ᠤᠯᠠᠭᠠᠨᠬᠠᠳᠠ ᠬᠤᠲᠠ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠦᠨᠳᠦᠰᠦᠨ ᠡᠮ ᠡᠮᠨᠡᠯᠭᠡ ᠶᠢᠨ | ᠳᠠᠭᠠᠳᠬᠠᠯ ᠳᠤ ᠣᠷᠣᠯᠴᠠᠭᠰᠠᠨ ᠴᠢᠰᠤᠨ ᠳᠠᠷᠤᠯᠲᠠ ᠥᠨᠳᠥᠷ ᠡᠪᠡᠳᠴᠢᠨ᠂ ᠰᠢᠬᠢᠷ ᠰᠢᠵᠢᠩ ᠡᠪᠡᠳᠴᠢᠨ | ︵ᠳᠥᠭᠦᠮᠴᠢᠯᠡᠭᠡᠳ ︽ᠬᠤᠶᠠᠷ ᠡᠪᠡᠳᠴᠢᠨ︾ ᠭᠡᠨ᠎ᠡ︶ ᠤ ᠡᠪᠡᠳᠴᠢᠲᠡᠨ ᠤ ᠤᠯᠤᠰ ᠤᠨ ᠦᠨᠳᠦᠰᠦᠨ ᠡᠮ ᠡᠮᠨᠡᠯᠭᠡ | ᠶᠢᠨ ᠳᠠᠭᠠᠳᠬᠠᠯ ᠳᠤ ᠬᠡᠷᠡᠭᠯᠡᠬᠦ ᠡᠮ ᠤᠨ ᠭᠠᠷᠴᠠᠭ ᠤᠨ ᠬᠡᠪᠴᠢᠶᠡᠨ ᠳᠣᠲᠣᠷᠠᠬᠢ ᠡᠭᠦᠳᠡᠨ ᠡᠮᠨᠡᠯᠭᠡ ᠳᠤ ᠬᠡᠷᠡᠭᠯᠡᠬᠦ ᠡᠮ | ᠤᠨ ᠳᠠᠩᠰᠠ ᠲᠠᠶᠢᠯᠬᠤ ᠬᠠᠷᠢᠴᠠᠯ ᠢ ᠳᠡᠭᠡᠭᠰᠢᠯᠡᠬᠦᠯᠵᠡᠢ᠃ ︽ᠬᠤᠶᠠᠷ ᠡᠪᠡᠳᠴᠢᠨ︾ ᠤ ᠡᠭᠦᠳᠡᠨ ᠡᠮᠨᠡᠯᠭᠡ ᠶᠢᠨ ᠡᠮ | ᠬᠡᠷᠡᠭᠯᠡᠬᠦ ᠪᠠᠲᠤᠯᠠᠭ᠎ᠠ ᠶᠢᠨ ᠲᠣᠭᠲᠠᠴᠠ ᠶᠢ ᠬᠡᠷᠡᠭᠵᠢᠭᠦᠯᠦᠭᠰᠡᠨ ᠠᠴᠠ ︽ᠬᠤᠶᠠᠷ ᠡᠪᠡᠳᠴᠢᠨ︾ ᠤ ᠡᠪᠡᠳᠴᠢᠲᠡᠨ ᠤ | ᠡᠭᠦᠳᠡᠨ ᠡᠮᠨᠡᠯᠭᠡ ᠶᠢᠨ ᠡᠮ ᠬᠡᠷᠡᠭᠯᠡᠬᠦ ᠵᠠᠷᠤᠳᠠᠯ ᠤᠨ ᠳᠠᠷᠤᠭᠠᠰᠤ ᠶᠢ ᠵᠣᠬᠢᠬᠤ ᠬᠡᠮᠵᠢᠶ᠎ᠡ ᠪᠠᠷ ᠬᠥᠩᠭᠡᠷᠡᠭᠦᠯᠪᠡ᠃ | ᠣᠶᠢᠯᠠᠭᠠᠭᠰᠠᠨ ᠢᠶᠠᠷ᠂ ᠥᠪᠡᠷᠲᠡᠭᠡᠨ ᠵᠠᠰᠠᠬᠤ ᠣᠷᠣᠨ ᠤ ᠬᠤᠯᠪᠣᠭᠳᠠᠯ ᠪᠦᠬᠦᠢ ᠪᠢᠴᠢᠭ ᠮᠠᠲ᠋ᠧᠷᠢᠶᠠᠯ ᠤᠨ | ᠵᠣᠷᠢᠭ ᠰᠠᠨᠠᠭ᠎ᠠ ᠶᠢ ᠦᠨᠳᠦᠰᠦᠯᠡᠨ᠂ ᠤᠯᠠᠭᠠᠨᠬᠠᠳᠠ ᠬᠤᠲᠠ ︽ᠤᠯᠠᠭᠠᠨᠬᠠᠳᠠ ᠬᠤᠲᠠ ᠶᠢᠨ ᠬᠤᠲᠠ ᠬᠥᠳᠡᠭᠡ ᠶᠢᠨ | ᠰᠠᠭᠤᠭᠠᠯᠢ ᠠᠷᠠᠳ ᠤᠨ ᠴᠢᠰᠤᠨ ᠳᠠᠷᠤᠯᠲᠠ ᠥᠨᠳᠥᠷ ᠡᠪᠡᠳᠴᠢᠨ ᠪᠠ ᠰᠢᠬᠢᠷ ᠰᠢᠵᠢᠩ ᠡᠪᠡᠳᠴᠢᠨ ᠤ ᠡᠭᠦᠳᠡᠨ | ᠡᠮᠨᠡᠯᠭᠡ ᠳᠤ ᠡᠮ ᠬᠡᠷᠡᠭᠯᠡᠬᠦ ᠪᠠᠲᠤᠯᠠᠭ᠎ᠠ ᠶᠢᠨ ᠲᠣᠭᠲᠠᠴᠠ ᠶᠢ ᠲᠡᠭᠦᠯᠳᠡᠷᠵᠢᠭᠦᠯᠬᠦ ᠬᠡᠷᠡᠭᠵᠢᠬᠦᠯᠦᠯᠳᠡ ᠶᠢᠨ ᠨᠠᠷᠢᠨ | ᠳᠦᠷᠢᠮ︾ ︵ᠳᠣᠷᠣᠭᠰᠢ ︽ᠨᠠᠷᠢᠨ ᠳᠦᠷᠢᠮ︾ ᠭᠡᠵᠦ ᠲᠣᠪᠴᠢᠯᠠᠨ᠎ᠠ︶ ᠢ ᠨᠡᠶᠢᠲᠡᠯᠡᠪᠡ᠃ ︽ᠨᠠᠷᠢᠨ ᠳᠦᠷᠢᠮ︾ | ᠳᠤ ᠪᠠᠲᠤᠯᠠᠭ᠎ᠠ ᠶᠢᠨ ᠬᠦᠮᠦᠰ ᠨᠢ ᠤᠯᠠᠭᠠᠨᠬᠠᠳᠠ ᠬᠤᠲᠠ ᠶᠢᠨ ᠬᠤᠲᠠ ᠬᠥᠳᠡᠭᠡ ᠶᠢᠨ ᠰᠠᠭᠤᠭᠠᠯᠢ ᠠᠷᠠᠳ ᠤᠨ | ᠦᠨᠳᠦᠰᠦᠨ ᠡᠮ ᠡᠮᠨᠡᠯᠭᠡ ᠶᠢᠨ ᠳᠠᠭᠠᠳᠬᠠᠯ ᠳᠤ ᠣᠷᠣᠯᠴᠠᠵᠤ᠂ ᠵᠢᠷᠤᠮᠵᠢᠯ ᠲᠠᠢ ᠣᠨᠣᠰᠢᠯᠠᠬᠤ ᠪᠠᠷ ᠳᠠᠮᠵᠢᠨ ᠴᠢᠰᠤᠨ | ᠳᠠᠷᠤᠯᠲᠠ ᠥᠨᠳᠥᠷ ᠡᠪᠡᠳᠴᠢᠨ᠂ ᠰᠢᠬᠢᠷ ᠰᠢᠵᠢᠩ ᠡᠪᠡᠳᠴᠢᠨ ᠭᠡᠵᠦ ᠲᠣᠳᠣᠯᠠᠭᠰᠠᠨ ᠤ ᠳᠠᠷᠠᠭ᠎ᠠ᠂ ᠴᠢᠰᠤᠨ | ᠳᠠᠷᠤᠯᠲᠠ ᠶᠢ ᠪᠠᠭᠤᠷᠠᠭᠤᠯᠬᠤ᠂ ᠴᠢᠰᠤᠨ ᠰᠢᠬᠢᠷ ᠢ ᠪᠠᠭᠤᠷᠠᠭᠤᠯᠬᠤ ᠡᠮ ᠤᠤᠭᠤᠬᠤ ᠴᠢᠬᠤᠯᠠᠲᠠᠶ ︽ᠬᠤᠶᠠᠷ | ᠡᠪᠡᠳᠴᠢᠨ︾ ᠤ ᠡᠪᠡᠳᠴᠢᠲᠡᠨ ᠭᠡᠳᠡᠭ ᠢ ᠲᠣᠳᠣᠷᠬᠠᠶᠢᠯᠠᠵᠡᠢ᠃ ︽ᠬᠤᠶᠠᠷ ᠡᠪᠡᠳᠴᠢᠨ︾ ᠤ ᠡᠭᠦᠳᠡᠨ ᠡᠮᠨᠡᠯᠭᠡ | ᠶᠢᠨ ᠳᠠᠩᠰᠠ ᠲᠠᠶᠢᠯᠬᠤ ᠡᠮ ᠬᠡᠷᠡᠭᠯᠡᠬᠦ ᠬᠡᠪᠴᠢᠶ᠎ᠡ ᠪᠤᠯ ᠬᠠᠮᠤᠭ ᠤᠨ ᠰᠢᠨ᠎ᠡ ᠬᠡᠪᠯᠡᠯ ᠤᠨ ᠤᠯᠤᠰ ᠤᠨ ᠦᠨᠳᠦᠰᠦᠨ | ᠡᠮ ᠡᠮᠨᠡᠯᠭᠡ ᠶᠢᠨ ᠳᠠᠭᠠᠳᠬᠠᠯ ᠤᠨ ᠡᠮ ᠤᠨ ᠵᠦᠶᠯ ᠤᠨ ᠭᠠᠷᠴᠠᠭ ᠲᠤ ᠵᠢᠭᠰᠠᠭᠠᠭᠳᠠᠭᠰᠠᠨ ᠲᠥᠷᠥᠯ ᠵᠦᠶᠯ ᠤᠨ | ᠬᠡᠪᠴᠢᠶᠡᠨ ᠳᠣᠲᠣᠷ᠎ᠠ᠂ ︽ᠬᠤᠶᠠᠷ ᠡᠪᠡᠳᠴᠢᠨ︾ ᠤ ᠡᠪᠡᠳᠴᠢᠲᠡᠨ ᠤ ᠡᠭᠦᠳᠡᠨ ᠡᠮᠨᠡᠯᠭᠡ ᠶᠢᠨ ᠴᠢᠰᠤᠨ ᠳᠠᠷᠤᠯᠲᠠ | ᠶᠢ ᠪᠠᠭᠤᠷᠠᠭᠤᠯᠬᠤ᠂ ᠴᠢᠰᠤᠨ ᠰᠢᠬᠢᠷ ᠢ ᠪᠠᠭᠤᠷᠠᠭᠤᠯᠬᠤ ᠲᠠᠨᠢᠯᠴᠠᠭᠤᠯᠣᠭᠰᠠᠨ ᠡᠮ ᠤᠨ ᠵᠦᠶᠯ ᠢ ᠬᠡᠷᠡᠭᠯᠡᠬᠦ ᠪᠠ | ᠲᠥᠯᠥᠬᠦ ᠪᠠᠷᠢᠮᠵᠢᠶ᠎ᠠ ᠶᠢ ᠦᠨᠳᠦᠰᠦᠯᠡᠨ᠂ ᠭᠠᠷᠴᠠᠭ ᠤᠨ ᠬᠥᠬᠡ ᠲᠥᠷᠥᠯ ᠤᠨ ᠡᠮ ᠤᠨ ᠵᠦᠶᠯ᠂ ᠤᠯᠤᠰ ᠤᠨ | ᠦᠨᠳᠦᠰᠦᠨ ᠡᠮ ᠤᠨ ᠵᠦᠶᠯ᠂ ᠨᠢᠭᠡᠳᠣᠯᠳᠡᠢ ᠦᠨᠡᠯᠡᠯᠲᠡ ᠬᠢᠭᠰᠡᠨ ᠪᠠ ᠲᠥᠪᠯᠡᠷᠡᠭᠦᠯᠦᠨ ᠳᠠᠭᠠᠭᠠᠴᠢᠯᠠᠯᠲᠠ ᠵᠠᠷᠯᠠᠵᠤ | ᠬᠤᠳᠠᠯᠳᠤᠨ ᠠᠪᠬᠤ ᠳᠤ ᠰᠣᠩᠭᠤᠭᠳᠠᠭᠰᠠᠨ ᠡᠮ ᠤᠨ ᠵᠦᠶᠯ ᠢ ᠤᠷᠢᠳ ᠢᠶᠠᠷ ᠰᠣᠩᠭᠤᠨ ᠬᠡᠷᠡᠭᠯᠡᠨ᠎ᠡ᠃ ᠴᠢᠰᠤᠨ | ᠳᠠᠷᠤᠯᠲᠠ ᠥᠨᠳᠥᠷ ᠡᠪᠡᠳᠴᠢᠳᠡᠨ ᠪᠠ ᠰᠢᠬᠢᠷ ᠰᠢᠵᠢᠩ ᠡᠪᠡᠳᠴᠢᠲᠡᠨ ᠤ ᠡᠭᠦᠳᠡᠨ ᠡᠮᠨᠡᠯᠭᠡ ᠳᠤ ᠬᠡᠷᠡᠭᠯᠡᠬᠦ ᠡᠮ ᠤᠨ | ᠲᠥᠷᠦ ᠶᠢᠨ ᠪᠣᠳᠣᠯᠭ᠎ᠠ ᠶᠢᠨ ᠬᠡᠪᠴᠢᠶᠡᠨ ᠳᠣᠲᠣᠷ᠎ᠠ ᠲᠦᠯᠦᠬᠦ ᠬᠠᠷᠢᠴᠠᠯ ᠨᠢ ᠪᠦᠷ 50% ᠪᠤᠯᠤᠨ᠎ᠠ᠂ ᠵᠢᠯ ᠤᠨ | ᠬᠠᠮᠤᠭ ᠤᠨ ᠥᠨᠳᠥᠷ ᠲᠦᠯᠦᠬᠦ ᠬᠢᠵᠠᠭᠠᠷ ᠨᠢ ᠴᠢᠰᠤᠨ ᠳᠠᠷᠤᠯᠲᠠ ᠦᠨᠳᠣᠷ ᠡᠪᠡᠳᠴᠢᠳᠡᠨ ᠪᠤᠯ 300 ᠲᠥᠭᠦᠷᠢᠭ᠂ | ᠰᠢᠬᠢᠷ ᠰᠢᠵᠢᠩ ᠡᠪᠡᠳᠴᠢᠳᠡᠨ ᠪᠤᠯ 600 ᠲᠥᠭᠦᠷᠢᠭ᠂ ︽ᠬᠤᠶᠠᠷ ᠡᠪᠡᠳᠴᠢᠨ︾ ᠳᠠᠪᠬᠤᠷᠳᠠᠭᠰᠠᠨ ᠡᠪᠡᠳᠴᠢᠳᠡᠨ | 600 ᠲᠥᠭᠦᠷᠢᠭ ᠪᠣᠯᠤᠨ᠎ᠠ᠃ | ︽ᠨᠠᠷᠢᠨ ᠳᠦᠷᠢᠮ︾ ᠳᠤ ᠲᠣᠭᠲᠠᠭᠠᠭᠰᠠᠨ ︽ᠬᠤᠶᠠᠷ ᠡᠪᠡᠳᠴᠢᠨ︾ ᠤ ᠡᠪᠡᠳᠴᠢᠲᠡᠨ ᠠᠩᠬ᠎ᠠ ᠤᠳᠠᠭ᠎ᠠ | ᠡᠭᠦᠳᠡᠨ ᠡᠮᠨᠡᠯᠭᠡ ᠳᠤ ᠡᠮ ᠬᠡᠷᠡᠭᠯᠡᠬᠦ ᠪᠠᠷ ᠮᠡᠳᠡᠭᠦᠯᠬᠦ ᠳᠤ᠂ ᠬᠤᠶᠠᠳᠤᠭᠠᠷ ᠳᠡᠰ ᠵᠢᠴᠢ ᠲᠡᠭᠦᠨ ᠠᠴᠠ ᠳᠣᠷᠣᠭᠰᠢᠬᠢ | ᠲᠣᠭᠲᠠᠭᠰᠠᠨ ᠴᠡᠭ ᠪᠦᠬᠦᠢ ᠦᠨᠳᠦᠰᠦᠨ ᠱᠠᠲᠤᠨ ᠤ ᠡᠮᠴᠢᠯᠡᠭᠡᠨ ᠤ ᠪᠠᠶᠢᠭᠤᠯᠤᠮᠵᠢ ᠠᠴᠠ ᠳᠠᠭᠠᠳᠬᠠᠯ ᠳᠤ | ᠣᠷᠣᠯᠴᠠᠭᠰᠠᠨ ᠭᠠᠵᠠᠷ ᠤᠨ ᠡᠮᠴᠢᠯᠡᠭᠡᠨ ᠤ ᠳᠠᠭᠠᠳᠬᠠᠯ ᠤᠨ ᠭᠠᠷᠲᠠᠨ ᠭᠦᠶᠴᠡᠳᠬᠡᠬᠦ ᠪᠠᠶᠢᠭᠤᠯᠣᠮᠵᠢ ᠳᠤ ᠰᠦᠯᠵᠢᠶᠡᠨ | ᠳᠡᠭᠡᠷ᠎ᠡ ᠳᠠᠩᠰᠠᠯᠠᠭᠤᠯᠬᠤ ᠶᠢᠨ ᠬᠠᠮᠲᠤ ᠬᠠᠮᠢᠶ᠎ᠠ ᠪᠦᠬᠦᠢ ᠮᠠᠲ᠋ᠧᠷᠢᠶᠠᠯ ᠢ ᠲᠤᠰᠢᠶᠠᠨ᠎ᠠ᠃ ︽ᠬᠤᠶᠠᠷ ᠡᠪᠡᠳᠴᠢᠨ︾ ᠤ | ᠡᠭᠦᠳᠡᠨ ᠡᠮᠨᠡᠯᠭᠡ ᠳᠤ ᠡᠮ ᠬᠡᠷᠡᠭᠯᠡᠵᠦ ᠪᠠᠶᠢᠭ᠎ᠠ ᠡᠪᠡᠳᠴᠢᠲᠡᠨ ᠡᠩ ᠤᠨ ᠡᠭᠦᠳᠡᠨ ᠡᠮᠨᠡᠯᠭᠡ ᠶᠢᠨ ᠠᠵᠢᠭᠯᠠᠯᠲᠠ | ᠳᠤᠮᠳᠠᠬᠢ ︽ᠬᠤᠶᠠᠷ ᠡᠪᠡᠳᠴᠢᠨ︾ ᠤ ᠡᠭᠦᠳᠡᠨ ᠡᠮᠨᠡᠯᠭᠡ ᠶᠢᠨ ᠡᠮ ᠢ ᠬᠡᠷᠡᠭᠯᠡᠵᠦ ᠪᠣᠯᠬᠤ ᠥᠬᠡᠶ᠃ ︽ᠬᠤᠶᠠᠷ | ᠡᠪᠡᠳᠴᠢᠨ︾ ᠳᠠᠪᠬᠤᠷᠳᠠᠭᠰᠠᠨ ᠡᠪᠡᠳᠴᠢᠳᠡᠨ᠂ ︽ᠬᠤᠶᠠᠷ ᠡᠪᠡᠳᠴᠢᠨ︾ ᠤ ᠡᠭᠦᠳᠡᠨ ᠡᠮᠨᠡᠯᠭᠡ ᠶᠢᠨ ᠡᠮ ᠬᠡᠷᠡᠭᠯᠡᠬᠦ | ᠬᠠᠷᠠᠭᠠᠯᠵᠠᠯ ᠢ ᠬᠦᠷᠲᠡᠬᠦ ᠠᠴᠠ ᠭᠠᠳᠠᠨ᠎ᠠ᠂ ᠪᠠᠰᠠ ᠥᠭᠡᠷ᠎ᠡ ᠨᠢᠭᠡ ᠵᠦᠶᠯ ᠤᠨ ᠰᠠᠭᠤᠭᠠᠯᠢ ᠠᠷᠠᠳ ᠤᠨ ᠡᠮ ᠡᠮᠨᠡᠯᠭᠡ | ᠶᠢᠨ ᠳᠠᠭᠠᠳᠬᠠᠯ ᠤᠨ ᠡᠭᠦᠳᠡᠨ ᠡᠮᠨᠡᠯᠭᠡ ᠶᠢᠨ ᠠᠷᠬᠠᠭ ᠡᠪᠡᠳᠴᠢᠨ ᠤ ᠬᠠᠷᠠᠭᠠᠯᠵᠠᠯ ᠢ ᠬᠦᠷᠲᠡᠵᠦ ᠪᠣᠯᠤᠨ᠎ᠠ᠃ | ︽ᠬᠤᠶᠠᠷ ᠡᠪᠡᠳᠴᠢᠨ︾ ᠤ ᠡᠭᠦᠳᠡᠨ ᠡᠮᠨᠡᠯᠭᠡ ᠳᠤ ᠬᠡᠷᠡᠭᠯᠡᠬᠦ ᠡᠮ ᠢ ᠨᠢᠭᠡᠳᠦᠭᠡᠷ ᠤᠯᠠᠷᠢᠯ ᠳᠤ ᠳᠠᠩᠰᠠᠯᠠᠭᠤᠯᠤᠭᠰᠠᠨ | ᠪᠠᠶᠢᠪᠠᠯ᠂ ᠰᠠᠭᠤᠭᠠᠯᠢ ᠠᠷᠠᠳ ᠤᠨ ᠡᠮ ᠡᠮᠨᠡᠯᠭᠡ ᠶᠢᠨ ᠳᠠᠭᠠᠳᠬᠠᠯ ᠤᠨ ᠰᠠᠭᠤᠷᠢ ᠮᠥᠩᠭᠦ ᠠᠴᠠ ᠤᠨ ᠤ ᠬᠠᠮᠤᠭ | ᠤᠨ ᠥᠨᠳᠥᠷ ᠪᠣᠳᠠᠲᠠᠶ ᠥᠭᠬᠦ ᠬᠢᠵᠠᠭᠠᠷ ᠲᠤᠭ᠎ᠠ ᠶᠣᠰᠣᠭᠠᠷ ᠲᠦᠯᠦᠨ᠎ᠡ︔ ᠨᠢᠭᠡᠳᠦᠭᠡᠷ ᠤᠯᠠᠷᠢᠯ ᠠᠴᠠ ᠬᠤᠶᠢᠰᠢ | ᠳᠠᠩᠰᠠᠯᠠᠭᠤᠯᠤᠭᠰᠠᠨ ᠪᠠᠶᠢᠪᠠᠯ᠂ ᠤᠨ ᠤ ᠳᠣᠲᠣᠷᠠᠬᠢ ᠪᠣᠳᠠᠲᠠᠶ ᠰᠠᠷ᠎ᠠ ᠶᠢᠨ ᠲᠤᠭ᠎ᠠ ᠪᠠᠷ ᠣᠯᠭᠤᠮᠵᠢ ᠬᠦᠷᠲᠡᠨ᠎ᠡ᠃ | ︽ᠬᠤᠶᠠᠷ ᠡᠪᠡᠳᠴᠢᠨ︾ ᠤ ᠴᠡᠭ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ ᠪᠣᠯ ︽ᠬᠤᠶᠠᠷ ᠡᠪᠡᠳᠴᠢᠨ︾ ᠤ | ᠡᠭᠦᠳᠡᠨ ᠡᠮᠨᠡᠯᠭᠡ ᠶᠢᠨ ᠡᠮ ᠬᠡᠷᠡᠭᠯᠡᠬᠦ ᠡᠮᠴᠢᠯᠡᠭᠡᠨ ᠤ ᠪᠠᠶᠢᠭᠤᠯᠤᠮᠵᠢ ᠪᠣᠯᠤᠨ᠎ᠠ᠂ ︽ᠬᠤᠶᠠᠷ ᠡᠪᠡᠳᠴᠢᠨ︾ ᠤ | ᠡᠪᠡᠳᠴᠢᠲᠡᠨ ᠥᠪᠡᠷᠲᠡᠭᠡᠨ ᠡᠮᠴᠢᠯᠡᠭᠡᠨ ᠤ ᠪᠠᠶᠢᠭᠤᠯᠤᠮᠵᠢ ᠶᠢ ᠰᠣᠩᠭᠤᠵᠤ ᠪᠣᠯᠤᠨ᠎ᠠ᠂ ᠨᠢᠭᠡᠨᠳᠡ ᠰᠣᠩᠭᠤᠪᠠᠯ | ᠵᠢᠯ ᠤᠨ ᠳᠣᠳᠣᠷ᠎ᠠ ᠬᠤᠪᠢᠷᠠᠭᠤᠯᠵᠣ ᠪᠣᠯᠬᠤ ᠦᠭᠡᠢ᠃ | ᠪᠠᠰᠠ ᠣᠶᠢᠯᠠᠭᠠᠭᠰᠠᠨ ᠢᠶᠠᠷ᠂ ᠬᠤᠲᠠ ᠶᠢᠨ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠨᠢ ᠪᠥᠬᠦ ᠬᠤᠲᠠ | ᠶᠢᠨ ︽ᠬᠤᠶᠠᠷ ᠡᠪᠡᠳᠴᠢᠨ︾ ᠤ ᠡᠭᠦᠳᠡᠨ ᠡᠮᠨᠡᠯᠭᠡ ᠶᠢᠨ ᠡᠮ ᠬᠡᠷᠡᠭᠯᠡᠬᠦ ᠲᠥᠷᠥ ᠶᠢᠨ ᠪᠣᠳᠣᠯᠭ᠎ᠠ ᠶᠢ ᠲᠣᠭᠳᠠᠭᠠᠬᠤ᠂ | ᠡᠮᠴᠢᠯᠡᠭᠡᠨ ᠤ ᠳᠠᠭᠠᠳᠬᠠᠯ ᠤᠨ ᠭᠠᠷᠲᠠᠨ ᠭᠦᠶᠴᠡᠳᠬᠡᠬᠦ ᠪᠠᠶᠢᠭᠤᠯᠤᠮᠵᠢ ᠶᠢᠨ ︽ᠬᠤᠶᠠᠷ ᠡᠪᠡᠳᠴᠢᠨ︾ ᠤ ᠡᠭᠦᠳᠡᠨ | ᠡᠮᠨᠡᠯᠭᠡ ᠶᠢᠨ ᠡᠮ ᠬᠡᠷᠡᠭᠯᠡᠬᠦ ᠬᠠᠮᠢᠶᠠᠷᠣᠯᠳᠠ ᠶᠢᠨ ᠠᠵᠢᠯ ᠢ ᠬᠢᠨᠡᠨ ᠵᠢᠯᠤᠭᠤᠳᠬᠤ ᠠᠵᠢᠯ ᠢ ᠬᠠᠷᠢᠭᠤᠴᠠᠨ᠎ᠠ᠂ | ᠬᠤᠰᠢᠭᠤ ᠰᠢᠶᠠᠨ ᠲᠣᠭᠤᠷᠢᠭ ᠤᠨ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠨᠢ ᠲᠤᠰ ᠭᠠᠵᠠᠷ ᠣᠷᠣᠨ ᠤ | ᠡᠮᠴᠢᠯᠡᠭᠡᠨ ᠤ ᠳᠠᠭᠠᠳᠬᠠᠯ ᠤᠨ ᠭᠠᠷᠲᠠᠨ ᠭᠦᠶᠴᠡᠳᠬᠡᠬᠦ ᠪᠠᠶᠢᠭᠤᠯᠤᠮᠵᠢ ᠶᠢ ᠵᠣᠬᠢᠶᠠᠨ ᠪᠠᠶᠢᠭᠤᠯᠣᠨ ︽ᠬᠤᠶᠠᠷ | ᠡᠪᠡᠳᠴᠢᠨ︾ ᠤ ᠡᠭᠦᠳᠡᠨ ᠡᠮᠨᠡᠯᠭᠡ ᠶᠢᠨ ᠡᠮ ᠬᠡᠷᠡᠭᠯᠡᠬᠦ ᠬᠠᠮᠢᠶᠠᠷᠣᠯᠳᠠ ᠶᠢ ᠬᠡᠷᠡᠭᠵᠢᠭᠦᠯᠬᠦ ᠠᠵᠢᠯ ᠢ ᠬᠠᠷᠢᠭᠤᠴᠠᠵᠤ᠂ | ᠬᠤᠲᠠ᠂ ᠬᠤᠰᠢᠭᠤ ᠰᠢᠶᠠᠨ ᠲᠣᠭᠤᠷᠢᠭ ᠤᠨ ᠡᠮᠴᠢᠯᠡᠭᠡᠨ ᠤ ᠳᠠᠭᠠᠳᠬᠠᠯ ᠤᠨ ᠭᠠᠷᠲᠠᠨ ᠭᠦᠶᠴᠡᠳᠬᠡᠬᠦ ᠪᠠᠶᠢᠭᠤᠯᠤᠮᠵᠢ | ᠨᠢ ᠬᠠᠮᠢᠶᠠᠷᠣᠯᠳᠠ ᠶᠢᠨ ᠡᠷᠬᠡ ᠮᠡᠳᠡᠯ ᠢᠶᠠᠷ ᠢᠶᠠᠨ ︽ᠬᠤᠶᠠᠷ ᠡᠪᠡᠳᠴᠢᠨ︾ ᠤ ᠡᠭᠦᠳᠡᠨ ᠡᠮᠨᠡᠯᠭᠡ ᠶᠢᠨ ᠡᠮ ᠬᠡᠷᠡᠭᠯᠡᠬᠦ | ᠶᠢ ᠳᠠᠩᠰᠠᠯᠠᠬᠤ ᠪᠠ ᠳ᠋ᠦᠩᠨᠡᠨ ᠪᠣᠳᠣᠬᠤ ᠠᠵᠢᠯ ᠢ ᠬᠠᠷᠢᠭᠤᠴᠠᠨ᠎ᠠ᠃ |