ᠥᠪᠥᠷ ᠮᠣᠩᠭᠤᠯ ︽ᠪᠠᠭᠤᠯᠭᠠᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ ᠪᠤᠢ᠄ ᠡᠷᠬᠡ ᠶᠢ ᠵᠠᠬ᠎ᠠ ᠳᠡᠯᠭᠡᠭᠦᠷ ᠲᠤ ᠪᠠᠭᠤᠯᠭᠠᠵᠤ ᠣᠯᠠᠨ ᠲᠦᠮᠡᠨ ᠳᠤ ᠠᠰᠢᠭ ᠬᠦᠷᠲᠡᠭᠡᠨ᠎ᠡ
ᠨᠡᠶᠢᠲᠡᠯᠡᠭᠰᠡᠨ ᠴᠠᠭ᠄
2019/10/14

     ︽ᠣᠳᠣᠬᠠᠨ ᠳᠤ᠂ ᠪᠥᠬᠦ ᠣᠷᠣᠨ ᠤ ᠵᠠᠬ᠎ᠠ ᠳᠡᠯᠭᠡᠭᠦᠷ ᠤᠨ ᠭᠤᠤᠯ ᠴᠣᠭᠴᠠ ᠥᠭᠡᠷᠡᠴᠢᠯᠡᠯᠲᠡ ᠠᠴᠠ ᠡᠮᠦᠨ᠎ᠡ ᠳᠤᠮᠳᠠᠴᠢ ᠪᠠᠷ ᠡᠳᠦᠷ ᠪᠦᠷᠢ 732 ᠡᠷᠦᠬᠡ ᠰᠢᠨ᠎ᠡ ᠪᠠᠷ ᠳᠠᠩᠰᠠᠯᠠᠨ ᠲᠡᠮᠳᠡᠭᠯᠡᠭᠦᠯᠵᠦ ᠪᠠᠶᠢᠭᠰᠠᠨ ᠪᠣᠯ ᠣᠳᠣ ᠡᠳᠦᠷ ᠪᠦᠷᠢ 1030 ᠡᠷᠦᠬᠡ ᠳᠠᠩᠰᠠᠯᠠᠨ ᠲᠡᠮᠳᠡᠭᠯᠡᠭᠦᠯᠬᠦ ᠪᠣᠯᠵᠤ᠂ 40.71% ᠨᠡᠮᠡᠭᠳᠡᠪᠡ︔ ᠮᠢᠩᠭᠠᠨ ᠬᠥᠮᠥᠨ ᠲᠠᠢ ᠠᠵᠤ ᠠᠬᠤᠶᠢᠯᠠᠯ ᠨᠢ 56 ᠡᠷᠦᠬᠡ ᠪᠠᠶᠢᠭᠰᠠᠨ ᠠᠴᠠ ᠪᠠᠨ 80.96 ᠡᠷᠦᠬᠡ ᠪᠣᠯᠵᠤ᠂ 44.57% ᠪᠠᠷ ᠨᠡᠮᠡᠭᠳᠡᠪᠡ᠃ ᠢᠯᠠᠩᠭᠤᠶ᠎ᠠ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠵᠡᠷᠭᠡ ᠡᠯ᠎ᠡ ᠲᠥᠷᠥᠯ ᠤᠨ ᠨᠡᠶᠢᠲᠡ ᠶᠢᠨ ᠥᠮᠴᠢᠯᠡᠯ ᠤᠨ ᠪᠤᠰᠤ ᠵᠠᠬ᠎ᠠ ᠳᠡᠯᠭᠡᠭᠦᠷ ᠤᠨ ᠭᠤᠤᠯ ᠴᠣᠭᠴᠠ ᠲᠦᠷᠭᠡᠨ ᠬᠥᠭᠵᠢᠬᠦ ᠬᠠᠨᠳᠤᠰᠢ ᠲᠠᠢ ᠪᠣᠯᠵᠤ᠂ ᠣᠳᠣᠬᠠᠨ ᠳᠤ ᠨᠢᠭᠡᠨᠲᠡ 199.83 ᠲᠦᠮᠡᠨ ᠡᠷᠦᠬᠡ ᠶᠢ ᠳᠠᠪᠠᠨ᠂ ᠪᠥᠬᠦ ᠣᠷᠣᠨ ᠤ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠶᠡᠷᠦᠩᠬᠡᠶ ᠲᠣᠭᠠᠨ ᠤ 97.41% ᠠᠴᠠ ᠳᠡᠭᠡᠭᠰᠢᠬᠢ ᠶᠢ ᠡᠵᠡᠯᠡᠪᠡ᠃︾ ᠡᠨᠡ ᠪᠣᠯ ᠰᠤᠷᠪᠤᠯᠵᠢᠯᠠᠭᠴᠢ 10 ᠳ᠋ᠤᠭᠠᠷ ᠰᠠᠷ᠎ᠠ ᠶᠢᠨ 11 ᠤ ᠡᠳᠦᠷ ᠥᠪᠡᠷᠲᠡᠭᠡᠨ ᠵᠠᠰᠠᠬᠤ ᠣᠷᠣᠨ ᠤ ︽ᠪᠠᠭᠤᠯᠭᠠᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠰᠣᠨᠢᠨ ᠮᠡᠳᠡᠭᠡ ᠨᠡᠶᠢᠲᠡᠯᠡᠬᠦ ᠬᠤᠷᠠᠯ ᠠᠴᠠ ᠣᠶᠢᠯᠭᠠᠭᠰᠠᠨ ᠮᠡᠳᠡᠭᠡ ᠪᠣᠯᠤᠨ᠎ᠠ᠃
     ᠣᠶᠢᠷ᠎ᠠ ᠶᠢᠨ ᠵᠢᠯ ᠤᠨ ᠲᠤᠷᠰᠢ᠂ ᠥᠪᠡᠷᠲᠡᠭᠡᠨ ᠵᠠᠰᠠᠬᠤ ᠣᠷᠣᠨ ᠤ ︽ᠪᠠᠭᠤᠯᠭᠠᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠲᠠᠰᠤᠷᠠᠯᠲᠠ ᠥᠬᠡᠶ ᠭᠦᠨᠵᠡᠭᠡᠶᠢᠷᠡᠵᠦ᠂ ᠠᠵᠤ ᠠᠬᠤᠶᠢᠯᠠᠯ ᠪᠣᠯᠤᠨ ᠣᠯᠠᠨ ᠲᠦᠮᠡᠨ ᠤ ᠲᠤᠰᠬᠠᠯ ᠳᠣᠪᠤᠶᠢᠮ᠎ᠠ ᠪᠠᠶᠢᠭ᠎ᠠ ᠶᠠᠪᠤᠳᠠᠯ ᠭᠦᠶᠴᠡᠳᠬᠡᠬᠦ ᠳᠤ ᠬᠦᠴᠢᠷ᠂ ᠶᠠᠪᠤᠳᠠᠯ ᠭᠦᠶᠴᠡᠳᠬᠡᠬᠦ ᠳᠤ ᠤᠳᠠᠭᠠᠨ᠂ ᠣᠯᠠᠨ ᠭᠠᠵᠠᠷ ᠢᠶᠠᠷ ᠭᠦᠶᠦᠬᠦ᠂ ᠨᠠᠭᠠᠰᠢ ᠴᠠᠭᠠᠰᠢ ᠭᠦᠶᠦᠬᠦ ᠵᠡᠷᠭᠡ ᠠᠰᠠᠭᠤᠳᠠᠯ ᠢ ᠦᠨᠡᠨ ᠬᠦ ᠰᠢᠶᠳᠪᠦᠷᠢᠯᠡᠵᠦ᠂

︽ᠢᠨᠲ᠋ᠧᠷ ᠰᠦᠯᠵᠢᠶ᠎ᠡ + ᠵᠠᠰᠠᠭ ᠤᠨ ᠶᠠᠪᠤᠳᠠᠯ ᠤᠨ ᠦᠶᠯᠡᠴᠢᠯᠡᠭᠡ︾ ᠶᠢ ︽ᠪᠠᠭᠤᠯᠭᠠᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠵᠠᠩᠭᠢᠯᠠᠭ᠎ᠠ ᠶᠢᠨ ᠭᠤᠭᠴᠤᠭ᠎ᠠ ᠪᠣᠯᠭᠠᠵᠤ᠂ ᠮᠡᠳᠡᠭᠡ ᠵᠠᠩᠭᠢᠴᠢᠯᠠᠯᠲᠠ ᠶᠢᠨ ᠠᠷᠭ᠎ᠠ ᠪᠠᠷᠢᠯ ᠢ ᠭᠦᠶᠴᠡᠳ ᠬᠡᠷᠡᠭᠯᠡᠨ᠂ ᠰᠦᠯᠵᠢᠶᠡᠨ ᠳᠡᠭᠡᠷ᠎ᠡ ︽ᠨᠢᠭᠡ ᠰᠦᠯᠵᠢᠶ᠎ᠡ ᠪᠠᠷ ᠨᠡᠶᠢᠳᠡᠮ ᠭᠦᠶᠴᠡᠳᠬᠡᠬᠦ︾ ᠶᠢ ᠪᠥᠬᠦ ᠬᠦᠴᠦᠨ ᠢᠶᠠᠷ ᠲᠦᠯᠬᠢᠨ ᠠᠬᠢᠭᠤᠯᠵᠤ᠂ ᠰᠦᠯᠵᠢᠶᠡᠨ ᠭᠠᠳᠠᠨ᠎ᠠ ︽ᠨᠢᠭᠡ ᠯᠡ ᠡᠭᠦᠳᠡ ᠪᠠᠷ ᠣᠷᠣᠬᠤ︾ ᠲᠤᠬᠠᠶ ᠶᠢᠨ ᠲᠠᠯᠠᠪᠠᠢ ᠳᠤ ︽ᠬᠠᠮᠤᠭ ᠤᠨ ᠣᠯᠠᠨ ᠳᠤ ᠪᠠᠨ ᠨᠢᠭᠡ ᠯᠡ ᠤᠳᠠᠭ᠎ᠠ ᠭᠦᠶᠦᠬᠦ︾ ᠶᠢ ᠭᠦᠶᠴᠡᠳᠬᠡᠵᠦ᠂ ᠠᠵᠤ ᠠᠬᠤᠶᠢᠯᠠᠯ ᠪᠠ ᠣᠯᠠᠨ ᠲᠦᠮᠡᠨ ᠢ ᠰᠦᠯᠵᠢᠶᠡᠨ ᠳᠡᠭᠡᠷ᠎ᠡ ᠢᠯᠡᠭᠦᠦ ᠶᠠᠪᠤᠳᠠᠯ ᠭᠦᠢᠴᠡᠳᠭᠡᠯᠭᠡᠵᠦ᠂ ᠳᠤᠲᠠᠭᠤ ᠭᠦᠶᠦᠯᠭᠡᠨ᠂ ᠲᠠᠯᠠᠭᠠᠷ ᠭᠦᠶᠦᠯᠭᠡᠬᠦ ᠥᠬᠡᠶ ᠪᠣᠯᠭᠠᠵᠤ᠂ ᠠᠵᠤ ᠠᠬᠤᠶᠢᠯᠠᠯ ᠪᠠ ᠣᠯᠠᠨ ᠲᠦᠮᠡᠨ ᠢ ᠨᠠᠩ ᠢᠯᠡᠭᠦᠦ ᠵᠣᠯ ᠵᠢᠷᠭᠠᠯᠲᠤ ᠲᠥᠷᠥᠭᠳᠡᠯ ᠲᠠᠢ᠂ ᠠᠰᠢᠭ ᠬᠦᠷᠲᠡᠭᠰᠡᠨ ᠲᠥᠷᠥᠭᠳᠡᠯ ᠲᠠᠢ ᠪᠣᠯᠭᠠᠪᠠ᠃
     ︽ᠪᠠᠭᠤᠯᠭᠠᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠯᠠᠪᠳᠠᠭᠤᠨ ᠪᠠᠲᠤᠲᠠᠶ ᠠᠬᠢᠭᠤᠯᠵᠤ᠂ ᠵᠠᠰᠠᠭ ᠤᠨ ᠣᠷᠳᠣᠨ ᠤ ᠡᠭᠦᠷᠭᠡ ᠴᠢᠳᠠᠪᠬᠢ ᠶᠢ ᠬᠤᠪᠢᠷᠠᠭᠤᠯᠤᠨ᠂ ᠵᠠᠰᠠᠭ ᠢ ᠴᠣᠮᠬᠠᠳᠬᠠᠨ ᠡᠷᠬᠡ ᠶᠢ ᠳᠣᠷᠣᠭᠰᠢ ᠪᠠᠭᠤᠯᠭᠠᠬᠤ ᠶᠢ ᠭᠦᠨᠵᠡᠭᠡᠶᠢᠷᠡᠭᠦᠯᠵᠦ᠂ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ︽ᠣᠷᠣᠵᠤ ᠢᠷᠡᠵᠦ ᠳᠡᠶᠢᠯᠬᠦ ᠥᠬᠡᠶ︾ ᠪᠠᠶᠢᠬᠤ ᠠᠰᠠᠭᠤᠳᠠᠯ ᠢ ᠰᠢᠶᠳᠪᠦᠷᠢᠯᠡᠬᠦ ᠶᠢᠨ ᠲᠥᠯᠥᠭᠡ᠂ ᠥᠪᠥᠷ ᠮᠣᠩᠭᠤᠯ ᠠᠵᠤ ᠠᠬᠤᠶᠢᠯᠠᠯ ᠳᠤ ᠬᠤᠯᠪᠣᠭᠳᠠᠭᠰᠠᠨ 106 ᠵᠦᠶᠯ ᠤᠨ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠵᠦᠶᠯᠡᠰ ᠲᠤ ︽ᠭᠡᠷᠡᠴᠢ ᠦᠨᠡᠮᠯᠡᠯ ᠢ ᠰᠠᠯᠭᠠᠬᠤ︾ ᠥᠭᠡᠷᠡᠴᠢᠯᠡᠯᠲᠡ ᠶᠢ ᠥᠷᠨᠢᠭᠦᠯᠪᠡ᠃  ︽32 ᠦᠨᠡᠮᠯᠡᠯ ᠢ ᠨᠢᠭᠡᠳᠬᠡᠬᠦ︾ ᠶᠢ ᠬᠡᠷᠡᠭᠵᠢᠭᠦᠯᠦᠨ᠂  ︽ᠨᠢᠭᠡ ᠰᠦᠯᠵᠢᠶ᠎ᠡ ᠪᠠᠷ ᠭᠤᠶᠤᠴᠢᠯᠠᠬᠤ᠂ ᠨᠢᠭᠡ ᠴᠣᠩᠬᠤᠪᠴᠢ ᠪᠠᠷ ᠬᠦᠯᠢᠶᠡᠨ ᠠᠪᠴᠤ ᠰᠢᠶᠳᠪᠦᠷᠢᠯᠡᠬᠦ᠂ ᠨᠢᠭᠡ ᠯᠡ ᠤᠳᠠᠭ᠎ᠠ ᠳᠤ ᠭᠦᠶᠴᠡᠳᠬᠡᠬᠦ︾ ᠶᠢ ᠪᠡᠶᠡᠯᠡᠭᠦᠯᠵᠦ᠂ ᠭᠤᠶᠤᠴᠢᠯᠠᠯ ᠤᠨ ᠮᠠᠲ᠋ᠧᠷᠢᠶᠠᠯ ᠢ ᠳᠤᠮᠳᠠᠴᠢ ᠪᠠᠷ 15% ᠪᠠᠷ ᠬᠠᠰᠤᠵᠤ᠂ ᠭᠦᠶᠴᠡᠳᠬᠡᠬᠦ ᠴᠠᠭ ᠤᠨ ᠬᠢᠵᠠᠭᠠᠷ ᠢ ᠳᠤᠮᠳᠠᠴᠢ ᠪᠠᠷ 30% ᠪᠠᠷ ᠪᠣᠭᠤᠨᠢᠰᠬᠠᠪᠠ᠃ ᠠᠵᠤ ᠠᠬᠤᠶᠢᠯᠠᠯ ᠡᠷᠬᠢᠯᠡᠨ ᠪᠠᠶᠢᠭᠤᠯᠬᠤ ᠴᠠᠭ ᠢ 5 ᠠᠵᠢᠯᠯᠠᠬᠤ ᠡᠳᠦᠷ ᠪᠣᠯᠲᠠᠯ᠎ᠠ ᠪᠣᠭᠤᠨᠢᠰᠬᠠᠵᠤ᠂ ᠠᠵᠤ ᠠᠬᠤᠶᠢᠯᠠᠯ ᠤᠨ ᠨᠡᠷᠡᠶᠢᠳᠦᠯ ᠢ ᠤᠷᠢᠳᠴᠢᠯᠠᠨ ᠬᠢᠨᠠᠨ ᠵᠥᠪᠰᠢᠶᠡᠷᠡᠬᠦ ᠶᠢ ᠪᠥᠬᠦ ᠲᠠᠯ᠎ᠠ ᠪᠠᠷ ᠬᠦᠴᠦᠨ ᠥᠬᠡᠶ ᠪᠣᠯᠭᠠᠵᠤ᠂ ᠰᠦᠯᠵᠢᠶᠡᠨ ᠳᠡᠭᠡᠷ᠎ᠡ ᠡᠵᠡᠨ ᠮᠡᠳᠡᠨ ᠭᠤᠶᠤᠴᠢᠯᠠᠨ ᠮᠡᠳᠡᠭᠦᠯᠬᠦ ᠶᠢ ᠬᠡᠷᠡᠭᠵᠢᠭᠦᠯᠦᠨ᠂ ᠠᠵᠤ ᠠᠬᠤᠶᠢᠯᠠᠯ ᠤᠨ ᠳᠡᠩᠰᠡᠯᠡᠯᠲᠡ ᠶᠢ ᠪᠥᠬᠦ ᠶᠠᠪᠤᠴᠠ ᠪᠠᠷ ᠨᠢ ᠡᠯᠧᠺᠲᠷᠤᠨᠴᠢᠯᠠᠬᠤ ᠶᠢ ᠪᠡᠶᠡᠯᠡᠭᠦᠯᠪᠡ᠃ ᠬᠦᠴᠦᠨ ᠦᠭᠡᠢ ᠪᠣᠯᠭᠠᠬᠤ ᠶᠢ ᠳᠦᠭᠦᠮᠴᠢᠯᠡᠬᠦ ᠥᠭᠡᠷᠡᠴᠢᠯᠡᠯᠲᠡ ᠶᠢ ᠶᠡᠬᠡᠪᠡᠷ ᠳᠡᠯᠭᠡᠷᠡᠭᠦᠯᠵᠦ᠂ ᠬᠦᠴᠦᠨ ᠦᠭᠡᠢ ᠪᠣᠯᠭᠠᠬᠤ ᠶᠢ ᠳᠦᠭᠦᠮᠴᠢᠯᠡᠬᠦ ᠠᠯᠪᠠᠨ ᠵᠠᠷ ᠤᠨ ᠴᠠᠭ ᠢ 45 ᠡᠳᠦᠷ ᠪᠠᠶᠢᠭᠰᠠᠨ ᠠᠴᠠ ᠨᠢ 20 ᠡᠳᠦᠷ ᠪᠣᠯᠭᠠᠨ ᠪᠣᠭᠤᠨᠢᠰᠬᠠᠪᠠ᠃ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠶᠢᠨ ᠵᠦᠶᠯᠡᠰ ᠤᠨ ᠶᠡᠷᠦᠩᠬᠡᠶ ᠬᠢᠨᠠᠨ ᠵᠥᠪᠰᠢᠶᠡᠷᠡᠬᠦ ᠴᠠᠭ ᠢ 151 ᠠᠵᠢᠯᠯᠠᠬᠤ ᠡᠳᠦᠷ ᠪᠠᠶᠢᠭᠰᠠᠨ ᠠᠴᠠ ᠨᠢ 120 ᠠᠵᠢᠯᠯᠠᠬᠤ ᠡᠳᠦᠷ ᠪᠣᠯᠭᠠᠨ ᠪᠣᠭᠤᠨᠢᠰᠬᠠᠪᠠ᠃ ᠥᠪᠡᠷᠲᠡᠭᠡᠨ ᠵᠠᠰᠠᠬᠤ ᠣᠷᠣᠨ ᠤ ᠪᠠᠯᠠ ᠣᠷᠣᠭᠤᠯᠤᠯᠲᠠ ᠶᠢᠨ ᠲᠥᠷᠥᠯ ᠵᠦᠶᠯ ᠢ ᠰᠦᠯᠵᠢᠶᠡᠨ ᠳᠡᠭᠡᠷ᠎ᠡ ᠬᠢᠨᠠᠨ ᠵᠥᠪᠰᠢᠶᠡᠷᠡᠵᠦ ᠬᠢᠨᠠᠨ ᠬᠠᠮᠢᠶᠠᠷᠬᠤ ᠲᠠᠪᠴᠠᠩ ᠨᠢ ᠨᠢᠭᠡᠨᠲᠡ 16 ᠰᠠᠯᠠᠭ᠎ᠠ ᠮᠥᠴᠢᠷ ᠲᠠᠢ ᠬᠥᠨᠳᠡᠯᠡᠨ ᠢᠶᠠᠷ ᠬᠤᠯᠪᠣᠨ ᠨᠡᠪᠲᠡᠷᠡᠯᠴᠡᠵᠦ᠂ ᠥᠪᠡᠷᠲᠡᠭᠡᠨ ᠵᠠᠰᠠᠬᠤ ᠣᠷᠣᠨ᠂ ᠠᠶᠢᠮᠠᠭ ᠬᠤᠲᠠ᠂ ᠬᠤᠰᠢᠭᠤ ᠰᠢᠶᠠᠨ ᠭᠤᠷᠪᠠᠨ ᠱᠠᠲᠤᠨ ᠤ 2237 ᠬᠤᠯᠪᠣᠭᠠᠯᠠᠨ ᠬᠢᠨᠠᠬᠤ ᠰᠠᠯᠠᠭ᠎ᠠ ᠮᠥᠴᠢᠷ ᠲᠤ ᠨᠡᠪᠲᠡᠷᠡᠵᠦ᠂ ᠵᠠᠰᠠᠭ ᠤᠨ ᠣᠷᠳᠣᠨ ᠤ ᠪᠠᠯᠠ ᠣᠷᠣᠭᠤᠯᠤᠯᠲᠠ ᠶᠢᠨ ᠲᠥᠷᠥᠯ ᠵᠦᠶᠯ ᠢ ᠬᠢᠨᠠᠨ ᠵᠥᠪᠰᠢᠶᠡᠷᠡᠬᠦ ᠪᠠ ᠠᠵᠤ ᠠᠬᠤᠶᠢᠯᠠᠯ ᠤᠨ ᠪᠠᠯᠠ ᠲᠣᠬᠢᠷᠠᠭᠤᠯᠭ᠎ᠠ ᠶᠢᠨ ᠲᠥᠷᠥᠯ ᠵᠦᠶᠯ ᠢ ᠬᠢᠨᠠᠨ ᠵᠥᠪᠰᠢᠶᠡᠷᠡᠬᠦ ᠴᠠᠭ ᠢ 20 ᠠᠵᠢᠯᠯᠠᠬᠤ ᠡᠳᠦᠷ ᠠᠴᠠ 13 ᠠᠵᠢᠯᠯᠠᠬᠤ ᠡᠳᠦᠷ ᠪᠣᠯᠭᠠᠨ ᠪᠣᠭᠤᠨᠢᠰᠬᠠᠪᠠ᠃ ᠡᠨᠡ ᠵᠢᠯ ᠤᠨ ᠡᠴᠦᠰ ᠪᠣᠯᠬᠤ ᠳᠤ᠂ ᠪᠣᠶ ᠪᠦᠬᠦᠢ ᠭᠠᠵᠠᠷ ᠣᠷᠣᠨ ᠤ ᠥᠯᠥ ᠬᠥᠳᠡᠯᠬᠦ ᠬᠥᠷᠥᠩᠭᠡ ᠶᠢᠨ ᠡᠩ ᠤᠨ ᠳᠠᠩᠰᠠᠯᠠᠯ ᠤᠨ ᠲᠤᠬᠠᠶᠢᠯᠠᠭᠰᠠᠨ ᠠᠵᠢᠯ ᠤᠨ ᠭᠦᠶᠴᠡᠳᠬᠡᠬᠦ ᠴᠠᠭ ᠢ 10 ᠠᠵᠢᠯᠯᠠᠬᠤ ᠡᠳᠦᠷ ᠪᠣᠯᠭᠠᠨ ᠪᠣᠭᠤᠨᠢᠰᠬᠠᠵᠤ᠂ ᠪᠠᠷᠢᠴᠠᠭᠠᠯᠠᠬᠤ ᠳᠠᠩᠰᠠᠯᠠᠯ ᠤᠨ ᠭᠦᠶᠴᠡᠳᠬᠡᠬᠦ ᠴᠠᠭ ᠢ 5 ᠠᠵᠢᠯᠯᠠᠬᠤ ᠡᠳᠦᠷ ᠪᠣᠯᠭᠠᠨ ᠪᠣᠭᠤᠨᠢᠰᠬᠠᠨ᠎ᠠ᠃ ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠵᠠᠰᠠᠭ ᠵᠠᠬᠢᠷᠭᠠᠨ ᠤ ᠡᠷᠬᠡ ᠶᠢ ᠤᠤᠯ ᠤᠨ 7779 ᠵᠦᠶᠯ ᠪᠠᠶᠢᠭᠰᠠᠨ ᠠᠴᠠ ᠨᠢ 3078 ᠵᠦᠶᠯ ᠪᠣᠯᠭᠠᠨ ᠬᠠᠰᠤᠨ᠎ᠠ᠃
     ᠡᠭᠦᠨ ᠠᠴᠠ ᠭᠠᠳᠠᠨ᠎ᠠ᠂ ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ 33 ᠰᠠᠯᠠᠭ᠎ᠠ ᠮᠥᠴᠢᠷ ᠤᠨ 845 ᠵᠦᠶᠯ ᠤᠨ ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ ᠵᠦᠶᠯᠡᠰ ᠢ ᠰᠦᠯᠵᠢᠶᠡᠨ ᠳᠡᠭᠡᠷ᠎ᠡ ᠭᠦᠶᠴᠡᠳᠬᠡᠬᠦ ᠶᠢ ᠪᠡᠶᠡᠯᠡᠭᠦᠯᠵᠦ᠂ ᠪᠥᠬᠦ ᠣᠷᠣᠨ ᠤ ᠨᠢᠭᠡᠳᠦᠯᠲᠡᠶ ᠵᠦᠶᠯᠡᠰ ᠤᠨ ᠬᠥᠮᠥᠷᠭᠡ᠂ ᠨᠢᠭᠡᠳᠦᠯᠲᠡᠶ ᠬᠢᠷᠢ ᠭᠡᠮ ᠤᠨ ᠭᠡᠷᠡᠴᠢᠯᠡᠯ᠂ ᠡᠯᠧᠺᠲᠷᠣᠨ ᠲᠠᠮᠠᠭ᠎ᠠ ᠶᠢᠨ ᠰᠢᠰᠲ᠋ᠧᠮ ᠢ ᠠᠩᠬ᠎ᠠ ᠠᠯᠬᠤᠮ ᠪᠠᠶᠢᠭᠤᠯᠤᠨ ᠪᠦᠲᠦᠭᠡᠵᠦ᠂ ᠪᠥᠬᠦ ᠣᠷᠣᠨ ᠤ ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ 2514 ᠵᠦᠶᠯ᠂ ᠡᠯᠧᠺᠲᠷᠣᠨ ᠭᠡᠷᠡᠴᠢ ᠦᠨᠡᠮᠯᠡᠯ ᠤᠨ 296 ᠲᠥᠷᠥᠯ ᠢ ᠡᠮᠬᠢᠯᠡᠨ ᠲᠢᠭᠯᠡᠵᠦ᠂ 2020 ᠲᠦᠮᠡ ᠭᠠᠷᠤᠢ ᠲᠤᠭ᠎ᠠ ᠪᠠᠷᠢᠮᠲᠠ ᠶᠢ ᠴᠤᠭᠯᠠᠭᠤᠯᠵᠤ᠂ ᠤᠯᠤᠰ ᠲᠤ 1990 ᠲᠦᠮᠡᠨ ᠵᠣᠷᠪᠤᠰ ᠮᠡᠳᠡᠭᠡ ᠵᠠᠩᠭᠢ ᠬᠦᠷᠭᠡᠵᠦ᠂ ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ 13 ᠰᠠᠯᠠᠭ᠎ᠠ ᠮᠥᠴᠢᠷ ᠤᠨ 22 ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ ᠲᠤᠬᠠᠶᠢᠯᠠᠭᠰᠠᠨ ᠠᠵᠢᠯ ᠤᠨ ᠰᠢᠰᠲ᠋ᠧᠮ ᠢ ᠨᠢᠭᠡᠳᠦᠯᠲᠡᠶ ᠬᠢᠷᠢ ᠭᠡᠮ ᠤᠨ ᠭᠡᠷᠡᠴᠢᠯᠡᠯ ᠢ ᠵᠤᠯᠭᠠᠯᠳᠤᠭᠤᠯᠵᠤ᠂ ᠨᠢᠭᠡ ᠯᠡ ᠰᠦᠯᠵᠢᠶᠡᠨ ᠳᠡᠭᠡᠷ᠎ᠡ ᠣᠯᠠᠨ ᠴᠡᠭ ᠬᠠᠷᠢᠯᠴᠠᠨ ᠮᠡᠳᠡᠷᠡᠬᠦ ᠶᠢ ᠪᠡᠶᠡᠯᠡᠭᠦᠯᠦᠨ᠎ᠡ᠃
     ᠳᠤᠷᠠᠳᠤᠭᠤᠰᠢᠲᠠᠶ ᠨᠢ᠂ ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ ᠲᠢᠩᠬᠢᠮ 9 ᠳ᠋ᠦ᠋ᠭᠡᠷ ᠰᠠᠷ᠎ᠠ ᠶᠢᠨ 12 ᠤᠨ ᠡᠳᠦᠷ ᠠᠴᠠ ᠡᠬᠢᠯᠡᠨ ᠲᠤᠷᠰᠢᠨ ᠠᠵᠢᠯᠯᠠᠵᠤ᠂ ᠣᠳᠣᠬᠠᠨ ᠳᠤ ᠨᠢᠭᠡᠨᠲᠡ 29 ᠰᠠᠯᠠᠭ᠎ᠠ ᠮᠥᠴᠢᠷ ᠣᠷᠣᠵᠤ ᠰᠠᠭᠤᠪᠠ᠂ ᠡᠭᠦᠨ ᠳᠤ᠄ ᠨᠡᠶᠢᠭᠡᠮ ᠤᠨ ᠪᠠᠲᠤᠯᠠᠭ᠎ᠠ ᠶᠢᠨ ᠲᠣᠪᠴᠢᠶ᠎ᠠ᠂ ᠡᠮ ᠡᠮᠨᠡᠯᠭᠡ ᠶᠢᠨ ᠳᠠᠭᠠᠳᠬᠠᠯ ᠤᠨ ᠲᠣᠪᠴᠢᠶ᠎ᠠ ᠶᠢᠨ ᠤᠤᠯ ᠤᠨ ᠬᠡᠷᠡᠭ ᠡᠷᠬᠢᠯᠡᠬᠦ ᠲᠢᠩᠬᠢᠮ ᠪᠦᠬᠦᠯᠢ ᠴᠣᠭᠴᠠ ᠪᠠᠷ ᠢᠶᠠᠨ ᠣᠷᠣᠵᠤ ᠰᠠᠭᠤᠨ᠂ ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠵᠠᠬ᠎ᠠ ᠳᠡᠯᠭᠡᠭᠦᠷ ᠲᠤ ᠣᠷᠣᠬᠤ ᠶᠢ ᠵᠥᠪᠰᠢᠶᠡᠷᠡᠬᠦ ᠪᠠ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠵᠦᠶᠯᠡᠰ ᠢ ᠲᠥᠪᠯᠡᠷᠡᠭᠦᠯᠦᠨ ᠭᠦᠶᠴᠡᠳᠬᠡᠬᠦ ᠶᠢ ᠪᠡᠶᠡᠯᠡᠭᠦᠯᠵᠦ᠂ ᠡᠯ᠎ᠡ ᠲᠥᠷᠥᠯ ᠤᠨ ᠨᠡᠶᠢᠭᠡᠮ ᠤᠨ ᠬᠡᠷᠡᠭ ᠶᠠᠪᠤᠳᠠᠯ ᠪᠠ ᠨᠡᠶᠢᠭᠡᠮ ᠤᠨ ᠪᠠᠲᠤᠯᠠᠭ᠎ᠠ᠂ ᠡᠮ ᠡᠮᠨᠡᠯᠭᠡ ᠶᠢᠨ ᠳᠠᠭᠠᠳᠬᠠᠯ᠂ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠵᠡᠷᠭᠡ ᠣᠯᠠᠨ ᠨᠡᠶᠢᠲᠡ ᠶᠢᠨ ᠦᠶᠯᠡᠴᠢᠯᠡᠭᠡ ᠶᠢᠨ ᠶᠡᠭᠡ ᠲᠢᠩᠬᠢᠮ ᠨᠢ ᠨᠢᠭᠡ ᠥᠷᠲᠡᠭᠡ ᠮᠠᠶ᠋ᠢᠭ ᠤᠨ ᠦᠶᠯᠡᠴᠢᠯᠡᠭᠡ ᠶᠢ ᠲᠥᠪᠯᠡᠷᠡᠭᠦᠯᠦᠨ ᠬᠠᠩᠭᠠᠬᠤ ᠪᠣᠯᠪᠠ᠃ ᠢᠯᠠᠩᠭᠤᠶ᠎ᠠ ᠬᠥᠬᠡᠬᠤᠲᠠ᠂ ᠬᠢᠩᠭᠠᠨ ᠠᠶᠢᠮᠠᠭ᠂ ᠦᠬᠠᠶ ᠬᠤᠲᠠ ᠵᠠᠰᠠᠭ ᠵᠠᠬᠢᠷᠭᠠᠨ ᠤ ᠵᠥᠪᠰᠢᠶᠡᠷᠡᠯ ᠤᠨ ᠡᠷᠬᠡ ᠶᠢ ᠬᠠᠷᠢᠴᠠᠩᠭᠤᠢ ᠪᠠᠷ ᠲᠥᠪᠯᠡᠷᠡᠭᠦᠯᠬᠦ ᠥᠭᠡᠷᠡᠴᠢᠯᠡᠯᠲᠡ ᠶᠢ ᠶᠡᠬᠡᠪᠡᠷ ᠬᠡᠷᠡᠭᠵᠢᠭᠦᠯᠵᠦ᠂ ︽ᠨᠢᠭᠡ ᠯᠡ ᠲᠠᠮᠠᠭ᠎ᠠ ᠪᠠᠷ ᠬᠢᠨᠠᠨ ᠵᠥᠪᠰᠢᠶᠡᠷᠡᠬᠦ ᠶᠢ ᠬᠠᠮᠢᠶᠠᠷᠬᠤ  ︾ ᠶᠢ ᠪᠡᠶᠡᠯᠡᠭᠦᠯᠪᠡ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ