ᠬᠥᠬᠡᠬᠤᠲᠠ ᠶᠢᠨ ᠣᠨᠳᠣᠤ ᠭᠠᠵᠠᠷ ᠨᠡᠭᠦᠯᠭᠡᠵᠦ ᠲᠥᠪᠬᠢᠨᠡᠭᠦᠯᠬᠦ 22 ᠴᠡᠭ ᠲᠤ ᠴᠥᠮ ᠪᠠᠷᠢᠮᠵᠢᠶ᠎ᠠ ᠳᠤ ᠬᠦᠷᠦᠭᠰᠡᠨ ᠡᠷᠡᠭᠦᠯ ᠬᠠᠮᠠᠭᠠᠯᠠᠯ ᠤᠨ ᠲᠠᠰᠤᠭ ᠪᠠᠶᠢᠭᠤᠯᠪᠠ
ᠨᠡᠶᠢᠲᠡᠯᠡᠭᠰᠡᠨ ᠴᠠᠭ᠄
2020/10/19

     ᠬᠥᠬᠡᠬᠤᠲᠠ ᠳᠤ ᠣᠨᠳᠣᠤ ᠭᠠᠵᠠᠷ ᠨᠡᠭᠦᠯᠭᠡᠨ ᠶᠠᠳᠠᠭᠤ ᠶᠢ ᠲᠡᠳᠬᠦᠬᠦ ᠲᠥᠪᠬᠢᠨᠡᠭᠦᠯᠬᠦ ᠴᠡᠭ ᠨᠡᠶᠢᠲᠡ 22 ᠪᠣᠶ᠂ ᠡᠭᠦᠨ ᠳᠤ ᠬᠤᠷᠢᠨᠭᠡᠷ ᠰᠢᠶᠠᠨ ᠳᠤ 11᠂ ᠴᠢᠩ ᠱᠦᠶ ᠾᠧ ᠰᠢᠶᠠᠨ ᠳᠤ 11 ᠪᠣᠶ᠃ ᠣᠨᠳᠣᠤ ᠭᠠᠵᠠᠷ ᠨᠡᠭᠦᠯᠭᠡᠨ ᠶᠠᠳᠠᠭᠤ ᠶᠢ ᠲᠡᠳᠬᠦᠬᠦ ᠬᠥᠮᠦᠰ ᠢ ᠣᠶᠢᠷ᠎ᠠ ᠬᠠᠪᠢ ᠳᠤ ᠪᠠᠨ ᠡᠮᠨᠡᠭᠦᠯᠬᠦ ᠶᠢ ᠨᠢ ᠦᠨᠡᠨ ᠬᠦ ᠪᠠᠲᠤᠯᠠᠬᠤ ᠶᠢᠨ ᠲᠥᠯᠥᠭᠡ᠂ ᠬᠤᠲᠠ ᠶᠢᠨ ᠡᠷᠡᠭᠦᠯ ᠬᠠᠮᠠᠭᠠᠯᠠᠯ ᠪᠠ ᠡᠷᠡᠭᠦᠯ ᠮᠡᠨᠳᠦ ᠶᠢᠨ ᠵᠥᠪᠯᠡᠯ ᠠᠴᠠ ᠲᠥᠪᠬᠢᠨᠡᠭᠦᠯᠬᠦ ᠭᠠᠵᠠᠷ ᠲᠤ ᠴᠦᠮ ᠪᠠᠷᠢᠮᠵᠢᠶ᠎ᠠ ᠳᠤ ᠬᠦᠷᠦᠭᠰᠡᠨ ᠡᠷᠡᠭᠦᠯ ᠬᠠᠮᠠᠭᠠᠯᠠᠯ ᠤᠨ ᠲᠠᠰᠤᠭ ᠪᠠᠶᠢᠭᠤᠯᠵᠤ᠂ ᠬᠥᠳᠡᠭᠡ ᠲᠣᠰᠬᠤᠨ ᠤ ᠬᠢᠷᠢ ᠲᠡᠩᠴᠡᠭᠰᠡᠨ ᠡᠮᠴᠢ ᠲᠣᠬᠢᠷᠠᠭᠤᠯᠬᠤ ᠶᠢᠨ ᠬᠠᠮᠲᠤ ᠲᠡᠮᠳᠡᠭ ᠫᠠᠶᠢᠰᠠ ᠶᠢ ᠨᠢ ᠵᠢᠷᠤᠮᠵᠢᠭᠤᠯᠤᠨ᠂ ᠡᠷᠡᠭᠦᠯ ᠮᠡᠨᠳᠦ ᠪᠠᠷ ᠶᠠᠳᠠᠭᠤ ᠶᠢ ᠲᠡᠳᠬᠦᠬᠦ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢᠨ ᠪᠤᠯᠤᠩ ᠭᠠᠷᠭᠠᠵᠤ᠂ ᠡᠮ ᠤᠨ ᠵᠦᠢᠯ ᠢ ᠭᠦᠢᠴᠡᠳ ᠪᠠᠲᠤᠯᠠᠵᠤ᠂ ᠨᠡᠭᠦᠵᠦ ᠢᠷᠡᠭᠰᠡᠨ ᠣᠯᠠᠨ ᠲᠦᠮᠡᠨ ᠢ ᠭᠡᠷ ᠤᠨ ᠣᠶᠢᠷ᠎ᠠ ᠬᠠᠪᠢ ᠳᠤ ᠪᠠᠨ ᠡᠪᠡᠳᠴᠢᠨ ᠦᠵᠡᠭᠦᠯᠦᠨ ᠡᠮ ᠬᠤᠳᠠᠯᠳᠤᠨ ᠠᠪᠴᠤ ᠳᠡᠶᠢᠯᠬᠦ ᠪᠣᠯᠭᠠᠵᠤ᠂ ᠡᠮ ᠡᠮᠨᠡᠯᠭᠡ ᠡᠷᠡᠭᠦᠯ ᠬᠠᠮᠠᠭᠠᠯᠠᠯ ᠤᠨ ︽ᠬᠤᠭᠤᠰᠣᠨ ᠭᠠᠵᠠᠷ︾ ᠭᠠᠷᠬᠤ ᠶᠢ ᠲᠠᠰᠤ ᠬᠤᠷᠢᠭᠯᠠᠨ᠂ ᠨᠡᠭᠦᠵᠦ ᠢᠷᠡᠭᠰᠡᠨ ᠣᠯᠠᠨ ᠲᠦᠮᠡᠨ ᠤ ᠡᠪᠡᠳᠴᠢᠨ ᠦᠵᠡᠭᠦᠯᠬᠦ ᠬᠡᠷᠡᠭᠴᠡᠭᠡ ᠶᠢ ᠬᠠᠩᠭᠠᠬᠤ ᠶᠢᠨ ᠬᠠᠮᠲᠤ ︽ᠨᠡᠭᠦᠵᠦ ᠭᠠᠷᠤᠭᠰᠠᠨ ᠭᠠᠵᠠᠷ ᠢᠶᠠᠷ ᠨᠢ ᠮᠥᠷᠳᠡᠨ ᠬᠠᠮᠢᠶᠠᠷᠤᠭᠤᠯᠵᠤ᠂ ᠨᠡᠭᠦᠵᠦ ᠣᠴᠢᠭᠰᠠᠨ ᠭᠠᠵᠠᠷ ᠢᠶᠠᠷ ᠨᠢ ᠵᠢᠭᠰᠠᠭᠠᠨ ᠪᠠᠶᠢᠴᠠᠭᠠᠵᠤ ᠬᠠᠮᠢᠶᠠᠷᠬᠤ︾ ᠵᠠᠭᠪᠤᠷ ᠢ ᠠᠪᠴᠤ᠂ ᠨᠡᠭᠦᠯᠭᠡᠭᠰᠡᠨ ᠣᠯᠠᠨ ᠲᠦᠮᠡᠨ ᠤ ᠬᠡᠷᠡᠭᠰᠡᠬᠦ ᠡᠮ ᠡᠮᠨᠡᠯᠭᠡ ᠶᠢᠨ ᠦᠢᠯᠡᠴᠢᠯᠡᠭᠡ ᠳᠤ ᠨᠢᠭᠡ ᠴᠦ ᠣᠷᠬᠢᠭᠳᠠᠭᠤᠯᠬᠤ ᠦᠭᠡᠶ ᠪᠠᠶᠢᠬᠤ ᠶᠢ ᠪᠠᠲᠤᠯᠠᠪᠠ᠃
      ᠨᠡᠭᠦᠯᠭᠡᠭᠰᠡᠨ ᠣᠯᠠᠨ ᠲᠦᠮᠡᠨ ᠳᠤ ᠭᠡᠷ᠎ᠡ ᠲᠣᠭᠲᠠᠵᠤ ᠬᠠᠮᠢᠶᠠᠷᠬᠤ ᠦᠢᠯᠡᠴᠢᠯᠡᠬᠦ ᠳᠤ ᠴᠢᠭᠯᠡᠭᠦᠯᠦᠨ ᠰᠢᠶᠠᠨ᠂ ᠰᠢᠶᠠᠩ᠂ ᠲᠣᠰᠬᠤᠨ ᠭᠤᠷᠪᠠᠨ ᠱᠠᠲᠤᠨ ᠤ ᠡᠮᠴᠢ ᠪᠠᠷ ᠪᠦᠷᠢᠯᠳᠦᠭᠰᠡᠨ ᠬᠡᠷ ᠪᠦᠯᠢ ᠶᠢᠨ ᠭᠡᠷᠡᠲᠦ ᠡᠮᠴᠢ ᠶᠢᠨ ᠪᠦᠯᠬᠦᠮ ᠨᠡᠶᠢᠲᠡ ᠨᠢ ︽ᠭᠡᠷ᠎ᠡ ᠲᠣᠭᠲᠠᠬᠤ ᠶᠣᠰᠣᠲᠠᠢ ᠪᠦᠬᠦᠨ ᠢ ᠭᠡᠷ᠎ᠡ ᠲᠣᠭᠲᠠᠭᠠᠯᠭᠠᠵᠤ᠂ ᠨᠢᠭᠡ ᠬᠥᠮᠥᠨ ᠭᠡᠷ᠎ᠡ ᠲᠣᠭᠲᠠᠪᠠᠯ᠂ ᠨᠢᠭᠡ ᠬᠥᠮᠥᠨ ᠳᠤ ᠭᠡᠷ᠎ᠡ ᠶᠤᠰᠤᠭᠠᠷ ᠦᠢᠯᠡᠴᠢᠯᠡᠵᠦ᠂ ᠨᠢᠭᠡ ᠬᠥᠮᠥᠨ ᠪᠦᠷᠢ ᠳᠤ ᠨᠢ ᠪᠤᠳᠠᠲᠠᠶᠢᠵᠢᠭᠤᠯᠬᠤ︾ ᠵᠠᠷᠴᠢᠮ ᠶᠣᠰᠣᠭᠠᠷ᠂ ᠣᠨᠳᠣᠤ ᠭᠠᠵᠠᠷ ᠨᠡᠭᠦᠭᠰᠡᠨ ᠶᠠᠳᠠᠭᠤ ᠬᠦᠴᠢᠷᠳᠡᠯᠲᠡᠶ ᠬᠥᠮᠦᠨ ᠠᠮᠠ ᠳᠤ ᠡᠩ ᠤᠨ ᠪᠠᠶᠢᠩᠭᠤ ᠲᠣᠬᠢᠶᠠᠯᠳᠤᠳᠠᠭ ᠡᠪᠡᠳᠴᠢᠨ᠂ ᠣᠯᠠᠨ ᠡᠭᠦᠰᠳᠡᠭ ᠡᠪᠡᠳᠴᠢᠨ ᠢ ᠪᠠᠭᠲᠠᠭᠠᠭᠰᠠᠨ ᠣᠨᠣᠰᠢᠯᠠᠨ ᠡᠮᠨᠡᠬᠦ᠂ ᠠᠰᠠᠷᠠᠨ ᠰᠤᠪᠢᠯᠠᠬᠤ᠂ ᠲᠤᠬᠠᠶ ᠶᠢᠨ ᠲᠠᠯᠠᠪᠠᠢ ᠳᠤ ᠪᠠᠴᠢᠮ ᠪᠠᠶᠢᠳᠠᠯ ᠢ ᠠᠷᠭᠠᠴᠠᠭᠠᠵᠤ ᠠᠪᠤᠷᠠᠯᠲᠠ ᠬᠢᠬᠦ᠂ ᠰᠢᠯᠵᠢᠭᠦᠯᠦᠨ ᠡᠮᠨᠡᠭᠦᠯᠬᠦ᠂ ᠯᠠᠪᠯᠠᠭ᠎ᠠ ᠥᠭᠬᠦ᠂ ᠡᠷᠡᠭᠦᠯᠵᠢᠭᠦᠯᠬᠦ ᠡᠮᠴᠢᠯᠡᠭᠡ ᠬᠢᠬᠦ᠂ ᠭᠡᠷ ᠪᠦᠯᠢ ᠳᠤ ᠨᠢ ᠡᠮᠴᠢᠯᠡᠬᠦ᠂ ᠭᠡᠷ ᠪᠦᠯᠢ ᠳᠤ ᠨᠢ ᠰᠤᠪᠢᠯᠠᠬᠤ᠂ ᠡᠮ ᠡᠮᠨᠡᠯᠭᠡ ᠶᠢᠨ ᠳᠠᠭᠠᠳᠬᠠᠯ ᠢ ᠬᠠᠪᠰᠤᠷᠤᠨ ᠳᠠᠩᠰᠠ ᠲᠠᠶᠢᠯᠵᠤ ᠥᠭᠬᠦ᠂ ᠡᠷᠡᠭᠦᠯ ᠮᠡᠨᠳᠦ᠂ ᠤᠷᠢᠳᠴᠢᠯᠠᠨ ᠰᠡᠷᠭᠡᠶᠢᠯᠡᠯᠲᠡ᠂ ᠡᠷᠡᠭᠦᠯᠵᠢᠯ ᠵᠡᠷᠭᠡ ᠡᠷᠡᠭᠦᠯ ᠮᠡᠨᠳᠦ ᠶᠢᠨ ᠠᠰᠠᠭᠤᠳᠠᠯ ᠢ ᠰᠦᠢᠳᠬᠡᠯ ᠬᠤᠷᠢᠶᠠᠬᠤ ᠦᠭᠡᠢ ᠪᠠᠷ ᠵᠢᠭᠠᠨ ᠵᠢᠯᠣᠭᠤᠳᠬᠤ ᠵᠡᠷᠭᠡ ᠦᠢᠯᠡᠴᠢᠯᠡᠭᠡ ᠬᠠᠩᠭᠠᠵᠠᠢ᠃ ᠡᠭᠦᠨ ᠤ ᠬᠠᠮᠲᠤ ᠲᠠᠩᠰᠠ ᠪᠠ ᠺᠠᠷᠲ ᠲᠠᠢ ᠶᠠᠳᠠᠭᠤ ᠬᠦᠴᠢᠷᠳᠡᠯᠲᠡᠶ ᠬᠥᠮᠦᠨ ᠠᠮᠠ ᠳᠤ ᠡᠷᠡᠭᠦᠯ ᠮᠡᠨᠳᠦ ᠪᠠᠷ ᠶᠠᠳᠠᠭᠤ ᠶᠢ ᠲᠡᠳᠬᠦᠬᠦ ᠲᠥᠷᠥ ᠶᠢᠨ ᠪᠣᠳᠣᠯᠭ᠎ᠠ ᠶᠢ ᠤᠬᠠᠭᠤᠯᠵᠤ᠂ ᠡᠮᠨᠡᠨ ᠵᠠᠰᠠᠬᠤ ᠰᠠᠨᠠᠭᠤᠯᠭ᠎ᠠ ᠪᠠ ᠡᠷᠡᠭᠦᠯᠵᠢᠯ ᠤᠨ ᠵᠢᠯᠣᠭᠤᠳᠬᠤ ᠰᠠᠨᠠᠯ ᠢ ᠳᠡᠪᠰᠢᠭᠦᠯᠵᠡᠢ᠃ ᠠᠩᠬᠠᠳᠠᠭᠴᠢ ᠴᠢᠨᠠᠷᠲᠠᠶ ᠴᠢᠰᠤᠨ ᠳᠠᠷᠤᠯᠲᠠ ᠥᠨᠳᠥᠷ᠂ Ⅱ ᠬᠡᠯᠪᠡᠷᠢ ᠶᠢᠨ ᠰᠢᠬᠢᠷ ᠰᠢᠵᠢᠩ ᠡᠪᠡᠳᠴᠢᠨ᠂ ᠠᠭᠤᠰᠬᠢᠨ ᠰᠦᠷᠢᠶ᠎ᠡ᠂ ᠬᠦᠨᠳᠦ ᠨᠣᠴᠢᠲᠠᠶ ᠣᠶᠤᠨ ᠮᠡᠳᠡᠷᠡᠯ ᠤᠨ ᠰᠠᠭᠠᠳ ᠲᠠᠢ ᠵᠡᠷᠭᠡ 4 ᠲᠥᠷᠥᠯ ᠤᠨ ᠡᠪᠡᠳᠴᠢᠨ ᠲᠠᠢ ᠶᠠᠳᠠᠭᠤ ᠬᠦᠴᠢᠷᠳᠡᠯᠲᠡᠢ ᠬᠥᠮᠦᠨ ᠠᠮᠠ ᠳᠤ ᠤᠵᠢᠭ ᠴᠢᠨᠠᠷᠲᠠᠶ ᠡᠪᠡᠳᠴᠢᠨ ᠤ ᠭᠡᠷᠡᠲᠦ ᠬᠠᠮᠢᠶᠠᠷᠤᠯᠲᠠ ᠶᠢᠨ ᠦᠢᠯᠡᠴᠢᠯᠡᠭᠡ ᠬᠠᠩᠭᠠᠵᠤ᠂ ᠵᠢᠯ ᠪᠦᠷᠢ 4 ᠠᠴᠠ ᠳᠡᠭᠡᠭᠰᠢ ᠤᠳᠠᠭ᠎ᠠ ᠳᠠᠭᠠᠵᠤ ᠰᠤᠷᠪᠤᠯᠵᠢᠯᠠᠵᠠᠢ︔ ᠲᠠᠷᠢᠬᠢᠨ ᠴᠢᠰᠤᠨ ᠰᠤᠳᠠᠯ ᠤᠨ ᠡᠪᠡᠳᠴᠢᠨ᠂ ᠵᠢᠷᠦᠬᠡᠨ ᠲᠢᠲᠢᠮ ᠤᠨ ᠡᠪᠡᠳᠴᠢᠨ᠂ ᠠᠭᠤᠰᠬᠢ ᠶᠢ ᠤᠳᠠᠭᠠᠨ ᠰᠠᠭᠠᠲᠠᠭᠠᠬᠤ ᠡᠪᠡᠳᠴᠢᠨ᠂ ᠬᠦᠨᠳᠦ ᠬᠡᠯᠪᠡᠷᠢ ᠶᠢᠨ ᠨᠠᠰᠤᠲᠠᠶᠢᠴᠤᠳ ᠤᠨ ᠤᠵᠢᠭ ᠴᠢᠨᠠᠷᠲᠠᠢ ᠰᠠᠯᠪᠤᠷᠢ ᠮᠥᠭᠡᠷᠰᠦᠨ ᠬᠤᠭᠤᠯᠠᠢ ᠶᠢᠨ ᠥᠷᠪᠢᠰᠦᠯ᠂ ᠬᠡᠷᠡᠬᠦ ᠴᠢᠨᠠᠷ ᠲᠠᠢ ᠦᠶ᠎ᠡ ᠭᠡᠰᠢᠭᠦᠨ ᠤ ᠦᠷᠪᠢᠰᠦᠯ᠂ ᠶᠠᠰᠤᠨ ᠦᠶ᠎ᠡ ᠶᠢᠨ ᠦᠷᠪᠢᠰᠦᠯ ᠵᠡᠷᠭᠡ 6 ᠲᠥᠷᠥᠯ ᠤᠨ ᠤᠵᠢᠭ ᠴᠢᠨᠠᠷᠲᠠᠢ ᠡᠪᠡᠳᠴᠢᠨ ᠳᠤ ᠨᠡᠷᠪᠡᠭᠳᠡᠭᠰᠡᠨ ᠶᠠᠳᠠᠭᠤ ᠬᠦᠴᠢᠷᠳᠡᠯᠲᠡᠢ ᠡᠪᠡᠳᠴᠢᠲᠡᠨ ᠳᠤ ᠡᠷᠡᠭᠦᠯ ᠮᠡᠨᠳᠦ ᠶᠢᠨ ᠬᠥᠮᠦᠵᠢᠯ ᠤᠨ ᠵᠣᠷ ᠬᠢᠵᠦ ᠥᠭᠴᠦ᠂ ᠵᠢᠯ ᠪᠦᠷᠢ ᠨᠢᠭᠡ ᠤᠳᠠᠭ᠎ᠠ ᠲᠠᠭᠠᠨ ᠰᠤᠷᠪᠤᠯᠵᠢᠯᠠᠬᠤ ᠶᠢ ᠲᠣᠬᠢᠷᠠᠭᠤᠯᠵᠠᠢ᠃ ᠲᠣᠭᠲᠠᠮᠠᠯ ᠬᠤᠭᠤᠴᠠᠭ᠎ᠠ ᠲᠠᠢ ᠪᠠᠷ ᠡᠭᠦᠳᠡᠨ ᠡᠮᠨᠡᠯᠭᠡ᠂ ᠳ᠋ᠢᠶᠠᠩᠬᠤᠸᠠ᠂ ᠭᠡᠷ ᠲᠤ ᠨᠢ ᠣᠴᠢᠬᠤ ᠵᠡᠷᠭᠡ ᠠᠷᠭ᠎ᠠ ᠬᠡᠯᠪᠡᠷᠢ ᠪᠠᠷ ᠳᠠᠮᠵᠢᠨ ᠦᠢᠯᠡᠴᠢᠯᠡᠭᠡ ᠬᠦᠷᠲᠡᠭᠰᠡᠳ ᠲᠤ ᠡᠷᠡᠭᠦᠯ ᠮᠡᠨᠳᠦ ᠶᠢᠨ ᠪᠠᠶᠢᠴᠠᠭᠠᠯᠲᠠ ᠪᠠ ᠬᠠᠮᠢᠶᠠᠷᠤᠯᠲᠠ ᠬᠢᠵᠦ᠂ ᠲᠡᠳᠡᠨᠠᠷ ᠲᠤ ᠡᠷᠡᠭᠦᠯ ᠮᠡᠨᠳᠦ ᠠᠮᠢᠳᠤᠷᠠᠯ ᠤᠨ ᠠᠷᠭ᠎ᠠ ᠮᠠᠶ᠋ᠢᠭ ᠪᠠ ᠡᠪᠡᠳᠴᠢᠨ ᠡᠮᠭᠡᠭ ᠢ ᠡᠮᠨᠡᠨ ᠵᠠᠰᠠᠬᠤ ᠲᠦᠰᠦᠯ ᠢ ᠲᠣᠭᠲᠠᠭᠠᠵᠤ ᠥᠭᠴᠡᠢ᠃ ᠬᠦᠴᠢᠷ ᠲᠦᠪᠡᠭ ᠲᠠᠢ᠂ ᠪᠠᠴᠢᠮ ᠬᠦᠨᠳᠦ ᠡᠪᠡᠳᠴᠢᠨ ᠳᠤ ᠨᠡᠷᠪᠡᠭᠳᠡᠭᠰᠡᠨ ᠪᠤᠶᠤ ᠨᠥᠬᠦᠴᠡᠯ ᠳᠤ ᠬᠢᠵᠠᠭᠠᠷᠯᠠᠭᠳᠠᠭᠰᠠᠨ ᠡᠪᠡᠳᠴᠢᠨ ᠤ ᠵᠢᠱᠢᠶ᠎ᠡ ᠲᠣᠬᠢᠶᠠᠯᠳᠤᠪᠠᠯ᠂ ᠳᠡᠭᠡᠳᠦ ᠱᠠᠲᠤᠨ ᠤ ᠡᠮᠨᠡᠯᠭᠡ ᠶᠢᠨ ᠬᠤᠷᠢᠶ᠎ᠠ ᠵᠡᠷᠭᠡ ᠪᠤᠰᠤᠳ ᠲᠣᠬᠢᠷᠠᠮᠵᠢᠲᠤ ᠪᠠᠶᠢᠭᠤᠯᠤᠮᠵᠢ ᠳᠤ ᠰᠢᠯᠵᠢᠭᠦᠯᠬᠦ ᠰᠠᠭᠠᠳ ᠦᠭᠡᠢ ᠨᠡᠪᠲᠡᠷᠡᠬᠦ ᠵᠠᠮ ᠪᠤᠶᠤ ᠰᠠᠨᠠᠭᠤᠯᠭ᠎ᠠ ᠬᠠᠩᠭᠠᠪᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ