ᠰᠢᠯᠢ ᠶᠢᠨ ᠭᠤᠣᠯ ᠠᠶᠢᠮᠠᠭ ᠤᠨ 107 ᠳᠣᠮᠳᠠᠳᠣ ᠪᠠᠭ᠎ᠠ ᠰᠣᠷᠭᠠᠭᠤᠯᠢ ᠰᠣᠷᠭᠠᠭᠤᠯᠢ ᠡᠬᠢᠯᠡᠵᠦ ᠬᠢᠴᠢᠶᠡᠯ ᠢᠶᠠᠨ ᠰᠡᠷᠭᠦᠭᠡᠪᠡ
ᠨᠡᠶᠢᠲᠡᠯᠡᠭᠰᠡᠨ ᠴᠠᠭ᠄
2020/9/1

     ᠰᠢᠯᠢ ᠶᠢᠨ ᠭᠤᠣᠯ ᠠᠶᠢᠮᠠᠭ ᠤᠨ 69 ᠪᠠᠭ᠎ᠠ ᠰᠣᠷᠭᠠᠭᠤᠯᠢ᠂ 38 ᠳᠣᠮᠳᠠᠳᠣ ᠰᠣᠷᠭᠠᠭᠤᠯᠢ 9 ᠰᠠᠷ᠎ᠠ ᠶᠢᠨ 1 ᠤ ᠡᠳᠦᠷ ᠵᠢᠩᠬᠢᠨᠢ ᠪᠠᠷ ᠰᠣᠷᠭᠠᠭᠤᠯᠢ ᠡᠬᠢᠯᠡᠬᠦ ᠪᠣᠯᠣᠨ᠎ᠠ᠃ ᠰᠣᠷᠭᠠᠭᠤᠯᠢ ᠡᠬᠢᠯᠡᠵᠦ ᠬᠢᠴᠢᠶᠡᠯ ᠢᠶᠠᠨ ᠰᠡᠷᠭᠦᠭᠡᠬᠦ ᠪᠣᠯᠣᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠡᠮᠬᠢ ᠵᠢᠷᠣᠮ ᠲᠠᠢ ᠶᠠᠪᠣᠭᠳᠠᠬᠤ ᠶᠢ ᠪᠠᠳᠣᠯᠠᠬᠤ ᠶᠢᠨ ᠲᠦᠯᠦᠭᠡ᠂ ᠳᠣᠰ ᠠᠶᠢᠮᠠᠭ ᠤᠨ ᠡᠯ᠎ᠡ ᠳᠣᠮᠳᠠᠳᠣ ᠪᠠᠭ᠎ᠠ ᠰᠣᠷᠭᠠᠭᠤᠯᠢ ᠢᠳᠡᠪᠬᠢᠳᠡᠢ ᠬᠦᠳᠡᠯᠦᠯᠴᠡᠵᠦ᠂ ᠣᠯᠠᠨ ᠵᠦᠢᠯ ᠤᠨ ᠠᠷᠭ᠎ᠠ ᠬᠡᠮᠵᠢᠶ᠎ᠡ ᠠᠪᠴᠣ᠂ ᠰᠣᠷᠭᠠᠭᠤᠯᠢ ᠨᠢ ᠪᠦᠬᠦ ᠳᠠᠯ᠎ᠠ ᠪᠠᠷ ᠰᠣᠷᠭᠠᠭᠤᠯᠢ ᠡᠬᠢᠯᠡᠵᠦ ᠬᠢᠴᠢᠶᠡᠯ ᠢᠶᠠᠨ ᠰᠡᠷᠭᠦᠭᠡᠭᠰᠡᠨ ᠤ ᠳᠠᠷᠠᠭ᠎ᠠ ᠰᠣᠷᠭᠠᠭᠤᠯᠢ ᠶᠢᠨ ᠬᠦᠷᠢᠶ᠎ᠠ ᠨᠢ ᠠᠮᠣᠷ ᠲᠦᠪᠰᠢᠨ᠂ ᠵᠢᠭᠠᠨ ᠰᠣᠷᠭᠠᠯᠳᠠ ᠨᠢ ᠡᠮᠬᠢ ᠵᠢᠷᠣᠮ ᠲᠠᠢ᠂ ᠬᠢᠵᠢᠭ ᠢ ᠰᠡᠷᠭᠡᠶᠢᠯᠡᠬᠦ ᠠᠵᠢᠯ ᠢ ᠨᠠᠶᠢᠳᠠᠪᠣᠷᠢᠵᠢᠭᠤᠯᠬᠤ ᠶᠢ ᠦᠨᠡᠨ ᠬᠦ ᠪᠠᠳᠣᠯᠠᠵᠣ ᠪᠠᠶᠢᠨ᠎ᠠ᠃
     8 ᠰᠠᠷ᠎ᠠ ᠶᠢᠨ 24 ᠤ ᠡᠳᠦᠷ᠂ ᠰᠢᠯᠢ ᠶᠢᠨ ᠭᠤᠣᠯ ᠠᠶᠢᠮᠠᠭ ᠤᠨ ᠬᠤᠶᠠᠳᠣᠭᠠᠷ ᠳᠣᠮᠳᠠᠳᠣ ᠰᠣᠷᠭᠠᠭᠤᠯᠢ ᠶᠢᠨ ᠦᠨᠳᠦᠷ ᠳᠣᠮᠳᠠᠳᠣ ᠶᠢᠨ ᠭᠤᠷᠪᠠᠳᠣᠭᠠᠷ ᠣᠨ ᠤ ᠰᠣᠷᠣᠭᠴᠢᠳ ᠨᠢ ᠣᠷᠢᠳ ᠢᠶᠠᠷ ᠰᠣᠷᠭᠠᠭᠤᠯᠢ ᠡᠬᠢᠯᠡᠵᠦ᠂ ᠰᠣᠷᠭᠠᠭᠤᠯᠢ ᠠᠴᠠ ᠪᠠᠨ ︽ᠬᠤᠭᠤᠯᠠᠨ ᠭᠡᠷ ᠲᠤ ᠬᠤᠭᠤᠯᠠ ᠢᠳᠡᠬᠦ ᠴᠠᠭ ᠢ ᠨᠢ ᠵᠦᠷᠢᠭᠦᠯᠬᠦ︾᠂

︽ᠪᠠᠶᠢᠷᠢ ᠶᠢᠨ ᠭᠡᠷ ᠢ ᠴᠠᠭ ᠳᠣᠬᠠᠢ ᠳᠤᠨᠢ ᠠᠷᠢᠭᠤᠳᠬᠠᠬᠤ︾᠂ ︽ᠠᠩᠬᠢ ᠶᠢᠨ ᠭᠡᠷ ᠠᠰᠠᠷ ᠤᠨ ᠭᠤᠳᠣᠮᠵᠢ ᠵᠡᠷᠭᠡ ᠭᠠᠵᠠᠷ ᠢ ᠠᠷᠢᠭᠤᠳᠬᠠᠨ ᠰᠠᠯᠬᠢ ᠨᠡᠪᠳᠡᠷᠡᠭᠦᠯᠬᠦ︾᠂ ︽ᠣᠷᠴᠢᠨ ᠳᠣᠭᠤᠷᠢᠨ ᠤ ᠡᠷᠡᠭᠦᠯ ᠬᠠᠮᠠᠭᠠᠯᠠᠯ ᠢ ᠪᠠᠶᠢᠴᠠᠭᠠᠵᠣ ᠵᠠᠷᠯᠠᠨ ᠮᠡᠳᠡᠭᠳᠡᠬᠦ︾ ᠵᠡᠷᠭᠡ ᠳᠦᠷᠢᠮ ᠢ ᠬᠡᠷᠡᠭᠵᠢᠭᠦᠯᠵᠦ᠂ ᠠᠩᠬᠢ ᠶᠢᠨ ᠭᠡᠷ ᠤᠨ ᠰᠠᠭᠤᠳᠠᠯ ᠢᠶᠠᠨ ᠴᠦ ᠦᠩᠭᠡᠷᠡᠭᠰᠡᠨ ᠤ 2 ᠬᠦᠮᠦᠨ ᠨᠢᠭᠡ ᠰᠢᠷᠡᠭᠡ ᠪᠠᠶᠢᠭᠰᠠᠨ ᠢ ᠨᠢ ᠨᠢᠭᠡ ᠬᠦᠮᠦᠨ ᠨᠢᠭᠡ ᠰᠢᠷᠡᠭᠡ ᠪᠣᠯᠭᠠᠨ ᠳᠣᠬᠢᠷᠠᠭᠤᠯᠪᠠ᠃ ᠪᠦᠬᠦ ᠰᠣᠷᠭᠠᠭᠤᠯᠢ ᠪᠠᠷ ᠢᠶᠠᠨ ᠰᠣᠷᠭᠠᠭᠤᠯᠢ ᠡᠬᠢᠯᠡᠵᠦ ᠬᠢᠴᠢᠶᠡᠯ ᠢᠶᠠᠨ ᠰᠡᠷᠭᠦᠭᠡᠭᠰᠡᠨ ᠪᠠᠶᠢᠳᠠᠯ ᠳᠤ ᠴᠢᠭᠯᠡᠭᠦᠯᠦᠨ᠂ ᠳᠣᠰ ᠰᠣᠷᠭᠠᠭᠤᠯᠢ ᠰᠢᠨ᠎ᠡ ᠲᠢᠳᠢᠮᠯᠢᠭ ᠠᠭᠤᠰᠬᠢᠨ ᠦᠷᠪᠢᠰᠦᠯ ᠢ ᠰᠡᠷᠭᠡᠶᠢᠯᠡᠨ ᠡᠵᠡᠮᠳᠡᠬᠦ ᠳᠦᠷᠢᠮ ᠢᠶᠠᠨ ᠨᠡᠩ ᠨᠠᠷᠢᠯᠢᠬᠵᠢᠭᠤᠯᠵᠣ᠂ ᠪᠦᠬᠦ ᠰᠣᠷᠣᠭᠴᠢᠳ ᠤᠨ ᠢᠶᠠᠨ ᠠᠮᠣᠷ ᠲᠦᠪᠰᠢᠨ ᠢᠶᠠᠷ ᠳᠣᠭᠳᠠᠭᠰᠠᠨ ᠴᠠᠭ ᠲᠠᠭᠠᠨ ᠬᠢᠴᠢᠶᠡᠯ ᠢᠶᠠᠨ ᠰᠡᠷᠭᠦᠭᠡᠬᠦ ᠶᠢ ᠦᠨᠡᠨ ᠬᠦ ᠪᠠᠳᠣᠯᠠᠵᠣ ᠪᠠᠶᠢᠨ᠎ᠠ᠃
     ︽ᠰᠣᠷᠭᠠᠭᠤᠯᠢ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠡᠯ᠎ᠡ ᠵᠦᠢᠯ ᠤᠨ ᠠᠵᠢᠯ ᠳᠤ ᠳᠡᠭᠡᠷ᠎ᠡ ᠬᠤᠭᠤᠴᠠᠭᠠᠨ ᠤ ᠦᠨᠳᠦᠷ ᠪᠠᠷᠢᠮᠵᠢᠶ᠎ᠠ᠂ ᠴᠢᠩᠭ᠎ᠠ ᠱᠠᠭᠠᠷᠳᠠᠯᠭ᠎ᠠ ᠶᠢ ᠦᠷᠬᠦᠯᠵᠢᠯᠡᠭᠦᠯᠵᠦ᠂ ᠰᠣᠷᠣᠭᠴᠢᠳ ᠤᠨ ᠡᠷᠡᠭᠦᠯ ᠮᠡᠨᠳᠦ ᠠᠮᠣᠷ ᠲᠦᠪᠰᠢᠨ ᠰᠣᠷᠭᠠᠭᠤᠯᠢ ᠶᠢᠨ ᠬᠦᠷᠢᠶᠡᠨ ᠤ ᠠᠮᠢᠳᠣᠷᠠᠯ ᠰᠣᠷᠣᠯᠴᠠᠯᠭ᠎ᠠ ᠶᠢᠨ ᠣᠷᠴᠢᠨ ᠳᠣᠭᠤᠷᠢᠨ ᠢ ᠪᠠᠳᠣᠯᠠᠨ᠎ᠠ︾ ᠭᠡᠵᠦ ᠠᠩᠬ᠎ᠠ ᠳᠣᠮᠳᠠᠳᠣ ᠶᠢᠨ ᠨᠢᠭᠡᠳᠦᠭᠡᠷ ᠣᠨ ᠤ ᠰᠢᠨ᠎ᠡ ᠰᠣᠷᠣᠭᠴᠢᠳ ᠤᠨ ᠢᠶᠠᠨ ᠨᠡᠷ᠎ᠡ ᠮᠡᠳᠡᠭᠦᠯᠬᠦ ᠠᠵᠢᠯ ᠳᠤ ᠶᠠᠭᠠᠷᠠᠵᠣ ᠪᠠᠶᠢᠭᠰᠠᠨ ᠰᠢᠯᠢ ᠶᠢᠨ ᠭᠤᠣᠯ ᠠᠶᠢᠮᠠᠭ ᠤᠨ ᠬᠤᠶᠠᠳᠣᠭᠠᠷ ᠳᠣᠮᠳᠠᠳᠣ ᠰᠣᠷᠭᠠᠭᠤᠯᠢ ᠶᠢᠨ ᠠᠯᠪᠠᠨ ᠭᠡᠷ ᠤᠨ ᠡᠷᠬᠢᠯᠡᠭᠴᠢ ᠯᠢᠦ ᠪᠢᠨ ᠬᠡᠯᠡᠨ᠎ᠡ᠃ ᠲᠡᠭᠦᠨ ᠤ ᠳᠠᠨᠢᠯᠴᠠᠭᠤᠯᠣᠭᠰᠠᠨ ᠢᠶᠠᠷ᠂ ᠳᠣᠰ ᠭᠠᠵᠠᠷ ᠣᠷᠣᠨ᠂ ᠳᠣᠰ ᠰᠣᠷᠭᠠᠭᠤᠯᠢ ᠶᠢᠨ ᠢᠶᠠᠨ ᠪᠣᠳᠠᠳᠣ ᠪᠠᠶᠢᠳᠠᠯ ᠲᠠᠢ ᠣᠶᠠᠯᠳᠣᠭᠤᠯᠣᠨ᠂ ᠰᠣᠷᠭᠠᠭᠤᠯᠢ ᠠᠴᠠ ᠪᠠᠨ ᠬᠡᠰᠡᠭ ᠪᠦᠯᠦᠭ ᠬᠤᠪᠢᠶᠠᠨ ᠴᠠᠭ ᠵᠦᠷᠢᠭᠦᠯᠦᠨ ᠰᠣᠷᠭᠠᠭᠤᠯᠢ ᠳᠠᠭᠠᠨ ᠪᠣᠴᠠᠬᠤ ᠪᠠ ᠨᠡᠷ᠎ᠡ ᠮᠡᠳᠡᠭᠦᠯᠬᠦ ᠠᠷᠭ᠎ᠠ ᠶᠢ ᠬᠡᠷᠡᠭᠵᠢᠭᠦᠯᠵᠦ᠂ ᠡᠳᠦᠷ ᠪᠦᠷᠢ ᠦᠷᠯᠦᠭᠡ᠂ ᠦᠳᠡ ᠳᠤ ᠪᠠᠶᠢᠴᠠᠭᠠᠬᠤ ᠳᠦᠷᠢᠮ ᠢ ᠪᠠᠷᠢᠮᠳᠠᠯᠠᠵᠣ᠂ ᠰᠣᠷᠣᠭᠴᠢᠳ ᠲᠠᠭᠠᠨ ᠬᠠᠮᠤᠭ ᠤᠨ ᠠᠮᠣᠷ ᠲᠦᠪᠰᠢᠨ ᠵᠢᠭᠠᠨ ᠰᠣᠷᠭᠠᠬᠤ ᠣᠷᠴᠢᠨ ᠳᠣᠭᠤᠷᠢᠨ ᠬᠠᠩᠭᠠᠬᠤ ᠪᠠᠷ ᠴᠢᠷᠮᠠᠶᠢᠵᠣ ᠪᠠᠶᠢᠨ᠎ᠠ᠃
     ᠡᠨᠡ ᠣᠳᠠᠭ᠎ᠠ ᠶᠢᠨ ᠰᠣᠷᠭᠠᠭᠤᠯᠢ ᠡᠬᠢᠯᠡᠬᠦ ᠣᠯᠠᠷᠢᠯ ᠳᠤ᠂ ᠬᠡᠦᠬᠡᠳ ᠤᠨ ᠴᠡᠴᠡᠷᠯᠢᠭ ᠳᠣᠭᠳᠠᠭᠰᠠᠨ ᠴᠠᠭ ᠲᠠᠭᠠᠨ ᠰᠣᠷᠣᠯᠭ᠎ᠠ ᠡᠬᠢᠯᠡᠬᠦ ᠡᠰᠡᠬᠦ ᠨᠢ ᠮᠠᠰᠢ ᠣᠯᠠᠨ ᠭᠡᠷ ᠤᠨ ᠠᠬᠠᠮᠠᠳ ᠤᠨ ᠠᠩᠬᠠᠷᠴᠣ ᠪᠠᠶᠢᠭ᠎ᠠ ᠵᠦᠢᠯ ᠪᠣᠯᠣᠨ᠎ᠠ᠃ 8 ᠰᠠᠷ᠎ᠠ ᠶᠢᠨ 30 ᠤ ᠡᠳᠦᠷ᠂ ᠰᠣᠷᠪᠣᠯᠵᠢᠯᠠᠭᠴᠢ ᠰᠢᠯᠢᠩᠬᠤᠳᠠ ᠶᠢᠨ ᠮᠣᠩᠭᠤᠯ ᠬᠡᠦᠬᠡᠳ ᠤᠨ ᠴᠡᠴᠡᠷᠯᠢᠭ ᠲᠤ ᠬᠦᠷᠦᠭᠡᠳ ᠪᠠᠭ᠎ᠠ ᠠᠩᠬᠢ ᠶᠢᠨ ᠰᠢᠨ᠎ᠡ ᠰᠣᠷᠣᠭᠴᠢᠳ ᠤᠨ ᠨᠡᠷ᠎ᠡ ᠮᠡᠳᠡᠭᠦᠯᠬᠦ ᠠᠵᠢᠯ ᠨᠢ ᠶᠠᠭ ᠡᠮᠬᠢ ᠵᠢᠷᠣᠮ ᠲᠠᠢ ᠶᠠᠪᠣᠭᠳᠠᠵᠣ᠂ ᠡᠯ᠎ᠡ ᠵᠦᠢᠯ ᠤᠨ ᠪᠡᠯᠡᠳᠭᠡᠯ ᠠᠵᠢᠯ ᠨᠢ ᠴᠦ ᠨᠢᠭᠡᠨᠳᠡ ᠵᠦᠭᠰᠢᠷᠡᠭᠰᠡᠨ ᠢ ᠣᠯᠵᠣ ᠬᠠᠷᠠᠪᠠ᠃ ︽ᠪᠢᠳᠡ ᠴᠠᠭ ᠵᠦᠷᠢᠭᠦᠯᠦᠨ ᠴᠡᠴᠡᠷᠯᠢᠭ ᠲᠤ ᠣᠷᠣᠬᠤ ᠠᠷᠭ᠎ᠠ ᠶᠢ ᠠᠪᠴᠣ᠂ ᠶᠡᠭᠡ ᠠᠩᠬᠢ᠂ ᠳᠣᠮᠳᠠ ᠠᠩᠬᠢ᠂ ᠪᠠᠭ᠎ᠠ ᠠᠩᠬᠢ ᠶᠢᠨ ᠬᠡᠦᠬᠡᠳ ᠢ 9 ᠰᠠᠷ᠎ᠠ ᠶᠢᠨ 1 ᠠᠴᠠ 9 ᠤ ᠡᠳᠦᠷ ᠪᠣᠯᠳᠠᠯ᠎ᠠ ᠬᠡᠰᠡᠭ ᠪᠦᠯᠦᠭ ᠬᠤᠪᠢᠶᠠᠨ ᠴᠡᠴᠡᠷᠯᠢᠭ ᠲᠤ ᠢᠷᠡᠭᠦᠯᠦᠨ᠎ᠡ︾ ᠭᠡᠵᠦ ᠳᠣᠰ ᠴᠡᠴᠡᠷᠯᠢᠭ ᠤᠨ ᠳᠡᠳ᠋ ᠵᠠᠬᠢᠷᠣᠯ ᠮᠦᠩᠬᠡᠳᠣᠶᠠᠭ᠎ᠠ ᠬᠡᠯᠡᠨ᠎ᠡ᠃

ᠢᠷᠡᠯᠲᠡ᠄ ᠥᠪᠥᠷ ᠮᠣᠩᠭᠤᠯ ᠤᠨ ᠡᠳᠦᠷ  ᠤᠨ ᠰᠣᠨᠢᠨ