ᠣᠷᠳᠣᠰ ᠠᠴᠠ ᠰᠢ ᠠᠨ ᠳᠤ ᠰᠢᠭᠤᠳ ᠬᠥᠷᠬᠦ ᠣᠨᠴᠨ ᠳᠥᠷᠬᠡᠨ ᠠᠶᠠᠨᠴᠢᠳ ᠤᠨ ᠭᠠᠯᠳᠣ ᠲᠡᠷᠬᠡ ᠨᠡᠪᠳᠡᠷᠡᠪᠡ
ᠨᠡᠶᠢᠲᠡᠯᠡᠭᠰᠡᠨ ᠴᠠᠭ᠄
2020/7/3
     7 ᠰᠠᠷ᠎ᠠ ᠶᠢᠨ 1᠎ ᠤ ᠡᠳᠣᠷ ᠤᠨ 21 ᠴᠠᠭ 14 ᠮᠢᠨᠦ᠋ᠲ ᠲᠤ᠂ T267 ᠡᠬᠡᠯᠵᠢ ᠶᠢᠨ ᠡᠶ᠎ᠡ ᠵᠤᠬᠢᠴᠠᠩᠭᠤᠢ ᠨᠡᠷᠡᠮᠵᠢᠳᠦ ᠲᠠᠪᠬᠤᠷ ᠦᠷᠦᠬᠡᠳᠦ ᠣᠨᠴᠨ ᠳᠥᠷᠬᠡᠨ ᠭᠠᠯᠳᠣ ᠲᠡᠷᠬᠡ ᠣᠷᠳᠣᠰ ᠬᠤᠳᠠ ᠶᠢᠨ ᠣᠷᠳᠣᠰ ᠥᠷᠳᠡᠭᠡ ᠠᠴᠠ ᠠᠯᠭᠤᠷ ᠬᠥᠳᠡᠯᠥᠯ᠎ᠠ᠃ ᠡᠨᠡ ᠪᠣᠯ ᠣᠷᠳᠣᠰ ᠬᠤᠳᠠ ᠠᠴᠠ ᠱᠠᠨᠰᠢ ᠮᠣᠵᠢ ᠶᠢᠨ ᠰᠢ ᠠᠨ ᠳᠤ ᠰᠢᠭᠤᠳ ᠬᠥᠷᠬᠦ ᠮᠤᠵᠢ ᠠᠯᠤᠰᠯᠠᠬᠰᠠᠨ ᠣᠨᠴᠨ ᠳᠥᠷᠬᠡᠨ ᠠᠶᠠᠨᠴᠢᠳ ᠤᠨ ᠭᠠᠯᠳᠣ ᠲᠡᠷᠬᠡ ᠵᠢᠩᠬᠢᠨᠢ ᠪᠠᠷ ᠨᠡᠪᠳᠡᠷᠡᠭᠰᠡᠨ ᠢ ᠬᠠᠷᠠᠭᠤᠯᠵᠣ ᠪᠠᠶᠢᠨ᠎ᠠ᠃      ᠳᠣᠰ ᠡᠬᠡᠯᠵᠢ ᠶᠢᠨ ᠭᠠᠯᠳᠣ ᠲᠡᠷᠬᠡ ᠶᠢᠨ ᠳ᠋ᠤᠭᠠᠷ ᠨᠢ T267 / 8᠂ ᠣᠷᠳᠣᠰ ᠥᠷᠳᠡᠭᠡ ᠠᠴᠠ 21 ᠴᠠᠬ 14 ᠮᠢᠨᠦ᠋ᠲ ᠲᠤ ᠬᠥᠳᠡᠯᠵᠣ᠂ ᠲᠡᠮᠡᠬᠡᠳᠥ᠂ ᠮᠢ ᡁᠢ᠂ ᠰᠥᠢ ᠳ᠋ᠧ᠂ ᠽᠢ ᠴᠠᠩ᠂ ᠶᠠᠨ ᠠᠨ᠂ ᠹᠥ᠋ ᠰᠢᠶᠠᠨ ᠤ ᠵᠡᠬᠦᠨ ᠥᠷᠳᠡᠭᠡ ᠶᠢ ᠲᠠᠮᠵᠢᠨ ᠲᠡᠷᠠᠭ᠎ᠠ ᠡᠳᠣᠷ ᠤᠨ 5 ᠴᠠᠬ 43 ᠮᠢᠨᠦ᠋ᠲ ᠲᠤ ᠰᠢ ᠠᠨ ᠥᠷᠳᠡᠭᠡ ᠬᠥᠷᠣᠨ᠎ᠠ᠂ ᠪᠥᠬᠦ ᠠᠶᠠᠯᠠᠬᠤ ᠴᠠᠬ ᠨᠢ 8 ᠴᠠᠬ 29 ᠮᠢᠨᠦ᠋ᠲ ᠪᠤᠯᠤᠨ᠎ᠠ᠃ ᠰᠢ ᠠᠨ ᠠᠴᠠ 11 ᠴᠠᠬ 16 ᠮᠢᠨᠦ᠋ᠲ ᠲᠤ ᠬᠦᠳᠡᠯᠵᠤ᠂ 20 ᠴᠠᠬ 5 ᠮᠢᠨᠦ᠋ᠲ ᠲᠤ ᠣᠷᠳᠣᠰ ᠥᠷᠳᠡᠭᠡ ᠳᠤ ᠬᠥᠷᠤᠨ᠎ᠠ᠃      ᠳᠣᠰ ᠡᠬᠡᠯᠵᠢ ᠶᠢᠨ ᠭᠠᠯᠳᠣ ᠲᠡᠷᠬᠡ ᠨᠡᠪᠳᠡᠷᠡᠭᠰᠡᠨ ᠨᠢ ᠣᠷᠳᠣᠰ ᠠᠴᠠ ᠰᠢ ᠠᠨ ᠳᠤ ᠰᠢᠭᠤᠳ ᠬᠥᠷᠬᠦ ᠣᠨᠴᠨ ᠳᠥᠷᠬᠡᠨ ᠠᠶᠠᠨᠴᠢᠳ ᠤᠨ ᠭᠠᠯᠳᠣ ᠲᠡᠷᠬᠡ ᠪᠠᠶᠢᠬᠰᠠᠨ ᠥᠬᠡᠢ ᠲᠡᠣᠬᠡ ᠶᠢ ᠡᠴᠣᠰᠯᠠᠬᠦᠯᠵᠣ᠂ ᠵᠠᠮ ᠲᠠᠭᠠᠣ ᠭᠠᠵᠠᠷ ᠣᠷᠣᠨ ᠯᠤᠭ᠎ᠠ ᠶᠢᠨ ᠶᠠᠪᠣᠯᠴᠠᠭ᠎ᠠ ᠪᠠ ᠰᠣᠯᠢᠯᠴᠠᠭ᠎ᠠ᠂ ᠠᠵᠣ ᠠᠬᠤᠢ ᠨᠠᠶᠢᠬᠡᠮ ᠤᠨ ᠬᠥᠭᠵᠢᠯᠳᠡ ᠢᠯᠠᠩᠭᠤᠶ᠎ᠠ ᠵᠢᠭᠤᠯᠴᠢᠯᠠᠯ ᠤᠨ ᠥᠢᠯᠡᠰ ᠤᠨ ᠬᠥᠭᠵᠢᠯᠳᠡ ᠶᠢ ᠠᠬᠢᠭᠤᠯᠬᠤ ᠳᠤ ᠴᠢᠬᠤᠯᠠ ᠶᠡᠭᠡ ᠠᠴᠢ ᠬᠤᠯᠪᠣᠬᠳᠠᠯ ᠲᠠᠢ᠃  
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号