4 ᠳ᠋ᠦ᠋ᠭᠡᠷ ᠰᠠᠷ᠎ᠠ ᠶᠢᠨ 2 ᠤᠨ ᠡᠲᠦᠷ᠂ ᠦᠪᠡᠷᠲᠡᠭᠡᠨ ᠵᠠᠰᠬᠠᠤ ᠤᠷᠤᠨ ᠤ ᠰᠠᠬᠢᠯᠭ᠎ᠠ ᠪᠠᠲᠦ ᠪᠠᠶᠢᠴᠠᠭᠠᠬᠤ | ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠰᠤᠨᠢᠨ ᠮᠡᠲᠡᠭᠡ ᠨᠡᠶᠢᠲᠡᠯᠡᠬᠦ ᠬᠤᠷᠠᠯ ᠬᠢᠵᠦ᠂ ᠦᠪᠡᠷᠲᠡᠭᠡᠨ ᠵᠠᠰᠬᠠᠤ ᠤᠷᠤᠨ | ᠤ ᠰᠠᠬᠢᠯᠭ᠎ᠠ ᠪᠠᠲᠦ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠦᠪᠯᠡᠯ ᠤᠨ ᠰᠦᠯᠵᠢᠶᠡᠨ ᠲᠡᠭᠡᠷᠡᠬᠢ 3D ᠴᠢᠭᠡᠴᠢ | ᠵᠠᠰᠠᠭ ᠤᠨ ᠬᠦᠮᠦᠵᠢᠯ ᠤᠨ ᠦᠵᠡᠭᠦᠯᠭᠡ ᠶᠢᠨ ᠲᠢᠩᠬᠢᠮ ᠵᠢᠩᠬᠢᠨᠢ ᠪᠠᠷ ᠠᠰᠢᠬᠯᠠᠯᠲᠠ ᠳᠤ ᠤᠷᠤᠬᠰᠠᠨ ᠢ ᠨᠡᠶᠢᠲᠡᠯᠡᠪᠡ᠃ | ᠦᠪᠡᠷᠲᠡᠭᠡᠨ ᠵᠠᠰᠬᠠᠤ ᠤᠷᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠭᠦᠨ᠂ ᠰᠠᠬᠢᠯᠭ᠎ᠠ ᠪᠠᠲᠦ ᠪᠠᠶᠢᠴᠠᠭᠠᠬᠤ | ᠬᠤᠷᠢᠶᠠᠨ ᠤ ᠱᠦᠵᠢ᠂ ᠬᠢᠨᠠᠨ ᠪᠠᠶᠢᠴᠠᠭᠠᠬᠤ ᠵᠦᠪᠯᠡᠯ ᠤᠨ ᠡᠷᠬᠢᠯᠡᠭᠴᠢ ᠯᠢᠦ ᠴᠢ ᠹᠠᠨ ᠬᠤᠷᠠᠯ ᠳᠤ ᠤᠷᠤᠯᠴᠠᠵᠦ | ᠶᠠᠷᠢᠶ᠎ᠠ ᠲᠠᠯᠪᠢᠵᠠᠢ᠃ | ᠯᠢᠦ ᠴᠢ ᠹᠠᠨ ᠵᠢᠭᠠᠭᠰᠠᠨ ᠨᠢ᠂ ᠰᠦᠯᠵᠢᠶᠡᠨ ᠲᠡᠭᠡᠷᠡᠬᠢ 3D ᠴᠢᠭᠡᠴᠢ ᠵᠠᠰᠠᠭ ᠤᠨ ᠬᠦᠮᠦᠵᠢᠯ ᠤᠨ | ᠦᠵᠡᠭᠦᠯᠭᠡ ᠶᠢᠨ ᠲᠢᠩᠬᠢᠮ ᠨᠢ ᠰᠠᠬᠢᠯᠭ᠎ᠠ ᠪᠠᠲᠦ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭ᠎ᠠ ᠶᠢᠨ ᠮᠡᠲᠡᠭᠡ | ᠵᠠᠩᠬᠢᠵᠢᠯᠲᠡ ᠶᠢᠨ ᠱᠠᠭᠠᠷᠲᠠᠯᠭ᠎ᠠ ᠳᠤ ᠵᠤᠬᠢᠴᠠᠬᠰᠠᠨ᠂ ᠢᠨᠲ᠋ᠧᠷ ᠰᠦᠯᠵᠢᠶᠡᠨ ᠤ ᠰᠡᠳᠬᠢᠬᠦᠢ ᠪᠠᠷ ᠴᠢᠭᠡᠴᠢ ᠵᠠᠰᠠᠭ ᠤᠨ | ᠬᠦᠮᠦᠵᠢᠯ ᠪᠤᠯᠤᠨ ᠵᠠᠭᠤᠴᠢᠯᠠᠭᠤᠷ ᠤᠨ ᠠᠭᠤᠰᠤᠯᠴᠠᠯ ᠢ ᠠᠬᠢᠭᠤᠯᠤᠬᠰᠠᠨ ᠰᠢᠨ᠎ᠡ ᠰᠦᠪᠡᠭᠴᠢᠯᠡᠯᠲᠡ᠂ ᠰᠢᠨ᠎ᠡ | ᠲᠤᠷᠰᠢᠴᠠ ᠪᠤᠯᠤᠨ᠎ᠠ᠃ ᠡᠨᠡ ᠬᠦ ᠦᠵᠡᠭᠦᠯᠭᠡ ᠶᠢᠨ ᠲᠢᠩᠬᠢᠮ ᠨᠢ ᠴᠢᠭᠡᠴᠢ ᠵᠠᠰᠠᠭ ᠤᠨ ᠬᠦᠮᠦᠵᠢᠯ ᠢ ᠪᠤᠲᠠᠲᠤ | ᠦᠵᠡᠭᠦᠯᠭᠡ ᠶᠢᠨ ᠲᠢᠩᠬᠢᠮ ᠠᠴᠠ ᠰᠦᠯᠵᠢᠶᠡᠨ ᠤ ᠤᠷᠤᠨ ᠵᠠᠢ ᠲᠡᠶᠢᠰᠢ ᠲᠡᠰ ᠲᠡᠪᠰᠢᠭᠦᠯᠬᠦ ᠶᠢ ᠪᠡᠶᠡᠯᠡᠭᠦᠯᠦᠭᠰᠡᠨ | ᠤᠯᠠᠨ ᠬᠡᠮᠵᠢᠯᠲᠦ ᠪᠦᠷᠢᠨ ᠵᠤᠯᠭᠠᠯᠲᠠ ᠶᠢᠨ ᠲᠠᠪᠴᠠᠩ ᠪᠤᠯᠤᠨ᠎ᠠ︔ ᠬᠢᠵᠠᠭᠠᠷ ᠲᠠᠢ ᠴᠠᠭ ᠲᠤ ᠨᠡᠭᠡᠭᠡᠬᠦ ᠠᠴᠠ ᠪᠦᠬᠦ | ᠡᠲᠦᠷ ᠢᠶᠠᠷ ᠡᠵᠡᠩᠨᠡᠬᠦ ᠲᠡᠶᠢᠰᠢ ᠲᠡᠰ ᠲᠡᠪᠰᠢᠭᠦᠯᠬᠦ ᠶᠢ ᠪᠡᠶᠡᠯᠡᠭᠦᠯᠦᠭᠰᠡᠨ ᠴᠢᠭᠡᠴᠢ ᠵᠠᠰᠠᠭ ᠤᠨ ᠬᠦᠮᠦᠵᠢᠯ ᠤᠨ | ᠰᠠᠭᠤᠷᠢᠨ ᠪᠤᠯᠤᠨ᠎ᠠ︔ ᠲᠤᠬᠲᠠᠮᠠᠯ ᠦᠵᠡᠭᠦᠯᠭᠡ ᠠᠴᠠ ᠬᠤᠷᠰᠢᠨ ᠤᠶᠢᠯᠠᠭᠠᠬᠤ ᠲᠡᠶᠢᠰᠢ ᠲᠡᠰ ᠲᠡᠪᠰᠢᠭᠦᠯᠬᠦ ᠶᠢ | ᠪᠡᠶᠡᠯᠡᠭᠦᠯᠦᠭᠰᠡᠨ 360 ᠭᠷᠠᠲᠦ᠋ᠰ ᠤᠨ ᠪᠦᠷᠢᠨ ᠦᠵᠡᠮᠵᠢᠲᠦ ᠮᠠᠶ᠋ᠢᠬ ᠤᠨ ᠴᠢᠭᠡᠴᠢ ᠵᠠᠰᠠᠭ ᠤᠨ ᠬᠦᠮᠦᠵᠢᠯ ᠤᠨ | ᠤᠷᠤᠨ ᠵᠠᠢ ᠪᠤᠯᠤᠨ᠎ᠠ ᠭᠡᠵᠡᠢ᠃ | ᠤᠶᠢᠯᠠᠭᠠᠭᠰᠠᠨ ᠢᠶᠠᠷ᠂ ᠡᠨᠡ ᠬᠦ ᠦᠵᠡᠭᠦᠯᠭᠡ ᠶᠢᠨ ᠲᠢᠩᠬᠢᠮ ᠨᠢ ᠡᠬᠢᠯᠡᠯᠲᠡ ᠶᠢᠨ ᠲᠢᠩᠬᠢᠮ᠂ ᠲᠡᠦᠬᠡ ᠶᠢᠨ | ᠲᠢᠩᠬᠢᠮ᠂ ᠲᠡᠯᠡᠬᠡᠢ ᠶᠢᠨ ᠲᠢᠩᠬᠢᠮ᠂ ᠢᠯᠵᠠᠷᠠᠯ ᠢ ᠡᠰᠡᠷᠬᠦᠴᠡᠬᠦ ᠲᠢᠩᠬᠢᠮ᠂ ᠬᠡᠮᠰᠢᠬᠦ ᠲᠢᠩᠬᠢᠮ᠂ ᠠᠯᠪᠠᠨ | ᠵᠠᠷᠤᠴᠠ ᠶᠢᠨ ᠲᠢᠩᠬᠢᠮ᠂ ᠠᠶᠢᠮᠠᠭ ᠬᠤᠲᠠ ᠶᠢᠨ ᠲᠢᠩᠬᠢᠮ ᠪᠤᠯᠤᠨ ᠢᠷᠡᠭᠡᠲᠦᠢ ᠶᠢᠨ ᠲᠢᠩᠬᠢᠮ ᠵᠡᠷᠭᠡ ᠨᠠᠢᠮᠠᠨ ᠬᠡᠰᠡᠭ | ᠬᠤᠪᠢᠶᠠᠵᠦ᠂ 185 ᠬᠡᠰᠡᠭ ᠦᠵᠡᠭᠦᠯᠭᠡ ᠶᠢᠨ ᠬᠠᠪᠲᠠᠰᠤ᠂ 79 ᠸᠢᠳᠢᠣ᠋᠂ 50 ᠭᠠᠷᠤᠢ H5 ᠺᠠᠷᠲ᠋ᠤᠨ ᠵᠢᠷᠤᠭ | ᠵᠡᠷᠭᠡ ᠶᠢ ᠪᠠᠭᠲᠠᠭᠠᠵᠦ᠂ 126 ᠬᠤᠪᠢ ᠱᠠᠮᠰᠢᠵᠦ ᠢᠯᠵᠠᠷᠠᠨ ᠳᠤᠷᠤᠶᠢᠲᠠᠭᠰᠨ ᠬᠡᠷᠡᠭ ᠤᠨ ᠵᠢᠱᠢᠶ᠎ᠠ ᠶᠢ | ᠤᠷᠤᠭᠤᠯᠪᠠ᠃ ᠦᠵᠡᠭᠦᠯᠭᠡ ᠶᠢᠨ ᠲᠢᠩᠬᠢᠮ ᠨᠢ ᠲᠤᠭᠠᠴᠢᠯᠠᠬᠰᠠᠨ ᠮᠡᠷᠬᠡᠵᠢᠯ᠂ ᠤᠶᠤᠨᠴᠢ ᠮᠡᠷᠭᠡᠵᠢᠯ ᠢ ᠬᠦᠢᠴᠡᠳ | ᠬᠡᠷᠡᠭᠯᠡᠨ᠂ ᠦᠰᠦᠭ ᠪᠢᠴᠢᠭ᠂ ᠵᠢᠷᠤᠭ᠂ ᠲᠠᠭᠤ᠂ ᠸᠢᠳᠢᠣ᠋᠂ ᠪᠢᠴᠢᠯ ᠺᠢᠨᠣ᠋᠂ ᠺᠠᠷᠲ᠋ᠤᠨ᠂ VR᠂ H5 ᠵᠡᠷᠭᠡ ᠡᠯ᠎ᠡ | ᠵᠦᠢᠯ ᠤᠨ ᠵᠠᠭᠤᠴᠢᠯᠠᠭᠤᠷ ᠤᠨ ᠡᠬᠢ ᠰᠤᠷᠪᠤᠯᠵᠢ ᠶᠢ ᠤᠶᠠᠯᠳᠤᠭᠤᠯᠵᠠᠢ᠃ ᠦᠵᠡᠬᠦᠯᠬᠡ ᠨᠢ ᠦᠨᠳᠦᠰᠦᠲᠡᠨ ᠤ | ᠤᠷᠤᠨ ᠤ ᠰᠤᠶᠤᠯ ᠤᠨ ᠤᠨᠴᠠᠯᠢᠬ ᠢ ᠬᠦᠢᠴᠡᠳ ᠢᠯᠡᠷᠡᠭᠦᠯᠵᠦ᠂ ᠠᠭᠤᠯᠭ᠎ᠠ ᠨᠢ ᠰᠦᠯᠵᠢᠶᠡᠨ ᠠᠴᠠ ᠭᠠᠳᠠᠨᠡᠬᠢ | ᠪᠤᠲᠠᠲᠤ ᠦᠵᠡᠭᠦᠯᠭᠡ ᠶᠢᠨ ᠲᠢᠩᠬᠢᠮ ᠤᠨ ᠪᠦᠲᠦᠮᠵᠢᠲᠡᠢ ᠨᠦᠬᠦᠪᠦᠷᠢ ᠪᠤᠯᠤᠨ ᠦᠷᠭᠡᠳᠬᠡᠯ ᠪᠤᠯᠵᠦ᠂ ᠨᠢᠭᠡᠲᠦᠭᠰᠡᠨ | ᠮᠡᠲᠡᠭᠡ ᠵᠠᠩᠬᠢ ᠶᠢᠨ ᠬᠠᠮᠢᠶᠠᠷᠤᠯᠲᠠ ᠶᠢᠨ ᠰᠢᠰᠲ᠋ᠧᠮ ᠢ ᠠᠰᠢᠬᠯᠠᠨ᠂ ᠲᠤᠮᠤ ᠳ᠋ᠠᠶᠢᠲ᠋ᠠ ᠶᠢᠨ ᠬᠤᠷᠠᠮᠳᠤᠭᠤᠯᠤᠨ ᠵᠠᠳᠠᠯᠬᠤ | ᠮᠡᠷᠭᠡᠵᠢᠯ ᠢ ᠬᠡᠷᠡᠭᠯᠡᠭᠰᠡᠨ ᠪᠠᠶᠢᠨ᠎ᠠ᠃ ᠦᠵᠡᠭᠦᠯᠭᠡ ᠶᠢᠨ ᠲᠢᠩᠬᠢᠮ ᠨᠢ ᠦᠵᠦᠭᠦᠷᠯᠢᠭ ᠪᠦᠬᠦᠨ ᠢ ᠬᠠᠮᠤᠷᠴᠤ᠂ PC | ᠦᠵᠦᠭᠦᠷᠯᠢᠭ ᠤᠨ 3D ᠬᠡᠪᠯᠡᠯ᠂ ᠲᠦᠷᠬᠡᠨ ᠬᠡᠪᠯᠡᠯ ᠪᠤᠯᠤᠨ ᠭᠠᠷ ᠤᠳᠠᠰᠤᠨ ᠤ ᠦᠵᠦᠭᠦᠷᠯᠢᠭ ᠤᠨ 3D ᠬᠡᠪᠯᠡᠯ᠂ | ᠲᠦᠷᠬᠡᠨ ᠬᠡᠪᠯᠡᠯ ᠵᠡᠷᠭᠡ ᠲᠦᠷᠪᠡᠨ ᠵᠦᠢᠯ ᠤᠨ ᠬᠡᠪᠯᠡᠯ ᠲᠠᠢ ᠪᠠᠶᠢᠵᠤ᠂ ᠬᠡᠷᠡᠭᠯᠡᠭᠴᠢᠳ ᠲᠤ ᠤᠯᠠᠨ ᠠᠷᠭ᠎ᠠ | ᠮᠠᠶ᠋ᠢᠭ ᠢᠶᠠᠷ ᠤᠶᠢᠯᠠᠭᠠᠭᠤᠯᠬᠤ ᠴᠢᠳᠠᠮᠵᠢ ᠶᠢ ᠪᠦᠷᠢᠯᠳᠦᠬᠦᠯᠵᠠᠢ᠃ |