2019 ᠣᠨ ᠪᠣᠯ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ 70 ᠵᠢᠯ ᠤᠨ | ᠤᠢ ᠪᠣᠯᠤᠨ᠎ᠠ᠂ ᠮᠦᠨ ᠴᠦ ᠰᠦᠯᠵᠢᠶᠡᠨ ᠤ ᠠᠮᠤᠷ ᠲᠦᠪᠰᠢᠨ ᠤ ᠵᠠᠩᠭᠢᠯᠠᠭ᠎ᠠ ᠶᠢᠨ ᠵᠢᠯ ᠪᠣᠯᠤᠨ᠎ᠠ᠃ ᠰᠦᠯᠵᠢᠶᠡᠨ ᠤ | ᠠᠮᠤᠷ ᠲᠦᠪᠰᠢᠨ ᠪᠣᠯ ᠲᠠᠷᠦᠢ ᠤᠯᠤᠰ ᠤᠨ ᠠᠮᠤᠷ ᠲᠦᠪᠰᠢᠨ ᠮᠦᠨ᠃ ᠣᠷᠳᠣᠰ ᠬᠤᠲᠠ ᠶᠢᠨ ᠠᠷᠠᠳ ᠤᠨ ᠵᠠᠰᠠᠭ | ᠤᠨ ᠣᠷᠳᠣᠨ ᠤ ᠰᠦᠯᠵᠢᠶ᠎ᠡ ᠶᠢᠨ ᠬᠠᠮᠢᠶᠠᠷᠤᠯᠲᠠ ᠶᠢᠨ ᠠᠯᠪᠠᠨ ᠭᠡᠷ ᠰᠦᠯᠵᠢᠶᠡᠨ ᠤ ᠠᠮᠤᠷ ᠲᠦᠪᠰᠢᠨ ᠢ ᠳᠡᠭᠡᠳᠦ | ᠬᠡᠮᠵᠢᠶ᠎ᠡ ᠪᠠᠷ ᠴᠢᠬᠤᠯᠠᠴᠢᠯᠠᠨ᠂ ᠬᠠᠮᠢᠶᠠᠷᠤᠯᠲᠠ ᠪᠠᠨ ᠴᠢᠩᠭᠠᠳᠬᠠᠵᠤ᠂ ᠵᠠᠰᠠᠭ ᠤᠨ ᠣᠷᠳᠣᠨ ᠤ ᠰᠦᠯᠵᠢᠶ᠎ᠡ ᠶᠢᠨ | ᠠᠮᠤᠷ ᠲᠦᠪᠰᠢᠨ ᠤ ᠬᠠᠮᠢᠶᠠᠷᠤᠯᠲᠠ ᠶᠢᠨ ᠬᠠᠷᠢᠭᠤᠴᠠᠯᠭ᠎ᠠ ᠶᠢᠨ ᠲᠣᠭᠲᠠᠴᠠ ᠶᠢ ᠪᠠᠶᠢᠭᠤᠯᠤᠨ ᠲᠡᠭᠦᠯᠳᠡᠷᠵᠢᠬᠦᠯᠵᠦ᠂ | ᠰᠦᠯᠵᠢᠶᠡᠨ ᠳᠤ ᠭᠠᠷᠴᠤ ᠵᠢᠵᠢᠭᠦᠷᠯᠡᠬᠦ ᠶᠢ ᠪᠠᠷᠢᠮᠲᠠᠯᠠᠨ᠂ ᠵᠠᠰᠠᠭ ᠤᠨ ᠣᠷᠳᠣᠨ ᠤ ᠰᠦᠯᠵᠢᠶ᠎ᠡ ᠶᠢᠨ ᠡᠳᠦᠷ | ᠲᠣᠲᠤᠮ ᠤᠨ ᠠᠮᠤᠷ ᠲᠦᠪᠰᠢᠨ ᠢ ᠬᠢᠨᠠᠨ ᠬᠡᠮᠵᠢᠵᠦ ᠰᠤᠭᠤᠴᠢᠨ ᠪᠠᠶᠢᠴᠠᠭᠠᠬᠤ ᠡᠷᠴᠢᠮ ᠢ ᠴᠢᠩᠭᠠᠷᠠᠭᠤᠯᠵᠤ᠂ | ᠰᠦᠯᠵᠢᠶᠡᠨ ᠤ ᠠᠮᠤᠷ ᠲᠦᠪᠰᠢᠨ ᠤ ᠪᠠᠶᠢᠴᠠᠭᠠᠯᠲᠠ ᠶᠢᠨ ᠠᠵᠢᠯ ᠢ ᠢᠳᠡᠪᠬᠢᠲᠡᠶ ᠥᠷᠨᠢᠭᠦᠯᠦᠨ᠂ ᠭᠠᠷᠠᠭ ᠢᠶᠠᠷ | ᠲᠣᠭᠤᠷᠢᠨ ᠪᠠᠶᠢᠴᠠᠭᠠᠬᠤ᠂ ᠰᠠᠷ᠎ᠠ ᠪᠠᠷ ᠮᠡᠳᠡᠭᠡᠯᠡᠬᠦ᠂ ᠤᠨ ᠢᠶᠠᠷ ᠰᠢᠯᠭᠠᠨ ᠬᠢᠨᠠᠬᠤ ᠠᠬᠢᠭᠤᠯᠤᠯᠳᠠ ᠮᠠᠶ᠋ᠢᠭ ᠤᠨ | ᠬᠢᠨᠠᠯᠲᠠ ᠬᠠᠮᠢᠶᠠᠷᠤᠯᠲᠠ ᠶᠢᠨ ᠲᠣᠭᠲᠠᠴᠠ ᠶᠢ ᠲᠡᠬᠦᠯᠳᠡᠷᠵᠢᠬᠦᠯᠤᠨ ᠪᠦᠷᠢᠨᠰᠢᠭᠦᠯᠵᠦ᠂ ᠪᠠᠶᠢᠩᠭᠤ ᠬᠠᠮᠢᠶᠠᠷᠬᠤ᠂ ᠡᠳᠦᠷ | ᠲᠣᠲᠤᠮ ᠰᠢᠯᠭᠠᠨ ᠬᠢᠨᠠᠬᠤ ᠶᠢ ᠪᠡᠶᠡᠯᠡᠭᠦᠯᠦᠨ᠂ ᠵᠠᠰᠠᠭ ᠤᠨ ᠣᠷᠳᠣᠨ ᠤ ᠰᠦᠯᠵᠢᠶ᠎ᠡ ᠶᠢᠨ ᠪᠠᠶᠢᠩᠭᠤᠵᠢᠭᠤᠯᠬᠤ | ᠪᠠᠶᠢᠭᠤᠯᠤᠯᠲᠠ ᠶᠢᠨ ᠬᠢᠨᠠᠯᠲᠠ ᠬᠠᠮᠢᠶᠠᠷᠤᠯᠲᠠ ᠶᠢᠨ ᠠᠵᠢᠯ ᠢ ᠤᠯᠠᠮ ᠨᠢᠭᠡ ᠠᠯᠬᠤᠮ ᠦᠷᠭᠦᠯᠵᠢᠯᠡᠨ ᠠᠬᠢᠭᠤᠯᠵᠤ᠂ | ᠡᠶ᠎ᠡ ᠵᠣᠬᠢᠴᠠᠯ ᠲᠠᠢ ᠲᠣᠭᠲᠠᠭᠤᠨ ᠪᠠᠶᠢᠬᠤ ᠠᠮᠤᠷ ᠲᠦᠪᠰᠢᠨ ᠪᠠᠶᠢᠳᠠᠯ ᠢ ᠴᠢᠷᠮᠠᠶᠢᠨ ᠪᠤᠢ ᠪᠣᠯᠭᠠᠪᠠ᠃ | ᠨᠢᠭᠡ ᠳᠤ᠂ ᠤᠬᠠᠭᠤᠯᠭ᠎ᠠ ᠬᠥᠮᠦᠵᠢᠯ ᠢ ︽ᠪᠠᠶᠢᠩᠭᠤᠵᠢᠭᠤᠯᠪᠠ︾᠃ ᠮᠡᠳᠡᠭᠡ ᠵᠠᠩᠭᠢ ᠶᠢᠨ ᠠᠮᠤᠷ | ᠲᠦᠪᠰᠢᠨ ᠤ ᠤᠬᠠᠭᠤᠯᠭ᠎ᠠ ᠶᠢᠨ ᠡᠷᠴᠢᠮ ᠢ ᠴᠢᠩᠭᠠᠷᠠᠭᠤᠯᠵᠤ᠂ ᠰᠦᠯᠵᠢᠶᠡᠨ ᠤ ᠠᠵᠢᠯᠲᠠᠨ ᠤ ᠮᠡᠳᠡᠭᠡ ᠵᠠᠩᠭᠢ ᠶᠢᠨ | ᠠᠮᠤᠷ ᠲᠦᠪᠰᠢᠨ ᠤ ᠴᠢᠬᠤᠯᠠ ᠴᠢᠨᠠᠷ ᠤᠨ ᠲᠤᠬᠠᠢ ᠲᠠᠨᠢᠯᠲᠠ ᠶᠢ ᠨᠢ ᠳᠡᠭᠡᠭᠰᠢᠯᠡᠭᠦᠯᠦᠨ᠂ ᠲᠣᠭᠲᠠᠮᠠᠯ | ᠬᠤᠭᠤᠴᠠᠭ᠎ᠠ ᠲᠠᠢ ᠪᠠᠷ ᠰᠦᠯᠵᠢᠶᠡᠨ ᠤ ᠠᠮᠤᠷ ᠲᠦᠪᠰᠢᠨ ᠤ ᠬᠥᠮᠦᠵᠢᠯ ᠪᠣᠯᠪᠠᠰᠤᠷᠠᠭᠤᠯᠤᠯ ᠢ ᠥᠷᠨᠢᠭᠦᠯᠵᠦ᠂ | ᠰᠦᠯᠵᠢᠶᠡᠨ ᠤ ᠮᠡᠳᠡᠭᠡ ᠵᠠᠩᠭᠢ ᠶᠢᠨ ᠠᠮᠤᠷ ᠲᠦᠪᠰᠢᠨ ᠤ ᠮᠡᠳᠡᠯᠭᠡ ᠪᠠ ᠠᠮᠤᠷ ᠲᠦᠪᠰᠢᠨ ᠤ ᠠᠵᠢᠯᠯᠠᠭᠠᠨ ᠤ | ᠵᠢᠷᠤᠮᠵᠢᠯ ᠢ ᠰᠤᠷᠤᠯᠴᠠᠭᠤᠯᠵᠠᠢ︔ ᠴᠢᠬᠤᠯᠠ ᠲᠤᠭ᠎ᠠ ᠪᠠᠷᠢᠮᠲᠠ ᠳᠤ ᠪᠡᠯᠡᠳᠬᠡᠯ ᠬᠢᠬᠦ᠂ ᠺᠣᠮᠫᠢᠦ᠋ᠲ᠋ᠧᠷ ᠤᠨ ᠨᠢᠭᠤᠴᠠ | ᠨᠣᠮᠧᠷ ᠲᠣᠬᠢᠷᠠᠭᠤᠯᠬᠤ᠂ ᠬᠠᠯᠬᠠᠪᠴᠢ ᠬᠠᠮᠠᠭᠠᠯᠠᠯᠲᠠ ᠶᠢ ᠤᠭᠰᠠᠷᠠᠬᠤ ᠶᠢ ᠪᠠᠷᠢᠮᠲᠠᠯᠠᠵᠤ᠂ ᠰᠦᠯᠵᠢᠶᠡᠨ ᠤ ᠠᠵᠢᠯᠲᠠᠳ | ᠢ ᠬᠦᠮᠦᠵᠢᠬᠦᠯᠦᠨ ᠰᠦᠯᠵᠢᠶᠡᠨ ᠤ ᠡᠬᠢ ᠪᠠᠶᠠᠯᠢᠭ ᠢ ᠳᠤᠷ᠎ᠠ ᠪᠠᠷ ᠢᠶᠠᠨ ᠬᠡᠷᠡᠭᠯᠡᠬᠦ ᠥᠬᠡᠶ ᠪᠠᠶᠢᠬᠤ ᠰᠠᠶᠢᠨ ᠰᠠᠶᠢᠬᠠᠨ | ᠳᠠᠳᠬᠠᠯ ᠲᠠᠢ ᠪᠤᠯᠭᠠᠵᠠᠢ᠃ | ᠬᠤᠶᠠᠷ ᠲᠤ᠂ ᠲᠣᠨᠤᠭ ᠲᠥᠬᠦᠭᠡᠷᠦᠮᠵᠢ ᠶᠢᠨ ᠬᠠᠮᠠᠭᠠᠯᠠᠯᠲᠠ ᠶᠢ ︽ᠡᠳᠦᠷ ᠲᠤᠳᠤᠮ ᠤᠨ ᠪᠤᠯᠭᠠᠪᠠ︾᠃ | ᠰᠦᠯᠵᠢᠶᠡᠨ ᠤ ᠠᠮᠤᠷ ᠲᠦᠪᠰᠢᠨ ᠤ ᠬᠠᠮᠢᠶᠠᠷᠤᠯᠲᠠ ᠶᠢᠨ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ | ᠰᠦᠯᠵᠢᠶᠡᠨ ᠤ ᠦᠢᠯᠡᠴᠢᠯᠡᠭᠦᠷ ᠢ ᠠᠵᠢᠯᠯᠠᠭᠤᠯᠬᠤ ᠬᠠᠮᠠᠭᠠᠯᠠᠬᠤ ᠪᠠᠶᠢᠭᠤᠯᠤᠮᠵᠢ ᠳᠤ᠂ ᠺᠣᠮᠫᠢᠦ᠋ᠲ᠋ᠧᠷ ᠤᠨ ᠠᠮᠤᠷ | ᠲᠦᠪᠰᠢᠨ ᠤ ᠬᠠᠮᠢᠶᠠᠷᠤᠯᠲᠠ ᠶᠢᠨ ᠳᠦᠷᠢᠮ ᠪᠠ ᠮᠡᠳᠡᠭᠡ ᠵᠠᠩᠬᠢᠴᠢᠯᠠᠯᠳᠠ ᠶᠢᠨ ᠠᠵᠢᠯ ᠤᠨ ᠪᠠᠶᠢᠷᠢ ᠶᠢᠨ ᠡᠬᠦᠷᠬᠡ | ᠬᠠᠷᠢᠭᠤᠴᠠᠯᠭ᠎ᠠ ᠶᠢ ᠬᠢᠨᠠᠮᠠᠭᠠᠶ ᠲᠤᠭᠤᠰᠢᠯᠠᠭᠤᠯᠤᠨ ᠬᠡᠷᠡᠭᠵᠢᠭᠦᠯᠵᠦ᠂ ᠮᠡᠳᠡᠭᠡ ᠵᠠᠩᠭᠢ ᠶᠢᠨ ᠡᠬᠢ ᠪᠠᠶᠠᠯᠢᠭ ᠤᠨ ᠲᠥᠪ | ᠪᠠ ᠡᠯᠧᠺᠲᠷᠤᠨ ᠵᠠᠰᠠᠭ ᠤᠨ ᠶᠠᠪᠤᠳᠠᠯ ᠤᠨ ᠰᠠᠯᠠᠭ᠎ᠠ ᠪᠠᠷ ᠲᠥᠪ ᠪᠣᠯᠭᠠᠭᠰᠠᠨ ᠰᠡᠷᠭᠡᠶᠢᠯᠡᠨ ᠡᠵᠡᠮᠳᠡᠬᠦ ᠰᠢᠰᠲ᠋ᠧᠮᠵᠢ ᠶᠢ | ᠪᠠᠶᠢᠭᠤᠯᠵᠤ᠂ ᠦ ᠰᠡᠪ ᠥᠬᠡᠶ ᠬᠢᠨᠠᠯᠲᠠ ᠬᠠᠮᠢᠶᠠᠷᠤᠯᠲᠠ ᠶᠢ ᠪᠡᠶᠡᠯᠡᠭᠦᠯᠬᠦ ᠶᠢ ᠦᠨᠡᠨ ᠬᠦ ᠪᠠᠲᠤᠯᠠᠨ᠂ ᠲᠤᠳᠤᠭᠠᠳᠤ | ᠭᠠᠳᠠᠭᠠᠳᠤ ᠰᠦᠯᠵᠢᠶᠡᠨ ᠤ I P ᠬᠠᠶ᠋ᠢᠭ ᠤᠨ ᠬᠡᠷᠡᠭᠯᠡᠯᠲᠡ ᠪᠠ ᠬᠠᠮᠢᠶᠠᠷᠤᠯᠲᠠ ᠶᠢ ᠵᠢᠷᠤᠮᠵᠢᠭᠤᠯᠬᠤ ᠶᠢᠨ ᠬᠠᠮᠲᠤ | ᠲᠣᠭᠲᠠᠮᠠᠯ ᠬᠤᠭᠤᠴᠠᠭ᠎ᠠ ᠲᠠᠢ ᠪᠠᠷ ᠸᠢᠷᠦ᠋ᠰ ᠢ ᠪᠠᠶᠢᠴᠠᠭᠠᠨ ᠤᠰᠠᠳᠬᠠᠬᠤ ᠪᠠ ᠸᠢᠷᠦ᠋ᠰ ᠢ ᠰᠡᠷᠭᠡᠶᠢᠯᠡᠬᠦ ᠵᠥᠭᠡᠯᠡᠨ | ᠲᠣᠨᠤᠭ ᠢ ᠳᠡᠰ ᠳᠡᠪᠰᠢᠭᠦᠯᠵᠦ᠂ ᠦᠢᠯᠡᠴᠢᠯᠡᠭᠦᠷ ᠤᠨ ᠬᠡᠪ ᠤᠨ ᠬᠡᠷᠡᠭᠯᠡᠯᠲᠡ ᠶᠢ ᠦᠨᠡᠨ ᠬᠦ ᠪᠠᠳᠤᠯᠠᠬᠤ ᠶᠢ | ᠱᠠᠭᠠᠷᠳᠠᠵᠠᠢ᠃ | ᠭᠤᠷᠪᠠ ᠳᠤ᠂ ᠡᠳᠦᠷ ᠲᠣᠲᠤᠮ ᠤᠨ ᠪᠠᠶᠢᠴᠠᠭᠠᠯᠲᠠ ᠶᠢ ︽ᠣᠷᠳᠣ ᠬᠤᠭᠤᠴᠠᠭᠠᠨ ᠤ ᠪᠦᠲᠦᠮᠵᠢᠲᠡᠶ ᠪᠤᠯᠭᠠᠪᠠ︾᠃ | ᠲᠣᠭᠤᠷᠢᠨ ᠪᠠᠶᠢᠴᠠᠭᠠᠬᠤ ᠲᠣᠭᠲᠠᠴᠠ ᠶᠢ ᠪᠠᠶᠢᠭᠤᠯᠤᠨ᠂ ᠲᠣᠭᠤᠷᠢᠨ ᠪᠠᠶᠢᠴᠠᠭᠠᠬᠤ ᠳᠤᠭᠤᠶᠢᠯᠠᠩ ᠪᠠᠶᠢᠭᠤᠯᠵᠤ᠂ | ᠭᠠᠷᠠᠭ ᠪᠦᠷᠢ ᠴᠠᠬᠢᠯᠭᠠᠨ ᠬᠦᠴᠦ᠂ ᠭᠠᠯ ᠰᠡᠷᠭᠡᠶᠢᠯᠡᠬᠦ᠂ ᠴᠢᠭᠢᠭ ᠰᠡᠷᠭᠡᠶᠢᠯᠡᠬᠦ᠂ ᠰᠣᠷᠢᠨᠵᠢᠨ ᠢ ᠰᠡᠷᠭᠡᠶᠢᠯᠡᠬᠦ | ᠪᠠᠶᠢᠴᠠᠭᠠᠯᠲᠠ ᠬᠢᠵᠦ᠂ ᠠᠮᠤᠷ ᠲᠦᠪᠰᠢᠨ ᠤ ᠳᠠᠯᠳᠠ ᠬᠡᠮ ᠢ ᠰᠢᠭᠰᠢᠨ ᠪᠠᠶᠢᠴᠠᠭᠠᠵᠠᠢ᠃ ᠡᠬᠢ ᠡᠭᠦᠰᠦᠯ ᠠᠴᠠ ᠨᠢ | ᠡᠵᠡᠮᠳᠡᠬᠦ ᠶᠢ ᠪᠠᠷᠢᠮᠲᠠᠯᠠᠵᠤ᠂ ᠮᠠᠰᠢᠨ ᠤ ᠭᠡᠷ ᠤᠨ ᠦᠢᠯᠡᠴᠢᠯᠡᠭᠦᠷ ᠢ ᠲᠣᠭᠲᠠᠮᠠᠯ ᠬᠤᠭᠤᠴᠠᠭ᠎ᠠ ᠲᠠᠢ ᠪᠠᠷ ᠲᠣᠭᠤᠷᠢᠨ | ᠪᠠᠶᠢᠴᠠᠭᠠᠵᠤ᠂ ᠠᠳᠡᠯ ᠡᠭᠦᠰᠬᠦ ᠨᠤᠷᠮ᠎ᠠ ᠶᠢ ᠬᠠᠮᠤᠭ ᠤᠨ ᠶᠡᠭᠡ ᠬᠡᠮᠵᠢᠶ᠎ᠡ ᠪᠠᠷ ᠪᠠᠭᠤᠷᠠᠭᠤᠯᠵᠠᠢ᠃ | ᠳᠥᠷᠪᠡ ᠳᠤ᠂ ᠠᠵᠢᠯ ᠤᠨ ᠪᠦᠲᠦᠮᠵᠢ ᠶᠢᠨ ᠬᠢᠨᠠᠨ ᠰᠢᠯᠭᠠᠷᠠᠭᠤᠯᠤᠯᠳᠠ ᠶᠢ ︽ᠲᠦᠷᠢᠮᠵᠢᠭᠦᠯᠵᠡᠢ︾᠃ ᠡᠯ᠎ᠡ | ᠨᠢᠭᠡᠴᠢ ᠶᠢᠨ ᠰᠦᠯᠵᠢᠶᠡᠨ ᠤ ᠮᠡᠳᠡᠭᠡ ᠵᠠᠩᠭᠢ ᠶᠢᠨ ᠠᠮᠤᠷ ᠲᠦᠪᠰᠢᠨ ᠤ ᠠᠵᠢᠯ ᠤᠨ ᠪᠦᠲᠦᠮᠵᠢ ᠶᠢ ᠬᠢᠨᠠᠨ | ᠰᠢᠯᠭᠠᠷᠠᠭᠤᠯᠬᠤ ᠰᠢᠰᠲ᠋ᠧᠮᠵᠢ ᠳᠤ ᠣᠷᠣᠭᠤᠯᠵᠤ᠂ ᠴᠢᠩᠭ᠎ᠠ ᠬᠢᠨᠠᠯᠲᠠ ᠲᠠᠯᠪᠢᠵᠤ ᠬᠢᠨᠠᠨ ᠰᠢᠯᠭᠠᠬᠤ ᠪᠠᠷ ᠳᠠᠮᠵᠢᠭᠤᠯᠤᠨ | ᠳᠦᠷᠢᠮ ᠤᠨ ᠨᠠᠶᠢᠳᠠᠪᠤᠷᠢᠵᠢᠭᠤᠯᠤᠯᠲᠠ ᠶᠢ ᠠᠬᠢᠭᠤᠯᠵᠤ᠂ ᠵᠠᠰᠠᠭ ᠤᠨ ᠣᠷᠳᠣᠨ ᠤ ᠰᠦᠯᠵᠢᠶᠡᠨ ᠤ ᠰᠦᠯᠵᠢᠶᠡᠨ ᠤ | ᠮᠡᠳᠡᠭᠡ ᠵᠠᠩᠭᠢ ᠶᠢᠨ ᠠᠮᠤᠷ ᠲᠦᠪᠰᠢᠨ ᠤ ᠬᠠᠮᠢᠶᠠᠷᠤᠯᠲᠠ ᠶᠢᠨ ᠠᠵᠢᠯ ᠢ ᠲᠦᠷᠢᠮᠵᠢᠬᠦᠯᠵᠤ ᠵᠢᠷᠤᠮᠵᠢᠭᠤᠯᠬᠤ ᠵᠠᠮ ᠢᠶᠠᠷ | ᠵᠠᠮᠨᠠᠭᠤᠯᠬᠤ ᠶᠢ ᠪᠠᠳᠤᠯᠠᠵᠠᠢ᠃ |