ᠰᠤᠷᠪᠤᠯᠵᠢᠯᠠᠬᠴᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠰᠢᠯᠢ ᠶᠢᠨ ᠭᠤᠤᠯ ᠠᠶᠢᠮᠠᠬ ᠤᠨ | ᠲᠦᠪ ᠲᠠᠬᠢ ᠴᠢᠰᠤᠨ ᠤ ᠦᠷᠲᠡᠭᠡ ᠠᠴᠠ ᠤᠶᠢᠯᠠᠭᠠᠬᠰᠠᠨ ᠢᠶᠠᠷ᠂ 24 ᠤ ᠡᠳᠦᠷ ᠰᠢᠯᠢ ᠶᠢᠨ ᠬᠤᠲᠠ ᠶᠢᠨ 355 | ᠠᠷᠠᠳ ᠨᠡᠶᠢᠲᠡ 10 ᠲᠦᠮᠡᠨ ᠮᠢᠯᠢᠯᠢᠲᠷ ᠴᠢᠰᠤ ᠬᠠᠨᠳᠢᠪᠯᠠᠵᠦ᠂ ︽2.23︾ ᠤ ᠤᠨᠴᠠ ᠶᠡᠭᠡ ᠠᠳᠡᠯ ᠳᠤ | ᠰᠢᠷᠬᠠᠳᠤᠬᠰᠠᠳ ᠢ ᠠᠪᠤᠷᠬᠠᠤ ᠳᠤ ᠭᠦᠢᠴᠡᠳ ᠬᠠᠩᠭᠠᠭᠠᠯᠲᠠᠢ ᠴᠢᠰᠤ ᠨᠦᠭᠡᠴᠡᠯᠡᠭᠰᠡᠨ ᠪᠠᠶᠢᠨ᠎ᠠ᠃ | 23 ᠤ ᠡᠳᠦᠷ ᠤᠨ ᠦᠳᠡ ᠠᠴᠠ ᠡᠮᠦᠨᠡᠬᠢ 8᠄ 20 ᠮᠢᠨᠦ᠋ᠲ ᠤᠨ ᠦᠶ᠎ᠡ ᠪᠠᠷ ᠰᠢᠯᠢ ᠶᠢᠨ ᠭᠤᠤᠯ | ᠠᠶᠢᠮᠠᠬ ᠤᠨ ᠪᠠᠷᠠᠭᠤᠨ ᠦᠵᠦᠮᠦᠴᠢᠨ ᠬᠤᠰᠢᠭᠤᠨ ᠤ ᠶᠢᠨ ᠮᠠᠨ ᠠᠭᠤᠷᠬᠠᠢ ᠶᠢᠨ ᠦᠢᠯᠡᠰ ᠤᠨ ᠺᠤᠮᠫᠠᠨᠢ ᠶᠢᠨ | ᠠᠭᠤᠷᠬᠠᠢ ᠶᠢᠨ ᠬᠤᠳᠳᠤᠭ ᠲᠤ ᠠᠵᠢᠯᠴᠢᠨ ᠵᠦᠭᠡᠭᠡᠪᠦᠷᠢᠯᠡᠬᠦ ᠮᠠᠰᠢᠨ ᠠᠵᠢᠯᠴᠢᠳ ᠢ ᠬᠦᠷᠭᠡᠬᠦ ᠵᠠᠭᠤᠷ᠎ᠠ ᠠᠳᠡᠯ | ᠭᠠᠷᠴᠤ 21 ᠬᠦᠮᠦᠨ ᠠᠳᠡᠵᠦ 29 ᠬᠦᠮᠦᠨ ᠰᠢᠷᠬᠠᠳᠤᠵᠠᠢ᠃ ᠰᠢᠷᠬᠠᠳᠤᠬᠰᠠᠳ ᠢ ᠠᠪᠤᠷᠠᠬᠤ ᠳᠤ ᠶᠡᠭᠡ | ᠬᠡᠮᠵᠢᠶᠡᠨ ᠤ ᠴᠢᠰᠤ ᠬᠡᠷᠡᠭᠰᠡᠬᠦ ᠠᠴᠠ ᠰᠢᠯᠢ ᠶᠢᠨ ᠭᠤᠤᠯ ᠠᠶᠢᠮᠠᠬ ᠤᠨ ᠲᠦᠪ ᠲᠠᠬᠢ ᠴᠢᠰᠤᠨ ᠤ ᠦᠷᠲᠡᠭᠡ ᠶᠢᠨ | ᠨᠦᠭᠡᠴᠡᠯᠡᠭᠰᠡᠨ ᠴᠢᠰᠤ ᠨᠦᠭᠡᠴᠡᠯᠡᠬᠦ ᠬᠠᠮᠤᠬ ᠤᠨ ᠳᠤᠤᠷ᠎ᠠ ᠬᠡᠮᠵᠢᠶᠡᠨ ᠳᠤ ᠬᠦᠷᠬᠦ ᠪᠠᠨ ᠪᠤᠯᠢᠵᠦ᠂ 23 ᠤ ᠰᠦᠨᠢ | ᠲᠤᠰ ᠲᠦᠪ ᠤᠨ ᠬᠢᠨ ᠬᠤᠲᠠ ᠶᠢᠨ ᠠᠷᠠᠳ ᠤᠨ ᠴᠢᠰᠤ ᠪᠠᠨ ᠬᠠᠨᠳᠢᠪᠯᠠᠬᠤ ᠶᠢ ᠬᠦᠰᠡᠭᠰᠡᠨ ᠤᠷᠢᠶ᠎ᠠ ᠨᠡᠶᠢᠲᠡᠯᠡᠵᠡᠢ᠃ | 24 ᠤ ᠡᠳᠦᠷ ᠤᠨ ᠦᠷᠯᠦᠭᠡ ᠲᠤᠰ ᠦᠷᠲᠡᠭᠡ ᠶᠢᠨ ᠴᠢᠰᠤ ᠬᠠᠨᠳᠢᠪᠯᠠᠬᠤ 2 ᠴᠤᠩᠬᠤᠨ ᠤ ᠡᠮᠦᠨ᠎ᠡ ᠬᠠᠯᠠᠭᠤᠨ | ᠰᠡᠳᠬᠢᠯᠲᠤ ᠬᠦᠮᠦᠰ ᠤᠷᠳᠤ ᠮᠦᠷᠯᠡᠵᠦ᠂ ᠲᠢᠭ ᠠᠴᠠ ᠳᠤᠷᠤᠬᠰᠢ 10 ℃ ᠬᠦᠢᠲᠡᠨ ᠳᠤ ᠰᠢᠷᠬᠠᠳᠤᠬᠰᠠ ᠲᠤ | ᠴᠢᠰᠤ ᠪᠠᠨ ᠬᠠᠨᠳᠢᠪᠯᠠᠬᠤ ᠪᠠᠷ ᠬᠦᠷᠦᠯᠴᠡᠨ ᠢᠷᠡᠭᠰᠡᠨ ᠪᠠᠶᠢᠵᠠᠢ᠃ | ᠰᠢᠯᠢ ᠶᠢᠨ ᠭᠤᠤᠯ ᠠᠶᠢᠮᠠᠬ ᠤᠨ ᠲᠦᠪ ᠲᠠᠬᠢ ᠴᠢᠰᠤᠨ ᠤ ᠦᠷᠲᠡᠭᠡ ᠶᠢᠨ ᠴᠢᠰᠤ ᠬᠠᠨᠳᠢᠪᠯᠠᠬᠤ | ᠦᠢᠯᠡᠴᠢᠯᠡᠭᠡᠨ ᠤ ᠰᠠᠯᠪᠤᠷᠢ ᠶᠢᠨ ᠳᠠᠷᠤᠭ᠎ᠠ ᠰᠦᠨ ᠢᠤᠢ ᠪᠤᠤ ᠶᠢᠨ ᠲᠠᠨᠢᠯᠴᠠᠭᠤᠯᠤᠬᠰᠠᠨ ᠢᠶᠠᠷ᠂ 24 ᠤ ᠡᠳᠦᠷ ᠤᠨ | ᠦᠷᠯᠦᠭᠡ ᠡᠷᠲᠡ ᠶᠢᠨ 8 ᠴᠠᠬ ᠠᠴᠠ ᠤᠷᠤᠢ ᠶᠢᠨ 9 ᠴᠠᠬ ᠪᠤᠯᠲᠠᠯ᠎ᠠ ᠵᠠᠯᠭᠠᠪᠡᠷ 13 ᠴᠠᠬ ᠴᠢᠰᠤ ᠠᠪᠴᠤ᠂ 355 | ᠬᠤᠲᠠ ᠶᠢᠨ ᠠᠷᠠᠳ ᠨᠡᠶᠢᠲᠡ 101700 ᠮᠢᠯᠢᠯᠢᠲᠷ ᠴᠢᠰᠤ ᠬᠠᠨᠳᠢᠪᠯᠠᠵᠠᠢ᠃ ︽ᠬᠠᠨᠳᠢᠪᠯᠠᠬᠰᠠᠨ ᠴᠢᠰᠤ ᠨᠢ | ᠰᠢᠷᠬᠠᠳᠤᠬᠰᠠᠳ ᠢ ᠡᠮᠨᠡᠬᠦ ᠳᠤ ᠬᠦᠷᠴᠢᠬᠡᠨ᠎ᠡ︾ ᠭᠡᠵᠦ ᠲᠡᠷᠡᠪᠡᠷ ᠶᠠᠷᠢᠵᠦ ᠪᠠᠶᠢᠪᠠ᠃ |