ᠡᠷᠢᠶᠡᠨ ᠬᠤᠲᠠ ᠪᠣᠭᠤᠮᠲᠠ ᠨᠢ ᠭᠠᠳᠠᠭᠠᠳᠤ ᠠᠴᠠ ᠠᠮᠤ ᠪᠤᠳᠠᠭ᠎ᠠ ᠣᠷᠣᠭᠤᠯᠬᠤ ᠵᠢᠭᠠᠨ ᠲᠣᠭᠲᠠᠭᠠᠭᠰᠠᠨ | ᠪᠣᠭᠤᠮᠲᠠ ᠪᠣᠯᠤᠭᠰᠠᠨ ᠤ ᠬᠤᠪᠢ ᠳᠤ᠂ ᠢᠳᠡᠭᠡᠨ ᠤ ᠵᠦᠢᠯ ᠤᠨ ᠠᠮᠤᠷ ᠲᠦᠪᠰᠢᠨ ᠤ ︽ᠳᠥᠷᠪᠡᠨ ᠬᠠᠮᠤᠭ ᠤᠨ | ᠴᠢᠩᠭ᠎ᠠ︾ ᠱᠠᠭᠠᠷᠳᠠᠯᠭ᠎ᠠ ᠶᠢ ᠡᠷᠡᠰ ᠨᠠᠢᠳᠠᠪᠤᠷᠢᠵᠢᠭᠤᠯᠵᠦ᠂ ᠭᠠᠳᠠᠭᠠᠳᠤ ᠠᠴᠠ ᠣᠷᠣᠭᠤᠯᠬᠤ ᠠᠮᠤ ᠪᠤᠳᠠᠭ᠎ᠠ ᠶᠢᠨ | ᠶᠠᠰᠤ ᠴᠢᠨᠠᠷ ᠠᠮᠤᠷ ᠲᠦᠪᠰᠢᠨ ᠢ ᠴᠢᠩᠭᠠᠷᠠᠭᠤᠯᠤᠨ᠂ ︽ᠬᠢᠨᠠᠯᠲᠠ ᠬᠠᠮᠢᠶᠠᠷᠤᠯᠲᠠ ᠨᠢ ᠡᠷᠴᠢᠮᠲᠡᠢ᠂ ᠪᠣᠭᠤᠮᠲᠠ | ᠥᠩᠭᠡᠷᠡᠬᠦ ᠨᠢ ᠬᠤᠷᠳᠤᠨ᠂ ᠦᠢᠯᠡᠴᠢᠯᠡᠭᠡ ᠨᠢ ᠬᠠᠯᠠᠭᠤᠮᠰᠤᠭ︾ ᠪᠠᠶᠢᠬᠤ ᠱᠠᠭᠠᠷᠳᠠᠯᠭ᠎ᠠ ᠶᠢ ᠪᠠᠷᠢᠮᠲᠠᠯᠠᠵᠤ᠂ | ᠭᠠᠳᠠᠭᠠᠳᠤ ᠠᠴᠠ ᠠᠮᠤ ᠪᠤᠳᠠᠭ᠎ᠠ ᠣᠷᠣᠭᠤᠯᠬᠤ ᠬᠢᠨᠠᠯᠲᠠ ᠬᠠᠮᠢᠶᠠᠷᠤᠯᠲᠠ ᠶᠢᠨ ᠠᠵᠢᠯ ᠢ ᠪᠥᠬᠦ ᠬᠦᠴᠦᠨ ᠢᠶᠠᠷ ᠢᠶᠠᠨ | ᠰᠠᠶᠢᠲᠤᠷ ᠬᠢᠵᠦ ᠪᠣᠢ᠃ ᠨᠢᠭᠡ ᠳᠤ ᠲᠤᠬᠠᠶ ᠶᠢᠨ ᠲᠠᠯᠠᠪᠤᠷ ᠤᠨ ᠬᠢᠵᠢᠭ ᠤᠨ ᠪᠠᠶᠢᠴᠠᠭᠠᠯᠲᠠ ᠪᠠ ᠲᠤᠷᠰᠢᠯᠲᠠ ᠶᠢᠨ | ᠲᠠᠰᠤᠭ ᠤᠨ ᠬᠢᠵᠢᠭ ᠤᠨ ᠪᠠᠶᠢᠴᠠᠭᠠᠯᠲᠠ ᠶᠢ ᠬᠠᠷᠢᠯᠴᠠᠨ ᠤᠶᠠᠯᠳᠤᠭᠤᠯᠬᠤ ᠶᠢ ᠴᠢᠩᠭᠠᠳᠬᠠᠵᠤ᠂ ᠶᠠᠰᠤ ᠴᠢᠨᠠᠷ ᠤᠨ | ᠪᠣᠭᠤᠮᠲᠠ ᠶᠢ ᠴᠢᠩᠭ᠎ᠠ ᠠᠳᠬᠤᠵᠠᠢ᠃ ᠬᠤᠶᠠᠷ ᠲᠤ ᠵᠥᠪ ᠲᠠᠯ᠎ᠠ ᠶᠢᠨ ᠬᠢᠨᠠᠯᠲᠠ ᠬᠠᠮᠢᠶᠠᠷᠤᠯᠲᠠ ᠶᠢ | ᠨᠠᠶᠢᠳᠠᠪᠤᠷᠢᠵᠢᠭᠤᠯᠬᠤ ᠪᠠ ᠠᠵᠤ ᠠᠬᠤᠶᠢᠯᠠᠯ ᠤᠨ ᠪᠡᠶᠡᠴᠢ ᠴᠣᠭᠴᠠ ᠶᠢᠨ ᠬᠠᠷᠢᠭᠤᠴᠠᠯᠭ᠎ᠠ ᠶᠢ ᠪᠠᠳᠠᠷᠠᠭᠤᠯᠬᠤ ᠶᠢ | ᠤᠶᠠᠯᠳᠤᠭᠤᠯᠵᠤ᠂ ᠵᠠᠯᠭᠠᠮᠵᠢ ᠬᠢᠨᠠᠯᠲᠠ ᠬᠠᠮᠢᠶᠠᠷᠤᠯᠲᠠ ᠶᠢ ᠴᠢᠩᠳᠠᠯᠠᠵᠠᠢ᠃ ᠭᠤᠷᠪᠠ ᠳᠤ 24 ᠴᠠᠭ ᠤᠷᠢᠳᠴᠢᠯᠠᠨ | ᠪᠣᠯᠵᠣᠵᠤ ᠪᠣᠭᠤᠮᠲᠠ ᠪᠠᠷ ᠥᠩᠭᠡᠷᠡᠭᠦᠯᠬᠦ ᠪᠠ ᠡᠳᠦᠷ ᠲᠤᠲᠤᠮ ᠤᠨ ᠪᠠᠷᠠᠭ᠎ᠠ ᠪᠠᠭᠤᠯᠭᠠᠬᠤ ᠬᠡᠮᠵᠢᠶ᠎ᠡ ᠶᠢᠨ ᠬᠠᠷᠢᠮᠠᠬᠠᠶ | ᠴᠢᠨᠠᠷ ᠤᠨ ᠳᠦᠷᠢᠮ ᠢ ᠬᠠᠷᠢᠯᠴᠠᠨ ᠤᠶᠠᠯᠳᠤᠭᠤᠯᠵᠤ᠂ ᠪᠣᠭᠤᠮᠲᠠ ᠪᠠᠷ ᠥᠩᠭᠡᠷᠡᠬᠦ ᠦᠷ᠎ᠡ ᠪᠦᠲᠦᠮᠵᠢ ᠶᠢ | ᠳᠡᠭᠡᠭᠰᠢᠯᠡᠭᠦᠯᠵᠡᠢ᠃ ᠳᠥᠷᠪᠡ ᠳᠤ ᠦᠢᠯᠡᠴᠢᠯᠡᠭᠡᠨ ᠤ ᠤᠬᠠᠮᠰᠠᠷ ᠢᠶᠠᠨ ᠴᠢᠩᠭᠠᠳᠬᠠᠵᠤ᠂ ᠠᠵᠤ ᠠᠬᠤᠢᠯᠠᠯ ᠤᠨ | ᠵᠢᠷᠤᠮᠵᠢᠭᠰᠠᠨ ᠡᠵᠡᠩᠨᠡᠯᠲᠡ ᠶᠢ ᠲᠦᠢᠯ ᠤᠨ ᠣᠨᠣᠪᠴᠢᠲᠠᠶ ᠪᠠᠷ ᠵᠢᠯᠣᠭᠤᠳᠴᠤ᠂ ᠠᠵᠤ ᠠᠬᠤᠢᠯᠠᠯ ᠤᠨ | ᠬᠦᠷᠲᠡᠮᠵᠢ ᠶᠢᠨ ᠲᠥᠷᠥᠭᠳᠡᠯ ᠢ ᠳᠡᠭᠡᠭᠰᠢᠯᠡᠭᠦᠯᠵᠡᠢ᠃ ᠲᠦᠷᠦᠭᠦᠤ 6 ᠰᠠᠷ᠎ᠠ ᠳᠤ᠂ ᠡᠷᠢᠶᠡᠨ ᠬᠤᠲᠠ ᠶᠢᠨ ᠲᠡᠮᠦᠷ | ᠵᠠᠮ ᠤᠨ ᠪᠣᠭᠤᠮᠲᠠ ᠨᠢ ᠭᠠᠳᠠᠭᠠᠳᠤ ᠠᠴᠠ ᠣᠷᠣᠭᠤᠯᠤᠭᠰᠠᠨ 4047 ᠪᠦᠯᠦᠭ ᠤᠳᠠᠭ᠎ᠠ᠂ 23.13 ᠲᠦᠮᠡᠨ ᠲᠣᠨ᠂ | 7799.73 ᠲᠦᠮᠡᠨ ᠳ᠋ᠣᠯᠯᠠᠷ ᠥᠷᠲᠡᠭ ᠪᠦᠬᠦᠢ ᠠᠮᠤ ᠪᠤᠳᠠᠭ᠎ᠠ ᠵᠢᠴᠢ ᠲᠡᠵᠢᠭᠡᠯ ᠪᠣᠷᠳᠤᠭ᠎ᠠ ᠳᠤ ᠬᠢᠨᠠᠯᠲᠠ | ᠲᠠᠯᠪᠢᠵᠤ᠂ ᠡᠨᠡ ᠨᠢ ᠠᠳᠠᠯᠢ ᠬᠤᠭᠤᠴᠠᠭᠠᠨ ᠤ ᠬᠢ ᠠᠴᠠ ᠲᠣᠰ ᠲᠣᠰ 80.9%᠂ 67.3%᠂ 57.6% ᠪᠠᠷ | ᠨᠡᠮᠡᠭᠳᠡᠪᠡ᠃ ᠲᠥᠷᠥᠯ ᠵᠦᠢᠯ ᠨᠢ ᠰᠢᠯᠢᠮᠳᠡᠭ ᠤᠨ ᠦᠷ᠎ᠡ᠂ ᠶᠠᠮᠠ ᠣᠯᠣᠰᠣᠨ ᠤ ᠦᠷ᠎ᠡ᠂ ᠨᠣᠬᠠᠶ ᠶᠢᠨ ᠬᠤᠰᠢᠭᠤ᠂ | ᠰᠠᠭᠠᠭ ᠵᠡᠷᠭᠡ 7 ᠲᠥᠷᠥᠯ ᠵᠦᠢᠯ ᠳᠤ ᠬᠤᠯᠪᠣᠭᠳᠠᠵᠤ᠂ ᠲᠣᠭᠲᠠᠭᠠᠯ ᠠᠴᠠ ᠵᠦᠷᠢᠴᠡᠭᠰᠡᠨ ᠭᠧᠨ ᠬᠤᠪᠢᠷᠠᠭᠤᠯᠤᠭᠰᠠᠨ | ᠰᠢᠯᠢᠮᠳᠡᠭ ᠤᠨ ᠦᠷ᠎ᠡ ᠶᠢ 3 ᠪᠦᠯᠦᠭ ᠤᠳᠠᠭ᠎ᠠ ᠪᠤᠴᠠᠭᠠᠵᠤ᠂ ᠬᠢᠵᠢᠭ ᠪᠠᠶᠢᠴᠠᠭᠠᠵᠤ ᠰᠢᠢᠳᠪᠦᠷᠢᠯᠡᠭᠰᠡᠨ ᠤ ᠳᠠᠷᠠᠭ᠎ᠠ | ᠬᠢᠵᠢᠭ ᠤᠨ ᠪᠠᠶᠢᠴᠠᠭᠠᠯᠲᠠ ᠶᠢᠨ ᠴᠢᠨᠠᠷᠲᠠᠶ ᠬᠥᠨᠥᠭᠡᠯᠲᠡᠶ ᠠᠮᠢᠳᠤ ᠪᠣᠳᠠᠰ᠂ ᠤᠲᠤᠯᠲᠠ ᠵᠢᠩᠨᠡᠯ ᠡᠳ᠋ ᠤᠨ ᠪᠣᠬᠢᠷᠲᠤᠯ | ᠪᠦᠬᠦᠢ ᠠᠮᠤ ᠪᠤᠳᠠᠭ᠎ᠠ ᠶᠢ 10 ᠪᠦᠯᠦᠭ ᠤᠳᠠᠭ᠎ᠠ ᠪᠤᠴᠠᠭᠠᠵᠤ᠂ ᠪᠣᠭᠤᠮᠲᠠ ᠶᠢᠨ ᠭᠠᠳᠠᠭᠠᠳᠤ ᠠᠴᠠ ᠣᠷᠣᠭᠤᠯᠬᠤ | ᠠᠮᠤ ᠪᠤᠳᠠᠭᠠᠨ ᠤ ᠠᠮᠤᠷ ᠲᠦᠪᠰᠢᠨ ᠢ ᠪᠦᠲᠦᠮᠵᠢᠲᠡᠶ ᠪᠠᠲᠤᠯᠠᠵᠠᠢ᠃ |