯ ᠬᠦᠷᠬᠦ ᠴᠤ ᠪᠣᠢ᠃ ᠳᠤᠮᠳᠠᠴᠢ ᠨᠢᠭᠤᠭᠳᠠᠮᠠᠯ ᠬᠤᠭᠤᠴᠠᠭ᠎ᠠ ᠨᠢ 25 ᠵᠢᠯ ᠪᠠᠶᠢᠳᠠᠭ᠃        8.  ᠬᠡᠪᠲᠡᠰᠢᠨ ᠳᠠᠬᠢ ᠬᠡᠤᠬᠡᠳ ᠤᠨ ᠬᠤᠣᠷᠲᠤ ᠬᠠᠪᠤᠳᠠᠷ        ᠬᠡᠤᠬᠡᠳ ᠡᠬᠡ ᠶᠢᠨ ᠢᠶᠠᠨ ᠬᠡᠪᠡᠯᠢ ᠳᠤ ᠰᠠᠴᠤᠷᠠᠭ ᠲᠤ ᠳᠤᠰᠬᠠᠭᠳᠠᠬᠤ ᠪᠠ 10 ᠨᠠᠰᠤᠨ ᠠᠴᠠ ᠡᠮᠦᠨ᠎ᠡ ᠰᠠᠴᠤᠷᠠᠭ ᠲᠤ ᠳᠤᠰᠬᠠᠭᠳᠠᠬᠤ ᠶᠢᠨ ᠦᠷ᠎ᠡ ᠳ᠋ᠦᠡᠭ  ᠨᠢ ᠠᠳᠠᠯᠢ ᠪᠠᠶᠢᠳᠠᠭ᠃ ᠴᠢᠰᠤ ᠴᠠᠶᠢᠬᠤ ᠡᠪᠡᠳᠴᠢᠨ ᠢ ᠪᠠᠭᠲᠠᠭᠠᠭᠰᠠᠨ ᠬᠤᠣᠷᠲᠤ ᠡᠪᠡᠳᠴᠢᠨ ᠳᠤ ᠨᠡᠷᠪᠡᠭᠳᠡᠬᠦ ᠨᠣᠷᠮ᠎ᠠ ᠨᠢ ᠲᠦᠷᠦᠭᠰᠡᠨ ᠤ ᠰᠡᠭᠦᠯᠡᠷ ᠳᠤᠰᠬᠠᠭᠳᠠᠭᠰᠠᠳ ᠤᠨ ᠨᠣᠷᠮ᠎ᠠ ᠲᠠᠢ ᠠᠳᠠᠯᠢᠬᠠᠨ ᠪᠠᠶᠢᠳᠠᠭ᠃ ᠡᠭᠦᠨ ᠤ ᠳᠣᠲᠤᠷ᠎ᠠ ᠡᠳᠡᠭᠡᠷ ᠬᠤᠣᠷᠲᠤ ᠡᠪᠡᠳᠴᠢᠨ ᠤ ᠬᠠᠭᠠᠰ ᠨᠢ ᠴᠢᠰᠤ ᠴᠠᠶᠢᠬᠤ ᠡᠪᠡᠳᠴᠢᠨ ᠪᠠᠶᠢᠵᠦ ᠂  1/4 ᠨᠢ ᠮᠡᠳᠡᠷᠡᠯ ᠤᠨ ᠰᠢᠰᠲ᠋ᠧᠮ ᠤᠨ ᠬᠠᠪᠤᠳᠠᠷ ᠪᠠᠶᠢᠳᠠᠭ᠃ ᠠᠲ᠋ᠤᠮ ᠤᠨ ᠪᠦᠮᠪᠦᠭᠡᠨ ᠤ ᠳᠡᠯᠪᠡᠷᠡᠯᠲᠡ ᠶᠢᠨ ᠰᠠᠴᠤᠷᠠᠭ ᠲᠤ ᠳᠤᠰᠬᠠᠭᠳᠠᠭᠰᠠᠨ ᠬᠡᠪᠲᠡᠰᠢᠨ ᠳᠠᠬᠢ ᠬᠡᠤᠬᠡᠳ ᠨᠢ ᠦᠲᠡᠯᠡᠭᠡ ᠨᠠᠰᠤᠨ ᠳᠠᠭᠠᠨ ᠴᠢᠰᠤ ᠴᠠᠶᠢᠬᠤ ᠡᠪᠡᠳᠴᠢᠨ ᠢ ᠪᠠᠭᠲᠠᠭᠠᠭᠰᠠᠨ ᠴᠤᠯᠬᠤᠡᠭ ᠡᠭᠦᠰᠬᠦ ᠨᠣᠷᠮ᠎ᠠ ᠨᠢ ᠴᠤ ᠪᠠᠰᠨ ᠡᠳᠦᠢ ᠲᠡᠳᠦᠢ ᠳᠡᠭᠡᠭᠰᠢᠯᠡᠭᠰᠡᠨ ᠪᠠᠶᠢᠳᠠᠭ᠃ ᠡᠨᠡ ᠨᠢ ᠬᠡᠤᠬᠡᠳ ᠲᠤ ᠴᠢᠰᠤ ᠴᠠᠶᠢᠬᠤ ᠡᠪᠡᠳᠴᠢᠨ ᠪᠠ ᠪᠤᠰᠤᠳ ᠬᠤᠣᠷᠲᠤ ᠡᠪᠡᠳᠴᠢᠨ ᠡᠭᠦᠰᠬᠦ ᠨᠣᠷᠮ᠎ᠡ ᠳᠡᠭᠡᠭᠰᠢᠯᠡᠭᠰᠡᠨ ᠨᠢ ᠦᠨᠡᠩᠬᠦ ᠰᠠᠴᠤᠷᠠᠯ ᠠᠴᠠ ᠪᠣᠯᠤᠭᠰᠠᠨ ᠭᠡᠳᠡᠭ ᠢ ᠢᠯᠡᠳᠬᠡᠵᠦ ᠪᠠᠶᠢᠨ᠎ᠠ᠃        ᠡᠭᠦᠨ ᠠᠴᠠ ᠭᠠᠳᠠᠨ᠎ᠠ᠂ ᠠᠭᠠᠷᠴᠠᠭ ᠤᠨ ᠡᠷᠬᠡᠲᠡᠨ ᠤ ᠡᠪᠡᠳᠴᠢᠨ ᠢ ᠰᠠᠴᠤᠷᠠᠯ ᠢᠶᠠᠷ ᠵᠠᠰᠠᠭᠤᠯᠤᠭᠰᠠᠨ ᠬᠦᠮᠦᠰ ᠤᠳ ᠢ ᠲᠠᠭᠠᠨ ᠠᠵᠢᠨ ᠪᠠᠶᠢᠴᠠᠭᠠᠭᠰᠠᠨ ᠴᠤ ᠭᠡᠳ᠂ ᠠᠭᠠᠷᠴᠠᠭ ᠤᠨ ᠡᠯ᠎ᠡ ᠡᠷᠬᠡᠲᠡᠨ ᠤ  ᠴᠤᠯᠬᠤᠡᠭ ᠡᠭᠦᠰᠬᠦ ᠨᠣᠷᠮ᠎ᠠ ᠴᠤ ᠭᠡᠳ ᠪᠦᠷ ᠳᠡᠭᠡᠭᠰᠢᠯᠡᠭᠰᠡᠨ ᠢ ᠢᠯᠡᠳᠬᠡᠭᠰᠡᠨ ᠪᠠᠶᠢᠯ᠎ᠠ᠃ ᠠᠲ᠋ᠤᠮ ᠤᠨ ᠪᠦᠮᠪᠦᠭᠡᠨ ᠤ ᠳᠡᠯᠪᠡᠷᠡᠯᠲᠡ ᠳᠤ ᠵᠣᠯ ᠢᠶᠠᠷ ᠦᠯᠡᠳᠡᠭᠰᠡᠳ ᠢ ᠪᠠᠶᠢᠴᠠᠭᠠᠭᠠᠳ᠂ ᠯᠢᠮᠹ ᠤᠨ ᠬᠤᠣᠷᠲᠤ ᠬᠠᠪᠤᠳᠠᠷ ᠪᠣᠯᠣᠨ ᠠᠷᠪᠢᠨ ᠡᠭᠦᠰᠬᠦ ᠴᠢᠨᠠᠷᠲᠠᠢ ᠴᠢᠮᠦᠭᠡᠨ ᠬᠠᠪᠤᠳᠠᠷ ᠤᠨ ᠡᠭᠦᠰᠬᠦ ᠨᠣᠷᠮ᠎ᠠ ᠴᠤ ᠨᠡᠮᠡᠭᠳᠡᠭᠰᠡᠨ ᠢ ᠮᠡᠳᠡᠵᠠᠢ᠃ ᠴᠠᠬᠢᠯᠭᠠᠨᠲᠠᠭᠤᠯᠬᠤ ᠰᠠᠴᠤᠷᠠᠯ ᠨᠢ ᠪᠠᠰᠨ ᠠᠮᠠᠨ ᠬᠦᠨᠳᠡᠢ ᠶᠢᠨ ᠴᠤᠯᠬᠤᠡᠭ᠂ ᠰᠢᠯᠦᠰᠦᠨ ᠪᠣᠯᠴᠢᠷᠬᠠᠢ ᠶᠢᠨ ᠴᠤᠯᠬᠤᠡᠭ᠂ ᠨᠠᠷᠢ ᠪᠣᠯᠣᠨ ᠬᠤᠳᠤᠭᠤᠳᠤᠨ  ᠴᠤᠯᠬᠤᠡᠭ᠂ ᠨᠠᠷᠢᠨ ᠭᠡᠳᠡᠰᠦᠨ  ᠴᠤᠯᠬᠤᠡᠭ᠂ ᠪᠦᠳᠦᠭᠦᠨ ᠭᠡᠳᠡᠰᠦᠨ  ᠴᠤᠯᠬᠤᠡᠭ᠂ ᠨᠣᠶᠢᠷ ᠤᠨ ᠪᠣᠯᠴᠢᠷᠬᠠᠢ ᠶᠢᠨ ᠴᠤᠯᠬᠤᠡᠭ ᠢ ᠴᠤ ᠪᠦᠷ ᠡᠲᠦᠨ ᠡᠭᠦᠰᠭᠡᠳᠡᠭ᠃         ᠬᠤᠶᠡᠷ᠂ ᠤᠳᠤᠮᠰᠢᠯ ᠤᠨ ᠦᠢᠰᠭᠡᠯ        ᠳᠡᠭᠡᠷ᠎ᠡ ᠦᠶ᠎ᠡ ᠪᠣᠯᠣᠨ ᠲᠡᠭᠦᠨ ᠤ ᠳᠠᠷᠠᠭ᠎ᠠ ᠦᠶ᠎ᠡ ᠶᠢᠨ ᠬᠤᠭᠤᠷᠣᠨᠳᠣᠬᠢ ᠶᠠᠮᠠᠷ ᠨᠢᠭᠡᠨ ᠲᠦᠰᠦᠭᠡᠲᠠᠢ ᠰᠢᠨᠵᠢ ᠪᠠᠶᠢᠳᠠᠯ ᠢ ᠤᠳᠤᠮᠰᠢᠯ ᠭᠡᠳᠡᠭ᠃ ᠤᠳᠤᠮᠰᠢᠯ ᠤᠨ ᠰᠢᠯᠲᠠᠭᠠᠨ ᠠᠴᠠ ᠪᠣᠯᠵᠦ ᠳᠡᠭᠡᠷ᠎ᠡ ᠳᠣᠣᠷ᠎ᠠ ᠬᠤᠶᠡᠷ ᠦᠶ᠎ᠡ ᠶᠢᠨ ᠬᠤᠭᠤᠷᠣᠨᠳᠤ ᠬᠠᠷᠢᠯᠴᠠᠨ ᠰᠢᠭᠤᠳ ᠤᠯᠠᠮᠵᠢᠯᠠᠬᠤ ᠳᠤ ᠡᠭᠦᠰᠦᠭᠰᠡᠨ ᠡᠪᠡᠳᠴᠢᠨ ᠡᠮᠬᠡᠭ ᠢ ᠤᠳᠤᠮᠰᠢᠯ ᠤᠨ ᠡᠪᠡᠳᠴᠢᠨ ᠭᠡᠳᠡᠭ᠃ ᠨᠢᠭᠡᠨᠲᠡ ᠮᠡᠳᠡᠭᠰᠡᠨ ᠬᠦᠮᠦᠨ ᠲᠦᠷᠦᠯᠬᠢᠲᠡᠨ ᠤ ᠤᠳᠤᠮᠰᠢᠯ ᠤᠨ ᠡᠪᠡᠳᠴᠢᠨ ᠠᠳᠠᠭ ᠲᠠᠭᠠᠨ 2735 ᠵᠦᠢᠯ ᠪᠠᠶᠢᠵᠦ ᠂ ᠵᠦᠪᠬᠡᠨ ᠨᠢᠳᠦᠨ ᠤ ᠤᠳᠤᠮᠰᠢᠯ ᠤᠨ ᠡᠪᠡᠳᠴᠢᠨ ᠳᠠᠷᠤᠢ 246 ᠵᠦᠢᠯ ᠳᠤ ᠬᠦᠷᠴᠦ᠂ ᠪᠣᠲᠤᠭᠲᠠᠮᠠᠬᠠᠢ ᠪᠡᠶᠡᠲᠤ ᠶᠢᠨ ᠡᠪᠡᠳᠴᠢᠨ ᠴᠤ ᠭᠡᠳ 300 ᠵᠦᠢᠯ ᠠᠴᠠ ᠳᠣᠣᠷ᠎ᠠ ᠦᠭᠡᠢ ᠪᠢᠯᠨ᠂ ᠬᠦᠮᠦᠨ ᠲᠦᠷᠦᠯᠬᠢᠲᠡᠨ ᠤ ᠤᠳᠤᠮᠰᠢᠯ ᠤᠨ ᠴᠢᠨᠠᠷᠲᠠᠢ ᠡᠪᠡᠳᠴᠢᠨ ᠡᠮᠬᠡᠭ ᠪᠣᠯᠣᠨ ᠤᠳᠤᠮᠰᠢᠯ ᠤᠨ ᠴᠢᠨᠠᠷᠲᠠᠢ ᠡᠷᠡᠮᠳᠡᠭ ᠵᠡᠮᠳᠡᠭ ᠤᠨ ᠠᠶᠠᠨᠳᠠᠭᠠᠨ ᠡᠭᠦᠰᠬᠦ ᠨᠣᠷᠮ᠎ᠠ ᠨᠢ 10.5% ᠪᠠᠶᠢᠳᠠᠭ᠃          ᠰᠠᠴᠤᠷᠠᠯ ᠤᠨ ᠤᠳᠤᠮᠰᠢᠯ ᠤᠨ ᠦᠢᠰᠭᠡᠯ ᠪᠣᠯ ᠬᠦᠮᠦᠨ ᠲᠦᠷᠦᠯᠬᠢᠲᠡᠨ ᠤ ᠬᠤᠶᠢᠴᠢ ᠦᠶ᠎ᠡ ᠳᠤ ᠡᠭᠦᠰᠬᠦ ᠨᠦᠭᠦᠭᠡ ᠨᠢᠭᠡ ᠵᠦᠢᠯ ᠤᠨ ᠮᠠᠭᠠᠳ ᠪᠤᠰᠤ ᠦᠢᠰᠭᠡᠯ ᠮᠦᠨ᠃ ᠲᠡᠷᠨ ᠨᠢ ᠤᠳᠤᠮᠰᠢᠯ ᠤᠨ ᠦᠨᠳᠦᠰᠦᠨ ᠨᠢᠭᠡᠴᠢ ᠳᠠᠷᠤᠢ ᠭᠧᠨ ᠤ ᠬᠤᠪᠢᠷᠠᠯᠲᠠ ᠪᠣᠯᠣᠨ ᠪᠣᠲᠤᠭᠲᠠᠮᠠᠬᠠᠢ ᠪᠡᠶᠡᠲᠤ ᠶᠢᠨ ᠪᠦᠲᠦᠴᠡ ᠪᠣᠶᠤ  ᠪᠣᠲᠤᠭᠲᠠᠮᠠᠬᠠᠢ ᠪᠡᠶᠡᠲᠤ ᠶᠢᠨ ᠲᠣᠭᠠᠨ ᠤ ᠬᠤᠪᠢᠷᠠᠯᠲᠠ ᠠᠴᠠ ᠡᠭᠦᠰᠦᠭᠰᠡᠨ ᠶᠣᠮ᠃ ᠡᠶᠢᠮᠦᠷᠬᠦ ᠭᠡᠮᠲᠦᠯ ᠨᠢ ᠤᠳᠤᠮ ᠤᠯᠠᠮᠵᠢᠯᠠᠬᠤ ᠪᠦᠭᠡᠳ ᠲᠡᠭᠦᠨᠴᠢᠯᠡᠨ ᠲᠤᠰᠬᠠᠭᠳᠠᠭᠰᠠᠨ ᠬᠦᠮᠦᠨ ᠤ ᠬᠤᠶᠢᠴᠢ ᠦᠶ᠎ᠡ ᠶᠢᠨ ᠤᠳᠤᠮᠰᠢᠯ ᠢ ᠨᠢ ᠡᠮᠬᠢ ᠵᠠᠮᠪᠠᠷᠠᠭ᠎ᠠ ᠦᠭᠡᠢ ᠪᠣᠯᠭᠠᠳᠠᠭ᠃ ᠬᠡᠷᠪᠡ ᠶᠠᠮᠠᠷ ᠨᠢᠭᠡᠨ ᠵᠦᠢᠯ ᠤᠨ ᠴᠣᠴᠢᠮᠠᠭ ᠬᠤᠪᠢᠷᠠᠯᠲᠠ ᠶᠢᠨ ᠦᠢᠰᠭᠡᠯ ᠨᠢ ᠳᠠᠷᠠᠭ᠎ᠠ ᠨᠢᠭᠡ ᠦᠶ᠎ᠡ ᠳᠤᠨᠢ ᠢᠯᠡᠷᠡᠪᠡᠯ ︵ᠲᠡᠷᠡᠴᠢᠯᠡᠨ ᠡᠨᠡᠬᠦ ᠵᠦᠢᠯ ᠤᠨ ᠴᠣᠴᠢᠮᠠᠭ ᠬᠤᠪᠢᠷᠠᠯᠲᠠ ᠨᠢ ᠡᠴᠢᠭᠡ ᠡᠬᠡ ᠶᠢᠨ ᠬᠢᠨᠢ ᠬᠡᠨ ᠨᠢᠭᠡᠨ ᠠᠴᠠ ᠨᠢ ᠢᠷᠡᠭᠰᠡᠨ ᠪᠣᠯᠪᠠᠴᠤ᠂ ᠮᠦᠨᠬᠦ ᠲᠡᠷᠡᠬᠦ  ᠴᠣᠴᠢᠮᠠᠭ ᠬᠤᠪᠢᠷᠠᠯᠲᠠ ᠶᠢ ᠨᠢ ᠵᠠᠯᠭᠠᠮᠵᠢᠯᠠᠵᠦ ᠴᠢᠳᠠᠨ᠎ᠠ︶ ᠲᠡᠭᠦᠨ ᠢ ᠢᠯᠡᠷᠬᠡᠢ  ᠴᠣᠴᠢᠮᠠᠭ ᠬᠤᠪᠢᠷᠠᠯᠲᠠ ᠭᠡᠵᠦ᠂ ᠬᠠᠷᠢᠨ ᠶᠠᠮᠠᠷ ᠨᠢᠭᠡᠨ ᠵᠦᠢᠯ ᠤᠨ ᠴᠣᠴᠢᠮᠠᠭ ᠬᠤᠪᠢᠷᠠᠯᠲᠠ ᠶᠢᠨ ᠦᠢᠰᠭᠡᠯ ᠨᠢ ᠳᠠᠷᠠᠭ᠎ᠠ ᠨᠢᠭᠡ ᠦᠶ᠎ᠡ ᠳᠤᠨᠢ ᠦᠯᠦ ᠢᠯᠡᠷᠡᠪᠡᠯ ᠲᠡᠭᠦᠨ ᠢ  ᠨᠢᠭᠤᠴᠠᠬᠠᠢ ᠴᠣᠴᠢᠮᠠᠭ ᠬᠤᠪᠢᠷᠠᠯᠲᠠ ᠭᠡᠳᠡᠭ᠃        ᠤᠳᠤᠮᠰᠢᠯ ᠤᠨ ᠦᠢᠰᠭᠡᠯ ᠤᠨ ᠵᠠᠷᠢᠮ ᠢ ᠨᠢ ᠲᠦᠷᠦᠬᠦ ᠦᠶᠡᠰ ᠲᠤᠨᠢ ᠪᠣᠶᠤ ᠬᠡᠤᠬᠡᠳ ᠤᠨ ᠦᠶ᠎ᠡ ᠳᠤᠨᠢ ᠳᠠᠷᠤᠢ ᠢᠯᠭᠠᠨ ᠮᠡᠳᠡᠵᠦ  ᠴᠢᠳᠠᠬᠤ ᠪᠣᠶᠤ ᠢᠯᠡᠷᠡᠨ ᠭᠠᠷᠳᠠᠭ᠂ ᠭᠡᠪᠡᠴᠤ ᠣᠯᠠᠩᠬᠢ ᠨᠢ ᠪᠠᠷᠤᠭ ᠶᠡᠭᠡ ᠪᠣᠯᠤᠭᠰᠠᠨ ᠤ ᠰᠡᠭᠦᠯᠡᠷ ᠰᠠᠶ᠋ᠢ ᠢᠯᠡᠷᠡᠳᠡᠭ᠃  ᠤᠳᠤᠮᠰᠢᠯ ᠤᠨ ᠡᠪᠡᠳᠴᠢᠨ ᠡᠮᠬᠡᠭ ᠤᠨ ᠪᠠᠷᠤᠭᠴᠠᠭᠠᠮᠵᠢ ᠶᠢ ᠶᠡᠭᠡ ᠲᠦᠯᠦᠪ ︿ᠳᠠᠬᠢᠨ ᠬᠤᠮᠵᠢᠮ ᠤᠨ ᠠᠷᠭ᠎ᠠ﹀ ᠪᠣᠯᠣᠨ ︿ᠰᠢᠭᠤᠳ ᠠᠷᠭ᠎ᠠ﹀ ᠭᠡᠬᠦ ᠬᠤᠶᠡᠷ ᠵᠦᠢᠯ ᠤᠨ ᠠᠷᠭ᠎ᠠ ᠪᠠᠷ ᠪᠣᠳᠤᠳᠠᠭ᠃ ᠳᠡᠯᠡᠬᠡᠢ ᠶᠢᠨ ᠰᠠᠴᠤᠷᠠᠭ ᠠᠴᠠ ᠬᠠᠮᠠᠭᠠᠯᠠᠬᠤ ᠵᠦᠪᠯᠡᠯ ︵ICRP︶ ᠪᠣᠯ ᠳᠠᠬᠢᠨ ᠬᠤᠮᠵᠢᠮ ᠤᠨ ᠠᠷᠭ᠎ᠠ ᠶᠢ ᠡᠷᠬᠢᠮᠯᠡᠳᠡᠭ᠃ ᠳᠠᠬᠢᠨ ᠬᠤᠮᠵᠢᠮ ᠤᠨ ᠠᠷᠭ᠎ᠠ ᠪᠣᠯ ᠨᠢᠭᠡ ᠦᠶ᠎ᠡ ᠳᠤ ᠭᠠᠷᠤᠭᠰᠠᠨ ᠴᠣᠴᠢᠮᠠᠭ ᠬᠤᠪᠢᠷᠠᠯᠲᠠ ᠶᠢᠨ ᠲᠤᠭ᠎ᠠ ᠶᠢ ᠠᠶᠠᠨᠳᠠᠭᠠᠨ ᠡᠭᠦᠰᠬᠦ ᠲᠤᠭ᠎ᠠ ᠲᠠᠢ ᠲᠡᠩᠴᠡᠭᠦᠯᠬᠦ ᠳᠤ ᠬᠡᠷᠡᠭᠰᠡᠬᠦ ᠰᠠᠴᠤᠷᠠᠯ ᠤᠨ ᠬᠡᠮᠵᠢᠶ᠎ᠡ ᠡᠰᠡᠭᠦᠯ᠎ᠡ ᠦᠭᠡᠷ᠎ᠡ ᠪᠠᠷ ᠬᠡᠯᠡᠪᠡᠯ ᠠᠶᠠᠨᠳᠠᠭᠠᠨ ᠡᠭᠦᠰᠬᠦ ᠴᠣᠴᠢᠮᠠᠭ ᠬᠤᠪᠢᠷᠠᠯᠲᠠ ᠶᠢᠨ ᠨᠣᠷᠮ᠎ᠠ ᠶᠢ ᠨᠢᠭᠡ ᠳᠠᠬᠢᠨ ᠨᠡᠮᠡᠭᠳᠡᠭᠦᠯᠬᠦ ᠬᠤᠮᠵᠢᠮ ᠪᠣᠯᠣᠨ᠎ᠠ᠃ ᠣᠯᠠᠨ ᠤᠯᠤᠰ ᠤᠨ ᠬᠤᠯᠪᠤᠭᠠᠲᠤ ᠪᠠᠶᠢᠭᠤᠯᠤᠯᠭ᠎ᠠ  ᠶᠢᠨ ᠠᠲ᠋ᠤᠮ ᠤᠨ ᠰᠠᠴᠤᠷᠠᠯ ᠤᠨ ᠨᠦᠯᠦᠭᠡᠨ ᠤ ᠠᠰᠠᠭᠤᠳᠠᠯ ᠤᠨ ᠰᠢᠨᠵᠢᠯᠡᠭᠡᠨ ᠤ ᠵᠦᠪᠯᠡᠯ ︵UNSCEAR︶ ᠪᠣᠯᠣᠨ ᠳᠡᠯᠡᠬᠡᠢ ᠶᠢᠨ ᠰᠠᠴᠤᠷᠠᠭ   ᠠᠴᠠ ᠬᠠᠮᠠᠭᠠᠯᠠᠬᠤ ᠵᠦᠪᠯᠡᠯ ︵ICRP︶ ᠤᠨ ᠬᠡᠷᠡᠭᠯᠡᠳᠡᠭ  ᠳᠠᠬᠢᠨ ᠬᠤᠮᠵᠢᠮ ᠤᠨ ᠪᠠᠷᠤᠭᠴᠠᠭᠠᠭᠰᠠᠨ ᠬᠡᠮᠵᠢᠭᠳᠡᠭᠦᠨ ᠨᠢ ᠪᠣᠯ 1Gy ᠪᠠᠶᠢᠳᠠᠭ᠃          ᠮᠠᠭᠠᠳ ᠪᠤᠰᠤ ᠦᠢᠰᠭᠡᠯ ᠤᠨ ᠴᠣᠯᠬᠤᠡᠭ ᠪᠣᠯᠣᠨ ᠤᠳᠤᠮᠰᠢᠯ ᠤᠨ ᠡᠪᠡᠳᠴᠢᠨ ᠡᠮᠬᠡᠭ ᠨᠢ ᠣᠳᠣᠬᠠᠨ᠎ᠠ ᠡᠳᠡᠭᠡᠷᠡᠯᠲᠡ ᠶᠢᠨ ᠨᠣᠷᠮ᠎ᠠ ᠨᠢ ᠳᠣᠩ ᠳᠣᠣᠷ᠎ᠠ ᠪᠣᠶᠤ ᠡᠰᠡᠭᠦᠯ᠎ᠡ ᠬᠠᠷᠬᠠᠨ ᠵᠠᠰᠠᠨ ᠡᠳᠡᠭᠡᠷᠡᠭᠦᠯᠵᠦ ᠴᠢᠳᠠᠬᠤ ᠦᠭᠡᠢ ᠳᠡᠭᠡᠷ᠎ᠡ ᠪᠠᠰᠨ ᠴᠤᠯᠢᠩ ᠬᠤᠮᠵᠢᠮ ᠭᠡᠵᠦ ᠦᠭᠡᠢ ᠪᠣᠯᠬᠤᠷ᠂ ᠵᠦᠪᠬᠡᠨ ᠬᠤᠮᠵᠢᠮ ᠢ ᠪᠠᠭᠠᠰᠬᠠᠬᠤ ᠠᠷᠭ᠎ᠠ ᠪᠠᠷ ᠲᠡᠭᠦᠨ ᠤ ᠡᠭᠦᠰᠦᠯᠲᠡ ᠶᠢᠨ ᠨᠣᠷᠮ᠎ᠠ ᠶᠢ ᠪᠠᠭᠤᠷᠠᠭᠤᠯᠳᠠᠭ᠃ ᠭᠡᠪᠡᠴᠤ ᠲᠡᠭᠦᠨ ᠠᠴᠠ ᠪᠦᠷᠢᠮᠦᠰᠦᠨ ᠲᠤᠶᠢᠯᠪᠤᠷᠢᠲᠠᠢ ᠵᠠᠶᠢᠯᠠᠵᠦ ᠭᠠᠷᠴᠤ ᠴᠢᠳᠠᠳᠠᠭ ᠦᠭᠡᠢ ᠶᠣᠮ᠂ ᠤᠴᠢᠷ ᠨᠢ ᠪᠠᠭᠠᠬᠠᠨ ᠬᠤᠮᠵᠢᠮ ᠳᠤ ᠴᠤ ᠭᠡᠳ ᠮᠠᠭᠠᠳ ᠪᠤᠰᠤ ᠦᠢᠰᠭᠡᠯ ᠨᠢ ᠪᠠᠰᠨ ᠳᠣᠣᠷ᠎ᠠ ᠨᠣᠷᠮ᠎ᠠ ᠪᠠᠷ ᠡᠭᠦᠰᠲᠡᠭ᠃ ᠮᠠᠭᠠᠳ ᠪᠤᠰᠤ ᠦᠢᠰᠭᠡᠯ ᠳᠤ᠂ ᠶᠠᠮᠠᠷ ᠨᠢᠭᠡᠨ ᠡᠷᠬᠡᠲᠡᠨ ᠪᠣᠶᠤ ᠨᠡᠬᠡᠳᠡᠰᠤ ᠶᠢᠨ ᠣᠯᠠᠨᠲᠠ ᠬᠦᠷᠲᠡᠭᠰᠡᠨ ᠬᠤᠮᠵᠢᠮ ᠢ ᠨᠢ ᠪᠦᠬᠦᠲᠡ ᠶᠢ ᠨᠡᠮᠡᠭᠡᠳ᠂ ᠶᠡᠷᠦᠩᠬᠡᠢ ᠠᠶᠤᠯᠲᠤ ᠬᠡᠮᠵᠢᠶ᠎ᠡ ᠶᠢ ᠨᠢ ᠦᠨᠡᠯᠡᠵᠦ ᠪᠣᠯᠳᠠᠭ᠃ ᠮᠠᠭᠠᠳ ᠪᠤᠰᠤ ᠦᠢᠰᠭᠡᠯ ᠪᠣᠯᠣᠨ ᠬᠤᠮᠵᠢᠮ ᠤᠨ ᠬᠠᠷᠢᠴᠠᠭ᠎ᠠ ᠨᠢ ᠰᠠᠴᠤᠷᠠᠯ ᠤᠨ ᠵᠢᠭᠤᠴᠢ ᠪᠣᠳᠠᠰ ᠳᠠᠬᠢ ᠡᠨᠧᠷᠬᠢ ᠶᠢᠨ ᠤᠯᠠᠮᠵᠢᠯᠠᠯ ᠤᠨ ᠰᠢᠯᠤᠭᠤᠨ ᠨᠢᠭᠲᠠᠴᠨ ︵LET︶ ᠶᠢᠨ ᠠᠳᠠᠯᠢ ᠪᠤᠰᠤ᠂ ᠳᠣᠲᠤᠷ ᠭᠠᠳᠠᠨᠠᠬᠢ ᠲᠤᠰᠤᠯᠲᠠ ᠵᠢᠴᠢ ᠹᠢᠽᠢᠺ ᠪᠣᠯᠣᠨ ᠠᠮᠢᠳᠤ ᠪᠣᠳᠠᠰ ᠤᠨ ᠨᠦᠭᠦᠴᠡᠯ ᠰᠢᠯᠲᠠᠭᠠᠨ ᠵᠡᠷᠭᠡ ᠶᠢᠨ ᠬᠤᠪᠢᠷᠠᠯᠲᠠ ᠠᠴᠠ ᠪᠣᠯᠵᠦ ᠣᠯᠠᠨ ᠵᠦᠢᠯ ᠤᠨ ᠬᠡᠯᠪᠡᠷᠢ ᠪᠠᠷ ᠢᠯᠡᠷᠡᠳᠡᠭ᠃        ᠳᠦᠷᠪᠡᠳᠦᠭᠡᠷ ᠬᠡᠰᠡᠭ   ᠮᠠᠭᠠᠳ ᠪᠦᠬᠦᠢ ᠦᠢᠰᠭᠡᠯ        ᠳᠡᠯᠡᠬᠡᠢ ᠶᠢᠨ ᠰᠠᠴᠤᠷᠠᠭ ᠠᠴᠠ ᠬᠠᠮᠠᠭᠠᠯᠠᠬᠤ ᠵᠦᠪᠯᠡᠯ ︵ICRP︶ ᠤᠨ 60 ᠳ᠋ᠤᠭᠠᠷ ᠲᠣᠭᠠᠲᠤ ᠮᠡᠳᠡᠭᠦᠯᠦᠯᠲᠡ ᠨᠡᠶᠢᠲᠡᠯᠡᠭᠳᠡᠬᠦ ᠠᠴᠠ ᠡᠮᠦᠨ᠎ᠡ ᠮᠠᠭᠠᠳ ᠪᠦᠬᠦᠢ ᠦᠢᠰᠭᠡᠯ ᠢ ︿ᠮᠠᠭᠠᠳ ᠪᠤᠰᠤ ᠪᠢᠰᠢ ᠦᠢᠰᠭᠡᠯ﹀ ︵Non-Stochastic Effect︶ ᠭᠡᠵᠦ ᠨᠡᠷᠡᠯᠡᠵᠦ ᠪᠠᠶᠢᠵᠠᠢ᠃ ᠡᠷᠬᠡᠲᠡᠨ ᠪᠣᠶᠤ ᠨᠡᠬᠡᠳᠡᠰᠦᠨ ᠳᠤ ᠬᠠᠷᠪᠤᠭᠳᠠᠨ ᠣᠷᠤᠭᠰᠠᠨ ᠰᠠᠴᠤᠷᠠᠭ ᠨᠢ ᠲᠡᠭᠦᠨ ᠳᠤ ᠳᠠᠭᠠᠷᠢᠭᠳᠠᠭᠰᠠᠨ ᠡᠰ ᠤᠳ ᠢ ᠠᠯᠠᠵᠦ ᠮᠡᠳᠡᠨ᠎ᠡ᠃ ᠰᠠᠴᠤᠷᠠᠯ ᠤᠨ ᠭᠡᠮᠲᠦᠯ ᠤᠨ ᠵᠢᠭ ᠲᠤ ᠡᠰ ᠢ ᠠᠯᠠᠬᠤ ᠨᠢ ︿ᠰᠢᠢᠳᠪᠦᠷᠢᠲᠤ ᠴᠢᠨᠠᠷᠲᠠᠢ﹀ ᠦᠢᠯᠡᠳᠦᠯ ᠢ ᠭᠠᠷᠠᠭᠠᠵᠦ ᠪᠠᠶᠢᠳᠠᠭ᠃ ᠶᠠᠮᠠᠷ ᠨᠢᠭᠡᠨ ᠨᠡᠬᠡᠳᠡᠰᠦᠨ ᠳᠠᠬᠢ ᠵᠣᠩᠬᠢᠯᠠᠬᠤ ᠲᠣᠭᠠᠨ ᠤ ᠡᠰ ᠢ ᠨᠢ ᠠᠯᠠᠭᠰᠠᠨ ᠠᠴᠠ ᠡᠭᠦᠰᠬᠦ ᠬᠠᠮ ᠦᠢᠰᠭᠡᠯ ᠪᠣᠶᠤ ᠪᠤᠰᠤᠳ ᠬᠡᠯᠪᠡᠷᠢ ᠶᠢᠨ ᠭᠡᠮᠲᠦᠯ ᠤᠨ ᠶᠡᠷᠦᠩᠬᠡᠢ ᠦᠢᠰᠭᠡᠯ ᠨᠢ ᠵᠠᠶᠢᠯᠠᠰᠢ ᠦᠭᠡᠢ ᠲᠤᠯᠠᠲᠠ ᠮᠠᠭᠠᠳ ᠪᠦᠬᠦᠢ ᠦᠢᠰᠭᠡᠯ ︵Deterministic Effect︶ ᠭᠡᠵᠦ ᠬᠠᠯᠠᠨ ᠨᠡᠷᠡᠶᠢᠳᠦᠭᠰᠡᠨ ᠪᠠᠶᠢᠨ᠎ᠠ᠃ ᠪᠠᠰᠨ ︿ᠯᠠᠪᠲᠠᠢ ᠦᠢᠰᠭᠡᠯ﹀ ᠪᠣᠶᠤ ᠮᠦᠨᠦ ᠪᠠᠰᠨ ᠵᠠᠷᠢᠮ ᠨᠢ ︿ᠨᠡᠬᠡᠳᠡᠰᠤ ᠶᠢᠨ ᠬᠤᠣᠷ ᠬᠦᠨᠦᠭᠡᠯᠲᠤ ᠦᠢᠰᠭᠡᠯ﹀ ᠭᠡᠬᠦ ᠴᠤ ᠪᠣᠢ᠃ ᠮᠠᠭᠠᠳ ᠪᠦᠬᠦᠢ ᠦᠢᠰᠭᠡᠯ ᠨᠢ ᠲᠦᠷᠭᠡᠨ ᠴᠢᠨᠠᠷᠲᠠᠢ ᠪᠠ ᠤᠳᠠᠭᠠᠨ ᠴᠢᠨᠠᠷᠲᠠᠢ ᠭᠡᠵᠦ ᠪᠠᠶᠢᠬᠤ ᠪᠦᠭᠡᠳ ᠲᠡᠷᠨ ᠨᠢ ᠰᠠᠴᠤᠷᠠᠭ ᠲᠤ ᠳᠤᠰᠬᠠᠭᠳᠠᠭᠰᠠᠨ ᠬᠤᠮᠵᠢᠮ ᠨᠢ ᠶᠠᠮᠠᠷ ᠨᠢᠭᠡᠨ ᠴᠤᠯᠢᠩ ᠬᠡᠮᠵᠢᠭᠲᠡᠬᠦᠨ ᠠᠴᠠ ᠬᠡᠲᠦᠷᠡᠬᠦ ᠦᠶᠡᠰ ᠲᠤ ᠰᠠᠶ᠋ᠢ ᠢᠯᠡᠷᠡᠬᠦ ᠢᠯᠡᠷᠡᠳᠡᠭ᠃        ᠨᠢᠭᠡ᠂ ᠴᠤᠯᠢᠩ ᠬᠤᠮᠵᠢᠮ        ᠬᠦᠮᠦᠨ ᠲᠦᠷᠦᠯᠬᠢᠲᠡᠨ ᠤ ᠪᠣᠳᠠᠭᠠᠯᠢ ᠪᠡᠶᠡᠲᠤ ᠪᠣᠯᠣᠨ ᠪᠣᠲᠠᠯᠢᠭ ᠪᠡᠶᠡᠲᠤ ᠳᠠᠬᠢ ᠴᠠᠬᠢᠯᠭᠠᠨᠲᠠᠭᠤᠯᠬᠤ ᠰᠠᠴᠤᠷᠠᠯ ᠤᠨ ᠬᠤᠣᠷ ᠬᠦᠨᠦᠭᠡᠯᠲᠤ ᠦᠢᠰᠭᠡᠯ ᠢ ᠤᠷᠲᠤ ᠬᠤᠭᠤᠴᠠᠭ᠎ᠠ ᠪᠠᠷ ᠠᠵᠢᠨ ᠪᠠᠶᠢᠴᠠᠭᠠᠬᠤ ᠶᠢ ᠳᠠᠮᠵᠢᠨ᠂ ᠡᠷᠬᠡᠲᠡᠨ ᠨᠡᠬᠡᠳᠡᠰᠤ ᠶᠢᠨ ᠬᠦᠷᠳᠡᠭᠰᠡᠨ ᠰᠠᠴᠤᠷᠠᠯ ᠤᠨ ᠳᠤᠰᠬᠠᠯᠲᠠ ᠶᠢᠨ ᠬᠤᠮᠵᠢᠮ ᠨᠢ ᠶᠠᠮᠠᠷ ᠨᠢᠭᠡᠨ ᠬᠡᠮᠵᠢᠶᠡᠨ  ᠳᠤ ᠬᠦᠷᠬᠦ ᠦᠶᠡᠰ ᠮᠠᠭᠠᠳ ᠪᠦᠬᠦᠢ ᠦᠢᠰᠭᠡᠯ ᠨᠢ ᠵᠠᠶᠢᠯᠠᠰᠢ ᠦᠭᠡᠢ ᠭᠠᠷᠳᠠᠭ ᠢ ᠣᠯᠵᠦ ᠮᠡᠳᠡᠭᠰᠡᠨ ᠪᠠᠶᠢᠨ᠎ᠠ᠃ ᠦᠭᠡᠷ᠎ᠡ ᠪᠠᠷ ᠬᠡᠯᠡᠪᠡᠯ ᠰᠠᠴᠤᠷᠠᠯ ᠤᠨ ᠮᠠᠭᠠᠳ ᠪᠦᠬᠦᠢ ᠦᠢᠰᠭᠡᠯ ᠨᠢ ᠨᠢᠭᠡᠨ ᠬᠤᠮᠵᠢᠮ ᠤᠨ ᠴᠤᠯᠢᠩ ᠬᠡᠮᠵᠢᠭᠲᠡᠬᠦᠨ ᠣᠷᠤᠰᠢᠵᠦ ᠪᠠᠶᠢᠬᠤ ᠭᠡᠰᠡᠨ ᠶᠠᠪᠤᠳᠠᠯ ᠪᠣᠯᠤᠨ᠎ᠠ᠃ ᠡᠶᠢᠮᠦ ᠠᠴᠠ ᠰᠠᠴᠤᠷᠠᠭ ᠠᠴᠠ ᠬᠠᠮᠠᠭᠠᠯᠠᠬᠤ ᠤᠬᠠᠭᠠᠨ  ᠳᠤ ᠶᠡᠷᠦᠳᠡᠭᠡᠨ ᠬᠦᠮᠦᠨ ᠤ ᠪᠡᠶ᠎ᠡ ᠳᠤ ᠶᠠᠮᠠᠷ ᠨᠢᠭᠡᠨ ᠮᠠᠭᠠᠳ ᠪᠦᠬᠦᠢ ᠦᠢᠰᠭᠡᠯ ᠡᠬᠢᠯᠡᠨ ᠭᠠᠷᠭᠠᠵᠦ ᠴᠢᠳᠠᠬᠤ ᠬᠠᠮᠤᠭ ᠤᠨ ᠳᠣᠣᠷ᠎ᠠ ᠬᠤᠮᠵᠢᠮ᠂ ᠳᠠᠷᠤᠢ ᠰᠠᠴᠤᠷᠠᠭ ᠲᠤ ᠲᠤᠰᠬᠠᠭᠳᠠᠭᠰᠠᠨ ᠬᠦᠮᠦᠰ ᠤᠨ ᠳᠣᠲᠤᠷ᠎ᠠ ᠠᠳᠠᠭ ᠲᠠᠭᠠᠨ 1%~5% ᠶᠢᠨ ᠪᠣᠳᠠᠭᠠᠯᠢ ᠪᠡᠶᠡᠲᠤ ᠳᠤ ᠶᠡᠷᠤ ᠪᠣᠰᠤ ᠶᠢᠨ ᠦᠢᠰᠭᠡᠯ ᠡᠭᠦᠰᠭᠡᠬᠦ ᠳᠤ ᠬᠡᠷᠡᠭᠰᠡᠬᠦ ᠰᠠᠴᠤᠷᠠᠯ ᠤᠨ ᠬᠡᠮᠵᠢᠶ᠎ᠡ ᠶᠢ ᠴᠤᠯᠢᠩ ᠬᠤᠮᠵᠢᠮ ᠭᠡᠳᠡᠭ᠃ ᠬᠦᠮᠦᠨ ᠤ ᠪᠡᠶ᠎ᠡ ᠶᠢᠨ ᠡᠷᠬᠡᠲᠡᠨ ᠨᠡᠬᠡᠳᠡᠰᠤ ᠨᠦᠭᠦᠳ ᠤᠨ ᠰᠠᠴᠤᠷᠠᠯ ᠳᠤ ᠰᠡᠷᠭᠡᠭ ᠴᠢᠨᠠᠷ ᠨᠢ ᠠᠳᠠᠯᠢ ᠪᠤᠰᠤ ᠲᠤᠯᠠᠲᠠ ᠴᠤᠯᠢᠩ ᠬᠤᠮᠵᠢᠮ ᠤᠨ ᠬᠡᠮᠵᠢᠭᠳᠡᠬᠦᠨ ᠨᠢ ᠴᠤ ᠠᠳᠠᠯᠢ ᠪᠤᠰᠤ ᠪᠠᠶᠢᠳᠠᠭ᠃ ᠭᠠᠭᠴᠠ ᠬᠦ ᠬᠦᠷᠲᠡᠭᠰᠡᠨ ᠬᠤᠮᠵᠢᠮ ᠨᠢ ᠴᠤᠯᠢᠩ ᠬᠡᠮᠵᠢᠭᠳᠡᠬᠦᠨ ᠳᠤ ᠬᠦᠷᠬᠦ ᠪᠣᠶᠤ ᠡᠰᠡᠭᠦᠯ᠎ᠡ ᠲᠡᠭᠦᠨ ᠠᠴᠠ ᠬᠡᠳᠦᠷᠡᠬᠦ ᠦᠶᠡᠰ ᠲᠤ᠂  ᠡᠷᠬᠡᠲᠡᠨ ᠨᠡᠬᠡᠳᠡᠰᠤ ᠨᠦᠭᠦᠳ ᠲᠤ ᠰᠠᠶ᠋ᠢ ᠮᠠᠭᠠᠳ ᠭᠡᠮᠲᠦᠯ ᠡᠭᠦᠰᠦᠨ᠎ᠡ᠃        ᠴᠤᠯᠢᠩ ᠬᠡᠮᠵᠢᠭᠳᠡᠬᠦᠨ ᠨᠢ ᠰᠠᠴᠤᠷᠠᠯ ᠳᠤ ᠦᠬᠦᠭᠰᠡᠨ ᠮᠠᠬᠠᠪᠤᠳ ᠤᠨ ᠡᠰ ᠤᠨ ᠲᠤᠭ᠎ᠠ ᠲᠠᠢ ᠰᠢᠭᠤᠳ ᠬᠤᠯᠪᠤᠭᠳᠠᠨ᠎ᠠ᠃ ᠬᠡᠷᠪᠡ ᠬᠤᠬᠢᠷᠠᠭᠰᠠᠨ ᠡᠰ ᠤᠨ ᠲᠤᠭ᠎ᠠ ᠨᠢ ᠨᠡᠯᠢᠶᠡᠳ ᠴᠦᠬᠡᠨ ᠪᠣᠯ ᠰᠢᠨ᠎ᠡ ᠡᠰ ᠢᠶᠠᠷ ᠨᠦᠬᠦᠪᠦᠷᠢᠯᠡᠵᠦ ᠪᠣᠯᠬᠤ ᠲᠤᠯᠠᠲᠠ᠂ ᠡᠷᠬᠡᠲᠡᠨ ᠪᠣᠶᠤ ᠨᠡᠬᠡᠳᠡᠰᠤ ᠶᠢᠨ ᠦᠢᠯᠡᠳᠦᠯ ᠴᠢᠳᠠᠪᠤᠷᠢ ᠶᠢ ᠨᠢ ᠨᠦᠯᠦᠭᠡᠯᠡᠬᠦ ᠦᠭᠡᠢ ᠶᠣᠮ᠃ ᠭᠡᠪᠡᠴᠤ ᠨᠠᠭᠤᠢ ᠠᠷᠪᠢᠨ ᠡᠰ ᠢ ᠠᠯᠠᠭᠠᠳ ᠲᠡᠳᠡᠭᠡᠷ ᠢ ᠨᠢ ᠪᠠᠰᠨ ᠠᠮᠢᠳᠤ ᠡᠰ ᠤᠨ ᠦᠷᠡᠵᠢᠯ ᠢᠶᠠᠷ ᠨᠦᠬᠦᠪᠦᠷᠢᠯᠡᠵᠦ ᠵᠠᠪᠳᠤᠬᠤ ᠦᠭᠡᠢ ᠪᠣᠶᠤ ᠨᠢᠭᠡᠨᠲᠡ ᠨᠦᠬᠦᠪᠦᠷᠢᠯᠡᠵᠦ ᠴᠢᠳᠠᠬᠤ ᠦᠭᠡᠢ ᠪᠣᠯᠤᠭᠰᠠᠨ ᠪᠣᠯ᠂ ᠡᠷᠬᠡᠲᠡᠨ ᠪᠣᠶᠤ ᠨᠡᠬᠡᠳᠡᠰᠦᠨ ᠳᠤ ᠰᠡᠷᠡᠵᠦ ᠮᠡᠳᠡᠬᠦ ᠪᠣᠶᠤ ᠡᠰᠡᠭᠦᠯ᠎ᠡ ᠪᠠᠶᠢᠴᠠᠭᠠᠵᠦ ᠣᠯᠬᠤ ᠬᠤᠪᠢᠷᠠᠯᠲᠠ ᠵᠠᠶᠢᠯᠠᠰᠢ ᠦᠭᠡᠢ ᠭᠠᠷᠤᠨ᠎ᠠ᠃ ᠡᠶᠢᠮᠦᠷᠬᠦ ᠬᠤᠪᠢᠷᠠᠯᠲᠠ ᠨᠢ ᠡᠷᠬᠡᠲᠡᠨ ᠪᠣᠶᠤ ᠨᠡᠬᠡᠳᠡᠰᠤ ᠶᠢᠨ ᠦᠢᠯᠡᠳᠦᠯ ᠴᠢᠳᠠᠪᠤᠷᠢ ᠶᠢ ᠨᠢ ᠠᠯᠳᠠᠭᠤᠯᠵᠦ ᠴᠢᠨᠠᠭᠰᠢᠯᠠᠪᠠᠯ ᠪᠡᠶ᠎ᠡ ᠴᠣᠭᠴᠠᠰ ᠢ ᠴᠤ ᠦᠬᠦᠬᠦᠯᠳᠡᠭ᠃ ᠶᠡᠷᠦᠩᠬᠡᠢ ᠳᠤᠨᠢ ᠠᠪᠴᠤ ᠬᠡᠯᠡᠪᠡᠯ᠂ ᠦᠬᠦᠯ ᠪᠣᠯ ᠳᠠᠷᠤᠢ ᠪᠡᠶ᠎ᠡ ᠶᠢᠨ ᠨᠢᠭᠡ ᠪᠣᠶᠤ ᠨᠢᠵᠢᠭᠡᠳ ᠴᠢᠬᠤᠯᠨ ᠡᠷᠬᠡᠲᠡᠨ ᠤ ᠰᠢᠰᠲ᠋ᠧᠮ ᠳᠤ ᠡᠰ ᠬᠦᠨᠳᠤ ᠨᠣᠴᠢᠲᠠᠢ ᠲᠤᠲᠠᠭᠳᠠᠭᠰᠠᠨ ᠮᠠᠭᠠᠳ ᠨᠣᠲᠠᠲᠠᠢ ᠵᠠᠶᠢᠯᠠᠰᠢ ᠦᠭᠡᠢ ᠦᠷ᠎ᠡ ᠳ᠋ᠦᠡᠭ ᠮᠦᠨ᠃        ᠶᠡᠷᠤᠳᠡ ᠶᠢᠨ ᠪᠠᠶᠢᠳᠠᠯ ᠳᠣᠣᠷ᠎ᠠ ᠪᠠᠶᠢᠴᠠᠭᠠᠨ ᠬᠡᠮᠵᠢᠵᠦ ᠭᠠᠷᠭᠠᠵᠦ ᠴᠢᠳᠠᠬᠤ ᠮᠠᠭᠠᠳ ᠪᠦᠬᠦᠢ ᠭᠡᠮᠲᠦᠯ ᠳᠤ ᠠᠪᠴᠤ ᠬᠡᠯᠡᠪᠡᠯ᠂ ᠰᠠᠴᠤᠷᠠᠯ ᠨᠢ ᠡᠷᠬᠡᠪᠰᠢ ᠶᠠᠮᠠᠷ ᠨᠢᠭᠡᠨ ᠲᠣᠭᠲᠠᠭᠰᠠᠨ ᠬᠤᠪᠢ ᠶᠢᠨ ᠡᠰ ᠢ ᠠᠯᠠᠬᠤ ᠪᠦᠭᠡᠳ ᠬᠤᠮᠵᠢᠮ ᠨᠢ ᠶᠡᠭᠡ ᠪᠣᠯᠬᠤ ᠳᠣᠲᠤᠮ ᠭᠡᠮᠲᠦᠯ ᠨᠢ ᠤᠯᠠᠮ ᠬᠦᠨᠳᠤ ᠨᠣᠴᠢᠲᠠᠢ ᠪᠣᠯᠳᠠᠭ᠃ ᠬᠡᠷᠪᠡ ᠴᠤᠯᠢᠩ ᠬᠤᠮᠵᠢᠮ ᠠᠴᠠ ᠳᠣᠭᠤᠣᠷ ᠰᠠᠴᠤᠷᠠᠭ ᠲᠤ ᠳᠤᠰᠬᠠᠭᠳᠠᠪᠠᠯ᠂ ᠡᠷᠬᠡᠲᠡᠨ ᠨᠡᠬᠡᠳᠡᠰᠤ ᠨᠦᠭᠦᠳ ᠲᠤ ᠮᠠᠭᠠᠳ ᠪᠦᠬᠦᠢ ᠦᠢᠰᠭᠡᠯ ᠢᠯᠡᠷᠡᠳᠡᠭ ᠦᠭᠡᠢ᠃ ᠴᠤᠯᠢᠩ ᠬᠤᠮᠵᠢᠮ  ᠨᠢ ᠰᠠᠴᠤᠷᠠᠭ ᠤᠨ ᠲᠦᠷᠦᠯ ᠵᠦᠢᠯ ᠪᠠ ᠡᠨᠧᠷᠬᠢ ᠶᠢᠨ ᠤᠯᠠᠮᠵᠢᠯᠠᠯ ᠤᠨ ᠰᠢᠯᠤᠭᠤᠨ ᠨᠢᠭᠲᠠᠴᠨ ︵LET︶᠂ ᠲᠤᠰᠬᠠᠭᠰᠠᠨ ᠬᠡᠯᠪᠡᠷᠢ ᠮᠠᠶ᠋ᠢᠭ᠂ ᠴᠠᠭ ᠬᠤᠭᠤᠴᠠᠭ᠎ᠠ ᠵᠢᠴᠢ ᠲᠤᠰᠬᠠᠭᠳᠠᠭᠰᠠᠨ ᠨᠡᠬᠡᠳᠡᠰᠤ ᠶᠢᠨ ᠳᠤᠭ᠎ᠠ ᠵᠡᠷᠭᠡ ᠠᠷᠪᠢᠨ ᠰᠢᠯᠲᠠᠭᠠᠨ ᠲᠠᠢ ᠬᠤᠯᠪᠤᠭᠳᠠᠳᠠᠭ᠃        ᠰᠠᠴᠤᠷᠠᠭ ᠠᠴᠠ ᠬᠠᠮᠠᠭᠠᠯᠠᠬᠤ ᠤᠬᠠᠭᠠᠨ ᠳᠤ ᠶᠡᠷᠦᠳᠡᠭᠡᠨ ᠳᠤᠰᠬᠠᠯᠲᠠ ᠶᠢᠨ ᠬᠤᠮᠵᠢᠮ ᠢ ᠴᠤᠯᠢᠩ ᠬᠡᠮᠵᠢᠭᠳᠡᠬᠦᠨ ᠠᠴᠠ ᠳᠣᠭᠤᠤᠷ ᠪᠠᠶᠢᠯᠭᠠᠬᠤ ᠠᠷᠭ᠎ᠠ ᠪᠠᠷ ᠬᠤᠣᠷ ᠬᠦᠨᠦᠭᠡᠯᠲᠤ ᠮᠠᠭᠠᠳ ᠪᠦᠬᠦᠢ ᠦᠢᠰᠭᠡᠯ ᠡᠭᠦᠰᠬᠦ ᠠᠴᠠ ᠰᠡᠷᠭᠡᠶᠢᠯᠡᠵᠦ ᠪᠠᠶᠢᠳᠠᠭ᠃ ᠨᠢᠳᠦᠨ ᠪᠣᠯᠣᠷ᠂ ᠠᠷᠠᠰᠤ ᠪᠣᠯᠣᠨ ᠳᠦᠷᠪᠡᠨ ᠮᠦᠴᠢ ᠳᠤ ᠲᠣᠭᠲᠠᠭᠠᠭᠰᠠᠨ ᠰᠠᠴᠤᠷᠠᠭ ᠤᠨ ᠬᠤᠮᠵᠢᠮ ᠤᠨ ᠬᠢᠵᠠᠭᠠᠷᠯᠠᠯ ᠪᠣᠯ ᠳᠠᠷᠤᠢ ᠮᠠᠭᠠᠳ ᠪᠦᠬᠦᠢ ᠦᠢᠰᠭᠡᠯ ᠠᠴᠠ ᠪᠦᠷᠢᠮᠦᠰᠦᠨ ᠵᠠᠶᠢᠯᠠᠭᠤᠯᠬᠤ ᠬᠡᠮᠵᠢᠭᠳᠡᠬᠦᠨ ᠪᠣᠯᠤᠨ᠎ᠠ᠃        ᠬᠤᠶᠡᠷ᠂ ᠭᠤᠣᠯ ᠪᠣᠯᠬᠤ ᠮᠠᠭᠠᠳ ᠪᠦᠬᠦᠢ ᠦᠢᠰᠭᠡᠯ        ᠳᠣᠣᠷ᠎ᠠ ᠬᠤᠮᠵᠢᠮᠵᠢ ᠪᠠᠷ ᠤᠷᠲᠤ ᠬᠤᠭᠤᠴᠠᠭ᠎ᠠ ᠠᠯᠭᠤᠷ ᠢᠶᠠᠷ ᠲᠤᠰᠬᠤ ᠪᠠᠶᠢᠳᠠᠯ ᠳᠤ᠂ ᠬᠡᠷᠪᠡ ᠬᠦᠷᠲᠡᠭᠰᠡᠨ ᠬᠤᠮᠵᠢᠮ ᠨᠢ ᠵᠢᠯ ᠤᠨ ᠬᠤᠮᠵᠢᠮ ᠤᠨ ᠬᠢᠵᠠᠭᠠᠷᠯᠠᠯ ᠬᠡᠮᠵᠢᠭᠳᠡᠭᠦᠨ ᠠᠴᠠ ᠬᠡᠲᠦᠷᠡᠬᠦ ᠦᠭᠡᠢ ᠪᠣᠯ᠂ ᠮᠠᠭᠠᠳ ᠪᠦᠬᠦᠢ ᠦᠢᠰᠭᠡᠯ ᠭᠠᠷᠬᠤ ᠦᠭᠡᠢ ᠶᠣᠮ᠃ ᠬᠡᠷᠪᠡ ᠬᠤᠮᠵᠢᠮ ᠨᠢ ᠲᠡᠶᠢᠮᠦ ᠶᠡᠭᠡ ᠪᠢᠰᠢ ᠪᠣᠯ ᠮᠠᠭᠠᠳ ᠪᠦᠬᠦᠢ ᠦᠢᠰᠭᠡᠯ ᠨᠢ ᠭᠤᠣᠯᠳᠠᠭᠤ ᠶᠠᠳᠠᠩᠭᠤᠶᠢᠷᠠᠬᠤ᠂ ᠭᠡᠵᠢᠭᠡ ᠦᠰᠦ ᠤᠨᠠᠬᠤ᠂ ᠪᠦᠢᠯᠨ ᠠᠴᠠ ᠴᠢᠰᠤ ᠭᠠᠷᠬᠤ᠂ ᠴᠢᠰᠤᠨ ᠤ ᠴᠠᠭᠠᠨ ᠡᠰ ᠳᠤᠲᠠᠬᠤ᠂ ᠴᠠᠭᠠᠨ ᠴᠡᠴᠡᠭᠡᠢ᠂ ᠠᠷᠠᠰᠤᠨ ᠤ ᠤᠯᠠᠭᠠᠨ ᠲᠣᠯᠪᠤ᠂ ᠴᠢᠰᠤ ᠪᠦᠲᠦᠭᠡᠬᠦ ᠬᠠᠷᠰᠢ᠂ ᠲᠠᠴᠢᠶᠠᠯ ᠮᠠᠭᠤᠲᠠᠬᠤ ᠪᠠ ᠦᠷᠡᠵᠢᠯ ᠤᠨ ᠴᠢᠳᠠᠯ ᠭᠡᠮᠲᠦᠬᠦ ᠵᠡᠷᠭᠡ ᠢᠯᠡᠷᠡᠯ ᠭᠠᠷᠳᠠᠭ᠃ ᠬᠡᠷᠪᠡ ᠬᠤᠮᠵᠢᠮ ᠨᠢ ᠨᠡᠯᠢᠶᠡᠳ ᠶᠡᠭᠡ ᠪᠣᠯ ᠬᠦᠡᠭᠭᠡᠨ ᠰᠢᠭ ᠲᠤᠨᠢ ᠡᠷᠬᠡᠲᠡᠨ ᠨᠡᠬᠡᠳᠡᠰᠤ ᠨᠦᠭᠦᠳ ᠭᠡᠮᠲᠦᠵᠦ᠂ ᠬᠦᠨᠳᠤ ᠨᠢ ᠪᠣᠯ ᠴᠢᠮᠦᠭᠡᠨ ᠤ ᠮᠠᠶ᠋ᠢᠭ ᠤᠨ᠂ ᠬᠤᠳᠤᠭᠤᠳᠤ ᠭᠡᠳᠡᠰᠦᠨ ᠤ ᠮᠠᠶ᠋ᠢᠭ ᠤᠨ ᠪᠣᠯᠣᠨ ᠲᠠᠷᠢᠬᠢᠨ ᠤ ᠮᠠᠶ᠋ᠢᠭ ᠤᠨ ᠦᠬᠦᠭᠦᠯᠬᠦ ᠦᠢᠰᠭᠡᠯ ᠭᠠᠷᠳᠠᠭ᠃        1. ᠪᠡᠯᠬᠡ ᠶᠢᠨ ᠪᠣᠯᠴᠢᠷᠬᠠᠢ        ᠵᠠᠰᠠᠬ᠎ᠠ ᠬᠡᠷᠪᠡ ᠨᠢᠭᠡᠯᠨ ᠳᠡᠭᠡᠷ᠎ᠡ ᠪᠣᠶᠤ ᠣᠬᠤᠷ ᠬᠤᠭᠤᠴᠠᠭᠠᠨ ᠳᠤ 0.15Gy ᠶᠢᠨ ᠬᠤᠮᠵᠢᠮ ᠢ ᠬᠦᠷᠲᠡᠬᠦ ᠡᠰᠡᠭᠦᠯ᠎ᠡ ᠵᠢᠯ ᠪᠦᠷᠢ 0.4Gy ᠬᠤᠮᠵᠢᠮ  ᠢᠶᠠᠷ ᠣᠯᠠᠨ ᠵᠢᠯ ᠰᠠᠴᠤᠷᠠᠭ ᠲᠤ ᠳᠤᠰᠬᠠᠭᠳᠠᠪᠠᠯ᠂ ᠦᠷ᠎ᠡ ᠶᠢᠨ ᠡᠰ ᠤᠨ ᠲᠤᠭ᠎ᠠ ᠨᠢ ᠪᠠᠭᠤᠷᠠᠭᠠᠳ᠂ ᠦᠷᠡᠵᠢᠯ ᠤᠨ ᠴᠢᠳᠠᠪᠤᠷᠢ ᠪᠠᠨ ᠲᠦᠷ ᠠᠯᠳᠠᠳᠠᠭ᠃ ᠬᠡᠷᠪᠡ ᠵᠠᠰᠠᠭ᠎ᠠ ᠳᠤᠨᠢ ᠪᠠᠰᠨ ᠵᠣᠬᠢᠬᠤ ᠲᠣᠭᠠᠨ ᠤ ᠦᠷ᠎ᠡ ᠶᠢᠨ ᠭᠤᠣᠯ ᠡᠰ ᠦᠯᠡᠳᠡᠵᠦ ᠪᠠᠶᠢᠪᠠᠯ᠂ ᠦᠷᠡᠵᠢᠯ ᠤᠨ ᠴᠢᠳᠠᠪᠤᠷᠢ ᠨᠢ ᠠᠭᠠᠵᠢᠮ ᠢᠶᠠᠷ ᠰᠡᠷᠭᠦᠵᠦ ᠳᠡᠶᠢᠯᠦᠨ᠎ᠡ᠃ ᠬᠠᠷᠢᠨ ᠨᠢᠭᠡᠯᠨ ᠳᠡᠭᠡᠷ᠎ᠡ 3Gy~5Gy ᠶᠢᠨ ᠬᠤᠮᠵᠢᠮ ᠠᠴᠠ ᠬᠡᠲᠦᠷᠡᠬᠦ ᠪᠣᠶᠤ ᠵᠢᠯ ᠪᠦᠷᠢ 2Gy ᠶᠢᠨ ᠬᠤᠮᠵᠢᠮ ᠢᠶᠠᠷ ᠣᠯᠠᠨ ᠵᠢᠯ ᠳᠤᠰᠬᠠᠭᠳᠠᠪᠠᠯ ᠦᠷᠡᠵᠢᠯ ᠤᠨ ᠴᠢᠳᠠᠪᠤᠷᠢ ᠪᠠᠨ ᠦᠨᠢᠳᠡ ᠠᠯᠳᠠᠳᠠᠭ᠃        ᠦᠨᠳᠡᠭᠡᠪᠴᠢ ᠶᠢᠨ ᠬᠦᠷᠲᠡᠭᠰᠡᠨ ᠬᠤᠮᠵᠢᠮ ᠨᠢ 0.65Gy~1.5 Gy ᠶᠢ ᠬᠡᠲᠦᠷᠡᠬᠦ ᠦᠶᠡᠰ ᠲᠤ᠂ ᠦᠷᠡᠵᠢᠯ ᠤᠨ ᠴᠢᠳᠠᠪᠤᠷᠢ ᠪᠠᠨ ᠲᠦᠷ ᠠᠯᠳᠠᠳᠠᠭ᠃ ᠬᠤᠮᠵᠢᠮ ᠨᠢ 2Gy~3 Gy ᠠᠴᠠ ᠬᠡᠲᠦᠷᠡᠬᠦ ᠦᠭᠡᠢ ᠦᠶᠡᠰ ᠲᠤ᠂ ᠠᠮᠢᠳᠤ ᠦᠯᠡᠳᠡᠭᠰᠡᠨ ᠪᠣᠶᠢᠵᠢᠨ ᠪᠡᠶᠡᠵᠢᠵᠦ ᠭᠦᠢᠴᠡᠭᠡ ᠦᠭᠡᠢ ᠦᠨᠳᠡᠭᠡᠨ ᠡᠬᠡ ᠡᠰ ᠨᠢ ᠪᠠᠰᠨ ᠰᠡᠷᠭᠦᠵᠦ ᠴᠢᠳᠠᠳᠠᠭ ᠪᠣᠯᠪᠠᠴᠤ᠂ ᠡᠨᠡᠬᠦ ᠬᠡᠮᠵᠢᠭᠳᠡᠭᠦᠨ ᠠᠴᠠ ᠬᠡᠲᠦᠷᠡᠪᠡᠯ ᠦᠨᠢᠳᠠ ᠦᠷᠡᠵᠢᠯ ᠤᠨ ᠴᠢᠳᠠᠪᠤᠷᠢ ᠪᠠᠨ ᠠᠯᠳᠠᠳᠠᠭ᠃ ᠨᠢᠭᠡᠯᠨ ᠳᠡᠭᠡᠷ᠎ᠡ 2.5~6 Gy ᠶᠢᠨ ᠬᠤᠮᠵᠢᠮ ᠢ ᠬᠦᠷᠲᠡᠪᠡᠯ ᠦᠷᠡᠵᠢᠯ ᠤᠨ ᠴᠢᠳᠠᠪᠤᠷᠢ ᠪᠠᠨ ᠦᠨᠢᠳᠠ ᠠᠯᠳᠠᠨ᠎ᠠ᠃ ᠰᠠᠷ᠎ᠠ ᠶᠢᠨ ᠭᠬᠢᠷ ᠨᠢ ᠴᠡᠪᠡᠷᠵᠢᠬᠦ ᠰᠢᠬᠠᠭᠰᠠᠨ ᠡᠮᠡᠭᠲᠠᠶᠢᠴᠤᠳ ᠵᠢᠯ ᠪᠦᠷᠢ >0.2Gy ᠶᠢᠨ ᠬᠤᠮᠵᠢᠮ ᠢᠶᠠᠷ ᠣᠯᠠᠨ ᠵᠢᠯ ᠳᠤᠰᠬᠠᠭᠳᠠᠪᠠᠯ ᠲᠦᠷᠦᠬᠦ ᠦᠭᠡᠢ ᠪᠣᠯᠳᠠᠭ᠃        2. ᠴᠢᠰᠤ ᠪᠦᠲᠦᠭᠡᠬᠦ ᠰᠢᠰᠲ᠋ᠧᠮ        ᠴᠢᠰᠤ ᠪᠦᠲᠦᠭᠡᠬᠦ ᠰᠢᠰᠲ᠋ᠧᠮ ᠳᠠᠬᠢ ᠰᠠᠴᠤᠷᠠᠯ ᠤᠨ ᠭᠡᠮᠲᠦᠯ ᠨᠢ ᠭᠤᠣᠯᠳᠠᠭᠤ ᠴᠢᠰᠤ ᠪᠦᠲᠦᠭᠡᠬᠦ ᠭᠤᠣᠯ ᠡᠰ᠂ ᠡᠪᠦᠭᠡ ᠡᠰ ᠪᠠ ᠦᠷᠡᠵᠢᠯ ᠤᠨ ᠴᠢᠳᠠᠪᠤᠷᠢ ᠪᠦᠬᠦᠢ ᠴᠢᠮᠦᠭᠡᠨ ᠤ ᠨᠢᠯᠬ᠎ᠠ ᠡᠰ ᠲᠤ ᠡᠭᠦᠰᠳᠡᠭ᠃ ᠬᠡᠷᠪᠡ ᠬᠤᠮᠵᠢᠮ ᠨᠢ 1Gy ᠠᠴᠠ ᠬᠡᠲᠦᠷᠡᠪᠡᠯ᠂ ᠲᠤᠰᠬᠠᠭᠳᠠᠭᠰᠠᠨ ᠤ ᠰᠡᠭᠦᠯᠡᠷ 2~5 ᠭᠠᠷᠠᠭ ᠲᠤ ᠴᠢᠰᠤᠨ ᠤ ᠴᠠᠭᠠᠨ ᠡᠰ ᠤᠨ ᠲᠦᠪᠰᠢᠨ ᠨᠢ ᠪᠠᠭᠤᠷᠠᠭᠠᠳ ᠬᠠᠮᠤᠭ ᠳᠣᠣᠷ᠎ᠠ ᠪᠣᠯᠵᠦ᠂ ᠪᠠᠭᠤᠷᠠᠬᠤ ᠬᠤᠷᠳᠤᠴᠠ ᠨᠢ ᠬᠤᠮᠵᠢᠮ ᠤᠨ ᠨᠡᠮᠡᠭᠳᠡᠬᠦ ᠶᠢ ᠳᠠᠭᠠᠯᠳᠤᠨ ᠲᠦᠷᠭᠡᠰᠳᠡᠭ᠃ ᠴᠢᠰᠤᠨ ᠤ ᠵᠢᠵᠢᠭ ᠢᠯᠳᠠᠰᠤᠨ ᠲᠤᠭ᠎ᠠ ᠶᠢᠨ ᠪᠠᠭᠠᠰᠠᠯᠲᠠ ᠨᠢ ᠵᠢᠭᠠᠬᠠᠨ ᠠᠯᠭᠤᠷ ᠪᠠᠶᠢᠵᠦ᠂ ᠬᠠᠷᠢᠨ ᠴᠢᠰᠤᠨ ᠤ ᠤᠯᠠᠭᠠᠨ ᠡᠰ ᠤᠨ ᠲᠤᠭ᠎ᠠ ᠶᠢᠨ ᠪᠠᠭᠠᠰᠬᠤ ᠨᠢ ᠬᠠᠮᠤᠭ  ᠠᠴᠠ ᠤᠳᠠᠭᠠᠨ ᠪᠠᠶᠢᠳᠠᠭ᠃ ᠴᠢᠰᠤ ᠪᠦᠲᠦᠭᠡᠬᠦ ᠰᠢᠰᠲ᠋ᠧᠮ ᠳᠠᠬᠢ ᠰᠠᠴᠤᠷᠠᠯ ᠤᠨ ᠬᠤᠵᠢᠭᠤ ᠦᠢᠰᠭᠡᠯ ᠨᠢ ᠶᠡᠷᠦᠳᠡᠭᠡᠨ 3~8 ᠵᠢᠯ ᠪᠣᠶᠤ ᠨᠡᠩ ᠤᠷᠲᠤ ᠬᠤᠭᠤᠴᠠᠭ᠎ᠠ  ᠪᠣᠯᠤᠮᠠᠨᠵᠢᠨ ᠰᠠᠶ᠋ᠢ ᠢᠯᠡᠷᠡᠳᠡᠭ᠃ ᠵᠠᠷᠢᠮ ᠨᠢ ᠪᠠᠰᠨ ᠴᠢᠰᠤ ᠴᠠᠶᠢᠬᠤ ᠡᠪᠡᠳᠴᠢᠨ᠂ ᠴᠢᠰᠤ ᠲᠤᠳᠠᠬᠤ ᠪᠣᠶᠤ ᠶᠠᠰᠤ ᠰᠢᠷᠬᠡᠭᠵᠢᠬᠦ ᠵᠡᠷᠭᠡ ᠡᠪᠡᠳᠴᠢᠨ ᠡᠭᠦᠰᠳᠡᠭ᠃        ᠬᠤᠮᠵᠢᠮᠵᠢ Sv.a-1ᠤᠯᠠᠭᠠᠨ ᠴᠢᠮᠦᠭᠡ  ᠴᠢᠰᠤ ᠪᠦᠲᠦᠭᠡᠬᠦ ᠴᠢᠳᠠᠪᠤᠷᠢ ᠨᠢ ᠮᠠᠭᠤᠲᠠᠨ᠎ᠠ        ᠴᠢᠰᠤ ᠪᠦᠲᠦᠭᠡᠬᠦ ᠴᠢᠳᠠᠪᠤᠷᠢ ᠶᠢᠨ ᠳᠠᠬᠢᠨ ᠪᠦᠲᠦᠬᠦ ᠬᠠᠷᠰᠢ  0.5  1.5 >0.4    >1.0        3. ᠨᠢᠳᠦᠨ ᠪᠣᠯᠣᠷ        ᠴᠠᠬᠢᠯᠭᠠᠨᠲᠠᠭᠤᠯᠬᠤ ᠰᠠᠴᠤᠷᠠᠯ ᠳᠤ ᠡᠲᠦᠭᠳᠡᠨ ᠨᠢᠳᠦᠨ ᠪᠣᠯᠣᠷ ᠪᠣᠯᠢᠩᠬᠢᠷᠲᠤᠬᠤ ᠶᠢ ᠶᠡᠷᠦᠩᠬᠡᠶᠢᠯᠡᠭᠡᠳ ᠰᠠᠴᠤᠷᠠᠭ ᠤᠨ ᠴᠠᠭᠠᠨ ᠴᠡᠴᠡᠭᠡᠢ ︵Radiation cataract︶ ᠭᠡᠳᠡᠭ᠃ ᠰᠠᠴᠤᠷᠠᠭ ᠤᠨ ᠴᠠᠭᠠᠨ ᠴᠡᠴᠡᠭᠡᠢ ᠪᠣᠯ   ᠬᠤᠵᠢᠭᠤ ᠡᠭᠦᠰᠬᠦ ᠦᠢᠰᠭᠡᠯ ᠤᠨ ᠨᠢᠭᠡ ᠨᠢ ᠪᠦᠭᠡᠳ ᠲᠤᠰᠬᠠᠭᠳᠠᠭᠰᠠᠨ ᠠᠴᠠ ᠠᠪᠤᠭᠠᠳ ᠪᠣᠯᠣᠷ ᠪᠡᠶᠡᠲᠤ ᠪᠣᠯᠢᠩᠬᠢᠷᠲᠤᠬᠤ ᠪᠣᠯᠳᠠᠯ᠎ᠠ ᠨᠢᠭᠡᠨ ᠨᠢᠭᠤᠭᠳᠠᠮᠠᠯ ᠬᠤᠭᠤᠴᠠᠭ᠎ᠠ ᠶᠢ ᠦᠡᠭᠭᠡᠷᠡᠭᠦᠯᠳᠡᠭ᠃ ᠲᠤᠰᠬᠠᠭᠳᠠᠭᠰᠠᠨ ᠬᠤᠮᠵᠢᠮ ᠨᠢ  ᠨᠢᠭᠤᠭᠳᠠᠮᠠᠯ ᠬᠤᠭᠤᠴᠠᠭ᠎ᠠ ᠲᠠᠢ ᠨᠢᠭᠲᠠ ᠬᠤᠯᠪᠤᠭ᠎ᠠ ᠲᠠᠢ ᠪᠠᠶᠢᠵᠦ᠂ ᠪᠠᠰᠨ ᠨᠠᠰᠤ ᠲᠠᠢ ᠬᠤᠯᠪᠤᠭᠳᠠᠳᠠᠭ᠃  ᠬᠤᠮᠵᠢᠮ ᠨᠢ ᠤᠯᠠᠮ ᠶᠡᠭᠡ᠂ ᠨᠠᠰᠤ ᠨᠢ ᠤᠯᠠᠮ ᠪᠠᠭ᠎ᠠ ᠪᠣᠯ ᠨᠢᠭᠤᠭᠳᠠᠮᠠᠯ ᠬᠤᠭᠤᠴᠠᠭ᠎ᠠ  ᠨᠢ ᠤᠯᠠᠮ ᠣᠬᠤᠷ ᠪᠠᠶᠢᠳᠠᠭ᠃ ᠨᠢᠭᠤᠭᠳᠠᠮᠠᠯ ᠬᠤᠭᠤᠴᠠᠭ᠎ᠠ ᠨᠢ ᠬᠠᠮᠤᠭ ᠣᠬᠤᠷ ᠨᠢ 9 ᠰᠠᠷ᠎ᠠ᠂ ᠬᠠᠮᠤᠭ ᠤᠷᠲᠤ ᠨᠢ 12 ᠵᠢᠯ᠂ ᠳᠤᠮᠳᠠᠴᠢ ᠪᠠᠷ 2~4 ᠵᠢᠯ ᠪᠠᠶᠢᠳᠠᠭ᠃ ᠳᠣᠣᠷ᠎ᠠ LET ᠰᠠᠴᠤᠷᠠᠯ ᠤᠨ ᠲᠤᠰᠬᠠᠯᠲᠠ ᠨᠢ ᠨᠢᠳᠦᠨ ᠪᠣᠯᠣᠷ ᠪᠣᠯᠢᠩᠬᠢᠷᠲᠤᠬᠤ ᠶᠢ ᠭᠦᠢᠴᠡᠳ ᠡᠲᠦᠬᠦ ᠴᠤᠯᠢᠩ ᠬᠤᠮᠵᠢᠮ ᠨᠢ 2Gy~10Gy ᠪᠠᠶᠢᠵᠦ᠂ ᠳᠡᠭᠡᠳᠤ LET ᠰᠠᠴᠤᠷᠠᠯ ᠪᠣᠯ 1Gy~2Gy ᠪᠠᠶᠢᠳᠠᠭ᠃ ᠤᠷᠲᠤ ᠬᠤᠭᠤᠴᠠᠭ᠎ᠠ ᠪᠠᠷ ᠠᠯᠭᠤᠷ ᠳᠤᠰᠬᠠᠭᠳᠠᠬᠤ ᠶᠢᠨ ᠴᠤᠯᠢᠩ ᠬᠤᠮᠵᠢᠮ ᠨᠢ ᠬᠠᠷᠠᠬᠠᠨ ᠨᠢᠭᠡᠲᠦᠯᠲᠠᠢ ᠲᠤᠭ᠎ᠠ ᠬᠡᠮᠵᠢᠭᠳᠡᠭᠦᠨ ᠪᠠᠶᠢᠬᠤ ᠦᠭᠡᠢ᠂ ᠭᠡᠪᠡᠴᠤ ᠳᠣᠣᠷ᠎ᠠ LET ᠰᠠᠴᠤᠷᠠᠯ ᠳᠤ ᠶᠡᠭᠡ ᠲᠦᠯᠦᠪ ᠵᠢᠯ ᠪᠦᠷᠢ 0.15Gy ᠶᠢ ᠬᠡᠲᠦᠷᠡᠳᠡᠭ᠃        ᠨᠢᠳᠦᠨ ᠪᠣᠯᠣᠷ ᠪᠠᠶᠢᠴᠠᠭᠠᠵᠦ ᠭᠠᠷᠬᠤ ᠪᠣᠯᠢᠩᠬᠢᠷᠲᠤᠯ 5.0 >0.1  >0.15 ᠬᠠᠷᠠᠭᠠᠨ ᠤ ᠬᠠᠷᠰᠢ ︵ᠴᠠᠭᠠᠨ ᠴᠡᠴᠡᠭᠡᠢ︶ 0.5~2.0        4. ᠠᠷᠠᠰᠤᠨ ᠤ ᠦᠢᠰᠭᠡᠯ        ᠰᠠᠴᠤᠷᠠᠯ ᠨᠢ ᠠᠷᠠᠰᠤᠨ ᠳᠤ ᠴᠣᠯᠬᠤᠡᠭ ᠵᠡᠷᠭᠡ ᠮᠠᠭᠠᠳ ᠪᠤᠰᠤ ᠦᠢᠰᠭᠡᠯ ᠢ ᠡᠲᠦᠬᠦ ᠠᠴᠠ ᠭᠠᠳᠠᠨ᠎ᠠ᠂ ᠪᠠᠰᠨ ᠲᠦᠷᠭᠡᠨ ᠴᠢᠨᠠᠷᠲᠠᠢ ᠪᠣᠶᠤ ᠤᠵᠢᠭ ᠴᠢᠨᠠᠷᠲᠠᠢ ᠮᠠᠭᠠᠳ ᠪᠦᠬᠦᠢ ᠦᠢᠰᠭᠡᠯ ᠢ ᠴᠤ ᠡᠲᠦᠳᠡᠭ᠃ ᠨᠢᠭᠡᠨ ᠮᠠᠰᠢ ᠪᠠᠭ᠎ᠠ ᠬᠡᠪᠴᠢᠶᠡᠨ ᠤ ᠠᠷᠠᠰᠤᠨ ᠳᠡᠭᠡᠷ᠎ᠡ ᠳᠣᠩ ᠶᠡᠭᠡ ᠬᠤᠮᠵᠢᠮ ᠤᠨ ᠳᠤᠮᠳᠠ᠂ ᠳᠡᠭᠡᠳᠤ ᠡᠨᠧᠷᠬᠢᠲᠤ β ᠮᠦᠬᠦᠯᠢᠭ ᠪᠣᠯᠣᠨ ᠳᠣᠣᠷ᠎ᠠ ᠡᠨᠧᠷᠬᠢᠲᠤ γ ᠰᠠᠴᠤᠷᠠᠭ ᠳᠤᠰᠪᠠᠯ ᠠᠷᠠᠰᠤᠨ ᠤ ᠮᠠᠭᠠᠳ ᠪᠦᠬᠦᠢ ᠦᠢᠰᠭᠡᠯ ᠡᠭᠦᠰᠳᠡᠭ᠃ ᠠᠷᠠᠰᠤᠨ ᠤ ᠭᠠᠳᠠᠷ ᠬᠦᠷᠦᠰᠦᠨ ᠳᠤ ᠪᠣᠯ α ᠮᠦᠬᠦᠯᠢᠭ ᠴᠤ ᠮᠠᠭᠠᠳ ᠪᠦᠬᠦᠢ ᠦᠢᠰᠭᠡᠯ ᠢ ᠡᠲᠦᠨ᠎ᠡ᠃ ᠵᠣᠩᠬᠢᠯᠠᠬᠤ ᠬᠦᠨᠳᠤ ᠨᠣᠴᠢᠲᠠᠢ ᠦᠢᠰᠭᠡᠯ ᠨᠢ ᠭᠤᠣᠯᠳᠠᠭᠤ ᠠᠷᠠᠰᠤᠨ ᠤ 300μm~500μm  ᠲᠤ ᠡᠭᠦᠰᠳᠡᠭ᠃ ᠠᠷᠠᠰᠤᠨ ᠤ ᠦᠢᠰᠭᠡᠯ ᠨᠢ ᠰᠠᠴᠤᠷᠠᠭ ᠲᠤ ᠳᠤᠰᠬᠠᠭᠳᠠᠬᠤ ᠲᠠᠯᠠᠪᠠᠢ ᠶᠢᠨ ᠶᠡᠭᠡ ᠪᠠᠭ᠎ᠠ᠂ ᠰᠠᠴᠤᠷᠠᠯ ᠤᠨ ᠡᠨᠧᠷᠬᠢ᠂ ᠲᠤᠰᠬᠠᠯᠲᠠ ᠶᠢᠨ ᠵᠢᠭᠳᠡ ᠴᠢᠨᠠᠷ ᠪᠣᠯᠣᠨ ᠬᠤᠮᠵᠢᠮ ᠵᠡᠷᠭᠡ ᠲᠠᠢ ᠬᠤᠯᠪᠤᠭᠳᠠᠳᠠᠭ᠃        ︵1︶ ᠲᠦᠷᠭᠡᠨ ᠴᠢᠨᠠᠷᠲᠤ ᠦᠢᠰᠭᠡᠯ᠄ ᠬᠡᠷᠪᠡ ᠣᠬᠤᠷ ᠬᠤᠭᠤᠴᠠᠭᠠᠨ ᠳᠤ ᠨᠢᠭᠡᠯᠨ ᠳᠡᠭᠡᠷ᠎ᠡ 3Gy~5Gy ᠶᠢᠨ ᠰᠠᠴᠤᠷᠠᠭ ᠲᠤ ᠳᠤᠰᠬᠠᠭᠳᠠᠪᠠᠯ 3 ᠭᠠᠷᠠᠭ ᠤᠨ ᠳᠠᠷᠠᠭ᠎ᠠ ᠠᠷᠠᠰᠤᠨ ᠳᠤ ᠤᠯᠠᠭᠠᠨ ᠲᠣᠯᠪᠤ ᠰᠠᠭᠤᠬᠤ ᠪᠠ ᠬᠠᠭᠤᠷᠠᠶᠢᠲᠤᠨ ᠬᠠᠭᠵᠢᠷᠠᠳᠠᠭ᠃ 20Gy ᠠᠴᠠ ᠳᠡᠭᠡᠭᠰᠢ ᠳᠤᠰᠬᠠᠭᠳᠠᠪᠠᠯ ᠴᠢᠬᠢᠭᠲᠦᠨ ᠱᠠᠭᠠᠷᠠᠵᠦ᠂ 1 ᠰᠠᠷ᠎ᠠ ᠶᠢᠨ ᠳᠠᠷᠠᠭ᠎ᠠ ᠤᠰᠤᠨ ᠴᠦᠪᠦᠷᠢᠭᠦᠦ ᠭᠠᠷᠤᠨ᠎ᠠ᠃ ᠬᠡᠷᠪᠡ ᠬᠠᠯᠠᠭᠤᠨ ᠮᠦᠬᠦᠯᠢᠭ ᠲᠤ ᠳᠤᠰᠬᠠᠭᠳᠠᠪᠠᠯ ᠲᠦᠷᠭᠡᠨ ᠴᠢᠨᠠᠷᠲᠤ ᠠᠷᠠᠰᠤᠨ ᠤ ᠨᠤᠯᠲᠠᠷᠠᠯ ᠭᠠᠷᠳᠠᠭ᠃ 50Gy ᠠᠴᠠ ᠳᠡᠭᠡᠭᠰᠢᠬᠢ ᠬᠤᠮᠵᠢᠮ ᠢᠶᠠᠷ ᠳᠤᠰᠬᠠᠭᠳᠠᠪᠠᠯ ᠠᠷᠠᠰᠤᠨ ᠤ ᠨᠡᠬᠡᠳᠡᠰᠤ ᠦᠬᠦᠵᠢᠳᠡᠭ᠃        ︵2︶ ᠤᠳᠠᠭᠠᠨ ᠴᠢᠨᠠᠷᠲᠤ ᠦᠢᠰᠭᠡᠯ᠄ ᠶᠡᠭᠡ ᠲᠦᠯᠦᠪ 30Gy ~ 40Gy ᠶᠢᠨ ᠰᠠᠴᠤᠷᠠᠭ ᠲᠤ ᠳᠤᠰᠬᠠᠭᠳᠠᠪᠠᠯ ᠠᠷᠠᠰᠤ ᠬᠤᠷᠴᠢᠢᠳᠡᠭ᠃ ᠡᠨᠡ ᠨᠢ ᠭᠤᠣᠯᠳᠠᠭᠤ ᠳᠤᠮᠳᠠ ᠪᠣᠶᠤ ᠳᠡᠭᠡᠳᠤ ᠡᠨᠧᠷᠬᠢᠲᠤ β ᠰᠠᠴᠤᠷᠠᠯ ᠤᠨ ᠠᠯᠭᠤᠷ ᠳᠤᠰᠤᠯᠲᠠ ᠠᠴᠠ ᠡᠭᠦᠰᠳᠡᠭ ᠪᠦᠭᠡᠳ ᠬᠡᠷᠪᠡ ᠤᠯᠠᠨᠲᠠ ᠳᠤᠰᠬᠠᠭᠳᠠᠪᠠᠯ 5 ᠵᠢᠯ ᠤᠨ ᠳᠠᠷᠠᠭ᠎ᠠ ᠬᠢᠯᠠᠭᠠᠰᠤᠨ ᠰᠤᠳᠠᠯ ᠲᠡᠯᠡᠷᠡᠳᠡᠭ᠃ ᠬᠡᠷᠪᠡ ᠬᠤᠮᠵᠢᠮ ᠨᠢ ᠠᠷᠠᠰᠤᠨ ᠤ ᠲᠦᠷᠭᠡᠨ ᠴᠢᠨᠠᠷᠲᠤ ᠭᠡᠮᠲᠦᠯ ᠤᠨ ᠴᠤᠯᠢᠩ ᠬᠤᠮᠵᠢᠮ ᠠᠴᠠ ᠪᠠᠭ᠎ᠠ ᠪᠣᠯ ᠠᠷᠠᠰᠤ ᠡᠪᠡᠷᠰᠢᠳᠡᠭ᠃ ᠠᠷᠠᠰᠤᠨ ᠤ ᠰᠢᠷᠬᠠᠯᠠᠭ᠎ᠠ ᠪᠣᠯ ᠲᠤᠰᠬᠠᠭᠳᠠᠬᠤ ᠠᠴᠠ ᠰᠢᠭᠤᠳ ᠡᠲᠦᠭᠳᠡᠬᠦ ᠪᠣᠶᠤ ᠡᠰᠡᠭᠦᠯ᠎ᠡ ᠠᠷᠠᠰᠤ ᠬᠦᠷᠦᠰᠦ ᠨᠢ ᠰᠢᠯᠪᠤᠷᠠᠵᠦ ᠤᠯᠪᠤᠷᠠᠭᠠᠳ ᠬᠠᠯᠳᠠᠪᠤᠷᠢᠯᠠᠬᠤ ᠠᠴᠠ ᠪᠣᠯᠳᠠᠭ᠃ ᠭᠡᠪᠡᠴᠤ ᠬᠤᠮᠵᠢᠮ ᠨᠢ 250Gy ᠠᠴᠠ ᠪᠠᠭ᠎ᠠ ᠪᠣᠯ᠂ ᠰᠢᠷᠬᠠᠯᠠᠭ᠎ᠠ ᠨᠢ 1 ᠭᠠᠷᠠᠭ ᠪᠣᠯᠤᠯ ᠦᠭᠡᠢ ᠪᠠᠷ ᠠᠨᠢᠯᠳᠤᠳᠠᠭ᠃ ᠡᠨᠡᠬᠦ  ᠬᠤᠮᠵᠢᠮ ᠳᠤ ᠪᠠᠰᠨ ᠲᠣᠮᠤ ᠤᠯᠠᠭᠠᠨ ᠲᠣᠯᠪᠤ ᠰᠠᠭᠤᠳᠠᠭ᠃ ᠵᠠᠷᠢᠮ ᠨᠡᠩ ᠤᠳᠠᠭᠠᠨ ᠴᠢᠨᠠᠷᠲᠠᠢ ᠰᠢᠭ᠋ ᠰᠢᠷᠬᠠᠯᠠᠭ᠎ᠠ ᠶᠢᠨ ᠴᠤᠯᠢᠩ ᠬᠡᠮᠵᠢᠭᠳᠡᠭᠦᠨ ᠨᠢ ᠶᠡᠭᠡ ᠲᠦᠯᠦᠪ 1010  ᠮᠦᠬᠦᠯᠢᠭ ᠳᠠᠷᠤᠢ ᠰᠧᠺᠦ᠋ᠨ᠋ᠲ ᠪᠦᠷᠢ 1010Bq ᠬᠦᠷᠦᠨ᠎ᠡ᠃ ᠡᠶᠢᠮᠦᠷᠬᠦ ᠰᠠᠴᠤᠷᠠᠭ ᠬᠠᠷᠪᠤᠯᠲᠠ ᠶᠢᠨ ᠬᠡᠮᠵᠢᠶ᠎ᠡ ᠨᠢ ᠶᠡᠭᠡ ᠲᠦᠯᠦᠪ 5Gy ᠶᠢᠨ ᠬᠤᠮᠵᠢᠮ ᠲᠠᠢ ᠲᠡᠩᠴᠡᠨ᠎ᠡ᠃        5. ᠰᠢᠩᠭᠡᠭᠡᠯᠲᠡ ᠶᠢᠨ ᠰᠢᠰᠲ᠋ᠧᠮ        ᠰᠢᠩᠭᠡᠭᠡᠯᠲᠡ ᠶᠢᠨ ᠰᠢᠰᠲ᠋ᠧᠮ ᠴᠤ ᠪᠠᠰᠨ ᠰᠠᠴᠤᠷᠠᠯ ᠳᠤ ᠨᠡᠯᠢᠶᠡᠳ ᠰᠡᠷᠭᠡᠭ ᠨᠡᠬᠡᠳᠡᠰᠦᠨ ᠳᠤ ᠲᠣᠭᠠᠴᠢᠭᠳᠠᠬᠤ ᠪᠦᠭᠡᠳ ᠢᠯᠠᠩᠭᠤᠶ᠎ᠠ ᠨᠠᠷᠢᠨ ᠭᠡᠳᠡᠰᠦᠨ ᠤ ᠦᠡᠭᠭᠡᠨ ᠬᠠᠯᠢᠰᠤᠨ ᠤ ᠭᠤᠣᠯ ᠡᠰ ᠪᠠ ᠭᠡᠳᠡᠰᠦᠨ ᠤ ᠤᠡᠭᠬᠤᠯ ᠤᠨ ᠭᠤᠣᠯ ᠳᠤ ᠪᠠᠶᠢᠷᠢᠯᠡᠨ ᠦᠷᠡᠵᠢᠵᠦ ᠪᠠᠶᠢᠭ᠎ᠠ ᠡᠰ ᠨᠦᠭᠦᠳ ᠪᠣᠯ ᠪᠦᠷ ᠰᠠᠴᠤᠷᠠᠭ ᠲᠤ ᠬᠠᠮᠤᠭ  ᠠᠴᠠ ᠰᠡᠷᠭᠡᠭ ᠪᠠᠶᠢᠳᠠᠭ᠃ ᠨᠡᠯᠢᠶᠡᠳ ᠶᠡᠭᠡ ᠬᠤᠮᠵᠢᠮ ᠤᠨ ᠰᠠᠴᠤᠷᠠᠭ ᠲᠤ᠂ ᠨᠠᠷᠢᠨ ᠭᠡᠳᠡᠰᠦᠨ ᠤ ᠤᠡᠭᠬᠤᠯ ᠤᠨ ᠡᠰ ᠤᠨ ᠦᠷᠡᠵᠢᠯ ᠨᠢ ᠬᠤᠶᠢᠰᠢᠯᠠᠬᠤ ᠪᠠ ᠦᠬᠦᠳᠡᠭ  ᠠᠴᠠ ᠰᠠᠯᠢᠰᠤᠲᠤ ᠪᠦᠷᠬᠦᠪᠴᠢ ︵ᠨᠢᠯᠲᠠᠭ ᠪᠦᠷᠬᠦᠭᠦᠯ ︶ ᠶᠢᠨ ᠳᠣᠲᠤᠷᠠᠬᠢ ᠤᠡᠭᠬᠤᠯ ᠨᠢ ᠴᠦᠭᠡᠷᠡᠭᠡᠳ᠂ ᠨᠠᠷᠢᠨ ᠭᠡᠳᠡᠰᠦᠨ ᠤ ᠴᠠᠯᠮᠠᠨ ᠦᠰᠦᠨ ᠤ ᠬᠢᠨᠢ ᠦᠡᠭᠭᠡᠨ ᠡᠰ ᠲᠤᠲᠠᠭᠳᠠᠭᠰᠠᠨ ᠠᠴᠠ ᠪᠣᠯᠵᠦ ᠭᠡᠳᠡᠰᠦᠨ ᠤ ᠳᠣᠲᠤᠷ ᠬᠠᠨ᠎ᠠ ᠨᠢ ᠢᠯᠡᠷᠡᠳᠡᠭ᠃ ᠬᠦᠨᠳᠤ ᠨᠣᠴᠢᠲᠠᠢ ᠨᠢ ᠴᠢᠨᠠᠭᠰᠢᠯᠠᠪᠠᠯ ᠭᠡᠳᠡᠰᠦᠨ ᠤ ᠨᠢᠯᠲᠠᠭ ᠨᠢ ᠦᠬᠦᠵᠢᠭᠡᠳ ᠶᠡᠭᠡ ᠶᠡᠭᠡ ᠬᠡᠰᠡᠭ ᠢᠶᠠᠷ ᠰᠢᠯᠪᠤᠷᠠᠵᠦ ᠤᠨᠠᠳᠠᠭ᠃ ᠡᠭᠦᠨ ᠤ ᠤᠯᠠᠮ ᠠᠴᠠ ᠭᠡᠳᠡᠰᠦᠨ ᠳᠠᠬᠢ ᠪᠠᠺᠲ᠋ᠧᠷᠢ᠂ ᠬᠤᠣᠷᠲᠤ ᠡᠳ᠋ ᠪᠠ ᠡᠰ ᠤᠨ ᠵᠠᠳᠠᠷᠠᠯ ᠤᠨ ᠡᠳ᠋ ᠤᠳ ᠪᠦᠷ ᠪᠡᠶᠡᠨ  ᠳᠤ ᠣᠷᠤᠭᠠᠳ ᠴᠢᠰᠤ ᠪᠠᠺᠲ᠋ᠧᠷᠵᠢᠬᠤ ᠡᠪᠡᠳᠴᠢᠨ ᠪᠣᠶᠤ ᠴᠢᠰᠤ ᠬᠤᠣᠷᠳᠠᠬᠤ ᠡᠪᠡᠳᠴᠢᠨ ᠪᠣᠯᠳᠠᠭ᠃ ᠲᠦᠷᠦᠯᠬᠢ ᠬᠠᠯᠬᠠᠪᠴᠢ ᠪᠠᠨ ᠠᠯᠳᠠᠭᠰᠠᠨ ᠭᠡᠳᠡᠰᠦᠨ ᠤ  ᠪᠦᠭᠡᠯᠵᠢᠵᠦ ᠰᠠᠭᠤᠯᠭᠠᠬᠤ ᠵᠡᠷᠭᠡ ᠡᠪᠡᠳᠴᠢᠨ ᠡᠮᠬᠡᠭ ᠨᠢ ᠪᠠᠰᠨ ᠬᠦᠮᠦᠨ ᠤ ᠪᠡᠶ᠎ᠡ ᠶᠢᠨ ᠤᠰᠤ ᠪᠣᠯᠣᠨ ᠴᠠᠬᠢᠯᠭᠠᠨ ᠵᠠᠳᠠᠷᠠᠯ ᠤᠨ ᠪᠣᠳᠠᠰ ᠢ ᠶᠡᠭᠡ ᠬᠡᠮᠵᠢᠶ᠎ᠡ ᠪᠠᠷ ᠠᠯᠳᠠᠭᠤᠯᠳᠠᠭ ᠪᠠᠶᠢᠨ᠎ᠠ᠃ ᠡᠳᠡᠭᠡᠷ ᠨᠢ ᠪᠦᠷ ︿ᠭᠡᠳᠡᠰᠦᠨ ᠤ ᠮᠠᠶ᠋ᠢᠭ﹀ ᠤᠨ ᠰᠠᠴᠤᠷᠠᠭ ᠤᠨ ᠡᠪᠡᠳᠴᠢᠨ ᠢᠶᠠᠷ ᠦᠬᠦᠳᠡᠭ ᠤᠨ ᠰᠢᠯᠲᠠᠭᠠᠨ ᠨᠢ ᠮᠦᠨ᠃        ᠭᠤᠷᠪᠠ᠂ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ        ᠬᠦᠮᠦᠨ ᠤ ᠪᠡᠶ᠎ᠡ ᠨᠢᠭᠡᠯᠨ ᠤᠳᠠᠭ᠎ᠠ ᠳᠤ ᠪᠣᠶᠤ ᠡᠰᠡᠭᠦᠯ᠎ᠡ ᠬᠡᠳᠦᠨ ᠡᠳᠦᠷ ᠤᠨ ᠳᠣᠲᠤᠷ᠎ᠠ ᠨᠡᠯᠢᠶᠡᠳ ᠶᠡᠭᠡ ᠬᠤᠮᠵᠢᠮ ᠤᠨ ᠳᠤᠰᠬᠠᠯᠲᠠ ᠶᠢ ᠬᠦᠷᠲᠡᠭᠰᠡᠨ ᠤ ᠰᠡᠭᠦᠯᠡᠷ ᠢᠯᠡᠷᠡᠬᠦ ᠪᠦᠬᠦ ᠪᠡᠶ᠎ᠡ ᠶᠢᠨ ᠴᠢᠨᠠᠷᠲᠠᠢ ᠡᠪᠡᠳᠴᠢᠨ ᠡᠮᠬᠡᠭ ᠢ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠭᠡᠳᠡᠭ᠃ ᠬᠦᠷᠲᠡᠭᠰᠡᠨ ᠬᠤᠮᠵᠢᠮ᠂ ᠡᠮᠴᠢᠯᠡᠭᠡ  ᠶᠢᠨ ᠢᠯᠡᠷᠡᠯ᠂ ᠡᠪᠡᠳᠴᠢᠨ ᠤ ᠶᠠᠪᠤᠴᠠ᠂ ᠦᠬᠦᠬᠦ ᠴᠠᠭ ᠬᠤᠭᠤᠴᠠᠭ᠎ᠠ᠂ ᠡᠪᠡᠳᠴᠢᠨ ᠤ ᠵᠦᠢ ᠵᠢᠴᠢ ᠨᠡᠬᠡᠳᠡᠰᠤ ᠶᠢᠨ ᠤᠬᠠᠭᠠᠨ ᠤ ᠪᠠᠶᠢᠴᠠᠭᠠᠯᠲᠠ ᠶᠢᠨ ᠦᠷ᠎ᠡ ᠳ᠋ᠦᠡᠭ ᠵᠡᠷᠭᠡ ᠶᠢ ᠦᠨᠳᠦᠰᠦᠯᠡᠨ᠂ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠢ ᠴᠢᠮᠦᠭᠡᠨ ᠤ ᠮᠠᠶ᠋ᠢᠭ᠂ ᠭᠡᠳᠡᠰᠦᠨ ᠤ ᠮᠠᠶ᠋ᠢᠭ᠂ ᠲᠠᠷᠢᠬᠢᠨ ᠤ ᠮᠠᠶ᠋ᠢᠭ ᠭᠤᠷᠪᠠᠨ ᠲᠦᠷᠦᠯ  ᠳᠤ ᠠᠩᠬᠢᠯᠠᠳᠠᠭ᠃ ᠪᠠᠰᠨ ᠵᠠᠷᠢᠮ ᠨᠢ ᠬᠦᠷᠲᠡᠭᠰᠡᠨ ᠬᠤᠮᠵᠢᠮ ᠢᠶᠠᠷ ᠨᠢ 1Gy~10Gy ᠤ ᠬᠢᠨ ᠢ ᠴᠢᠮᠦᠭᠡᠨ ᠤ ᠮᠠᠶ᠋ᠢᠭ ᠤᠨ᠂ 10Gy~20Gy ᠤ ᠬᠢᠨ ᠢ ᠬᠤᠳᠤᠭᠤᠳᠣ ᠭᠡᠳᠡᠰᠦᠨ ᠤ ᠮᠠᠶ᠋ᠢᠭ ᠤᠨ᠂ 20Gy~50Gy ᠤ ᠬᠢᠨ ᠢ ᠵᠢᠷᠦᠬᠡ ᠰᠤᠳᠠᠯ ᠤᠨ ᠮᠠᠶ᠋ᠢᠭ ᠤᠨ ᠪᠣᠯᠣᠨ >50Gy  ᠤ ᠬᠢᠨ ᠢ ᠲᠠᠷᠢᠬᠢᠨ ᠤ ᠮᠠᠶ᠋ᠢᠭ ᠤᠨ  ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠭᠡᠵᠦ ᠠᠩᠬᠢᠯᠠᠬᠤ ᠴᠤ ᠪᠣᠢ᠃        1. ᠴᠢᠮᠦᠭᠡᠨ ᠤ ᠮᠠᠶ᠋ᠢᠭ ᠤᠨ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ        100cGy ~ 1000cGy ᠶᠢᠨ ᠬᠤᠮᠵᠢᠮ ᠤᠨ ᠰᠠᠴᠤᠷᠠᠭ ᠲᠤ ᠳᠤᠰᠬᠠᠭᠳᠠᠬᠤ ᠦᠶᠡᠰ ᠲᠤ ᠢᠯᠡᠷᠡᠬᠦ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠢ ᠴᠢᠮᠦᠭᠡᠨ ᠤ ᠮᠠᠶ᠋ᠢᠭ ᠤᠨ ᠡᠪᠡᠳᠴᠢᠨ ︵bone marrow type︶ ᠭᠡᠳᠡᠭ ᠪᠦᠭᠡᠳ ᠡᠪᠡᠳᠴᠢᠨ ᠤ ᠶᠠᠪᠤᠴᠠ ᠶᠢ ᠨᠢ ᠦᠨᠳᠦᠰᠦᠯᠡᠨ ᠪᠠᠰᠠ ᠬᠦᠡᠭᠭᠡᠨ᠂ ᠬᠦᠡᠭᠭᠡᠨ ᠰᠢᠭ᠂ ᠬᠦᠨᠳᠤ᠂ ᠣᠨᠴᠠ ᠬᠦᠨᠳᠤ ᠳᠦᠷᠪᠡᠨ ᠪᠠᠶᠢᠳᠠᠯ ᠳᠤ ᠠᠩᠬᠢᠯᠠᠳᠠᠭ᠃        ︵1︶ ᠬᠦᠡᠭᠭᠡᠨ ᠪᠠᠶᠢᠳᠠᠯ        ᠳᠤᠰᠬᠠᠭᠳᠠᠭᠰᠠᠨ ᠰᠠᠴᠤᠷᠠᠭ ᠤᠨ ᠳ᠋ᠠᠽᠸᠢ ᠭᠧᠷᠸᠢ ᠬᠤᠮᠵᠢᠮ ᠨᠢ 100 ᠳ᠋ᠠᠽᠸᠢ ᠭᠧᠷᠸᠢ ︵cGy︶ ~ 200cGy ᠶᠢᠨ ᠬᠤᠭᠤᠷᠣᠨᠳᠤ ᠪᠠᠶᠢᠬᠤ ᠦᠶᠡᠰ ᠲᠤ᠂ ᠶᠡᠭᠡ ᠲᠦᠯᠦᠪ 1/3 ᠶᠢᠨ ᠬᠦᠮᠦᠰ ᠪᠠᠷᠤᠭ ᠡᠪᠡᠳᠴᠢᠨ ᠤ ᠢᠯᠡᠷᠬᠡᠢ ᠰᠢᠨᠵᠢ ᠳᠡᠮᠳᠡᠭ ᠭᠠᠷᠳᠠᠭ ᠦᠭᠡᠢ᠃ ᠲᠦᠷᠦᠭᠦᠦ ᠬᠡᠳᠦᠨ ᠡᠳᠦᠷ ᠲᠤᠨᠢ ᠪᠡᠶ᠎ᠡ ᠨᠢ ᠠᠯᠵᠠᠭᠤᠷᠠᠨ ᠶᠠᠳᠠᠩᠭᠤᠶᠢᠷᠠᠵᠦ ᠰᠤᠯᠳᠠᠶᠢᠵᠦ ᠲᠠᠮᠢᠷᠳᠠᠭᠠᠳ᠂ ᠲᠣᠯᠤᠭᠠᠢ ᠨᠢ ᠳ᠋ᠦᠡᠭᠰᠦᠶᠢᠨ ᠳᠤᠷ᠎ᠠ ᠪᠣᠯᠭᠢᠬᠤ ᠪᠣᠯᠣᠨ ᠢᠳᠡᠭᠡᠨ ᠳᠤ ᠲᠤᠷ᠎ᠠ ᠪᠠᠷ ᠮᠠᠭᠤ ᠵᠡᠷᠭᠡ ᠢᠯᠡᠷᠡᠯ ᠭᠠᠷᠤᠨ᠎ᠠ᠃ ᠵᠠᠷᠢᠮ ᠬᠦᠮᠦᠰ ᠤᠨ ᠴᠢᠰᠤᠨ ᠤ ᠴᠠᠭᠠᠨ ᠡᠰ ᠤᠨ ᠲᠤᠭ᠎ᠠ ᠨᠢ 1~2 ᠡᠳᠦᠷ ᠤᠨ ᠳᠣᠲᠤᠷ᠎ᠠ ᠨᠡᠮᠡᠭᠳᠡᠭᠡᠳ ᠯᠢᠲᠷ ︵L︶ ᠪᠦᠷᠢ ᠳᠤ 10×109 ᠤᠨ ᠨᠠᠭᠠᠨ᠎ᠠ ᠴᠠᠭᠠᠨ᠎ᠠ  ᠬᠦᠷᠴᠤ᠂ ᠰᠡᠭᠦᠯᠡᠷ ᠨᠢ ᠢᠳᠡᠭ ᠢᠳᠡᠭ ᠢᠶᠠᠷ ᠪᠠᠭᠤᠷᠠᠨ᠂ 30 ᠡᠳᠦᠷ ᠤᠨ ᠤᠷᠢᠳᠠᠭᠤᠷ ᠬᠤᠶᠢᠭᠤᠷ 3×109/L ~ 4×109/L ᠪᠣᠯᠣᠨ ᠳᠣᠷᠣᠭᠰᠢᠯᠠᠭᠠᠳ᠂ ᠰᠡᠭᠦᠯᠡᠷ ᠨᠢ ᠳᠠᠬᠢᠨ ᠠᠭᠠᠵᠢᠮ ᠢᠶᠠᠷ ᠨᠡᠮᠡᠭᠳᠡᠭᠡᠳ ᠬᠡᠪ ᠤᠨ ᠪᠠᠶᠢᠳᠠᠯ ᠳᠠᠭᠠᠨ ᠣᠶᠢᠷᠠᠲᠤᠬᠤ ᠪᠣᠶᠤ ᠲᠡᠷᠨ ᠣᠷᠴᠢᠮ ᠢᠶᠠᠷ ᠨᠡᠮᠡᠭᠳᠡᠵᠦ ᠬᠠᠰᠤᠭᠳᠠᠳᠠᠭ ᠪᠠᠶᠢᠨ᠎ᠠ᠃ 1 ~ 3 ᠡᠳᠦᠷ ᠤᠨ ᠳᠣᠲᠤᠷ᠎ᠠ ᠯᠢᠮᠹ ᠤᠨ ᠡᠰ ᠤᠨ ᠬᠠᠷᠢᠴᠠᠯᠠᠰᠢ ᠦᠭᠡᠢ ᠬᠡᠮᠵᠢᠭᠳᠡᠭᠦᠨ ᠨᠢ 1×109/L ᠠᠴᠠ ᠳᠣᠣᠷ᠎ᠠ ᠪᠣᠯᠳᠠᠭ ᠦᠭᠡᠢ᠃ ᠴᠢᠰᠤᠨ ᠤ ᠢᠯᠳᠠᠰᠤ ᠪᠣᠯᠣᠨ ᠤᠯᠠᠭᠠᠨ ᠡᠰ ᠤᠨ ᠲᠣᠭᠠᠨ ᠤ ᠬᠤᠪᠢᠷᠠᠯᠲᠠ ᠨᠢ ᠬᠠᠷᠢᠨ ᠲᠡᠶᠢᠮᠦ ᠢᠯᠡᠷᠡᠬᠡᠢ ᠪᠤᠰᠤ᠃ 50 ~ 60 ᠡᠳᠦᠷ ᠤᠨ ᠰᠡᠭᠦᠯᠡᠷ ᠴᠢᠰᠤᠨ ᠤ ᠵᠢᠷᠤᠭ ᠨᠢ ᠢᠳᠡᠭ ᠢᠳᠡᠭ ᠢᠶᠠᠷ ᠬᠡᠪ ᠤᠨ ᠪᠠᠶᠢᠳᠠᠯ ᠳᠠᠭᠠᠨ ᠣᠷᠣᠳᠠᠭ᠂ ᠶᠡᠷᠦᠩᠬᠡᠢ ᠳᠤᠨᠢ ᠠᠪᠴᠤ ᠬᠡᠯᠡᠪᠡᠯ ᠠᠮᠢ ᠨᠠᠰᠤᠨ ᠳᠤᠨᠢ ᠠᠶᠤᠯ ᠪᠣᠯᠳᠠᠭ ᠦᠭᠡᠢ᠃        ︵2︶  ᠬᠦᠡᠭᠭᠡᠨ ᠰᠢᠭ ᠪᠠᠶᠢᠳᠠᠯ        ᠬᠦᠷᠲᠡᠭᠰᠡᠨ ᠬᠤᠮᠵᠢᠮ ᠨᠢ 200cGy ~ 400cGy ᠪᠣᠯᠪᠠᠯ᠂ ᠲᠦᠷᠭᠡᠨ ᠴᠢᠨᠠᠷᠲᠤ  ᠰᠠᠴᠤᠷᠠᠭ ᠤᠨ ᠡᠪᠡᠳᠴᠢᠨ ᠤ ᠨᠡᠶᠢᠲᠡᠯᠢᠭ ᠢᠯᠡᠷᠡᠯ ᠪᠦᠷ ᠭᠠᠷᠴᠤ᠂ ᠡᠪᠡᠳᠴᠢᠨ ᠤ ᠶᠠᠪᠤᠴᠠ ᠨᠢ ᠡᠬᠢᠨ ᠤ ᠬᠤᠭᠤᠴᠠᠭ᠎ᠠ᠂  ᠬᠠᠭᠤᠷᠮᠠᠭ ᠢᠯᠡᠷᠡᠶᠢᠰᠢᠬᠦ ᠬᠤᠭᠤᠴᠠᠭ᠎ᠠ᠂ ᠬᠦᠨᠳᠤ ᠬᠤᠭᠤᠴᠠᠭ᠎ᠠ ᠪᠣᠯᠣᠨ ᠲᠡᠩᠬᠡᠷᠡᠬᠦ ᠬᠤᠭᠤᠴᠠᠭ᠎ᠠ  ᠶᠢᠨ ᠢᠯᠡᠷᠬᠡᠢ ᠳᠦᠷᠪᠡᠨ ᠱᠠᠲᠤ ᠦᠶ᠎ᠡ ᠶᠢ ᠦᠡᠭᠭᠡᠷᠡᠭᠡᠳᠡᠭ᠃        A. ᠡᠬᠢᠨ ᠤ ᠬᠤᠭᠤᠴᠠᠭ᠎ᠠ᠄ ᠶᠡᠷᠦᠳᠡᠭᠡᠨ 4 ~ 5 ᠡᠳᠦᠷ ᠦᠷᠬᠦᠯᠵᠢᠯᠡᠵᠦ᠂ ᠳᠤᠰᠬᠠᠭᠳᠠᠭᠰᠠᠨ ᠤ ᠳᠠᠷᠠᠭ᠎ᠠ ᠬᠡᠳᠦᠨ ᠴᠠᠭ ᠤᠨ ᠳᠣᠲᠤᠷ᠎ᠠ ᠶᠠᠳᠠᠩᠭᠤᠶᠢᠷᠠᠨ ᠰᠤᠯᠲᠠᠶᠢᠵᠦ᠂ ᠢᠳᠡᠰᠢᠨ ᠳᠤ ᠲᠤᠷ᠎ᠠ ᠦᠭᠡᠢ ᠪᠣᠯᠬᠤ ᠪᠠ  ᠲᠣᠲᠤᠷ᠎ᠠ ᠭᠤᠪᠢᠨ ᠪᠦᠭᠡᠯᠵᠢᠬᠦ ᠪᠠᠷ ᠭᠤᠣᠯᠯᠠᠨ᠂ ᠲᠣᠯᠤᠭᠠᠢ ᠳ᠋ᠦᠡᠭᠰᠦᠶᠢᠨ ᠡᠪᠡᠳᠬᠦ᠂ ᠨᠣᠶᠢᠷ ᠬᠤᠯᠵᠢᠵᠦ ᠪᠠᠴᠢᠮᠳᠠᠨ ᠰᠠᠮᠠᠭᠠᠷᠳᠠᠵᠦ ᠰᠠᠭᠤᠭᠠᠳ ᠰᠠᠭᠤᠷᠢ ᠦᠭᠡᠢ ᠪᠣᠯᠳᠠᠭ᠃ ᠪᠠᠰᠨ‌ᠵᠢᠷᠦᠬᠡ ᠴᠡᠴᠡᠷᠡᠨ ᠲᠦᠭᠰᠢᠵᠦ᠂ ᠬᠦᠯᠦᠰᠤ ᠭᠠᠷᠤᠨ᠂ ᠵᠡᠭᠦᠳᠤ ᠣᠯᠠᠰᠢᠷᠠᠨ᠂ ᠬᠠᠯᠠᠭᠤᠴᠠᠬᠤ ᠮᠡᠲᠤ ᠰᠠᠨᠠᠭᠳᠠᠵᠦ᠂ ᠪᠡᠶ᠎ᠡ ᠨᠢ ᠬᠠᠯᠠᠭᠤᠷᠠᠭᠠᠳ 38 ᠭᠷᠠᠳᠦ᠋ᠰ ︵℃︶ ᠶᠢᠨ ᠨᠠᠭᠠᠭᠤᠷ ᠴᠠᠭᠠᠭᠤᠷ ᠪᠣᠯᠬᠤ ᠪᠠ ᠳᠠᠭᠠᠷᠠᠳᠠᠰᠤ ᠬᠦᠷᠬᠦ ᠮᠡᠲᠤ ᠵᠡᠷᠭᠡ ᠢᠯᠡᠷᠡᠯ ᠭᠠᠷᠳᠠᠭ᠃ ᠪᠦᠭᠡᠯᠵᠢᠬᠦ ᠨᠢ ᠶᠡᠷᠦᠳᠡᠭᠡᠨ 1 ᠡᠳᠦᠷ ᠦᠷᠬᠦᠯᠵᠢᠯᠡᠵᠦ᠂ ᠳᠤᠷ᠎ᠠ ᠪᠣᠯᠭᠢᠬᠤ ᠪᠣᠯᠣᠨ ᠬᠤᠭᠤᠯᠠᠨ ᠳᠤ ᠳᠤᠷ᠎ᠠ ᠦᠭᠡᠢ ᠪᠣᠯᠬᠤ ᠨᠢ 1~3 ᠬᠢᠷᠢᠲᠠᠢ ᠦᠷᠭᠦᠯᠵᠢᠯᠡᠳᠡᠭ᠃ ᠡᠭᠦᠨ ᠤ ᠬᠠᠮᠲᠤ ᠪᠠᠰᠨ ᠤᠷᠤᠭᠤᠯ ᠠᠮᠨ ᠨᠢ ᠬᠠᠪᠤᠩᠨᠠᠬᠤ᠂ ᠠᠷᠠᠰᠤ ᠬᠦᠷᠦᠰᠤ ᠨᠢ ᠤᠯᠠᠶᠢᠬᠤ᠂ ᠨᠢᠳᠦᠨ ᠤ ᠰᠠᠯᠢᠰᠤᠲᠤ ᠪᠦᠷᠬᠦᠪᠴᠢ ᠳᠤᠨᠢ ᠴᠢᠰᠤ ᠬᠤᠷᠠᠬᠤ᠂ ᠲᠦᠭᠦᠰᠢ ᠨᠢ ᠬᠠᠪᠤᠳᠤᠭᠠᠳ ᠡᠪᠡᠳᠳᠡᠭ᠃ ᠬᠡᠳᠦᠨ ᠴᠠᠭ ᠠᠴᠠ 1 ᠡᠳᠦᠷ ᠤᠨ ᠳᠣᠲᠤᠷ᠎ᠠ ᠴᠢᠰᠤᠨ ᠤ ᠴᠠᠭᠠᠨ ᠡᠰ ᠤᠨ ᠲᠤᠭ᠎ᠠ ᠨᠢ ᠨᠡᠮᠡᠭᠳᠡᠭᠡᠳ 10×109/L  ᠠᠴᠠ ᠳᠡᠭᠡᠭᠰᠢ ᠪᠣᠯᠬᠤ ᠪᠣᠶᠤ ᠡᠰᠡᠭᠦᠯ᠎ᠡ ᠵᠦᠪᠬᠡᠨ ᠵᠢᠭᠠᠬᠠᠨ ᠴᠦᠬᠡᠷᠡᠳᠡᠭ᠃        B. ᠬᠠᠭᠤᠷᠮᠠᠭ ᠢᠯᠡᠷᠡᠶᠢᠰᠢᠬᠦ ᠬᠤᠭᠤᠴᠠᠭ᠎ᠠ᠄  ᠪᠠᠷᠤᠭ 20~30 ᠡᠳᠦᠷ ᠦᠷᠬᠦᠯᠵᠢᠯᠡᠨ᠂ ᠪᠡᠶ᠎ᠡ ᠵᠢᠭᠠᠬᠠᠨ ᠶᠠᠳᠠᠩᠭᠤᠶᠢᠷᠠᠨ ᠰᠤᠯᠳᠠᠶᠢᠬᠤ ᠠᠴᠠ ᠭᠠᠳᠠᠨ᠎ᠠ᠂ ᠪᠤᠰᠤᠳ ᠢᠯᠡᠷᠡᠯ ᠨᠢ ᠪᠦᠷ ᠢᠯᠡᠦᠲᠡ ᠬᠦᠡᠭᠭᠡᠷᠡᠬᠦ ᠪᠣᠶᠤ ᠠᠷᠢᠯᠤᠨ᠂ ᠴᠤᠭ ᠰᠦᠯᠳᠠ ᠣᠷᠤᠭᠠᠳ ᠬᠤᠭᠤᠯᠠᠨ ᠳᠤᠷᠠᠰᠢᠯ ᠨᠢ ᠬᠡᠪ ᠤᠨ ᠪᠠᠶᠢᠳᠠᠯ ᠳᠠᠭᠠᠨ ᠣᠷᠤᠳᠠᠭ᠃ 7~12 ᠡᠳᠦᠷ ᠲᠤ ᠴᠢᠰᠤᠨ ᠤ ᠴᠠᠭᠠᠨ ᠡᠰ ᠤᠨ ᠲᠤᠭ᠎ᠠ ᠨᠢ ᠪᠠᠭᠤᠷᠠᠭᠠᠳ ᠬᠠᠮᠤᠭ ᠳᠣᠣᠷ᠎ᠠ ᠪᠣᠯᠵᠦ᠂ ᠰᠡᠭᠦᠯᠡᠷ ᠨᠢ ᠳᠠᠬᠢᠨ ᠲᠦᠷ ᠴᠠᠭ ᠨᠡᠮᠡᠭᠳᠡᠳᠡᠭ᠃ 14 ᠳ᠋ᠤᠭᠡᠷ ᠡᠳᠦᠷ ᠪᠣᠯᠬᠤ ᠳᠤ ᠴᠢᠰᠤᠨ ᠤ ᠢᠯᠳᠠᠰᠤ ᠶᠢᠨ ᠲᠤᠭ᠎ᠠ ᠨᠢ ᠪᠠᠭᠤᠷᠠᠭᠠᠳ 60×109/L ᠠᠴᠠ ᠳᠣᠷᠣᠭᠰᠢ ᠪᠣᠯᠳᠠᠭ᠃ ᠬᠠᠷᠢᠨ ᠤᠯᠠᠭᠠᠨ ᠡᠰ ᠨᠢ ᠲᠡᠶᠢᠮᠦ ᠢᠯᠡᠷᠬᠡᠢ ᠬᠤᠪᠢᠷᠠᠯᠲᠠ ᠭᠠᠷᠳᠠᠭ ᠦᠭᠡᠢ᠃ ᠪᠠᠰᠨ ᠭᠡᠵᠢᠭᠡ ᠦᠰᠦ ᠨᠢ ᠤᠨᠠᠬᠤ ᠪᠦᠭᠡᠳ ᠲᠦᠷᠦᠭᠦᠦ 1~2 ᠡᠳᠦᠷ ᠲᠤ ᠲᠣᠯᠤᠭᠠᠢ ᠶᠢᠨ ᠠᠷᠠᠰᠤ ᠨᠢ ᠴᠢᠨᠦᠷᠡᠵᠦ ᠡᠪᠡᠳᠳᠡᠭ᠃          C. ᠬᠦᠨᠳᠤ ᠬᠤᠭᠤᠴᠠᠭ᠎ᠠ᠄ ᠪᠠᠷᠤᠭ 18~34 ᠡᠳᠦᠷ ᠦᠷᠬᠦᠯᠵᠢᠯᠡᠵᠦ᠂ ᠴᠠᠭᠠᠨ ᠡᠰ ᠤᠨ ᠲᠤᠭ᠎ᠠ ᠨᠢ ᠪᠠᠭᠤᠷᠠᠭᠠᠳ 2×109/L ᠤᠨ ᠨᠠᠭᠠᠭᠤᠷ ᠴᠠᠭᠠᠭᠤᠷ ᠪᠣᠯᠵᠦ᠂ ᠤᠯᠠᠭᠠᠨ ᠡᠰ ᠤᠨ ᠲᠤᠭ᠎ᠠ ᠨᠢ ᠴᠤ ᠵᠢᠭᠠᠬᠠᠨ ᠪᠠᠭᠤᠷᠠᠳᠠᠭ᠃ ᠡᠨᠡ ᠦᠶ᠎ᠡ ᠳᠤ ᠤᠷᠢᠳᠠᠪᠡᠷ ᠠᠮᠨ ᠬᠤᠭᠤᠯᠠᠢ᠂ ᠳᠠᠷᠠᠭ᠎ᠠ ᠨᠢ ᠠᠭᠤᠰᠬᠢ᠂ ᠵᠠᠯᠭᠠᠭᠠᠳ ᠰᠢᠭᠡᠰᠦᠨ ᠵᠠᠮ᠂ ᠰᠠᠮᠰᠢᠭᠤ ᠴᠢᠨᠠᠭᠰᠢᠯᠠᠪᠠᠯ ᠪᠦᠬᠦ ᠪᠡᠶ᠎ᠡ ᠦᠷᠪᠢᠰᠦᠨ ᠬᠠᠯᠳᠠᠪᠤᠷᠢᠯᠠᠨ᠎ᠠ᠃ ᠴᠢᠰᠤᠨ ᠢᠯᠳᠠᠰᠤ ᠶᠢᠨ ᠲᠤᠭ᠎ᠠ ᠨᠢ ᠪᠠᠭᠤᠷᠠᠭᠠᠳ 20×109/L ᠠᠴᠠ ᠳᠣᠷᠣᠭᠰᠢ ᠪᠣᠯᠬᠤ ᠦᠶᠡᠰ ᠲᠤ ᠬᠠᠮᠠᠷ ᠠᠴᠠ ᠴᠢᠰᠤ ᠭᠠᠷᠬᠤ᠂ ᠴᠢᠰᠤ ᠲᠠᠢ ᠰᠢᠭᠡᠬᠦ ᠪᠣᠶᠤ ᠪᠠᠭᠠᠬᠤ᠂ ᠴᠢᠰᠤ ᠲᠠᠢ ᠬᠠᠨᠢᠶᠠᠬᠤ᠂ ᠴᠢᠰᠤ ᠪᠠᠷ ᠪᠦᠭᠡᠯᠵᠢᠬᠦ᠂ ᠬᠡᠪᠲᠡᠰᠢᠨ ᠠᠴᠠ ᠴᠢᠰᠤ ᠭᠠᠷᠴᠤ᠂ ᠡᠭᠦᠨ ᠤ ᠤᠯᠠᠮ ᠠᠴᠠ ᠠᠭᠤᠰᠬᠢ᠂ ᠬᠠᠷ᠎ᠠ᠂ᠪᠦᠭᠡᠷ᠎ᠡ ᠶᠢᠨ ᠳᠡᠭᠡᠷᠡᠬᠢ ᠪᠣᠯᠴᠢᠷᠬᠠᠢ᠂ ᠵᠢᠷᠦᠬᠡᠨ ᠪᠣᠯᠴᠢᠩ᠂ ᠲᠠᠷᠢᠬᠢᠨ  ᠳᠤ ᠴᠢᠰᠤ ᠬᠠᠷᠪᠤᠬᠤ ᠵᠡᠷᠭᠡ ᠡᠪᠡᠳᠴᠢᠨ ᠡᠮᠬᠡᠭ ᠢ ᠡᠭᠦᠰᠭᠡᠳᠡᠭ᠃ ᠪᠠᠰᠨ ᠪᠣᠬᠢᠨᠢᠳᠤᠨ ᠪᠠᠴᠢᠮᠳᠠᠬᠤ᠂ ᠳᠤᠷᠠᠮᠵᠢᠬᠠᠨ ᠪᠣᠶᠤ ᠪᠦᠦᠷ ᠲᠦᠦᠷ ᠪᠣᠯᠬᠤ᠂ ᠪᠡᠶ᠎ᠡ ᠨᠢ ᠰᠢᠭᠤᠷᠠᠬᠤ ︵ᠬᠦᠨᠳᠤ ᠨᠢ ᠪᠠᠭᠤᠷᠠᠬᠤ︶᠂ ᠪᠡᠶ᠎ᠡ ᠶᠢᠨ ᠤᠰᠤ ᠠᠯᠳᠠᠭᠳᠠᠬᠤ ᠪᠠᠶᠢᠳᠠᠯ ᠭᠠᠷᠳᠠᠭ᠃        D. ᠲᠡᠩᠬᠡᠷᠡᠬᠦ ᠬᠤᠭᠤᠴᠠᠭ᠎ᠠ᠄ ᠬᠦᠨᠳᠤ ᠴᠢᠮᠦᠭᠡᠨ ᠮᠠᠶ᠋ᠢᠭ ᠤᠨ ᠰᠠᠴᠤᠷᠠᠭ ᠤᠨ ᠡᠪᠡᠳᠴᠢᠨ ᠳᠤ ᠬᠠᠮ ᠵᠠᠰᠠᠯᠭ᠎ᠠ ᠬᠢᠪᠡᠯ ᠳᠤᠰᠬᠠᠭᠳᠠᠭᠰᠠᠨ ᠤ ᠰᠡᠭᠦᠯᠡᠷ 5~7 ᠭᠠᠷᠠᠭ ᠠᠴᠠ ᠡᠬᠢᠯᠡᠨ ᠢᠯᠡᠷᠡᠶᠢᠰᠢᠵᠦ᠂ 50 ~ 60 ᠡᠳᠦᠷ ᠲᠤ ᠴᠠᠭᠠᠨ ᠡᠰ ᠤᠨ ᠲᠤᠭ᠎ᠠ ᠨᠢ ᠰᠡᠷᠭᠦᠭᠡᠳ 5×109/L ᠤᠨ ᠨᠠᠭᠠᠭᠤᠷ ᠴᠠᠭᠠᠭᠤᠷ ᠪᠣᠯᠵᠦ ᠂ ᠴᠢᠰᠤᠨ ᠢᠯᠳᠠᠰᠤ ᠶᠢᠨ ᠲᠤᠭ᠎ᠠ ᠨᠢ ᠴᠤ ᠦᠨᠳᠦᠰᠦᠨ ᠳᠡᠭᠡᠨ ᠬᠡᠪ ᠤᠨ ᠪᠣᠯᠳᠠᠭ᠃ ᠪᠡᠶ᠎ᠡ ᠶᠢᠨ ᠬᠠᠯᠠᠭᠤᠨ ᠨᠢ ᠠᠭᠠᠵᠢᠮ ᠢᠶᠠᠷ ᠬᠡᠪ ᠤᠨ ᠪᠠᠶᠢᠳᠠᠯ ᠳᠠᠭᠠᠨ ᠣᠷᠤᠵᠦ᠂ ᠴᠢᠰᠤ ᠭᠠᠷᠬᠤ ᠨᠢ ᠵᠣᠭᠰᠤᠭᠠᠳ ᠪᠡᠶ᠎ᠡ ᠶᠢᠨ ᠬᠦᠨᠳᠤ ᠨᠢ ᠴᠤ ᠠᠯᠭᠤᠷ ᠢᠶᠠᠷ ᠨᠡᠮᠡᠭᠳᠡᠳᠡᠭ᠃ 2 ᠰᠠᠷ᠎ᠠ ᠶᠢᠨ ᠳᠠᠷᠠᠭ᠎ᠠ ᠭᠡᠵᠢᠭᠡ ᠦᠰᠤ ᠨᠢ ᠡᠬᠢᠯᠡᠨ ᠤᠷᠭᠤᠵᠦ᠂ 2 ~ 4 ᠰᠠᠷ᠎ᠠ ᠳᠤ ᠦᠯᠦ ᠬᠠᠯᠳᠠᠭᠠᠬᠤ ᠴᠢᠳᠠᠪᠤᠷᠢ ᠪᠠᠨ ᠦᠨᠳᠦᠰᠦᠨ ᠳᠡᠭᠡᠨ ᠰᠡᠷᠭᠦᠭᠡᠳᠡᠭ᠃ ᠦᠷ᠎ᠡ ᠶᠢᠨ ᠰᠢᠩᠭᠡᠨ ᠨᠢ 1 ᠵᠢᠯ ᠤᠨ ᠳᠠᠷᠠᠭ᠎ᠠ ᠠᠴᠠ ᠡᠬᠢᠯᠡᠨ ᠰᠡᠷᠭᠦᠵᠦ᠂ 2 ᠵᠢᠯ ᠤᠨ ᠰᠡᠭᠦᠯᠡᠷ ᠦᠷᠡᠵᠢᠯ ᠤᠨ ᠴᠢᠳᠠᠪᠤᠷᠢ ᠨᠢ ᠰᠡᠷᠭᠦᠵᠦ ᠪᠣᠯᠣᠨ᠎ᠠ᠃ ᠬᠡᠷᠪᠡ  600cGy ᠲᠤᠰᠬᠠᠭᠲᠠᠭᠰᠠᠨ ᠪᠣᠯ ᠦᠷᠡᠵᠢᠯ ᠨᠢ ᠲᠠᠰᠤᠷᠠᠨ᠎ᠠ᠃ ᠬᠦᠨᠳᠤ ᠪᠠᠶᠢᠳᠠᠯ ᠶᠢᠨ ᠬᠢᠨ ᠦᠨᠳᠦᠰᠦᠨ ᠳᠡᠭᠡᠨ ᠦᠷᠡᠵᠢᠯ ᠤᠨ ᠴᠢᠳᠠᠪᠤᠷᠢ ᠪᠠᠨ ᠰᠡᠷᠭᠦᠭᠡᠵᠦ ᠴᠢᠳᠠᠳᠠᠭ ᠦᠭᠡᠢ᠃        ︵3︶ ᠬᠦᠨᠳᠤ ᠪᠠᠶᠢᠳᠠᠯ        ᠬᠦᠷᠲᠡᠭᠰᠡᠨ ᠬᠤᠮᠵᠢᠮ ᠨᠢ 400cGy ~ 600cGy ᠪᠠᠶᠢᠵᠦ᠂ ᠦᠨᠳᠦᠰᠦᠨ ᠢᠯᠡᠷᠡᠯ ᠨᠢ ᠬᠦᠡᠭᠭᠡᠨ ᠰᠢᠭ ᠪᠠᠶᠢᠳᠠᠯ ᠲᠠᠢ ᠲᠦᠰᠦᠭᠡᠲᠡᠢ᠃ ᠡᠬᠢᠨ ᠤ ᠬᠤᠭᠤᠴᠠᠭᠠᠨ ᠳᠤ ᠴᠠᠭᠠᠨ ᠡᠰ ᠤᠨ ᠲᠤᠭ᠎ᠠ ᠨᠢ ᠨᠡᠮᠡᠭᠳᠡᠳᠡᠭ   ᠬᠦᠮᠦᠰ ᠨᠡᠯᠢᠶᠡᠳ ᠠᠷᠪᠢᠨ ᠪᠠᠶᠢᠳᠠᠭ᠃ 24 ~ 48 ᠴᠠᠭ ᠲᠤ ᠴᠢᠰᠤᠨ ᠤ ᠯᠢᠮᠹ ᠤᠨ ᠡᠰ ᠤᠨ ᠬᠠᠷᠢᠴᠠᠯᠠᠰᠢ ᠦᠭᠡᠢ ᠬᠡᠮᠵᠢᠭᠳᠡᠭᠦᠨ ᠨᠢ ᠲᠦᠷᠭᠡᠨ ᠪᠠᠭᠤᠷᠠᠨ᠎ᠠ᠃ ᠬᠠᠭᠤᠷᠮᠠᠭ ᠢᠯᠡᠷᠡᠶᠢᠰᠢᠬᠦ ᠬᠤᠭᠤᠴᠠᠭ᠎ᠠ ᠨᠢ ᠪᠠᠷᠤᠭ 15 ~ 25 ᠡᠳᠦᠷ ᠦᠷᠬᠦᠯᠵᠢᠯᠡᠨ᠂ 14 ᠡᠳᠦᠷ ᠤᠨ ᠦᠶ᠎ᠡ ᠪᠠᠷ ᠴᠢᠰᠤᠨ ᠤ ᠢᠯᠳᠠᠰᠤ ᠶᠢᠨ ᠲᠤᠭ᠎ᠠ ᠨᠢ ᠪᠠᠭᠤᠷᠠᠭᠠᠳ 30×109/L ᠠᠴᠠ ᠳᠣᠷᠣᠭᠰᠢ ᠪᠣᠯᠵᠦ᠂ 1~2 ᠭᠠᠷᠠᠭ ᠤᠨ ᠳᠣᠲᠤᠷ᠎ᠠ ᠭᠡᠵᠢᠭᠡ ᠦᠰᠦ ᠨᠢ ᠬᠤᠭ ᠦᠭᠡᠢ  ᠤᠨᠠᠭᠠᠳ᠂ ᠤᠯᠠᠭᠠᠨ ᠡᠰ ᠤᠨ ᠲᠤᠭ᠎ᠠ ᠨᠢ 2.5×1012/L ᠠᠴᠠ ᠳᠣᠷᠣᠭᠰᠢ ᠪᠣᠯᠵᠦ᠂ ᠬᠠᠯᠳᠠᠪᠤᠷᠢᠯᠠᠭᠰᠠᠳ ᠤᠨ ᠪᠡᠶ᠎ᠡ ᠨᠢ ᠬᠠᠯᠠᠭᠤᠷᠠᠭᠠᠳ 39℃~ 40℃ ᠬᠦᠷᠳᠡᠭ᠃ ᠬᠦᠨᠳᠤ ᠬᠤᠭᠤᠴᠠᠭᠠᠨ ᠳᠤ ᠴᠢᠰᠤᠨ ᠤ ᠢᠯᠳᠠᠰᠤ ᠶᠢᠨ ᠲᠤᠭ᠎ᠠ ᠨᠢ ᠪᠠᠭᠤᠷᠠᠭᠠᠳ 20×109/L ᠠᠴᠠ ᠳᠣᠷᠣᠭᠰᠢ ᠪᠣᠯᠬᠤ ᠦᠶᠡᠰ ᠲᠤ ᠶᠡᠭᠡ ᠴᠢᠰᠤ ᠭᠠᠷᠤᠨ᠎ᠠ᠃ ᠡᠭᠦᠨ ᠠᠴᠠ ᠭᠠᠳᠠᠨ᠎ᠠ ᠪᠠᠰᠨ ᠪᠦᠭᠡᠯᠵᠢᠬᠦ᠂ ᠬᠤᠭᠤᠯᠠᠨ ᠳᠤ ᠲᠤᠷ᠎ᠠ ᠦᠭᠡᠢ ᠪᠣᠯᠬᠤ᠂ ᠴᠢᠴᠠᠭ᠎ᠠ ᠠᠯᠳᠠᠬᠤ ︵ᠰᠠᠭᠤᠯᠭᠠᠬᠤ︶᠂ ᠭᠡᠳᠡᠰᠤ ᠡᠪᠡᠳᠬᠦ᠂ ᠮᠢᠬ᠎ᠠ ᠰᠢᠭᠤᠷᠠᠬᠤ᠂ ᠤᠰᠤ ᠠᠯᠳᠠᠭᠳᠠᠬᠤ᠂ ᠪᠤᠬᠢᠨᠢᠲᠤᠨ ᠪᠠᠴᠢᠮᠳᠠᠬᠤ᠂ ᠲᠤᠷᠠᠮᠵᠢᠬᠠᠨ ᠪᠣᠯᠬᠤ ᠵᠡᠷᠭᠡ ᠢᠯᠡᠷᠡᠯ ᠭᠠᠷᠳᠠᠭ᠃        ︵4︶ ᠣᠨᠴᠠ ᠬᠦᠨᠳᠤ ᠪᠠᠶᠢᠳᠠᠯ        ᠬᠦᠷᠲᠡᠭᠰᠡᠨ ᠬᠤᠮᠵᠢᠮ ᠨᠢ 600cGy~1000cGy ᠪᠠᠶᠢᠵᠦ᠂ ᠡᠪᠡᠳᠴᠢᠨ ᠤ ᠢᠯᠡᠷᠡᠯ ᠪᠣᠯᠣᠨ ᠶᠠᠪᠤᠴᠠ ᠨᠢ ᠬᠦᠨᠳᠤ ᠪᠠᠶᠢᠳᠠᠯ ᠤᠨ ᠬᠢ ᠲᠠᠢ ᠦᠨᠳᠦᠰᠦᠨ ᠳᠡᠭᠡᠨ ᠠᠳᠠᠯᠢᠪᠲᠤᠷ ᠪᠠᠶᠢᠳᠠᠭ᠃ ᠳᠤᠰᠬᠠᠭᠳᠠᠭᠰᠠᠨ ᠤ ᠳᠠᠷᠠᠭᠠᠬᠢ 1 ᠴᠠᠭ ᠤᠨ ᠳᠣᠲᠤᠷ᠎ᠠ ᠪᠠᠶᠢᠨ ᠪᠠᠶᠢᠨ ᠪᠦᠭᠡᠯᠵᠢᠵᠦ᠂ ᠬᠤᠭᠤᠯᠠᠨ ᠳᠤ ᠳᠤᠷ᠎ᠠ ᠦᠭᠡᠢ ᠪᠣᠯᠤᠨ᠎ᠠ᠃  2~3 ᠡᠳᠦᠷ ᠤᠨ ᠳᠠᠷᠠᠭ᠎ᠠ ᠲᠦᠷ ᠵᠠᠭᠤᠷ᠎ᠠ ᠶᠢᠨ ᠬᠠᠭᠤᠷᠮᠠᠭ ᠢᠯᠡᠷᠡᠶᠢᠰᠢᠬᠦ ᠬᠤᠭᠤᠴᠠᠭ᠎ᠠ ᠭᠠᠷᠬᠤ ᠪᠣᠶᠤ ᠡᠰᠡᠭᠦᠯ᠎ᠡ ᠰᠢᠭᠤᠳ ᠬᠦᠨᠳᠤ ᠬᠤᠭᠤᠴᠠᠭᠠᠨ  ᠳᠤ ᠣᠷᠤᠳᠠᠭ᠃ ᠬᠡᠷᠪᠡ ᠬᠠᠭᠤᠷᠮᠠᠭ ᠢᠯᠡᠷᠡᠶᠢᠰᠢᠬᠦ ᠬᠤᠭᠤᠴᠠᠭ᠎ᠠ ᠭᠠᠷᠪᠠᠯ ᠶᠡᠷᠦᠳᠡᠭᠡᠨ 10 ᠡᠳᠦᠷ ᠠᠴᠠ ᠬᠡᠲᠦᠷᠡᠳᠡᠭ ᠦᠭᠡᠢ᠃ 1 ᠭᠠᠷᠠᠭ ᠤᠨ ᠳᠠᠷᠠᠭ᠎ᠠ ᠴᠠᠭᠠᠨ ᠡᠰ ᠤᠨ ᠲᠤᠭ᠎ᠠ ᠨᠢ ᠪᠠᠭᠤᠷᠠᠭᠠᠳ 1×109/L ᠠᠴᠠ ᠳᠣᠷᠤᠭᠰᠢ ᠪᠣᠯᠵᠦ᠂ 2~3 ᠡᠳᠦᠷ ᠤᠨ ᠳᠣᠲᠤᠷ᠎ᠠ ᠯᠢᠮᠹ ᠤᠨ ᠡᠰ ᠤᠨ ᠲᠤᠭ᠎ᠠ ᠨᠢ ᠪᠠᠭᠤᠷᠠᠭᠠᠳ 0.25×109/L ᠠᠴᠠ ᠳᠣᠷᠤᠭᠰᠢ ᠪᠣᠯᠵᠦ᠂ ᠶᠡᠭᠡ ᠬᠠᠯᠠᠭᠤᠷᠠᠨ ᠬᠦᠨᠳᠤ ᠬᠠᠯᠳᠠᠪᠤᠷᠢᠯᠠᠵᠦ᠂ ᠴᠢᠰᠤ ᠭᠠᠷᠤᠨ ᠴᠢᠴᠠᠭ᠎ᠠ ᠠᠯᠳᠠᠬᠤ ᠪᠠ ᠤᠰᠤ ᠪᠣᠶᠤ ᠴᠢᠰᠤ ᠪᠠᠷ ᠰᠠᠭᠤᠯᠭᠠᠳᠠᠭ᠃ ᠤᠷᠲᠤ ᠬᠤᠭᠤᠴᠠᠭ᠎ᠠ ᠪᠠᠷ ᠠᠮᠢᠳᠤᠷᠠᠭᠰᠠᠨ ᠡᠪᠡᠳᠴᠢᠲᠡᠨ ᠤ ᠵᠢᠱᠢᠶ᠎ᠡ ᠬᠠᠷᠬᠠᠨ ᠪᠠᠶᠢᠭ᠎ᠠ ᠦᠭᠡᠢ᠃        2.  ᠭᠡᠳᠡᠰᠦᠨ ᠤ ᠮᠠᠶ᠋ᠢᠭ ᠤᠨ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ        ᠬᠦᠷᠲᠡᠭᠰᠡᠨ ᠬᠤᠮᠵᠢᠮ ᠨᠢ 1000cGy~5000cGy ᠪᠣᠯᠬᠤ ᠳᠤ ᠢᠯᠡᠷᠡᠬᠦ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠢ ᠭᠡᠳᠡᠰᠦᠨ ᠤ ᠮᠠᠶ᠋ᠢᠭ ᠤᠨ ︵gastro-intestianl type︶ ᠡᠪᠡᠳᠴᠢᠨ ᠭᠡᠳᠡᠭ ᠪᠦᠭᠡᠳ ᠮᠦᠨᠦ ᠪᠣᠯᠳᠠᠯ᠎ᠠ 20 ᠭᠠᠷᠤᠢ ᠡᠪᠡᠳᠴᠢᠲᠡᠨ ᠤ ᠵᠢᠱᠢᠶ᠎ᠡ ᠪᠣᠢ᠃ ᠳᠤᠰᠬᠠᠭᠳᠠᠭᠰᠠᠨ ᠤ ᠳᠠᠷᠠᠭᠠᠬᠢ 20 ᠮᠢᠨᠦ᠋ᠲ ᠠᠴᠠ 4 ᠴᠠᠭ ᠤᠨ ᠳᠣᠲᠤᠷ᠎ᠠ ᠡᠬᠢᠨ ᠤ ᠬᠤᠭᠤᠴᠠᠭ᠎ᠠ ᠶᠢᠨ ᠪᠠᠶᠢᠳᠠᠭ ᠢᠯᠡᠷᠡᠯ ᠤᠳ ᠪᠦᠷ ᠭᠠᠷᠴᠤ᠂  ᠪᠠᠶᠢᠨ ᠪᠠᠶᠢᠨ ᠪᠦᠭᠡᠯᠵᠢᠬᠦ ᠪᠠ ᠰᠠᠭᠤᠯᠭᠠᠵᠦ᠂ ᠪᠦᠬᠦ ᠪᠡᠶ᠎ᠡ ᠨᠢ ᠮᠠᠭᠤᠵᠢᠷᠠᠳᠠᠭ᠃ ᠪᠠᠰᠨ ᠶᠡᠷᠦᠳᠡᠭᠡᠨ ᠭᠡᠳᠡᠰᠤ ᠤᠭᠯᠠᠷᠠᠬᠤ ᠪᠣᠶᠤ ᠪᠦᠭᠯᠡᠷᠡᠬᠦ ᠶᠠᠪᠤᠳᠠᠯ ᠭᠠᠷᠤᠨ᠎ᠠ᠃  3~5 ᠡᠳᠦᠷ ᠤᠨ ᠳᠠᠷᠠᠭ᠎ᠠ ᠪᠠᠭ᠋ᠠᠨ ᠬᠦᠡᠭᠭᠡᠷᠡᠬᠦ ᠪᠣᠶᠤ ᠡᠰᠡᠭᠦᠯ᠎ᠡ ᠰᠢᠭᠤᠳ  ᠬᠦᠨᠳᠤ ᠬᠤᠭᠤᠴᠠᠭᠠᠨ ᠳᠤ ᠣᠷᠤᠳᠠᠭ᠃ 5~8 ᠡᠳᠦᠷ ᠳᠡᠭᠡᠷ᠎ᠡ ᠪᠠᠨ ᠡᠳᠦᠷ ᠪᠦᠷᠢ 20 ~30 ᠤᠳᠠᠭ᠎ᠠ ᠴᠢᠴᠠᠭ᠎ᠠ ᠠᠯᠳᠠᠬᠤ ᠬᠦᠨᠳᠤ ᠨᠣᠴᠢᠲᠠᠢ ᠪᠠᠶᠢᠳᠠᠯ ᠭᠠᠷᠴᠤ᠂ ᠶᠡᠷᠦᠳᠡᠭᠡᠨ 20 ᠡᠳᠦᠷ ᠲᠤ ᠦᠬᠦᠳᠡᠭ᠃ ᠴᠢᠮᠦᠭᠡ ᠶᠢ ᠰᠣᠯᠢᠪᠠᠯ 2 ~ 3 ᠰᠠᠷ᠎ᠠ ᠠᠮᠢᠳᠤᠷᠠᠵᠦ ᠪᠣᠯᠤᠨ᠎ᠠ᠃          3.  ᠲᠠᠷᠢᠬᠢᠨ ᠤ ᠮᠠᠶ᠋ᠢᠭ ᠤᠨ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ        ᠬᠦᠷᠲᠡᠭᠰᠡᠨ ᠬᠤᠮᠵᠢᠮ ᠨᠢ 5000cGy ᠳᠡᠭᠡᠭᠰᠢ ᠪᠣᠯᠬᠤ ᠦᠶᠡᠰ ᠲᠤ ᠢᠯᠡᠷᠡᠬᠦ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠢ ᠲᠠᠷᠢᠬᠢᠨ ᠤ ᠮᠠᠶ᠋ᠢᠭ ᠤᠨ ᠡᠪᠡᠳᠴᠢᠨ ︵central nervous system type︶ ᠭᠡᠳᠡᠭ᠃ ᠡᠨᠡ ᠪᠣᠯ ᠭᠤᠣᠯ ᠮᠡᠳᠡᠷᠡᠯ ᠤᠨ ᠰᠢᠰᠲ᠋ᠧᠮ ᠤᠨ ᠨᠢᠭᠡᠨ ᠵᠦᠢᠯ ᠤᠨ ᠰᠠᠴᠤᠷᠠᠭ ᠤᠨ ᠡᠪᠡᠳᠴᠢᠨ ᠡᠮᠬᠡᠭ ᠪᠣᠯᠣᠨ᠎ᠠ᠃ ᠣᠳᠣ ᠪᠣᠯᠲᠠᠯ᠎ᠠ 6 ᠡᠪᠡᠳᠴᠢᠲᠡᠨ ᠤ ᠵᠢᠱᠢᠶ᠎ᠡ ᠪᠠᠶᠢᠳᠠᠭ ᠪᠦᠭᠡᠳ ᠡᠭᠦᠨ ᠤ ᠳᠣᠲᠤᠷᠠᠬᠢ 2 ᠬᠦᠮᠦᠨ ᠨᠢ ᠣᠯᠵᠦ ᠠᠪᠬᠤ ᠦᠶᠡᠰ ᠲᠤ ᠨᠢᠭᠡᠨᠲᠡ ᠦᠬᠦᠭᠡᠳ᠂ 1 ᠨᠢ ᠡᠮᠨᠡᠯᠭᠡ ᠳᠤ ᠬᠦᠷᠭᠡᠬᠦ ᠵᠠᠮ ᠵᠠᠭᠤᠷ᠎ᠠ ᠪᠠᠨ ᠦᠬᠦᠭᠰᠡᠨ ᠪᠠᠶᠢᠨ᠎ᠠ᠃ 1 ᠡᠪᠡᠳᠴᠢᠲᠡᠨ ᠨᠢ ᠪᠠᠰᠨ ᠨᠠᠷᠢᠨ ᠳᠣᠲᠤᠷᠬᠠᠢ ᠮᠠᠲ᠋ᠧᠷᠢᠶᠠᠯ ᠭᠡᠵᠦ ᠦᠭᠡᠢ᠂ ᠵᠦᠪᠬᠡᠨ 2 ᠬᠦᠮᠦᠨ ᠨᠢ ᠯᠨ ᠰᠠᠶ᠋ᠢ ᠪᠦᠷᠢᠨ ᠪᠦᠲᠦᠨ ᠠᠵᠢᠨ ᠪᠠᠶᠢᠴᠠᠭᠠᠭᠰᠠᠨ ᠮᠠᠲ᠋ᠧᠷᠢᠶᠠᠯ ᠲᠠᠢ ᠪᠠᠶᠢᠳᠠᠭ᠃        ᠡᠳᠡ ᠬᠤᠶᠡᠷ ᠤᠨ ᠨᠢᠭᠡ ᠨᠢ 8800cGy ᠶᠢᠨ ᠰᠠᠴᠤᠷᠠᠭ ᠬᠦᠷᠲᠡᠭᠡᠳ᠂ ᠲᠤᠰᠬᠠᠭᠳᠠᠭᠰᠠᠨ ᠤ ᠰᠡᠭᠦᠯᠡᠷ 10 ᠮᠢᠨᠦ᠋ᠲ ᠲᠤ ᠭᠡᠳᠡᠰᠦ ᠨᠢ ᠡᠪᠡᠳᠦᠨ᠂ ᠳᠣᠲᠤᠷ᠎ᠠ ᠭᠤᠪᠢᠨ ᠪᠣᠯᠭᠢᠯᠠᠵᠦ ᠦᠯᠢᠶᠡᠨ ᠪᠦᠭᠡᠯᠵᠢᠵᠦ᠂ ᠳᠡᠮᠡᠢ ᠤᠳᠠᠭᠰᠠᠨ ᠦᠭᠡᠢ ᠪᠠᠷ ᠭᠤᠰ ᠭᠤᠰ ᠬᠢᠲᠡᠯ᠎ᠡ ᠤᠰᠤ ᠪᠠᠷ ᠰᠠᠭᠤᠯᠭᠠᠳᠠᠭ᠃ ᠪᠡᠶ᠎ᠡ ᠨᠢ ᠬᠠᠯᠠᠭᠤᠷᠠᠭᠠᠳ ᠦᠳᠲᠡᠷ ᠲᠦᠷᠭᠡᠨ ᠢᠶᠠᠷ 38℃~ 39.4℃ ᠪᠣᠯᠵᠦ᠂ ᠴᠡᠴᠡᠷᠡᠵᠦ ᠳᠠᠭᠵᠢᠲᠠᠯ᠎ᠠ ᠲᠠᠭᠠᠷᠠᠳᠠᠰᠤ ᠬᠦᠷᠦᠨ᠂ ᠪᠠᠰᠨ ᠬᠦᠯᠦᠰᠦ ᠶᠡᠭᠡ ᠪᠠᠳᠬᠠᠷᠠᠬᠤ ᠵᠡᠷᠭᠡ ᠢᠯᠡᠷᠡᠯ ᠭᠠᠷᠴᠠᠢ᠃ ᠦᠬᠦᠬᠦ ᠠᠴᠠ ᠪᠠᠨ ᠡᠮᠦᠨ᠎ᠡ ᠠᠶᠢᠳᠠᠰ ᠬᠦᠷᠦᠨ ᠠᠶᠤᠵᠦ ᠡᠮᠢᠶᠡᠬᠦ᠂  ᠪᠣᠬᠢᠨᠢᠳᠤᠨ ᠪᠠᠴᠢᠮᠳᠠᠵᠦ ᠠᠮᠤᠷ ᠲᠣᠭᠲᠠᠪᠤᠷᠢ ᠦᠭᠡᠢ ᠪᠣᠯᠵᠦ᠂ ᠵᠢᠷᠦᠬᠡᠨ ᠲᠦᠭᠰᠢᠯᠲᠡ ᠨᠢ ᠲᠦᠷᠭᠡᠰᠦᠨ ᠵᠦᠭ ᠴᠢᠭᠯᠡᠯ ᠪᠠ ᠠᠩᠬᠠᠷᠤᠯ ᠲᠦᠪᠯᠡᠷᠡᠯ ᠤᠨ ᠴᠢᠳᠠᠪᠤᠷᠢ ᠪᠠᠨ ᠠᠯᠳᠠᠭᠠᠳ 49 ᠴᠠᠭ ᠳᠡᠭᠡᠷ᠎ᠡ ᠪᠠᠨ ᠦᠬᠦᠭᠰᠡᠨ ᠪᠠᠶᠢᠯ᠎ᠠ᠃ ᠬᠡᠭᠦᠷ ᠢ ᠨᠢ ᠪᠠᠶᠢᠴᠠᠭᠠᠭᠰᠠᠨ ᠳᠤ ᠪᠦᠬᠦ ᠪᠡᠶ᠎ᠡ ᠨᠢ ᠤᠰᠤ ᠬᠠᠪᠤᠩᠨᠠᠵᠦ᠂ ᠰᠤᠳᠠᠯ ᠳᠤᠨᠢ ᠴᠢᠰᠤ ᠨᠡᠶᠢᠳᠡᠮ  ᠬᠤᠷᠠᠭᠰᠠᠨ ᠪᠠᠶᠢᠨ᠎ᠠ᠃ ᠵᠢᠷᠦᠬᠡᠨ ᠪᠣᠯᠴᠢᠩ ᠪᠣᠯᠣᠨ ᠦᠡᠭᠬᠦᠯᠴᠡᠭ ᠤᠨ ᠦᠷᠪᠢᠰᠦᠯ ᠭᠠᠷᠴᠤ᠂ ᠬᠠᠷᠢᠨ ᠲᠠᠷᠢᠬᠢᠨ ᠳᠤᠨᠢ ᠳᠡᠮᠡᠢ ᠶᠡᠭᠡ ᠡᠪᠡᠳᠴᠢᠨ ᠤ ᠬᠤᠪᠢᠷᠠᠯᠲᠠ ᠦᠭᠡᠢ ᠪᠠᠶᠢᠪᠠ᠃        ᠨᠦᠭᠦᠭᠡ ᠨᠢᠭᠡ ᠡᠪᠡᠳᠴᠢᠲᠡᠨ ᠨᠢ ᠬᠠᠷᠢᠨ12000cGy ᠶᠢᠨ ᠰᠠᠴᠤᠷᠠᠭ ᠳᠤᠰᠬᠠᠭᠳᠠᠵᠦ᠂ ᠬᠡᠳᠦᠨ ᠮᠢᠨᠦ᠋ᠲ ᠤᠨ ᠳᠠᠷᠠᠭ᠎ᠠ ᠬᠦᠮᠦᠨ ᠲᠡᠭᠦᠨ ᠢ ᠣᠯᠵᠦ ᠦᠵᠡᠬᠦ ᠦᠶ᠎ᠡ ᠳᠤ ᠨᠢᠭᠡᠨᠲᠡ ᠬᠦᠳᠡᠯᠭᠡᠭᠡᠨ ᠨᠢ ᠵᠣᠬᠢᠴᠠᠯ ᠢᠶᠠᠨ ᠠᠯᠳᠠᠭᠰᠠᠨ ᠪᠠ ᠵᠦᠭ ᠴᠢᠭᠯᠡᠯ ᠤᠨ ᠲᠤᠳᠬᠠᠷ ᠲᠠᠢ ᠪᠣᠯᠤᠭᠰᠠᠨ ᠪᠠᠶᠢᠵᠠᠢ᠃ 11 ᠮᠢᠨᠦ᠋ᠲ ᠲᠤ ᠠᠷᠠᠰᠤ ᠬᠦᠷᠦᠰᠦᠨ ᠳᠤᠨᠢ ᠤᠯᠠᠭᠠᠨ ᠲᠣᠯᠪᠤ ᠭᠠᠷᠤᠭᠰᠠᠨ ᠪᠠ ᠴᠢᠰᠤ ᠬᠤᠷᠠᠭᠰᠠᠨ ᠪᠠᠶᠢᠪᠠ᠃ 18 ᠮᠢᠨᠦ᠋ᠲ ᠲᠤ ᠡᠮᠨᠡᠯᠭᠡ ᠳᠤ ᠬᠦᠷᠬᠦ ᠦᠶᠡᠰ ᠲᠤ ᠨᠢᠭᠡᠨᠲᠡ ᠪᠦᠦᠷ ᠲᠦᠦᠷ ᠪᠣᠯᠤᠭᠠᠳ᠂ 20~30 ᠮᠢᠨᠦ᠋ᠲ ᠳᠡᠭᠡᠷ᠎ᠡ ᠪᠠᠨ ᠣᠪᠤᠷ ᠪᠠᠶᠢᠳᠠᠯ ᠢᠶᠠᠨ ᠠᠯᠳᠠᠭᠠᠳ᠂ ᠳᠦᠷᠪᠡᠨ ᠮᠦᠴᠢ ᠨᠢ ᠲᠠᠰᠤᠷᠠᠯᠲᠠ ᠦᠭᠡᠢ ᠲᠠᠲᠠᠪᠠᠯᠵᠠᠵᠦ ᠵᠠᠯᠭᠠᠭᠠᠳ ᠪᠦᠬᠦ ᠪᠡᠶ᠎ᠡ ᠨᠢ ᠲᠠᠲᠤᠯᠳᠤᠵᠦ᠂ ᠳᠡᠮᠡᠢ ᠤᠳᠠᠭᠰᠠᠨ ᠦᠭᠡᠢ ᠪᠠᠷ ᠮᠠᠨᠠᠷᠠᠪᠠ᠃ ᠪᠦᠬᠦ ᠪᠡᠶᠡᠨ ᠳᠤᠨᠢ ᠠᠷᠪᠢᠨ ᠤᠯᠠᠭᠠᠨ ᠲᠣᠯᠪᠤ ᠭᠠᠷᠴᠤ᠂ ᠴᠢᠰᠤᠨ ᠳᠠᠷᠤᠯᠲᠠ ᠨᠢ 80 ᠪᠠ 40 ᠪᠣᠯᠵᠦ᠂ ᠪᠡᠶ᠎ᠡ ᠶᠢᠨ ᠬᠠᠯᠠᠭᠤᠨ ᠨᠢ 39.4℃ ᠬᠦᠷᠦᠭᠡᠳ᠂ 14 ᠴᠠᠭ ᠳᠡᠭᠡᠷ᠎ᠡ ᠪᠠᠨ ᠰᠠᠶ᠋ᠢ ᠨᠢᠭᠡ ᠰᠢᠭᠡᠭᠡᠵᠠᠢ᠃ 30 ᠴᠠᠭ ᠳᠡᠭᠡᠷ᠎ᠡ ᠪᠠᠨ ᠭᠡᠨᠡᠳᠲᠠ ᠪᠦᠭᠡᠯᠵᠢᠰᠦ ᠬᠦᠷᠦᠨ ᠬᠦᠯᠦᠰᠤ ᠪᠠᠳᠬᠠᠷᠠᠬᠠᠤ ᠵᠡᠷᠭᠡ ᠢᠯᠡᠷᠡᠯ ᠭᠠᠷᠪᠠ᠃ ᠳᠡᠮᠡᠢ ᠤᠳᠠᠭᠰᠠᠨ ᠦᠭᠡᠢ ᠳᠠᠬᠢᠨ ᠮᠡᠳᠡᠭᠡ ᠰᠡᠭᠡᠭᠡ ᠦᠭᠡᠢ ᠪᠣᠯᠤᠭᠠᠳ 34.7 ᠴᠠᠭ ᠳᠡᠭᠡᠷ᠎ᠡ ᠪᠠᠨ ᠦᠬᠦᠪᠡ᠃        ᠬᠡᠳᠦᠨ ᠮᠢᠨᠦ᠋ᠲ ᠤᠨ ᠳᠣᠲᠤᠷ᠎ᠠ ᠠᠳᠠᠯᠢ ᠪᠤᠰᠤ ᠬᠤᠮᠵᠢᠮ ᠤᠨ ᠳᠣᠣᠷ᠎ᠠ LET ᠰᠠᠴᠤᠷᠠᠯ ᠳᠤ ᠳᠤᠰᠬᠠᠭᠳᠠᠭᠰᠠᠨ ᠤ ᠰᠡᠭᠦᠯᠡᠷᠬᠢ ᠠᠳᠠᠯᠢ ᠪᠤᠰᠤ ᠦᠬᠦᠬᠦ ᠴᠠᠭ ᠬᠤᠭᠤᠴᠠᠭ᠎ᠠ ᠶᠢᠨ ᠬᠦᠰᠦᠨᠦᠭ 4—3        ᠬᠦᠰᠦᠨᠦᠭ 4—3 ᠳᠣᠣᠷ᠎ᠠ LET ᠳᠤ ᠪᠦᠬᠦ ᠪᠡᠶ᠎ᠡ ᠵᠢᠭᠳᠡ ᠤᠭᠵᠤᠮ ᠲᠤᠰᠬᠠᠭᠳᠠᠭᠠᠳ ᠡᠲᠦᠭᠳᠡᠬᠦ ᠬᠠᠮ ᠢᠯᠡᠷᠡᠯ ᠪᠣᠯᠣᠨ ᠦᠬᠦᠭᠦᠯᠬᠦ ᠰᠠᠴᠤᠷᠠᠯ ᠤᠨ ᠬᠤᠮᠵᠢᠮ ᠤᠨ ᠬᠡᠪᠴᠢᠶ᠎ᠡ ᠪᠦᠬᠦ ᠪᠡᠶ᠎ᠡ ᠶᠢᠨ ᠰᠢᠮᠡᠳᠦᠭᠰᠡᠨ ᠬᠤᠮᠵᠢᠮ ︵Gy︶  ᠦᠬᠦᠭᠦᠯᠬᠦ ᠭᠤᠣᠯ ᠦᠢᠰᠭᠡᠯ  ᠳᠤᠰᠬᠠᠭᠳᠠᠭᠰᠠᠨ ᠤ ᠳᠠᠷᠠᠭᠠᠬᠢ ᠦᠬᠦᠬᠦ ᠴᠠᠭ ᠬᠤᠭᠤᠴᠠᠭ᠎ᠠ ︵d︶  >1 25% ᠶᠢᠨ ᠲᠤᠰᠬᠠᠭᠳᠠᠭᠰᠠᠳ ᠡᠪᠡᠳᠴᠢᠨ ᠤ ᠪᠠᠶᠢᠳᠠᠯ ᠢᠯᠡᠷᠡᠨ᠎ᠡ  — 3~5 ᠴᠢᠮᠦᠭᠡ ᠭᠡᠮᠲᠦᠨ᠎ᠡ  30~60  5~15 ᠬᠤᠳᠤᠭᠤᠳᠤ ᠭᠡᠳᠡᠰᠤ ᠪᠠ ᠠᠭᠤᠰᠬᠢ ᠭᠡᠮᠲᠦᠨ᠎ᠡ  10~20 >15 ᠮᠡᠳᠡᠷᠡᠯ ᠤᠨ ᠰᠢᠰᠲ᠋ᠧᠮ ᠪᠣᠯᠣᠨ ᠵᠢᠷᠦᠬᠡ ᠰᠤᠳᠠᠯ ᠤᠨ ᠰᠢᠰᠲ᠋ᠧᠮ ᠭᠡᠮᠲᠦᠨ᠎ᠡ  1~5        ᠲᠠᠪᠤᠳᠤᠭᠠᠷ ᠬᠡᠰᠡᠭ   ᠨᠡᠬᠡᠳᠡᠰᠤ ᠶᠢᠨ ᠳᠤᠰᠬᠠᠯ        ᠦᠡᠭᠭᠡᠷᠡᠭᠰᠡᠨ ᠳᠤ ᠮᠠᠭᠠᠳ ᠪᠦᠬᠦᠢ ᠦᠢᠰᠭᠡᠯ ᠭᠡᠵᠦ ᠨᠡᠷᠡᠶᠢᠳᠴᠤ ᠪᠠᠶᠢᠭᠰᠠᠨ ᠤ ᠵᠢᠷᠦᠬᠡ ᠲᠠᠷᠢᠬᠢᠨ ᠰᠤᠳᠠᠯ ᠤᠨ ᠡᠪᠡᠳᠴᠢᠨ ᠡᠮᠬᠡᠭ᠂ ᠰᠠᠮᠰᠢᠭᠤ ᠪᠣᠯᠣᠨ ᠠᠮᠢᠰᠬᠤᠯ ᠤᠨ ᠡᠪᠡᠳᠴᠢᠨ ᠡᠮᠬᠡᠭ ᠵᠡᠷᠭᠡ ᠨᠢ ᠴᠤᠯᠢᠩ ᠬᠡᠮᠵᠢᠭᠳᠡᠬᠦᠨ ᠪᠠᠶᠢᠬᠤ ᠡᠰᠡᠬᠦ ᠶᠢ ᠬᠠᠷᠬᠠᠨ ᠲᠣᠭᠲᠠᠭᠠᠳᠤᠢ᠃ ᠬᠡᠪᠲᠡᠰᠢᠨ ᠳᠠᠬᠢ ᠬᠡᠤᠬᠡᠳ ᠤᠨ 100mGy  ᠠᠴᠠ ᠳᠣᠷᠤᠭᠰᠢᠬᠢ ᠲᠤᠰᠬᠠᠯᠲᠠ ᠨᠢ ᠶᠠᠮᠠᠷ ᠴᠤ ᠨᠢᠭᠡᠨ ᠰᠠᠴᠤᠷᠠᠯ ᠤᠨ ᠦᠢᠰᠭᠡᠯ ᠢ ᠡᠭᠦᠰᠭᠡᠬᠦ ᠦᠭᠡᠢ ᠪᠦᠭᠡᠳ ᠲᠡᠭᠦᠨ ᠤ ᠳᠣᠲᠤᠷᠠᠬᠢ ᠵᠠᠷᠢᠮ ᠦᠢᠰᠭᠡᠯ ᠨᠢ ᠵᠦᠪᠬᠡᠨ ᠳᠤᠰᠬᠠᠭᠳᠠᠬᠤ ᠦᠶᠡᠰ ᠲᠤ ᠯᠨ ᠳᠣᠭᠲᠠᠭᠠᠭᠳᠠᠬᠤ ᠶᠠᠪᠤᠳᠠᠯ ᠪᠢᠰᠢ᠂ ᠬᠠᠷᠢᠨ ᠳᠤᠰᠬᠠᠭᠳᠠᠭᠰᠠᠨ ᠤ ᠰᠡᠭᠦᠯᠡᠷ ᠪᠠᠰᠨ ᠬᠤᠪᠢᠷᠠᠯᠲᠠ ᠭᠠᠷᠳᠠᠭ᠃ ᠡᠶᠢᠮᠦ ᠠᠴᠠ ᠳᠡᠯᠡᠬᠡᠢ  ᠶᠢᠨ ᠰᠠᠴᠤᠷᠠᠭ ᠠᠴᠠ ᠰᠡᠷᠭᠡᠶᠢᠯᠡᠨ ᠬᠠᠮᠠᠭᠠᠯᠠᠬᠤ ᠵᠦᠪᠯᠡᠯ ︵ICRP︶ ᠠᠴᠠ ᠡᠳᠡᠭᠡᠷ ᠴᠣᠯᠬᠤᠡᠭ ᠪᠤᠰᠤ ᠰᠠᠴᠤᠷᠠᠯ ᠤᠨ ᠦᠢᠰᠭᠡᠯ ᠤᠳ ᠢ ᠣᠳᠣ ᠨᠡᠬᠡᠳᠡᠰᠤ ᠶᠢᠨ ᠲᠤᠰᠬᠠᠯ ︵Tissue Reaction︶ ᠭᠡᠵᠦ ᠨᠡᠷᠡᠯᠡᠬᠦ ᠪᠣᠯᠤᠭᠰᠠᠨ ᠪᠠᠶᠢᠨ᠎ᠠ᠃        ICRP ᠠᠴᠠ ᠣᠶᠢᠷ᠎ᠠ ᠶᠢᠨ ᠰᠠᠨᠠᠭᠤᠯᠭ᠎ᠠ ᠶᠢᠨ ᠲᠦᠰᠦᠯ ᠳᠡᠭᠡᠨ ᠰᠢᠩᠭᠡᠭᠡᠬᠦ ᠬᠤᠮᠵᠢᠮ ᠨᠢ 0.1Gy ᠠᠴᠠ ᠬᠡᠲᠦᠷᠡᠬᠦ ᠦᠭᠡᠢ ᠪᠣᠯ ᠨᠡᠬᠡᠳᠡᠰᠤ ᠶᠢᠨ ᠲᠤᠰᠬᠠᠯ ᠮᠡᠲᠤ ᠶᠢᠨ ᠮᠠᠭᠠᠳ ᠪᠦᠬᠦᠢ ᠦᠢᠰᠭᠡᠯ ᠢᠯᠡᠷᠡᠬᠦ ᠦᠭᠡᠢ  ᠭᠡᠪᠡ᠃ ᠨᠡᠬᠡᠳᠡᠰᠤ ᠶᠢᠨ ᠲᠤᠰᠬᠠᠯ ᠤᠨ ᠤᠬᠠᠭᠳᠠᠬᠤᠨ ᠨᠢ ᠭᠠᠭᠴᠠᠬᠠᠨ ᠤᠳᠠᠭᠠᠨ ᠤ ᠴᠣᠴᠢᠮᠠᠭ ᠳᠤᠰᠬᠠᠯᠲᠠ ᠳᠤ ᠬᠡᠷᠡᠭᠯᠡᠵᠦ ᠪᠣᠯᠬᠤ ᠮᠦᠷᠲᠡᠭᠡᠨ ᠤᠷᠲᠤ ᠬᠤᠭᠤᠴᠠᠭᠠᠨ᠎ᠠ ᠪᠠᠭ᠎ᠠ ᠬᠤᠮᠵᠢᠮ ᠢᠶᠠᠷ ᠳᠠᠬᠢᠨ ᠳᠠᠪᠲᠠᠨ ᠳᠤᠰᠬᠠᠭᠳᠠᠬᠤ ᠳᠤ ᠴᠤ ᠬᠡᠷᠡᠭᠯᠡᠵᠦ ᠪᠣᠯᠳᠠᠭ᠃ ᠡᠶᠢᠮᠦ ᠠᠴᠠ ᠨᠡᠬᠡᠳᠡᠰᠤ ᠶᠢᠨ ᠲᠤᠰᠬᠠᠯ ᠨᠢ ᠮᠠᠭᠠᠳ ᠪᠦᠬᠦᠢ ᠦᠢᠰᠭᠡᠯ ᠢ ᠣᠷᠤᠯᠠᠬᠤ ᠪᠣᠯᠤᠯᠴᠠᠭ᠎ᠠ ᠲᠠᠢ᠃        ᠬᠡᠪᠲᠡᠰᠢᠨ ᠳᠠᠬᠢ ᠬᠡᠤᠬᠡᠳ ᠤᠨ ᠰᠠᠴᠤᠷᠠᠭ ᠤᠨ ᠦᠢᠰᠭᠡᠯ ᠳᠤ ᠴᠢᠰᠤ ᠴᠠᠶᠢᠬᠤ ᠡᠪᠡᠳᠴᠢᠨ ᠢ ᠪᠠᠭᠲᠠᠭᠠᠰᠠᠨ ᠬᠤᠣᠷᠲᠤ ᠡᠪᠡᠳᠴᠢᠨ ᠡᠮᠬᠡᠭ ᠪᠣᠯᠣᠨ ᠤᠳᠤᠮᠰᠢᠯ ᠤᠨ ᠦᠢᠰᠭᠡᠯ ᠠᠴᠠ ᠭᠠᠳᠠᠨ᠎ᠠ ᠪᠠᠰᠨ ᠨᠢᠭᠡ ᠪᠦᠯᠦᠭ ᠨᠡᠬᠡᠳᠡᠰᠤ ᠶᠢᠨ ᠳᠤᠰᠬᠠᠯ ᠤᠳ ᠴᠤ ᠪᠠᠭᠲᠠᠳᠠᠭ᠃        ᠨᠢᠭᠡ᠂ ᠬᠦᠪᠦᠷᠡᠯ ᠪᠠ ᠬᠡᠪᠲᠡᠰᠢᠨ ᠳᠠᠬᠢ ᠬᠡᠤᠬᠡᠳ ᠤᠨ ᠦᠬᠦᠬᠦ        ᠬᠡᠷᠪᠡ ᠬᠦᠪᠦᠷᠡᠯ ᠨᠢ ᠬᠡᠪᠲᠡᠰᠢᠨ ᠳᠤ ᠣᠷᠣᠨᠰᠢᠬᠤ ᠠᠴᠠ ᠡᠮᠦᠨ᠎ᠡ ᠪᠣᠶᠤ ᠡᠰᠡᠭᠦᠯ᠎ᠡ ᠲᠡᠭᠦᠨ ᠢ ᠣᠷᠣᠨᠰᠢᠭᠰᠠᠨ ᠤ ᠳᠠᠷᠠᠭᠠᠬᠢ ᠲᠡᠷᠡᠬᠦ ᠭᠱᠠᠨ ᠳᠤ ᠨᠡᠯᠢᠶᠡᠳ ᠪᠠᠭ᠎ᠠ ᠬᠤᠮᠵᠢᠮ ᠵᠢᠱᠢᠶᠡᠯᠡᠪᠡᠯ 0.1Gy ᠶᠢᠨ ᠰᠠᠴᠤᠷᠠᠭ ᠲᠤ ᠳᠤᠰᠬᠠᠭᠳᠠᠪᠠᠯ ᠦᠬᠦᠨ᠎ᠡ᠃ ᠪᠣᠶᠢᠵᠢᠵᠦ ᠪᠠᠶᠢᠭ᠎ᠠ ᠡᠯ᠎ᠡ ᠱᠠᠲᠤ ᠦᠶ᠎ᠡ ᠳᠤ ᠶᠡᠭᠡ ᠬᠤᠮᠵᠢᠮ ᠳᠤ ᠳᠤᠰᠬᠠᠭᠳᠠᠪᠠᠯ᠂ ᠬᠡᠪᠲᠡᠰᠢᠨ ᠳᠠᠬᠢ ᠬᠡᠤᠬᠡᠳ ᠪᠠᠰᠨ ᠦᠬᠦᠨ᠎ᠡ᠃         ᠬᠤᠶᠡᠷ᠂  ᠬᠡᠪᠲᠡᠰᠢᠨ ᠳᠠᠬᠢ ᠬᠡᠤᠬᠡᠳ ᠢ ᠲᠦᠷᠦᠯᠬᠢ ᠵᠡᠷᠡᠮᠳᠡᠭ ᠪᠣᠯᠭᠠᠬᠤ        ᠲᠦᠷᠦᠯᠬᠢ ᠵᠡᠷᠡᠮᠳᠡᠭ ᠪᠣᠯ ᠰᠠᠴᠤᠷᠠᠯ ᠨᠢ ᠬᠦᠪᠦᠷᠡᠯ ᠳᠠᠬᠢ ᠬᠡᠤᠬᠡᠳ ᠲᠤ ᠦᠢᠯᠡᠴᠢᠯᠡᠭᠰᠡᠨ ᠠᠴᠠ ᠡᠲᠦᠭᠳᠡᠳᠡᠭ᠃ ᠬᠡᠪᠲᠡᠰᠢᠨ ᠳᠠᠬᠢ ᠬᠡᠤᠬᠡᠳ ᠤᠨ ᠡᠷᠬᠡᠲᠡᠨ ᠪᠦᠷᠢᠯᠳᠦᠬᠦ ᠬᠤᠭᠤᠴᠠᠭᠠᠨ ᠳᠤ ᠢᠯᠠᠩᠭᠤᠶ᠎ᠠ ᠡᠷᠬᠡᠲᠡᠨ ᠤ ᠪᠦᠲᠦᠴᠠ ᠶᠢᠨ ᠡᠰ ᠤᠨ ᠨᠡᠮᠡᠭᠳᠡᠨ ᠦᠷᠡᠵᠢᠬᠦ ᠪᠣᠯᠣᠨ ᠢᠯᠭᠠᠷᠠᠬᠤ ᠬᠠᠮᠤᠭ ᠤᠨ ᠢᠳᠡᠪᠬᠢᠲᠠᠢ ᠬᠤᠭᠤᠴᠠᠭᠠᠨ  ᠳᠤ ᠰᠠᠴᠤᠷᠠᠭ ᠲᠤ ᠳᠤᠰᠬᠠᠭᠳᠠᠪᠠᠯ ᠲᠦᠷᠦᠯᠬᠢ ᠵᠡᠷᠡᠮᠳᠡᠭ ᠪᠣᠯᠳᠠᠭ ᠪᠠᠶᠢᠨ᠎ᠠ᠃ ᠪᠣᠶᠢᠵᠢᠯᠲᠠ ᠶᠢᠨ ᠡᠯ᠎ᠡ ᠱᠠᠲᠤ ᠦᠶ᠎ᠡ ᠢᠯᠡᠩᠭᠤᠶ᠎ᠠ ᠵᠢᠷᠮᠦᠰᠦᠯᠡᠭᠰᠡᠨ ᠤ ᠰᠡᠭᠦᠯᠴᠢ ᠶᠢᠨ ᠬᠤᠭᠤᠴᠠᠭᠠᠨ ᠳᠤ ᠰᠠᠴᠤᠷᠠᠭ ᠲᠤ ᠳᠤᠰᠬᠠᠭᠳᠠᠪᠠᠯ᠂ ᠬᠡᠳᠦᠶᠢᠪᠡᠷ ᠵᠡᠷᠮᠡᠳᠡᠭ ᠪᠣᠯᠬᠤ ᠦᠭᠡᠢ ᠪᠣᠯᠪᠠᠴᠤ ᠪᠠᠰᠨ ᠪᠣᠶᠢᠵᠢᠯᠲᠠ ᠳᠤ ᠬᠠᠷᠰᠢ ᠰᠠᠭᠠᠳ ᠭᠠᠷᠳᠠᠭ᠃ ᠡᠳᠡᠭᠡᠷ ᠬᠤᠪᠢᠷᠠᠯᠲᠠ ᠨᠢ ᠭᠤᠣᠯᠳᠠᠭᠤ ᠡᠰ ᠤᠨ ᠠᠯᠠᠭᠳᠠᠭᠰᠠᠨ ᠠᠴᠠ ᠪᠣᠯᠤᠭᠰᠠᠨ ᠮᠠᠶ᠋ᠢᠭᠲᠠᠢ ᠪᠠᠶᠢᠳᠠᠭ᠃        ᠭᠤᠷᠪᠠ᠂ ᠪᠢᠳᠠᠭᠤ ᠪᠣᠯᠬᠤ        ᠬᠡᠪᠲᠡᠰᠢᠨ ᠳᠠᠬᠢ ᠬᠡᠤᠬᠡᠳ ᠰᠠᠴᠤᠷᠠᠭ ᠲᠤ ᠳᠤᠰᠬᠠᠭᠳᠠᠪᠠᠯ᠂ ᠶᠡᠭᠡ ᠲᠠᠷᠢᠬᠢᠨ ᠤ ᠪᠦᠲᠦᠴᠡ ᠨᠢ ᠪᠠᠰᠨ ᠬᠤᠪᠢᠷᠠᠯᠲᠠ ᠭᠠᠷᠳᠠᠭ᠃ ᠢᠯᠠᠩᠭᠤᠶ᠎ᠠ ᠶᠡᠭᠡ ᠲᠠᠷᠢᠬᠢᠨ ᠤ ᠬᠦᠷᠦᠰᠦᠨ ᠳᠠᠪᠬᠤᠷᠭ᠎ᠠ ᠶᠠᠭ ᠰᠠᠶ᠋ᠢᠬᠠᠨ ᠪᠦᠷᠢᠯᠳᠦᠵᠦ ᠪᠠᠶᠢᠭ᠎ᠠ ᠬᠤᠭᠤᠴᠠᠭ᠎ᠠ ᠳᠠᠷᠤᠢ ᠵᠢᠷᠮᠦᠰᠦᠯᠡᠭᠰᠡᠨ ᠤ ᠳᠠᠷᠠᠭᠠᠬᠢ 8 ~15 ᠭᠠᠷᠠᠭ ᠤᠨ ᠬᠤᠭᠤᠴᠠᠭᠠᠨ ᠳᠤ ᠰᠠᠴᠤᠷᠠᠭ ᠲᠤ ᠳᠤᠰᠬᠠᠭᠳᠠᠬᠤ ᠨᠢ ᠬᠠᠮᠤᠭ ᠠᠴᠠ ᠠᠶᠤᠯᠲᠠᠢ ᠪᠠᠶᠢᠳᠠᠭ᠃ ᠲᠡᠷᠨ ᠨᠢ ᠬᠡᠤᠬᠡᠳ ᠤᠨ ᠣᠢ ᠪᠢᠯᠢᠭ ᠢ ᠠᠳᠠᠯᠢ ᠪᠤᠰᠤ ᠬᠡᠮᠵᠢᠶ᠎ᠡ ᠪᠠᠷ ᠪᠢᠳᠠᠭᠤ ᠪᠣᠯᠭᠠᠵᠦ᠂ ᠬᠦᠨᠳᠤ ᠨᠣᠴᠢᠲᠠᠢ ᠪᠠᠶᠢᠳᠠᠯ ᠨᠢ ᠬᠤᠮᠵᠢᠮ ᠢ ᠳᠠᠭᠠᠯᠳᠤᠨ ᠨᠡᠮᠡᠭᠳᠡᠳᠡᠭ᠃ ᠲᠡᠷᠡᠴᠢᠯᠡᠨ ᠪᠡᠶ᠎ᠡ ᠮᠠᠬᠠᠪᠤᠳ ᠤᠨ ᠪᠣᠶᠢᠵᠢᠯᠲᠠ ᠶᠢᠨ ᠭᠤᠣᠯ ᠣᠨᠴᠠᠯᠢᠭ ᠤᠨ ᠢᠯᠡᠷᠡᠬᠦ ᠴᠠᠭ ᠬᠤᠭᠤᠴᠠᠭ᠎ᠠ ᠨᠢ ᠴᠤ ᠬᠤᠪᠢᠷᠠᠨ᠂ ᠪᠠᠰᠨ ᠪᠤᠰᠤᠳ ᠦᠢᠰᠭᠡᠯ ᠴᠤ ᠡᠭᠦᠰᠬᠦ ᠪᠠ ᠤᠨᠠᠳᠠᠭ ᠡᠪᠡᠳᠴᠢᠨ ᠣᠯᠤᠭᠠᠳ ᠪᠠᠶᠢᠨ ᠪᠠᠶᠢᠨ ᠬᠦᠳᠡᠯᠳᠡᠭ᠃        ᠳᠡᠯᠡᠬᠡᠢ ᠶᠢᠨ ᠰᠠᠴᠤᠷᠠᠭ ᠠᠴᠠ ᠰᠡᠷᠭᠡᠶᠢᠯᠡᠨ ᠬᠠᠮᠠᠭᠠᠯᠠᠬᠤ ᠵᠦᠪᠯᠡᠯ ᠪᠠᠰᠨ ᠣᠶᠢᠷ᠎ᠠ ᠶᠢᠨ ᠲᠠᠬᠤᠯ ᠡᠪᠡᠳᠴᠢᠨ ᠤ ᠰᠣᠳᠤᠯᠤᠯ ᠤᠨ ᠳᠤᠭ᠎ᠠ ᠪᠠᠷᠢᠮᠲᠠ ᠶᠢ ᠰᠢᠭᠦᠨ ᠦᠭᠦᠯᠡᠭᠰᠡᠨ ᠪᠦᠭᠡᠳ ᠵᠠᠷᠢᠮ ᠨᠢᠭᠡ ᠪᠦᠯᠦᠭ ᠨᠡᠬᠡᠳᠡᠰᠦ ᠶᠢᠨ ᠳᠤᠰᠬᠠᠯ ᠢᠯᠠᠩᠭᠤᠶ᠎ᠠ ᠲᠡᠳᠡᠭᠡᠷ ᠲᠣᠩ ᠣᠷᠣᠢ ᠰᠠᠶ᠋ᠢ ᠢᠯᠡᠷᠡᠳᠡᠭ ᠦᠢᠰᠭᠡᠯ ᠤᠨ ᠴᠤᠯᠢᠩ ᠬᠤᠮᠵᠢᠮ ᠨᠢ ᠨᠡᠩ ᠳᠣᠣᠷ᠎ᠠ ᠪᠣᠶᠤ ᠦᠡᠭᠭᠡᠷᠡᠭᠰᠡᠨ ᠤ ᠪᠣᠳᠤᠯᠬᠢᠯᠠᠵᠦ ᠪᠠᠶᠢᠭᠰᠠᠨ ᠠᠴᠠ ᠬᠤᠯᠨ ᠳᠣᠣᠷ᠎ᠠ ᠮᠠᠭᠠᠳ ᠦᠭᠡᠢ ᠭᠡᠵᠦ ᠦᠵᠡᠭᠰᠡᠨ ᠪᠠᠶᠢᠨ᠎ᠠ᠃ ᠵᠢᠱᠢᠶᠡᠯᠡᠪᠡᠯ ᠰᠠᠴᠤᠷᠠᠭ ᠤᠨ ᠰᠢᠩᠭᠡᠭᠡᠴᠡ ᠶᠢᠨ ᠬᠤᠮᠵᠢᠮ ᠨᠢ ᠪᠠᠷᠤᠭ 0.5 Gy ᠬᠦᠷᠪᠡᠯ ᠳᠠᠷᠤᠢ ᠵᠢᠷᠦᠬᠡ ᠪᠣᠶᠤ ᠲᠠᠷᠢᠬᠢᠨ ᠰᠤᠳᠠᠯ ᠤᠨ ᠡᠪᠡᠳᠴᠢᠨ ᠡᠮᠬᠡᠭ ᠢᠯᠡᠷᠡᠳᠡᠭ ᠪᠣᠯᠬᠤᠷ᠂ ᠲᠡᠭᠦᠨ ᠤ ᠴᠤᠯᠢᠩ ᠬᠡᠮᠵᠢᠭᠳᠡᠬᠦᠨ ᠨᠢ ᠶᠡᠭᠡ ᠳᠣᠣᠷ᠎ᠠ ᠪᠠᠶᠢᠨ᠎ᠠ᠃ ᠨᠢᠳᠦᠨ ᠤ ᠪᠣᠯᠣᠷ ᠤᠨ ᠰᠢᠩᠭᠡᠭᠡᠯᠲᠡ ᠶᠢᠨ ᠴᠤᠯᠢᠩ ᠬᠡᠮᠵᠢᠭᠳᠡᠬᠦᠨ ᠢ ᠪᠠᠰᠨ 0.5 Gy ᠭᠡᠵᠦ ᠪᠣᠳᠤᠯᠬᠢᠯᠠᠵᠦ ᠪᠣᠢ᠃ χ ᠰᠠᠴᠤᠷᠠᠭ ᠤᠨ ᠮᠠᠰᠢᠨ᠂ CT ᠪᠠᠷ ᠡᠪᠡᠳᠴᠢᠨ ᠪᠠᠶᠢᠴᠠᠭᠠᠬᠤ ᠦᠶᠡᠰ ᠲᠤ  ᠬᠦᠮᠦᠰ ᠤᠨ ᠬᠦᠷᠲᠡᠬᠦ ᠬᠤᠮᠵᠢᠮ ᠨᠢ ᠪᠦᠷ ᠡᠨᠡᠬᠦ ᠲᠦᠪᠰᠢᠨ  ᠳᠤ ᠬᠦᠷᠳᠡᠭ᠃ ᠡᠶᠢᠮᠦ ᠠᠴᠠ ᠰᠠᠴᠤᠷᠠᠭ ᠢᠶᠠᠷ ᠡᠪᠡᠳᠴᠢᠨ ᠣᠨᠣᠰᠢᠯᠠᠬᠤ ᠳᠤ ᠪᠠᠶᠢᠴᠠᠭᠠᠯᠭᠠᠭᠰᠠᠳ ᠤᠨ ᠬᠠᠮᠠᠭᠠᠯᠠᠯᠲᠠ ᠶᠢ ᠣᠬᠢ ᠰᠠᠶᠢᠨᠴᠢᠯᠠᠬᠤ ᠶᠢ ᠣᠨᠴᠤᠭᠤᠢ ᠴᠢᠬᠤᠯᠴᠢᠯᠠᠬᠤ ᠬᠡᠷᠡᠭᠲᠠᠢ ᠪᠠᠶᠢᠨ᠎ᠠ᠃ ᠨᠡᠬᠡᠳᠡᠰᠦ ᠶᠢᠨ ᠳᠤᠰᠬᠠᠯ ᠢ ᠰᠡᠷᠭᠡᠶᠢᠯᠡᠬᠦ ᠨᠢ ᠭᠤᠣᠯᠳᠠᠭᠤ ᠬᠠᠮᠠᠭᠠᠯᠠᠯᠲᠠ ᠶᠢ ᠣᠬᠢ ᠰᠠᠶᠢᠨᠴᠢᠯᠠᠬᠤ ᠪᠠᠷ ᠳᠠᠮᠵᠢᠨ ᠪᠡᠶᠡᠯᠡᠭᠳᠡᠳᠡᠭ᠃ ᠨᠢᠳᠦᠨ ᠪᠣᠯᠣᠷ᠂ ᠵᠢᠷᠦᠬᠡ ᠪᠣᠯᠣᠨ ᠲᠠᠷᠢᠬᠢᠨ ᠰᠤᠳᠠᠯ ᠤᠨ ᠰᠢᠰᠲ᠋ᠧᠮ ᠵᠡᠷᠭᠡ ᠣᠨᠴᠤᠭᠤᠢ ᠨᠡᠬᠡᠳᠡᠰᠤ ᠶᠢᠨ ᠬᠠᠮᠠᠭᠠᠯᠠᠯᠲᠠ ᠶᠢ ᠣᠬᠢ ᠰᠠᠶᠢᠨᠴᠢᠯᠠᠬᠤ ᠪᠠᠷ ᠪᠠᠷᠠᠬᠤ ᠦᠭᠡᠢ ᠪᠠᠰᠨ ᠪᠦᠬᠦ ᠪᠡᠶ᠎ᠡ ᠶᠢᠨ ᠳᠤᠰᠬᠠᠯᠲᠠ ᠶᠢᠨ        ᠭᠤᠷᠪᠠᠳᠤᠭᠠᠷ ᠪᠦᠯᠦᠭ   ᠡᠮᠨᠡᠯᠭᠡ ᠶᠢᠨ ᠰᠠᠴᠤᠷᠠᠭ ᠬᠦᠷᠲᠡᠭᠴᠢᠳ ᠢ ᠬᠠᠮᠠᠭᠠᠯᠠᠬᠤ ᠤᠬᠠᠭᠠᠨ        ᠰᠠᠴᠤᠷᠠᠭ ᠢᠶᠠᠷ ᠡᠪᠡᠳᠴᠢᠨ ᠪᠠᠶᠢᠴᠠᠭᠠᠯᠭᠠᠨ ᠣᠨᠣᠰᠢᠯᠠᠭᠤᠯᠤᠭᠴᠢᠳ ᠪᠣᠶᠤ ᠡᠮᠨᠡᠭᠦᠯᠦᠨ ᠵᠠᠰᠠᠭᠤᠯᠤᠭᠴᠢᠳ ᠢ ᠶᠡᠷᠦᠩᠬᠡᠶᠢᠯᠡᠭᠡᠳ ᠠᠨᠠᠭᠠᠬᠤ ᠤᠬᠠᠭᠠᠨ ᠤ ᠰᠠᠴᠤᠷᠠᠭ ᠬᠦᠷᠲᠡᠭᠴᠢᠳ ᠭᠡᠳᠡᠭ᠃ ᠦᠷᠬᠦᠯᠵᠢ ᠬᠡᠷᠡᠭᠯᠡᠳᠡᠭ ᠬᠢᠮᠡᠯ ᠰᠠᠴᠤᠷᠠᠭᠤᠯᠤᠭᠴᠢ ᠶᠢ ᠤᠳᠤ ᠡᠮᠨᠡᠯᠭᠡ ᠳᠤ ᠪᠠᠷᠤᠭ ᠪᠦᠷ ᠬᠡᠷᠡᠭᠯᠡᠵᠦ ᠪᠠᠶᠢᠬᠤ ᠪᠦᠭᠡᠳ ᠠᠨᠠᠭᠠᠬᠤ ᠤᠬᠠᠭᠠᠨ ᠤ ᠰᠠᠴᠤᠷᠠᠭ ᠬᠦᠷᠲᠡᠭᠴᠢᠳ ᠨᠢ ᠴᠤ ᠪᠠᠰᠨ ᠪᠠᠷᠤᠭ ᠨᠡᠶᠢᠭᠡᠮ ᠤᠨ ᠡᠯ᠎ᠡ ᠡᠲᠡᠭᠡᠳ ᠢ ᠬᠠᠮᠤᠷᠴᠤ ᠪᠠᠶᠢᠨ᠎ᠠ᠃        ᠡᠮᠨᠡᠯᠭᠡ ᠶᠢᠨ ᠰᠠᠴᠤᠷᠠᠭ ᠳᠤᠰᠬᠠᠯᠲᠠ ᠨᠢ ᠬᠦᠮᠦᠨ ᠲᠦᠷᠦᠯᠬᠢᠲᠡᠨ ᠤ ᠬᠦᠷᠲᠡᠵᠦ ᠪᠠᠶᠢᠭ᠎ᠠ ᠪᠣᠢ ᠪᠦᠬᠦᠢ ᠰᠠᠴᠤᠷᠠᠭ ᠤᠨ ᠪᠠᠷᠤᠭ 17% ᠶᠢ ᠨᠢ ᠡᠵᠡᠯᠡᠨ᠂ ᠪᠦᠬᠦ᠋ᠢᠯᠨ ᠬᠢᠮᠡᠯ ᠰᠠᠴᠤᠷᠠᠯ ᠤᠨ 98 % ᠶᠢ ᠨᠢ ᠡᠵᠡᠯᠡᠵᠦ ᠪᠠᠶᠢᠳᠠᠭ᠃        20 ᠳ᠋ᠤᠭᠠᠷ ᠵᠠᠭᠤᠨ ᠤ 90 ᠭᠡᠳ ᠣᠨ ᠤ ᠡᠬᠢ ᠪᠠᠷ ᠨᠢᠭᠡᠨᠲᠡ ᠪᠦᠬᠦ ᠳᠡᠯᠡᠬᠡᠢ ᠳᠤ ᠳᠤᠮᠳᠠᠴᠢ ᠪᠠᠷ ᠵᠢᠯ ᠪᠦᠷᠢ X ᠰᠠᠴᠤᠷᠠᠭ ᠢᠶᠠᠷ ᠪᠠᠶᠢᠴᠠᠭᠠᠯᠭᠠᠭᠰᠠᠳ ︵X ᠰᠠᠴᠤᠷᠠᠭ ᠢᠶᠠᠷ ᠰᠢᠳᠦᠨ ᠡᠪᠡᠳᠴᠢᠨ ᠪᠠᠶᠢᠴᠠᠭᠠᠬᠤ ᠪᠠᠭᠲᠠᠬᠤ ᠦᠭᠡᠢ︶ ᠨᠢ ᠪᠠᠷᠤᠭ 16 ᠳ᠋ᠦᠡᠭᠰᠢᠭᠤᠷ ᠬᠦᠮᠦᠨ ᠤᠳᠠᠭ᠎ᠠ᠂ ᠴᠦᠮ᠎ᠡ ᠶᠢᠨ ᠠᠨᠠᠭᠠᠬᠤ ᠤᠬᠠᠭᠠᠨ ᠤ ᠪᠠᠶᠢᠴᠠᠭᠠᠯᠲᠠ 2.4 ᠵᠢᠸ᠎ᠠ ︵ᠮᠢᠩᠭᠠᠨ ᠳᠦᠮᠡ︶ ᠬᠦᠮᠦᠨ ᠤᠳᠠᠭ᠎ᠠ᠂ ᠰᠠᠴᠤᠷᠠᠭᠲᠤ ᠡᠮ ᠢᠶᠠᠷ ᠵᠠᠰᠠᠭᠤᠯᠤᠭᠴᠢᠳ 2 ᠪᠤᠮ ︵ᠠᠷᠪᠠᠨ ᠳᠦᠮᠡ︶ ᠬᠦᠮᠦᠨ ᠤᠳᠠᠭ᠎ᠠ᠂ ᠵᠠᠶᠢᠳᠠᠭᠤ ᠪᠣᠶᠤ ᠰᠢᠬᠠᠭᠤ ᠲᠤᠰᠬᠠᠬᠤ ᠰᠠᠴᠤᠷᠠᠭ ᠢᠶᠠᠷ ᠡᠮᠨᠡᠭᠦᠯᠦᠭᠴᠢᠳ 4.9 ᠰᠠᠶ᠎ᠠ ︵ᠵᠠᠭᠤᠨ ᠳᠦᠮᠡ︶ ᠬᠦᠮᠦᠨ ᠤᠳᠠᠭ᠎ᠠ ᠳᠤ ᠬᠦᠷᠦᠭᠰᠡᠨ ᠪᠠᠶᠢᠯ᠎ᠠ᠃        ᠡᠮᠨᠡᠯᠭᠡ ᠶᠢᠨ ᠰᠠᠴᠤᠷᠠᠭ ᠳᠤᠰᠬᠠᠯᠲᠠ ᠨᠢ ᠬᠡᠳᠦ᠋ᠢᠪᠡᠷ ᠡᠪᠡᠳᠴᠢᠨ ᠢ ᠣᠨᠣᠰᠢᠯᠠᠨ ᠵᠠᠰᠠᠬᠤ ᠪᠠᠷ ᠵᠣᠷᠢᠯᠭ᠎ᠠ ᠪᠣᠯᠭᠠᠭᠰᠠᠨ ᠪᠣᠯᠪᠠᠴᠤ ᠲᠡᠭᠦᠨ ᠳᠤ ᠪᠠᠰᠨ ᠬᠤᠣᠷ ᠬᠦᠨᠦᠭᠡᠯ ᠳᠠᠭᠠᠯᠳᠤᠵᠦ᠂ ᠲᠡᠷᠡᠴᠢᠯᠡᠨ ᠡᠳᠡᠭᠡᠷ ᠨᠢ ᠴᠦᠮ ᠲᠡᠭᠦᠨ ᠤ ᠠᠰᠢᠭ ᠲᠤᠰᠨ ᠳᠤᠨᠢ ᠳᠠᠯᠳᠠᠯᠠᠭᠳᠠᠵᠦ ᠪᠠᠶᠢᠳᠠᠭ ᠠᠴᠠ ᠡᠮᠴᠢ ᠪᠠ ᠣᠨᠣᠰᠢᠯᠠᠨ ᠵᠠᠰᠠᠭᠤᠯᠤᠭᠴᠢᠳ ᠴᠦᠮ ᠰᠠᠴᠤᠷᠠᠭ ᠤᠨ ᠬᠠᠮᠠᠭᠠᠯᠠᠯᠲᠠ ᠶᠢ ᠠᠮᠠᠷᠬᠠᠨ ᠤᠮᠳᠤᠭᠠᠶᠢᠯᠠᠳᠠᠭ᠃ ᠡᠭᠦᠨ ᠤ ᠬᠠᠮᠲᠤ ᠡᠮᠨᠡᠯᠭᠡ ᠶᠢᠨ ᠳᠤᠰᠬᠠᠯᠲᠠ ᠳᠤ ᠪᠠᠰᠨ ᠰᠠᠴᠤᠷᠠᠭ ᠤᠨ ᠮᠠᠰᠢᠨ ᠲᠦᠬᠦᠭᠡᠷᠦᠮᠵᠢ ᠶᠢᠨ ᠬᠠᠷᠰᠢ ᠰᠠᠭᠠᠳ᠂ ᠬᠡᠷᠡᠭᠯᠡᠵᠦ ᠵᠢᠯᠤᠭᠤᠳᠬᠤ ᠶᠢᠨ ᠠᠳᠡᠭᠦᠦ ᠵᠡᠷᠭᠡ ᠪᠠᠶᠢᠴᠠᠭᠠᠯᠭᠠᠨ ᠵᠠᠰᠠᠭᠤᠯᠤᠭᠴᠢᠳ ᠲᠤ ᠬᠤᠣᠷ ᠬᠦᠨᠦᠭᠡᠯ ᠲᠠᠢ ᠴᠢᠨᠠᠭᠰᠢᠯᠠᠪᠠᠯ ᠠᠮᠢ ᠨᠠᠰᠤᠨ ᠳᠤ ᠬᠦᠷᠬᠦ ᠳᠠᠯᠳᠠ ᠳᠤᠰᠬᠠᠯᠲᠠ ᠴᠤ ᠣᠷᠣᠰᠢᠵᠦ ᠪᠠᠶᠢᠬᠤ ᠪᠦᠭᠡᠳ ᠭᠡᠨᠡᠳᠡᠯ ᠤᠨ ᠴᠢᠨᠠᠷᠲᠠᠢ ᠡᠮᠨᠡᠯᠭᠡ ᠶᠢᠨ ᠳᠤᠰᠬᠠᠯᠲᠠ ᠤᠯᠤᠰ ᠤᠨ ᠳᠣᠲᠤᠭᠠᠳᠤ ᠭᠠᠳᠠᠭᠠᠲᠤ ᠳᠤ ᠪᠦᠷ ᠴᠦᠬᠡᠨ ᠪᠣᠰᠤ ᠭᠠᠷᠴᠤ ᠦᠡᠭᠭᠡᠷᠡᠪᠡ᠃        ᠡᠶᠢᠮᠦ ᠠᠴᠠ ᠡᠮᠨᠡᠯᠭᠡ ᠶᠢᠨ ᠳᠤᠰᠬᠠᠯᠲᠠ ᠬᠦᠷᠲᠡᠭᠴᠢᠳ ᠢ ᠬᠠᠮᠠᠭᠠᠯᠠᠬᠤ ᠨᠢ ᠨᠢᠭᠡᠨᠲᠡ ᠪᠣᠢ ᠪᠦᠬᠦᠢ ᠣᠯᠠᠨ ᠨᠡᠶᠢᠲᠡ ᠶᠢᠨ ᠪᠦᠷᠢᠯᠳᠦᠭᠦᠨ ᠵᠢᠴᠢ ᠲᠡᠳᠡᠨ ᠤ ᠬᠤᠶᠢᠴᠢ ᠦᠶ᠎ᠡ ᠲᠠᠢ ᠨᠢ ᠬᠤᠯᠪᠤᠭᠳᠠᠬᠤ ᠨᠡᠶᠢᠲᠡ ᠶᠢᠨ ᠡᠷᠡᠭᠦᠯ ᠬᠠᠮᠠᠭᠠᠯᠠᠯ ᠤᠨ ᠠᠰᠠᠭᠤᠳᠠᠯ ᠪᠣᠯᠵᠦ᠂ ᠴᠢᠬᠤᠯᠨ ᠴᠢᠨᠠᠷ ᠪᠣᠯᠣᠨ ᠲᠤᠯᠭᠠᠮ᠎ᠠ ᠴᠢᠨᠠᠷ ᠨᠢ ᠴᠤ ᠡᠳᠦᠷ  ᠠᠴᠠ ᠡᠳᠦᠷ ᠳᠣᠪᠤᠶᠢᠮ᠎ᠠ ᠳᠤᠰᠬᠠᠭᠳᠠᠭᠠᠳ᠂ ᠨᠡᠶᠢᠭᠡᠮ ᠤᠨ ᠡᠯ᠎ᠡ ᠡᠲᠡᠭᠡᠳ ᠤᠨ ᠠᠩᠬᠠᠷᠤᠯ ᠢ ᠤᠯᠠᠮ ᠠᠴᠠ ᠤᠯᠠᠮ ᠨᠡᠶᠢᠳᠡᠮ ᠲᠠᠲᠠᠬᠤ ᠪᠣᠯᠪᠠ᠃        ᠨᠢᠭᠡᠳᠦᠭᠡᠷ ᠬᠡᠰᠡᠭ   ᠡᠮᠨᠡᠯᠭᠡ ᠶᠢᠨ ᠰᠠᠴᠤᠷᠠᠭ ᠳᠤᠰᠬᠠᠯᠲᠠ ᠳᠤ ᠣᠯᠬᠤ ᠭᠤᠣᠯ ᠦᠮᠡᠨ        ᠠᠮᠧᠷᠢᠺᠠ ᠤᠯᠤᠰ ᠤᠨ ᠦᠮᠡᠨ ᠰᠤᠳᠤᠯᠬᠤ ᠭᠠᠵᠠᠷ ᠤᠨ ᠪᠣᠣᠶ᠋ᠢᠰ ︵Boice︶ ᠠᠴᠠ ᠡᠮᠨᠡᠯᠭᠡ ᠶᠢᠨ ᠳᠤᠰᠬᠠᠯᠲᠠ ᠠᠴᠠ ᠡᠲᠦᠬᠦ ᠦᠮᠡᠨ ᠤ ᠲᠤᠬᠠᠢ ᠦᠡᠭᠭᠡᠷᠡᠭᠰᠡᠨ ᠤ ᠮᠡᠳᠡᠭᠡᠯᠡᠯ ᠢ ᠰᠠᠴᠤᠷᠠᠭ ᠢᠶᠠᠷ ᠡᠪᠡᠳᠴᠢᠨ ᠣᠨᠣᠰᠢᠯᠠᠬᠤ᠂ ᠬᠤᠣᠷ ᠦᠭᠡᠢ ᠡᠪᠡᠳᠴᠢᠨ ᠡᠮᠬᠡᠭ ᠢ ᠰᠠᠴᠤᠷᠠᠭ ᠢᠶᠠᠷ ᠡᠮᠨᠡᠨ ᠵᠠᠰᠠᠬᠤ ᠪᠠ ᠬᠤᠣᠷᠲᠤ ᠡᠪᠡᠳᠴᠢᠨ ᠡᠮᠬᠡᠭ ᠢ ᠰᠠᠴᠤᠷᠠᠭ ᠢᠶᠠᠷ ᠡᠮᠨᠡᠨ ᠵᠠᠰᠠᠬᠤ ᠭᠤᠷᠪᠠᠨ ᠪᠦᠯᠦᠭ ᠪᠣᠯᠭᠠᠨ ᠠᠩᠬᠢᠯᠠᠭᠠᠳ᠂ ᠠᠳᠠᠯᠢ ᠪᠤᠰᠤ ᠬᠦᠮᠦᠰ ᠤᠨ ᠠᠳᠠᠯᠢ ᠪᠤᠰᠤ ᠡᠷᠬᠡᠲᠡᠨ ᠪᠣᠯᠣᠨ ᠨᠡᠬᠡᠳᠡᠰᠦᠨ ᠳᠤ ᠡᠮᠨᠡᠯᠬᠡ ᠶᠢᠨ ᠰᠠᠴᠤᠷᠠᠭ ᠲᠤᠰᠬᠠᠯᠲᠠ ᠠᠴᠠ ᠡᠲᠦᠬᠦ ᠦᠮᠡᠨ ᠤ ᠲᠦᠷᠦᠯ ᠵᠦᠢᠯ ᠢ ᠨᠡᠯᠢᠶᠡᠳ ᠨᠠᠷᠢᠨ ᠲᠣᠳᠤᠷᠬᠠᠢ ᠲᠠᠨᠢᠯᠴᠠᠭᠤᠯᠤᠭᠰᠠᠨ ᠪᠠᠶᠢᠳᠠᠭ᠃        ᠨᠢᠭᠡ᠂ ᠰᠠᠴᠤᠷᠠᠭ ᠢᠶᠠᠷ ᠡᠪᠡᠳᠴᠢᠨ ᠣᠨᠣᠰᠢᠯᠠᠬᠤ ᠳᠤ ᠡᠲᠦᠬᠦ ᠦᠮᠡᠨ        1. ᠠᠭᠤᠰᠬᠢᠨ ᠰᠦᠷᠢᠶ᠎ᠡ ᠡᠪᠡᠳᠴᠢᠲᠡᠨ ᠠᠭᠤᠰᠬᠢᠨ ᠤ ᠬᠠᠯᠢᠰᠤᠨ ᠳᠤ ᠬᠡᠢ ᠲᠣᠭᠲᠠᠬᠤ ᠶᠢ ᠵᠠᠰᠠᠭᠤᠯᠤᠭᠰᠠᠨ ᠤ ᠳᠠᠷᠠᠭ᠎ᠠ᠂ ᠤᠷᠲᠤ ᠬᠤᠭᠤᠴᠠᠭ᠎ᠠ ᠪᠠᠷ ᠲᠠᠰᠤᠷᠠᠯᠲᠠ ᠦᠭᠡᠢ ᠨᠡᠪᠲᠡ ᠦᠵᠡᠨ ᠪᠠᠶᠢᠴᠠᠭᠠᠯᠭᠠᠪᠠᠯ᠂ ᠬᠦᠬᠦᠨ ᠪᠣᠯᠴᠢᠷᠬᠠᠢ ᠶᠢᠨ ᠦᠮᠡᠨ ᠣᠯᠤᠭᠰᠠᠳ ᠨᠡᠮᠡᠭᠳᠡᠨ᠎ᠡ᠃ ᠠᠭᠤᠰᠬᠢᠨ ᠤ ᠬᠤᠮᠵᠢᠮ ᠨᠢ 0.91 ᠭᠧᠷᠸᠢ ︵Gy︶ ᠬᠦᠷᠦᠭᠰᠡᠨ ᠪᠠᠶᠢᠲᠠᠯ᠎ᠠ ᠬᠠᠷᠢᠨ ᠠᠭᠤᠰᠬᠢᠨ ᠦᠮᠡᠨ ᠨᠡᠮᠡᠭᠳᠡᠭᠰᠡᠨ ᠦᠭᠡᠢ ᠪᠠᠶᠢᠨ᠎ᠠ᠃        2. ᠬᠦᠡᠭᠭᠡᠵᠢᠬᠦ ᠠᠴᠠ ᠡᠮᠦᠨ᠎ᠡ X ᠰᠠᠴᠤᠷᠠᠭ ᠢᠶᠠᠷ ᠠᠭᠠᠷᠴᠠᠭ ᠢᠶᠠᠨ ᠪᠠᠶᠢᠴᠠᠭᠠᠯᠭᠠᠬᠤ ᠳᠤ ᠬᠡᠪᠲᠡᠰᠢᠨ ᠳᠠᠬᠢ ᠬᠡᠤᠬᠡᠳ ᠳᠤᠰᠬᠠᠭᠳᠠᠭᠰᠠᠨ ᠠᠴᠠ ᠪᠣᠯᠵᠦ᠂ ᠰᠡᠭᠦᠯᠡᠷ ᠨᠢ ᠴᠢᠰᠤ ᠴᠠᠶᠢᠬᠤ ᠡᠪᠡᠳᠴᠢᠨ ᠪᠣᠯᠣᠨ ᠴᠣᠯᠤ ᠰᠠᠪᠠ ᠶᠢᠨ ᠦᠮᠡᠨ ᠣᠯᠬᠤ ᠨᠢ ᠠᠷᠪᠢᠳᠳᠠᠭ᠃        3. ᠬᠡᠤᠬᠡᠳ ᠤᠳ X ᠰᠠᠴᠤᠷᠠᠭ ᠢᠶᠠᠷ ᠰᠢᠳᠤ ᠪᠠᠨ ᠪᠠᠶᠢᠴᠠᠭᠠᠯᠭᠠᠭᠰᠠᠨ ᠠᠴᠠ ᠲᠣᠯᠤᠭᠠᠢ ᠶᠢᠨ ᠬᠡᠰᠡᠭ ᠨᠢ ᠰᠠᠴᠤᠷᠠᠭ ᠲᠤ ᠳᠤᠰᠬᠠᠭᠳᠠᠭᠠᠳ᠂ ᠲᠠᠷᠢᠬᠢᠨ ᠤ ᠬᠠᠯᠢᠰᠤᠨ ᠤ ᠦᠮᠡᠨ ᠣᠯᠬᠤ ᠨᠢ ᠨᠡᠮᠡᠭᠳᠡᠳᠡᠭ ᠪᠠᠶᠢᠨ᠎ᠠ᠃        ᠬᠤᠶᠡᠷ᠂ ᠬᠤᠣᠷ ᠦᠭᠡᠢ ᠡᠪᠡᠳᠴᠢᠨ ᠡᠮᠬᠡᠭ ᠤᠳ ᠢ ᠰᠠᠴᠤᠷᠠᠭ ᠢᠶᠠᠷ ᠡᠮᠨᠡᠨ ᠵᠠᠰᠠᠬᠤ ᠳᠤ ᠡᠲᠦᠬᠦ ᠦᠮᠡᠨ        1. X ᠰᠠᠴᠤᠷᠠᠭ ᠢᠶᠠᠷ ᠬᠦᠰᠢᠭᠦᠨ ᠴᠢᠨᠠᠷᠲᠠᠢ ᠰᠡᠭᠡᠷ ᠨᠢᠷᠤᠭᠤᠨ ᠤ ᠡᠪᠡᠳᠴᠢᠨ ᠢ ᠵᠠᠰᠠᠭᠤᠯᠤᠭᠴᠢᠳ ᠲᠤ ᠴᠢᠰᠤ ᠴᠠᠶᠢᠬᠤ ᠡᠪᠡᠳᠴᠢᠨ᠂ ᠯᠢᠮᠹ ᠤᠨ ᠦᠮᠡᠨ᠂ ᠠᠭᠤᠰᠬᠢ᠂ ᠤᠯᠠᠭᠠᠨ ᠬᠤᠭᠤᠯᠠᠢ᠂ ᠬᠤᠳᠤᠭᠤᠳᠤ᠂ ᠭᠤᠣᠯ ᠮᠡᠳᠡᠷᠡᠯ ᠤᠨ ᠰᠢᠰᠲ᠋ᠧᠮ ᠤᠨ ᠦᠮᠡᠨ ᠣᠯᠤᠭᠰᠠᠳ ᠨᠡᠮᠡᠭᠳᠡᠳᠡᠭ᠃ 20 ᠵᠢᠯ ᠠᠴᠠ ᠬᠤᠶᠢᠰᠢ ᠴᠢᠰᠤ ᠴᠠᠶᠢᠬᠤ ᠡᠪᠡᠳᠴᠢᠨ ᠨᠢ ᠮᠦᠨ ᠬᠦ ᠦᠷᠬᠦᠯᠵᠢᠯᠡᠨ ᠨᠡᠮᠡᠭᠳᠡᠳᠡᠭ ᠪᠣᠯᠪᠠᠴᠤ ᠴᠣᠯᠤ ᠰᠠᠪᠠ ᠶᠢᠨ ᠦᠮᠡᠨ ᠨᠢ ᠬᠠᠷᠢᠨ ᠨᠢᠭᠡᠨᠲᠡ ᠪᠠᠭᠤᠷᠠᠭᠰᠠᠨ ᠪᠠᠶᠢᠳᠠᠭ᠃        2. ᠬᠡᠤᠬᠡᠳ ᠤᠨ ᠲᠣᠯᠤᠭᠠᠢ ᠶᠢᠨ ᠢᠯᠢᠳᠤ ᠶᠢ X ᠰᠠᠴᠤᠷᠠᠭ ᠢᠶᠠᠷ ᠡᠮᠨᠡᠨ ᠵᠠᠰᠠᠬᠤ ᠳᠤ ᠬᠤᠮᠵᠢᠮ ᠨᠢ 0.09cGy ᠬᠦᠷᠪᠡᠯ ᠳᠠᠷᠤᠢ ᠪᠠᠮᠪᠠᠢ ᠪᠣᠯᠴᠢᠷᠬᠠᠢ  ᠶᠢᠨ ᠦᠮᠡᠨ ᠪᠣᠯᠣᠨ ᠵᠠᠩᠬᠢᠯᠠᠭ᠎ᠠ ᠡᠪᠡᠳᠴᠢᠨ ᠣᠯᠳᠠᠭ᠃ ᠴᠢᠰᠤ ᠴᠠᠶᠢᠬᠤ ᠡᠪᠡᠳᠴᠢᠨ᠂ ᠲᠣᠯᠤᠭᠠᠢ ᠬᠦᠵᠦᠭᠦᠦ ᠵᠢᠴᠢ ᠮᠡᠳᠡᠷᠡᠯ ᠤᠨ ᠬᠠᠪᠤᠳᠠᠷ ᠣᠯᠬᠤ ᠨᠢ ᠣᠯᠠᠰᠢᠷᠠᠳᠠᠭ᠃        3. ᠬᠡᠤᠬᠡᠳ ᠤᠨ ᠡᠪᠴᠢᠭᠦᠨ ᠪᠣᠯᠴᠢᠷᠬᠠᠢ ᠨᠢ ᠲᠣᠮᠤᠷᠠᠭᠰᠠᠨ ᠢ X ᠰᠠᠴᠤᠷᠠᠭ ᠢᠶᠠᠷ ᠡᠮᠨᠡᠨ ᠵᠠᠰᠠᠬᠤ ᠳᠤ ᠪᠠᠮᠪᠠᠢ ᠪᠣᠯᠴᠢᠷᠬᠠᠢ ᠶᠢᠨ ᠦᠮᠡᠨ ᠪᠣᠯᠣᠨ ᠵᠠᠩᠬᠢᠯᠠᠭ᠎ᠠ ᠡᠪᠡᠳᠴᠢᠨ ᠣᠯᠳᠠᠭ᠃ 10 ᠬᠦᠷᠦᠭᠡᠳᠦᠢ ᠦᠬᠢᠳ ᠪᠣᠯ ᠬᠦᠬᠦᠨ ᠪᠣᠯᠴᠢᠷᠬᠠᠢ ᠶᠢᠨ ᠦᠮᠡᠨ ᠣᠯᠳᠠᠭ᠃        4. ᠬᠡᠤᠬᠡᠳ ᠤᠨ ᠬᠦᠵᠦᠭᠦᠦ ᠲᠣᠯᠤᠭᠠᠢ ᠶᠢᠨ ᠬᠡᠰᠡᠭ ᠤᠨ ᠬᠤᠣᠷ ᠦᠭᠡᠢ ᠦᠮᠡᠨ ᠢ ᠰᠠᠴᠤᠷᠠᠭ ᠢᠶᠠᠷ ᠡᠮᠨᠡᠨ ᠵᠠᠰᠠᠬᠤ ᠳᠤ ᠪᠠᠮᠪᠠᠢ ᠪᠣᠯᠴᠢᠷᠬᠠᠢ ᠶᠢᠨ ᠦᠮᠡᠨ᠂ ᠰᠢᠯᠦᠰᠦᠨ ᠪᠣᠯᠴᠢᠷᠬᠠᠢ ᠶᠢᠨ ᠦᠮᠡᠨ ᠪᠣᠯᠣᠨ ᠮᠡᠳᠡᠷᠡᠯ ᠤᠨ ᠰᠢᠰᠲ᠋ᠧᠮ ᠤᠨ ᠬᠠᠪᠤᠳᠠᠷ ᠣᠯᠬᠤ ᠨᠢ ᠣᠯᠠᠰᠢᠷᠠᠳᠠᠭ᠃        5. ᠬᠦᠬᠦ ᠶᠢᠨ ᠬᠤᠣᠷ ᠦᠭᠡᠢ ᠡᠪᠡᠳᠴᠢᠨ ᠡᠮᠬᠡᠭ ᠤᠳ ᠢ ᠰᠠᠴᠤᠷᠠᠭ ᠢᠶᠠᠷ ᠡᠮᠨᠡᠨ ᠵᠠᠰᠠᠬᠤ ᠳᠤ ᠬᠦᠬᠦᠨ ᠤ ᠦᠮᠡᠨ ᠣᠯᠤᠭᠰᠠᠳ ᠠᠷᠪᠢᠳᠳᠠᠭ᠃        6. ᠡᠮᠡᠭᠲᠠᠶᠢᠴᠤᠳ ᠤᠨ ᠰᠠᠪᠠᠨ ᠤ ᠳᠣᠲᠤᠷ᠎ᠠ ᠪᠦᠷᠬᠦᠪᠴᠢ ᠵᠤᠵᠠᠭᠠᠷᠠᠬᠤ᠂ ᠤᠵᠢᠭ ᠴᠢᠨᠠᠷᠲᠠᠢ ᠰᠠᠪᠠᠨ ᠤ ᠬᠦᠵᠤᠭᠦᠦ ᠶᠢᠨ ᠦᠷᠪᠢᠰᠦᠯ ᠵᠡᠷᠭᠡ ᠬᠤᠣᠷ ᠦᠭᠡᠢ ᠡᠪᠡᠳᠴᠢᠨ ᠡᠮᠬᠡᠭ ᠤᠳ ᠢ ᠰᠠᠴᠤᠷᠠᠭ ᠢᠶᠠᠷ ᠡᠮᠨᠡᠨ ᠵᠠᠰᠠᠬᠤ ᠳᠤ ᠴᠢᠰᠤ ᠴᠠᠶᠢᠬᠤ ᠡᠪᠡᠳᠴᠢᠨ ᠪᠣᠯᠣᠨ ᠭᠡᠳᠡᠰᠤ᠂ ᠬᠤᠰᠬᠢᠨᠠᠭ᠂ ᠬᠡᠤᠬᠡᠨ ᠬᠡᠪᠲᠡᠰᠢ᠂ ᠰᠢᠭᠡᠰᠦᠨ ᠤ ᠡᠷᠬᠡᠲᠡᠨ ᠤ ᠦᠮᠡᠨ ᠣᠯᠤᠭᠰᠠᠳ ᠨᠡᠮᠡᠭᠳᠡᠨ᠎ᠡ᠃        ᠭᠤᠷᠪᠠ᠂ ᠬᠤᠣᠷᠲᠤ ᠡᠪᠡᠳᠴᠢᠨ ᠡᠮᠬᠡᠭ ᠤᠳ ᠢ ᠰᠠᠴᠤᠷᠠᠭ ᠢᠶᠠᠷ ᠡᠮᠨᠡᠨ ᠵᠠᠰᠠᠬᠤ ᠳᠤ ᠡᠲᠦᠬᠦ ᠦᠮᠡᠨ        1. ᠰᠠᠪᠠ ᠶᠢᠨ ᠬᠦᠵᠦᠭᠦᠨ ᠤ ᠦᠮᠡᠨ ᠢ ᠰᠠᠴᠤᠷᠠᠭ ᠢᠶᠠᠷ ᠡᠮᠨᠡᠨ ᠵᠠᠰᠠᠬᠤ ᠳᠤ ᠴᠢᠰᠤ ᠴᠠᠶᠢᠬᠤ ᠡᠪᠡᠳᠴᠢᠨ᠂ ᠳᠠᠪᠤᠰᠠᠩ᠂ ᠬᠤᠰᠬᠢᠨᠠᠭ᠂ ᠬᠡᠤᠬᠡᠨ ᠬᠡᠪᠲᠡᠰᠢ᠂ ᠦᠨᠳᠡᠭᠡᠪᠴᠢ᠂ ᠬᠤᠳᠤᠭᠤᠳᠤ᠂ ᠶᠠᠰᠤ᠂ ᠬᠡᠯᠬᠢᠶ᠎ᠡ ᠨᠡᠬᠡᠳᠡᠰᠤ᠂ ᠪᠠᠮᠪᠠᠢ ᠪᠣᠯᠴᠢᠷᠬᠠᠢ᠂ ᠬᠠᠷ᠎ᠠ ᠪᠦᠭᠡᠷ᠎ᠡ ᠶᠢᠨ ᠦᠮᠡᠨ ᠣᠯᠤᠭᠰᠠᠳ ᠨᠡᠮᠡᠭᠳᠡᠨ᠎ᠡ᠃        2. ᠬᠡᠤᠬᠡᠳ ᠤᠨ ᠡᠯ᠎ᠡ ᠵᠦᠢᠯ ᠤᠨ ᠦᠮᠡᠨ ᠢ ᠰᠠᠴᠤᠷᠠᠭ ᠢᠶᠠᠷ ᠡᠮᠨᠡᠨ ᠵᠠᠰᠠᠬᠤ ᠳᠤ ᠬᠤᠳᠤᠭᠤᠳᠤ᠂ ᠪᠠᠮᠪᠠᠢ ᠪᠣᠯᠴᠢᠷᠬᠠᠢ᠂ ᠬᠡᠯᠬᠢᠶ᠎ᠡ ᠨᠡᠬᠡᠳᠡᠰᠤ᠂ ᠬᠦᠬᠦ ᠶᠢᠨ ᠦᠮᠡᠨ ᠣᠯᠤᠭᠰᠠᠳ ᠠᠷᠪᠢᠳᠳᠠᠭ᠃ ᠴᠢᠰᠤ ᠴᠠᠶᠢᠬᠤ ᠡᠪᠡᠳᠴᠢᠨ ᠨᠡᠮᠡᠭᠳᠡᠳᠡᠭ ᠦᠭᠡᠢ᠃        3. ᠬᠤᠵᠢᠺᠢᠨᠰ ︵Hodgkins disease︶ ᠤᠨ ᠪᠤᠰᠤ ᠯᠢᠮᠹ ᠤᠨ ᠦᠮᠡᠨ ᠢ ᠰᠠᠴᠤᠷᠠᠭ ᠢᠶᠠᠷ ᠡᠮᠨᠡᠨ ᠵᠠᠰᠠᠬᠤ ᠳᠤ ᠴᠢᠰᠤ ᠴᠠᠶᠢᠬᠤ ᠡᠪᠡᠳᠴᠢᠨ ᠨᠡᠮᠡᠭᠳᠡᠳᠡᠭ᠃        4. ᠰᠠᠪᠠᠨ ᠤ ᠦᠮᠡᠨ ᠢ ᠰᠠᠴᠤᠷᠠᠭ ᠢᠶᠠᠷ ᠡᠮᠨᠡᠨ ᠵᠠᠰᠠᠬᠤ ᠳᠤ ᠬᠤᠰᠬᠢᠨᠠᠭ ᠤᠨ ᠦᠮᠡᠨ ᠪᠣᠯᠣᠨ ᠴᠢᠰᠤ ᠴᠠᠶᠢᠬᠤ ᠡᠪᠡᠳᠴᠢᠨ ᠨᠡᠮᠡᠭᠳᠡᠳᠡᠭ᠃        5. ᠦᠨᠳᠡᠭᠡᠪᠴᠢ ᠶᠢᠨ ᠬᠠᠪᠤᠳᠠᠷ ᠢ ᠰᠠᠴᠤᠷᠠᠭ ᠢᠶᠠᠷ ᠡᠮᠨᠡᠨ ᠵᠠᠰᠠᠬᠤ ᠳᠤ ᠬᠤᠲᠤᠷᠢᠩᠬᠠᠢ ᠭᠡᠳᠡᠰᠤ᠂ ᠬᠤᠰᠬᠢᠨᠠᠭ᠂ ᠳᠠᠪᠤᠰᠠᠩ ᠤᠨ ᠦᠮᠡᠨ ᠨᠡᠮᠡᠭᠳᠡᠨ᠎ᠡ᠃        6. ᠬᠦᠬᠦᠨ ᠪᠣᠯᠴᠢᠷᠬᠠᠢ ᠶᠢᠨ ᠦᠮᠡᠨ ᠢ ᠰᠠᠴᠤᠷᠠᠭ ᠢᠶᠠᠷ ᠡᠮᠨᠡᠨ ᠵᠠᠰᠠᠬᠤ ᠳᠤ ᠰᠠᠪᠠᠨ ᠤ ᠦᠮᠡᠨ᠂ ᠠᠭᠤᠰᠬᠢᠨ ᠤ ᠦᠮᠡᠨ᠂ ᠴᠢᠰᠤ ᠴᠠᠶᠢᠬᠤ ᠡᠪᠡᠳᠴᠢᠨ᠂ ᠬᠦᠬᠦᠨ ᠪᠣᠯᠴᠢᠷᠬᠠᠢ ᠶᠢᠨ ᠦᠮᠡᠨ ᠵᠡᠷᠭᠡ ᠶᠢ ᠣᠯᠤᠭᠰᠠᠳ ᠨᠡᠮᠡᠭᠳᠡᠨ᠎ᠡ᠃        ᠪᠣᠣᠶ᠋ᠢᠰ ᠤᠨ ᠡᠨᠡ ᠬᠦ ᠪᠦᠷᠢᠳᠬᠡᠯ ᠨᠢ ᠡᠮᠨᠡᠯᠬᠡ ᠶᠢᠨ ᠰᠠᠴᠤᠷᠠᠭ ᠲᠤᠰᠬᠠᠯᠲᠠ ᠶᠢ ᠵᠦᠢ ᠵᠣᠬᠢᠰᠲᠠᠢ ᠬᠡᠷᠡᠭᠯᠡᠬᠦ ᠪᠠ ᠲᠡᠭᠦᠨ ᠢ ᠵᠦᠢ ᠶᠣᠰᠤᠴᠢᠯᠠᠬᠤ ᠵᠢᠴᠢ ᠡᠪᠡᠳᠴᠢᠨ ᠣᠨᠣᠰᠢᠯᠠᠭᠤᠯᠤᠨ ᠵᠠᠰᠠᠭᠤᠯᠤᠭᠴᠢᠳ ᠤᠨ ᠬᠠᠮᠠᠭᠠᠯᠠᠯᠲᠠ ᠶᠢ ᠣᠬᠢ ᠰᠠᠶᠢᠨᠴᠢᠯᠠᠬᠤ ᠳᠤ ᠴᠢᠬᠤᠯᠨ ᠦᠨᠳᠦᠰᠦᠯᠡᠯ ᠢ ᠬᠠᠨᠭ᠍ᠭᠠᠭᠰᠠᠨ ᠶᠣᠮ᠃ ᠣᠨᠴᠤᠭᠤᠶᠢᠯᠠᠨ ᠬᠤᠣᠷ ᠦᠭᠡᠢ ᠡᠪᠡᠳᠴᠢᠨ ᠡᠮᠬᠡᠭ ᠢ ᠰᠠᠴᠤᠷᠠᠭ ᠢᠶᠠᠷ ᠡᠮᠨᠡᠨ ᠵᠠᠰᠠᠬᠤ ᠶᠢ ᠨᠡᠩ ᠢᠯᠡᠭᠦᠦ ᠬᠢᠵᠠᠭᠠᠷᠯᠠᠬᠤ ᠶᠢ ᠠᠩᠬᠠᠷᠬᠤ ᠬᠡᠷᠡᠭᠲᠡᠢ ᠭᠡᠳᠡᠭ ᠢ ᠰᠠᠨᠠᠭᠤᠯᠵᠦ ᠪᠠᠶᠢᠳᠠᠭ᠃ ᠨᠦᠭᠦᠭᠡ ᠲᠠᠯ᠎ᠠ ᠪᠠᠷ ᠦᠮᠡᠨ ᠢ ᠡᠮᠨᠡᠨ ᠵᠠᠰᠠᠬᠤ ᠮᠡᠷᠭᠡᠵᠢᠯ ᠤᠨ ᠳᠡᠭᠡᠭᠰᠢᠯᠡᠬᠦ ᠶᠢ ᠳᠠᠭᠠᠯᠳᠤᠨ ᠦᠮᠡᠨ ᠡᠪᠡᠳᠴᠢᠲᠡᠨ ᠤ ᠠᠮᠢ ᠨᠠᠰᠤ ᠴᠤ ᠤᠷᠲᠤ ᠪᠣᠯᠵᠦ ᠪᠠᠶᠢᠬᠤ ᠲᠤᠯᠠᠲᠠ ᠰᠠᠴᠤᠷᠠᠭ ᠢᠶᠠᠷ ᠡᠮᠨᠡᠨ ᠵᠠᠰᠠᠭᠰᠠᠨ ᠠᠴᠠ ᠪᠣᠯᠵᠦ ᠳᠠᠬᠢᠨ ᠦᠮᠡᠨ ᠣᠯᠬᠤ ᠠᠰᠠᠭᠤᠳᠠᠯ ᠡᠳᠦᠷ ᠢᠷᠡᠬᠦᠶ᠎ᠡ ᠳᠣᠪᠤᠶᠢᠮ᠎ᠡ ᠪᠣᠯᠵᠦ ᠡᠪᠡᠳᠴᠢᠲᠡᠨ ᠪᠣᠶᠤ ᠪᠠᠶᠢᠴᠠᠭᠠᠯᠭᠠᠭᠰᠠᠳ ᠢ ᠰᠠᠴᠤᠷᠠᠭ ᠠᠴᠠ ᠬᠠᠮᠠᠭᠠᠯᠠᠬᠤ ᠶᠢᠨ ᠴᠢᠬᠤᠯᠨ ᠰᠡᠳᠦᠪ ᠪᠣᠯᠵᠦ ᠪᠠᠶᠢᠨ᠎ᠠ᠃ ᠢᠯᠡᠭᠭᠤᠶ᠎ᠠ ᠮᠠᠨ ᠤ ᠤᠯᠤᠰ ᠲᠤ ᠣᠶᠢᠷ᠎ᠠ ᠶᠢᠨ ᠬᠡᠳᠦᠨ ᠵᠢᠯ ᠠᠴᠠ ᠨᠠᠰᠢ ᠮᠦᠬᠡᠷᠰᠦᠨ ᠬᠤᠭᠤᠯᠠᠢ ᠪᠠ ᠤᠯᠠᠭᠠᠨ ᠬᠤᠭᠤᠯᠠᠢ ᠶᠢᠨ ᠦᠮᠡᠨ ᠢ ᠰᠠᠴᠤᠷᠠᠭ ᠢᠶᠠᠷ ᠵᠠᠰᠠᠬᠤ ᠠᠴᠠ ᠪᠣᠯᠵᠦ ᠲᠣᠯᠤᠭᠠᠢ ᠬᠦᠵᠦᠭᠦᠨ ᠤ ᠦᠮᠡᠨ ᠣᠯᠬᠤ᠂ ᠰᠠᠪᠠᠨ ᠤ ᠬᠦᠵᠦᠭᠦᠤ ᠶᠢᠨ ᠦᠮᠡᠨ ᠪᠠ ᠰᠠᠪᠠᠨ ᠤ ᠦᠮᠡᠨ ᠢ ᠰᠠᠴᠤᠷᠠᠭ ᠢᠶᠠᠷ ᠡᠮᠨᠡᠨ ᠵᠠᠰᠠᠬᠤ ᠠᠴᠠ ᠪᠣᠯᠵᠦ ᠬᠦᠬᠦᠨ ᠤ ᠦᠮᠡᠨ᠂ ᠦᠨᠳᠡᠭᠡᠪᠴᠢ ᠪᠣᠯᠣᠨ ᠰᠠᠪᠠ ᠶᠢᠨ ᠦᠮᠡᠨ᠂ ᠬᠤᠰᠬᠢᠨᠠᠭ᠂ ᠬᠤᠲᠤᠷᠢᠩᠬᠠᠢ ᠭᠡᠳᠡᠰᠦᠨ ᠤ ᠦᠮᠡᠨ ᠣᠯᠬᠤ ᠶᠠᠪᠤᠳᠠᠯ ᠴᠤ ᠣᠯᠠᠰᠢᠷᠠᠬᠤ ᠪᠣᠯᠵᠠᠢ᠃        ᠬᠤᠶᠠᠳᠣᠭᠠᠷ ᠬᠡᠰᠡᠭ  X ᠰᠠᠴᠤᠷᠠᠭ ᠢᠶᠠᠷ ᠡᠪᠡᠳᠴᠢᠨ ᠪᠠᠶᠢᠴᠠᠭᠠᠯᠭᠠᠭᠰᠠᠳ ᠢ ᠬᠠᠮᠠᠭᠠᠯᠠᠬᠤ ᠤᠬᠠᠭᠠᠨ        X ᠰᠠᠴᠤᠷᠠᠭ ᠤᠨ ᠪᠣᠳᠠᠰ ᠢ ᠨᠡᠪᠲᠡᠯᠬᠦ ᠪᠠ ᠭᠡᠷᠡᠯ ᠭᠠᠷᠭᠠᠬᠤ ᠵᠢᠴᠢ ᠭᠡᠷᠡᠯ ᠮᠡᠳᠡᠷᠡᠭᠦᠯᠬᠦ ᠵᠡᠷᠭᠡ ᠰᠢᠨᠵᠢ ᠴᠢᠨᠠᠷ ᠢ ᠠᠰᠢᠭᠯᠠᠨ ᠬᠦᠮᠦᠨ ᠤ ᠪᠡᠶ᠎ᠡ ᠶᠢᠨ ᠡᠷᠬᠡᠲᠡᠨ ᠪᠣᠯᠣᠨ ᠨᠡᠬᠡᠳᠡᠰᠤ ᠶᠢᠨ ᠡᠪᠡᠳᠴᠢᠨ ᠡᠮᠬᠡᠭ ᠢ ᠪᠠᠶᠢᠴᠠᠭᠠᠬᠤ ᠮᠡᠷᠭᠡᠵᠢᠯ ᠢ X ᠰᠠᠴᠤᠷᠠᠭ ᠢᠶᠠᠷ ᠣᠨᠣᠰᠢᠯᠠᠬᠤ ᠭᠡᠳᠡᠭ᠃ ᠡᠩ ᠤᠨ X ᠰᠠᠴᠤᠷᠠᠭ ᠤᠨ ᠮᠠᠰᠢᠨ ︵ᠪᠠᠰᠨ X ᠭᠡᠷᠡᠯᠰ ᠤᠨ ᠮᠠᠰᠢᠨ ᠭᠡᠳᠡᠭ︶᠂ ᠺᠣᠮᠫᠢᠦ᠋ᠲ᠋ᠧᠷᠴᠢᠯᠡᠭᠰᠡᠨ X ᠰᠠᠴᠤᠷᠠᠭ ᠤᠨ ᠮᠠᠰᠢᠨ ︵ᠪᠠᠰᠨ CR ᠮᠠᠰᠢᠨ ᠭᠡᠳᠡᠭ︶᠂ ᠲᠣᠭᠠᠴᠠᠯᠠᠭᠰᠠᠨ X ᠰᠠᠴᠤᠷᠠᠭ ᠤᠨ ᠮᠠᠰᠢᠨ ︵ᠪᠠᠰᠨ DR ᠮᠠᠰᠢᠨ ᠭᠡᠳᠡᠭ︶᠂ ᠵᠢᠷᠤᠭ ᠪᠦᠲᠦᠭᠡᠬᠦ ᠮᠠᠰᠢᠨ ︵ᠪᠠᠰᠨ DSA ᠮᠠᠰᠢᠨ ᠭᠡᠳᠡᠭ︶᠂ ᠺᠣᠮᠫᠢᠦ᠋ᠲ᠋ᠧᠷᠴᠢᠯᠡᠭᠰᠡᠨ X ᠰᠠᠴᠤᠷᠠᠭ ᠤᠨ ᠳᠠᠪᠬᠤᠷᠭᠠᠳᠤ ᠵᠢᠷᠤᠭ ᠤᠨ ᠮᠠᠰᠢᠨ ︵ᠪᠠᠰᠨ CT ᠮᠠᠰᠢᠨ ᠭᠡᠳᠡᠭ︶᠂ ᠬᠦᠬᠦᠨ ᠤ X ᠰᠠᠴᠤᠷᠠᠭ ᠤᠨ ᠮᠠᠰᠢᠨ᠂ ᠰᠢᠳᠦᠨ ᠤ X ᠰᠠᠴᠤᠷᠠᠭ ᠤᠨ ᠮᠠᠰᠢᠨ᠂ ᠶᠠᠰᠤ ᠪᠠᠶᠢᠴᠠᠭᠠᠬᠤ X ᠰᠠᠴᠤᠷᠠᠭ ᠤᠨ ᠮᠠᠰᠢᠨ ᠵᠡᠷᠭᠡ ᠪᠣᠯ ᠴᠦᠮ X ᠰᠠᠴᠤᠷᠠᠭ ᠢᠶᠠᠷ ᠣᠨᠣᠰᠢᠯᠠᠬᠤ ᠲᠦᠬᠦᠭᠡᠷᠦᠮᠵᠢ ᠨᠦᠭᠦᠳ ᠪᠣᠯᠣᠨ᠎ᠠ᠃ ᠶᠡᠷᠤᠳᠡᠭᠡᠨ ᠳᠠᠪ ᠦᠵᠡᠨ ᠪᠠᠶᠢᠴᠠᠭᠠᠬᠤ ᠪᠠ ᠵᠢᠷᠤᠭ ᠲᠠᠲᠠᠨ ᠲᠣᠳᠤᠯᠠᠬᠤ ᠵᠢᠴᠢ ᠵᠢᠷᠤᠭ ᠪᠦᠳᠦᠭᠡᠨ ᠣᠨᠣᠰᠢᠯᠠᠬᠤ ᠵᠡᠷᠭᠡ ᠠᠷᠭ᠎ᠠ ᠮᠠᠶ᠋ᠢᠭ ᠢ ᠬᠡᠷᠡᠭᠯᠡᠳᠡᠭ᠃        X ᠰᠠᠴᠤᠷᠠᠭ ᠢᠶᠠᠷ ᠡᠪᠡᠳᠴᠢᠨ ᠣᠨᠣᠰᠢᠯᠠᠬᠤ ᠨᠢ ᠣᠳᠤ ᠪᠠᠷᠤᠭ ᠣᠯᠠᠨ ᠨᠡᠶᠢᠲᠡ ᠶᠢᠨ ᠪᠦᠷᠢᠯᠳᠦᠭᠦᠨ ᠪᠦᠬᠦᠨ ᠲᠠᠢ ᠬᠤᠯᠪᠤᠭᠳᠠᠵᠦ᠂ ᠲᠡᠷᠨ ᠨᠢ ᠡᠮᠨᠡᠯᠭᠡ  ᠳᠤ ᠬᠡᠷᠡᠭᠯᠡᠵᠦ ᠪᠦᠬᠦᠢ ᠰᠠᠴᠤᠷᠠᠭ ᠤᠨ ᠳᠣᠲᠤᠷ᠎ᠠ ᠬᠠᠮᠤᠭ ᠤᠨ ᠶᠡᠭᠡ ᠬᠤᠪᠢ ᠶᠢ ᠡᠵᠡᠯᠡᠬᠦ ᠪᠣᠯᠤᠭᠰᠠᠨ ᠮᠦᠷᠲᠡᠭᠡᠨ ᠬᠦᠮᠦᠰ ᠲᠤ ᠳᠤᠰᠴᠤ ᠪᠠᠶᠢᠭ᠎ᠠ ᠪᠣᠢ ᠪᠦᠬᠦᠢ ᠰᠠᠴᠤᠷᠠᠭ ᠤᠨ 80% ᠶᠢᠨ ᠲᠦᠯᠦᠪ ᠨᠢ ᠴᠤ ᠪᠦᠷ ᠡᠭᠦᠨ ᠠᠴᠠ ᠢᠷᠡᠯᠲᠡᠲᠠᠢ ᠪᠠᠶᠢᠨ᠎ᠠ᠃ ᠬᠦᠮᠦᠰ ᠤᠨ ᠦᠮᠡᠨ ᠣᠯᠬᠤ ᠲᠣᠬᠢᠶᠠᠯ ᠨᠢ ᠴᠤ X ᠰᠠᠴᠤᠷᠠᠭ ᠢᠶᠠᠷ ᠪᠠᠶᠢᠴᠠᠭᠠᠯᠭᠠᠬᠤ ᠪᠤᠳᠠᠭᠠᠯᠢ ᠪᠡᠶ᠎ᠡ ᠶᠢᠨ ᠤᠳᠠᠭ᠎ᠠ ᠲᠤᠭ᠎ᠠ ᠶᠢᠨ ᠨᠡᠮᠡᠭᠳᠡᠬᠦ ᠪᠠ ᠣᠯᠠᠨ ᠨᠡᠶᠢᠲᠡ ᠶᠢᠨ ᠬᠦᠮᠦᠨ ᠤ ᠲᠤᠭ᠎ᠠ ᠶᠢᠨ ᠠᠷᠪᠢᠳᠬᠤ ᠶᠢ ᠳᠠᠭᠠᠯᠳᠤᠨ ᠨᠡᠮᠡᠭᠳᠡᠳᠡᠭ᠃ ᠠᠩᠭ᠍ᠯᠢ᠂ ᠭᠧᠷᠮᠠᠨ᠂ ᠶᠠᠫᠤᠨ ᠵᠡᠷᠭᠡ ᠤᠯᠤᠰ ᠤᠳ ᠤᠨ ᠬᠤᠯᠪᠤᠭᠳᠠᠯ ᠪᠦᠬᠦᠢ ᠰᠣᠳᠤᠯᠭᠠᠨ ᠠᠴᠠ ᠦᠵᠡᠪᠡᠯ X ᠰᠠᠴᠤᠷᠠᠭ ᠢᠶᠠᠷ ᠪᠡᠶ᠎ᠡ ᠪᠠᠶᠢᠴᠠᠭᠠᠯᠭᠠᠭᠠᠳ ᠦᠮᠡᠨ ᠣᠯᠤᠭᠰᠠᠳ ᠨᠢ ᠦᠮᠡᠨ ᠡᠪᠡᠳᠴᠢᠲᠡᠨ ᠤ 0.6%~3% ᠶᠢ ᠡᠵᠡᠯᠡᠵᠦ ᠪᠠᠶᠢᠳᠠᠭ᠃ ᠡᠭᠦᠨ ᠠᠴᠠ ᠭᠠᠳᠠᠨ᠎ᠠ X ᠰᠠᠴᠤᠷᠠᠭ ᠢᠶᠠᠷ ᠡᠪᠡᠳᠴᠢᠨ ᠣᠨᠣᠰᠢᠯᠠᠬᠤ ᠶᠢᠨ ᠲᠤᠰ ᠪᠡᠶ᠎ᠡ ᠨᠢ ᠪᠠᠰᠨ ᠵᠢᠷᠤᠭ ᠪᠦᠲᠦᠭᠡᠭᠴᠢ ︵ᠳᠣᠲᠤᠷᠠᠭᠤᠯᠤᠭᠴᠢ︶ ᠶᠢᠨ ᠭᠠᠵᠢᠭᠤ ᠦᠢᠯᠡᠳᠦᠯ ᠪᠠ ᠬᠠᠳᠬᠤᠵᠦ ᠰᠣᠷᠤᠭᠤᠯᠬᠤ ᠠᠵᠢᠯᠯᠠᠭᠠᠨ ᠤ ᠮᠧᠬᠠᠨᠢᠭ ᠦᠢᠯᠡᠳᠦᠯ ᠵᠢᠴᠢ ᠠᠮᠢᠳᠤ ᠪᠣᠳᠠᠰ ᠤᠨ ᠦᠢᠯᠡᠳᠦᠯ ︵ᠵᠢᠱᠢᠶᠡᠯᠡᠪᠡᠯ ᠰᠤᠳᠠᠯ ᠪᠣᠶᠤ ᠭᠠᠪᠠᠯᠨ ᠶᠢᠨ ᠵᠢᠷᠤᠭ ᠠᠪᠬᠤ ᠵᠡᠷᠭᠡ︶ ᠠᠴᠠ ᠪᠣᠢ ᠪᠣᠯᠬᠤ ᠬᠤᠣᠷ ᠬᠦᠨᠦᠭᠡᠯ ᠴᠤ ᠳᠠᠭᠠᠯᠳᠤᠵᠦ ᠪᠠᠶᠢᠳᠠᠭ᠃ ᠲᠡᠷᠡᠴᠢᠯᠡᠨ X ᠰᠠᠴᠤᠷᠠᠭ ᠢᠶᠠᠷ ᠡᠪᠡᠳᠴᠢᠨ ᠣᠨᠣᠰᠢᠯᠠᠬᠤ ᠨᠢ ᠡᠮᠨᠡᠯᠭᠡ ᠶᠢᠨ ᠳᠤᠰᠬᠠᠯᠲᠠ ᠠᠴᠠ ᠣᠯᠠᠨ ᠨᠡᠶᠢᠲᠡ ᠶᠢ ᠬᠠᠮᠠᠭᠠᠯᠠᠬᠤ ᠲᠠᠯ᠎ᠠ  ᠪᠠᠷ ᠴᠤ ᠬᠠᠮᠤᠭ ᠠᠴᠠ ᠠᠷᠪᠢᠨ ᠠᠰᠠᠭᠤᠳᠠᠯ ᠣᠷᠣᠰᠢᠵᠦ᠂ ᠳᠠᠯᠳᠠ ᠬᠤᠣᠷ ᠬᠦᠨᠦᠭᠡᠯ ᠢᠶᠠᠷ ᠬᠠᠮᠤᠭ ᠤᠨ ᠶᠡᠭᠡ ᠨᠢᠭᠡᠨ ᠵᠦᠢᠯ ᠤᠨ ᠰᠠᠴᠤᠷᠠᠭ ᠮᠡᠷᠭᠡᠵᠢᠯ ᠪᠣᠯᠵᠠᠢ᠃ ᠡᠶᠢᠮᠦ ᠠᠴᠠ ᠳᠡᠯᠡᠬᠡᠢ ᠶᠢᠨ ᠰᠠᠴᠤᠷᠠᠭ ᠠᠴᠠ ᠬᠠᠮᠠᠭᠠᠯᠠᠬᠤ ᠵᠦᠪᠯᠡᠯ ︵ICRP︶᠂ ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ︵WHO︶ ᠵᠡᠷᠭᠡ ᠬᠤᠯᠪᠤᠭᠳᠠᠯ ᠪᠦᠬᠦᠢ ᠵᠣᠬᠢᠶᠠᠨ ᠪᠠᠶᠢᠭᠤᠯᠤᠯᠲᠠ ᠪᠣᠯᠣᠨ ᠠᠷᠪᠢᠨ ᠤᠯᠤᠰ ᠣᠷᠣᠨ ᠨᠤᠭᠤᠳ ᠪᠦᠷ ᠡᠭᠦᠨ ᠢ ᠠᠩᠬᠠᠷᠤᠯ ᠳᠠᠭᠠᠨ ᠠᠪᠤᠭᠠᠳ ᠬᠠᠤᠯᠢ ᠲᠦᠷᠢᠮ ᠪᠠᠷᠢᠮᠵᠢᠶ᠎ᠠ ᠭᠤᠷᠢᠮ ᠤᠨ ᠲᠠᠯ᠎ᠠ ᠠᠴᠠ ᠪᠠᠶᠢᠴᠠᠭᠠᠯᠭᠠᠭᠰᠠᠳ ᠪᠠ ᠳᠠᠰᠢᠯᠠᠭᠴᠢᠳ ᠢ ᠬᠠᠮᠠᠭᠠᠯᠠᠬᠤ ᠠᠯᠢ ᠣᠯᠠᠨ ᠠᠷᠭ᠎ᠠ ᠬᠡᠮᠵᠢᠶ᠎ᠡ ᠠᠪᠤᠭᠰᠠᠨ ᠪᠠᠶᠢᠨ᠎ᠠ᠃ ᠡᠭᠦᠨ ᠤ ᠳᠣᠲᠤᠷ᠎ᠠ X ᠰᠠᠴᠤᠷᠠᠭ ᠢᠶᠠᠷ ᠡᠪᠡᠳᠴᠢᠨ ᠪᠠᠶᠢᠴᠠᠭᠠᠬᠤ ᠳᠤ ᠡᠷᠬᠡᠪᠰᠢ ᠵᠦᠢ ᠶᠣᠰᠤᠴᠢ ᠴᠢᠨᠠᠷ ᠤᠨ ᠮᠠᠭᠠᠳᠯᠠᠯᠲᠠ ᠬᠢᠵᠦ᠂ ᠠᠮᠤᠷ ᠲᠦᠪᠰᠢᠨ ᠪᠣᠯᠣᠨ ᠬᠠᠮᠠᠭᠠᠯᠠᠯᠲᠠ  ᠪᠠᠨ ᠣᠬᠢ ᠰᠠᠶᠢᠨᠴᠢᠯᠠᠨ᠂ ᠪᠠᠶᠢᠴᠠᠭᠠᠬᠤ ᠬᠡᠰᠡᠭ ᠤᠨ ᠬᠤᠮᠵᠢᠮ ᠢ ᠨᠢ ᠵᠣᠬᠢᠰᠲᠠᠢ ᠪᠠᠭᠤᠷᠠᠭᠤᠯᠤᠨ᠂ ᠦᠯᠦ ᠪᠠᠶᠢᠴᠠᠭᠠᠬᠤ ᠬᠡᠰᠡᠭ ᠢ ᠨᠢ ᠬᠠᠮᠠᠭᠠᠯᠠᠬᠤ ᠪᠣᠯ ᠭᠤᠣᠯ ᠠᠷᠭ᠎ᠠ ᠤᠬᠠᠭᠠᠨ ᠪᠣᠯᠣᠨ᠎ᠠ᠃        ᠨᠢᠭᠡ᠂ X ᠰᠠᠴᠤᠷᠠᠭ ᠢᠶᠠᠷ ᠡᠪᠡᠳᠴᠢᠨ ᠪᠠᠶᠢᠴᠠᠭᠠᠬᠤ ᠶᠢ ᠵᠦᠢ ᠶᠣᠰᠤᠴᠢᠯᠠᠬᠤ ᠤᠬᠠᠭᠠᠨ        X ᠰᠠᠴᠤᠷᠠᠭ ᠢᠶᠠᠷ ᠡᠪᠡᠳᠴᠢᠨ ᠪᠠᠶᠢᠴᠠᠭᠠᠬᠤ ᠶᠢᠨ ᠬᠤᠣᠷ ᠬᠦᠨᠦᠭᠡᠯ ᠨᠢ ᠣᠨᠣᠰᠢᠯᠠᠭᠤᠯᠤᠭᠴᠢᠳ ᠤᠨ ᠲᠡᠭᠦᠨ ᠠᠴᠠ ᠬᠦᠷᠲᠡᠬᠦ ᠠᠰᠢᠭ ᠲᠤᠰᠨ ᠳᠠᠷᠤᠢ ᠡᠪᠡᠳᠴᠢᠨ ᠢ ᠢᠯᠡᠷᠡᠭᠦᠯᠬᠦ ᠪᠠ ᠡᠷᠲᠡ ᠢᠯᠡᠷᠡᠭᠦᠯᠬᠦ ᠳᠤ ᠳᠠᠷᠤᠭᠳᠠᠨ ᠨᠢᠭᠤᠭᠳᠠᠵᠦ ᠪᠠᠶᠢᠳᠠᠭ ᠠᠴᠠ ᠡᠮᠨᠡᠯᠭᠡ ᠶᠢᠨ ᠬᠤᠷᠢᠶ᠎ᠡ᠂ ᠵᠣᠷ ᠤᠨ ᠡᠮᠴᠢ ᠪᠠ ᠰᠠᠴᠤᠷᠠᠭ ᠤᠨ ᠮᠡᠷᠭᠡᠵᠢᠯᠲᠡᠳ ᠨᠢ ᠪᠦᠷ ᠵᠦᠢ ᠶᠣᠰᠤᠲᠤ ᠴᠢᠨᠠᠷ ᠤᠨ ᠮᠠᠭᠠᠳᠯᠠᠯᠲᠠ ᠬᠢᠬᠦ ᠶᠢ ᠲᠤᠩ ᠠᠮᠠᠷᠬᠠᠨ ᠤᠮᠳᠤᠭᠠᠶᠢᠯᠠᠳᠠᠭ᠃ ᠡᠶᠢᠮᠦ ᠠᠴᠠ X ᠰᠠᠴᠤᠷᠠᠭ ᠢᠶᠠᠷ ᠪᠠᠶᠢᠴᠠᠭᠠᠬᠤ  ᠶᠢ ᠬᠠᠮᠢᠶ᠎ᠠ ᠨᠠᠮᠢᠶ᠎ᠠ ᠦᠭᠡᠢ ᠬᠡᠷᠡᠭᠯᠡᠬᠦ ᠦᠵᠡᠭᠳᠡᠯ ᠨᠢᠭᠡᠨᠲᠡ ᠨᠡᠶᠢᠭᠡᠮ ᠤᠨ ᠴᠢᠨᠠᠷᠲᠠᠢ ᠴᠢᠬᠤᠯᠨ ᠠᠰᠠᠭᠤᠳᠠᠯ ᠪᠠ ᠪᠠᠶᠢᠴᠠᠭᠠᠯᠭᠠᠭᠰᠠᠳ ᠢ ᠬᠠᠮᠠᠭᠠᠯᠠᠬᠤ ᠬᠠᠮᠤᠭ ᠤᠨ ᠲᠣᠮᠦ ᠬᠠᠷᠰᠢ ᠰᠠᠭᠠᠳ ᠪᠣᠯᠵᠦ ᠪᠠᠶᠢᠨ᠎ᠠ᠃        1. ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ        X ᠰᠠᠴᠤᠷᠠᠭ ᠢᠶᠠᠷ ᠡᠪᠡᠳᠴᠢᠨ ᠪᠠᠶᠢᠴᠠᠭᠠᠬᠤ ᠶᠢ ᠵᠦᠢ ᠶᠣᠰᠤᠴᠢᠯᠠᠬᠤ ᠶᠢ ᠪᠦᠬᠦ ᠲᠠᠯ᠎ᠠ ᠪᠠᠷ ᠲᠤᠤᠱᠯᠠᠭᠤᠯᠤᠨ ᠬᠡᠷᠡᠭᠵᠢᠭᠦᠯᠬᠦ ᠳᠤ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠪᠣᠯᠣᠨ ᠲᠡᠭᠦᠨ ᠤ ᠬᠠᠮᠢᠶ᠎ᠠ ᠪᠦᠬᠦᠢ ᠬᠠᠮᠢᠶᠠᠷᠤᠯᠲᠠ ᠶᠢᠨ ᠰᠠᠯᠠᠭ᠎ᠠ ᠮᠦᠴᠢᠷ ᠨᠢ ᠴᠢᠬᠤᠯᠨ ᠡᠭᠦᠷᠭᠡ ᠬᠠᠷᠢᠭᠤᠴᠠᠯᠭ᠎ᠠ ᠲᠠᠢ ᠮᠦᠷᠲᠡᠭᠡᠨ ᠵᠠᠩᠬᠢᠯᠠᠭ᠎ᠠ ᠶᠢᠨ ᠴᠢᠨᠠᠷᠲᠠᠢ ᠦᠢᠯᠡᠳᠦᠯ ᠭᠠᠷᠭᠠᠳᠠᠭ᠃        ︵1︶ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠨᠢ X ᠰᠠᠴᠤᠷᠠᠭ ᠢᠶᠠᠷ ᠪᠠᠶᠢᠴᠠᠭᠠᠯᠭᠠᠭᠰᠠᠳ ᠢ ᠬᠠᠮᠠᠭᠠᠯᠠᠬᠤ ᠪᠠ ᠠᠮᠤᠷ ᠲᠦᠪᠰᠢᠨ ᠢ ᠪᠠᠲᠤᠯᠠᠬᠤ ᠬᠠᠷᠢᠭᠤᠴᠠᠯᠭ᠎ᠠ ᠲᠠᠢ ᠲᠤᠯᠠᠲᠠ ᠲᠡᠳᠡᠨ ᠳᠤ ᠬᠦᠴᠦᠨ ᠪᠦᠬᠦᠢ ᠮᠦᠷᠲᠡᠭᠡᠨ ᠠᠮᠤᠷ ᠲᠦᠪᠰᠢᠨ ᠣᠨᠣᠰᠢᠯᠠᠨ ᠪᠠᠶᠢᠴᠠᠭᠠᠯᠲᠠ ᠶᠢ ᠬᠠᠨᠭ᠍ᠭᠠᠪᠠᠯ ᠵᠣᠬᠢᠨ᠎ᠠ᠃ ᠬᠤᠯᠪᠤᠭᠲᠠᠯ ᠪᠦᠬᠦᠢ ᠵᠣᠷ ᠤᠨ ᠡᠮᠴᠢ ᠪᠣᠯᠣᠨ ᠡᠮᠨᠡᠯᠭᠡ ᠶᠢᠨ ᠮᠡᠷᠭᠡᠵᠢᠯᠲᠡᠳ᠂ ᠰᠠᠴᠤᠷᠠᠭ ᠠᠴᠠ ᠬᠠᠮᠠᠭᠠᠯᠠᠬᠤ ᠬᠠᠷᠢᠭᠤᠴᠠᠯᠭᠠᠲᠠᠨ᠂ ᠬᠢᠷᠢ ᠲᠡᠩᠴᠡᠭᠰᠡᠨ ᠲᠤᠰᠬᠠᠢ ᠮᠡᠷᠭᠡᠵᠢᠯᠲᠡᠳ ᠵᠢᠴᠢ ᠲᠡᠳᠡᠨ ᠳᠤ ᠡᠮᠨᠡᠯᠭᠡ ᠶᠢᠨ ᠰᠠᠴᠤᠷᠠᠭ ᠳᠤᠰᠬᠠᠯᠲᠠ ᠶᠢᠨ ᠲᠦᠬᠦᠭᠡᠷᠦᠮᠵᠢ ᠪᠣᠯᠣᠨ ᠰᠠᠴᠤᠷᠠᠭ ᠠᠴᠠ ᠬᠠᠮᠠᠭᠠᠯᠠᠬᠤ ᠡᠳ᠋ ᠬᠡᠷᠡᠭᠰᠡᠯ ᠢ ᠬᠠᠨᠭ᠍ᠭᠠᠭᠰᠠᠳ ᠵᠡᠷᠭᠡ ᠨᠢ ᠪᠠᠰᠨ ᠪᠠᠶᠢᠴᠠᠭᠠᠯᠭᠠᠭᠰᠠᠳ ᠢ ᠬᠠᠮᠠᠭᠠᠯᠠᠬᠤ ᠪᠠ ᠠᠮᠤᠷ ᠲᠦᠪᠰᠢᠨ ᠢ ᠨᠢ ᠪᠠᠲᠤᠯᠠᠬᠤ ᠳᠤ ᠲᠤᠰ ᠲᠤᠰ ᠬᠠᠮᠢᠶ᠎ᠠ ᠪᠦᠬᠦᠢ ᠬᠠᠷᠢᠭᠤᠴᠠᠯᠭ᠎ᠠ ᠶᠢ ᠡᠭᠦᠷᠭᠡᠯᠡᠬᠦ ᠬᠡᠷᠡᠭᠲᠠᠢ᠃        ᠭᠠᠭᠴᠠ ᠬᠦ ᠰᠣᠮᠤ᠂ ᠭᠠᠴᠠᠭ᠎ᠠ᠂ ᠪᠠᠯᠭᠠᠰᠤᠨ ᠤ ᠡᠷᠡᠭᠦᠯ ᠬᠠᠮᠠᠭᠠᠯᠠᠯ ᠤᠨ ᠬᠤᠷᠢᠶᠠᠨ ᠤ ᠲᠤᠰᠠᠯᠠᠭᠴᠢ ᠡᠮᠴᠢ ᠶᠢ ᠪᠠᠭᠲᠠᠭᠠᠭᠰᠠᠨ ᠬᠠᠮᠢᠶ᠎ᠠ ᠪᠦᠬᠦᠢ ᠬᠢᠷᠢ ᠬᠡᠮ  ᠲᠠᠢ ᠡᠮᠴᠢ ᠨᠦᠭᠦᠳ ᠰᠠᠶ᠋ᠢ X ᠰᠠᠴᠤᠷᠠᠭ ᠢᠶᠠᠷ ᠪᠠᠶᠢᠴᠠᠭᠠᠬᠤ ᠡᠷᠡᠮᠡᠯᠵᠡᠯ ᠭᠠᠷᠭᠠᠵᠦ ᠪᠣᠯᠬᠤ ᠪᠦᠭᠡᠳ ᠲᠡᠷᠡᠴᠢᠯᠡᠨ ᠪᠠᠶᠢᠴᠠᠭᠠᠯᠭᠠᠭᠰᠠᠳ ᠢ ᠬᠠᠮᠠᠭᠠᠯᠠᠬᠤ ᠪᠠ ᠠᠮᠤᠷ ᠲᠦᠪᠰᠢᠨ ᠢ ᠨᠢ ᠪᠠᠲᠤᠯᠠᠬᠤ ᠭᠤᠣᠯ ᠡᠭᠦᠷᠭᠡ ᠶᠢ ᠡᠭᠦᠷᠭᠡᠯᠡᠬᠦ ᠬᠡᠷᠡᠭᠲᠠᠢ᠃        ︵2︶ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠨᠢ ᠡᠮᠨᠡᠯᠭᠡ ᠶᠢᠨ ᠬᠠᠮᠢᠶᠠᠷᠤᠯᠲᠠ ᠪᠣᠯᠣᠨ ᠬᠤᠯᠪᠤᠭᠳᠠᠯ ᠪᠦᠬᠦᠢ ᠰᠠᠯᠠᠭ᠎ᠠ ᠲᠠᠰᠤᠭ᠂ ᠰᠠᠴᠤᠷᠠᠭ  ᠠᠴᠠ ᠬᠠᠮᠠᠭᠠᠯᠠᠬᠤ ᠬᠠᠷᠢᠭᠤᠴᠠᠯᠭᠠᠲᠠᠨ ᠨᠡᠩ ᠢᠯᠠᠩᠭᠤᠶ᠎ᠠ ᠡᠮᠴᠢ ᠪᠣᠯᠣᠨ ᠰᠠᠴᠤᠷᠠᠭ ᠤᠨ ᠠᠵᠢᠯᠲᠠᠨ ᠵᠢᠴᠢ ᠰᠣᠪᠢᠯᠠᠭᠴᠢ ᠨᠠᠷ ᠢ ᠲᠠᠪᠲᠠᠨ ᠪᠣᠯᠪᠠᠰᠤᠷᠠᠭᠤᠯᠬᠤ ᠲᠦᠯᠦᠪᠯᠡᠭᠡ ᠲᠣᠭᠲᠠᠭᠠᠵᠦ᠂ ᠲᠡᠳᠡᠨ ᠳᠤ ᠰᠠᠴᠤᠷᠠᠭ ᠠᠴᠠ ᠬᠠᠮᠠᠭᠠᠯᠠᠬᠤ ᠬᠠᠮᠢᠶ᠎ᠠ ᠪᠦᠬᠦᠢ ᠮᠡᠳᠡᠯᠭᠡ ᠶᠢᠨ ᠪᠣᠯᠪᠠᠰᠤᠷᠠᠯ ᠬᠦᠷᠲᠡᠭᠡᠵᠦ᠂ ᠪᠠᠶᠢᠴᠠᠭᠠᠯᠭᠠᠭᠰᠠᠳ ᠢ ᠬᠠᠮᠠᠭᠠᠯᠠᠬᠤ ᠶᠢ ᠬᠦᠨᠳᠦᠳᠬᠡᠬᠦ ᠪᠠ X ᠰᠠᠴᠤᠷᠠᠭ ᠢᠶᠠᠷ ᠣᠨᠣᠰᠢᠯᠠᠬᠤ ᠳᠤ ᠪᠠᠶᠢᠴᠠᠭᠠᠯᠭᠠᠭᠰᠠᠳ ᠲᠤ ᠳᠠᠭᠠᠯᠳᠤᠬᠤ ᠠᠶᠤᠯ ᠲᠦᠭᠰᠢᠭᠦᠷᠢ ᠵᠢᠴᠢ X ᠰᠠᠴᠤᠷᠠᠭ ᠢᠶᠠᠷ ᠪᠠᠶᠢᠴᠠᠭᠠᠬᠤ ᠶᠢ ᠵᠦᠢ ᠵᠣᠬᠢᠰᠲᠠᠢ ᠪᠠᠷ ᠬᠡᠷᠡᠭᠯᠡᠬᠦ ᠤᠬᠠᠭᠤᠯᠭ᠎ᠠ ᠶᠢ ᠰᠠᠶᠢᠲᠤᠷ ᠬᠢᠵᠦ᠂ ᠡᠷᠤᠢ ᠬᠤᠷᠤᠢ ᠦᠭᠡᠢ ᠲᠤᠷ᠎ᠠ ᠪᠠᠷ ᠢᠶᠠᠨ ᠬᠡᠷᠡᠭᠯᠡᠬᠦ ᠶᠢ ᠦᠨᠳᠤᠰᠤᠨ ᠠᠴᠠ ᠨᠢ ᠲᠠᠰᠤᠯᠬᠤ ᠬᠡᠷᠡᠭᠲᠠᠢ᠃ ᠲᠡᠷᠡᠴᠢᠯᠡᠨ ᠰᠠᠴᠤᠷᠠᠭ ᠤᠨ ᠠᠵᠢᠯᠲᠠᠳ ᠨᠢ ᠠᠵᠢᠯ ᠤᠨ ᠦᠨᠡᠮᠯᠡᠯ᠂ ᠡᠮᠨᠡᠯᠭᠡ ᠶᠢᠨ ᠮᠡᠷᠭᠡᠵᠢᠯᠲᠡᠳ ᠨᠢ ᠪᠠᠰᠨ ᠬᠠᠮᠢᠶ᠎ᠠ ᠪᠦᠬᠦᠢ ᠲᠤᠰᠬᠠᠢ ᠮᠡᠷᠭᠡᠵᠢᠯ ᠤᠨ ᠴᠢᠳᠠᠪᠤᠷᠢ ᠶᠢᠨ ᠬᠢᠷᠢ ᠬᠡᠮ ᠲᠠᠢ ᠪᠠᠶᠢᠬᠤ ᠮᠦᠷᠲᠡᠭᠡᠨ ᠵᠢᠭᠠᠨ ᠲᠣᠭᠲᠠᠭᠠᠭᠰᠠᠨ ᠡᠭᠦᠷᠭᠡ ᠶᠢ ᠡᠭᠦᠷᠭᠡᠯᠡᠬᠦ ᠬᠡᠷᠡᠭᠲᠠᠢ᠃        ︵3︶ ᠡᠮᠨᠡᠯᠭᠡ ᠶᠢᠨ ᠬᠤᠷᠢᠶ᠎ᠠ ᠨᠢ ᠰᠠᠴᠤᠷᠠᠭ ᠤᠨ ᠰᠠᠯᠠᠭᠠᠨ ᠤ ᠠᠵᠢᠯ ᠤᠨ ᠦᠷ᠎ᠡ ᠪᠦᠲᠦᠮᠵᠢ ᠶᠢ ᠬᠡᠮᠨᠡᠬᠦ ᠳᠡᠭᠡᠨ ᠠᠵᠦ ᠠᠬᠤᠢ ᠶᠢᠨ ᠦᠷ᠎ᠡ ᠠᠰᠢᠭ ᠪᠢᠰᠢ ᠬᠠᠷᠢᠨ X ᠰᠠᠴᠤᠷᠠᠭ ᠢ ᠵᠦᠢ ᠵᠣᠬᠢᠰᠲᠠᠢ ᠬᠡᠷᠡᠭᠯᠡᠭᠰᠡᠨ ᠡᠰᠡᠬᠦ ᠪᠠᠷ ᠪᠠᠷᠢᠮᠵᠢᠶᠠᠯᠠᠬᠤ ᠬᠡᠷᠡᠭᠲᠠᠢ᠃ ᠢᠡᠭᠭᠢᠮᠠᠨᠵᠢᠨ ᠰᠠᠶ᠋ᠢ ᠪᠠᠶᠢᠴᠠᠭᠠᠯᠭᠠᠵᠦ ᠪᠠᠶᠢᠬᠤ ᠬᠤᠪᠢ ᠬᠦᠮᠦᠨ ᠪᠣᠯᠣᠨ ᠣᠯᠠᠨ ᠨᠡᠶᠢᠲᠡ ᠶᠢᠨ ᠬᠠᠪᠤᠳᠠᠷ ᠪᠣᠶᠤ ᠦᠮᠡᠨ ᠣᠯᠬᠤ ᠲᠣᠬᠢᠶᠠᠯ ᠢ ᠨᠢ ᠪᠠᠭᠠᠰᠬᠠᠬᠤ ᠶᠢᠨ ᠬᠠᠮᠲᠤ ᠪᠠᠶᠢᠴᠠᠭᠠᠨ ᠳᠣᠲᠤᠯᠠᠬᠤ ᠴᠢᠨᠠᠷ ᠴᠢᠨᠰᠠᠭ᠎ᠠ ᠶᠢ ᠴᠤ ᠪᠠᠲᠤᠯᠠᠵᠦ ᠴᠢᠳᠠᠨ᠎ᠠ᠃ ᠲᠡᠷᠨ ᠨᠢ X ᠰᠠᠴᠤᠷᠠᠭ ᠢᠶᠠᠷ ᠣᠨᠣᠰᠢᠯᠠᠬᠤ ᠠᠴᠠ ᠪᠣᠯᠤᠭᠰᠠᠨ ᠤᠯᠤᠰ ᠠᠷᠠᠳ ᠤᠨ ᠬᠤᠮᠵᠢᠮ ᠤᠨ ᠳᠠᠷᠤᠭᠠᠰᠤ ᠶᠢ ᠬᠦᠡᠭᠭᠡᠯᠡᠬᠦ ᠪᠠ ᠠᠪᠴᠢᠷᠠᠵᠦ ᠮᠡᠳᠡᠬᠦ ᠳᠠᠯᠳᠠ ᠬᠤᠣᠷ ᠬᠦᠨᠦᠭᠡᠯ ᠢ ᠪᠠᠭᠠᠰᠬᠠᠨ᠂ X ᠰᠠᠴᠤᠷᠠᠭ ᠢᠶᠠᠷ ᠣᠨᠣᠰᠢᠯᠠᠬᠤ ᠶᠢᠨ ᠠᠴᠢ ᠲᠤᠰᠨ ᠶᠢ ᠳᠡᠭᠡᠭᠰᠢᠯᠡᠭᠦᠯᠬᠦ ᠳᠤ ᠴᠢᠬᠤᠯᠨ ᠤᠳᠬ᠎ᠠ ᠠᠭᠤᠯᠭ᠎ᠠ ᠲᠠᠢ ᠪᠠᠶᠢᠳᠠᠭ᠃        ︵4︶ ᠡᠮᠨᠡᠯᠭᠡ ᠶᠢᠨ ᠬᠤᠷᠢᠶ᠎ᠠ ᠨᠢ ᠴᠢᠨᠠᠷ ᠴᠢᠨᠰᠠᠭ᠎ᠠ ᠨᠢ ᠬᠢᠷᠢ ᠲᠡᠩᠴᠡᠭᠰᠡᠨ X ᠰᠠᠴᠤᠷᠠᠭ ᠤᠨ ᠣᠨᠤᠰᠢᠯᠠᠬᠤ ᠮᠠᠰᠢᠨ ᠪᠣᠯᠣᠨ ᠬᠠᠮᠢᠶ᠎ᠠ ᠪᠦᠬᠦᠢ ᠬᠠᠮᠠᠭᠠᠯᠠᠬᠤ ᠬᠡᠷᠡᠭᠰᠡᠯ᠂ ᠳᠠᠭᠠᠯᠲᠠ ᠲᠦᠬᠦᠭᠡᠷᠦᠮᠵᠢ ᠶᠢ ᠪᠡᠯᠡᠳᠬᠡᠨ ᠲᠣᠬᠢᠷᠠᠭᠤᠯᠵᠦ᠂ X ᠰᠠᠴᠤᠷᠠᠭ ᠢᠶᠠᠷ ᠣᠨᠣᠰᠢᠯᠠᠨ ᠪᠠᠶᠢᠴᠠᠭᠠᠬᠤ ᠠᠵᠢᠯ ᠤᠨ ᠲᠠᠯᠠᠪᠤᠷ ᠪᠣᠯᠣᠨ ᠬᠠᠮᠠᠭᠠᠯᠠᠯᠲᠠ ᠶᠢᠨ ᠲᠦᠬᠦᠭᠡᠷᠦᠮᠵᠢ ᠶᠢ ᠵᠦᠢ ᠵᠣᠬᠢᠰᠲᠠᠢ ᠪᠠᠶᠢᠭᠤᠯᠵᠦ᠂ ᠲᠡᠷᠡᠴᠢᠯᠡᠨ ᠡᠯ᠎ᠡ ᠵᠦᠢᠯ ᠤᠨ ᠬᠠᠮᠢᠶ᠎ᠠ ᠪᠦᠬᠦᠢ ᠪᠠᠷᠢᠮᠵᠢᠶ᠎ᠠ ᠶᠢᠨ ᠱᠠᠭᠠᠷᠳᠠᠯᠭ᠎ᠠ ᠳᠤ ᠨᠡᠶᠢᠴᠡᠭᠦᠯᠬᠦ ᠬᠡᠷᠡᠭᠲᠠᠢ᠃ X ᠰᠠᠴᠤᠷᠠᠭ ᠤᠨ ᠮᠠᠰᠢᠨ ᠪᠣᠯᠣᠨ ᠡᠯ᠎ᠡ ᠵᠦᠢᠯ ᠤᠨ ᠬᠠᠮᠠᠭᠠᠯᠠᠯᠲᠠ ᠶᠢᠨ ᠡᠳ᠋ ᠬᠡᠷᠡᠭᠰᠡᠯ ᠤᠨ ᠴᠢᠨᠠᠷ ᠴᠢᠨᠰᠠᠭ᠎ᠠ ᠪᠣᠯ ᠣᠬᠢ ᠰᠠᠶᠢᠨ ᠵᠢᠷᠤᠭ ᠳᠦᠷᠰᠤ ᠶᠢᠨ ᠣᠨᠤᠰᠢᠯᠠᠬᠤ ᠲᠠᠨᠤᠭ ᠢ ᠣᠯᠬᠤ ᠪᠠ ᠪᠠᠶᠢᠴᠠᠭᠠᠯᠭᠠᠭᠰᠠᠳ ᠤᠨ ᠬᠦᠷᠲᠡᠬᠦ ᠬᠤᠮᠵᠢᠮ ᠢ ᠪᠠᠭᠠᠰᠬᠠᠵᠦ᠂ ᠦᠯᠦ ᠪᠠᠶᠢᠴᠠᠭᠠᠬᠤ ᠬᠡᠰᠡᠭ ᠢ ᠨᠢ ᠰᠠᠶᠢᠲᠤᠷ ᠬᠠᠮᠠᠭᠠᠯᠠᠬᠤ ᠦᠨᠳᠦᠰᠦᠨ ᠨᠦᠭᠦᠴᠡᠯ ᠮᠦᠨ᠃ ᠡᠶᠢᠮᠦ ᠠᠴᠠ ᠠᠯᠢ ᠴᠢᠳᠠᠬᠤ ᠪᠠᠷ ᠳᠠᠪᠰᠢᠩᠭᠤᠢ ᠮᠠᠰᠢᠨ ᠲᠦᠬᠦᠭᠡᠷᠦᠮᠵᠢ ᠪᠠ ᠣᠨᠣᠰᠢᠯᠠᠬᠤ ᠮᠡᠷᠭᠡᠵᠢᠯ ᠢ ᠰᠣᠩᠭᠤᠨ ᠬᠡᠷᠡᠭᠯᠡᠵᠦ᠂ ᠰᠠᠴᠤᠷᠠᠭ ᠤᠨ ᠠᠵᠢᠯᠲᠠᠳ ᠠᠴᠠ ᠪᠠᠶᠢᠴᠠᠭᠠᠯᠭᠠᠭᠰᠠᠳ ᠤᠨ ᠬᠠᠮᠠᠭᠠᠯᠠᠯᠲᠠ ᠶᠢ ᠣᠬᠢ ᠰᠠᠶᠢᠨᠴᠢᠯᠠᠬᠤ ᠳᠤ ᠨᠦᠭᠦᠴᠡᠯ ᠪᠦᠷᠢᠯᠳᠦᠭᠦᠯᠬᠦ ᠬᠡᠷᠡᠭᠲᠠᠢ᠃ ᠣᠳᠣᠬᠠᠨ ᠳᠤ X ᠰᠠᠴᠤᠷᠠᠭ ᠤᠨ ᠣᠨᠤᠰᠢᠯᠠᠬᠤ ᠮᠠᠰᠢᠨ ᠤ ᠴᠢᠨᠠᠷ ᠴᠢᠨᠰᠠᠭ᠎ᠠ ᠶᠢ ᠪᠠᠲᠤᠯᠠᠬᠤ ᠳᠤ ᠮᠦᠨ ᠬᠦ ᠶᠡᠭᠡ ᠬᠦᠴᠦᠨ ᠲᠠᠯᠪᠢᠬᠤ ᠴᠢᠬᠤᠯᠠᠲᠠᠢ ᠪᠠᠶᠢᠨ᠎ᠠ᠃ ᠨᠡᠩ ᠢᠯᠠᠩᠭᠤᠶ᠎ᠠ ᠪᠠᠭ᠎ᠠ ᠮᠢᠯᠢ ᠠᠮᠫᠧᠷ ︵mA︶ ᠤᠨ ᠮᠠᠰᠢᠨ ᠤ ᠴᠢᠨᠠᠷ ᠴᠢᠰᠠᠭ᠎ᠠ ᠬᠢᠷᠢ ᠲᠡᠩᠴᠡᠬᠦ ᠨᠢ ᠴᠦᠬᠡᠨ ᠪᠠᠶᠢᠳᠠᠭ᠂ ᠬᠡᠷᠡᠭᠴᠡᠭᠡᠲᠤ ᠰᠠᠴᠤᠷᠠᠭ ᠤᠨ ᠪᠠᠳ ᠨᠢ ᠪᠠᠷᠢᠮᠵᠢᠶ᠎ᠡ ᠠᠴᠠ ᠪᠦᠷ ᠬᠡᠲᠦᠷᠡᠳᠡᠭ᠃ ᠪᠢ ᠮᠢᠩᠭ᠎ᠠ ᠶᠢᠰᠤᠨ ᠵᠠᠭᠤ ᠶᠡᠷᠡᠭᠡᠳ ᠣᠨ ᠳᠤ ᠮᠠᠨ ᠤ ᠦᠪᠦᠷ ᠮᠣᠩᠭᠤᠯ ᠤᠨ ᠢᠶᠠᠨ ᠡᠯ᠎ᠡ ᠵᠦᠢᠯ ᠤᠨ X ᠰᠠᠴᠤᠷᠠᠭ ᠤᠨ ᠮᠢᠩᠭ᠎ᠠ ᠰᠢᠬᠠᠮ ᠮᠠᠰᠢᠨ ᠤ ᠴᠢᠨᠠᠷ ᠴᠢᠨᠰᠠᠭ᠎ᠠ ᠶᠢ ᠬᠡᠮᠵᠢᠨ ᠪᠠᠶᠢᠴᠠᠭᠠᠭᠰᠠᠨ ᠳᠤ ᠵᠢᠷᠭᠤᠭᠠᠨ ᠵᠦᠢᠯ ᠤᠨ ᠴᠢᠨᠠᠷ ᠴᠢᠨᠰᠠᠭ᠎ᠠ ᠨᠢ ᠪᠦᠬᠦᠨ ᠢᠶᠠᠷ ᠢᠶᠠᠨ ᠪᠠᠷᠢᠮᠵᠢᠶ᠎ᠠ ᠳᠤ ᠬᠦᠷᠦᠭᠰᠡᠨ ᠨᠢ ᠠᠷᠠᠢ ᠬᠠᠭᠠᠰ ᠬᠦᠷᠬᠦ ᠦᠭᠡᠢ ᠪᠠᠶᠢᠵᠦ᠂ ᠲᠡᠳᠡᠭᠡᠷ ᠬᠢᠷᠢ ᠳᠤ ᠬᠦᠷᠬᠦ ᠦᠭᠡᠢ ᠮᠠᠰᠢᠨ ᠨᠤᠭᠤᠳ ᠨᠢ ᠪᠦᠷ ᠦᠨᠳᠦᠰᠦᠨ ᠱᠠᠲᠤᠨ ᠳᠤ ᠲᠦᠪᠯᠡᠷᠡᠵᠦ ᠪᠠᠶᠢᠯ᠎ᠠ᠃        ︵5︶ ᠡᠮᠨᠡᠯᠭᠡ ᠶᠢᠨ ᠬᠤᠷᠢᠶ᠎ᠠ ᠨᠢ ᠪᠠᠶᠢᠴᠠᠭᠠᠯᠭᠠᠭᠰᠠᠳ ᠲᠤ ᠠᠭᠤᠵᠢᠮ ᠰᠠᠷᠠᠭᠤᠯ ᠮᠦᠷᠲᠡᠭᠡᠨ ᠵᠤᠨ ᠰᠡᠷᠢᠭᠦᠨ ᠡᠪᠦᠯ ᠲᠤᠯᠠᠭᠠᠬᠠᠨ ᠳ᠋ᠤᠭᠠᠷ ᠬᠦᠯᠢᠶᠡᠬᠦ ᠦᠷᠦᠭᠡ ᠶᠢ ᠬᠠᠨᠭ᠍ᠭᠠᠵᠦ᠂ ᠰᠠᠴᠤᠷᠠᠭ ᠲᠤᠰᠬᠠᠬᠤ ᠦᠷᠦᠭᠡᠨ ᠤ ᠲᠤᠯᠠᠭᠠᠨ ᠤ ᠬᠡᠮᠵᠢᠶ᠎ᠡ ᠶᠢ 20℃ ᠠᠴᠠ ᠳᠡᠭᠡᠭᠰᠢ ᠪᠠᠶᠢᠯᠭᠠᠵᠦ᠂ ᠴᠢᠭᠢᠭ ᠤᠨ ᠬᠡᠮᠵᠢᠶ᠎ᠡ ᠶᠢ ᠨᠢ 70% ᠠᠴᠠ ᠬᠡᠲᠦᠷᠡᠭᠦᠯᠬᠦ ᠦᠭᠡᠢ ᠪᠠᠶᠢᠪᠠᠯ ᠵᠣᠬᠢᠨ᠎ᠠ᠃ ᠪᠠᠰᠨ ᠬᠤᠪᠴᠠᠰᠤ ᠰᠣᠯᠢᠬᠤ ᠦᠷᠦᠭᠡ᠂ ᠬᠤᠪᠴᠠᠰᠤ ᠬᠤᠨᠠᠷ ᠤᠨ ᠡᠯᠭᠦᠬᠦᠷ ᠲᠠᠯᠪᠢᠭᠤᠷ ᠪᠣᠶᠤ ᠳᠠᠰᠢᠩᠭ᠎ᠠ ᠡᠰᠡᠭᠦᠯ᠎ᠡ ᠳᠠᠰᠢᠩᠭᠠᠲᠤ ᠵᠢᠴᠢ ᠰᠠᠭᠤᠵᠦ ᠪᠠᠶᠢᠭᠠᠳ ᠱᠠᠬᠠᠢ ᠭᠤᠲᠤᠯ ᠢᠶᠠᠨ ᠲᠠᠶᠢᠯᠵᠦ ᠡᠮᠦᠰᠬᠦ ᠰᠠᠨᠳᠠᠯᠢ ᠢᠰᠡᠷᠢ᠂ ᠬᠤᠪᠴᠠᠰᠤ ᠰᠣᠯᠢᠭᠰᠠᠨ ᠭᠠᠵᠠᠷ ᠠᠴᠠ ᠪᠠᠶᠢᠴᠠᠭᠠᠬᠤ ᠣᠷᠤ ᠬᠦᠷᠲᠡᠯ᠎ᠡ ᠬᠡᠪᠢᠰ ᠲᠡᠪᠢᠰᠬᠦ ᠵᠡᠷᠭᠡ ᠠᠯᠢ ᠣᠯᠠᠨ ᠠᠷᠭ᠎ᠠ ᠬᠡᠮᠵᠢᠶ᠎ᠡ ᠠᠪᠴᠤ ᠪᠠᠶᠢᠭᠠᠳ ᠲᠠᠭᠠᠲᠠᠢ ᠰᠠᠶᠢᠬᠠᠨ ᠣᠨᠣᠰᠢᠯᠠᠨ ᠵᠠᠰᠠᠬᠤ ᠣᠷᠴᠢᠨ ᠲᠣᠭᠤᠷᠢᠨ ᠢ ᠪᠣᠢ ᠪᠣᠯᠭᠠᠵᠦ᠂ ᠪᠠᠶᠢᠴᠠᠭᠠᠯᠭᠠᠭᠰᠠᠳ ᠤᠨ ᠪᠡᠶ᠎ᠡ ᠰᠡᠳᠬᠢᠯ ᠢ ᠲᠠᠪᠠᠲᠠᠢ ᠪᠠᠶᠢᠯᠭᠠᠬᠤ ᠬᠡᠷᠡᠭᠲᠠᠢ᠃        2. ᠡᠮᠴᠢ ᠨᠠᠷ        ᠡᠪᠡᠳᠴᠢᠳᠠᠨ ᠢ X ᠰᠠᠴᠤᠷᠠᠭ ᠢᠶᠠᠷ ᠪᠠᠶᠢᠴᠠᠭᠠᠬᠤ ᠡᠰᠡᠬᠦ ᠶᠢ ᠣᠳᠣᠬᠠᠨ᠎ᠠ ᠮᠠᠨ ᠤ ᠤᠯᠤᠰ ᠲᠤ ᠭᠤᠣᠯᠳᠠᠭᠤ ᠡᠮᠴᠢ ᠨᠠᠷ ᠠᠳᠬᠤᠵᠦ ᠪᠠᠶᠢᠬᠤ ᠲᠤᠯᠠᠲᠠ ᠲᠡᠷᠨ ᠨᠢ ᠡᠮᠴᠢ ᠠᠴᠠ ᠰᠠᠨᠠᠭᠠᠴᠢᠯᠠᠭ᠎ᠠ ᠲᠠᠢ ᠪᠠᠷ ᠪᠠᠶᠢᠴᠠᠭᠠᠯᠭᠠᠭᠰᠠᠳ ᠲᠤ ᠣᠯᠭᠤᠬᠤ ᠰᠠᠴᠤᠷᠠᠭ ᠤᠨ ᠳᠤᠰᠬᠠᠯᠲᠠ ᠪᠣᠯᠣᠨ᠎ᠠ᠃ ᠲᠡᠷᠡᠴᠢᠯᠡᠨ ᠡᠨᠡ ᠬᠦ ᠳᠤᠰᠬᠠᠯᠲᠠ ᠶᠢ ᠬᠦᠷᠲᠡᠭᠴᠢᠳ ᠨᠢ ᠪᠠᠰᠠ ᠴᠤ X ᠰᠠᠴᠤᠷᠠᠭ ᠤᠨ ᠪᠠᠶᠢᠴᠠᠭᠠᠯᠲᠠ ᠳᠤ ᠰᠢᠭᠤᠳ ᠠᠴᠢ ᠲᠤᠰᠨ ᠶᠢ ᠬᠦᠷᠲᠡᠬᠦ ᠶᠢ ᠬᠦᠰᠡᠭᠴᠢᠳ ᠪᠠᠶᠢᠳᠠᠭ᠃ ᠡᠶᠢᠮᠦ ᠠᠴᠠ ᠡᠮᠴᠢ ᠨᠢ X ᠰᠠᠴᠤᠷᠠᠭ ᠢᠶᠠᠷ ᠪᠠᠶᠢᠴᠠᠭᠠᠯᠭᠠᠭᠰᠠᠳ ᠢ ᠬᠠᠮᠠᠭᠠᠯᠠᠬᠤ ᠪᠠ ᠣᠯᠠᠨ ᠨᠡᠶᠢᠲᠡ ᠶᠢᠨ ᠬᠤᠮᠵᠢᠮ ᠤᠨ ᠳᠠᠷᠤᠭᠠᠰᠤ ᠶᠢ ᠪᠠᠭᠤᠷᠠᠭᠤᠯᠬᠤ ᠲᠠᠯ᠎ᠠ ᠪᠠᠷ ᠴᠢᠬᠤᠯᠨ ᠦᠢᠯᠡᠳᠦᠯ ᠦᠵᠡᠭᠦᠯᠳᠡᠭ᠃        ︵1︶ ᠵᠣᠷ ᠤᠨ ᠡᠮᠴᠢ ᠨᠠᠷ X ᠰᠠᠴᠤᠷᠠᠭ ᠢᠶᠠᠷ ᠣᠨᠣᠰᠢᠯᠠᠬᠤ ᠨᠢ ᠪᠠᠶᠢᠴᠠᠭᠠᠯᠭᠠᠭᠰᠠᠳ ᠲᠤ ᠪᠠᠰᠨ ᠬᠤᠣᠷ ᠬᠦᠨᠦᠭᠡᠯ ᠳᠠᠭᠠᠯᠳᠤᠵᠦ ᠪᠠᠶᠢᠳᠠᠭ ᠭᠡᠳᠡᠭ ᠢ ᠴᠠᠭ ᠢᠮᠠᠭᠲᠠ ᠰᠠᠨᠠᠵᠦ᠂ ᠲᠡᠭᠦᠨ ᠢ ᠬᠡᠷᠡᠭᠯᠡᠬᠦ ᠳᠡᠭᠡᠨ ᠶᠠᠭᠤᠨ ᠤ ᠤᠷᠢᠳ ᠵᠦᠢ ᠶᠣᠰᠤᠴᠢ ᠴᠢᠨᠠᠷ ᠤᠨ ᠮᠠᠭᠠᠳᠯᠠᠯᠲᠠ ᠬᠢᠵᠦ᠂ ᠠᠰᠢᠭ ᠬᠤᠣᠷ ᠢ ᠨᠢ ᠨᠠᠷᠢᠨ ᠬᠢᠨᠠᠮᠠᠭᠠᠢ  ᠪᠠᠷ ᠪᠣᠳᠤᠯᠬᠢᠯᠠᠨ ᠲᠤᠩᠭᠠᠬᠤ ᠬᠡᠷᠡᠭᠲᠡᠢ᠃ ᠢᠯᠠᠩᠭᠤᠶ᠎ᠠ ᠰᠠᠴᠤᠷᠠᠭ ᠲᠤ ᠰᠡᠷᠭᠡᠭ ᠬᠦᠮᠦᠰ ᠵᠢᠱᠢᠶᠡᠯᠡᠪᠡᠯ ᠬᠡᠤᠬᠡᠳ᠂ ᠲᠦᠷᠦᠬᠦ ᠨᠠᠰᠤᠨ ᠤ ᠪᠠ ᠵᠢᠷᠮᠦᠰᠦᠨ ᠬᠦᠮᠦᠰ ᠲᠤ X ᠰᠠᠴᠤᠷᠠᠭ ᠤᠨ ᠪᠠᠶᠢᠴᠠᠭᠠᠯᠲᠠ ᠬᠢᠬᠦ ᠡᠰᠡᠬᠦ ᠳᠤ ᠨᠡᠩ ᠢᠯᠡᠭᠦᠦ ᠪᠣᠯᠭᠤᠮᠵᠢᠲᠠᠢ ᠮᠠᠭᠠᠳᠯᠠᠯᠲᠠ ᠬᠢᠬᠦ ᠬᠡᠷᠡᠭᠲᠠᠢ᠃ ᠵᠦᠢ ᠶᠣᠰᠤᠴᠢ ᠴᠢᠨᠠᠷ ᠤᠨ ᠮᠠᠭᠠᠳᠯᠠᠯᠲᠠ ᠳᠤ ᠨᠡᠶᠢᠴᠡᠬᠦ ᠦᠭᠡᠢ ᠳᠤᠨᠢ X ᠰᠠᠴᠤᠷᠠᠭ ᠤᠨ ᠪᠠᠶᠢᠴᠠᠭᠠᠯᠲᠠ ᠶᠢ ᠬᠢᠵᠦ ᠪᠣᠯᠬᠤ ᠦᠭᠡᠢ᠃        ︵2︶ ᠡᠮᠴᠢ ᠨᠠᠷ ᠡᠷᠬᠡᠪᠰᠢ ᠳᠡᠷᠡ ᠬᠦ ᠰᠣᠬᠤᠷ ᠪᠠᠯᠠᠢ ᠪᠠᠷ X ᠰᠠᠴᠤᠷᠠᠭ ᠢᠶᠠᠷ ᠣᠨᠣᠰᠢᠯᠠᠬᠤ ᠶᠢ ᠪᠠᠶᠢᠡᠭᠭᠤ ᠶᠢᠨ ᠠᠷᠭ᠎ᠠ ᠪᠠᠷᠢᠯ ᠪᠣᠯᠭᠠᠳᠠᠭ ᠮᠠᠭᠤ ᠳᠠᠳᠬᠠᠯ ᠢᠶᠠᠨ ᠲᠠᠶᠠᠭᠳᠠᠵᠦ᠂ ᠪᠠᠶᠢᠴᠠᠭᠠᠯᠭᠠᠭᠰᠠᠳ ᠤᠨ ᠡᠪᠡᠳᠴᠢᠨ ᠤ ᠲᠡᠤᠬᠡ᠂ ᠡᠪᠡᠳᠴᠢᠨ ᠤ ᠢᠯᠡᠷᠡᠯ᠂ ᠦᠪᠡᠷ ᠤᠨ ᠢᠶᠠᠨ ᠪᠠᠶᠢᠴᠠᠭᠠᠭᠰᠠᠨ ᠪᠠᠶᠢᠳᠠᠯ᠂ ᠬᠢᠮᠢ ᠶᠢᠨ ᠰᠢᠯᠭᠠᠯᠲᠠ ᠶᠢᠨ ᠳ᠋ᠦᠡᠭ ᠵᠡᠷᠭᠡ ᠶᠢ ᠦᠨᠳᠦᠰᠦᠯᠡᠨ᠂ ᠡᠮᠴᠢᠯᠡᠪᠦᠷᠢ ᠶᠢᠨ ᠵᠦᠪ ᠮᠠᠭᠠᠳᠯᠠᠯᠲᠠ ᠬᠢᠵᠦ ᠲᠡᠷᠡᠴᠢᠯᠡᠨ ᠶᠠᠭᠤᠨ ᠤ ᠤᠷᠢᠳ ᠰᠠᠴᠤᠷᠠᠭ ᠤᠨ ᠪᠣᠰᠤ ᠠᠷᠭ᠎ᠠ ᠪᠠᠷ ᠪᠠᠶᠢᠴᠠᠭᠠᠬᠤ ᠶᠢ ᠪᠣᠳᠤᠯᠬᠢᠯᠠᠬᠤ ᠬᠡᠷᠡᠭᠲᠡᠢ᠃        ︵3︶ X ᠰᠠᠴᠤᠷᠠᠭ ᠢᠶᠠᠷ ᠪᠠᠶᠢᠴᠠᠭᠠᠬᠤ ᠨᠢ ᠬᠠᠮᠤᠭ ᠵᠣᠬᠢᠮᠵᠢᠲᠠᠢ ᠪᠣᠶᠤ ᠣᠨᠴᠠ ᠵᠠᠷᠢᠮ ᠪᠠᠶᠢᠳᠠᠯ ᠳᠤ ᠴᠣᠷ ᠤᠨ ᠭᠠᠭᠴᠠ ᠠᠷᠭ᠎ᠠ ᠭᠡᠳᠡᠭ ᠢ ᠨᠣᠲᠠᠯᠠᠭᠰᠠᠨ ᠤ ᠳᠠᠷᠠᠭ᠎ᠠ ᠰᠠᠶ᠋ᠢ X ᠰᠠᠴᠤᠷᠠᠭ ᠤᠨ ᠪᠠᠶᠢᠴᠠᠭᠠᠯᠲᠠ ᠬᠢᠬᠦ ᠶᠢ ᠪᠣᠳᠤᠯᠬᠢᠯᠠᠨ᠎ᠠ᠃ ᠤᠯᠠᠮᠵᠢᠯᠠᠯᠲᠤ X ᠰᠠᠴᠤᠷᠠᠭ ᠢᠶᠠᠷ ᠣᠨᠣᠰᠢᠯᠠᠬᠤ ᠴᠤ ᠲᠡᠷᠨ ᠡᠰᠡᠭᠦᠯ᠎ᠡ ᠲᠣᠭᠠᠴᠠᠯᠠᠭᠰᠠᠨ X ᠰᠠᠴᠤᠷᠠᠭ ᠢᠶᠠᠷ ᠣᠨᠣᠰᠢᠯᠠᠬᠤ ᠴᠤ ᠲᠡᠷᠨ᠂ ᠴᠦᠮ ᠲᠤᠰ ᠲᠤᠰ ᠤᠨ ᠢᠶᠠᠨ ᠰᠠᠶᠢᠨ ᠲᠠᠯ᠎ᠠ ᠪᠠ ᠬᠦᠷᠦᠯᠴᠡᠬᠦ ᠦᠭᠡᠢ ᠵᠦᠢᠯ ᠪᠠᠶᠢᠬᠤ ᠪᠣᠯᠬᠤᠷ ᠲᠠᠭᠠᠷᠠᠬᠤ ᠡᠪᠡᠳᠴᠢᠨ ᠪᠣᠯᠣᠨ ᠴᠡᠭᠡᠷᠯᠡᠯ ᠲᠠᠢ ᠡᠪᠡᠳᠴᠢᠨ ᠢ ᠵᠠᠪᠠᠯ ᠣᠯᠵᠦ ᠠᠳᠬᠤᠬᠤ ᠬᠡᠷᠡᠭᠲᠠᠢ᠃        ︵4︶ X ᠰᠠᠴᠤᠷᠠᠭ ᠢᠶᠠᠷ ᠪᠠᠶᠢᠴᠠᠭᠠᠨ ᠣᠯᠬᠤ ᠳᠠᠨᠤᠭ ᠤᠨ ᠵᠢᠱᠢᠯᠲᠡ᠂ ᠵᠢᠴᠢ ᠪᠠᠶᠢᠴᠠᠭᠠᠯᠲᠠ ᠶᠢᠨ ᠦᠷ᠎ᠡ ᠳ᠋ᠦᠡᠭ ᠨᠢ ᠡᠪᠡᠳᠴᠢᠨ ᠤ ᠲᠣᠳᠤᠯᠠᠯᠲᠠ ᠪᠣᠯᠣᠨ ᠳᠠᠷᠠᠭᠠᠬᠢ ᠵᠠᠰᠠᠯᠭ᠎ᠠ ᠳᠠᠬᠢ ᠨᠦᠯᠦᠭᠡ ᠵᠡᠷᠭᠡ ᠲᠠᠯ᠎ᠠ ᠪᠠᠷ ᠵᠦᠪ ᠣᠨᠣᠪᠴᠢᠲᠠᠢ ᠪᠠᠷᠤᠭᠴᠠᠭᠠᠵᠦ᠂ ᠪᠠᠶᠢᠴᠠᠭᠠᠯᠭᠠᠭᠰᠠᠳ ᠲᠤ ᠬᠠᠮᠤᠭ ᠠᠴᠠ ᠲᠤᠬᠢᠷᠠᠬᠤ ᠮᠦᠷᠲᠡᠭᠡᠨ ᠳᠠᠭᠠᠯᠳᠤᠬᠤ ᠬᠤᠣᠷ ᠬᠦᠨᠦᠭᠡᠯ ᠪᠣᠶᠤ ᠠᠶᠤᠯ ᠲᠦᠭᠰᠢᠭᠦᠷᠢ ᠨᠢ ᠬᠠᠮᠤᠭ ᠠᠴᠠ ᠪᠠᠭ᠎ᠠ᠂ ᠲᠡᠷᠡᠴᠢᠯᠡᠨ ᠦᠨᠡᠩᠬᠦ ᠠᠰᠢᠭ ᠲᠤᠰᠨ ᠪᠣᠯᠬᠤ ᠨᠢᠭᠡᠨ ᠵᠦᠢᠯ ᠤᠨ ᠪᠠᠶᠢᠴᠠᠭᠠᠯᠲᠠ ᠪᠣᠯᠭᠠᠬᠤ ᠨᠢ ᠴᠢᠬᠤᠯᠨ ᠪᠣᠯᠣᠨ᠎ᠠ᠃        ︵5︶ X ᠰᠠᠴᠤᠷᠠᠭ ᠢᠶᠠᠷ ᠡᠪᠡᠳᠴᠢᠨ ᠪᠠᠶᠢᠴᠠᠭᠠᠬᠤ ᠶᠢ ᠵᠦᠢ ᠵᠣᠬᠢᠰᠲᠠᠢ ᠬᠡᠷᠡᠭᠯᠡᠵᠦ᠂ ᠠᠯᠢ ᠴᠢᠳᠠᠬᠤ ᠪᠠᠷ ᠬᠡᠷᠡᠭ ᠦᠭᠡᠢ ᠳᠠᠪᠲᠠᠨ ᠪᠠᠶᠢᠴᠠᠭᠠᠬᠤ ᠪᠠ ᠠᠷᠪᠢᠨ ᠪᠠᠶᠢᠴᠠᠭᠠᠬᠤ ᠶᠢ ᠴᠡᠭᠡᠷᠯᠡᠬᠦ ᠪᠣᠶᠤ ᠴᠦᠭᠡᠳᠬᠡᠬᠦ ᠬᠡᠷᠡᠭᠲᠠᠢ᠃ ᠵᠢᠱᠢᠶᠡᠯᠡᠪᠡᠯ ᠪᠠᠶᠢᠴᠠᠭᠠᠯᠭᠠᠭᠰᠠᠳ ᠲᠤ ᠪᠣᠰᠤᠳ ᠡᠮᠨᠡᠯᠭᠡ ᠶᠢᠨ ᠬᠤᠷᠢᠶᠠᠨ ᠤ ᠬᠢᠷᠢ ᠳᠤ ᠲᠡᠩᠴᠡᠭᠰᠡᠨ X ᠰᠠᠴᠤᠷᠠᠭ ᠤᠨ ᠵᠢᠷᠤᠭ ᠪᠠᠶᠢᠲᠠᠯ᠎ᠠ ᠪᠠᠰᠨ ᠳᠠᠬᠢᠨ X ᠰᠠᠴᠤᠷᠠᠭ ᠤᠨ ᠪᠠᠶᠢᠴᠠᠭᠠᠯᠲᠠ ᠬᠢᠯᠭᠡᠬᠦ︔ X ᠰᠠᠴᠤᠷᠠᠭ ᠢᠶᠠᠷ ᠪᠡᠶ᠎ᠡ ᠶᠢᠨ ᠨᠢᠭᠡ ᠬᠡᠰᠡᠭ ᠭᠠᠵᠠᠷ ᠢ ᠨᠢ ᠪᠠᠶᠢᠴᠠᠭᠠᠪᠠᠯ ᠳᠠᠷᠤᠢ ᠳᠣᠳᠣᠯᠠᠵᠦ ᠪᠣᠯᠬᠤ ᠡᠪᠡᠳᠴᠢᠨ ᠳᠤ ᠣᠯᠠᠨ ᠬᠡᠰᠡᠭ ᠢ ᠨᠢ ᠪᠠᠶᠢᠴᠠᠭᠠᠯᠲᠠ ᠬᠢᠯᠭᠡᠬᠦ ᠵᠡᠷᠭᠡ ᠪᠣᠯ ᠴᠦᠮ ᠵᠦᠢ ᠶᠣᠰᠣᠨ ᠳᠤ ᠨᠡᠶᠢᠴᠡᠬᠦ ᠦᠭᠡᠢ ᠶᠣᠮ᠃        ︵6︶ ᠬᠡᠷᠪᠡ X ᠰᠠᠴᠤᠷᠠᠭ ᠢᠶᠠᠷ ᠣᠨᠣᠰᠢᠯᠠᠬᠤ ᠵᠣᠷᠢᠯᠭ᠎ᠠ ᠨᠢ ᠪᠠᠶᠢᠴᠠᠭᠠᠯᠭᠠᠭᠰᠠᠳ ᠤᠨ ᠲᠤᠰ ᠪᠡᠶ᠎ᠡ ᠶᠢᠨ ᠬᠢᠨᠢ ᠡᠪᠡᠳᠴᠢᠨ ᠡᠮᠬᠡᠭ ᠢ ᠨᠢ ᠲᠣᠳᠤᠯᠠᠬᠤ ᠳᠤ ᠴᠢᠭᠯᠡᠭᠦᠯᠦᠭᠰᠡᠨ ᠪᠤᠰᠤ᠂ ᠬᠠᠷᠢᠨ ᠲᠡᠭᠦᠨ ᠤ ᠶᠠᠮᠠᠷ ᠨᠢᠭᠡᠨ ᠠᠵᠢᠯ ᠲᠦᠷᠦᠯ ᠳᠤ ᠲᠣᠬᠢᠷᠠᠬᠤ ᠡᠰᠡᠬᠦ ᠶᠢ ᠦᠨᠡᠯᠡᠬᠦ᠂ ᠡᠰᠡᠭᠦᠯ᠎ᠡ ᠬᠠᠤᠯᠢ ᠶᠢᠨ ᠠᠨᠠᠭᠠᠬᠤ ᠤᠬᠠᠭᠠᠨ ᠤ ᠲᠠᠯ᠎ᠠ ᠶᠢᠨ ᠮᠠᠲ᠋ᠧᠷᠢᠶᠠᠯ ᠢ ᠬᠠᠨᠭ᠍ᠭᠠᠬᠤ᠂ ᠡᠰᠡᠭᠦᠯ᠎ᠡ ᠡᠯ᠎ᠡ ᠵᠦᠢᠯ ᠤᠨ ᠳᠠᠭᠠᠳᠬᠠᠯ ᠤᠨ ᠲᠦᠯᠦᠭᠡ ᠬᠢᠬᠦ ᠡᠶᠢᠮᠤᠷᠭᠦᠤ ᠤᠨᠤᠰᠢᠯᠠᠯᠳᠠ ᠨᠢ ᠪᠠᠶᠢᠴᠠᠭᠠᠯᠭᠠᠭᠰᠠᠳ ᠲᠤ ᠰᠢᠭᠤᠳ ᠪᠣᠶᠤ ᠳᠠᠮ ᠢᠶᠠᠷ ᠠᠴᠢ ᠲᠤᠰᠨ ᠪᠣᠯᠵᠦ ᠮᠡᠳᠡᠬᠦ ᠮᠦᠷᠲᠡᠭᠡᠨ ᠪᠠᠰᠨ ᠪᠤᠰᠤᠳ ᠡᠲᠡᠭᠡᠳ ᠲᠤ ᠴᠤ ᠠᠰᠢᠭ ᠲᠠᠢ ᠪᠠᠶᠢᠵᠦ ᠮᠡᠳᠡᠨ᠎ᠠ᠃ ᠡᠳᠡᠭᠡᠷ ᠤᠨ ᠵᠦᠢ ᠶᠣᠰᠤᠲᠤ ᠴᠢᠨᠠᠷ ᠨᠢ ᠨᠡᠯᠢᠶᠡᠳ ᠣᠨᠴᠤᠭᠤᠢ ᠲᠤᠰᠬᠠᠢ ᠮᠡᠷᠭᠡᠵᠢᠯ ᠤᠨ ᠮᠠᠭᠠᠳᠯᠠᠯᠲᠠ ᠪᠣᠯᠬᠤᠷ ᠬᠤᠯᠪᠤᠭᠳᠠᠯ ᠪᠦᠬᠦᠢ ᠲᠤᠰᠬᠠᠢ ᠮᠡᠷᠭᠡᠵᠢᠯ ᠤᠨ ᠪᠠᠶᠢᠭᠤᠯᠤᠮᠵᠢ ᠲᠠᠢ ᠵᠦᠪᠯᠡᠨ ᠮᠠᠭᠠᠳᠯᠠᠪᠠᠯ ᠵᠣᠬᠢᠨ᠎ᠠ᠃        ᠳᠡᠭᠡᠷᠡᠬᠢ ᠠᠰᠢᠭ ᠬᠤᠣᠷ ᠤᠨ ᠲᠤᠩᠭᠠᠯᠲᠠ ᠪᠠᠷ ᠳᠠᠮᠵᠢᠨ ᠡᠮᠴᠢ ᠨᠠᠷ ᠰᠠᠶ᠋ᠢ X ᠰᠠᠴᠤᠷᠠᠭ ᠢᠶᠠᠷ ᠪᠠᠶᠢᠴᠠᠭᠠᠯᠭᠠᠬᠤ ᠡᠷᠡᠮᠡᠯᠵᠡᠯ ᠭᠠᠷᠭᠠᠵᠦ᠂ ᠲᠡᠷᠡᠴᠢᠯᠡᠨ ᠡᠪᠡᠳᠴᠢᠲᠡᠨ ᠤ ᠡᠮᠴᠢᠯᠡᠪᠦᠷᠢ ᠶᠢᠨ ᠮᠠᠲ᠋ᠧᠷᠢᠶᠠᠯ ᠲᠠᠢ ᠨᠢ ᠴᠤᠭᠭᠠᠷ ᠰᠠᠴᠤᠷᠠᠭ ᠤᠨ ᠰᠠᠯᠠᠭᠠᠨ ᠤ ᠡᠮᠴᠢ ᠳᠤ ᠦᠭᠴᠤ ᠬᠢᠨᠠᠭᠤᠯᠬᠤ ᠬᠡᠷᠡᠭᠲᠠᠢ᠃        3. ᠰᠠᠴᠤᠷᠠᠭ ᠤᠨ ᠮᠡᠷᠭᠡᠵᠢᠯᠲᠡᠳ        ᠡᠮᠴᠢ ᠶᠢᠨ ᠭᠠᠷᠭᠠᠭᠰᠠᠨ X ᠰᠠᠴᠤᠷᠠᠭ ᠢᠶᠠᠷ ᠣᠨᠣᠰᠢᠯᠠᠬᠤ ᠡᠷᠡᠮᠡᠯᠵᠡᠯ ᠤᠨ ᠵᠦᠪ ᠣᠨᠣᠪᠴᠢᠲᠠᠢ ᠪᠣᠶᠤ ᠵᠦᠢ ᠵᠣᠬᠢᠰᠲᠠᠢ ᠡᠰᠡᠬᠦ ᠶᠢ ᠰᠠᠴᠤᠷᠠᠭ ᠤᠨ ᠮᠡᠷᠭᠡᠵᠢᠯᠳᠡᠳ ᠤᠷᠢᠳᠠᠪᠠᠷ ᠮᠠᠭᠠᠳᠯᠠᠵᠦ ᠦᠨᠡᠯᠡᠬᠦ ᠬᠡᠷᠡᠭᠲᠠᠢ᠃ ᠡᠶᠢᠮᠤᠷᠭᠦᠦ ᠠᠰᠢᠭ ᠲᠤᠰᠠ — ᠠᠶᠤᠯ ᠲᠦᠭᠰᠢᠭᠦᠷᠢ ᠶᠢᠨ ᠲᠤᠩᠭᠠᠯᠲᠠ ᠳᠠᠷᠤᠢ ᠵᠦᠢ ᠶᠣᠰᠤᠴᠢᠯᠠᠬᠤ ᠪᠣᠳᠤᠯᠬᠢᠯᠠᠯᠲᠠ ᠶᠢ ᠡᠮᠴᠢ ᠪᠣᠯᠣᠨ ᠰᠠᠴᠤᠷᠠᠭ ᠤᠨ ᠮᠡᠷᠭᠡᠵᠢᠯᠲᠡᠳ ᠳᠠᠪᠬᠤᠷᠯᠠᠨ ᠬᠠᠷᠢᠭᠤᠴᠠᠳᠠᠭ᠃        ︵1︶ ᠡᠪᠡᠳᠴᠢᠨ ᠤ ᠲᠡᠤᠬᠡ ᠶᠢ ᠦᠵᠡᠬᠦ ᠪᠠᠷ ᠳᠠᠮᠵᠢᠨ ᠡᠪᠡᠳᠴᠢᠲᠡᠨ ᠤ ᠪᠠᠶᠢᠳᠠᠯ ᠢ ᠣᠶᠢᠯᠠᠭᠠᠵᠦ᠂ ᠡᠰᠡᠭᠦᠯ᠎ᠡ ᠴᠢᠬᠤᠯᠨ ᠲᠠᠢ ᠦᠶᠡᠰ ᠲᠤ ᠡᠪᠡᠳᠴᠢᠲᠡᠨ ᠢ ᠰᠢᠭᠤᠳ ᠪᠠᠶᠢᠴᠠᠭᠠᠵᠦ ᠦᠵᠡᠬᠦ ᠪᠣᠶᠤ ᠠᠨᠠᠭᠠᠬᠤ ᠡᠮᠴᠢ ᠲᠠᠢ ᠨᠢ ᠵᠦᠪᠳᠡᠵᠦ ᠪᠠᠶᠢᠭᠠᠳ ᠲᠣᠬᠢᠮᠵᠢᠲᠠᠢ ᠪᠠᠶᠢᠴᠠᠭᠠᠬᠤ ᠠᠷᠭ᠎ᠠ ᠶᠢ ᠲᠣᠭᠲᠠᠭᠠᠬᠤ ᠬᠡᠷᠡᠭᠲᠠᠢ᠃ ᠣᠨᠣᠰᠢᠯᠠᠬᠤ ᠲᠠᠨᠤᠭ ᠢ ᠠᠳᠠᠯᠢᠬᠠᠨ ᠣᠯᠵᠦ ᠪᠣᠯᠬᠤ ᠤᠷᠢᠳᠠᠯ ᠳᠣᠣᠷ᠎ᠠ ᠶᠡᠷᠦᠳᠡᠭᠡᠨ ᠬᠤᠣᠷ ᠨᠦᠯᠦᠭᠡ ᠪᠠᠷ ᠨᠡᠯᠢᠶᠡᠳ ᠪᠠᠭ᠎ᠠ᠂ ᠡᠪᠡᠳᠴᠢᠲᠡᠨ ᠤ ᠬᠦᠷᠲᠡᠬᠦ ᠬᠤᠮᠵᠢᠮ ᠨᠢ ᠨᠡᠯᠢᠶᠡᠳ ᠳᠣᠣᠷ᠎ᠠ ᠪᠠ ᠠᠵᠦ ᠠᠬᠤᠢ ᠶᠢᠨ ᠲᠠᠯ᠎ᠠ ᠪᠠᠷ ᠨᠡᠯᠢᠶᠡᠳ ᠠᠰᠢᠭᠲᠠᠢ ᠪᠠᠶᠢᠴᠠᠭᠠᠬᠤ ᠠᠷᠭ᠎ᠠ ᠶᠢ ᠰᠤᠩᠭᠤᠨ ᠵᠦᠢ ᠵᠣᠬᠢᠰᠲᠠᠢ ᠮᠦᠷᠲᠡᠭᠡᠨ ᠵᠦᠪ ᠣᠨᠣᠪᠴᠢᠲᠠᠢ ᠪᠠᠷ X ᠰᠠᠴᠤᠷᠠᠭ ᠤᠨ ᠪᠠᠶᠢᠴᠠᠭᠠᠯᠲᠠ ᠬᠢᠬᠦ ᠬᠡᠷᠡᠭᠲᠠᠢ᠃        ︵2︶ X ᠰᠠᠴᠤᠷᠠᠭ ᠢᠶᠠᠷ ᠪᠠᠶᠢᠴᠠᠭᠠᠬᠤ ᠪᠠᠨ ᠲᠤᠭᠲᠠᠭᠰᠠᠨ ᠤ ᠰᠡᠭᠦᠯᠡᠷ ᠰᠠᠴᠤᠷᠠᠭ ᠤᠨ ᠮᠡᠷᠭᠡᠵᠢᠯᠲᠡᠳ ᠡᠪᠡᠳᠴᠢᠲᠡᠨ ᠤ ᠪᠣᠳᠠᠲᠠᠢ ᠪᠠᠶᠢᠳᠠᠯ ᠳᠤ ᠴᠢᠭᠯᠡᠭᠦᠯᠦᠨ ᠣᠬᠢ ᠰᠠᠶᠢᠨᠴᠢᠯᠠᠭᠰᠠᠨ ᠳᠤᠰᠬᠠᠯᠲᠠ ᠶᠢᠨ ᠲᠦᠯᠦᠪᠯᠡᠭᠡ ᠲᠣᠭᠲᠠᠭᠠᠬᠤ ᠬᠡᠷᠡᠭᠲᠠᠢ᠃ ᠬᠠᠨᠭ᠍ᠭᠠᠮᠵᠢᠲᠠᠢ ᠠᠷᠭ᠎ᠠ ᠨᠢ ᠪᠣᠯ ᠳᠠᠷᠤᠢ ᠪᠠᠶᠢᠴᠠᠭᠠᠯᠭᠠᠭᠴᠢ ᠨᠢᠭᠡᠪᠦᠷᠢ  ᠶᠢᠨ ᠬᠦᠷᠲᠡᠬᠦ ᠬᠤᠮᠵᠢᠮ ᠢ ᠬᠠᠮᠤᠭ ᠠᠴᠠ ᠪᠠᠭ᠎ᠠ ᠪᠣᠯᠭᠠᠬᠤ ᠶᠢᠨ ᠲᠤᠯᠠᠲᠠ X ᠰᠠᠴᠤᠷᠠᠭ ᠢᠶᠠᠷ ᠪᠠᠶᠢᠴᠠᠭᠠᠬᠤ ᠪᠣᠯᠭᠠᠨ ᠪᠦᠷ ᠢᠡᠭᠬᠢᠵᠦ ᠬᠢᠬᠦ ᠬᠡᠷᠡᠭᠲᠠᠢ᠃ ᠠᠳᠠᠭ ᠶᠠᠳᠠᠬᠤ ᠳᠠᠭᠠᠨ ᠵᠢᠱᠢᠶᠡᠯᠡᠪᠡᠯ ᠡᠪᠡᠳᠴᠢᠲᠡᠨ ᠶᠡᠭᠡ ᠬᠤᠮᠵᠢᠮ ᠬᠦᠷᠲᠡᠬᠦ ᠡᠯ᠎ᠡ ᠵᠦᠢᠯ ᠤᠨ ᠣᠨᠴᠤᠭᠤᠢ ᠪᠠᠶᠢᠴᠠᠭᠠᠯᠲᠠ ᠬᠢᠬᠦ᠂ ᠵᠢᠷᠮᠦᠰᠦᠨ ᠪᠣᠯᠣᠨ ᠬᠦᠡᠭᠭᠡᠵᠢᠬᠦ ᠨᠠᠰᠤᠨ ᠤ ᠬᠦᠮᠦᠰ ᠤᠨ ᠴᠣᠷᠣᠢ ᠶᠢᠨ ᠬᠡᠰᠡᠭ ᠪᠣᠯᠣᠨ ᠦᠷᠡᠵᠢᠯ ᠤᠨ ᠪᠣᠯᠴᠢᠷᠬᠠᠢ ᠶᠢ ᠨᠢ ᠰᠢᠭᠤᠳ ᠳᠤᠰᠬᠠᠬᠤ ᠪᠠᠶᠢᠴᠠᠭᠠᠯᠲᠠ ᠬᠢᠬᠦ᠂ ᠨᠢᠯᠬ᠎ᠠ ᠪᠠᠯᠴᠢᠷ ᠬᠡᠤᠬᠡᠳ ᠢ X ᠰᠠᠴᠤᠷᠠᠭ ᠢᠶᠠᠷ ᠪᠠᠶᠢᠴᠠᠭᠠᠬᠤ ᠡᠶᠢᠮᠤᠷᠭᠦᠦ ᠭᠤᠷᠪᠠᠨ ᠵᠦᠢᠯ ᠤᠨ ᠪᠠᠶᠢᠳᠠᠯ ᠳᠤ ᠢᠡᠭᠭᠢᠵᠦ ᠬᠢᠬᠦ ᠶᠣᠰᠤᠲᠠᠢ᠃        ︵3︶ X ᠰᠠᠴᠤᠷᠠᠭ ᠢᠶᠠᠷ ᠡᠪᠡᠳᠴᠢᠨ ᠣᠨᠣᠰᠢᠯᠠᠬᠤ ᠶᠢ ᠵᠢᠯᠤᠭᠤᠳᠬᠤ ᠲᠦᠪᠰᠢᠨ ᠳᠤ ᠰᠠᠭᠤᠷᠢᠯᠠᠨ᠂ ᠪᠠᠶᠢᠴᠠᠭᠠᠯᠭᠠᠭᠰᠠᠳ ᠤᠨ ᠠᠮᠤᠷ ᠲᠦᠪᠰᠢᠨ ᠪᠣᠯᠣᠨ ᠬᠠᠮᠠᠭᠠᠯᠠᠯᠲᠠ ᠶᠢ ᠣᠬᠢ ᠰᠠᠶᠢᠨᠴᠢᠯᠠᠵᠦ ᠪᠠᠶᠢᠭᠠᠳ᠂ ᠣᠨᠣᠰᠢᠯᠠᠬᠤ ᠲᠠᠨᠤᠭ ᠪᠣᠯᠣᠨ ᠪᠠᠶᠢᠴᠠᠭᠠᠨ ᠲᠣᠳᠤᠯᠠᠬᠤ ᠴᠢᠨᠠᠷ ᠴᠢᠨᠰᠠᠭ᠎ᠠ ᠶᠢ ᠨᠦᠯᠦᠭᠡᠯᠡᠬᠦ ᠦᠭᠡᠢ ᠪᠠᠶᠢᠳᠠᠯ ᠳᠣᠣᠷ᠎ᠠ ᠠᠯᠢ ᠴᠢᠳᠠᠬᠤ ᠪᠠᠷ ᠪᠠᠶᠢᠴᠠᠭᠠᠬᠤ ᠬᠡᠰᠡᠭ ᠤᠨ X ᠰᠠᠴᠤᠷᠠᠭ ᠤᠨ ᠬᠤᠮᠵᠢᠮ ᠢ ᠨᠢ ᠵᠦᠢ ᠵᠣᠬᠢᠰᠲᠠᠢ ᠪᠠᠷ ᠬᠦᠷᠭᠡᠵᠦ ᠪᠣᠯᠬᠤ ᠬᠠᠮᠤᠭ ᠳᠣᠣᠷ᠎ᠠ ᠲᠦᠪᠰᠢᠨ ᠳᠤ ᠪᠠᠶᠢᠯᠭᠠᠵᠦ᠂ ᠦᠯᠦ ᠪᠠᠶᠢᠴᠠᠭᠠᠬᠤ ᠬᠡᠰᠡᠭ ᠢ ᠨᠢ ᠬᠠᠮᠠᠭᠠᠯᠠᠨ᠂ ᠡᠭᠦᠨ ᠤ ᠤᠯᠠᠮ ᠠᠴᠠ ᠬᠤᠣᠷ ᠬᠦᠨᠦᠭᠡᠯ ᠲᠠᠢ ᠮᠠᠭᠠᠳ ᠪᠦᠬᠦᠢ ᠦᠢᠰᠭᠡᠯ ᠡᠭᠦᠰᠬᠦ ᠶᠢ ᠰᠡᠷᠭᠡᠶᠢᠯᠡᠨ᠂ ᠮᠠᠭᠠᠳ ᠪᠤᠰᠤ ᠦᠢᠰᠭᠡᠯ ᠤᠨ ᠡᠭᠦᠰᠬᠦ ᠨᠣᠷᠮ᠎ᠠ ᠪᠣᠯᠣᠨ X ᠰᠠᠴᠤᠷᠠᠭ ᠢᠶᠠᠷ ᠣᠨᠣᠰᠢᠯᠠᠬᠤ ᠠᠴᠠ ᠪᠣᠯᠤᠭᠰᠠᠨ ᠳᠠᠯᠳᠠ ᠬᠤᠣᠷ ᠬᠦᠨᠦᠭᠡᠯ ᠢ ᠬᠠᠮᠤᠭ ᠳᠣᠣᠷ᠎ᠠ ᠪᠣᠯᠭᠠᠨ᠎ᠠ᠃        ︵4︶ X ᠰᠠᠴᠤᠷᠠᠭ ᠤᠨ ᠰᠠᠯᠠᠭᠠᠨ ᠳᠤ ᠣᠴᠢᠵᠦ ᠳᠡᠶᠢᠯᠬᠦ ᠦᠭᠡᠢ ᠮᠦᠷᠲᠡᠭᠡᠨ X ᠰᠠᠴᠤᠷᠠᠭ ᠤᠨ ᠪᠠᠶᠢᠴᠠᠭᠠᠯᠲᠠ ᠬᠢᠬᠦ ᠴᠢᠬᠤᠯᠠᠲᠠᠢ ᠬᠦᠮᠦᠰ ᠲᠤ ᠰᠠᠶ᠋ᠢ ᠳᠡᠭᠦᠵᠢᠯᠡᠭᠦᠷ X ᠰᠠᠴᠤᠷᠠᠭ ᠤᠨ ᠮᠠᠰᠢᠨ ᠢᠶᠠᠷ ᠡᠪᠡᠳᠴᠢᠲᠡᠨ ᠤ ᠦᠷᠦᠭᠡᠨ ᠳᠤᠨᠢ ᠪᠠᠶᠢᠴᠠᠭᠠᠯᠲᠠ ᠬᠢᠬᠦ ᠶᠢ ᠵᠦᠪᠰᠢᠶᠡᠷᠡᠳᠡᠭ᠃ ᠭᠡᠬᠦ ᠳᠡᠭᠡᠨ ᠬᠠᠮᠢᠶ᠎ᠠ ᠪᠦᠬᠦᠢ ᠬᠠᠮᠠᠭᠠᠯᠠᠬᠤ ᠠᠷᠭ᠎ᠠ ᠠᠪᠴᠤ ᠡᠷᠬᠢᠨ ᠲᠣᠭᠤᠷᠢᠨ ᠤ ᠡᠪᠡᠳᠴᠢᠲᠡᠨ ᠤ ᠳᠤᠰᠬᠠᠯᠲᠠ ᠶᠢ ᠪᠠᠭᠠᠰᠬᠠᠵᠦ᠂ ᠬᠡᠷᠡᠭᠴᠡᠭᠡᠲᠤ ᠰᠠᠴᠤᠷᠠᠭ ᠤᠨ ᠪᠠᠳ ᠢ ᠪᠤᠰᠤᠳ ᠡᠪᠡᠳᠴᠢᠲᠡᠨ ᠳᠡᠰᠢ ᠬᠠᠨᠳᠤᠭᠤᠯᠵᠦ ᠪᠣᠯᠬᠤ ᠦᠭᠡᠢ᠃        ︵5︶ X ᠰᠠᠴᠤᠷᠠᠭ ᠢᠶᠠᠷ ᠡᠪᠡᠳᠴᠢᠨ ᠪᠠᠶᠢᠴᠠᠭᠠᠬᠤ ᠶᠢ ᠵᠦᠢ ᠵᠣᠬᠢᠰᠲᠠᠢ ᠬᠡᠷᠡᠭᠯᠡᠵᠦ᠂ ᠪᠠᠶᠢᠴᠠᠭᠠᠯᠭᠠᠭᠰᠠᠳ ᠢ ᠬᠦᠨᠳᠦᠳᠬᠡᠬᠦ ᠦᠭᠡᠢ ᠮᠦᠷᠲᠡᠭᠡᠨ ᠠᠮᠤᠷ ᠲᠦᠪᠰᠢᠨ ᠢ ᠨᠢ ᠠᠷᠤ ᠳᠠᠭᠠᠨ ᠲᠠᠶᠠᠭᠳᠠᠳᠠᠭ ᠲᠡᠳᠡᠭᠡᠷ ᠲᠦᠢᠯ ᠤᠨ ᠮᠠᠭᠤ ᠵᠠᠩᠰᠢᠯ᠂ ᠵᠢᠱᠢᠶᠡᠯᠡᠪᠡᠯ X ᠰᠠᠴᠤᠷᠠᠭ ᠢᠶᠠᠷ ᠨᠡᠪᠲᠡ ᠦᠵᠡᠨ ᠪᠠᠶᠢᠴᠠᠭᠠᠬᠤ ᠳᠠᠭᠠᠨ ᠣᠨᠣᠰᠢᠯᠠᠭᠤᠯᠬᠤ ᠪᠠᠷ ᠬᠦᠯᠢᠶᠡᠭᠰᠡᠳ ᠢ X ᠰᠠᠴᠤᠷᠠᠭ ᠤᠨ ᠮᠠᠰᠢᠨ ᠤ ᠦᠷᠦᠭᠡᠨ ᠳᠡᠭᠡᠨ ᠨᠢᠭᠡᠯᠨ ᠳᠡᠭᠡᠷ᠎ᠡ ᠬᠡᠳᠤ ᠪᠣᠶᠤ ᠴᠢᠨᠠᠭᠰᠢᠯᠠᠪᠠᠯ ᠭᠡᠷ ᠳᠦᠭᠦᠷᠡᠩ ᠳᠠᠭᠤᠳᠠᠵᠦ ᠣᠷᠤᠭᠤᠯᠤᠭᠠᠳ᠂ ᠳᠠᠷᠠᠭ᠎ᠠ ᠨᠢ ᠰᠠᠶ᠋ᠢ ᠨᠢᠭᠡᠳ ᠨᠢᠭᠡ ᠪᠠᠷ ᠰᠠᠴᠤᠷᠠᠭ ᠲᠤᠰᠬᠠᠨ ᠪᠠᠶᠢᠴᠠᠭᠠᠳᠠᠭ᠃ ᠡᠭᠦᠨ ᠳᠤ ᠬᠠᠮᠤᠭ ᠲᠦᠷᠦᠭᠦᠨ ᠳᠤ ᠪᠠᠶᠢᠴᠠᠭᠠᠯᠭᠠᠭᠰᠠᠳ ᠠᠴᠠ ᠪᠤᠰᠤᠳ ᠨᠢ ᠴᠦᠮ ᠨᠢᠭᠡ ᠤᠳᠠᠭᠠᠨ ᠤ ᠪᠠᠶᠢᠴᠠᠭᠠᠯᠲᠠ ᠳᠤ ᠨᠢᠭᠡ ᠠᠴᠠ ᠬᠡᠳᠤ ᠤᠳᠠᠭ᠎ᠠ ᠴᠢᠨᠠᠭᠰᠢᠯᠠᠪᠠᠯ ᠵᠠᠷᠢᠮ ᠨᠢ ᠠᠷᠪᠠᠭᠠᠳ ᠤᠳᠠᠭᠠᠨ ᠤ ᠶᠠᠮᠠᠷᠴᠤ ᠬᠡᠷᠡᠭ ᠦᠭᠡᠢ ᠰᠠᠷᠨᠢᠭᠰᠠᠨ ᠰᠠᠴᠤᠷᠠᠭ ᠲᠤ ᠲᠤᠰᠬᠠᠭᠳᠠᠮᠠᠨᠵᠢᠨ ᠰᠠᠶ᠋ᠢ ᠣᠯᠵᠦ ᠪᠠᠶᠢᠴᠠᠭᠠᠯᠭᠠᠳᠠᠭ ᠪᠠᠶᠢᠨ᠎ᠠ᠃ ᠴᠡᠭᠡᠨ ᠬᠦᠰᠢᠭᠡ ᠪᠠᠷ ᠭᠡᠷ ᠠᠯᠤᠰᠯᠠᠨ X ᠰᠠᠴᠤᠷᠠᠭ ᠢᠶᠠᠷ ᠨᠡᠪᠲᠡ ᠦᠵᠡᠬᠦ ᠳᠡᠭᠡᠨ ᠯᠣᠷᠣᠮ ᠢᠶᠠᠨ ᠴᠡᠭᠡᠨ ᠬᠦᠰᠢᠭᠡ ᠶᠢᠨ ᠬᠡᠪᠴᠢᠶᠡᠨ ᠠᠴᠠ ᠬᠡᠲᠦᠷᠡᠭᠦᠯᠬᠦ᠂ ᠮᠢᠯᠢ ᠠᠮᠫᠧᠷ ᠢᠶᠠᠨ ᠨᠡᠮᠡᠭᠳᠡᠭᠦᠯᠵᠦ ᠵᠢᠷᠤᠭ ᠢᠶᠠᠨ ᠤᠯᠠᠮ ᠭᠡᠷᠡᠯᠲᠠᠢ ᠪᠣᠯᠭᠠᠬᠤ᠂ ᠰᠠᠴᠤᠷᠠᠭ ᠲᠤᠰᠬᠠᠬᠤ ᠴᠠᠭ ᠢᠶᠠᠨ ᠤᠷᠲᠤᠳᠬᠠᠬᠤ᠂ ᠡᠪᠡᠳᠴᠢᠲᠡᠨ ᠤ ᠦᠯᠦ ᠪᠠᠶᠢᠴᠠᠭᠠᠬᠤ ᠬᠡᠰᠡᠭ ᠢ ᠨᠢ ᠬᠠᠯᠬᠠᠯᠠᠵᠦ ᠬᠠᠮᠠᠭᠠᠯᠠᠬᠤ ᠦᠭᠡᠢ ᠪᠠ ᠳᠠᠰᠢᠯᠠᠭᠴᠢᠳ ᠲᠤ ᠴᠤ ᠰᠠᠴᠤᠷᠠᠭ ᠠᠴᠠ ᠬᠠᠮᠠᠭᠠᠯᠠᠬᠤ ᠶᠠᠮᠠᠷ ᠴᠤ ᠠᠷᠭ᠎ᠠ ᠬᠡᠮᠵᠢᠶ᠎ᠡ ᠠᠪᠬᠤ ᠦᠭᠡᠢ ᠪᠠᠷ ᠪᠠᠶᠢᠴᠠᠭᠠᠯᠭᠠᠭᠰᠠᠳ ᠢ ᠲᠦᠰᠢᠵᠦ ᠲᠤᠯᠤᠭᠤᠯᠬᠤ ᠭᠡᠬᠦ ᠮᠡᠲᠤ ᠪᠠᠨ ᠬᠠᠯᠠᠪᠠᠯ ᠵᠣᠬᠢᠨ᠎ᠠ᠃        ︵6︶ X ᠰᠠᠴᠤᠷᠠᠭ ᠢᠶᠠᠷ ᠪᠠᠶᠢᠴᠠᠭᠠᠬᠤ ᠳᠠᠭᠠᠨ X ᠭᠡᠷᠡᠯᠰ ᠤᠨ ᠵᠢᠷᠤᠭ ᠲᠠᠲᠠᠬᠤ ᠪᠠᠷ ᠨᠡᠪᠲᠡ ᠦᠵᠡᠨ ᠪᠠᠶᠢᠴᠠᠭᠠᠬᠤ ᠶᠢ ᠣᠷᠤᠯᠠᠭᠤᠯᠵᠦ᠂ ᠨᠢᠷᠤᠭᠤᠨ ᠠᠷᠤ ᠠᠴᠠ ᠰᠠᠴᠤᠷᠠᠭ ᠳᠤᠰᠬᠠᠨ ᠵᠢᠷᠤᠭ ᠲᠠᠲᠠᠬᠤ ᠪᠠᠷ ᠴᠡᠭᠡᠵᠢᠨ ᠡᠮᠦᠨ᠎ᠡ ᠠᠴᠠ ᠰᠠᠴᠤᠷᠠᠭ ᠳᠤᠰᠬᠠᠨ ᠵᠢᠷᠤᠭ ᠲᠠᠲᠠᠬᠤ ᠶᠢ ᠣᠷᠤᠯᠠᠭᠤᠯᠬᠤ ᠬᠡᠷᠡᠭᠲᠡᠢ᠃ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ X ᠰᠠᠴᠤᠷᠠᠭ ᠢᠶᠠᠷ ᠪᠠᠶᠢᠴᠠᠭᠠᠬᠤ ᠴᠢᠨᠠᠷ ᠴᠢᠨᠰᠠᠭ᠎ᠠ ᠶᠢ ᠪᠠᠲᠤᠯᠠᠬᠤ ᠲᠦᠷᠢᠮ ᠭᠤᠷᠢᠮ ᠢ ᠴᠢᠩᠭ᠎ᠠ ᠵᠢᠷᠦᠮᠯᠡᠨ ᠮᠠᠰᠢᠨ ᠤ ᠭᠡᠮᠲᠦᠯ ᠪᠣᠯᠣᠨ ᠬᠦᠮᠦᠨ ᠤ ᠠᠯᠳᠠᠭ᠎ᠠ ᠶᠢ ᠰᠡᠷᠭᠡᠶᠢᠯᠡᠬᠦ ᠬᠡᠷᠡᠭᠲᠡᠢ᠃        ᠬᠤᠶᠡᠷ᠂ X ᠰᠠᠴᠤᠷᠠᠭ ᠢᠶᠠᠷ ᠡᠪᠡᠳᠴᠢᠨ ᠪᠠᠶᠢᠴᠠᠭᠠᠬᠤ ᠶᠢ ᠣᠬᠢ ᠰᠠᠶᠢᠨᠴᠢᠯᠠᠬᠤ ᠤᠬᠠᠭᠠᠨ        X ᠰᠠᠴᠤᠷᠠᠭ ᠤᠨ ᠮᠠᠰᠢᠨ ᠤ ᠴᠢᠨᠠᠷ ᠴᠢᠨᠰᠠᠭ᠎ᠠ ᠵᠢᠴᠢ ᠲᠡᠭᠦᠨ ᠢ ᠬᠡᠷᠡᠭᠯᠡᠬᠦ ᠪᠠᠨ ᠣᠬᠢ ᠰᠠᠶᠢᠨᠴᠢᠯᠠᠬᠤ ᠪᠣᠯ ᠣᠨᠣᠰᠢᠯᠠᠬᠤ ᠳᠤ ᠬᠡᠷᠡᠭᠴᠡᠭᠡ ᠲᠠᠢ ᠲᠠᠨᠤᠭ ᠢᠶᠠᠨ ᠣᠯᠬᠤ ᠶᠢᠨ ᠬᠠᠮᠲᠤ ᠪᠠᠶᠢᠴᠠᠭᠠᠬᠤ ᠬᠡᠰᠡᠭ ᠤᠨ ᠬᠦᠷᠲᠡᠬᠦ ᠬᠤᠮᠵᠢᠮ ᠢ ᠨᠢ ᠪᠠᠭᠠᠰᠬᠠᠬᠤ ᠴᠢᠬᠤᠯᠨ ᠠᠷᠭ᠎ᠠ ᠠᠪᠴᠠᠯ ᠪᠣᠯᠤᠨ᠎ᠠ᠃ ᠰᠠᠴᠤᠷᠠᠭ ᠤᠨ ᠮᠡᠷᠭᠡᠵᠢᠯᠲᠡᠳ ᠠᠳᠠᠯᠢ ᠪᠤᠰᠤ ᠪᠠᠶᠢᠴᠠᠭᠠᠯᠭᠠᠭᠰᠠᠳ ᠤᠨ ᠪᠠᠶᠢᠳᠠᠯ ᠢ ᠦᠨᠳᠦᠰᠦᠯᠡᠨ ᠳᠣᠣᠷᠠᠬᠢ ᠬᠡᠳᠦᠨ ᠲᠠᠯ᠎ᠠ ᠠᠴᠠ ᠮᠠᠰᠢᠨ ᠤ ᠠᠵᠢᠯᠯᠠᠭᠠᠨ ᠢᠶᠠᠨ ᠣᠬᠢ ᠰᠠᠶᠢᠨᠴᠢᠯᠠᠵᠦ ᠪᠣᠯᠣᠨ᠎ᠠ᠃        1. ᠰᠠᠴᠤᠷᠠᠭ ᠴᠣᠯᠴᠤᠩ ᠤᠨ ᠲᠦᠪᠯᠡᠷᠡᠯ ᠤᠨ ᠴᠡᠭ ᠠᠴᠠ ᠠᠷᠠᠰᠤᠨ ᠳᠤ ᠬᠦᠷᠬᠦ ᠵᠠᠢ ᠶᠢ ᠳᠣᠬᠢᠲᠠᠢ ᠰᠣᠩᠭᠤᠨ ᠬᠡᠷᠡᠭᠯᠡᠬᠦ        ᠬᠡᠷᠡᠭᠴᠡᠭᠡᠲᠤ X ᠰᠠᠴᠤᠷᠠᠭ ᠤᠨ ᠪᠠᠳ ᠤᠨ ᠬᠦᠴᠦᠯᠡᠴᠨ ᠨᠢ ᠲᠦᠪᠯᠡᠷᠡᠯ ᠤᠨ ᠴᠡᠭ ᠠᠴᠠ ᠬᠤᠯᠠᠳᠠᠬᠤ ᠵᠠᠢ ᠶᠢᠨ ᠺᠦᠸᠠᠳ᠋ ᠲᠠᠢ ᠣᠶᠢᠷᠠᠯᠴᠠᠭ᠎ᠠ ᠪᠠᠷ ᠤᠷᠪᠠᠭᠤ ᠬᠠᠷᠢᠴᠠᠭᠠᠲᠤ ᠪᠣᠯᠳᠠᠭ᠃ ᠡᠶᠢᠮᠦ ᠠᠴᠠ X ᠰᠠᠴᠤᠷᠠᠭ ᠢᠶᠠᠷ ᠨᠡᠪᠲᠡ ᠪᠠᠶᠢᠴᠠᠭᠠᠬᠤ ᠳᠠᠭᠠᠨ ᠲᠦᠪᠯᠡᠷᠡᠯ ᠤᠨ ᠴᠡᠭ ᠪᠣᠯᠣᠨ ᠪᠡᠶ᠎ᠡ ᠶᠢᠨ ᠭᠠᠳᠠᠷᠭᠤ ᠶᠢᠨ ᠬᠤᠭᠤᠷᠣᠨᠳᠤᠬᠢ ᠵᠠᠢ ᠶᠢ 30cm ᠠᠴᠠ ᠣᠶᠢᠷ᠎ᠠ ᠪᠣᠯᠭᠠᠬᠤ ᠦᠭᠡᠢ ᠪᠣᠯ ᠪᠠᠶᠢᠴᠠᠭᠠᠯᠭᠠᠭᠰᠠᠳ ᠤᠨ ᠠᠷᠠᠰᠤ ᠬᠦᠷᠦᠰᠦᠨ ᠤ ᠭᠡᠮᠲᠦᠯ ᠨᠢ ᠪᠠᠭᠠᠰᠳᠠᠭ᠃        2. ᠰᠠᠴᠤᠷᠠᠭ ᠴᠣᠯᠴᠣᠩ ᠤᠨ ᠴᠠᠬᠢᠯᠭᠠᠨ ᠬᠦᠴᠦᠳᠡᠯ ᠢ ᠵᠣᠬᠢᠰᠲᠠᠢ ᠰᠣᠩᠭᠤᠨ ᠬᠡᠷᠡᠭᠯᠡᠬᠦ        X ᠰᠠᠴᠤᠷᠠᠭ ᠤᠨ ᠴᠣᠯᠴᠣᠩ ᠤᠨ ᠴᠠᠬᠢᠯᠭᠠᠨ ᠬᠦᠴᠦᠳᠡᠯ ᠨᠢ ᠳᠣᠣᠷ᠎ᠠ ᠪᠣᠯᠬᠤ ᠳᠣᠲᠤᠮ ᠪᠠᠶᠢᠴᠠᠭᠠᠯᠭᠠᠭᠰᠠᠳ ᠤᠨ ᠠᠷᠠᠰᠤ ᠬᠦᠷᠦᠰᠦᠨ ᠤ ᠭᠡᠮᠲᠦᠯ ᠨᠢ ᠣᠯᠠᠮ ᠶᠡᠭᠡ ᠪᠣᠯᠳᠠᠭ᠃ ᠡᠶᠢᠮᠦ ᠠᠴᠠ ᠡᠩ ᠤᠨ X ᠰᠠᠴᠤᠷᠠᠭ ᠤᠨ ᠮᠠᠰᠢᠨ ᠢᠶᠠᠷ ᠨᠡᠪᠲᠡ ᠦᠵᠡᠨ ᠪᠠᠶᠢᠴᠠᠭᠠᠬᠤ ᠦᠶᠡᠰ ᠲᠤ᠂ 200mA ︵ᠮᠢᠯᠢ ᠠᠮᠫᠧᠷ︶  ᠠᠴᠠ ᠳᠣᠭᠤᠭᠰᠢᠬᠢ X ᠰᠠᠴᠤᠷᠠᠭ ᠤᠨ ᠮᠠᠰᠢᠨ ᠨᠢ 70 ᠮᠢᠩᠭᠠᠨ ᠸᠤᠯᠲ ~ 80 ᠮᠢᠩᠭᠠᠨ ᠸᠤᠯᠲ ᠴᠠᠬᠢᠯᠭᠠᠨ ᠬᠦᠴᠦᠳᠡᠯ᠂ 300 mA ᠠᠴᠠ ᠳᠡᠭᠡᠭᠰᠢᠬᠢ X ᠰᠠᠴᠤᠷᠠᠭ ᠤᠨ ᠮᠠᠰᠢᠨ ᠪᠣᠯ 80kV~100 ᠮᠢᠩᠭᠠᠨ ᠸᠤᠯᠲ ᠤᠨ ᠴᠠᠬᠢᠯᠭᠠᠨ ᠬᠦᠴᠦᠳᠡᠯ ᠢ ᠰᠣᠩᠭᠤᠨ ᠬᠡᠷᠡᠭᠯᠡᠪᠡᠯ ᠵᠣᠬᠢᠨ᠎ᠠ᠃ ᠭᠡᠪᠡᠴᠤ ᠴᠠᠬᠢᠯᠭᠠᠨ ᠬᠦᠴᠦᠳᠡᠯ  ᠨᠢ ᠬᠡᠲᠦᠷᠬᠡᠢ ᠦᠨᠳᠦᠷ ᠪᠣᠯᠪᠠᠯ ᠬᠠᠷᠢᠨ ᠯᠣᠷᠣᠮ ᠤᠨ ᠡᠷᠭᠢᠨ ᠲᠣᠭᠤᠷᠢᠨ ᠳᠠᠬᠢ ᠰᠠᠪᠠ ᠴᠣᠯᠤ ᠳᠡᠭᠡᠷ᠎ᠡ ᠰᠠᠷᠨᠢᠭᠰᠠᠨ ᠰᠠᠴᠤᠷᠠᠭ ᠨᠢ ᠵᠢᠷᠤᠭ ᠲᠦᠷᠰᠦ ᠶᠢᠨ ᠲᠣᠳᠤᠷᠠᠴᠠ  ᠶᠢ ᠪᠠᠭᠤᠷᠠᠭᠤᠯᠳᠠᠭ᠃        3. ᠰᠠᠴᠤᠷᠠᠭ ᠴᠣᠯᠴᠣᠩ ᠤᠨ ᠴᠠᠬᠢᠯᠭᠠᠨ ᠭᠦᠶᠦᠳᠡᠯ ᠢ ᠵᠣᠬᠢᠰᠲᠠᠢ ᠰᠣᠩᠭᠤᠨ ᠬᠡᠷᠡᠭᠯᠡᠬᠦ        ᠡᠩ ᠤᠨ X ᠰᠠᠴᠤᠷᠠᠭ ᠤᠨ ᠮᠠᠰᠢᠨ ᠢᠶᠠᠷ ᠨᠡᠪᠲᠡ ᠦᠵᠡᠨ ᠪᠠᠶᠢᠴᠠᠭᠠᠬᠤ ᠳᠠᠭᠠᠨ 200mA ᠠᠴᠠ ᠳᠣᠭᠤᠭᠰᠢᠬᠢ X ᠰᠠᠴᠤᠷᠠᠭ ᠤᠨ ᠮᠠᠰᠢᠨ ᠤ ᠴᠠᠬᠢᠯᠭᠠᠨ ᠭᠦᠶᠦᠳᠡᠯ ᠢ 2.5mA ᠠᠴᠠ ᠬᠡᠲᠦᠷᠡᠭᠦᠯᠬᠦ ᠦᠭᠡᠢ ᠪᠠᠶᠢᠵᠦ᠂ 300mA ᠠᠴᠠ ᠳᠡᠭᠡᠭᠰᠢᠬᠢ X ᠰᠠᠴᠤᠷᠠᠭ ᠤᠨ ᠮᠠᠰᠢᠨ ᠪᠣᠯ ᠴᠠᠬᠢᠯᠭᠠᠨ ᠭᠦᠶᠦᠳᠡᠯ ᠢ  ᠨᠢ 2mA ᠠᠴᠠ ᠬᠡᠲᠦᠷᠡᠭᠦᠯᠬᠦ ᠦᠭᠡᠢ ᠪᠠᠶᠢᠬᠤ ᠬᠡᠷᠡᠭᠲᠡᠢ᠃        4. ᠰᠠᠴᠤᠷᠠᠭ ᠱᠦᠭᠦᠭᠦᠷ ᠢ ᠲᠣᠬᠢᠷᠠᠮᠵᠢᠲᠠᠢ ᠰᠣᠩᠭᠤᠨ ᠬᠡᠷᠡᠭᠯᠡᠬᠦ        X ᠰᠠᠴᠤᠷᠠᠭ ᠤᠨ ᠮᠠᠰᠢᠨ ᠤ ᠰᠠᠴᠤᠷᠠᠭ ᠱᠦᠭᠦᠭᠦᠷ ᠤᠨ ᠳᠦᠷᠤᠯᠬᠢ ᠢᠯᠳᠠᠰᠤᠨ ᠳᠡᠭᠡᠷ᠎ᠡ ᠣᠨᠳᠣᠣ ᠵᠣᠬᠢᠬᠤ ᠵᠤᠵᠠᠭᠠᠨ ᠪᠦᠬᠦᠢ ᠰᠠᠴᠤᠷᠠᠭ ᠱᠦᠭᠦᠭᠦᠷ ᠢ ᠨᠡᠮᠡᠵᠦ᠂ ᠪᠦᠬᠦ ᠵᠤᠵᠠᠭᠠᠨ ᠨᠢ 4mm ᠤᠨ ᠭᠦᠡᠭᠭᠡᠨ ᠴᠠᠭᠠᠨ ᠠᠴᠠ ᠨᠢᠮᠭᠡᠨ ᠦᠭᠡᠢ ᠪᠣᠯ ᠠᠷᠠᠰᠤ ᠬᠦᠷᠦᠰᠤ ᠪᠠ ᠪᠡᠯᠭᠡ ᠶᠢᠨ ᠪᠣᠯᠴᠢᠷᠬᠠᠢ ᠶᠢᠨ ᠬᠤᠮᠵᠢᠮ ᠢ ᠪᠠᠭᠤᠷᠠᠭᠤᠯᠳᠠᠭ᠃ ᠭᠡᠪᠡᠴᠤ ᠦᠡᠭᠭᠡᠷᠡᠤ ᠵᠤᠵᠠᠭᠠᠨ ᠪᠣᠯᠪᠠᠯ ᠪᠠᠰᠨ ᠵᠢᠷᠤᠭ ᠲᠦᠷᠰᠦ ᠶᠢᠨ ᠳᠤᠷᠠᠶᠢᠴᠠ ᠶᠢ ᠪᠠᠭᠤᠷᠠᠭᠤᠯᠤᠨ᠂ ᠰᠠᠷᠨᠢᠮᠠᠯ ᠰᠠᠴᠤᠷᠠᠭ ᠢ ᠨᠡᠮᠡᠭᠳᠡᠭᠦᠯᠳᠡᠭ᠃        5. ᠰᠠᠴᠤᠷᠠᠭ ᠲᠤ ᠰᠡᠷᠭᠡᠭ ᠪᠠᠭᠠᠵᠢ ᠬᠡᠷᠡᠭᠰᠡᠯ ᠢ ᠰᠣᠩᠭᠤᠨ ᠲᠠᠨᠤᠭ ᠠᠪᠬᠤ        ᠬᠡᠷᠪᠡ X ᠭᠡᠷᠡᠯᠰ ᠤᠨ ᠢᠯᠳᠠᠰᠤ᠂ ᠰᠡᠷᠭᠡᠭᠵᠢᠭᠦᠯᠬᠦ ᠬᠠᠪᠲᠠᠰᠤ᠂ ᠨᠡᠪᠲᠡ ᠦᠵᠡᠬᠦ ᠴᠡᠭᠡᠨ ᠬᠦᠰᠢᠭᠡ᠂ ᠵᠢᠷᠤᠭ ᠲᠦᠷᠰᠦ ᠶᠢ ᠳᠣᠳᠤᠷᠠᠭᠤᠯᠤᠭᠴᠢ ᠪᠣᠯᠣᠨ X ᠰᠠᠴᠤᠷᠠᠭ ᠤᠨ ᠮᠠᠰᠢᠨ ᠤ ᠲᠧᠯᠸᠢᠰ ᠵᠡᠷᠭᠡ ᠨᠢ ᠰᠠᠴᠤᠷᠠᠭ ᠲᠤ ᠣᠨᠴᠤᠭᠤᠢ ᠰᠡᠷᠭᠡᠭ ᠪᠣᠯ ᠪᠠᠶᠢᠴᠠᠭᠠᠯᠭᠠᠭᠰᠠᠳ ᠤᠨ ᠬᠦᠷᠲᠡᠬᠦ ᠬᠤᠮᠵᠢᠮ ᠨᠢ ᠴᠤ ᠪᠠᠭᠠᠰᠳᠠᠭ᠃ ᠵᠢᠷᠤᠭ ᠲᠦᠷᠰᠦ ᠶᠢ ᠳᠣᠳᠤᠷᠠᠭᠤᠯᠤᠭᠴᠢ ᠲᠠᠢ ᠨᠡᠪᠲᠡ ᠦᠵᠡᠬᠦ X ᠰᠠᠴᠤᠷᠠᠭ ᠤᠨ ᠮᠠᠰᠢᠨ ᠢᠶᠠᠷ ᠪᠠᠶᠢᠴᠠᠭᠠᠯᠭᠠᠭᠰᠠᠳ ᠤᠨ ᠬᠦᠷᠲᠡᠬᠦ ᠬᠤᠮᠵᠢᠮ ᠨᠢ ᠡᠩ ᠤᠨ X ᠰᠠᠴᠤᠷᠠᠭ ᠤᠨ ᠮᠠᠰᠢᠨ ᠢᠶᠠᠷ ᠨᠡᠪᠲᠡ ᠦᠵᠡᠨ ᠪᠠᠶᠢᠴᠠᠭᠠᠬᠤ ᠠᠴᠠ 1/3 ᠶᠢᠨ ᠲᠦᠯᠦᠪ ᠪᠣᠯᠲᠠᠯ᠎ᠠ ᠪᠠᠭᠤᠷᠠᠳᠠᠭ᠃᠂ X ᠭᠡᠷᠡᠯᠰ ᠤᠨ ᠢᠯᠳᠠᠰᠤ ᠪᠣᠯᠣᠨ ᠣᠨᠴᠠ ᠲᠦᠷᠭᠡᠨ ᠰᠡᠷᠭᠡᠭᠵᠢᠭᠦᠯᠬᠦ ᠬᠠᠪᠲᠠᠰᠤᠨ ᠬᠠᠮᠲᠤᠯᠢᠭ ᠨᠢ ᠵᠢᠷᠤᠭ ᠳᠦᠷᠰᠦ ᠶᠢᠨ ᠲᠤᠷᠠᠶᠢᠴᠠ ᠶᠢ ᠪᠠᠭᠤᠷᠠᠭᠤᠯᠳᠠᠭ᠃ ᠬᠠᠷᠢᠨ ᠬᠦᠳᠡᠯᠵᠦ ᠪᠠᠶᠢᠭ᠎ᠠ ᠰᠠᠪᠠ ᠴᠣᠯᠤ ᠪᠣᠶᠤ ᠬᠡᠤᠬᠡᠳ ᠲᠤ X ᠰᠠᠴᠤᠷᠠᠭ ᠤᠨ ᠵᠢᠷᠤᠭ ᠢ ᠲᠠᠲᠠᠬᠤ ᠳᠤ᠂ ᠲᠡᠷᠨ ᠨᠢ ᠰᠠᠴᠤᠷᠠᠭ ᠲᠤᠰᠬᠠᠬᠤ ᠴᠠᠭ ᠢ ᠪᠣᠭᠤᠨᠢᠰᠬᠠᠬᠤ ᠮᠦᠷᠲᠡᠭᠡᠨ ᠳᠣᠳᠤᠷᠠᠴᠨ ᠨᠢ ᠴᠤ ᠪᠠᠰᠨ ᠰᠠᠶᠢᠨ ᠪᠠᠶᠢᠳᠠᠭ᠃        6. ᠪᠣᠳᠠᠲᠠᠢ ᠬᠡᠷᠡᠭᠰᠡᠬᠦ ᠬᠠᠮᠤᠭ ᠤᠨ ᠪᠠᠭ᠎ᠠ ᠯᠣᠷᠣᠮ ᠢ ᠰᠣᠩᠭᠤᠨ ᠬᠡᠷᠡᠭᠯᠡᠬᠦ        ᠯᠣᠷᠣᠮ ᠨᠢ ᠣᠨᠤᠰᠢᠯᠠᠬᠤ ᠴᠢᠬᠤᠯᠨ ᠲᠠᠢ ᠬᠡᠪᠴᠢᠶᠡᠨ ᠠᠴᠠ ᠶᠡᠭᠡ ᠪᠣᠯᠪᠠᠯ ᠪᠠᠶᠢᠴᠠᠭᠠᠬᠤ ᠬᠡᠰᠡᠭ ᠤᠨ ᠬᠤᠮᠵᠢᠮ ᠢ ᠨᠡᠮᠡᠭᠳᠡᠭᠦᠯᠬᠦ ᠪᠠᠷ ᠪᠠᠷᠠᠬᠤ ᠦᠭᠡᠢ ᠪᠠᠰᠨ ᠰᠠᠷᠨᠢᠭᠰᠠᠨ ᠰᠠᠴᠤᠷᠠᠭ ᠨᠡᠮᠡᠭᠳᠡᠬᠦ ᠠᠴᠠ ᠪᠣᠯᠵᠦ ᠵᠢᠷᠤᠭ ᠳᠦᠷᠰᠤ ᠶᠢᠨ ᠳᠤᠷᠠᠶᠢᠴᠠ ᠨᠢ ᠴᠤ ᠮᠠᠭᠤᠲᠠᠳᠠᠭ᠃ ᠣᠳᠣᠬᠠᠨ ᠳᠤ ᠲᠧᠯᠸᠢᠰ ᠪᠦᠬᠦᠢ ᠨᠡᠪᠲᠡ ᠦᠵᠡᠨ ᠪᠠᠶᠢᠴᠠᠭᠠᠬᠤ X ᠰᠠᠴᠤᠷᠠᠭ ᠤᠨ ᠮᠠᠰᠢᠨ ᠢ ᠬᠡᠷᠡᠭᠯᠡᠬᠦ ᠳᠡᠭᠡᠨ ᠯᠣᠷᠣᠮ ᠤᠨ ᠲᠠᠯᠠᠪᠠᠢ ᠨᠢ ᠨᠡᠶᠢᠳᠡᠮ ᠳᠡᠭᠡᠨ ᠴᠡᠭᠡᠨ ᠬᠦᠰᠢᠭᠡ ᠶᠢᠨ ᠲᠠᠯᠠᠪᠠᠢ ᠠᠴᠠ ᠪᠠᠨ ᠶᠡᠭᠡ ᠪᠠᠶᠢᠵᠦ᠂ ᠪᠠᠶᠢᠴᠠᠭᠠᠯᠭᠠᠭᠰᠠᠳ ᠬᠡᠷᠡᠭ ᠦᠭᠡᠢ ᠠᠷᠪᠢᠨ ᠰᠠᠴᠤᠷᠠᠭ ᠢ ᠬᠦᠷᠲᠡᠵᠦ ᠪᠠᠶᠢᠨ᠎ᠠ᠃ ᠶᠡᠷᠦᠳᠡᠭᠡᠨ 400cm2 ᠤᠨ ᠯᠣᠷᠣᠮ ᠤᠨ ᠪᠦᠬᠦ ᠪᠡᠶ᠎ᠡ ᠶᠢᠨ ᠰᠢᠩᠭᠡᠭᠡᠴᠡ ᠨᠢ 100cm2 ᠤᠨ ᠯᠣᠷᠣᠮ ᠠᠴᠠ 4 ᠳᠠᠬᠢᠨ ᠢᠯᠡᠭᠦᠦ ᠪᠠᠶᠢᠳᠠᠭ᠃ ᠨᠡᠩ ᠢᠯᠠᠩᠭᠤᠶ᠎ᠠ ᠨᠢᠯᠬ᠎ᠠ ᠪᠠᠭ᠎ᠠ ᠬᠡᠤᠬᠡᠳ ᠤᠨ ᠪᠡᠶ᠎ᠡ ᠨᠢ ᠵᠢᠭᠠᠬᠠᠨ ᠪᠣᠯᠬᠤᠷ ᠴᠣᠯᠣ ᠰᠠᠪᠠ  ᠨᠢ ᠴᠤ ᠪᠠᠰᠨ ᠪᠠᠭ᠎ᠠ ᠪᠠᠶᠢᠵᠦ᠂ ᠡᠷᠬᠡᠲᠡᠨ ᠨᠦᠭᠦᠳ ᠤᠨ ᠬᠤᠭᠤᠷᠣᠨᠳᠤᠬᠢ ᠵᠠᠢ ᠨᠢ ᠴᠤ ᠭᠡᠳ ᠣᠶᠢᠷᠠᠬᠠᠨ ᠪᠣᠯᠬᠤᠷ ᠯᠣᠷᠣᠮ ᠨᠢ ᠶᠡᠭᠡ ᠪᠣᠯ ᠪᠠᠶᠢᠴᠠᠭᠠᠬᠤ ᠬᠡᠰᠡᠭ ᠤᠨ ᠰᠠᠴᠤᠷᠠᠭ ᠳᠤᠰᠤᠴᠠ ᠨᠢ ᠠᠷᠪᠢᠨ ᠮᠦᠷᠲᠡᠭᠡᠨ ᠦᠯᠦ ᠪᠠᠶᠢᠴᠠᠭᠠᠬᠤ ᠬᠡᠰᠡᠭ ᠨᠢ ᠴᠤ ᠰᠠᠴᠤᠷᠠᠭ ᠲᠤ ᠳᠠᠭᠠᠷᠢᠭᠳᠠᠳᠠᠭ᠃ ᠭᠠᠷ ᠤᠨ ᠠᠯᠠᠭᠠᠨ ᠤ X ᠵᠢᠷᠤᠭ ᠢ ᠲᠠᠲᠠᠬᠤ  ᠳᠤ ᠶᠡᠭᠡ ᠯᠣᠷᠣᠮ ᠪᠠ ᠪᠠᠭ᠎ᠠ ᠯᠣᠷᠣᠮ ᠤᠨ ᠪᠡᠯᠭᠡ ᠶᠢᠨ ᠪᠣᠯᠴᠢᠷᠬᠠᠢ ᠳᠤ ᠳᠤᠰᠬᠤ ᠰᠠᠴᠤᠷᠠᠭ ᠤᠨ ᠬᠡᠮᠵᠢᠶ᠎ᠡ ᠨᠢ ᠶᠡᠭᠡ ᠲᠦᠯᠦᠪ 184 ᠳᠠᠬᠢᠨ ᠵᠦᠷᠢᠳᠡᠭ᠃        7. ᠪᠠᠶᠢᠴᠠᠭᠠᠬᠤ ᠰᠠᠴᠤᠷᠠᠭ ᠤᠨ ᠳᠤᠰᠬᠠᠬᠤ ᠴᠠᠭ ᠢᠶᠠᠨ ᠪᠣᠭᠤᠨᠢᠰᠬᠠᠬᠤ        ᠲᠧᠯᠸᠢᠰ ᠪᠦᠬᠦᠢ X ᠰᠠᠴᠤᠷᠠᠭ ᠤᠨ ᠮᠠᠰᠢᠨ ᠢᠶᠠᠷ ᠨᠡᠪᠲᠡ ᠦᠵᠡᠨ ᠪᠠᠶᠢᠴᠠᠭᠠᠬᠤ ᠪᠣᠯᠤᠭᠰᠠᠨ ᠠᠴᠠ ᠡᠮᠴᠢ ᠨᠠᠷ ᠰᠠᠴᠤᠷᠠᠭ ᠳᠤᠰᠬᠠᠬᠤ ᠴᠠᠭ ᠢᠶᠠᠨ ᠠᠮᠠᠷᠬᠠᠨ ᠰᠤᠨᠵᠢᠷᠠᠭᠤᠯᠵᠦ᠂ ᠪᠠᠶᠢᠴᠠᠭᠠᠯᠭᠠᠭᠰᠠᠳ ᠤᠨ ᠬᠦᠷᠲᠡᠬᠦ ᠬᠤᠮᠵᠢᠮ ᠢ ᠨᠡᠮᠡᠭᠳᠡᠭᠦᠯᠵᠦ ᠮᠡᠳᠡᠬᠦ ᠶᠢ ᠬᠠᠷᠢᠨ ᠨᠡᠩ ᠢᠯᠡᠭᠦᠦ ᠠᠩᠬᠠᠷᠬᠤ ᠴᠢᠬᠤᠯᠠᠲᠠᠢ᠃ ᠡᠶᠢᠮᠦ  ᠠᠴᠠ ᠰᠠᠴᠤᠷᠠᠭ ᠤᠨ ᠮᠡᠷᠭᠡᠵᠢᠯᠲᠡᠳ ᠴᠢᠲᠠᠬᠤᠶᠢᠴᠨ ᠪᠠᠷ ᠪᠣᠭᠤᠨᠢ ᠴᠠᠭ ᠢᠶᠠᠷ ᠲᠠᠰᠤᠯᠳᠠᠭᠤᠯᠤᠨ ᠰᠠᠴᠤᠷᠠᠭ ᠳᠤᠰᠬᠠᠬᠤ ᠶᠢ ᠤᠶᠠᠯᠳᠤᠭᠤᠯᠵᠦ᠂ ᠲᠡᠷᠡᠴᠢᠯᠡᠨ ᠪᠦᠬᠦ᠋ᠢᠯᠨ ᠠᠵᠢᠭᠯᠠᠨ ᠪᠠᠶᠢᠴᠠᠭᠠᠬᠤ ᠴᠠᠭ ᠢᠶᠠᠨ ᠴᠤ ᠠᠯᠢ ᠪᠣᠯᠬᠤ ᠪᠠᠷ ᠪᠣᠭᠤᠨᠢᠰᠬᠠᠬᠤ ᠬᠡᠷᠡᠭᠲᠡᠢ᠃ ᠢᠯᠠᠩᠭᠤᠶ᠎ᠠ X ᠰᠠᠴᠤᠷᠠᠭ ᠢᠶᠠᠷ ᠨᠡᠪᠲᠡ ᠦᠵᠡᠵᠦ ᠪᠠᠶᠢᠭᠠᠳ ᠮᠡᠰᠨ ᠵᠠᠰᠠᠯ ᠬᠢᠬᠦ ᠳᠤ ᠲᠤᠰᠬᠠᠯᠲᠠ ᠶᠢᠨ ᠬᠤᠷᠠᠮᠳᠤᠯ ᠴᠠᠭ ᠨᠢ ᠠᠳᠠᠭ ᠲᠠᠭᠠᠨ 10 ᠬᠡᠳᠦᠨ ᠮᠢᠨᠦ᠋ᠲ ᠪᠠᠶᠢᠵᠦ᠂ ᠵᠠᠷᠢᠮ ᠳᠠᠭᠠᠨ ᠬᠠᠭᠠᠰ ᠴᠠᠭ᠂ ᠴᠢᠨᠠᠭᠰᠢᠯᠠᠪᠠᠯ 1 ᠴᠠᠭ ᠢᠯᠡᠭᠦᠦ ᠪᠣᠶᠤ 2 ᠴᠠᠭ ᠠᠶᠠᠳᠠᠬᠤ ᠴᠤ ᠪᠠᠶᠢᠳᠠᠭ᠃ ᠴᠠᠭ ᠨᠢ ᠤᠷᠲᠤ ᠳᠡᠭᠡᠷ᠎ᠡ ᠮᠡᠰᠨ ᠵᠠᠰᠠᠯ ᠬᠢᠵᠦ ᠪᠠᠶᠢᠭ᠎ᠠ ᠪᠣᠯᠬᠤᠷ ᠦᠯᠦ ᠵᠠᠰᠠᠬᠤ ᠬᠡᠰᠡᠭ ᠢ ᠨᠢ ᠪᠠᠷᠤᠭ ᠬᠠᠯᠬᠠᠯᠠᠵᠦ ᠬᠠᠮᠠᠭᠠᠯᠠᠬᠤ ᠶᠢᠨ ᠠᠷᠭ᠎ᠠ ᠦᠭᠡᠢ ᠪᠠᠶᠢᠵᠦ᠂ ᠡᠪᠡᠳᠴᠢᠲᠡᠨ ᠨᠢ ᠶᠡᠭᠡ ᠬᠡᠮᠵᠢᠶᠡᠨ ᠤ ᠰᠢᠭᠤᠳ ᠪᠠ ᠰᠠᠷᠨᠢᠮᠠᠯ ᠰᠠᠴᠤᠷᠠᠭ ᠢ ᠬᠦᠷᠲᠡᠳᠡᠭ᠃ ᠡᠶᠢᠮᠤ ᠠᠴᠠ ᠤᠷᠢᠳᠠᠪᠠᠷ ᠨᠠᠷᠢᠨ ᠨᠢᠮᠪᠠᠢ ᠲᠦᠯᠦᠪᠯᠡᠬᠦ ᠠᠷᠭ᠎ᠠ ᠪᠠᠷ ᠮᠡᠰᠨ ᠵᠠᠰᠠᠯ ᠬᠢᠬᠦ ᠴᠠᠭ ᠬᠤᠭᠤᠴᠠᠭ᠎ᠠ ᠪᠠᠨ ᠠᠯᠢ ᠴᠢᠳᠠᠬᠤ ᠪᠠᠷ ᠪᠤᠭᠤᠨᠢᠰᠬᠠᠪᠠᠯ᠂ ᠡᠮᠴᠢ ᠰᠣᠪᠢᠯᠠᠭᠴᠢ ᠪᠠ ᠡᠪᠡᠳᠴᠢᠲᠡᠳ ᠤᠨ ᠬᠦᠷᠲᠡᠬᠦ ᠰᠠᠴᠤᠷᠠᠭ ᠤᠨ ᠬᠤᠮᠵᠢᠮ ᠢ ᠴᠦᠮ ᠪᠠᠭᠤᠷᠠᠭᠤᠯᠵᠦ ᠪᠣᠯᠤᠨ᠎ᠠ᠃        ᠬᠡᠷᠪᠡ ᠳᠡᠭᠡᠷᠡᠬᠢ ᠠᠷᠭ᠎ᠠ ᠠᠪᠴᠠᠯ ᠢᠶᠠᠷ X ᠰᠠᠴᠤᠷᠠᠭ ᠤᠨ ᠮᠠᠰᠢᠨ ᠤ ᠠᠵᠢᠯᠯᠠᠭᠠᠨ ᠢᠶᠠᠨ ᠣᠬᠢ ᠰᠠᠶᠢᠨᠴᠢᠯᠠᠪᠠᠯ᠂ ᠪᠠᠶᠢᠴᠠᠭᠠᠬᠤ ᠬᠡᠰᠡᠭ ᠤᠨ ᠬᠤᠮᠵᠢᠮ ᠢ ᠨᠡᠯᠢᠶᠡᠳ ᠰᠠᠶᠢᠨ ᠬᠢᠵᠠᠭᠠᠷᠯᠠᠵᠦ ᠴᠢᠳᠠᠬᠤ ᠮᠦᠷᠲᠡᠭᠡᠨ ᠣᠯᠬᠤ ᠭᠡᠰᠡᠨ ᠬᠡᠷᠡᠭ ᠲᠠᠢ ᠲᠠᠨᠤᠭ ᠢᠶᠠᠨ ᠴᠤ ᠠᠯᠳᠠᠵᠦ ᠬᠤᠷᠤᠭᠳᠠᠭᠤᠯᠬᠤ ᠦᠭᠡᠢ ᠪᠠᠶᠢᠳᠠᠭ᠃ ᠭᠤᠷᠪᠠ᠂ X ᠰᠠᠴᠤᠷᠠᠭ ᠢᠶᠠᠷ ᠣᠨᠣᠰᠢᠯᠠᠬᠤ ᠶᠢ ᠵᠦᠢ ᠵᠣᠬᠢᠰᠲᠠᠢ ᠬᠡᠷᠡᠭᠯᠡᠬᠦ ᠤᠬᠠᠭᠠᠨ        X ᠰᠠᠴᠤᠷᠠᠭ ᠢᠶᠠᠷ ᠣᠨᠤᠰᠢᠯᠠᠬᠤ ᠶᠢ ᠵᠦᠢ ᠵᠣᠬᠢᠰᠲᠠᠢ ᠬᠡᠷᠡᠭᠯᠡᠬᠦ ᠪᠣᠯ ᠠᠯᠢᠪᠠ ᠬᠡᠷᠡᠭ ᠦᠭᠡᠢ ᠳᠤᠰᠬᠠᠯᠲᠠ ᠶᠢ ᠪᠠᠭᠠᠰᠬᠠᠬᠤ ᠶᠢ ᠬᠡᠯᠡᠵᠦ ᠪᠠᠶᠢᠭ᠎ᠠ ᠪᠦᠭᠡᠳ ᠡᠭᠦᠨ ᠢ ᠬᠤᠷᠢᠶᠠᠩᠭᠤᠶᠢᠯᠠᠪᠠᠯ ᠶᠡᠭᠡ ᠲᠦᠯᠦᠪ ᠨᠡᠶᠢᠳᠡᠮ ᠪᠠᠶᠢᠴᠠᠭᠠᠬᠤ ᠪᠠ ᠳᠠᠪᠲᠠᠨ ᠪᠠᠶᠢᠴᠠᠭᠠᠬᠤ ᠵᠢᠴᠢ ᠭᠡᠨᠡᠨ ᠪᠠᠶᠢᠴᠠᠭᠠᠬᠤ ᠭᠤᠷᠪᠠᠨ ᠵᠦᠢᠯ ᠤᠨ ᠦᠵᠡᠭᠳᠡᠯ ᠲᠦᠭᠡᠮᠡᠯ ᠪᠠᠶᠢᠨ᠎ᠠ᠃ ᠨᠡᠶᠢᠳᠡᠮ ᠪᠠᠶᠢᠴᠠᠭᠠᠬᠤ ᠨᠢ ᠳᠠᠷᠤᠢ X ᠰᠠᠴᠤᠷᠠᠭ ᠢᠶᠠᠷ ᠣᠨᠤᠰᠢᠯᠠᠬᠤ ᠶᠢ ᠡᠯ᠎ᠡ ᠲᠦᠷᠦᠯ ᠤᠨ ᠬᠦᠮᠦᠰ ᠤᠨ ᠡᠷᠡᠭᠦᠯ ᠮᠡᠨᠳᠤ ᠶᠢᠨ ᠪᠠᠶᠢᠴᠠᠭᠠᠯᠲᠠ ᠳᠤ ᠪᠠᠶᠢᠡᠭᠭᠤ ᠶᠢᠨ ᠰᠢᠭᠰᠢᠬᠦ ᠲᠦᠷᠦᠯ ᠵᠦᠢᠯ ᠤᠨ ᠨᠢᠭᠡ ᠪᠣᠯᠭᠠᠭᠠᠳ ᠬᠦᠮᠦᠨ ᠪᠦᠬᠦᠨ ᠳᠤ ᠴᠦᠮ ᠬᠡᠷᠡᠭᠯᠡᠬᠦ ᠵᠤᠷᠰᠢᠯ ᠪᠣᠯᠤᠭᠰᠠᠨ ᠢ ᠬᠡᠯᠡᠵᠦ ᠪᠣᠢ᠃ ᠳᠠᠪᠲᠠᠨ ᠪᠠᠶᠢᠴᠠᠭᠠᠬᠤ  ᠳᠤ ᠦᠭᠡᠷ᠎ᠡ ᠡᠮᠨᠡᠯᠭᠡ ᠶᠢᠨ ᠬᠤᠷᠢᠶᠠᠨ ᠤ X ᠰᠠᠴᠤᠷᠠᠭ ᠤᠨ ᠣᠬᠢ ᠰᠠᠶᠢᠨ ᠵᠢᠷᠤᠭ ᠪᠠᠶᠢᠲᠠᠯ᠎ᠠ ᠡᠮᠴᠢ ᠦᠪᠡᠷ ᠤᠨ ᠡᠮᠨᠡᠯᠭᠡ ᠶᠢᠨ ᠬᠤᠷᠢᠶᠠᠨ ᠳᠠᠭᠠᠨ ᠳᠠᠬᠢᠨ ᠪᠠᠶᠢᠴᠠᠭᠠᠯᠭᠠᠬᠤ᠂ ᠰᠠᠴᠤᠷᠠᠭ ᠤᠨ ᠠᠵᠢᠯᠲᠠᠳ ᠤᠨ ᠮᠡᠷᠭᠡᠵᠢᠯ ᠤᠨ ᠴᠢᠳᠠᠪᠤᠷᠢ ᠪᠣᠶᠤ ᠠᠯᠳᠠᠭ᠎ᠠ ᠠᠴᠠ ᠪᠣᠯᠵᠦ ᠠᠬᠢᠨ ᠳᠠᠬᠢᠨ ᠪᠠᠶᠢᠴᠠᠭᠠᠬᠤ ᠵᠡᠷᠭᠡ ᠪᠣᠢ᠃ ᠭᠡᠨᠡᠨ ᠪᠠᠶᠢᠴᠠᠭᠠᠬᠤ ᠨᠢ ᠡᠮᠴᠢ ᠨᠠᠷ ᠰᠠᠴᠤᠷᠠᠭ ᠤᠨ ᠪᠤᠰᠤ ᠠᠷᠭ᠎ᠠ ᠪᠠᠶᠢᠲᠠᠯ᠎ᠠ ᠰᠠᠴᠤᠷᠠᠭ ᠢᠶᠠᠷ ᠪᠠᠶᠢᠴᠠᠭᠠᠬᠤ᠂ ᠨᠢᠭᠡ ᠬᠡᠰᠡᠭ ᠢ ᠪᠠᠶᠢᠴᠠᠭᠠᠪᠠᠯ ᠪᠣᠯᠴᠢᠬᠠᠬᠤ ᠶᠢ ᠬᠡᠳᠤᠨ ᠬᠡᠰᠡᠭ ᠢ ᠨᠢ ᠪᠠᠶᠢᠴᠠᠭᠠᠬᠤ᠂ ᠡᠨᠡ ᠮᠠᠰᠢᠨ ᠢᠶᠠᠷ ᠪᠠᠶᠢᠴᠠᠭᠠᠪᠠᠯ ᠵᠣᠬᠢᠬᠤ ᠶᠢ ᠲᠡᠷᠨ ᠮᠠᠰᠢᠨ ᠢᠶᠠᠷ ᠪᠠᠶᠢᠴᠠᠭᠠᠬᠤ ᠭᠡᠬᠦ ᠮᠡᠲᠤ ᠶᠢ ᠬᠡᠯᠡᠨ᠎ᠡ᠃ ᠣᠳᠣᠬᠠᠨ ᠳᠤ X ᠰᠠᠴᠤᠷᠠᠭ  ᠢᠶᠠᠷ ᠣᠨᠤᠰᠢᠯᠠᠬᠤ ᠶᠢ ᠵᠦᠢ ᠵᠣᠬᠢᠰ ᠦᠭᠡᠢ ᠬᠡᠷᠡᠭᠯᠡᠬᠦ ᠶᠠᠪᠤᠳᠠᠯ ᠨᠢᠭᠡᠨᠲᠡ ᠨᠡᠶᠢᠭᠡᠮ ᠤᠨ ᠴᠢᠨᠠᠷᠲᠠᠢ ᠦᠵᠡᠭᠳᠡᠯ ᠪᠣᠯᠤᠭᠠᠳ X ᠰᠠᠴᠤᠷᠠᠭ ᠢᠶᠠᠷ ᠪᠠᠶᠢᠴᠠᠭᠠᠯᠭᠠᠭᠰᠠᠳ ᠢ ᠬᠠᠮᠠᠭᠠᠯᠠᠬᠤ ᠳᠤ ᠶᠡᠭᠡ ᠬᠠᠷᠰᠢ ᠪᠣᠯᠵᠦ᠂ ᠵᠠᠪᠠᠯ ᠰᠢᠢᠳᠪᠦᠷᠢᠯᠡᠭᠦᠰᠢᠲᠠᠢ ᠴᠢᠬᠤᠯᠨ ᠠᠰᠠᠭᠤᠳᠠᠯ ᠪᠣᠯᠪᠠ᠃        ︵ᠨᠢᠭᠡ︶ X ᠰᠠᠴᠤᠷᠠᠭ ᠤᠨ ᠨᠡᠶᠢᠳᠡᠮ ᠪᠠᠶᠢᠴᠠᠭᠠᠯᠲᠠ        ᠡᠯ᠎ᠡ ᠲᠦᠷᠦᠯ ᠤᠨ ᠬᠦᠮᠦᠰ ᠤᠨ ᠡᠷᠡᠭᠦᠯ ᠮᠡᠨᠳᠤ ᠶᠢᠨ ᠵᠢᠰᠢᠶᠠᠲᠤ ᠨᠡᠶᠢᠳᠡᠮ ᠪᠠᠶᠢᠴᠠᠭᠠᠯᠲᠠ᠂ ᠲᠤᠬᠠᠶᠢᠯᠠᠭᠰᠠᠨ ᠠᠵᠢᠯ ᠦᠢᠯᠡᠰᠲᠡᠳ ᠤᠨ ᠠᠨᠠᠭᠠᠬᠤ ᠤᠬᠠᠭᠠᠨ ᠤ ᠠᠩᠬᠠᠷᠤᠨ ᠬᠠᠮᠠᠭᠠᠯᠠᠬᠤ ᠠᠯᠪᠠᠳᠠᠯᠭ᠎ᠠ ᠶᠢᠨ ᠵᠢᠰᠢᠶᠠᠲᠤ ᠨᠡᠶᠢᠳᠡᠮ ᠪᠠᠶᠢᠴᠠᠭᠠᠯᠲᠠ᠂ ᠶᠠᠮᠠᠷ ᠨᠢᠭᠡᠨ ᠲᠡᠯᠭᠡᠷᠡᠵᠦ ᠪᠦᠬᠦᠢ ᠡᠪᠡᠳᠴᠢᠨ ᠢ ᠰᠢᠭᠰᠢᠨ ᠭᠠᠷᠭᠠᠬᠤ ᠵᠣᠷᠢᠯᠭ᠎ᠠ ᠪᠦᠬᠦᠢ ᠡᠯ᠎ᠡ ᠵᠦᠢᠯ ᠤᠨ ᠡᠷᠡᠭᠦᠯ ᠬᠠᠮᠠᠭᠠᠯᠠᠯ ᠤᠨ ᠨᠡᠶᠢᠲᠡᠮ ᠪᠠᠶᠢᠴᠠᠭᠠᠯᠲᠠ ᠳᠤ X ᠰᠠᠴᠤᠷᠠᠭ ᠢᠶᠠᠷ ᠪᠠᠶᠢᠴᠠᠭᠠᠬᠤ ᠶᠢ ᠪᠠᠶᠢᠡᠭᠭᠤ ᠶᠢᠨ ᠣᠨᠤᠰᠢᠯᠠᠬᠤ ᠲᠦᠷᠦᠯ ᠵᠦᠢᠯ ᠳᠤ ᠣᠷᠤᠭᠤᠯᠬᠤ ᠶᠢ X ᠰᠠᠴᠤᠷᠠᠭ ᠤᠨ ᠨᠡᠶᠢᠳᠡᠮ ᠪᠠᠶᠢᠴᠠᠭᠠᠯᠲᠠ ᠭᠡᠳᠡᠭ᠃ ᠡᠨᠡ ᠨᠢ ᠶᠡᠷᠦᠳᠡᠭᠡᠨ X ᠰᠠᠴᠤᠷᠠᠭ ᠢᠶᠠᠷ ᠨᠡᠪᠲᠡ ᠦᠵᠡᠨ ᠪᠠᠶᠢᠴᠠᠭᠠᠬᠤ ᠪᠠ X ᠰᠠᠴᠤᠷᠠᠭ ᠤᠨ ᠵᠢᠷᠤᠭ ᠲᠠᠲᠠᠬᠤ ᠬᠤᠶᠡᠷ ᠵᠦᠢᠯ ᠤᠨ ᠪᠠᠶᠢᠴᠠᠭᠠᠯᠲᠠ ᠪᠠᠭᠲᠠᠲᠠᠭ ᠪᠣᠯᠪᠠᠴᠤ ᠨᠡᠪᠲᠡ ᠦᠵᠡᠨ ᠪᠠᠶᠢᠴᠠᠭᠠᠬᠤ ᠪᠠᠷ ᠭᠤᠣᠯᠯᠠᠵᠦ ᠪᠠᠶᠢᠨ᠎ᠠ᠃ ᠦᠡᠭᠭᠡᠷᠡᠭᠰᠡᠨ ᠳᠤ ᠴᠡᠷᠢᠭ ᠡᠯᠰᠡᠬᠦ᠂ ᠰᠤᠷᠤᠭᠴᠢᠳ ᠰᠤᠷᠭᠠᠭᠤᠯᠢ ᠳᠤ ᠣᠷᠣᠬᠤ ᠪᠠ ᠰᠤᠷᠭᠠᠭᠤᠯᠢ ᠳᠡᠭᠦᠰᠬᠦ ᠴᠢᠨᠠᠭᠰᠢᠯᠠᠪᠠᠯ ᠬᠡᠤᠬᠡᠳ ᠴᠡᠴᠡᠷᠯᠢᠭ ᠲᠤ ᠣᠷᠣᠬᠤ ᠳᠤ ᠴᠤ X ᠰᠠᠴᠤᠷᠠᠭ ᠤᠨ ᠨᠡᠶᠢᠳᠡᠮ ᠪᠠᠶᠢᠴᠠᠭᠠᠯᠲᠠ ᠬᠢᠵᠦ ᠪᠠᠶᠢᠪᠠ᠃ ᠣᠯᠠᠨ ᠲᠠᠯ᠎ᠠ ᠶᠢᠨ ᠴᠢᠷᠮᠠᠶᠢᠯᠭ᠎ᠠ ᠪᠣᠯᠣᠨ ᠡᠰᠡᠷᠭᠦᠴᠡᠯ ᠳᠣᠣᠷ᠎ᠠ ᠰᠡᠭᠦᠯᠡᠷ ᠨᠢ ᠰᠤᠷᠤᠭᠴᠢ ᠬᠡᠤᠬᠡᠳ ᠤᠨ X ᠰᠠᠴᠤᠷᠠᠭ ᠤᠨ ᠨᠡᠶᠢᠳᠡᠮ ᠪᠠᠶᠢᠴᠠᠭᠠᠯᠲᠠ ᠶᠢ ᠠᠯᠪᠠᠳᠠᠨ ᠵᠣᠭᠰᠤᠭᠠᠭᠰᠠᠨ ᠪᠣᠯᠪᠠᠴᠤ᠂ ᠣᠳᠣ ᠬᠠᠷᠢᠨ ᠵᠢᠰᠢᠶᠠᠲᠤ ᠨᠡᠶᠢᠳᠡᠮ ᠪᠠᠶᠢᠴᠠᠭᠠᠯᠲᠠ ᠳᠤ ᠦᠷᠬᠦᠯᠵᠢ ᠬᠢᠬᠦ ᠪᠣᠯᠵᠠᠢ᠃        1. ᠡᠯ᠎ᠡ ᠵᠦᠢᠯ ᠤᠨ ᠡᠷᠡᠭᠦᠯ ᠮᠡᠨᠳᠤ ᠶᠢᠨ ᠪᠠᠶᠢᠴᠠᠭᠠᠯᠲᠠ ᠳᠤ X ᠰᠠᠴᠤᠷᠠᠭ ᠢᠶᠠᠷ ᠪᠠᠶᠢᠴᠠᠭᠠᠬᠤ ᠶᠢ ᠪᠠᠶᠢᠡᠭᠭᠤ ᠶᠢᠨ ᠣᠨᠤᠰᠢᠯᠠᠬᠤ ᠲᠦᠷᠦᠯ ᠵᠦᠢᠯ ᠳᠤ ᠣᠷᠤᠭᠤᠯᠵᠦ ᠪᠣᠯᠬᠤ ᠦᠭᠡᠢ᠃        ᠣᠳᠣᠬᠠᠨ ᠳᠤ X ᠰᠠᠴᠤᠷᠠᠭ ᠤᠨ ᠨᠡᠶᠢᠳᠡᠮ ᠪᠠᠶᠢᠴᠠᠭᠠᠯᠲᠠ ᠶᠢ ᠭᠤᠣᠯᠳᠠᠭᠤ ᠪᠡᠶ᠎ᠡ ᠪᠠᠶᠢᠴᠠᠭᠠᠬᠤ ᠶᠢ ᠵᠣᠬᠢᠶᠠᠨ ᠪᠠᠶᠢᠭᠤᠯᠤᠭᠰᠠᠨ ᠨᠢᠭᠡᠴᠡ ᠪᠣᠯᠣᠨ ᠡᠮᠨᠡᠯᠭᠡ ᠪᠣᠶᠤ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠭᠤᠣᠯᠯᠠᠨ ᠬᠠᠮᠢᠶᠠᠷᠬᠤ ᠬᠦᠮᠦᠰ ᠡᠵᠡᠨ ᠮᠡᠳᠡᠨ ᠵᠤᠷᠰᠢᠯ ᠤᠨ ᠪᠠᠶᠢᠴᠠᠭᠠᠯᠲᠠ ᠳᠤ ᠣᠷᠤᠭᠤᠯᠵᠦ ᠪᠠᠶᠢᠨ᠎ᠠ᠃ X ᠰᠠᠴᠤᠷᠠᠭ ᠤᠨ ᠨᠡᠶᠢᠳᠡᠮ ᠪᠠᠶᠢᠴᠠᠭᠠᠯᠲᠠ ᠨᠢ ᠬᠡᠳᠦ᠋ᠢᠪᠡᠷ ᠵᠣᠬᠢᠬᠤ ᠲᠣᠭᠠᠨ ᠤ ᠡᠪᠡᠳᠴᠢᠲᠡᠨ ᠢ ᠣᠯᠵᠦ ᠢᠯᠡᠷᠡᠭᠦᠯᠬᠦ ᠪᠣᠯᠪᠠᠴᠤ᠂ ᠵᠣᠩᠬᠢᠯᠠᠬᠤ ᠨᠢ ᠬᠠᠷᠢᠨ ᠪᠦᠷ ᠡᠷᠡᠭᠦᠯ ᠴᠢᠬᠢᠷᠠᠭ ᠡᠪᠡᠳᠴᠢᠨ ᠦᠭᠡᠢ ᠬᠦᠮᠦᠰ ᠪᠠᠶᠢᠵᠦ᠂ ᠪᠠᠶᠢᠴᠠᠭᠠᠯᠭᠠᠬᠤ ᠬᠦᠮᠦᠨ ᠤ ᠲᠤᠭ᠎ᠠ ᠨᠢ ᠠᠷᠪᠢᠳᠬᠤ ᠳᠣᠲᠤᠮ ᠣᠯᠠᠨ ᠨᠡᠶᠢᠲᠡ ᠶᠢᠨ ᠳᠣᠲᠤᠷ᠎ᠠ ᠪᠠᠮᠪᠠᠢ ᠪᠣᠯᠴᠢᠷᠬᠠᠢ᠂ ᠬᠦᠬᠦᠨ ᠪᠣᠯᠴᠢᠷᠬᠠᠢ᠂ ᠴᠠᠭᠠᠨ ᠴᠡᠴᠡᠭᠡᠢ᠂ ᠴᠢᠰᠤ ᠴᠠᠶᠢᠬᠤ᠂ ᠠᠭᠤᠰᠬᠢᠨ ᠦᠮᠡᠨ ᠵᠡᠷᠭᠡ ᠶᠢᠨ ᠡᠭᠦᠰᠬᠦ ᠨᠣᠷᠮ᠎ᠠ ᠨᠢ ᠨᠡᠮᠡᠭᠳᠡᠳᠡᠭ᠃ X ᠰᠠᠴᠤᠷᠠᠭ ᠤᠨ ᠨᠡᠶᠢᠳᠡᠮ ᠪᠠᠶᠢᠴᠠᠭᠠᠯᠲᠠ ᠠᠴᠠ ᠪᠦᠬᠦ᠋ᠢᠯᠨ ᠪᠠᠶᠢᠴᠠᠭᠠᠯᠭᠠᠭᠰᠠᠳ ᠲᠤ ᠠᠪᠴᠢᠷᠠᠭᠰᠠᠨ ᠬᠤᠣᠷ ᠬᠦᠨᠦᠭᠡᠯ ᠨᠢ ᠲᠡᠳᠡᠨ ᠤ ᠣᠯᠵᠦ ᠬᠦᠷᠲᠡᠭᠰᠡᠨ ᠠᠰᠢᠭ ᠲᠤᠰᠨ ᠠᠴᠠ ᠬᠤᠯᠨ ᠬᠡᠲᠦᠷᠡᠳᠡᠭ ᠮᠦᠷᠲᠡᠭᠡᠨ ᠲᠡᠷᠡᠴᠢᠯᠡᠨ ᠡᠨᠡ ᠬᠦ ᠠᠰᠢᠭ ᠲᠣᠰᠨ ᠶᠢ ᠬᠦᠷᠲᠡᠭᠴᠢᠳ ᠪᠣᠯᠣᠨ ᠲᠡᠭᠦᠨ ᠤ ᠬᠤᠤᠷ ᠬᠦᠨᠦᠭᠡᠯ ᠢ ᠠᠮᠰᠠᠭᠴᠢᠳ ᠨᠢ ᠴᠤ ᠢᠵᠢᠯ ᠨᠢᠭᠡ ᠪᠦᠯᠦᠭ ᠬᠦᠮᠦᠰ ᠪᠢᠰᠢ ᠪᠠᠶᠢᠳᠠᠭ᠃ ᠡᠶᠢᠮᠦ ᠠᠴᠠ ᠡᠯ᠎ᠡ ᠲᠦᠷᠦᠯ ᠤᠨ ᠬᠦᠮᠦᠰ ᠤᠨ ᠡᠷᠡᠭᠦᠯ ᠮᠡᠨᠳᠣ ᠶᠢᠨ ᠨᠡᠶᠢᠳᠡᠮ ᠪᠠᠶᠢᠴᠠᠭᠠᠯᠲᠠ ᠳᠤ X ᠰᠠᠴᠤᠷᠠᠭ ᠢ ᠪᠠᠶᠢᠡᠭᠭᠤ ᠶᠢᠨ ᠣᠨᠤᠰᠢᠯᠠᠬᠤ ᠲᠦᠷᠦᠯ ᠵᠦᠢᠯ ᠳᠤ ᠣᠷᠤᠭᠤᠯᠬᠤ ᠶᠢ ᠵᠦᠢ ᠵᠣᠬᠢᠰ ᠦᠭᠡᠢ ᠭᠡᠵᠦ ᠦᠵᠡᠳᠡᠭ᠃        ᠨᠡᠶᠢᠲᠡ ᠪᠠᠷ ᠬᠢᠬᠦ X ᠰᠠᠴᠤᠷᠠᠭ ᠤᠨ ᠪᠠᠶᠢᠴᠠᠭᠠᠯᠲᠠ ᠳᠤ ᠬᠠᠮᠢᠶ᠎ᠠ ᠪᠦᠬᠦᠢ ᠡᠪᠡᠳᠴᠢᠨ ᠤ ᠳᠡᠯᠭᠡᠷᠡᠵᠦ ᠪᠠᠶᠢᠭ᠎ᠠ ᠪᠠᠶᠢᠳᠠᠯ᠂ ᠪᠠᠶᠢᠴᠠᠭᠠᠯᠲᠠ ᠶᠢᠨ ᠦᠷ᠎ᠡ ᠳ᠋ᠦᠡᠭ ᠤᠨ ᠵᠢᠱᠢᠯᠲᠠ ᠪᠣᠯᠣᠨ X ᠰᠠᠴᠤᠷᠠᠭ ᠤᠨ ᠪᠠᠶᠢᠴᠠᠭᠠᠯᠲᠠ ᠬᠢᠬᠦ ᠬᠤᠯᠨ ᠬᠤᠭᠤᠴᠠᠭᠠᠨ ᠤ ᠦᠢᠰᠭᠡᠯ ᠤᠨ ᠠᠶᠣᠯ ᠲᠦᠭᠰᠢᠭᠦᠷᠢ ᠵᠡᠷᠭᠡ ᠶᠢ ᠦᠨᠳᠦᠰᠦᠯᠡᠨ ᠵᠦᠢ ᠶᠣᠰᠤᠴᠢ ᠴᠢᠨᠠᠷ ᠤᠨ ᠮᠠᠭᠠᠳᠯᠠᠯᠲᠠ ᠬᠢᠵᠦ᠂ ᠡᠶᠢᠮᠤᠷᠭᠦᠦ X ᠰᠠᠴᠤᠷᠠᠭ ᠤᠨ ᠪᠠᠶᠢᠴᠠᠭᠠᠯᠲᠠ ᠬᠢᠬᠦ ᠨᠢ ᠠᠰᠢᠭᠲᠠᠢ ᠡᠰᠡᠬᠦ ᠪᠠ ᠬᠢᠵᠦ ᠪᠣᠯᠬᠤ ᠵᠣᠬᠢᠰᠲᠠᠢ ᠬᠡᠪᠴᠢᠶ᠎ᠡ ᠪᠠᠨ ᠲᠣᠭᠲᠠᠭᠠᠬᠤ ᠬᠡᠷᠡᠭᠲᠡᠢ᠃ ᠡᠶᠢᠮᠦ ᠠᠴᠠ ᠴᠡᠭᠡᠵᠢᠨ ᠤ X ᠰᠠᠴᠤᠷᠠᠭ ᠵᠦᠢᠯ ᠤᠨ ᠵᠢᠰᠢᠶᠡᠲᠤ ᠨᠡᠶᠢᠳᠡᠮ ᠪᠠᠶᠢᠴᠠᠭᠠᠯᠲᠠ ᠶᠢ ᠠᠭᠤᠰᠬᠢᠨ ᠦᠮᠡᠨ᠂ ᠠᠭᠤᠰᠬᠢᠨ ᠤ ᠰᠦᠷᠢᠶ᠎ᠡ ᠪᠣᠶᠤ ᠵᠢᠷᠦᠬᠡ ᠠᠭᠤᠰᠬᠢᠨ ᠤ ᠪᠤᠰᠤᠳ ᠡᠪᠡᠳᠴᠢᠨ ᠲᠠᠬᠤᠯ ᠢ ᠢᠯᠡᠷᠡᠭᠦᠯᠬᠦ ᠲᠡᠷᠢᠭᠦᠨ ᠰᠣᠩᠭᠤᠯᠲᠠ ᠶᠢᠨ ᠠᠷᠭ᠎ᠠ ᠠᠪᠴᠠᠯ ᠪᠣᠯᠭᠠᠬᠤ ᠦᠭᠡᠢ ᠪᠣᠯ ᠵᠣᠬᠢᠨ᠎ᠠ᠃        ᠡᠮᠨᠡᠯᠭᠡ ᠶᠢᠨ ᠬᠤᠷᠢᠶ᠎ᠠ ᠨᠢ ᠨᠡᠶᠢᠲᠡ ᠪᠠᠷ ᠪᠡᠶ᠎ᠡ ᠪᠠᠶᠢᠴᠠᠭᠠᠬᠤ ᠶᠢ ᠵᠣᠬᠢᠶᠠᠨ ᠪᠠᠶᠢᠭᠤᠯᠤᠭᠰᠠᠨ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠤᠳ ᠲᠠᠢ ᠬᠠᠮᠵᠢᠨ ᠡᠯ᠎ᠡ ᠲᠦᠷᠦᠯ ᠤᠨ ᠬᠦᠮᠦᠰ ᠢ ᠨᠡᠶᠢᠲᠡ ᠪᠠᠷ ᠪᠡᠶ᠎ᠡ ᠪᠠᠶᠢᠴᠠᠭᠠᠬᠤ ᠳᠤ ᠳᠡᠮᠡᠢ ᠶᠡᠭᠡ ᠠᠰᠢᠭ ᠦᠭᠡᠢ ᠪᠠᠶᠢᠳᠠᠭ ᠴᠡᠭᠡᠵᠢᠨ ᠤ ᠬᠡᠰᠡᠭ ᠤᠨ X ᠰᠠᠴᠤᠷᠠᠭ ᠤᠨ ᠪᠠᠶᠢᠴᠠᠭᠠᠯᠲᠠ  ᠶᠢ ᠪᠠᠶᠢᠡᠭᠭᠤ ᠶᠢᠨ ᠰᠢᠭᠰᠢᠬᠦ ᠲᠦᠷᠦᠯ ᠵᠦᠢᠯ ᠳᠤ ᠣᠷᠤᠭᠤᠯᠬᠤ ᠦᠭᠡᠢ ᠪᠠᠶᠢᠬᠤ ᠨᠢ ᠬᠠᠮᠤᠭ ᠤᠨ ᠴᠢᠬᠤᠯᠨ ᠪᠣᠯᠣᠨ᠎ᠠ᠃        2. ᠡᠯ᠎ᠡ ᠲᠦᠷᠦᠯ ᠤᠨ ᠲᠤᠬᠠᠶᠢᠯᠠᠭᠰᠠᠨ ᠠᠵᠢᠯ ᠦᠢᠯᠡᠰᠲᠡᠳ ᠤᠨ ᠨᠡᠶᠢᠳᠡᠮ ᠪᠠᠶᠢᠴᠠᠭᠠᠯᠲᠠ ᠳᠤ X ᠰᠠᠴᠤᠷᠠᠭ ᠢ ᠬᠠᠷᠠᠯᠲᠠ ᠲᠠᠢ ᠬᠡᠷᠡᠭᠯᠡᠬᠦ ᠬᠡᠷᠡᠭᠲᠡᠢ᠃        ᠠᠨᠠᠭᠠᠬᠤ ᠤᠬᠠᠭᠠᠨ ᠤ ᠠᠩᠬᠠᠷᠤᠨ ᠬᠠᠮᠠᠭᠠᠯᠠᠬᠤ ᠵᠣᠷᠢᠯᠭ᠎ᠠ ᠪᠦᠬᠦᠢ ᠲᠤᠬᠠᠶᠢᠯᠠᠭᠰᠠᠨ ᠠᠵᠢᠯ ᠦᠢᠯᠡᠰᠲᠡᠳ ᠤᠨ ᠡᠷᠡᠭᠦᠯ ᠮᠡᠨᠳᠤ ᠶᠢᠨ ᠵᠢᠰᠢᠶᠠᠲᠤ ᠪᠠᠶᠢᠴᠠᠭᠠᠯᠲᠠ ᠳᠤ ᠠᠳᠠᠯᠢ ᠪᠤᠰᠤ ᠠᠵᠢᠯ ᠲᠦᠷᠦᠯ ᠤᠨ ᠪᠣᠳᠠᠲᠠᠢ ᠪᠠᠶᠢᠳᠠᠯ ᠳᠤᠨᠢ ᠴᠢᠭᠯᠡᠭᠦᠯᠦᠨ᠂ X ᠰᠠᠴᠤᠷᠠᠭ ᠢᠶᠠᠷ ᠪᠠᠶᠢᠴᠠᠭᠠᠬᠤ ᠬᠦᠮᠦᠨ ᠤ ᠲᠤᠭ᠎ᠠ᠂ ᠪᠠᠶᠢᠴᠠᠭᠠᠬᠤ ᠬᠡᠰᠡᠭ ᠪᠣᠯᠣᠨ ᠪᠠᠶᠢᠴᠠᠭᠠᠬᠤ ᠤᠳᠠᠭ᠎ᠠ ᠶᠢ ᠨᠢ ᠳᠣᠬᠢᠲᠠᠢ ᠡᠵᠡᠮᠳᠡᠪᠡᠯ ᠵᠣᠬᠢᠨ᠎ᠠ᠃ ᠵᠠᠷᠢᠮ ᠭᠠᠵᠠᠷ ᠨᠢ ᠢᠳᠡᠭᠡᠨ ᠤ ᠦᠢᠯᠡᠰᠲᠡᠳ ᠤᠨ ᠴᠡᠭᠡᠵᠢᠨ ᠬᠡᠰᠡᠭ ᠢ X ᠰᠠᠴᠤᠷᠠᠭ  ᠢᠶᠠᠷ ᠨᠡᠪᠲᠡ ᠦᠵᠡᠨ ᠪᠠᠶᠢᠴᠠᠭᠠᠭᠠᠳ᠂ ᠵᠦᠪᠬᠡᠨ 0.017% ᠤᠨ ᠡᠪᠡᠳᠴᠢᠨ ᠡᠮᠬᠡᠭ ᠲᠠᠢ ᠬᠦᠮᠦᠰ ᠢ ᠯᠨ ᠰᠢᠭᠰᠢᠨ ᠭᠠᠷᠭᠠᠵᠠᠢ᠃ ᠡᠶᠢᠮᠦ ᠠᠴᠠ ᠣᠯᠠᠩᠬᠢ ᠲᠤᠬᠠᠶᠢᠯᠠᠭᠰᠠᠨ ᠠᠵᠢᠯ ᠦᠢᠯᠡᠰᠲᠡᠳ ᠲᠤ ᠳᠡᠮᠡᠢ ᠬᠡᠷᠡᠭ ᠦᠭᠡᠢ ᠪᠠᠶᠢᠳᠠᠭ ᠴᠡᠭᠡᠵᠢᠨ ᠤ ᠬᠡᠰᠡᠭ ᠤᠨ ᠨᠡᠪᠲᠡ ᠦᠵᠡᠯᠭᠡ ᠶᠢ ᠵᠠᠪᠠᠯ ᠪᠠᠶᠢᠴᠠᠭᠠᠬᠤ ᠲᠦᠷᠦᠯ ᠵᠦᠢᠯ ᠳᠤ ᠣᠷᠤᠭᠤᠯᠬᠤ ᠨᠢ ᠬᠡᠷᠡᠭᠴᠡᠭᠡ ᠦᠭᠡᠢ ᠪᠢᠯᠨ᠃ ᠰᠦᠷᠢᠶ᠎ᠡ ᠡᠪᠡᠳᠴᠢᠨ ᠶᠡᠭᠡ ᠡᠭᠦᠰᠳᠡᠭ ᠭᠠᠵᠠᠷ ᠣᠷᠣᠨ ᠳᠠᠬᠢ ᠢᠳᠡᠭᠡᠨ ᠤᠮᠳᠠᠭᠠᠨ ᠤ ᠦᠢᠯᠡᠰᠲᠡᠳ᠂ ᠰᠤᠷᠭᠠᠨ ᠬᠦᠮᠦᠵᠢᠭᠦᠯᠦᠭᠴᠢᠳ ᠪᠣᠯᠣᠨ ᠰᠤᠷᠤᠭᠴᠢ ᠨᠠᠷ ᠲᠤ ᠰᠠᠶ᠋ᠢ ᠠᠵᠢᠯ ᠳᠤ ᠭᠠᠷᠬᠤ ᠪᠣᠶᠤ ᠰᠤᠷᠭᠠᠭᠤᠯᠢ ᠳᠤ ᠣᠷᠤᠬᠤ ᠠᠴᠠ ᠡᠮᠦᠨ᠎ᠡ ᠴᠡᠭᠡᠵᠢᠨ ᠤ X ᠰᠠᠴᠤᠷᠠᠭ ᠤᠨ ᠪᠠᠶᠢᠴᠠᠭᠠᠯᠲᠠ ᠬᠢᠵᠦ ᠪᠣᠯᠤᠨ᠎ᠠ᠃        ᠵᠠᠷᠢᠮ ᠨᠢᠭᠡ ᠪᠦᠯᠦᠭ ᠳᠤᠬᠠᠶᠢᠯᠠᠭᠰᠠᠨ ᠠᠵᠢᠯ ᠳᠦᠷᠤᠯ ᠤᠨ ᠴᠢᠨᠠᠷᠳᠠᠢ ᠠᠮᠢᠰᠬᠤᠯ ᠤᠨ ᠰᠢᠰᠲ᠋ᠧᠮ ᠳᠤ ᠬᠤᠤᠷ ᠨᠦᠯᠦᠭᠡ ᠲᠠᠢ ᠪᠤᠳᠠᠰ ᠲᠠᠢ ᠬᠠᠪᠢᠳᠠᠵᠦ ᠬᠦᠷᠦᠯᠴᠡᠭᠰᠡᠳ ᠨᠢ ᠬᠠᠷᠢᠨ ᠠᠵᠢᠯ ᠤᠨ ᠨᠦᠯᠦᠭᠡᠨ ᠡᠪᠡᠳᠴᠢᠨ ᠢ ᠣᠨᠣᠰᠢᠯᠠᠬᠤ ᠬᠡᠷᠡᠭᠴᠡᠭᠡ ᠪᠠᠨ ᠦᠨᠳᠦᠰᠦᠯᠡᠨ ᠠᠵᠢᠯ ᠤᠨ ᠪᠠᠶᠢᠷᠢ ᠳᠤ ᠭᠠᠷᠬᠤ ᠠᠴᠠ ᠡᠮᠦᠨ᠎ᠡ ᠪᠣᠯᠣᠨ ᠠᠵᠢᠯ ᠤᠨ ᠪᠠᠶᠢᠷᠢ ᠳᠤ ᠭᠠᠷᠤᠭᠰᠠᠨ ᠤ ᠰᠡᠭᠦᠯᠡᠷ ᠲᠣᠭᠲᠠᠮᠠᠯ ᠬᠤᠭᠤᠴᠠᠭ᠎ᠠ ᠲᠠᠢ ᠪᠠᠷ ᠴᠡᠭᠡᠵᠢᠨ ᠤ X ᠰᠠᠴᠤᠷᠠᠭ ᠤᠨ ᠪᠠᠶᠢᠴᠠᠭᠠᠯᠲᠠ ᠬᠢᠵᠦ ᠪᠣᠯᠤᠨ᠎ᠠ᠃        ᠵᠢᠱᠢᠶᠡᠯᠡᠪᠡᠯ ᠰᠢᠷᠪᠦᠰᠦᠨ ᠴᠢᠯᠠᠭᠤ ᠪᠣᠶᠤ ᠬᠦᠪᠤᠡᠭ ᠤᠨ ᠲᠣᠭᠤᠰᠤ ᠲᠠᠢ ᠬᠠᠪᠢᠳᠠᠵᠦ ᠬᠦᠷᠦᠯᠴᠡᠳᠡᠭ ᠠᠵᠢᠯᠴᠢᠳ ᠢ ᠠᠵᠢᠯ ᠳᠤ ᠣᠷᠣᠬᠤ ᠠᠴᠠ ᠤᠷᠢᠳ ᠪᠠ ᠠᠵᠢᠯ ᠤᠨ ᠳᠤᠮᠳᠠ ᠨᠢ ᠲᠣᠭᠲᠠᠮᠠᠯ ᠬᠤᠭᠤᠴᠠᠭ᠎ᠠ ᠲᠠᠢ ᠪᠠᠷ ᠠᠭᠤᠰᠬᠢᠨ ᠬᠠᠮᠠᠭᠠᠯᠠᠯᠲᠠ ᠶᠢ ᠴᠤ ᠣᠬᠢ ᠰᠠᠶᠢᠨᠴᠢᠯᠠᠬᠤ ᠬᠡᠷᠡᠭᠲᠠᠢ᠃                ᠳᠦᠷᠪᠡᠳᠤᠭᠡᠷ ᠪᠦᠯᠦᠭ   ᠣᠯᠠᠨ ᠨᠡᠶᠢᠲᠡ ᠶᠢ ᠰᠠᠴᠤᠷᠠᠭ ᠠᠴᠠ ᠬᠠᠮᠠᠭᠠᠯᠠᠬᠤ ᠤᠬᠠᠭᠠᠨ        ᠣᠳᠣ ᠪᠦᠬᠦ ᠳᠡᠯᠡᠬᠡᠢ ᠳᠤ ᠦᠢ ᠣᠯᠠᠨ ᠠᠷᠠᠳ ᠤᠨ ᠪᠣᠶᠤ ᠴᠡᠷᠢᠭ ᠤᠨ ᠬᠡᠷᠡᠭᠯᠡᠭᠡᠨ ᠤ ᠰᠠᠴᠤᠷᠠᠭ ᠡᠭᠦᠰᠭᠡᠭᠦᠷ ᠤᠳ ᠠᠵᠢᠯᠯᠠᠵᠦ ᠪᠠᠶᠢᠬᠤ ᠮᠦᠷᠲᠡᠭᠡᠨ ᠲᠦᠭ ᠲᠦᠮᠡᠨ ᠭᠡᠭᠡᠭᠳᠡᠮᠡᠯ ᠪᠠ ᠬᠠᠶᠠᠭᠳᠠᠮᠠᠯ ᠰᠠᠴᠤᠷᠠᠭᠲᠤ ᠪᠣᠳᠠᠰ ᠤᠳ ᠡᠯ᠎ᠡ ᠭᠠᠵᠠᠷ ᠢᠶᠠᠷ ᠲᠦᠭᠡᠵᠦ ᠪᠠᠶᠢᠨ᠎ᠠ᠃ ᠴᠦᠮ᠎ᠡ ᠶᠢᠨ ᠡᠨᠧᠷᠬᠢ ᠪᠠ ᠰᠠᠴᠤᠷᠠᠭ ᠤᠨ ᠮᠡᠷᠭᠡᠵᠢᠯ ᠢ ᠬᠡᠷᠡᠭᠯᠡᠬᠦ ᠳᠤᠮᠳᠠ ᠬᠡᠳᠦ᠋ᠢᠪᠡᠷ ᠨᠢᠭᠡᠨ ᠳᠠᠷᠠᠮ᠎ᠠ ᠠᠮᠤᠷ ᠲᠦᠪᠰᠢᠨ ᠤ ᠰᠡᠷᠭᠡᠶᠢᠯᠡᠯᠲᠡ ᠬᠠᠮᠠᠭᠠᠯᠠᠯᠲᠠ ᠶᠢᠨ ᠠᠷᠭ᠎ᠠ ᠬᠡᠮᠵᠢᠶ᠎ᠡ ᠠᠪᠤᠭᠰᠠᠨ ᠪᠣᠯᠪᠠᠴᠤ ᠭᠡᠨᠡᠳᠡᠯ ᠭᠠᠷᠬᠤ ᠶᠢ ᠬᠠᠷᠠᠬᠠᠨ ᠪᠦᠷᠢᠮᠦᠰᠦᠨ ᠵᠠᠶᠢᠯᠠᠭᠤᠯᠵᠦ ᠴᠢᠳᠠᠭᠠᠳᠤᠢ᠃ ᠨᠢᠭᠡᠨᠲᠡ ᠡᠭᠦᠰᠦᠭᠰᠡᠨ ᠪᠠ ᠢᠯᠨ ᠪᠣᠯᠭᠠᠭᠰᠠᠨ ᠴᠦᠮ᠎ᠡ ᠪᠠ ᠰᠠᠴᠤᠷᠠᠭ ᠤᠨ ᠭᠡᠨᠡᠳᠡᠯ ᠨᠢ ᠡᠭᠦᠨ ᠢ ᠭᠦᠢᠴᠡᠳ ᠭᠡᠷᠡᠴᠢᠯᠡᠵᠦ ᠪᠠᠶᠢᠨ᠎ᠠ᠃ ᠡᠶᠢᠮᠤ ᠠᠴᠠ ᠬᠡᠰᠡᠭ ᠭᠠᠵᠠᠷ ᠤᠷᠤᠨ᠂ ᠨᠢᠭᠡ ᠪᠤᠶᠤ ᠨᠢᠵᠡᠭᠡᠳ ᠤᠯᠤᠰ ᠴᠢᠨᠠᠭᠰᠢᠯᠠᠪᠠᠯ ᠬᠠᠭᠠᠰ ᠪᠣᠶᠤ ᠪᠦᠬᠦ ᠪᠦᠮᠪᠦᠷᠴᠡᠭ ᠢᠶᠠᠷ ᠢᠶᠠᠨ ᠰᠠᠴᠤᠷᠠᠭ ᠤᠨ ᠠᠶᠤᠯ ᠲᠦᠭᠰᠢᠭᠦᠷᠢ ᠳᠤ ᠲᠤᠯᠭᠠᠷᠠᠵᠦ ᠮᠡᠳᠡᠬᠦ ᠶᠢ ᠬᠡᠨ ᠴᠤ ᠦᠭᠡᠶᠢᠰᠭᠡᠵᠦ ᠴᠢᠳᠠᠬᠤ ᠦᠭᠡᠢ᠃ ᠣᠯᠠᠨ ᠨᠡᠶᠢᠲᠡ ᠶᠢ ᠰᠠᠴᠤᠷᠠᠭ ᠠᠴᠠ ᠬᠠᠮᠠᠭᠠᠯᠠᠬᠤ ᠨᠢ ᠮᠦᠨ ᠬᠦ ᠨᠢᠭᠡᠨ ᠴᠢᠬᠤᠯᠨ ᠠᠰᠠᠭᠤᠳᠠᠯ ᠪᠦᠭᠡᠳ ᠲᠡᠷᠨ ᠨᠢ ᠭᠤᠣᠯᠳᠠᠭᠤ ᠬᠦᠮᠦᠨ ᠨᠢᠭᠡᠪᠦᠷᠢ ᠶᠢᠨ ᠴᠦᠮ᠎ᠡ ᠪᠣᠯᠣᠨ ᠰᠠᠴᠤᠷᠠᠭ ᠪᠠ ᠲᠡᠭᠦᠨ ᠤ ᠬᠤᠣᠷ ᠨᠦᠯᠦᠭᠡ ᠵᠢᠴᠢ ᠭᠡᠨᠡᠳᠲᠡ ᠶᠢᠨ ᠬᠡᠷᠡᠭ ᠶᠠᠪᠤᠳᠠᠯ ᠳᠤ ᠬᠡᠷᠬᠢᠨ ᠲᠤᠯᠭᠠᠮ᠎ᠠ ᠠᠷᠭᠠᠴᠠᠯ ᠠᠪᠴᠤ ᠦᠪᠡᠷ ᠢ ᠪᠠᠨ ᠬᠠᠮᠠᠭᠠᠯᠬᠠᠤ ᠲᠤᠬᠠᠢ ᠶᠡᠷᠤ ᠶᠢᠨ ᠮᠡᠳᠡᠯᠭᠡ ᠲᠠᠢ ᠰᠢᠭᠤᠳ ᠬᠤᠯᠪᠤᠭᠠᠲᠠᠢ ᠪᠠᠶᠢᠳᠠᠭ᠃        ᠨᠢᠭᠡᠳᠦᠭᠡᠷ ᠬᠡᠰᠡᠭ   ᠣᠯᠠᠨ ᠨᠡᠶᠢᠲᠡ ᠶᠢ ᠰᠠᠴᠤᠷᠠᠭ ᠠᠴᠠ ᠬᠠᠮᠠᠭᠠᠯᠠᠬᠤ ᠦᠨᠳᠦᠰᠦᠨ ᠤᠬᠠᠭᠲᠠᠬᠤᠨ        ᠣᠯᠠᠨ ᠨᠡᠶᠢᠲᠡ ᠶᠢᠨ ᠰᠠᠴᠤᠷᠠᠭ ᠠᠴᠠ ᠬᠠᠮᠠᠭᠠᠯᠠᠬᠤ ᠦᠨᠳᠦᠰᠦᠨ ᠤᠬᠠᠭᠲᠠᠬᠤᠨ ᠳᠤ ᠰᠠᠴᠤᠷᠠᠭ ᠢ ᠰᠡᠷᠭᠡᠶᠢᠯᠡᠬᠦ ᠱᠤᠰᠢᠭ᠎ᠠ ᠪᠣᠯᠣᠨ ᠴᠦᠮ᠎ᠡ ᠪᠠ ᠰᠠᠴᠤᠷᠠᠭ ᠤᠨ ᠭᠡᠨᠡᠳᠡᠯ ᠵᠢᠴᠢ ᠴᠦᠮ᠎ᠡ ᠪᠠ ᠰᠠᠴᠤᠷᠠᠭ ᠤᠨ ᠭᠡᠨᠡᠳᠡᠯ ᠤᠨ ᠣᠨᠴᠠᠯᠢᠭ ᠵᠡᠷᠭᠡ ᠪᠠᠭᠲᠠᠨ᠎ᠠ᠃ ᠨᠢᠭᠡ᠂ ᠰᠠᠴᠤᠷᠠᠭ ᠢ ᠰᠡᠷᠭᠡᠶᠢᠯᠡᠬᠦ ᠱᠤᠰᠢᠭ᠎ᠠ        ᠰᠠᠴᠤᠷᠠᠭ ᠨᠢ ᠬᠦᠮᠦᠨ ᠤ ᠪᠡᠶ᠎ᠡ ᠳᠤ ᠬᠤᠣᠷ ᠬᠦᠨᠦᠭᠡᠯ ᠲᠠᠢ ᠪᠣᠯᠬᠤᠷ ᠲᠡᠭᠦᠨ ᠢ ᠰᠡᠷᠭᠡᠶᠢᠯᠡᠬᠦ ᠪᠠ ᠲᠡᠭᠦᠨ ᠠᠴᠠ ᠬᠠᠮᠠᠭᠠᠯᠠᠬᠤ ᠶᠢᠨ ᠲᠤᠯᠠᠲᠠ᠂ ᠣᠯᠠᠨ ᠨᠡᠶᠢᠲᠡ ᠳᠤ ᠠᠩᠬᠠᠷᠤᠭᠤᠯᠤᠨ ᠰᠡᠷᠡᠮᠵᠢᠯᠡᠭᠦᠯᠬᠦ ᠪᠠᠷ ᠲᠤᠰᠬᠠᠢ ᠲᠡᠮᠳᠡᠭ ᠵᠣᠬᠢᠶᠠᠭᠰᠠᠨ ᠪᠠᠶᠢᠳᠠᠭ᠃ ᠡᠭᠦᠨ ᠢ ᠰᠠᠴᠤᠷᠠᠭ ᠢ ᠰᠡᠷᠭᠡᠶᠢᠯᠡᠬᠦ ᠱᠤᠰᠢᠭ᠎ᠠ ᠭᠡᠳᠡᠭ ᠪᠦᠭᠡᠳ ᠣᠯᠠᠨ ᠨᠡᠶᠢᠲᠡ ᠶᠢ ᠰᠠᠴᠤᠷᠠᠭ ᠠᠴᠠ ᠬᠠᠮᠠᠭᠠᠯᠠᠬᠤ ᠤᠬᠠᠭᠠᠨ ᠳᠤ ᠳᠣᠣᠷᠠᠬᠢ ᠭᠤᠷᠪᠠᠨ ᠱᠤᠰᠢᠭ᠎ᠠ ᠪᠣᠶᠤ ᠲᠡᠮᠳᠡᠭ ᠦᠷᠬᠦᠯᠵᠢ ᠬᠠᠷᠠᠭᠳᠠᠳᠠᠭ᠃ 1. ᠲᠡᠯᠡᠬᠡᠢ ᠨᠡᠶᠢᠲᠡ  ᠶᠢᠨ ᠰᠠᠴᠤᠷᠠᠭ ᠢ ᠰᠡᠷᠭᠡᠶᠢᠯᠡᠬᠦ ᠱᠤᠰᠢᠭ᠎ᠠ        ᠠᠯᠢᠪᠠ ᠡᠵᠡᠮᠳᠡᠵᠦ ᠪᠦᠬᠦᠢ ᠰᠠᠴᠤᠷᠠᠭᠤᠯᠤᠭᠴᠢ ᠪᠠ ᠲᠡᠭᠦᠨ ᠤ ᠰᠠᠴᠤᠷᠠᠭ ᠤᠨ ᠭᠦᠷᠤ ᠬᠦᠷᠴᠤ ᠳᠤᠰᠬᠤ ᠬᠡᠪᠴᠢᠶᠡᠨ ᠳᠤ ᠪᠦᠷ ᠳᠠᠶᠠᠩ ᠳᠡᠯᠡᠬᠡᠢ ᠪᠠᠷ ᠲᠠᠨᠢᠵᠦ ᠮᠡᠳᠡᠬᠦ ᠰᠠᠴᠤᠷᠠᠭ ᠢ ᠰᠡᠷᠭᠡᠶᠢᠯᠡᠬᠦ ᠨᠢᠭᠡᠲᠦᠯᠲᠠᠢ ᠲᠡᠮᠳᠡᠭ ᠢ ᠡᠯᠭᠦᠬᠦ ᠪᠣᠶᠤ ᠨᠠᠭᠠᠵᠦ ᠪᠠᠶᠢᠳᠠᠭ᠃ ᠡᠭᠦᠨ ᠢ ︽ᠲᠡᠯᠡᠬᠡᠢ ᠨᠡᠶᠢᠲᠡ ᠶᠢᠨ ᠰᠠᠴᠤᠷᠠᠭ ᠢ ᠰᠡᠷᠭᠡᠶᠢᠯᠡᠬᠦ ᠱᠤᠰᠢᠭ᠎ᠠ︾ ᠭᠡᠳᠡᠭ ᠪᠦᠭᠡᠳ ᠠᠯᠢ ᠤᠯᠤᠰ ᠣᠷᠣᠨ ᠳᠤ ᠬᠦᠷᠦᠭᠰᠡᠨ ᠴᠤ᠂ ᠬᠡᠷᠪᠡ ᠡᠶᠢᠮᠤᠷᠭᠦᠦ ᠲᠡᠮᠳᠡᠭ ᠢ ᠦᠵᠡᠪᠡᠯ ᠳᠠᠷᠤᠢ ᠰᠠᠴᠤᠷᠠᠭ ᠢ ᠰᠡᠷᠭᠡᠶᠢᠯᠡᠬᠦ ᠠᠷᠭ᠎ᠠ ᠠᠪᠴᠠᠯ ᠠᠪᠬᠤ ᠴᠢᠬᠤᠯᠠᠲᠠᠢ᠃        2. ᠳᠤᠮᠳᠠᠳᠤ ᠤᠯᠤᠰ ᠤᠨ ᠰᠠᠴᠤᠷᠠᠭ ᠢ ᠠᠩᠬᠠᠷᠤᠭᠤᠯᠬᠤ ᠱᠤᠰᠢᠭ᠎ᠠ        ᠡᠭᠦᠨ ᠠᠴᠠ ᠭᠠᠳᠠᠨ᠎ᠠ ᠳᠤᠮᠳᠠᠳᠤ ᠤᠯᠤᠰ ᠤᠨ ᠬᠢᠨ ᠪᠠᠰᠨ ︽ᠰᠠᠴᠤᠷᠠᠭ ᠢ ᠠᠩᠬᠠᠷᠤᠭᠤᠯᠬᠤ ᠱᠤᠰᠢᠭ᠎ᠠ︾ ᠭᠡᠵᠦ ᠠᠰ ᠢᠶᠠᠷ ᠢᠶᠠᠨ ᠨᠢᠭᠡ ᠲᠡᠮᠳᠡᠭ ᠭᠠᠷᠭᠠᠭᠰᠠᠨ ᠪᠦᠭᠡᠳ ᠲᠡᠭᠦᠨ ᠢᠶᠠᠨ ᠲᠡᠯᠡᠬᠡᠢ ᠨᠡᠶᠢᠲᠡ ᠶᠢᠨ ᠰᠠᠴᠤᠷᠠᠭ ᠢ ᠰᠡᠷᠭᠡᠶᠢᠯᠡᠬᠦ ᠲᠡᠮᠳᠡᠭ ᠲᠠᠢ ᠬᠠᠮᠲᠤᠷᠠᠭᠤᠯᠤᠨ ᠬᠡᠷᠡᠭᠯᠡᠵᠦ ᠪᠠᠶᠢᠳᠠᠭ᠃ ᠡᠶᠢᠮᠦ ᠠᠴᠠ ᠳᠤᠮᠳᠠᠳᠤ ᠤᠯᠤᠰ ᠤᠨ ᠬᠡᠪᠴᠢᠶᠡᠨ ᠳᠤ ᠡᠶᠢᠮᠤᠷᠭᠦᠦ ᠲᠡᠮᠳᠡᠭ ᠪᠠᠶᠢᠬᠤ ᠭᠠᠵᠠᠷ ᠣᠷᠣᠨ ᠳᠤ ᠮᠦᠨ ᠠᠳᠠᠯᠢ ᠪᠠᠷ ᠰᠠᠴᠤᠷᠠᠭ ᠢ ᠰᠡᠷᠭᠡᠶᠢᠯᠡᠬᠦ ᠴᠢᠬᠤᠯᠠᠲᠠᠢ ᠪᠠᠶᠢᠳᠠᠭ᠃        3. ᠳᠤᠮᠳᠠᠳᠤ ᠤᠯᠤᠰ ᠤᠨ ᠴᠦᠮ᠎ᠡ ᠪᠠ ᠰᠠᠴᠤᠷᠠᠭ ᠤᠨ ᠠᠨᠠᠭᠠᠬᠤ ᠤᠬᠠᠭᠠᠨ ᠤ ᠪᠠᠴᠢᠮ ᠠᠷᠭᠠᠴᠠᠯ ᠤᠨ ᠲᠡᠮᠳᠡᠭ        ᠳᠤᠮᠳᠠᠳᠤ ᠤᠯᠤᠰ ᠤᠨ ᠴᠦᠮ᠎ᠡ ᠪᠠ ᠰᠠᠴᠤᠷᠠᠭ ᠤᠨ ᠭᠡᠨᠡᠳᠡᠯ ᠢ ᠪᠠᠴᠢᠮ ᠠᠷᠭᠠᠴᠠᠬᠤ ᠪᠠᠶᠢᠭᠤᠯᠤᠮᠵᠢ ᠶᠢᠨ ᠠᠨᠠᠭᠠᠬᠤ ᠤᠬᠠᠭᠠᠨ ᠤ ᠠᠪᠤᠷᠠᠨ ᠲᠤᠰᠠᠯᠠᠬᠤ ᠵᠣᠬᠢᠶᠠᠨ ᠪᠠᠶᠢᠭᠤᠯᠤᠯᠲᠠ ᠨᠢ ᠮᠦᠨ ᠴᠤ ᠦᠪᠡᠷ ᠤᠨ ᠢᠶᠠᠨ ︽ᠴᠦᠮ᠎ᠡ ᠪᠠ ᠰᠠᠴᠤᠷᠠᠭ ᠤᠨ ᠠᠨᠠᠭᠠᠬᠤ ᠤᠬᠠᠭᠠᠨ ᠤ ᠪᠠᠴᠢᠮ ᠠᠷᠭᠠᠴᠠᠯ ᠤᠨ ᠲᠡᠮᠳᠡᠭ︾ ᠲᠠᠢ ᠪᠦᠭᠡᠳ ᠡᠶᠢᠮᠤᠷᠭᠦᠦ ᠲᠡᠮᠳᠡᠭ ᠪᠦᠬᠦᠢ ᠲᠤᠰᠬᠠᠢ ᠬᠤᠪᠴᠠᠰᠤ ᠲᠠᠢ ᠬᠦᠮᠦᠰ ᠪᠣᠯ ᠴᠦᠮ᠎ᠡ ᠪᠠ ᠰᠠᠴᠤᠷᠠᠭ ᠤᠨ ᠭᠡᠨᠡᠳᠡᠯ ᠤᠨ ᠪᠠᠴᠢᠮ ᠠᠷᠭᠠᠴᠠᠯ ᠳᠤ ᠬᠦᠮᠦᠨ ᠢ ᠠᠪᠤᠷᠠᠬᠤ ᠡᠭᠦᠷᠭᠡ ᠭᠦᠢᠴᠡᠳᠬᠡᠳᠡᠭ᠃ ᠰᠠᠴᠤᠷᠠᠭ ᠢ ᠰᠡᠷᠭᠡᠶᠢᠯᠡᠬᠦ ᠬᠠᠮᠢᠶ᠎ᠠ ᠪᠦᠬᠦᠢ ᠡᠳᠡᠭᠡᠷ ᠲᠡᠮᠳᠡᠭ ᠤᠳ ᠤᠨ ᠵᠢᠷᠤᠭ ᠢ ᠲᠤᠰ ᠨᠣᠮ ᠤᠨ ᠰᠡᠭᠦᠯ ᠳᠤ ᠬᠠᠪᠰᠤᠷᠤᠯᠲᠠ ᠪᠣᠯᠭᠠᠨ ᠳᠠᠭᠠᠯᠳᠤᠭᠤᠯᠤᠭᠠᠳ ᠤᠡᠭᠰᠢᠬᠴᠢ ᠳᠠ ᠨᠠᠷ ᠲᠤ ᠯᠠᠪᠯᠠᠯᠲᠠ ᠪᠣᠯᠭᠠᠪᠠ᠃        ᠬᠤᠶᠠᠷ᠂ ᠴᠦᠮ᠎ᠡ ᠪᠠ ᠰᠠᠴᠤᠷᠠᠭ ᠤᠨ ᠭᠡᠨᠡᠳᠡᠯ        ᠳᠤᠩᠰᠢᠭᠤᠯᠬᠤ ᠰᠠᠴᠤᠷᠠᠭ ᠢ ᠠᠰᠢᠭᠯᠠᠵᠦ ᠬᠡᠷᠡᠭᠯᠡᠬᠦ ᠵᠣᠷᠢᠯᠭ᠎ᠠ ᠨᠢ ᠠᠳᠠᠯᠢ ᠦᠭᠡᠢ ᠪᠠ ᠠᠮᠤᠷ ᠲᠦᠪᠰᠢᠨ ᠤ ᠰᠡᠷᠭᠡᠶᠢᠯᠡᠯᠲᠡ ᠬᠠᠮᠠᠭᠠᠯᠠᠯᠲᠠ ᠨᠢ ᠵᠣᠬᠢᠮᠵᠢ ᠦᠭᠡᠢ ᠠᠴᠠ ᠪᠣᠯᠵᠦ ᠡᠵᠡᠮᠳᠡᠯ ᠢᠶᠠᠨ ᠠᠯᠳᠠᠭᠠᠳ ᠬᠦᠮᠦᠨ ᠲᠦᠷᠦᠯᠬᠢᠲᠡᠨ ᠣᠷᠴᠢᠨ ᠠᠬᠤᠢ ᠳᠤ ᠰᠠᠴᠤᠷᠠᠭ ᠤᠨ ᠬᠤᠣᠷ ᠬᠦᠨᠦᠭᠡᠯ ᠤᠴᠠᠷᠠᠭᠤᠯᠬᠤ ᠴᠢᠨᠠᠭᠰᠢᠯᠠᠪᠠᠯ ᠭᠠᠢ ᠭᠠᠮᠰᠢᠭ ᠤᠨ ᠴᠢᠨᠠᠷᠲᠠᠢ ᠤᠷᠰᠢᠭ ᠲᠠᠲᠠᠬᠤ ᠭᠡᠨᠡᠳᠲᠡ ᠶᠢᠨ ᠬᠡᠷᠡᠭ ᠶᠠᠪᠤᠳᠠᠯ ᠤᠳ ᠢ ᠶᠡᠷᠦᠩᠬᠡᠶᠢᠯᠡᠭᠡᠳ ᠴᠦᠮ᠎ᠡ ᠪᠠ ᠰᠠᠴᠤᠷᠠᠭ ᠤᠨ ᠭᠡᠨᠡᠳᠡᠯ ᠭᠡᠨ᠎ᠡ᠃ ᠠᠳᠠᠯᠢ ᠪᠤᠰᠤ ᠬᠡᠷᠡᠭᠯᠡᠭᠡᠨ ᠤ ᠬᠦᠷᠢᠶ᠎ᠡ ᠬᠡᠪᠴᠢᠶᠡᠨ ᠳᠤ ᠡᠭᠦᠰᠦᠭᠰᠡᠨ ᠪᠠᠶᠢᠳᠠᠯ ᠢ ᠨᠢ ᠦᠨᠳᠦᠰᠦᠯᠡᠵᠦ᠂ ᠲᠡᠭᠦᠨ ᠢ ᠪᠠᠰᠨ ᠰᠠᠴᠤᠷᠠᠭ ᠤᠨ ᠭᠡᠨᠡᠳᠡᠯ᠂ ᠴᠦᠮ᠎ᠡ ᠶᠢᠨ ᠭᠡᠨᠡᠳᠡᠯ ᠭᠡᠵᠦ ᠠᠩᠬᠢᠯᠠᠳᠠᠭ᠃        1. ᠰᠠᠴᠤᠷᠠᠭ ᠤᠨ ᠭᠡᠨᠡᠳᠡᠯ        ᠡᠳᠦᠷ ᠳᠣᠲᠤᠮ ᠤᠨ ᠠᠮᠢᠳᠤᠷᠠᠯ ᠳᠤ ᠦᠷᠬᠦᠯᠵᠢ ᠬᠡᠷᠡᠭᠯᠡᠳᠡᠭ ᠰᠠᠴᠤᠷᠠᠭᠴᠢ᠂ ᠰᠠᠴᠤᠷᠠᠭᠲᠤ ᠪᠣᠳᠠᠰ᠂ ᠰᠠᠴᠤᠷᠠᠭ ᠤᠨ ᠮᠠᠰᠢᠨ ᠲᠦᠬᠦᠭᠡᠷᠦᠮᠵᠢ ᠶᠢᠨ ᠡᠵᠡᠮᠳᠡᠯ ᠠᠯᠳᠠᠭᠳᠠᠬᠤ ᠭᠡᠨᠡᠳᠲᠡ ᠶᠢᠨ ᠬᠡᠷᠡᠭ ᠶᠠᠪᠤᠳᠠᠯ ᠢ ᠭᠤᠣᠯᠳᠠᠭᠤ ᠰᠠᠴᠤᠷᠠᠭ ᠤᠨ ᠭᠡᠨᠡᠳᠡᠯ ᠭᠡᠳᠡᠭ᠃ ᠡᠭᠦᠨ ᠳᠤ ᠬᠤᠯᠪᠤᠭᠳᠠᠬᠤ ᠰᠠᠴᠤᠷᠠᠭᠴᠢ ᠶᠢᠨ ᠠᠮᠢᠵᠢᠷᠴᠠ ᠨᠢ ᠪᠠᠭᠠᠵᠢ ᠬᠡᠮᠵᠢᠭᠦᠷ ᠤᠨ ᠮᠢᠩᠭᠠᠨ ᠪᠧᠺᠯᠧᠷ kBq ᠠᠴᠠ ᠲᠣᠮᠣ ᠬᠡᠯᠪᠡᠷᠢ ᠶᠢᠨ ᠰᠠᠴᠤᠷᠠᠭ ᠳᠤᠰᠬᠠᠬᠤ ᠲᠦᠬᠦᠭᠡᠷᠦᠮᠵᠢ ᠶᠢᠨ ᠶᠡᠭᠡ ᠮᠠᠰᠢ ᠳᠡᠯᠭᠡᠮᠡᠯ ᠪᠧᠺᠯᠧᠷ ︵pBq︶ ᠤᠨ ᠲᠦᠪᠰᠢᠨ ᠳᠤ ᠬᠦᠷᠴᠤ ᠪᠠᠶᠢᠳᠠᠭ ᠪᠦᠭᠡᠳ ᠰᠠᠴᠤᠷᠠᠭ ᠤᠨ ᠮᠠᠰᠢᠨ ᠲᠦᠬᠦᠭᠡᠷᠦᠮᠵᠢ ᠶᠢᠨ ᠳᠣᠲᠤᠷᠠᠬᠢ ᠬᠤᠷᠳᠤᠳᠬᠠᠭᠤᠷ ᠤᠨ ᠡᠨᠧᠷᠬᠢ ᠨᠢ ᠴᠤ ᠨᠠᠶᠠᠳ ᠡᠯᠧᠺᠲᠷᠤᠨ ᠸᠤᠯᠲ ︵TeV︶ ᠬᠦᠷᠳᠡᠭ᠃ ᠭᠡᠨᠡᠳᠡᠯ ᠨᠢ ᠭᠤᠣᠯᠳᠠᠭᠤ ᠰᠠᠴᠤᠷᠠᠭᠴᠢ ᠪᠣᠶᠤ ᠰᠠᠴᠤᠷᠠᠭᠲᠤ ᠪᠣᠳᠠᠰ ᠢ ᠭᠡᠭᠡᠵᠦ ᠠᠯᠳᠠᠬᠤ ᠪᠣᠶᠤ ᠡᠰᠡᠭᠦᠯ᠎ᠡ ᠬᠤᠯᠠᠭᠠᠶᠢᠯᠠᠭᠳᠠᠬᠤ᠂ ᠡᠮᠨᠡᠯᠭᠡ ᠶᠢᠨ ᠳᠤᠰᠬᠠᠯᠲᠠ ᠶᠢᠨ ᠭᠡᠨᠡᠳᠡᠯ᠂ ᠰᠠᠴᠤᠷᠠᠭ ᠤᠨ ᠲᠦᠬᠦᠭᠡᠷᠦᠮᠵᠢ ᠶᠢᠨ ᠭᠡᠨᠡᠳᠡᠯ᠂ ᠰᠠᠴᠤᠷᠠᠭᠲᠤ ᠬᠠᠶᠠᠭᠳᠠᠮᠠᠯ ᠪᠣᠳᠠᠰ ᠢ ᠬᠤᠷᠢᠶᠠᠨ ᠬᠠᠳᠠᠭᠠᠯᠠᠬᠤ ᠶᠢᠨ ᠭᠡᠨᠡᠳᠡᠯ ᠵᠡᠷᠭᠡ ᠣᠯᠠᠨ ᠵᠦᠢᠯ ᠤᠨ ᠪᠠᠶᠢᠳᠠᠭ ᠪᠦᠭᠡᠳ ᠬᠡᠯᠡᠯᠭᠡᠨ ᠦᠭᠡᠢ ᠰᠠᠴᠤᠷᠠᠭ ᠢᠶᠠᠷ ᠬᠦᠮᠦᠨ ᠢ ᠰᠦᠷᠳᠡᠭᠦᠯᠬᠦ᠂ ᠬᠤᠣᠷᠯᠠᠬᠤ ᠵᠡᠷᠭᠡ ᠴᠤ ᠪᠠᠭᠲᠠᠨ᠎ᠠ᠃ ᠴᠢᠩᠭ᠎ᠠ ᠯᠣᠪᠤᠳᠠᠭᠰᠠᠨ ᠰᠠᠴᠤᠷᠠᠭᠴᠢ ᠶᠢ ᠬᠡᠷᠡᠭᠯᠡᠳᠡᠭ ᠠᠵᠦ ᠦᠢᠯᠡᠳᠪᠦᠷᠢ᠂ ᠠᠭᠤᠷᠬᠠᠢ ᠶᠢᠨ ᠠᠵᠦ ᠠᠬᠤᠶᠢᠯᠠᠯ ᠪᠣᠯᠣᠨ ᠠᠵᠦ ᠦᠢᠯᠡᠳᠪᠦᠷᠢ ᠳᠤ ᠰᠣᠭᠤᠭ ᠬᠠᠶᠢᠬᠤ᠂ ᠰᠠᠴᠤᠷᠠᠭ ᠢᠶᠠᠷ ᠡᠮᠨᠡᠨ ᠵᠠᠰᠠᠬᠤ ᠨᠢᠭᠡᠴᠢ ᠨᠦᠭᠦᠳ ᠲᠤ ᠰᠠᠴᠤᠷᠠᠭ ᠤᠨ ᠭᠡᠨᠡᠳᠡᠯ ᠣᠯᠠᠨ ᠭᠠᠷᠳᠠᠭ᠃ ᠡᠭᠦᠨ ᠤ ᠳᠣᠲᠤᠷ᠎ᠠ ᠭᠠᠵᠠᠷ ᠰᠢᠨᠵᠢᠯᠡᠭᠡᠨ ᠤ ᠰᠠᠯᠠᠭ᠎ᠠ ᠮᠦᠴᠢᠷ ᠤᠨ ᠬᠢᠨ ᠬᠠᠶᠢᠨ ᠰᠢᠨᠵᠢᠬᠦ ᠳᠤ ᠬᠡᠷᠡᠭᠯᠡᠳᠡᠭ ᠰᠠᠴᠤᠷᠠᠭᠴᠢ ᠪᠠᠨ ᠭᠡᠭᠡᠳᠡᠭ ᠨᠢ ᠣᠯᠠᠨ ᠪᠣᠢ᠃ ᠰᠠᠴᠤᠷᠠᠭ ᠤᠨ ᠭᠡᠨᠡᠳᠡᠯ ᠡᠭᠦᠰᠬᠦ ᠪᠣᠯᠤᠮᠵᠢ ᠨᠢ ᠴᠦᠮ᠎ᠡ  ᠶᠢᠨ ᠭᠡᠨᠡᠳᠡᠯ ᠠᠴᠠ ᠶᠡᠭᠡ ᠪᠣᠯᠪᠠᠴᠤ ᠬᠤᠣᠷ ᠨᠦᠯᠦᠭᠡ ᠨᠢ ᠬᠠᠷᠢᠨ ᠴᠦᠮ᠎ᠡ ᠶᠢᠨ ᠭᠡᠨᠡᠳᠡᠯ ᠠᠴᠠ ᠪᠠᠭ᠎ᠠ ᠪᠠᠶᠢᠳᠠᠭ᠃        2. ᠴᠦᠮ᠎ᠡ ᠶᠢᠨ ᠭᠡᠨᠡᠲᠡᠯ        ᠴᠦᠮ᠎ᠡ ᠶᠢᠨ ᠭᠡᠨᠡᠳᠲᠡ ᠶᠢᠨ ᠬᠡᠷᠡᠭ ᠶᠠᠪᠤᠳᠠᠯ ᠤᠳ ᠢ ᠬᠤᠷᠢᠶᠠᠩᠭᠤᠶᠢᠯᠠᠭᠠᠳ ᠴᠦᠮ᠎ᠡ ᠶᠢᠨ ᠭᠡᠨᠡᠲᠡᠯ ᠭᠡᠳᠡᠭ᠃ ᠴᠦᠮ᠎ᠡ ᠶᠢᠨ ᠭᠡᠨᠡᠳᠲᠡ ᠶᠢᠨ ᠬᠡᠷᠡᠭ ᠶᠠᠪᠤᠳᠠᠯ ᠭᠡᠳᠡᠭ ᠪᠣᠯ ᠴᠦᠮ᠎ᠡ ᠶᠢᠨ ᠤᠷᠪᠠᠯ ᠤᠨ ᠵᠤᠤᠬ᠎ᠠ ᠪᠣᠯᠣᠨ ᠲᠡᠭᠦᠨ ᠢ ᠠᠰᠢᠭᠯᠠᠭᠰᠠᠨ ᠪᠤᠰᠤᠳ ᠲᠦᠬᠦᠭᠡᠷᠦᠮᠵᠢ ᠵᠢᠴᠢ ᠴᠦᠮ᠎ᠡ ᠶᠢᠨ ᠲᠦᠬᠦᠭᠡᠷᠦᠮᠵᠢ  ᠨᠦᠭᠦᠳ ᠤᠨ ᠡᠵᠡᠮᠳᠡᠯ ᠠᠯᠳᠠᠭᠳᠠᠬᠤ᠂ ᠴᠦᠮ᠎ᠡ ᠶᠢᠨ ᠵᠡᠪᠰᠡᠭ ᠤᠨ ᠳᠡᠯᠪᠡᠷᠡᠯᠲᠡ ᠪᠣᠯᠣᠨ ᠴᠦᠮ᠎ᠡ ᠪᠣᠶᠤ ᠰᠠᠴᠤᠷᠠᠭ ᠤᠨ ᠰᠦᠷᠳᠡᠭᠦᠯᠦᠯ ᠤᠨ ᠭᠡᠨᠡᠳᠲᠡ ᠶᠢᠨ ᠬᠡᠷᠡᠭ ᠶᠠᠪᠤᠳᠠᠯ ᠤᠳ ᠢ ᠬᠡᠯᠡᠨ᠎ᠡ᠃ ᠡᠭᠦᠨ ᠳᠤ ᠦᠷᠠᠨ ᠢ ᠠᠭᠰᠢᠷᠠᠭᠤᠯᠬᠤ ᠲᠦᠬᠦᠭᠡᠷᠦᠮᠵᠢ᠂ ᠦᠷᠠᠨ ᠫᠯᠦ᠋ᠲ᠋ᠤᠨ ᠢ ᠡᠳ᠋ᠰᠢᠭᠦᠯᠬᠦ ᠦᠢᠯᠡᠳᠪᠦᠷᠢ ᠪᠣᠯᠣᠨ ᠲᠦᠯᠡᠰᠢ ᠦᠢᠯᠡᠳᠬᠦ ᠲᠦᠬᠦᠭᠡᠷᠦᠮᠵᠢ᠂ ᠰᠣᠳᠤᠯᠭᠠᠨ ᠤ ᠴᠦᠮ᠎ᠡ ᠶᠢᠨ ᠤᠷᠪᠠᠯ ᠤᠨ ᠵᠤᠤᠬ᠎ᠠ᠂ ᠴᠦᠮ᠎ᠡ ᠶᠢᠨ ᠲᠦᠯᠡᠰᠢ ᠶᠢ ᠳᠠᠬᠢᠨ ᠰᠢᠢᠳᠪᠦᠷᠢᠯᠡᠬᠦ ᠦᠢᠯᠡᠳᠪᠦᠷᠢ᠂ ᠰᠠᠴᠤᠷᠠᠭᠲᠤ ᠬᠠᠶᠠᠭᠳᠠᠮᠠᠯ ᠢ ᠬᠠᠮᠢᠶᠠᠷᠬᠤ ᠲᠦᠬᠦᠭᠡᠷᠦᠮᠵᠢ ᠵᠡᠷᠭᠡ ᠶᠢ ᠴᠦᠮ᠎ᠡ ᠶᠢᠨ ᠲᠦᠬᠦᠭᠡᠷᠦᠮᠵᠢ ︵nuclear installation︶ ᠭᠡᠳᠡᠭ᠃ ᠤᠷᠪᠠᠯ ᠤᠨ ᠵᠤᠤᠬ᠎ᠠ ᠪᠣᠯᠣᠨ ᠲᠡᠭᠦᠨ ᠢ ᠠᠰᠢᠭᠯᠠᠭᠰᠠᠨ ᠪᠤᠰᠤᠳ ᠲᠦᠬᠦᠭᠡᠷᠦᠮᠵᠢ ᠨᠦᠭᠦᠳ ᠤᠨ ᠭᠡᠨᠡᠳᠡᠯ ᠳᠤ ᠴᠦᠮ᠎ᠡ ᠶᠢᠨ ᠴᠠᠬᠢᠯᠭᠠᠨ ᠦᠷᠲᠡᠭᠡ ᠶᠢᠨ ᠰᠠᠴᠤᠷᠠᠭᠲᠤ ᠪᠣᠳᠠᠰ ᠨᠢ ᠠᠯᠳᠠᠭᠳᠠᠬᠤ᠂ ᠴᠦᠮ᠎ᠡ ᠶᠢᠨ ᠬᠦᠳᠡᠯᠭᠡᠭᠦᠷᠲᠤ ᠬᠢᠮᠡᠯ ᠳᠠᠭᠠᠭᠤᠯᠢ ᠣᠳᠣ ᠤᠨᠠᠬᠤ᠂ ᠴᠦᠮ᠎ᠡ ᠶᠢᠨ ᠬᠦᠳᠡᠯᠭᠡᠭᠦᠷᠲᠤ ᠪᠠᠷᠠᠭᠠᠨ ᠤ ᠪᠣᠶᠤ ᠱᠤᠩᠭᠤᠯ ᠣᠡᠭᠭᠤᠴᠠ ᠠᠳᠡᠬᠦ ᠵᠡᠷᠭᠡ ᠰᠠᠨᠠᠭᠠᠨ  ᠳᠤ ᠦᠭᠡᠢ ᠠᠳᠡᠯ ᠤᠳ ᠪᠠᠭᠲᠠᠨ᠎ᠠ᠃        ᠭᠤᠷᠪᠠ᠂ ᠴᠦᠮ᠎ᠡ ᠪᠠ ᠰᠠᠴᠤᠷᠠᠭ ᠤᠨ ᠭᠡᠨᠡᠳᠡᠯ ᠤᠨ ᠳᠡᠰ        ᠴᠦᠮ᠎ᠠ ᠪᠠ ᠰᠠᠴᠤᠷᠠᠭ ᠤᠨ ᠬᠡᠨᠡᠳᠡᠯ ᠢ ᠬᠠᠷᠢᠯᠴᠠᠨ ᠳᠠᠨᠢᠵᠤ ᠤᠶᠢᠯᠠᠭᠠᠬᠤ ᠪᠤᠶᠤ ᠬᠢᠨᠠᠨ ᠬᠠᠮᠢᠶᠠᠷᠬᠤ ᠵᠢᠴᠢ ᠰᠢᠢᠳᠪᠤᠷᠢᠯᠡᠬᠦ ᠳᠤ ᠳᠦᠭᠦᠮ ᠢ ᠪᠤᠳᠤᠵᠤ ᠳᠡᠰ ᠳᠤᠭᠳᠠᠭᠠᠪᠠ᠃        1. ᠰᠠᠴᠤᠷᠠᠭ ᠤᠨ ᠭᠡᠨᠡᠳᠡᠯ ᠤᠨ ᠳᠡᠰ        ᠰᠠᠴᠤᠷᠠᠭ ᠤᠨ ᠭᠡᠨᠡᠳᠡᠯ ᠤᠨ ᠰᠢᠨᠵᠢ ᠴᠢᠨᠠᠷ᠂ ᠬᠦᠨᠳᠤ ᠨᠣᠴᠢᠲᠠᠢ ᠬᠡᠮᠵᠢᠶ᠎ᠡ᠂ ᠡᠵᠡᠮᠳᠡᠵᠦ ᠪᠣᠯᠬᠤ ᠪᠠᠶᠢᠳᠠᠯ ᠪᠣᠯᠣᠨ ᠨᠦᠯᠦᠭᠡᠯᠡᠬᠦ ᠬᠡᠪᠴᠢᠶ᠎ᠡ ᠵᠡᠷᠭᠡ ᠰᠢᠯᠲᠠᠭᠠᠨ ᠢ ᠦᠨᠳᠦᠰᠦᠯᠡᠨ ᠬᠦᠨᠳᠦ ᠠᠴᠠ ᠬᠦᠡᠭᠬᠡᠨ ᠬᠦᠷᠲᠡᠯ᠎ᠡ ᠨᠢ ᠰᠠᠴᠤᠷᠠᠭ ᠤᠨ ᠭᠡᠨᠡᠳᠡᠯ ᠢ ᠣᠨᠴᠤᠭᠤᠢ ᠬᠦᠨᠳᠤ ᠶᠡᠭᠡ ᠰᠠᠴᠤᠷᠠᠭ ᠤᠨ ᠭᠡᠨᠡᠳᠡᠯ᠂ ᠬᠦᠨᠳᠤ ᠶᠡᠭᠡ ᠰᠠᠴᠤᠷᠠᠭ ᠤᠨ ᠭᠡᠨᠡᠳᠡᠯ᠂ ᠨᠡᠯᠢᠶᠡᠳ ᠶᠡᠭᠡ ᠰᠠᠴᠤᠷᠠᠭ ᠤᠨ ᠭᠡᠨᠡᠳᠡᠯ ᠪᠣᠯᠣᠨ ᠡᠩ ᠤᠨ ᠰᠠᠴᠤᠷᠠᠭ ᠤᠨ ᠭᠡᠨᠡᠳᠡᠯ ᠭᠡᠵᠦ ᠳᠦᠷᠪᠡᠨ ᠳᠡᠰ ᠲᠤ ᠠᠩᠬᠢᠯᠠᠳᠠᠭ᠃        ︵1︶ ᠣᠨᠴᠤᠭᠤᠢ ᠬᠦᠨᠳᠤ ᠶᠡᠭᠡ ᠰᠠᠴᠤᠷᠠᠭ ᠤᠨ ᠭᠡᠨᠡᠳᠡᠯ        Ⅰ ᠲᠦᠷᠦᠯ᠂ Ⅱ ᠲᠦᠷᠦᠯ ᠤᠨ ᠰᠠᠴᠤᠷᠠᠭᠴᠢ ᠶᠢ ᠭᠡᠭᠡᠭᠰᠡᠨ᠂ ᠬᠤᠯᠠᠭᠠᠶᠢᠯᠠᠭᠳᠠᠭᠰᠠᠨ᠂ ᠡᠵᠡᠮᠳᠡᠯ ᠢᠶᠠᠨ ᠠᠯᠳᠠᠭᠰᠠᠨ ᠠᠴᠠ ᠪᠣᠯᠵᠦ ᠶᠡᠭᠡ ᠬᠡᠪᠴᠢᠶᠡᠨ ᠳᠤ ᠬᠦᠨᠳᠤ ᠨᠣᠴᠢᠲᠠᠢ ᠰᠠᠴᠤᠷᠠᠭ ᠪᠤᠬᠢᠷᠳᠤᠯ ᠢ ᠪᠣᠢ ᠪᠣᠯᠭᠠᠭᠰᠠᠨ ᠪᠣᠶᠤ ᠡᠰᠡᠭᠦᠯ᠎ᠡ ᠰᠠᠴᠤᠷᠠᠭᠲᠤ ᠯᠣᠷᠣᠰ ᠪᠤᠯᠤᠨ ᠰᠠᠴᠤᠷᠠᠭ ᠤᠨ ᠲᠦᠬᠦᠭᠡᠷᠦᠮᠵᠢ ᠨᠢ ᠡᠵᠡᠮᠳᠡᠯ ᠢᠶᠠᠨ ᠠᠯᠳᠠᠭᠠᠳ 3 ᠠᠴᠠ ᠳᠡᠭᠡᠭᠰᠢ ︵3 ᠬᠦᠮᠦᠨ ᠪᠠᠭᠲᠠᠨ᠎ᠠ︶ ᠬᠦᠮᠦᠨ ᠲᠦᠷᠭᠡᠨ ᠴᠢᠨᠠᠷᠲᠠᠢ ᠪᠠᠷ ᠦᠬᠦᠭᠰᠡᠨ᠃        ︵2︶ ᠬᠦᠨᠳᠤ ᠶᠡᠭᠡ ᠰᠠᠴᠤᠷᠠᠭ ᠤᠨ ᠭᠡᠨᠡᠳᠡᠯ        Ⅰ ᠲᠦᠷᠦᠯ᠂ Ⅱ ᠲᠦᠷᠦᠯ ᠤᠨ ᠰᠠᠴᠤᠷᠠᠭᠴᠢ ᠶᠢ ᠭᠡᠭᠡᠭᠰᠡᠨ᠂ ᠬᠤᠯᠠᠭᠠᠶᠢᠯᠠᠭᠳᠠᠭᠰᠠᠨ᠂ ᠡᠵᠡᠮᠳᠡᠯ ᠢᠶᠠᠨ ᠠᠯᠳᠠᠭᠰᠠᠨ ᠪᠣᠶᠤ ᠡᠰᠡᠭᠦᠯ᠎ᠡ ᠰᠠᠴᠤᠷᠠᠭᠲᠤ ᠯᠣᠷᠣᠰ ᠪᠤᠯᠤᠨ ᠰᠠᠴᠤᠷᠠᠭ ᠤᠨ ᠲᠦᠬᠦᠭᠡᠷᠦᠮᠵᠢ ᠨᠢ ᠡᠵᠡᠮᠳᠡᠯ ᠢᠶᠠᠨ ᠠᠯᠳᠠᠭᠠᠳ 2 ᠠᠴᠠ ᠳᠣᠷᠤᠭᠰᠢ ︵2 ᠬᠦᠮᠦᠨ ᠪᠠᠭᠲᠠᠨ᠎ᠠ︶ ᠬᠦᠮᠦᠨ ᠲᠦᠷᠭᠡᠨ ᠴᠢᠨᠠᠷᠲᠠᠢ ᠪᠠᠷ ᠦᠬᠦᠭᠰᠡᠨ ᠪᠣᠶᠤ ᠡᠰᠡᠭᠦᠯ᠎ᠡ 10 ᠬᠦᠮᠦᠨ ᠠᠴᠠ ᠳᠡᠭᠡᠭᠰᠢ ︵10 ᠬᠦᠮᠦᠨ ᠪᠠᠭᠲᠠᠨ᠎ᠠ︶ ᠲᠦᠷᠭᠡᠨ ᠴᠢᠨᠠᠷᠲᠠᠢ ᠬᠦᠨᠳᠤ ᠰᠠᠴᠤᠷᠠᠭ ᠤᠨ ᠡᠪᠡᠳᠴᠢᠨ ᠣᠯᠤᠭᠰᠠᠨ᠂ ᠪᠡᠶ᠎ᠡ ᠶᠢᠨ ᠬᠡᠰᠡᠭ ᠡᠷᠬᠡᠲᠡᠨ ᠢ ᠵᠡᠮᠳᠡᠭ ᠪᠣᠯᠭᠠᠭᠰᠠᠨ᠃        ︵3︶ ᠨᠡᠯᠢᠶᠡᠳ ᠶᠡᠭᠡ ᠰᠠᠴᠤᠷᠠᠭ ᠤᠨ ᠭᠡᠨᠡᠳᠡᠯ        Ⅲ ᠲᠦᠷᠦᠯ ᠤᠨ ᠰᠠᠴᠤᠷᠠᠭᠴᠢ ᠶᠢ ᠭᠡᠭᠡᠭᠰᠡᠨ᠂ ᠬᠤᠯᠠᠭᠠᠶᠢᠯᠠᠭᠳᠠᠭᠰᠠᠨ᠂ ᠡᠵᠡᠮᠳᠡᠯ ᠢᠶᠠᠨ ᠠᠯᠳᠠᠭᠰᠠᠨ ᠪᠣᠶᠤ ᠡᠰᠡᠭᠦᠯ᠎ᠡ ᠰᠠᠴᠤᠷᠠᠭᠲᠤ ᠯᠣᠷᠣᠰ ᠪᠤᠯᠤᠨ ᠰᠠᠴᠤᠷᠠᠭ ᠤᠨ ᠲᠦᠬᠦᠭᠡᠷᠦᠮᠵᠢ ᠨᠢ ᠡᠵᠡᠮᠳᠡᠯ ᠢᠶᠠᠨ ᠠᠯᠳᠠᠭᠠᠳ 9 ᠬᠦᠮᠦᠨ ᠠᠴᠠ ᠳᠣᠷᠤᠭᠰᠢ ︵9 ᠬᠦᠮᠦᠨ ᠪᠠᠭᠲᠠᠨ᠎ᠠ︶ ᠲᠦᠷᠭᠡᠨ ᠴᠢᠨᠠᠷᠲᠠᠢ ᠬᠦᠨᠳᠤ ᠰᠠᠴᠤᠷᠠᠭ ᠤᠨ ᠡᠪᠡᠳᠴᠢᠨ ᠣᠯᠤᠭᠰᠠᠨ᠂ ᠪᠡᠶ᠎ᠡ ᠶᠢᠨ ᠬᠡᠰᠡᠭ ᠡᠷᠬᠡᠲᠡᠨ ᠢ ᠵᠡᠮᠳᠡᠭ ᠪᠣᠯᠭᠠᠭᠰᠠᠨ᠃        ︵4︶ ᠡᠩ ᠤᠨ ᠰᠠᠴᠤᠷᠠᠭ ᠤᠨ ᠭᠡᠨᠡᠳᠡᠯ        Ⅳ ᠲᠦᠷᠦᠯ᠂ Ⅴ ᠲᠦᠷᠦᠯ ᠤᠨ ᠰᠠᠴᠤᠷᠠᠭᠴᠢ ᠶᠢ ᠭᠡᠭᠡᠭᠰᠡᠨ᠂ ᠬᠤᠯᠠᠭᠠᠶᠢᠯᠠᠭᠳᠠᠭᠰᠠᠨ᠂ ᠡᠵᠡᠮᠳᠡᠯ ᠢᠶᠠᠨ ᠠᠯᠳᠠᠭᠰᠠᠨ ᠪᠣᠶᠤ ᠡᠰᠡᠭᠦᠯ᠎ᠡ ᠰᠠᠴᠤᠷᠠᠭᠲᠤ ᠯᠣᠷᠣᠰ ᠪᠤᠯᠤᠨ ᠰᠠᠴᠤᠷᠠᠭ ᠤᠨ ᠲᠦᠬᠦᠭᠡᠷᠦᠮᠵᠢ ᠨᠢ ᠡᠵᠡᠮᠳᠡᠯ ᠢᠶᠠᠨ ᠠᠯᠳᠠᠭᠠᠳ ᠬᠦᠮᠦᠰ ᠲᠤ ᠵᠢᠯ ᠤᠨ ᠬᠤᠮᠵᠢᠮ ᠤᠨ ᠬᠢᠵᠠᠭᠠᠷᠯᠠᠯ ᠬᠡᠮᠵᠢᠭᠳᠡᠬᠦᠨ ᠠᠴᠠ ᠬᠡᠲᠦᠷᠡᠲᠡᠯ᠎ᠡ ᠲᠤᠰᠬᠠᠯᠲᠠ ᠬᠦᠷᠲᠡᠭᠦᠯᠦᠭᠰᠡᠨ᠃        ᠳᠡᠯᠡᠬᠡᠢ ᠶᠢᠨ ᠠᠲ᠋ᠤᠮ ᠤᠨ ᠡᠨᠧᠷᠬᠢ ᠶᠢᠨ ᠪᠠᠶᠢᠭᠤᠯᠤᠮᠵᠢ ᠶᠢᠨ ᠬᠠᠮᠢᠶ᠎ᠠ ᠪᠦᠬᠦᠢ ᠲᠣᠭᠲᠠᠭᠠᠯ ᠢᠶᠠᠷ ᠯᠠᠪᠯᠠᠯᠲᠠ ᠪᠣᠯᠭᠠᠵᠦ᠂ ᠰᠠᠴᠤᠷᠠᠭᠴᠢ ᠶᠢᠨ ᠬᠦᠮᠦᠨ ᠤ ᠪᠡᠶ᠎ᠡ  ᠶᠢᠨ ᠡᠷᠡᠭᠦᠯ ᠮᠡᠨᠳᠤ ᠪᠣᠯᠣᠨ ᠣᠷᠴᠢᠨ ᠠᠬᠤᠢ ᠳᠠᠬᠢ ᠳᠠᠯᠳᠠ ᠬᠤᠣᠷ ᠬᠦᠨᠦᠭᠡᠯ ᠤᠨ ᠬᠡᠮᠵᠢᠶ᠎ᠡ ᠪᠠᠷ ᠨᠢ ᠶᠡᠭᠡ ᠠᠴᠠ ᠪᠠᠭ᠎ᠠ ᠬᠦᠷᠲᠡᠯ᠎ᠡ ᠨᠢ ᠰᠠᠴᠤᠷᠠᠭᠴᠢ ᠶᠢ Ⅰ᠂ Ⅱ ᠂ Ⅲ᠂ Ⅳ᠂ Ⅴ ᠲᠦᠷᠦᠯ ᠪᠣᠯᠭᠠᠨ ᠠᠩᠬᠢᠯᠠᠪᠠ᠃ Ⅴ ᠲᠦᠷᠦᠯ ᠤᠨ ᠰᠠᠴᠤᠷᠠᠭᠴᠢ ᠶᠢᠨ ᠬᠠᠮᠤᠭ ᠳᠣᠣᠷ᠎ᠠ ᠬᠢᠵᠠᠭᠠᠷ ᠠᠮᠢᠵᠢᠷᠴᠠ ᠶᠢᠨ ᠬᠡᠮᠵᠢᠭᠳᠡᠬᠦᠨ ᠨᠢ ᠳᠠᠷᠤᠢ ᠡᠨᠡ ᠬᠦ ᠵᠦᠢᠯ ᠤᠨ ᠴᠦᠮᠡᠲᠤ ᠶᠢᠨ ᠬᠡᠯᠲᠦᠷᠢᠭᠦᠯᠬᠦ ᠠᠮᠢᠵᠢᠷᠴᠠ ᠪᠣᠯᠣᠨ᠎ᠠ᠃        ︵1︶ Ⅰ ᠲᠦᠷᠦᠯ ᠤᠨ ᠰᠠᠴᠤᠷᠠᠭᠴᠢ ᠪᠣᠯ ᠲᠦᠢᠯ ᠤᠨ ᠶᠡᠭᠡ ᠠᠶᠤᠯᠲᠠᠢ ᠰᠠᠴᠤᠷᠠᠭᠤᠯᠤᠭᠴᠢ ᠪᠣᠯᠤᠨ᠎ᠠ᠃ ᠬᠠᠮᠠᠭᠠᠯᠠᠯᠲᠠ ᠦᠭᠡᠢ ᠪᠠᠶᠢᠳᠠᠯ ᠳᠣᠣᠷ᠎ᠠ ᠡᠨᠡ ᠬᠦ ᠲᠦᠷᠦᠯ ᠤᠨ ᠰᠠᠴᠤᠷᠠᠭᠤᠯᠤᠭᠴᠢ ᠲᠠᠢ ᠬᠦᠷᠦᠯᠴᠡᠬᠦ ᠪᠣᠶᠤ ᠬᠠᠪᠢᠳᠠᠪᠠᠯ ᠬᠡᠳᠦᠨ ᠮᠢᠨᠦ᠋ᠲ ᠠᠴᠠ 1 ᠴᠠᠭ ᠲᠣᠲᠤᠷ᠎ᠠ ᠳᠠᠷᠤᠢ ᠬᠦᠮᠦᠨ ᠢ ᠦᠬᠦᠬᠦᠯᠳᠡᠭ᠃        ︵2︶ Ⅱ ᠲᠦᠷᠦᠯ ᠤᠨ ᠰᠠᠴᠤᠷᠠᠭᠴᠢ ᠪᠣᠯ ᠶᠡᠭᠡ ᠠᠶᠤᠯᠲᠠᠢ ᠰᠠᠴᠤᠷᠠᠭᠤᠯᠤᠭᠴᠢ ᠪᠣᠯᠤᠨ᠎ᠠ᠃ ᠬᠠᠮᠠᠭᠠᠯᠠᠯᠲᠠ ᠦᠭᠡᠢ ᠪᠠᠶᠢᠳᠠᠯ ᠳᠣᠣᠷ᠎ᠠ ᠡᠨᠡ ᠬᠦ ᠲᠦᠷᠦᠯ ᠤᠨ ᠰᠠᠴᠤᠷᠠᠭᠤᠯᠤᠭᠴᠢ ᠲᠠᠢ ᠬᠦᠷᠦᠯᠴᠡᠬᠦ ᠪᠣᠶᠤ ᠬᠠᠪᠢᠳᠠᠪᠠᠯ ᠬᠡᠳᠦᠨ ᠴᠠᠭ ᠠᠴᠠ ᠬᠡᠳᠦᠨ ᠡᠳᠦᠷ ᠲᠤ ᠬᠦᠮᠦᠨ ᠢ ᠦᠬᠦᠬᠦᠯᠳᠡᠭ᠃        ︵3︶ Ⅲ ᠲᠦᠷᠦᠯ ᠤᠨ ᠰᠠᠴᠤᠷᠠᠭᠴᠢ ᠪᠣᠯ ᠠᠶᠤᠯᠲᠠᠢ ᠰᠠᠴᠤᠷᠠᠭᠤᠯᠤᠭᠴᠢ ᠪᠣᠯᠤᠨ᠎ᠠ᠃ ᠬᠠᠮᠠᠭᠠᠯᠠᠯᠲᠠ ᠦᠭᠡᠢ ᠪᠠᠶᠢᠳᠠᠯ ᠳᠣᠣᠷ᠎ᠠ ᠡᠨᠡ ᠬᠦ ᠲᠦᠷᠦᠯ ᠤᠨ ᠰᠠᠴᠤᠷᠠᠭᠤᠯᠤᠭᠴᠢ ᠲᠠᠢ ᠬᠦᠷᠦᠯᠴᠡᠬᠦ ᠪᠣᠶᠤ ᠬᠠᠪᠢᠳᠠᠪᠠᠯ ᠬᠡᠳᠦᠨ ᠴᠠᠭ ᠤᠨ ᠳᠣᠲᠤᠷ᠎ᠠ ᠳᠠᠷᠤᠢ ᠬᠦᠮᠦᠰ ᠲᠤ ᠦᠨᠢᠳᠡ ᠶᠢᠨ ᠴᠢᠨᠠᠷᠲᠠᠢ ᠭᠡᠮᠲᠦᠯ ᠢ ᠪᠣᠢ ᠪᠣᠯᠭᠠᠵᠦ᠂ ᠬᠡᠳᠦᠨ ᠡᠳᠦᠷ ᠠᠴᠠ ᠬᠡᠳᠦᠨ ᠭᠠᠷᠠᠭ ᠬᠠᠪᠢᠳᠠᠵᠦ ᠬᠦᠷᠦᠯᠴᠡᠪᠡᠯ ᠪᠠᠰᠨ ᠴᠤ ᠬᠦᠮᠦᠨ ᠢ ᠦᠬᠦᠬᠦᠯᠳᠡᠭ᠃        ︵4︶ Ⅳ ᠲᠦᠷᠦᠯ ᠤᠨ ᠰᠠᠴᠤᠷᠠᠭᠴᠢ ᠪᠣᠯ ᠠᠶᠤᠯ ᠢᠶᠠᠷ ᠪᠠᠭ᠎ᠠ ᠰᠠᠴᠤᠷᠠᠭᠤᠯᠤᠭᠴᠢ ᠪᠣᠯᠤᠨ᠎ᠠ᠃ ᠦᠨᠳᠦᠰᠦᠨ ᠳᠡᠭᠡᠨ ᠬᠦᠮᠦᠰ ᠲᠤ ᠦᠨᠢᠳᠡ ᠶᠢᠨ ᠴᠢᠨᠠᠷᠲᠠᠢ ᠭᠡᠮᠲᠦᠯ ᠢ ᠪᠣᠢ ᠪᠣᠯᠭᠠᠳᠠᠭ ᠦᠭᠡᠢ᠃ ᠭᠡᠪᠡᠴᠤ ᠤᠳᠠᠭᠠᠨ ᠬᠤᠭᠤᠴᠠᠭ᠎ᠠ ᠪᠠᠷ᠂ ᠣᠶᠢᠷ᠎ᠠ ᠵᠠᠢ ᠳᠤ ᠡᠨᠡ ᠬᠦ ᠲᠦᠷᠦᠯ ᠤᠨ ᠰᠠᠴᠤᠷᠠᠭᠤᠯᠤᠭᠴᠢ ᠲᠠᠢ ᠬᠠᠪᠢᠳᠠᠵᠦ ᠬᠦᠷᠦᠯᠴᠡᠪᠡᠯ ᠡᠳᠡᠭᠡᠵᠦ ᠪᠣᠯᠬᠤ ᠲᠦᠷ ᠴᠠᠭ ᠤᠨ ᠭᠡᠮᠳᠦᠯ ᠭᠠᠷᠭᠠᠳᠠᠭ᠃        ︵5︶ Ⅴ ᠲᠦᠷᠦᠯ ᠤᠨ ᠰᠠᠴᠤᠷᠠᠭᠴᠢ ᠪᠣᠯ ᠠᠶᠤᠯ ᠢᠶᠠᠷ ᠲᠦᠢᠯ ᠤᠨ ᠪᠠᠭ᠎ᠠ ᠰᠠᠴᠤᠷᠠᠭᠤᠯᠤᠭᠴᠢ ᠪᠣᠯᠤᠨ᠎ᠠ᠃ ᠬᠦᠮᠦᠰ ᠲᠤ ᠦᠨᠢᠳᠡ ᠶᠢᠨ ᠴᠢᠨᠠᠷᠲᠠᠢ ᠭᠡᠮᠲᠦᠯ ᠢ ᠪᠣᠢ ᠪᠣᠯᠭᠠᠳᠠᠭ ᠦᠭᠡᠢ᠃        ᠵᠠᠳᠠᠭᠠᠢ ᠰᠠᠴᠤᠷᠠᠭᠤᠯᠤᠭᠴᠢ ᠶᠢᠨ ᠠᠵᠢᠯ ᠤᠨ ᠲᠠᠯᠠᠪᠤᠷ ᠢ ︽ᠳᠤᠩᠰᠢᠭᠤᠯᠬᠤ ᠰᠠᠴᠤᠷᠠᠭ ᠤᠨ ᠬᠠᠮᠠᠭᠠᠯᠠᠯᠲᠠ ᠪᠣᠯᠣᠨ ᠰᠠᠴᠤᠷᠠᠭᠤᠯᠤᠭᠴᠢ ᠶᠢᠨ ᠠᠮᠤᠷ ᠲᠦᠪᠰᠢᠨ ᠤ ᠪᠠᠷᠢᠮᠵᠢᠶ᠎ᠠ︾ ︵GB 18871-2002︶ ᠶᠢ ᠦᠨᠳᠦᠰᠦᠯᠡᠨ ᠰᠠᠴᠤᠷᠠᠭᠲᠤ ᠴᠦᠮᠡᠲᠤ ᠶᠢᠨ ᠡᠳᠦᠷ ᠤᠨ ᠬᠠᠮᠤᠭ ᠶᠡᠭᠡ ᠣᠷᠤᠯᠳᠤᠬᠤ ᠬᠡᠮᠵᠢᠶ᠎ᠡ ᠪᠠᠷ  ᠨᠢ ᠬᠦᠬᠡ᠂ ᠬᠦᠬᠡᠭᠴᠢᠨ᠂ ᠤᠯᠠᠭᠠᠨ ᠭᠤᠷᠪᠠᠨ ᠳᠡᠰ ᠲᠤ ᠠᠩᠬᠢᠯᠠᠳᠠᠭ᠃ ᠬᠦᠬᠡ ᠳᠡᠰ ᠤᠨ ᠵᠠᠳᠠᠭᠠᠢ ᠰᠠᠴᠤᠷᠠᠭᠤᠯᠤᠭᠴᠢ ᠶᠢᠨ ᠠᠵᠢᠯ ᠤᠨ ᠲᠠᠯᠠᠪᠤᠷ ᠤᠨ ᠠᠮᠤᠷ ᠲᠦᠪᠰᠢᠨ ᠤ ᠬᠠᠮᠢᠶᠠᠷᠤᠯᠲᠠ ᠨᠢ Ⅰ ᠲᠦᠷᠦᠯ ᠤᠨ ᠰᠠᠴᠤᠷᠠᠭᠴᠢ ᠪᠠᠷ ᠯᠠᠪᠯᠠᠯᠲᠠ ᠪᠣᠯᠭᠠᠳᠠᠭ᠃ ᠬᠦᠬᠡᠭᠴᠢᠨ ᠪᠣᠯᠣᠨ ᠤᠯᠠᠭᠠᠨ ᠳᠡᠰ ᠤᠨ ᠵᠠᠳᠠᠭᠠᠢ ᠰᠠᠴᠤᠷᠠᠭᠤᠯᠤᠭᠴᠢ  ᠶᠢᠨ ᠠᠵᠢᠯ ᠤᠨ ᠲᠠᠯᠠᠪᠤᠷ ᠤᠨ ᠠᠮᠤᠷ ᠲᠦᠪᠰᠢᠨ ᠤ ᠬᠠᠮᠢᠶᠠᠷᠤᠯᠲᠠ ᠨᠢ Ⅱ᠂ Ⅲ ᠲᠦᠷᠦᠯ ᠤᠨ ᠰᠠᠴᠤᠷᠠᠭᠴᠢ ᠪᠠᠷ ᠯᠠᠪᠯᠠᠯᠲᠠ ᠪᠣᠯᠭᠠᠳᠠᠭ᠃        2. ᠳᠡᠯᠡᠬᠡᠢ ᠶᠢᠨ ᠴᠦᠮ᠎ᠡ ᠶᠢᠨ ᠬᠡᠷᠡᠭ ᠶᠠᠪᠤᠳᠠᠯ ᠤᠨ ᠳᠡᠰ        ᠰᠠᠴᠤᠷᠠᠭ ᠤᠨ ᠭᠡᠨᠡᠳᠡᠯ ᠢ ᠵᠦᠪ ᠢᠶᠠᠷ ᠲᠠᠨᠢᠵᠦ᠂ ᠦᠨᠡᠯᠡᠬᠦ ᠪᠠ ᠮᠡᠳᠡᠭᠡᠯᠡᠵᠦ᠂ ᠨᠡᠶᠢᠭᠡᠮ᠂ ᠣᠯᠠᠨ ᠨᠡᠶᠢᠲᠡ ᠪᠣᠯᠣᠨ ᠰᠣᠨᠢᠨ ᠮᠡᠳᠡᠭᠡᠯᠡᠯ ᠵᠠᠭᠤᠴᠢᠯᠠᠭᠤᠷ ᠤᠨ ᠬᠤᠭᠤᠷᠣᠨᠳᠤ ᠪᠠᠨ ᠰᠤᠷᠠᠭ ᠵᠠᠩᠬᠢ ᠪᠠᠨ ᠨᠡᠪᠲᠡᠷᠡᠯᠴᠡᠬᠦ ᠨᠢᠭᠡᠲᠦᠯᠲᠠᠢ ᠪᠠᠷᠢᠮᠵᠢᠶ᠎ᠠ ᠲᠠᠢ ᠪᠣᠯᠭᠠᠬᠤ ᠶᠢᠨ ᠲᠤᠯᠠᠲᠠ ᠳᠡᠯᠡᠬᠡᠢ ᠶᠢᠨ ᠠᠲ᠋ᠤᠮ ᠤᠨ ᠡᠨᠧᠷᠬᠢ ᠶᠢᠨ ᠪᠠᠶᠢᠭᠤᠯᠤᠮᠵᠢ ︵IAEA︶ ᠪᠣᠯᠣᠨ ᠠᠵᠦ ᠠᠬᠤᠢ ᠪᠠᠷ ᠬᠠᠪᠰᠤᠷᠤᠯᠴᠠᠬᠤ ᠪᠠ ᠬᠦᠭᠵᠢᠭᠦᠯᠬᠦ ᠵᠣᠬᠢᠶᠠᠨ ᠪᠠᠶᠢᠭᠤᠯᠤᠯᠲᠠ ︵OECD︶ ᠠᠴᠠ ᠳᠡᠯᠡᠬᠡᠢ ᠶᠢᠨ ᠴᠦᠮ᠎ᠡ  ᠶᠢᠨ ᠬᠡᠷᠡᠭ ᠶᠠᠪᠤᠳᠠᠯ ᠤᠳ ᠢ 7 ᠳᠡᠰ ᠪᠣᠯᠭᠠᠨ ᠠᠩᠬᠢᠯᠠᠭᠰᠠᠨ ᠪᠠᠶᠢᠨ᠎ᠠ᠃ ᠲᠦᠢᠮᠦ ᠪᠠᠶᠢᠳᠠᠯ ᠢ ᠨᠢ ᠰᠡᠶᠢᠷᠡᠭᠦᠯᠪᠡᠯ᠄        ︵1︶ 7 ᠳ᠋ᠤᠭᠠᠷ ᠳᠡᠰ᠄ ᠣᠨᠴᠠ ᠶᠡᠭᠡ ᠭᠡᠨᠡᠳᠡᠯ᠃ ᠰᠠᠴᠤᠷᠠᠭᠲᠤ ᠪᠣᠳᠠᠰ ᠶᠡᠭᠡ ᠬᠡᠮᠵᠢᠶ᠎ᠡ ᠪᠠᠷ ᠠᠯᠳᠠᠭᠳᠠᠨ᠂ ᠬᠦᠮᠦᠨ ᠤ ᠡᠷᠡᠭᠦᠯ ᠮᠡᠨᠳᠤ ᠪᠣᠯᠣᠨ ᠣᠷᠴᠢᠨ ᠠᠬᠤᠢ ᠶᠢ ᠶᠡᠭᠡ ᠪᠠᠷ ᠨᠦᠯᠦᠭᠡᠯᠡᠳᠡᠭ᠃        ︵2︶ 6 ᠳ᠋ᠤᠭᠠᠷ ᠳᠡᠰ᠄ ᠬᠦᠨᠳᠤ ᠶᠡᠭᠡ ᠭᠡᠨᠡᠳᠡᠯ᠃ ᠰᠠᠴᠤᠷᠠᠭᠲᠤ ᠪᠣᠳᠠᠰ ᠢᠯᠠᠤᠠᠲᠠ ᠠᠯᠳᠠᠭᠳᠠᠨ᠂ ᠤᠷᠢᠳᠴᠢᠯᠠᠨ ᠪᠠᠶᠢᠷᠢᠯᠠᠭᠤᠯᠤᠭᠰᠠᠨ ᠠᠷᠭᠠᠴᠠᠯ ᠢᠶᠠᠨ ᠪᠦᠬᠦ ᠲᠠᠯ᠎ᠠ ᠪᠠᠷ ᠬᠡᠷᠡᠭᠵᠢᠭᠦᠯᠬᠦ ᠴᠢᠬᠤᠯᠠᠲᠠᠢ ᠪᠠᠶᠢᠵᠦ ᠮᠡᠳᠡᠨ᠎ᠡ᠃        ︵3︶ 5 ᠳ᠋ᠤᠭᠠᠷ ᠳᠡᠰ᠄ ᠦᠢᠯᠡᠳᠪᠦᠷᠢ ᠶᠢᠨ ᠭᠠᠳᠠᠨ᠎ᠠ ᠠᠶᠤᠯ ᠲᠦᠭᠰᠢᠭᠦᠷᠢ ᠪᠦᠬᠦᠢ ᠭᠡᠨᠡᠳᠡᠯ᠃ ᠰᠠᠴᠤᠷᠠᠭᠲᠤ ᠪᠣᠳᠠᠰ ᠬᠢᠵᠠᠭᠠᠷ ᠲᠠᠢ ᠠᠯᠳᠠᠭᠳᠠᠨ᠂ ᠤᠷᠢᠳᠴᠢᠯᠠᠨ ᠪᠠᠶᠢᠷᠢᠯᠠᠭᠤᠯᠤᠭᠰᠠᠨ ᠠᠷᠭᠠᠴᠠᠯ ᠢᠶᠠᠨ ᠨᠢᠭᠡ ᠪᠦᠯᠦᠭ ᠢ ᠨᠢ ᠬᠡᠷᠡᠭᠵᠢᠭᠦᠯᠬᠦ ᠴᠢᠬᠤᠯᠠᠲᠠᠢ ᠪᠠᠶᠢᠵᠤ ᠮᠡᠳᠡᠨ᠎ᠡ᠃        ︵4︶ 4 ᠳ᠋ᠤᠭᠡᠷ ᠳᠡᠰ᠄ ᠦᠢᠯᠡᠳᠪᠦᠷᠢ ᠶᠢᠨ ᠭᠠᠳᠠᠨ᠎ᠠ ᠢᠯᠠᠤᠠᠲᠠ ᠠᠶᠤᠯ ᠲᠦᠭᠰᠢᠭᠦᠷᠢ ᠦᠭᠡᠢ ᠭᠡᠨᠡᠳᠡᠯ᠃ ᠰᠠᠴᠤᠷᠠᠭᠲᠤ ᠪᠣᠳᠠᠰ ᠵᠢᠭᠠᠬᠠᠨ ᠠᠯᠳᠠᠭᠳᠠᠨ᠂ ᠣᠯᠠᠨ ᠨᠡᠶᠢᠲᠠ ᠨᠢ ᠲᠣᠭᠲᠠᠭᠠᠭᠰᠠᠨ ᠬᠢᠵᠠᠭᠠᠷ ᠬᠡᠮᠵᠢᠭᠳᠡᠬᠦᠨ ᠤ ᠳᠡᠰ ᠤᠨ ᠳᠤᠰᠬᠠᠯᠲᠠ ᠶᠢ ᠬᠦᠷᠲᠡᠳᠡᠭ᠃        ︵5︶ 3 ᠳ᠋ᠤᠭᠠᠷ ᠳᠡᠰ᠄ ᠬᠦᠨᠳᠤ ᠨᠣᠴᠢᠲᠠᠢ ᠬᠡᠷᠡᠭ ᠶᠠᠪᠤᠳᠠᠯ᠃ ᠰᠠᠴᠤᠷᠠᠭᠲᠤ ᠪᠣᠳᠠᠰ ᠦᠴᠦᠬᠡᠨ ᠳᠡᠳᠦᠢ ᠠᠯᠳᠠᠭᠳᠠᠨ᠂ ᠣᠯᠠᠨ ᠨᠡᠶᠢᠲᠠ ᠨᠢ ᠲᠣᠭᠲᠠᠭᠠᠭᠰᠠᠨ ᠬᠢᠵᠠᠭᠠᠷ ᠬᠡᠮᠵᠢᠭᠳᠡᠬᠦᠨ ᠤ ᠳᠡᠰ ᠤᠨ ᠵᠢᠭᠠᠬᠠᠨ ᠳᠤᠰᠬᠠᠯᠲᠠ ᠶᠢ ᠬᠦᠷᠲᠡᠳᠡᠭ᠃        ︵6︶ 2 ᠳ᠋ᠤᠭᠠᠷ ᠳᠡᠰ᠄ ᠬᠡᠷᠡᠭ ᠶᠠᠪᠤᠳᠠᠯ᠃ ᠦᠢᠯᠡᠳᠪᠦᠷᠢ ᠶᠢᠨ ᠭᠠᠳᠠᠨ᠎ᠠ ᠲᠠᠢ ᠬᠠᠮᠢᠶ᠎ᠠ ᠦᠭᠡᠢ᠂ ᠵᠦᠪᠬᠡᠨ ᠦᠢᠯᠡᠳᠪᠦᠷᠢ ᠶᠢᠨ ᠳᠣᠲᠣᠷ᠎ᠠ ᠨᠢ ᠢᠯᠠᠤᠠᠲᠠ ᠪᠣᠬᠢᠷᠳᠤᠨ᠂ ᠠᠵᠢᠯᠲᠠᠳ ᠨᠢ ᠬᠤᠮᠵᠢᠮ ᠠᠴᠠ ᠬᠡᠲᠦᠷᠡᠲᠡᠯ᠎ᠡ ᠰᠠᠴᠤᠷᠠᠭ ᠲᠤ ᠲᠤᠰᠬᠠᠭᠳᠠᠨ᠎ᠠ᠃        ︵7︶ 1 ᠳ᠋ᠤᠭᠡᠷ ᠳᠡᠰ᠄ ᠶᠡᠷᠤ ᠪᠤᠰᠤ᠃ ᠦᠢᠯᠡᠳᠪᠦᠷᠢ ᠶᠢᠨ ᠭᠠᠳᠠᠨ᠎ᠠ ᠳᠣᠲᠤᠨ᠎ᠠ ᠨᠢ ᠴᠦᠮ ᠨᠦᠯᠦᠭᠡ ᠪᠣᠯᠬᠤ ᠦᠭᠡᠢ᠃        ︵8︶ 0 ᠳᠡᠰ᠄ ᠲᠤᠰ ᠬᠦᠰᠦᠨᠦᠭᠲᠤ ᠶᠢᠨ ᠳᠡᠰ ᠠᠴᠠ ᠳᠣᠷᠤᠭᠰᠢᠬᠢ ᠬᠡᠯᠪᠠᠶᠢᠭ᠍ᠰᠡᠨ ᠪᠠᠶᠢᠳᠠᠯ᠃ ᠠᠮᠤᠷ ᠲᠦᠪᠰᠢᠨ ᠤ ᠲᠠᠯ᠎ᠠ ᠪᠠᠷ ᠴᠢᠬᠤᠯᠨ ᠤᠳᠬ᠎ᠠ ᠠᠭᠤᠯᠭ᠎ᠠ ᠭᠡᠵᠦ ᠪᠠᠶᠢᠬᠤ ᠦᠭᠡᠢ᠃        ︵9︶ ᠳᠡᠰ ᠠᠴᠠ ᠭᠠᠳᠠᠨ᠎ᠠ᠄ ᠲᠤᠰ ᠬᠦᠰᠦᠨᠦᠭᠲᠤ ᠶᠢᠨ ᠳᠡᠰ ᠤᠨ ᠬᠡᠷᠡᠭ ᠶᠠᠪᠤᠳᠠᠯ ᠠᠴᠠ ᠭᠠᠳᠠᠨᠠᠬᠢ ᠪᠠᠶᠢᠳᠠᠯ᠃ ᠠᠮᠤᠷ ᠲᠦᠪᠰᠢᠨ ᠲᠠᠢ ᠬᠠᠮᠢᠶ᠎ᠠ ᠦᠭᠡᠢ ᠃ ᠳᠦᠷᠪᠡ᠂ ᠴᠦᠮ᠎ᠡ ᠶᠢᠨ ᠭᠡᠨᠡᠳᠡᠯ ᠢ ᠠᠷᠭᠠᠴᠠᠬᠤ ᠵᠣᠬᠢᠶᠠᠨ ᠪᠠᠶᠢᠭᠤᠯᠤᠯᠲᠠ        ᠴᠦᠮ᠎ᠠ ᠪᠠ ᠰᠠᠴᠤᠷᠠᠭ ᠤᠨ ᠬᠡᠨᠡᠳᠡᠯ ᠤᠨ ᠰᠢᠨᠵᠢ ᠴᠢᠨᠠᠷ ᠪᠠ ᠤᠨᠴᠠᠯᠢᠭ ᠠᠴᠠ ᠪᠤᠯᠵᠤ᠂ ᠡᠯ᠎ᠠ ᠤᠯᠤᠰ ᠤᠷᠤᠨ ᠨᠢ ᠴᠦᠮ ᠰᠠᠴᠤᠷᠠᠭ ᠤᠨ ᠬᠡᠨᠡᠳᠡᠯ ᠢ ᠪᠠᠭᠳᠠᠭᠠᠭᠰᠠᠨ ᠴᠦᠮ᠎ᠠ ᠶᠢᠨ ᠬᠡᠨᠡᠳᠡᠯ ᠢ ᠠᠷᠭᠠᠴᠠᠬᠤ ᠵᠤᠬᠢᠶᠠᠨ ᠪᠠᠶᠢᠭᠤᠯᠤᠯᠳᠠ ᠲᠠᠢ ᠪᠠᠶᠢᠳᠠᠭ᠃ ᠳᠡᠯᠡᠭᠡᠢ ᠶᠢᠨ ᠵᠠᠷᠢᠮ ᠵᠤᠬᠢᠶᠠᠨ ᠪᠠᠶᠢᠭᠤᠯᠤᠯᠳᠠ ᠴᠤ ᠪᠠᠰᠠ ᠡᠭᠦᠨ ᠢ ᠡᠭᠦᠷᠭᠡᠯᠡᠨ ᠬᠠᠷᠢᠭᠤᠴᠠᠵᠤ ᠪᠠᠶᠢᠳᠠᠭ᠃        ︵1︶ ᠳᠡᠯᠡᠬᠡᠢ ᠶᠢᠨ ᠵᠣᠬᠢᠶᠠᠨ ᠪᠠᠶᠢᠭᠤᠯᠤᠯᠲᠠ        ᠳᠡᠯᠡᠬᠡᠢ ᠶᠢᠨ ᠠᠲ᠋ᠤᠮ ᠤᠨ ᠡᠨᠧᠷᠬᠢ ᠶᠢᠨ ᠪᠠᠶᠢᠭᠤᠯᠤᠮᠵᠢ ︵1AEA︶ ᠪᠣᠯ ᠳᠡᠯᠡᠬᠡᠢ ᠶᠢᠨ ᠴᠦᠮ᠎ᠡ ᠶᠢᠨ ᠭᠡᠨᠡᠳᠡᠯ ᠤᠨ ᠪᠠᠴᠢᠮ ᠠᠷᠭᠠᠴᠠᠯ ᠢ ᠵᠣᠬᠢᠴᠠᠭᠤᠯᠤᠨ ᠲᠣᠬᠢᠷᠠᠭᠤᠯᠬᠤ ᠤᠳᠤᠷᠢᠳᠬᠤ ᠪᠠᠶᠢᠭᠤᠯᠤᠮᠵᠢ ᠮᠦᠨ᠃ ᠡᠭᠦᠨ ᠢ 2010 ᠣᠨ ᠤ ᠳᠡᠯᠡᠬᠡᠢ ᠶᠢᠨ ᠵᠣᠬᠢᠶᠠᠨ ᠪᠠᠶᠢᠭᠤᠯᠤᠯᠲᠠ ᠶᠢᠨ ᠴᠦᠮ᠎ᠡ ᠶᠢᠨ ᠪᠠᠴᠢᠮ ᠠᠷᠭᠠᠴᠠᠯ ᠢ ᠬᠤᠯᠪᠤᠭᠠᠯᠠᠨ ᠴᠤᠤᠷᠢᠶᠠᠳᠤᠬᠤ ᠶᠢ ᠬᠠᠮᠲᠤᠷᠠᠨ ᠠᠵᠢᠯᠯᠠᠬᠤ ᠲᠦᠯᠦᠪᠯᠡᠭᠡ ᠳᠣᠲᠤᠷ᠎ᠠ ᠳᠣᠳᠤᠷᠬᠠᠢ ᠲᠣᠭᠲᠠᠭᠠᠭᠰᠠᠨ ᠪᠠᠶᠢᠳᠠᠭ᠃        ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ︵WHO︶ ᠨᠢ ᠴᠦᠮ᠎ᠡ ᠶᠢᠨ ᠪᠠᠴᠢᠮ ᠠᠷᠭᠠᠴᠠᠯ ᠤᠨ ᠪᠠᠶᠢᠳᠠᠯ ᠳᠣᠣᠷ᠎ᠠ ᠣᠯᠠᠨ ᠨᠡᠶᠢᠲᠡ ᠶᠢᠨ ᠡᠷᠡᠭᠦᠯ ᠮᠡᠨᠳᠤ ᠲᠠᠢ ᠬᠤᠯᠪᠤᠭᠳᠠᠬᠤ ᠠᠵᠢᠯᠯᠠᠭᠠᠨ ᠤ ᠭᠠᠷ ᠳᠦᠷᠤᠯᠲᠡ ᠳᠣᠲᠤᠷᠠᠬᠢ ᠡᠷᠡᠭᠦᠯ ᠮᠡᠨᠳᠤ ᠶᠢᠨ ᠦᠢᠰᠭᠡᠯ ᠢ ᠦᠨᠡᠯᠡᠨ ᠲᠣᠭᠲᠠᠭᠠᠬᠤ ᠪᠠ ᠮᠡᠷᠭᠡᠵᠢᠯ ᠤᠨ ᠯᠠᠪᠯᠠᠭ᠎ᠠ ᠬᠠᠨᠭ᠍ᠭᠠᠬᠤ᠂ ᠲᠤᠷᠠᠳᠤᠯᠭ᠎ᠠ ᠭᠠᠷᠭᠠᠬᠤ ᠪᠣᠶᠤ ᠬᠠᠪᠰᠤᠷᠤᠯᠭ᠎ᠠ ᠦᠵᠡᠬᠦᠯᠬᠦ ︵ᠭᠤᠶᠤᠴᠢᠯᠠᠭᠰᠠᠳ ᠪᠣᠶᠤ ᠡᠰᠡᠭᠦᠯ᠎ᠡ ᠬᠠᠪᠰᠤᠷᠤᠯᠭ᠎ᠠ ᠬᠠᠨᠭ᠍ᠭᠠᠬᠤ ᠶᠢ ᠵᠦᠪᠰᠢᠶᠡᠷᠡᠭᠰᠡᠨ ᠪᠠᠶᠢᠳᠠᠯ ᠳᠣᠣᠷ᠎ᠠ︶ ᠶᠢ ᠬᠠᠷᠢᠭᠤᠴᠠᠨ᠎ᠠ᠃        ᠰᠠᠴᠤᠷᠠᠭ ᠤᠨ ᠪᠠᠴᠢᠮ ᠠᠷᠭᠠᠴᠠᠯ ᠤᠨ ᠠᠨᠠᠭᠠᠬᠤ ᠤᠬᠠᠭᠠᠨ ᠤ ᠴᠤᠤᠷᠢᠶᠠᠳᠤᠯ ᠪᠣᠯᠣᠨ ᠲᠤᠰᠠᠯᠠᠬᠤ ᠰᠦᠯᠵᠢᠶ᠎ᠡ ︵REMPAN︶ ᠪᠣᠯ ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠠᠴᠠ ᠪᠠᠶᠢᠭᠤᠯᠤᠭᠰᠠᠨ ᠰᠠᠴᠤᠷᠠᠭ ᠤᠨ ᠪᠠᠴᠢᠮ ᠠᠷᠭᠠᠴᠠᠯ ᠤᠨ ᠠᠨᠠᠭᠠᠬᠤ ᠤᠬᠠᠭᠠᠨ᠂ ᠬᠤᠮᠵᠢᠮ ᠤᠨ ᠤᠬᠠᠭᠠᠨ᠂ ᠣᠯᠠᠨ ᠨᠡᠶᠢᠲᠡ ᠶᠢᠨ ᠡᠷᠡᠭᠦᠯ ᠮᠡᠨᠳᠤ ᠶᠢᠨ ᠭᠠᠷ ᠳᠦᠷᠤᠯᠲᠡ᠂ ᠤᠷᠲᠤ ᠬᠤᠭᠤᠴᠠᠭᠠᠨ ᠤ ᠠᠵᠢᠨ ᠬᠠᠮᠠᠭᠠᠯᠠᠬᠤ ᠪᠠ ᠲᠠᠭᠠᠨ ᠰᠣᠷᠪᠤᠯᠵᠢᠯᠠᠬᠤ ᠵᠡᠷᠭᠡ ᠲᠤᠰᠬᠠᠢ ᠮᠡᠷᠭᠡᠵᠢᠯ ᠢ ᠪᠠᠭᠲᠠᠭᠠᠭᠰᠠᠨ 40 ᠭᠠᠷᠤᠢ ᠪᠠᠶᠢᠭᠤᠯᠤᠮᠵᠢ ᠪᠠᠷ ᠪᠦᠷᠢᠯᠳᠦᠭᠰᠡᠨ ᠪᠦᠬᠦ ᠪᠦᠮᠪᠦᠷᠴᠡᠭ ᠤᠨ ᠰᠦᠯᠵᠢᠶ᠎ᠡ ᠪᠣᠯᠣᠨ᠎ᠠ᠃ ᠲᠡᠷᠨ ᠨᠢ ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠶᠢᠨ ᠰᠠᠴᠤᠷᠠᠭ ᠤᠨ ᠪᠠᠴᠢᠮ ᠠᠷᠭᠠᠴᠠᠯ ᠤᠨ ᠪᠡᠯᠡᠳᠬᠡᠯ ᠬᠢᠬᠦ ᠪᠠ ᠴᠤᠤᠷᠢᠶᠠᠳᠤᠬᠤ ᠳᠤ ᠮᠡᠷᠭᠡᠵᠢᠯ ᠤᠨ ᠲᠦᠰᠢᠭ ᠲᠤᠯᠭᠠᠭᠤᠷᠢ ᠬᠠᠨᠭ᠍ᠭᠠᠳᠠᠭ᠃ ᠡᠷᠡᠭᠦᠯ ᠬᠠᠮᠠᠭᠠᠯᠠᠯ ᠤᠨ ᠶᠠᠮᠤᠨ ᠤ ᠴᠦᠮ᠎ᠡ ᠶᠢᠨ ᠭᠡᠨᠡᠳᠡᠯ ᠤᠨ ᠠᠨᠠᠭᠠᠬᠤ ᠤᠬᠠᠭᠠᠨ ᠤ ᠪᠠᠴᠢᠮ ᠠᠷᠭᠠᠴᠠᠯ ᠤᠨ ᠲᠦᠪ ᠪᠣᠯ ᠲᠤᠰ ᠰᠦᠯᠵᠢᠶ᠎ᠡ ᠶᠢᠨ ᠬᠤᠯᠪᠤᠭ᠎ᠠ ᠠᠪᠬᠤ ᠪᠠᠶᠢᠭᠤᠯᠤᠮᠵᠢ ᠶᠢᠨ ᠨᠢᠭᠡ ᠨᠢ ᠮᠦᠨ᠃        ︵2︶ ᠤᠯᠤᠰ ᠤᠨ ᠵᠣᠬᠢᠶᠠᠨ ᠪᠠᠶᠢᠭᠤᠯᠤᠯᠲᠠ        ᠡᠷᠡᠭᠦᠯ ᠬᠠᠮᠠᠭᠠᠯᠠᠯ ᠤᠨ ᠶᠠᠮᠤᠨ ᠨᠢ ᠤᠯᠤᠰ ᠤᠨ ᠴᠦᠮ᠎ᠡ ᠶᠢᠨ ᠭᠡᠨᠡᠳᠡᠯ ᠤᠨ ᠪᠠᠴᠢᠮ ᠠᠷᠭᠠᠴᠠᠯ ᠤᠨ ᠵᠣᠬᠢᠴᠠᠭᠤᠯᠬᠤ ᠵᠦᠪᠯᠡᠯ ᠤᠨ ᠨᠢᠭᠡ ᠨᠢ ᠪᠣᠯᠤᠭᠰᠠᠨ ᠤ ᠬᠤᠪᠢ ᠳᠤ᠂ ᠪᠦᠬᠦ ᠤᠯᠤᠰ ᠤᠨ ᠴᠦᠮ᠎ᠡ ᠶᠢᠨ ᠭᠡᠨᠡᠳᠡᠯ ᠤᠨ ᠠᠨᠠᠭᠠᠬᠤ ᠤᠬᠠᠭᠠᠨ ᠤ ᠪᠠᠴᠢᠮ ᠠᠷᠭᠠᠴᠠᠯ ᠢ ᠵᠣᠬᠢᠶᠠᠨ ᠪᠠᠶᠢᠭᠤᠯᠵᠦ ᠵᠣᠬᠢᠴᠠᠭᠤᠯᠬᠤ ᠠᠵᠢᠯ ᠢ ᠬᠠᠷᠢᠭᠤᠴᠠᠳᠠᠭ᠃ ᠡᠷᠡᠭᠦᠯ ᠬᠠᠮᠠᠭᠠᠯᠠᠯ ᠤᠨ ᠶᠠᠮᠤᠨ ᠤ ᠴᠦᠮ᠎ᠡ ᠶᠢᠨ ᠭᠡᠨᠡᠳᠡᠯ ᠤᠨ ᠠᠨᠠᠭᠠᠬᠤ ᠤᠬᠠᠭᠠᠨ ᠤ ᠪᠠᠴᠢᠮ ᠠᠷᠭᠠᠴᠠᠯ ᠤᠨ ᠲᠦᠪ ᠨᠢ ᠳᠤᠮᠳᠠᠳᠤ ᠤᠯᠤᠰ ᠤᠨ ᠡᠪᠡᠳᠴᠢᠨ ᠡᠮᠬᠡᠭ ᠢ ᠰᠡᠷᠭᠡᠶᠢᠯᠡᠨ ᠠᠳᠬᠤᠬᠤ ᠲᠦᠪ ᠤᠨ ᠰᠠᠴᠤᠷᠠᠭ ᠢ ᠰᠡᠷᠭᠡᠶᠢᠯᠡᠬᠦ ᠪᠠ ᠴᠦᠮ᠎ᠡ ᠶᠢᠨ ᠠᠮᠤᠷ ᠲᠦᠪᠰᠢᠨ ᠤ ᠠᠨᠠᠭᠠᠬᠤ ᠤᠬᠠᠭᠠᠨ ᠤ ᠭᠠᠵᠠᠷ ︵ᠳᠤᠮᠳᠠᠳᠤ ᠤᠯᠤᠰ ᠤᠨ ᠡᠪᠡᠳᠴᠢᠨ ᠡᠮᠬᠡᠭ ᠢ ᠰᠡᠷᠭᠡᠶᠢᠯᠡᠨ ᠠᠳᠬᠤᠬᠤ ᠲᠦᠪ ᠤᠨ ᠰᠠᠴᠤᠷᠠᠭ ᠤᠨ ᠠᠮᠤᠷ ᠲᠦᠪᠰᠢᠨ ᠤ ᠭᠠᠵᠠᠷ ᠭᠡᠵᠦ ᠲᠣᠪᠴᠢᠯᠠᠳᠠᠭ︶ ᠨᠢ ᠪᠦᠬᠦ ᠤᠯᠤᠰ ᠤᠨ ᠴᠦᠮ᠎ᠡ ᠪᠠ ᠰᠠᠴᠤᠷᠠᠭ ᠤᠨ ᠪᠠᠴᠢᠮ ᠠᠷᠭᠠᠴᠠᠯ ᠤᠨ ᠠᠨᠠᠭᠠᠬᠤ ᠤᠬᠠᠭᠠᠨ ᠤ ᠠᠪᠤᠷᠠᠨ ᠲᠤᠰᠠᠯᠠᠬᠤ ᠮᠡᠷᠭᠡᠵᠢᠯ ᠢ ᠵᠢᠭᠠᠨ ᠵᠢᠯᠤᠭᠤᠳᠬᠤ ᠠᠵᠢᠯ ᠢ ᠡᠭᠦᠷᠭᠡᠯᠡᠳᠡᠭ᠃ ᠡᠷᠡᠭᠦᠯ ᠬᠠᠮᠠᠭᠠᠯᠠᠯ ᠤᠨ ᠶᠠᠮᠤᠨ ᠤ ᠴᠦᠮ᠎ᠡ ᠶᠢᠨ ᠭᠡᠨᠡᠳᠡᠯ ᠤᠨ ᠠᠨᠠᠭᠠᠬᠤ ᠤᠬᠠᠭᠠᠨ ᠤ ᠪᠠᠴᠢᠮ ᠠᠷᠭᠠᠴᠠᠯ ᠤᠨ ᠲᠦᠪ ᠨᠢ ᠲᠡᠭᠦᠨ ᠤ ᠲᠣᠣᠷ᠎ᠠ ᠪᠠᠨ ᠭᠤᠷᠪᠠᠨ ᠡᠮᠴᠢᠯᠡᠪᠦᠷᠢ ᠶᠢᠨ ᠬᠡᠯᠲᠡᠰ᠂ ᠨᠢᠭᠡ ᠠᠵᠢᠨ ᠬᠡᠮᠵᠢᠵᠦ ᠬᠢᠨᠠᠨ ᠦᠨᠡᠯᠡᠬᠦ ᠬᠡᠯᠲᠡᠰ ᠪᠠ ᠨᠢᠭᠡ ᠮᠡᠷᠭᠡᠵᠢᠯ ᠢᠶᠠᠷ ᠲᠤᠰᠠᠯᠠᠬᠤ ᠬᠡᠯᠲᠡᠰ ᠲᠠᠢ ᠪᠠᠶᠢᠵᠦ᠂ ᠨᠢᠭᠡᠳᠦᠭᠡᠷ ᠡᠮᠴᠢᠯᠡᠪᠦᠷᠢ ᠶᠢᠨ ᠬᠡᠯᠲᠡᠰ ᠨᠢ ᠳᠤᠮᠳᠠᠳᠤ ᠤᠯᠤᠰ ᠤᠨ ᠠᠨᠠᠭᠠᠬᠤ ᠤᠬᠠᠭᠠᠨ ᠤ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠠᠴᠤᠷᠠᠭ ᠤᠨ ᠠᠨᠠᠭᠠᠬᠤ ᠤᠬᠠᠭᠠᠨ ᠢ ᠰᠣᠳᠤᠯᠬᠤ ᠭᠠᠵᠠᠷ ᠪᠣᠯᠣᠨ ᠴᠢᠰᠦᠨ ᠤ ᠡᠪᠡᠳᠴᠢᠨ ᠤ ᠡᠮᠨᠡᠯᠭᠡ ᠶᠢᠨ ᠬᠤᠷᠢᠶ᠎ᠠ ᠳᠤ ᠪᠠᠶᠢᠭᠤᠯᠵᠦ︔ ᠬᠤᠶᠠᠳᠤᠭᠠᠷ ᠡᠮᠴᠢᠯᠡᠪᠦᠷᠢ ᠶᠢᠨ ᠬᠡᠯᠲᠡᠰ ᠨᠢ ᠪᠡᠭᠡᠵᠢᠩ ᠶᠡᠭᠡ ᠰᠤᠷᠭᠠᠭᠤᠯᠢ ᠶᠢᠨ ᠭᠤᠷᠪᠠᠳᠤᠭᠠᠷ ᠡᠮᠨᠡᠯᠭᠡ ᠶᠢᠨ ᠬᠤᠷᠢᠶ᠎ᠠ ᠪᠣᠯᠣᠨ ᠠᠷᠠᠳ ᠤᠨ ᠡᠮᠨᠡᠯᠭᠡ ᠶᠢᠨ ᠬᠤᠷᠢᠶ᠎ᠠ ᠳᠤ ᠪᠠᠶᠢᠭᠤᠯᠵᠦ︔ ᠭᠤᠷᠪᠠᠳᠤᠭᠠᠷ ᠡᠮᠴᠢᠯᠡᠪᠦᠷᠢ ᠶᠢᠨ ᠬᠡᠯᠲᠡᠰ ᠢ  ᠨᠢ ᠳᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠤᠨ 307 ᠳ᠋ᠤᠭᠠᠷ ᠡᠮᠨᠡᠯᠭᠡ ᠶᠢᠨ ᠬᠤᠷᠢᠶ᠎ᠠ ᠳᠤ ᠪᠠᠶᠢᠭᠤᠯᠤᠨ︔ ᠠᠵᠢᠨ ᠬᠡᠮᠵᠢᠵᠦ ᠬᠢᠨᠠᠨ ᠦᠨᠡᠯᠡᠬᠦ ᠬᠡᠯᠲᠡᠰ ᠢ ᠨᠢ ᠳᠤᠮᠳᠠᠳᠤ ᠤᠯᠤᠰ ᠤᠨ ᠡᠪᠡᠳᠴᠢᠨ ᠡᠮᠬᠡᠭ ᠢ ᠰᠡᠷᠭᠡᠶᠢᠯᠡᠨ ᠠᠳᠬᠤᠬᠤ ᠲᠦᠪ ᠤᠨ ᠰᠠᠴᠤᠷᠠᠭ ᠤᠨ ᠠᠮᠤᠷ ᠲᠦᠪᠰᠢᠨ ᠤ ᠭᠠᠵᠠᠷ ᠲᠤ︔ ᠮᠡᠷᠭᠡᠵᠢᠯ ᠢᠶᠠᠷ ᠲᠤᠰᠠᠯᠠᠬᠤ ᠬᠡᠯᠲᠡᠰ ᠢ ᠨᠢ ᠴᠡᠷᠢᠭ ᠤᠨ ᠶᠠᠪᠤᠳᠠᠯ ᠤᠨ ᠠᠨᠠᠭᠠᠬᠤ ᠤᠬᠠᠭᠠᠨ ᠤ ᠰᠢᠨᠵᠢᠯᠡᠬᠦ ᠤᠬᠠᠭᠠᠨ ᠤ ᠬᠦᠷᠢᠶᠡᠯᠡᠩ ᠳᠤ ᠪᠠᠶᠢᠭᠤᠯᠤᠭᠰᠠᠨ ᠪᠠᠶᠢᠳᠠᠭ᠃ ᠡᠯ᠎ᠡ ᠲᠤᠰᠬᠠᠢ ᠮᠡᠷᠭᠡᠵᠢᠯ ᠤᠨ ᠬᠡᠯᠲᠡᠰ ᠨᠢ ᠪᠠᠰᠨ ᠳᠣᠣᠷ᠎ᠠ ᠪᠠᠨ ᠨᠢᠵᠡᠭᠡᠳ ᠲᠤᠰᠬᠠᠢ ᠮᠡᠷᠭᠡᠵᠢᠯ ᠤᠨ ᠳᠤᠭᠤᠶᠢᠯᠠᠩ ᠢ ᠪᠠᠶᠢᠭᠤᠯᠵᠦ᠂ ᠴᠦᠮ᠎ᠡ ᠪᠠ ᠰᠠᠴᠤᠷᠠᠭ ᠤᠨ ᠭᠡᠨᠡᠳᠡᠯ ᠤᠨ ᠠᠨᠠᠭᠠᠬᠤ ᠤᠬᠠᠭᠠᠨ ᠤ ᠪᠠᠴᠢᠮ ᠠᠷᠭᠠᠴᠠᠯ ᠤᠨ ᠠᠪᠤᠷᠠᠨ ᠲᠤᠰᠠᠯᠠᠬᠤ ᠪᠡᠯᠡᠳᠬᠡᠯ ᠪᠣᠯᠣᠨ ᠴᠤᠤᠷᠢᠶᠠᠳᠤᠬᠤ ᠠᠵᠢᠯ ᠢ ᠡᠭᠦᠷᠭᠡᠯᠡᠳᠡᠭ᠃        ᠳᠠᠪᠤ᠂ ᠴᠦᠮ᠎ᠡ ᠪᠠ ᠰᠠᠴᠤᠷᠠᠭ ᠤᠨ ᠭᠡᠨᠡᠳᠡᠯ ᠤᠨ ᠣᠨᠴᠠᠯᠢᠭ        ᠴᠦᠮ᠎ᠡ ᠪᠠ ᠰᠠᠴᠤᠷᠠᠭ ᠤᠨ ᠭᠡᠨᠡᠳᠡᠯ ᠤᠨ ᠡᠭᠦᠰᠬᠦ ᠪᠣᠯᠤᠮᠵᠢ ᠨᠢ ᠬᠡᠳᠦ᠋ᠢᠪᠡᠷ ᠲᠣᠩ ᠴᠦᠬᠡᠨ ᠪᠣᠯᠪᠠᠴᠤ᠂ ᠨᠢᠭᠡᠨᠲᠡ ᠭᠠᠷᠪᠠᠰᠤ ᠲᠡᠭᠦᠨ ᠤ ᠨᠡᠶᠢᠭᠡᠮ ᠨᠡᠶᠢᠲᠡ  ᠳᠠᠬᠢ ᠬᠤᠣᠷ ᠨᠦᠯᠦᠭᠡ ᠪᠠ ᠲᠠᠲᠠᠬᠤ ᠤᠷᠰᠢᠭ ᠨᠢ ᠶᠡᠷᠦᠨᠢ ᠬᠦᠨᠳᠤ ᠨᠣᠴᠢᠲᠠᠢ ᠪᠠᠶᠢᠳᠠᠭ᠃ ᠡᠨᠡ ᠨᠢ ᠭᠤᠣᠯᠳᠠᠭᠤ ᠰᠠᠴᠤᠷᠠᠭᠤᠯᠤᠭᠴᠢ ᠨᠢ ᠡᠵᠡᠮᠳᠡᠯ ᠦᠭᠡᠶᠢᠳᠡᠬᠦ ᠪᠤᠶᠤ ᠰᠠᠴᠤᠷᠠᠭᠲᠤ ᠪᠣᠳᠠᠰ ᠠᠯᠳᠠᠭᠳᠠᠭᠰᠠᠨ ᠠᠴᠠ ᠬᠦᠮᠦᠨ ᠢ ᠭᠡᠮᠲᠦᠭᠡᠬᠦ ᠪᠣᠯᠣᠨ ᠣᠷᠴᠢᠨ ᠠᠬᠤᠢ ᠪᠣᠬᠢᠷᠳᠤᠬᠤ ᠠᠴᠠ ᠪᠣᠯᠳᠠᠭ ᠪᠣᠯᠪᠠᠴᠤ ᠲᠡᠭᠦᠨ ᠤ ᠬᠦᠮᠦᠰ ᠤᠨ ᠰᠡᠳᠬᠢᠯ ᠰᠠᠨᠠᠭ᠎ᠠ ᠪᠠ ᠨᠡᠶᠢᠭᠡᠮ ᠨᠡᠶᠢᠲᠡ ᠳᠤ ᠭᠠᠷᠭᠠᠬᠤ ᠬᠤᠣᠷ ᠨᠦᠯᠦᠭᠡ ᠨᠢ ᠰᠠᠴᠤᠷᠠᠭ ᠤᠨ ᠲᠤᠰ ᠪᠡᠶ᠎ᠡ ᠶᠢᠨ ᠬᠤᠣᠷ ᠨᠦᠯᠦᠭᠡ ᠠᠴᠠ ᠬᠤᠯᠨ ᠢᠯᠡᠭᠦᠦ ᠠᠴᠠ ᠪᠣᠯᠤᠭᠰᠠᠨ ᠶᠣᠮ᠃ ᠡᠶᠢᠮᠦ ᠠᠴᠠ ᠣᠯᠠᠨ ᠨᠡᠶᠢᠲᠡ ᠶᠢᠨ ᠬᠢᠨ ᠦᠪᠡᠷ ᠢ ᠪᠠᠨ ᠬᠠᠮᠠᠭᠠᠯᠠᠬᠤ ᠳᠤ ᠶᠠᠭᠤᠨ ᠤ ᠤᠷᠢᠳ ᠴᠦᠮ᠎ᠡ ᠪᠠ ᠰᠠᠴᠤᠷᠠᠭ ᠤᠨ ᠭᠡᠨᠡᠳᠡᠯ ᠤᠨ ᠵᠠᠷᠢᠮ ᠨᠢᠭᠡ ᠪᠦᠯᠦᠭ ᠣᠨᠴᠠᠯᠢᠭ ᠢ ᠣᠶᠢᠯᠠᠭᠠᠬᠤ ᠴᠢᠬᠤᠯᠠᠲᠠᠢ ᠪᠠᠶᠢᠳᠠᠭ᠃        1. ᠡᠭᠦᠰᠬᠦ ᠴᠠᠭ ᠬᠤᠭᠤᠴᠠᠭ᠎ᠠ ᠪᠠ ᠭᠠᠵᠠᠷ ᠣᠷᠣᠨ ᠨᠢ ᠲᠣᠭᠲᠠᠪᠤᠷᠢ ᠦᠭᠡᠢ        ᠴᠦᠮ᠎ᠡ ᠶᠢᠨ ᠴᠠᠬᠢᠯᠭᠠᠨ ᠦᠷᠲᠡᠭᠡ᠂ ᠴᠦᠮ᠎ᠡ ᠶᠢᠨ ᠤᠷᠪᠠᠯ ᠤᠨ ᠰᠣᠳᠤᠯᠭᠠᠨ ᠤ ᠵᠤᠤᠬ᠎ᠠ᠂ ᠴᠦᠮ᠎ᠡ ᠶᠢᠨ ᠲᠦᠯᠡᠰᠢ ᠦᠢᠯᠡᠳᠪᠦᠷᠢᠯᠡᠬᠦ ᠪᠠ ᠰᠡᠭᠦᠯᠡᠷ ᠰᠢᠢᠳᠪᠦᠷᠢᠯᠡᠬᠦ ᠦᠢᠯᠡᠳᠪᠦᠷᠢ ᠵᠡᠷᠭᠡ ᠴᠦᠮ᠎ᠡ ᠶᠢᠨ ᠲᠦᠬᠦᠭᠡᠷᠦᠮᠵᠢ ᠵᠢᠴᠢ ᠰᠠᠴᠤᠷᠠᠭ ᠳᠤᠰᠬᠠᠬᠤ ᠲᠦᠬᠦᠭᠡᠷᠦᠮᠵᠢ ᠪᠣᠯᠣᠨ ᠬᠤᠷᠳᠤᠳᠬᠠᠭᠤᠷ ᠵᠡᠷᠭᠡ ᠨᠦᠭᠦᠳ ᠨᠢ ᠬᠡᠳᠦ᠋ᠢᠪᠡᠷ ᠣᠷᠣᠨ ᠪᠠᠶᠢᠷᠢ ᠨᠢ ᠳᠣᠭᠲᠠᠮᠠᠯ ᠪᠣᠯᠪᠠᠴᠤ᠂ ᠬᠠᠮᠢᠶᠠᠷᠤᠯᠲᠠ ᠨᠢ ᠳᠦᠢ ᠦᠭᠡᠢ᠂ ᠵᠢᠯᠤᠭᠤᠳᠬᠤ ᠨᠢ ᠵᠣᠬᠢᠰ ᠦᠭᠡᠢ ᠪᠣᠶᠤ ᠮᠡᠷᠭᠡᠵᠢᠯ ᠤᠨ ᠲᠤᠳᠬᠠᠷ ᠵᠡᠷᠭᠡ ᠰᠢᠯᠲᠠᠭᠠᠨ ᠠᠴᠠ ᠪᠣᠯᠵᠦ ᠡᠭᠦᠰᠬᠦ ᠴᠠᠭ ᠬᠤᠭᠤᠴᠠᠭ᠎ᠠ ᠶᠢ ᠨᠢ ᠲᠦᠰᠦᠭᠡᠯᠡᠬᠦᠶ᠎ᠡ ᠪᠡᠷᠬᠡ ᠭᠡᠨᠡᠳᠡᠯ ᠭᠠᠷᠳᠠᠭ᠃ ᠵᠢᠱᠢᠶᠡᠯᠡᠪᠡᠯ 1986 ᠣᠨ ᠤ 4 ᠳ᠋ᠤᠭᠡᠷ ᠰᠠᠷ᠎ᠠ ᠶᠢᠨ 26 ᠤ ᠡᠳᠦᠷ ᠤᠤᠯ ᠤᠨ ᠵᠦᠪᠯᠡᠯᠲᠤ ᠬᠤᠯᠪᠤᠭᠠᠲᠤ ᠤᠯᠤᠰ ᠤᠨ ᠴᠧᠷᠨᠣᠪᠢᠯ ᠤᠨ ᠴᠦᠮ᠎ᠡ ᠶᠢᠨ ᠴᠠᠬᠢᠯᠭᠠᠨ ᠦᠢᠯᠡᠳᠪᠦᠷᠢ ᠶᠢᠨ 4 ᠳ᠋ᠤᠭᠡᠷ ᠵᠤᠤᠬ᠎ᠠ ᠨᠢ ᠳᠡᠯᠪᠡᠷᠡᠨ ᠡᠪᠳᠡᠭᠳᠡᠵᠦ᠂ ᠰᠠᠴᠤᠷᠠᠭᠲᠤ ᠬᠡᠢ ᠪᠣᠯᠣᠨ ᠤᠮᠠᠰᠢᠲᠤ ᠪᠣᠳᠠᠰ ᠨᠢ ᠬᠡᠳᠦᠨ ᠤᠯᠤᠰ ᠤᠨ ᠶᠡᠭᠡ ᠬᠡᠪᠴᠢᠶᠡᠨ ᠤ ᠭᠠᠵᠠᠷ ᠣᠷᠣᠨ ᠳᠤ ᠲᠠᠷᠬᠠᠪᠠ᠃ ᠡᠭᠦᠨ ᠤ ᠰᠢᠯᠲᠠᠭᠠᠨ ᠨᠢ ᠭᠤᠣᠯᠳᠠᠭᠤ ᠵᠢᠯᠤᠭᠤᠳᠬᠤ ᠬᠦᠮᠦᠰ ᠨᠢ ᠳᠣᠣᠷ᠎ᠠ ᠠᠵᠢᠯᠯᠠᠮᠵᠢ ᠶᠢᠨ ᠢᠨᠵᠧᠨᠧᠷᠢᠩ ᠤᠨ ᠲᠤᠷᠰᠢᠯᠲᠠ ᠬᠢᠬᠦ ᠳᠤᠮᠳᠠ ᠪᠠᠨ ᠭᠤᠷᠢᠮ ᠢ ᠵᠦᠷᠢᠴᠡᠭᠰᠡᠨ ᠠᠴᠠ ᠡᠵᠡᠮᠳᠡᠬᠦ ᠶᠢᠨ ᠠᠷᠭ᠎ᠠ ᠦᠭᠡᠢ ᠬᠡᠪ ᠤᠨ ᠪᠤᠰᠤ ᠪᠠᠶᠢᠳᠠᠯ ᠳᠤ ᠣᠷᠤᠭᠰᠠᠨ ᠠᠴᠠ ᠪᠣᠯᠣᠯ᠎ᠠ ᠭᠡᠵᠦ ᠣᠷᠣᠰ ᠤᠨ ᠠᠯᠪᠠᠨ ᠤ ᠲᠠᠯ᠎ᠠ ᠠᠴᠠ ᠦᠵᠡᠳᠡᠭ᠃ 1990 ᠣᠨ ᠤ 6 ᠳ᠋ᠤᠭᠠᠷ ᠰᠠᠷ᠎ᠠ ᠶᠢᠨ 25 ᠤ ᠡᠳᠦᠷ ᠤᠨ ᠦᠳᠡ ᠶᠢᠨ ᠡᠮᠦᠨᠡᠬᠢ 9 ᠴᠠᠭ ᠲᠤ᠂ ᠱᠠᠩᠬᠠᠢ ᠬᠤᠲᠠ ᠶᠢᠨ ᠨᠢᠭᠡᠨ ᠰᠠᠴᠤᠷᠠᠭ ᠳᠤᠰᠬᠠᠬᠤ ᠲᠦᠬᠦᠭᠡᠷᠦᠮᠵᠢ ᠳᠤ ᠭᠠᠷᠤᠭᠰᠠᠨ ᠭᠡᠨᠡᠳᠡᠯ ᠪᠣᠯ ᠪᠠᠰᠨ ᠴᠤ ᠡᠭᠦᠨ ᠲᠠᠢ ᠲᠦᠰᠦᠭᠡᠲᠡᠢ ᠪᠠᠶᠢᠳᠠᠭ᠃ ᠲᠤᠬᠠᠢ ᠶᠢᠨ ᠦᠶ᠎ᠡ ᠳᠤ ᠬᠤᠶᠡᠷ ᠳᠠᠪᠬᠤᠷ ᠰᠡᠷᠭᠡᠶᠢᠯᠡᠨ ᠬᠠᠮᠠᠭᠠᠯᠠᠬᠤ ᠬᠠᠭᠠᠯᠭᠠᠨ ᠤ ᠬᠢᠨᠢ ᠨᠢᠭᠡ ᠨᠢ ᠴᠠᠬᠢᠯᠭᠠᠨ ᠭᠦᠳᠡᠯᠭᠡᠭᠦᠷ ᠨᠢ ᠡᠪᠳᠡᠷᠡᠭᠰᠡᠨ ᠪᠣᠯᠬᠤᠷ ᠠᠪᠴᠤ ᠬᠠᠶᠠᠭᠠᠳ ᠪᠠᠶᠢᠭᠰᠠᠨ ᠪᠠ ᠨᠦᠭᠦᠭᠡ ᠨᠢᠭᠡ ᠶᠢᠨ ᠬᠢᠨᠢ ᠴᠠᠬᠢᠯᠭᠠᠨ ᠢ ᠨᠢ ᠵᠠᠯᠭᠠᠭᠰᠠᠨ ᠦᠭᠡᠢ ᠲᠤᠯᠠᠲᠠ ᠦᠢᠯᠡᠳᠦᠯ  ᠢᠶᠠᠨ ᠠᠯᠳᠠᠭᠰᠠᠨ ᠪᠠᠶᠢᠪᠠ᠃ ᠡᠶᠢᠮᠦ ᠠᠴᠠ ᠠᠵᠢᠯᠲᠠᠳ ᠨᠢ ᠠᠪ ᠠᠮᠠᠷᠬᠠᠨ ᠢᠶᠠᠷ ᠨᠡᠭᠡᠭᠡᠭᠡᠳ ᠶᠠᠭ ᠰᠠᠶ᠋ᠢᠬᠠᠨ ᠰᠠᠴᠤᠷᠠᠭ ᠲᠤᠰᠬᠠᠵᠦ ᠪᠠᠶᠢᠭᠰᠠᠨ ᠦᠷᠦᠭᠡᠨ ᠳᠤ ᠠᠳᠡᠭᠦᠷᠡᠨ ᠣᠷᠣᠵᠦ ᠲᠤᠰᠬᠠᠵᠦ ᠪᠠᠶᠢᠭᠰᠠᠨ ᠡᠳ᠋ ᠪᠣᠳᠠᠰ ᠢᠶᠠᠨ ᠵᠦᠭᠡᠭᠡᠪᠦᠷᠢᠯᠡᠭᠰᠡᠨ ᠠᠴᠠ 7 ᠬᠦᠮᠦᠨ ᠨᠢ 2-20Gy ᠶᠢᠨ ᠳᠤᠰᠬᠠᠯᠲᠠ ᠬᠦᠷᠲᠡᠵᠦ᠂ 2 ᠨᠢ ᠦᠬᠦᠭᠰᠡᠨ ᠪᠢᠯᠨ᠃ ᠬᠠᠨᠭ᠍ᠭᠠᠷᠢ ᠤᠯᠤᠰ ᠤᠨ ᠬᠤᠶᠡᠷ ᠬᠦᠮᠦᠨ ᠴᠠᠰᠤ ᠲᠠᠢ ᠡᠪᠦᠯ ᠭᠡᠭᠡᠷ᠎ᠡ ᠵᠠᠮ ᠬᠦᠭᠡᠭᠡᠵᠦ ᠪᠠᠶᠢᠭᠠᠳ ᠨᠢᠭᠡᠨ ᠬᠡᠰᠡᠭ ᠭᠠᠵᠠᠷ ᠬᠠᠷ᠎ᠠ ᠭᠠᠷᠤᠭᠰᠠᠨ ᠢ ᠦᠵᠡᠭᠡᠳ ᠲᠡᠨᠲᠡ ᠣᠴᠢᠵᠦ ᠵᠢᠭᠠᠬᠠᠨ ᠠᠮᠠᠷᠠᠨ ᠰᠠᠭᠤᠪᠠ᠃ ᠠᠳᠡ ᠨᠢ ᠣᠨᠴᠤᠭᠤᠢ ᠲᠤᠯᠠᠭᠠᠨ ︵ᠰᠠᠴᠤᠷᠠᠭ ᠠᠴᠠ ᠪᠤᠯᠵᠠᠢ︶ ᠪᠣᠯᠬᠤᠷ ᠶᠠᠳᠠᠷᠠᠭᠰᠠᠨ ᠲᠡᠷᠨ ᠬᠤᠶᠡᠷ ᠨᠦᠢᠷᠮᠤᠭᠯᠠᠭᠠᠳ ᠳᠤᠭ ᠬᠢᠵᠦ ᠠᠪᠤᠭᠠᠳ ᠵᠠᠮ ᠳᠠᠭᠠᠨ ᠣᠷᠤᠵᠠᠢ᠃ ᠬᠠᠷᠢᠭᠠᠳ ᠳᠡᠮᠡᠢ ᠤᠳᠠᠯ ᠦᠭᠡᠢ ᠬᠤᠶᠠᠭᠤᠯᠨ ᠪᠠᠨ ᠡᠪᠡᠳᠴᠢᠯᠡᠵᠦ᠂ ᠡᠪᠡᠳᠴᠢᠨ ᠤ ᠲᠡᠤᠬᠡ ᠶᠢ  ᠨᠢ ᠯᠠᠪᠯᠠᠬᠤ ᠪᠠᠷ ᠳᠠᠮᠵᠢᠨ ᠲᠡᠳᠡᠨ ᠳᠤ ᠰᠠᠴᠤᠷᠠᠭ ᠲᠤᠰᠤᠭᠰᠠᠨ ᠭᠡᠵᠦ ᠲᠦᠰᠦᠭᠡᠯᠡᠪᠡ᠃ ᠲᠡᠳᠡᠨ ᠤ ᠡᠪᠡᠳᠴᠢᠨ ᠤ ᠦᠡᠭᠭᠡᠷᠡᠯᠲᠡ ᠪᠠᠨ ᠡᠷᠭᠢᠴᠡᠭᠦᠯᠦᠨ ᠶᠠᠷᠢᠭᠰᠠᠨ ᠢ ᠦᠨᠳᠦᠰᠦᠯᠡᠵᠦ᠂ ᠵᠠᠮ ᠳᠠᠭᠠᠨ ᠠᠮᠠᠷᠠᠭᠰᠠᠨ ᠭᠠᠵᠠᠷ ᠨᠢ ᠣᠴᠢᠵᠦ ᠰᠠᠴᠤᠷᠠᠭ ᠢ ᠨᠢ ᠬᠡᠮᠵᠢᠭᠡᠳ᠂ ᠭᠡᠭᠡᠭᠰᠡᠨ ᠰᠠᠴᠤᠷᠠᠭᠴᠢ ᠶᠢ ᠣᠯᠵᠦ ᠠᠪᠤᠭᠰᠠᠨ ᠪᠠᠶᠢᠪᠠ᠃ ᠬᠠᠷᠢᠨ ᠴᠦᠮ᠎ᠡ ᠪᠠᠷ ᠰᠦᠷᠳᠡᠭᠦᠯᠬᠦ ᠠᠵᠢᠯᠯᠠᠭᠠᠨ᠂ ᠰᠠᠴᠤᠷᠠᠭᠴᠢ ᠶᠢ ᠭᠡᠭᠡᠵᠦ ᠠᠯᠳᠠᠬᠤ ᠵᠡᠷᠭᠡ ᠭᠡᠨᠡᠳᠲᠡ ᠶᠢᠨ ᠬᠡᠷᠡᠭ ᠶᠠᠪᠤᠳᠠᠯ ᠤᠳ ᠢ ᠪᠣᠯ ᠴᠠᠭ ᠬᠤᠭᠤᠴᠠᠭ᠎ᠠ ᠶᠢ ᠨᠢ ᠪᠠᠶᠢᠲᠤᠭᠠᠢ ᠡᠭᠦᠰᠬᠦ ᠣᠷᠣᠨ ᠭᠠᠵᠠᠷ ᠢ ᠨᠢ ᠴᠤ ᠲᠦᠰᠦᠭᠡᠯᠡᠬᠦ ᠶᠢᠨ ᠠᠷᠭ᠎ᠠ ᠦᠭᠡᠢ ᠪᠠᠶᠢᠳᠠᠭ᠃        ︵2︶ ᠬᠤᠣᠷ ᠬᠦᠨᠦᠭᠡᠯ ᠨᠢ ᠶᠡᠭᠡ ᠵᠦᠷᠢᠶᠡᠨ ᠲᠠᠢ        ᠴᠦᠮ᠎ᠡ ᠪᠠ ᠰᠠᠴᠤᠷᠠᠭ ᠤᠨ ᠠᠳᠠᠯᠢ ᠪᠤᠰᠤ ᠬᠡᠷᠡᠭ ᠶᠠᠪᠤᠳᠠᠯ ᠠᠴᠠ ᠪᠣᠢ ᠪᠣᠯᠤᠭᠰᠠᠨ ᠬᠤᠣᠷ ᠬᠦᠨᠦᠭᠡᠯ ᠪᠣᠯᠣᠨ ᠳᠡᠲᠡᠨ ᠤ ᠲᠠᠲᠠᠭᠰᠠᠨ ᠤᠷᠰᠢᠭ ᠤᠨ ᠵᠦᠷᠢᠶᠡᠨ ᠨᠢ ᠳᠤᠩ ᠶᠡᠭᠡ ᠪᠠᠶᠢᠳᠠᠭ᠃ ᠡᠨᠡ ᠨᠢ ᠭᠡᠨᠡᠳᠡᠯ ᠤᠨ ᠬᠦᠨᠳᠤ ᠨᠣᠴᠢᠲᠠᠢ ᠬᠡᠮᠵᠢᠶ᠎ᠡ ᠪᠣᠯᠣᠨ ᠨᠦᠯᠦᠭᠡᠯᠡᠯ ᠤᠨ ᠬᠡᠪᠴᠢᠶ᠎ᠡ ᠠᠴᠠ ᠲᠣᠭᠲᠠᠭᠠᠭᠳᠠᠳᠠᠭ᠃ ᠵᠢᠱᠢᠶᠡᠯᠡᠪᠡᠯ ᠰᠠᠴᠤᠷᠠᠭ ᠤᠨ ᠭᠡᠨᠡᠳᠡᠯ ᠨᠢ ᠨᠢᠭᠲᠠ ᠯᠤᠪᠤᠳᠠᠭᠰᠠᠨ ᠰᠠᠴᠤᠷᠠᠭᠴᠢ ᠶᠢ ᠭᠡᠭᠡᠭᠰᠡᠨ ᠪᠣᠶᠤ ᠠᠯᠳᠠᠭᠰᠠᠨ ᠦᠶᠡᠰ ᠲᠤ᠂ ᠰᠠᠴᠤᠷᠠᠭᠲᠤ ᠶᠢᠨ ᠠᠮᠢᠵᠢᠷᠴᠠ ᠨᠢ ᠨᠡᠯᠢᠶᠡᠳ ᠳᠣᠣᠷ᠎ᠠ ᠪᠣᠯ ᠵᠦᠪᠬᠡᠨ ᠣᠯᠵᠦ ᠠᠪᠤᠭᠰᠠᠨ ᠪᠣᠶᠤ ᠬᠤᠯᠠᠭᠠᠶᠢᠯᠠᠭᠰᠠᠨ ᠲᠤᠰ ᠬᠦᠮᠦᠨ ᠵᠢᠴᠢ ᠲᠡᠳᠡᠨ ᠤ ᠣᠶᠢᠷ᠎ᠠ ᠬᠠᠪᠢ ᠶᠢᠨ ᠪᠤᠰᠤᠳ ᠬᠦᠮᠦᠰ ᠨᠢ ᠳᠤᠰᠬᠠᠯ ᠬᠦᠷᠲᠡᠳᠡᠭ ᠲᠤᠯᠠᠲᠠ ᠬᠤᠣᠷ ᠬᠦᠨᠦᠭᠡᠯ ᠨᠢ ᠲᠡᠶᠢᠮᠦ ᠶᠡᠭᠡ ᠪᠢᠰᠢ ᠮᠦᠷᠲᠡᠬᠡᠨ ᠨᠦᠯᠦᠭᠡᠯᠡᠯ ᠤᠨ ᠬᠡᠪᠴᠢᠶ᠎ᠡ ᠨᠢ ᠴᠤ ᠮᠠᠰᠢ ᠪᠠᠭ᠎ᠠ ᠪᠠᠶᠢᠳᠠᠭ᠃ ᠬᠡᠷᠪᠡ ᠰᠠᠴᠤᠷᠠᠭᠴᠢ ᠶᠢᠨ ᠠᠮᠢᠵᠢᠷᠴᠠ ᠨᠢ ᠨᠡᠯᠢᠶᠡᠳ ᠶᠡᠭᠡ ᠮᠦᠷᠲᠡᠭᠡᠨ ᠡᠪᠳᠡᠭᠳᠡᠭᠰᠡᠨ ᠪᠣᠯ ᠬᠦᠮᠦᠰ ᠲᠤ ᠪᠡᠶ᠎ᠡ ᠶᠢᠨ ᠭᠠᠳᠠᠨ᠎ᠠ ᠠᠴᠠ ᠳᠤᠰᠬᠤ ᠪᠠ ᠪᠡᠶ᠎ᠡ ᠶᠢᠨ ᠳᠣᠲᠤᠭᠠᠲᠤ ᠶᠢ ᠪᠣᠬᠢᠷᠳᠤᠭᠤᠯᠤᠭᠰᠠᠨ ᠰᠠᠴᠤᠷᠠᠭ ᠤᠨ ᠭᠡᠮᠲᠦᠯ ᠢ ᠪᠣᠢ ᠪᠣᠯᠭᠠᠵᠦ ᠬᠦᠨᠳᠤ ᠨᠣᠴᠢᠲᠠᠢ ᠨᠢ ᠴᠢᠨᠠᠭᠰᠢᠯᠠᠪᠠᠯ ᠠᠮᠢ ᠨᠠᠰᠤ ᠶᠢ ᠰᠦᠷᠳᠡᠭᠦᠯᠦᠨ ᠲᠡᠷᠡᠴᠢᠯᠡᠨ ᠣᠷᠴᠢᠨ ᠲᠣᠭᠤᠷᠢᠨ ᠢ ᠴᠤ ᠪᠣᠬᠢᠷᠳᠤᠭᠤᠯᠳᠠᠭ᠃        ᠪᠷᠠᠽᠢᠯ ᠤᠯᠤᠰ ᠤᠨ ᠭᠤᠶᠠᠨᠢᠶ᠎ᠠ ᠳᠠᠬᠢ ᠨᠢᠭᠡᠨ ᠬᠡᠷᠡᠭᠯᠡᠬᠦ ᠪᠠᠨ ᠪᠣᠯᠢᠭᠰᠠᠨ ᠼᠧᠽᠢ — 137 ︵ 137 Cs︶ ᠰᠠᠴᠤᠷᠠᠭ ᠵᠠᠰᠠᠯᠭ᠎ᠠ ᠶᠢᠨ ᠮᠠᠰᠢᠨ ᠨᠢ ᠬᠠᠷᠠᠵᠦ ᠬᠠᠮᠢᠶᠠᠷᠬᠤ ᠬᠦᠮᠦᠨ ᠦᠭᠡᠢ ᠪᠠᠶᠢᠭᠰᠠᠭᠠᠷ  137 Cs ᠰᠠᠴᠤᠷᠠᠭᠴᠢ ᠶᠢ ᠨᠢ ᠬᠦᠮᠦᠨ ᠬᠤᠯᠠᠭᠠᠶᠢᠯᠠᠭᠠᠳ᠂ ᠮᠤᠤᠰᠠᠶᠢᠨ ᠶᠠᠭᠤᠮ᠎ᠠ ᠠᠪᠳᠠᠭ ᠭᠠᠵᠠᠷ ᠲᠤ ᠬᠤᠳᠠᠯᠳᠤᠨ ᠦᠭᠭᠦᠭᠰᠡᠨ ᠠᠴᠠ ᠨᠢᠭᠡᠨ ᠤᠳᠠᠭᠠᠨ ᠤ ᠬᠦᠨᠳᠦ ᠨᠣᠴᠢᠲᠠᠢ ᠰᠠᠴᠤᠷᠠᠭ ᠤᠨ ᠭᠡᠨᠡᠳᠡᠯ ᠡᠭᠦᠰᠴᠤ ᠪᠢᠯᠨ᠃ ᠬᠤᠳᠠᠯᠳᠤᠨ ᠠᠪᠤᠭᠰᠠᠨ ᠦᠷᠲᠡᠭᠡᠨ ᠤ ᠡᠮᠡᠭᠲᠠᠢ ᠡᠵᠡᠨ ᠨᠢ ᠰᠠᠴᠤᠷᠠᠭᠴᠢ ᠶᠢ ᠪᠢᠴᠠᠯᠤᠭᠠᠳ ᠴᠡᠩᠬᠡᠷ ᠦᠡᠭᠭᠡᠲᠤ ᠭᠡᠷᠡᠯ ᠭᠠᠷᠬᠤ ᠨᠣᠨᠳᠠᠭ ᠭᠠᠷᠤᠭᠰᠠᠨ᠎ᠠ ᠡᠷᠳᠡᠨᠢ ᠣᠯᠤᠭᠰᠠᠨ ᠮᠡᠲᠤ ᠪᠠᠶᠠᠷᠯᠠᠵᠦ᠂ ᠲᠡᠭᠦᠨ ᠢᠶᠠᠨ ᠣᠶᠢᠷ᠎ᠠ ᠰᠠᠳᠤᠨ ᠨᠠᠶᠢᠵᠢ ᠨᠠᠷ ᠲᠠᠭᠠᠨ ᠵᠢᠭᠠᠬᠠᠨ ᠵᠢᠭᠠᠬᠠᠨ ᠬᠤᠪᠢᠶᠠᠯᠴᠠᠨ ᠪᠡᠯᠡᠭᠯᠡᠪᠡ᠃ ᠲᠡᠳᠡᠨ ᠤ ᠵᠠᠷᠢᠮ ᠨᠢ ᠬᠦᠮᠦᠰᠭᠡ ᠪᠣᠶᠤ ᠤᠷᠤᠭᠤᠯ ᠳᠠᠭᠠᠨ ᠲᠦᠷᠬᠢᠵᠦ ᠴᠢᠨᠠᠭᠰᠢᠯᠠᠪᠠᠯ ᠮᠢᠶᠠᠨᠪᠣᠣ ᠳᠤ ᠪᠠᠨ ᠲᠦᠷᠬᠢᠭᠡᠳ ᠢᠳᠡᠭᠰᠡᠨ ᠴᠤ ᠪᠠᠶᠢᠯ᠎ᠠ᠃ ᠳᠡᠮᠡᠢ ᠤᠳᠠᠭᠰᠠᠨ ᠦᠭᠡᠢ ᠲᠡᠳᠡᠨ ᠤ ᠵᠠᠷᠢᠮ ᠬᠦᠮᠦᠰ ᠨᠢ ᠡᠮᠴᠢ ᠨᠠᠷ ᠴᠤ ᠲᠣᠳᠤᠯᠠᠵᠦ ᠴᠢᠳᠠᠬᠤ ᠦᠭᠡᠢ ᠬᠠᠴᠢᠨ ᠵᠢᠭᠲᠡᠢ ᠡᠪᠡᠳᠴᠢᠨ ᠳᠤ ᠨᠡᠷᠪᠡᠭᠳᠡᠭᠡᠳ ᠦᠷᠲᠡᠭᠡᠨ ᠡᠵᠡᠨ ᠲᠦᠷᠦᠭᠦᠲᠠᠢ ᠬᠤᠶᠡᠷ ᠬᠦᠮᠦᠨ ᠬᠤᠶᠢᠨ᠎ᠡ ᠡᠮᠦᠨ᠎ᠡ ᠪᠠᠨ ᠤᠷᠢᠳᠠᠪᠠᠷ ᠦᠬᠦᠪᠡ᠃ ᠡᠨᠡ ᠬᠦ ᠡᠪᠡᠳᠴᠢᠨ ᠢ ᠲᠤᠬᠠᠢ ᠶᠢᠨ ᠭᠠᠵᠠᠷ ᠲᠤ ᠬᠦᠷᠦᠭᠰᠡᠨ ᠨᠢᠭᠡᠨ ᠴᠦᠮ᠎ᠡ ᠶᠢᠨ ᠹᠢᠽᠢᠺᠴᠢ ᠣᠯᠵᠦ ᠮᠡᠳᠡᠭᠡᠳ ᠲᠤᠰ ᠭᠠᠵᠠᠷ ᠤᠨ ᠬᠤᠯᠪᠤᠭᠳᠠᠯ ᠪᠦᠬᠦᠢ ᠪᠠᠶᠢᠭᠤᠯᠤᠮᠵᠢ ᠳᠤ ᠣᠴᠢᠨ ᠰᠠᠴᠤᠷᠠᠭ ᠠᠳᠡᠯ ᠭᠠᠷᠤᠭᠰᠠᠨ ᠮᠠᠭᠠᠳ ᠭᠡᠵᠦ ᠮᠡᠳᠡᠭᠦᠯᠵᠠᠢ᠃ ᠬᠡᠮᠵᠢᠬᠦ ᠪᠠᠷ ᠳᠠᠮᠵᠢᠵᠦ ᠲᠤᠰ ᠬᠤᠲᠠ ᠶᠢᠨ ᠨᠡᠯᠢᠶᠡᠳ ᠬᠦᠮᠦᠰ ᠪᠠ ᠬᠦᠷᠦᠰᠤ ᠰᠢᠷᠤᠢ ᠵᠢᠴᠢ ᠭᠤᠣᠯ ᠤᠨ ᠤᠰᠤ ᠬᠦᠷᠲᠡᠯ᠎ᠡ  137 Cs ᠰᠠᠴᠤᠷᠠᠭᠲᠤ ᠴᠦᠮᠡᠲᠤ ᠳᠤ ᠪᠣᠬᠢᠷᠳᠤᠭᠰᠠᠠ ᠢ ᠮᠡᠳᠡᠪᠡ᠃ ᠢᠡᠭᠭᠢᠭᠡᠳ 1.1 ᠪᠤᠮᠠᠨ ᠬᠦᠮᠦᠨ ᠤ ᠪᠡᠶ᠎ᠡ ᠶᠢᠨ ᠳᠣᠲᠤᠷ᠎ᠠ ᠭᠠᠳᠠᠷ ᠲᠤ ᠰᠠᠴᠤᠷᠠᠭᠲᠤ ᠪᠣᠳᠠᠰ ᠨᠠᠭᠠᠯᠳᠤᠭᠰᠠᠨ ᠡᠰᠡᠬᠦ ᠶᠢ ᠬᠡᠮᠵᠢᠨ ᠪᠠᠶᠢᠴᠠᠭᠠᠵᠦ᠂ ᠪᠦᠬᠦ᠋ᠢᠯᠨ ᠪᠣᠬᠢᠷᠲᠤᠭᠰᠠᠨ ᠭᠠᠵᠠᠷ ᠤᠨ ᠬᠦᠷᠦᠰᠦ ᠶᠢ ᠴᠦᠮ ᠬᠤᠰᠤᠨ ᠠᠪᠴᠤ ᠰᠠᠪᠠᠯᠠᠨ ᠪᠢᠲᠡᠭᠦᠮᠵᠢᠯᠡᠵᠤ ᠲᠤᠰᠬᠠᠢ ᠰᠢᠢᠳᠪᠦᠷᠢᠯᠡᠭᠰᠡᠨ ᠬᠦᠨᠲᠤ ᠨᠤᠴᠢᠳᠠᠢ ᠰᠠᠴᠤᠷᠠᠭ ᠤᠨ ᠭᠡᠨᠡᠳᠡᠯ ᠪᠣᠯᠵᠦ ᠪᠢᠯᠨ᠃        ᠴᠦᠮ᠎ᠡ ᠶᠢᠨ ᠤᠷᠪᠠᠯ ᠤᠨ ᠵᠤᠤᠬᠠᠨ ᠤ ᠭᠡᠨᠡᠳᠡᠯ ᠢᠯᠠᠩᠭᠤᠶ᠎ᠠ ᠶᠡᠭᠡ ᠬᠡᠮᠵᠢᠶᠡᠨ ᠤ ᠰᠠᠴᠤᠷᠠᠭᠲᠤ ᠪᠣᠳᠠᠰ ᠯᠡᠪᠡᠷᠡᠭᠰᠡᠨ ᠪᠠᠶᠢᠳᠠᠯ ᠳᠤ᠂ ᠰᠠᠴᠤᠷᠠᠭᠲᠤ ᠤᠲᠤᠭ᠎ᠠ ᠤᠨᠢᠶᠠᠷ ᠤᠨ ᠰᠠᠯᠬᠢᠨ ᠳᠤ ᠨᠡᠭᠦᠨ ᠰᠢᠯᠵᠢᠬᠦ ᠠᠴᠠ ᠪᠣᠯᠵᠦ᠂ ᠪᠣᠬᠢᠷᠳᠤᠯ ᠤᠨ ᠬᠡᠪᠴᠢᠶ᠎ᠡ ᠨᠢ ᠶᠡᠬᠡᠰᠴᠤ᠂ ᠳᠤᠰᠬᠠᠭᠳᠠᠬᠤ ᠬᠦᠮᠦᠨ ᠨᠢ ᠴᠤ ᠣᠯᠠᠰᠢᠷᠠᠳᠠᠭ᠃ ᠵᠢᠱᠢᠶᠡᠯᠡᠪᠡᠯ ᠴᠧᠷᠨᠣᠪᠢᠯ ᠤᠨ ᠴᠦᠮ᠎ᠡ ᠶᠢᠨ ᠭᠡᠨᠡᠳᠲᠡ ᠶᠢᠨ ᠬᠡᠷᠡᠭ ᠶᠠᠪᠤᠳᠠᠯ ᠳᠤ ᠰᠠᠴᠤᠷᠠᠭᠲᠤ ᠪᠣᠳᠠᠰ ᠬᠠᠮᠤᠭ ᠤᠨ ᠬᠦᠨᠳᠤ ᠨᠣᠴᠢᠲᠠᠢ ᠨᠠᠭᠠᠯᠳᠤᠭᠰᠠᠨ ᠭᠠᠵᠠᠷ ᠣᠷᠣᠨ ᠪᠣᠯ ᠭᠤᠣᠯᠳᠠᠭᠤ ᠪᠧᠷᠯᠦ᠋ᠰ ︵ᠪᠠᠰᠠ ᠴᠠᠭᠠᠨ ᠣᠷᠣᠰ ᠭᠡᠳᠡᠭ︶᠂ ᠣᠷᠣᠰ ᠪᠣᠯᠣᠨ ᠦᠺᠷᠠᠶᠢᠨ ᠪᠠᠶᠢᠵᠦ᠂ ᠠᠯᠳᠠᠭᠳᠠᠭᠰᠠᠨ ᠰᠠᠴᠤᠷᠠᠭᠲᠤ ᠪᠣᠳᠠᠰ ᠲᠤᠨᠢ 131I᠂  137Cs᠂  134 Cs ᠭᠤᠣᠯᠯᠠᠳᠠᠭ᠃ ᠰᠠᠴᠤᠷᠠᠭᠲᠤ ᠪᠣᠳᠠᠰ ᠤᠨ ᠶᠡᠷᠦᠩᠬᠡᠢ ᠠᠮᠢᠵᠢᠷᠴᠠ ᠨᠢ ᠶᠠᠫᠤᠨ ᠤᠯᠤᠰ ᠤᠨ ᠡᠾᠢᠷᠤᠱᠢᠮᠨ ᠪᠣᠯᠣᠨ ᠨᠠᠭᠠᠰᠠᠺᠢ ᠶᠢᠨ ᠠᠲ᠋ᠤᠮ ᠤᠨ ᠪᠦᠮᠪᠦᠭᠡᠨ ᠤ ᠲᠡᠯᠪᠡᠷᠡᠯᠲᠡ ᠶᠢᠨ ᠰᠠᠴᠤᠷᠠᠭᠲᠤ ᠠᠮᠢᠵᠢᠷᠴᠠ ᠶᠢᠨ ᠶᠡᠷᠦᠩᠬᠡᠢ ᠬᠡᠮᠵᠢᠶᠡᠨ ᠤ 200 ᠳᠠᠬᠢᠨ ᠪᠠᠶᠢᠳᠠᠭ᠃ ᠳᠡᠭᠡᠷᠡᠬᠢ ᠭᠤᠷᠪᠠᠨ ᠤᠯᠤᠰ ᠨᠢ ᠨᠡᠶᠢᠲᠡ 13.8 ᠲᠦᠮᠡᠨ ᠰᠠᠭᠤᠭᠠᠯᠢ ᠠᠷᠠᠳ ᠢ ᠨᠡᠭᠦᠯᠭᠡᠨ ᠵᠠᠶᠢᠯᠠᠭᠤᠯᠪᠠ᠃ ᠭᠠᠭᠴᠠᠬᠠᠨ ᠪᠧᠷᠯᠦᠰ ᠤᠯᠤᠰ ᠢᠶᠠᠷ ᠵᠢᠱᠢᠶᠡᠯᠡᠬᠦ ᠳᠤ᠂ ᠰᠠᠭᠤᠭᠠᠯᠢ ᠠᠷᠠᠳ ᠤᠨ ᠬᠢᠨᠢ 1/5 ᠪᠣᠯᠣᠨ ᠨᠤᠲᠤᠭ ᠳᠡᠪᠢᠰᠭᠡᠷ ᠤᠨ ᠬᠢᠨᠢ 20% ᠨᠢ ᠰᠠᠴᠤᠷᠠᠭᠲᠤ ᠳᠤ ᠪᠣᠬᠢᠷᠳᠤᠭᠠᠳ᠂ 6000km2 ᠤᠨ ᠭᠠᠵᠠᠷ ᠰᠢᠷᠤᠢ ᠨᠢ ᠬᠡᠷᠡᠭᠯᠡᠬᠦ ᠶᠢᠨ ᠠᠷᠭ᠎ᠠ ᠦᠭᠡᠢ ᠪᠣᠯᠵᠦ᠂ 400 ᠭᠠᠷᠤᠢ ᠰᠠᠭᠤᠭᠠᠯᠢ ᠠᠷᠠᠳ ᠤᠨ ᠴᠢᠭ ᠨᠢ ᠬᠦᠮᠦᠨ ᠦᠭᠡᠢ ᠣᠷᠣᠨ ᠪᠣᠯᠤᠭᠰᠠᠨ ᠪᠠᠶᠢᠨ᠎ᠠ᠃ ᠡᠨᠡ ᠤᠳᠠᠭᠠᠨ ᠤ ᠴᠦᠮ᠎ᠡ ᠶᠢᠨ ᠭᠡᠨᠡᠳᠡᠯ ᠢ ᠠᠷᠢᠯᠭᠠᠬᠤ ᠪᠠ ᠠᠪᠤᠷᠠᠨ ᠲᠡᠳᠭᠦᠬᠦ ᠳᠤ ᠲᠡᠳᠡ ᠪᠣᠮ ᠢᠯᠡᠭᠦᠦ ᠬᠦᠮᠦᠨ ᠣᠷᠤᠯᠴᠠᠭᠰᠠᠨ ᠪᠦᠭᠡᠳ ᠭᠡᠨᠡᠳᠡᠯ ᠭᠠᠷᠤᠭᠰᠠᠨ ᠣᠷᠣᠢ ᠨᠢ ᠲᠤᠬᠠᠢ  ᠶᠢᠨ ᠲᠠᠯᠠᠪᠤᠷ ᠲᠤ ᠬᠦᠷᠦᠭᠰᠡᠨ ᠶᠡᠭᠡ ᠲᠦᠯᠦᠪ 600 ᠭᠠᠷᠤᠢ ᠲᠤᠯᠭᠠᠮ᠎ᠠ ᠠᠷᠭᠠᠴᠠᠯ ᠤᠨ ᠠᠵᠢᠯᠲᠠᠳ ᠤᠨ ᠪᠦᠬᠦ ᠪᠡᠶ᠎ᠡ ᠨᠢ γ ᠪᠠ β ᠰᠠᠴᠤᠷᠠᠭ ᠲᠤ ᠨᠡᠯᠦᠩᠬᠡᠢ ᠳᠤᠰᠬᠠᠭᠳᠠᠭᠰᠠᠨ ᠪᠦᠭᠡᠳ ᠴᠦᠮ ᠬᠤᠮᠵᠢᠮ ᠤᠨ ᠬᠢᠵᠠᠭᠠᠷᠯᠠᠯ ᠠᠴᠠ ᠬᠡᠲᠦᠷᠡᠭᠰᠡᠨ ᠪᠠᠶᠢᠪᠠ᠃ 2 ᠬᠦᠮᠦᠨ ᠰᠠᠴᠤᠷᠠᠭᠲᠤ ᠴᠦᠮᠡᠲᠤ ᠶᠢ ᠠᠮᠢᠰᠬᠤᠨ ᠣᠷᠤᠭᠤᠯᠤᠭᠰᠠᠨ  ᠨᠢ ᠶᠡᠭᠡ ᠠᠷᠪᠢᠨ ᠪᠣᠯᠪᠠᠴᠤ ᠪᠣᠰᠤᠳ ᠨᠢ ᠬᠠᠷᠢᠨ ᠨᠡᠯᠢᠶᠡᠳ ᠪᠠᠭ᠎ᠠ ᠪᠠᠶᠢᠳᠠᠭ᠃ ᠲᠤᠯᠭᠠᠮ᠎ᠠ ᠠᠷᠭᠠᠴᠠᠯ ᠤᠨ ᠠᠵᠢᠯᠲᠠᠳ ᠤᠨ ᠳᠣᠲᠤᠷ᠎ᠠ 134 ᠬᠦᠮᠦᠨ ᠲᠦᠷᠭᠡᠨ ᠴᠢᠨᠠᠷᠲᠤ ᠰᠠᠴᠤᠷᠠᠭ ᠤᠨ ᠡᠪᠡᠳᠴᠢᠨ ᠣᠯᠵᠦ᠂ ᠡᠳᠡᠨ ᠤ ᠳᠣᠲᠤᠷᠠᠬᠢ 94 ᠬᠦᠮᠦᠨ ᠤ ᠭᠠᠳᠠᠨ᠎ᠠ ᠠᠴᠠ ᠳᠤᠰᠤᠭᠰᠠᠨ ᠪᠦᠬᠦ ᠪᠡᠶ᠎ᠡ ᠶᠢᠨ ᠬᠤᠮᠵᠢᠮ ᠨᠢ 2~16Gy ᠬᠦᠷᠴᠦ᠂ 8 ᠬᠦᠮᠦᠨ ᠤ β ᠰᠠᠴᠤᠷᠠᠭ ᠤᠨ ᠠᠷᠠᠰᠤᠨ ᠤ ᠬᠤᠮᠵᠢᠮ ᠨᠢ ᠪᠠᠷᠤᠭ 10~30Gy ᠪᠠᠶᠢᠪᠠ᠃ ᠰᠠᠴᠤᠷᠠᠭ ᠤᠨ ᠭᠡᠨᠡᠳᠡᠯ ᠭᠠᠷᠤᠭᠰᠠᠨ ᠤ ᠳᠠᠷᠠᠭᠠᠬᠢ ᠬᠡᠳᠦᠨ ᠡᠳᠦᠷ ᠠᠴᠠ 3 ᠰᠠᠷ᠎ᠠ ᠶᠢᠨ ᠬᠤᠭᠤᠷᠣᠨᠳᠤ ᠴᠦᠮ᠎ᠡ ᠶᠢᠨ ᠴᠠᠬᠢᠯᠭᠠᠨ ᠦᠷᠲᠡᠭᠡᠨ ᠤ ᠠᠵᠢᠯᠲᠠᠳ ᠪᠣᠯᠣᠨ ᠭᠠᠯ ᠤᠨᠲᠠᠷᠠᠭᠠᠬᠤ ᠬᠦᠮᠦᠰ ᠨᠡᠶᠢᠲᠡ 28 ᠬᠦᠮᠦᠨ ᠲᠦᠷᠭᠡᠨ ᠴᠢᠨᠠᠷᠲᠤ ᠰᠠᠴᠤᠷᠠᠭ ᠤᠨ ᠭᠡᠮᠲᠦᠯ ᠢᠶᠠᠷ ᠦᠬᠦᠭᠰᠡᠨ ᠪᠠᠶᠢᠨ᠎ᠠ᠃        ᠰᠦᠷᠳᠡᠭᠦᠯᠬᠦ ᠡᠲᠡᠭᠡᠳ ︽ᠪᠣᠵᠠᠷ ᠪᠦᠮᠪᠦᠭᠡ︾ ᠳᠡᠯᠪᠡᠷᠡᠭᠦᠯᠬᠦ ᠳᠤ ᠡᠭᠦᠰᠬᠦ ᠰᠠᠴᠤᠷᠠᠭ ᠤᠨ ᠨᠦᠯᠦᠭᠡᠯᠡᠯ ᠤᠨ ᠬᠡᠪᠴᠢᠶ᠎ᠡ ᠨᠢ ᠰᠠᠴᠤᠷᠠᠭᠲᠤ ᠪᠣᠳᠠᠰ ᠤᠨ ᠲᠣᠷᠪᠢ ᠲᠠᠢ ᠬᠤᠯᠪᠤᠭ᠎ᠠ ᠲᠠᠢ ᠪᠠᠶᠢᠳᠠᠭ᠃ ᠵᠠᠷᠢᠮ ᠪᠠᠭ᠎ᠠ ᠰᠢᠬ ᠨᠢ ᠵᠦᠪᠬᠡᠨ ᠬᠤᠲᠠ ᠶᠢᠨ ᠬᠡᠳᠦᠨ ᠵᠡᠭᠡᠯᠢ ᠪᠣᠶᠤ ᠬᠡᠷᠡᠭ ᠶᠠᠪᠤᠳᠠᠯ ᠭᠠᠷᠤᠭᠰᠠᠨ ᠣᠷᠣᠨ ᠠᠴᠠ ᠬᠡᠳᠦᠨ ᠮᠢᠩᠭᠠᠨ ᠮᠧᠲᠷ ᠬᠤᠯᠨ ᠶᠢᠨ ᠬᠡᠪᠴᠢᠶᠡᠨ ᠳᠤ ᠨᠦᠯᠦᠭᠡ ᠭᠠᠷᠭᠠᠵᠦ᠂ ᠶᠡᠭᠡ ᠰᠢᠭ ᠨᠢ ᠪᠦᠬᠦ᠋ᠢᠯᠨ ᠬᠤᠲᠠ ᠪᠣᠶᠤ ᠲᠦᠰᠦᠷ ᠣᠷᠣᠨ ᠨᠤᠭᠤᠳ ᠢ ᠲᠦᠭᠰᠢᠭᠦᠷᠢ ᠳᠤ ᠤᠴᠠᠷᠠᠭᠤᠯᠵᠦ ᠴᠤ ᠮᠡᠳᠡᠨ᠎ᠡ᠃        ᠴᠦᠮ᠎ᠡ ᠶᠢᠨ ᠵᠡᠪᠰᠡᠭ ᠳᠡᠯᠪᠡᠷᠡᠪᠡᠯ ᠬᠠᠷᠢᠨ ᠳᠣᠯᠭᠢᠶᠠᠨ ᠳᠠᠭᠠᠷᠢᠯᠲᠠ᠂ ᠢᠯᠴᠢ ︵ᠭᠡᠷᠡᠯ︶ ᠰᠠᠴᠤᠷᠠᠭ᠂ ᠴᠦᠮ᠎ᠡ ᠶᠢᠨ ᠰᠠᠴᠤᠷᠠᠭ ᠪᠠ ᠰᠠᠴᠤᠷᠠᠭᠲᠤ ᠪᠣᠬᠢᠷᠳᠤᠯ ᠢ ᠪᠠᠭᠲᠠᠭᠠᠭᠰᠠᠨ ᠲᠦᠢᠯ ᠤᠨ ᠬᠦᠨᠳᠤ ᠨᠣᠴᠢᠲᠠᠢ ᠡᠪᠳᠡᠯᠡᠭᠡ ᠪᠣᠯᠣᠨ ᠠᠯᠠᠵᠦ ᠰᠢᠷᠠᠭᠲᠤᠭᠤᠯᠬᠤ ᠤᠷᠰᠢᠭ ᠲᠠᠲᠠᠳᠠᠭ᠃ ᠲᠡᠭᠦᠨ ᠤ ᠠᠯᠠᠵᠦ ᠰᠢᠷᠠᠭᠲᠤᠭᠤᠯᠬᠤ ᠬᠡᠮᠵᠢᠶ᠎ᠡ ᠪᠣᠯᠣᠨ ᠡᠪᠳᠡᠯᠡᠭᠡ ᠶᠢᠨ ᠬᠡᠪᠴᠢᠶ᠎ᠡ ᠨᠢ ᠠᠲ᠋ᠤᠮ ᠤᠨ ᠳᠠᠷᠢ ᠶᠢᠨ ᠳᠡᠩᠴᠡᠯ᠂ ᠳᠡᠯᠪᠡᠷᠡᠭᠦᠯᠦᠭᠰᠡᠨ ᠬᠡᠯᠪᠡᠷᠢ ᠮᠠᠶ᠋ᠢᠭ ︵ᠵᠢᠱᠢᠶᠡᠯᠡᠪᠡᠯ ᠭᠠᠵᠠᠷ ᠳᠡᠭᠡᠷ᠎ᠡ ᠳᠡᠯᠪᠡᠷᠡᠭᠦᠯᠬᠦ ᠪᠣᠶᠤ ᠠᠭᠠᠷ ᠳᠡᠭᠡᠷ᠎ᠡ ᠳᠡᠯᠪᠡᠷᠡᠭᠦᠯᠬᠦ︶᠂ ᠭᠠᠵᠠᠷ ᠤᠨ ᠪᠠᠶᠢᠴᠠ᠂ ᠴᠠᠭ ᠠᠭᠤᠷ ᠤᠨ ᠨᠦᠭᠦᠴᠡᠯ ᠵᠡᠷᠭᠡ ᠠᠴᠠ ᠪᠣᠯᠵᠦ ᠬᠠᠷᠢᠯᠴᠠᠨ ᠠᠳᠠᠯᠢ ᠦᠭᠡᠢ ᠪᠠᠶᠢᠳᠠᠭ᠃        ︵3︶ ᠭᠡᠨᠡᠳᠡᠯ ᠤᠨ ᠳᠡᠭᠵᠢᠯᠲᠡ ᠨᠢ ᠲᠦᠷᠭᠡᠨ᠂ ᠶᠠᠪᠤᠴᠠ ᠨᠢ ᠱᠠᠲᠤᠯᠢᠭ ᠴᠢᠨᠠᠷ ᠲᠠᠢ        ᠴᠦᠮ᠎ᠡ ᠶᠢᠨ ᠤᠷᠪᠠᠯ ᠤᠨ ᠵᠤᠤᠬᠠᠨ ᠤ ᠭᠡᠨᠡᠳᠡᠯ ᠭᠠᠷᠤᠮᠠᠭᠴᠠ ᠴᠦᠮ᠎ᠡ ᠶᠢᠨ ᠬᠡᠯᠬᠢᠶᠡᠷᠡᠭᠰᠡᠨ ᠤᠷᠪᠠᠯ ᠦᠳᠲᠡᠷ ᠲᠦᠷᠭᠡᠨ ᠢᠶᠠᠷ ᠳᠡᠭᠵᠢᠵᠦ᠂ ᠣᠬᠤᠷᠬᠠᠨ ᠴᠠᠭ ᠤᠨ ᠳᠣᠲᠤᠷ᠎ᠠ ᠰᠢᠷᠦᠭᠦᠨ ᠳᠡᠯᠪᠡᠷᠡᠯᠲᠡ ᠡᠭᠦᠰᠳᠡᠭ᠃ ᠵᠠᠷᠢᠮ ᠤᠯᠤᠰ ᠤᠨ ᠬᠢᠨ ᠴᠦᠮ᠎ᠡ ᠶᠢᠨ ᠬᠦᠳᠡᠯᠭᠡᠬᠦ ᠬᠦᠴᠦᠨ ᠤ ᠤᠷᠪᠠᠯ ᠤᠨ ᠵᠤᠤᠬ᠎ᠠ ᠮᠡᠳᠤ ᠲᠣᠮᠤ ᠬᠡᠯᠪᠡᠷᠢ ᠶᠢᠨ ᠴᠦᠮ᠎ᠡ ᠶᠢᠨ ᠲᠦᠬᠦᠭᠡᠷᠦᠮᠵᠢ ᠭᠡᠨᠡᠳᠡᠯ ᠭᠠᠷᠤᠭᠠᠳ ᠶᠡᠭᠡ ᠬᠡᠮᠵᠢᠶᠡᠨ ᠤ ᠰᠠᠴᠤᠷᠠᠭᠲᠤ ᠪᠣᠳᠠᠰ ᠢ ᠠᠭᠠᠷ ᠲᠤ ᠠᠯᠳᠠᠨ ᠣᠷᠤᠭᠤᠯᠬᠤ ᠦᠶᠡᠰ ᠲᠤ ᠢᠯᠡᠷᠡᠬᠦ ᠵᠠᠷᠢᠮ ᠣᠨᠴᠠᠯᠢᠭ ᠢ ᠦᠨᠳᠦᠰᠦᠯᠡᠨ ᠭᠡᠨᠡᠳᠡᠯ ᠤᠨ ᠶᠠᠪᠤᠴᠠ ᠶᠢ ᠡᠬᠢᠨ ᠤ ᠬᠤᠭᠤᠴᠠᠭ᠎ᠠ᠂ ᠳᠤᠮᠳᠠ ᠬᠤᠭᠤᠴᠠᠭ᠎ᠠ ᠪᠣᠯᠣᠨ ᠰᠡᠭᠦᠯᠴᠢ ᠶᠢᠨ ᠬᠤᠭᠤᠴᠠᠭ᠎ᠠ ᠭᠡᠵᠦ 3 ᠱᠠᠲᠤ ᠦᠶ᠎ᠡ ᠪᠣᠯᠭᠠᠨ ᠠᠩᠬᠢᠯᠠᠭᠠᠳ ᠰᠠᠴᠤᠷᠠᠭᠲᠤ ᠪᠣᠬᠢᠷᠳᠤᠯ ᠤᠨ ᠬᠡᠮᠵᠢᠶ᠎ᠡ᠂ ᠪᠣᠬᠢᠷᠳᠤᠭᠰᠠᠨ ᠲᠠᠯᠠᠪᠤᠷ ᠪᠠ ᠬᠦᠮᠦᠨ ᠤ ᠡᠷᠡᠭᠦᠯ ᠮᠡᠨᠳᠤ ᠪᠣᠯᠣᠨ ᠣᠷᠴᠢᠨ ᠠᠬᠤᠢ ᠶᠢ ᠨᠦᠯᠦᠭᠡᠯᠡᠬᠦ ᠭᠤᠣᠯ ᠠᠷᠭ᠎ᠠ ᠵᠠᠮ ᠵᠡᠷᠭᠡ ᠶᠢ ᠣᠶᠢᠯᠠᠭᠠᠯᠴᠠᠬᠤ ᠳᠤ ᠳᠦᠭᠦᠮ ᠪᠣᠯᠭᠠᠭᠰᠠᠨ ᠪᠠᠶᠢᠳᠠᠭ᠃ ᠬᠡᠯᠡᠯᠭᠡᠨ ᠦᠭᠡᠢ ᠡᠭᠦᠨ ᠢ ᠪᠠᠰᠨ ᠣᠷᠴᠢᠨ ᠠᠬᠤᠢ ᠲᠠᠢ ᠬᠤᠯᠪᠤᠭᠳᠠᠬᠤ ᠰᠠᠴᠤᠷᠠᠭ ᠤᠨ ᠭᠡᠨᠡᠳᠡᠯ ᠵᠢᠴᠢ ᠰᠦᠷᠳᠡᠭᠦᠯᠬᠦ ᠬᠡᠷᠡᠭ ᠶᠠᠪᠤᠳᠠᠯ ᠳᠤ ᠴᠤ ᠬᠡᠷᠡᠭᠯᠡᠵᠦ ᠪᠣᠯᠬᠤ ᠶᠣᠮ᠃ ᠣᠳᠣ ᠶᠡᠷᠦᠨᠢ ᠡᠭᠦᠨ ᠢᠶᠠᠷ ᠴᠢᠬᠤᠯᠨ ᠦᠨᠳᠦᠰᠦᠯᠡᠯ ᠪᠣᠯᠭᠠᠨ ᠭᠡᠨᠡᠳᠡᠯ ᠭᠠᠷᠬᠤ ᠦᠶᠡᠰ ᠲᠤ ᠣᠯᠠᠨ ᠢ ᠬᠠᠮᠠᠭᠠᠯᠠᠬᠤ ᠠᠷᠭ᠎ᠠ ᠬᠡᠮᠵᠢᠶ᠎ᠡ ᠠᠪᠬᠤ ᠪᠣᠯᠵᠠᠢ᠃ ᠡᠨᠡ ᠨᠢ ᠬᠦᠮᠦᠰ ᠤᠨ ᠰᠠᠨᠠᠭ᠎ᠠ ᠪᠠᠷ ᠢᠶᠠᠨ ᠬᠤᠪᠢᠶᠠᠭᠰᠠᠨ ᠵᠦᠢᠯ ᠢᠯᠭᠠᠯ ᠪᠣᠯᠬᠤᠷ ᠠᠳᠠᠯᠢ ᠪᠤᠰᠤ ᠱᠠᠲᠤ ᠦᠶ᠎ᠡ ᠨᠢ ᠬᠤᠭᠤᠷᠣᠨᠳᠤ ᠪᠠᠨ ᠳᠠᠪᠬᠤᠴᠠᠵᠦ ᠴᠤ ᠪᠠᠶᠢᠳᠠᠭ᠃        ᠰᠠᠴᠤᠷᠠᠭ ᠤᠨ ᠭᠡᠨᠡᠳᠲᠡ ᠶᠢᠨ ᠬᠡᠷᠡᠭ ᠶᠠᠪᠤᠳᠠᠯ ᠤᠨ ᠠᠳᠠᠯᠢ ᠪᠤᠰᠤ ᠬᠤᠭᠤᠴᠠᠭᠠᠨ ᠳᠤ ᠠᠳᠠᠯᠢ ᠪᠤᠰᠤ ᠰᠡᠷᠭᠡᠶᠢᠯᠡᠨ ᠬᠠᠮᠠᠭᠠᠯᠠᠬᠤ ᠠᠷᠭ᠎ᠠ ᠬᠡᠮᠵᠢᠶ᠎ᠡ ᠠᠪᠴᠤ ᠪᠠᠶᠢᠭᠠᠳ ᠣᠯᠠᠨ ᠨᠡᠶᠢᠲᠡ ᠶᠢ ᠰᠠᠴᠤᠷᠠᠭ ᠳᠤᠰᠬᠠᠯᠲᠠ ᠠᠴᠠ ᠵᠠᠶᠢᠯᠠᠭᠤᠯᠬᠤ ᠪᠣᠶᠤ ᠪᠠᠭᠠᠰᠬᠠᠬᠤ ᠬᠡᠷᠡᠭᠲᠠᠢ᠃        ᠡᠬᠢᠨ ᠤ ᠬᠤᠭᠤᠴᠠᠭ᠎ᠠ᠄ ᠰᠠᠴᠤᠷᠠᠭᠲᠤ ᠪᠣᠳᠠᠰ ᠠᠯᠳᠠᠭᠳᠠᠬᠤ ᠬᠦᠨᠳᠤ ᠨᠣᠴᠢᠲᠠᠢ ᠰᠢᠨᠵᠢ ᠲᠡᠮᠳᠡᠭ ᠢᠯᠡᠷᠡᠭᠰᠡᠨ᠂ ᠳᠠᠷᠤᠢ ᠦᠢᠯᠡᠳᠪᠦᠷᠢ ᠶᠢᠨ ᠭᠠᠳᠠᠨᠠᠬᠢ ᠣᠯᠠᠨ ᠨᠡᠶᠢᠲᠡ ᠶᠢᠨ ᠬᠢᠨ ᠰᠠᠴᠤᠷᠠᠭ ᠲᠤ ᠳᠤᠰᠬᠠᠭᠳᠠᠬᠤ ᠪᠣᠯᠤᠯᠴᠠᠭ᠎ᠠ ᠶᠢ ᠨᠢ ᠨᠣᠲᠠᠯᠠᠭᠰᠠᠨ ᠠᠴᠠ ᠠᠪᠤᠭᠠᠳ ᠰᠠᠴᠤᠷᠠᠭᠲᠤ ᠪᠣᠳᠠᠰ ᠡᠬᠢᠯᠡᠨ ᠠᠯᠳᠠᠭᠳᠠᠭᠰᠠᠨ ᠬᠠᠮᠤᠭ ᠠᠩᠬᠠᠨ ᠤ ᠬᠡᠳᠦᠨ ᠴᠠᠭ ᠢ ᠡᠬᠢᠨ ᠤ ᠬᠤᠭᠤᠴᠠᠭ᠎ᠠ ᠭᠡᠳᠡᠭ᠃ ᠭᠡᠨᠡᠳᠡᠯ ᠭᠠᠷᠤᠭᠰᠠᠨ ᠠᠴᠠ ᠠᠪᠤᠭᠠᠳ ᠰᠠᠴᠤᠷᠠᠭᠲᠤ ᠪᠣᠳᠠᠰ ᠠᠭᠠᠷ ᠲᠤ ᠠᠯᠲᠠᠭᠳᠠᠨ ᠣᠷᠣᠬᠤ ᠴᠠᠭ ᠬᠤᠭᠤᠴᠠᠭ᠎ᠠ ᠨᠢ ᠪᠠᠷᠤᠭ 30 ᠮᠢᠨᠦ᠋ᠲ ᠠᠴᠠ 1 ᠡᠳᠦᠷ ᠪᠣᠶᠤ ᠬᠡᠳᠦᠨ ᠡᠳᠦᠷ ᠪᠣᠯᠵᠦ᠂ ᠰᠠᠴᠤᠷᠠᠭᠲᠤ ᠪᠣᠳᠠᠰ ᠲᠠᠯᠪᠢᠨ ᠭᠠᠷᠭᠠᠬᠤ ᠨᠢ ᠴᠤ 30 ᠮᠢᠨᠦ᠋ᠲ ᠠᠴᠠ ᠬᠡᠳᠦᠨ ᠡᠳᠦᠷ ᠴᠢᠨᠠᠭᠰᠢᠯᠠᠪᠠᠯ ᠨᠡᠩ ᠤᠷᠲᠤ ᠪᠠᠶᠢᠳᠠᠭ᠃        ᠳᠤᠮᠳᠠ ᠬᠤᠭᠤᠴᠠᠭ᠎ᠠ᠄ ᠰᠠᠴᠤᠷᠠᠭᠲᠤ ᠪᠣᠳᠠᠰ ᠡᠬᠢᠯᠡᠨ ᠠᠯᠳᠠᠭᠳᠠᠭᠰᠠᠨ ᠤ ᠳᠠᠷᠠᠭᠠᠬᠢ ᠬᠠᠮᠤᠭ ᠠᠩᠬᠠᠨ ᠤ ᠬᠡᠳᠦᠨ ᠴᠠᠭ ᠠᠴᠠ 1 ᠡᠳᠦᠷ ᠪᠣᠶᠤ ᠬᠡᠳᠦᠨ ᠡᠳᠦᠷ ᠢ ᠳᠤᠮᠳᠠ ᠬᠤᠭᠤᠴᠠᠭ᠎ᠠ ᠭᠡᠨ᠎ᠡ᠃ ᠡᠨᠡ ᠦᠶᠡᠰ ᠲᠤ ᠵᠦᠪᠬᠡᠨ ᠰᠠᠴᠤᠷᠠᠭᠲᠤ ᠬᠤᠶᠢᠷᠭᠤ ᠬᠡᠢ ᠶᠢ ᠲᠠᠯᠪᠢᠨ ᠭᠠᠷᠭᠠᠬᠤ ᠪᠢᠰᠢ ᠪᠣᠯ᠂ ᠴᠦᠮ᠎ᠡ ᠶᠢᠨ ᠲᠦᠬᠦᠭᠡᠷᠦᠮᠵᠢ ᠠᠴᠠ ᠠᠯᠲᠠᠨ ᠭᠠᠷᠭᠠᠭᠰᠠᠨ ᠰᠠᠴᠤᠷᠠᠭᠲᠤ ᠪᠣᠳᠠᠰ ᠤᠨ ᠣᠯᠠᠩᠬᠢ ᠨᠢ ᠨᠢᠭᠡᠨᠲᠡ ᠠᠭᠠᠷ ᠮᠠᠨᠳᠠᠯ ᠳᠤ ᠣᠷᠤᠭᠰᠠᠨ ᠪᠦᠭᠡᠳ ᠭᠤᠣᠯ ᠬᠡᠰᠡᠭ ᠨᠢ ᠴᠤ ᠨᠢᠭᠡᠨᠲᠡ ᠭᠠᠵᠠᠷ ᠳᠡᠭᠡᠷ᠎ᠡ ᠪᠠᠭᠤᠭᠰᠠᠨ ᠪᠠᠶᠢᠳᠠᠭ᠃ ᠰᠠᠴᠤᠷᠠᠭᠲᠤ ᠪᠣᠳᠠᠰ ᠨᠢ ᠠᠯᠳᠠᠭᠳᠠᠭᠰᠠᠨ ᠭᠠᠵᠠᠷ ᠠᠴᠠ ᠪᠠᠨ ᠲᠤᠰᠬᠠᠬᠤ ᠭᠠᠵᠠᠷ ᠬᠦᠷᠲᠡᠯ᠎ᠡ ᠬᠡᠷᠡᠭᠰᠡᠬᠦ ᠬᠤᠭᠤᠴᠠᠭ᠎ᠠ ᠨᠢ ᠰᠠᠯᠬᠢᠨ ᠤ ᠬᠤᠷᠳᠤᠴᠠ ᠪᠣᠯᠣᠨ ᠲᠠᠯᠪᠢᠨ ᠭᠠᠷᠭᠠᠭᠰᠠᠨ ᠦᠨᠳᠦᠷᠴᠡ ᠵᠡᠷᠭᠡ ᠣᠯᠠᠨ ᠵᠦᠢᠯ ᠤᠨ ᠨᠦᠯᠦᠭᠡᠯᠡᠯ ᠢ ᠬᠦᠷᠲᠡᠳᠡᠭ ᠪᠣᠯᠪᠠᠴᠤ᠂ ᠶᠡᠷᠦᠳᠡ ᠶᠢᠨ ᠪᠠᠶᠢᠳᠠᠯ ᠳᠣᠣᠷ᠎ᠠ 8 ᠺᠢᠯᠤᠮᠧᠲᠷ ᠤᠨ ᠵᠠᠢ ᠶᠢ ᠪᠠᠷᠤᠭ 30 ᠮᠢᠨᠦ᠋ᠲ ᠠᠴᠠ 2 ᠴᠠᠭ ᠬᠡᠷᠡᠭᠰᠡᠵᠦ᠂ 16 ᠺᠢᠯᠤᠮᠧᠲᠷ ᠤᠨ ᠵᠠᠢ ᠶᠢ ᠪᠠᠷᠤᠭ 1 ᠠᠴᠠ 4 ᠴᠠᠭ ᠬᠡᠷᠡᠭᠰᠡᠳᠡᠭ᠃ ᠰᠠᠴᠤᠷᠠᠭᠲᠤ ᠪᠣᠳᠠᠰ ᠢ ᠲᠠᠯᠪᠢᠨ ᠭᠠᠷᠭᠠᠬᠤ ᠴᠠᠭ ᠬᠤᠭᠤᠴᠠᠭ᠎ᠠ ᠨᠢ 30 ᠮᠢᠨᠦ᠋ᠲ ᠠᠴᠠ 1 ᠡᠳᠦᠷ ᠦᠷᠬᠦᠯᠵᠢᠯᠡᠬᠦ ᠪᠣᠶᠤ ᠴᠢᠨᠠᠭᠰᠢᠯᠠᠪᠠᠯ ᠨᠡᠩ ᠤᠷᠲᠤ ᠪᠠᠶᠢᠳᠠᠭ᠃ ᠤᠤᠯ ᠤᠨ ᠵᠦᠪᠯᠡᠯᠲᠤ ᠬᠤᠯᠪᠤᠭᠠᠲᠤ ᠤᠯᠤᠰ ᠤᠨ ᠴᠧᠷᠨᠣᠪᠢᠯ ᠤᠨ ᠴᠦᠮ᠎ᠡ ᠶᠢᠨ ᠴᠠᠬᠢᠯᠭᠠᠨ ᠦᠢᠯᠡᠳᠪᠦᠷᠢ ᠶᠢᠨ ᠭᠡᠨᠡᠳᠲᠡ ᠶᠢᠨ ᠬᠡᠷᠡᠭ ᠨᠢ ᠳᠡᠯᠪᠡᠷᠡᠯᠲᠡ ᠪᠣᠯᠣᠨ ᠶᠡᠭᠡ ᠭᠠᠯ ᠡᠭᠦᠰᠦᠭᠰᠡᠨ ᠠᠴᠠ ᠪᠣᠯᠵᠦ᠂ ᠪᠦᠬᠦ᠋ᠢᠯᠨ ᠲᠠᠯᠪᠢᠨ ᠭᠠᠷᠭᠠᠬᠤ ᠶᠠᠪᠤᠴᠠ ᠨᠢ 10 ᠡᠳᠦᠷ ᠪᠣᠯᠤᠭᠰᠠᠨ ᠪᠣᠯᠬᠤᠷ ᠲᠡᠷᠨ ᠨᠢ ᠨᠢᠭᠡ ᠤᠳᠠᠭᠠᠨ ᠤ ᠰᠠᠴᠤᠷᠠᠭᠲᠤ ᠪᠣᠳᠠᠰ ᠤᠨ ᠤᠭᠵᠤᠮ ᠲᠠᠯᠪᠢᠯᠲᠠ ᠶᠢᠨ ᠭᠡᠨᠡᠳᠡᠯ ᠳᠤ ᠲᠣᠭᠠᠴᠠᠭᠳᠠᠬᠤ ᠦᠭᠡᠢ ᠪᠢᠯᠨ᠃ ᠭᠡᠨᠡᠳᠡᠯ ᠤᠨ ᠠᠩᠬᠠᠳᠠᠭᠴᠢ ᠡᠳᠦᠷ ᠪᠠᠷᠤᠭ 0.45 ᠢᠡᠭᠭᠦᠮᠡᠯ ᠪᠧᠺᠯᠧᠷ ︵EBq︶ ᠲᠠᠯᠪᠢᠨ ᠭᠠᠷᠭᠠᠵᠦ᠂ ᠡᠭᠦᠨ ᠠᠴᠠ ᠬᠤᠶᠢᠰᠢ ᠢᠳᠡᠭ ᠢᠳᠡᠭ ᠢᠶᠠᠷ ᠪᠠᠭᠤᠷᠠᠭᠰᠠᠭᠠᠷ ᠪᠠᠶᠢᠵᠦ᠂ 5 ᠳᠠᠬᠢ ᠡᠳᠦᠷ ᠲᠡᠭᠡᠨ ᠬᠠᠮᠤᠭ ᠳᠣᠣᠷ᠎ᠠ ᠪᠣᠯᠵᠦ᠂ ᠠᠬᠢᠭᠠᠳ ᠪᠠᠰᠨ ᠠᠭᠠᠵᠢᠮ ᠢᠶᠠᠷ ᠨᠡᠮᠡᠭᠳᠡᠭᠰᠡᠭᠡᠷ 10 ᠳᠠᠬᠢ ᠡᠳᠦᠷ ᠢᠶᠠᠨ ᠪᠠᠷᠤᠭ 0.35 ᠢᠡᠭᠭᠦᠮᠡᠯ ᠪᠧᠺᠯᠧᠷ ︵EBq︶ ᠲᠠᠯᠪᠢᠨ ᠭᠠᠷᠭᠠᠬᠤ ᠪᠣᠯᠤᠭᠰᠠᠨ ᠪᠠᠶᠢᠪᠠ᠃        ᠰᠡᠭᠦᠯᠴᠢ ᠶᠢᠨ ᠬᠤᠭᠤᠴᠠᠭ᠎ᠠ᠄ ᠪᠠᠰᠨ ᠰᠡᠷᠭᠦᠭᠡᠬᠦ ᠬᠤᠭᠤᠴᠠᠭ᠎ᠠ ᠭᠡᠳᠡᠭ ᠪᠦᠭᠡᠳ ᠲᠡᠭᠦᠨ ᠤ ᠦᠷᠬᠦᠯᠵᠢᠯᠡᠬᠦ ᠴᠠᠭ ᠨᠢ ᠨᠡᠯᠢᠶᠡᠳ ᠤᠷᠲᠤ ᠪᠠᠶᠢᠵᠦ᠂ ᠭᠡᠨᠡᠳᠡᠯ ᠤᠨ ᠳᠠᠷᠠᠭᠠᠬᠢ ᠬᠡᠳᠦᠨ ᠭᠠᠷᠠᠭ ᠠᠴᠠ ᠬᠡᠳᠦᠨ ᠵᠢᠯ ᠴᠢᠨᠠᠭᠰᠢᠯᠠᠪᠠᠯ ᠨᠡᠩ ᠤᠷᠲᠤ ᠪᠠᠶᠢᠳᠠᠭ᠃ ᠡᠨᠡ ᠨᠢ ᠬᠠᠷᠢᠨ ᠴᠦᠮ᠎ᠡ ᠶᠢᠨ ᠲᠦᠬᠦᠭᠡᠷᠦᠮᠵᠢ ᠶᠢ ᠰᠡᠷᠭᠦᠭᠡᠨ ᠵᠠᠰᠠᠬᠤ ᠳᠡᠷᠡ ᠬᠦ᠋‍ ᠨᠢᠭᠡ ᠬᠡᠰᠡᠭ ᠬᠤᠭᠤᠴᠠᠭ᠎ᠠ ᠶᠢ ᠬᠡᠯᠡᠵᠦ ᠪᠠᠶᠢᠭ᠎ᠠ ᠪᠢᠰᠢ ᠶᠣᠮ᠃ ᠰᠡᠭᠦᠯᠴᠢ ᠶᠢᠨ ᠬᠤᠭᠤᠴᠠᠭ᠎ᠠ ᠨᠢ ᠭᠤᠣᠯᠳᠠᠭᠤ ᠲᠠᠯᠪᠢᠨ ᠭᠠᠷᠭᠠᠬᠤ ᠣᠨᠴᠠᠯᠢᠭ᠂ ᠲᠠᠯᠪᠢᠨ ᠭᠠᠷᠭᠠᠬᠤ ᠬᠡᠮᠵᠢᠶ᠎ᠡ ᠪᠣᠯᠣᠨ ᠲᠠᠯᠪᠢᠨ ᠭᠠᠷᠭᠠᠬᠤ ᠰᠠᠴᠤᠷᠠᠭᠲᠤ ᠴᠦᠮᠡᠲᠤ ᠶᠢᠨ ᠲᠦᠷᠦᠯ ᠵᠦᠢᠯ ᠠᠴᠠ ᠲᠣᠭᠲᠠᠭᠠᠭᠳᠠᠳᠠᠭ᠃ ᠡᠨᠡ ᠬᠤᠭᠤᠴᠠᠭᠠᠨ ᠳᠤ ᠬᠡᠪ ᠤᠨ ᠠᠮᠢᠳᠤᠷᠠᠯ ᠢ ᠰᠡᠷᠭᠦᠭᠡᠬᠦ ᠲᠤᠭᠲᠠᠭᠠᠯ ᠭᠠᠷᠭᠠᠳᠠᠭ᠃ ᠡᠨᠡ ᠦᠶᠡᠰ ᠲᠤ ᠤᠷᠲᠤ ᠨᠠᠰᠤᠲᠤ ᠰᠠᠴᠤᠷᠠᠭᠲᠤ ᠴᠦᠮᠡᠲᠤ ᠨᠢᠭᠡᠨᠲᠡ ᠣᠷᠴᠢᠨ ᠠᠬᠤᠢ ᠪᠣᠯᠣᠨ ᠢᠳᠡᠰᠢᠨ ᠤ ᠬᠢᠨᠵᠢ ᠳᠤ ᠣᠷᠤᠭᠰᠠᠨ ᠪᠣᠯᠬᠤᠷ ᠬᠢᠵᠠᠭᠠᠷᠯᠠᠬᠤ ᠪᠠ ᠰᠡᠷᠭᠦᠭᠡᠬᠦ ᠠᠵᠢᠯᠯᠠᠭᠠᠨ ᠠᠪᠳᠠᠭ᠃ ᠡᠭᠦᠨ ᠤ ᠬᠠᠮᠲᠤ ᠪᠠᠰᠨ ᠠᠰᠢᠭ ᠬᠤᠬᠢᠷᠠᠯ ᠤᠨ ᠵᠠᠳᠠᠯᠤᠯᠲᠠ ᠬᠢᠳᠡᠭ᠃ ᠬᠡᠷᠪᠡ ᠬᠢᠵᠠᠭᠠᠷᠯᠠᠯ ᠲᠠᠶᠢᠯᠬᠤ᠂ ᠲᠤᠷ᠎ᠠ ᠪᠠᠷ ᠢᠶᠠᠨ ᠣᠷᠣᠵᠦ ᠭᠠᠷᠬᠤ᠂ ᠣᠷᠣᠨᠰᠢᠨ ᠰᠠᠭᠤᠬᠤ ᠪᠠ ᠭᠠᠵᠠᠷ ᠰᠢᠷᠤᠢ ᠶᠢ ᠠᠰᠢᠭᠯᠠᠵᠦ ᠪᠣᠯᠬᠤ ᠳᠤ ᠬᠦᠷᠪᠡᠯ ᠳᠠᠷᠤᠢ ᠰᠡᠭᠦᠯᠴᠢ  ᠶᠢᠨ ᠬᠤᠭᠤᠴᠠᠭ᠎ᠠ ᠲᠠᠭᠤᠰᠤᠨ᠎ᠠ᠃ ᠰᠡᠭᠦᠯᠴᠢ ᠶᠢᠨ ᠬᠤᠭᠤᠴᠠᠭᠠᠨ ᠳᠤ ᠰᠡᠷᠭᠦᠭᠡᠬᠦ ᠠᠵᠢᠯᠯᠠᠭ᠎ᠠ ᠠᠪᠴᠤ᠂ ᠬᠡᠷᠡᠭ ᠶᠠᠪᠤᠳᠠᠯ ᠳᠤ ᠨᠦᠯᠦᠭᠡᠯᠡᠭᠳᠡᠭᠰᠡᠨ ᠣᠷᠣᠨ ᠢ ᠬᠡᠪ ᠤᠨ ᠠᠮᠢᠳᠤᠷᠠᠯ ᠢᠶᠠᠨ ᠳᠠᠬᠢᠨ ᠡᠬᠢᠯᠡᠭᠦᠯᠬᠦ ᠬᠡᠷᠡᠭᠲᠠᠢ᠃        ︵4︶ ᠰᠠᠴᠤᠷᠠᠭᠴᠢ ᠶᠢᠨ ᠲᠦᠷᠦᠯ ᠬᠡᠯᠪᠡᠷᠢ ᠪᠣᠯᠣᠨ ᠳᠤᠰᠬᠠᠯᠲᠠ ᠶᠢᠨ ᠠᠷᠭ᠎ᠠ ᠵᠠᠮ ᠤᠨ ᠣᠯᠠᠨ ᠶᠠᠩᠵᠤᠲᠤ ᠴᠢᠨᠠᠷ        ᠰᠠᠴᠤᠷᠠᠭ ᠤᠨ ᠭᠡᠨᠡᠳᠡᠯ ᠭᠠᠷᠪᠠᠯ ᠣᠯᠠᠨ ᠨᠡᠶᠢᠲᠡ ᠶᠢᠨ ᠪᠤᠳᠠᠭᠠᠯᠢ ᠪᠡᠶ᠎ᠡ ᠨᠢ ᠰᠠᠴᠤᠷᠠᠭ ᠲᠤ ᠭᠠᠳᠠᠷ ᠠᠴᠠ ᠳᠤᠰᠬᠠᠭᠳᠠᠵᠦ ᠮᠡᠳᠡᠬᠦ ᠮᠦᠷᠲᠡᠭᠡᠨ ᠠᠮᠢᠰᠬᠤᠯ᠂ ᠢᠳᠡᠭᠡᠨ ᠤᠮᠳᠠᠭᠠᠨ ᠢᠶᠠᠷ ᠳᠠᠮᠵᠢᠨ ᠰᠠᠴᠤᠷᠠᠭᠲᠤ ᠪᠣᠳᠠᠰ ᠨᠢ ᠠᠮᠨ ᠬᠠᠮᠠᠷ ᠢᠶᠠᠷ ᠬᠦᠮᠦᠨ ᠤ ᠪᠡᠶ᠎ᠡ ᠳᠤ ᠣᠷᠤᠭᠠᠳ ᠳᠣᠲᠤᠷ᠎ᠠ ᠠᠴᠠ ᠳᠤᠰᠬᠠᠭᠳᠠᠵᠦ ᠴᠤ ᠮᠡᠳᠡᠨ᠎ᠡ᠃ ᠬᠡᠷᠪᠡ ᠪᠡᠶ᠎ᠡ ᠮᠠᠬᠠᠪᠤᠳ ᠰᠢᠷᠬᠠᠲᠤᠭᠰᠠᠨ ᠪᠣᠯ ᠰᠢᠷᠬ᠎ᠠ ᠪᠠᠷ ᠪᠠᠰᠨ ᠪᠡᠶ᠎ᠡ ᠳᠤ ᠣᠷᠣᠬᠤ ᠪᠦᠭᠡᠳ ᠵᠠᠷᠢᠮ ᠨᠢᠭᠡ ᠪᠦᠯᠦᠭ ᠰᠠᠴᠤᠷᠠᠭᠲᠤ ᠴᠦᠮᠡᠲᠤ ᠨᠢ ᠪᠦᠷᠢᠨ ᠪᠦᠲᠦᠨ ᠠᠷᠠᠰᠤ ᠬᠦᠷᠦᠰᠦ ᠪᠠᠷ ᠨᠡᠪᠴᠢᠷᠡᠨ ᠣᠷᠣᠬᠤ ᠴᠤ ᠪᠣᠢ᠃        ᠰᠠᠴᠤᠷᠠᠭᠴᠢ ᠶᠢᠨ ᠲᠦᠷᠦᠯ ᠬᠡᠯᠪᠡᠷᠢ ᠪᠣᠯᠣᠨ ᠳᠤᠰᠬᠠᠯᠲᠠ ᠶᠢᠨ ᠠᠷᠭ᠎ᠠ ᠵᠠᠮ᠄ ᠰᠠᠴᠤᠷᠠᠭ ᠤᠨ ᠭᠡᠨᠡᠳᠡᠯ ᠳᠤ ᠯᠡᠪᠡᠷᠡᠭᠰᠡᠨ ᠰᠠᠴᠤᠷᠠᠭᠲᠤ ᠴᠦᠮᠡᠲᠤ ᠨᠢ ᠬᠤᠶᠡᠷ ᠠᠷᠭ᠎ᠠ ᠵᠠᠮ ᠢᠶᠠᠷ ᠬᠦᠮᠦᠨ ᠤ ᠪᠡᠶ᠎ᠡ ᠶᠢ ᠭᠡᠮᠲᠦᠭᠡᠳᠡᠭ᠃ ᠨᠢᠭᠡ ᠨᠢ ᠭᠠᠳᠠᠨ᠎ᠠ ᠠᠴᠠ ᠳᠤᠰᠤᠭᠰᠠᠨ ᠭᠡᠮᠲᠦᠯ᠂ ᠵᠢᠱᠢᠶᠡᠯᠡᠪᠡᠯ ᠪᠦᠬᠦ ᠪᠡᠶᠡᠨ ᠳᠤ ᠭᠠᠳᠠᠨ᠎ᠠ ᠠᠴᠠ ᠳᠤᠰᠤᠭᠰᠠᠨ ᠭᠡᠮᠲᠦᠯ᠂ ᠠᠷᠠᠰᠤᠨ ᠤ ᠬᠡᠰᠡᠭ ᠭᠠᠵᠠᠷ ᠤᠨ ᠲᠦᠯᠡᠭᠳᠡᠯ᠃ ᠬᠤᠶᠡᠷ ᠲᠤ ᠰᠠᠴᠤᠷᠠᠭᠲᠤ ᠴᠦᠮᠡᠲᠤ ᠳᠤ ᠪᠣᠬᠢᠷᠳᠤᠭᠰᠠᠨ ᠠᠭᠠᠷ᠂ ᠬᠦᠷᠦᠰᠤ ᠰᠢᠷᠤᠢ᠂ ᠤᠰᠤ ᠪᠠ ᠢᠳᠡᠭᠡᠨ ᠵᠡᠷᠭᠡ ᠨᠢ ᠠᠮᠢᠰᠬᠤᠯ ᠤᠨ ᠵᠠᠮ᠂ ᠰᠢᠩᠭᠡᠭᠡᠯᠳᠡ ᠶᠢᠨ ᠰᠢᠰᠲ᠋ᠧᠮ᠂ ᠰᠢᠷᠬ᠎ᠠ ᠪᠣᠯᠣᠨ ᠠᠷᠠᠰᠤ ᠪᠠᠷ ᠪᠡᠶ᠎ᠡ ᠳᠤ ᠣᠷᠤᠭᠠᠳ ᠳᠣᠲᠤᠷ᠎ᠠ ᠳᠤᠰᠬᠠᠯᠲᠠ ᠶᠢᠨ ᠭᠡᠮᠲᠦᠯ ᠡᠭᠦᠰᠭᠡᠬᠦ ᠪᠣᠯᠤᠨ᠎ᠠ᠃        ᠤᠷᠪᠠᠯ ᠤᠨ ᠵᠤᠤᠬ᠎ᠠ ᠶᠢᠨ ᠭᠡᠨᠡᠳᠡᠯ ᠪᠠ ᠴᠦᠮ᠎ᠡ ᠶᠢᠨ ᠲᠦᠬᠦᠭᠡᠷᠦᠮᠵᠢ ᠪᠣᠶᠤ ᠴᠦᠮ᠎ᠡ ᠶᠢᠨ ᠵᠡᠪᠰᠡᠭ ᠳᠡᠯᠪᠡᠷᠡᠭᠰᠡᠨ ᠪᠠᠶᠢᠳᠠᠯ ᠳᠣᠣᠷ᠎ᠠ ᠣᠷᠴᠢᠨ ᠠᠬᠤᠢ ᠳᠤ ᠪᠦᠷ ᠣᠯᠠᠨ ᠵᠦᠢᠢᠯ ᠤᠨ ᠰᠠᠴᠤᠷᠠᠭᠲᠤ ᠴᠦᠮᠡᠲᠤ ᠶᠢ ᠲᠠᠯᠪᠢᠨ ᠭᠠᠷᠭᠠᠳᠠᠭ ᠪᠣᠯᠬᠤᠷ ᠣᠯᠠᠨ ᠨᠡᠶᠢᠲᠡ ᠶᠢᠨ ᠬᠢᠨ ᠭᠡᠨᠡᠳᠡᠯ ᠤᠨ ᠠᠳᠠᠯᠢ ᠪᠤᠰᠤ ᠱᠠᠲᠤᠨ ᠳᠤ ᠳᠤᠰᠬᠠᠭᠳᠠᠵᠦ ᠮᠡᠳᠡᠬᠦ ᠭᠤᠣᠯ ᠠᠷᠭ᠎ᠠ ᠵᠠᠮ ᠨᠢ ᠴᠤ ᠪᠠᠰᠨ ᠵᠦᠷᠢᠶ᠎ᠡ ᠲᠠᠢ ᠪᠠᠶᠢᠳᠠᠭ᠃ ᠵᠢᠱᠢᠶᠡᠯᠡᠪᠡᠯ ᠭᠡᠨᠡᠳᠡᠯ ᠤᠨ ᠡᠬᠢᠨ ᠤ ᠬᠤᠭᠤᠴᠠᠭᠠᠨ ᠳᠤ ᠪᠣᠯ ᠭᠤᠣᠯᠳᠠᠭᠤ ᠤᠲᠤᠭ᠎ᠠ ᠤᠨᠢᠶᠠᠷ ᠤᠨ ᠭᠠᠳᠠᠨ᠎ᠠ ᠠᠴᠠ ᠳᠤᠰᠬᠤ ᠰᠠᠴᠤᠷᠠᠭ ᠪᠣᠯᠣᠨ ᠤᠲᠤᠭ᠎ᠠ ᠤᠨᠢᠶᠠᠷ ᠤᠨ ᠳᠣᠲᠤᠷᠠᠬᠢ ᠰᠠᠴᠤᠷᠠᠭᠲᠤ ᠴᠦᠮᠡᠲᠤ ᠶᠢ ᠠᠮᠢᠰᠬᠤᠨ ᠣᠷᠤᠭᠤᠯᠤᠭᠰᠠᠨ ᠳᠣᠲᠤᠷ᠎ᠠ ᠳᠤᠰᠬᠠᠯᠲᠠ ᠪᠣᠯᠣᠨ᠎ᠠ᠃ ᠬᠦᠮᠦᠨ ᠤ ᠪᠡᠶᠡᠨ ᠳᠤ ᠬᠤᠣᠷ ᠬᠦᠨᠦᠭᠡᠯ ᠪᠣᠯᠬᠤ ᠭᠤᠣᠯ ᠰᠠᠴᠤᠷᠠᠭᠲᠤ ᠴᠦᠮᠡᠲᠤ ᠪᠣᠯ ᠰᠠᠴᠤᠷᠠᠭᠲᠤ ᠢᠤᠳ᠋ ᠪᠣᠯᠣᠨ ᠰᠠᠴᠤᠷᠠᠭᠲᠤ ᠬᠤᠶᠢᠷᠭᠤ ᠬᠡᠢ ᠪᠣᠯᠤᠨ᠎ᠠ᠃ ᠭᠡᠨᠡᠳᠡᠯ ᠤᠨ ᠳᠤᠮᠳᠠ ᠬᠤᠭᠤᠴᠠᠭᠠᠨ ᠳᠤ ᠪᠣᠯ ᠭᠠᠵᠠᠷ ᠳᠡᠭᠡᠷ᠎ᠡ ᠪᠠᠭᠤᠭᠰᠠᠨ ᠰᠠᠴᠤᠷᠠᠭᠲᠤ ᠴᠦᠮᠡᠲᠤ ᠶᠢᠨ ᠭᠠᠳᠠᠨ᠎ᠠ ᠠᠴᠠ ᠳᠤᠰᠬᠤ ᠪᠣᠯᠣᠨ ᠪᠣᠬᠢᠷᠳᠤᠭᠰᠠᠨ ᠢᠳᠡᠭᠡᠨ ᠤᠮᠳᠠᠭᠠᠨ ᠤ ᠳᠣᠲᠤᠷ᠎ᠠ ᠠᠴᠠ ᠳᠤᠰᠬᠤ ᠨᠢ ᠭᠤᠣᠯ ᠪᠣᠯᠳᠠᠭ᠃ ᠭᠡᠨᠡᠳᠡᠯ ᠤᠨ ᠰᠡᠭᠦᠯᠴᠢ ᠶᠢᠨ ᠬᠤᠭᠤᠴᠠᠭᠠᠨ ᠳᠤ ᠪᠣᠯ ᠭᠤᠣᠯᠳᠠᠭᠤ ᠪᠣᠬᠢᠷᠲᠤᠭᠰᠠᠨ ᠢᠳᠡᠭᠡᠨ ᠤᠮᠳᠠᠭᠠᠨ ᠠᠴᠠ ᠪᠣᠯᠬᠤ ᠳᠣᠲᠤᠷ᠎ᠠ ᠳᠤᠰᠬᠠᠯᠲᠠ ᠪᠦᠭᠡᠳ ᠤᠷᠲᠤ ᠨᠠᠰᠤᠲᠤ ᠰᠠᠴᠤᠷᠠᠭᠲᠤ ᠴᠦᠮᠡᠲᠤ 90Sr ᠪᠣᠯᠣᠨ  137 Cs ᠪᠣᠯ ᠭᠤᠣᠯ ᠬᠤᠣᠷ ᠬᠦᠨᠦᠭᠡᠯᠲᠤ ᠴᠦᠮᠡᠲᠤ ᠪᠣᠯᠤᠨ᠎ᠠ᠃        ᠴᠦᠮ᠎ᠡ ᠶᠢᠨ ᠭᠡᠨᠡᠳᠡᠯ ᠳᠤ ᠣᠯᠠᠨ ᠵᠦᠢᠯ ᠤᠨ ᠰᠠᠴᠤᠷᠠᠭᠲᠤ ᠴᠦᠮᠡᠲᠤ ᠠᠯᠳᠠᠭᠳᠠᠬᠤ ᠪᠦᠭᠡᠳ ᠶᠡᠷᠦᠳᠡ ᠶᠢᠨ ᠪᠠᠶᠢᠳᠠᠯ ᠳᠤ ᠬᠤᠶᠢᠷᠭᠤ ᠬᠡᠢ ᠪᠠᠷᠤᠭ ᠪᠦᠬᠦᠨ  ᠢᠶᠠᠷ ᠢᠶᠠᠨ᠂ ᠳᠠᠷᠠᠭ᠎ᠠ ᠨᠢ ᠠᠭᠤᠷᠰᠢᠬᠤ ᠴᠢᠨᠠᠷᠲᠠᠢ ᠢᠤᠳ᠋ ︵I︶᠂ ᠲᠧᠯᠦ᠋ᠷ ︵Te︶᠂ ᠼᠧᠽᠢ ︵Cs︶ ᠶᠢᠨ ᠠᠯᠳᠠᠭᠳᠠᠬᠤ ᠨᠢ ᠴᠤ ᠨᠡᠯᠢᠶᠡᠳ ᠠᠷᠪᠢᠨ ᠪᠠᠶᠢᠳᠠᠭ        ᠴᠦᠮ᠎ᠡ ᠶᠢᠨ ᠭᠡᠨᠡᠳᠡᠯ ᠳᠤ ᠣᠯᠠᠨ ᠨᠡᠶᠢᠲᠡ ᠶᠢᠨ ᠬᠢᠨ ᠤᠷᠢᠳᠠᠪᠠᠷ ᠰᠠᠴᠤᠷᠠᠭ ᠲᠤ ᠭᠠᠳᠠᠨ᠎ᠠ ᠠᠴᠠ ᠳᠤᠰᠬᠠᠭᠳᠠᠵᠦ᠂ ᠳᠠᠷᠠᠭ᠎ᠠ ᠨᠢ ᠰᠠᠴᠤᠷᠠᠭᠲᠤ ᠪᠣᠳᠠᠰ ᠪᠡᠶ᠎ᠡ ᠳᠤ ᠨᠠᠭᠠᠯᠳᠤᠬᠤ ᠵᠢᠴᠢ ᠠᠮᠢᠰᠬᠤᠯ ᠢ ᠲᠠᠭᠠᠨ ᠬᠠᠮᠠᠷ ᠢᠶᠠᠷ ᠣᠷᠤᠭᠠᠳ ᠳᠣᠲᠤᠷ ᠳᠤᠰᠬᠠᠯᠲᠠ ᠡᠭᠦᠰᠭᠡᠬᠦ᠂ ᠡᠴᠤᠰ ᠲᠤᠨᠢ ᠢᠳᠡᠭᠡᠨ ᠤᠮᠳᠠᠭᠠᠨ ᠢ ᠳᠠᠮᠵᠢᠨ ᠠᠮᠨ  ᠪᠠᠷ ᠣᠷᠤᠭᠠᠳ ᠳᠣᠲᠤᠷ ᠳᠤᠰᠬᠠᠯᠲᠠ ᠡᠭᠦᠰᠭᠡᠬᠦ ᠵᠡᠷᠭᠡ ᠶᠠᠪᠤᠴᠠ ᠶᠢ ᠦᠡᠭᠭᠡᠷᠡᠭᠡᠳᠡᠭ᠃        ᠡᠬᠢᠨ ᠤ ᠬᠤᠭᠤᠴᠠᠭᠠᠨ ᠳᠤ ᠭᠤᠣᠯᠳᠠᠭᠤ ᠤᠲᠤᠭ᠎ᠠ ᠤᠨᠢᠶᠠᠷ ᠲᠠᠬᠢ ᠰᠠᠴᠤᠷᠠᠭᠲᠤ ᠪᠣᠳᠠᠰ ᠢ ᠠᠮᠢᠰᠬᠤᠨ ᠣᠷᠤᠭᠤᠯᠤᠭᠠᠳ ᠳᠣᠲᠤᠷ ᠳᠤᠰᠬᠠᠯᠲᠠ ᠡᠭᠦᠰᠬᠦ ᠪᠠ ᠲᠡᠭᠦᠨ ᠤ ᠳᠣᠲᠤᠷ᠎ᠠ ᠬᠦᠪᠪᠦᠨ ᠲᠡᠭᠳᠡᠵᠦ ᠪᠦᠬᠦᠢ ᠰᠠᠴᠤᠷᠠᠭᠲᠤ ᠪᠣᠳᠠᠰ ᠲᠤ ᠪᠡᠶ᠎ᠡ ᠶᠢᠨ ᠭᠠᠳᠠᠨ᠎ᠠ ᠠᠴᠠ ᠲᠤᠰᠬᠠᠭᠳᠠᠳᠠᠭ᠃ ᠴᠦᠮ᠎ᠡ ᠶᠢᠨ ᠵᠡᠪᠰᠡᠭ ᠤᠨ ᠪᠣᠯ ᠬᠤᠷᠣᠮ ᠵᠠᠭᠤᠷ᠎ᠠ ᠶᠢᠨ ᠰᠠᠴᠤᠷᠠᠭ ᠲᠤᠨᠢ ᠳᠤᠰᠬᠠᠭᠳᠠᠬᠤ ᠵᠢᠴᠢ ᠳᠣᠯᠭᠢᠶᠠᠨ ᠳᠠᠭᠠᠷᠢᠯᠲᠠ᠂ ᠢᠯᠴᠢ ᠰᠠᠴᠤᠷᠠᠭ ᠲᠤᠨᠢ ᠳᠠᠭᠠᠷᠢᠭᠳᠠᠨ ᠰᠢᠷᠬᠠᠲᠤᠬᠤ ᠪᠣᠶᠤ ᠦᠬᠦᠳᠡᠭ᠃ ᠢᠤᠳ᠋ ᠤᠨ ᠬᠠᠭᠠᠰ ᠴᠤᠴᠠᠷᠠᠯᠲᠠ ᠶᠢᠨ ᠬᠤᠭᠤᠴᠠᠭ᠎ᠠ ᠨᠢ ᠣᠬᠤᠷ ᠲᠤᠯᠠᠲᠠ ᠡᠬᠢᠨ ᠤ ᠬᠤᠭᠤᠴᠠᠭᠠᠨ ᠳᠤ ᠲᠡᠭᠦᠨ ᠤ ᠬᠤᠣᠷ ᠨᠦᠯᠦᠭᠡ ᠨᠢ ᠳᠣᠩ ᠶᠡᠭᠡ ᠪᠠᠶᠢᠳᠠᠭ᠃ ᠡᠨᠡ ᠬᠦ ᠬᠤᠭᠤᠴᠠᠭ᠎ᠠ ᠨᠢ ᠬᠡᠳᠦᠨ ᠴᠠᠭ ᠠᠴᠠ ᠬᠡᠳᠦᠨ ᠡᠳᠦᠷ ᠦᠷᠬᠦᠯᠵᠢᠯᠡᠳᠡᠭ᠃        ᠳᠤᠮᠳᠠ ᠬᠤᠭᠤᠴᠠᠭᠠᠨ ᠳᠤ ᠰᠠᠴᠤᠷᠠᠭᠲᠤ ᠤᠲᠤᠭ᠎ᠠ ᠤᠨᠢᠶᠠᠷ ᠨᠢ ᠨᠢᠭᠡᠨᠲᠡ ᠰᠠᠷᠨᠢᠨ ᠵᠠᠮᠬᠠᠷᠠᠭᠠᠳ ᠭᠠᠵᠠᠷ ᠤᠨ ᠭᠠᠳᠠᠷᠭᠤ ᠳᠤ ᠨᠢᠭᠡᠨᠲᠡ ᠲᠤᠨᠤᠭᠰᠠᠨ ᠪᠣᠯᠬᠤᠷ᠂ ᠭᠤᠣᠯᠳᠠᠭᠤ ᠭᠠᠵᠠᠷ ᠤᠨ ᠭᠠᠳᠠᠷᠭᠤ ᠶᠢᠨ ᠲᠤᠨᠤᠮᠠᠯ ᠰᠠᠴᠤᠷᠠᠭᠲᠤ ᠪᠣᠳᠠᠰ ᠲᠤ ᠭᠠᠳᠠᠨ᠎ᠠ ᠠᠴᠠ ᠲᠤᠰᠬᠠᠭᠳᠠᠬᠤ ᠪᠠ ᠳᠠᠬᠢᠨ ᠪᠣᠷᠭᠢᠭᠰᠠᠨ ᠪᠣᠳᠠᠰ ᠢ ᠠᠮᠢᠰᠬᠤᠨ ᠣᠷᠤᠭᠤᠯᠬᠤ ᠵᠢᠴᠢ ᠪᠣᠬᠢᠷᠳᠤᠭᠰᠠᠨ ᠢᠳᠡᠭᠡᠨ ᠤᠮᠳᠠᠭᠠᠨ ᠢᠶᠠᠷ ᠬᠤᠭᠤᠯᠠᠯᠠᠬᠤ ᠪᠠᠷ ᠳᠠᠮᠵᠢᠨ ᠳᠣᠲᠤᠷ᠎ᠠ ᠠᠴᠠ ᠳᠤᠰᠬᠠᠭᠳᠠᠳᠠᠭ᠃ ᠳᠤᠮᠳᠠ ᠬᠤᠭᠤᠴᠠᠭᠠᠨ  ᠳᠤ ᠢᠤᠳ᠋ ᠤᠨ ᠬᠤᠣᠷ ᠨᠦᠯᠦᠭᠡ ᠮᠦᠨ ᠬᠦ ᠪᠠᠶᠢᠳᠠᠭ᠃        ᠰᠡᠭᠦᠯᠴᠢ ᠶᠢᠨ ᠬᠤᠭᠤᠴᠠᠭᠠᠨ ᠳᠤ ᠭᠤᠣᠯᠳᠠᠭᠤ ᠪᠣᠬᠢᠷᠳᠤᠭᠰᠠᠨ ᠢᠳᠡᠭᠡᠨ ᠤᠮᠳᠠᠭᠠᠨ ᠠᠴᠠ ᠳᠣᠲᠤᠷ ᠳᠤᠰᠬᠠᠯᠲᠠ ᠡᠭᠦᠰᠴᠤ ᠮᠡᠳᠡᠨ᠎ᠡ᠃ ᠡᠨᠡ ᠨᠢ ᠭᠤᠣᠯᠳᠠᠭᠤ ᠬᠠᠭᠠᠰ ᠴᠤᠴᠠᠷᠠᠯᠲᠠ ᠶᠢᠨ ᠬᠤᠭᠤᠴᠠᠭ᠎ᠠ ᠨᠢ ᠬᠡᠳᠦᠨ ᠠᠷᠪᠠᠨ ᠵᠢᠯ ᠤᠨ ᠰᠲᠷᠣᠠᠲ -90 ︵ 90 Sr︶᠂ ᠼᠧᠽᠢ -137 ︵ 137 Cs︶ ᠪᠣᠯᠣᠨ ᠤᠷᠲᠤ ᠨᠠᠰᠤᠲᠤ ᠦᠷᠠᠨ ᠪᠣᠯᠣᠨ ᠫᠯᠦ᠋ᠲ᠋ᠤᠨ ︵Pu︶ ᠪᠠᠶᠢᠳᠠᠭ᠃ ᠡᠶᠢᠮᠦ ᠠᠴᠠ ᠰᠡᠭᠦᠯᠴᠢ ᠶᠢᠨ ᠬᠤᠭᠤᠴᠠᠭᠠᠨ ᠤ ᠬᠤᠣᠷ ᠬᠦᠨᠦᠭᠡᠯ ᠤᠨ ᠬᠢᠨᠢ ᠦᠷᠬᠦᠯᠵᠢᠯᠡᠬᠦ ᠴᠠᠭ ᠨᠢ ᠮᠠᠰᠢ ᠤᠷᠲᠤ ᠪᠠᠶᠢᠳᠠᠭ᠃ ᠶᠠᠫᠤᠨ ᠤ ᠡᠾᠢᠷᠤᠱᠢᠮᠨ ᠪᠣᠯᠣᠨ ᠨᠠᠭᠠᠰᠠᠺᠢ ᠶᠢᠨ ᠠᠲ᠋ᠤᠮ ᠤᠨ ᠪᠦᠮᠪᠦᠭᠡᠨ ᠤ ᠳᠡᠯᠪᠡᠷᠡᠯᠲᠡ ᠶᠢᠨ ᠰᠡᠭᠦᠯᠴᠢ ᠶᠢᠨ ᠬᠤᠭᠤᠴᠠᠭᠠᠨ ᠤ ᠦᠢᠰᠭᠡᠯ ᠨᠢ ᠣᠳᠣ ᠪᠣᠯᠲᠠᠯ᠎ᠠ ᠴᠤ ᠭᠡᠳ ᠬᠠᠷᠠᠬᠠᠨ ᠳᠠᠭᠤᠰᠤᠭᠠᠳᠤᠢ ᠪᠢᠯᠨ᠃        ︵5︶ ᠬᠦᠮᠦᠨ ᠤ ᠪᠡᠶ᠎ᠡ ᠶᠢᠨ ᠰᠠᠴᠤᠷᠠᠭ ᠤᠨ ᠭᠡᠮᠲᠦᠯ ᠤᠨ ᠨᠠᠷᠢᠨ ᠪᠣᠳᠤᠯᠢᠶᠠᠨᠲᠤ ᠴᠢᠨᠠᠷ        ᠬᠦᠮᠦᠨ ᠤ ᠪᠡᠶ᠎ᠡ ᠬᠡᠷᠪᠡ ᠵᠣᠬᠢᠬᠤ ᠬᠤᠮᠵᠢᠮ ᠤᠨ ᠰᠠᠴᠤᠷᠠᠭ ᠲᠤ ᠳᠤᠰᠬᠠᠭᠳᠠᠪᠠᠯ᠂ ᠰᠠᠴᠤᠷᠠᠭ ᠨᠢ ᠰᠢᠭᠤᠳ ᠪᠣᠶᠤ ᠳᠠᠮ ᠦᠢᠯᠡᠴᠢᠯᠡᠯ ᠢᠶᠠᠷ ᠢᠶᠠᠨ ᠳᠠᠮᠵᠢᠭᠤᠯᠤᠨ ᠠᠮᠢᠲᠤ ᠪᠣᠳᠠᠰ ᠤᠨ ᠲᠤᠮᠤ ᠮᠣᠯᠧᠺᠦ᠋ᠯ DNA᠂ ᠤᠭᠤᠷᠠᠭ ᠵᠡᠷᠭᠡ ᠶᠢᠨ ᠴᠢᠳᠠᠪᠤᠷᠢ ᠶᠢ ᠡᠪᠳᠡᠯᠡᠨ ᠡᠰ ᠢ ᠭᠡᠮᠲᠦᠭᠡᠵᠦ᠂ ᠡᠭᠦᠨ ᠤ ᠤᠯᠠᠮ ᠠᠴᠠ ᠡᠷᠬᠡᠲᠡᠨ ᠤ ᠴᠢᠳᠠᠪᠤᠷᠢ ᠶᠢ ᠡᠮᠬᠢ ᠵᠠᠮᠪᠠᠷᠠᠭ᠎ᠠ ᠦᠭᠡᠢ ᠪᠣᠯᠭᠠᠨ ᠰᠢᠨ᠎ᠡ ᠬᠠᠭᠤᠴᠢᠨ ᠤ ᠰᠣᠯᠢᠯᠴᠠᠭ᠎ᠠ ᠳᠤ ᠬᠠᠷᠰᠢ ᠰᠠᠭᠠᠳ ᠭᠠᠷᠬᠤ ᠵᠡᠷᠭᠡ ᠡᠪᠡᠳᠴᠢᠨ ᠡᠮᠬᠡᠭ ᠣᠯᠤᠭᠤᠯᠳᠠᠭ᠃        ᠴᠧᠷᠨᠣᠪᠢᠯ ᠤᠨ ᠴᠦᠮ᠎ᠡ ᠶᠢᠨ ᠭᠡᠨᠡᠳᠲᠡ ᠶᠢᠨ ᠬᠡᠷᠡᠭ ᠤᠨ ᠬᠤᠯᠪᠤᠭᠳᠠᠯ ᠪᠦᠬᠦᠢ ᠮᠠᠲ᠋ᠧᠷᠢᠶᠠᠯ ᠠᠴᠠ ᠦᠵᠡᠪᠡᠯ᠂ ᠴᠦᠮ᠎ᠡ ᠶᠢᠨ ᠭᠡᠨᠡᠳᠲᠡ ᠶᠢᠨ ᠬᠡᠷᠡᠭ ᠨᠢ ᠪᠧᠷᠯᠤᠰ ︵ᠴᠠᠭᠠᠨ ᠣᠷᠣᠰ︶ ᠤᠨ ᠰᠠᠭᠤᠭᠠᠯᠢ ᠠᠷᠠᠳ ᠤᠨ ᠡᠷᠡᠭᠦᠯ ᠮᠡᠨᠳᠤ ᠳᠤ ᠠᠯᠢ ᠣᠯᠠᠨ ᠮᠠᠭᠤ ᠨᠦᠯᠦᠭᠡ ᠭᠠᠷᠭᠠᠭᠰᠠᠨ ᠪᠠᠶᠢᠯ᠎ᠠ᠃ ᠴᠦᠮ᠎ᠡ ᠶᠢᠨ ᠭᠡᠨᠡᠳᠲᠡ ᠶᠢᠨ ᠬᠡᠷᠡᠭ ᠭᠠᠷᠤᠭᠰᠠᠨ ᠤ ᠳᠠᠷᠠᠭᠠᠬᠢ 17 ᠵᠢᠯ ᠤᠨ ᠲᠤᠷᠰᠢ ᠵᠢᠷᠦᠬᠡ ᠰᠤᠳᠠᠯ ᠤᠨ ᠰᠢᠰᠲ᠋ᠧᠮ ᠤᠨ ᠡᠪᠡᠳᠴᠢᠨ᠂ ᠶᠠᠰᠤ ᠪᠣᠯᠣᠨ ᠰᠢᠩᠭᠡᠭᠡᠯᠳᠡ ᠶᠢᠨ ᠰᠢᠰᠲ᠋ᠧᠮ ᠶᠢᠨ ᠰᠢᠰᠲ᠋ᠧᠮ ᠤᠨ ᠡᠪᠡᠳᠴᠢᠨ ᠢᠯᠡᠷᠬᠡᠢ ᠨᠡᠮᠡᠭᠳᠡᠭᠰᠡᠨ ᠪᠠᠶᠢᠨ᠎ᠠ᠃ ᠡᠭᠦᠨ ᠤ ᠳᠤᠲᠤᠷ᠎ᠠ ᠵᠢᠷᠦᠬᠡ ᠰᠤᠳᠠᠯ ᠤᠨ ᠡᠪᠡᠳᠴᠢᠨ ᠤ ᠦᠬᠦᠯᠲᠡ ᠶᠢᠨ ᠨᠣᠷᠮ᠎ᠠ ᠨᠢ ᠬᠠᠮᠤᠭ ᠦᠨᠳᠦᠷ  ᠲᠡᠭᠡᠨ 312.4% ᠬᠦᠷᠦᠭᠰᠡᠨ ᠪᠠᠶᠢᠪᠠ᠃ ᠵᠠᠷᠢᠮ ᠡᠪᠡᠳᠴᠢᠨ ᠤ ᠡᠭᠦᠰᠬᠦ ᠨᠣᠷᠮ᠎ᠠ ᠵᠢᠱᠢᠶᠡᠯᠡᠪᠡᠯ ᠶᠡᠭᠡ ᠬᠦᠮᠦᠨ ᠪᠣᠯᠣᠨ ᠬᠡᠤᠬᠡᠳ ᠤᠨ ᠪᠠᠮᠪᠠᠢ ᠪᠣᠯᠴᠢᠷᠬᠠᠢ ᠶᠢᠨ ᠰᠢᠰᠲ᠋ᠧᠮ᠂ ᠠᠮᠢᠰᠬᠤᠯ ᠤᠨ ᠰᠢᠰᠲ᠋ᠧᠮ ᠪᠣᠯᠣᠨ ᠮᠡᠳᠡᠷᠡᠯ ᠣᠶᠤᠨ ᠰᠠᠨᠠᠭᠠᠨ ᠤ ᠰᠢᠰᠲ᠋ᠧᠮ ᠵᠡᠷᠭᠡ ᠲᠠᠯ᠎ᠠ ᠪᠠᠷ ᠬᠢ ᠡᠪᠡᠳᠴᠢᠨ ᠡᠮᠬᠡᠭ ᠨᠢ ᠨᠡᠮᠡᠭᠳᠡᠬᠦ ᠬᠠᠨᠳᠤᠰᠢ ᠲᠠᠢ ᠪᠣᠯᠵᠦ᠂ ᠢᠯᠠᠩᠭᠤᠶ᠎ᠠ ᠬᠡᠤᠬᠡᠳ ᠤᠨ ᠪᠠᠮᠪᠠᠢ ᠪᠣᠯᠴᠢᠷᠬᠠᠢ ᠶᠢᠨ ᠬᠠᠪᠤᠳᠠᠷ ᠤᠨ ᠡᠪᠡᠳᠴᠢᠨ ᠡᠭᠦᠰᠬᠦ ᠨᠣᠷᠮ᠎ᠠ ᠨᠢ ᠪᠦᠷᠢᠳᠬᠡᠯ ᠤᠨ ᠤᠬᠠᠭᠠᠨ ᠤ ᠤᠳᠬ᠎ᠠ ᠠᠭᠤᠯᠭ᠎ᠠ ᠪᠦᠬᠦᠢ ᠢᠯᠡᠷᠬᠡᠢ ᠨᠡᠮᠡᠭᠳᠡᠭᠰᠡᠨ ᠪᠠᠶᠢᠨ᠎ᠠ᠃ ᠬᠦᠨᠳᠤ ᠨᠣᠴᠢᠲᠠᠢ ᠪᠣᠬᠢᠷᠳᠤᠭᠰᠠᠨ ᠭᠧᠮᠢᠷ ᠪᠣᠯᠣᠨ ᠮᠠᠵᠮᠦᠹ ᠵᠸᠤ ᠳᠤ ᠪᠣᠰᠣᠳ ᠬᠤᠣᠷᠲᠤ ᠬᠠᠪᠤᠳᠠᠷ ᠵᠢᠱᠢᠶᠡᠯᠡᠪᠡᠯ ᠠᠭᠤᠰᠬᠢᠨ ᠦᠮᠡᠨ᠂ ᠪᠦᠭᠡᠷ᠎ᠡ ᠶᠢᠨ ᠦᠮᠡᠨ᠂ ᠡᠮᠡᠭᠲᠠᠶᠢᠴᠤᠳ ᠤᠨ ᠬᠦᠬᠦᠨ ᠪᠣᠯᠴᠢᠷᠬᠠᠢ ᠶᠢᠨ ᠦᠮᠡᠨ ᠤ ᠡᠭᠦᠰᠦᠯᠲᠡ ᠶᠢᠨ ᠨᠣᠷᠮ᠎ᠠ ᠨᠢ ᠵᠢᠯ ᠳᠠᠷᠠᠭᠠᠯᠠᠨ ᠳᠡᠭᠡᠭᠰᠢᠯᠡᠬᠦ ᠬᠠᠨᠳᠤᠰᠢ ᠲᠠᠢ ᠪᠣᠯᠵᠦ ᠬᠡᠤᠬᠡᠳ ᠤᠨ ᠪᠦᠭᠡᠷ᠎ᠡ ᠶᠢᠨ ᠦᠮᠡᠨ᠂ ᠴᠢᠰᠤ ᠴᠠᠶᠢᠬᠤ ᠡᠪᠡᠳᠴᠢᠨ ᠡᠭᠦᠰᠬᠦ ᠨᠣᠷᠮ᠎ᠡ ᠨᠢ ᠴᠤ ᠪᠠᠰᠨ ᠨᠡᠮᠡᠭᠳᠡᠬᠦ ᠬᠠᠨᠳᠤᠰᠢ ᠲᠠᠢ ᠪᠣᠯᠵᠠᠢ᠃ ᠲᠡᠭᠦᠨ ᠤ ᠬᠤᠵᠢᠭᠤ ᠦᠢᠰᠭᠡᠯ ᠢ ᠨᠢ ᠮᠦᠨ ᠬᠦ ᠠᠵᠢᠨ ᠬᠡᠮᠵᠢᠭᠰᠡᠭᠡᠷ ᠪᠣᠢ᠃ ᠬᠤᠯᠪᠤᠭᠳᠠᠯ ᠪᠦᠬᠦᠢ ᠲᠤᠰᠬᠠᠢ ᠮᠡᠷᠭᠡᠵᠢᠯᠲᠡᠳ ᠤᠨ ᠵᠢᠱᠢᠨ ᠲᠦᠰᠦᠭᠡᠯᠡᠬᠦ ᠪᠠᠷ ᠪᠣᠯ ᠴᠧᠷᠨᠣᠪᠢᠯ ᠤᠨ ᠴᠦᠮ᠎ᠡ ᠶᠢᠨ ᠭᠡᠨᠡᠳᠲᠡ ᠶᠢᠨ ᠬᠡᠷᠡᠭ ᠤᠨ ᠬᠦᠮᠦᠨ ᠲᠦᠷᠦᠯᠬᠢᠲᠡᠨ ᠳᠠᠬᠢ ᠮᠠᠭᠤ ᠨᠦᠯᠦᠭᠡ ᠨᠢ ᠮᠦᠨ ᠬᠦ ᠮᠠᠰᠢ ᠤᠷᠲᠤ ᠴᠠᠭ ᠬᠤᠭᠤᠴᠠᠭ᠎ᠠ ᠦᠷᠬᠦᠯᠵᠢᠯᠡᠬᠦ ᠪᠣᠯᠣᠨ᠎ᠠ᠃        ᠶᠠᠫᠤᠨ ᠤ ᠮᠠᠲ᠋ᠧᠷᠢᠶᠠᠯ ᠳᠤ ᠮᠡᠳᠡᠭᠡᠯᠡᠭᠰᠡᠨ ᠢ ᠦᠨᠳᠦᠰᠦᠯᠡᠪᠡᠯ᠂ ᠡᠾᠢᠷᠤᠱᠢᠮᠨ ᠪᠣᠯᠣᠨ ᠨᠠᠭᠠᠰᠠᠺᠢ ᠶᠢᠨ ᠠᠲ᠋ᠤᠮ ᠤᠨ ᠪᠦᠮᠪᠦᠭᠡᠨ ᠤ ᠳᠡᠯᠪᠡᠷᠡᠯᠲᠡ ᠳᠤ ᠵᠣᠯ ᠢᠶᠠᠷ ᠦᠯᠡᠳᠡᠭᠰᠡᠡᠳ ᠤᠨ ᠬᠠᠮᠤᠭ ᠤᠨ ᠴᠢᠬᠤᠯᠨ ᠬᠤᠵᠢᠭᠤ ᠦᠢᠰᠭᠡᠯ ᠪᠣᠯ ᠳᠠᠷᠤᠢ ᠵᠠᠷᠢᠮ ᠨᠢᠭᠡ ᠲᠦᠷᠦᠯ ᠤᠨ ᠦᠮᠡᠨ ᠢᠯᠠᠩᠭᠤᠶ᠎ᠠ ᠴᠢᠰᠤ ᠴᠠᠶᠢᠬᠤ ᠡᠪᠡᠳᠴᠢᠨ᠂ ᠬᠦᠬᠦᠨ ᠪᠣᠯᠴᠢᠷᠬᠠᠢ ᠶᠢᠨ ᠦᠮᠡᠨ ᠪᠣᠯᠣᠨ ᠪᠠᠮᠪᠠᠢ ᠪᠣᠯᠴᠢᠷᠬᠠᠢ ᠶᠢᠨ ᠦᠮᠡᠨ ᠪᠠᠰᠨ ᠴᠦᠬᠡᠨ ᠬᠡᠮᠵᠢᠶᠡᠨ ᠤ ᠯᠢᠮᠹ ᠤᠨ ᠬᠠᠪᠤᠳᠠᠷ᠂ ᠬᠦᠳᠡᠯᠬᠦ ᠴᠢᠨᠠᠷᠲᠠᠢ ᠴᠢᠮᠦᠭᠡᠨ ᠬᠠᠪᠤᠳᠠᠷ ᠪᠣᠯᠣᠨ ᠰᠠᠯᠪᠤᠷᠢ ᠮᠦᠬᠡᠷᠰᠦᠨ ᠬᠤᠭᠤᠯᠠᠢ ᠶᠢᠨ ᠦᠮᠡᠨ ᠡᠭᠦᠰᠬᠦ ᠨᠢ ᠨᠡᠮᠡᠭᠳᠡᠬᠦ ᠶᠠᠪᠤᠳᠠᠯ ᠪᠣᠯᠣᠨ᠎ᠠ᠃        ︵6︶ ᠰᠠᠴᠤᠷᠠᠭᠲᠤ ᠪᠣᠬᠢᠷᠳᠤᠯ ᠤᠨ ᠣᠷᠴᠢᠨ ᠠᠬᠤᠢ ᠳᠠᠬᠢ ᠨᠦᠯᠦᠭᠡ        ᠴᠦᠮ᠎ᠡ ᠶᠢᠨ ᠴᠠᠬᠢᠯᠭᠠᠨ ᠦᠷᠲᠡᠭᠡ ᠵᠡᠷᠭᠡ ᠲᠣᠮᠦ ᠬᠡᠯᠪᠡᠷᠢ ᠶᠢᠨ ᠴᠦᠮ᠎ᠡ ᠶᠢᠨ ᠲᠦᠬᠦᠭᠡᠷᠦᠮᠵᠢ ᠭᠡᠨᠡᠳᠡᠯ ᠭᠠᠷᠪᠠᠯ ᠣᠷᠴᠢᠨ ᠲᠣᠭᠤᠷᠢᠨ ᠢ ᠪᠣᠬᠢᠷᠲᠤᠭᠤᠯᠬᠤ  ᠨᠢ ᠬᠠᠮᠤᠭ ᠠᠴᠠ ᠬᠦᠨᠳᠤ ᠨᠣᠴᠢᠲᠠᠢ ᠪᠠᠶᠢᠵᠦ ᠠᠯᠳᠠᠭᠳᠠᠨ ᠭᠠᠷᠤᠭᠰᠠᠨ ᠰᠠᠴᠤᠷᠠᠭᠲᠤ ᠪᠣᠳᠠᠰ ᠨᠢ ᠣᠷᠴᠢᠨ ᠲᠣᠭᠤᠷᠢᠨ ᠢ ᠨᠡᠯᠦᠩᠬᠡᠢ ᠮᠦᠷᠲᠡᠭᠡᠨ ᠠᠳᠠᠯᠢ ᠪᠤᠰᠤ ᠬᠡᠮᠵᠢᠶ᠎ᠡ ᠪᠠᠷ ᠪᠣᠬᠢᠷᠳᠤᠭᠤᠯᠳᠠᠭ ᠪᠠᠶᠢᠨ᠎ᠠ᠃ ᠭᠤᠣᠯᠳᠠᠭᠤ ᠢᠤᠳ᠋᠂ ᠼᠧᠽᠢ᠂ ᠰᠲᠷᠣᠠᠲ ᠵᠡᠷᠭᠡ ᠪᠠᠶᠢᠳᠠᠭ᠃ ᠴᠧᠷᠨᠣᠪᠢᠯ ᠤᠨ ᠴᠦᠮ᠎ᠡ ᠶᠢᠨ ᠴᠠᠬᠢᠯᠭᠠᠨ ᠦᠷᠲᠡᠭᠡᠨ  ᠠᠴᠠ ᠠᠯᠳᠠᠭᠳᠠᠭᠰᠠᠨ ᠰᠠᠴᠤᠷᠠᠭᠲᠤ ᠬᠡᠢ ᠪᠤᠯᠤᠨ ᠴᠠᠪᠠᠤᠯᠢᠭ ᠬᠡᠢ ᠨᠢ ᠣᠷᠴᠢᠨ ᠲᠣᠭᠤᠷᠢᠨ ᠳᠤ ᠲᠠᠷᠬᠠᠭᠠᠳ᠂ ᠡᠯ᠎ᠡ ᠵᠦᠢᠯ ᠤᠨ ᠰᠠᠴᠤᠷᠠᠭᠲᠤ ᠴᠦᠮᠡᠲᠤ ᠳᠣᠲᠤᠷᠠᠬᠢ ᠰᠲᠷᠣᠠᠲ᠂ ᠫᠯᠦ᠋ᠲ᠋ᠤᠨ ᠵᠢᠴᠢ ᠦᠷᠠᠨ ᠠᠴᠠ ᠶᠡᠭᠡ ᠡᠯᠧᠮᠧᠨ᠋ᠲ ᠤᠳ ᠤᠨ ᠵᠣᠩᠬᠢᠯᠠᠬᠤ ᠨᠢ ᠴᠦᠮ ᠭᠡᠨᠡᠳᠡᠯ ᠤᠨ ᠵᠤᠤᠬᠠᠨ ᠤ ᠡᠷᠭᠢᠨ ᠲᠣᠭᠤᠷᠢᠨ ᠳᠠᠬᠢ 30 ᠺᠢᠯᠦᠮᠧᠲᠷ ᠤᠨ ᠬᠡᠪᠴᠢᠶᠡᠨ ᠳᠤ ᠪᠠᠭᠤᠭᠰᠠᠨ ᠪᠠᠶᠢᠪᠠ᠃ ᠢᠤᠳ᠋ ᠪᠣᠯᠣᠨ ᠼᠧᠽᠢ ᠵᠡᠷᠭᠡ ᠳᠡᠭᠳᠡᠮᠡᠬᠡᠢ ᠴᠢᠨᠠᠷ ᠲᠠᠢ ᠴᠦᠮᠡᠲᠤ ᠨᠢ ᠤᠲᠤᠭ᠎ᠠ ᠤᠨᠢᠶᠠᠷ ᠢ ᠨᠢ ᠲᠠᠭᠠᠨ ᠰᠠᠯᠬᠢᠨ ᠳᠤ ᠬᠡᠶᠢᠰᠦᠭᠡᠳ 200 ᠺᠢᠯᠦᠮᠧᠲᠷ ᠪᠣᠯᠣᠨ 500 ᠺᠢᠯᠦᠮᠧᠲᠷ ᠤᠨ ᠬᠤᠶᠡᠷ ᠵᠣᠷᠪᠤᠰ ᠪᠣᠬᠢᠷᠳᠤᠯ ᠤᠨ ᠪᠦᠰᠨ ᠪᠣᠯᠤᠭᠰᠠᠨ ᠪᠠᠶᠢᠪᠠ᠃ ᠪᠤᠷᠤᠭᠠᠨ ᠣᠷᠣᠬᠤ  ᠨᠢ ᠲᠡᠭᠰᠢ ᠦᠭᠡᠢ ᠪᠣᠯ ᠪᠣᠬᠢᠷᠳᠤᠯ ᠤᠨ ᠣᠷᠣᠨ ᠨᠢ ᠪᠠᠰᠨ ᠲᠡᠭᠰᠢ ᠦᠭᠡᠢ ᠪᠣᠯᠳᠠᠭ᠃        ᠴᠧᠷᠨᠣᠪᠢᠯ ᠤᠨ ᠴᠦᠮ᠎ᠡ ᠶᠢᠨ ᠴᠠᠬᠢᠯᠭᠠᠨ ᠦᠷᠲᠡᠭᠡᠨ ᠤ ᠭᠡᠨᠡᠳᠡᠯ ᠤᠨ ᠡᠷᠭᠢᠨ ᠲᠣᠭᠤᠷᠢᠨ ᠳᠠᠬᠢ ᠠᠮᠢᠲᠠᠨ ᠤᠷᠭᠤᠮᠠᠯ ᠤᠨ ᠪᠣᠳᠠᠭᠠᠯᠢ ᠪᠡᠶ᠎ᠡ ᠪᠠ ᠲᠦᠷᠰᠤ ᠶᠢᠨ ᠠᠶᠢᠮᠠᠭ ᠲᠤ ᠭᠡᠮᠲᠦᠯ ᠭᠠᠷᠤᠭᠰᠠᠨ ᠪᠠᠶᠢᠯ᠎ᠠ᠃ ᠭᠡᠨᠡᠳᠡᠯ ᠭᠠᠷᠤᠭᠰᠠᠨ ᠤ ᠳᠠᠷᠠᠭᠠᠬᠢ ᠬᠤᠶᠡᠷ ᠭᠠᠷᠠᠭ ᠤᠨ ᠳᠣᠲᠤᠷ᠎ᠠ ᠤᠷᠪᠠᠯ ᠤᠨ ᠵᠤᠤᠬ᠎ᠠ ᠪᠠᠷ ᠭᠤᠣᠯ ᠪᠣᠯᠭᠠᠭᠰᠠᠨ 50-60km 2 ᠤᠨ ᠨᠢᠭᠡᠳᠦᠭᠡᠷ ᠴᠠᠭᠠᠷᠢᠭ ᠪᠦᠰᠡ ᠶᠢᠨ ᠲᠤᠰᠬᠠᠯᠲᠠ ᠨᠢ ᠪᠠᠷᠤᠭᠴᠠᠭᠠᠪᠠᠯ 800~1000Gy ᠶᠢ ᠬᠡᠳᠦᠷᠡᠬᠦ ᠪᠦᠭᠡᠳ ᠨᠠᠷᠠᠰᠤᠨ ᠮᠣᠳᠤᠳ ᠦᠬᠦᠬᠦ ᠰᠢᠬᠠᠭᠠᠳ ᠨᠠᠪᠴᠢ ᠵᠤᠯᠭᠠᠬᠤ ᠲᠣᠷᠤᠭ ᠮᠣᠳᠣᠳ ᠴᠤ ᠨᠢᠭᠡ ᠪᠦᠯᠦᠭ ᠨᠢ ᠭᠡᠮᠲᠦᠭᠰᠡᠨ ᠪᠠᠶᠢᠯ᠎ᠠ᠃ ᠬᠤᠶᠠᠳᠤᠭᠠᠷ ᠴᠠᠭᠠᠷᠢᠭ ᠪᠦᠰᠨ ᠨᠢ ᠶᠡᠭᠡ ᠲᠦᠯᠦᠪ 300km 2 ᠪᠠᠶᠢᠵᠦ ᠪᠠᠷᠤᠭᠴᠠᠭᠠᠭᠰᠠᠨ ᠬᠤᠮᠵᠢᠮ ᠨᠢ 8~10Gy ᠶᠢ ᠬᠡᠳᠦᠷᠡᠬᠦ ᠪᠦᠭᠡᠳ ᠨᠠᠷᠠᠰᠤᠨ ᠮᠣᠳᠤᠳ ᠤᠨ ᠰᠢᠨ᠎ᠡ ᠮᠦᠴᠢᠷ ᠤᠨ ᠦᠵᠦᠭᠦᠷ ᠨᠢ ᠪᠦᠷ ᠬᠤᠪᠠᠭ᠋ᠠᠶᠢᠷᠠᠭᠰᠠᠨ ᠪᠠ ᠰᠢᠯᠮᠤᠤᠰᠲᠤ ᠨᠠᠪᠴᠢ ᠪᠣᠯᠣᠨ ᠨᠠᠪᠴᠢᠨ ᠤ ᠨᠠᠬᠢᠶ᠎ᠠ ᠨᠢ ᠭᠡᠮᠲᠦᠭᠰᠡᠨ ᠪᠠᠶᠢᠪᠠ᠃ ᠨᠠᠪᠴᠢ ᠵᠤᠯᠭᠠᠬᠤ ᠲᠣᠷᠤᠭ ᠮᠣᠳᠣᠳ ᠴᠤ ᠵᠠᠷᠢᠮ ᠵᠦᠢᠯ ᠤᠨ ᠳᠦᠷᠢ ᠪᠠᠶᠢᠳᠠᠯ ᠤᠨ ᠬᠤᠪᠢᠷᠠᠯᠲᠠ ᠭᠠᠷᠤᠭᠰᠠᠨ ᠪᠠᠶᠢᠪᠠ᠃ ᠭᠤᠷᠪᠠᠳᠤᠭᠠᠷ ᠴᠠᠭᠠᠷᠢᠭ ᠪᠦᠰᠨ ᠨᠢ 12000km 2 ᠪᠠᠶᠢᠵᠦ᠂ ᠨᠠᠪᠴᠢ ᠵᠤᠯᠭᠠᠬᠤ ᠲᠣᠷᠤᠭ ᠮᠣᠳᠣᠳ ᠤᠨ ᠬᠦᠷᠲᠡᠭᠰᠡᠨ ᠪᠠᠷᠤᠭᠴᠠᠭᠠᠭᠰᠠᠨ ᠬᠤᠮᠵᠢᠮ ᠨᠢ 3.5~4Gy ᠪᠠᠶᠢᠵᠦ ᠵᠢᠭᠠᠬᠠᠨ ᠨᠦᠯᠦᠭᠡ ᠪᠣᠯᠤᠭᠰᠠᠨ ᠪᠠᠶᠢᠪᠠ᠃ 1986~1987 ᠣᠨ ᠤ ᠬᠤᠭᠤᠷᠣᠨᠳᠤ 30 ᠺᠢᠯᠦᠮᠧᠲᠷ ᠤᠨ ᠬᠡᠪᠴᠢᠶᠡᠨ ᠳᠠᠬᠢ ᠣᠢ ᠰᠢᠭᠤᠢ ᠶᠢᠨ ᠵᠢᠵᠢᠭ ᠦᠶᠡᠲᠤ ᠬᠦᠯᠲᠡᠳ ᠤᠨ ᠲᠦᠷᠦᠯ ᠤᠨ ᠲᠤᠭ᠎ᠠ ᠨᠢ ᠢᠯᠡᠷᠬᠡᠢ ᠪᠠᠭᠠᠰᠴᠤ᠂ ᠬᠦᠷᠦᠰᠦ ᠰᠢᠷᠤᠢ ᠶᠢᠨ ᠵᠢᠵᠢᠭ ᠦᠶᠡᠲᠤ ᠬᠦᠯᠲᠡᠳ ᠪᠣᠯᠣᠨ ᠶᠡᠭᠡ ᠰᠢᠭ ᠰᠡᠭᠡᠷᠭᠦ᠋ᠢᠲᠡᠳ ᠲᠠᠬᠢ ᠨᠦᠯᠦᠭᠡ ᠨᠢ ᠬᠠᠷᠢᠨ ᠲᠡᠶᠢᠮᠦ ᠢᠯᠡᠷᠬᠡᠢ ᠪᠢᠰᠢ ᠪᠠᠶᠢᠪᠠ᠃ ᠲᠡᠭᠦᠨ ᠠᠴᠠ ᠬᠤᠶᠢᠰᠢᠬᠢ 2 ᠵᠢᠯ ᠠᠴᠠ 2 ᠵᠢᠯ ᠬᠠᠭᠠᠰ ᠤᠨ ᠳᠣᠲᠤᠷ᠎ᠠ ᠠᠮᠢᠳᠤ ᠪᠣᠳᠠᠰ ᠤᠨ ᠲᠦᠷᠦᠯ ᠵᠦᠢᠯ ᠨᠢ ᠰᠡᠷᠭᠦᠵᠠᠢ᠃ ᠴᠧᠷᠨᠣᠪᠢᠯ ᠤᠨ ᠴᠦᠮ᠎ᠡ ᠶᠢᠨ ᠴᠠᠬᠢᠯᠭᠠᠨ ᠦᠷᠲᠡᠭᠡᠨ ᠤ ᠭᠡᠨᠡᠳᠡᠯ ᠠᠴᠠ ᠨᠠᠰᠢ ᠶᠠᠮᠠᠷ ᠨᠢᠭᠡᠨ ᠠᠮᠢᠳᠤ ᠪᠣᠳᠠᠰ ᠤᠨ ᠲᠦᠷᠦᠯ ᠨᠢ ᠳᠤᠰᠬᠠᠯᠲᠠ ᠬᠦᠷᠲᠡᠭᠰᠡᠨ ᠠᠴᠠ ᠪᠣᠯᠵᠦ ᠦᠨᠳᠦᠰᠤ ᠲᠠᠰᠤᠷᠠᠭᠰᠠᠨ ᠮᠡᠳᠡᠭᠡᠯᠡᠯ ᠶᠡᠷᠦᠩᠬᠡᠢ ᠳᠡᠭᠡᠨ ᠪᠠᠶᠢᠬᠤ ᠦᠭᠡᠢ᠂ ᠡᠳᠡᠭᠡᠷ ᠨᠢ ᠡᠬᠢᠯᠡᠬᠦ ᠦᠶ᠎ᠡ ᠶᠢᠨ ᠲᠦᠷᠭᠡᠨ ᠴᠢᠨᠠᠷᠲᠤ ᠱᠠᠲᠤ ᠦᠶ᠎ᠡ ᠠᠴᠠ ᠪᠠᠨ ᠰᠡᠷᠭᠦᠭᠡᠳ ᠲᠡᠷᠡᠴᠢᠯᠡᠨ ᠤᠷᠲᠤ ᠬᠤᠭᠤᠴᠠᠭᠠᠨ ᠤ ᠤᠳᠠᠭᠠᠨ ᠳᠤᠰᠬᠠᠯᠲᠠ ᠶᠢᠨ ᠳᠣᠣᠷ᠎ᠠ ᠦᠷᠬᠦᠯᠵᠢᠯᠡᠨ ᠣᠷᠤᠰᠢᠨ ᠠᠮᠢᠳᠤᠷᠠᠬᠤ ᠪᠣᠯᠤᠨ᠎ᠠ᠃        ︵7︶ ᠰᠠᠴᠤᠷᠠᠭ ᠤᠨ ᠨᠡᠶᠢᠭᠡᠮ ᠨᠡᠶᠢᠲᠡ ᠳᠠᠬᠢ ᠰᠡᠳᠬᠢᠯ ᠰᠠᠨᠠᠭᠠᠨ ᠤ ᠨᠦᠯᠦᠭᠡ        ᠶᠠᠫᠤᠨ ᠤ ᠡᠾᠢᠷᠤᠱᠢᠮᠨ ᠪᠣᠯᠣᠨ ᠨᠠᠭᠠᠰᠠᠺᠢ ᠶᠢᠨ ᠠᠲ᠋ᠤᠮ ᠤᠨ ᠪᠦᠮᠪᠦᠭᠡᠨ ᠤ ᠳᠡᠯᠪᠡᠷᠡᠯᠲᠡ᠂ ᠠᠮᠧᠷᠢᠺᠠ ᠤᠯᠤᠰ ᠤᠨ ᠭᠤᠷᠪᠠᠨ ᠮᠢᠯ ᠤᠨ ᠠᠷᠠᠯ ᠪᠣᠯᠣᠨ ᠤᠤᠯ ᠤᠨ ᠵᠦᠪᠯᠡᠯᠲᠤ ᠶᠢᠨ ᠴᠧᠷᠨᠣᠪᠢᠯ ᠤᠨ ᠴᠦᠮ᠎ᠡ ᠶᠢᠨ ᠭᠡᠨᠡᠳᠡᠯ ᠨᠢ ᠬᠦᠮᠦᠰ ᠢ ᠴᠦᠮ᠎ᠡ ᠶᠢᠨ ᠭᠡᠨᠡᠳᠲᠡ ᠶᠢᠨ ᠬᠡᠷᠡᠭ ᠠᠴᠠ ᠨᠡᠩ ᠶᠡᠭᠡ ᠡᠮᠢᠶᠡᠬᠦ ᠪᠣᠯᠭᠠᠭᠰᠠᠨ ᠪᠠᠶᠢᠨ᠎ᠠ᠃ ᠴᠦᠮ᠎ᠡ ᠶᠢᠨ ᠭᠡᠨᠡᠳᠲᠡ ᠶᠢᠨ ᠬᠡᠷᠡᠭ ᠤᠨ ᠡᠭᠦᠰᠭᠡᠬᠦ ᠣᠯᠠᠨ ᠨᠡᠶᠢᠲᠡ ᠶᠢᠨ ᠨᠡᠶᠢᠭᠡᠮ ᠤᠨ ᠰᠡᠳᠬᠢᠯ ᠰᠠᠨᠠᠭᠠᠨ ᠤ ᠨᠦᠯᠦᠭᠡ ᠪᠣᠯᠣᠨ ᠦᠢᠰᠭᠡᠯ ᠨᠢ ᠮᠠᠰᠢ ᠢᠯᠡᠷᠬᠡᠢ ᠭᠡᠳᠡᠭ ᠢ ᠦᠢᠯᠡᠳᠦᠯᠭᠡ ᠭᠡᠷᠡᠴᠢᠯᠡᠭᠰᠡᠨ ᠪᠠᠶᠢᠨ᠎ᠠ᠃ ᠲᠡᠷᠨ ᠨᠢ ᠰᠡᠳᠬᠢᠯ ᠰᠠᠨᠠᠭ᠎ᠠ ᠶᠢ ᠰᠠᠮᠠᠭᠤᠷᠠᠭᠤᠯᠬᠤ᠂ ᠪᠠᠴᠢᠮᠲᠠᠨ ᠰᠠᠨᠳᠤᠷᠬᠤ᠂ ᠳᠠᠷᠤᠭᠠᠰᠤ ᠣᠯᠬᠤ᠂ ᠰᠠᠨᠠᠭ᠎ᠠ ᠵᠣᠪᠠᠭ᠋ᠤ᠂ ᠠᠶᠤᠨ ᠡᠮᠢᠶᠡᠬᠦ ᠪᠠ ᠤᠷᠲᠤ ᠬᠤᠭᠤᠴᠠᠭ᠎ᠠ ᠪᠠᠷ ᠤᠵᠢᠭ ᠴᠢᠨᠠᠷᠲᠠᠢ ᠰᠡᠳᠬᠢᠯ ᠰᠠᠨᠠᠭᠠᠨ ᠤ ᠲᠤᠯᠭᠠᠮ᠎ᠠ ᠠᠷᠭᠠᠴᠠᠯ ᠳᠤ ᠣᠷᠣᠬᠤ ᠢᠯᠡᠷᠡᠯ ᠭᠠᠷᠴᠤ᠂ ᠪᠡᠶ᠎ᠡ ᠰᠡᠳᠬᠢᠯ ᠤᠨ ᠡᠷᠡᠭᠦᠯ ᠮᠡᠨᠳᠤ ᠶᠢ ᠨᠦᠯᠦᠭᠡᠯᠡᠬᠦ ᠮᠦᠷᠲᠡᠭᠡᠨ ᠬᠡᠪ ᠤᠨ ᠨᠡᠶᠢᠭᠡᠮ ᠤᠨ ᠠᠮᠢᠳᠤᠷᠠᠯ ᠦᠢᠯᠡᠳᠪᠦᠷᠢᠯᠡᠯ ᠤᠨ ᠡᠮᠬᠢ ᠵᠢᠷᠦᠮ ᠢ ᠰᠠᠮᠠᠭᠤᠷᠠᠭᠤᠯᠤᠨ᠂ ᠬᠦᠨᠳᠤ ᠨᠣᠴᠢᠲᠠᠢ ᠤᠯᠤᠰ ᠲᠦᠷᠤ ᠶᠢᠨ ᠨᠦᠯᠦᠭᠡ ᠪᠣᠯᠣᠨ ᠠᠵᠦ ᠠᠬᠤᠢ ᠶᠢᠨ ᠬᠤᠬᠢᠷᠠᠯ ᠢ ᠪᠣᠢ ᠪᠣᠯᠭᠠᠳᠠᠭ᠃ ᠡᠶᠢᠮᠦ ᠠᠴᠠ ᠰᠠᠴᠤᠷᠠᠭ ᠤᠨ ᠨᠡᠶᠢᠭᠡᠮ ᠨᠡᠶᠢᠲᠡ ᠳᠠᠬᠢ ᠰᠡᠳᠬᠢᠯ ᠰᠠᠨᠠᠭᠠᠨ ᠤ ᠨᠦᠯᠦᠭᠡ ᠨᠢ ᠰᠠᠴᠤᠷᠠᠭ ᠤᠨ ᠬᠤᠣᠷ ᠬᠦᠨᠦᠭᠡᠯ ᠪᠣᠯᠣᠨ ᠰᠦᠢᠳᠦᠯ ᠠᠴᠠ ᠨᠢ ᠴᠤ ᠶᠡᠭᠡ ᠪᠠᠶᠢᠳᠠᠭ᠃        ᠦᠡᠭᠭᠡᠷᠡᠭᠰᠡᠨ ᠤ ᠴᠦᠮ᠎ᠡ ᠶᠢᠨ ᠳᠠᠶᠢᠨ ᠪᠣᠶᠤ ᠴᠦᠮ᠎ᠡ ᠶᠢᠨ ᠭᠡᠨᠡᠳᠡᠯ ᠤᠨ ᠪᠣᠬᠢᠷᠳᠤᠯ ᠤᠨ ᠲᠠᠯᠠᠪᠠᠢ ᠨᠢ ᠶᠡᠭᠡ᠂ ᠬᠦᠮᠦᠨ ᠦᠬᠦᠵᠦ ᠰᠢᠷᠠᠭᠲᠤᠭᠰᠠᠨ ᠨᠢ ᠠᠷᠪᠢᠨ ᠮᠦᠷᠲᠡᠭᠡᠨ ᠡᠷᠡᠭᠦᠯ ᠮᠡᠨᠳᠤ ᠪᠠ ᠠᠮᠢ ᠨᠠᠰᠤᠨ ᠳᠤ ᠤᠳᠠᠭᠠᠨ ᠴᠢᠨᠠᠷᠲᠠᠢ ᠰᠦᠷᠳᠡᠭᠦᠯᠦᠯ ᠪᠤᠯᠤᠭᠰᠠᠨ︔ ᠴᠦᠮ᠎ᠡ ᠶᠢᠨ ᠭᠡᠨᠡᠳᠡᠯ ᠨᠢ ᠡᠵᠡᠮᠳᠡᠬᠦ ᠶᠢᠨ ᠠᠷᠭ᠎ᠠ ᠦᠭᠡᠢ ᠪᠠ ᠭᠠᠢ ᠭᠠᠮᠰᠢᠭᠲᠤ ᠴᠢᠨᠠᠷ ᠲᠠᠢ︔ ᠳᠤᠩᠰᠢᠭᠤᠯᠬᠤ ᠰᠠᠴᠤᠷᠠᠭ ᠨᠢ ᠦᠵᠡᠭᠳᠡᠵᠦ ᠪᠠᠷᠢᠭᠳᠠᠬᠤ ᠦᠭᠡᠢ ᠪᠣᠯᠬᠤᠷ ᠬᠦᠮᠦᠰ ᠤᠬᠠᠭᠠᠨ ᠢ ᠨᠢ ᠲᠠᠭᠠᠵᠦ ᠣᠯᠬᠤ ᠳᠤ ᠪᠡᠷᠬᠡᠲᠡᠢ︔ ᠰᠠᠴᠤᠷᠠᠭ ᠨᠢ ᠳᠤᠰᠬᠠᠭᠳᠠᠭᠰᠠᠨ ᠬᠦᠮᠦᠰ ᠲᠤ ᠣᠶᠢᠷ᠎ᠠ ᠶᠢᠨ ᠭᠡᠮᠲᠦᠯ ᠭᠠᠷᠭᠠᠬᠤ ᠪᠠᠷ ᠪᠠᠷᠠᠬᠤ ᠦᠭᠡᠢ ᠪᠠᠰᠨ ᠬᠤᠵᠢᠭᠤ ᠪᠣᠶᠤ ᠬᠤᠯᠨ ᠶᠢᠨ ᠦᠢᠰᠭᠡᠯ ᠡᠭᠦᠰᠭᠡᠵᠦ᠂ ᠲᠡᠳᠡᠭᠡᠷ ᠨᠢ ᠬᠠᠷᠢᠨ ᠠᠶᠤᠮᠰᠢᠭᠲᠤ ᠦᠮᠡᠨ ᠪᠢᠰᠢ ᠪᠣᠯ ᠬᠤᠶᠢᠴᠢ ᠦᠶ᠎ᠡ ᠳᠠᠬᠢ ᠤᠳᠤᠮᠰᠢᠯ ᠤᠨ ᠦᠢᠰᠭᠡᠯ ᠪᠠᠶᠢᠳᠠᠭ ᠵᠡᠷᠭᠡ ᠠᠴᠠ ᠪᠤᠯᠵᠤ ᠣᠯᠠᠨ ᠨᠡᠶᠢᠲᠡ ᠶᠢᠨ ᠰᠡᠳᠬᠢᠯ ᠰᠠᠨᠠᠭᠠᠨ ᠳᠤ ᠦᠵᠡᠭᠦᠯᠬᠦ ᠨᠦ᠋ᠯᠦᠭᠡ ᠨᠢ ᠣᠯᠠᠨ ᠲᠠᠯ᠎ᠠ ᠶᠢᠨ ᠪᠦᠭᠡᠳ ᠮᠠᠰᠢ ᠶᠡᠭᠡ ᠪᠣᠳᠤᠯᠢᠶᠠᠨᠲᠠᠢ ᠪᠠᠶᠢᠳᠠᠭ᠃ ᠭᠡᠶ᠎ᠡ ᠭᠤᠣᠯ ᠨᠢ ᠬᠠᠰᠢᠯᠨ ᠨᠡᠭᠦᠯᠭᠡᠬᠦ᠂ ᠢᠳᠡᠭᠡᠨ ᠤᠮᠳᠠᠭᠠᠨ ᠤ ᠬᠠᠨᠭ᠍ᠭᠠᠯᠲᠠ ᠶᠢ ᠬᠤᠪᠢᠷᠠᠭᠤᠯᠬᠤ᠂ ᠡᠯ᠎ᠡ ᠵᠦᠢᠯ ᠤᠨ ᠠᠵᠢᠯᠯᠠᠭᠠᠨ ᠢ ᠬᠢᠵᠠᠭᠠᠷᠯᠠᠬᠤ ᠵᠡᠷᠭᠡ ᠠᠷᠭ᠎ᠠ ᠠᠪᠴᠠᠯ ᠢ ᠪᠠᠭᠲᠠᠭᠠᠭᠰᠠᠨ ᠨᠡᠶᠢᠭᠡᠮ ᠤᠨ ᠰᠢᠯᠲᠠᠭᠠᠨ ᠪᠠᠶᠢᠵᠦ᠂ ᠦᠵᠡᠭᠦᠯᠬᠦ ᠨᠦᠯᠦᠭᠡ ᠶᠢᠨ ᠶᠡᠭᠡ ᠪᠠᠭ᠎ᠠ ᠨᠢ ᠨᠡᠯᠢᠶᠡᠳ ᠶᠡᠭᠡ ᠬᠡᠮᠵᠢᠶᠡᠨ ᠳᠤ ᠬᠤᠪᠢ ᠬᠦᠮᠦᠨ ᠤ ᠮᠡᠳᠡᠯᠭᠡ ᠪᠣᠯᠣᠨ ᠣᠷᠮ᠎ᠡ ᠵᠣᠷᠢᠭ  ᠠᠴᠠ ᠲᠣᠭᠲᠠᠭᠠᠭᠳᠠᠳᠠᠭ᠃ ᠰᠠᠴᠤᠷᠠᠭ ᠢ ᠰᠠᠶᠢᠨ ᠲᠠᠨᠢᠵᠦ ᠮᠡᠳᠡᠬᠦ ᠦᠭᠡᠢ ᠬᠦᠮᠦᠨ ᠪᠣᠯ ᠲᠡᠭᠦᠨ ᠤ ᠬᠤᠣᠷ ᠬᠦᠨᠦᠭᠡᠯ ᠢ ᠵᠦᠪ ᠣᠨᠣᠪᠴᠢᠲᠠᠢ ᠪᠠᠷ ᠪᠠᠷᠤᠭᠴᠠᠭᠠᠵᠦ ᠴᠢᠳᠠᠬᠤ ᠦᠭᠡᠢ᠃ ᠬᠠᠷᠢᠨ ᠬᠡᠵᠢᠶᠡᠳᠡ ᠵᠦᠪᠬᠡᠨ ᠵᠠᠭᠤᠴᠢᠯᠠᠭᠤᠷ ᠪᠣᠯᠣᠨ ᠠᠮᠠᠨ ᠶᠠᠷᠢᠶ᠎ᠠ ᠪᠠᠷ ᠤᠯᠠᠮᠵᠢᠯᠠᠭᠳᠠᠭᠰᠠᠨ ᠰᠤᠷᠠᠭ ᠴᠢᠮᠡᠭᠡ ᠪᠠᠷ ᠮᠠᠭᠠᠳᠯᠠᠯᠲᠠ ᠬᠢᠵᠦ᠂ ᠦᠷᠭᠡᠨ ᠳᠡᠯᠭᠡᠷ ᠮᠦᠷᠲᠡᠭᠡᠨ ᠬᠠᠷᠢᠯᠴᠠᠨ ᠵᠦᠷᠢᠴᠡᠯᠳᠦᠭᠰᠡᠨ ᠰᠤᠷᠠᠭ ᠴᠢᠮᠡᠭᠡ ᠨᠢ ᠤᠯᠠᠮ ᠢᠯᠡᠭᠦᠦ ᠪᠠᠴᠢᠮᠳᠠᠭᠤᠯᠤᠨ ᠰᠠᠨᠳᠤᠷᠭᠠᠳᠠᠭ᠃ ᠲᠡᠳᠡᠭᠡᠷ ᠪᠦᠷᠢᠨ ᠪᠤᠰᠤ ᠰᠤᠷᠠᠭ ᠴᠢᠮᠡᠭᠡ ᠨᠢ ᠵᠠᠷᠢᠮ ᠳᠠᠭᠠᠨ ᠴᠢᠨᠠᠭᠰᠢᠯᠠᠪᠠᠯ ᠦᠨᠡᠨ ᠪᠣᠳᠠᠲᠤ ᠪᠠᠶᠢᠳᠠᠯ ᠢ ᠬᠦᠨᠳᠤ ᠨᠣᠴᠢᠲᠠᠢ ᠭᠠᠵᠢᠭᠤᠳᠠᠭᠤᠯᠤᠭᠰᠠᠨ ᠴᠤ ᠪᠠᠶᠢᠵᠦ᠂ ᠡᠭᠦᠨ ᠤ ᠤᠯᠠᠮ ᠠᠴᠠ ᠣᠯᠠᠨ ᠨᠡᠶᠢᠲᠡ ᠶᠢᠨ ᠰᠡᠳᠬᠢᠯ ᠰᠠᠨᠠᠭᠠᠨ ᠤ ᠲᠠᠯ᠎ᠠ ᠪᠠᠷ ᠬᠢ ᠲᠤᠰᠬᠠᠯ ᠢ ᠴᠢᠩᠭᠠᠳᠬᠠᠳᠠᠭ ᠪᠠᠶᠢᠨ᠎ᠠ᠃        ᠨᠡᠶᠢᠭᠡᠮ ᠤᠨ ᠰᠡᠳᠬᠢᠯ ᠰᠠᠨᠠᠭᠠᠨ ᠤ ᠲᠠᠯ᠎ᠠ ᠪᠠᠷ ᠬᠢ ᠬᠦᠨᠳᠤ ᠨᠣᠴᠢᠲᠠᠢ ᠮᠠᠭᠤ ᠨᠦᠯᠦᠭᠡ ᠶᠢᠨ ᠬᠦᠮᠦᠨ ᠤ ᠪᠡᠶ᠎ᠡ ᠶᠢᠨ ᠡᠷᠡᠭᠦᠯ ᠮᠡᠨᠳᠤ ᠳᠤ ᠦᠵᠡᠭᠦᠯᠬᠦ ᠬᠤᠣᠷ ᠬᠦᠨᠦᠭᠡᠯ ᠨᠢ᠂ ᠰᠠᠴᠤᠷᠠᠭ ᠤᠨ ᠨᠦᠯᠦᠭᠡ ᠪᠣᠯᠣᠨ ᠬᠤᠣᠷ ᠬᠦᠨᠦᠭᠡᠯ ᠠᠴᠠ ᠨᠢ ᠬᠤᠯᠨ ᠶᠡᠭᠡ ᠪᠠᠶᠢᠳᠠᠭ᠃ ᠴᠧᠷᠨᠣᠪᠢᠯ ᠤᠨ ᠴᠦᠮ᠎ᠡ ᠶᠢᠨ ᠭᠡᠨᠡᠳᠡᠯ ᠭᠠᠷᠤᠭᠰᠠᠨ ᠤ ᠳᠠᠷᠠᠭ᠎ᠠ ᠠᠳᠠᠯᠢ ᠪᠤᠰᠤ ᠪᠣᠬᠢᠷᠳᠤᠯ ᠤᠨ ᠣᠷᠣᠨ ᠳᠠᠬᠢ ᠰᠠᠭᠤᠭᠠᠯᠢ ᠠᠷᠠᠳ ᠨᠢ ᠲᠣᠯᠤᠭᠠᠢ ᠡᠪᠡᠳᠬᠦ᠂ ᠨᠢᠳᠤ ᠡᠷᠢᠶᠡᠯᠵᠢᠨ ᠲᠣᠯᠤᠭᠠᠢ ᠡᠷᠭᠢᠬᠦ᠂ ᠨᠦᠢᠷ ᠬᠤᠯᠵᠢᠬᠤ᠂ ᠰᠡᠳᠬᠢᠯ ᠰᠠᠨᠠᠭ᠎ᠠ ᠲᠦᠪᠯᠡᠷᠡᠬᠦ ᠦᠭᠡᠢ᠂ ᠣᠢ ᠪᠢᠯᠢᠭ ︵ᠴᠡᠭᠡᠵᠢᠯᠡᠬᠦ ᠴᠢᠳᠠᠪᠤᠷᠢ︶ ᠮᠠᠭᠤᠲᠠᠬᠤ ᠵᠡᠷᠭᠡ ᠡᠪᠡᠳᠴᠢᠨ ᠤ ᠢᠯᠡᠷᠡᠯ ᠢ ᠭᠤᠣᠯᠴᠢᠯᠠᠨ ᠲᠤᠭᠠᠴᠢᠵᠦ ᠪᠠᠶᠢᠪᠠ᠃ ᠶᠡᠭᠡ ᠪᠣᠬᠢᠷᠳᠤᠭᠰᠠᠨ ᠣᠷᠣᠨ ᠳᠠᠬᠢ ᠰᠠᠭᠤᠭᠠᠯᠢ ᠠᠷᠠᠳ ᠤᠨ ᠪᠡᠶ᠎ᠡ ᠰᠡᠳᠬᠢᠯ ᠤᠨ ᠡᠷᠡᠭᠦᠯ ᠮᠡᠨᠳᠤ ᠶᠢᠨ ᠠᠰᠠᠭᠤᠳᠠᠯ ᠴᠤ ᠬᠦᠡᠭᠭᠡᠨ ᠪᠣᠬᠢᠷᠳᠤᠯ ᠤᠨ ᠣᠷᠣᠨ ᠳᠠᠬᠢ ᠰᠠᠭᠤᠭᠠᠯᠢ ᠠᠷᠠᠳ ᠠᠴᠠ ᠢᠯᠡᠭᠦᠦ ᠪᠦᠭᠡᠳ ᠳᠠᠷᠤᠭᠠᠰᠤ ᠣᠯᠬᠤ᠂ ᠰᠠᠨᠠᠭ᠎ᠠ ᠵᠣᠪᠠᠭ᠋ᠤ ᠪᠠ ᠣᠶᠤᠨ ᠰᠠᠨᠠᠭ᠎ᠠ ᠮᠡᠳᠡᠷᠡᠯ ᠤᠨ ᠡᠪᠡᠳᠴᠢᠨ ᠵᠡᠷᠭᠡ ᠶᠢᠨ ᠡᠭᠦᠰᠦᠯᠲᠡ ᠶᠢᠨ ᠨᠣᠷᠮ᠎ᠡ ᠨᠢ ᠨᠡᠮᠡᠭᠳᠡᠭᠰᠡᠨ ᠪᠠᠶᠢᠪᠠ᠃ ᠭᠡᠪᠡᠴᠤ ᠡᠨᠡ ᠨᠢ ᠬᠦᠷᠲᠡᠭᠰᠡᠨ ᠬᠤᠮᠵᠢᠮ ᠤᠨ ᠬᠡᠮᠵᠢᠶ᠎ᠡ ᠲᠠᠢ ᠰᠢᠭᠤᠳ ᠬᠤᠯᠪᠤᠭ᠎ᠠ ᠲᠠᠢ ᠪᠠᠶᠢᠳᠠᠯ ᠢ ᠠᠵᠢᠨ ᠣᠯᠤᠭᠰᠠᠨ ᠦᠭᠡᠢ᠃        ᠰᠠᠴᠤᠷᠠᠭ ᠤᠨ ᠭᠡᠨᠡᠳᠡᠯ ᠪᠣᠶᠤ ᠴᠦᠮ᠎ᠡ ᠶᠢᠨ ᠰᠦᠷᠳᠡᠭᠦᠯᠦᠯ ᠤᠨ ᠬᠡᠷᠡᠭ ᠶᠠᠪᠤᠳᠠᠯ ᠴᠤ ᠭᠡᠳ ᠮᠦᠨ ᠠᠳᠠᠯᠢᠬᠠᠨ ᠬᠦᠨᠳᠤ ᠨᠣᠴᠢᠲᠠᠢ ᠨᠡᠶᠢᠭᠡᠮ ᠤᠨ ᠰᠠᠳᠬᠢᠯ ᠰᠠᠨᠠᠭᠠᠨ ᠤ ᠦᠢᠰᠭᠡᠯ ᠭᠠᠷᠭᠠᠬᠤ ᠪᠠ ᠬᠦᠨᠳᠤ ᠨᠣᠴᠢᠲᠠᠢ ᠮᠠᠭᠤ ᠤᠷᠰᠢᠭ ᠲᠠᠲᠠᠳᠠᠭ᠃ ᠰᠦᠷᠳᠡᠭᠦᠯᠦᠭᠴᠢᠳ ᠬᠡᠷᠪᠡ ︽ᠪᠣᠵᠠᠷ ᠪᠦᠮᠪᠦᠭᠡ︾ ᠶᠢ ᠬᠡᠷᠡᠭᠯᠡᠪᠡᠯ ᠲᠡᠭᠦᠨ ᠤ ᠳᠡᠯᠪᠡᠷᠡᠯᠲᠡ ᠶᠢᠨ ᠳᠣᠯᠭᠢᠶᠠᠨ ᠳᠠᠭᠠᠷᠢᠯᠲᠠ᠂ ᠬᠡᠮᠬᠡᠷᠬᠡᠢ ᠵᠣᠮᠤᠭᠤᠯ ᠤᠳ ᠨᠢ ᠬᠦᠮᠦᠨ ᠢ ᠰᠢᠷᠠᠭᠲᠤᠭᠤᠯᠬᠤ ᠶᠢ ᠪᠡᠶ᠎ᠡ ᠶᠢᠨ ᠳᠣᠲᠤᠷ᠎ᠠ ᠰᠠᠴᠤᠷᠠᠭᠲᠤ ᠪᠣᠬᠢᠷᠳᠤᠯ ᠪᠣᠢ ᠪᠣᠯᠭᠠᠯ᠎ᠠ ᠭᠡᠵᠦ ᠠᠳᠡᠭᠦᠷᠡᠳᠡᠭ ᠠᠴᠠ ᠬᠦᠮᠦᠰ ᠤᠨ ᠰᠡᠳᠬᠢᠯ ᠰᠠᠨᠠᠭᠠᠨ ᠤ ᠳᠠᠷᠤᠭᠠᠰᠤ ᠶᠢ ᠬᠦᠨᠲᠦᠷᠡᠭᠦᠯᠳᠡᠭ᠃ ᠪᠠᠰᠨ ᠵᠠᠷᠢᠮ ᠨᠢ ︽ᠪᠣᠵᠠᠷ ᠪᠦᠮᠪᠦᠭᠡ︾ ᠶᠢᠨ ᠳᠡᠯᠪᠡᠷᠡᠯᠲᠡ ᠶᠢ ᠴᠦᠮ᠎ᠡ ᠶᠢᠨ ᠳᠡᠯᠪᠡᠷᠡᠯᠲᠡ ᠲᠠᠢ ᠬᠤᠳᠬᠤᠯᠳᠤᠭᠤᠯᠵᠦ᠂ ᠰᠡᠳᠬᠢᠯ ᠰᠠᠨᠠᠭᠠᠨ ᠳᠤᠨᠢ ᠯᠤᠲᠤ ᠶᠡᠭᠡ ᠡᠮᠢᠶᠡᠯ ᠭᠡᠯᠮᠡᠭᠳᠡᠯ ᠪᠣᠢ ᠪᠣᠯᠳᠠᠭ᠃ ᠬᠡᠷᠪᠡ ᠵᠠᠷᠢᠮ ᠬᠦᠮᠦᠰ ᠤᠨ ᠳᠣᠲᠤᠷ᠎ᠠ ᠲᠣᠯᠤᠭᠠᠢ ᠡᠷᠭᠢᠬᠦ᠂ ᠪᠡᠶ᠎ᠡ ᠶᠠᠳᠠᠩᠭᠤᠶᠢᠷᠠᠬᠤ᠂ ᠳᠣᠲᠤᠷ ᠭᠤᠪᠢᠬᠤ᠂ ᠣᠭᠰᠢᠭᠤᠯᠬᠤ ᠵᠡᠷᠭᠡ ᠲᠦᠷᠭᠡᠨ ᠴᠢᠨᠠᠷᠲᠠᠢ ᠰᠠᠴᠤᠷᠠᠭ ᠤᠨ ᠡᠪᠡᠳᠴᠢᠨ ᠤ ᠠᠩᠬᠠᠨ ᠤ ᠢᠯᠡᠷᠡᠯ ᠲᠠᠢ ᠲᠦᠰᠦᠭᠡᠲᠠᠢ ᠢᠯᠡᠷᠡᠯ ᠭᠠᠷᠪᠠᠯ᠂ ᠵᠠᠷᠢᠮ ᠨᠢ ᠰᠠᠴᠤᠷᠠᠭ ᠲᠤ ᠳᠤᠰᠬᠠᠭᠳᠠᠭᠰᠠᠨ ᠴᠤ ᠦᠭᠡᠢ ᠪᠣᠶᠤ ᠡᠰᠡᠭᠦᠯ᠎ᠡ ᠵᠠᠷᠢᠮ ᠨᠢ ᠳᠤᠰᠬᠠᠯᠲᠠ ᠶᠢᠨ ᠬᠤᠮᠵᠢᠮ ᠶᠡᠭᠡ ᠪᠢᠰᠢ ᠪᠠᠶᠢᠯ᠎ᠠ ᠴᠤ ᠭᠡᠳ ᠪᠦᠬᠦ᠋ᠢᠯᠨ ᠣᠯᠠᠨ ᠨᠡᠶᠢᠲᠡ ᠪᠠᠷ ᠢᠶᠠᠨ ᠠᠶᠤᠨ ᠰᠠᠨᠳᠤᠷᠴᠤ ᠰᠡᠳᠬᠢᠯ ᠰᠠᠨᠠᠭᠠᠨ ᠳᠤᠨᠢ ᠯᠤᠲᠤ ᠶᠡᠭᠡ ᠨᠦᠯᠦᠭᠡ ᠪᠣᠯᠳᠠᠭ᠃ ︽ᠪᠣᠵᠠᠷ ᠪᠦᠮᠪᠦᠭᠡ︾ ᠬᠡᠷᠪᠡ ᠰᠠᠭᠤᠭᠠᠯᠢ ᠠᠷᠠᠳ ᠤᠨ ᠲᠣᠭᠤᠷᠢᠭ ᠲᠤ ᠳᠡᠯᠪᠡᠷᠡᠪᠡᠯ ᠪᠣᠬᠢᠷᠳᠤᠯ ᠤᠨ ᠬᠡᠮᠵᠢᠶ᠎ᠡ ᠪᠣᠯᠣᠨ ᠵᠠᠭᠠᠭ ᠢ ᠨᠢ ᠲᠣᠭᠲᠠᠭᠠᠬᠤ ᠳᠤ ᠪᠡᠷᠬᠡ ᠲᠠᠢ ᠪᠣᠯᠬᠤᠷ ᠬᠦᠮᠦᠰ ᠤᠨ ᠳᠣᠲᠤᠷ᠎ᠠ ᠦᠪᠡᠷ ᠤᠨ ᠬᠤᠪᠢ ᠵᠠᠶᠠᠭᠠᠨ ᠳᠠᠭᠠᠨ ᠭᠤᠮᠤᠳᠠᠵᠦ ᠡᠷᠡᠭᠡᠯᠵᠡᠬᠦ᠂ ᠠᠶᠤᠨ ᠬᠡᠯᠮᠡᠭᠳᠡᠬᠦ᠂ ᠰᠡᠳᠬᠢᠯ ᠰᠠᠨᠠᠭ᠎ᠠ ᠵᠣᠪᠠᠨᠢᠬᠤ᠂ ᠰᠡᠳᠬᠢᠯ ᠤᠨ ᠳᠠᠷᠤᠭᠠᠰᠤ ᠣᠯᠬᠤ ᠵᠡᠷᠭᠡ ᠡᠯᠳᠡᠪ ᠤᠨ ᠰᠡᠳᠬᠢᠯ ᠰᠠᠨᠠᠭᠠᠨ ᠤ ᠢᠯᠡᠷᠡᠯ ᠭᠠᠷᠴᠤ ᠴᠢᠨᠠᠭᠰᠢᠯᠠᠨ ᠣᠯᠠᠨ ᠨᠡᠶᠢᠲᠡ ᠶᠢᠨ ᠳᠤᠮᠲᠠ ᠲᠠᠷᠬᠠᠨ ᠳᠡᠯᠭᠡᠷᠡᠭᠡᠳ ᠡᠴᠤᠰ ᠲᠡᠭᠡᠨ ᠡᠪᠡᠳᠴᠢᠨ ᠡᠮᠬᠡᠭ ᠪᠣᠯᠳᠠᠭ᠃ ᠡᠳᠡᠭᠡᠷ ᠪᠠᠶᠢᠳᠠᠯ ᠤᠳ ᠪᠣᠯ ᠰᠠᠴᠤᠷᠠᠭ ᠤᠨ ᠦᠢᠰᠭᠡᠯ ᠵᠡᠷᠭᠡ ᠶᠢᠨ ᠬᠤᠯᠪᠤᠭᠳᠠᠯ ᠪᠦᠬᠦᠢ ᠮᠡᠳᠡᠯᠭᠡ ᠬᠤᠮᠰᠠᠲᠠᠭᠰᠠᠨ ᠪᠠ ᠲᠡᠭᠦᠨ ᠤ ᠬᠤᠣᠷ ᠬᠦᠨᠦᠭᠡᠯ ᠢ ᠵᠦᠪ ᠣᠨᠣᠪᠴᠢᠲᠠᠢ ᠪᠠᠷ ᠦᠨᠡᠯᠡᠵᠦ ᠴᠢᠳᠠᠬᠤ ᠦᠭᠡᠢ ᠳᠡᠭᠡᠷ᠎ᠡ ᠰᠠᠴᠤᠷᠠᠭᠲᠤ ᠠᠴᠠ ᠠᠶᠤᠨ ᠡᠮᠢᠶᠡᠬᠦ ᠠᠴᠠ ᠪᠣᠯᠤᠭᠰᠠᠨ ᠦᠷ᠎ᠡ ᠤᠷᠰᠢᠭ ᠲᠤᠯᠠᠲᠠ ᠠᠨᠠᠭᠠᠬᠤ ᠤᠬᠠᠭᠠᠨ ᠤ ᠠᠢ ᠬᠦᠷᠢᠶᠡᠨ ᠠᠴᠠ ᠬᠡᠲᠦᠷᠡᠳᠡᠭ᠃        ᠴᠦᠮ᠎ᠡ ᠶᠢᠨ ᠭᠡᠨᠡᠳᠡᠯ ᠨᠢ ᠪᠠᠰᠨ ᠬᠦᠮᠦᠰ ᠤᠨ ᠡᠳᠦᠷ ᠳᠣᠲᠤᠮ ᠤᠨ ᠠᠮᠢᠳᠤᠷᠠᠯ ᠦᠢᠯᠡᠳᠪᠦᠷᠢᠯᠡᠯ ᠤᠨ ᠬᠡᠪ ᠤᠨ ᠪᠠᠶᠢᠳᠠᠯ ᠢ ᠠᠯᠳᠠᠭᠤᠯᠵᠦ᠂ ᠤᠯᠤᠰ ᠲᠦᠷᠤ ᠪᠠ ᠠᠵᠦ ᠠᠬᠤᠢ ᠶᠢᠨ ᠲᠠᠯ᠎ᠠ ᠪᠠᠷ ᠴᠤ ᠪᠠᠰᠨ ᠬᠦᠨᠳᠤ ᠨᠣᠴᠢᠲᠠᠢ ᠬᠤᠬᠢᠷᠠᠯ ᠭᠠᠷᠭᠠᠳᠠᠭ᠃ ᠵᠢᠱᠢᠶᠡᠯᠡᠪᠡᠯ ᠠᠮᠧᠷᠢᠺᠠ ᠤᠯᠤᠰ ᠤᠨ ᠭᠤᠷᠪᠠᠨ ᠮᠢᠯ ᠠᠷᠠᠯ ᠤᠨ ᠴᠦᠮ᠎ᠡ  ᠶᠢᠨ ᠭᠡᠨᠡᠳᠡᠯ ᠳᠤ ᠤᠭ ᠲᠠᠭᠠᠨ ᠵᠦᠪᠬᠡᠨ 2500 ᠬᠦᠮᠦᠰ ᠢ ᠨᠡᠭᠦᠯᠭᠡᠬᠦ ᠪᠠᠷ ᠲᠦᠯᠦᠪᠯᠡᠵᠦ ᠪᠠᠶᠢᠵᠠᠢ᠃ ᠭᠡᠪᠡᠴᠤ ᠣᠯᠠᠩᠬᠢ ᠬᠦᠮᠦᠰ ᠳᠡᠷᠡ ᠬᠦ ᠵᠣᠬᠢᠶᠠᠨ ᠪᠠᠶᠢᠭᠤᠯᠤᠯᠲᠠ ᠪᠠ ᠲᠦᠯᠦᠪᠯᠡᠭᠡ ᠶᠢ ᠳᠠᠭᠠᠭᠰᠠᠨ ᠦᠭᠡᠢ ᠦᠪᠡᠷᠰᠡᠳ ᠢᠶᠠᠨ ᠵᠢᠭᠤᠳᠠᠨ ᠲᠤᠲᠠᠭᠠᠭᠰᠠᠭᠠᠷ ᠪᠠᠶᠢᠵᠦ ᠡᠴᠦᠰ ᠲᠡᠭᠡᠨ 1.44 ᠪᠤᠮᠠᠨ ᠬᠦᠮᠦᠨ ᠳᠤ ᠬᠦᠷᠦᠭᠰᠡᠨ ᠪᠠᠶᠢᠯ᠎ᠠ᠃ ᠠᠮᠧᠷᠢᠺᠠ ᠤᠯᠤᠰ ᠤᠨ ᠵᠠᠰᠠᠭ ᠤᠨ ᠭᠠᠵᠠᠷ ᠤᠨ ᠴᠦᠮ᠎ᠡ ᠶᠢᠨ ᠡᠨᠧᠷᠬᠢ ᠶᠢᠨ ᠲᠦᠷᠦ ᠶᠢᠨ ᠪᠣᠳᠤᠯᠭ᠎ᠠ ᠨᠢ ᠣᠯᠠᠨ ᠨᠡᠶᠢᠲᠡ ᠳᠤ ᠢᠲᠡᠭᠡᠯ ᠦᠭᠡᠢ ᠪᠣᠯᠤᠭᠠᠳ ᠴᠦᠮ᠎ᠡ ᠶᠢᠨ ᠴᠠᠬᠢᠯᠭᠠᠨ ᠢ ᠡᠰᠡᠷᠭᠦᠴᠡᠬᠦ ᠬᠦᠮᠦᠰ ᠣᠯᠠᠰᠢᠷᠠᠪᠠ᠃ ᠲᠤᠰ ᠤᠳᠠᠭᠠᠨ ᠤ ᠭᠡᠨᠡᠳᠡᠯ ᠳᠤ ᠴᠦᠮ᠎ᠡ ᠶᠢᠨ ᠤᠷᠪᠠᠯ ᠤᠨ ᠵᠤᠤᠬᠠᠨ ᠤ ᠲᠤᠰ ᠪᠡᠶ᠎ᠡ  ᠶᠢᠨ ᠬᠢᠨᠢ ᠬᠤᠬᠢᠷᠠᠯ ᠪᠠ ᠰᠠᠴᠤᠷᠠᠭᠲᠤ ᠪᠤᠬᠢᠷᠳᠤᠯ ᠢ ᠠᠷᠢᠯᠭᠠᠬᠤ ᠳᠤ 10 ᠳ᠋ᠦᠡᠭᠰᠢᠭᠤᠷ ᠢᠯᠡᠭᠦᠦ ᠠᠮᠧᠷᠢᠺᠠ ᠵᠣᠭᠤᠰ ᠵᠠᠷᠤᠴᠠᠭᠤᠯᠵᠦ᠂ ᠲᠠᠸᠠᠷ ᠤᠨ ᠪᠤᠷᠤᠯᠠᠭᠤᠯᠤᠯᠳᠠ  ᠶᠢᠨ ᠲᠠᠯ᠎ᠠ ᠶᠢᠨ ᠬᠤᠬᠢᠷᠠᠯ ᠨᠢ ᠴᠤ 7400 ᠲᠦᠮᠡᠨ ᠠᠮᠧᠷᠢᠺᠠ ᠵᠣᠭᠤᠰ ᠬᠦᠷᠦᠭᠰᠡᠨ ᠪᠠᠶᠢᠯ᠎ᠠ᠃ ᠴᠧᠷᠨᠣᠪᠢᠯ ᠤᠨ ᠴᠦᠮ᠎ᠡ ᠶᠢᠨ ᠭᠡᠨᠡᠳᠡᠯ ᠤᠨ ᠭᠤᠣᠯ ᠲᠦᠪ ᠭᠠᠵᠠᠷ ᠤᠨ ᠬᠦᠮᠦᠨ ᠠᠮᠨ ᠶᠢᠨ 10% ᠨᠢ ᠦᠪᠡᠷᠲᠡᠭᠡᠨ ᠵᠢᠭᠤᠳᠠᠵᠦ᠂ ᠵᠠᠰᠠᠭ ᠤᠨ ᠭᠠᠵᠠᠷ ᠤᠨ ᠠᠯᠪᠠᠲᠠᠳ ᠪᠣᠯᠣᠨ ᠠᠵᠢᠯᠲᠠᠳ ᠵᠢᠴᠢ ᠪᠠᠭᠰᠢ ᠨᠠᠷ ᠪᠦᠷ ᠡᠩ ᠲᠡᠷᠢᠭᠦᠨ ᠳᠤ ᠲᠤᠲᠠᠭᠠᠬᠤ ᠪᠠᠷ ᠲᠡᠷᠭᠡᠨ ᠪᠢᠯᠧᠲ᠂ ᠨᠢᠰᠭᠡᠯ ᠤᠨ ᠪᠢᠯᠧᠲ ᠢ ᠪᠤᠯᠢᠶᠠᠯᠴᠠᠨ᠂ ᠪᠠᠩᠬᠢ ᠶᠢᠨ ᠵᠣᠭᠤᠰ ᠴᠤ ᠬᠦᠮᠦᠰ ᠤᠨ ᠭᠠᠷᠭᠠᠨ ᠠᠪᠬᠤ ᠶᠢ ᠬᠠᠨᠭ᠍ᠭᠠᠵᠦ ᠬᠦᠴᠦᠷᠡᠬᠦ ᠦᠭᠡᠢ ᠪᠣᠯᠵᠠᠢ᠃ ᠪᠠᠰᠨ ᠵᠠᠷᠢᠮ ᠨᠢ ᠲᠦᠷᠦᠯ ᠰᠠᠳᠤᠨ ᠢᠶᠠᠨ ᠡᠷᠢᠵᠦ ᠲᠦᠰᠢᠬᠦ ᠪᠠᠷ ᠶᠠᠪᠤᠵᠦ᠂ ᠵᠢᠭᠤᠳᠠᠵᠦ ᠴᠢᠲᠠᠬᠤ ᠦᠭᠡᠢ ᠬᠦᠮᠦᠰ ᠤᠳ ᠨᠢ ᠠᠷᠢᠬᠢ ᠤᠤᠭᠤᠨ ᠡᠮ ᠢᠳᠡᠵᠦ᠂ ᠪᠠᠰᠨ ᠵᠠᠷᠢᠮ ᠨᠡᠭᠦᠯᠭᠡᠨ ᠰᠢᠯᠵᠢᠭᠦᠯᠦᠭᠰᠡᠨ ᠬᠦᠮᠦᠰ ᠨᠢ ᠰᠡᠮᠡᠬᠡᠷ ᠳᠠᠬᠢᠨ ᠪᠣᠴᠠᠵᠦ ᠢᠷᠡᠭᠰᠡᠨ ᠴᠤ ᠪᠣᠢ᠃ ᠠᠷᠠᠳ ᠣᠯᠠᠨ ᠵᠠᠰᠠᠭ ᠤᠨ ᠭᠠᠵᠠᠷ ᠪᠠ ᠦᠪᠡᠷ ᠤᠨ ᠤᠯᠤᠰ ᠤᠨ ᠢᠶᠠᠨ ᠰᠢᠨᠵᠢᠯᠡᠬᠦ ᠤᠬᠠᠭᠠᠨᠲᠠᠳ ᠢ ᠢᠲᠡᠭᠡᠬᠦ ᠪᠠᠨ ᠪᠣᠯᠢᠵᠦ᠂ ᠤᠯᠤᠰ ᠲᠦᠷᠦ ᠶᠢᠨ ᠳᠠᠶᠢᠰᠤᠨ ᠨᠢ ᠴᠤ ᠭᠡᠨᠡᠳᠡᠯ ᠤᠨ ᠡᠭᠦᠰᠦᠯᠲᠡ ᠪᠣᠯᠣᠨ ᠰᠢᠢᠳᠪᠦᠷᠢᠯᠡᠬᠦ ᠠᠷᠭ᠎ᠠ ᠠᠪᠴᠠᠯ ᠢ ᠠᠰᠢᠭᠯᠠᠨ ᠵᠠᠰᠠᠭ ᠤᠨ ᠭᠠᠵᠠᠷ ᠢ ᠳᠠᠭᠠᠷᠢᠬᠤ ᠰᠢᠯᠲᠠᠭ ᠪᠣᠯᠭᠠᠵᠦ ᠪᠠᠶᠢᠪᠠ᠃ ᠢᠡᠭᠭᠢᠭᠡᠳ ᠵᠦᠪᠯᠡᠯᠲᠤ ᠳᠤ ᠤᠯᠤᠰ ᠲᠦᠷᠦ ᠶᠢᠨ ᠳᠣᠩᠰᠤᠯᠲᠠ ᠡᠭᠦᠰᠴᠤ᠂ ᠲᠣᠭᠲᠠᠭᠤᠨ ᠦᠭᠡᠢ ᠪᠣᠯᠤᠭᠠᠳ ᠳᠡᠮᠡᠢ ᠤᠳᠠᠯ ᠦᠭᠡᠢ ᠪᠠᠷ ᠪᠦᠷ ᠲᠤᠰᠠᠭᠠᠷ ᠲᠣᠭᠲᠠᠨᠢᠭᠰᠠᠨ ᠪᠠᠶᠢᠨ᠎ᠠ᠃ ᠡᠨᠡ ᠤᠳᠠᠭᠠᠨ ᠤ ᠭᠡᠨᠡᠳᠡᠯ ᠤᠨ ᠠᠵᠦ ᠠᠬᠤᠢ ᠶᠢᠨ ᠬᠤᠬᠢᠷᠠᠯ ᠨᠢ 200 ᠳ᠋ᠦᠡᠭᠰᠢᠭᠤᠷ ᠷᠦᠪᠯᠢ ᠬᠦᠷᠦᠭᠰᠡᠨ ᠪᠠᠶᠢᠪᠠ᠃ ᠡᠭᠦᠨ ᠳᠤ ᠵᠠᠷᠢᠮ ᠬᠦᠷᠰᠢ ᠤᠯᠤᠰ ᠤᠳ ᠨᠢ ᠪᠠᠰᠨ ᠨᠦᠯᠦᠭᠡᠯᠡᠭᠳᠡᠵᠦ᠂ ᠠᠮᠤ ᠪᠤᠳᠠᠭ᠎ᠠ ᠪᠠ ᠢᠳᠡᠭᠡᠨ ᠤᠮᠳᠠᠭᠠᠨ ᠵᠢᠴᠢ ᠡᠮ ᠤᠨ ᠵᠦᠢᠯᠡᠰ ᠢ ᠪᠣᠯᠢᠶᠠᠯᠳᠤᠨ ᠬᠤᠳᠠᠯᠳᠤᠨ ᠠᠪᠴᠤ᠂ ᠢᠤᠳ᠋ ᠤᠨ ᠬᠠᠪᠲᠠᠭᠠᠢ ᠡᠮ ᠪᠣᠯᠣᠨ ᠰᠠᠴᠤᠷᠠᠭ ᠡᠰᠡᠷᠭᠦᠴᠡᠬᠦ ᠡᠮ ᠲᠠᠩ ᠢ ᠰᠣᠬᠤᠷ ᠪᠠᠯᠠᠢ ᠪᠠᠷ ᠬᠡᠷᠡᠭᠯᠡᠨ ᠦᠢᠯᠡᠳᠪᠦᠷᠢᠯᠡᠯ ᠠᠮᠢᠳᠤᠷᠠᠯ ᠨᠢ ᠴᠤ ᠡᠮᠬᠢ ᠲᠢᠭᠯᠢᠮ ᠢᠶᠠᠨ ᠠᠯᠳᠠᠵᠦ᠂ ᠨᠡᠶᠢᠭᠡᠮ ᠨᠡᠶᠢᠲᠡ ᠨᠢ ᠬᠦᠨᠳᠤ ᠨᠣᠴᠢᠲᠠᠢ ᠰᠠᠮᠠᠭᠤᠷᠠᠭᠰᠠᠨ ᠪᠠᠶᠢᠳᠠᠭ᠃        ᠣᠯᠠᠨ ᠨᠡᠶᠢᠲᠡ ᠳᠤ ᠰᠠᠴᠤᠷᠠᠭ ᠪᠠ ᠲᠡᠭᠦᠨ ᠤ ᠦᠢᠰᠭᠡᠯ ᠪᠣᠯᠣᠨ ᠴᠦᠮ᠎ᠡ ᠶᠢᠨ ᠭᠡᠨᠡᠳᠲᠡ ᠶᠢᠨ ᠬᠡᠷᠡᠭ ᠶᠠᠪᠤᠳᠠᠯ ᠤᠨ ᠭᠠᠷᠴᠤ ᠮᠡᠳᠡᠬᠦ ᠦᠨᠳᠦᠰᠤ ᠤᠷᠰᠢᠭ ᠢ ᠵᠦᠪ ᠣᠨᠣᠪᠴᠢᠲᠠᠢ ᠪᠠᠷ ᠣᠶᠢᠯᠠᠭᠠᠭᠤᠯᠬᠤ ᠨᠢ ᠲᠦᠢᠯ ᠤᠨ ᠴᠢᠬᠤᠯᠨ ᠭᠡᠳᠡᠭ ᠢ ᠲᠡᠤᠬᠡ ᠶᠢᠨ ᠲᠤᠷᠰᠢᠯᠭ᠎ᠠ ᠬᠠᠷᠠᠭᠤᠯᠵᠦ ᠪᠠᠶᠢᠨ᠎ᠠ᠃ ᠶᠡᠷᠤ ᠶᠢᠨ ᠴᠠᠭ ᠲᠤ ᠪᠦᠲᠦᠮᠵᠢᠲᠠᠢ ᠠᠷᠭ᠎ᠠ ᠬᠡᠮᠵᠢᠶ᠎ᠡ ᠠᠪᠴᠤ ᠪᠠᠶᠢᠭᠠᠳ ᠣᠯᠠᠨ ᠨᠡᠶᠢᠲᠡ ᠳᠤ ᠴᠦᠮ᠎ᠡ ᠪᠠ ᠰᠠᠴᠤᠷᠠᠭ ᠢ ᠰᠡᠷᠭᠡᠶᠢᠯᠡᠬᠦ ᠵᠢᠴᠢ ᠲᠡᠭᠦᠨ ᠠᠴᠠ ᠬᠡᠷᠬᠢᠨ ᠬᠠᠮᠠᠭᠠᠯᠠᠬᠤ ᠤᠬᠠᠭᠤᠯᠭ᠎ᠠ ᠬᠦᠮᠦᠵᠢᠯ ᠢ ᠢᠯᠡᠭᠦᠴᠡ ᠬᠢᠵᠦ᠂ ᠣᠯᠠᠨ ᠨᠡᠶᠢᠲᠡ ᠶᠢᠨ ᠴᠦᠮ᠎ᠡ ᠪᠠ ᠰᠠᠴᠤᠷᠠᠭ ᠤᠨ ᠲᠤᠬᠠᠢ ᠶᠡᠷᠤ ᠶᠢᠨ ᠮᠡᠳᠡᠯᠭᠡ ᠶᠢ ᠳᠦᠭᠡᠮᠡᠯᠵᠢᠭᠦᠯᠵᠤ᠂ ᠰᠠᠴᠤᠷᠠᠭ ᠤᠨ ᠰᠢᠨᠵᠢ ᠴᠢᠨᠠᠷ᠂ ᠬᠤᠣᠷ ᠬᠦᠨᠦᠭᠡᠯ᠂ ᠰᠡᠷᠭᠡᠶᠢᠯᠡᠨ ᠬᠠᠮᠠᠭᠠᠯᠠᠬᠤ ᠠᠷᠭ᠎ᠠ ᠠᠪᠴᠠᠯ ᠵᠡᠷᠭᠡ ᠲᠠᠯ᠎ᠠ ᠪᠠᠷ ᠰᠢᠨᠵᠢᠯᠡᠬᠦ ᠤᠬᠠᠭᠠᠨᠴᠢ᠂ ᠵᠦᠪ ᠣᠨᠣᠪᠴᠢᠲᠠᠢ ᠲᠠᠨᠢᠯᠲᠠ ᠲᠠᠢ ᠪᠣᠯᠭᠠᠬᠤ ᠨᠢ ᠶᠠᠭᠤᠨ ᠠᠴᠠ ᠴᠤ ᠴᠢᠬᠤᠯᠨ ᠪᠢᠯᠨ᠃        ︵8︶ ᠴᠦᠮ᠎ᠡ ᠪᠠ ᠰᠠᠴᠤᠷᠠᠭ ᠤᠨ ᠭᠡᠨᠡᠳᠡᠯ ᠤᠨ ᠠᠷᠭᠠᠴᠠᠯ ᠨᠢ ᠮᠡᠷᠭᠡᠵᠢᠯᠲᠤ ᠴᠢᠨᠠᠷ ᠢᠶᠠᠷ ᠴᠢᠩᠭ᠎ᠠ᠂ ᠵᠣᠷᠢᠭᠤᠯᠬᠤ ᠬᠦᠴᠦᠨ ᠢᠶᠠᠷ ᠶᠡᠭᠡ᠂ ᠦᠷᠬᠦᠯᠵᠢᠯᠡᠬᠦ ᠴᠠᠭ ᠨᠢ ᠤᠷᠲᠤ ᠪᠠᠶᠢᠳᠠᠭ        ᠴᠦᠮ᠎ᠡ ᠪᠠ ᠰᠠᠴᠤᠷᠠᠭ ᠤᠨ ᠬᠡᠷᠡᠭ ᠶᠠᠪᠤᠳᠠᠯ ᠤᠨ ᠨᠦᠯᠦᠭᠡᠯᠡᠬᠦ ᠬᠡᠪᠴᠢᠶ᠎ᠡ ᠨᠢ ᠦᠷᠭᠡᠨ᠂ ᠬᠤᠯᠪᠤᠭᠳᠠᠬᠤ ᠬᠦᠮᠦᠨ ᠨᠢ ᠠᠷᠪᠢᠨ᠂ ᠨᠡᠶᠢᠭᠡᠮ ᠨᠡᠶᠢᠲᠡ ᠶᠢᠨ ᠰᠡᠳᠬᠢᠯ ᠰᠠᠨᠠᠭᠠᠨ ᠤ ᠳᠠᠷᠤᠭᠠᠰᠤ ᠨᠢ ᠶᠡᠭᠡ ᠳᠡᠭᠡᠷ᠎ᠡ ᠰᠠᠴᠤᠷᠠᠭ ᠤᠨ ᠬᠦᠮᠦᠨ ᠤ ᠪᠡᠶ᠎ᠡ ᠳᠠᠬᠢ ᠳᠤᠰᠬᠠᠯᠲᠠ ᠶᠢ ᠡᠷᠬᠡᠪᠡᠰᠢ ᠣᠨᠴᠤᠭᠤᠢ ᠮᠠᠰᠢᠨ ᠪᠠᠭᠠᠵᠢ ᠪᠠᠷ ᠰᠠᠶ᠋ᠢ ᠣᠯᠵᠦ ᠮᠡᠳᠡᠬᠦ ᠠᠴᠠ ᠪᠣᠯᠵᠦ᠂ ᠰᠠᠴᠤᠷᠠᠭ ᠤᠨ ᠭᠡᠮᠲᠦᠯ ᠢ ᠲᠣᠳᠤᠯᠠᠬᠤ᠂ ᠵᠠᠰᠠᠬᠤ ᠪᠠ ᠰᠠᠴᠤᠷᠠᠭᠲᠤ ᠪᠣᠬᠢᠷᠳᠤᠯ ᠢ ᠨᠢ ᠠᠷᠢᠯᠭᠠᠬᠤ ᠵᠢᠴᠢ ᠬᠤᠶᠢᠰᠢᠲᠠ ᠶᠢᠨ ᠬᠤᠣᠷ ᠬᠦᠨᠦᠭᠡᠯ ᠢ ᠨᠢ ᠦᠨᠡᠯᠡᠬᠦ ᠵᠡᠷᠭᠡ ᠨᠢ ᠳᠣᠩ ᠨᠠᠷᠢᠨ ᠪᠣᠳᠤᠯᠢᠶᠠᠨᠲᠠᠢ ᠪᠠᠶᠢᠳᠠᠭ᠃ ᠡᠳᠡᠭᠡᠷ ᠪᠦᠬᠦᠨ ᠨᠢ ᠴᠦᠮ ᠵᠣᠬᠢᠬᠤ ᠲᠤᠰᠬᠠᠢ ᠮᠡᠷᠭᠡᠵᠢᠯ ᠤᠨ ᠠᠵᠢᠯᠲᠠᠳ᠂ ᠠᠨᠠᠭᠠᠬᠤ ᠤᠬᠠᠭᠠᠨ ᠤ ᠠᠪᠤᠷᠠᠨ ᠲᠡᠳᠭᠦᠬᠦ ᠬᠦᠮᠦᠰ᠂ ᠡᠮ ᠲᠠᠩ ᠪᠣᠯᠣᠨ ᠡᠮᠨᠡᠯᠭᠡ ᠶᠢᠨ ᠪᠠᠭᠠᠵᠢ ᠬᠡᠷᠡᠭᠰᠡᠯ ᠢ ᠬᠡᠷᠡᠭᠰᠡᠳᠡᠭ᠃ ᠡᠶᠢᠮᠦ ᠠᠴᠠ ᠴᠦᠮ᠎ᠡ ᠪᠠ ᠰᠠᠴᠤᠷᠠᠭ ᠤᠨ ᠭᠡᠨᠡᠳᠡᠯ ᠢ ᠠᠷᠭᠠᠴᠠᠬᠤ ᠳᠤ ᠨᠡᠯᠢᠶᠡᠳ ᠶᠡᠭᠡ ᠬᠦᠴᠦᠨ ᠣᠷᠤᠭᠤᠯᠬᠤ ᠴᠢᠬᠤᠯᠠᠲᠠᠢ ᠪᠠᠶᠢᠵᠦ᠂ ᠡᠯ᠎ᠡ ᠲᠠᠯ᠎ᠠ ᠶᠢᠨ ᠬᠦᠮᠦᠨ ᠤ ᠬᠦᠴᠦ᠂ ᠪᠤᠳᠠᠰ ᠤᠨ ᠬᠦᠴᠦᠨ ᠢ ᠳᠠᠶᠢᠴᠢᠯᠡᠨ ᠴᠢᠨᠠᠭᠰᠢᠯᠠᠪᠠᠯ ᠪᠦᠬᠦ ᠤᠯᠤᠰ ᠤᠨ ᠬᠡᠪᠴᠢᠶ᠎ᠡ ᠪᠣᠶᠤ ᠤᠯᠤᠰ ᠤᠨ ᠬᠤᠭᠤᠷᠣᠨᠳᠤ ᠬᠠᠮᠵᠢᠯᠴᠠᠳᠠᠭ᠃ ᠵᠢᠱᠢᠶᠡᠯᠡᠪᠡᠯ ᠴᠧᠷᠨᠣᠪᠢᠯ ᠤᠨ ᠭᠡᠨᠡᠳᠡᠯ ᠳᠤ ᠵᠠᠰᠠᠭ ᠤᠨ ᠭᠠᠵᠠᠷ ᠨᠢ ᠲᠤᠰᠬᠠᠢ ᠳᠤᠭᠤᠶᠢᠯᠠᠩ ᠢ ᠪᠠᠶᠢᠭᠤᠯᠵᠦ᠂ ᠨᠡᠶᠢᠲᠡ ᠪᠠᠷᠤᠭ 6 ᠪᠤᠮ ᠬᠦᠮᠦᠨ ᠢ ᠳᠠᠶᠢᠴᠢᠯᠡᠨ ᠬᠦᠳᠡᠯᠭᠡᠭᠰᠡᠨ ᠪᠠᠶᠢᠯ᠎ᠠ᠃ ᠡᠭᠦᠨ ᠤ ᠳᠣᠲᠤᠷ᠎ᠠ ᠴᠡᠷᠢᠭ ᠪᠠᠷᠤᠭ 3.4 ᠪᠤᠮ ᠪᠠᠶᠢᠵᠦ᠂ ᠤᠯᠠᠩᠬᠢ ᠨᠢ ᠶᠡᠭᠡ ᠪᠦᠯᠦᠭ ᠤᠨ ᠬᠡᠭᠡᠷᠡᠯᠡᠨ ᠪᠠᠶᠢᠯᠳᠤᠬᠤ ᠴᠡᠷᠢᠭ ᠠᠩᠬᠢ ᠪᠠ ᠬᠢᠮᠢ ᠶᠢᠨ ᠰᠡᠷᠭᠡᠶᠢᠯᠡᠯᠲᠡ᠂ ᠡᠮᠨᠡᠯᠭᠡ ᠶᠢᠨ ᠬᠤᠪᠢᠶᠠᠷᠢ ᠠᠩᠬᠢ ᠨᠤᠭᠤᠳ ᠪᠠᠶᠢᠯ᠎ᠠ᠃ ᠪᠠᠰᠨ ᠨᠡᠯᠢᠶᠡᠳ ᠠᠷᠪᠢᠨ ᠪᠠᠷᠢᠯᠭ᠎ᠠ ᠶᠢᠨ ᠴᠡᠷᠢᠭ᠂ ᠴᠢᠮᠡᠭᠡ ᠬᠤᠯᠪᠤᠭᠠᠯᠠᠯ ᠤᠨ ᠴᠡᠷᠢᠭ᠂ ᠴᠠᠭ ᠠᠭᠤᠷ ᠤᠨ ᠴᠡᠷᠢᠭ ᠪᠣᠯᠣᠨ ᠴᠡᠷᠢᠭ ᠤᠨ ᠠᠴᠢᠶᠠᠨ ᠮᠠᠰᠢᠨ ᠪᠠ ᠵᠦᠭᠡᠭᠡᠪᠦᠷᠢ ᠶᠢᠨ ᠨᠢᠰᠭᠡᠯ ᠵᠡᠷᠭᠡ ᠶᠢ ᠴᠤ ᠬᠦᠳᠡᠯᠭᠡᠪᠡ᠃ ᠴᠡᠷᠢᠭ ᠠᠩᠬᠢ ᠠᠴᠠ ᠭᠠᠳᠠᠨ᠎ᠠ ᠪᠠᠰᠨ 1964 ᠡᠮᠨᠡᠯᠭᠡ ᠶᠢᠨ ᠠᠩᠬᠢ᠂ 22000 ᠭᠠᠷᠤᠢ ᠡᠯ᠎ᠡ ᠲᠦᠷᠦᠯ ᠤᠨ ᠡᠮᠨᠡᠯᠭᠡ ᠶᠢᠨ ᠠᠵᠢᠯᠲᠠᠳ᠂ 1600 ᠢᠯᠡᠭᠦᠦ ᠰᠢᠨᠵᠢᠯᠡᠬᠦ ᠤᠬᠠᠭᠠᠨ ᠤ ᠮᠡᠷᠭᠡᠵᠢᠯᠲᠡᠨ ᠪᠣᠯᠣᠨ ᠪᠠᠷᠢᠯᠭ᠎ᠠ ᠶᠢᠨ ᠮᠡᠷᠭᠡᠵᠢᠯᠲᠡᠳ ᠵᠢᠴᠢ 1200 ᠭᠠᠷᠤᠢ ᠤᠶᠤᠲᠠᠳ ᠢ ᠬᠦᠳᠡᠯᠭᠡᠪᠡ᠃ ᠵᠦᠪᠯᠡᠯᠲᠤ ᠬᠤᠯᠪᠤᠭᠠᠲᠤ ᠤᠯᠤᠰ ᠤᠨ ᠪᠦᠬᠦ ᠨᠤᠲᠤᠭ ᠳᠡᠪᠢᠰᠭᠡᠷ ᠲᠤ ᠪᠦᠷ ᠰᠠᠴᠤᠷᠠᠭ ᠤᠨ ᠬᠡᠮᠵᠢᠯᠲᠡ ᠬᠢᠵᠦ᠂ ᠰᠠᠴᠤᠷᠠᠭ ᠤᠨ ᠲᠤᠷᠰᠢᠯᠲᠠ ᠶᠢᠨ ᠲᠠᠰᠤᠯᠭ᠎ᠠ᠂ ᠬᠢᠵᠢᠭ ᠢ ᠰᠡᠷᠭᠡᠶᠢᠯᠡᠬᠦ ᠦᠷᠲᠡᠭᠡ ᠵᠢᠴᠢ ᠡᠯ᠎ᠡ ᠰᠢᠨᠵᠢᠯᠡᠬᠦ ᠤᠬᠠᠭᠠᠨ ᠤ ᠰᠣᠳᠤᠯᠬᠤ ᠪᠠᠶᠢᠭᠤᠯᠤᠮᠵᠢ ᠶᠢᠨ 7000 ᠭᠠᠷᠤᠢ ᠰᠠᠴᠤᠷᠠᠭ ᠤᠨ ᠠᠮᠤᠷ ᠲᠦᠪᠰᠢᠨ ᠤ ᠲᠤᠰᠬᠠᠢ ᠮᠡᠷᠭᠡᠵᠢᠯᠲᠡᠳ ᠢ ᠴᠤ ᠳᠠᠶᠢᠴᠢᠯᠠᠭᠰᠠᠨ ᠪᠠᠶᠢᠪᠠ᠃        ᠪᠠᠰᠨ 1.2 ᠪᠤᠮᠠᠨ ᠰᠠᠭᠤᠭᠠᠯᠢ ᠠᠷᠠᠳ ᠢ ᠵᠠᠶᠢᠯᠠᠭᠤᠯᠵᠦ᠂ ᠮᠠᠯ ᠠᠬᠤᠢ ᠪᠠ ᠰᠦ ᠰᠠᠭᠠᠯᠢ ᠰᠠᠴᠤᠷᠠᠭᠲᠤ ᠳᠤ ᠪᠣᠬᠢᠷᠳᠤᠬᠤ ᠶᠢ ᠰᠡᠷᠭᠡᠶᠢᠯᠡᠬᠦ ᠶᠢᠨ ᠲᠤᠯᠠᠲᠠ ᠬᠡᠳᠦᠨ ᠮᠢᠩᠭᠠᠨ ᠠᠴᠢᠶᠠᠨ ᠤ ᠮᠠᠰᠢᠨ ᠲᠡᠷᠭᠡ ᠶᠢ ᠬᠦᠳᠡᠯᠭᠡᠨ᠂ ᠭᠡᠨᠡᠳᠡᠯ ᠭᠠᠷᠤᠭᠰᠠᠨ ᠭᠠᠵᠠᠷ ᠤᠨ ᠡᠷᠬᠢᠨ ᠲᠣᠭᠤᠷᠢᠨ ᠤ 30 ᠺᠢᠯᠤᠮᠧᠲᠷ ᠤᠨ ᠬᠡᠪᠴᠢᠶᠡᠨ ᠳᠠᠬᠢ ᠪᠤᠮ ᠢᠯᠡᠭᠦᠦ ᠦᠬᠡᠷ ᠢ ᠴᠤ ᠪᠣᠬᠢᠷᠳᠤᠯ ᠢᠶᠠᠷ ᠪᠠᠭ᠎ᠠ ᠰᠢᠬ ᠭᠠᠵᠠᠷ ᠣᠷᠣᠨ ᠳᠤ ᠲᠡᠭᠡᠭᠡᠨ ᠠᠪᠠᠴᠢᠭᠰᠠᠨ ᠪᠢᠯᠨ᠃ ᠡᠨᠡ ᠬᠦ ᠭᠡᠨᠡᠳᠡᠯ ᠤᠨ ᠠᠵᠦ ᠠᠬᠤᠢ ᠶᠢᠨ ᠪᠦᠬᠦ ᠬᠤᠬᠢᠷᠠᠯ  ᠨᠢ ᠨᠢᠭᠡᠨᠲᠡ ᠬᠡᠳᠦᠨ ᠮᠢᠩᠭᠠᠨ ᠳ᠋ᠦᠡᠭᠰᠢᠭᠤᠷ ᠠᠮᠧᠷᠢᠺᠠ ᠵᠣᠭᠤᠰ ᠢ ᠬᠡᠲᠦᠷᠡᠭᠰᠡᠨ ᠪᠠᠶᠢᠪᠠ᠃ ᠡᠨᠡ ᠤᠳᠠᠭᠠᠨ ᠤ ᠭᠡᠨᠡᠳᠡᠯ ᠤᠨ ᠤᠷᠰᠢᠭ ᠢ ᠠᠷᠢᠯᠭᠠᠬᠤ ᠶᠢᠨ ᠲᠤᠯᠠᠲᠠ ᠵᠠᠰᠠᠭ ᠤᠨ ᠭᠠᠵᠠᠷ ᠤᠨ ᠬᠤᠯᠪᠤᠭᠳᠠᠯ ᠪᠦᠬᠦᠢ ᠰᠠᠯᠠᠭ᠎ᠠ ᠮᠦᠴᠢᠷ ᠤᠳ ᠨᠢ ᠪᠠᠰᠨ ᠵᠠᠷᠢᠮ ᠤᠯᠤᠰ ᠤᠨ ᠵᠠᠰᠠᠭ ᠤᠨ ᠭᠠᠵᠠᠷ ᠪᠣᠯᠣᠨ ᠵᠠᠷᠢᠮ ᠪᠠᠶᠢᠭᠤᠯᠤᠮᠵᠢ᠂ ᠨᠡᠶᠢᠭᠡᠮ ᠤᠨ ᠪᠠᠶᠢᠭᠤᠯᠭ᠎ᠠ᠂ ᠠᠷᠠᠳ ᠤᠨ ᠵᠣᠬᠢᠶᠠᠨ ᠪᠠᠶᠢᠭᠤᠯᠤᠯᠲᠠ ᠵᠢᠴᠢ ᠬᠤᠪᠢ ᠬᠦᠮᠦᠨ ᠤ ᠲᠤᠰᠠᠯᠠᠮᠵᠢ ᠶᠢ ᠬᠦᠯᠢᠶᠡᠨ ᠠᠪᠤᠭᠰᠠᠨ ᠪᠠᠶᠢᠨ᠎ᠠ᠃        ᠰᠠᠴᠤᠷᠠᠭ ᠤᠨ ᠬᠡᠷᠡᠭ ᠶᠠᠪᠤᠳᠠᠯ ᠤᠨ ᠨᠦᠯᠦᠭᠡᠯᠡᠬᠦ ᠴᠠᠭ ᠬᠤᠭᠤᠴᠠᠭ᠎ᠠ ᠨᠢ ᠤᠷᠲᠤ ᠪᠠᠶᠢᠳᠠᠭ ᠨᠢ ᠭᠤᠣᠯᠳᠠᠭᠤ ᠵᠠᠷᠢᠮ ᠰᠠᠴᠤᠷᠠᠭᠲᠤ ᠴᠦᠮᠡᠲᠤ ᠵᠢᠱᠢᠶᠡᠯᠡᠪᠡᠯ  137 Cs᠂  90 Sr᠂  235U᠂  239Pu ᠶᠢᠨ ᠠᠮᠢ ᠨᠠᠰᠤ ᠨᠢ ᠤᠷᠲᠤ᠂ ᠡᠳᠡᠨ ᠤ ᠬᠠᠭᠠᠰ ᠴᠤᠴᠠᠷᠠᠯᠲᠠ ᠶᠢᠨ ᠬᠤᠭᠤᠴᠠᠭ᠎ᠠ ᠨᠢ ᠬᠡᠳᠦᠨ ᠠᠷᠪᠠᠨ ᠵᠢᠯ ᠪᠠᠶᠢᠵᠦ ᠴᠢᠨᠠᠭᠰᠢᠯᠠᠪᠠᠯ ᠬᠡᠳᠦᠨ ᠮᠢᠩᠭᠠᠨ ᠵᠢᠯ ᠴᠤ ᠬᠦᠷᠳᠡᠭ ᠠᠴᠠ ᠪᠣᠯᠤᠭᠰᠠᠨ ᠶᠣᠮ᠃ ᠡᠭᠦᠨ ᠤ ᠬᠠᠮᠲᠤ ᠰᠠᠴᠤᠷᠠᠭ ᠤᠨ ᠬᠤᠵᠢᠭᠤ ᠦᠢᠰᠭᠡᠯ ᠣᠨᠴᠤᠭᠤᠶᠢᠯᠠᠨ ᠦᠮᠡᠨ ᠪᠣᠯᠣᠨ ᠤᠳᠤᠮᠰᠢᠯ ᠤᠨ ᠦᠢᠰᠭᠡᠯ ᠢ ᠨᠢ ᠬᠡᠳᠦᠨ ᠵᠢᠯ ᠴᠢᠨᠠᠭᠰᠢᠯᠠᠪᠠᠯ ᠬᠡᠳᠦᠨ ᠠᠷᠪᠠᠨ ᠵᠢᠯ ᠠᠵᠢᠭᠯᠠᠨ ᠪᠠᠶᠢᠴᠠᠭᠠᠮᠠᠨᠵᠢᠨ ᠰᠠᠶ᠋ᠢ ᠰᠢᠨᠵᠢᠯᠡᠬᠦ ᠤᠬᠠᠭᠠᠨᠴᠢ ᠦᠨᠡᠯᠡᠯᠲᠡ ᠭᠠᠷᠭᠠᠵᠦ ᠴᠢᠳᠠᠳᠠᠭ ᠠᠴᠠ ᠪᠣᠯᠤᠭᠰᠠᠨ ᠶᠣᠮ᠃ ᠡᠨᠡ ᠤᠳᠠᠭᠠᠨ ᠤ ᠭᠡᠨᠡᠳᠡᠯ ᠤᠨ ᠦᠯᠡᠳᠡᠭᠰᠡᠨ ᠶᠠᠪᠤᠳᠠᠯ ᠢᠯᠠᠩᠭᠤᠶ᠎ᠠ ᠰᠠᠴᠤᠷᠠᠭ ᠤᠨ ᠬᠤᠯᠨ ᠬᠤᠵᠢᠭᠤ ᠶᠢᠨ ᠦᠢᠰᠭᠡᠯ ᠤᠨ ᠰᠣᠳᠤᠯᠤᠯᠲᠠ ᠨᠢ ᠮᠦᠨ ᠬᠦ ᠦᠷᠬᠦᠯᠵᠢᠯᠡᠭᠰᠡᠭᠡᠷ ᠪᠠᠶᠢᠨ᠎ᠠ᠃        ᠴᠦᠮ᠎ᠡ ᠪᠠ ᠰᠠᠴᠤᠷᠠᠭ ᠤᠨ ᠬᠡᠷᠡᠭ ᠶᠠᠪᠤᠳᠠᠯ ᠨᠢ ᠬᠦᠮᠦᠰ ᠲᠤ ᠬᠦᠨ ᠬᠦᠨᠵᠡᠭᠡᠢ ᠪᠣᠳᠤᠯᠬᠢᠯᠠᠯ ᠢ ᠠᠪᠴᠢᠷᠠᠯ᠎ᠠ᠃ ᠲᠡᠷᠨ ᠨᠢ ᠴᠦᠮ᠎ᠡ ᠶᠢᠨ ᠡᠬᠢ ᠪᠠᠶᠠᠯᠢᠭ ᠢ ᠰᠠᠶᠢᠲᠤᠷ ᠠᠰᠢᠭᠯᠠᠬᠤ ᠶᠢᠨ ᠬᠠᠮᠲᠤ ᠪᠠᠰᠨ ᠳᠡᠭᠡᠳᠤ ᠬᠡᠮᠵᠢᠶᠡᠨ ᠤ ᠰᠡᠷᠡᠮᠵᠢ ᠲᠠᠢ ᠪᠠᠶᠢᠵᠦ᠂ ᠬᠠᠮᠢᠶᠠᠷᠤᠯᠲᠠ ᠪᠣᠯᠣᠨ ᠰᠡᠷᠭᠡᠶᠢᠯᠡᠨ ᠬᠠᠮᠠᠭᠠᠯᠠᠬᠤ ᠠᠷᠭ᠎ᠠ ᠠᠪᠴᠠᠯ ᠢᠶᠠᠨ ᠦᠨᠡᠩᠬᠦ ᠰᠠᠶᠢᠲᠤᠷ ᠬᠢᠵᠦ᠂ ᠰᠠᠴᠤᠷᠠᠭ ᠠᠴᠠ ᠬᠠᠮᠠᠭᠠᠯᠠᠬᠤ ᠮᠡᠳᠡᠯᠭᠡ ᠪᠠᠨ ᠳᠡᠭᠡᠭᠰᠢᠯᠡᠭᠦᠯᠬᠦ ᠦᠭᠡᠢ ᠪᠣᠯ ᠬᠦᠮᠦᠨ ᠲᠦᠷᠦᠯᠬᠢᠲᠡᠨ ᠳᠤ ᠬᠦᠨᠳᠤ ᠰᠦᠷᠡᠬᠡᠢ ᠭᠠᠢ ᠭᠠᠮᠰᠢᠭ ᠢ ᠠᠪᠴᠢᠷᠠᠬᠤ ᠪᠣᠯᠣᠨ᠎ᠠ ᠭᠡᠳᠡᠭ ᠢ ᠬᠦᠮᠦᠰ ᠲᠤ ᠴᠡᠭᠡᠷᠯᠡᠭᠦᠯᠵᠦ ᠪᠠᠶᠢᠭ᠎ᠠ ᠶᠣᠮ᠃        ᠬᠤᠶᠡᠳᠤᠭᠠᠷ ᠬᠡᠰᠡᠭ   ᠰᠠᠴᠤᠷᠠᠭ ᠤᠨ ᠭᠡᠨᠡᠳᠡᠯ ᠢ ᠠᠷᠭᠠᠴᠠᠬᠤ ᠤᠬᠠᠭᠠᠨ        ᠣᠳᠣᠬᠠᠨ᠎ᠠ ᠰᠠᠴᠤᠷᠠᠭ ᠢ ᠠᠵᠦ ᠦᠢᠯᠡᠳᠪᠦᠷᠢ᠂ ᠮᠠᠯ ᠲᠠᠷᠢᠶᠠᠯᠠᠩ᠂ ᠡᠮᠨᠡᠯᠭᠡ ᠡᠷᠡᠭᠦᠯ ᠬᠠᠮᠠᠭᠠᠯᠠᠯ᠂ ᠰᠢᠨᠵᠢᠯᠡᠬᠦ ᠰᠣᠳᠤᠯᠭᠠᠨ ᠪᠠ ᠵᠢᠭᠠᠨ ᠰᠤᠷᠭᠠᠬᠤ᠂ ᠬᠠᠭᠤᠴᠢ ᠰᠣᠳᠤᠯᠬᠤ᠂ ᠭᠠᠵᠠᠷ ᠤᠰᠤ ᠰᠢᠨᠵᠢᠯᠡᠬᠦ᠂ ᠴᠠᠭ ᠠᠭᠤᠷ᠂ ᠪᠠᠷᠢᠯᠭ᠎ᠠ ᠵᠡᠷᠭᠡ ᠰᠠᠯᠠᠭ᠎ᠠ ᠮᠦᠴᠢᠷ ᠤᠳ ᠲᠤ ᠨᠢᠮᠭᠡᠨ ᠵᠤᠵᠠᠭᠠᠨ ᠬᠦᠨᠳᠤ ᠭᠦᠡᠭᠭᠡᠨ ᠲᠤᠭ᠎ᠠ ᠲᠣᠯᠤᠭᠠᠢ ᠣᠷᠣᠨ ᠪᠠᠶᠢᠷᠢ ᠶᠡᠭᠡ ᠪᠠᠭ᠎ᠠ ᠶᠢ ᠬᠡᠮᠵᠢᠨ ᠳᠤᠭᠳᠠᠭᠠᠬᠤ᠂ ᠵᠣᠭᠤᠰ ᠵᠤᠭ᠎ᠠ ᠢᠳᠡᠭᠡᠨ ᠤᠮᠳᠠᠭᠠᠨ ᠠᠷᠠᠰᠤ ᠨᠣᠣᠰᠤ ᠡᠳ᠋ᠯᠡᠯ ᠬᠡᠷᠡᠭᠰᠡᠯ ᠡᠮ ᠲᠠᠩ ᠢ ᠠᠷᠢᠭᠤᠳᠬᠠᠬᠤ᠂ ᠨᠣᠭᠤᠭ᠎ᠠ ᠴᠠᠭ᠎ᠠ ᠮᠢᠬ᠎ᠠ ᠵᠢᠮᠢᠰ ᠬᠡᠮᠬᠡ ᠠᠮᠤ ᠪᠤᠳᠠᠭ᠎ᠠ ᠶᠢ ᠰᠢᠨ᠎ᠡ ᠰᠣᠷᠭᠤᠭ ᠪᠠᠶᠢᠯᠭᠠᠬᠠᠤ ᠭᠡᠬᠦ ᠮᠡᠳᠤ ᠪᠠᠷ ᠬᠡᠷᠡᠭᠯᠡᠵᠤ ᠪᠠᠶᠢᠨ᠎ᠠ᠃        ᠡᠶᠢᠮᠦ ᠠᠴᠠ ᠰᠠᠴᠤᠷᠠᠭ ᠤᠨ ᠭᠡᠨᠡᠳᠡᠯ ᠨᠢ ᠬᠠᠷᠢᠴᠠᠩᠭᠤᠢ ᠪᠠᠷ ᠣᠯᠠᠨ ᠪᠠᠶᠢᠵᠦ᠂ ᠣᠯᠠᠨ ᠨᠡᠶᠢᠲᠠ ᠶᠢᠨ ᠬᠤᠪᠢ ᠬᠦᠮᠦᠨ ᠴᠤ ᠡᠳᠤᠷ ᠳᠤᠳᠤᠮ ᠤᠨ ᠠᠮᠢᠳᠤᠷᠠᠯ ᠦᠢᠯᠡᠳᠪᠤᠷᠢᠯᠡᠯ ᠤᠨ ᠳᠤᠮᠳᠠ ᠰᠠᠴᠤᠷᠠᠭ ᠤᠨ ᠭᠡᠨᠡᠳᠡᠯ ᠢ ᠠᠷᠭᠠᠴᠠᠬᠤ ᠦᠨᠳᠦᠰᠦᠨ ᠠᠷᠭ᠎ᠠ ᠤᠬᠠᠭᠠᠨ ᠢ ᠡᠵᠡᠮᠰᠢᠬᠦ ᠴᠢᠬᠤᠯᠠᠲᠠᠢ ᠪᠠᠶᠢᠳᠠᠭ᠃ ᠨᠢᠭᠡ᠂ ᠰᠠᠴᠤᠷᠠᠭ ᠤᠨ ᠭᠡᠨᠡᠳᠡᠯ ᠢ ᠠᠷᠭᠠᠴᠠᠬᠤ ᠦᠨᠳᠦᠰᠦᠨ ᠠᠷᠭ᠎ᠠ ᠤᠬᠠᠭᠠᠨ        ᠴᠦᠮ᠎ᠡ ᠪᠠ ᠰᠠᠴᠤᠷᠠᠭ ᠤᠨ ᠭᠡᠨᠡᠳᠡᠯ ᠭᠠᠷᠤᠭᠰᠠᠨ ᠦᠶᠡᠰ ᠲᠤ ᠬᠤᠪᠢ ᠬᠦᠮᠦᠨ ᠨᠢ ᠰᠠᠴᠤᠷᠠᠭ ᠢ ᠰᠡᠷᠭᠡᠶᠢᠯᠡᠬᠦ ᠦᠨᠳᠦᠰᠦᠨ ᠠᠷᠭ᠎ᠠ ᠤᠬᠠᠭᠠᠨ ᠢ ᠬᠡᠷᠡᠭᠯᠡᠨ ᠦᠪᠡᠷ ᠤᠨ ᠪᠡᠶ᠎ᠡ ᠪᠠᠨ ᠬᠠᠮᠠᠭᠠᠯᠠᠬᠤ ᠬᠡᠷᠡᠭᠲᠠᠢ᠃ ᠡᠳᠡᠭᠡᠷ ᠦᠨᠳᠦᠰᠦᠨ ᠠᠷᠭ᠎ᠠ ᠤᠬᠠᠭᠠᠨ ᠨᠢ ᠰᠠᠴᠤᠷᠠᠭ ᠤᠨ ᠭᠡᠨᠡᠳᠡᠯ ᠭᠠᠷᠤᠭᠰᠠᠨ ᠦᠶᠡᠰ ᠲᠤ ᠬᠡᠷᠡᠭᠯᠡᠵᠦ ᠪᠣᠯᠬᠤ ᠮᠦᠷᠲᠡᠭᠡᠨ ᠶᠡᠷᠤ ᠶᠢᠨ ᠴᠠᠭ ᠲᠤ ᠰᠠᠴᠤᠷᠠᠭ ᠢ ᠰᠡᠷᠭᠡᠶᠢᠯᠡᠬᠦ ᠳᠤ ᠴᠤ ᠬᠡᠷᠡᠭᠯᠡᠵᠦ ᠳᠠᠷᠠᠴᠢᠯᠠᠨ ᠴᠦᠮ᠎ᠡ ᠤᠨ ᠭᠡᠨᠡᠳᠡᠯ ᠤᠨ ᠲᠤᠯᠭᠠᠮ᠎ᠠ ᠠᠷᠭᠠᠴᠠᠯ ᠳᠤ ᠴᠤ ᠬᠡᠷᠡᠭᠯᠡᠵᠦ ᠪᠣᠯᠳᠠᠭ᠃ ᠡᠳᠡᠭᠡᠷ ᠠᠷᠭ᠎ᠠ ᠠᠪᠴᠠᠯ ᠢ ᠪᠣᠳᠠᠲᠠᠢ ᠪᠠᠶᠢᠳᠠᠯ ᠢᠶᠠᠨ ᠦᠨᠳᠦᠰᠦᠯᠡᠵᠦ ᠰᠣᠩᠭᠤᠨ ᠬᠡᠷᠡᠭᠯᠡᠬᠦ ᠪᠣᠶᠤ ᠬᠠᠮᠲᠤᠷᠠᠭᠤᠯᠤᠨ ᠬᠡᠷᠡᠭᠯᠡᠳᠡᠭ᠃        1. ᠰᠠᠴᠤᠷᠠᠭᠤᠯᠤᠭᠴᠢ ᠠᠴᠠ ᠠᠯᠢ ᠪᠣᠯᠬᠤ ᠪᠠᠷ ᠬᠤᠯᠨ ᠲᠠᠶᠢᠵᠢᠬᠤ        ᠭᠠᠳᠠᠨ᠎ᠠ ᠠᠴᠠ ᠲᠤᠰᠬᠤ ᠰᠠᠴᠤᠷᠠᠭ ᠢ ᠰᠡᠷᠭᠡᠶᠢᠯᠡᠬᠦ ᠬᠠᠮᠤᠭ ᠤᠨ ᠳᠦᠭᠦᠮ ᠠᠷᠭ᠎ᠠ ᠪᠣᠯ ᠳᠠᠷᠤᠢ ᠰᠠᠴᠤᠷᠠᠭᠴᠢ ᠠᠴᠠ ᠬᠤᠯᠨ ᠵᠠᠶᠢᠳᠠᠬᠤ ᠶᠠᠪᠤᠳᠠᠯ ᠪᠣᠯᠣᠨ᠎ᠠ᠃ ᠡᠨᠡ ᠪᠣᠯ ᠬᠤᠪᠢ ᠬᠦᠮᠦᠨ ᠲᠠᠢ ᠬᠤᠯᠪᠤᠭᠳᠠᠬᠤ ᠵᠠᠶᠢᠯᠠᠨ ᠰᠡᠷᠭᠡᠶᠢᠯᠡᠬᠦ ᠵᠠᠷᠴᠢᠮ ᠮᠦᠨ᠃ X᠂ γ᠂ β ᠪᠣᠯᠣᠨ ᠨᠧᠲᠷᠣᠨ ᠰᠠᠴᠤᠷᠠᠭ ᠤᠨ ᠭᠦᠷᠦ ᠨᠢ ᠬᠡᠲᠤ ᠬᠤᠯᠨ ᠦᠢᠯᠡᠴᠢᠯᠡᠵᠦ ᠴᠢᠳᠠᠬᠤ ᠲᠤᠯᠠᠲᠠ᠂ ᠰᠠᠴᠤᠷᠠᠭᠴᠢ ᠠᠴᠠ ᠬᠤᠯᠠᠳᠠᠬᠤ ᠶᠢ ᠳᠠᠭᠠᠯᠳᠤᠨ᠂ ᠰᠠᠴᠤᠷᠠᠭ ᠨᠢ ᠬᠡᠢ ᠠᠭᠠᠷ ᠲᠤ ᠰᠢᠩᠭᠡᠭᠡᠭᠳᠡᠨ ᠪᠠᠭᠤᠷᠠᠬᠤ ᠶᠢᠨ ᠳᠠᠭᠠᠤ ᠂ ᠬᠦᠮᠦᠨ ᠤ ᠪᠡᠶ᠎ᠡ ᠶᠢᠨ ᠰᠠᠴᠤᠷᠠᠭᠲᠤ ᠭᠦᠷᠦ ᠳᠤ ᠬᠠᠮᠤᠷᠤᠭᠳᠠᠬᠤ ᠪᠡᠶᠡᠲᠤ ᠦᠨᠴᠦᠭ ᠨᠢ ᠴᠤ ᠪᠠᠭᠠᠰᠴᠤ᠂ ᠡᠭᠦᠨ ᠤ ᠤᠯᠠᠮ ᠠᠴᠠ ᠭᠠᠳᠠᠨ᠎ᠠ ᠠᠴᠠ ᠳᠤᠰᠬᠤ ᠬᠤᠮᠵᠢᠮ ᠢ ᠪᠠᠭᠤᠷᠠᠭᠤᠯᠳᠠᠭ᠃ ᠤᠴᠢᠷ ᠨᠢ ᠰᠠᠴᠤᠷᠠᠭ ᠤᠨ ᠬᠦᠷᠦ ᠶᠢᠨ ᠬᠡᠪᠴᠢᠶᠡᠨ ᠳᠠᠬᠢ ᠶᠠᠮᠠᠷ ᠨᠢᠭᠡᠨ ᠵᠠᠢ ᠳᠠᠬᠢ ᠬᠤᠮᠵᠢᠮᠵᠢ ᠨᠢ ᠰᠠᠴᠤᠷᠠᠭᠴᠢ ᠠᠴᠠ ᠬᠤᠯᠠᠳᠠᠬᠤ ᠵᠠᠢ ᠶᠢᠨ ᠺᠦᠸᠠᠳ᠋ ᠲᠠᠢ ᠤᠷᠪᠠᠭᠤ ᠬᠠᠷᠢᠴᠠᠭ᠎ᠠ ᠲᠠᠢ ᠪᠠᠶᠢᠳᠠᠭ ᠲᠤ ᠣᠷᠣᠰᠢᠨ᠎ᠠ᠃ ᠡᠶᠢᠮᠦ ᠠᠴᠠ ᠰᠠᠴᠤᠷᠠᠭᠴᠢ ᠠᠴᠠ ᠨᠢᠭᠡ ᠳᠠᠬᠢᠨ ᠵᠠᠶᠢᠲᠠᠢ ᠪᠣᠯᠪᠠᠯ᠂ ᠬᠤᠮᠵᠢᠮᠵᠢ ᠨᠢ ᠳᠠᠷᠤᠢ ᠪᠠᠭᠤᠷᠠᠭᠠᠳ ᠤᠭ ᠤᠨ ᠢᠶᠠᠨ 1/4 ᠪᠣᠯᠳᠠᠭ᠃ ᠬᠡᠷᠪᠡ ᠵᠠᠢ ᠨᠢ 3 ᠳᠠᠬᠢᠨ ᠬᠤᠯᠠᠳᠠᠪᠠᠯ᠂ ᠬᠤᠮᠵᠢᠮᠵᠢ ᠨᠢ 1/9 ᠪᠤᠯᠬᠤ ᠮᠡᠲᠦᠴᠢᠯᠡᠨ ᠪᠠᠭᠤᠷᠠᠳᠠᠭ᠃ ᠡᠶᠢᠮᠦ  ᠠᠴᠠ ᠰᠠᠴᠤᠷᠠᠭ ᠤᠨ ᠠᠵᠢᠯᠲᠠᠳ ᠠᠵᠢᠯᠯᠠᠬᠤ ᠳᠠᠭᠠᠨ ᠪᠠᠶᠢᠳᠠᠯ ᠢᠶᠠᠨ ᠦᠵᠡᠵᠦ ᠪᠠᠶᠢᠭᠠᠳ ᠤᠷᠲᠤ ᠪᠠᠷᠢᠭᠤᠯᠲᠤ ᠪᠠᠭᠠᠵᠢ᠂ ᠮᠧᠬᠠᠨᠢᠭ ᠭᠠᠷ᠂ ᠮᠠᠰᠢᠨ ᠬᠦᠮᠦᠨ ᠵᠡᠷᠭᠡ  ᠶᠢ ᠠᠰᠢᠭᠯᠠᠨ ᠰᠠᠴᠤᠷᠠᠭᠴᠢ ᠲᠠᠢ ᠵᠠᠢ ᠪᠠᠨ ᠬᠤᠯᠠᠳᠬᠠᠵᠦ ᠪᠣᠯᠣᠨ᠎ᠠ᠃ ᠣᠯᠠᠨ ᠨᠡᠶᠢᠲᠡ ᠪᠣᠯ ᠶᠡᠷᠤ ᠶᠢᠨ ᠴᠠᠭ ᠲᠤ ᠰᠠᠴᠤᠷᠠᠭᠴᠢ ᠪᠣᠶᠤ ᠰᠠᠴᠤᠷᠠᠭᠲᠤ ᠭᠦᠷᠦ ᠠᠴᠠ ᠬᠤᠯᠨ ᠪᠠᠶᠢᠵᠦ᠂ ᠴᠦᠮ᠎ᠡ ᠪᠠ ᠰᠠᠴᠤᠷᠠᠭ ᠤᠨ ᠭᠡᠨᠡᠳᠡᠯ ᠤᠴᠢᠷ ᠲᠠᠭᠠᠷᠢᠯᠳᠤᠪᠠᠯ ᠲᠤᠬᠠᠢ ᠶᠢᠨ ᠣᠷᠣᠨ ᠠᠴᠠ ᠪᠤᠰᠢᠭᠤᠬᠠᠨ ᠵᠠᠶᠢᠯᠠᠬᠤ ᠨᠢ ᠰᠠᠴᠤᠷᠠᠭᠲᠤ ᠪᠣᠳᠠᠰ ᠢ ᠠᠮᠢᠰᠬᠤᠨ ᠣᠷᠤᠭᠤᠯᠬᠤ ᠪᠣᠶᠤ ᠭᠠᠳᠠᠨ᠎ᠠ ᠠᠴᠠ ᠲᠤᠰᠬᠤ ᠬᠤᠮᠵᠢᠮ ᠢ ᠪᠠᠭᠠᠰᠬᠠᠬᠤ ᠬᠠᠮᠤᠭ ᠤᠨ ᠪᠦᠲᠦᠮᠵᠢᠲᠠᠢ ᠰᠠᠴᠤᠷᠠᠭ ᠢ ᠰᠡᠷᠭᠡᠶᠢᠯᠡᠬᠦ ᠠᠷᠭ᠎ᠠ ᠠᠪᠴᠠᠯ ᠪᠣᠯᠤᠨ᠎ᠠ᠃        2. ᠰᠠᠴᠤᠷᠠᠭ ᠤᠨ ᠭᠦᠷᠦ ᠳᠣᠲᠤᠷᠠᠬᠢ ᠴᠠᠭ ᠬᠤᠭᠤᠴᠠᠭ᠎ᠠ ᠶᠢ ᠴᠢᠳᠠᠬᠤ ᠶᠢᠨ ᠴᠢᠨᠡᠭᠡ ᠪᠠᠷ ᠪᠣᠭᠤᠨᠢᠰᠬᠠᠬᠤ        ᠰᠠᠴᠤᠷᠠᠭ ᠤᠨ ᠶᠠᠮᠠᠷ ᠨᠢᠭᠡᠨ ᠵᠦᠢᠯ ᠤᠨ ᠲᠤᠰᠬᠠᠯᠲᠠ ᠳᠤ ᠴᠤ ᠭᠡᠳ᠂ ᠬᠦᠮᠦᠨ ᠳᠤ ᠳᠤᠰᠤᠭᠰᠠᠨ ᠰᠠᠴᠤᠷᠠᠭ ᠤᠨ ᠬᠤᠷᠠᠮᠳᠤᠯ ᠬᠤᠮᠵᠢᠮ ᠨᠢ ᠲᠡᠭᠦᠨ ᠤ ᠲᠤᠰᠬᠤ ᠴᠠᠭ ᠲᠠᠢ ᠰᠢᠭᠤᠳ ᠬᠠᠷᠢᠴᠠᠭ᠎ᠠ ᠲᠠᠢ ᠪᠠᠶᠢᠳᠠᠭ᠃ ᠰᠠᠴᠤᠷᠠᠭ ᠲᠤᠰᠬᠤ ᠴᠠᠭ ᠨᠢ ᠬᠡᠳᠦᠢ ᠤᠷᠲᠤ ᠪᠣᠯᠬᠤ ᠳᠣᠲᠤᠮ ᠲᠤᠰᠬᠠᠯᠲᠠ ᠶᠢᠨ ᠬᠤᠮᠵᠢᠮ ᠨᠢ ᠲᠡᠳᠦᠢ ᠶᠡᠭᠡ ᠪᠣᠯᠵᠦ᠂ ᠬᠤᠣᠷ ᠨᠦᠯᠦᠭᠡ ᠨᠢ ᠴᠤ ᠨᠡᠩ ᠢᠯᠡᠭᠦᠦ ᠪᠣᠯᠳᠠᠭ᠃ ᠡᠶᠢᠮᠦ ᠠᠴᠠ ᠰᠠᠴᠤᠷᠠᠭᠲᠤ ᠭᠦᠷᠦ ᠳᠣᠲᠤᠷᠠᠬᠢ ᠴᠠᠭ ᠬᠤᠭᠤᠴᠠᠭ᠎ᠠ ᠪᠠᠨ ᠴᠢᠳᠠᠬᠤ ᠶᠢᠨ ᠴᠢᠨᠡᠭᠡ  ᠪᠠᠷ ᠢᠶᠠᠨ ᠪᠣᠭᠤᠨᠢᠰᠬᠠᠪᠠᠯ᠂ ᠳᠠᠷᠤᠢ ᠳᠤᠰᠬᠠᠯᠲᠠ ᠶᠢ ᠪᠠᠭᠠᠰᠬᠠᠵᠦ ᠴᠢᠳᠠᠨ᠎ᠠ᠃ ᠡᠶᠢᠮᠦ ᠠᠴᠠ ᠰᠠᠴᠤᠷᠠᠭ ᠤᠨ ᠠᠵᠢᠯᠲᠠᠳ ᠳᠤᠰᠬᠠᠬᠤ ᠲᠦᠯᠦᠪᠯᠡᠭᠡ ᠪᠠᠨ ᠤᠷᠢᠳᠠᠪᠠᠷ ᠰᠠᠶᠢᠲᠤᠷ ᠪᠡᠯᠡᠳᠬᠡᠨ᠂ ᠠᠵᠢᠯ ᠤᠨ ᠳᠡᠰ ᠳᠠᠷᠠᠭᠠᠯᠠᠯ ᠢᠶᠠᠨ ᠳᠣᠬᠢᠲᠠᠢ ᠲᠣᠬᠢᠷᠠᠭᠤᠯᠤᠨ᠂ ᠠᠵᠢᠯᠯᠠᠬᠤ ᠮᠡᠷᠭᠡᠵᠢᠯ ᠳᠡᠭᠡᠨ ᠴᠠᠭᠠᠷᠠᠬᠤ ᠬᠡᠷᠡᠭᠲᠠᠢ᠃ ᠨᠡᠯᠢᠶᠡᠳ ᠶᠠᠷᠰᠢᠭ ᠲᠦᠪᠡᠭᠲᠠᠢ ᠲᠤᠰᠬᠠᠯᠲᠠ ᠶᠢᠨ ᠠᠵᠢᠯ ᠢ ᠪᠣᠯ ᠤᠷᠢᠳᠠᠪᠠᠷ ᠳᠠᠭᠤᠷᠢᠶᠠᠨ ᠪᠤᠯᠪᠠᠰᠤᠷᠠᠵᠦ᠂ ᠲᠤᠯᠭᠠᠮ᠎ᠠ ᠠᠷᠭᠠᠴᠠᠯ ᠤᠨ ᠦᠶ᠎ᠡ ᠳᠤ ᠣᠯᠠᠨ ᠬᠦᠮᠦᠨ ᠡᠭᠡᠯᠵᠢᠯᠡᠨ ᠬᠢᠬᠦ ᠶᠢᠨ ᠬᠠᠮᠲᠤ᠂ ᠬᠦᠮᠦᠨ ᠪᠦᠷᠢ ᠶᠢᠨ ᠣᠷᠣᠯᠳᠣᠬᠤ ᠴᠠᠭ ᠬᠤᠭᠤᠴᠠᠭ᠎ᠠ ᠶᠢ ᠬᠢᠵᠠᠭᠠᠷᠯᠠᠬᠤ ᠵᠡᠷᠭᠡ ᠪᠠᠷ ᠰᠠᠴᠤᠷᠠᠭᠲᠤ ᠭᠦᠷᠦ ᠳᠣᠲᠤᠷᠠᠬᠢ ᠴᠠᠭ ᠬᠤᠭᠤᠴᠠᠭ᠎ᠠ ᠪᠠᠨ ᠪᠤᠭᠤᠨᠢᠰᠬᠠᠬᠤ ᠬᠡᠷᠡᠭᠲᠠᠢ᠃ ᠣᠯᠠᠨ ᠨᠡᠶᠢᠲᠡ ᠶᠢᠨ ᠬᠢᠨ ᠬᠡᠷᠪᠡ ᠰᠠᠴᠤᠷᠠᠭᠲᠤ ᠲᠠᠯᠠᠪᠤᠷ ᠲᠤ ᠠᠳᠡᠭᠦᠷᠡᠨ ᠣᠷᠣᠭᠰᠠᠨ ᠪᠣᠶᠤ ᠡᠰᠡᠭᠦᠯ᠎ᠡ ᠴᠦᠮ᠎ᠡ ᠪᠠ ᠰᠠᠴᠤᠷᠠᠭ ᠤᠨ ᠭᠡᠨᠡᠳᠡᠯ ᠳᠤ ᠲᠣᠬᠢᠶᠠᠯᠳᠤᠭᠰᠠᠨ ᠦᠶᠡᠰ ᠲᠤ ᠬᠤᠷᠳᠤᠬᠠᠨ ᠲᠤᠬᠠᠢ ᠶᠢᠨ ᠭᠠᠵᠠᠷ ᠣᠷᠣᠨ ᠠᠴᠠ ᠰᠠᠯᠬᠤ ᠪᠣᠯ ᠴᠠᠭ ᠬᠤᠭᠤᠴᠠᠭ᠎ᠠ ᠶᠢ ᠪᠤᠭᠤᠨᠢᠰᠬᠠᠬᠤ ᠬᠠᠮᠤᠭ ᠤᠨ ᠳᠦᠲᠡ ᠠᠷᠭ᠎ᠠ ᠳᠡᠮ ᠪᠣᠯᠣᠨ᠎ᠠ᠃        3. ᠬᠠᠯᠬᠠᠪᠴᠢ ᠳᠠᠯᠳᠠᠪᠴᠢ ᠶᠢ ᠪᠦᠷᠢᠨ ᠭᠦᠢᠴᠡᠳ ᠠᠰᠢᠭᠯᠠᠬᠤ        ᠬᠠᠯᠬᠠᠪᠴᠢ ᠳᠠᠯᠳᠠᠪᠴᠢ ᠶᠢ ᠭᠦᠢᠴᠡᠳ ᠠᠰᠢᠭᠯᠠᠨ ᠰᠠᠴᠤᠷᠠᠭ ᠤᠨ ᠬᠦᠮᠦᠨ ᠤ ᠪᠡᠶ᠎ᠡ ᠳᠤ ᠳᠤᠰᠬᠤ ᠬᠦᠴᠦᠯᠡᠴᠨ ᠶᠢ ᠨᠢ ᠪᠠᠭᠤᠷᠠᠭᠤᠯᠤᠨ᠎ᠠ᠃ ᠴᠦᠮ᠎ᠡ ᠪᠠ ᠰᠠᠴᠤᠷᠠᠭ ᠤᠨ ᠭᠡᠨᠡᠳᠡᠯ ᠭᠠᠷᠤᠭᠰᠠᠨ ᠦᠶᠡᠰ ᠲᠤ ᠲᠡᠭᠲᠡᠷ ᠦᠭᠡᠢ ᠰᠢᠷᠤᠢ ᠲᠣᠭᠤᠰᠬᠠᠨ ᠭᠡᠷ ᠳᠣᠲᠤᠷ᠎ᠠ ᠳᠠᠯᠳᠠᠯᠠᠬᠤ ᠨᠢ ᠵᠦᠪᠬᠡᠨ ᠭᠠᠳᠠᠭ᠎ᠠ ᠬᠦᠳᠡᠭᠡ ᠳᠤᠰᠬᠤ ᠰᠠᠴᠤᠷᠠᠭ ᠤᠨ 1/5~1/16 ᠯᠨ ᠪᠠᠶᠢᠳᠠᠭ᠃ ᠬᠡᠷᠪᠡ ᠨᠦᠬᠡ ᠵᠤᠭᠤᠷᠢᠨ ᠳᠣᠲᠤᠷ᠎ᠠ ᠪᠣᠯ 1/12 ᠬᠦᠷᠦᠨ᠎ᠡ᠃ ᠳᠣᠲᠤᠷ᠎ᠠ ᠭᠡᠷ ᠨᠢ ᠭᠠᠳᠠᠷ ᠭᠡᠷ ᠠᠴᠠ ᠳᠡᠭᠡᠷ᠎ᠡ᠂ ᠭᠡᠷ ᠤᠨ ᠦᠨᠴᠦᠭ ᠪᠣᠯᠣᠩ ᠳᠤ ᠳᠠᠯᠳᠠᠯᠠᠬᠤ ᠨᠢ ᠭᠤᠣᠯ ᠳᠤᠮᠳᠠ ᠠᠴᠠ ᠳᠡᠭᠡᠷ᠎ᠡ᠂ ᠬᠠᠭᠠᠯᠭᠠᠨ ᠠᠷᠤ ᠳᠤ ᠳᠠᠯᠳᠠᠯᠠᠬᠤ ᠨᠢ ᠬᠠᠮᠤᠭ ᠠᠴᠠ ᠴᠠᠰᠢ ᠪᠠᠶᠢᠳᠠᠭ᠃ ᠰᠠᠴᠤᠷᠠᠭ ᠲᠤ ᠪᠤᠷᠬᠢᠳᠤᠭᠰᠠᠨ ᠭᠠᠵᠠᠷ ᠣᠷᠣᠨ ᠢ ᠲᠡᠷᠭᠡ ᠬᠦᠰᠭᠡ ᠪᠠᠷ ᠬᠤᠷᠳᠤᠨ ᠦᠡᠭᠭᠡᠷᠡᠪᠡᠯ᠂ ᠰᠠᠴᠤᠷᠠᠭ ᠳᠤᠰᠬᠠᠯᠳᠠ ᠶᠢᠨ ᠬᠤᠮᠵᠢᠮ ᠢ ᠨᠢ ᠶᠠᠪᠠᠭᠠᠨ ᠢᠶᠠᠷ ᠭᠠᠷᠤᠭᠰᠠᠨ ᠠᠴᠠ 30%~60% ᠪᠠᠷ ᠪᠠᠭᠠᠰᠬᠠᠵᠦ ᠴᠢᠳᠠᠨ᠎ᠠ᠃ ᠪᠠᠰᠨ ᠪᠤᠬᠢᠷᠳᠤᠭᠰᠠᠨ ᠣᠷᠣᠨ ᠳᠠᠬᠢ ᠴᠠᠭ ᠬᠤᠭᠤᠴᠠᠭ᠎ᠠ ᠶᠢ ᠴᠤ ᠪᠤᠭᠤᠨᠢᠰᠬᠠᠵᠦ ᠴᠢᠳᠠᠳᠠᠭ᠃ ᠳᠠᠩ ᠭᠠᠭᠴᠠ ᠰᠠᠴᠤᠷᠠᠭᠴᠢ ᠶᠢ ᠰᠢᠢᠳᠪᠦᠷᠢᠯᠡᠬᠦ ᠳᠡᠭᠡᠨ ᠴᠤ ᠪᠠᠰᠨ ᠬᠠᠯᠬᠠᠯᠠᠬᠤ ᠴᠢᠨᠠᠷ ᠰᠠᠶᠢᠲᠠᠢ ᠪᠣᠳᠠᠰ ᠤᠳ ᠵᠢᠱᠢᠶᠡᠯᠡᠪᠡᠯ ᠬᠡᠪ ᠤᠨ ᠲᠤᠭᠤᠯᠭ᠎ᠠ᠂ ᠲᠡᠮᠦᠷ ᠬᠠᠪᠳᠠᠰᠤ᠂ ᠫᠧᠲ᠋ᠤᠨ ᠬᠠᠨ᠎ᠠ ᠠᠳᠠᠷ ᠵᠡᠷᠭᠡ ᠶᠢ ᠠᠰᠢᠭᠯᠠᠬᠤ ᠬᠡᠷᠡᠭᠲᠠᠢ᠃        4. ᠰᠠᠴᠤᠷᠠᠭ ᠢ ᠰᠡᠷᠭᠡᠶᠢᠯᠡᠬᠦ ᠲᠡᠮᠳᠡᠭ ᠢ ᠠᠩᠬᠠᠷᠬᠤ        ᠶᠠᠮᠠᠷ ᠭᠠᠵᠠᠷ ᠣᠷᠣᠨ ᠳᠤ ᠬᠦᠷᠦᠭᠰᠡᠨ ᠴᠤ ᠰᠠᠴᠤᠷᠠᠭ ᠢ ᠰᠡᠷᠭᠡᠶᠢᠯᠡᠬᠦ ᠱᠤᠰᠢᠭ᠎ᠠ ᠳᠡᠮᠳᠡᠭ ᠤᠳ ᠪᠠᠶᠢᠪᠠᠯ᠂ ᠲᠡᠨᠳᠡ ᠠᠴᠠ ᠡᠷᠲᠡᠬᠡᠨ ᠮᠦᠷᠲᠡᠭᠡᠨ ᠬᠤᠯᠨ ᠵᠠᠶᠢᠳᠠᠬᠤ ᠬᠡᠷᠡᠭᠲᠠᠢ᠃ ᠬᠡᠷᠪᠡ ᠶᠠᠮᠠᠷ ᠨᠢᠭᠡᠨ ᠡᠳ᠋ ᠪᠣᠳᠠᠰ ᠳᠡᠭᠡᠷ᠎ᠡ ᠰᠠᠴᠤᠷᠠᠭ ᠢ ᠰᠡᠷᠭᠡᠶᠢᠯᠡᠬᠦ ᠱᠤᠰᠢᠭ᠎ᠠ ᠳᠡᠮᠳᠡᠭ ᠤᠳ ᠪᠠᠶᠢᠪᠠᠯ᠂ ᠲᠡᠭᠦᠨ ᠢ ᠨᠢᠭᠲᠠᠯᠠᠨ ᠰᠢᠨᠵᠢᠬᠦ ᠬᠡᠷᠡᠭ ᠦᠭᠡᠢ᠂ ᠨᠡᠩ ᠴᠤ ᠲᠡᠭᠦᠨ ᠳᠤ ᠬᠦᠷᠦᠯᠴᠡᠵᠦ ᠪᠣᠯᠬᠤ ᠦᠭᠡᠢ᠂ ᠬᠠᠷᠢᠨ ᠪᠤᠰᠢᠭᠤᠬᠠᠨ ᠵᠢᠭᠤᠳᠠᠬᠤ ᠬᠡᠷᠡᠭᠲᠠᠢ᠃        ᠲᠣᠮᠤ ᠬᠡᠯᠪᠡᠷᠢ ᠶᠢᠨ ᠰᠠᠴᠤᠷᠠᠭ ᠳᠤᠰᠬᠠᠬᠤ ᠲᠦᠬᠦᠭᠡᠷᠦᠮᠵᠢ ᠵᠢᠱᠢᠶᠡᠯᠡᠪᠡᠯ ᠢᠳᠡᠭᠡᠨ ᠤᠮᠳᠠᠭᠠᠨ᠂ ᠨᠣᠭᠤᠭ᠎ᠠ ᠴᠠᠭ᠎ᠠ᠂ ᠠᠷᠠᠰᠤ ᠨᠣᠣᠰᠤ᠂ ᠡᠮᠨᠡᠯᠭᠡ ᠶᠢᠨ ᠪᠠᠭᠠᠵᠢ ᠬᠡᠷᠡᠭᠰᠡᠯ᠂ ᠡᠮ ᠲᠠᠩ᠂ ᠵᠣᠭᠤᠰ ᠵᠡᠷᠭᠡ ᠶᠢ ᠰᠠᠴᠤᠷᠠᠭ ᠢᠶᠠᠷ ᠠᠷᠢᠭᠤᠳᠬᠠᠬᠤ ᠲᠦᠬᠦᠭᠡᠷᠦᠮᠵᠢ ᠶᠢᠨ ᠬᠡᠷᠡᠭᠯᠡᠳᠡᠭ ᠰᠠᠴᠤᠷᠠᠭᠴᠢ ᠶᠢᠨ ᠬᠢᠨᠢ ᠠᠮᠢᠵᠢᠷᠴᠠ ᠨᠢ ᠳᠣᠩ ᠶᠡᠭᠡ ᠪᠣᠯᠬᠤᠷ ᠬᠤᠮᠵᠢᠮ ᠠᠴᠠ ᠬᠡᠲᠦᠷᠡᠲᠡᠯ᠎ᠡ ᠳᠤᠰᠬᠠᠭᠳᠠᠬᠤ ᠶᠠᠪᠤᠳᠠᠯ ᠠᠷᠪᠢᠨ ᠭᠠᠷᠳᠠᠭ ᠮᠦᠷᠲᠡᠭᠡᠨ ᠭᠡᠨᠡᠳᠡᠯ ᠤᠨ ᠦᠷ᠎ᠡ ᠳ᠋ᠦᠡᠭ ᠨᠢ ᠴᠤ ᠬᠦᠨᠳᠤ ᠨᠣᠴᠢᠲᠠᠢ ᠪᠠᠶᠢᠳᠠᠭ᠃ 5. ᠶᠡᠷᠤ ᠶᠢᠨ ᠴᠠᠭ ᠲᠤ ᠰᠠᠴᠤᠷᠠᠭ ᠢ ᠰᠡᠷᠭᠡᠶᠢᠯᠡᠬᠦ ᠤᠬᠠᠮᠰᠠᠷ ᠲᠠᠢ ᠪᠠᠶᠢᠬᠤ ᠬᠡᠷᠡᠭᠲᠠᠢ        ᠰᠠᠴᠤᠷᠠᠭ ᠢ ᠠᠰᠢᠭᠯᠠᠵᠤ ᠬᠡᠷᠡᠭᠯᠡᠬᠦ ᠶᠠᠪᠤᠴᠠ ᠳᠤ ᠰᠠᠴᠤᠷᠠᠭᠳᠤ ᠪᠤᠳᠠᠰ ᠪᠤᠶᠤ ᠰᠠᠴᠤᠷᠠᠭᠴᠢ ᠪᠠᠨ ᠭᠡᠭᠡᠵᠤ ᠠᠯᠳᠠᠬᠤ᠂ ᠬᠤᠯᠠᠭᠠᠶᠢᠯᠠᠭᠳᠠᠬᠤ ᠶᠠᠪᠤᠳᠠᠯ ᠤᠳ ᠴᠤ ᠵᠦᠡᠭᠳᠡᠭᠡᠨ ᠭᠠᠷᠴᠤ ᠪᠠᠶᠢᠳᠠᠭ᠃ ᠬᠠᠷ᠎ᠠ ᠳᠤᠭᠤᠯᠭ᠎ᠠ ᠨᠢ ᠬᠦᠨᠳᠤ ᠮᠦᠷᠳᠡᠭᠡᠨ ᠬᠠᠶᠠᠭᠳᠠᠮᠠᠯ ᠡᠳ᠋ ᠪᠤᠳᠠᠰ ᠢ ᠬᠤᠳᠠᠯᠳᠤᠨ ᠠᠪᠬᠤ ᠭᠠᠵᠠᠷ ᠲᠤ ᠨᠡᠯᠢᠶᠡᠳ ᠦᠨ᠎ᠠ ᠬᠦᠷᠳᠡᠭ ᠪᠤᠯᠬᠤᠷ ᠵᠠᠷᠢᠮ ᠬᠦᠮᠦᠰ ᠰᠠᠴᠤᠷᠠᠭᠴᠢ ᠲᠠᠢ ᠳᠤᠭᠤᠯᠭᠠᠨ ᠳᠠᠰᠢᠮᠠᠭ ᠢ ᠬᠤᠯᠠᠭᠠᠶᠢᠯᠠᠨ ᠠᠪᠠᠴᠢᠭᠠᠳ ᠬᠤᠳᠠᠯᠳᠤᠳᠠᠭ᠃ ᠡᠭᠦᠨ ᠤ ᠵᠠᠷᠢᠮ ᠰᠠᠴᠤᠷᠠᠭᠴᠢ ᠨᠢ ᠬᠠᠶᠠᠭᠳᠠᠮᠠᠯ ᠳᠡᠮᠦᠷᠯᠢᠭ ᠲᠠᠢ ᠴᠤᠭᠭᠠᠷ ᠳᠠᠬᠢᠨ ᠬᠠᠶᠢᠯᠤᠭᠳᠠᠭᠠᠳ ᠡᠯ᠎ᠠ ᠵᠦᠢᠯ ᠤᠨ ᠡᠳᠤᠷ ᠳᠤᠳᠤᠮ ᠤᠨ ᠬᠡᠷᠡᠭᠰᠡᠯ ᠳᠤ ᠤᠷᠤᠭᠰᠠᠨ ᠪᠠ ᠵᠤᠤᠬᠠᠨ ᠤ ᠪᠤᠬᠢᠷᠳᠤᠭᠰᠠᠨ ᠰᠢᠭᠠᠷᠤ ᠪᠠᠷ ᠨᠢ ᠳᠤᠭᠤᠰᠬ᠎ᠠ ᠬᠢᠬᠦ ᠪᠤᠶᠤ ᠵᠠᠮ ᠳᠡᠪᠢᠰᠬᠦ ᠵᠡᠷᠭᠡ ᠶᠠᠪᠤᠳᠠᠯ ᠴᠤ ᠭᠠᠷᠤᠭᠰᠠᠨ ᠶᠤᠮ᠃ ᠬᠡᠷᠪᠡ ᠡᠯᠳᠡᠪ ᠰᠤᠨᠢᠨ ᠳᠡᠮᠦᠷᠯᠢᠭ ᠨᠡᠩ ᠢᠯᠠᠩᠭᠤᠶ᠎ᠠ ᠦᠯᠦ ᠵᠢᠪᠡᠷᠡᠬᠦ ᠪᠤᠯᠤᠳ ᠮᠡᠳᠤ ᠵᠢᠵᠢᠭ ᠳᠡᠮᠦᠷᠯᠢᠭ ᠵᠡᠷᠭᠡ ᠬᠠᠷᠭᠤᠪᠠᠯ ᠬᠠᠮᠤᠭ ᠰᠠᠶᠢᠨ ᠨᠢ ᠳᠡᠳᠡᠭᠡᠷ ᠢ ᠳᠡᠭᠦᠵᠤ ᠠᠪᠬᠤ ᠦᠭᠡᠢ ᠪᠤᠯ ᠵᠤᠬᠢᠨ᠎ᠠ᠃        ᠰᠠᠴᠤᠷᠠᠭ ᠤᠨ ᠭᠡᠨᠡᠳᠡᠯ ᠨᠢ ᠰᠠᠴᠤᠷᠠᠭ ᠢ ᠵᠦᠢ ᠪᠤᠰᠤ ᠪᠠᠷ ᠠᠰᠢᠭᠯᠠᠵᠦ ᠬᠡᠷᠡᠭᠯᠡᠬᠦ ᠠᠴᠠ ᠴᠤ ᠢᠷᠠᠯᠳᠠᠳᠠᠢ ᠪᠠᠶᠢᠳᠠᠭ᠃        ᠵᠠᠷᠢᠮ ᠬᠦᠮᠦᠰ ᠤᠨ ᠰᠠᠴᠤᠷᠠᠭ ᠢᠶᠠᠷ ᠬᠠᠮᠲᠤ ᠠᠵᠢᠯᠯᠠᠭᠰᠠᠳ ᠢᠶᠠᠨ ᠬᠤᠣᠷᠯᠠᠬᠤ ᠶᠠᠪᠤᠳᠠᠯ ᠢ ᠴᠤ ᠪᠠᠰᠨ ᠰᠡᠷᠭᠡᠶᠢᠯᠡᠬᠦ ᠬᠡᠷᠡᠭᠲᠠᠢ᠃ ᠪᠡᠭᠡᠵᠢᠩ ᠳᠤ ᠲᠠᠯᠢ ︵Tl︶ ᠪᠠᠷ ᠨᠢᠭᠡᠨ ᠢᠶᠠᠨ ᠬᠤᠣᠷᠯᠠᠭᠰᠠᠨ ᠶᠠᠪᠤᠳᠠᠯ᠂ ᠠᠩᠭ᠍ᠯᠢ ᠤᠯᠤᠰ ᠲᠤ ᠵᠠᠶᠢᠯᠠᠨ ᠰᠠᠭᠤᠵᠦ ᠪᠠᠶᠢᠭᠰᠠᠨ ᠤᠤᠯ ᠤᠨ ᠵᠦᠪᠯᠡᠯᠲᠤ ᠬᠤᠯᠪᠤᠭᠠᠲᠤ ᠤᠯᠤᠰ ᠤᠨ ᠤᠯᠤᠰ ᠤᠨ ᠠᠮᠤᠷ ᠲᠦᠪᠰᠢᠨ ᠤ ᠲᠠᠩᠨᠠᠭᠤᠯ ᠨᠢ ᠫᠣᠯᠣᠨᠢ -210 ︵ 210 Po︶ ᠲᠠᠢ ᠺᠣᠹᠧ ᠤᠤᠭᠤᠭᠠᠳ ᠦᠬᠦᠭᠰᠡᠨ ᠵᠢᠱᠢᠶ᠎ᠡ ᠴᠤ ᠪᠣᠢ᠃ ᠪᠠᠰᠨ ᠵᠠᠷᠢᠮ ᠨᠢ ᠤᠳᠤᠷᠢᠳᠤᠯᠭ᠎ᠠ ᠶᠢᠨ ᠢᠶᠠᠨ ᠠᠯᠪᠠᠨ ᠭᠡᠷ ᠤᠨ ᠠᠳᠠᠷ ᠲᠡᠭᠡᠪᠦᠷ ᠤᠨ ᠬᠤᠭᠤᠷᠣᠨᠳᠤ ᠰᠠᠴᠤᠷᠠᠭᠴᠢ ᠲᠠᠯᠪᠢᠭᠠᠳ ᠬᠤᠣᠷᠯᠠᠬᠤ ᠶᠠᠪᠤᠳᠠᠯ ᠴᠤ ᠭᠠᠷᠤᠭᠰᠠᠨ ᠶᠤᠮ᠃        ᠵᠠᠷᠢᠮ ᠬᠦᠮᠦᠰ ᠪᠠᠰᠨ ᠮᠦᠷᠦᠢ ᠲᠠᠯᠪᠢᠬᠤ ᠳᠠᠭᠠᠨ ᠬᠦᠵᠦᠷ ᠪᠣᠶᠤ ᠮᠠᠵᠢᠶᠠᠩ ᠳᠡᠭᠡᠷ᠎ᠡ ᠪᠠᠨ ᠰᠠᠴᠤᠷᠠᠭᠲᠤ ᠪᠣᠳᠠᠰ ᠢ ᠲᠦᠷᠬᠢᠭᠡᠳ᠂ ᠰᠠᠴᠤᠷᠠᠭ ᠬᠠᠶᠢᠭᠤᠷ  ᠢᠶᠠᠷ ᠨᠦᠭᠦᠭᠡ ᠡᠲᠡᠭᠡᠳ ᠤᠨ ᠢᠶᠠᠨ ᠫᠠᠢ ᠶᠢᠨ ᠰᠠᠶᠢᠨ ᠮᠠᠭᠤ ᠪᠣᠶᠤ ᠶᠠᠮᠠᠷ ᠶᠠᠮᠠᠷ ᠫᠠᠢ ᠪᠠᠶᠢᠬᠤ ᠶᠢ ᠮᠡᠳᠡᠵᠦ ᠠᠪᠤᠭᠠᠳ ᠵᠣᠭᠤᠰ ᠬᠤᠨᠵᠢᠵᠦ ᠪᠠᠶᠢᠬᠤ ᠶᠠᠪᠤᠳᠠᠯ ᠭᠠᠷᠴᠤ ᠦᠡᠭᠭᠡᠷᠡᠪᠡ᠃        ᠶᠡᠷᠦ ᠪᠣᠰᠤ ᠶᠢᠨ ᠤᠲᠤᠭ᠎ᠠ ᠲᠣᠭᠤᠰᠤ ᠭᠠᠷᠬᠤ ᠪᠣᠶᠤ ᠳᠡᠯᠪᠡᠷᠡᠯᠲᠡ ᠡᠭᠦᠰᠬᠦ ᠳᠤ ᠰᠣᠨᠢᠭᠤᠴᠢᠨ ᠦᠵᠡᠬᠦ ᠪᠠᠷ ᠣᠴᠢᠬᠤ ᠵᠡᠷᠭᠡ ᠳᠤ ᠴᠤ ᠴᠦᠮ᠎ᠡ ᠪᠣᠶᠤ ᠰᠠᠴᠤᠷᠠᠭ ᠤᠨ ᠭᠡᠨᠡᠳᠡᠯ ᠤᠨ ᠤᠬᠠᠮᠰᠠᠷ ᠲᠠᠢ ᠪᠠᠶᠢᠪᠠᠯ ᠵᠣᠬᠢᠨ᠎ᠠ᠃ ᠬᠤᠶᠠᠷ᠂ ᠰᠠᠴᠤᠷᠠᠭ ᠳᠤᠰᠬᠠᠯᠳᠠ ᠪᠠ ᠰᠠᠴᠤᠷᠠᠭᠳᠤ ᠪᠤᠬᠢᠷᠳᠤᠯ ᠢ ᠰᠡᠷᠭᠡᠶᠢᠯᠡᠬᠦ        ᠡᠳᠤᠷ ᠳᠤᠳᠤᠮ ᠤᠨ ᠠᠮᠢᠳᠤᠷᠠᠯ ᠳᠤ ᠤᠯᠠᠨ ᠨᠠᠶᠢᠳᠠ ᠶᠢᠨ ᠬᠢᠨ ᠨᠢᠭᠡ ᠪᠦᠯᠦᠭ ᠰᠠᠴᠤᠷᠠᠭ ᠲᠤ ᠨᠡᠯᠢᠶᠡᠳ ᠠᠷᠪᠢᠨ ᠳᠤᠰᠬᠠᠭᠳᠠᠳᠠᠭ ᠪᠠ ᠨᠢᠭᠡ ᠪᠦᠯᠦᠭ ᠰᠠᠴᠤᠷᠠᠭᠳᠤ ᠪᠤᠬᠢᠷᠳᠤᠯ ᠢ ᠬᠦᠷᠳᠡᠳᠡᠭ᠃ ᠡᠭᠦᠨ ᠢ ᠡᠷᠬᠡᠪᠰᠢ ᠭᠤᠤᠯᠳᠠᠯᠭ᠎ᠠ ᠲᠠᠢ ᠰᠡᠷᠭᠡᠶᠢᠯᠡᠬᠦ ᠬᠡᠷᠡᠭᠳᠠᠢ᠃        1. ᠰᠠᠴᠤᠷᠠᠭ ᠢᠶᠠᠷ ᠠᠮᠤᠷ ᠲᠦᠪᠰᠢᠨ ᠢ ᠪᠠᠶᠢᠴᠠᠭᠠᠬᠤ        ᠲᠡᠷᠭᠡᠨ ᠦᠷᠲᠡᠭᠡ᠂ ᠨᠢᠰᠭᠡᠯ ᠤᠨ ᠪᠠᠭᠤᠳᠠᠯ ᠵᠡᠷᠭᠡ ᠭᠠᠵᠠᠷ ᠤᠳ ᠲᠤ ᠰᠠᠴᠤᠷᠠᠭ ᠢᠶᠠᠷ ᠠᠶᠠᠨᠴᠢᠳ ᠤᠨ ᠴᠦᠴᠤᠭᠡ ᠶᠢ ᠪᠠᠶᠢᠴᠠᠭᠠᠬᠤ ᠪᠠ ᠬᠢᠯᠢ ᠶᠢᠨ ᠪᠤᠭᠤᠮᠲᠠ ᠶᠢᠨ ᠠᠴᠢᠶᠠᠨ ᠤ ᠮᠠᠰᠢᠨ ᠲᠡᠷᠭᠡ ᠪᠣᠯᠣᠨ ᠪᠠᠷᠠᠭᠠᠨ ᠤ ᠭᠠᠯᠲᠤ ᠲᠡᠷᠭᠡ ᠶᠢ ᠰᠠᠴᠤᠷᠠᠭ ᠢᠶᠠᠷ ᠪᠠᠶᠢᠴᠠᠭᠠᠳᠠᠭ᠃ ᠠᠶᠠᠨᠴᠢᠳ ᠲᠡᠷᠭᠡᠨ ᠦᠷᠲᠡᠭᠡ᠂ ᠨᠢᠰᠭᠡᠯ ᠤᠨ ᠪᠠᠭᠤᠳᠠᠯ ᠵᠡᠷᠭᠡ ᠳᠤ ᠣᠷᠣᠬᠤ ᠶᠢᠨ ᠳᠠᠭᠠᠤ ᠠᠪᠴᠤ ᠶᠠᠪᠤᠭ᠎ᠠ ᠴᠦᠴᠦᠭᠡ ᠶᠢ ᠨᠢ X ᠰᠠᠴᠤᠷᠠᠭ ᠤᠨ ᠴᠡᠭᠡᠨ ᠭᠡᠷᠡᠯ ᠤᠨ ᠰᠢᠷᠪᠢᠯᠲᠡ ᠶᠢᠨ ᠰᠢᠰᠲ᠋ᠧᠮ ᠢᠶᠠᠷ ᠪᠠᠶᠢᠴᠠᠭᠠᠳᠠᠭ᠃ ᠡᠨᠡ ᠨᠢ ᠪᠠᠷᠤᠭ ᠤᠳᠠᠭ᠎ᠠ ᠪᠦᠷᠢ 7 × 10 -9 Sv ᠤᠨ ᠰᠠᠴᠤᠷᠠᠭ ᠲᠤ ᠳᠤᠰᠬᠠᠭᠳᠠᠳᠠᠭ ᠪᠠᠶᠢᠨ᠎ᠠ᠃        2. ᠵᠢᠭᠠᠨ ᠰᠤᠷᠭᠠᠯᠳᠠ ᠳᠠᠬᠢ ᠰᠠᠴᠤᠷᠠᠭ ᠳᠤᠰᠬᠠᠯᠲᠠ        ᠳᠤᠮᠳᠠᠳᠤ ᠰᠤᠷᠭᠠᠭᠤᠯᠢ ᠶᠢᠨ ᠬᠢᠴᠢᠶᠡᠯ ᠳᠤ ᠦᠷᠬᠦᠯᠵᠢ ᠵᠠᠷᠢᠮ ᠨᠢᠭᠡ ᠪᠦᠯᠦᠭ X ᠰᠠᠴᠤᠷᠠᠭ ᠡᠭᠦᠰᠭᠡᠬᠦ ᠲᠦᠬᠦᠭᠡᠷᠦᠮᠵᠢ ᠲᠣᠨᠤᠭᠯᠠᠭᠠᠰᠤ ᠪᠠᠷ ᠦᠵᠡᠭᠦᠯᠦᠨ ᠵᠢᠭᠠᠳᠠᠭ᠃ ᠡᠭᠦᠨ ᠤ ᠤᠯᠠᠮ ᠠᠴᠠ ᠪᠠᠭᠰᠢ ᠰᠤᠷᠤᠭᠴᠢᠳ X ᠰᠠᠴᠤᠷᠠᠭ ᠲᠤ ᠳᠤᠰᠬᠠᠭᠳᠠᠳᠠᠭ᠃ ᠵᠢᠱᠢᠶᠡᠯᠡᠪᠡᠯ ᠪᠢᠯᠢᠭ ᠲᠦᠢᠯ ᠤᠨ X ᠰᠠᠴᠤᠷᠠᠭ ᠤᠨ ᠴᠣᠯᠴᠤᠩ  ᠠᠴᠠ 0.3 ᠮᠧᠲᠷ ᠵᠠᠶᠢᠲᠠᠢ ᠳᠤ ᠨᠢᠭᠡ ᠺᠢᠯᠦᠭᠷᠠᠮ ᠠᠭᠠᠷ ᠳᠣᠲᠤᠷ᠎ᠠ ᠴᠠᠭ ᠪᠦᠷᠢ 9 × 10 -3  ᠺᠦᠯᠦᠮᠪ ᠤᠨ X ᠰᠠᠴᠤᠷᠠᠭ ᠤᠨ ᠳᠤᠰᠬᠠᠯᠲᠠ ᠭᠠᠷᠳᠠᠭ᠃ ᠬᠡᠷᠪᠡ X ᠰᠠᠴᠤᠷᠠᠭ ᠤᠨ ᠡᠨᠧᠷᠬᠢ ᠨᠢ 50keV ᠬᠦᠷᠪᠡᠯ ᠴᠠᠭ ᠪᠦᠷᠢ ᠪᠠᠷᠤᠭ 0.1 ᠰᠢᠸᠧᠲ ᠤᠨ ᠰᠠᠴᠤᠷᠠᠭ ᠬᠦᠷᠲᠡᠳᠡᠭ ᠪᠠᠶᠢᠨ᠎ᠠ᠃ ᠢᠯᠠᠩᠭᠤᠶ᠎ᠠ ᠴᠦᠬᠡᠨ ᠪᠤᠰᠤ ᠳᠤᠮᠳᠠᠳᠤ ᠰᠤᠷᠭᠠᠭᠤᠯᠢ ᠶᠢᠨ ᠪᠠᠭᠰᠢ ᠨᠠᠷ ᠨᠢ ᠰᠠᠴᠤᠷᠠᠭ ᠠᠴᠠ ᠬᠠᠮᠠᠭᠠᠯᠠᠬᠤ ᠦᠨᠳᠦᠰᠦᠨ ᠵᠠᠷᠴᠢᠮ ᠪᠣᠯᠣᠨ ᠵᠣᠬᠢᠬᠤ ᠰᠡᠷᠭᠡᠶᠢᠯᠡᠨ ᠬᠠᠮᠠᠭᠠᠯᠠᠬᠤ ᠠᠷᠭ᠎ᠠ ᠠᠪᠴᠠᠯ ᠤᠨ ᠮᠡᠳᠡᠯᠭᠡ ᠪᠠᠷ ᠳᠣᠯᠢᠮᠠᠭ ᠪᠠᠶᠢᠳᠠᠭ ᠢ ᠠᠩᠬᠠᠷᠤᠭᠤᠰᠢᠲᠠᠢ ᠪᠢᠯᠨ᠃        3. ᠰᠠᠴᠤᠷᠠᠭᠲᠤ ᠪᠣᠳᠠᠰ ᠲᠠᠢ ᠬᠠᠶᠠᠭᠳᠠᠮᠠᠯ ᠡᠳ᠋ ᠤᠳ ᠤᠨ ᠪᠣᠬᠢᠷᠳᠤᠯ        ᠵᠢᠴᠢ ᠲᠤᠷ᠎ᠠ ᠪᠠᠷ ᠬᠠᠶᠠᠭᠰᠠᠨ ᠡᠳᠡᠭᠡᠷ ᠬᠠᠶᠠᠭᠳᠠᠮᠠᠯ ᠡᠳ᠋ ᠪᠣᠳᠠᠰ᠃ ᠨᠢᠭᠡᠨᠲᠡ ᠬᠡᠷᠡᠭᠯᠡᠵᠦ ᠦᠡᠭᠭᠡᠷᠡᠭᠰᠡᠨ ᠰᠠᠴᠤᠷᠠᠭᠲᠤ ᠪᠣᠳᠠᠰ ᠬᠤᠯᠢᠭᠰᠠᠨ ᠦᠢᠯᠡᠳᠭᠦᠨ ᠢ ᠪᠠᠷᠤᠭ ᠯᠨ ᠪᠦᠷ ᠶᠠᠮᠠᠷ ᠴᠤ ᠬᠢᠵᠠᠭᠠᠷᠯᠠᠯ ᠦᠭᠡᠢ ᠪᠠᠷ ᠡᠴᠦᠰ ᠰᠡᠭᠦᠯ ᠳᠡᠭᠡᠨ ᠡᠩ ᠤᠨ ᠬᠠᠶᠠᠭᠳᠠᠮᠠᠯ ᠲᠠᠢ ᠠᠳᠠᠯᠢ ᠪᠠᠷ ᠲᠤᠷ᠎ᠠ ᠪᠠᠷ ᠢᠶᠠᠨ ᠬᠠᠶᠠᠬᠤ ᠪᠣᠶᠤ ᠰᠢᠲᠠᠭᠠᠳᠠᠭ ᠪᠠᠶᠢᠨ᠎ᠠ᠃ ᠡᠳᠡᠭᠡᠷ ᠡᠳ᠋ ᠤᠳ ᠢ ᠶᠡᠷᠦᠳᠡᠭᠡᠨ ᠨᠡᠯᠢᠶᠡᠳ ᠬᠤᠯᠨ ᠬᠤᠭ ᠨᠣᠪᠰᠢ ᠶᠢᠨ ᠣᠪᠤᠭᠠᠨ ᠳᠤ ᠬᠠᠶᠠᠳᠠᠭ ᠪᠣᠯᠬᠤᠷ ᠲᠡᠭᠦᠵᠦ ᠠᠪᠬᠤ ᠦᠭᠡᠢ ᠪᠣᠯ ᠬᠦᠮᠦᠰ ᠲᠤ ᠪᠠᠷᠤᠭ ᠰᠠᠴᠤᠷᠠᠭ ᠳᠤᠰᠬᠠᠯᠲᠠ ᠪᠣᠯᠳᠠᠭ ᠦᠭᠡᠢ᠃ ᠬᠡᠲᠤ ᠬᠦᠨᠳᠤ ᠤᠰᠤᠳᠦ᠋ᠷᠦᠭᠴᠢ ︵ 3H︶ ᠶᠢ ᠠᠭᠤᠯᠤᠭᠰᠠᠨ ᠭᠡᠷᠡᠯᠲᠦᠬᠦ ᠴᠠᠭ ᠬᠡᠮᠵᠢᠭᠦᠷᠯᠢᠭ ᠤᠳ ᠢ ᠰᠢᠲᠠᠭᠠᠬᠤ ᠦᠶᠡᠰ ᠲᠤ ᠨᠢᠭᠡ ᠪᠦᠯᠦᠭ  3H ᠨᠢ ᠠᠭᠠᠷ ᠲᠤ ᠲᠠᠷᠬᠠᠳᠠᠭ᠃        4. ᠴᠦᠮ᠎ᠡ ᠶᠢᠨ ᠡᠨᠧᠷᠬᠢ ᠶᠢᠨ ᠦᠢᠯᠡᠳᠪᠦᠷᠢᠯᠡᠯ ᠤᠨ ᠰᠠᠴᠤᠷᠠᠭᠲᠤ ᠪᠣᠬᠢᠷᠳᠤᠯ        ᠴᠦᠮ᠎ᠡ ᠶᠢᠨ ᠴᠠᠬᠢᠯᠭᠠᠨ ᠦᠷᠲᠡᠭᠡ᠂ ᠴᠦᠮ᠎ᠡ ᠶᠢᠨ ᠤᠷᠪᠠᠯ ᠤᠨ ᠵᠤᠤᠬ᠎ᠠ᠂ ᠴᠦᠮ᠎ᠡ ᠶᠢᠨ ᠬᠦᠳᠡᠯᠭᠡᠭᠦᠷᠲᠤ ᠣᠡᠭᠭᠤᠴᠠ ᠵᠡᠷᠭᠡ ᠶᠢᠨ ᠲᠦᠯᠡᠰᠢ ᠶᠢ ᠦᠢᠯᠡᠳᠪᠦᠷᠢᠯᠡᠬᠦ᠂ ᠳᠠᠬᠢᠨ ᠡᠳ᠋ᠰᠢᠭᠦᠯᠬᠦ᠂ ᠰᠢᠢᠳᠪᠤᠷᠢᠯᠡᠬᠦ ᠵᠡᠷᠭᠡ ᠠᠴᠠ ᠡᠭᠦᠰᠦᠭᠰᠡᠨ ᠦᠷᠠᠨ ︵U︶᠂ ᠲᠣᠷᠢ ︵Th︶᠂ ᠷᠠᠳᠢ ︵Ra︶᠂ ᠬᠡᠲᠤ ᠬᠦᠨᠳᠤ ᠤᠰᠤᠳᠦ᠋ᠷᠦᠭᠴᠢ ︵3H︶᠂ ᠷᠠᠳᠤᠨ ︵Rn︶᠂ ᠨᠡᠭᠦᠷᠡᠰᠦᠳᠦ᠋ᠷᠦᠭᠴᠢ — 14 ︵14C︶᠂ ᠢᠤᠳ᠋ ︵I︶᠂ ᠼᠧᠽᠢ   ︵Cs︶᠂   ᠷᠦᠪᠢᠲᠠᠨ ︵Ru︶᠂ ᠺᠣᠪᠠᠯᠲ ︵Co︶᠂ ᠺᠷᠢᠫᠲ᠋ᠤᠨ — 85 ︵ 85Kr︶ ᠰᠲ᠋ᠣᠷᠣᠠᠲ — 90 ︵ 90 Sr︶ ᠵᠡᠷᠭᠡ ᠨᠢ ᠪᠠᠰᠨ ᠠᠳᠠᠯᠢ ᠪᠤᠰᠤ ᠬᠡᠮᠵᠢᠶ᠎ᠡ  ᠪᠠᠷ ᠣᠷᠴᠢᠨ ᠠᠬᠤᠢ ᠶᠢ ᠪᠣᠬᠢᠷᠲᠤᠭᠤᠯᠤᠭᠠᠳ ᠬᠦᠮᠦᠰ ᠲᠤ ᠪᠠᠰᠨ ᠶᠡᠭᠡ ᠲᠦᠯᠦᠪ 0.0002 mSv ᠤᠨ ᠰᠠᠴᠤᠷᠠᠭ ᠲᠤᠰᠬᠠᠯᠲᠠ ᠶᠢ ᠨᠡᠮᠡᠭᠳᠡᠭᠦᠯᠳᠡᠭ᠃ ᠴᠧᠷᠨᠣᠪᠢᠯ ᠤᠨ ᠴᠦᠮ᠎ᠡ ᠶᠢᠨ ᠬᠡᠷᠡᠭ ᠶᠠᠪᠤᠳᠠᠯ ᠨᠢ 0.002 mSv᠃        5. ᠴᠦᠮ᠎ᠡ ᠶᠢᠨ ᠵᠡᠪᠰᠡᠭ ᠤᠨ ᠲᠤᠷᠰᠢᠯᠲᠠ ᠶᠢᠨ ᠰᠠᠴᠤᠷᠠᠭᠲᠤ ᠪᠣᠬᠢᠷᠳᠤᠯ        1945 ᠣᠨ ᠤ 7 ᠳ᠋ᠤᠭᠠᠷ ᠰᠠᠷ᠎ᠠ ᠶᠢᠨ 16 ᠤ ᠡᠳᠦᠷ ᠬᠦᠮᠦᠨ ᠲᠦᠷᠦᠯᠬᠢᠲᠡᠨ ᠠᠩᠬᠠᠳᠠᠭᠴᠢ ᠠᠲ᠋ᠤᠮ ᠤᠨ ᠪᠦᠮᠪᠦᠭᠡ ᠶᠢ ᠠᠮᠵᠢᠯᠲᠠᠲᠠᠢ ᠪᠠᠷ ᠳᠡᠯᠪᠡᠷᠡᠭᠦᠯᠦᠭᠰᠡᠨ ᠠᠴᠠ ᠨᠠᠰᠢ ᠣᠳᠣ ᠪᠣᠯᠲᠠᠯ᠎ᠠ ᠪᠦᠬᠦ ᠳᠡᠯᠡᠬᠡᠢ ᠳᠤ 2000 ᠤᠳᠠᠭᠠᠨ ᠤ ᠴᠦᠮ᠎ᠡ ᠶᠢᠨ ᠲᠤᠷᠰᠢᠯᠲᠠ ᠬᠢᠪᠡ᠃ ᠡᠭᠦᠨ ᠤ ᠳᠣᠲᠤᠷ᠎ᠠ 1980 ᠣᠨ ᠪᠣᠯᠲᠠᠯ᠎ᠠ ᠠᠭᠠᠷ ᠳᠣᠲᠤᠷ᠎ᠠ ᠨᠡᠶᠢᠲᠡ 543 ᠤᠳᠠᠭᠠᠨ ᠤ ᠴᠦᠮ᠎ᠡ ᠶᠢᠨ ᠲᠤᠷᠰᠢᠯᠲᠠ ᠬᠢᠵᠦ᠂ ᠲᠡᠷᠨ ᠨᠢ ᠪᠦᠬᠦ ᠬᠦᠮᠦᠨ ᠲᠦᠷᠦᠯᠬᠢᠲᠡᠨ ᠳᠤ ᠣᠷᠴᠢᠨ ᠠᠬᠤᠢ ᠠᠴᠠ ᠢᠷᠡᠬᠦ ᠬᠢᠮᠠᠯ ᠰᠠᠴᠤᠷᠠᠭᠤᠯᠤᠭᠴᠢ ᠶᠢᠨ ᠭᠤᠣᠯ ᠵᠦᠢᠯ ᠨᠢ ᠪᠣᠯᠵᠦ ᠪᠠᠶᠢᠳᠠᠭ᠃ ᠪᠠᠷᠤᠭᠴᠠᠭᠠᠯᠠᠨ ᠪᠣᠳᠤᠭᠰᠠᠨ ᠢ ᠦᠨᠳᠦᠰᠦᠯᠡᠪᠡᠯ᠂ ᠠᠭᠠᠷ ᠲᠤ ᠳᠡᠯᠪᠡᠷᠡᠭᠦᠯᠦᠭᠰᠡᠨ ᠴᠦᠮ᠎ᠡ ᠶᠢᠨ ᠲᠤᠷᠰᠢᠯᠲᠠ ᠠᠴᠠ 1963 ᠣᠨ ᠳᠤ ᠪᠦᠬᠦ ᠬᠦᠮᠦᠨ ᠲᠦᠷᠦᠯᠬᠢᠲᠡᠨ ᠤ ᠬᠦᠷᠲᠡᠭᠰᠡᠨ ᠰᠠᠴᠤᠷᠠᠭ ᠨᠢ ᠬᠠᠮᠤᠭ ᠶᠡᠭᠡ ᠪᠠᠶᠢᠵᠦ᠂ ᠳᠤᠮᠳᠠᠴᠢ ᠪᠠᠷ 110 ᠮᠢᠺᠷᠤ᠋ ᠰᠢᠸᠧᠲ ︵μSv︶ ᠪᠠᠶᠢᠭᠰᠠᠨ ᠠᠴᠠ 2000 ᠣᠨ ᠪᠣᠯᠬᠤ ᠳᠤ ᠨᠢᠭᠡᠨᠲᠡ 5 ᠮᠢᠺᠷᠤ᠋ ᠰᠢᠸᠧᠲ ᠪᠣᠯᠣᠨ ᠪᠠᠭᠤᠷᠠᠵᠠᠢ᠃ ᠤᠮᠠᠷᠠᠲᠤ ᠬᠠᠭᠠᠰ ᠪᠦᠮᠪᠦᠷᠴᠡᠭ  ᠲᠤ ᠬᠢᠭᠰᠡᠨ ᠴᠦᠮ᠎ᠡ ᠶᠢᠨ ᠲᠤᠷᠰᠢᠯᠲᠠ ᠨᠢ ᠠᠷᠪᠢᠨ ᠪᠣᠯᠬᠤᠷ ᠠᠳᠡᠬᠢ ᠬᠦᠮᠦᠰ ᠨᠢ ᠡᠮᠦᠨᠡᠲᠤ ᠬᠠᠭᠠᠰ ᠪᠦᠮᠪᠦᠷᠴᠡᠭ ᠤᠨ ᠬᠦᠮᠦᠰ ᠠᠴᠠ ᠵᠢᠯ ᠪᠦᠷᠢ ᠢᠯᠡᠭᠦᠦ 10%  ᠶᠢᠨ ᠰᠠᠴᠤᠷᠠᠭ ᠬᠦᠷᠲᠡᠳᠡᠭ᠃ ᠡᠳᠡᠭᠡᠷ ᠨᠢ ᠭᠤᠣᠯᠳᠠᠭᠤ ᠦᠨᠦ ᠪᠣᠯᠲᠠᠯ᠎ᠠ ᠣᠷᠴᠢᠨ ᠠᠬᠤᠢ ᠳᠤ ᠦᠯᠡᠳᠡᠵᠦ ᠪᠠᠶᠢᠭ᠎ᠠ ᠨᠡᠭᠦᠷᠡᠰᠦᠳᠦ᠋ᠷᠦᠭᠴᠢ — 14 ︵ 14 C︶᠂ ᠰᠲᠷᠣᠠᠲ — 90 ︵ 90 Sr︶ ᠪᠣᠯᠣᠨ ᠼᠧᠽᠢ — 137 ︵ 137 Cs︶ ᠠᠴᠠ ᠢᠷᠡᠵᠦ ᠪᠠᠶᠢᠭ᠎ᠠ ᠶᠣᠮ᠃ ᠬᠤᠶᠢᠰᠢᠲᠠ ᠶᠢᠨ 2000 — 3000 ᠵᠢᠯ ᠳᠤ ᠡᠳᠡᠭᠡᠷ ᠦᠯᠡᠳᠡᠵᠦ ᠪᠠᠶᠢᠭ᠎ᠠ ᠰᠠᠴᠤᠷᠠᠭᠲᠤ ᠶᠢᠨ 50% ᠨᠢ ᠠᠷᠢᠯᠤᠨ᠂ 1 ᠲᠦᠮᠡᠨ ᠵᠢᠯ ᠤᠨ ᠳᠠᠷᠠᠭ᠎ᠠ ᠰᠠᠶ᠋ᠢ ᠨᠡᠭᠦᠷᠡᠰᠦᠳᠦ᠋ᠷᠦᠭᠴᠢ — 14 ᠵᠡᠷᠭᠡ ᠰᠠᠴᠤᠷᠠᠭᠲᠤ ᠨᠢ ᠪᠦᠷᠢᠮᠦᠰᠦᠨ ᠠᠷᠢᠯᠬᠤ ᠪᠣᠯᠤᠨ᠎ᠠ᠃        ᠭᠤᠷᠪᠠ᠂ ᠰᠠᠴᠤᠷᠠᠭᠲᠤ ᠪᠣᠳᠠᠰ ᠬᠤᠯᠢᠭᠰᠠᠨ ᠡᠳ᠋ ᠬᠡᠷᠡᠭᠰᠡᠯ ᠤᠨ ᠰᠠᠴᠤᠷᠠᠭ ᠢ ᠰᠡᠷᠭᠡᠶᠢᠯᠡᠬᠦ        ᠣᠳᠣᠬᠠᠨ ᠳᠤ ᠰᠠᠴᠤᠷᠠᠭᠲᠤ ᠴᠦᠮᠡᠲᠤ ᠶᠢ ᠬᠤᠯᠢᠭᠰᠠᠨ ᠦᠢᠯᠡᠳᠭᠦᠨ ᠤ ᠲᠦᠷᠦᠯ ᠵᠦᠢᠯ ᠪᠠ ᠲᠤᠭ᠎ᠠ ᠬᠡᠮᠵᠢᠶ᠎ᠡ ᠨᠢ ᠤᠯᠠᠮ ᠠᠴᠠ ᠤᠯᠠᠮ ᠨᠡᠮᠡᠭᠳᠡᠵᠦ ᠪᠣᠢ᠃ ᠦᠢᠯᠡᠳᠭᠦᠨ ᠤ ᠴᠢᠳᠠᠮᠵᠢ ᠪᠣᠶᠤ ᠦᠢᠯᠡᠳᠬᠦ ᠤᠷᠠᠯᠠᠯ ᠤᠨ ᠬᠡᠷᠡᠭᠴᠡᠭᠡ ᠠᠴᠠ ᠪᠣᠯᠵᠦ᠂ ᠪᠣᠷᠣ ᠮᠠᠲ᠋ᠧᠷᠢᠶᠠᠯ ᠳᠤᠨᠢ ᠰᠠᠴᠤᠷᠠᠭᠲᠤ ᠪᠣᠳᠠᠰ ᠪᠣᠶᠤ ᠡᠰᠡᠭᠦᠯ᠎ᠡ ᠲᠦᠬᠦᠭᠡᠷᠦᠮᠵᠢ ᠳᠤᠨᠢ ᠴᠢᠩᠭ᠎ᠠ ᠯᠣᠪᠤᠳᠠᠭᠰᠠᠨ ᠰᠠᠴᠤᠷᠠᠭᠴᠢ ᠪᠦᠲᠦᠴᠡ ᠠᠭᠤᠯᠬᠤ᠂ ᠡᠰᠡᠭᠦᠯ᠎ᠡ ᠮᠡᠷᠭᠡᠵᠢᠯ ᠢᠶᠠᠷ ᠳᠡᠭᠦᠨ ᠢ ᠰᠠᠴᠤᠷᠠᠭᠲᠤ ᠬᠡᠷᠡᠭᠯᠡᠭᠡᠨ ᠤ ᠡᠳ᠋ ᠪᠣᠯᠭᠠᠬᠤ ᠵᠡᠷᠭᠡ ᠨᠢ ᠪᠠᠰᠨ ᠬᠦᠮᠦᠰ ᠲᠤ ᠰᠠᠴᠤᠷᠠᠭ ᠤᠨ ᠲᠤᠰᠬᠠᠯᠲᠠ ᠪᠣᠢ ᠪᠣᠯᠭᠠᠳᠠᠭ᠃ ᠭᠡᠪᠡᠴᠤ ᠡᠳᠡᠭᠡᠷ ᠪᠦᠲᠦᠭᠡᠭᠳᠡᠬᠦᠨ ᠠᠴᠠ ᠬᠦᠮᠦᠰ ᠲᠤ ᠪᠣᠢ ᠪᠣᠯᠭᠠᠬᠤ ᠰᠠᠴᠤᠷᠠᠭ ᠳᠤᠰᠬᠠᠯᠲᠠ ᠨᠢ ᠲᠡᠶᠢᠮᠦ ᠶᠡᠭᠡ ᠪᠤᠰᠤ ᠪᠠᠶᠢᠳᠠᠭ᠃ ᠶᠡᠷᠦᠩᠬᠡᠢ ᠳᠤᠨᠢ ᠠᠪᠴᠤ ᠬᠡᠯᠡᠪᠡᠯ ᠰᠠᠴᠤᠷᠠᠭᠲᠤ ᠴᠦᠮᠡᠲᠤ ᠶᠢ ᠬᠤᠯᠢᠭᠰᠠᠨ ᠦᠢᠯᠡᠳᠭᠦᠨ ᠨᠦᠭᠦᠳ ᠤᠨ ᠣᠳᠣᠬᠠᠨ  ᠳᠤ ᠬᠦᠮᠦᠰ ᠤᠨ ᠪᠡᠯᠭᠡ ᠶᠢᠨ ᠪᠣᠯᠴᠢᠷᠬᠠᠢ ᠳᠤ ᠳᠤᠰᠬᠤ ᠰᠠᠴᠤᠷᠠᠭ ᠤᠨ ᠬᠡᠮᠵᠢᠶ᠎ᠡ ᠨᠢ ᠳᠤᠮᠳᠠᠴᠢ ᠪᠠᠷ ᠵᠢᠯ ᠳᠤ ᠪᠠᠷᠤᠭ 10 ᠮᠢᠺᠷᠤ᠋ ᠭᠧᠷᠸᠢ ︵μGy︶ ᠠᠴᠠ ᠬᠡᠲᠦᠷᠡᠳᠡᠭ ᠦᠭᠡᠢ᠃        1. ᠡᠯᠧᠺᠲᠷᠣᠨ ᠪᠣᠯᠣᠨ ᠬᠡᠢ ᠴᠠᠬᠢᠯᠭᠠᠨ ᠲᠣᠨᠤᠭᠯᠠᠭᠠᠰᠤ ᠶᠢᠨ ᠰᠠᠴᠤᠷᠠᠭ ᠠᠴᠠ ᠬᠠᠮᠠᠭᠠᠯᠠᠬᠤ        ᠡᠯᠧᠺᠲᠷᠣᠨ ᠪᠣᠯᠣᠨ ᠴᠠᠬᠢᠯᠭᠠᠨ ᠲᠣᠨᠤᠭᠯᠠᠭᠠᠰᠤ ᠨᠢ ᠰᠠᠴᠤᠷᠠᠭᠲᠤ ᠪᠣᠳᠠᠰ ᠠᠭᠤᠯᠬᠤ ᠪᠣᠶᠤ ᠡᠰᠡᠭᠦᠯ᠎ᠡ ᠡᠯᠧᠺᠲᠷᠣᠨ ᠨᠢ ᠤᠳᠠᠭᠠᠰᠢᠷᠠᠭᠠᠳ X ᠰᠠᠴᠤᠷᠠᠭ ᠭᠠᠷᠭᠠᠬᠤ ᠦᠶᠡᠰ ᠲᠤ ᠡᠳᠡᠭᠡᠷ ᠲᠣᠨᠤᠭᠯᠠᠭᠠᠰᠤ ᠨᠢ ᠬᠦᠮᠦᠰ ᠤᠨ ᠰᠠᠴᠤᠷᠠᠭ ᠳᠤᠰᠬᠠᠯᠲᠠ ᠶᠢ ᠨᠡᠮᠡᠭᠳᠡᠭᠦᠯᠳᠡᠭ ᠪᠠᠶᠢᠨ᠎ᠠ᠃ ᠰᠠᠴᠤᠷᠠᠭᠲᠤ ᠪᠣᠳᠠᠰ ᠨᠢ ᠴᠠᠬᠢᠯᠭᠠᠨ ᠨᠡᠪᠲᠡᠷᠡᠵᠦ ᠪᠠᠶᠢᠭ᠎ᠠ ᠬᠡᠢ ᠪᠡᠶᠡᠲᠤ ᠳᠣᠲᠤᠷ᠎ᠠ ᠤᠷᠢᠳᠴᠢᠯᠠᠨ ᠳᠤᠩᠰᠢᠭᠤᠯᠬᠤ ᠦᠢᠯᠡᠳᠦᠯ ᠭᠠᠷᠭᠠᠳᠠᠭ᠃ ᠲᠡᠷᠨ ᠨᠢ ᠴᠠᠬᠢᠯᠭᠠᠨ ᠲᠣᠨᠤᠭᠯᠠᠭᠠᠰᠤ ᠶᠢ ᠳᠣᠩ ᠬᠤᠷᠳᠤᠨ  ᠢᠶᠠᠷ ᠬᠡᠪ ᠤᠨ ᠠᠵᠢᠯᠯᠠᠬᠤ ᠪᠠᠶᠢᠳᠠᠯ ᠳᠤ ᠣᠷᠤᠭᠤᠯᠵᠦ ᠴᠢᠳᠠᠬᠤ ᠮᠦᠷᠲᠡᠭᠡᠨ ᠴᠢᠨᠠᠷ ᠴᠢᠨᠰᠠᠭ᠎ᠠ ᠨᠢ ᠴᠤ ᠲᠣᠭᠲᠠᠪᠤᠷᠢᠲᠠᠢ ᠪᠠᠶᠢᠳᠠᠭ᠃ ᠡᠨᠡ ᠬᠦ ᠦᠢᠯᠡᠳᠦᠯ ᠢ ᠨᠢ ᠠᠰᠢᠭᠯᠠᠭᠰᠠᠨ ᠲᠦᠬᠦᠭᠡᠷᠦᠮᠵᠢ ᠳᠤ ᠴᠡᠭᠡᠨ ᠭᠡᠷᠡᠯ ᠤᠨ ᠳ᠋ᠸᠡᠭ ᠤᠨ ᠨᠣᠴᠤᠭᠠᠭᠤᠷ᠂ ᠬᠡᠢ ᠴᠠᠬᠢᠯᠭᠠᠨ ᠤ ᠲᠦᠬᠦᠭᠡᠷᠦᠮᠵᠢ ᠪᠣᠯᠣᠨ ᠬᠡᠲᠤ ᠴᠠᠬᠢᠯᠭᠠᠨ ᠬᠦᠴᠦᠳᠡᠯ ᠤᠨ ᠬᠠᠮᠠᠭᠠᠯᠠᠯᠲᠠ ᠶᠢᠨ ᠲᠦᠬᠦᠭᠡᠷᠦᠮᠵᠢ ᠳᠣᠲᠤᠷᠠᠬᠢ ᠬᠦᠨᠳᠡᠬᠦ ᠦᠮᠡᠨ ᠵᠡᠷᠭᠡ ᠪᠣᠢ᠃ ᠦᠷᠬᠦᠯᠵᠢ ᠬᠡᠷᠡᠭᠯᠡᠳᠡᠭ ᠰᠠᠴᠤᠷᠠᠭᠲᠤ ᠴᠦᠮᠡᠲᠤ ᠨᠢ ᠪᠣᠯ ᠺᠷᠢᠫᠲ᠋ᠤᠨ — 85 ︵ 85 Kr︶᠂ ᠫᠷᠤᠮᠧᠲ — 147 ︵ 147 Pm︶ ᠪᠣᠯᠣᠨ ᠲᠣᠷᠢ — 232 ︵ 232 Th︶ ᠪᠣᠢ᠃ ᠶᠡᠷᠦ ᠶᠢᠨ ᠪᠠᠶᠢᠳᠠᠯ ᠳᠤ ᠡᠳᠡᠭᠡᠷ ᠲᠣᠨᠤᠭᠯᠠᠭᠠᠰᠤ ᠶᠢᠨ ᠰᠠᠴᠤᠷᠠᠭ ᠳᠤᠰᠬᠠᠯᠲᠠ ᠨᠢ ᠮᠠᠰᠢ ᠪᠠᠭ᠎ᠠ ᠪᠠᠶᠢᠳᠠᠭ᠃ ᠵᠦᠪᠬᠡᠨ ᠭᠡᠨᠡᠳᠡᠯ ᠪᠣᠶᠤ ᠭᠡᠨᠡᠳᠡᠯ ᠢ ᠰᠢᠢᠳᠪᠦᠷᠢᠯᠡᠬᠦ ᠦᠶ᠎ᠡ ᠳᠤ ᠬᠠᠭᠠᠷᠠᠵᠦ ᠬᠡᠮᠬᠡᠷᠡᠪᠡᠯ ᠰᠠᠶ᠋ᠢ ᠨᠡᠯᠢᠶᠡᠳ ᠢᠯᠡᠷᠬᠡᠢ ᠰᠠᠴᠤᠷᠠᠭ ᠲᠤᠰᠬᠠᠯᠲᠠ ᠭᠠᠷᠳᠠᠭ᠃        2. ᠰᠦᠨᠢ ᠭᠡᠷᠡᠯᠲᠦᠬᠦ ᠴᠠᠭ ᠬᠡᠮᠵᠢᠭᠦᠷᠯᠢᠭ ᠤᠨ ᠰᠠᠴᠤᠷᠠᠭᠲᠤ        ᠷᠠᠳᠢ — 226 ︵ 226 Ra︶ ᠪᠠ ᠫᠷᠤᠮᠧᠲ — 147 ︵ 147 Pm︶ ᠵᠢᠴᠢ ᠬᠡᠳᠦ ᠬᠦᠨᠳᠤ ᠤᠰᠤᠳᠦ᠋ᠷᠦᠭᠴᠢ ︵ 3H︶ ᠵᠡᠷᠭᠡ ᠰᠠᠴᠤᠷᠠᠭᠲᠤ ᠴᠦᠮᠡᠲᠤ ᠠᠴᠠ ᠭᠠᠷᠤᠭᠰᠠᠨ ᠰᠠᠴᠤᠷᠠᠭ ᠨᠢ ᠲᠤᠯᠠᠰᠬᠤ ᠪᠡᠶᠡᠲᠤ ᠲᠠᠢ ᠦᠢᠯᠡᠴᠢᠯᠡᠪᠡᠯ ᠭᠡᠷᠡᠯ ᠭᠠᠷᠭᠠᠳᠠᠭ᠃ ᠦᠷᠬᠦᠯᠵᠢ ᠬᠡᠷᠡᠭᠯᠡᠳᠡᠭ ᠲᠤᠯᠠᠰᠬᠤ ᠪᠡᠶᠡᠲᠤ ᠪᠣᠯ ᠵᠢᠭᠠᠬᠠᠨ ᠵᠡᠰ ᠪᠣᠶᠤ ᠮᠦᠡᠭᠬᠦ ᠠᠭᠤᠯᠤᠭᠰᠠᠨ ᠬᠦᠬᠦᠷᠯᠢᠭ ᠴᠠᠶᠢᠷ ᠪᠠᠶᠢᠳᠠᠭ᠃ ᠰᠠᠴᠤᠷᠠᠭ ᠲᠤ ᠭᠡᠷᠡᠯᠲᠦᠬᠦ ᠪᠣᠳᠠᠰ ᠤᠨ ᠴᠡᠭᠡᠨ ᠭᠡᠷᠡᠯ ᠢᠶᠠᠷ ᠶᠡᠷᠦᠳᠡᠭᠡᠨ ᠴᠠᠭ ᠪᠣᠶᠤ ᠴᠠᠭᠯᠢᠭ ᠬᠡᠮᠵᠢᠭᠦᠷᠯᠢᠭ ᠤᠨ ᠨᠢᠭᠤᠷ ᠢ ᠬᠡᠮᠵᠢᠶᠡᠷᠢᠯᠡᠵᠦ ᠰᠦᠨᠢ ᠭᠡᠷᠡᠯᠲᠦᠭᠦᠯᠬᠦ ᠳᠤ ᠬᠡᠷᠡᠭᠯᠡᠳᠡᠭ᠃ ᠰᠠᠴᠤᠷᠠᠭ ᠢᠶᠠᠷ ᠭᠡᠷᠡᠯᠲᠦᠭᠦᠯᠬᠦ ᠴᠠᠭ ᠤᠨ ᠬᠦᠮᠦᠨ ᠤ ᠪᠡᠶ᠎ᠡ ᠳᠤ ᠳᠤᠰᠬᠤ ᠬᠤᠮᠵᠢᠮ ᠨᠢ ᠬᠠᠮᠤᠭ ᠤᠨ ᠶᠡᠭᠡ ᠪᠠᠶᠢᠳᠠᠭ᠃ ᠷᠠᠳᠢ ᠪᠣᠯᠣᠨ ᠲᠡᠭᠦᠨ ᠤ ᠲᠦᠯ ᠴᠦᠮᠡᠲᠤ ᠨᠢ ᠨᠡᠪᠲᠡᠯᠬᠦ ᠬᠦᠴᠦᠨ ᠢᠶᠠᠷ ᠶᠡᠭᠡ γ ᠰᠠᠴᠤᠷᠠᠭ ᠭᠠᠷᠳᠠᠭ ᠪᠦᠭᠡᠳ ᠲᠡᠷᠨ ᠨᠢ ᠭᠡᠷᠡᠯ ᠭᠠᠷᠭᠠᠬᠤ ᠳᠤ ᠳᠡᠮᠡᠢ ᠶᠡᠭᠡ ᠦᠢᠯᠡᠳᠦᠯ ᠦᠭᠡᠢ ᠪᠦᠭᠡᠳ ᠬᠠᠷᠢᠨ ᠬᠦᠮᠦᠨ ᠳᠤ ᠨᠡᠯᠢᠶᠡᠳ ᠶᠡᠭᠡ ᠰᠠᠴᠤᠷᠠᠭ ᠳᠤᠰᠬᠠᠯᠲᠠ ᠪᠣᠯᠳᠠᠭ᠃  3H ᠪᠣᠯᠣᠨ 147Pm ᠨᠢ ᠤᠶᠠᠨ β ᠰᠠᠴᠤᠷᠠᠭ ᠭᠠᠷᠳᠠᠭ ᠪᠣᠯᠬᠤᠷ ᠭᠠᠳᠠᠨ᠎ᠠ ᠠᠴᠠ ᠬᠦᠮᠦᠨ ᠳᠤ ᠳᠤᠰᠬᠤ ᠬᠡᠮᠵᠢᠶ᠎ᠡ ᠨᠢ ᠬᠤᠯᠨ ᠪᠠᠭ᠎ᠠ ᠮᠦᠷᠲᠡᠭᠡᠨ ᠲᠡᠷᠡᠴᠢᠯᠡᠨ ᠲᠡᠭᠦᠨ ᠢ ᠪᠦᠷᠢᠮᠦᠰᠦᠨ ᠬᠠᠯᠬᠠᠯᠠᠵᠦ ᠪᠣᠯᠳᠠᠭ᠃ ᠵᠢᠱᠢᠶᠡᠯᠡᠪᠡᠯ ᠶᠡᠷᠦᠳᠡ ᠶᠢᠨ ᠴᠠᠭ ᠤᠨ ᠪᠦᠷᠭᠦᠭᠦᠯ ᠨᠢ ᠠᠳᠠᠭ ᠲᠠᠭᠠᠨ ᠳᠦᠷᠪᠡᠯᠵᠢᠨ ᠰᠡᠨᠲ᠋ᠢᠮᠧᠲᠷ ᠪᠦᠷᠢ ᠳᠤ 50 ᠮᠢᠯᠢᠭᠷᠡᠮ ᠵᠤᠵᠠᠭᠠᠨ ᠪᠠᠶᠢᠵᠦ  3H ᠠᠴᠠ ᠬᠠᠷᠪᠤᠬᠤ β ᠮᠦᠬᠦᠯᠢᠭ ᠤᠨ ᠬᠠᠮᠤᠭ ᠬᠤᠯᠨ ᠬᠠᠷᠪᠤᠴᠠ ᠨᠢ ᠳᠦᠷᠪᠡᠯᠵᠢᠨ ᠰᠡᠨᠲ᠋ᠢᠮᠧᠲᠷ ᠪᠦᠷᠢ ᠳᠤ ᠵᠦᠪᠬᠡᠨ 0.6 ᠮᠢᠯᠢᠭᠷᠡᠮ ᠵᠤᠵᠠᠭᠠᠨ ᠪᠠᠶᠢᠳᠠᠭ᠃ β ᠰᠠᠴᠤᠷᠠᠭ ᠪᠣᠯᠣᠨ ᠪᠣᠳᠠᠰ ᠤᠨ ᠬᠠᠷᠢᠯᠴᠠᠨ ᠦᠢᠯᠡᠴᠢᠯᠡᠭᠡᠳ ᠡᠭᠦᠰᠬᠦ ᠲᠣᠷᠮᠤᠰᠤᠯᠠᠬᠤ ᠰᠠᠴᠤᠷᠠᠭ ︵ᠳᠠᠷᠤᠢ ᠨᠢᠭᠡᠨ ᠵᠦᠢᠯ ᠤᠨ X ᠰᠠᠴᠤᠷᠠᠭ︶ ᠨᠢ ᠴᠤ ᠳᠣᠩ ᠳᠣᠷᠣᠢ ᠪᠣᠯᠬᠤᠷ  3H ᠶᠢ ᠬᠡᠷᠡᠭᠯᠡᠭᠰᠡᠨ ᠰᠦᠨᠢ ᠭᠡᠷᠡᠯᠲᠦᠬᠦ ᠴᠠᠭ ᠢ ᠭᠠᠳᠠᠨ᠎ᠠ ᠠᠴᠠ ᠳᠤᠰᠬᠤ ᠰᠠᠴᠤᠷᠠᠭ ᠦᠭᠡᠢ ᠭᠡᠵᠦ ᠦᠵᠡᠵᠦ ᠪᠣᠯᠤᠨ᠎ᠠ᠃  147Pm ᠶᠢᠨ β ᠰᠠᠴᠤᠷᠠᠭ ᠤᠨ ᠬᠠᠮᠤᠭ ᠶᠡᠭᠡ ᠡᠨᠧᠷᠬᠢ ᠨᠢ 0.224 ᠰᠠᠶ᠎ᠠ ᠡᠯᠧᠺᠲᠷᠣᠨ ᠸᠤᠯᠲ ᠪᠠᠶᠢᠵᠦ᠂ ᠬᠠᠮᠤᠭ ᠬᠤᠯᠨ ᠬᠠᠷᠪᠤᠴᠠ ᠨᠢ ᠳᠦᠷᠪᠡᠯᠵᠢᠨ ᠰᠡᠨᠲ᠋ᠢᠮᠧᠲᠷ ᠪᠦᠷᠢ ᠳᠤ 46 ᠮᠢᠯᠢᠭᠷᠡᠮ ᠵᠤᠵᠠᠭᠠᠨ ᠪᠠᠶᠢᠳᠠᠭ᠃ ᠡᠶᠢᠮᠦ ᠠᠴᠠ 147Pm ᠶᠢ ᠬᠡᠷᠡᠭᠯᠡᠭᠰᠡᠨ ᠰᠦᠨᠢ ᠭᠡᠷᠡᠯᠲᠦᠬᠦ ᠴᠠᠭ ᠢ ᠪᠠᠰᠨ β ᠰᠠᠴᠤᠷᠠᠭ ᠤᠨ ᠭᠠᠳᠠᠨ᠎ᠠ ᠳᠤᠰᠬᠠᠯᠲᠠ ᠦᠭᠡᠢ ᠭᠡᠵᠦ ᠦᠵᠡᠵᠦ ᠪᠣᠯᠬᠤ ᠶᠣᠮ᠃ ᠲᠡᠷᠨ ᠨᠢ ᠵᠦᠪᠬᠡᠨ ᠪᠠᠭ᠎ᠠ ᠬᠡᠮᠵᠢᠶᠡᠨ ᠤ ᠲᠣᠷᠮᠤᠰᠤᠯᠠᠬᠤ ᠰᠠᠴᠤᠷᠠᠭ ᠤᠨ ᠭᠠᠳᠠᠨ᠎ᠠ ᠳᠤᠰᠬᠠᠯᠲᠠ ᠭᠠᠷᠭᠠᠳᠠᠭ᠃ ᠡᠶᠢᠮᠦ ᠠᠴᠠ ᠷᠠᠳᠢ ᠶᠢ ᠡᠨᠡ ᠬᠤᠶᠡᠷ ᠡᠯᠧᠮᠧᠨ᠋ᠲ ᠢᠶᠠᠷ ᠣᠷᠤᠯᠠᠭᠤᠯᠵᠦ ᠪᠣᠢ᠃ ᠰᠦᠨᠢ ᠭᠡᠷᠡᠯᠲᠦᠬᠦ ᠪᠠᠭᠤᠤ ᠴᠠᠭ ᠲᠤ ᠦᠡᠭᠭᠡᠷᠡᠭᠰᠡᠨ ᠳᠤ ᠭᠤᠣᠯᠳᠠᠭᠤ ᠷᠠᠳᠢ — 226 ︵ 226Ra︶ ᠪᠠ ᠫᠷᠤᠮᠧᠲ — 147 ︵ 147 Pm︶ ᠶᠢᠨ ᠰᠠᠴᠤᠷᠠᠭᠲᠤ ᠴᠦᠮᠡᠲᠤ ᠶᠢ ᠬᠡᠷᠡᠭᠯᠡᠵᠦ ᠪᠠᠶᠢᠪᠠ᠃ ᠣᠳᠣ ᠭᠤᠣᠯᠳᠠᠭᠤ ᠬᠡᠳᠦ ᠬᠦᠨᠳᠤ ᠤᠰᠤᠳᠦ᠋ᠷᠦᠭᠴᠢ ︵ 3H︶ ᠶᠢ ᠬᠡᠷᠡᠭᠯᠡᠬᠦ ᠪᠣᠯᠵᠠᠢ᠃ ᠬᠡᠷᠪᠡ ᠷᠠᠳᠢ — 226 ᠶᠢ ᠬᠡᠷᠡᠭᠯᠡᠪᠡᠯ ᠠᠮᠢᠵᠢᠷᠴᠠ ᠨᠢ ᠳᠤᠮᠳᠠᠴᠢ ᠪᠠᠷ 3.7 × 103 ᠪᠧᠺᠯᠧᠷ ︵0.1 ᠮᠢᠺᠷᠤ᠋ ᠺᠶᠦ᠋ᠷᠢ︶᠂ ᠬᠡᠷᠪᠡ ᠫᠷᠤᠮᠧᠲ — 147 ᠶᠢ ᠬᠡᠷᠡᠭᠯᠡᠪᠡᠯ ᠠᠮᠢᠵᠢᠷᠴᠠ ᠨᠢ ᠳᠤᠮᠳᠠᠴᠢ ᠪᠠᠷ 3.7 × 106 ᠪᠧᠺᠯᠧᠷ ︵100 ᠮᠢᠺᠷᠤ᠋ ᠺᠶᠦ᠋ᠷᠢ︶᠂ ᠬᠡᠳᠦ ᠬᠦᠨᠳᠤ ᠤᠰᠤᠳᠦ᠋ᠷᠦᠭᠴᠢ ᠶᠢ ᠬᠡᠷᠡᠭᠯᠡᠪᠡᠯ ᠠᠮᠢᠵᠢᠷᠴᠠ ᠨᠢ ᠳᠤᠮᠳᠠᠴᠢ ᠪᠠᠷ 1.85 × 108 ᠪᠧᠺᠯᠧᠷ ︵5 ᠮᠢᠯᠢ ᠺᠶᠦ᠋ᠷᠢ︶ ᠬᠦᠷᠳᠡᠭ ᠪᠠᠶᠢᠨ᠎ᠠ᠃ ᠲᠡᠷᠡᠴᠢᠯᠡᠨ ᠬᠡᠷᠡᠭᠯᠡᠬᠦ ᠬᠠᠮᠤᠭ ᠶᠡᠭᠡ ᠬᠡᠮᠵᠢᠶ᠎ᠡ ᠶᠢ ᠨᠢ ᠳᠡᠭᠡᠷᠡᠬᠢ ᠠᠮᠢᠵᠢᠷᠴᠠ ᠶᠢᠨ 1.5 ᠳᠠᠬᠢᠨ ᠪᠣᠯᠲᠠᠯ᠎ᠠ ᠨᠡᠮᠡᠭᠳᠡᠭᠦᠯᠵᠦ ᠪᠣᠯᠣᠨ᠎ᠠ ᠭᠡᠰᠡᠨ ᠲᠣᠭᠲᠠᠭᠠᠯ ᠴᠤ ᠪᠠᠶᠢᠪᠠ᠃ ᠵᠠᠷᠢᠮ ᠬᠦᠮᠦᠰ ᠤᠨ ᠪᠠᠷᠤᠭᠴᠠᠭᠠᠯᠠᠨ ᠪᠣᠳᠤᠭᠰᠠᠨ ᠢᠶᠠᠷ ᠪᠣᠯ᠂ ᠬᠡᠷᠪᠡ ᠠᠮᠢᠵᠢᠷᠴᠠ ᠨᠢ ᠳᠤᠮᠳᠠᠴᠢ ᠪᠠᠷ 3.7 × 10 3 ᠪᠧᠺᠯᠧᠷ ︵0.1 ᠮᠢᠺᠷᠤ᠋ ᠺᠶᠦ᠋ᠷᠢ︶ ᠤᠨ ᠷᠠᠳᠢ — 226 ᠶᠢᠨ ᠴᠠᠭ ᠢ ᠵᠠᠭᠦᠪᠡᠯ ᠡᠷᠡᠭᠲᠠᠶᠢᠴᠤᠳ ᠤᠨ ᠪᠡᠯᠬᠡ ᠶᠢᠨ ᠪᠣᠯᠴᠢᠷᠬᠠᠢ ᠨᠢ ᠵᠢᠯ ᠳᠤ 0.07 ᠮᠢᠯᠢ ᠰᠢᠸᠧᠲ ︵mSv︶᠂ ᠡᠮᠡᠭᠲᠠᠶᠢᠴᠤᠳ ᠤᠨ ᠪᠡᠯᠬᠡ ᠶᠢᠨ ᠪᠣᠯᠴᠢᠷᠬᠠᠢ ᠨᠢ ᠵᠢᠯ ᠳᠤ 0.065 ᠮᠢᠯᠢ ᠰᠢᠸᠧᠲ ︵mSv︶ ᠤᠨ ᠰᠠᠴᠤᠷᠠᠭ ᠢ ᠬᠦᠷᠲᠡᠨ᠎ᠡ ᠭᠡᠵᠦ ᠪᠣᠢ᠃ ᠡᠶᠢᠮᠦ  ᠠᠴᠠ ᠰᠠᠴᠤᠷᠠᠭ ᠢᠶᠠᠷ ᠭᠡᠷᠡᠯᠲᠦᠭᠦᠯᠬᠦ ᠴᠠᠭ ᠤᠨ ᠬᠦᠮᠦᠨ ᠤ ᠪᠡᠶ᠎ᠡ ᠳᠤ ᠳᠤᠰᠬᠤ ᠬᠤᠮᠵᠢᠮ ᠨᠢ ᠬᠠᠮᠤᠭ ᠤᠨ ᠶᠡᠭᠡ ᠪᠠᠶᠢᠳᠠᠭ᠃ ᠣᠳᠣᠬᠠᠨ ᠳᠤ ᠬᠡᠳᠦ᠋ᠢᠪᠡᠷ ᠬᠡᠳᠦ ᠬᠦᠨᠳᠤ ᠤᠰᠤᠳᠦ᠋ᠷᠦᠭᠴᠢ ᠪᠠᠷ ᠷᠠᠳᠢ — 226 ᠶᠢ ᠣᠷᠤᠯᠠᠭᠤᠯᠤᠭᠠᠳ ᠭᠠᠳᠠᠨ᠎ᠠ ᠠᠴᠠ ᠳᠤᠰᠬᠤ ᠰᠠᠴᠤᠷᠠᠭ ᠢ ᠨᠢ ᠲᠠᠰᠤᠯᠤᠭᠰᠠᠨ ᠪᠣᠯᠪᠠᠴᠤ᠂ ᠵᠠᠷᠢᠮ ᠳᠠᠭᠠᠨ ᠬᠡᠳᠦ ᠬᠦᠨᠳᠤ ᠤᠰᠤᠳᠦ᠋ᠷᠦᠭᠴᠢ ᠨᠢ ᠴᠠᠭ ᠤᠨ ᠳᠣᠲᠤᠷ᠎ᠠ ᠠᠴᠠ ᠲᠤᠲᠠᠭᠠᠨ ᠭᠠᠷᠴᠤ ᠢᠷᠡᠭᠡᠳ ᠵᠢᠯ ᠪᠦᠷᠢ ᠪᠠᠷᠤᠭ 5 ᠮᠢᠺᠷᠤ᠋ ᠰᠢᠸᠧᠲ ᠤᠨ ᠪᠦᠬᠦ ᠪᠡᠶ᠎ᠡ ᠶᠢᠨ ᠳᠣᠲᠤᠷ ᠲᠤᠰᠬᠠᠯᠲᠠ ᠶᠢ ᠪᠣᠢ ᠪᠣᠯᠭᠠᠳᠠᠭ᠃ ᠡᠭᠦᠨ ᠤ ᠳᠣᠲᠤᠷ᠎ᠠ ᠳᠤᠮᠳᠠᠳᠤ ᠤᠯᠤᠰ ᠤᠨ ᠠᠷᠠᠳ ᠤᠨ ᠬᠡᠷᠡᠭᠯᠡᠭᠡᠨ ᠤ ᠴᠠᠭ ᠤᠨ ᠣᠯᠠᠩᠬᠢ ᠨᠢ ᠭᠡᠷᠡᠯᠳᠦᠭᠦᠯᠬᠦ ᠡᠳ᠋ ᠢ ᠬᠡᠷᠡᠭᠯᠡᠳᠡᠭ ᠦᠭᠡᠢ᠃        ᠰᠠᠴᠤᠷᠠᠭ ᠢᠶᠠᠷ ᠭᠡᠷᠡᠯᠲᠦᠭᠦᠯᠬᠦ ᠲᠦᠷᠬᠢᠮᠡᠯ ᠢ ᠪᠠᠰᠨ ᠵᠠᠮ ᠬᠠᠷᠢᠯᠴᠠᠭᠠᠨ ᠤ ᠭᠡᠷᠡᠯᠲᠤ ᠱᠤᠰᠢᠭ᠎ᠠ᠂ ᠠᠭᠤᠷᠬᠠᠢ ᠶᠢᠨ ᠬᠤᠳᠳᠤᠭ ᠤᠨ ᠵᠢᠭᠠᠯᠲᠠ ᠱᠤᠰᠢᠭ᠎ᠠ᠂ ᠵᠦᠭᠯᠡᠭᠦᠷ᠂ ᠫᠤᠤ ᠶᠢᠨ ᠣᠨᠢᠯᠠᠭᠤᠷ᠂ ᠳ᠋ᠢᠶᠠᠩᠬᠤᠸ᠋ᠨ ᠶᠢᠨ ᠨᠣᠮᠧᠷ ᠢ ᠭᠡᠷᠡᠯᠲᠦᠭᠦᠯᠬᠦ ᠵᠢᠴᠢ ᠪᠤᠰᠤᠳ ᠡᠯ᠎ᠡ ᠵᠦᠢᠯ ᠤᠨ ᠬᠡᠮᠵᠢᠭᠦᠷᠯᠢᠭ ᠪᠠᠭᠠᠵᠢ ᠳᠤ ᠬᠡᠷᠡᠭᠯᠡᠨ ᠰᠦᠨᠢ ᠣᠷᠣᠢ ᠦᠵᠡᠬᠦ ᠳᠤ ᠳᠦᠭᠦᠮ ᠪᠣᠯᠭᠠᠳᠠᠭ᠃ ᠪᠠᠰᠨ ᠵᠠᠷᠢᠮ ᠳᠠᠭᠠᠨ ᠬᠦᠷᠦᠭ ᠵᠢᠷᠤᠭ ᠤᠳ ᠲᠤ ᠬᠡᠷᠡᠭᠯᠡᠨ ᠭᠡᠷᠡᠯᠲᠦᠭᠦᠯᠬᠦ ᠴᠤ ᠪᠣᠢ᠃        3. ᠲᠠᠶᠢᠪᠤᠡᠭ ᠴᠠᠬᠢᠯᠭᠠᠨ ᠢᠶᠠᠷ ᠠᠷᠢᠯᠭᠠᠬᠤ        ᠰᠠᠴᠤᠷᠠᠭᠲᠤ ᠪᠣᠳᠠᠰ ᠢ ᠠᠭᠤᠯᠤᠭᠰᠠᠨ ᠲᠠᠶᠢᠪᠤᠡᠭ ᠴᠠᠬᠢᠯᠭᠠᠨ ᠢᠶᠠᠷ ᠬᠤᠭ ᠲᠤᠭᠤᠰᠤ ᠠᠷᠢᠯᠭᠠᠬᠤ ᠪᠠᠭᠠᠵᠢ ᠶᠢ ᠨᠢᠭᠡᠨᠲᠡ ᠠᠵᠦ ᠦᠢᠯᠡᠳᠪᠦᠷᠢ ᠳᠤ ᠦᠷᠭᠡᠨ ᠳᠡᠯᠭᠡᠷ ᠢᠶᠠᠷ ᠬᠡᠷᠡᠭᠯᠡᠨ ᠦᠢᠯᠡᠳᠬᠦᠨ ᠳᠡᠭᠡᠷ᠎ᠡ ᠬᠤᠷᠠᠭᠰᠠᠨ ᠴᠠᠬᠢᠯᠭᠠᠨ ᠴᠡᠨᠡᠭ ᠢ ᠠᠷᠢᠯᠭᠠᠵᠦ ᠪᠠᠶᠢᠳᠠᠭ᠃ ᠰᠠᠴᠤᠷᠠᠭ ᠨᠢ ᠴᠠᠬᠢᠯᠭᠠᠨᠲᠤ ᠪᠡᠶᠡᠲᠤ ᠶᠢᠨ ᠡᠷᠭᠢᠨ ᠲᠣᠭᠤᠷᠢᠨ ᠤ ᠠᠭᠠᠷ ᠢ ᠴᠠᠬᠢᠯᠭᠠᠨᠲᠠᠭᠤᠯᠤᠭᠠᠳ᠂ ᠡᠭᠦᠨ ᠤ ᠤᠯᠠᠮ ᠠᠴᠠ ᠴᠠᠬᠢᠯᠭᠠᠨ ᠴᠡᠨᠡᠭ ᠢ ᠨᠢ ᠠᠷᠢᠯᠭᠠᠳᠠᠭ᠃ ᠠᠮᠧᠷᠢᠺᠠ ᠤᠯᠤᠰ ᠤᠨ ᠬᠢᠨ ᠫᠣᠯᠣᠨᠢ — 210  ᠶᠢᠨ ᠬᠠᠷᠪᠤᠨ ᠭᠠᠷᠭᠠᠬᠤ α ᠮᠦᠬᠦᠯᠢᠭ ᠢᠶᠠᠷ ᠬᠢᠵᠦ ᠭᠠᠷᠭᠠᠭᠰᠠᠨ ᠭᠡᠷ ᠪᠦᠯᠢ ᠳᠤ ᠬᠡᠷᠡᠭᠯᠡᠬᠦ ᠲᠠᠶᠢᠪᠤᠡᠭ ᠴᠠᠬᠢᠯᠭᠠᠨ ᠢᠶᠠᠷ ᠠᠷᠢᠯᠭᠠᠬᠤ ᠪᠠᠭᠠᠵᠢ ᠨᠢ ᠳᠠᠭᠤᠤ ᠶᠢᠨ ᠳᠠᠪᠠᠭ᠂ ᠭᠡᠷᠡᠯ ᠵᠢᠷᠤᠭ ᠤᠨ ᠡᠬᠡ ᠢᠯᠳᠠᠰᠤ᠂ ᠬᠤᠸᠠᠨᠳ᠋ᠸᠡᠭ ᠤᠨ ᠬᠠᠪᠲᠠᠰᠤ᠂ ᠮᠡᠰᠢᠯ ᠵᠡᠷᠭᠡ ᠶᠢᠨ ᠭᠠᠳᠠᠷᠭᠤ ᠳᠤ ᠲᠤᠨᠤᠭᠰᠠᠨ ᠲᠣᠭᠤᠰᠤ ᠲᠣᠷᠳᠤᠭ ᠢ ᠠᠷᠢᠯᠭᠠᠳᠠᠭ᠃ ᠡᠶᠢᠮᠤᠷᠭᠦᠦ ᠪᠠᠭᠠᠵᠢ ᠪᠦᠷᠢ ᠨᠢ ᠠᠮᠢᠵᠢᠷᠴᠠ ᠨᠢ ᠪᠠᠷᠤᠭ 20 ᠰᠠᠶ᠎ᠠ ᠪᠧᠺᠯᠧᠷ ᠤᠨ ᠫᠣᠯᠣᠨᠢ — 210  ︵ 210 Po︶   ᠶᠢ ᠠᠭᠤᠯᠵᠦ ᠪᠠᠶᠢᠳᠠᠭ ᠪᠣᠯᠬᠤᠷ ᠬᠡᠷᠡᠭᠯᠡᠭᠴᠢᠳ ᠨᠢ ᠵᠢᠯ ᠳᠤ ᠪᠦᠬᠦ ᠪᠡᠶ᠎ᠡ ᠨᠢ ᠪᠠᠷᠤᠭ 10-8 ᠭᠧᠷᠸᠢ ︵Gy︶ ᠶᠢᠨ γ ᠰᠠᠴᠤᠷᠠᠭ ᠲᠤ ᠭᠠᠳᠠᠨ᠎ᠠ ᠠᠴᠠ ᠳᠣᠰᠬᠠᠭᠳᠠᠳᠠᠭ᠃        4. ᠭᠠᠯ ᠢ ᠰᠡᠷᠭᠡᠶᠢᠯᠡᠬᠦ ᠬᠠᠶᠢᠭᠤᠷ        ᠣᠳᠣᠬᠢ ᠠᠶᠠᠨᠴᠢᠳ ᠤᠨ ᠪᠠᠭᠤᠳᠠᠯ ᠤᠨ ᠦᠷᠦᠭᠡ ᠪᠣᠯᠭᠠᠨ ᠤ ᠲᠡᠭᠡᠪᠦᠷ ᠳᠡᠭᠡᠷ᠎ᠡ ᠨᠢᠭᠡᠨ ᠨᠢᠳᠤᠷᠭᠠᠨ ᠴᠢᠨᠡᠭᠡ ᠵᠢᠭᠠᠬᠠᠨ ᠴᠠᠭᠠᠨ ᠶᠠᠭᠤᠮ᠎ᠠ ᠶᠢ ᠲᠣᠬᠢᠶᠠᠭᠰᠠᠨ ᠪᠠᠶᠢᠳᠠᠭ᠃ ᠡᠬᠦᠨ ᠢ ᠳᠤᠩᠰᠢᠭᠤᠯᠬᠤ ᠲᠠᠰᠤᠭᠲᠤ ᠭᠠᠯ ᠢ ᠰᠡᠷᠭᠡᠶᠢᠯᠡᠬᠦ ᠬᠠᠶᠢᠭᠤᠷ ᠭᠡᠳᠡᠭ᠃ ᠲᠡᠭᠦᠨ ᠤ ᠳᠣᠲᠤᠷ᠎ᠠ ᠨᠢ ᠨᠢᠭᠡ α ᠰᠠᠴᠤᠷᠠᠭᠴᠢ ᠪᠠ ᠬᠤᠶᠡᠷ ᠴᠠᠬᠢᠯᠭᠠᠨ ᠲᠦᠢᠯ ᠪᠦᠬᠦᠢ ᠨᠢᠭᠡᠨ ᠳᠤᠩᠰᠢᠭᠤᠯᠬᠤ ᠲᠠᠰᠤᠭ ᠲᠠᠢ ᠪᠠᠶᠢᠵᠦ᠂ α ᠰᠠᠴᠤᠷᠠᠭ ᠢᠶᠠᠷ ᠬᠤᠶᠡᠷ ᠴᠠᠬᠢᠯᠭᠠᠨ ᠲᠦᠢᠯ ᠤᠨ ᠬᠤᠭᠤᠷᠣᠨᠳᠤᠬᠢ ᠠᠭᠠᠷ ᠢ ᠴᠠᠬᠢᠯᠭᠠᠨᠲᠠᠭᠤᠯᠤᠭᠠᠳ᠂ ᠴᠠᠬᠢᠯᠭᠠᠨ ᠭᠦᠶᠦᠳᠡᠯ ᠢ ᠡᠨᠡ ᠬᠦ ᠠᠭᠠᠷ ᠤᠨ ᠵᠠᠢ ᠪᠠᠷ ᠠᠮᠠᠷᠬᠠᠨ ᠦᠡᠭᠭᠡᠷᠡᠭᠦᠯᠳᠡᠭ᠃ ᠡᠶᠢᠮᠦ ᠠᠴᠠ ᠶᠡᠷᠤ ᠶᠢᠨ ᠪᠠᠶᠢᠳᠠᠯ ᠳᠤ ᠬᠤᠶᠡᠷ ᠲᠦᠢᠯ ᠤᠨ ᠬᠤᠭᠤᠷᠣᠨᠳᠤᠬᠢ ᠴᠠᠬᠢᠯᠭᠠᠨ ᠪᠠᠶᠢᠷᠢ ᠨᠢ ᠳᠣᠩ ᠳᠣᠣᠷ᠎ᠠ ᠪᠠᠶᠢᠳᠠᠭ᠃ ᠬᠡᠷᠪᠡ ᠭᠠᠯ ᠭᠠᠷᠪᠠᠯ ᠤᠲᠤᠭ᠎ᠠ ᠨᠢ ᠡᠨᠡ ᠬᠦ ᠠᠭᠠᠷ ᠤᠨ ᠵᠠᠪᠰᠠᠷ ᠢᠶᠠᠷ ᠦᠡᠭᠭᠡᠷᠡᠵᠦ ᠪᠠᠶᠢᠭ᠎ᠠ ᠴᠠᠬᠢᠯᠭᠠᠨ ᠭᠦᠶᠦᠳᠡᠯ ᠤᠨ ᠳᠣᠩᠰᠢᠯ ᠳᠡᠭᠡᠷ᠎ᠡ ᠨᠠᠭᠠᠯᠳᠤᠬᠤ ᠲᠤᠯᠠᠲᠠ᠂ ᠴᠠᠬᠢᠯᠭᠠᠨ ᠭᠦᠶᠦᠳᠡᠯ ᠨᠢ ᠪᠠᠭᠤᠷᠠᠭᠠᠳ ᠬᠤᠶᠡᠷ ᠲᠦᠢᠯ ᠤᠨ ᠬᠤᠭᠤᠷᠣᠨᠳᠤᠬᠢ ᠴᠠᠬᠢᠯᠭᠠᠨ ᠪᠠᠶᠢᠷᠢ ᠨᠢ ᠳᠡᠭᠡᠭᠰᠢᠯᠡᠳᠡᠭ᠃ ᠡᠨᠡ ᠬᠦ ᠬᠤᠪᠢᠷᠠᠯᠲᠠ ᠨᠢ ᠡᠯᠧᠺᠲᠷᠣᠨ ᠪᠢᠲᠡᠭᠦᠦ ᠬᠡᠯᠬᠢᠶ᠎ᠡ ᠶᠢ ᠬᠦᠨᠳᠡᠭᠡᠳ ᠭᠠᠯ ᠤᠨ ᠰᠡᠷᠡᠮᠵᠢ ᠶᠢᠨ ᠲᠣᠬᠢᠶ᠎ᠠ ᠶᠢ ᠳᠤᠤᠭᠠᠷᠭᠠᠳᠠᠭ᠃ ᠭᠠᠯ ᠢ ᠰᠡᠷᠭᠡᠶᠢᠯᠡᠬᠦ ᠡᠶᠢᠮᠤᠷᠭᠦᠦ ᠬᠠᠶᠢᠭᠤᠷ ᠲᠤ ᠭᠤᠣᠯᠳᠠᠭᠤ ᠷᠠᠳᠢ — 226  ︵ 226 Ra︶᠂  ᠫᠯᠦ᠋ᠲ᠋ᠤᠨ — 238 ︵ 238 Pu︶᠂ ᠺᠷᠢᠫᠲ᠋ᠤᠨ — 85 ︵ 85 Kr︶᠂ ᠨᠢᠺᠧᠯ — 63 ︵ 63 Ni︶ ᠪᠣᠯᠣᠨ ᠠᠮᠧᠷᠢᠼ — 241 ︵ 241Am︶ ᠵᠡᠷᠭᠡ ᠶᠢ ᠬᠡᠷᠡᠭᠯᠡᠳᠡᠭ ᠪᠦᠭᠡᠳ ᠬᠠᠮᠤᠭ ᠰᠠᠶᠢᠨ ᠨᠢ ᠠᠮᠧᠷᠢᠼ — 241 ︵ 241 Am︶ ᠪᠠᠶᠢᠳᠠᠭ᠃ ᠡᠶᠢᠮᠤᠷᠭᠦᠦ ᠭᠠᠯ ᠢ ᠰᠡᠷᠭᠡᠶᠢᠯᠡᠬᠦ ᠬᠠᠶᠢᠭᠤᠷ ᠢ ᠬᠡᠷᠡᠭᠯᠡᠵᠦ ᠪᠠᠶᠢᠬᠤ ᠦᠶᠡᠰ ᠲᠤ ᠲᠡᠶᠢᠮᠦ ᠶᠡᠭᠡ ᠰᠠᠴᠤᠷᠠᠭ ᠲᠤᠰᠬᠠᠯᠲᠠ ᠭᠠᠷᠳᠠᠭ ᠦᠭᠡᠢ᠃ ᠭᠡᠪᠡᠴᠤ ᠲᠡᠭᠦᠨ ᠤ ᠬᠡᠷᠡᠭᠯᠡᠯᠲᠡ ᠶᠢᠨ ᠳᠤᠮᠳᠠᠴᠢ ᠠᠮᠢ ᠨᠠᠰᠤ ᠶᠢ 10 ᠵᠢᠯ ᠢᠶᠠᠷ ᠪᠣᠳᠤᠪᠠᠯ᠂ ᠰᠡᠭᠦᠯᠡᠷ ᠨᠢᠭᠡᠳᠦᠯᠲᠠᠢ ᠪᠣᠯᠠᠬᠤ ᠪᠣᠶᠤ ᠰᠢᠲᠠᠭᠠᠨ ᠰᠢᠢᠳᠪᠦᠷᠢᠯᠡᠬᠦ ᠦᠶᠡᠰ ᠲᠤ ᠭᠡᠭᠡᠵᠦ ᠠᠯᠳᠠᠭᠳᠠᠬᠤ ᠢᠯᠠᠩᠭᠤᠶ᠎ᠠ ᠬᠠᠭᠤᠴᠢᠨ ᠭᠡᠷ ᠪᠠᠷᠢᠯᠭ᠎ᠠ ᠶᠢ ᠨᠤᠷᠠᠭᠠᠬᠤ ᠦᠶᠡᠰ  ᠲᠤ ᠭᠡᠭᠡᠵᠦ ᠠᠯᠳᠠᠭᠳᠠᠬᠤ ᠳᠤ ᠬᠦᠷᠪᠡᠯ᠂ ᠲᠡᠭᠦᠵᠦ ᠠᠪᠤᠭᠰᠠᠳ ᠲᠤ ᠬᠠᠷᠢᠨ ᠰᠠᠴᠤᠷᠠᠭ ᠳᠤᠰᠬᠠᠯᠲᠠ ᠪᠣᠯᠬᠤ ᠭᠡᠳᠡᠭ ᠢ ᠠᠩᠬᠠᠷᠪᠠᠯ ᠵᠣᠬᠢᠨ᠎ᠠ᠃ 5. ᠬᠡᠶᠢᠲᠤ ᠳ᠋ᠸᠡᠭ ᠤᠨ ᠨᠣᠴᠤᠭᠠᠭᠤᠷ ᠲᠣᠣᠷ        ᠬᠡᠶᠢᠲᠤ ᠳ᠋ᠸᠡᠭ ᠤᠨ ᠲᠣᠣᠷ ᠭᠤᠣᠯ ᠢ ᠪᠣᠯ ᠰᠠᠴᠤᠷᠠᠭᠲᠤ ᠡᠯᠧᠮᠧᠨ᠋ᠲ ᠲᠣᠷᠢ ᠳᠤ ᠳᠡᠪᠲᠦᠭᠡᠨ ᠰᠢᠩᠭᠡᠭᠡᠵᠦ ᠬᠢᠭᠰᠡᠨ ᠶᠣᠮ᠃ ᠡᠶᠢᠮᠦ ᠠᠴᠠ ᠳ᠋ᠸᠡᠭ ᠤᠨ ᠭᠤᠣᠯ ᠤᠨ ᠲᠣᠣᠷ ᠨᠢ ᠬᠡᠳᠦ᠋ᠢᠪᠡᠷ ᠰᠢᠲᠠᠵᠦ ᠦᠡᠭᠭᠡᠷᠡᠭᠰᠡᠨ ᠪᠣᠯᠪᠠᠴᠤ᠂ ᠦᠨᠡᠰᠦ ᠨᠢ ᠤᠨᠠᠳᠠᠭ ᠦᠭᠡᠢ᠂ ᠳᠠᠷᠠᠭ᠎ᠠ ᠤᠳᠠᠭ᠎ᠠ ᠳᠠᠬᠢᠨ ᠲᠡᠭᠦᠨ ᠢ ᠠᠰᠠᠭᠠᠨ ᠬᠡᠷᠡᠭᠯᠡᠵᠦ ᠪᠣᠯᠳᠠᠭ᠃ ᠭᠡᠪᠡᠴᠤ ᠲᠡᠷᠨ ᠨᠢ ᠣᠯᠠᠨ ᠨᠡᠶᠢᠲᠡ ᠳᠤ ᠪᠣᠶᠤ ᠬᠡᠷᠡᠭᠯᠡᠭᠴᠢᠳ ᠲᠤ β ᠰᠠᠴᠤᠷᠠᠭ ᠳᠤᠰᠬᠠᠯᠲᠠ ᠭᠠᠷᠭᠠᠳᠠᠭ᠃        6. ᠰᠠᠴᠤᠷᠠᠭᠲᠤ ᠪᠣᠳᠠᠰ ᠢ ᠬᠤᠯᠢᠭᠰᠠᠨ ᠮᠡᠰᠢᠯ ᠪᠠ ᠨᠢᠳᠦᠨ ᠰᠢᠯ        ᠭᠡᠷᠡᠯ ᠤᠨ ᠤᠬᠠᠭᠠᠨ ᠤ ᠮᠡᠰᠢᠯ ᠳᠤ ᠪᠠᠰᠨ ᠰᠠᠴᠤᠷᠠᠭᠲᠤ ᠪᠣᠳᠠᠰ ᠢ ᠬᠤᠯᠢᠵᠦ ᠴᠢᠨᠠᠷ ᠴᠢᠨᠰᠠᠭ᠎ᠠ ᠶᠢ ᠨᠢ ᠰᠠᠶᠢᠵᠢᠷᠠᠭᠤᠯᠳᠠᠭ᠃ ᠵᠠᠷᠢᠮ ᠭᠡᠷᠡᠯ ᠤᠨ ᠤᠬᠠᠭᠠᠨ ᠤ ᠮᠡᠰᠢᠯ ᠳᠤ 30% ᠶᠢᠨ ᠬᠦᠨᠳᠤ ᠶᠢᠨ ᠬᠡᠮᠵᠢᠶᠡᠨ ᠤ ᠦᠷᠠᠨ ᠪᠣᠶᠤ ᠲᠣᠷᠢ ᠠᠭᠤᠯᠤᠭᠳᠠᠵᠦ ᠪᠠᠶᠢᠳᠠᠭ ᠪᠣᠯᠬᠤᠷ ᠨᠢᠳᠦᠨ ᠪᠣᠯᠣᠷ ᠲᠤ ᠰᠠᠴᠤᠷᠠᠭ ᠳᠤᠰᠬᠠᠯᠲᠠ ᠪᠣᠯᠳᠠᠭ᠃ ᠬᠦᠨᠳᠤ ᠶᠢᠨ ᠬᠡᠮᠵᠢᠶᠡᠨ ᠤ ᠬᠢᠨᠢ 18 % ᠶᠢᠨ ᠲᠣᠷᠢᠲᠤ ᠮᠡᠰᠢᠯ ᠤᠨ ᠨᠢᠭᠤᠷ ᠳᠡᠭᠡᠷᠡᠬᠢ ᠠᠭᠠᠷ ᠤᠨ ᠬᠤᠮᠵᠢᠮ ᠨᠢ ᠪᠠᠷᠤᠭ 10 -5 ᠭᠧᠷᠸᠢ ᠬᠦᠷᠳᠡᠭ᠃        ᠠᠮᠧᠷᠢᠺᠠ ᠤᠯᠤᠰ ᠤᠨ ᠭᠡᠷᠡᠯ ᠤᠨ ᠤᠬᠠᠭᠠᠨ ᠤ ᠪᠠᠭᠠᠵᠢ ᠲᠣᠨᠤᠭ ᠦᠢᠯᠡᠳᠦᠭᠴᠢᠳ ᠤᠨ ᠨᠡᠶᠢᠭᠡᠮᠯᠢᠭ ᠠᠴᠠ ᠨᠢᠳᠦᠨ ᠰᠢᠯ ᠳᠠᠬᠢ ᠠᠺᠲ᠋ᠢᠨ — 228 ︵ 228 Ac︶᠂ ᠬᠠᠷ᠎ᠠ ᠲᠤᠭᠤᠯᠭ᠎ᠠ — 212 ︵ 212Pb︶ ᠪᠣᠯᠣᠨ ᠬᠠᠷ᠎ᠠ ᠲᠤᠭᠤᠯᠭ᠎ᠠ — 214 ︵ 214Pb︶ ᠶᠢᠨ ᠠᠭᠤᠯᠤᠭᠳᠠᠴᠠ ᠨᠢ ᠭᠷᠠᠮ ᠪᠦᠷᠢ ᠳᠤ 0.5 ᠪᠧᠺᠯᠧᠷ ᠠᠴᠠ ᠬᠡᠲᠦᠷᠡᠵᠦ ᠪᠣᠯᠬᠤ ᠦᠭᠡᠢ ᠭᠡᠵᠦ ᠲᠣᠭᠲᠠᠭᠠᠪᠠ᠃ ᠬᠡᠷᠪᠡ ᠡᠨᠡ ᠬᠦ ᠬᠢᠵᠠᠭᠠᠷᠯᠠᠯ ᠤᠨ ᠳᠣᠲᠤᠷᠠᠬᠢ ᠰᠠᠴᠤᠷᠠᠭᠲᠤ ᠪᠣᠳᠠᠰ ᠲᠠᠢ ᠨᠢᠳᠦᠨ ᠰᠢᠯ ᠢ ᠵᠡᠭᠦᠪᠡᠯ ᠡᠪᠡᠷᠯᠢᠭ ᠪᠦᠷᠬᠦᠪᠴᠢ ᠶᠢᠨ ᠳᠠᠪᠬᠤᠷᠭ᠎ᠠ ᠨᠢ ᠵᠢᠯ ᠳᠤ ᠪᠠᠷᠤᠭ 5 ᠮᠢᠯᠢ ᠰᠢᠸᠧᠲ ᠤᠨ ᠰᠠᠴᠤᠷᠠᠭ ᠲᠤ ᠳᠤᠰᠬᠠᠭᠳᠠᠨ᠎ᠠ᠃        7. ᠰᠠᠴᠤᠷᠠᠭᠲᠤ ᠪᠣᠳᠠᠰ ᠢ ᠬᠤᠯᠢᠭᠰᠠᠨ ᠬᠢᠮᠡᠯ ᠰᠢᠳᠤ        ᠦᠷᠠᠨ ᠪᠣᠯᠣᠨ ᠼᠧᠷᠢ ᠶᠢ ᠬᠤᠯᠢᠭᠰᠠᠨ ᠨᠡᠶᠢᠯᠡᠮᠡᠯ ᠡᠳ᠋ ᠤᠨ ᠱᠠᠵᠠᠩ ᠢᠶᠠᠷ ᠬᠢᠮᠡᠯ ᠰᠢᠳᠤ ᠬᠢᠳᠡᠭ ᠪᠦᠭᠡᠳ ᠲᠡᠷᠨ ᠨᠢ ᠨᠠᠷᠠᠨ ᠤ ᠭᠡᠷᠡᠯ ᠪᠣᠶᠤ ᠳ᠋ᠸᠡᠭ ᠤᠨ ᠭᠡᠷᠡᠯ ᠳᠤ ᠦᠨᠡᠨ ᠰᠢᠳᠤ ᠮᠡᠲᠤ ᠴᠡᠭᠡᠨ ᠦᠡᠭᠭᠡᠲᠡᠢ ᠦᠵᠡᠭᠳᠡᠳᠡᠭ᠃ ᠭᠡᠪᠡᠴᠤ ᠲᠡᠭᠦᠨ ᠤ ᠳᠣᠲᠤᠷᠠᠬᠢ ᠦᠷᠠᠨ ᠪᠣᠯᠣᠨ ᠼᠧᠷᠢ ᠶᠢᠨ ᠰᠠᠴᠤᠷᠠᠭᠲᠤ ᠪᠣᠳᠠᠰ ᠨᠢ ᠠᠮᠠᠨ ᠬᠦᠨᠳᠡᠢ ᠳᠤ ᠰᠠᠴᠤᠷᠠᠭ ᠳᠤᠰᠬᠠᠳᠠᠭ᠃ ᠬᠡᠷᠪᠡ ᠱᠠᠵᠠᠩ ᠳᠠᠬᠢ ᠦᠷᠠᠨ ᠤ ᠮᠠᠰ ᠤᠨ ᠦᠳᠬᠡᠴᠡ ᠨᠢ 0.1% ᠪᠣᠯ ᠬᠢᠮᠡᠯ ᠰᠢᠳᠦᠨ ᠠᠴᠠ 30 ᠮᠢᠺᠷᠤᠨ ︵μm︶  ᠳᠠᠬᠢ ᠠᠮᠠᠨ ᠬᠦᠨᠳᠡᠢ ᠶᠢᠨ ᠦᠡᠭᠭᠡᠨ ᠠᠷᠠᠰᠤᠨ ᠳᠤ ᠵᠢᠯ ᠪᠦᠷᠢ ᠪᠠᠷᠤᠭ 30 ᠮᠢᠯᠢ ᠭᠧᠷᠸᠢ ︵mGy︶ ᠶᠢᠨ ᠰᠠᠴᠤᠷᠠᠭ ᠳᠤᠰᠬᠠᠳᠠᠭ᠃ ᠡᠶᠢᠮᠦ ᠠᠴᠠ ᠡᠯ᠎ᠡ ᠤᠯᠤᠰ  ᠨᠢ ᠬᠢᠮᠡᠯ ᠰᠢᠳᠦᠨ ᠤ ᠱᠠᠵᠠᠩ ᠳᠠᠬᠢ ᠦᠷᠠᠨ ᠤ ᠬᠤᠯᠢᠴᠠ ᠶᠢ ᠬᠢᠵᠠᠭᠠᠷᠯᠠᠭᠰᠠᠨ ᠪᠠᠶᠢᠨ᠎ᠠ᠃ ᠵᠢᠱᠢᠶᠡᠯᠡᠪᠡᠯ ᠭᠧᠷᠮᠠᠨ ᠤᠯᠤᠰ ᠨᠢ ᠬᠢᠮᠡᠯ ᠰᠢᠳᠦᠨ ᠤ ᠱᠠᠵᠠᠩ ᠳᠠᠬᠢ ᠦᠷᠠᠨ ᠨᠢ ᠬᠦᠨᠳᠤ ᠶᠢᠨ ᠬᠡᠮᠵᠢᠶᠡᠨ ᠤ ᠬᠢᠨᠢ 0.1%᠂ ᠠᠮᠧᠷᠢᠺᠠ ᠤᠯᠤᠰ ᠨᠢ 0.05% ᠠᠴᠠ ᠬᠡᠲᠦᠷᠡᠵᠦ ᠪᠣᠯᠬᠤ ᠦᠭᠡᠢ ᠭᠡᠵᠦ ᠲᠣᠭᠲᠠᠭᠠᠪᠠ᠃ ᠭᠧᠷᠮᠠᠨ ᠤᠯᠤᠰ ᠤᠨ ᠬᠢᠮᠡᠯ ᠰᠢᠳᠦᠨ ᠤ ᠱᠠᠵᠠᠩ ᠳᠠᠬᠢ ᠦᠷᠠᠨ ᠤ ᠳᠤᠮᠳᠠᠴᠢ ᠬᠦᠨᠳᠤ ᠶᠢᠨ ᠬᠡᠮᠵᠢᠶᠡᠨ ᠤ ᠦᠳᠬᠡᠴᠡ ᠨᠢ 0.03%᠂ ᠶᠠᠫᠤᠨ ᠤᠯᠤᠰ ᠤᠨ 4 ᠵᠦᠢᠯ ᠤᠨ ᠲᠡᠮᠳᠡᠭᠲᠤ ᠬᠢᠮᠡᠯ ᠰᠢᠳᠦᠨ ᠤ ᠱᠠᠵᠠᠩ ᠳᠠᠬᠢ ᠦᠷᠠᠨ ᠤ ᠳᠤᠮᠳᠠᠴᠢ ᠠᠭᠤᠯᠤᠭᠳᠠᠴᠠ ᠨᠢ 0.0004% — 0.008% ᠪᠠᠶᠢᠵᠦ᠂ ᠬᠠᠮᠤᠭ ᠠᠷᠪᠢᠨ ᠳᠠᠭᠠᠨ 0.02% ᠬᠦᠷᠳᠡᠭ᠃ ᠠᠩᠭ᠍ᠯᠢ ᠤᠯᠤᠰ ᠨᠢ ᠦᠷᠠᠨ ᠠᠭᠤᠯᠤᠭᠰᠠᠨ ᠬᠢᠮᠡᠯ ᠰᠢᠳᠤ ᠶᠢ ᠬᠡᠷᠡᠭᠯᠡᠬᠦ ᠦᠭᠡᠢ ᠭᠡᠵᠦ ᠳᠤᠷᠠᠳᠪᠠ᠃        8. ᠰᠠᠴᠤᠷᠠᠭᠲᠤ ᠪᠣᠳᠠᠰ ᠢᠶᠠᠷ ᠦᠡᠭᠭᠡ ᠪᠣᠳᠤᠭ ᠪᠣᠶᠤ ᠴᠢᠨᠠᠷ ᠴᠢᠨᠰᠠᠭ᠎ᠠ ᠶᠢ ᠰᠠᠶᠢᠵᠢᠷᠠᠭᠤᠯᠬᠤ        ᠣᠳᠣᠬᠠᠨ ᠳᠤ ᠪᠠᠰᠨ ᠲᠢᠲ᠋ᠠᠨ ᠢᠶᠠᠷ ᠪᠣᠳᠤᠭᠲᠤ ᠡᠳ᠋ ᠢ ᠦᠢᠯᠡᠳᠪᠦᠷᠢᠯᠡᠬᠦ ᠪᠣᠶᠤ ᠡᠰᠡᠭᠦᠯ᠎ᠡ ᠨᠡᠬᠡᠮᠡᠯ ᠡᠳ᠋ ᠪᠠᠷᠠᠭᠠᠨ ᠳᠤ ᠬᠤᠪᠤᠷ ᠰᠢᠷᠦ᠋ᠢᠲᠤ ᠰᠠᠴᠤᠷᠠᠭᠲᠤ ᠪᠣᠳᠠᠰ ᠢ ᠬᠤᠯᠢᠭᠠᠳ ᠦᠡᠭᠭᠡ ᠢᠯᠭᠠᠷᠠᠮ᠎ᠠ ᠰᠠᠶᠢᠬᠠᠨ ᠮᠦᠷᠲᠡᠭᠡᠨ ᠪᠣᠳᠤᠭ ᠢ ᠨᠢ ᠤᠨᠠᠭᠠᠬᠤ ᠦᠭᠡᠢ ᠪᠣᠯᠭᠠᠬᠤ ᠭᠡᠬᠦ ᠮᠡᠲᠤ ᠪᠠᠷ ᠬᠡᠷᠡᠭᠯᠡᠵᠦ ᠴᠤ ᠪᠠᠶᠢᠳᠠᠭ᠃ ᠵᠠᠷᠢᠮ ᠱᠠᠵᠠᠩ ᠠᠶᠠᠭ᠎ᠠ ᠰᠠᠪᠠᠨ ᠳᠤ ᠪᠠᠰᠨ ᠪᠤᠳᠤᠭ ᠪᠣᠯᠭᠠᠨ ᠬᠡᠷᠡᠭᠯᠡᠬᠦ ᠪᠠ ᠦᠯᠦ ᠬᠤᠰᠤᠮᠲᠠᠬᠤ ᠲᠣᠭᠤᠭ᠎ᠠ ᠵᠡᠷᠭᠡ ᠳᠤ ᠴᠤ ᠵᠣᠬᠢᠬᠤ ᠬᠡᠮᠵᠢᠶᠡᠨ ᠤ ᠬᠤᠪᠤᠷ ᠰᠢᠷᠦ᠋ᠢᠲᠤ ᠰᠠᠴᠤᠷᠠᠭᠲᠤ ᠪᠣᠳᠠᠰ ᠢ ᠴᠤ ᠬᠤᠯᠢᠵᠦ ᠪᠠᠶᠢᠳᠠᠭ᠃        ᠳᠦᠷᠪᠡ᠂ ᠲᠠᠭᠠᠯᠲᠠ ᠰᠠᠴᠤᠷᠠᠭ ᠢ ᠰᠡᠷᠭᠡᠶᠢᠯᠡᠬᠦ        ᠬᠦᠮᠦᠨ ᠲᠦᠷᠦᠯᠬᠢᠲᠡᠨ ᠤ ᠠᠮᠢᠳᠤᠷᠠᠯ ᠦᠢᠯᠡᠳᠪᠦᠷᠢᠯᠡᠯ ᠤᠨ ᠵᠠᠷᠢᠮ ᠠᠵᠢᠯᠯᠠᠭᠠᠨ ᠨᠢ ᠬᠡᠳᠦ᠋ᠢᠪᠡᠷ ᠰᠠᠴᠤᠷᠠᠭ ᠢ ᠠᠰᠢᠭᠯᠠᠵᠦ ᠬᠡᠷᠡᠭᠯᠡᠬᠦ ᠪᠠᠷ ᠵᠣᠷᠢᠯᠭ᠎ᠠ ᠪᠣᠯᠭᠠᠭᠰᠠᠨ ᠦᠭᠡᠢ ᠪᠣᠯᠪᠠᠴᠤ᠂ ᠠᠭᠠᠷ᠂ ᠤᠰᠤ ᠪᠣᠯᠣᠨ ᠬᠦᠷᠦᠰᠦ ᠰᠢᠷᠣᠢ ᠶᠢ ᠪᠣᠬᠢᠷᠳᠤᠭᠤᠯᠤᠨ᠂ ᠡᠷᠭᠢᠨ ᠲᠣᠭᠤᠷᠢᠨ ᠤ ᠣᠯᠠᠨ ᠨᠡᠶᠢᠲᠡ ᠳᠤ ᠰᠠᠴᠤᠷᠠᠭ ᠲᠤᠰᠬᠠᠯᠲᠠ ᠨᠡᠮᠡᠭᠳᠡᠭᠦᠯᠳᠡᠭ᠃ ᠡᠶᠢᠮᠦ ᠠᠴᠠ ᠣᠯᠠᠨ ᠨᠡᠶᠢᠲᠡ ᠶᠢᠨ ᠬᠢᠨ ᠡᠳᠦᠷ ᠳᠣᠲᠤᠮ ᠤᠨ ᠠᠮᠢᠳᠤᠷᠠᠯ ᠳᠤᠮᠳᠠ ᠪᠠᠨ ᠡᠳᠡᠭᠡᠷ ᠳᠠᠭᠠᠯᠲᠠ ᠰᠠᠴᠤᠷᠠᠭ ᠢ ᠴᠤ ᠪᠠᠰᠨ ᠬᠡᠷᠰᠡᠤᠯᠡᠨ ᠰᠡᠷᠭᠡᠶᠢᠯᠡᠪᠡᠯ ᠵᠣᠬᠢᠨ᠎ᠠ᠃        1. ᠦᠢᠯᠡᠳᠪᠤᠷᠢ ᠠᠭᠤᠷᠬᠠᠢ ᠶᠢᠨ ᠰᠠᠴᠤᠷᠠᠭ        ᠠᠭᠤᠷᠬᠠᠢ ᠨᠡᠭᠡᠭᠡᠬᠦ ᠢᠯᠠᠩᠭᠤᠶ᠎ᠠ ᠦᠷᠡᠨ ᠪᠤᠯᠤᠨ ᠽᠢᠷᠺᠤᠨ ᠵᠢᠴᠢ ᠹᠤᠰᠹᠤᠷ ᠤᠨ ᠠᠭᠤᠷᠬᠠᠢ ᠵᠢᠴᠢ ᠬᠦᠳᠡᠷ ᠲᠤ ᠰᠠᠴᠤᠷᠠᠭᠳᠤ ᠪᠤᠳᠠᠰ ᠳᠤᠩ ᠠᠷᠪᠢᠨ ᠠᠭᠤᠯᠤᠭᠳᠠᠵᠤ᠂ ᠬᠦᠮᠦᠰ ᠲᠤ ᠭᠠᠳᠠᠨ᠎ᠠ ᠳᠤᠳᠤᠨ᠎ᠠ ᠳᠤᠰᠬᠠᠯᠳᠠ ᠭᠠᠷᠭᠠᠳᠠᠭ᠃        ᠹᠣᠰᠹᠤᠷ ᠬᠦᠴᠢᠯ ᠤᠨ ᠲᠠᠪᠤᠰᠤ ᠶᠢ ᠡᠳ᠋ᠰᠢᠭᠦᠯᠬᠦ᠂ ᠼᠧᠮᠧᠨ᠋ᠲ ᠦᠢᠯᠡᠳᠪᠦᠷᠢᠯᠡᠬᠦ᠂ ᠭᠠᠵᠠᠷ ᠤᠨ ᠲᠣᠰᠤ ︵ᠪᠠᠰᠨ ᠴᠢᠯᠠᠭᠤᠨ ᠲᠣᠰᠤ ᠴᠤ ᠭᠡᠳᠡᠭ︶ ᠪᠣᠯᠣᠨ ᠭᠠᠵᠠᠷ ᠤᠨ ᠬᠡᠢ ︵ᠪᠠᠰᠨ ᠪᠠᠶᠢᠭᠠᠯᠢ ᠶᠢᠨ ᠰᠢᠲᠠᠭᠴᠢ ᠬᠡᠢ ᠴᠤ ᠬᠡᠳᠡᠭ︶ ᠶᠢ ᠭᠠᠷᠭᠠᠵᠦ ᠠᠪᠬᠤ᠂ ᠭᠠᠵᠠᠷ ᠤᠨ ᠬᠡᠢ ᠪᠠᠷ ᠴᠠᠬᠢᠯᠭᠠᠨ ᠭᠠᠷᠭᠠᠬᠤ ᠪᠠ ᠠᠶᠢᠯ ᠡᠷᠦᠬᠡ ᠳᠤ ᠭᠠᠵᠠᠷ ᠤᠨ ᠬᠡᠢ ᠶᠢ ᠬᠡᠷᠡᠭᠯᠡᠬᠦ ᠵᠡᠷᠭᠡ ᠠᠵᠢᠯᠯᠠᠭᠠᠨ ᠨᠢ ᠴᠦᠮ ᠣᠷᠴᠢᠨ ᠠᠬᠤᠢ ᠶᠢᠨ ᠠᠭᠠᠷ ᠲᠤ ᠰᠠᠴᠤᠷᠠᠭᠲᠤ ᠬᠡᠢ ᠷᠠᠳᠤᠨ — 222 ︵ 222 Rn︶ ᠢ ᠲᠠᠯᠪᠢᠨ ᠭᠠᠷᠭᠠᠳᠠᠭ᠃ ᠠᠭᠠᠷ ᠲᠤ ᠪᠠᠶᠢᠭᠠᠯᠢ ᠶᠢᠨ ᠰᠠᠴᠤᠷᠠᠭᠲᠤ ᠴᠦᠮᠡᠲᠤ ᠶᠢ ᠬᠠᠮᠤᠭ ᠤᠨ ᠶᠡᠭᠡ ᠲᠠᠯᠪᠢᠨ ᠭᠠᠷᠭᠠᠬᠤ ᠨᠢ ᠹᠣᠰᠹᠤᠷ ᠬᠦᠴᠢᠯ ᠤᠨ ᠲᠠᠪᠤᠰᠤ ᠶᠢ ᠡᠳ᠋ᠰᠢᠭᠦᠯᠬᠦ᠂ ᠭᠠᠵᠠᠷ ᠤᠨ ᠲᠣᠰᠤ ︵ᠪᠠᠰᠨ ᠴᠢᠯᠠᠭᠤᠨ ᠲᠣᠰᠤ ᠴᠤ ᠭᠡᠳᠡᠭ︶ ᠪᠣᠯᠣᠨ ᠭᠠᠵᠠᠷ ᠤᠨ ᠬᠡᠢ ︵ᠪᠠᠰᠨ ᠪᠠᠶᠢᠭᠠᠯᠢ ᠶᠢᠨ ᠰᠢᠲᠠᠭᠴᠢ ᠬᠡᠢ ᠴᠤ ᠬᠡᠳᠡᠭ︶ ᠶᠢ ᠭᠠᠷᠭᠠᠵᠦ ᠠᠪᠬᠤ ᠵᠢᠴᠢ ᠪᠣᠯᠤᠳ ᠲᠡᠮᠦᠷ ᠤᠨ ᠳᠦᠭᠦᠮ ᠦᠢᠯᠡᠳᠪᠦᠷᠢᠯᠡᠯ ᠪᠣᠯᠤᠨ᠎ᠠ᠃        ︵1︶ ᠨᠡᠭᠦᠷᠡᠰᠤ ᠲᠦᠯᠡᠳᠡᠭ ᠴᠠᠬᠢᠯᠭᠠᠨ ᠦᠢᠯᠡᠳᠪᠦᠷᠢ ᠠᠴᠠ ᠭᠠᠷᠬᠤ ᠰᠠᠴᠤᠷᠠᠭ        ᠨᠡᠭᠦᠷᠡᠰᠦᠨ ᠳᠤ ᠪᠠᠰᠨ ᠵᠢᠭᠠᠬᠠᠨ ᠬᠡᠮᠵᠢᠶᠡᠨ ᠤ ᠰᠠᠴᠤᠷᠠᠭᠲᠤ ᠪᠣᠳᠠᠰ  40 K᠂  238 U᠂  232 Th ᠵᠢᠴᠢ ᠲᠡᠳᠡᠨ ᠤ ᠲᠦᠯ ᠴᠦᠮ᠎ᠡ ᠨᠦᠭᠦᠳ ᠠᠭᠤᠯᠤᠭᠳᠠᠵᠦ ᠪᠠᠶᠢᠳᠠᠭ ᠪᠣᠯᠬᠤᠷ ᠰᠢᠲᠠᠭᠠᠬᠤ ᠦᠶᠡᠰ ᠲᠤ ᠲᠡᠷᠨ ᠨᠢ ᠤᠲᠤᠭ᠎ᠠ ᠲᠣᠭᠤᠰᠤ ᠶᠢ ᠲᠠᠭᠠᠨ ᠠᠭᠠᠷ ᠲᠤ ᠲᠠᠷᠬᠠᠬᠤ ᠪᠣᠶᠤ ᠦᠨᠡᠰᠦ ᠬᠤᠭ ᠲᠤᠨᠢ ᠳᠠᠭᠠᠯᠳᠤᠨ ᠪᠠᠶᠢᠳᠠᠭ᠃ ᠡᠨᠡ ᠨᠢ ᠣᠷᠴᠢᠨ ᠲᠣᠭᠤᠷᠢᠨ ᠤ ᠰᠠᠴᠤᠷᠠᠭ ᠤᠨ ᠬᠡᠮᠵᠢᠶ᠎ᠡ ᠪᠠ ᠬᠦᠮᠦᠰ ᠲᠤ ᠰᠠᠴᠤᠷᠠᠭ ᠲᠤᠰᠬᠠᠯᠲᠠ ᠶᠢ ᠨᠡᠮᠡᠭᠳᠡᠭᠦᠯᠳᠡᠭ᠃ ᠳᠤᠮᠳᠠᠳᠤ ᠤᠯᠤᠰ ᠨᠢ ᠨᠡᠭᠦᠷᠡᠰᠦ ᠬᠡᠷᠡᠭᠯᠡᠬᠦ ᠪᠠᠷ ᠢᠶᠠᠨ ᠳᠡᠯᠡᠬᠡᠢ ᠳᠤ ᠲᠡᠷᠢᠭᠦᠯᠡᠵᠦ ᠡᠭᠦᠨ ᠳᠤ ᠦᠪᠦᠷ ᠮᠣᠩᠭᠤᠯ ᠪᠣᠯ ᠬᠠᠮᠤᠭ ᠤᠨ ᠭᠤᠤᠯ ᠰᠠᠭᠤᠷᠢᠨ ᠭᠠᠵᠠᠷ ᠨᠢ ᠪᠣᠯᠵᠦ ᠪᠠᠶᠢᠳᠠᠭ        ᠳᠡᠯᠡᠬᠡᠢ ᠶᠢᠨ 15 ᠤᠯᠤᠰ ᠤᠨ ᠨᠡᠭᠦᠷᠡᠰᠦᠨ ᠤ ᠦᠯᠢᠭᠡᠷ ᠶᠠᠩᠵᠦ ᠶᠢ ᠬᠡᠮᠵᠢᠨ ᠰᠢᠨᠵᠢᠭᠰᠡᠨ ᠢ ᠦᠨᠳᠦᠰᠦᠯᠡᠪᠡᠯ᠂ ᠨᠢᠭᠡ ᠺᠢᠯᠦᠭᠷᠠᠮ ᠨᠡᠭᠦᠷᠡᠰᠦᠨ ᠳᠤ ᠳᠤᠮᠳᠠᠴᠢ ᠪᠠᠷ ᠺᠠᠯᠢ — 40 ︵ 40 K︶ ᠪᠣᠯ 50 ᠪᠧᠺᠯᠧᠷ ︵Bq︶᠂ ᠦᠷᠠᠨ — 238 ︵238 U︶ ᠪᠣᠯᠣᠨ ᠲᠣᠷᠢ — 232  ︵ 232 Th︶   ᠨᠢ ᠲᠤᠰᠪᠦᠷᠢ 20 ᠪᠧᠺᠯᠧᠷ ︵Bq︶ ᠠᠭᠤᠯᠤᠭᠳᠠᠵᠦ ᠪᠠᠶᠢᠳᠠᠭ᠃ ᠨᠡᠭᠦᠷᠡᠰᠦᠨ ᠳᠠᠬᠢ ᠰᠠᠴᠤᠷᠠᠭᠲᠤ ᠶᠢᠨ ᠠᠮᠢᠵᠢᠷᠴᠠ ᠶᠢᠨ ᠬᠤᠪᠢᠷᠠᠯᠲᠠ ᠨᠢ ᠬᠤᠶᠡᠷ ᠲᠣᠭᠠᠨ ᠤ ᠳᠡᠰ ᠬᠦᠷᠳᠡᠭ᠃ ᠳᠡᠯᠡᠬᠡᠢ ᠶᠢᠨ ᠨᠡᠭᠦᠷᠡᠰᠦᠨ ᠤ ᠶᠡᠷᠦᠩᠬᠡᠢ ᠬᠡᠮᠵᠢᠶᠡᠨ ᠤ 20% ᠶᠢ ᠨᠢ ᠡᠵᠡᠯᠡᠬᠦ ᠳᠤᠮᠳᠠᠳᠤ ᠤᠯᠤᠰ ᠤᠨ ᠪᠠᠶᠢᠴᠠᠭᠠᠯᠲᠠ ᠶᠢ ᠦᠨᠳᠦᠰᠦᠯᠡᠪᠡᠯ᠂ ᠨᠢᠭᠡ ᠺᠢᠯᠦᠭᠷᠠᠮ ᠨᠡᠭᠦᠷᠡᠰᠦᠨ ᠳᠤ ᠳᠤᠮᠳᠠᠴᠢ ᠪᠠᠷ ᠺᠠᠯᠢ — 40 ︵ 40 K︶ ᠪᠣᠯ 104 ᠪᠧᠺᠯᠧᠷ ︵Bq︶᠂ ᠦᠷᠠᠨ — 238 ︵ 238U︶ ᠪᠣᠯ 36 ᠪᠧᠺᠯᠧᠷ ︵Bq︶᠂ ᠲᠣᠷᠢ — 232 ︵ 232 Th︶ ᠨᠢ 30 ᠪᠧᠺᠯᠧᠷ ︵Bq︶ ᠠᠭᠤᠯᠤᠭᠳᠠᠵᠦ ᠪᠠᠶᠢᠳᠠᠭ᠃        ᠴᠠᠬᠢᠯᠭᠠᠨ ᠭᠠᠷᠭᠠᠬᠤ ᠦᠶᠡᠰ ᠲᠤ ᠨᠡᠭᠦᠷᠡᠰᠦᠨ ᠤ ᠰᠢᠲᠠᠯᠲᠠ ᠶᠢᠨ ᠢᠯᠴᠢ ᠨᠢ 1700℃ ᠬᠦᠷᠴᠤ᠂ ᠨᠡᠭᠦᠷᠡᠰᠦᠨ ᠳᠠᠬᠢ ᠣᠯᠠᠩᠬᠢ ᠡᠷᠦᠳᠡᠰᠤ ᠨᠦᠭᠦᠳ ᠢᠷᠤᠭᠠᠷ ᠲᠤ ᠪᠠᠭᠤᠵᠦ ᠰᠢᠭᠠᠷᠤ ᠪᠣᠯᠤᠨ᠎ᠠ᠃ ᠭᠦᠢᠴᠡᠳ ᠰᠢᠲᠠᠭᠳᠠᠭᠰᠠᠨ ᠨᠡᠭᠦᠷᠡᠰᠦ ᠨᠢ ᠤᠲᠤᠭ᠎ᠠ ᠪᠣᠯᠵᠦ ᠬᠤᠯᠠᠩ ᠢᠶᠠᠷ ᠭᠠᠷᠬᠤ ᠦᠶᠡᠰ ᠲᠤ ᠬᠡᠳᠦ᠋ᠢᠪᠡᠷ ᠬᠤᠷᠢᠶᠠᠨ ᠠᠪᠳᠠᠭ ᠪᠣᠯᠪᠠᠴᠤ ᠪᠠᠰᠨ ᠴᠤ ᠨᠢᠭᠡ ᠪᠦᠯᠦᠭ ᠨᠢ ᠵᠢᠭᠤᠳᠠᠨ ᠭᠠᠷᠤᠭᠠᠳ ᠠᠭᠠᠷ ᠲᠤ ᠲᠠᠷᠬᠠᠳᠠᠭ ᠪᠠᠶᠢᠨ᠎ᠠ᠃        ᠨᠡᠭᠦᠷᠡᠰᠤ ᠰᠢᠲᠠᠭᠰᠠᠨ ᠤ ᠳᠠᠷᠠᠭ᠎ᠠ ᠤᠲᠤᠭᠠᠨ ᠳᠠᠬᠢ ᠰᠠᠴᠤᠷᠠᠭ ᠤᠨ ᠬᠡᠮᠵᠢᠶ᠎ᠡ ᠨᠢ ᠨᠢᠭᠡ ᠲᠣᠭᠠᠨ ᠤ ᠳᠡᠰ ᠨᠡᠮᠡᠭᠳᠡᠳᠡᠭ᠃ ᠠᠭᠠᠷ ᠲᠤ ᠲᠠᠷᠬᠠᠭᠰᠠᠨ ᠨᠢᠭᠡ ᠺᠢᠯᠦᠭᠷᠠᠮ ᠦᠨᠡᠰᠦᠨ ᠳᠤ ᠺᠠᠯᠢ — 40 ᠨᠢ 265 ᠪᠧᠺᠯᠧᠷ᠂ ᠦᠷᠠᠨ — 238 ᠨᠢ 200 ᠪᠧᠺᠯᠧᠷ᠂ ᠷᠠᠳᠢ — 226 ᠨᠢ 240 ᠪᠧᠺᠯᠧᠷ᠂ ᠬᠠᠷ᠎ᠠ ᠲᠤᠭᠤᠯᠭ᠎ᠠ — 210 ᠨᠢ 930 ᠪᠧᠺᠯᠧᠷ᠂ ᠫᠣᠯᠣᠨᠢ — 210 ᠨᠢ 1700 ᠪᠧᠺᠯᠧᠷ᠂ ᠲᠣᠷᠢ — 232 ᠨᠢ 70 ᠪᠧᠺᠯᠧᠷ᠂ ᠲᠣᠷᠢ — 228 ᠨᠢ 110 ᠪᠧᠺᠯᠧᠷ᠂ ᠷᠠᠳᠢ — 226 ᠨᠢ 130 ᠪᠧᠺᠯᠧᠷ ᠪᠣᠯᠳᠠᠭ ᠪᠠᠶᠢᠨ᠎ᠠ᠃        ᠬᠠᠷ᠎ᠠ ᠲᠤᠭᠤᠯᠭ᠎ᠠ — 210 ᠪᠣᠯᠣᠨ ᠫᠣᠯᠣᠨᠢ — 210 ᠨᠢ ᠤᠲᠤᠭ᠎ᠠ ᠶᠢ ᠳᠠᠭᠠᠵᠦ ᠭᠠᠷᠳᠠᠭ᠃ ᠺᠠᠯᠢ — 40 ᠪᠣᠯᠣᠨ ᠲᠣᠷᠢ ᠶᠢᠨ ᠯᠣᠷᠣᠰ ᠨᠢ ᠬᠦᠡᠭᠭᠡᠨᠴᠠᠭᠠᠨ ᠴᠠᠬᠢᠭᠤᠷ ᠬᠦᠴᠢᠯ ᠤᠨ ᠲᠠᠪᠤᠰᠤᠲᠤ ᠡᠷᠦᠳᠡᠰᠦ ᠲᠠᠢ ᠬᠠᠶᠢᠯᠤᠨ ᠨᠡᠶᠢᠯᠡᠭᠡᠳ ᠵᠤᠤᠬᠠᠨ ᠢᠷᠤᠭᠠᠷ ᠲᠤ ᠤᠨᠠᠬᠤ ᠦᠭᠡᠢ ᠪᠣᠯ ᠤᠲᠤᠭ᠎ᠠ ᠶᠢ ᠲᠠᠭᠠᠨ ᠭᠠᠷᠳᠠᠭ᠃ ᠦᠷᠠᠨ ᠨᠢ ᠶᠡᠷᠦᠳᠡᠭᠡᠨ ᠰᠢᠷᠤᠢ ᠴᠢᠯᠠᠭᠤ ᠲᠠᠢ ᠨᠡᠶᠢᠯᠡᠭᠡᠳ ᠣᠯᠠᠩᠬᠢ ᠨᠢ ᠵᠤᠤᠬᠠᠨ ᠢᠷᠤᠭᠠᠷ ᠲᠤ ᠤᠨᠠᠵᠦ ᠨᠢᠭᠡ ᠪᠦᠯᠦᠭ ᠨᠢ ᠤᠲᠤᠭᠠᠨ ᠳᠤ ᠭᠠᠷᠤᠨ᠎ᠠ᠃ ᠷᠠᠳᠢ — 228 ᠨᠢ ᠶᠡᠷᠦᠳᠡᠭᠡᠨ ᠤᠲᠤᠭᠠᠨ ᠳᠤ ᠭᠠᠷᠳᠠᠭ᠃        ᠴᠠᠬᠢᠯᠭᠠᠨ ᠦᠢᠯᠡᠳᠪᠦᠷᠢ ᠶᠢᠨ ᠤᠲᠤᠭ᠎ᠠ ᠦᠡᠭᠭᠡᠷᠡᠬᠦ ᠭᠠᠵᠠᠷ ᠤᠳ ᠢᠶᠠᠷ ᠠᠮᠢᠰᠬᠤᠯ ᠢ ᠲᠠᠭᠠᠨ ᠪᠡᠶᠡᠨ ᠳᠤ ᠣᠷᠣᠬᠤ ᠪᠣᠶᠤ ᠭᠠᠵᠠᠷ ᠲᠤ ᠪᠠᠭᠤᠭᠰᠠᠨ ᠤᠲᠤᠭ᠎ᠠ ᠲᠣᠭᠤᠰᠤᠨ ᠳᠠᠬᠢ ᠰᠠᠴᠤᠷᠠᠭᠲᠤ ᠪᠣᠳᠠᠰ ᠨᠢ ᠤᠰᠤ᠂ ᠤᠷᠭᠤᠮᠠᠯ ᠠᠮᠢᠲᠠᠨ ᠵᠡᠷᠭᠡ ᠢᠳᠡᠰᠢᠨ ᠤ ᠭᠢᠨᠵᠢ ᠶᠢ ᠳᠠᠮᠵᠢᠨ ᠬᠦᠮᠦᠰ ᠤᠨ ᠪᠡᠶᠡᠨ ᠳᠤ ᠣᠷᠤᠭᠠᠳ ᠲᠤᠲᠤᠷ ᠳᠤᠰᠬᠠᠯᠲᠠ ᠭᠠᠷᠭᠠᠳᠠᠭ᠃ ᠡᠭᠦᠨ ᠳᠤ ᠲᠣᠷᠢ ᠶᠢᠨ ᠯᠣᠷᠣᠰ ᠨᠢ ᠭᠤᠣᠯᠳᠠᠭᠤ ᠠᠮᠢᠰᠬᠤᠯ ᠢᠶᠠᠷ᠂ ᠫᠣᠯᠣᠨᠢ — 210 ᠪᠣᠯᠣᠨ ᠷᠠᠳᠤᠨ ᠤ ᠯᠣᠷᠣᠰ ᠨᠢ ᠭᠤᠣᠯᠳᠠᠭᠤ ᠲᠤᠨᠤᠭᠰᠠᠨ ᠤ ᠳᠠᠷᠠᠭ᠎ᠠ ᠳᠠᠮ ᠢᠶᠠᠷ ᠪᠡᠶᠡᠨ ᠳᠤ ᠣᠷᠣᠨ᠎ᠠ᠃        ᠡᠭᠦᠨ ᠠᠴᠠ ᠭᠠᠳᠠᠨ᠎ᠠ ᠪᠠᠰᠨ ᠵᠤᠤᠬᠠᠨ ᠦᠨᠡᠰᠦ ᠪᠠᠷ ᠨᠢ ᠼᠧᠮᠧᠨ᠋ᠲ ᠪᠣᠯᠣᠨ ᠪᠧᠲ᠋ᠤᠨ ᠬᠢᠵᠦ ᠵᠠᠮ ᠳᠡᠪᠢᠰᠳᠡᠭ᠃ ᠵᠠᠷᠢᠮ ᠨᠢ ᠪᠠᠰᠨ ᠬᠦᠷᠦᠰᠦ ᠰᠢᠷᠤᠢ ᠳᠤ ᠬᠤᠯᠢᠵᠦ ᠲᠠᠷᠢᠶᠠᠨ ᠭᠠᠵᠠᠷ ᠢ ᠰᠠᠶᠢᠵᠢᠷᠠᠭᠤᠯᠬᠤ ᠳᠤ ᠬᠡᠷᠡᠭᠯᠡᠳᠡᠭ᠃ ᠡᠨᠡ ᠨᠢ ᠪᠠᠰᠨ ᠬᠦᠮᠦᠰ ᠤᠨ ᠰᠠᠴᠤᠷᠠᠭ ᠲᠤᠰᠬᠠᠯᠲᠠ ᠶᠢ ᠵᠢᠭᠠᠬᠠᠨ ᠨᠡᠮᠡᠭᠳᠡᠭᠦᠯᠳᠡᠭ ᠪᠠᠶᠢᠨ᠎ᠠ᠃ ᠪᠠᠶᠢᠰᠢᠩ ᠭᠡᠷ ᠤᠨ ᠬᠤᠯᠠᠩ ᠨᠢ ᠳᠣᠣᠷ᠎ᠠ ᠪᠣᠯᠬᠤᠷ ᠰᠠᠭᠤᠭᠠᠯᠢ ᠠᠷᠠᠳ ᠲᠦᠪᠯᠡᠷᠡᠭᠰᠡᠨ ᠣᠷᠣᠨ ᠳᠤ ᠨᠡᠭᠦᠷᠡᠰᠤ ᠲᠦᠯᠡᠬᠦ ᠠᠴᠠ ᠪᠣᠢ ᠪᠣᠯᠬᠤ ᠰᠠᠴᠤᠷᠠᠭ ᠲᠤᠰᠬᠠᠯᠲᠠ  ᠨᠢ ᠨᠡᠮᠡᠭᠳᠡᠨ᠎ᠡ᠃ ᠡᠶᠢᠮᠦ ᠠᠴᠠ ᠴᠠᠬᠢᠯᠭᠠᠨ ᠦᠢᠯᠡᠳᠪᠦᠷᠢ ᠶᠢᠨ ᠵᠢᠪᠡᠷ ᠤᠨ ᠳᠣᠣᠷ᠎ᠠ ᠲᠠᠯ᠎ᠠ ᠳᠠᠬᠢ ᠣᠷᠣᠨ ᠪᠣᠯᠣᠨ ᠨᠡᠭᠦᠷᠡᠰᠦ ᠶᠡᠭᠡ ᠲᠦᠯᠡᠵᠦ ᠪᠠᠶᠢᠭ᠎ᠠ ᠲᠦᠪᠯᠡᠷᠡᠭᠰᠡᠨ ᠣᠷᠣᠨ ᠳᠠᠬᠢ ᠣᠯᠠᠨ ᠨᠡᠶᠢᠲᠡ ᠶᠢᠨ ᠬᠢᠨ ᠠᠮᠠᠪᠴᠢ ᠵᠡᠭᠦᠪᠡᠯ ᠵᠣᠬᠢᠨ᠎ᠠ᠃        ︵2︶ ᠹᠤᠰᠹᠤᠷ ᠤᠨ ᠦᠢᠯᠡᠳᠪᠤᠷᠢ ᠠᠴᠠ ᠭᠠᠷᠬᠤ ᠰᠠᠴᠤᠷᠠᠭ        ᠹᠣᠰᠹᠤᠷ ᠬᠦᠴᠢᠯ ᠤᠨ ᠳᠠᠪᠤᠰᠤ ᠶᠢ ᠡᠳ᠋ᠰᠢᠭᠦᠯᠬᠦ ᠲᠠᠯᠠᠪᠤᠷ ᠤᠨ ᠠᠭᠠᠷ ᠳᠣᠲᠤᠷᠠᠬᠢ ᠷᠠᠳᠤᠨ — 222 ︵ 222 Rn︶ ᠤᠨ ᠦᠳᠬᠡᠴᠡ ᠨᠢ ᠺᠦᠪ ᠮᠧᠲᠷ ᠪᠦᠷᠢ ᠳᠤ 35 — 780 ᠪᠧᠺᠯᠧᠷ ᠪᠣᠯᠣᠨ ᠨᠡᠮᠡᠭᠳᠡᠳᠡᠭ᠃ ᠹᠣᠰᠹᠤᠷ ᠤᠨ ᠭᠡᠷᠡᠯᠲᠤ ᠨᠣᠨᠳᠠᠭ ᠢ ᠠᠩᠬ᠎ᠠ ᠡᠳ᠋ᠰᠢᠭᠦᠯᠬᠦ ᠳᠤ ᠠᠭᠠᠷ ᠲᠤ ᠫᠣᠯᠣᠨᠢ — 210  ᠶᠢ ᠲᠠᠯᠪᠢᠨ ᠭᠠᠷᠭᠠᠬᠤ ᠨᠢ ᠭᠤᠣᠯ ᠪᠣᠯᠳᠠᠭ᠃        ᠹᠣᠰᠹᠤᠷ ᠬᠦᠴᠢᠯ ᠢ ᠦᠢᠯᠡᠳᠪᠦᠷᠢᠯᠡᠬᠦ ᠪᠠ ᠪᠣᠲᠠᠷᠬᠠᠢ ᠡᠷᠤᠳᠡᠰᠤ ᠶᠢ ᠡᠳ᠋ᠰᠢᠭᠦᠯᠬᠦ ᠳᠤ ᠲᠠᠯᠪᠢᠨ ᠭᠠᠷᠭᠠᠬᠤ ᠪᠠᠶᠢᠭᠠᠯᠢ ᠶᠢᠨ ᠰᠠᠴᠤᠷᠠᠭᠲᠤ ᠴᠦᠮᠡᠲᠤ ᠨᠢ ᠲᠡᠭᠦᠨ ᠤ ᠡᠷᠭᠢᠨ ᠲᠣᠭᠤᠷᠢᠨ ᠤ ᠰᠠᠭᠤᠭᠠᠯᠢ ᠠᠷᠠᠳ ᠲᠤ ᠬᠠᠮᠤᠭ ᠠᠴᠠ ᠶᠡᠭᠡ ᠰᠠᠴᠤᠷᠠᠭ ᠳᠤᠰᠬᠠᠯᠲᠠ ᠭᠠᠷᠭᠠᠳᠠᠭ ᠪᠦᠭᠡᠳ ᠵᠢᠯ ᠳᠤ 1 — 10 ᠮᠢᠺᠷᠤ᠋ ᠰᠢᠸᠧᠲ ᠰᠠᠴᠤᠷᠠᠭ ᠲᠤ ᠳᠤᠰᠬᠠᠭᠳᠠᠳᠠᠭ᠃        ᠹᠣᠰᠹᠤᠷ ᠪᠣᠷᠳᠤᠭᠤᠷ ᠤᠨ ᠹᠣᠰᠹᠤᠷ ᠢ ᠭᠤᠣᠯᠳᠠᠭᠤ ᠹᠣᠰᠹᠤᠷ ᠬᠦᠴᠢᠯ ᠤᠨ ᠲᠠᠪᠤᠰᠤᠨ ᠤ ᠴᠢᠯᠠᠭᠤᠯᠢᠭ ᠠᠴᠠ ᠢᠯᠭᠠᠷᠠᠭᠤᠯᠤᠨ ᠠᠪᠳᠠᠭ᠃ ᠡᠨᠡ ᠬᠦ ᠬᠦᠳᠡᠷ ᠤᠨ ᠺᠢᠯᠦᠭᠷᠠᠮ ᠪᠦᠷᠢ ᠳᠤ ᠦᠷᠠᠨ — 238 ᠶᠢᠨ ᠠᠭᠤᠯᠤᠭᠳᠠᠴᠠ ᠨᠢ 70 — 1500 ᠪᠧᠺᠯᠧᠷ ᠠᠳᠠᠯᠢ ᠦᠭᠡᠢ ᠪᠠᠶᠢᠳᠠᠭ᠃ ᠬᠠᠷᠢᠨ ᠲᠣᠷᠢ — 232 ᠪᠣᠯᠣᠨ ᠺᠠᠯᠢ — 40 ᠶᠢᠨ ᠠᠭᠤᠯᠤᠭᠳᠠᠴᠠ ᠨᠢ ᠦᠷᠠᠨ ᠠᠴᠠ ᠬᠤᠯᠨ ᠪᠠᠭ᠎ᠠ ᠪᠠᠶᠢᠳᠠᠭ᠃ ᠡᠳᠡᠭᠡᠷ ᠰᠠᠴᠤᠷᠠᠭᠲᠤ ᠨᠢ ᠠᠭᠤᠷᠬᠠᠢ ᠨᠡᠭᠡᠭᠡᠬᠦ᠂ ᠬᠦᠳᠡᠷ ᠰᠢᠯᠢᠬᠦ᠂ ᠬᠠᠲᠠᠭᠠᠬᠤ ᠪᠠ ᠬᠡᠮᠬᠡᠯᠬᠦ ᠶᠠᠪᠤᠴᠠ ᠳᠤ ᠨᠢᠭᠡ ᠪᠦᠯᠦᠭ ᠨᠢ ᠠᠭᠠᠷ ᠲᠤ ᠲᠣᠭᠤᠰᠤ ᠬᠤᠭ ᠪᠣᠯᠵᠦ ᠲᠠᠷᠬᠠᠳᠠᠭ᠃ ᠳᠡᠭᠡᠷ᠎ᠡ ᠳᠡᠰ ᠤᠨ ᠹᠣᠰᠹᠤᠷ ᠬᠦᠴᠢᠯ ᠪᠣᠯᠣᠨ ᠹᠣᠰᠹᠤᠷ ᠬᠦᠴᠢᠯ ᠤᠨ ᠳᠠᠪᠤᠰᠤ ᠶᠢ ᠪᠣᠯ ᠭᠤᠣᠯᠳᠠᠭᠤ ᠬᠠᠯᠠᠭᠤᠯᠬᠤ ᠠᠷᠭ᠎ᠠ ᠪᠠᠷ ᠦᠢᠯᠡᠳᠪᠦᠷᠢᠯᠡᠳᠡᠭ᠃ ᠹᠣᠰᠹᠤᠷ ᠪᠣᠷᠳᠤᠭᠤᠷ ᠢ ᠪᠣᠯ ᠭᠤᠣᠯᠳᠠᠭᠤ ᠨᠦᠢᠲᠠᠨ ᠠᠷᠭ᠎ᠠ ᠪᠠᠷ ᠦᠢᠯᠡᠳᠪᠦᠷᠢᠯᠡᠨ᠎ᠡ᠃ ᠬᠠᠶᠢᠯᠤᠭᠤᠯᠬᠤ ᠦᠶᠡᠰ ᠲᠤ ᠰᠠᠴᠤᠷᠠᠭᠲᠤ ᠪᠣᠳᠠᠰ ᠤᠨ ᠣᠯᠠᠩᠬᠢ ᠨᠢ ᠴᠠᠬᠢᠭᠤᠷ ᠬᠦᠴᠢᠯ ᠤᠨ ᠺᠠᠯᠼ ᠤᠨ ᠰᠢᠭᠠᠷᠤ ᠳᠤ ᠣᠷᠤᠭᠠᠳ᠂ ᠫᠣᠯᠣᠨᠢ — 210 ᠪᠣᠯᠣᠨ ᠵᠠᠷᠢᠮ ᠨᠢᠭᠡ ᠪᠦᠯᠦᠭ ᠰᠠᠴᠤᠷᠠᠭᠲᠤ ᠨᠢ ᠠᠭᠠᠷ ᠲᠤ ᠲᠠᠷᠬᠠᠳᠠᠭ᠃        ᠹᠣᠰᠹᠤᠷ ᠪᠣᠷᠳᠤᠭᠤᠷ ᠤᠨ ᠺᠢᠯᠦᠭᠷᠠᠮ ᠪᠦᠷᠢ ᠳᠤ ᠦᠷᠠᠨ — 238᠂ ᠦᠷᠠᠨ — 234 ᠪᠣᠯᠣᠨ ᠲᠣᠷᠢ — 230 ᠲᠤᠰᠪᠦᠷᠢ ᠪᠠᠷᠤᠭ 600 ᠪᠧᠺᠯᠧᠷ ᠪᠠᠶᠢᠵᠦ᠂ ᠷᠠᠳᠢ — 226 ᠪᠣᠯᠣᠨ ᠲᠡᠭᠦᠨ ᠤ ᠲᠦᠯ ᠴᠦᠮᠡᠲᠤ ᠨᠢ ᠪᠠᠷᠤᠭ ᠲᠤᠰᠪᠦᠷᠢ 400 ᠪᠧᠺᠯᠧᠷ ᠪᠣᠢ᠃ ᠺᠠᠯᠢ — 40 ᠪᠣᠯᠣᠨ ᠲᠣᠷᠢ — 232 ᠤᠨ ᠠᠶᠢᠮᠠᠭ ᠤᠨ ᠴᠦᠮᠡᠲᠤ ᠶᠢᠨ ᠠᠭᠤᠯᠤᠭᠳᠠᠴᠠ ᠨᠢ ᠬᠠᠷᠢᠨ ᠨᠡᠯᠢᠶᠡᠳ ᠳᠣᠣᠷ᠎ᠠ ᠪᠠᠶᠢᠳᠠᠭ᠃        ᠹᠣᠰᠹᠤᠷ ᠪᠣᠷᠳᠤᠭᠤᠷ ᠢ ᠶᠡᠭᠡ ᠪᠠᠷ ᠬᠡᠷᠡᠭᠯᠡᠭᠰᠡᠨ ᠲᠠᠷᠢᠶᠠᠨ ᠤ ᠠᠮᠤ ᠪᠤᠳᠠᠭᠠᠨ ᠳᠠᠬᠢ ᠦᠷᠠᠨ — 238 ︵ 238 U︶ ᠶᠢᠨ ᠠᠶᠢᠮᠠᠭ ᠤᠨ ᠰᠠᠴᠤᠷᠠᠭᠲᠤ ᠴᠦᠮᠡᠲᠤ ᠶᠢᠨ ᠠᠭᠤᠯᠤᠭᠳᠠᠴᠠ ᠨᠢ ᠵᠢᠭᠠᠬᠠᠨ ᠨᠡᠮᠡᠭᠳᠡᠨ᠎ᠡ᠃ ᠬᠡᠷᠪᠡ ᠹᠣᠰᠹᠤᠷ ᠪᠣᠷᠳᠤᠭᠤᠷ ᠢᠶᠠᠨ ᠤᠰᠤ ᠲᠠᠢ ᠬᠤᠯᠢᠵᠦ ᠣᠷᠤᠭᠤᠯᠬᠤ ᠪᠣᠶᠤ ᠡᠰᠡᠭᠦᠯ᠎ᠡ ᠹᠣᠰᠹᠤᠷ ᠬᠦᠴᠢᠯ ᠤᠨ ᠳᠠᠪᠤᠰᠤ ᠲᠠᠢ ᠪᠤᠷᠳᠤᠭ᠎ᠠ ᠪᠠᠷ ᠠᠳᠤᠭᠤᠰᠤ ᠠᠮᠢᠲᠠᠨ ᠢ ᠲᠡᠵᠢᠭᠡᠪᠡᠯ ᠡᠭᠦᠨ ᠲᠠᠢ ᠬᠤᠯᠪᠤᠭᠳᠠᠬᠤ ᠢᠳᠡᠭᠡᠨ ᠳᠤ ᠰᠠᠴᠤᠷᠠᠭᠲᠤ ᠪᠣᠳᠠᠰ ᠤᠨ ᠠᠭᠤᠯᠤᠭᠳᠠᠴᠠ  ᠨᠢ ᠬᠠᠷᠢᠨ ᠶᠡᠭᠡ ᠪᠣᠯᠳᠠᠭ᠃        ᠨᠦᠢᠲᠠᠨ ᠠᠷᠭ᠎ᠠ ᠪᠠᠷ ᠹᠣᠰᠹᠤᠷ ᠬᠦᠴᠢᠯ ᠢ ᠦᠢᠯᠡᠳᠪᠦᠷᠢᠯᠡᠬᠦ ᠳᠤ ᠹᠣᠰᠪᠤᠷ ᠤᠨ ᠵᠤᠭᠠᠩ᠂ ᠬᠠᠯᠠᠭᠤᠯᠬᠤ ᠠᠷᠭ᠎ᠠ ᠪᠠᠷ ᠦᠢᠯᠡᠳᠪᠦᠷᠢᠯᠡᠬᠦ ᠳᠤ ᠭᠤᠣᠯᠳᠠᠭᠤ ᠴᠠᠬᠢᠭᠤᠷ ᠬᠦᠴᠢᠯ ᠤᠨ ᠺᠠᠯᠼ ᠭᠠᠷᠳᠠᠭ᠃ ᠹᠣᠰᠪᠤᠷ ᠤᠨ ᠵᠤᠭᠠᠩ ᠢᠶᠠᠷ ᠬᠠᠨ᠎ᠠ ᠬᠠᠪᠲᠠᠰᠤ ᠬᠢᠬᠦ ᠪᠣᠶᠤ ᠼᠧᠮᠧᠨ᠋ᠲ ᠬᠢᠵᠦ᠂ ᠪᠠᠰᠨ ᠬᠤᠵᠢᠷᠯᠢᠬ ᠬᠦᠷᠦᠰᠤ ᠰᠢᠷᠣᠢ ᠳᠤ ᠺᠠᠯᠼ ᠨᠦᠬᠦᠪᠦᠷᠢᠯᠡᠳᠡᠭ᠃        ᠴᠠᠬᠢᠭᠤᠷ ᠬᠦᠴᠢᠯ ᠤᠨ ᠺᠠᠯᠼ ᠤᠨ ᠰᠢᠭᠠᠷᠤ ᠳᠠᠬᠢ ᠦᠷᠠᠨ — 238 ᠶᠢᠨ ᠠᠶᠢᠮᠠᠭ ᠤᠨ ᠴᠦᠮᠡᠲᠤ ᠶᠢᠨ ᠠᠭᠤᠯᠤᠭᠳᠠᠴᠠ ᠨᠢ ᠹᠣᠰᠹᠤᠷ ᠬᠦᠴᠢᠯ ᠤᠨ ᠲᠠᠪᠤᠰᠤᠨ ᠡᠷᠦᠳᠡᠰᠦ ᠲᠠᠢ ᠪᠠᠨ ᠠᠳᠠᠯᠢᠪᠲᠤᠷ ᠪᠠᠶᠢᠵᠦ᠂ ᠬᠠᠶᠢᠯᠤᠭᠤᠯᠬᠤ ᠦᠶᠡᠰ ᠲᠤ ᠵᠦᠪᠬᠡᠨ ᠫᠣᠯᠣᠨᠢ — 210 ᠨᠢ ᠢᠯᠭᠠᠷᠠᠨ ᠭᠠᠷᠤᠭᠰᠠᠨ ᠳᠡᠳᠦᠢ ᠯᠨ ᠶᠣᠮ᠃ ᠡᠳᠡᠭᠡᠷ ᠰᠢᠭᠠᠷᠤ ᠨᠤᠭᠤᠳ ᠢ ᠨᠢ ᠬᠡᠮᠬᠡᠯᠤᠭᠡᠳ ᠲᠡᠮᠦᠷ ᠵᠠᠮ ᠤᠨ ᠳᠡᠷ᠎ᠡ ᠮᠣᠳᠤ ᠶᠢ ᠰᠢᠬᠠᠬᠤ᠂ ᠪᠧᠲ᠋ᠤᠨ ᠵᠠᠮ ᠬᠠᠷᠭᠤᠢ᠂ ᠨᠢᠰᠭᠡᠯ ᠤᠨ ᠬᠠᠯᠢᠬᠤ ᠵᠠᠮ᠂ ᠭᠡᠷ ᠤᠨ ᠰᠠᠭᠤᠷᠢ᠂ ᠲᠡᠭᠡᠪᠦᠷ ᠵᠡᠷᠭᠡ ᠳᠤ ᠬᠡᠷᠡᠭᠯᠡᠳᠡᠭ᠃        ︵3︶ ᠪᠤᠯᠤᠳ ᠳᠡᠮᠤᠷ ᠪᠠ ᠼᠧᠮᠧᠨ᠋ᠲ ᠤᠨ ᠦᠢᠯᠡᠳᠪᠤᠷᠢ ᠠᠴᠠ ᠭᠠᠷᠬᠤ ᠰᠠᠴᠤᠷᠠᠭ        ᠬᠠᠶᠠᠭᠳᠠᠮᠠᠯ ᠲᠡᠮᠦᠷᠯᠢᠭ ᠢ ᠡᠳ᠋ᠰᠢᠭᠦᠯᠬᠦ ᠪᠠ ᠼᠧᠮᠧᠨ᠋ᠲ ᠦᠢᠯᠡᠳᠪᠦᠷᠢᠯᠡᠬᠦ ᠵᠡᠷᠭᠡ ᠠᠵᠦ ᠦᠢᠯᠡᠳᠪᠦᠷᠢ ᠶᠢᠨ ᠠᠵᠢᠯᠯᠠᠭᠠᠨ ᠳᠤ ᠬᠤᠯᠪᠤᠭᠳᠠᠬᠤ ᠪᠣᠷᠣ ᠮᠠᠲ᠋ᠧᠷᠢᠶᠠᠯ ᠂ ᠦᠢᠯᠡᠳᠭᠡᠬᠦᠨ ᠪᠣᠯᠣᠨ ᠳᠠᠭᠠᠯᠳᠤᠭᠰᠠᠨ ᠪᠦᠲᠦᠭᠡᠭᠳᠡᠬᠦᠨ ᠵᠢᠴᠢ ᠬᠠᠶᠠᠭᠳᠠᠮᠠᠯ ᠡᠳ᠋ ᠲᠠᠬᠢ ᠰᠠᠴᠤᠷᠠᠭᠲᠤ ᠴᠦᠮᠡᠲᠤ ᠨᠢ ᠡᠷᠭᠢᠨ ᠲᠣᠭᠤᠷᠢᠨ ᠤ ᠣᠯᠠᠨ ᠨᠡᠶᠢᠲᠡ ᠳᠤ ᠰᠠᠴᠤᠷᠠᠭ ᠲᠤᠰᠬᠠᠯᠲᠠ ᠨᠡᠮᠡᠭᠳᠡᠭᠦᠯᠳᠡᠭ᠃        ᠪᠣᠯᠤᠳ ᠲᠡᠮᠦᠷ ᠦᠢᠯᠡᠳᠪᠦᠷᠢᠯᠡᠬᠦ ᠳᠤ ᠠᠭᠠᠷ ᠲᠤ ᠫᠣᠯᠣᠨᠢ — 210 ︵ 210 Po︶ ᠶᠢ ᠲᠠᠯᠪᠢᠨ ᠭᠠᠷᠭᠠᠬᠤ ᠨᠢ ᠭᠤᠣᠯ ᠪᠣᠯᠳᠠᠭ᠃ ᠲᠡᠮᠦᠷᠯᠢᠭ ᠤᠨ ᠬᠦᠳᠡᠷ ᠢ ᠡᠳ᠋ᠰᠢᠬᠦᠯᠬᠦ᠂ ᠬᠦᠳᠡᠷ ᠤᠨ ᠣᠪᠤᠭ᠎ᠠ ᠪᠣᠶᠤ ᠡᠰᠡᠭᠦᠯ᠎ᠡ ᠬᠠᠶᠠᠭᠳᠠᠮᠠᠯ ᠡᠳ᠋ ᠤᠨ ᠲᠤᠨᠤᠭᠰᠠᠨ ᠭᠠᠵᠠᠷ ᠲᠤ ᠵᠢᠯ ᠳᠤ ᠪᠠᠷᠤᠭ  0.1~300  ᠮᠢᠺᠷᠤ᠋ ᠰᠢᠸᠧᠲ ᠤᠨ ᠰᠠᠴᠤᠷᠠᠭ ᠲᠤ ᠳᠤᠰᠬᠠᠭᠳᠠᠳᠠᠭ᠃ ᠡᠳ᠋ᠰᠢᠭᠦᠯᠬᠦ ᠦᠢᠯᠡᠳᠪᠦᠷᠢ ᠶᠢᠨ ᠲᠦᠰᠦᠷ ᠰᠠᠭᠤᠭᠠᠯᠢ ᠠᠷᠠᠳ ᠤᠳ ᠪᠠᠰᠨ ᠰᠠᠴᠤᠷᠠᠭᠲᠤ ᠪᠣᠳᠠᠰ ᠢ ᠠᠮᠢᠰᠬᠤᠨ ᠣᠷᠤᠭᠤᠯᠬᠤ ᠪᠣᠶᠤ ᠢᠳᠡᠭᠡᠨ ᠤᠮᠳᠠᠭᠠᠨ ᠢᠶᠠᠷ ᠳᠠᠮᠵᠢᠨ ᠪᠡᠶ᠎ᠡ ᠳᠤᠨᠢ ᠣᠷᠤᠭᠠᠳ ᠰᠠᠴᠤᠷᠠᠭ ᠤᠨ ᠳᠣᠲᠤᠷ ᠳᠤᠰᠬᠠᠯᠲᠠ ᠭᠠᠷᠭᠠᠳᠠᠭ᠃        ᠼᠧᠮᠧᠨ᠋ᠲ ᠦᠢᠯᠡᠳᠪᠦᠷᠢᠯᠡᠬᠦ ᠳᠤ ᠨᠡᠩ ᠠᠷᠪᠢᠨ ᠬᠠᠷ᠎ᠠ ᠲᠤᠭᠤᠯᠭ᠎ᠠ — 210 ︵210 Pb︶ ᠶᠢ ᠲᠠᠯᠪᠢᠨ ᠭᠠᠷᠭᠠᠳᠠᠭ᠃        ︵4︶ ᠭᠠᠵᠠᠷ ᠤᠨ ᠢᠯᠴᠢ ᠪᠠ ᠬᠡᠢ ᠶᠢᠨ ᠰᠠᠴᠤᠷᠠᠭ        ᠭᠠᠵᠠᠷ ᠤᠨ ᠪᠦᠮᠪᠦᠷᠴᠡᠭ ᠤᠨ ᠭᠦᠨ ᠳᠠᠬᠢ ᠶᠡᠭᠡ ᠬᠠᠯᠠᠭᠤᠨ ᠴᠢᠯᠠᠭᠤᠯᠢᠭ ᠤᠨ ᠬᠠᠯᠠᠭᠤᠨ ᠠᠭᠤᠷ ᠪᠣᠶᠤ ᠤᠰᠤᠨ ᠳᠤ ᠪᠠᠶᠢᠭᠠᠯᠢ ᠶᠢᠨ ᠰᠠᠴᠤᠷᠠᠭᠲᠤ ᠴᠦᠮᠡᠲᠤ ᠢᠯᠠᠩᠭᠤᠶ᠎ᠠ ᠷᠠᠳᠤᠨ — 222 ︵222 Rn︶ ᠤᠨ ᠬᠡᠢ ᠶᠡᠭᠡ ᠠᠭᠤᠯᠤᠭᠳᠠᠵᠦ ᠪᠠᠶᠢᠳᠠᠭ᠃ ᠭᠠᠵᠠᠷ ᠤᠨ ᠲᠣᠰᠤ ᠪᠣᠯᠣᠨ ᠭᠠᠵᠠᠷ ᠤᠨ ᠬᠡᠢ ᠶᠢ ᠭᠠᠷᠭᠠᠵᠦ ᠠᠪᠬᠤ᠂ ᠭᠠᠵᠠᠷ ᠤᠨ ᠢᠯᠴᠢ ᠶᠢ ᠠᠰᠢᠭᠯᠠᠬᠤ ᠦᠶᠡᠰ ᠲᠤ ᠡᠨᠡ ᠬᠦ ᠰᠠᠴᠤᠷᠠᠭᠲᠤ ᠬᠡᠢ ᠨᠢ ᠠᠭᠠᠷ ᠲᠤ ᠲᠠᠷᠬᠠᠵᠦ᠂ ᠠᠮᠢᠰᠬᠤᠯ ᠢ ᠲᠠᠭᠠᠨ ᠬᠦᠮᠦᠨ ᠤ ᠪᠡᠶ᠎ᠡ ᠳᠤ ᠣᠷᠤᠳᠠᠭ᠃ ᠬᠡᠷᠪᠡ 1 ᠵᠢᠸ᠎ᠠ ᠸᠤᠯᠲ ᠤᠨ ᠭᠠᠵᠠᠷ ᠤᠨ ᠢᠯᠴᠢᠨ ᠴᠠᠬᠢᠯᠭᠠᠨ ᠦᠢᠯᠡᠳᠪᠦᠷᠢ ᠶᠢᠨ ᠡᠷᠭᠢᠨ ᠲᠣᠭᠤᠷᠢᠨ ᠢᠶᠠᠷ ᠪᠠᠶᠢᠭ᠎ᠠ ᠰᠠᠭᠤᠭᠠᠯᠢ ᠠᠷᠠᠳ ᠨᠢ ᠪᠠᠷᠤᠭ ᠵᠢᠯ ᠪᠦᠷᠢ 3 × 10 -5 ᠰᠢᠸᠧᠲ ᠤᠨ ᠷᠠᠳᠤᠨ ᠬᠡᠢ ᠶᠢᠨ ᠰᠠᠴᠤᠷᠠᠭ ᠲᠤ ᠳᠤᠰᠬᠠᠭᠳᠠᠳᠠᠭ᠃        ᠭᠠᠵᠠᠷ ᠤᠨ ᠬᠡᠢ ᠶᠢ ᠬᠡᠷᠡᠭᠯᠡᠬᠦ ᠨᠢ ᠪᠠᠰᠨ ᠭᠡᠷ ᠳᠣᠲᠤᠷᠠᠬᠢ ᠷᠠᠳᠤᠨ ᠤ ᠬᠡᠮᠵᠢᠶ᠎ᠡ ᠶᠢ ᠨᠡᠮᠡᠭᠳᠡᠭᠦᠯᠳᠡᠭ᠃ ᠭᠡᠪᠡᠴᠤ ᠨᠦᠯᠦᠭᠡ ᠨᠢ ᠳᠡᠮᠡᠢ ᠶᠡᠭᠡ ᠪᠢᠰᠢ᠃ ᠰᠠᠯᠬᠢ ᠵᠢᠪᠠᠷ ᠨᠡᠪᠲᠡᠷᠡᠬᠦ ᠪᠠᠷ ᠮᠠᠭᠤ ᠲᠣᠭᠤᠭᠠᠨ ᠭᠡᠷ ᠲᠤ ᠭᠠᠵᠠᠷ ᠤᠨ ᠬᠡᠢ ᠶᠢ ᠬᠡᠷᠡᠭᠯᠡᠬᠦ ᠳᠤ ᠭᠡᠷ ᠳᠣᠲᠤᠷᠠᠬᠢ ᠷᠠᠳᠤᠨ ᠤ ᠦᠳᠬᠡᠴᠡ ᠨᠢ ᠵᠦᠪᠬᠡᠨ ᠺᠦᠪ ᠮᠧᠲᠷ ᠪᠦᠷᠢ ᠳᠤ 0.01~0.3 ᠪᠧᠺᠯᠧᠷ ᠯᠨ ᠨᠡᠮᠡᠭᠳᠡᠳᠡᠭ᠃ 2. ᠭᠡᠷ ᠪᠠᠷᠢᠯᠭ᠎ᠠ ᠶᠢᠨ ᠰᠠᠴᠤᠷᠠᠭ        ᠷᠠᠳᠢ ᠶᠢᠨ ᠠᠭᠤᠯᠤᠭᠳᠠᠴᠠ ᠪᠠᠷ ᠶᠡᠭᠡ ᠰᠢᠷᠤᠢ ᠴᠢᠯᠠᠭᠤᠯᠢᠭ ᠢᠶᠠᠷ ᠪᠠᠷᠢᠭᠰᠠᠨ ᠭᠡᠷ ᠪᠠᠶᠢᠰᠢᠩ ᠪᠣᠶᠤ ᠷᠠᠳᠢ ᠶᠢᠨ ᠠᠭᠤᠯᠤᠭᠳᠠᠴᠠ ᠠᠷᠪᠢᠨ ᠪᠠᠷᠢᠯᠭ᠎ᠠ ᠶᠢᠨ ᠮᠠᠲ᠋ᠧᠷᠢᠶᠠᠯ ᠠᠴᠠ ᠰᠠᠴᠤᠷᠠᠭᠲᠤ ᠬᠡᠢ ᠷᠠᠳᠤᠨ — 222 ︵ 222 Rn︶ ᠵᠢᠭᠤᠳᠠᠨ ᠭᠠᠷᠳᠠᠭ᠃ ᠭᠡᠷ ᠳᠣᠲᠤᠷᠠᠬᠢ ᠷᠠᠳᠤᠨ ᠤ ᠵᠣᠩᠬᠢᠯᠠᠬᠤ ᠨᠢ ᠴᠦᠮ ᠭᠡᠷ ᠤᠨ ᠱᠠᠯᠨ ᠶᠢᠨ ᠭᠠᠵᠠᠷ ᠳᠣᠣᠷ᠎ᠠ ᠠᠴᠠ ᠭᠠᠷᠴᠤ ᠢᠷᠡᠳᠡᠭ᠃ ᠵᠢᠪᠠᠷ ᠰᠠᠯᠬᠢ ᠨᠡᠪᠲᠡᠷᠡᠬᠦ ᠪᠠᠷ ᠠᠨᠠᠢ ᠭᠡᠷ ᠪᠠᠶᠢᠰᠢᠩ ᠳᠣᠲᠤᠷᠠᠬᠢ ᠷᠠᠳᠤᠨ ᠬᠡᠢ ᠵᠢᠴᠢ ᠲᠡᠭᠦᠨ ᠤ ᠣᠬᠤᠷ ᠨᠠᠰᠤᠲᠤ ᠲᠦᠯ ᠴᠦᠮᠡᠲᠤ ᠨᠦᠭᠦᠳ ᠢ ᠠᠮᠢᠰᠬᠤᠨ ᠣᠷᠤᠭᠤᠯᠬᠤ ᠠᠴᠠ ᠪᠣᠯᠬᠤ ᠳᠣᠲᠤᠷ ᠳᠤᠰᠬᠠᠯᠲᠠ ᠨᠢ ᠪᠡᠶ᠎ᠡ ᠶᠢᠨ ᠭᠠᠳᠠᠨ᠎ᠠ ᠠᠴᠠ ᠳᠤᠰᠬᠤ ᠰᠠᠴᠤᠷᠠᠭ ᠠᠴᠠ ᠬᠤᠯᠨ ᠢᠯᠡᠭᠦᠦ ᠪᠠᠶᠢᠳᠠᠭ᠃ ᠭᠤᠣᠯᠳᠠᠭᠤ ᠪᠠᠶᠢᠪᠠᠨᠭ᠌ ᠤᠨ ᠰᠠᠯᠪᠠᠨ ᠴᠢᠯᠠᠭᠤ ᠪᠠᠷ ᠦᠢᠯᠡᠳᠪᠦᠷᠢᠯᠡᠭᠰᠡᠨ ᠪᠧᠲ᠋ᠤᠨ ᠢ ᠬᠡᠷᠡᠭᠯᠡᠭᠰᠡᠨ ᠪᠠᠷᠢᠯᠭ᠎ᠠ ᠶᠢᠨ ᠭᠡᠷ ᠳᠣᠲᠤᠷᠠᠬᠢ ᠷᠠᠳᠤᠨ — 222 ᠤᠨ ᠦᠳᠬᠡᠴᠡ ᠨᠢ ᠺᠦᠪ ᠮᠧᠲᠷ ᠪᠦᠷᠢ ᠳᠤ 260 ᠪᠧᠺᠯᠧᠷ ᠬᠦᠷᠴᠤ᠂ ᠵᠢᠯ ᠪᠦᠷᠢ 16 ᠮᠢᠯᠢ ᠰᠢᠸᠧᠲ ︵mSv︶ ᠤᠨ ᠰᠠᠴᠤᠷᠠᠭ ᠲᠤ ᠳᠤᠰᠬᠠᠭᠳᠠᠳᠠᠭ᠃ ᠭᠡᠷ ᠲᠤ ᠷᠠᠳᠤᠨ ᠤ ᠠᠭᠤᠯᠤᠭᠳᠠᠴᠠ ᠠᠷᠪᠢᠨ ᠤᠰᠤ ᠪᠠ ᠭᠠᠵᠠᠷ ᠤᠨ ᠬᠡᠢ ᠬᠡᠷᠡᠭᠯᠡᠬᠦ ᠨᠢ ᠭᠡᠷ ᠤᠨ ᠰᠠᠴᠤᠷᠠᠭ ᠢ ᠨᠡᠮᠡᠭᠳᠡᠭᠦᠯᠳᠡᠭ᠃ ᠡᠶᠢᠮᠦ ᠠᠴᠠ ᠪᠠᠶᠢᠨ ᠪᠠᠶᠢᠨ ᠴᠣᠩᠬᠤ ᠬᠠᠭᠠᠯᠭ᠎ᠠ ᠪᠠᠨ ᠨᠡᠭᠡᠭᠡᠵᠦ᠂ ᠵᠢᠪᠠᠷ ᠰᠠᠯᠬᠢ ᠵᠠᠯᠭᠠᠭ᠎ᠠ ᠨᠡᠪᠲᠡᠷᠡᠭᠦᠯᠵᠦ ᠪᠠᠶᠢᠪᠠᠯ ᠵᠣᠬᠢᠨ᠎ᠠ᠃        3. ᠲᠧᠯᠸᠢᠰ ᠪᠠ ᠺᠣᠮᠫᠢᠦ᠋ᠲ᠋ᠧᠷ ᠤᠨ ᠰᠠᠴᠤᠷᠠᠭᠲᠤ        ᠲᠧᠯᠸᠢᠰ᠂ ᠺᠣᠮᠫᠢᠦ᠋ᠲ᠋ᠧᠷ᠂ ᠷᠠᠳᠢᠤ᠋ ᠨᠡᠪᠲᠡᠷᠡᠭᠦᠯᠭᠡ ᠶᠢᠨ ᠳᠣᠩᠰᠢᠯ ᠡᠭᠦᠰᠭᠡᠬᠦ ᠴᠣᠯᠴᠤᠩ ᠵᠡᠷᠭᠡ ᠴᠠᠬᠢᠯᠭᠠᠨ ᠬᠡᠷᠡᠭᠰᠡᠯ ᠤᠨ ᠦᠢᠯᠡᠳᠬᠦᠨ ᠨᠦᠭᠦᠳ ᠨᠢ ᠬᠡᠷᠡᠭᠯᠡᠬᠦ ᠶᠢ ᠳᠠᠭᠠᠯᠳᠤᠨ X ᠰᠠᠴᠤᠷᠠᠭ ᠡᠭᠦᠰᠳᠡᠭ᠃ ᠲᠧᠯᠸᠢᠰ ᠪᠣᠯ ᠣᠯᠠᠨ ᠨᠡᠶᠢᠲᠡ ᠶᠢᠨ ᠬᠢᠨ ᠤ X ᠰᠠᠴᠤᠷᠠᠭ ᠬᠦᠷᠲᠡᠬᠦ ᠬᠠᠮᠤᠭ ᠤᠨ ᠲᠦᠭᠡᠮᠡᠯ ᠬᠡᠷᠡᠭᠯᠡᠵᠦ ᠪᠦᠬᠦᠢ ᠡᠯᠧᠺᠲᠷᠣᠨ ᠦᠢᠯᠡᠳᠬᠦᠨ ᠪᠣᠯᠤᠨ᠎ᠠ᠃ ᠲᠧᠯᠸᠢᠰ ᠤᠨ ᠪᠢᠯᠢᠭ ᠲᠦᠢᠯ ᠤᠨ ᠰᠠᠴᠤᠷᠠᠭ ᠤᠨ ᠴᠣᠯᠴᠤᠩ ᠨᠢ X ᠰᠠᠴᠤᠷᠠᠭ ᠡᠭᠦᠰᠳᠡᠭ᠃ ᠪᠣᠳᠤᠭ ᠦᠭᠡᠢ ᠲᠧᠯᠸᠢᠰ ᠤᠨ ᠬᠤᠷᠳᠤᠳᠬᠠᠬᠤ ᠴᠠᠬᠢᠯᠭᠠᠨ ᠬᠦᠴᠦᠳᠡᠯ ᠨᠢ ᠨᠡᠯᠢᠶᠡᠳ ᠳᠣᠣᠷ᠎ᠠ᠂ ᠪᠠᠷᠤᠭ 20kV᠂ ᠴᠠᠬᠢᠯᠭᠠᠨ ᠭᠦᠶᠦᠳᠡᠯ ᠨᠢ ᠴᠤ ᠪᠠᠰᠨ ᠨᠡᠯᠢᠶᠡᠳ ᠪᠠᠭ᠎ᠠ᠂ ᠪᠠᠷᠤᠭ 0.1mA ᠪᠠᠶᠢᠳᠠᠭ᠃ ᠡᠶᠢᠮᠦ ᠠᠴᠠ ᠡᠭᠦᠰᠬᠦ X ᠰᠠᠴᠤᠷᠠᠭ ᠨᠢ ᠴᠤ ᠪᠠᠭ᠎ᠠ᠂ ᠨᠡᠪᠲᠡᠯᠬᠦ ᠰᠦᠬᠦᠭᠡ ᠨᠢ ᠴᠤ ᠳᠣᠣᠷ᠎ᠠ ᠪᠠᠶᠢᠳᠠᠭ᠃ ᠪᠣᠳᠤᠭᠲᠠᠢ ᠲᠧᠯᠸᠢᠰ ᠤᠨ ᠬᠤᠷᠳᠤᠳᠬᠠᠬᠤ ᠴᠠᠬᠢᠯᠭᠠᠨ ᠬᠦᠴᠦᠳᠡᠯ ᠨᠢ 25kV ᠪᠣᠶᠤ ᠨᠡᠩ ᠦᠨᠳᠦᠷ ᠪᠠᠶᠢᠵᠦ ᠴᠠᠬᠢᠯᠭᠠᠨ ᠭᠦᠶᠦᠳᠡᠯ ᠨᠢ ᠴᠤ 1mA ᠬᠦᠷᠳᠡᠭ᠃ ᠡᠶᠢᠮᠦ ᠠᠴᠠ ᠡᠨᠧᠷᠬᠢ ᠨᠢ ᠶᠡᠭᠡ X ᠰᠠᠴᠤᠷᠠᠭ ᠨᠢ ᠴᠤ ᠨᠡᠯᠢᠶᠡᠳ ᠠᠷᠪᠢᠨ ᠶᠣᠮ᠃ ᠲᠧᠯᠸᠢᠰ ᠤᠨ ᠳᠣᠲᠤᠷᠠᠬᠢ ᠶᠡᠭᠡ ᠬᠦᠴᠦᠳᠡᠯ ᠤᠨ ᠭᠦᠶᠦᠳᠡᠯ ᠲᠣᠬᠢᠷᠠᠭᠤᠯᠬᠤ ᠴᠣᠯᠴᠤᠩ ᠪᠣᠯᠣᠨ ᠭᠦᠶᠦᠳᠡᠯ ᠰᠠᠯᠭᠠᠨ ᠬᠦᠴᠦᠳᠡᠯ ᠲᠣᠭᠲᠠᠪᠤᠷᠢᠵᠢᠭᠤᠯᠬᠤ ᠴᠣᠯᠴᠤᠩ ᠨᠢ ᠪᠠᠰᠨ X ᠰᠠᠴᠤᠷᠠᠭ ᠭᠠᠷᠳᠠᠭ᠃ ᠳᠡᠯᠡᠬᠡᠢ ᠶᠢᠨ ᠰᠠᠴᠤᠷᠠᠭ ᠠᠴᠠ ᠬᠠᠮᠠᠭᠠᠯᠠᠬᠤ ᠵᠦᠪᠯᠡᠯ ︵ICRP︶  ᠠᠴᠠ ᠠᠯᠢᠪᠠ ᠲᠧᠯᠸᠢᠰ ᠤᠨ ᠴᠡᠭᠡᠨ ᠬᠦᠰᠢᠭᠡᠨ ᠠᠴᠠ 5 ᠰᠡᠨᠲ᠋ᠢᠮᠧᠲᠷ ᠤᠨ ᠵᠠᠶᠢᠲᠠᠢ ᠳᠤ X ᠰᠠᠴᠤᠷᠠᠭ ᠤᠨ ᠳᠤᠰᠬᠠᠯᠲᠠ ᠶᠢ ᠴᠠᠭ ᠪᠦᠷᠢ ᠳᠤ 0.5mR ᠢᠶᠠᠷ ᠬᠢᠵᠠᠭᠠᠷᠯᠠᠬᠤ ᠪᠠᠷ ᠠᠯᠢ ᠬᠡᠵᠢᠶᠡᠨᠡᠢ ᠳᠤᠷᠠᠳᠤᠯᠭ᠎ᠠ ᠭᠠᠷᠭᠠᠭᠰᠠᠨ ᠪᠠᠶᠢᠳᠠᠭ᠃ ᠤᠤᠯ ᠨᠢ ᠨᠢᠭᠡ ᠪᠦᠯᠦᠭ ᠡᠯᠧᠺᠲᠷᠣᠨ ᠴᠣᠯᠴᠤᠩᠲᠤ ᠴᠠᠬᠢᠯᠭᠠᠨ ᠬᠡᠯᠬᠢᠶ᠎ᠡ ᠶᠢᠨ ᠪᠣᠳᠤᠭᠲᠠᠢ ᠲᠧᠯᠸᠢᠰ ᠤᠨ X ᠰᠠᠴᠤᠷᠠᠭ ᠤᠨ ᠳᠤᠰᠬᠠᠯᠲᠠ ᠨᠢ ᠡᠨᠡ ᠬᠦ ᠬᠢᠵᠠᠭᠠᠷᠯᠠᠯ ᠬᠡᠮᠵᠢᠭᠳᠡᠬᠦᠨ ᠠᠴᠠ ᠬᠡᠲᠦᠷᠡᠵᠦ ᠪᠠᠶᠢᠵᠠᠢ᠃ ᠰᠡᠭᠦᠯᠡᠷ ᠨᠢ ᠬᠠᠲᠠᠭᠤ ᠪᠡᠶᠡᠲᠤ ᠴᠠᠬᠢᠯᠭᠠᠨ ᠬᠡᠯᠬᠢᠶ᠎ᠡ ᠶᠢ ᠬᠡᠷᠡᠭᠯᠡᠭᠰᠡᠨ ᠠᠴᠠ ᠲᠧᠯᠸᠢᠰ ᠤᠨ ᠳᠣᠲᠤᠷ᠎ᠠ ᠦᠯᠡᠳᠡᠵᠦ ᠪᠠᠶᠢᠭ᠎ᠠ ᠴᠣᠷ ᠤᠨ ᠭᠠᠭᠴᠠ ᠴᠡᠪᠡᠷ ᠬᠤᠭᠤᠰᠤᠨ ᠤ ᠲᠦᠬᠦᠭᠡᠷᠦᠮᠵᠢ ᠨᠢ ᠴᠡᠭᠡᠨ ᠬᠦᠰᠢᠭᠡ ᠶᠢᠨ ᠴᠣᠯᠴᠤᠩ ᠯᠨ ᠪᠣᠯᠤᠭᠠᠳ᠂ ᠪᠣᠳᠤᠭᠲᠠᠢ ᠲᠧᠯᠸᠢᠰ ᠠᠴᠠ ᠡᠭᠦᠰᠬᠦ X ᠰᠠᠴᠤᠷᠠᠭ ᠨᠢ ᠨᠢᠭᠡᠨᠲᠡ ᠶᠡᠬᠡᠪᠡᠷ ᠪᠠᠭᠤᠷᠠᠪᠠ᠃ ᠬᠡᠪ ᠤᠨ ᠪᠠᠶᠢᠳᠠᠯ ᠢᠶᠠᠷ ᠲᠧᠯᠸᠢᠰ ᠦᠵᠡᠬᠦ ᠳᠤ ᠬᠦᠮᠦᠰ ᠤᠨ ᠪᠡᠯᠬᠡ ᠶᠢᠨ ᠪᠣᠯᠴᠢᠷᠬᠠᠢ ᠶᠢᠨ ᠰᠠᠴᠤᠷᠠᠭ ᠳᠤᠰᠬᠠᠯᠲᠠ ᠨᠢ 10μGy ᠠᠴᠠ ᠳᠣᠣᠷ᠎ᠠ ᠪᠣᠯᠤᠭᠰᠠᠨ ᠪᠠᠶᠢᠨ᠎ᠠ᠃        ᠺᠣᠮᠫᠢᠦ᠋ᠲ᠋ᠧᠷ ᠤᠨ ᠲᠤᠰ ᠪᠡᠶ᠎ᠡ ᠨᠢ ᠬᠡᠳᠦ᠋ᠢᠪᠡᠷ ᠰᠠᠴᠤᠷᠠᠭᠲᠤ ᠪᠣᠳᠠᠰ ᠦᠭᠡᠢ ᠪᠣᠯᠪᠠᠴᠤ ᠲᠡᠭᠦᠨ ᠢ ᠬᠡᠷᠡᠭᠯᠡᠬᠦ ᠶᠠᠪᠤᠴᠠ ᠳᠤ ᠪᠠᠰᠨ X ᠰᠠᠴᠤᠷᠠᠭ ᠡᠭᠦᠰᠳᠡᠭ᠃ ᠺᠣᠮᠫᠢᠦ᠋ᠲ᠋ᠧᠷ ᠤᠨ ᠠᠷᠤ ᠲᠠᠯ᠎ᠠ ᠶᠢᠨ ᠰᠠᠴᠤᠷᠠᠭ ᠨᠢ ᠡᠮᠦᠨ᠎ᠡ ᠲᠠᠯ᠎ᠠ ᠠᠴᠠ ᠪᠠᠨ ᠢᠯᠡᠭᠦᠦ ᠪᠠᠶᠢᠳᠠᠭ᠃ ᠵᠠᠷᠢᠮ ᠬᠦᠮᠦᠰ ᠤᠨ ᠪᠠᠷᠤᠭᠴᠠᠭᠠᠭᠰᠠᠨ ᠢᠶᠠᠷ ᠪᠣᠯ ᠠᠩᠭ᠍ᠯᠢ ᠤᠯᠤᠰ ᠤᠨ ᠪᠣᠳᠤᠭᠲᠤ ᠲᠧᠯᠸᠢᠰ ᠤᠨ ᠦᠵᠡᠭᠴᠢᠳ ᠨᠢ ᠵᠢᠯ ᠪᠦᠷᠢ 0.2 ᠮᠢᠯᠢ ᠰᠢᠸᠢᠲ ᠤᠨ ᠰᠠᠴᠤᠷᠠᠭ ᠬᠦᠷᠲᠡᠳᠡᠭ ᠭᠡᠵᠠᠢ᠃ 4. ᠨᠢᠰᠭᠡᠯ ᠢᠶᠠᠷ ᠠᠶᠠᠯᠠᠬᠤ        ᠨᠢᠰᠭᠡᠯ ᠢᠶᠠᠷ ᠠᠶᠠᠯᠠᠭᠴᠢᠳ ᠤᠨ ᠬᠦᠷᠲᠡᠬᠦ ᠰᠠᠴᠤᠷᠠᠭ ᠨᠢ ᠦᠨᠳᠦᠷ᠂ ᠦᠷᠭᠡᠷᠢᠭ ᠪᠣᠯᠣᠨ ᠨᠠᠷᠠᠨ ᠤ ᠠᠵᠢᠯᠯᠠᠭᠠᠨ ᠤ ᠦᠶᠡᠯᠡᠯ ᠵᠡᠷᠭᠡ ᠪᠠᠷ ᠬᠤᠪᠢᠷᠠᠳᠠᠭ ᠪᠣᠯᠪᠠᠴᠤ᠂ ᠭᠤᠤᠯᠳᠠᠭᠤ ᠦᠨᠳᠦᠷ ᠲᠠᠢ ᠶᠡᠭᠡ ᠬᠤᠯᠪᠤᠭᠳᠠᠳᠠᠭ᠃ ᠬᠡᠷᠪᠡ ᠳᠤᠮᠳᠠᠴᠢ ᠪᠠᠷ 8 ᠺᠢᠯᠦᠮᠧᠲᠷ ᠤᠨ ᠦᠨᠳᠦᠷ ᠲᠤ ᠨᠢᠰᠪᠡᠯ ᠴᠠᠭ ᠪᠦᠷᠢ ᠪᠠᠷᠤᠭ 1.36 ᠮᠢᠺᠷᠤ᠋ ᠰᠢᠸᠧᠲ ︵μSv︶ ᠤᠨ ᠰᠠᠴᠤᠷᠠᠭ ᠢ ᠬᠦᠷᠲᠡᠳᠡᠭ᠃ ᠬᠡᠷᠪᠡ ᠬᠡᠲᠤ ᠳᠠᠭᠤᠨ ᠤ ᠬᠤᠷᠳᠤᠴᠠ ᠪᠠᠷ ᠳᠤᠮᠳᠠᠴᠢ ᠪᠠᠷ 16 ᠺᠢᠯᠦᠮᠧᠲᠷ ︵20 ᠺᠢᠯᠦᠮᠧᠲᠷ ᠤᠨ ᠦᠨᠳᠦᠷ ᠲᠤ ᠪᠠᠰᠨ ᠨᠢᠰᠳᠡᠭ︶ ᠤᠨ ᠦᠨᠳᠦᠷ ᠲᠤ ᠨᠢᠰᠪᠡᠯ ᠴᠠᠭ ᠪᠦᠷᠢ 8 ᠮᠢᠺᠷᠤ᠋ ᠰᠢᠸᠧᠲ ︵μSv︶ ᠤᠨ ᠰᠠᠴᠤᠷᠠᠭ ᠲᠤ ᠳᠤᠰᠬᠠᠭᠳᠠᠳᠠᠭ᠃ ᠳᠡᠳ᠋ ᠳᠠᠭᠤᠨ ᠤ ᠬᠤᠷᠳᠤᠴᠠᠲᠤ ᠨᠢᠰᠭᠡᠯ ᠨᠢ ᠬᠠᠮᠤᠭ ᠦᠨᠳᠦᠷ ᠲᠡᠭᠡᠨ 12 ᠺᠢᠯᠦᠮᠧᠲᠷ ᠬᠦᠷᠴᠤ ᠶᠡᠷᠦᠳᠡᠭᠡᠨ 11 ᠺᠢᠯᠦᠮᠧᠲᠷ ᠢᠶᠠᠷ ᠨᠢᠰᠳᠡᠭ᠃ ᠶᠡᠷᠤ ᠶᠢᠨ ᠪᠠᠶᠢᠳᠠᠯ ᠳᠤ ᠳᠡᠳ᠋ ᠳᠠᠭᠤᠨ ᠤ ᠬᠤᠷᠳᠤᠴᠠᠲᠤ ᠨᠢᠰᠭᠡᠯ ᠳᠤ ᠰᠠᠭᠤᠭᠴᠢᠳ ᠤᠨ ᠬᠦᠷᠲᠡᠬᠦ ᠬᠤᠮᠵᠢᠮ ᠨᠢ ᠬᠡᠲᠤ ᠳᠠᠭᠤᠨ ᠤ ᠬᠤᠷᠳᠤᠴᠠ ᠪᠠᠷ ᠨᠢᠰᠬᠦ ᠨᠢᠰᠭᠡᠯ ᠠᠴᠠ ᠢᠯᠡᠭᠦᠦ ᠪᠠᠶᠢᠳᠠᠭ᠃ ᠦᠨᠳᠦᠷ ᠲᠤ ᠨᠢᠰᠳᠡᠭ ᠲᠣᠮᠤ ᠨᠢᠰᠭᠡᠯ ᠳᠡᠭᠡᠷ᠎ᠡ ᠠᠵᠢᠯᠯᠠᠭᠴᠢᠳ ᠴᠤ ᠶᠡᠭᠡ ᠬᠡᠮᠵᠢᠶᠡᠨ ᠤ ᠣᠷᠴᠢᠯᠠᠩ ᠤᠨ ᠰᠠᠴᠤᠷᠠᠭ ᠲᠤ ᠳᠤᠰᠬᠠᠭᠳᠠᠳᠠᠭ᠃        ᠨᠢᠰᠭᠡᠯ ᠳᠤ ᠰᠠᠭᠤᠭᠴᠢᠳ ᠤᠨ ᠬᠤᠮᠵᠢᠮ ᠢ ᠣᠷᠴᠢᠮᠬᠠᠨ ᠬᠡᠮᠵᠢᠭᠰᠡᠨ ᠪᠣᠯᠣᠨ ᠪᠣᠳᠣᠨ ᠭᠠᠷᠭᠠᠭᠰᠠᠨ ᠦᠷ᠎ᠡ ᠳ᠋ᠦᠡᠭ ᠳᠤ᠂ ᠳᠤᠯᠠᠭᠠᠨ ᠪᠦᠰᠡ ᠶᠢᠨ ᠳᠠᠯᠠᠢ  ᠶᠢᠨ ᠲᠦᠪᠰᠢᠨ ᠠᠴᠠ ᠦᠨᠳᠦᠷᠴᠡ ᠨᠢ 9 ~12km ᠲᠤ ᠣᠷᠴᠢᠯᠠᠩ ᠤᠨ ᠰᠠᠴᠤᠷᠠᠭ ᠤᠨ ᠬᠦᠴᠦᠨ ᠪᠦᠬᠦᠢ ᠬᠤᠮᠵᠢᠮᠵᠢ ᠶᠢᠨ ᠬᠡᠪᠴᠢᠶ᠎ᠡ ᠨᠢ  5~8μ Sv  ᠶᠢᠨ ᠬᠤᠭᠤᠷᠣᠨᠳᠤ ᠪᠠᠶᠢᠵᠦ᠂ ᠡᠸᠦ᠋ᠷᠣᠫᠠ ᠲᠢᠪ ᠠᠴᠠ ᠠᠮᠧᠷᠢᠺᠠ ᠲᠢᠪ ᠬᠦᠷᠲᠡᠯ᠎ᠡ ᠠᠲᠯᠠᠨᠲ ᠤᠨ ᠳᠠᠯᠠᠢ ᠶᠢ ᠲᠤᠭᠤᠯᠤᠨ ᠨᠢᠭᠡ ᠤᠳᠠᠭ᠎ᠠ ᠨᠢᠰᠬᠦ ᠳᠤ᠂ ᠠᠭᠠᠷ ᠤᠨ ᠠᠶᠠᠯᠠᠯ ᠤᠨ ᠡᠭᠡᠯᠵᠢᠨ ᠤ ᠬᠦᠮᠦᠰ ᠨᠢ 30 — 45μSv᠂ ᠭᠠᠵᠠᠷ ᠤᠨ ᠰᠣᠷᠢᠨᠵᠢᠨ ᠪᠦᠰᠡᠯᠡᠭᠦᠷ ᠤᠨ ᠣᠷᠴᠢᠮ ᠳᠤ ᠬᠤᠮᠵᠢᠮᠵᠢ ᠨᠢ  2~4μ Sv ᠶᠢᠨ ᠣᠷᠴᠢᠯᠠᠩ ᠤᠨ ᠰᠠᠴᠤᠷᠠᠭ ᠬᠦᠷᠲᠡᠳᠡᠭ᠃        5. ᠰᠠᠨᠰᠠᠷ ᠤᠨ ᠠᠶᠠᠯᠠᠭᠴᠢ        ᠰᠠᠨᠰᠠᠷ ᠤᠨ ᠠᠶᠠᠯᠠᠭᠴᠢ ᠨᠢ ᠠᠩᠬᠠᠨ ᠤ ᠣᠷᠴᠢᠯᠠᠩ ᠤᠨ ᠰᠠᠴᠤᠷᠠᠭ ᠤᠨ ᠶᠡᠭᠡ ᠡᠨᠧᠷᠬᠢᠲᠤ ᠮᠦᠬᠦᠯᠢᠭ᠂ ᠨᠠᠷᠠᠨ ᠤ ᠭᠡᠷᠡᠯᠲᠤ ᠲᠣᠯᠪᠤ ᠶᠢᠨ ᠰᠠᠴᠤᠷᠠᠭ ᠪᠣᠯᠣᠨ ᠰᠠᠴᠤᠷᠠᠭ ᠤᠨ ᠪᠦᠰᠨ ᠶᠢᠨ ᠰᠠᠴᠤᠷᠠᠭ ᠳᠤᠰᠬᠠᠯᠲᠠ ᠶᠢ ᠬᠦᠷᠲᠡᠳᠡᠭ᠃ ᠵᠤᠵᠠᠭᠠᠨ ᠨᠢ ᠳᠦᠷᠪᠡᠯᠵᠢᠨ ᠰᠡᠨᠲ᠋ᠢᠮᠧᠲᠷ ᠪᠦᠷᠢ ᠳᠤ 0.7 ᠭᠷᠠᠮ ᠤᠨ ᠬᠠᠯᠬᠠᠪᠴᠢ ᠳᠣᠲᠤᠷ᠎ᠠ ᠬᠡᠮᠵᠢᠭᠰᠡᠨ ᠢ ᠦᠨᠳᠦᠰᠦᠯᠡᠪᠡᠯ᠂ ᠳᠣᠲᠤᠭᠠᠳᠣ ᠪᠦᠰᠡ ᠶᠢ ᠲᠤᠭᠤᠯᠤᠨ ᠭᠠᠷᠬᠤ ᠳᠤ ᠴᠠᠭ ᠪᠦᠷᠢ 0.22 ᠭᠧᠷᠸᠢ ︵Gy. h-1︶ ᠰᠠᠴᠤᠷᠠᠭ ᠢ ᠬᠦᠷᠲᠡᠵᠦ᠂ ᠭᠠᠳᠠᠷ ᠪᠦᠰᠡ ᠶᠢ ᠲᠤᠭᠤᠯᠤᠨ ᠭᠠᠷᠬᠤ ᠳᠤ ᠴᠠᠭ ᠪᠦᠷᠢ 0.054 ᠭᠧᠷᠸᠢ ︵Gy. h- 1︶ ᠰᠠᠴᠤᠷᠠᠭ ᠢ ᠬᠦᠷᠲᠡᠳᠡᠭ ᠪᠠᠶᠢᠨ᠎ᠠ᠃ ᠡᠶᠢᠮᠦ ᠠᠴᠠ ᠰᠠᠨᠰᠠᠷ ᠤᠨ ᠠᠶᠠᠯᠠᠭᠴᠢ  ᠶᠢᠨ ᠬᠦᠷᠲᠡᠬᠦ ᠰᠠᠴᠤᠷᠠᠭ ᠳᠤᠰᠬᠠᠯᠲᠠ ᠨᠢ ᠭᠤᠣᠯᠳᠠᠭᠤ ᠰᠠᠴᠤᠷᠠᠭ ᠤᠨ ᠪᠦᠰᠨ ᠶᠢ ᠲᠤᠭᠤᠯᠣᠨ ᠭᠠᠷᠬᠤ ᠳᠤ ᠳᠤᠰᠬᠠᠭᠳᠠᠳᠠᠭ ᠪᠠᠶᠢᠨ᠎ᠠ᠃ ᠰᠠᠨᠰᠠᠷ ᠤᠨ ᠠᠶᠠᠯᠠᠭᠴᠢ ᠨᠢ ᠬᠡᠷᠪᠡ ᠨᠠᠷᠠᠨ ᠤ ᠭᠡᠷᠡᠯᠲᠤ ᠲᠣᠯᠪᠤ ᠶᠢᠨ ᠬᠤᠭᠤᠴᠠᠭᠠᠨ ᠳᠤ ᠲᠠᠭᠠᠷᠠᠪᠠᠯ ᠭᠠᠵᠠᠷ ᠤᠨ ᠪᠦᠮᠪᠦᠷᠴᠡᠭ ᠤᠨ ᠰᠣᠷᠢᠨᠵᠢᠨ ᠳᠠᠪᠬᠤᠷᠭ᠎ᠠ ᠠᠴᠠ ᠨᠢᠰᠦᠨ ᠭᠠᠷᠤᠭᠰᠠᠨ ᠤ ᠳᠠᠷᠠᠭ᠎ᠠ ᠭᠤᠣᠯᠳᠠᠭᠤ ᠨᠠᠷᠠᠨ ᠤ ᠫᠷᠤᠲ᠋ᠤᠨ ᠪᠠ α ᠮᠦᠬᠦᠯᠢᠭ ᠤᠨ ᠰᠠᠴᠤᠷᠠᠭ ᠢ ᠨᠡᠯᠢᠶᠡᠳ ᠶᠡᠭᠡ ᠬᠦᠷᠲᠡᠳᠡᠭ᠃ ᠵᠤᠵᠠᠭᠠᠨ ᠨᠢ ᠳᠦᠷᠪᠡᠯᠵᠢᠨ ᠰᠡᠨᠲ᠋ᠢᠮᠧᠲᠷ ᠪᠦᠷᠢ ᠳᠤ ᠲᠤᠰᠪᠦᠷᠢ 1.2 ᠪᠣᠯᠣᠨ 5 ᠭᠷᠠᠮ ᠤᠨ ᠬᠠᠯᠬᠠᠪᠴᠢ ᠳᠣᠲᠤᠷ᠎ᠠ ᠫᠷᠤᠲ᠋ᠤᠨ ᠤ ᠳᠤᠰᠬᠠᠯᠲᠠ ᠨᠢ 3.6᠂ 1.7 ᠪᠠ 0.4 ᠭᠧᠷᠸᠢ ︵Gy︶ ᠬᠦᠷᠳᠡᠭ᠃ α ᠮᠦᠬᠦᠯᠢᠭ ᠤᠨ ᠳᠤᠰᠬᠠᠯᠲᠠ ᠨᠢ ᠲᠤᠰᠪᠦᠷᠢ 1.5᠂ 0.3 ᠪᠣᠯᠣᠨ 0.05 ᠭᠧᠷᠸᠢ ︵Gy︶ ᠬᠦᠷᠳᠡᠭ᠃        ᠭᠤᠷᠪᠠᠳᠤᠭᠠᠷ ᠬᠡᠰᠡᠭ   ᠴᠦᠮ᠎ᠡ ᠶᠢᠨ ᠴᠠᠬᠢᠯᠭᠠᠨ ᠦᠢᠯᠡᠳᠪᠦᠷᠢ ᠶᠢᠨ ᠭᠡᠨᠡᠳᠡᠯ ᠢ ᠠᠷᠭᠠᠴᠠᠬᠤ ᠤᠬᠠᠭᠠᠨ        ᠴᠦᠮ᠎ᠡ ᠶᠢᠨ ᠡᠨᠧᠷᠬᠢ ᠨᠢ ᠬᠢᠮᠳᠠ᠂ ᠴᠡᠪᠡᠷ ᠪᠠ ᠠᠮᠤᠷ ᠲᠦᠪᠰᠢᠨ ᠵᠡᠷᠭᠡ ᠳᠠᠪᠠᠭᠤᠯᠢᠭ ᠲᠠᠯ᠎ᠠ ᠲᠠᠢ ᠮᠦᠷᠲᠡᠭᠡᠨ ᠳᠡᠯᠡᠬᠡᠢ ᠳᠤ ᠨᠢᠭᠡᠨᠲᠡ ᠪᠤᠯᠪᠠᠰᠤᠷᠠᠩᠭᠤᠢ ᠪᠣᠯᠤᠭᠰᠠᠨ ᠨᠢᠭᠡᠨ ᠵᠦᠢᠯ ᠤᠨ ᠡᠨᠧᠷᠬᠢ ᠶᠢᠨ ᠰᠣᠷᠪᠤᠯᠵᠢ ᠪᠣᠯᠣᠨ᠎ᠠ᠃ ᠣᠳᠣ ᠦᠶ᠎ᠡ ᠶᠢᠨ ᠰᠢᠨᠵᠢᠯᠡᠬᠦ ᠤᠬᠠᠭᠠᠨ ᠪᠣᠯᠣᠨ ᠬᠠᠮᠢᠶᠠᠷᠤᠯᠲᠠ ᠶᠢᠨ ᠲᠦᠪᠰᠢᠨ ᠨᠢ ᠬᠡᠳᠦ᠋ᠢᠪᠡᠷ ᠴᠦᠮ᠎ᠡ ᠶᠢᠨ ᠴᠠᠬᠢᠯᠭᠠᠨ ᠦᠷᠲᠡᠭᠡ ᠶᠢᠨ ᠭᠡᠨᠡᠳᠡᠯ ᠡᠭᠦᠰᠬᠦ ᠲᠣᠬᠢᠶᠠᠯᠳᠤᠮᠵᠢ ᠶᠢᠨ ᠨᠣᠷᠮ᠎ᠡ ᠶᠢ ᠪᠠᠭᠤᠷᠠᠭᠤᠯᠤᠭᠠᠳ ᠮᠠᠰᠢ ᠳᠣᠣᠷ᠎ᠠ ᠪᠣᠯᠭᠠᠭᠰᠠᠨ ᠪᠣᠯᠪᠠᠴᠤ᠂ ᠠᠳᠡᠯ ᠡᠭᠦᠰᠬᠦ ᠨᠢᠭᠤᠭᠳᠠᠮᠠᠯ ᠪᠣᠯᠤᠯᠴᠠᠭ᠎ᠠ ᠮᠦᠨ ᠬᠦ ᠣᠷᠤᠰᠢᠵᠦ ᠪᠠᠶᠢᠳᠠᠭ᠃ ᠴᠦᠮ᠎ᠡ ᠶᠢᠨ ᠴᠠᠬᠢᠯᠭᠠᠨ ᠦᠢᠯᠡᠳᠪᠦᠷᠢ ᠶᠢᠨ ᠭᠡᠨᠡᠳᠡᠯ ᠢ ᠠᠷᠭᠠᠴᠠᠬᠤ ᠤᠬᠠᠭᠠᠨ ᠢ ᠴᠦᠮ᠎ᠡ ᠶᠢᠨ ᠴᠠᠬᠢᠯᠭᠠᠨ ᠦᠷᠲᠡᠭᠡ ᠪᠦᠬᠦᠢ ᠣᠷᠣᠨ ᠤ ᠬᠦᠮᠦᠰ ᠣᠶᠢᠯᠠᠭᠠᠬᠤ ᠴᠢᠬᠤᠯᠠᠲᠠᠢ ᠮᠦᠷᠲᠡᠭᠡᠨ ᠪᠤᠰᠤᠳ ᠭᠠᠵᠠᠷ ᠤᠨ ᠬᠦᠮᠦᠰ ᠴᠤ ᠣᠶᠢᠯᠠᠭᠠᠬᠤ ᠴᠢᠬᠤᠯᠠᠲᠠᠢ ᠭᠡᠳᠡᠭ ᠢ ᠴᠧᠷᠨᠣᠪᠢᠯ ᠪᠣᠯᠣᠨ ᠶᠠᠫᠤᠨ ᠤ ᠴᠦᠮ᠎ᠡ ᠶᠢᠨ ᠴᠠᠬᠢᠯᠭᠠᠨ ᠦᠷᠲᠡᠭᠡ ᠶᠢᠨ ᠭᠡᠨᠡᠳᠡᠯ ᠬᠠᠷᠠᠭᠤᠯᠵᠦ ᠪᠠᠶᠢᠨ᠎ᠠ᠃ ᠨᠢᠭᠡ᠂ ᠴᠦᠮ᠎ᠡ ᠶᠢᠨ ᠴᠠᠬᠢᠯᠭᠠᠨ ᠦᠢᠯᠡᠳᠪᠦᠷᠢ        ᠴᠦᠮ᠎ᠡ ᠶᠢᠨ ᠴᠠᠬᠢᠯᠭᠠᠨ ᠦᠷᠲᠡᠭᠡ ᠪᠣᠯ ᠴᠦᠮ᠎ᠡ ᠶᠢᠨ ᠤᠷᠪᠠᠯ ᠤᠨ ᠵᠤᠤᠬᠠᠨ ᠳᠠᠬᠢ ᠠᠲ᠋ᠤᠮ ᠤᠨ ᠴᠦᠮ᠎ᠡ ᠶᠢᠨ ᠬᠠᠭᠠᠷᠠᠯᠲᠠ ᠶᠢᠨ ᠤᠷᠪᠠᠯ ᠠᠴᠠ ᠭᠠᠷᠤᠭᠰᠠᠨ ᠡᠨᠧᠷᠬᠢ ᠶᠢ ᠠᠰᠢᠭᠯᠠᠨ ᠴᠠᠬᠢᠯᠭᠠᠨ ᠭᠠᠷᠭᠠᠳᠠᠭ᠃ ᠳᠡᠯᠡᠬᠡᠢ ᠶᠢᠨ ᠠᠲ᠋ᠤᠮ ᠤᠨ ᠡᠨᠧᠷᠬᠢ ᠶᠢᠨ ᠪᠠᠶᠢᠭᠤᠯᠤᠮᠵᠢ ︵IAEA︶ ᠶᠢᠨ ᠪᠦᠷᠢᠳᠬᠡᠯ ᠢ ᠦᠨᠳᠦᠰᠦᠯᠡᠪᠡᠯ 2002 ᠣᠨ ᠪᠣᠯᠲᠠᠯ᠎ᠠ ᠪᠦᠬᠦ ᠳᠡᠯᠡᠬᠡᠢ ᠳᠤ ᠨᠡᠶᠢᠲᠡ 442 ᠰᠠᠭᠤᠷᠢ ᠴᠠᠬᠢᠯᠭᠠᠨ ᠭᠠᠷᠭᠠᠬᠤ ᠳᠤ ᠬᠡᠷᠡᠭᠯᠡᠵᠦ ᠪᠦᠬᠦᠢ ᠴᠦᠮ᠎ᠡ ᠶᠢᠨ ᠤᠷᠪᠠᠯ ᠤᠨ ᠵᠤᠤᠬ᠎ᠠ ᠠᠵᠢᠯᠯᠠᠵᠦ᠂ 651 ᠰᠠᠭᠤᠷᠢ ᠰᠣᠳᠤᠯᠭᠠᠨ ᠤ ᠤᠷᠪᠠᠯ ᠤᠨ ᠵᠤᠤᠬ᠎ᠠ ᠪᠠᠶᠢᠵᠦ᠂ ᠡᠭᠦᠨ ᠤ ᠳᠣᠲᠤᠷᠠᠬᠢ 284 ᠰᠠᠭᠤᠷᠢ ᠨᠢ ᠶᠠᠭ ᠰᠠᠶ᠋ᠢᠬᠠᠨ ᠠᠵᠢᠯᠯᠠᠵᠦ ᠪᠣᠢ᠃ ᠡᠭᠦᠨ ᠠᠴᠠ ᠭᠠᠳᠠᠨ᠎ᠠ ᠪᠠᠰᠨ 250 ᠰᠠᠭᠤᠷᠢ ᠴᠦᠮ᠎ᠡ ᠶᠢᠨ ᠮᠠᠲ᠋ᠧᠷᠢᠶᠠᠯ ᠢ ᠤᠯᠠᠷᠢᠭᠤᠯᠬᠤ᠂ ᠠᠭᠰᠢᠷᠠᠭᠤᠯᠬᠤ᠂ ᠬᠠᠳᠠᠭᠠᠯᠠᠬᠤ ᠪᠠ ᠳᠠᠬᠢᠨ ᠡᠳ᠋ᠰᠢᠭᠦᠯᠬᠦ ᠦᠷᠠᠨ ᠤ ᠦᠢᠯᠡᠳᠪᠦᠷᠢ ᠶᠢ ᠪᠠᠭᠲᠠᠭᠠᠭᠰᠠᠨ ᠲᠦᠯᠡᠰᠢ ᠶᠢᠨ ᠡᠷᠭᠢᠯᠲᠡ ᠶᠢᠨ ᠦᠢᠯᠡᠳᠪᠦᠷᠢ ᠪᠠᠶᠢᠳᠠᠭ᠃ ᠪᠠᠷᠤᠭ 30 ᠰᠢᠬᠠᠮ ᠤᠯᠤᠰ ᠪᠣᠯᠣᠨ ᠣᠷᠣᠨ ᠤ ᠴᠦᠮ᠎ᠡ ᠶᠢᠨ ᠴᠠᠬᠢᠯᠭᠠᠨ ᠦᠢᠯᠡᠳᠪᠦᠷᠢ ᠨᠢ ᠴᠠᠬᠢᠯᠭᠠᠨ ᠭᠠᠷᠭᠠᠵᠦ ᠪᠠᠶᠢᠬᠤ ᠪᠦᠭᠡᠳ ᠴᠦᠮ᠎ᠡ ᠶᠢᠨ ᠴᠠᠬᠢᠯᠭᠠᠨ ᠭᠠᠷᠭᠠᠯᠲᠠ ᠨᠢ ᠳᠡᠯᠡᠬᠡᠢ ᠶᠢᠨ ᠶᠡᠷᠦᠩᠬᠡᠢ ᠴᠠᠬᠢᠯᠭᠠᠨ ᠭᠠᠷᠭᠠᠯᠲᠠ ᠶᠢᠨ 17% ᠶᠢ  ᠨᠢ ᠡᠵᠡᠯᠡᠳᠡᠭ᠃ ᠡᠭᠦᠨ ᠤ ᠳᠣᠲᠤᠷᠠᠬᠢ 12 ᠤᠯᠤᠰ ᠪᠣᠯᠣᠨ ᠣᠷᠣᠨ ᠤ ᠴᠦᠮ᠎ᠡ ᠶᠢᠨ ᠴᠠᠬᠢᠯᠭᠠᠨ ᠭᠠᠷᠭᠠᠯᠲᠠ ᠶᠢᠨ ᠬᠡᠮᠵᠢᠶ᠎ᠡ ᠨᠢ ᠦᠪᠡᠷ ᠤᠨ ᠢᠶᠠᠨ ᠶᠡᠷᠦᠩᠬᠡᠢ ᠴᠠᠬᠢᠯᠭᠠᠨ ᠭᠠᠷᠭᠠᠯᠲᠠ ᠶᠢᠨ ᠬᠡᠮᠵᠢᠶ᠎ᠡ ᠶᠢᠨ 1/4 ᠶᠢ ᠨᠢ ᠬᠡᠲᠦᠷᠡᠵᠦ᠂ ᠵᠠᠷᠢᠮ ᠤᠯᠤᠰ ᠨᠢ ᠨᠢᠭᠡᠨᠲᠡ 70% ᠶᠢ ᠨᠢ ᠬᠡᠲᠦᠷᠡᠭᠰᠡᠨ ᠪᠠᠶᠢᠳᠠᠭ᠃ ᠲᠦᠰᠦᠪᠯᠡᠬᠦ ᠪᠠᠷ ᠪᠣᠯ ᠬᠤᠶᠢᠰᠢᠲᠡ ᠶᠢᠨ 30 ᠵᠢᠯ ᠳᠤ ᠴᠦᠮ᠎ᠠ ᠶᠢᠨ ᠴᠠᠬᠢᠯᠭᠠᠨ ᠭᠠᠷᠭᠠᠯᠳᠠ ᠶᠢᠨ ᠬᠡᠮᠵᠢᠶ᠎ᠠ ᠨᠢ ᠪᠠᠷᠤᠭ ᠳᠡᠯᠡᠭᠡᠢ ᠶᠢᠨ ᠶᠡᠷᠤᠩᠭᠡᠢ ᠴᠠᠬᠢᠯᠭᠠᠨ ᠭᠠᠷᠭᠠᠯᠳᠠ ᠶᠢᠨ 30% ᠠᠴᠠ ᠳᠡᠭᠡᠭᠰᠢᠬᠢ ᠶᠢ ᠡᠵᠡᠯᠡᠨ᠎ᠠ ᠭᠡᠵᠤ ᠦᠵᠡᠵᠤ ᠪᠠᠶᠢᠨ᠎ᠠ᠃ ᠳᠡᠯᠡᠭᠡᠢ ᠶᠢᠨ ᠴᠦᠮ᠎ᠠ ᠶᠢᠨ ᠴᠠᠬᠢᠯᠭᠠᠨ ᠦᠷᠳᠡᠭᠡ ᠨᠢ ᠭᠤᠤᠯᠳᠠᠭᠤ ᠠᠮᠧᠷᠢᠺᠠ᠂ ᠹᠷᠠᠨᠼᠢ᠂ ᠭᠧᠷᠮᠠᠨ᠂ ᠶᠠᠫᠤᠨ᠂ ᠤᠷᠤᠰ᠂ ᠳᠤᠮᠳᠠᠳᠤ ᠵᠡᠷᠭᠡ ᠤᠯᠤᠰ ᠲᠤ ᠳᠦᠪᠯᠡᠷᠡᠵᠤ ᠪᠠᠶᠢᠳᠠᠭ᠃ ᠤᠤᠯ ᠤᠨ ᠵᠦᠪᠯᠡᠯᠳᠤ ᠬᠤᠯᠪᠤᠭᠠᠳᠤ ᠤᠯᠤᠰ ᠪᠤᠯ ᠳᠡᠯᠡᠭᠡᠢ ᠳᠡᠭᠡᠷᠡᠬᠢ ᠠᠩᠬᠠᠳᠠᠭᠴᠢ ᠴᠦᠮ᠎ᠠ ᠶᠢᠨ ᠴᠠᠬᠢᠯᠭᠠᠨ ᠦᠷᠳᠡᠭᠡ ᠶᠢ ᠪᠠᠶᠢᠭᠤᠯᠤᠭᠰᠠᠨ ᠶᠤᠮ᠃        ᠬᠤᠶᠡᠷ᠂ ᠴᠦᠮ᠎ᠡ ᠶᠢᠨ ᠴᠠᠬᠢᠯᠭᠠᠨ ᠦᠢᠯᠡᠳᠪᠦᠷᠢ ᠶᠢᠨ ᠭᠡᠨᠡᠳᠡᠯ        ᠴᠦᠮ᠎ᠡ ᠶᠢᠨ ᠴᠠᠬᠢᠯᠭᠠᠨ ᠦᠢᠯᠡᠳᠪᠦᠷᠢ ᠶᠢᠨ ᠭᠡᠨᠡᠳᠡᠯ ᠪᠣᠯ ᠪᠠᠶᠢᠪᠠᠰᠤ ᠵᠣᠬᠢᠬᠤ ᠡᠵᠡᠮᠰᠢᠯ ᠢᠶᠠᠨ ᠠᠯᠳᠠᠵᠦ ᠮᠡᠳᠡᠬᠦ ᠪᠣᠶᠤ ᠡᠰᠡᠬᠦᠯ᠎ᠡ ᠨᠢᠭᠡᠨᠲᠡ ᠠᠯᠳᠠᠭᠳᠠᠭᠠᠳ ᠰᠠᠴᠤᠷᠠᠭᠲᠤ ᠪᠣᠳᠠᠰ ᠨᠢ ᠭᠠᠳᠠᠭᠰᠢ ᠪᠠᠨ ᠳᠠᠷᠤᠢ ᠠᠭᠠᠷ ᠲᠤ ᠲᠠᠯᠪᠢᠭᠳᠠᠭᠠᠳ ᠬᠦᠯᠢᠴᠡᠭᠦᠶ᠎ᠡ ᠪᠡᠷᠬᠡ ᠲᠦᠪᠰᠢᠨ ᠳᠤ ᠬᠦᠷᠳᠡᠭ᠃ 1986 ᠣᠨ ᠤ 4 ᠳ᠋ᠤᠭᠡᠷ ᠰᠠᠷ᠎ᠠ  ᠶᠢᠨ 26 ᠤ ᠡᠳᠦᠷ ᠤᠤᠯ ᠤᠨ ᠵᠦᠪᠯᠡᠯᠲᠤ ᠬᠤᠯᠪᠤᠭᠠᠲᠤ ᠤᠯᠤᠰ ᠤᠨ ᠴᠧᠷᠨᠣᠪᠢᠯ ᠤᠨ ᠴᠦᠮ᠎ᠡ ᠶᠢᠨ ᠴᠠᠬᠢᠯᠭᠠᠨ ᠦᠢᠯᠡᠳᠪᠦᠷᠢ ᠶᠢᠨ 4 ᠳ᠋ᠤᠭᠡᠷ ᠵᠤᠤᠬ᠎ᠠ ᠶᠢᠨ ᠳᠡᠯᠪᠡᠷᠡᠯᠲᠡ ᠪᠣᠯ ᠣᠳᠣ ᠪᠣᠯᠲᠠᠯᠠᠬᠢ ᠲᠡᠤᠬᠡᠨ ᠳᠡᠭᠡᠷᠡᠬᠢ ᠬᠠᠮᠤᠭ ᠤᠨ ᠶᠡᠭᠡ ᠬᠦᠨᠳᠤ ᠨᠣᠴᠢᠲᠠᠢ ᠴᠦᠮ᠎ᠡ ᠶᠢᠨ ᠭᠡᠨᠡᠳᠡᠯ ᠪᠣᠯᠤᠨ᠎ᠠ᠃ ᠲᠡᠷᠨ ᠨᠢ ᠤᠯᠤᠰ ᠲᠦᠷᠦ᠂ ᠠᠵᠦ ᠠᠬᠤᠢ᠂ ᠨᠡᠶᠢᠭᠡᠮ᠂ ᠣᠷᠴᠢᠨ ᠠᠬᠤᠢ ᠪᠠ ᠬᠦᠮᠦᠰ ᠤᠨ ᠡᠷᠡᠭᠦᠯ ᠮᠡᠨᠳᠤ ᠳᠤ ᠴᠦᠮ ᠮᠠᠰᠢ ᠶᠡᠭᠡ ᠨᠦᠯᠦᠭᠡ ᠪᠣᠯᠣᠨ ᠮᠠᠭᠤ ᠤᠷᠰᠢᠭ ᠲᠠᠲᠠᠪᠠ᠃ ᠵᠦᠪᠯᠡᠯᠲᠤ ᠬᠤᠯᠪᠤᠭᠠᠲᠤ ᠤᠯᠤᠰ ᠵᠠᠳᠠᠷᠠᠭᠰᠠᠨ ᠤ ᠰᠡᠭᠦᠯᠡᠷ ᠦᠨᠦ ᠦᠺᠷᠠᠶᠢᠨ ᠤᠯᠤᠰ ᠲᠤ ᠬᠠᠷᠢᠶᠠᠯᠠᠭᠳᠠᠵᠦ ᠪᠠᠶᠢᠳᠠᠭ᠃ ᠴᠧᠷᠨᠣᠪᠢᠯ ᠤᠨ ᠴᠦᠮ᠎ᠡ ᠶᠢᠨ ᠴᠠᠬᠢᠯᠭᠠᠨ ᠦᠢᠯᠡᠳᠪᠦᠷᠢ  ᠨᠢ ᠦᠺᠷᠠᠶᠢᠨ ᠤᠯᠤᠰ ᠤᠨ ᠨᠡᠶᠢᠰᠯᠡᠯ ᠠᠴᠠ 130 ᠺᠢᠯᠤᠮᠧᠲᠷ ᠵᠠᠶᠢᠲᠠᠢ ᠨᠢᠭᠡᠨ ᠭᠤᠣᠯ ᠤᠨ ᠬᠦᠪᠡᠭᠡᠨ ᠳᠤ ᠪᠠᠶᠢᠵᠦ᠂ ᠴᠠᠭᠠᠨ ᠣᠷᠣᠰ ᠤᠯᠤᠰ ᠪᠣᠯᠣᠨ ᠣᠷᠣᠰ ᠤᠨ ᠬᠤᠯᠪᠤᠭᠠᠨ ᠤ ᠤᠯᠤᠰ ᠲᠠᠢ ᠣᠶᠢᠷᠠᠬᠠᠨ ᠪᠠᠶᠢᠳᠠᠭ᠃ ᠳᠤᠰ ᠦᠢᠯᠡᠳᠪᠦᠷᠢ ᠨᠢ ᠨᠢᠭᠡᠨᠲᠡ 4 ᠰᠠᠭᠤᠷᠢ ᠤᠷᠪᠠᠯ ᠤᠨ ᠵᠤᠤᠬᠠᠨ ᠤ ᠴᠠᠬᠢᠯᠭᠠᠨ ᠮᠠᠰᠢᠨ ᠤ ᠪᠦᠯᠦᠭ ᠢ ᠨᠢᠭᠡᠨᠲᠡ ᠪᠠᠶᠢᠭᠤᠯᠤᠭᠠᠳ᠂ ᠪᠠᠰᠨ 2 ᠰᠠᠭᠤᠷᠢ ᠶᠢ ᠪᠠᠶᠢᠭᠤᠯᠬᠤ ᠪᠠᠷ ᠪᠡᠯᠡᠳᠬᠡᠵᠦ ᠪᠠᠶᠢᠪᠠ᠃ ᠭᠡᠨᠡᠳᠡᠯ ᠭᠠᠷᠤᠭᠰᠠᠨ 4 ᠳ᠋ᠤᠭᠡᠷ ᠵᠤᠤᠬᠠᠨ ᠤ ᠴᠠᠬᠢᠯᠭᠠᠨ ᠮᠠᠰᠢᠨ ᠤ ᠪᠦᠯᠦᠭ ᠪᠣᠯ 1983 ᠣᠨ ᠤ 12 ᠳ᠋ᠤᠭᠠᠷ ᠰᠠᠷ᠎ᠠ ᠳᠤ ᠠᠰᠢᠭᠯᠠᠯᠲᠠ ᠳᠤ ᠣᠷᠤᠭᠰᠠᠨ ᠪᠦᠭᠡᠳ ᠲᠡᠬᠦᠨ ᠤ ᠵᠤᠤᠬᠠᠨ ᠭᠤᠤᠯ ᠤᠨ ᠳ᠋ᠢᠶᠠᠮᠧᠲᠷ ᠨᠢ 12 ᠮᠧᠲᠷ᠂ ᠦᠨᠳᠦᠷ ᠨᠢ 7 ᠮᠧᠲᠷ ᠪᠠᠶᠢᠵᠦ᠂ ᠪᠦᠬᠦ ᠬᠦᠨᠳᠤ ᠨᠢ ᠪᠠᠷᠤᠭ 1700 ᠲᠤᠨ ᠤ ᠪᠠᠯ ᠴᠢᠯᠠᠭᠤᠨ ᠲᠣᠭᠤᠰᠬ᠎ᠠ᠂ ᠲᠡᠮᠦᠷᠯᠢᠭ ᠦᠷᠠᠨ ᠤ ᠲᠦᠯᠡᠰᠢ ᠪᠠ ᠲᠠᠷᠤᠯᠲᠠ ᠶᠢᠨ ᠬᠤᠭᠤᠯᠠᠢ ᠵᠡᠷᠭᠡ ᠪᠠᠷ ᠪᠦᠷᠢᠯᠳᠦᠭᠰᠡᠨ ᠪᠠᠶᠢᠳᠠᠭ᠃ ᠵᠤᠤᠬᠠᠨ ᠳᠠᠭᠠᠨ 1659 ᠭᠤᠳᠣᠯᠢ ᠲᠦᠯᠡᠰᠢᠨ ᠰᠠᠪᠠᠭ᠎ᠠ ᠲᠠᠢ ᠪᠦᠭᠡᠳ ᠲᠡᠭᠦᠨ ᠤ 75% ᠨᠢ ᠪᠣᠯ ᠠᠩᠬ᠎ᠠ ᠤᠳᠠᠭ᠎ᠠ ᠲᠦᠯᠡᠰᠢ ᠨᠡᠮᠡᠬᠦ ᠳᠤ ᠬᠢᠵᠦ ᠣᠷᠤᠭᠤᠯᠤᠭᠰᠠᠨ ᠶᠣᠮ᠃ ᠤᠷᠪᠠᠯ ᠤᠨ ᠵᠤᠤᠬ᠎ᠠ ᠨᠢ ᠠᠵᠢᠯᠯᠠᠬᠤ ᠦᠶᠡᠰ ᠲᠤ ᠪᠠᠯ ᠴᠢᠯᠠᠭᠤᠨ ᠲᠣᠭᠤᠰᠬᠠᠨ ᠤ ᠬᠠᠯᠠᠭᠤᠨ ᠨᠢ 700℃ ᠬᠦᠷᠳᠡᠭ᠃ ᠭᠡᠨᠡᠳᠡᠯ ᠭᠠᠷᠬᠤ ᠦᠶᠡᠰ ᠲᠤ ᠠᠮᠤᠷ ᠲᠦᠪᠰᠢᠨ ᠤ ᠰᠠᠪᠠᠭ᠎ᠠ ᠨᠢ ᠣᠷᠣᠬᠤ ᠪᠠᠨ ᠪᠣᠯᠢᠭᠠᠳ᠂ ᠠᠷᠭ᠎ᠠ ᠶᠠᠳᠠᠬᠤ ᠳᠠᠭᠠᠨ ᠤᠰᠤ ᠪᠠᠷ ᠬᠦᠷᠦᠭᠡᠬᠦ ᠭᠡᠬᠦ ᠳᠤ ᠡᠭᠦᠰᠦᠭᠰᠡᠨ ᠤᠰᠤᠲᠦ᠋ᠷᠦᠭᠴᠢ ᠵᠡᠷᠭᠡ ᠳᠡᠰᠦᠷᠡᠮᠡᠲᠡᠭᠡᠢ ᠬᠡᠢ ᠨᠢ ᠠᠭᠠᠷ ᠲᠠᠢ ᠤᠶᠠᠯᠳᠤᠭᠠᠳ ᠳᠣᠭᠰᠢᠨ ᠳᠡᠯᠪᠡᠷᠡᠯᠲᠡ ᠡᠭᠦᠰᠴᠦ᠂ 1000 ᠲᠤᠨ ᠬᠦᠨᠲᠤ ᠵᠤᠤᠬᠠᠨ ᠪᠦᠷᠬᠦᠭᠡᠰᠤ ᠪᠠᠨ ᠦᠯᠢᠶᠡᠨ ᠶᠠᠪᠤᠭᠤᠯᠤᠭᠠᠳ ᠦᠢᠯᠡᠳᠪᠦᠷᠢ ᠶᠢᠨ ᠭᠡᠷ ᠪᠠᠶᠢᠰᠢᠩ ᠨᠢ ᠨᠤᠷᠠᠨ᠂ ᠠᠷᠪᠠᠨ ᠳᠠᠪᠬᠤᠷ ᠠᠰᠠᠷ ᠤᠨ ᠬᠢᠷᠢᠲᠠᠢ ᠦᠨᠳᠦᠷ ᠶᠡᠭᠡ ᠭᠠᠯ ᠲᠦᠷᠡᠯᠵᠡᠨ ᠨᠣᠴᠣᠵᠦ᠂ ᠵᠤᠤᠬᠠᠨ ᠳᠠᠬᠢ ᠶᠡᠭᠡ ᠬᠡᠮᠵᠢᠶᠡᠨ ᠤ ᠰᠠᠴᠤᠷᠠᠭᠲᠤ ᠪᠣᠳᠠᠰ ᠢ 1200 ᠮᠧᠲᠷ ᠤᠨ ᠦᠨᠳᠦᠷ ᠲᠤ ᠦᠯᠢᠶᠡᠨ ᠭᠠᠷᠭᠠᠭᠰᠠᠨ ᠤ ᠳᠠᠷᠠᠭ᠎ᠠ ᠰᠠᠶ᠋ᠢ ᠬᠦᠨᠳᠡᠯᠡᠨ ᠢᠶᠠᠷ ᠬᠡᠶᠢᠰᠦᠨ ᠨᠡᠭᠦᠪᠡ᠃ 4 ᠳ᠋ᠤᠭᠡᠷ ᠰᠠᠷ᠎ᠠ ᠶᠢᠨ 27 ᠤ ᠡᠳᠦᠷ ᠠᠴᠠ 5 ᠳ᠋ᠤᠭᠠᠷ ᠰᠠᠷ᠎ᠠ ᠶᠢᠨ 10 ᠤ ᠡᠳᠦᠷ ᠪᠣᠯᠲᠠᠯ᠎ᠠ ᠠᠭᠠᠷ ᠤᠨ ᠴᠡᠷᠢᠭ ᠤᠨ ᠡᠭ᠍ᠴᠨ ᠨᠢᠰᠭᠡᠯ ᠢᠶᠠᠷ 5000 ᠲᠤᠨ᠋ᠨᠨ ᠨᠡᠭᠦᠷᠡᠰᠦᠲᠦ᠋ᠷᠦᠭᠴᠢᠲᠤ ᠪᠣᠷ᠂ ᠦᠭᠡᠬᠦᠨ ᠴᠠᠭᠠᠨ ᠴᠢᠯᠠᠭᠤ᠂ ᠡᠯᠡᠰᠦ ᠬᠠᠶᠢᠷ ᠪᠣᠯᠣᠨ ᠬᠠᠷ᠎ᠠ ᠲᠤᠭᠤᠯᠭ᠎ᠠ ᠵᠡᠷᠭᠡ ᠶᠢᠨ ᠬᠤᠯᠢᠮᠠᠯ ᠢ ᠠᠭᠠᠷ ᠠᠴᠠ ᠳᠡᠭᠡᠷ᠎ᠡ ᠨᠢ ᠬᠠᠶᠠᠪᠠ᠃ ᠵᠤᠤᠬᠠᠨ ᠢᠷᠤᠭᠠᠷ ᠨᠢ ᠬᠠᠶᠢᠯᠬᠤ ᠶᠢ ᠬᠡᠷᠰᠡᠤᠯᠡᠨ ᠳᠣᠣᠭᠤᠷ ᠨᠢ ᠪᠠᠰᠨ ᠨᠢᠭᠡᠨ ᠬᠠᠯᠠᠭᠤᠨ ᠢ ᠲᠠᠯᠪᠢᠬᠤ ᠨᠦᠬᠡᠨ ᠵᠠᠮ ᠵᠠᠰᠠᠪᠠ᠃ ᠰᠡᠭᠦᠯᠡᠷ ᠨᠢ ᠪᠦᠬᠦ᠋ᠢᠯᠨ ᠤᠷᠪᠠᠯ ᠤᠨ ᠵᠤᠤᠬ᠎ᠠ ᠪᠠᠨ ᠪᠧᠲ᠋ᠤᠨ ᠢᠶᠠᠷ ᠪᠢᠲᠡᠭᠦᠯᠡᠨ ︽ᠠᠪᠰᠠᠯᠠᠭᠰᠠᠨ︾ ᠪᠠᠶᠢᠨ᠎ᠠ᠃ ᠠᠷᠪᠠᠨ ᠵᠢᠯ ᠤᠨ ᠳᠠᠷᠠᠭ᠎ᠠ ᠨᠢ ᠪᠠᠰᠨ ᠠᠪᠰᠠᠨ ᠭᠠᠳᠠᠭᠤᠷ ᠨᠢ ᠦᠯᠦ ᠵᠢᠪᠡᠷᠡᠬᠦ ᠪᠣᠯᠤᠳ ᠲᠡᠮᠦᠷ ᠬᠠᠶᠢᠷᠴᠠᠭ ᠲᠠᠭᠠᠷᠠᠭᠤᠯᠤᠨ ᠰᠠᠴᠤᠷᠠᠭᠲᠤ ᠪᠣᠳᠠᠰ ᠯᠡᠪᠡᠷᠡᠬᠦ ᠶᠢ ᠰᠡᠷᠭᠡᠶᠢᠯᠡᠪᠡ᠃        ᠡᠨᠡ ᠤᠳᠠᠭᠠᠨ ᠤ ᠭᠡᠨᠡᠳᠡᠯ ᠨᠢ ᠲᠤᠬᠠᠢ ᠶᠢᠨ ᠦᠶ᠎ᠡ ᠳᠤ ᠳᠡᠯᠡᠬᠡᠢ ᠶᠢᠨ ᠬᠡᠪᠴᠢᠶᠡᠨ ᠳᠤ ᠯᠤᠲᠤ ᠶᠡᠭᠡ ᠲᠣᠷᠭᠢᠯᠲᠠ ᠡᠭᠦᠰᠭᠡᠭᠰᠡᠨ ᠪᠦᠭᠡᠳ ᠣᠳᠣ ᠪᠣᠯᠲᠠᠯ᠎ᠠ ᠴᠤ ᠲᠡᠭᠦᠨ ᠤ ᠬᠤᠣᠷ ᠨᠦᠯᠦᠭᠡ ᠶᠢ ᠪᠦᠷᠢᠮᠦᠰᠦᠨ ᠠᠷᠢᠯᠭᠠᠵᠦ ᠴᠢᠳᠠᠭᠠᠳᠤᠢ᠃ ᠲᠤᠰᠬᠠᠢ ᠮᠡᠷᠭᠡᠵᠢᠯᠲᠡᠳ ᠤᠨ ᠦᠵᠡᠬᠦ ᠪᠠᠷ ᠪᠣᠯ ᠠᠳᠠᠭ ᠲᠠᠭᠠᠨ 200 ᠵᠢᠯ ᠤᠨ ᠬᠤᠭᠤᠴᠠᠭ᠎ᠠ ᠶᠢ ᠬᠡᠷᠡᠭᠰᠡᠮᠠᠨᠵᠢᠨ ᠰᠠᠶ᠋ᠢ ᠤᠷᠲᠤ ᠨᠠᠰᠤᠲᠤ ᠴᠦᠮᠡᠲᠤ ᠤᠨ ᠰᠠᠴᠤᠷᠠᠭ ᠤᠨ ᠵᠣᠩᠬᠢᠯᠠᠬᠤ ᠨᠢ ᠠᠷᠢᠯᠤᠨ᠎ᠠ ᠭᠡᠵᠦ ᠪᠣᠢ᠃        1. ᠴᠦᠮ᠎ᠡ ᠶᠢᠨ ᠴᠠᠬᠢᠯᠭᠠᠨ ᠦᠷᠲᠡᠭᠡ ᠶᠢᠨ ᠭᠡᠨᠡᠳᠡᠯ ᠳᠤ ᠳᠤᠰᠬᠠᠭᠳᠠᠬᠤ ᠰᠠᠴᠤᠷᠠᠭ        ᠴᠦᠮ᠎ᠡ ᠶᠢᠨ ᠴᠠᠬᠢᠯᠭᠠᠨ ᠦᠷᠲᠡᠭᠡ ᠶᠢᠨ ᠭᠡᠨᠡᠳᠡᠯ ᠳᠤ ᠤᠷᠪᠠᠯ ᠤᠨ ᠵᠤᠤᠬᠠᠨ ᠳᠣᠲᠤᠷ᠎ᠠ ᠪᠣᠢ ᠪᠣᠯᠤᠭᠰᠠᠨ ᠴᠦᠮ᠎ᠡ ᠶᠢᠨ ᠬᠠᠭᠠᠷᠠᠯᠲᠠ ᠶᠢᠨ ᠬᠤᠯᠢᠮᠠᠭ ᠡᠳ᠋ ᠤᠳ ᠨᠢ ᠡᠷᠭᠢᠨ ᠲᠣᠭᠤᠷᠢᠨ ᠤ ᠭᠠᠵᠠᠷ ᠣᠷᠣᠨ ᠢᠯᠠᠩᠭᠤᠶ᠎ᠠ ᠠᠭᠠᠷ ᠲᠤ ᠰᠠᠴᠤᠷᠠᠭᠲᠤ ᠪᠣᠳᠠᠰ ᠢ ᠠᠯᠳᠠᠨ ᠭᠠᠷᠭᠠᠳᠠᠭ᠃ ᠡᠳᠡᠭᠡᠷ ᠬᠤᠯᠢᠮᠠᠭ ᠡᠳ᠋ ᠤᠳ ᠲᠤ ᠡᠯ᠎ᠡ ᠵᠦᠢᠯ ᠤᠨ ᠰᠠᠴᠤᠷᠠᠭᠲᠤ ᠴᠦᠮᠡᠲᠤ ᠪᠦᠷ ᠪᠠᠶᠢᠬᠤ ᠪᠦᠭᠡᠳ ᠣᠯᠠᠩᠬᠢ ᠨᠢ ᠣᠬᠤᠷ ᠨᠠᠰᠤᠲᠤ ᠲᠤᠯᠠᠲᠠ ᠡᠬᠢᠨ ᠤ ᠬᠤᠭᠤᠴᠠᠭᠠᠨ ᠳᠤ ᠡᠳᠡᠭᠡᠷ ᠨᠢ ᠭᠤᠣᠯ ᠦᠢᠯᠡᠳᠦᠯ ᠦᠵᠡᠭᠦᠯᠳᠡᠭ᠃ ᠡᠭᠦᠨ ᠳᠤ ᠡᠷᠡᠭᠦᠯ ᠮᠡᠨᠳᠤ ᠳᠤ ᠠᠶᠤᠯ ᠲᠦᠭᠰᠢᠭᠦᠷᠢ ᠪᠦᠬᠦᠢ ᠭᠤᠣᠯ ᠪᠣᠯᠬᠤ ᠰᠠᠴᠤᠷᠠᠭᠲᠤ ᠴᠦᠮ᠎ᠡ ᠪᠣᠯ ᠡᠬᠢᠨ ᠤ ᠪᠠ ᠳᠤᠮᠳᠠ ᠬᠤᠭᠤᠴᠠᠭᠠᠨ ᠳᠤ ᠪᠤᠯ ᠰᠠᠴᠤᠷᠠᠭᠲᠤ ᠢᠤᠳ᠋ ᠪᠠᠶᠢᠵᠦ᠂ ᠰᠡᠭᠦᠯᠴᠢ ᠶᠢᠨ ᠦᠶ᠎ᠡ ᠳᠤ ᠬᠠᠭᠠᠰ ᠴᠤᠴᠠᠷᠠᠯᠲᠠ ᠶᠢᠨ ᠬᠤᠭᠤᠴᠠᠭ᠎ᠠ ᠨᠢ 30 ᠵᠢᠯ ᠤᠨ ᠨᠠᠭᠠᠭᠤᠷ ᠴᠠᠭᠠᠭᠤᠷ ᠤᠨ ᠰᠠᠴᠤᠷᠠᠭᠲᠤ ᠰᠲᠷᠣᠠᠲ ᠪᠣᠯᠣᠨ ᠼᠧᠽᠢ ᠪᠣᠯᠤᠨ᠎ᠠ᠃ ᠬᠡᠷᠪᠡ ᠰᠡᠷᠭᠡᠶᠢᠯᠡᠯᠲᠡ ᠨᠢ ᠵᠣᠬᠢᠰ ᠦᠭᠡᠢ ᠪᠣᠯ ᠰᠠᠴᠤᠷᠠᠭᠲᠤ ᠢᠤᠳ᠋ ᠪᠣᠯᠣᠨ ᠰᠠᠴᠤᠷᠠᠭᠲᠤ ᠼᠧᠽᠢ ᠨᠢ ᠠᠮᠢᠰᠬᠤᠯ᠂ ᠢᠳᠡᠭᠡᠨ ᠤᠮᠳᠠᠭᠠᠨ᠂ ᠠᠷᠠᠰᠤ ᠬᠦᠷᠦᠰᠦ ᠪᠣᠯᠣᠨ ᠰᠢᠷᠬ᠎ᠠ ᠪᠠᠷ ᠪᠡᠶᠡᠨ ᠳᠤ ᠣᠷᠣᠵᠦ ᠮᠡᠳᠡᠨ᠎ᠡ᠃ ᠡᠨᠡ ᠨᠢ ᠭᠡᠨᠡᠳᠡᠯ ᠤᠨ ᠡᠷᠭᠢᠨ ᠲᠣᠭᠤᠷᠢᠨ ᠤ ᠭᠠᠵᠠᠷ ᠣᠷᠣᠨ ᠳᠠᠬᠢ ᠬᠦᠮᠦᠰ  ᠲᠤ ᠨᠡᠯᠢᠶᠡᠳ ᠶᠡᠭᠡ ᠬᠡᠮᠵᠢᠶᠡᠨ ᠤ ᠭᠠᠳᠠᠨ᠎ᠠ ᠠᠴᠠ ᠳᠤᠰᠬᠤ᠂ ᠪᠡᠶᠡᠨ ᠳᠤ ᠨᠠᠭᠠᠯᠳᠤᠬᠤ ᠪᠠ ᠪᠡᠶ᠎ᠡ ᠶᠢᠨ ᠳᠣᠲᠤᠷ᠎ᠠ ᠰᠠᠴᠤᠷᠠᠭᠲᠤ ᠪᠣᠳᠠᠰ ᠣᠷᠣᠬᠤ ᠡᠯ᠎ᠡ ᠵᠦᠢᠯ ᠤᠨ ᠳᠤᠰᠬᠠᠯᠲᠠ ᠶᠢ ᠭᠠᠷᠭᠠᠳᠠᠭ᠃ ᠢᠯᠠᠩᠭᠤᠶ᠎ᠠ ᠰᠠᠴᠤᠷᠠᠭᠲᠤ ᠪᠣᠳᠠᠰ ᠤᠨ ᠣᠷᠴᠢᠨ ᠳᠤ ᠪᠠᠶᠢᠭ᠎ᠠ ᠲᠤᠬᠠᠢ ᠶᠢᠨ ᠣᠷᠣᠨ ᠤ ᠰᠠᠭᠤᠭᠠᠯᠢ ᠠᠷᠠᠳ ᠪᠠ ᠲᠤᠰᠬᠠᠢ ᠮᠡᠷᠭᠡᠵᠢᠯ ᠤᠨ ᠴᠢᠨᠠᠷᠲᠠᠢ ᠠᠪᠤᠷᠠᠨ ᠲᠤᠰᠠᠯᠠᠬᠤ ᠬᠦᠮᠦᠰ ᠵᠢᠴᠢ ᠴᠦᠮ᠎ᠡ ᠶᠢᠨ ᠴᠠᠬᠢᠯᠭᠠᠨ ᠦᠷᠲᠡᠭᠡᠨ ᠤ ᠠᠵᠢᠯᠲᠠᠳ ᠲᠤ ᠨᠡᠩ ᠶᠡᠭᠡ ᠬᠤᠮᠵᠢᠮ ᠤᠨ ᠰᠠᠴᠤᠷᠠᠭ ᠢ ᠳᠤᠰᠬᠠᠳᠠᠭ᠃ 2. ᠴᠦᠮ᠎ᠡ ᠶᠢᠨ ᠴᠠᠬᠢᠯᠭᠠᠨ ᠦᠷᠲᠡᠭᠡ ᠶᠢᠨ ᠭᠡᠨᠡᠳᠡᠯ ᠤᠨ ᠨᠦᠯᠦᠭᠡᠨ ᠤ ᠬᠡᠪᠴᠢᠶ᠎ᠡ        ᠭᠡᠨᠡᠳᠡᠯ ᠭᠠᠷᠬᠤ ᠦᠶᠡᠰ ᠲᠤ ᠣᠯᠠᠨ ᠨᠡᠶᠢᠲᠡ ᠶᠢ ᠬᠠᠮᠠᠭᠠᠯᠬᠤ ᠠᠵᠢᠯᠯᠠᠭᠠᠨ ᠢ ᠴᠠᠭ ᠲᠤᠬᠠᠢ ᠳᠤᠨᠢ ᠪᠦᠲᠦᠮᠵᠢᠲᠠᠢ ᠠᠪᠬᠤ ᠶᠢᠨ ᠲᠤᠯᠠᠲᠠ᠂ ᠴᠦᠮ᠎ᠡ ᠶᠢᠨ ᠴᠠᠬᠢᠯᠭᠠᠨ ᠦᠷᠲᠡᠭᠡ ᠶᠢᠨ ᠡᠷᠭᠢᠨ ᠲᠣᠭᠤᠷᠢᠨ ᠳᠤ ᠤᠷᠢᠳᠴᠢᠯᠠᠨ ᠲᠦᠯᠦᠪᠯᠡᠨ ᠲᠣᠭᠲᠠᠭᠠᠭᠰᠠᠨ ᠮᠦᠷᠲᠡᠭᠡᠨ ᠵᠣᠬᠢᠬᠤ ᠪᠡᠯᠡᠳᠬᠡᠯ ᠪᠦᠬᠦᠢ ᠣᠷᠣᠨ ᠭᠠᠵᠠᠷ ᠢ ᠪᠠᠴᠢᠮ ᠠᠷᠭᠠᠴᠠᠯ ᠤᠨ ᠲᠦᠯᠦᠪᠯᠡᠭᠡᠲᠤ ᠣᠷᠣᠨ ᠭᠡᠳᠡᠭ᠃        ᠮᠠᠨ ᠤ ᠤᠯᠤᠰ ᠤᠨ ᠪᠠᠴᠢᠮ ᠠᠷᠭᠠᠴᠠᠯ ᠤᠨ ᠲᠦᠯᠦᠪᠯᠡᠭᠡᠲᠤ ᠣᠷᠣᠨ ᠨᠢ ᠲᠣᠭᠤᠰᠤ ᠲᠣᠷᠳᠤᠭ ᠤᠨ ᠪᠠᠴᠢᠮ ᠠᠷᠭᠠᠴᠠᠯ ᠤᠨ ᠲᠦᠯᠦᠪᠯᠡᠭᠡᠲᠤ ᠣᠷᠣᠨ ᠪᠠ ᠢᠳᠡᠭᠡᠨ ᠤᠮᠳᠠᠭᠠᠨ ᠤ ᠪᠠᠴᠢᠮ ᠠᠷᠭᠠᠴᠠᠯ ᠤᠨ ᠲᠦᠯᠦᠪᠯᠡᠭᠡᠲᠤ ᠣᠷᠣᠨ ᠭᠡᠵᠦ ᠬᠤᠶᠡᠷ ᠵᠦᠢᠯ ᠪᠣᠢ᠃ ᠲᠣᠭᠤᠰᠤ ᠲᠣᠷᠳᠤᠭ ᠤᠨ ᠪᠠᠴᠢᠮ ᠠᠷᠭᠠᠴᠠᠯ ᠤᠨ ᠲᠦᠯᠦᠪᠯᠡᠭᠡᠲᠤ ᠣᠷᠣᠨ ᠨᠢ ᠴᠦᠮ᠎ᠡ ᠶᠢᠨ ᠴᠠᠬᠢᠯᠭᠠᠨ ᠦᠷᠲᠡᠭᠡ ᠪᠠᠷ ᠭᠤᠣᠯ ᠪᠣᠯᠭᠠᠨ᠂ 7 ᠠᠴᠠ 10 ᠺᠢᠯᠤᠮᠧᠲᠷ ᠤᠨ ᠷᠠᠳᠢᠤᠰ ᠢᠶᠠᠷ ᠵᠢᠷᠤᠭᠯᠠᠨ ᠲᠣᠭᠲᠠᠭᠠᠭᠰᠠᠨ ᠣᠷᠣᠨ ᠪᠦᠭᠡᠳ ᠡᠨᠡ ᠬᠦ ᠣᠷᠣᠨ ᠳᠤ ᠬᠦᠮᠦᠰ ᠢ ᠵᠠᠶᠢᠯᠠᠭᠤᠯᠬᠤ᠂ ᠳᠠᠯᠳᠠᠯᠠᠬᠤ ᠪᠠ ᠢᠤᠳ᠋ ᠤᠤᠭᠤᠨ ᠰᠡᠷᠭᠡᠶᠢᠯᠡᠬᠦ ᠶᠢ ᠰᠠᠶᠢᠲᠤᠷ ᠪᠡᠯᠡᠳᠬᠡᠬᠦ ᠴᠢᠬᠤᠯᠠᠲᠠᠢ ᠪᠠᠶᠢᠳᠠᠭ᠃ ᠢᠳᠡᠭᠡᠨ ᠤᠮᠳᠠᠭᠠᠨ ᠤ ᠪᠠᠴᠢᠮ ᠠᠷᠭᠠᠴᠠᠯ ᠤᠨ ᠲᠦᠯᠦᠪᠯᠡᠭᠡᠲᠤ ᠣᠷᠣᠨ ᠪᠣᠯ ᠴᠦᠮ᠎ᠡ ᠶᠢᠨ ᠴᠠᠬᠢᠯᠭᠠᠨ ᠦᠷᠲᠡᠭᠡ ᠪᠠᠷ ᠭᠤᠣᠯ ᠪᠣᠯᠭᠠᠨ᠂ 30 ᠠᠴᠠ 50 ᠺᠢᠯᠤᠮᠧᠲᠷ ᠤᠨ ᠷᠠᠳᠢᠤᠰ ᠢᠶᠠᠷ ᠵᠢᠷᠤᠭᠯᠠᠨ ᠲᠣᠭᠲᠠᠭᠠᠭᠰᠠᠨ ᠣᠷᠣᠨ ᠪᠦᠭᠡᠳ ᠢᠳᠡᠭᠡᠨ ᠤᠮᠳᠠᠭᠠᠨ ᠤ ᠪᠣᠬᠢᠷᠳᠤᠯ ᠢ ᠡᠵᠡᠮᠰᠢᠬᠦ ᠪᠡᠯᠡᠳᠬᠡᠯ ᠢ ᠰᠠᠶᠢᠲᠤᠷ ᠬᠢᠬᠦ ᠴᠢᠬᠤᠯᠠᠲᠠᠢ ᠪᠠᠶᠢᠳᠠᠭ᠃        ᠴᠠᠰᠤ ᠪᠣᠷᠤᠭᠠᠨᠲᠤ ᠠᠭᠤᠷ ᠠᠮᠢᠰᠬᠤᠯ ᠨᠢ ᠠᠭᠠᠷ ᠮᠠᠨᠳᠠᠯ ᠳᠠᠬᠢ ᠰᠠᠴᠤᠷᠠᠭᠲᠤ ᠪᠣᠳᠠᠰ ᠤᠨ ᠲᠤᠨᠤᠨ ᠪᠠᠭᠤᠬᠤ ᠶᠢ ᠲᠦᠷᠭᠡᠳᠬᠡᠳᠡᠭ ᠪᠣᠯᠬᠤᠷ ᠰᠠᠴᠤᠷᠠᠭᠲᠤ ᠤᠨᠢᠶᠠᠷ ᠲᠣᠭᠤᠰᠤ ᠶᠢᠨ ᠲᠠᠷᠬᠠᠨ ᠦᠷᠭᠡᠵᠢᠵᠦ ᠨᠡᠭᠦᠳᠡᠯᠯᠡᠬᠦ ᠳᠤ ᠠᠰᠢᠭ ᠦᠭᠡᠢ ᠪᠠᠶᠢᠵᠦ᠂ ᠰᠠᠴᠤᠷᠠᠭᠲᠤ ᠤᠨᠢᠶᠠᠷ ᠲᠣᠭᠤᠰᠤ ᠶᠢᠨ ᠨᠦᠯᠦᠭᠡᠯᠡᠬᠦ ᠬᠡᠪᠴᠢᠶ᠎ᠡ ᠪᠠ ᠵᠠᠢ  ᠶᠢ ᠪᠠᠭᠠᠰᠬᠠᠳᠠᠭ᠃        ᠭᠤᠷᠪᠠ᠂ ᠴᠦᠮ᠎ᠡ ᠶᠢᠨ ᠴᠠᠬᠢᠯᠭᠠᠨ ᠦᠢᠯᠡᠳᠪᠤᠷᠢ ᠶᠢᠨ ᠭᠡᠨᠡᠳᠡᠯ ᠢ ᠠᠷᠭᠠᠴᠠᠬᠤ ᠤᠬᠠᠭᠠᠨ        ᠴᠦᠮ᠎ᠡ ᠶᠢᠨ ᠭᠡᠨᠡᠳᠡᠯ ᠳᠤ ᠬᠤᠷᠣᠮ ᠵᠠᠭᠤᠷ᠎ᠠ ᠶᠢᠨ ᠠᠶᠤᠯ ᠲᠦᠭᠰᠢᠭᠦᠷᠢ ᠪᠠ ᠤᠳᠠᠭᠠᠨ ᠴᠢᠨᠠᠷᠲᠠᠢ ᠬᠤᠣᠷ ᠬᠦᠨᠦᠭᠡᠯ ᠭᠡᠵᠦ ᠪᠠᠶᠢᠬᠤ ᠪᠣᠯᠬᠤᠷ᠂ ᠴᠦᠮ᠎ᠡ  ᠶᠢᠨ ᠴᠠᠬᠢᠯᠭᠠᠨ ᠦᠷᠲᠡᠭᠡ ᠶᠢᠨ ᠭᠡᠨᠡᠳᠡᠯ ᠡᠭᠦᠰᠦᠭᠰᠡᠨ ᠭᠠᠵᠠᠷ ᠣᠷᠣᠨ ᠤ ᠡᠷᠭᠢᠨ ᠲᠣᠭᠤᠷᠢᠨ ᠳᠤ ᠠᠪᠬᠤ ᠬᠠᠮᠠᠭᠠᠯᠠᠯᠲᠠ ᠶᠢᠨ ᠠᠷᠭ᠎ᠠ ᠬᠡᠮᠵᠢᠶ᠎ᠡ ᠨᠢ ᠴᠤ ᠪᠠᠴᠢᠮ ᠬᠠᠮᠠᠭᠠᠯᠠᠯᠲᠠ ᠶᠢᠨ ᠠᠷᠭ᠎ᠠ ᠠᠪᠴᠠᠯ ᠪᠣᠯᠣᠨ ᠣᠳᠠᠭᠠᠨ ᠬᠤᠭᠤᠴᠠᠭᠠᠨ ᠤ ᠬᠠᠮᠠᠭᠠᠯᠠᠯᠲᠠ ᠶᠢᠨ ᠠᠷᠭ᠎ᠠ ᠬᠡᠮᠵᠢᠶ᠎ᠡ ᠭᠡᠵᠦ ᠪᠠᠶᠢᠳᠠᠭ᠃ ᠪᠠᠴᠢᠮ ᠬᠠᠮᠠᠭᠠᠯᠠᠯᠲᠠ ᠶᠢᠨ ᠠᠷᠭ᠎ᠠ ᠠᠪᠴᠠᠯ ᠳᠤ ᠬᠤᠪᠢ ᠬᠦᠮᠦᠨ ᠤ ᠬᠠᠮᠠᠭᠠᠯᠠᠯᠲᠠ᠂ ᠳᠠᠯᠳᠠᠯᠠᠬᠤ᠂ ᠵᠠᠶᠢᠯᠠᠬᠤ᠂ ᠲᠣᠭᠲᠠᠪᠤᠷᠢᠲᠤ ᠢᠤᠳ᠋ ᠤᠤᠭᠤᠬᠤ᠂ ᠵᠠᠮ ᠬᠤᠷᠢᠬᠤ᠂ ᠲᠦᠷ ᠴᠠᠭ ᠤᠨ ᠠᠮᠢᠰᠬᠤᠯ ᠢ ᠬᠠᠮᠠᠭᠠᠯᠠᠬᠤ ᠵᠡᠷᠭᠡ ᠪᠣᠢ᠃ ᠣᠳᠠᠭᠠᠨ ᠬᠤᠭᠤᠴᠠᠭᠠᠨ ᠤ ᠬᠠᠮᠠᠭᠠᠯᠠᠯᠲᠠ ᠶᠢᠨ ᠠᠷᠭ᠎ᠠ ᠬᠡᠮᠵᠢᠶ᠎ᠡ ᠳᠤ ᠲᠦᠷ ᠨᠡᠭᠦᠬᠦ᠂ ᠦᠨᠢᠳᠡ ᠨᠡᠭᠦᠬᠦ᠂ ᠢᠳᠡᠭᠡᠨ ᠤᠮᠳᠠᠭᠠᠨ ᠢ ᠬᠢᠵᠠᠭᠠᠷᠯᠠᠬᠤ ᠪᠠ ᠰᠠᠴᠤᠷᠠᠭᠲᠤ ᠪᠣᠬᠢᠷᠳᠤᠯ ᠢ ᠠᠷᠢᠯᠭᠠᠬᠤ ᠵᠡᠷᠭᠡ ᠪᠠᠭᠲᠠᠨ᠎ᠠ᠃ ᠠᠯᠢ ᠨᠢᠭᠡ ᠵᠦᠢᠯ ᠤᠨ ᠠᠷᠭ᠎ᠠ ᠬᠡᠮᠵᠢᠶ᠎ᠡ ᠶᠢ ᠠᠪᠬᠤ ᠴᠢᠬᠤᠯᠠᠲᠠᠢ ᠭᠡᠳᠡᠭ ᠨᠢ ᠰᠠᠴᠤᠷᠠᠭᠲᠤ ᠪᠣᠳᠠᠰ ᠤᠨ ᠠᠯᠳᠠᠭᠳᠠᠭᠰᠠᠨ ᠪᠠᠶᠢᠳᠠᠯ ᠵᠢᠴᠢ ᠲᠤᠬᠠᠢ ᠶᠢᠨ ᠴᠠᠭ ᠠᠭᠤᠷ ᠤᠨ ᠨᠦᠭᠦᠴᠡᠯ ᠵᠡᠷᠭᠡ ᠠᠴᠠ ᠲᠣᠭᠲᠠᠭᠠᠭᠳᠠᠬᠤ ᠲᠤᠯᠠᠲᠠ ᠡᠷᠦᠢ ᠬᠤᠷᠤᠢ ᠦᠭᠡᠢ ᠲᠠᠭᠠᠪᠤᠷᠢᠯᠠᠵᠦ᠂ ᠰᠣᠬᠤᠷ ᠪᠠᠯᠠᠢ ᠪᠠᠷ ᠬᠦᠳᠡᠯᠬᠦ ᠶᠢ ᠴᠢᠩᠭ᠎ᠠ ᠴᠡᠭᠡᠷᠯᠡᠨ᠂ ᠵᠠᠰᠠᠭ ᠤᠨ ᠭᠠᠵᠠᠷ ᠪᠣᠯᠣᠨ ᠡᠷᠬᠡ ᠰᠦᠷᠲᠤ ᠪᠠᠶᠢᠭᠤᠯᠤᠮᠵᠢ ᠶᠢᠨ ᠮᠡᠳᠡᠭᠳᠡᠯ ᠪᠣᠯᠣᠨ ᠱᠠᠭᠠᠷᠳᠠᠯᠭ᠎ᠠ ᠶᠢ ᠦᠨᠳᠦᠰᠦᠯᠡᠨ ᠦᠪᠡᠷ ᠢ ᠪᠠᠨ ᠬᠠᠮᠠᠭᠠᠯᠠᠬᠤ ᠠᠷᠭ᠎ᠠ ᠬᠡᠮᠵᠢᠶ᠎ᠡ ᠠᠪᠬᠤ ᠬᠡᠷᠡᠭᠲᠠᠢ᠃        1. ᠬᠤᠪᠢ ᠬᠦᠮᠦᠨ ᠤ ᠬᠠᠮᠠᠭᠠᠯᠠᠯᠲᠠ        ᠴᠦᠮ᠎ᠡ ᠶᠢᠨ ᠴᠠᠬᠢᠯᠭᠠᠨ ᠦᠷᠲᠡᠭᠡ ᠶᠢᠨ ᠭᠡᠨᠡᠳᠡᠯ ᠡᠭᠦᠰᠦᠭᠰᠡᠨ ᠭᠠᠵᠠᠷ ᠣᠷᠣᠨ ᠤ ᠡᠷᠭᠢᠨ ᠲᠣᠭᠤᠷᠢᠨ ᠤ ᠬᠦᠮᠦᠰ᠂ ᠬᠡᠷᠪᠡ ᠭᠠᠳᠠᠭ᠎ᠠ ᠪᠠᠶᠢᠭᠰᠠᠨ ᠪᠣᠯ ᠶᠠᠭᠤᠨ ᠤ ᠤᠷᠢᠳ ᠠᠮᠠᠪᠴᠢ ᠪᠠᠨ ᠵᠡᠭᠦᠨ᠂ ᠭᠠᠷ ᠠᠯᠴᠢᠭᠤᠷ᠂ ᠲᠣᠯᠤᠭᠠᠢ ᠬᠦᠵᠦᠭᠦᠨ ᠣᠷᠢᠶᠠᠯᠲᠠ ᠵᠡᠷᠭᠡ ᠪᠠᠷ ᠠᠮᠨ ᠬᠠᠮᠠᠷ ᠢᠶᠠᠨ ᠪᠢᠲᠡᠭᠦᠯᠠᠵᠦ᠂ ᠰᠠᠴᠤᠷᠠᠭᠲᠤ ᠪᠣᠳᠠᠰ ᠠᠮᠢᠰᠬᠤᠯ ᠢᠶᠠᠷ ᠣᠷᠣᠬᠤ ᠶᠢ ᠪᠠᠭᠠᠰᠬᠠᠬᠤ ᠬᠡᠷᠡᠭᠲᠠᠢ᠃ ᠲᠡᠷᠡᠴᠢᠯᠡᠨ ᠪᠡᠶ᠎ᠡ ᠳᠤ ᠰᠠᠴᠤᠷᠠᠭᠲᠤ ᠪᠣᠳᠠᠰ ᠨᠠᠭᠠᠯᠳᠤᠬᠤ ᠶᠢ ᠰᠡᠷᠭᠡᠶᠢᠯᠡᠬᠦ ᠶᠢᠨ ᠲᠤᠯᠠᠲᠠ ᠪᠡᠶ᠎ᠡ ᠶᠢᠨ ᠢᠯᠨ ᠬᠡᠰᠡᠭ ᠢᠶᠠᠨ ᠬᠠᠯᠬᠠᠯᠠᠵᠦ ᠬᠠᠮᠠᠭᠠᠯᠠᠬᠤ ᠶᠢ ᠴᠤ ᠠᠩᠬᠠᠷᠪᠠᠯ ᠵᠣᠬᠢᠨ᠎ᠠ᠃ ᠭᠡᠷ ᠲᠤ ᠪᠠᠶᠢᠭᠰᠠᠨ ᠬᠦᠮᠦᠰ ᠵᠠᠪᠠᠯ ᠭᠠᠷᠬᠤ ᠴᠢᠬᠤᠯᠠᠲᠠᠢ ᠦᠶᠡᠰ ᠲᠤ ᠨᠡᠩ ᠢᠯᠠᠩᠭᠤᠶ᠎ᠠ ᠢᠡᠭᠬᠢᠵᠦ ᠮᠠᠯᠠᠭᠠᠢ᠂ ᠲᠣᠯᠤᠭᠠᠢ ᠶᠢᠨ ᠠᠯᠴᠢᠭᠤᠷ᠂ ᠴᠣᠪᠠ᠂ ᠪᠡᠭᠡᠯᠠᠢ ᠪᠣᠯᠣᠨ ᠭᠤᠲᠤᠯ ᠵᠡᠷᠭᠡ ᠡᠳᠦᠷ ᠳᠣᠲᠣᠮ ᠤᠨ ᠡᠯ᠎ᠡ ᠵᠦᠢᠯ ᠤᠨ ᠬᠤᠪᠴᠠᠰᠤ ᠬᠤᠨᠠᠷ  ᠢᠶᠠᠷ ᠬᠠᠯᠬᠠᠯᠠᠨ ᠬᠠᠮᠠᠭᠠᠯᠠᠬ