ᠰᠢᠯᠭᠠᠨ ᠪᠠᠶᠢᠴᠠᠭᠠᠵᠤ ᠬᠢᠵᠢᠭ ᠪᠠᠶᠢᠴᠠᠭᠠᠯᠭᠠᠭᠰᠠᠨ ᠥᠬᠡᠶ ᠠᠮᠢᠲᠠᠨ ᠤ ᠠᠰᠢᠭ ᠰᠢᠮ᠎ᠡ ᠪᠤᠶᠤ ᠡᠪᠡᠳᠴᠢᠯᠡᠵᠦ | ᠬᠤᠤᠷᠳᠠᠭᠳᠠᠭᠰᠠᠨ ᠮᠠᠯ ᠵᠢᠭᠦᠷᠲᠡᠨ ᠤ ᠠᠰᠢᠭ ᠰᠢᠮ᠎ᠡ ᠶᠢᠨ ᠵᠠᠬ᠎ᠠ ᠳᠡᠯᠭᠡᠭᠦᠷ ᠲᠤ ᠭᠠᠷᠬᠤ ᠶᠢ ᠰᠡᠷᠭᠡᠶᠢᠯᠡᠵᠦ᠂ | ᠬᠤᠲᠠ ᠶᠢᠨ ᠠᠷᠠᠳ ᠤᠨ ᠮᠢᠬᠠᠨ ᠢᠳᠡᠭᠡᠨ ᠤ ᠠᠮᠤᠷ ᠲᠦᠪᠰᠢᠨ ᠢ ᠦᠨᠡᠨ ᠬᠦ ᠪᠠᠲᠤᠯᠠᠬᠤ ᠶᠢᠨ ᠲᠥᠯᠥᠭᠡ᠂ 2019 | ᠣᠨ ᠤ 7 ᠳ᠋ᠤᠭᠠᠷ ᠰᠠᠷ᠎ᠠ ᠶᠢᠨ 4 ᠤ ᠡᠳᠦᠷ ᠤᠨ ᠥᠷᠯᠥᠭᠡ᠂ ᠮᠠᠨᠵᠤᠤᠷ ᠬᠤᠲᠠ ᠶᠢᠨ ᠠᠷᠢᠭᠤᠨ ᠴᠡᠪᠡᠷ ᠬᠤᠲᠠ ᠶᠢ | ᠴᠤᠭᠴᠠᠯᠠᠨ ᠪᠠᠶᠢᠭᠤᠯᠬᠤ ᠠᠯᠪᠠᠨ ᠭᠡᠷ ᠤᠨ ᠨᠢᠭᠡᠳᠦᠯᠲᠡᠶ ᠵᠣᠬᠢᠶᠠᠨ ᠪᠠᠶᠢᠭᠤᠯᠤᠯᠲᠠ ᠪᠠᠷ᠂ ᠮᠠᠨᠵᠤᠤᠷ ᠬᠤᠲᠠ ᠶᠢᠨ ᠮᠠᠯ | ᠡᠮᠨᠡᠯᠭᠡ ᠶᠢᠨ ᠲᠣᠪᠴᠢᠶ᠎ᠠ᠂ ᠠᠮᠢᠲᠠᠨ ᠤ ᠡᠷᠡᠭᠦᠯ ᠬᠠᠮᠠᠭᠠᠯᠠᠯ ᠤᠨ ᠬᠢᠨᠠᠯᠲᠠ ᠲᠠᠯᠪᠢᠬᠤ ᠭᠠᠵᠠᠷ ᠨᠢ ᠣᠯᠠᠨ ᠰᠠᠯᠠᠭ᠎ᠠ | ᠮᠥᠴᠢᠷ ᠲᠠᠢ ᠬᠠᠮᠲᠤᠷᠠᠨ ᠾᠦᠩ ᠯᠸᠦ ᠡᠷᠲᠡ ᠶᠢᠨ ᠵᠠᠬ᠎ᠠ ᠳᠠᠬᠢ ᠠᠮᠢᠲᠠᠨ ᠤ ᠠᠰᠢᠭ ᠰᠢᠮ᠎ᠡ ᠶᠢ ᠡᠵᠡᠩᠨᠡᠬᠦ | ᠳᠡᠯᠭᠡᠭᠦᠷ ᠲᠤ ᠪᠠᠶᠢᠴᠠᠭᠠᠯᠲᠠ ᠬᠢᠪᠡ᠃ ᠲᠣᠰ ᠤᠳᠠᠭ᠎ᠠ ᠭᠤᠤᠯᠳᠠᠭᠤ ᠠᠮᠢᠲᠠᠨ ᠤ ᠠᠰᠢᠭ ᠰᠢᠮ᠎ᠡ ᠶᠢ ᠲᠣᠭᠲᠠᠭᠰᠠᠨ | ᠭᠠᠵᠠᠷ ᠲᠤ ᠨᠢᠳᠤᠯᠠᠭᠰᠠᠨ ᠡᠰᠡᠬᠦ᠂ ︽ᠠᠮᠢᠲᠠᠨ ᠤ ᠠᠰᠢᠭ ᠰᠢᠮ᠎ᠡ ᠶᠢᠨ ᠬᠢᠵᠢᠭ ᠤᠨ ᠪᠠᠶᠢᠴᠠᠭᠠᠯᠲᠠ ᠳᠤ ᠬᠢᠷᠢ | ᠲᠡᠩᠴᠡᠭᠰᠡᠨ ᠭᠡᠷᠡᠴᠢ︾ ︵ᠦᠶᠯᠡᠳᠬᠦᠨ B︶ ᠪᠠᠶᠢᠬᠤ ᠡᠰᠡᠭᠦ ᠬᠠᠷ᠎ᠠ ᠮᠢᠬᠠᠵᠢᠭᠤᠯᠬᠤ ᠬᠠᠨᠳᠠ ᠶᠢ ᠰᠢᠯᠭᠠᠨ | ᠪᠠᠶᠢᠴᠠᠭᠠᠭᠰᠠᠨ ᠮᠡᠳᠡᠭᠦᠯᠦᠯᠲᠡ ᠪᠠᠶᠢᠬᠤ ᠡᠰᠡᠬᠦ ᠪᠠ ᠭᠡᠷᠡᠴᠢ ᠪᠣᠳᠠᠰ ᠨᠢ ᠬᠠᠷᠢᠯᠴᠠᠨ ᠨᠡᠶᠢᠴᠡᠵᠣ ᠪᠠᠶᠢᠬᠤ ᠡᠰᠡᠬᠦ᠂ | ᠠᠮᠢᠲᠠᠨ ᠤ ᠠᠰᠢᠭ ᠰᠢᠮ᠎ᠡ ᠶᠢ ᠬᠤᠪᠢ ᠪᠠᠢ ᠢᠶᠠᠨ ᠠᠯᠠᠵᠤ ᠨᠢᠲᠤᠯᠬᠤ ᠪᠠ ᠫᠠᠨᠽᠠᠯᠠᠬᠤ ᠠᠵᠢᠯᠯᠠᠭ᠎ᠠ ᠣᠷᠣᠰᠢᠵᠤ | ᠪᠠᠶᠢᠬᠤ ᠡᠰᠡᠬᠦ ᠶᠢ ᠪᠠᠶᠢᠴᠠᠭᠠᠪᠠ᠃ ᠪᠠᠶᠢᠴᠠᠭᠠᠬᠤ ᠶᠠᠪᠤᠴᠠ ᠳᠤ ᠦᠨᠡᠮᠯᠡᠯ ᠦᠭᠡᠢ ᠪᠠᠷ ᠡᠵᠡᠩᠨᠡᠬᠦ ᠦᠵᠡᠭᠳᠡᠯ ᠪᠠᠶᠢᠬᠤ | ᠦᠭᠡᠢ ᠪᠦᠭᠡᠳ ᠡᠵᠡᠩᠨᠡᠯᠲᠡ ᠶᠢᠨ ᠡᠷᠦᠬᠡ ᠪᠦᠬᠦᠨ ᠴᠥᠮ ᠬᠦᠴᠦᠨ ᠪᠦᠬᠦᠢ ᠠᠮᠢᠲᠠᠨ ᠤ ᠠᠰᠢᠭ ᠰᠢᠮ᠎ᠡ ᠡᠵᠡᠨᠩᠨᠡᠬᠦ | ᠭᠡᠷᠡᠴᠢ ᠲᠠᠢ ᠪᠠᠶᠢᠵᠤ᠂ ᠬᠠᠤᠯᠢ ᠶᠣᠰᠣᠭᠠᠷ ᠡᠵᠡᠩᠨᠡᠵᠦ ᠪᠠᠶᠢᠬᠤ ᠶᠢ ᠮᠡᠳᠡᠪᠡ᠃ | ᠠᠮᠢᠲᠠᠨ ᠤ ᠠᠰᠢᠭ ᠰᠢᠮ᠎ᠡ ᠶᠢ ᠡᠵᠡᠩᠨᠡᠵᠦ ᠪᠠᠶᠢᠭ᠎ᠠ ᠳᠡᠯᠭᠡᠭᠦᠷ ᠢ ᠨᠡᠶᠢᠲᠡ 8 ᠪᠠᠶᠢᠴᠠᠭᠠᠪᠠ᠃ ᠪᠠᠶᠢᠴᠠᠭᠠᠬᠤ | ᠶᠠᠪᠤᠴᠠ ᠳᠤ ᠬᠠᠤᠯᠢ ᠬᠡᠷᠡᠭᠵᠢᠭᠦᠯᠬᠦ ᠠᠵᠢᠯᠲᠠᠨ ᠡᠵᠡᠩᠨᠡᠯᠲᠡ ᠶᠢᠨ ᠡᠷᠦᠬᠡ ᠳᠤ ︽ᠠᠮᠢᠲᠠᠨ ᠤ ᠬᠢᠵᠢᠭ ᠪᠠᠶᠢᠴᠠᠭᠠᠬᠤ | ᠬᠠᠮᠢᠶᠠᠷᠤᠯᠲᠠ ᠶᠢᠨ ᠠᠷᠭ᠎ᠠ︾᠂ ︽ᠭᠠᠭ᠋ᠠᠶ ᠨᠢᠲᠤᠯᠬᠤ ᠬᠠᠮᠢᠶᠠᠷᠤᠯᠲᠠ ᠶᠢᠨ ᠳᠦᠷᠢᠮ︾ ᠵᠢᠴᠢ ︽ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠬᠡᠷ ᠬᠤᠨᠢ ᠨᠢᠲᠤᠯᠬᠤ ᠬᠠᠮᠢᠶᠠᠷᠤᠯᠲᠠ ᠶᠢᠨ ᠠᠷᠭ᠎ᠠ︾ ᠵᠡᠷᠭᠡ | ᠬᠠᠤᠯᠢ ᠴᠠᠭᠠᠵᠠ ᠬᠠᠤᠯᠢ ᠲᠣᠭᠲᠠᠭᠠᠯ ᠢ ᠤᠬᠠᠭᠤᠯᠪᠠ᠃ |