ᠬᠦᠷᠦᠰᠦ ᠰᠢᠷᠣᠢ ᠶᠢᠨ ᠪᠣᠬᠢᠷᠲᠤᠯ ᠢ ᠰᠡᠷᠭᠡᠶᠢᠯᠡᠨ ᠵᠠᠰᠠᠬᠤ ᠠᠵᠢᠯ ᠤᠨ ᠲᠤᠬᠠᠢ ᠤᠯᠤᠰ ᠤᠨ ᠪᠠ ᠥᠪᠡᠷᠲᠡᠭᠡᠨ | ᠵᠠᠰᠠᠬᠤ ᠣᠷᠣᠨ ᠤ ᠲᠣᠬᠢᠷᠠᠭᠤᠯᠤᠯᠲᠠ ᠪᠠᠶᠢᠷᠢᠯᠠᠭᠤᠯᠤᠯᠲᠠ ᠶᠢ ᠬᠢᠨᠠᠮᠠᠭᠠᠢ ᠲᠤᠤᠱᠯᠠᠭᠤᠯᠤᠨ ᠨᠠᠶᠢᠳᠠᠪᠤᠷᠢᠵᠢᠭᠤᠯᠵᠦ᠂ | ᠺᠡᠳ᠋ᠮᠢ ᠵᠡᠷᠭᠡ ᠳᠤ ᠬᠤᠯᠪᠣᠭᠳᠠᠬᠤ ᠬᠦᠨᠳᠦ ᠲᠡᠮᠦᠷᠯᠢᠭ ᠤᠨ ᠭᠤᠣᠯᠳᠠᠯᠭ᠎ᠠ ᠲᠠᠢ ᠠᠵᠢᠯ ᠲᠥᠷᠥᠯ ᠤᠨ ᠠᠵᠤ | ᠠᠬᠤᠶᠢᠯᠠᠯ ᠤᠨ ᠣᠷᠴᠢᠨ ᠲᠣᠭᠤᠷᠢᠨ ᠤ ᠠᠶᠤᠯ ᠲᠥᠭᠰᠢᠭᠦᠷᠢ ᠶᠢ ᠬᠠᠮᠢᠶᠠᠷᠤᠨ ᠡᠵᠡᠮᠳᠡᠬᠦ ᠶᠢ ᠤᠯᠠᠮ ᠴᠢᠩᠭᠠᠳᠬᠠᠬᠤ | ᠶᠢᠨ ᠲᠤᠰᠠᠳᠠ᠂ ᠤᠯᠠᠭᠠᠨᠬᠠᠳᠠ ᠬᠤᠲᠠ ᠬᠠᠷᠢᠶ᠎ᠠ ᠣᠷᠣᠨ ᠤ ᠳᠣᠲᠣᠷᠠᠬᠢ ᠺᠡᠳ᠋ᠮᠢ ᠳᠤ ᠬᠤᠯᠪᠣᠭᠳᠠᠬᠤ ᠵᠡᠷᠭᠡ ᠬᠦᠨᠳᠦ | ᠲᠡᠮᠦᠷᠯᠢᠭ ᠤᠨ ᠭᠤᠣᠯᠳᠠᠯᠭ᠎ᠠ ᠲᠠᠢ ᠠᠵᠢᠯ ᠲᠥᠷᠥᠯ ᠤᠨ ᠠᠵᠤ ᠠᠬᠤᠶᠢᠯᠠᠯ ᠤᠳ ᠲᠤ ᠪᠠᠶᠢᠳᠠᠯ ᠢ ᠣᠶᠢᠯᠠᠭᠠᠬᠤ | ᠵᠢᠭᠰᠠᠭᠠᠨ ᠪᠠᠶᠢᠴᠠᠭᠠᠯᠲᠠ ᠬᠢᠪᠡ᠃ | ᠥᠪᠡᠷᠲᠡᠭᠡᠨ ᠵᠠᠰᠠᠬᠤ ᠣᠷᠣᠨ ᠤ ᠠᠮᠢ ᠠᠬᠤᠢ ᠶᠢᠨ ᠣᠷᠴᠢᠨ ᠲᠣᠭᠤᠷᠢᠨ ᠤ ᠲᠢᠩᠬᠢᠮ ᠠᠴᠠ ᠬᠠᠷᠢᠭᠤ | ᠲᠤᠰᠬᠠᠭᠰᠠᠨ ᠬᠦᠨᠳᠦ ᠲᠡᠮᠦᠷᠯᠢᠭ ᠲᠤ ᠬᠤᠯᠪᠣᠭᠳᠠᠬᠤ ᠪᠣᠬᠢᠷᠲᠤᠯ ᠤᠨ ᠡᠬᠢ ᠰᠤᠷᠪᠤᠯᠵᠢ ᠶᠢ ᠵᠢᠭᠰᠠᠭᠠᠨ ᠪᠠᠶᠢᠴᠠᠭᠠᠬᠤ | ᠲᠠᠨᠢᠯᠴᠠᠭᠤᠯᠭ᠎ᠠ ᠶᠢᠨ ᠲᠣᠳᠣᠷᠬᠠᠢ ᠬᠠᠭᠤᠳᠠᠰᠤ ᠶᠣᠰᠣᠭᠠᠷ᠂ ᠪᠣᠬᠢᠷᠲᠣᠯ ᠤᠨ ᠡᠬᠢ ᠰᠤᠷᠪᠤᠯᠵᠢ ᠶᠢ ᠨᠡᠶᠢᠳᠡᠮ | ᠪᠠᠶᠢᠴᠠᠭᠠᠬᠤ ᠲᠤᠭ᠎ᠠ ᠪᠠᠷᠢᠮᠲᠠ᠂ ᠬᠥᠷᠥᠰᠥ ᠰᠢᠷᠣᠢ ᠶᠢᠨ ᠪᠣᠬᠢᠷᠲᠣᠯ ᠤᠨ ᠪᠠᠶᠢᠳᠠᠯ ᠵᠡᠷᠭᠡ ᠬᠠᠮᠢᠶ᠎ᠠ ᠪᠦᠬᠦᠢ | ᠪᠠᠶᠢᠴᠠᠭᠠᠯᠲᠠ ᠶᠢᠨ ᠪᠠᠶᠢᠳᠠᠯ᠂ ᠣᠳᠣᠬᠠᠨ ᠤ ᠪᠠ ᠲᠡᠤᠬᠡᠨ ᠠᠴᠠ ᠦᠯᠡᠳᠡᠭᠳᠡᠵᠦ ᠢᠷᠡᠭᠰᠡᠨ ᠬᠠᠷ᠎ᠠ ᠲᠤᠭᠤᠯᠭ᠎ᠠ᠂ | ᠺᠡᠳ᠋ᠮᠢ᠂ ᠾᠷᠣᠮ ᠵᠡᠷᠭᠡ ᠳᠤ ᠬᠤᠯᠪᠣᠭᠳᠠᠬᠤ ᠬᠦᠨᠳᠦ ᠲᠡᠮᠦᠷᠯᠢᠭ ᠤᠨ ᠭᠤᠣᠯᠳᠠᠯᠭ᠎ᠠ ᠲᠠᠢ ᠠᠵᠢᠯ ᠲᠥᠷᠥᠯ ᠤᠨ ᠠᠵᠤ | ᠠᠬᠤᠶᠢᠯᠠᠯ ᠤᠨ ᠮᠡᠳᠡᠭᠡ ᠵᠠᠩᠬᠢ ᠶᠢ ᠦᠨᠳᠦᠰᠦᠯᠡᠵᠦ᠂ ᠵᠠᠬᠢᠳᠠᠯ ᠰᠣᠷᠪᠣᠯᠵᠢᠯᠠᠯ ᠤᠨ ᠢᠯᠡᠴᠢᠯᠡᠨ ᠮᠡᠳᠡᠭᠦᠯᠦᠯᠲᠡ᠂ | ᠵᠠᠭᠤᠴᠢᠯᠠᠭᠤᠷ ᠤᠨ ᠮᠡᠳᠡᠭᠡᠯᠡᠯ ᠵᠡᠷᠭᠡ ᠮᠡᠳᠡᠭᠡ ᠵᠠᠩᠬᠢ ᠲᠠᠢ ᠤᠶᠠᠯᠳᠤᠭᠤᠯᠤᠨ᠂ ᠬᠠᠷᠢᠶ᠎ᠠ ᠣᠷᠣᠨ ᠤ ᠳᠣᠲᠣᠷᠠᠬᠢ | ᠤᠯᠠᠭᠠᠨᠬᠠᠳᠠ ᠶᠢᠨ ᠵᠥᠩ ᠰᠧ ᠰᠢᠨ ᠶᠧ ᠬᠢᠵᠠᠭᠠᠷᠲᠤ ᠺᠣᠮᠫᠠᠨᠢ ᠵᠡᠷᠭᠡ ᠬᠦᠨᠳᠦ ᠲᠡᠮᠦᠷᠯᠢᠭ ᠲᠤ ᠬᠤᠯᠪᠣᠭᠳᠠᠬᠤ 6 | ᠠᠵᠤ ᠠᠬᠤᠶᠢᠯᠠᠯ ᠤᠨ ᠪᠣᠬᠢᠷᠲᠤᠯ ᠤᠨ ᠡᠬᠢ ᠰᠤᠷᠪᠤᠯᠵᠢ ᠶᠢ ᠵᠢᠭᠰᠠᠭᠠᠨ ᠪᠠᠶᠢᠴᠠᠭᠠᠬᠤ ᠲᠣᠳᠣᠷᠬᠠᠢ ᠬᠠᠭᠤᠳᠠᠰᠤ ᠶᠢ | ᠲᠣᠭᠲᠠᠭᠠᠪᠠ᠃ ᠡᠨᠡ ᠬᠦ ᠠᠵᠢᠯ ᠤᠨ ᠠᠬᠢᠯᠲᠠ ᠶᠢᠨ ᠱᠠᠭᠠᠷᠳᠠᠯᠭ᠎ᠠ ᠶᠣᠰᠣᠭᠠᠷ᠂ 2018 ᠣᠨ ᠳᠤ ᠵᠢᠭᠰᠠᠭᠠᠨ | ᠪᠠᠶᠢᠴᠠᠭᠠᠵᠤ ᠴᠡᠭᠴᠡᠯᠡᠨ ᠵᠠᠰᠠᠬᠤ ᠠᠵᠢᠯ ᠢ ᠡᠬᠢᠯᠡᠭᠦᠯᠵᠦ᠂ ︽ᠪᠠᠶᠢᠴᠠᠭᠠᠬᠤ ᠶᠢᠨ ᠬᠠᠮᠲᠤ ᠴᠡᠭᠴᠡᠯᠡᠨ ᠵᠠᠰᠠᠵᠤ᠂ | ᠪᠠᠶᠢᠴᠠᠭᠠᠬᠤ ᠪᠠᠷ ᠭᠤᠤᠯ ᠪᠣᠯᠭᠠᠪᠠ︾︔ 2019 ᠣᠨ ᠳᠤ ︽ᠵᠠᠰᠠᠬᠤ ᠶᠢᠨ ᠳᠠᠭᠠᠤ ᠪᠠᠶᠢᠴᠠᠭᠠᠵᠤ᠂ ᠵᠠᠰᠠᠬᠤ ᠪᠠᠷ | ᠭᠤᠣᠯ ᠪᠣᠯᠭᠠᠨ᠎ᠠ︾︔ 2020 ᠣᠨ ᠳᠤ ᠴᠡᠭᠴᠡᠯᠡᠨ ᠵᠠᠰᠠᠯᠲᠠ ᠶᠢ ᠪᠡᠶᠡᠯᠡᠭᠦᠯᠬᠦ ᠪᠣᠯᠣᠨ᠎ᠠ᠃ | ᠲᠠᠷᠠᠭᠠᠴᠢ ᠶᠢᠨ ᠠᠯᠬᠤᠮ ᠳᠤ᠂ ᠤᠯᠠᠭᠠᠨᠬᠠᠳᠠ ᠬᠤᠲᠠ ᠦᠷᠭᠦᠯᠵᠢᠯᠡᠨ ᠥᠨᠳᠥᠷ ᠳᠠᠷᠤᠯᠲᠠᠲᠤ ᠪᠠᠶᠢᠳᠠᠯ ᠢᠶᠠᠨ | ᠪᠠᠲᠤᠯᠠᠵᠤ᠂ ᠬᠦᠨᠳᠦ ᠲᠡᠮᠦᠷᠯᠢᠭ ᠲᠤ ᠬᠤᠯᠪᠣᠭᠳᠠᠬᠤ ᠠᠵᠤ ᠠᠬᠤᠶᠢᠯᠠᠯ ᠢ ᠵᠢᠭᠰᠠᠭᠠᠨ ᠪᠠᠶᠢᠴᠠᠭᠠᠬᠤ ᠳᠤᠮᠳᠠ | ᠢᠯᠡᠷᠡᠭᠦᠯᠦᠭᠰᠡᠨ ᠠᠰᠠᠭᠤᠳᠠᠯ ᠢ ᠡᠯ᠎ᠡ ᠬᠤᠰᠢᠭᠤ ᠰᠢᠶᠠᠨ ᠲᠣᠭᠤᠷᠢᠭ ᠤᠨ ᠠᠷᠠᠳ ᠤᠨ ᠵᠠᠰᠠᠭ ᠤᠨ | ᠣᠷᠳᠣᠨ ᠨᠤᠭᠤᠳ ᠢᠶᠠᠷ ᠱᠠᠭᠠᠷᠳᠠᠯᠭ᠎ᠠ ᠶᠣᠰᠣᠭᠠᠷ ᠠᠵᠤ ᠠᠬᠤᠶᠢᠯᠠᠯ ᠢ ᠰᠢᠮᠳᠠᠭᠤᠯᠵᠤ ᠪᠠᠶᠢᠭᠠᠳ ᠴᠠᠭ ᠲᠤᠬᠠᠶ ᠳᠤ | ᠨᠢ ᠴᠡᠭᠴᠡᠯᠡᠨ ᠵᠠᠰᠠᠭᠤᠯᠤᠨ᠎ᠠ᠃ ᠡᠭᠦᠨ ᠤ ᠬᠠᠮᠲᠤ ᠣᠷᠣᠬᠤ ᠵᠥᠪᠰᠢᠶᠡᠷᠡᠯ ᠢ ᠴᠢᠩᠳᠠᠯᠠᠵᠤ᠂ ᠪᠦᠲᠦᠭᠡᠨ | ᠪᠠᠶᠢᠭᠤᠯᠤᠯᠲᠠ ᠳᠤ ᠬᠡᠷᠡᠭᠯᠡᠬᠦ ᠭᠠᠵᠠᠷ ᠤᠨ ᠰᠢᠨ᠎ᠡ ᠪᠠᠷ ᠨᠡᠮᠡᠭᠳᠡᠬᠦ ᠪᠣᠬᠢᠷᠲᠤᠯ ᠢ ᠰᠡᠷᠭᠡᠶᠢᠯᠡᠨ᠂ ᠮᠡᠳᠡᠭᠡ ᠵᠠᠩᠭᠢ ᠶᠢ | ᠬᠠᠮᠲᠤ ᠪᠠᠷ ᠬᠦᠷᠲᠡᠬᠦ ᠶᠢ ᠴᠠᠭ ᠲᠤᠬᠠᠶ ᠳᠤ ᠨᠢ ᠴᠢᠩᠭᠠᠳᠬᠠᠵᠤ᠂ ᠨᠢᠭᠲᠠ ᠬᠠᠮᠵᠢᠯᠴᠠᠨ ᠬᠢᠨᠠᠯᠲᠠ | ᠬᠠᠮᠢᠶᠠᠷᠤᠯᠲᠠ ᠪᠠᠨ ᠴᠢᠩᠭᠠᠳᠬᠠᠵᠤ᠂ ᠭᠠᠵᠠᠷ ᠰᠢᠷᠣᠶ ᠶᠢ ᠠᠮᠤᠷ ᠲᠦᠪᠰᠢᠨ ᠠᠰᠢᠭᠯᠠᠬᠤ ᠶᠢ ᠪᠠᠲᠤᠯᠠᠨ᠂ ᠪᠥᠬᠦ | ᠬᠤᠲᠠ ᠶᠢᠨ ᠣᠷᠴᠢᠨ ᠲᠣᠭᠤᠷᠢᠨ ᠤ ᠶᠠᠰᠤ ᠴᠢᠨᠠᠷ ᠤᠨ ᠰᠠᠶᠢᠵᠢᠷᠠᠯᠲᠠ ᠶᠢ ᠠᠬᠢᠭᠤᠯᠤᠨ᠎ᠠ᠃ |