ᠦᠬᠠᠢ ᠬᠤᠲᠠ ᠰᠢᠲᠠᠮᠠᠬᠠᠢ ᠬᠡᠢ ᠶᠢᠨ ᠪᠣᠬᠢᠷᠲᠤᠯ ᠢ ᠵᠠᠰᠠᠵᠤ ᠠᠭᠠᠷ ᠮᠠᠨᠳᠠᠯ ᠤᠨ ᠣᠷᠴᠢᠨ ᠲᠣᠭᠤᠷᠢᠨ ᠢ ᠰᠠᠶᠢᠵᠢᠷᠠᠭᠤᠯᠪᠠ
ᠨᠡᠶᠢᠲᠡᠯᠡᠭᠰᠡᠨ ᠴᠠᠭ᠄
2019/7/29
     ᠦᠬᠠᠶ ᠬᠤᠲᠠ ᠠᠭᠠᠷ ᠮᠠᠨᠳᠠᠯ ᠤᠨ ᠣᠷᠴᠢᠨ ᠲᠣᠭᠤᠷᠢᠨ ᠤ ᠶᠠᠰᠤ ᠴᠢᠨᠠᠷ ᠢ ᠬᠦᠴᠦᠯᠡᠨ ᠰᠠᠶᠢᠵᠢᠷᠠᠭᠤᠯᠵᠤ᠂  ᠲᠣᠰᠣ ᠨᠡᠮᠡᠬᠦ ᠦᠷᠲᠡᠭᠡᠨ ᠤ ᠰᠢᠲᠠᠮᠠᠬᠠᠶ ᠬᠡᠢ ᠶᠢᠨ ᠠᠭᠠᠷ ᠮᠠᠨᠳᠠᠯ ᠤᠨ ᠪᠣᠬᠢᠷᠲᠤᠯ ᠢ ᠠᠷᠢᠯᠭᠠᠬᠤ ᠶᠢᠨ ᠲᠥᠯᠥᠭᠡ᠂ ᠠᠭᠠᠷ ᠮᠠᠨᠳᠠᠯ ᠤᠨ ᠪᠣᠬᠢᠷᠲᠤᠯ ᠢ ᠰᠡᠷᠭᠡᠶᠢᠯᠡᠨ ᠵᠠᠰᠠᠬᠤ ᠠᠵᠢᠯ ᠤᠨ ᠲᠤᠬᠠᠶ ᠤᠯᠤᠰ ᠤᠨ ᠪᠠ ᠥᠪᠡᠷᠲᠡᠭᠡᠨ ᠵᠠᠰᠠᠬᠤ ᠣᠷᠣᠨ ᠤ ᠬᠠᠮᠢᠶ᠎ᠠ ᠪᠦᠬᠦᠢ ᠱᠠᠭᠠᠷᠳᠠᠯᠭ᠎ᠠ ᠶᠢ ᠦᠨᠳᠦᠰᠦᠯᠡᠨ᠂ ᠪᠣᠯᠪᠠᠰᠤᠷᠠᠭᠤᠯᠤᠭᠰᠠᠨ ᠴᠢᠯᠠᠭᠤᠨ ᠲᠤᠰᠤ ᠡᠵᠡᠩᠨᠡᠬᠦ ᠠᠵᠤ ᠠᠬᠤᠶᠢᠯᠠᠯ ︵ᠲᠤᠰᠤ ᠨᠡᠮᠡᠬᠦ ᠥᠷᠲᠡᠭᠡ︶᠎ ᠤᠨ ᠬᠢᠨ ᠰᠢᠲᠠᠮᠠᠬᠠᠶ ᠬᠡᠢ ᠬᠤᠷᠢᠶᠠᠨ ᠠᠪᠬᠤ ᠲᠤᠨᠤᠭᠯᠠᠯ ᠢ ᠡᠷᠭᠡᠪᠰᠢ ᠨᠡᠮᠡᠨ ᠤᠭᠰᠠᠷᠠᠵᠦ᠂ ᠰᠢᠲᠠᠮᠠᠬᠠᠢ ᠬᠡᠢ ᠬᠤᠷᠢᠶᠠᠨ ᠠᠪᠬᠤ ᠶᠢ ᠦᠭᠡᠷᠡᠴᠢᠯᠡᠨ᠂ ᠰᠢᠲᠠᠮᠠᠬᠠᠢ ᠬᠡᠢ ᠶᠢᠨ ᠠᠭᠠᠷ ᠮᠠᠨᠳᠠᠯ ᠤᠨ ᠣᠷᠴᠢᠨ ᠲᠣᠭᠤᠷᠢᠨ ᠳᠠᠬᠢ ᠪᠣᠬᠢᠷᠲᠤᠯ ᠢ ᠲᠦᠢᠯᠪᠤᠷᠢᠲᠠᠶ ᠠᠷᠢᠯᠭᠠᠬᠤ ᠬᠡᠷᠡᠭᠲᠡᠢ ᠭᠡᠵᠦ ᠱᠠᠭᠠᠷᠳᠠᠪᠠ᠃      ᠰᠢᠲᠠᠮᠠᠬᠠᠢ ᠬᠡᠢ ᠭᠡᠳᠡᠭ ᠪᠤᠯ ᠲᠤᠰᠤ ᠨᠡᠮᠡᠬᠦ ᠦᠷᠲᠡᠭᠡᠨ ᠳᠤ ᠲᠣᠰᠣ ᠨᠡᠮᠡᠬᠦ᠂ ᠲᠣᠰᠣ ᠪᠠᠭᠤᠯᠭᠠᠬᠤ ᠪᠠ ᠬᠠᠳᠠᠭᠠᠯᠠᠬᠤ ᠶᠠᠪᠤᠴᠠ ᠳᠤ ᠠᠭᠠᠷ ᠲᠤ ᠳᠡᠭᠳᠡᠨ ᠪᠦᠷᠢᠯᠳᠦᠭᠰᠡᠨ ᠠᠮᠠᠷᠬᠠᠨ ᠳᠡᠭᠳᠡᠬᠦ ᠣᠷᠭᠠᠨᠢᠭ ᠨᠢᠭᠡᠳᠪᠦᠷᠢ ᠶᠢ ᠵᠢᠭᠠᠵᠤ ᠪᠤᠢ᠃ ᠲᠤᠰᠤ ᠨᠡᠮᠡᠬᠦ ᠦᠷᠲᠡᠭᠡᠨ ᠤ ᠬᠡᠪ ᠤᠨ ᠠᠵᠢᠯᠯᠠᠭᠠᠨ ᠤ ᠶᠠᠪᠤᠴᠠ ᠳᠠᠬᠢ ᠰᠢᠲᠠᠮᠠᠬᠠᠢ ᠬᠡᠢ ᠨᠢ ᠭᠤᠤᠯᠳᠠᠭᠤ ᠲᠤᠰᠤ ᠬᠤᠷᠢᠶᠠᠨ ᠪᠠᠭᠤᠯᠭᠠᠵᠣ ᠬᠠᠳᠠᠭᠠᠯᠠᠬᠤ ᠭᠤᠭᠴᠤᠭ᠎ᠠ ᠪᠠ ᠲᠣᠰᠣ ᠨᠡᠮᠡᠬᠦ ᠠᠵᠢᠯ ᠤᠨ ᠭᠤᠭᠴᠤᠭᠠᠨ ᠳᠤ ᠡᠭᠦᠰᠴᠦ᠂ ᠴᠢᠶ᠋ᠢᠦ ᠶᠢᠨ ᠡᠵᠡᠯᠡᠬᠦᠨ ᠲᠠᠢ ᠠᠳᠠᠯᠢᠬᠠᠨ ᠲᠤᠰᠤᠨ ᠠᠭᠤᠷ ᠭᠠᠳᠠᠭᠰᠢᠯᠠᠭᠤᠯᠳᠠᠭ ᠶᠤᠮ᠃      ᠣᠶᠢᠷ᠎ᠠ ᠳᠤ᠂ ᠰᠤᠷᠪᠤᠯᠵᠢᠯᠠᠭᠴᠢ ᠦᠬᠠᠶ ᠬᠤᠲᠠ ᠶᠢᠨ ᠪᠠᠷᠠᠭᠤᠨ ᠨᠠᠭᠤᠷ ᠤᠨ ᠴᠢᠯᠠᠭᠤᠨ ᠲᠣᠰᠣᠨ ᠤ ᠥᠷᠲᠡᠭᠡ ᠠᠴᠠ ᠥᠭᠡᠷᠡᠴᠢᠯᠡᠨ ᠤᠭᠰᠠᠷᠠᠭᠰᠠᠨ ᠤ ᠳᠠᠷᠠᠭᠠᠬᠢ ᠲᠤᠰᠤ ᠨᠡᠮᠡᠬᠦ ᠴᠣᠷᠭᠤ ᠳᠤ ᠭᠤᠮ ᠳᠤᠭᠲᠤᠢ ᠤᠭᠰᠠᠷᠠᠭᠰᠠᠨ ᠢ ᠣᠯᠵᠤ ᠮᠡᠳᠡᠪᠡ᠃ ᠥᠩᠭᠡᠷᠡᠭᠡᠭᠰᠡᠨ ᠳᠤ ᠲᠣᠰᠣ ᠨᠡᠮᠡᠬᠦ ᠳᠤ ᠲᠤᠰᠤ ᠨᠡᠮᠡᠬᠦ ᠴᠤᠷᠭᠤ ᠶᠢᠨ ᠠᠮᠠᠰᠠᠷ ᠣᠶᠢᠷᠠᠯᠴᠠᠭ᠎ᠠ ᠮᠠᠨᠠᠨ ᠬᠡᠯᠪᠡᠷᠢᠲᠡᠶ ᠬᠡᠢ ᠪᠡᠶᠡᠲᠦ ᠪᠠᠶᠢᠬᠤ ᠶᠢ ᠢᠯᠡᠷᠬᠡᠶ ᠣᠯᠵᠤ ᠬᠠᠷᠠᠳᠠᠭ᠂ ᠡᠨᠡ ᠬᠦ ᠭᠤᠮ ᠳᠤᠭᠲᠤᠢ ᠪᠠᠶᠢᠪᠠᠯ ᠳᠠᠷᠤᠶ ᠰᠢᠲᠠᠮᠠᠬᠠᠢ ᠬᠡᠢ ᠭᠤᠭᠤᠵᠢᠬᠤ ᠶᠢ ᠬᠤᠷᠢᠭᠯᠠᠵᠤ ᠴᠢᠳᠠᠨ᠎ᠠ᠃ ᠰᠦᠷᠴᠢᠭᠰᠡᠨ ᠦᠭᠡᠢ ᠰᠢᠲᠠᠮᠠᠬᠠᠢ ᠬᠡᠢ ᠎ ᠨᠢ ᠠᠭᠠᠷ ᠦᠭᠡᠢ ᠬᠥᠭᠡᠷᠭᠡ ᠶᠢᠨ ᠦᠶᠯᠡᠳᠦᠯ ᠳᠣᠤᠷ᠎ᠠ᠂ ᠲᠣᠰᠣ ᠨᠡᠮᠡᠬᠦ ᠴᠤᠷᠭᠤ ᠶᠢᠨ ᠳᠤᠲᠤᠭᠠᠳᠤᠬᠢ ᠨᠢᠭᠡᠨ ᠪᠢᠲᠡᠭᠦᠤ ᠬᠤᠭᠤᠯᠠᠶ ᠪᠠᠷ ᠭᠠᠵᠠᠷ ᠳᠤᠤᠷᠠᠬᠢ ᠲᠣᠰᠣᠨ ᠰᠠᠪᠠ ᠶᠢᠨ ᠰᠢᠰᠲ᠋ᠧᠮ ᠳᠤ ᠬᠤᠷᠢᠶᠠᠭᠳᠠᠨ᠂ ᠰᠢᠲᠠᠮᠠᠬᠠᠢ ᠬᠡᠢ ᠶᠢ ᠬᠤᠷᠢᠶᠠᠨ ᠠᠪᠬᠤ ᠵᠣᠷᠢᠯᠭ᠎ᠠ ᠳᠤ ᠪᠠᠨ ᠬᠦᠷᠳᠡᠭ ᠪᠠᠶᠢᠨ᠎ᠠ᠃      ᠲᠤᠰᠤ ᠨᠡᠮᠡᠬᠦ ᠦᠷᠲᠡᠭᠡ ᠶᠢᠨ ᠳᠠᠷᠤᠭ᠎ᠠ ᠭᠦᠸᠧ ᠬᠤᠤ ᠰᠤᠷᠪᠤᠯᠵᠢᠯᠠᠭᠴᠢ ᠳᠤ᠄ ︽ᠰᠢᠲᠠᠮᠠᠬᠠᠢ ᠬᠡᠢ ᠶᠢ ᠬᠤᠷᠢᠶᠠᠨ ᠠᠪᠬᠤ ᠰᠢᠰᠲ᠋ᠧᠮ ᠢ ᠭᠤᠷᠪᠠᠨ ᠱᠠᠲᠤ ᠬᠤᠪᠢᠶᠠᠨ᠎ᠠ᠂ ᠶᠠᠭᠤᠨ ᠤ ᠡᠮᠦᠨ᠎ᠡ ᠲᠤᠰᠤ ᠪᠠᠭᠤᠯᠭᠠᠬᠤ ᠦᠶ᠎ᠡ ᠶᠢᠨ ᠰᠢᠲᠠᠮᠠᠬᠠᠢ ᠬᠡᠢ ᠶᠢ ᠬᠤᠷᠢᠶᠠᠨ ᠠᠪᠬᠤ ᠰᠢᠰᠲ᠋ᠧᠮ ᠢ ᠠᠵᠢᠯᠯᠠᠭᠤᠯᠤᠨ᠎ᠠ᠂ ᠭᠤᠤᠯ ᠦᠨᠳᠦᠰᠦᠯᠡᠯ ᠨᠢ ᠪᠣᠯ ᠲᠣᠰᠣ ᠰᠠᠪᠠᠯᠠᠬᠤ ᠲᠡᠷᠭᠡ ᠵᠣᠬᠢᠬᠤ ᠬᠡᠮᠵᠢᠶᠡᠨ ᠤ ᠲᠣᠰᠣ ᠪᠠᠭᠤᠯᠭᠠᠬᠤ ᠳᠤ ᠶᠡᠭᠡ ᠲᠥᠯᠥᠪ ᠲᠡᠩᠴᠡᠭᠦᠤ ᠬᠡᠢ ᠪᠡᠶᠡᠲᠦ ᠬᠡᠢ ᠨᠥᠬᠦᠪᠥᠷᠢᠯᠡᠬᠦ ᠴᠢᠬᠤᠯᠠᠲᠠᠶ᠂ ᠡᠭᠦᠨ ᠢᠶᠠᠷ ᠪᠠᠷᠠᠬᠤ ᠦᠭᠡᠢ ᠭᠠᠵᠠᠷ ᠳᠤᠤᠷᠠᠬᠢ ᠲᠤᠰᠤᠨ ᠰᠠᠪᠠᠨ ᠳᠤ ᠲᠣᠰᠣ ᠰᠠᠪᠠᠯᠠᠬᠤ ᠶᠢ ᠳᠠᠭᠠᠯᠳᠤᠨ ᠮᠦᠨ ᠵᠣᠬᠢᠬᠤ ᠬᠡᠮᠵᠢᠶᠡᠨ ᠤ ᠰᠢᠲᠠᠮᠠᠬᠠᠢ ᠬᠡᠢ ᠶᠢ ᠭᠠᠳᠠᠭᠰᠢᠯᠠᠭᠤᠯᠤᠨ᠎ᠠ᠂ ᠲᠣᠰ ᠰᠢᠲᠠᠮᠠᠬᠠᠢ ᠬᠡᠢ ᠶᠢ ᠳᠠᠮᠵᠢᠭᠤᠯᠬᠤ ᠬᠤᠭᠤᠯᠠᠶ ᠪᠠᠷ ᠲᠣᠰᠣ ᠰᠠᠪᠠᠯᠠᠬᠤ ᠲᠡᠷᠭᠡᠨ ᠳᠤ ᠳᠠᠬᠢᠨ ᠪᠤᠴᠠᠭᠠᠨ ᠬᠤᠷᠢᠶᠠᠵᠤ᠂ ᠰᠢᠲᠠᠮᠠᠬᠠᠢ ᠬᠡᠢ ᠶᠢᠨ ᠣᠷᠴᠢᠯᠲᠤ ᠲᠣᠰᠣ ᠪᠠᠭᠤᠯᠭᠠᠬᠤ ᠶᠠᠪᠤᠴᠠ ᠶᠢ ᠪᠡᠶᠡᠯᠡᠭᠦᠯᠦᠨ᠎ᠡ᠃ ᠬᠤᠶᠠᠳᠤᠭᠠᠷ ᠱᠠᠲᠤ ᠪᠣᠯ ᠲᠤᠰᠤ ᠨᠡᠮᠡᠬᠦ ᠰᠢᠲᠠᠮᠠᠭᠠᠢ ᠬᠡᠢ ᠶᠢ ᠬᠤᠷᠢᠶᠠᠨ ᠠᠪᠬᠤ ᠰᠢᠰᠲ᠋ᠧᠮ ᠢ ᠠᠵᠢᠯᠯᠠᠭᠤᠯᠤᠨ᠎ᠠ᠂ ᠡᠨᠡ ᠬᠦ ᠱᠠᠲᠤᠨ ᠤ ᠡᠭᠡᠭᠦᠯᠦᠨ ᠬᠤᠷᠢᠶᠠᠬᠤ ᠤᠭ ᠶᠣᠰᠣ ᠪᠣᠯ ᠮᠠᠰᠢᠨ ᠲᠡᠷᠭᠡᠨ ᠤ ᠲᠣᠰᠣᠨ ᠬᠠᠶᠢᠷᠴᠠᠭ ᠲᠤ ᠲᠣᠰᠣ ᠲᠦᠭᠡᠭᠡᠬᠦ ᠦᠶᠡᠰ᠂ ᠰᠢᠲᠠᠮᠠᠬᠠᠢ ᠬᠡᠢ ᠶᠢ ᠬᠤᠷᠢᠶᠠᠨ ᠠᠪᠬᠤ ᠬᠤᠭᠤᠰᠣᠨ ᠬᠥᠭᠡᠷᠭᠡ ᠪᠠᠷ ᠲᠤᠰᠠᠯᠠᠬᠤ ᠬᠥᠳᠡᠯᠭᠡᠬᠦ ᠬᠦᠴᠦᠨ ᠪᠣᠯᠭᠠᠵᠤ᠂ ᠰᠢᠲᠠᠮᠠᠬᠠᠢ ᠬᠡᠢ ᠶᠢ ᠬᠤᠷᠢᠶᠠᠨ ᠠᠪᠬᠤ ᠲᠣᠰᠣ ᠨᠡᠮᠡᠬᠦ ᠴᠤᠷᠭᠤ᠂ ᠬᠠᠷᠢᠴᠠᠯ ᠢ ᠲᠣᠬᠢᠷᠠᠭᠤᠯᠬᠤ ᠨᠡᠭᠡᠯᠡᠬᠡᠶ᠂ ᠲᠠᠰᠤᠯᠬᠤ ᠨᠡᠭᠡᠯᠡᠬᠡᠶ᠂ ᠢᠵᠢᠯᠢ ᠲᠡᠩᠭᠡᠯᠢᠭᠲᠦ ᠭᠤᠮ ᠬᠤᠭᠤᠯᠠᠶ᠂ ᠰᠢᠲᠠᠮᠠᠬᠠᠢ ᠬᠡᠢ ᠶᠢ ᠰᠠᠯᠭᠠᠬᠤ ᠵᠠᠯᠭᠠᠭᠤᠷ᠂ ᠰᠢᠲᠠᠮᠠᠬᠠᠢ ᠬᠡᠢ ᠶᠢ ᠬᠤᠷᠢᠶᠠᠨ ᠠᠪᠬᠤ ᠬᠤᠭᠤᠯᠠᠶ ᠵᠡᠷᠭᠡ ᠪᠠᠷ ᠳᠠᠮᠵᠢᠨ ᠮᠠᠰᠢᠨ ᠲᠡᠷᠭᠡᠨ ᠤ ᠲᠣᠰᠣᠨ ᠬᠠᠶᠢᠷᠴᠠᠭ ᠲᠤ ᠡᠭᠦᠰᠦᠭᠰᠡᠨ ᠰᠢᠲᠠᠮᠠᠬᠠᠢ ᠬᠡᠢ ᠶᠢ ᠭᠠᠵᠠᠷ ᠳᠣᠤᠷᠠᠬᠢ ᠲᠤᠰᠤᠨ ᠰᠠᠪᠠᠨ ᠳᠤ ᠬᠤᠷᠢᠶᠠᠨ ᠠᠪᠲᠠᠭ ᠪᠠᠶᠢᠨ᠎ᠠ᠃ ᠣᠳᠣᠬᠠᠨ ᠳᠤ᠂ ᠡᠮᠦᠨ᠎ᠡ ᠬᠤᠶᠠᠷ ᠱᠠᠲᠤ ᠶᠢ ᠨᠢᠭᠡᠨᠲᠡ ᠬᠡᠷᠡᠭᠵᠢᠭᠦᠯᠪᠡ᠂ ᠳᠠᠷᠠᠭ᠎ᠠ ᠠᠯᠬᠤᠮ ᠳᠤ ᠰᠢᠲᠠᠮᠠᠬᠠᠢ ᠬᠡᠢ ᠶᠢ ᠬᠤᠷᠢᠶᠠᠨ ᠠᠪᠤᠭᠰᠠᠨ ᠤ ᠳᠠᠷᠠᠭᠠᠬᠢ ᠬᠡᠰᠡᠭ ᠢ ᠰᠢᠶᠳᠪᠦᠷᠢᠯᠡᠬᠦ ᠰᠢᠰᠲ᠋ᠧᠮ ᠢ ᠱᠠᠯᠠᠪᠳᠠᠨ ᠪᠡᠶᠡᠯᠡᠭᠦᠯᠵᠦ᠂ ᠢᠳᠡᠪᠬᠢᠵᠢᠭᠦᠯᠦᠭᠰᠡᠨ ᠨᠡᠭᠦᠷᠡᠰᠦ ᠪᠠᠷ ᠰᠤᠷᠤᠬᠤ ᠠᠷᠭ᠎ᠠ᠂ ᠴᠠᠷᠴᠠᠭᠠᠬᠤ ᠠᠷᠭ᠎ᠠ ᠵᠡᠷᠭᠡ ᠪᠠᠷ ᠳᠠᠮᠵᠢᠭᠤᠯᠤᠨ ᠲᠣᠰᠣ ᠬᠠᠳᠠᠭᠠᠯᠠᠬᠤ ᠰᠠᠪᠠᠨ ᠳᠠᠬᠢ ᠰᠢᠲᠠᠮᠠᠬᠠᠢ ᠬᠡᠢ ᠶᠢ ᠴᠢᠶ᠋ᠢᠦ ᠪᠣᠯᠭᠠᠨ ᠬᠤᠪᠢᠷᠠᠭᠤᠯᠵᠤ ᠲᠣᠰᠣ ᠬᠠᠳᠠᠭᠠᠯᠠᠬᠤ ᠰᠠᠪᠠᠨ ᠳᠤ ᠪᠤᠴᠠᠭᠠᠨ ᠬᠤᠷᠢᠶᠠᠵᠤ᠂ ᠰᠢᠲᠠᠮᠠᠬᠠᠢ ᠬᠡᠢ ᠶᠢᠨ ᠪᠣᠬᠢᠷᠲᠤᠯ ᠢ ᠪᠠᠭᠠᠰᠬᠠᠬᠤ ᠶᠢ ᠵᠢᠭᠠᠵᠤ ᠪᠤᠢ︾ ᠭᠡᠪᠡ᠃      ᠦᠬᠠᠶ ᠬᠤᠲᠠ ᠣᠳᠣᠬᠠᠨ ᠳᠤ ᠲᠣᠰᠣ ᠬᠠᠳᠠᠭᠠᠯᠠᠬᠤ ᠬᠥᠮᠥᠷᠭᠡ 3 ᠪᠠᠶᠢᠵᠤ᠂ ᠬᠡᠪ ᠤᠨ ᠶᠣᠰᠣᠭᠠᠷ ᠡᠵᠡᠩᠨᠡᠵᠦ ᠪᠠᠶᠢᠭ᠎ᠠ ᠪᠥᠭᠡᠳ ᠰᠢᠲᠠᠮᠠᠬᠠᠶ ᠬᠡᠢ ᠶᠢ ᠪᠤᠴᠠᠭᠠᠨ ᠬᠤᠷᠢᠶᠠᠬᠤ ᠵᠠᠰᠠᠯᠲᠠ ᠳᠤ ᠤᠷᠤᠭᠰᠠᠨ ᠨᠢ 76 ᠲᠤᠰᠤ ᠨᠡᠮᠡᠬᠦ ᠥᠷᠲᠡᠭᠡ ᠪᠠᠶᠢᠵᠤ᠂  ᠰᠢᠲᠠᠮᠠᠬᠠᠶ ᠬᠡᠢ ᠶᠢ ᠬᠤᠷᠢᠶᠠᠨ ᠠᠪᠬᠤ ᠵᠠᠰᠠᠯᠲᠠ ᠶᠢ ᠪᠦᠬᠦᠨ ᠢ ᠪᠡᠶᠡᠯᠡᠭᠦᠯᠵᠡᠶ᠃ ᠬᠤᠶᠢᠰᠢᠳᠠ᠂ ᠦᠬᠠᠶ ᠬᠤᠲᠠ ᠶᠢᠨ ᠬᠢᠨ ᠰᠢᠲᠠᠮᠠᠬᠠᠢ ᠬᠡᠢ ᠶᠢ ᠬᠤᠷᠢᠶᠠᠨ ᠠᠪᠬᠤ ᠡᠳᠦᠷ ᠲᠣᠲᠤᠮ ᠤᠨ ᠬᠢᠨᠠᠯᠲᠠ ᠬᠠᠮᠢᠶᠠᠷᠤᠯᠲᠠ ᠶᠢᠨ ᠠᠵᠢᠯ ᠢᠶᠠᠨ ᠤᠯᠠᠮ ᠨᠢᠭᠡ ᠠᠯᠬᠤᠮ ᠴᠢᠩᠭᠠᠳᠬᠠᠵᠤ᠂ ᠲᠣᠭᠤᠷᠢᠨ ᠪᠠᠶᠢᠴᠠᠭᠠᠬᠤ ᠡᠷᠴᠢᠮ ᠢᠶᠠᠨ ᠴᠢᠩᠭᠠᠷᠠᠭᠤᠯᠵᠤ᠂ ᠲᠣᠰᠣ ᠨᠡᠮᠡᠬᠦ ᠥᠷᠲᠡᠭᠡ᠂ ᠲᠣᠰᠣ ᠬᠠᠳᠠᠭᠠᠯᠠᠬᠤ ᠬᠥᠮᠥᠷᠭᠡ ᠶᠢᠨ ᠰᠢᠲᠠᠮᠠᠬᠠᠢ ᠬᠡᠢ ᠶᠢ ᠬᠤᠷᠢᠶᠠᠨ ᠠᠪᠬᠤ ᠲᠥᠬᠦᠭᠡᠷᠦᠮᠵᠢ ᠶᠢᠨ ᠬᠡᠷᠡᠭᠯᠡᠯᠲᠡ ᠶᠢᠨ ᠪᠠᠶᠢᠳᠠᠯ᠂ ᠬᠠᠮᠠᠭᠠᠯᠠᠯᠲᠠ ᠶᠢᠨ ᠪᠠᠶᠢᠳᠠᠯ ᠳᠤ ᠲᠣᠭᠲᠠᠮᠠᠯ ᠬᠤᠭᠤᠴᠠᠭ᠎ᠠ ᠲᠠᠢ ᠪᠠᠷ ᠪᠠᠶᠢᠴᠠᠭᠠᠯᠲᠠ ᠬᠢᠬᠦ ᠶᠢᠨ ᠬᠠᠮᠲᠤ ᠣᠷᠴᠢᠨ ᠲᠣᠭᠤᠷᠢᠨ ᠤ ᠬᠠᠮᠠᠭᠠᠯᠠᠯᠲᠠ ᠵᠡᠷᠭᠡ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠵᠢᠯᠴᠠᠨ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠬᠤ ᠶᠢᠨ ᠳᠠᠭᠠᠤ᠂ ᠰᠢᠲᠠᠮᠠᠬᠠᠢ ᠬᠡᠢ ᠶᠢ ᠬᠤᠷᠢᠶᠠᠨ ᠠᠪᠬᠤ ᠵᠠᠰᠠᠯᠲᠠ ᠶᠢ ᠲᠤᠰᠤ ᠨᠡᠮᠡᠬᠦ ᠥᠷᠲᠡᠭᠡ᠂ ᠲᠣᠰᠣ ᠬᠠᠳᠠᠭᠠᠯᠠᠬᠤ ᠬᠥᠮᠥᠷᠭᠡ ᠶᠢᠨ ᠲᠥᠯᠥᠪᠵᠢᠭᠦᠯᠭᠡ ᠶᠢ ᠬᠢᠨᠠᠨ ᠵᠥᠪᠰᠢᠶᠡᠷᠡᠬᠦ ᠪᠠ  ᠪᠣᠯᠪᠠᠰᠤᠷᠠᠭᠤᠯᠤᠭᠰᠠᠨ ᠲᠤᠰᠤ ᠶᠢᠨ ᠵᠢᠯ ᠤᠨ ᠪᠠᠶᠢᠴᠠᠭᠠᠯᠲᠠ ᠵᠡᠷᠭᠡ ᠪᠠᠶᠢᠩᠭᠤᠵᠢᠭᠰᠠᠨ ᠬᠠᠮᠢᠶᠠᠷᠤᠯᠲᠠ ᠳᠤ ᠣᠷᠣᠭᠤᠯᠵᠤ᠂ ᠰᠢᠲᠠᠮᠠᠬᠠᠢ ᠬᠡᠢ ᠶᠢ ᠬᠤᠷᠢᠶᠠᠨ ᠠᠪᠬᠤ ᠦᠷ᠎ᠡ ᠪᠦᠲᠦᠭᠡᠯ ᠢ ᠦᠷᠭᠦᠯᠵᠢᠯᠡᠨ ᠪᠠᠲᠤᠳᠬᠠᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号