ᠣᠶᠢᠷ᠎ᠠ ᠳᠤ᠂ ᠪᠥᠬᠦ ᠬᠤᠲᠠ ᠶᠢᠨ ᠠᠩᠬᠠᠳᠠᠭᠴᠢ ᠰᠡᠳᠬᠢᠴᠠ ᠶᠢᠨ ᠦᠶᠯᠡᠴᠢᠯᠡᠭᠡᠨ ᠤ ᠲᠥᠪ ᠳ᠋ᠦᠩᠱᠧᠩ | ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠵᠡᠭᠡᠯᠢ ᠳᠤ ᠵᠢᠩᠬᠢᠨᠢ ᠪᠠᠷ ᠡᠷᠣᠬᠡ ᠪᠠᠨ ᠰᠡᠬᠦᠪᠡ᠃ | ᠳ᠋ᠦᠩᠱᠧᠩ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠵᠡᠭᠡᠯᠢ ᠶᠢᠨ ᠬᠠᠤᠯᠢ ᠴᠠᠭᠠᠵᠠ ᠶᠢᠨ | ᠲᠣᠪᠴᠢᠶ᠎ᠠ ᠶᠢᠨ ᠡᠾᠧ ᠶᠤᠸᠠᠢ ᠰᠡᠳᠬᠢᠴᠡ ᠶᠢᠨ ᠦᠶᠯᠡᠴᠢᠯᠡᠭᠡᠨ ᠤ ᠲᠥᠪ ᠤᠨ ᠰᠡᠳᠬᠢᠴᠡ ᠶᠢᠨ ᠵᠦᠪᠯᠡᠭᠴᠢ ᠴᠢᠶᠣᠤ | ᠮᠢᠨ ᠵᠧᠩ ᠬᠠᠷᠢᠶ᠎ᠠ ᠣᠷᠣᠨ ᠤ ᠰᠠᠭᠤᠭᠠᠯᠢ ᠠᠷᠠᠳ ᠲᠤ ᠦᠨ᠎ᠡ ᠲᠦᠯᠦᠪᠣᠷᠢ ᠦᠬᠡᠢ ᠪᠠᠷ ᠰᠡᠳᠬᠢᠴᠡ ᠶᠢᠨ | ᠵᠥᠪᠯᠡᠯᠭᠡ ᠬᠠᠩᠭᠠᠳᠠᠭ ᠮᠦᠷᠳᠡᠬᠡᠨ ᠲᠡᠬᠦᠨ ᠤ ᠡᠯᠡᠰᠦᠨ ᠴᠠᠷ᠎ᠠ ᠪᠣᠯᠤᠨ ᠡᠯᠡᠰᠦᠨ ᠪᠠᠭᠠᠵᠢ ᠨᠤᠭᠤᠳ ᠢ ᠠᠰᠢᠭᠯᠠᠨ | ᠰᠣᠨᠢᠷᠬᠠᠯᠲᠠᠶ ᠲᠣᠭᠯᠠᠭᠠᠮ ᠤᠳ ᠢᠶᠠᠷ ᠪᠣᠳᠠᠲᠤ ᠠᠮᠢᠳᠤᠷᠠᠯ ᠤᠨ ᠳᠤᠮᠳᠠᠬᠢ ᠵᠢᠵᠢᠭ ᠠᠰᠠᠭᠤᠳᠠᠯ ᠤᠳ ᠢ | ᠰᠢᠢᠳᠪᠣᠷᠢᠯᠡᠬᠦ ᠰᠢᠨ᠎ᠡ ᠰᠡᠪᠡᠭᠦᠨ ᠬᠠᠪᠰᠤᠷᠤᠨ ᠵᠢᠯᠣᠭᠤᠳᠬᠤ ᠠᠷᠭ᠎ᠠ ᠮᠠᠶ᠋ᠢᠭ ᠨᠢ ᠰᠠᠭᠤᠭᠠᠯᠢ ᠠᠷᠠᠳ ᠤᠨ | ᠬᠦᠷᠢᠶᠡᠯᠡᠯ ᠢ ᠣᠯᠤᠭᠰᠠᠨ ᠪᠠᠶᠢᠨ᠎ᠠ᠃ ᠬᠠᠷᠢᠶ᠎ᠠ ᠣᠷᠣᠨ ᠤ ᠰᠠᠭᠤᠭᠠᠯᠢ ᠠᠷᠠᠳ ᠯᠢ ᠬᠤᠢ ᠬᠡᠯᠡᠬᠦ ᠳᠤ ᠪᠠᠨ᠄ ︽ᠡᠨᠡ | ᠤᠳᠠᠭᠠᠨ ᠤ ᠰᠡᠳᠬᠢᠴᠡ ᠶᠢᠨ ᠵᠦᠪᠯᠡᠯᠬᠡ ᠨᠢ ᠨᠠᠳᠠ ᠳᠤ ᠲᠤᠩ ᠶᠡᠭᠡ ᠲᠤᠰᠠ ᠪᠣᠯᠵᠡᠢ᠂ ᠪᠢ ᠥᠪᠡᠷ ᠤᠨ | ᠠᠮᠢᠳᠤᠷᠠᠯ ᠤᠨ ᠪᠠᠶᠢᠳᠠᠯ ᠢᠶᠠᠨ ᠳᠠᠬᠢᠨ ᠡᠷᠢᠵᠦ ᠣᠯᠤᠭᠰᠠᠨ ᠰᠢᠭ᠋ ᠰᠠᠨᠠᠭᠳᠠᠵᠤ ᠪᠠᠶᠢᠨ᠎ᠠ︾ ᠭᠡᠵᠡᠢ᠃ | ᠣᠶᠢᠯᠠᠭᠠᠭᠰᠠᠨ ᠢᠶᠠᠷ᠂ ᠳ᠋ᠦᠩᠱᠧᠩ ᠲᠣᠭᠤᠷᠢᠭ ᠤᠨ ᠬᠠᠤᠯᠢ ᠴᠠᠭᠠᠵᠠ ᠶᠢᠨ ᠲᠣᠪᠴᠢᠶ᠎ᠠ ᠶᠢᠨ ᠡᠾᠧ ᠶᠤᠸᠠᠢ | ᠰᠡᠳᠬᠢᠴᠡ ᠶᠢᠨ ᠦᠶᠯᠡᠴᠢᠯᠡᠭᠡᠨ ᠤ ᠲᠥᠪ ᠪᠣᠯ ᠣᠷᠳᠣᠰ ᠬᠤᠲᠠ ᠶᠢᠨ ᠠᠩᠬᠠᠳᠠᠭᠴᠢ ᠰᠡᠳᠬᠢᠴᠡ ᠶᠢᠨ | ᠦᠶᠯᠡᠴᠢᠯᠡᠭᠡᠨ ᠤ ᠲᠥᠪ ᠪᠤᠯᠤᠨ᠎ᠠ᠃ ᠣᠳᠣᠬᠠᠨ ᠳᠤ 33 ᠰᠡᠳᠬᠢᠴᠡ ᠶᠢᠨ ᠵᠦᠪᠯᠡᠭᠴᠢ ᠪᠠ ᠨᠡᠯᠢᠶᠠᠳ ᠬᠡᠳᠣᠨ | ᠰᠠᠶᠢᠨ ᠳᠤᠷ᠎ᠠ ᠶᠢᠨ ᠰᠡᠳᠬᠢᠴᠡ ᠶᠢᠨ ᠬᠠᠪᠰᠤᠷᠤᠨ ᠵᠢᠯᠤᠭᠤᠳᠤᠭᠴᠢ ᠲᠠᠢ᠃ ᠲᠤᠰ ᠦᠢᠯᠡᠴᠢᠯᠡᠬᠡᠨ ᠤ ᠲᠥᠪ ᠨᠢ | ᠰᠡᠳᠬᠢᠴᠡ ᠵᠦᠶ ᠶᠢᠨ ᠮᠡᠳᠡᠯᠭᠡ ᠪᠠ ᠤᠷ᠎ᠠ ᠳᠡᠮ ᠢᠶᠠᠷ ᠳᠠᠮᠵᠢᠨ᠂ ᠣᠯᠠᠨ ᠲᠦᠮᠡᠨ ᠳᠤ ᠰᠡᠳᠬᠢᠴᠡ ᠶᠢᠨ ᠬᠠᠷᠰᠢ | ᠰᠠᠭᠠᠳ ᠢ ᠨᠢ ᠰᠢᠢᠳᠪᠣᠷᠢᠯᠡᠬᠦ᠂ ᠰᠡᠳᠬᠢᠯ ᠤᠨ ᠳᠠᠷᠣᠭᠠᠰᠣ ᠶᠢ ᠨᠢ ᠬᠥᠩᠭᠡᠷᠡᠭᠦᠯᠬᠦ ︽ᠰᠡᠳᠬᠢᠯ ᠤᠨ ᠬᠥᠭᠦᠷᠭᠡ︾ | ᠪᠠ ᠡᠷᠡᠬᠦᠯ ᠡᠩᠬᠡ ᠰᠡᠳᠬᠢᠴᠠ ᠶᠢᠨ ︽ᠣᠶᠣᠨᠴᠢ ᠲᠦᠯᠬᠢᠬᠦᠷ︾ ᠪᠤᠯᠵᠡᠢ᠃ ᠳ᠋ᠦᠩᠱᠧᠩ ᠲᠣᠭᠤᠷᠢᠭ ᠤᠨ | ᠪᠦᠲᠦᠭᠡᠨ ᠪᠠᠶᠢᠭᠤᠯᠤᠯᠲᠠ ᠶᠢᠨ ᠵᠡᠭᠡᠯᠢ ᠶᠢᠨ ᠬᠠᠤᠯᠢ ᠴᠠᠭᠠᠵᠠ ᠶᠢᠨ ᠭᠠᠵᠠᠷ ᠤᠨ ᠳᠠᠷᠤᠭ᠎ᠠ ᠶᠠᠩ ᠨᠠ | ᠲᠠᠨᠢᠯᠴᠠᠭᠤᠯᠬᠤ ᠳᠤ ᠪᠠᠨ᠄ ︽ᠮᠠᠨ ᠤ ᠰᠡᠳᠬᠢᠴᠡ ᠶᠢᠨ ᠦᠶᠯᠡᠴᠢᠯᠡᠭᠡᠨ ᠤ ᠲᠥᠪ ᠨᠢ ᠰᠡᠳᠬᠢᠴᠡ ᠵᠦᠶ ᠶᠢᠨ ᠤᠷ᠎ᠠ | ᠳᠡᠮ ᠢᠶᠠᠷ ᠮᠠᠨ ᠤ ᠠᠳᠡ ᠡᠷᠡᠭᠦᠦ ᠶᠢᠨ ᠰᠢᠶᠳᠬᠡᠯ ᠭᠦᠶᠴᠡᠳᠬᠡᠵᠦ ᠪᠠᠶᠢᠭ᠎ᠠ ᠬᠥᠮᠦᠰ ᠵᠢᠴᠢ ᠲᠡᠳᠡᠨ ᠤ ᠦᠷ᠎ᠡ | ᠬᠡᠦᠬᠡᠳ ᠤᠳ ᠲᠤ ᠰᠡᠳᠬᠢᠴᠡ ᠶᠢᠨ ᠲᠤᠰᠠᠯᠠᠮᠵᠢ ᠪᠠ ᠰᠡᠳᠬᠢᠴᠡ ᠶᠢᠨ ᠵᠢᠯᠣᠭᠤᠳᠤᠯᠭ᠎ᠠ ᠬᠢᠳᠡᠭ᠃ ᠡᠭᠦᠨ ᠤ ᠬᠠᠮᠲᠤ᠂ | ᠮᠠᠨ ᠤ ᠬᠠᠷᠢᠶ᠎ᠠ ᠣᠷᠣᠨ ᠤ ᠰᠡᠳᠬᠢᠴᠡ ᠶᠢᠨ ᠠᠪᠤᠷᠠᠨ ᠲᠤᠰᠠᠯᠠᠯᠲᠠ ᠪᠠᠷ ᠰᠡᠳᠬᠢᠴᠡ ᠪᠠᠨ ᠬᠥᠲᠥᠯᠥᠨ | ᠵᠢᠯᠣᠭᠤᠳᠣᠭᠤᠯᠬᠤ ᠴᠢᠬᠤᠯᠠᠲᠠᠶ ᠰᠠᠭᠤᠭᠠᠯᠢ ᠠᠷᠠᠳ ᠵᠢᠴᠢ ᠮᠠᠨ ᠤ ᠨᠡᠶᠢᠭᠡᠮ ᠲᠣᠭᠤᠷᠢᠭ ᠤᠨ ᠠᠵᠢᠯᠲᠠᠨ | ᠠᠵᠢᠯᠴᠢᠨ ᠳᠤ ᠰᠡᠳᠬᠢᠴᠡ ᠶᠢᠨ ᠠᠪᠤᠷᠠᠨ ᠲᠣᠰᠠᠯᠠᠬᠤ ᠡᠮᠴᠢᠯᠡᠭᠡᠨ ᠤ ᠲᠠᠪᠴᠠᠩ ᠢ ᠬᠠᠩᠭᠠᠵᠤ ᠪᠠᠶᠢᠨ᠎ᠠ︾ ᠭᠡᠵᠡᠢ᠃ | ᠡᠭᠦᠨ ᠠᠴᠠ ᠭᠠᠳᠠᠨ᠎ᠠ᠂ ᠬᠠᠤᠯᠢ ᠴᠠᠭᠠᠵᠠ ᠶᠢᠨ ᠲᠣᠪᠴᠢᠶ᠎ᠠ ᠶᠢᠨ ᠾᠧ ᠶᠤᠸᠠᠢ ᠰᠡᠳᠬᠢᠴᠠ ᠶᠢᠨ | ᠦᠶᠯᠡᠴᠢᠯᠡᠭᠡᠨ ᠤ ᠲᠥᠪ ᠪᠠᠰᠠ ᠲᠤᠰᠬᠠᠶ ᠪᠤᠶᠤ ᠲᠤᠰᠢᠶᠠᠯ ᠬᠠᠪᠰᠤᠷᠭᠠᠭᠰᠠᠨ ᠰᠡᠳᠬᠢᠴᠡ ᠶᠢᠨ ᠠᠵᠢᠯᠲᠠᠳ ᠢ | ᠪᠣᠯᠪᠠᠰᠤᠷᠠᠭᠤᠯᠬᠤ᠂ ᠨᠡᠶᠢᠭᠡᠮ ᠤᠨ ᠬᠦᠴᠦᠨ ᠢ ᠠᠰᠢᠭᠯᠠᠬᠤ ᠵᠡᠷᠭᠡ ᠣᠯᠠᠨ ᠵᠦᠶᠯ ᠤᠨ ᠠᠷᠭ᠎ᠠ ᠵᠠᠮ ᠢᠶᠠᠷ | ᠳᠠᠮᠵᠢᠭᠤᠯᠤᠨ᠂ ᠲᠣᠭᠲᠠᠮᠠᠯ ᠬᠤᠭᠤᠴᠠᠭ᠎ᠠ ᠲᠠᠢ ᠪᠠᠷ ᠦᠮᠦᠭ ᠲᠦᠰᠢᠭ ᠦᠬᠡᠢ᠂ ᠬᠠᠨᠢ ᠨᠦᠬᠦᠷ ᠦᠬᠡᠢ᠂ ᠴᠢᠳᠠᠯ | ᠲᠡᠩᠬᠡᠭᠡ ᠦᠬᠡᠢ᠂ ᠡᠮᠡᠭᠲᠡᠶᠢᠴᠦᠳ᠂ ᠬᠡᠦᠬᠡᠳ᠂ ᠵᠡᠮᠳᠡᠭᠴᠦᠳ ᠵᠡᠷᠭᠡ ᠣᠨᠴᠠᠭᠠᠢ ᠭᠡᠷ ᠪᠦᠯᠢ ᠳᠤ ᠰᠡᠳᠬᠢᠴᠡ ᠶᠢᠨ | ᠬᠠᠪᠰᠤᠷᠤᠨ ᠵᠢᠯᠣᠭᠤᠳᠣᠯᠭ᠎ᠠ ᠬᠢᠬᠦ᠂ ᠤᠷᠮ᠎ᠠ ᠰᠡᠳᠬᠢᠯᠭᠡ ᠶᠢ ᠨᠢ ᠰᠡᠷᠬᠦᠬᠡᠬᠦ᠂ ᠭᠡᠷ ᠪᠦᠯᠢ ᠶᠢᠨ ᠬᠠᠷᠢᠴᠠᠭ᠎ᠠ ᠶᠢ ᠨᠢ | ᠵᠣᠬᠢᠴᠠᠭᠤᠯᠬᠤ ᠵᠡᠷᠭᠡ ᠦᠶᠯᠡᠴᠢᠯᠡᠭᠡ ᠬᠠᠩᠭᠠᠵᠤ ᠪᠠᠶᠢᠨ᠎ᠠ᠃ |