ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ | ᠦᠵᠡᠯ ᠰᠠᠨᠠᠭ᠎ᠠ ᠪᠤᠯᠤᠨ ᠨᠠᠮ ᠤᠨ ᠠᠷᠪᠠ ᠶᠢᠰᠦᠳᠦᠬᠡᠷ ᠶᠡᠭᠡ ᠬᠤᠷᠡᠯ ᠤᠨ ᠵᠤᠷᠢᠭ ᠰᠠᠨᠠᠭ᠎ᠠ ᠶᠢ ᠬᠦᠨᠵᠡᠬᠡᠢ | ᠲᠤᠭᠤᠰᠢᠯᠠᠭᠤᠯᠵᠥ᠂ ᠦᠬᠡᠷᠡᠴᠢᠯᠡᠯᠳᠡ ᠨᠡᠬᠡᠬᠡᠯᠳᠡ ᠬᠢᠭᠰᠡᠡ 40 ᠵᠢᠯ ᠤᠨ ᠤᠢ ᠶᠢ ᠪᠡᠯᠬᠡᠯᠡᠬᠦ᠂ ᠤᠯᠤᠰ | ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠬᠡᠯᠡᠬᠦ᠂ ᠴᠢᠨᠡᠭᠡᠯᠢᠭ ᠨᠡᠶᠢᠭᠡᠮ ᠢ ᠪᠦᠬᠦ ᠲᠡᠯ᠎ᠡ ᠪᠠᠷ ᠪᠡᠶᠡᠯᠡᠬᠦᠯᠬᠦ ᠪᠡ | ᠨᠠᠮ ᠪᠠᠶᠢᠭᠤᠯᠤᠭᠳᠠᠭᠰᠠᠨ 100 ᠵᠢᠯ ᠤᠨ ᠤᠢ ᠵᠡᠷᠬᠡ ᠴᠢᠬᠤᠯᠠ ᠵᠠᠩᠬᠢᠯᠠᠭ᠎ᠠ ᠶᠢᠨ ᠴᠠᠭ ᠬᠤᠭᠤᠴᠠᠭᠠᠨ ᠳᠤ᠂ | ᠵᠤᠷᠢᠯᠭ᠎ᠠ ᠲᠠᠢ᠂ ᠲᠦᠯᠥᠪᠯᠡᠭᠡ ᠲᠠᠢ᠂ ᠬᠠᠨᠳᠤᠯᠭ᠎ᠠ ᠲᠠᠢ ᠪᠠᠷ ᠨᠠᠮ ᠢᠶᠠᠨ ᠮᠠᠬᠳᠠᠨ ᠲᠠᠭᠤᠯᠠᠭᠰᠠᠠ᠂ ᠡᠬᠡ ᠤᠯᠤᠰ | ᠢᠶᠠᠨ ᠮᠠᠬᠳᠠᠨ ᠲᠠᠭᠤᠯᠠᠭᠰᠠᠠ᠂ ᠠᠷᠠᠳ ᠲᠦᠮᠡᠨ ᠢ ᠮᠠᠬᠳᠠᠨ ᠲᠠᠭᠤᠯᠠᠭᠰᠠᠠ᠂ ᠪᠠᠭᠠᠳᠤᠷᠴᠤᠳ ᠢ ᠮᠠᠬᠳᠠᠨ | ᠲᠠᠭᠤᠯᠠᠭᠰᠠᠠ ᠠᠬᠤᠢ ᠠᠮᠢᠳᠤᠷᠡᠯ ᠤᠨ ᠰᠡᠳᠤᠪᠳᠤ ᠰᠤᠳᠤᠨ ᠲᠤᠷᠪᠢᠯᠢᠭ ᠪᠦᠳᠦᠬᠡᠯ ᠢ ᠭᠠᠷᠭᠠᠬᠤ ᠶᠢᠨ ᠲᠦᠯᠥᠬᠡ᠂ | ᠦᠪᠡᠷᠳᠡᠭᠡᠨ ᠵᠠᠰᠠᠬᠤ ᠤᠷᠤᠨ ᠤ ᠤᠳᠬ᠎ᠠ ᠤᠷᠠᠯᠢᠭ ᠤᠨ ᠲᠦᠷᠦ ᠶᠢᠨ ᠪᠤᠳᠤᠯᠭ᠎ᠠ ᠶᠢᠨ ᠬᠠᠮᠢᠶ᠎ᠠ ᠪᠦᠬᠦᠢ | ᠱᠠᠭᠠᠷᠳᠠᠯᠭ᠎ᠠ ᠶᠤᠰᠤᠭᠠᠷ᠂ ᠦᠪᠡᠷᠳᠡᠭᠡᠨ ᠵᠠᠰᠠᠬᠤ ᠤᠷᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ | ᠨᠡᠶᠢᠲᠡᠯᠡᠭᠰᠡᠨ ᠠᠬᠤᠢ ᠠᠮᠢᠳᠤᠷᠠᠯ ᠤᠨ ᠰᠡᠳᠤᠪ ᠢᠶᠠᠷ ᠭᠤᠤᠯ ᠵᠤᠬᠢᠶᠠᠨ ᠪᠦᠳᠦᠬᠡᠬᠦ ᠴᠢᠭᠯᠡᠯ ᠪᠤᠯᠭᠠᠵᠥ᠂ ᠦᠪᠤᠷ | ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶᠡᠨ ᠤ ᠤᠬᠠᠭᠤᠯᠬᠤ ᠬᠡᠯᠳᠡᠰ᠂ ᠦᠪᠤᠷ ᠮᠤᠩᠭᠤᠯ | ᠤᠨ ᠦᠪᠡᠷᠳᠡᠭᠡᠨ ᠵᠠᠰᠠᠬᠤ ᠤᠷᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠪᠤᠯᠤᠨ ᠦᠪᠤᠷ ᠮᠤᠩᠭᠤᠯ ᠤᠨ | ᠶᠡᠭᠡ ᠰᠤᠷᠭᠠᠭᠤᠯᠢ ᠭᠤᠤᠯᠯᠠᠨ ᠡᠷᠬᠢᠯᠡᠵᠥ᠂ ᠦᠪᠤᠷ ᠮᠤᠩᠭᠤᠯ ᠤᠨ ᠵᠤᠬᠢᠶᠠᠯᠴᠢᠳ ᠤᠨ ᠡᠪᠯᠡᠯ᠂ ᠦᠪᠤᠷ ᠮᠤᠩᠭᠤᠯ | ᠤᠨ ᠶᠡᠭᠡ ᠰᠤᠷᠭᠠᠭᠤᠯᠢ ᠶᠢᠨ ᠤᠳᠬ᠎ᠠ ᠵᠤᠬᠢᠶᠠᠯ ᠪᠠ ᠰᠤᠨᠢᠨ ᠮᠡᠳᠡᠬᠡᠨ ᠤ ᠲᠠᠮᠵᠢᠭᠤᠯᠭ᠎ᠠ ᠶᠢᠨ ᠲᠡᠬᠡᠳᠤ ᠰᠤᠷᠭᠠᠭᠤᠯᠢ | ᠶᠢᠰᠦᠳᠦᠭᠡᠷ ᠬᠤᠭᠤᠴᠠᠭᠠᠨ ᠤ ᠤᠳᠬ᠎ᠠ ᠵᠤᠬᠢᠶᠠᠯ ᠰᠤᠳᠤᠯᠬᠤ ᠠᠩᠬᠢ ᠵᠢᠴᠢ ᠠᠬᠤᠢ ᠠᠮᠢᠳᠤᠷᠠᠯ ᠤᠨ ᠰᠡᠳᠤᠪᠳᠤ | ᠤᠳᠬ᠎ᠠ ᠵᠤᠬᠢᠶᠠᠯ ᠤᠨ ᠵᠤᠬᠢᠶᠠᠨ ᠪᠦᠳᠦᠬᠡᠯᠬᠡ ᠶᠢᠨ ᠲᠡᠬᠡᠳᠤ ᠵᠡᠷᠬᠡ ᠶᠢᠨ ᠰᠤᠳᠤᠯᠤᠨ ᠰᠤᠷᠤᠯᠴᠠᠬᠤ ᠠᠩᠬᠢ ᠶᠢ | ᠲᠠᠭᠠᠭᠠᠴᠢᠯᠠᠨ ᠡᠷᠬᠢᠯᠡᠬᠦ ᠪᠠᠷ ᠪᠤᠯᠪᠠ᠃ | ᠨᠢᠬᠡ᠂ ᠬᠦᠮᠥᠵᠢᠬᠦᠯᠬᠦ ᠬᠠᠷᠠᠯᠳᠠ | ᠲᠡᠷᠢᠬᠦᠨ ᠤ ᠵᠢᠭᠠᠨ ᠰᠤᠷᠭᠠᠬᠤ ᠵᠠᠭᠪᠤᠷ᠂ ᠬᠡᠷᠡᠭᠴᠡᠭᠡ ᠪᠦᠬᠦᠢ ᠬᠢᠴᠢᠶᠡᠯ ᠤᠨ ᠰᠢᠰᠲ᠋ᠧᠮ᠂ ᠦᠷᠬᠡᠨ ᠲᠡᠯᠭᠡᠷ | ᠰᠤᠯᠢᠯᠴᠠᠭᠠᠨ ᠤ ᠲᠠᠪᠴᠠᠩ ᠢᠶᠠᠷ ᠲᠠᠮᠵᠢᠭᠤᠯᠤᠨ᠂ ᠤᠨᠤᠯ ᠪᠤᠯᠤᠨ ᠦᠢᠯᠡᠳᠦᠯᠬᠡ ᠶᠢ ᠤᠶᠠᠯᠳᠤᠭᠤᠯᠤᠭᠰᠠᠠ | ᠬᠦᠮᠥᠵᠢᠬᠦᠯᠬᠦ ᠵᠠᠭᠪᠤᠷ ᠢ ᠪᠠᠶᠢᠭᠤᠯᠵᠤ᠂ ᠰᠤᠷᠤᠭᠴᠢᠳ ᠲᠤ ᠤᠨᠤᠯ ᠤᠨ ᠰᠤᠷᠤᠯᠴᠠᠯᠭ᠎ᠠ᠂ ᠬᠡᠪ ᠪᠤᠯᠪᠠᠰᠤᠷᠠᠯ ᠤᠨ | ᠲᠡᠭᠡᠭᠰᠢᠯᠡᠯᠳᠡ ᠪᠤᠯᠤᠨ ᠦᠢᠯᠡᠳᠦᠯᠬᠡ ᠶᠢᠨ ᠲᠠᠪᠳᠠᠯᠳᠠ ᠶᠢᠨ ᠲᠤᠬᠢᠶᠠᠯ ᠬᠠᠩᠭᠠᠵᠥ᠂ ᠤᠷᠤᠨ ᠪᠠᠶᠢᠷᠢ ᠶᠢ ᠨᠢ | ᠤᠨᠤᠪᠴᠢᠳᠠᠢ ᠤᠯᠭᠤᠵᠥ᠂ ᠰᠤᠷᠤᠯᠴᠠᠨ ᠲᠡᠭᠡᠭᠰᠢᠯᠡᠬᠦᠯᠬᠦ ᠲᠠᠪᠴᠠᠩ ᠪᠠᠶᠢᠭᠤᠯᠵᠤ᠂ ᠰᠤᠷᠤᠯᠭ᠎ᠠ ᠲᠡᠬᠦᠰᠬᠦ ᠦᠶ᠎ᠡ ᠳᠤ | ᠨᠢᠬᠡ ᠪᠦᠯᠥᠭ ᠴᠢᠨᠠᠷ ᠰᠠᠶᠢᠲᠠᠢ ᠮᠡᠳᠡᠬᠡᠯᠡᠯ ᠤᠨ ᠤᠷᠠᠨ ᠵᠤᠬᠢᠶᠠᠯ᠂ ᠷᠤᠮᠠᠨ ᠲᠤᠭᠤᠵᠢ ᠭᠠᠷᠭᠠᠬᠤ ᠪᠠᠷ ᠴᠢᠷᠮᠠᠶᠢᠨ᠎ᠠ᠃ | ᠬᠤᠶᠠᠷ᠂ ᠬᠦᠮᠦᠵᠢᠭᠦᠯᠬᠦ ᠡᠳᠡᠭᠡᠳ | ᠲᠤᠰ ᠬᠤᠭᠤᠴᠠᠭᠠᠨ ᠤ ᠤᠳᠬ᠎ᠠ ᠵᠤᠬᠢᠶᠠᠯ ᠰᠤᠳᠤᠯᠬᠤ ᠠᠩᠭᠢ ᠶᠢᠨ ᠬᠦᠮᠦᠵᠢᠭᠦᠯᠬᠦ ᠡᠳᠡᠭᠡᠳ ᠪᠤᠯ | ᠭᠤᠤᠯᠳᠠᠭᠤ ᠨᠡᠯᠢᠶᠡᠳ ᠪᠤᠯᠪᠠᠰᠤᠷᠠᠩᠭᠤᠢ ᠪᠦᠲᠦᠭᠡᠯ ᠢ ᠵᠤᠬᠢᠶᠠᠨ ᠪᠦᠲᠦᠭᠡᠭᠰᠡᠨ ᠪᠤᠶᠤ ᠰᠤᠷᠤᠯᠴᠠᠬᠤ᠂ ᠡᠬᠡ | ᠨᠤᠤᠷᠠᠭ ᠢᠶᠠᠨ ᠵᠠᠰᠠᠬᠤ ᠪᠠᠷ ᠳᠠᠮᠵᠢᠵᠤ ᠪᠤᠯᠪᠠᠰᠤᠷᠠᠩᠭᠤᠢ ᠪᠦᠲᠦᠭᠡᠯ ᠲᠠᠢ ᠪᠤᠯᠵᠤ ᠪᠤᠯᠬᠤ ᠰᠢᠯᠢᠳᠡᠭ ᠵᠤᠬᠢᠶᠠᠯᠴᠢ | ᠪᠤᠯᠤᠨ᠎ᠠ᠃ ᠡᠯᠰᠡᠬᠦ ᠡᠳᠡᠭᠡᠳ ᠤᠨ ᠲᠤᠬᠠᠢ ᠱᠠᠭᠠᠷᠳᠠᠯᠭ᠎ᠠ ᠪᠤᠯ ᠨᠡᠯᠢᠶᠡᠳ ᠪᠠᠶᠠᠯᠢᠭ ᠮᠡᠳᠡᠭᠡᠯᠡᠯ ᠤᠨ ᠤᠷᠠᠨ ᠵᠤᠬᠢᠶᠠᠯ᠂ | ᠲᠤᠭᠤᠵᠢ ᠷᠤᠮᠠᠨ ᠵᠤᠬᠢᠶᠠᠨ ᠪᠦᠲᠦᠭᠡᠬᠦ ᠲᠤᠷᠰᠢᠯᠭ᠎ᠠ ᠲᠠᠢ ᠪᠠᠶᠢᠵᠤ᠂ ᠨᠡᠯᠢᠶᠡᠳ ᠨᠦᠯᠦᠭᠡ ᠲᠠᠢ ᠪᠦᠲᠦᠭᠡᠯ | ᠨᠡᠶᠢᠲᠡᠯᠡᠵᠦ ᠦᠩᠭᠡᠷᠡᠭᠰᠡᠨ ᠪᠦᠭᠡᠳ ᠤᠳᠤᠬᠠᠨ ᠳᠤ ᠨᠡᠯᠢᠶᠡᠳ ᠳᠤᠳᠤᠷᠬᠠᠢ ᠪᠤᠳᠠᠳᠤ ᠠᠬᠤᠢ ᠪᠠᠷ ᠰᠡᠳᠦᠪᠯᠡᠭᠰᠡᠨ | ᠤᠷᠠᠨ ᠵᠤᠬᠢᠶᠠᠯ ᠵᠤᠬᠢᠶᠠᠨ ᠪᠦᠲᠦᠭᠡᠬᠦ ᠰᠡᠳᠭᠢᠬᠦᠢ ᠲᠠᠢ ᠪᠤᠯᠤᠭᠰᠠᠨ ᠪᠠᠶᠢᠬᠤ ᠬᠡᠷᠡᠭᠳᠠᠢ᠂ ᠨᠠᠰᠤᠨ ᠤ ᠬᠢᠵᠠᠭᠠᠷ ᠨᠢ | ᠡᠩ ᠤᠨ ᠪᠠᠶᠢᠳᠠᠯ ᠳᠤ 50 ᠪᠦᠬᠦᠯᠢ ᠨᠠᠰᠤᠨ ᠤ ᠳᠤᠳᠤᠷ᠎ᠠ᠂ ᠡᠯᠰᠡᠬᠦ ᠰᠤᠷᠤᠭᠴᠢ ᠶᠢᠨ ᠲᠤᠭ᠎ᠠ ᠨᠢ 20 ᠬᠦᠮᠦᠨ᠃ | ᠭᠤᠷᠪᠠ᠂ ᠬᠦᠮᠦᠵᠢᠭᠦᠯᠬᠦ ᠠᠷᠭ᠎ᠠ ᠬᠡᠯᠪᠡᠷᠢ | ᠲᠤᠰ ᠬᠤᠭᠤᠴᠠᠭᠠᠨ ᠤ ᠤᠳᠬ᠎ᠠ ᠵᠤᠬᠢᠶᠠᠯ ᠰᠤᠳᠤᠯᠬᠤ ᠠᠩᠭᠢ ᠵᠢᠯᠤᠭᠤᠳᠤᠭᠴᠢ ᠪᠠᠭᠰᠢ ᠶᠢᠨ ᠳᠦᠷᠢᠮ | ᠬᠡᠷᠡᠭᠵᠢᠭᠦᠯᠵᠤ᠂ ᠵᠢᠯᠤᠭᠤᠳᠤᠭᠴᠢ ᠪᠠᠭᠰᠢ ᠨᠠᠷ ᠤᠷᠤᠨ ᠤ ᠳᠤᠳᠤᠨ᠎ᠠ ᠭᠠᠳᠠᠨᠠᠬᠢ ᠨᠡᠷᠡᠳᠤ ᠵᠤᠬᠢᠶᠠᠯᠴᠢ ᠪᠠ | ᠰᠢᠭᠦᠮᠵᠢᠯᠡᠭᠴᠢ ᠪᠠᠷ ᠪᠦᠷᠢᠯᠳᠦᠪᠡ᠃ ᠵᠤᠬᠢᠶᠠᠨ ᠪᠦᠲᠦᠭᠡᠬᠦ ᠦᠢᠯᠡᠳᠦᠯᠭᠡ ᠶᠢᠨ ᠵᠢᠯᠤᠭᠤᠳᠤᠯᠭ᠎ᠠ ᠪᠠᠷ ᠭᠤᠤᠯ | ᠪᠤᠯᠭᠠᠵᠤ᠂ ᠲᠦᠪᠯᠡᠷᠡᠭᠦᠯᠦᠨ ᠬᠢᠴᠢᠶᠡᠯ ᠤᠷᠤᠬᠤ᠂ ᠲᠤᠰᠬᠠᠢ ᠰᠡᠳᠦᠪᠳᠤ ᠳᠠᠪᠰᠢᠩᠭᠤᠢ ᠲᠠᠶᠢᠯᠤᠮᠵᠢ ᠬᠢᠬᠦ ᠪᠠᠷ | ᠲᠤᠰᠠᠯᠠᠮᠵᠢ ᠪᠤᠯᠭᠠᠬᠤ ᠵᠢᠭᠠᠨ ᠰᠤᠷᠭᠠᠯᠳᠠ ᠶᠢᠨ ᠬᠡᠯᠪᠡᠷᠢ ᠶᠢ ᠬᠡᠷᠡᠭᠵᠢᠭᠦᠯᠦᠨ᠎ᠠ᠃ ᠡᠭᠦᠨ ᠳᠤ ᠵᠤᠬᠢᠶᠠᠨ ᠪᠦᠲᠦᠭᠡᠬᠦ | ᠵᠢᠯᠤᠭᠤᠳᠤᠯᠭ᠎ᠠ ᠶᠢᠨ ᠬᠢᠴᠢᠶᠡᠯ 45% ᠶᠢ ᠡᠵᠡᠯᠡᠵᠤ᠂ ᠳᠠᠪᠰᠢᠩᠭᠤᠢ ᠲᠠᠶᠢᠯᠤᠮᠵᠢ 30% ᠶᠢ ᠡᠵᠡᠯᠡᠵᠤ᠂ ᠤᠳᠬ᠎ᠠ | ᠵᠤᠬᠢᠶᠠᠯ ᠵᠢᠴᠢ ᠰᠤᠶᠤᠯ ᠤᠨ ᠦᠨᠳᠦᠰᠦᠨ ᠤᠨᠤᠯ ᠤᠨ ᠬᠢᠴᠢᠶᠡᠯ 25% ᠶᠢ ᠡᠵᠡᠯᠡᠨ᠎ᠠ᠃ ᠡᠭᠦᠨ ᠳᠤ᠂ 2019 | ᠤᠨ ᠤ 6 ᠳ᠋ᠤᠭᠠᠷ ᠰᠠᠷ᠎ᠠ ᠳᠤ᠂ ᠪᠦᠬᠦ ᠰᠤᠷᠤᠭᠴᠢᠳ ᠨᠢᠭᠡᠳᠦᠯᠳᠠᠢ ᠪᠠᠷ ᠪᠡᠭᠡᠵᠢᠩ ᠳᠤ ᠬᠦᠷᠴᠤ ᠯᠦ ᠰᠢᠶᠦ᠋ᠨ | ᠤᠳᠬ᠎ᠠ ᠵᠤᠬᠢᠶᠠᠯ ᠤᠨ ᠳᠡᠭᠡᠳᠦ ᠰᠤᠷᠭᠠᠭᠤᠯᠢ ᠶᠢᠨ ᠡᠷᠬᠢᠯᠡᠬᠦ 28 ᠡᠳᠦᠷ ᠤᠨ ᠬᠤᠭᠤᠴᠠᠭ᠎ᠠ ᠲᠠᠢ ᠴᠦᠬᠡᠨ ᠲᠤᠭᠠᠳᠤ | ᠦᠨᠳᠦᠰᠦᠳᠡᠨ ᠤ ᠵᠤᠬᠢᠶᠠᠯᠴᠢᠳ ᠤᠨ ᠪᠤᠯᠪᠠᠰᠤᠷᠠᠯ ᠤᠨ ᠠᠩᠭᠢ ︵ᠦᠪᠦᠷ ᠮᠤᠩᠭᠤᠯ ᠤᠨ ᠠᠩᠭᠢ︶ ᠳᠤ | ᠤᠷᠤᠯᠴᠠᠨ᠎ᠠ᠃ | ᠳᠦᠷᠪᠡ᠂ ᠰᠤᠷᠤᠯᠭ᠎ᠠ ᠶᠢᠨ ᠳᠦᠷᠢᠮ | ᠲᠤᠰ ᠬᠤᠭᠤᠴᠠᠭᠠᠨ ᠤ ᠤᠳᠬ᠎ᠠ ᠵᠤᠬᠢᠶᠠᠯ ᠰᠤᠳᠤᠯᠬᠤ ᠠᠩᠭᠢ ᠶᠢᠨ ᠰᠤᠷᠤᠯᠭ᠎ᠠ ᠶᠢᠨ ᠳᠦᠷᠢᠮ ᠪᠤᠯ ᠨᠢᠭᠡ | ᠵᠢᠯ᠂ ᠰᠤᠷᠤᠯᠭ᠎ᠠ ᠶᠢᠨ ᠬᠤᠭᠤᠴᠠᠭ᠎ᠠ 2019 ᠤᠨ ᠤ 3 ᠳ᠋ᠤᠭᠠᠷ ᠰᠠᠷ᠎ᠠ — 2019 ᠤᠨ ᠤ 12 ᠳ᠋ᠤᠭᠠᠷ | ᠰᠠᠷ᠎ᠠ ᠪᠤᠯᠳᠠᠯ᠎ᠠ ᠶᠠᠪᠤᠭᠳᠠᠵᠤ᠂ ᠲᠦᠪᠯᠡᠷᠡᠭᠦᠯᠦᠨ ᠬᠢᠴᠢᠶᠠᠯ ᠤᠷᠤᠬᠤ ︵ᠨᠢᠭᠤᠷᠳᠠᠨ ᠵᠢᠭᠠᠬᠤ᠂ ᠲᠠᠶᠢᠯᠤᠮᠵᠢ ᠬᠢᠬᠦ︶᠂ | ᠪᠦᠲᠦᠭᠡᠯ ᠢ ᠰᠤᠳᠤᠯᠤᠨ ᠶᠠᠷᠢᠯᠴᠠᠬᠤ ᠪᠠ ᠵᠠᠰᠠᠬᠤ ︵ᠰᠤᠷᠤᠭᠴᠢᠳ ᠰᠠᠨᠠᠯ ᠢᠶᠠᠨ ᠰᠤᠯᠢᠯᠴᠠᠬᠤ᠂ ᠵᠢᠯᠤᠭᠤᠳᠤᠭᠴᠢ | ᠪᠠᠭᠰᠢ ᠠᠴᠠ ᠵᠢᠭᠠᠨ ᠵᠢᠯᠤᠭᠤᠳᠬᠤ︶᠂ ᠮᠠᠲ᠋ᠧᠷᠢᠶᠠᠯ ᠴᠤᠭᠯᠠᠭᠤᠯᠤᠨ ᠰᠤᠳᠤᠯᠬᠤ ᠵᠡᠷᠭᠡ ᠰᠤᠷᠤᠯᠴᠠᠨ ᠪᠤᠯᠪᠠᠰᠤᠷᠠᠬᠤ | ᠠᠷᠭ᠎ᠠ ᠬᠡᠯᠪᠡᠷᠢ ᠶᠢ ᠬᠡᠷᠡᠭᠵᠢᠭᠦᠯᠦᠨ᠎ᠠ᠃ | ᠰᠤᠷᠤᠭᠴᠢᠳ ᠤᠨ ᠰᠤᠷᠤᠯᠴᠠᠬᠤ ᠪᠠ ᠬᠤᠨᠤᠵᠤ ᠢᠳᠡᠬᠦ ᠭᠠᠵᠠᠷ ᠪᠤᠯ ᠦᠪᠦᠷ ᠮᠤᠩᠭᠤᠯ ᠤᠨ ᠶᠡᠭᠡ | ᠰᠤᠷᠭᠠᠭᠤᠯᠢ ᠶᠢᠨ ᠡᠮᠦᠨ᠎ᠠ ᠬᠦᠷᠢᠶ᠎ᠠ᠂ ᠰᠤᠷᠤᠯᠭ᠎ᠠ ᠶᠢᠨ ᠰᠦᠢᠳᠭᠡᠯ᠂ ᠬᠤᠨᠤᠬᠤ ᠰᠦᠢᠳᠭᠡᠯ ᠬᠤᠷᠢᠶᠠᠬᠤ ᠦᠭᠡᠢ᠂ | ᠪᠤᠰᠤᠳ ᠵᠠᠷᠤᠳᠠᠯ ᠢ ᠦᠪᠡᠰᠦᠪᠡᠨ ᠳᠠᠭᠠᠭᠠᠨ᠎ᠠ᠂ ᠰᠤᠷᠤᠭᠴᠢᠳ ᠰᠤᠷᠭᠠᠭᠤᠯᠢ ᠶᠢᠨ ᠬᠦᠷᠢᠶᠠᠨ ᠤ ᠺᠠᠷᠲ ᠢᠶᠠᠷ | ᠰᠤᠷᠤᠭᠴᠢ ᠶᠢᠨ ᠬᠤᠭᠤᠯᠠᠨ ᠲᠠᠩᠭᠢᠮ ᠳᠤ ᠬᠤᠭᠤᠯᠠ ᠢᠳᠡᠵᠤ ᠪᠤᠯᠤᠨ᠎ᠠ᠃ | ᠲᠤᠰ ᠤᠳᠬ᠎ᠠ ᠵᠤᠬᠢᠶᠠᠯ ᠰᠤᠳᠤᠯᠬᠤ ᠠᠩᠭᠢ ᠶᠢᠨ ᠪᠦᠬᠦ ᠵᠤᠬᠢᠶᠠᠨ ᠪᠦᠲᠦᠭᠡᠬᠦ ᠡᠭᠦᠷᠭᠡ ᠶᠢ ᠪᠡᠶᠡᠯᠡᠭᠦᠯᠦᠭᠰᠡᠨ | ᠪᠦᠭᠡᠳ ᠬᠢᠷᠢ ᠲᠡᠩᠴᠡᠭᠰᠡᠨ ᠪᠤᠯ ᠦᠪᠦᠷ ᠮᠤᠩᠭᠤᠯ ᠤᠨ ᠨᠠᠮ ᠤᠨ ᠬᠤᠷᠢᠶᠠᠨ ᠤ ᠤᠬᠠᠭᠤᠯᠬᠤ ᠬᠡᠯᠳᠡᠰ᠂ ᠦᠪᠦᠷ | ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠦᠪᠦᠷ ᠮᠤᠩᠭᠤᠯ ᠤᠨ ᠶᠡᠭᠡ ᠰᠤᠷᠭᠠᠭᠤᠯᠢ ᠠᠴᠠ | ᠬᠠᠮᠳᠤᠷᠠᠨ ᠤᠯᠭᠤᠬᠤ ︽ᠪᠤᠳᠠᠳᠤ ᠠᠬᠤᠢ ᠪᠠᠷ ᠰᠡᠳᠦᠪᠯᠡᠭᠰᠡᠨ ᠤᠷᠠᠨ ᠵᠤᠬᠢᠶᠠᠯ ᠵᠤᠬᠢᠶᠠᠨ ᠪᠦᠲᠦᠭᠡᠬᠦ ᠳᠡᠭᠡᠳᠦ | ᠵᠡᠷᠭᠡ ᠶᠢᠨ ᠰᠤᠳᠤᠯᠤᠨ ᠰᠤᠷᠬᠤ ᠠᠩᠭᠢ︾ ᠠᠴᠠ ᠲᠡᠭᠦᠰᠦᠭᠰᠡᠨ ᠦᠨᠡᠮᠯᠡᠯ ᠤᠯᠭᠤᠨ᠎ᠠ᠃ | ᠲᠠᠪᠤ᠂ ᠰᠤᠷᠤᠬᠴᠢ ᠡᠯᠰᠡᠬᠦ ᠠᠷᠭ᠎ᠠ ᠵᠢᠴᠢ ᠨᠡᠷ᠎ᠡ ᠮᠡᠳᠡᠭᠦᠯᠬᠦ ᠠᠷᠭ᠎ᠠ | 1᠂ ᠰᠤᠷᠤᠬᠴᠢ ᠡᠯᠰᠡᠬᠦ ᠠᠷᠭ᠎ᠠ᠄ ᠬᠤᠪᠢ ᠬᠦᠮᠦᠨ ᠭᠤᠶᠤᠴᠢᠯᠠᠨ ᠮᠡᠳᠡᠭᠦᠯᠵᠦ᠂ ᠪᠠᠶᠢᠭᠤᠯᠭ᠎ᠠ ᠠᠴᠠ | ᠰᠠᠨᠠᠯ ᠢᠶᠠᠨ ᠪᠢᠴᠢᠨ ᠭᠠᠷ ᠤᠨ ᠦᠰᠦᠭ ᠵᠢᠷᠤᠵᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ | ᠤᠳᠬ᠎ᠠ ᠤᠷᠠᠯᠢᠬ ᠤᠨ ᠬᠢᠨ ᠤ ᠬᠤᠯᠪᠤᠭ᠎ᠠ᠂ ᠦᠪᠦᠷ ᠮᠤᠩᠭᠤᠯ ᠤᠨ ᠶᠡᠭᠡ ᠰᠤᠷᠭᠠᠭᠤᠯᠢ ᠠᠴᠠ ᠲᠠᠨᠢᠯᠴᠠᠭᠤᠯᠵᠦ᠂ | ᠲᠤᠰᠬᠠᠢ ᠮᠡᠷᠭᠡᠵᠢᠯᠲᠡᠨ ᠤ ᠬᠢᠨᠠᠨ ᠲᠤᠬᠲᠠᠭᠠᠬᠤ ᠳᠤᠭᠤᠶᠢᠯᠠᠩ ᠠᠴᠠ ᠠᠩᠬ᠎ᠠ ᠦᠨᠡᠯᠡᠵᠦ᠂ ᠬᠠᠮᠤᠬ ᠤᠨ ᠡᠴᠦᠰ ᠲᠤ | ᠤᠳᠬ᠎ᠠ ᠵᠤᠬᠢᠶᠠᠯ ᠰᠤᠳᠤᠯᠬᠤ ᠠᠩᠬᠢ ᠶᠢᠨ ᠠᠵᠢᠯ ᠤᠨ ᠤᠳᠤᠷᠢᠳᠬᠤ ᠳᠤᠭᠤᠶᠢᠯᠠᠩ ᠠᠴᠠ ᠬᠢᠨᠠᠨ ᠲᠤᠬᠲᠠᠭᠠᠨ᠎ᠠ᠃ | ᠵᠢᠱᠢᠯᠲᠡ ᠪᠠᠷ 20 ᠬᠦᠮᠦᠨ ᠡᠯᠰᠡᠨ᠎ᠡ᠃ ᠪᠤᠲᠠᠲᠠᠢ ᠰᠤᠷᠤᠬᠴᠢ ᠡᠯᠰᠡᠬᠦ ᠠᠷᠭ᠎ᠠ ᠶᠢᠨ ᠨᠠᠷᠢᠨ ᠵᠦᠢᠯᠡᠰ ᠢ ᠦᠪᠦᠷ | ᠮᠤᠩᠭᠤᠯ ᠤᠨ ᠶᠡᠭᠡ ᠰᠤᠷᠭᠠᠭᠤᠯᠢ ᠶᠢᠨ ᠶᠢᠰᠦᠳᠦᠭᠡᠷ ᠬᠤᠭᠤᠴᠠᠭᠠᠨ ᠤ ᠤᠳᠬ᠎ᠠ ᠵᠤᠬᠢᠶᠠᠯ ᠰᠤᠳᠤᠯᠬᠤ ᠠᠩᠬᠢ ᠵᠢᠴᠢ | ᠪᠤᠲᠠᠲᠤ ᠠᠬᠤᠶᠢᠴᠢ ᠤᠳᠬ᠎ᠠ ᠵᠤᠬᠢᠶᠠᠯ ᠤᠨ ᠵᠤᠬᠢᠶᠠᠨ ᠪᠦᠲᠦᠭᠡᠯᠭᠡ ᠶᠢᠨ ᠦᠨᠳᠦᠷ ᠵᠡᠷᠭᠡ ᠶᠢᠨ ᠰᠤᠳᠤᠯᠤᠨ | ᠰᠤᠷᠤᠯᠴᠠᠬᠤ ᠠᠩᠬᠢ ᠶᠢᠨ ᠰᠤᠷᠤᠬᠴᠢ ᠡᠯᠰᠡᠬᠦ ᠲᠤᠪᠴᠢ ᠳᠦᠷᠢᠮ ᠠᠴᠠ ᠯᠠᠪᠯᠠᠭᠠᠷᠠᠢ᠃ | 2᠂ ᠨᠡᠷ᠎ᠡ ᠮᠡᠳᠡᠭᠦᠯᠬᠦ ᠠᠷᠭ᠎ᠠ᠄ 2019 ᠤᠨ ᠤ 2 ᠳ᠋ᠤᠭᠠᠷ ᠰᠠᠷ᠎ᠠ ᠶᠢᠨ 14 ᠤ ᠡᠳᠦᠷ ᠠᠴᠠ 2 ᠳ᠋ᠤᠭᠠᠷ | ᠰᠠᠷ᠎ᠠ ᠶᠢᠨ 25 ᠤ ᠡᠳᠦᠷ ᠤᠨ ᠬᠤᠭᠤᠷᠤᠨᠳᠤ ᠨᠡᠷ᠎ᠡ ᠪᠠᠨ ᠮᠡᠳᠡᠭᠦᠯᠵᠦ᠂ ᠬᠤᠪᠢ ᠬᠦᠮᠦᠨ ᠤ ᠨᠡᠷ᠎ᠡ ᠮᠡᠳᠡᠭᠦᠯᠬᠦ | ᠬᠦᠰᠦᠨᠦᠭᠲᠤ᠂ ᠵᠤᠬᠢᠶᠠᠯ ᠪᠦᠲᠦᠭᠡᠯ ᠵᠢᠴᠢ ᠬᠦᠷᠲᠡᠭᠰᠡᠨ ᠱᠠᠩᠨᠠᠯ ᠵᠡᠷᠭᠡ ᠬᠤᠯᠪᠤᠬᠳᠠᠯ ᠪᠦᠬᠦᠢ ᠭᠡᠷᠡᠴᠢ ᠮᠠᠲ᠋ᠧᠷᠢᠶᠠᠯ | ᠤᠨ ᠤᠬ ᠪᠢᠴᠢᠭ ᠮᠠᠲ᠋ᠧᠷᠢᠶᠠᠯ ᠤᠨ ᠰᠢᠷᠪᠢᠭᠰᠡᠨ ᠮᠠᠲ᠋ᠧᠷᠢᠶᠠᠯ ᠪᠤᠶᠤ ᠭᠡᠷᠡᠯ ᠵᠢᠷᠤᠬ ᠢ 406330945@qq. | com ᠢᠮᠧᠯ ᠳᠤ ᠢᠯᠡᠭᠡᠬᠦ ᠶᠢᠨ ᠬᠠᠮᠲᠤ ᠴᠢᠬᠤᠯᠠ ᠪᠦᠲᠦᠭᠡᠯ ᠤᠨ ᠬᠠᠭᠤᠯᠪᠤᠷᠢ ᠮᠠᠲ᠋ᠧᠷᠢᠶᠠᠯ ᠢ ᠪᠠᠲᠤᠯᠭᠠᠲᠤ | ᠵᠠᠬᠢᠲᠠᠯ ᠢᠶᠠᠷ ᠬᠦᠬᠡᠬᠤᠲᠠ ᠶᠢᠨ ᠵᠤᠤ ᠵᠢᠶᠦ᠋ᠨ ᠵᠠᠮ ᠤᠨ 24 ᠳ᠋ᠤᠭᠡᠷ ᠨᠤᠮᠧᠷ ᠦᠪᠦᠷ ᠮᠤᠩᠭᠤᠯ ᠤᠨ ᠶᠡᠭᠡ | ᠰᠤᠷᠭᠠᠭᠤᠯᠢ ᠶᠢᠨ ᠤᠳᠬ᠎ᠠ ᠵᠤᠬᠢᠶᠠᠯ ᠬᠢᠭᠡᠳ ᠰᠤᠨᠢᠨ ᠮᠡᠳᠡᠭᠡᠯᠡᠯ ᠤᠨ ᠳᠡᠭᠡᠳᠦ ᠰᠤᠷᠭᠠᠭᠤᠯᠢ ᠶᠢᠨ ᠪᠠᠢ ᠶᠧ ᠷᠦ᠋ | ᠪᠠᠭᠰᠢ ᠳᠤ ᠢᠯᠡᠭᠡᠭᠡᠷᠡᠢ᠃ | 3᠂ ᠨᠡᠷ᠎ᠡ ᠮᠡᠳᠡᠭᠦᠯᠬᠦ ᠴᠠᠬ᠄ 2019 ᠤᠨ ᠤ 3 ᠳ᠋ᠤᠭᠠᠷ ᠰᠠᠷ᠎ᠠ ᠶᠢᠨ 9 ᠤ ᠡᠳᠦᠷ — 3 ᠳ᠋ᠤᠭᠠᠷ | ᠰᠠᠷ᠎ᠠ ᠶᠢᠨ 10 ᠤ ᠡᠳᠦᠷ᠃ ᠰᠤᠷᠭᠠᠭᠤᠯᠢ ᠡᠬᠢᠯᠡᠬᠦ ᠴᠠᠬ᠄ 2019 ᠤᠨ ᠤ 3 ᠳ᠋ᠤᠭᠠᠷ ᠰᠠᠷ᠎ᠠ ᠶᠢᠨ 11 ᠤ | ᠡᠳᠦᠷ᠃ | 4᠂ ᠨᠡᠷ᠎ᠡ ᠮᠡᠳᠡᠭᠦᠯᠬᠦ ᠭᠠᠵᠠᠷ᠄ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠤᠳᠬ᠎ᠠ ᠵᠤᠬᠢᠶᠠᠯ ᠬᠢᠭᠡᠳ | ᠰᠤᠨᠢᠨ ᠮᠡᠳᠡᠭᠡᠯᠡᠯ ᠤᠨ ᠳᠡᠭᠡᠳᠦ ᠰᠤᠷᠭᠠᠭᠤᠯᠢ | ᠬᠠᠶ᠋ᠢᠬ᠄ ᠬᠦᠬᠡᠬᠤᠲᠠ ᠶᠢᠨ ᠵᠤᠤ ᠵᠢᠶᠦ᠋ᠨ ᠵᠠᠮ ᠤᠨ 24 ᠳ᠋ᠤᠭᠡᠷ ᠨᠤᠮᠧᠷ ᠦᠪᠦᠷ ᠮᠤᠩᠭᠤᠯ ᠤᠨ ᠶᠡᠭᠡ | ᠰᠤᠷᠭᠠᠭᠤᠯᠢ ᠶᠢᠨ ᠡᠮᠦᠨ᠎ᠡ ᠲᠤᠭᠤᠷᠢᠬ ᠤᠨ ᠤᠷᠠᠯᠢᠬ ᠤᠨ ᠠᠰᠠᠷ ᠤᠨ 120 ᠳ᠋ᠤᠭᠠᠷ ᠦᠷᠦᠭᠡ | ᠨᠡᠷ᠎ᠡ ᠮᠡᠳᠡᠭᠦᠯᠬᠦ ᠳᠤ ᠪᠠᠨ ᠲᠤᠰᠢᠶᠠᠬᠤ ᠴᠢᠬᠤᠯᠠᠲᠠᠢ ᠮᠠᠲ᠋ᠧᠷᠢᠶᠠᠯ᠄ ᠬᠤᠪᠢ ᠬᠦᠮᠦᠨ ᠤ ᠪᠡᠶ᠎ᠡ ᠶᠢᠨ ᠦᠨᠡᠮᠯᠡᠯ᠂ | ᠨᠡᠷ᠎ᠡ ᠮᠡᠳᠡᠭᠦᠯᠬᠦ ᠬᠦᠰᠦᠨᠦᠭᠲᠤ᠂ ᠢᠯᠡ ᠪᠠᠷ ᠨᠡᠶᠢᠲᠡᠯᠡᠭᠰᠡᠨ ᠪᠤᠶᠤ ᠬᠡᠪᠯᠡᠭᠦᠯᠦᠭᠰᠡᠨ ᠮᠡᠳᠡᠭᠡᠯᠡᠯ ᠤᠨ ᠤᠷᠠᠨ ᠵᠤᠬᠢᠶᠠᠯ᠂ | ᠲᠤᠭᠤᠵᠢ ᠷᠤᠮᠠᠨ ᠤ ᠪᠦᠲᠦᠭᠡᠯ ᠤᠨ ᠤᠬ ᠪᠦᠲᠦᠭᠡᠯ ︵ᠪᠤᠶᠤ ᠡᠬᠡ ᠪᠢᠴᠢᠭ︶᠂ ᠱᠠᠩᠨᠠᠯ ᠬᠦᠷᠲᠡᠭᠰᠡᠨ ᠦᠨᠡᠮᠯᠡᠯ ᠤᠨ | ᠬᠠᠭᠤᠯᠪᠤᠷᠢ ᠮᠠᠲ᠋ᠧᠷᠢᠶᠠᠯ᠃ | ᠬᠠᠷᠢᠯᠴᠠᠬᠤ ᠬᠦᠮᠦᠨ᠄ | ᠲᠦ᠊ · ᠪᠠᠭᠠᠲᠤᠷ 13947199229 | ᠵᠤᠤ ᠹᠦ᠋ ᠷᠦᠩ 13624840974 | ᠶᠠᠨ ᠳ᠋ᠦᠩ 15124741621 | ᠳᠤᠮᠳᠠᠳᠤ ᠤᠯᠤᠰ ᠤᠨ ᠡᠪ ᠬᠠᠮᠲᠤ ᠨᠠᠮ ᠤᠨ | ᠦᠪᠦᠷ ᠮᠤᠩᠭᠤᠯ ᠤᠨ ᠦᠪᠡᠷᠲᠡᠭᠡᠨ ᠵᠠᠰᠠᠬᠤ | ᠤᠷᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ | ᠦᠪᠦᠷ ᠮᠤᠩᠭᠤᠯ ᠤᠨ ᠦᠪᠡᠷᠲᠡᠭᠡᠨ ᠵᠠᠰᠠᠬᠤ | ᠤᠷᠤᠨ ᠤ ᠤᠳᠬ᠎ᠠ ᠤᠷᠠᠯᠢᠬ ᠤᠨ ᠬᠢᠨ ᠤ ᠬᠤᠯᠪᠤᠭ᠎ᠠ | ᠦᠪᠦᠷ ᠮᠤᠩᠭᠤᠯ ᠤᠨ ᠶᠡᠭᠡ ᠰᠤᠷᠭᠠᠭᠤᠯᠢ | 2019 ᠤᠨ ᠤ 2 ᠳ᠋ᠤᠭᠠᠷ ᠰᠠᠷ᠎ᠠ ᠶᠢᠨ 14 ᠤ ᠡᠳᠦᠷ |