ᠣᠶᠢᠷ᠎ᠠ ᠶᠢᠨ ᠡᠳᠦᠷ᠂ ᠬᠥᠬᠡᠬᠤᠲᠠ ᠶᠢᠨ ᠰᠢᠤᠳᠠᠨ ᠬᠠᠮᠢᠶᠠᠷᠤᠯᠲᠠ ᠶᠢᠨ ᠲᠣᠪᠴᠢᠶ᠎ᠠ ᠠᠵᠢᠯ ᠲᠥᠷᠥᠯ ᠤᠨ | ᠪᠤᠬᠢᠷᠳᠤᠯ ᠦᠭᠡᠢ ᠬᠥᠭᠵᠢᠯᠲᠡ ᠶᠢ ᠠᠬᠢᠭᠤᠯᠬᠤ ᠶᠢᠨ ᠲᠥᠯᠥᠭᠡ ᠲᠦᠷᠭᠡᠨ ᠲᠠᠮᠵᠢᠭᠤᠯᠭ᠎ᠠ ᠶᠢᠨ ᠦᠢᠯᠡᠰ ᠤᠨ | ᠪᠣᠬᠢᠷᠲᠤᠯ ᠦᠭᠡᠢ ᠪᠣᠭᠤᠳᠠᠯ ᠢ ᠬᠡᠷᠡᠭᠵᠢᠭᠦᠯᠬᠦ ᠲᠥᠰᠦᠯ ᠲᠤᠭᠲᠠᠭᠠᠵᠦ᠂ ᠲᠦᠷᠭᠡᠨ ᠲᠠᠮᠵᠢᠭᠤᠯᠭ᠎ᠠ ᠶᠢᠨ ᠦᠢᠯᠡᠰ ᠢ | ᠪᠤᠴᠠᠭᠠᠨ ᠠᠰᠢᠬᠯᠠᠬᠤ ᠠᠵᠤ ᠠᠬᠤᠶᠢᠯᠠᠯ ᠲᠠᠢ ᠵᠤᠯᠭᠠᠯᠴᠠᠭᠤᠯᠵᠦ᠂ ᠪᠣᠭᠤᠳᠠᠯ ᠢ ᠪᠤᠴᠠᠭᠠᠨ ᠬᠤᠷᠢᠶᠠᠬᠤ ᠬᠠᠶᠢᠷᠴᠠᠭ | ᠤᠨ ᠪᠠᠶᠢᠷᠢᠯᠠᠭᠤᠯᠤᠯᠲᠠ ᠶᠢᠨ ᠨᠣᠷᠮ᠎ᠠ ᠶᠢ 100% ᠳᠤ ᠬᠦᠷᠭᠡᠬᠦ ᠪᠠᠷ ᠪᠣᠯᠪᠠ᠃ | ᠲᠤᠰ ᠲᠥᠰᠥᠪ ᠳᠤ᠂ 2020 ᠣᠨ ᠪᠣᠯᠲᠠᠯ᠎ᠠ ᠬᠥᠬᠡᠬᠤᠲᠠ ᠭᠤᠣᠯᠳᠠᠯᠭ᠎ᠠ ᠲᠠᠢ ᠲᠥᠷᠥᠯ ᠲᠡᠮᠳᠡᠭᠲᠦ | ᠲᠦᠷᠭᠡᠨ ᠲᠠᠮᠵᠢᠭᠤᠯᠭ᠎ᠠ ᠶᠢᠨ ᠠᠵᠤ ᠠᠬᠤᠶᠢᠯᠠᠯ ᠤᠨ ᠪᠣᠬᠢᠷᠲᠤᠯ ᠦᠭᠡᠢ ᠪᠣᠭᠤᠳᠠᠯᠯᠠᠬᠤ ᠬᠥᠭᠵᠢᠯᠲᠡ ᠶᠢ ᠴᠢᠬᠤᠯᠠ | ᠶᠡᠭᠡ ᠰᠢᠪᠲᠤᠯᠤᠯᠲᠠ ᠲᠠᠢ ᠪᠣᠯᠭᠠᠵᠤ᠂ ᠠᠮᠠᠷᠬᠠᠨ ᠵᠠᠳᠠᠷᠠᠳᠠᠭ ᠪᠣᠬᠢᠷᠲᠤᠯ ᠦᠭᠡᠢ ᠪᠣᠭᠤᠳᠠᠯ ᠤᠨ ᠮᠠᠲ᠋ᠧᠷᠢᠶᠠᠯ ᠤᠨ | ᠬᠡᠷᠡᠭᠯᠡᠯᠲᠡ ᠶᠢᠨ ᠬᠠᠷᠢᠴᠠᠯ ᠢ 50% ᠬᠦᠷᠲᠡᠯ᠎ᠡ ᠲᠡᠭᠡᠭᠰᠢᠯᠡᠭᠦᠯᠦᠨ᠂ ᠬᠦᠨᠳᠦ ᠲᠡᠮᠦᠷᠯᠢᠭ ᠵᠡᠷᠭᠡ ᠣᠨᠴᠠᠭᠠᠢ ᠡᠳ᠋ | ᠪᠣᠳᠠᠰ ᠤᠨ ᠠᠭᠤᠯᠤᠭᠳᠠᠴᠠ ᠨᠢ ᠪᠠᠷᠢᠮᠵᠢᠶ᠎ᠠ ᠠᠴᠠ ᠬᠡᠳᠦᠷᠡᠭᠰᠡᠨ ᠪᠣᠭᠤᠳᠠᠯ ᠤᠨ ᠮᠠᠲ᠋ᠧᠷᠢᠶᠠᠯ ᠢ ᠲᠠᠶᠠᠭᠳᠠᠨ᠎ᠠ︔ | ᠪᠠᠷᠢᠮᠵᠢᠶ᠎ᠠ ᠳᠤ ᠨᠡᠶᠢᠴᠡᠭᠰᠡᠨ ᠪᠤᠬᠢᠷᠳᠤᠯ ᠥᠬᠡᠢ ᠬᠠᠶᠢᠷᠴᠠᠭ᠂ ᠪᠤᠬᠢᠷᠳᠤᠯ ᠥᠬᠡᠢ ᠤᠭᠤᠲᠠ ᠬᠡᠷᠡᠭᠯᠡᠬᠦ ᠬᠡᠪᠴᠢᠶ᠎ᠡ ᠶᠢ | ᠥᠷᠭᠡᠳᠬᠡᠵᠦ᠂ ᠲᠦᠷᠭᠡᠨ ᠲᠠᠮᠵᠢᠭᠤᠯᠭ᠎ᠠ ᠶᠢᠨ ᠪᠣᠭᠤᠳᠠᠯ ᠤᠨ ᠪᠣᠳᠠᠰ ᠢ ᠪᠤᠴᠠᠭᠠᠨ ᠬᠤᠷᠢᠶᠠᠬᠤ ᠰᠢᠰᠲ᠋ᠧᠮ ᠢ | ᠦᠨᠳᠦᠰᠦᠨ ᠳᠤ ᠪᠠᠨ ᠪᠠᠶᠢᠭᠤᠯᠤᠨ᠎ᠠ᠃ 2020 ᠣᠨ ᠠᠴᠠ ᠡᠮᠦᠨ᠎ᠡ᠂ ᠭᠤᠤᠯᠯᠠᠬᠤ ᠲᠥᠷᠥᠯ ᠲᠡᠮᠳᠡᠭᠳᠦ ᠲᠦᠷᠭᠡᠨ | ᠲᠠᠮᠵᠢᠭᠤᠯᠭ᠎ᠠ ᠶᠢᠨ ᠳᠤᠭᠲᠠᠮᠠᠯ ᠬᠡᠷᠡᠲᠦ ᠬᠡᠷᠡᠭᠯᠡᠭᠴᠢᠳ ᠤᠨ ᠡᠯᠧᠺᠲᠷᠣᠨ ᠬᠠᠭᠤᠳᠠᠰᠤ ᠬᠡᠷᠡᠭᠯᠡᠬᠦ ᠨᠣᠷᠮ᠎ᠠ ᠶᠢ | 90% ᠠᠴᠠ ᠳᠡᠭᠡᠭᠰᠢ ᠳᠤ ᠬᠦᠷᠭᠡᠵᠦ᠂ ᠴᠠᠭᠠᠰᠤ ᠬᠤᠷᠣᠭᠠᠬᠤ ᠶᠢ ᠶᠡᠬᠡᠪᠡᠷ ᠪᠠᠭᠠᠰᠬᠠᠨ᠎ᠠ︔ ᠳᠠᠮᠵᠢᠭᠤᠯᠭ᠎ᠠ ᠶᠢᠨ | ᠬᠠᠶᠢᠷᠴᠠᠭ᠂ ᠰᠢᠩᠬᠡᠯᠢᠭᠲᠦ ᠲᠡᠷᠭᠡ᠂ ᠪᠤᠬᠢᠷᠳᠤᠯ ᠥᠬᠡᠢ ᠤᠭᠤᠲᠠ ᠵᠡᠷᠭᠡ ᠲᠥᠬᠦᠭᠡᠷᠦᠮᠵᠢ ᠬᠡᠷᠡᠭᠯᠡᠬᠦ ᠶᠢ ᠠᠬᠢᠭᠤᠯᠵᠤ᠂ | ᠪᠦᠬᠦ ᠬᠤᠲᠠ ᠶᠢᠨ ᠬᠤᠪᠢᠶᠠᠨ ᠰᠢᠢᠳᠪᠦᠷᠢᠯᠡᠬᠦ ᠲᠠᠯᠠᠪᠠᠢ ᠪᠠ ᠡᠵᠡᠩᠨᠡᠯᠲᠡ ᠶᠢᠨ ᠲᠣᠣᠷ ᠴᠡᠭ ᠤᠨ | ᠲᠥᠬᠦᠭᠡᠷᠦᠮᠵᠢ ᠶᠢᠨ ᠪᠠᠶᠢᠷᠢᠯᠠᠭᠤᠯᠤᠯᠲᠠ ᠶᠢᠨ ᠨᠣᠷᠮ᠎ᠠ ᠶᠢ 100% ᠲᠤ ᠬᠦᠷᠭᠡᠨ᠎ᠡ᠂ ᠬᠤᠪᠢᠶᠠᠨ ᠰᠢᠢᠳᠪᠦᠷᠢᠯᠡᠬᠦ | ᠲᠠᠯᠠᠪᠠᠢ ᠶᠢᠨ ᠠᠦ᠋ᠲ᠋ᠦᠴᠢᠯᠠᠬᠤ ᠲᠥᠬᠦᠭᠡᠷᠦᠮᠵᠢ ᠶᠢᠨ ᠲᠣᠬᠢᠷᠠᠭᠤᠯᠤᠯᠲᠠ ᠶᠢᠨ ᠨᠣᠷᠮ᠎ᠠ ᠶᠢ ᠮᠥᠨ 100% ᠳᠤ | ᠬᠦᠷᠭᠡᠨ᠂ ᠰᠦᠯᠵᠢᠮᠡᠯ ᠤᠭᠤᠲᠠ ᠬᠡᠷᠡᠭᠯᠡᠬᠦ ᠶᠢ ᠶᠡᠭᠡ ᠪᠠᠷ ᠪᠠᠭᠠᠰᠬᠠᠨ᠎ᠠ︔ 2020 ᠣᠨ ᠪᠣᠯᠲᠠᠯ᠎ᠠ᠂ ᠲᠦᠷᠭᠡᠨ | ᠲᠠᠮᠵᠢᠭᠤᠯᠭ᠎ᠠ ᠶᠢᠨ ᠦᠢᠯᠡᠰ ᠤᠨ ᠪᠣᠬᠢᠷᠲᠤᠯ ᠦᠭᠡᠢ ᠪᠣᠭᠤᠳᠠᠯᠯᠠᠬᠤ ᠶᠢ ᠶᠡᠷᠦᠩᠬᠡᠶᠢᠯᠡᠨ ᠵᠠᠰᠠᠬᠤ ᠰᠢᠰᠲ᠋ᠧᠮᠵᠢ ᠶᠢ | ᠪᠠᠶᠢᠭᠤᠯᠵᠤ᠂ ᠰᠢᠤᠳᠠᠨ ᠬᠡᠷᠡᠭᠯᠡᠭᠡᠨ ᠤ ᠪᠠᠭᠠᠵᠢ ᠬᠡᠷᠡᠭᠰᠡᠯ ᠢ ᠦᠢᠯᠡᠳᠪᠦᠷᠢᠯᠡᠬᠦ ᠪᠠ ᠬᠡᠷᠡᠭᠯᠡᠬᠦ ᠬᠠᠮᠢᠶᠠᠷᠤᠯᠲᠠ ᠶᠢ | ᠴᠢᠩᠭᠠᠳᠬᠠᠨ᠂ ᠵᠢᠱᠢᠶ᠎ᠡ ᠦᠵᠡᠭᠦᠯᠬᠦ ᠢᠨᠵᠧᠨᠧᠷᠢᠩ ᠤᠨ ᠲᠤᠷᠰᠢᠯᠲᠠ ᠶᠢᠨ ᠴᠡᠭ ᠢ ᠲᠣᠭᠲᠠᠭᠠᠬᠤ ᠶᠢᠨ ᠬᠠᠮᠲᠤ | ᠲᠦᠭᠡᠮᠡᠯᠵᠢᠭᠦᠯᠦᠨ᠎ᠡ ᠬᠡᠵᠦ ᠳᠤᠭᠳᠠᠵᠠᠢ᠃ | ᠤᠶᠢᠯᠠᠭᠠᠭᠰᠠᠨ ᠢᠶᠠᠷ᠂ ᠵᠢᠱᠢᠭᠰᠡᠨ ᠬᠠᠷᠠᠯᠲᠠ ᠪᠠᠨ ᠪᠡᠶᠡᠯᠡᠭᠦᠯᠬᠦ ᠶᠢᠨ ᠲᠥᠯᠥᠭᠡ᠂ ᠬᠥᠬᠡᠬᠤᠲᠠ ᠶᠢᠨ ᠰᠢᠤᠳᠠᠨ | ᠬᠠᠮᠢᠶᠠᠷᠤᠯᠲᠠ ᠶᠢᠨ ᠲᠣᠪᠴᠢᠶ᠎ᠠ ᠬᠠᠮᠢᠶ᠎ᠠ ᠪᠦᠬᠦᠢ ᠠᠵᠤ ᠠᠬᠤᠶᠢᠯᠠᠯ ᠤᠨ ᠲᠦᠷᠭᠡᠨ ᠲᠠᠮᠵᠢᠭᠤᠯᠭ᠎ᠠ ᠶᠢᠨ ᠪᠣᠭᠤᠳᠠᠯ | ᠤᠨ ᠬᠤᠷᠢᠶᠠᠨ ᠠᠪᠬᠤ ᠲᠣᠭᠲᠠᠴᠠ ᠶᠢ ᠲᠡᠭᠦᠯᠳᠡᠷᠵᠢᠭᠦᠯᠵᠦ᠂ ᠲᠦᠷᠭᠡᠨ ᠲᠠᠮᠵᠢᠭᠤᠯᠭ᠎ᠠ ᠶᠢᠨ ᠠᠵᠤ ᠠᠬᠤᠶᠢᠯᠠᠯ ᠢ | ᠰᠠᠨᠠᠭᠠᠴᠢᠯᠠᠭ᠎ᠠ ᠲᠠᠢ ᠪᠠᠷ ᠪᠤᠴᠠᠭᠠᠨ ᠠᠰᠢᠬᠯᠠᠬᠤ ᠠᠵᠤ ᠠᠬᠤᠶᠢᠯᠠᠯ ᠲᠠᠢ ᠵᠤᠯᠭᠠᠯᠴᠠᠵᠤ᠂ ᠡᠳ᠋ ᠪᠠᠷᠠᠭᠠᠨ ᠤ | ᠭᠦᠢᠯᠭᠡᠭᠡᠨ ᠢ ᠬᠠᠷᠢᠯᠴᠠᠨ ᠤᠶᠠᠯᠳᠤᠭᠤᠯᠤᠭᠰᠠᠨ ᠲᠣᠭᠲᠠᠴᠠ ᠶᠢ ᠪᠠᠶᠢᠭᠤᠯᠤᠨ᠂ ᠲᠦᠷᠭᠡᠨ ᠲᠠᠮᠵᠢᠭᠤᠯᠭ᠎ᠠ ᠶᠢᠨ | ᠡᠵᠡᠩᠨᠡᠯᠲᠡ ᠶᠢᠨ ᠲᠠᠯᠠᠪᠤᠷ ᠲᠤ ᠲᠡᠮᠳᠡᠭ ᠨᠢ ᠲᠣᠳᠣᠷᠬᠠᠢ ᠲᠦᠷᠭᠡᠨ ᠬᠦᠷᠭᠡᠬᠦ ᠪᠣᠭᠤᠳᠠᠯ ᠤᠨ ᠬᠤᠷᠢᠶᠠᠨ ᠠᠪᠬᠤ | ᠰᠠᠪᠠ ᠲᠣᠬᠢᠷᠠᠭᠤᠯᠬᠤ ᠶᠢ ᠱᠠᠭᠠᠷᠳᠠᠪᠠ︔ ᠲᠦᠷᠭᠡᠨ ᠲᠠᠮᠵᠢᠭᠤᠯᠭ᠎ᠠ ᠶᠢᠨ ᠠᠵᠤ ᠠᠬᠤᠶᠢᠯᠠᠯ ᠤᠨ ᠳᠠᠬᠢᠨ ᠡᠭᠦᠰᠬᠦ | ᠡᠬᠢ ᠪᠠᠶᠠᠯᠢᠭ ᠢ ᠬᠤᠷᠢᠶᠠᠨ ᠠᠪᠴᠤ ᠠᠰᠢᠬᠯᠠᠬᠤ ᠲᠣᠣᠷ ᠰᠦᠯᠵᠢᠶ᠎ᠡ ᠶᠢᠨ ᠪᠦᠲᠦᠭᠡᠨ ᠪᠠᠶᠢᠭᠤᠯᠤᠯᠲᠠ ᠳᠤ | ᠢᠳᠡᠪᠬᠢᠲᠡᠢ ᠣᠷᠣᠯᠴᠠᠬᠤ ᠶᠢ ᠦᠷᠭᠦᠯᠵᠢᠯᠡᠨ ᠳᠡᠮᠵᠢᠨ᠂ ᠲᠦᠷᠭᠡᠨ ᠲᠠᠮᠵᠢᠭᠤᠯᠬᠤ ᠪᠦᠬᠦ᠋ᠢᠯᠡ ᠡᠵᠡᠩᠨᠡᠯᠲᠡ ᠶᠢᠨ | ᠲᠣᠣᠷ ᠴᠡᠭ ᠤᠨ ᠪᠤᠴᠠᠭᠠᠨ ᠬᠤᠷᠢᠶᠠᠬᠤ ᠬᠠᠶᠢᠷᠴᠠᠭ ᠢ ᠪᠠᠶᠢᠷᠢᠰᠢᠯᠠᠭᠤᠯᠬᠤ ᠨᠣᠷᠮ᠎ᠠ ᠶᠢ100% ᠳᠤ ᠬᠦᠷᠭᠡᠬᠦ ᠪᠠᠷ | ᠪᠤᠢ᠃ |