ᠬᠢᠯᠢ ᠶᠢᠨ ᠪᠣᠭᠤᠮᠲᠠ ᠶᠢᠨ ᠠᠵᠢᠯ ᠢ ᠦᠨᠡᠨ ᠬᠦ ᠰᠠᠶᠢᠲᠤᠷ ᠬᠢᠵᠦ᠂ ᠪᠣᠭᠤᠮᠲᠠ ᠪᠠᠷ ᠥᠩᠭᠡᠷᠡᠬᠦ ᠣᠷᠴᠢᠨ | ᠨᠦᠬᠦᠴᠡᠯ ᠢ ᠤᠯᠠᠮ ᠨᠢᠭᠡ ᠠᠯᠬᠤᠮ ᠰᠢᠯᠢᠳᠡᠭᠵᠢᠭᠦᠯᠬᠦ ᠶᠢᠨ ᠲᠤᠰᠠᠳᠠ᠂ ᠮᠠᠨᠵᠤᠤᠷ ᠬᠤᠲᠠ ᠶᠢᠨ ᠬᠢᠯᠢ ᠶᠢᠨ | ᠪᠣᠭᠤᠮᠲᠠ ᠶᠢᠨ ᠠᠯᠪᠠᠨ ᠭᠡᠷ ᠤᠨ ᠬᠢᠨ ᠲᠤᠬᠠᠶ ᠶᠢᠨ ᠲᠠᠯᠠᠪᠠᠢ ᠶᠢᠨ ᠪᠣᠭᠤᠮᠲᠠ ᠪᠠᠷ ᠥᠩᠭᠡᠷᠡᠬᠦ ᠪᠣᠳᠠᠲᠤ ᠪᠠᠶᠢᠳᠠᠯ ᠳᠤ | ᠰᠠᠭᠤᠷᠢᠯᠠᠨ᠂ ︽ᠮᠠᠨᠵᠤᠤᠷ ᠬᠤᠲᠠ ᠶᠢᠨ ᠬᠢᠯᠢ ᠶᠢᠨ ᠪᠣᠭᠤᠮᠲᠠ ᠶᠢᠨ ᠬᠠᠮᠢᠶᠠᠷᠤᠯᠲᠠ ᠶᠢᠨ ᠠᠯᠪᠠᠨ ᠭᠡᠷ ᠤᠨ ᠠᠳᠠᠯ | ᠠᠬᠤᠢ ᠶᠢᠨ ᠲᠥᠪ ᠤᠨ ᠦᠶᠯᠡᠴᠢᠯᠡᠭᠡᠨ ᠤ ᠥᠷᠲᠡᠭᠡ︾ ᠶᠢᠨ ᠬᠢᠯᠢ ᠶᠢᠨ ᠪᠣᠭᠤᠮᠲᠠ ᠶᠢᠨ ᠦᠶᠯᠡᠴᠢᠯᠡᠭᠡᠨ ᠤ ᠡᠭᠦᠷᠭᠡ | ᠴᠢᠳᠠᠪᠤᠷᠢ ᠶᠢ ᠭᠦᠶᠴᠡᠳ ᠪᠠᠳᠠᠷᠠᠭᠤᠯᠵᠤ᠂ ᠢᠳᠡᠪᠬᠢᠲᠡᠢ ᠪᠥᠭᠡᠳ ᠰᠠᠨᠠᠭᠠᠴᠢᠯᠠᠭ᠎ᠠ ᠠᠴᠠ ᠪᠠᠨ ᠠᠵᠢᠯᠯᠠᠵᠤ᠂ ᠵᠠᠰᠠᠮᠠᠯ | ᠵᠠᠮ ᠤᠨ ᠬᠢᠯᠢ ᠶᠢᠨ ᠪᠣᠭᠤᠮᠲᠠ ᠪᠠᠷ ᠥᠩᠭᠡᠷᠡᠬᠦ ᠲᠤᠬᠠᠶ ᠶᠢᠨ ᠲᠠᠯᠠᠪᠠᠢ ᠳᠤ ᠪᠣᠭᠤᠮᠲᠠ ᠪᠠᠷ ᠥᠩᠭᠡᠷᠡᠬᠦ | ᠠᠶᠠᠨᠴᠢᠳ ᠲᠤ ᠴᠢᠨᠠᠷ ᠰᠠᠶᠢᠲᠠᠶ ᠦᠶᠯᠡᠴᠢᠯᠡᠭᠡ ᠬᠠᠩᠭᠠᠵᠣ ᠪᠠᠶᠢᠨ᠎ᠠ᠃ | ᠲᠣᠰ ᠥᠷᠲᠡᠭᠡ ᠨᠢ ᠬᠢᠲᠠᠳ ᠣᠷᠣᠰ ᠬᠤᠤᠰ ᠬᠡᠯᠡᠨ ᠤ ᠦᠶᠯᠡᠴᠢᠯᠡᠭᠡᠨ ᠤ ᠭᠠᠷ ᠳᠡᠪᠲᠡᠷ ᠢ ᠳᠠᠷᠤᠮᠠᠯᠯᠠᠵᠤ᠂ | ᠬᠢᠯᠢ ᠶᠢᠨ ᠪᠣᠭᠤᠮᠲᠠ ᠪᠠᠷ ᠥᠩᠭᠡᠷᠡᠬᠦ ᠲᠤᠬᠠᠶ ᠶᠢᠨ ᠲᠠᠯᠠᠪᠠᠢ ᠶᠢᠨ ᠢᠯᠡ ᠭᠠᠵᠠᠷ ᠲᠤ ᠲᠠᠯᠪᠢᠵᠤ᠂ ᠪᠣᠭᠤᠮᠲᠠ ᠪᠠᠷ | ᠥᠩᠭᠡᠷᠡᠬᠦ ᠬᠥᠮᠦᠰ ᠲᠤ ᠳᠥᠭᠦᠮ ᠦᠵᠡᠭᠦᠯᠬᠦ ᠠᠷᠪᠠᠨ ᠵᠦᠶᠯ ᠤᠨ ᠰᠠᠭᠤᠷᠢ ᠦᠶᠯᠡᠴᠢᠯᠡᠭᠡ | ᠬᠠᠩᠭᠠᠪᠠ᠄ ᠨᠢᠭᠡ ᠳᠤ ᠪᠣᠭᠤᠮᠲᠠ ᠪᠠᠷ ᠥᠩᠭᠡᠷᠡᠬᠦ ᠬᠥᠮᠦᠰ ᠤᠨ ᠬᠢᠯᠢ ᠪᠠᠷ ᠣᠷᠣᠵᠤ ᠭᠠᠷᠬᠤ ᠶᠢ ᠠᠰᠠᠭᠤᠨ ᠯᠠᠪᠯᠠᠬᠤ | ᠪᠠ ᠬᠥᠲᠥᠯᠥᠨ ᠵᠢᠯᠣᠭᠤᠳᠬᠤ ᠦᠢᠯᠡᠴᠢᠯᠡᠭᠡ ᠬᠠᠩᠭᠠᠪᠠ︔ ᠬᠤᠶᠠᠷ ᠲᠤ 24 ᠴᠠᠭ ᠤᠨ ᠤᠤᠭᠤᠬᠤ ᠤᠰᠤᠨ ᠤ | ᠦᠶᠯᠡᠴᠢᠯᠡᠭᠡ ᠬᠠᠩᠭᠠᠪᠠ︔ ᠭᠤᠷᠪᠠ ᠳᠤ ᠲᠡᠭᠡᠭᠡᠰᠢ ᠪᠠᠨ ᠲᠦᠷ ᠴᠠᠭ ᠬᠠᠳᠠᠭᠠᠯᠠᠭᠤᠯᠬᠤ ᠦᠶᠯᠡᠴᠢᠯᠡᠭᠡ ᠬᠠᠩᠭᠠᠪᠠ︔ | ᠳᠥᠷᠪᠡ ᠳᠤ ᠭᠠᠷ ᠤᠲᠠᠰᠤᠨ ᠤ ᠪᠠᠴᠢᠮ ᠪᠠᠶᠢᠳᠠᠯ ᠢ ᠠᠷᠭᠠᠴᠠᠬᠤ ᠴᠠᠬᠢᠯᠭᠠᠨ ᠴᠡᠨᠡᠭᠯᠡᠬᠦ ᠰᠠᠭᠤᠷᠢ ᠥᠷᠲᠡᠭᠡᠨ ᠤ | ᠦᠶᠯᠡᠴᠢᠯᠡᠭᠡ ᠬᠠᠩᠭᠠᠪᠠ︔ ᠲᠠᠪᠤ ᠳᠤ ᠢᠯᠢᠵᠦ ᠨᠤᠬᠤᠯᠠᠬᠤ ᠰᠠᠭᠤᠳᠠᠯ ᠤᠨ ᠦᠶᠯᠡᠴᠢᠯᠡᠭᠡ ᠬᠠᠩᠭᠠᠪᠠ︔ | ᠵᠢᠷᠭᠤᠭ᠎ᠠ ᠳᠤ ᠪᠠᠴᠢᠮ ᠪᠠᠶᠢᠳᠠᠯ ᠢ ᠠᠷᠭᠠᠴᠠᠬᠤ ᠡᠮ ᠳᠠᠩ ᠤᠨ ᠬᠠᠶᠢᠷᠴᠠᠭ ᠤᠨ ᠦᠶᠯᠡᠴᠢᠯᠡᠭᠡ ᠬᠠᠩᠭᠠᠪᠠ︔ | ᠳᠣᠯᠤᠭ᠎ᠠ ᠳᠤ ᠳᠥᠭᠦᠮ ᠳᠥᠲᠡ ᠵᠢᠳᠬᠦᠭᠦᠷ ᠲᠡᠷᠭᠡᠨ ᠤ ᠦᠶᠯᠡᠴᠢᠯᠡᠭᠡ ᠬᠠᠩᠭᠠᠪᠠ︔ ᠨᠠᠢᠮᠠ ᠳᠤ ᠵᠡᠮᠳᠡᠭᠴᠦᠳ ᠲᠤ | ᠬᠦᠷᠳᠦᠲᠦ ᠲᠡᠷᠭᠡ ᠶᠢᠨ ᠦᠶᠯᠡᠴᠢᠯᠡᠭᠡ ᠬᠠᠩᠭᠠᠪᠠ︔ ᠶᠢᠰᠦ ᠳᠤ ᠠᠷᠠᠳ ᠲᠤ ᠳᠥᠭᠦᠮ ᠦᠵᠡᠭᠦᠯᠬᠦ ᠰᠢᠬᠦᠷ | ᠬᠠᠩᠭᠠᠪᠠ︔ ᠠᠷᠪᠠ ᠳᠤ ᠪᠠᠴᠢᠮ ᠪᠠᠶᠢᠳᠠᠯ ᠢ ᠠᠪᠤᠷᠠᠨ ᠲᠤᠰᠠᠯᠠᠬᠤ ᠤᠳᠠᠰᠤᠨ ᠤ ᠦᠶᠯᠡᠴᠢᠯᠡᠭᠡ ᠬᠠᠩᠭᠠᠪᠠ᠃ | ᠮᠠᠨᠵᠤᠤᠷ ᠬᠤᠲᠠ ᠶᠢᠨ ᠬᠢᠯᠢ ᠶᠢᠨ ᠪᠣᠭᠤᠮᠲᠠ ᠶᠢᠨ ᠬᠠᠮᠢᠶᠠᠷᠤᠯᠲᠠ ᠶᠢᠨ ᠠᠯᠪᠠᠨ ᠭᠡᠷ ᠤᠨ ᠠᠳᠠᠯ ᠠᠬᠤᠢ ᠶᠢᠨ | ᠲᠥᠪ ᠤᠨ ᠦᠶᠯᠡᠴᠢᠯᠡᠭᠡᠨ ᠤ ᠥᠷᠲᠡᠭᠡ ᠶᠢᠨ ᠠᠵᠢᠯᠲᠠᠳ ᠵᠠᠰᠠᠮᠠᠯ ᠵᠠᠮ ᠤᠨ ᠬᠢᠯᠢ ᠶᠢᠨ ᠪᠣᠭᠤᠮᠲᠠ ᠪᠠᠷ ᠥᠩᠭᠡᠷᠡᠬᠦ | ᠲᠤᠬᠠᠶ ᠶᠢᠨ ᠲᠠᠯᠠᠪᠠᠢ ᠳᠤ᠂ ᠠᠶᠠᠨᠴᠢᠳ ᠲᠤ ᠲᠥᠯᠥᠪᠦᠷᠢ ᠥᠬᠡᠶ ᠪᠠᠷ ᠪᠦᠷᠢᠨ ᠭᠦᠶᠴᠡᠳ᠂ ᠳᠥᠭᠦᠮ ᠳᠥᠲᠡ ᠡᠯ᠎ᠡ | ᠵᠦᠶᠯ ᠤᠨ ᠦᠶᠯᠡᠴᠢᠯᠡᠭᠡ ᠶᠢ ᠤᠷᠲᠤ ᠬᠤᠭᠤᠴᠠᠭ᠎ᠠ ᠪᠠᠷ ᠬᠠᠩᠭᠠᠵᠤ᠂ ᠦᠶᠯᠡᠴᠢᠯᠡᠭᠡᠨ ᠤ ᠬᠢᠷᠢ ᠲᠦᠪᠰᠢᠨ ᠢᠶᠠᠨ | ᠲᠠᠰᠤᠷᠠᠯᠲᠠ ᠥᠬᠡᠶ ᠳᠡᠭᠡᠭᠰᠢᠯᠡᠭᠦᠯᠵᠦ᠂ ᠬᠢᠯᠢ ᠶᠢᠨ ᠪᠣᠭᠤᠮᠲᠠ ᠪᠠᠷ ᠥᠩᠭᠡᠷᠡᠬᠦ ᠣᠷᠴᠢᠨ ᠨᠦᠬᠦᠴᠡᠯ ᠢ ᠦᠷᠭᠦᠯᠵᠢᠯᠡᠨ | ᠰᠢᠯᠢᠳᠡᠭᠵᠢᠭᠦᠯᠬᠦ ᠪᠤᠯᠤᠨ᠎ᠠ᠃ |