ᠦᠪᠡᠷᠲᠡᠭᠡᠨ ᠵᠠᠰᠬᠠᠤ ᠤᠷᠤᠨ ︽ᠬᠤᠤᠰ ᠪᠠᠶᠠᠷ︾ ︽ᠬᠤᠶᠠᠷ ᠬᠤᠷᠠᠯ︾ ᠤᠨ ᠬᠤᠭᠤᠴᠠᠭᠠᠨ ᠳᠠᠬᠢ ᠬᠠᠨᠭ᠍ᠭᠠᠯᠭ᠎ᠠ ᠶᠢ ᠪᠠᠳᠤᠯᠠᠵᠤ ᠦᠨ᠎ᠡ ᠶᠢ ᠲᠤᠬᠳᠠᠪᠤᠷᠢᠵᠢᠭᠤᠯᠬᠤ ᠪᠠ ᠠᠮᠤᠷ ᠲᠦᠪᠰᠢᠨ ᠲᠤᠭᠳᠠᠭᠤᠨ ᠵᠡᠷᠭᠡ ᠠᠵᠢᠯ ᠤᠨ ᠲᠧᠯᠸᠢᠰ ᠤᠳᠠᠰᠤ ᠬᠤᠷᠠᠯ ᠬᠤᠷᠠᠯᠳᠤᠭᠤᠯᠪᠠ  ᠵᠠᠩ ᠱᠤᠤ ᠴᠦᠨ ᠬᠤᠷᠠᠯ ᠳᠤ ᠤᠷᠤᠯᠴᠠᠬᠰᠡᠨ ᠪᠦᠭᠡᠳ ᠶᠠᠷᠢᠶ᠎ᠡ ᠲᠠᠯᠪᠢᠪᠠ
ᠨᠡᠶᠢᠲᠡᠯᠡᠭᠰᠡᠨ ᠴᠠᠭ᠄
2021/1/6
     2020 ᠣᠨ ᠤ 12 ᠰᠠᠷ᠎ᠡ ᠶᠢᠨ 31 ᠤ ᠦᠳᠡ ᠶᠢᠨ ᠡᠮᠤᠨ᠎ᠡ᠂ ᠦᠪᠡᠷᠳᠡᠭᠡᠨ ᠵᠠᠰᠬᠠᠤ ᠤᠷᠤᠨ ︽ᠬᠤᠤᠰ ᠪᠠᠶᠠᠷ︾᠂ ︽ᠬᠤᠶᠠᠷ ᠬᠤᠷᠠᠯ︾ ᠤᠨ ᠬᠤᠭᠤᠴᠠᠭᠠᠨ ᠳᠠᠬᠢ ᠬᠠᠨᠭ᠍ᠭᠠᠯᠭ᠎ᠠ ᠶᠢ ᠪᠠᠳᠤᠯᠠᠵᠤ ᠦᠨ᠎ᠡ ᠶᠢ ᠲᠤᠬᠳᠠᠪᠤᠷᠢᠵᠢᠭᠤᠯᠬᠤ ᠪᠠ ᠠᠮᠤᠷ ᠲᠦᠪᠰᠢᠨ ᠲᠤᠭᠳᠠᠭᠤᠨ ᠵᠡᠷᠭᠡ ᠠᠵᠢᠯ ᠤᠨ ᠲᠧᠯᠸᠢᠰ ᠤᠳᠠᠰᠤ ᠬᠤᠷᠠᠯ ᠬᠤᠷᠠᠯᠳᠤᠭᠤᠯᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ᠂ ᠠᠶᠤᠯᠬᠦᠢ ᠦᠢᠯᠡᠳᠪᠤᠷᠢᠯᠡᠯ᠂ ᠠᠷᠠᠳ ᠤᠨ ᠠᠮᠢᠳᠤᠷᠠᠯ ᠢ ᠪᠠᠳᠤᠯᠠᠬᠤ᠂ ᠵᠠᠬᠢᠳᠠᠯ ᠰᠤᠷᠪᠤᠯᠵᠢᠯᠠᠯ ᠤᠨ ᠲᠤᠬᠳᠠᠭᠤᠨ ᠢ ᠪᠠᠳᠤᠯᠠᠬᠤ᠂ ᠬᠠᠨᠭ᠍ᠭᠠᠯᠭ᠎ᠠ ᠶᠢ ᠪᠠᠳᠤᠯᠠᠵᠤ ᠦᠨ᠎ᠡ ᠶᠢ ᠲᠤᠬᠳᠠᠪᠤᠷᠢᠵᠢᠭᠤᠯᠬᠤ᠂ ᠪᠠᠴᠢᠮ ᠪᠠᠶᠢᠳᠠᠯ ᠢ ᠠᠷᠭᠠᠴᠠᠭᠠᠬᠤ ᠵᠢᠵᠢᠬᠦᠷᠯᠡᠬᠦ ᠵᠡᠷᠭᠡ ᠠᠵᠢᠯ ᠢ ᠲᠤᠬᠢᠷᠠᠭᠤᠯᠤᠨ ᠪᠠᠶᠢᠷᠢᠯᠠᠭᠤᠯᠪᠠ᠃ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠭᠡᠰᠢᠬᠦᠨ᠂ ᠨᠠᠷᠢᠨ ᠪᠢᠴᠢᠭ ᠤᠨ ᠲᠠᠷᠤᠭ᠎ᠠ᠂ ᠦᠪᠡᠷᠳᠡᠭᠡᠨ ᠵᠠᠰᠬᠠᠤ ᠤᠷᠤᠨ ᠤ ᠪᠠᠶᠢᠡᠭᠭᠤ ᠶᠢᠨ ᠲᠡᠳ᠋ ᠲᠡᠷᠢᠬᠦᠯᠡᠭᠴᠢ ᠵᠠᠩ ᠱᠤᠤ ᠴᠦᠨ ᠬᠤᠷᠠᠯ ᠳᠤ ᠤᠷᠤᠯᠴᠠᠬᠰᠡᠨ ᠪᠦᠭᠡᠳ ᠶᠠᠷᠢᠶ᠎ᠡ ᠲᠠᠯᠪᠢᠵᠠᠢ᠃      ᠬᠤᠷᠠᠯ ᠠᠴᠠ᠂ ︽ᠬᠤᠤᠰ ᠪᠠᠶᠠᠷ︾᠂ ︽ᠬᠤᠶᠠᠷ ᠬᠤᠷᠠᠯ︾ ᠪᠤᠯ ᠤᠨᠴᠠᠭᠠᠢ ᠬᠤᠭᠤᠴᠠᠭ᠎ᠠ ᠪᠤᠯᠤᠨ᠎ᠡ᠂ ᠡᠯ᠎ᠡ ᠭᠠᠵᠠᠷ ᠡᠯ᠎ᠡ ᠰᠠᠯᠠᠭ᠎ᠠ ᠮᠦᠴᠢᠷ ᠤᠨ ᠬᠢᠨ ᠠᠷᠠᠳ ᠲᠦᠮᠡᠨ ᠢᠶᠠᠷ ᠭᠤᠤᠯ ᠪᠤᠯᠭᠠᠬᠤ ᠬᠦᠭᠵᠢᠯᠳᠠ ᠶᠢᠨ ᠤᠢᠢᠯᠠᠭᠠᠬᠳᠠᠬᠤᠨ ᠢ ᠪᠠᠷᠢᠮᠳᠠᠯᠠᠵᠤ᠂ ᠡᠯ᠎ᠡ ᠵᠦᠢᠯ ᠤᠨ ᠠᠵᠢᠯ ᠢ ᠪᠦᠬᠦ ᠬᠦᠴᠤᠨ ᠢᠶᠠᠷ ᠢᠶᠠᠨ ᠰᠠᠶᠢᠳᠤᠷ ᠬᠢᠵᠤ᠂ ︽ᠬᠤᠶᠠᠷ ᠬᠤᠷᠠᠯ︾ ᠤᠨ ᠬᠤᠷᠠᠯᠳᠤᠬᠤ ᠳᠤ ᠰᠠᠶᠢᠨ ᠰᠠᠶᠢᠬᠠᠨ ᠨᠡᠶᠢᠭᠡᠮ ᠤᠨ ᠤᠷᠴᠢᠨ ᠢ ᠪᠤᠢ ᠪᠤᠯᠭᠠᠵᠤ᠂ ᠤᠯᠠᠨ ᠲᠦᠮᠡᠨ ᠢ ᠪᠠᠶᠠᠷ ᠪᠠᠶᠠᠰᠬᠤᠯᠠᠩ ᠲᠠᠢ᠂ ᠵᠤᠯ ᠵᠢᠷᠭᠠᠯ ᠲᠠᠢ᠂ ᠠᠮᠤᠷ ᠠᠮᠤᠭᠤᠯᠠᠩ ︽ᠬᠤᠤᠰ ᠪᠠᠶᠠᠷ︾ ᠢ ᠦᠩᠭᠡᠷᠡᠭᠦᠯᠬᠦ ᠭᠡᠷᠡᠭᠳᠠᠢ ᠭᠡᠵᠤ ᠵᠢᠭᠠᠵᠤ ᠭᠠᠷᠭᠠᠪᠠ᠃      ᠬᠤᠷᠠᠯ ᠠᠴᠠ᠂ ︽ᠭᠠᠳᠠᠨ᠎ᠡ ᠠᠴᠠ ᠬᠠᠯᠳᠠᠪᠤᠷᠢᠯᠡᠨ ᠤᠷᠤᠵᠤ ᠢᠷᠡᠬᠦ ᠶᠢ ᠰᠡᠷᠭᠡᠶᠢᠯᠡᠵᠤ᠂ ᠲᠤᠳᠤᠭᠠᠳᠤ ᠳᠠᠭᠠᠨ ᠲᠠᠬᠢᠨ ᠲᠡᠯᠭᠡᠷᠡᠬᠦ ᠶᠢ ᠰᠡᠷᠭᠡᠶᠢᠯᠡᠬᠦ︾ ᠶᠢ ᠦᠷᠬᠦᠯᠵᠢᠯᠡᠨ ᠴᠢᠩᠭᠠᠳᠬᠠᠵᠤ᠂ ︽ᠬᠦᠮᠤᠨ︾᠂ ︽ᠪᠤᠳᠠᠰ︾ ᠤᠨ ᠬᠠᠯᠳᠠᠪᠤᠷᠢᠯᠠᠯᠳᠠ ᠶᠢ ᠵᠡᠷᠭᠡ ᠪᠠᠷ ᠰᠡᠷᠭᠡᠶᠢᠯᠡᠬᠦ ᠶᠢ ᠪᠠᠷᠢᠮᠳᠠᠯᠠᠵᠤ᠂ ᠬᠢᠵᠢᠭ ᠤᠨ ᠪᠠᠶᠢᠳᠠᠯ ᠤᠨ ᠰᠤᠳᠤᠯᠤᠨ ᠮᠠᠭᠠᠳᠯᠠᠯᠳᠠ ᠶᠢ ᠴᠢᠩᠭᠠᠳᠬᠠᠵᠤ᠂ ᠰᠡᠷᠭᠡᠶᠢᠯᠡᠨ ᠡᠵᠡᠮᠳᠡᠵᠤ ᠠᠪᠤᠷᠠᠨ ᠵᠠᠰᠠᠬᠤ ᠴᠢᠳᠠᠪᠤᠷᠢ ᠪᠠᠨ ᠲᠡᠭᠡᠭᠰᠢᠯᠡᠬᠦᠯᠵᠤ᠂ ᠡᠷᠡᠬᠦᠯ ᠮᠠᠨᠳᠤ ᠶᠢᠨ ᠤᠬᠠᠭᠤᠯᠭ᠎ᠠ ᠬᠦᠮᠦᠵᠢᠯ ᠢ ᠴᠢᠩᠭᠠᠳᠬᠠᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠢ ᠬᠢᠨᠠᠭᠤᠷ ᠪᠤᠯᠭᠤᠮᠵᠢᠳᠠᠢ ᠰᠠᠶᠢᠳᠤᠷ ᠠᠳᠬᠤᠬᠤ ᠭᠡᠷᠡᠭᠳᠠᠢ᠃ ᠲᠦᠷᠦ ᠶᠢᠨ ᠶᠠᠪᠤᠳᠠᠯ ᠤᠨ ᠬᠤᠷᠢᠶᠠᠨ ᠤ ᠠᠶᠤᠯᠬᠦᠢ ᠦᠢᠯᠡᠳᠪᠤᠷᠢᠯᠡᠯ ᠤᠨ ᠵᠦᠪᠯᠡᠯ ᠤᠨ ᠠᠯᠪᠡᠨ ᠭᠡᠷ ᠤᠨ ᠪᠠᠶᠢᠴᠠᠭᠠᠬᠤ ᠲᠤᠭᠤᠢᠢᠯᠠᠩ ᠤᠨ ᠬᠠᠷᠢᠭᠤ ᠲᠤᠰᠬᠠᠬᠰᠡᠨ ᠰᠠᠨᠠᠯ ᠢᠶᠠᠷ ᠴᠡᠭᠴᠡᠯᠡᠨ ᠵᠠᠰᠠᠬᠤ᠂ ᠭᠤᠤᠯᠳᠠᠯᠭ᠎ᠠ ᠲᠠᠢ ᠠᠵᠢᠯ ᠲᠦᠷᠦᠯ ᠤᠨ ᠬᠦᠷᠢᠶᠠᠨ ᠤ ᠠᠶᠤᠯ ᠲᠦᠭᠰᠢᠬᠦᠷᠢ ᠶᠢ ᠬᠠᠮᠢᠶᠡᠷᠤᠨ ᠡᠵᠡᠮᠳᠡᠬᠦ᠂ ᠤᠯᠠᠨ ᠨᠠᠶᠢᠳᠠ ᠶᠢᠨ ᠠᠮᠤᠷ ᠲᠦᠪᠰᠢᠨ ᠢ ᠰᠡᠷᠭᠡᠶᠢᠯᠡᠨ ᠡᠵᠡᠮᠳᠡᠬᠦ ᠵᠡᠷᠭᠡ ᠠᠵᠢᠯ ᠢ ᠰᠠᠶᠢᠳᠤᠷ ᠠᠳᠬᠤᠵᠤ᠂ ᠠᠶᠤᠯᠬᠦᠢ ᠦᠢᠯᠡᠳᠪᠤᠷᠢᠯᠡᠯ ᠢ ᠦᠴᠦᠭᠡᠨ ᠴᠤ ᠰᠤᠯᠠᠷᠠᠭᠤᠯᠤᠯ ᠦᠭᠡᠢ ᠪᠠᠷ ᠰᠠᠶᠢᠳᠤᠷ ᠠᠳᠬᠤᠬᠤ ᠭᠡᠷᠡᠭᠳᠠᠢ᠃ ᠴᠠᠬᠢᠯᠭᠠᠨ ᠪᠠᠶᠢᠭᠠᠯᠢ ᠶᠢᠨ ᠰᠢᠳᠠᠮᠠᠬᠠᠢ ᠭᠡᠢ ᠨᠡᠬᠦᠷᠡᠰᠤᠨ ᠤ ᠬᠠᠨᠭ᠍ᠭᠠᠯᠭ᠎ᠠ ᠶᠢ ᠪᠠᠳᠤᠯᠠᠬᠤ ᠠᠵᠢᠯ ᠢ ᠰᠠᠶᠢᠳᠤᠷ ᠬᠢᠵᠤ᠂ ᠤᠯᠠᠨ ᠲᠦᠮᠡᠨ ᠤ ᠬᠠᠯᠠᠭᠤᠨ ᠲᠤᠯᠠᠭᠠᠬᠠᠨ ᠡᠪᠤᠯᠵᠢᠬᠦ ᠶᠢ ᠦᠨᠡᠨ ᠬᠦ ᠪᠠᠳᠤᠯᠠᠬᠤ ᠭᠡᠷᠡᠭᠳᠠᠢ︔ ᠠᠮᠤ ᠪᠤᠳᠠᠭ᠎ᠠ ᠲᠤᠰᠤ᠂ ᠮᠢᠬ᠎ᠠ ᠦᠨᠳᠡᠭᠡ ᠰᠦ᠂ ᠢᠳᠡᠰᠢᠨ ᠨᠤᠭᠤᠭ᠎ᠠ ᠶᠢᠨ ᠬᠠᠨᠭ᠍ᠭᠠᠯᠭ᠎ᠠ ᠶᠢ ᠪᠠᠳᠤᠯᠠᠵᠤ ᠦᠨ᠎ᠡ ᠶᠢ ᠲᠤᠬᠳᠠᠪᠤᠷᠢᠵᠢᠭᠤᠯᠬᠤ ᠪᠠ ᠵᠠᠬ᠎ᠠ ᠲᠡᠯᠭᠡᠬᠦᠷ ᠤᠨ ᠬᠢᠨᠠᠯᠳᠠ ᠬᠠᠮᠢᠶᠡᠷᠤᠯᠳᠠ ᠶᠢ ᠰᠠᠶᠢᠳᠤᠷ ᠬᠢᠵᠤ᠂ ᠤᠯᠠᠨ ᠲᠦᠮᠡᠨ ᠤ ᠪᠠᠶᠠᠷ ᠤᠨ ᠡᠳᠦᠷ ᠤᠨ ᠭᠡᠷᠡᠭᠯᠡᠭᠡᠨ ᠤ ᠭᠡᠷᠡᠭᠴᠡᠭᠡ ᠶᠢ ᠬᠠᠨᠭ᠍ᠭᠠᠬᠤ ᠭᠡᠷᠡᠭᠳᠠᠢ᠃ ᠠᠵᠢᠯᠴᠢ ᠠᠷᠪᠢᠴᠢ ᠪᠠᠷ ᠠᠷᠪᠢᠯᠠᠨ ᠭᠠᠮᠨᠠᠵᠤ ᠪᠤᠯᠪᠠᠰᠤᠨ ᠢᠶᠠᠷ ᠪᠠᠶᠠᠷ ᠤᠨ ᠡᠳᠦᠷ ᠢ ᠦᠡᠭᠭᠡᠷᠡᠭᠡᠬᠦ ᠰᠢᠨ᠎ᠡ ᠬᠡᠪ ᠵᠠᠩᠰᠢᠯ ᠢ ᠢᠳᠡᠪᠬᠢᠳᠠᠢ ᠰᠠᠨᠠᠭᠠᠴᠢᠯᠠᠬᠤ ᠭᠡᠷᠡᠭᠳᠠᠢ ᠭᠡᠵᠤ ᠱᠠᠭᠠᠷᠳᠠᠪᠠ᠃      ᠬᠤᠷᠠᠯ ᠠᠴᠠ᠂ ᠨᠡᠶᠢᠭᠡᠮ ᠤᠨ ᠪᠠᠳᠤᠯᠠᠭ᠎ᠠ ᠶᠢᠨ ᠬᠦᠷᠳᠡᠮᠵᠢ ᠤᠯᠭᠤᠮᠵᠢ ᠶᠢ ᠴᠠᠭ ᠲᠤᠬᠠᠢ ᠳᠤ ᠨᠢ ᠲᠤᠭ᠎ᠠ ᠶᠤᠰᠤᠭᠠᠷ ᠦᠭᠴᠤ᠂ ᠨᠡᠶᠢᠭᠡᠮ ᠤᠨ ᠠᠪᠤᠷᠠᠨ ᠲᠤᠰᠠᠯᠠᠬᠤ ᠠᠷᠭ᠎ᠠ ᠵᠠᠮ ᠢ ᠰᠢᠯᠤᠭᠤᠳᠬᠠᠵᠤ᠂ ᠪᠠᠶᠢᠴᠠᠭᠠᠨ ᠲᠤᠬᠤᠨᠢᠭᠤᠯᠬᠤ ᠠᠵᠢᠯᠯᠠᠭ᠎ᠠ ᠦᠷᠨᠢᠬᠦᠯᠵᠤ᠂ ᠶᠠᠳᠠᠭᠤ ᠬᠦᠴᠢᠷᠳᠡᠯᠳᠠᠢ ᠤᠯᠠᠨ ᠲᠦᠮᠡᠨ ᠢ ᠬᠠᠯᠠᠮᠵᠢᠯᠡᠨ ᠬᠠᠶᠢᠷᠠᠯᠠᠬᠤ ᠭᠡᠷᠡᠭᠳᠠᠢ᠃ ᠤᠯᠤᠰ ᠲᠦᠷᠦ ᠶᠢᠨ ᠠᠮᠤᠷ ᠲᠦᠪᠰᠢᠨ ᠢ ᠡᠷᠡᠰ ᠬᠠᠮᠠᠭᠠᠯᠠᠵᠤ᠂ ᠨᠡᠶᠢᠭᠡᠮ ᠤᠨ ᠵᠦᠷᠢᠴᠡᠯ ᠢ ᠪᠦᠳᠦᠮᠵᠢᠳᠠᠢ ᠰᠢᠢᠳᠪᠤᠷᠢᠯᠡᠵᠤ᠂ ᠠᠮᠤᠷ ᠠᠮᠤᠭᠤᠯᠠᠩ ᠢ ᠡᠬᠦᠳᠤᠨ ᠪᠠᠶᠢᠭᠤᠯᠬᠤ ᠠᠵᠢᠯ ᠢ ᠯᠠᠪᠳᠠᠭᠤᠨ ᠪᠠᠳᠤᠳᠠᠢ ᠠᠬᠢᠭᠤᠯᠵᠤ᠂ ᠨᠡᠶᠢᠭᠡᠮ ᠤᠨ ᠡᠶ᠎ᠡ ᠵᠤᠬᠢᠴᠠᠩᠭᠤᠢ ᠲᠤᠬᠳᠠᠭᠤᠨ ᠢ ᠪᠦᠬᠦ ᠬᠦᠴᠤᠨ ᠢᠶᠠᠷ ᠢᠶᠠᠨ ᠬᠠᠮᠠᠭᠠᠯᠠᠬᠤ ᠭᠡᠷᠡᠭᠳᠠᠢ᠃ ᠠᠵᠢᠯ ᠤᠨ ᠪᠠᠶᠢᠷᠢ ᠶᠢᠨ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠪᠠᠴᠢᠮ ᠪᠠᠶᠢᠳᠠᠯ ᠢ ᠠᠷᠭᠠᠴᠠᠭᠠᠬᠤ ᠪᠡᠯᠡᠳᠭᠡᠯ ᠲᠦᠰᠤᠯ ᠢ ᠲᠡᠬᠦᠯᠳᠡᠷᠵᠢᠬᠦᠯᠵᠤ᠂ ᠪᠠᠴᠢᠮ ᠪᠠᠶᠢᠳᠠᠯ ᠢ ᠠᠷᠭᠠᠴᠠᠭᠠᠬᠤ ᠰᠤᠷᠢᠯᠳᠠ ᠶᠢ ᠴᠢᠩᠭᠠᠳᠬᠠᠵᠤ᠂ ᠪᠠᠶᠠᠷ ᠤᠨ ᠡᠳᠦᠷ ᠤᠨ ᠬᠤᠭᠤᠴᠠᠭᠠᠨ ᠳᠤ ᠡᠯ᠎ᠡ ᠵᠦᠢᠯ ᠤᠨ ᠠᠵᠢᠯ ᠤᠨ ᠬᠡᠪ ᠤᠨ ᠶᠤᠰᠤᠭᠠᠷ ᠶᠠᠪᠤᠬᠳᠠᠬᠤ ᠶᠢ ᠦᠨᠡᠨ ᠬᠦ ᠪᠠᠳᠤᠯᠠᠬᠤ ᠭᠡᠷᠡᠭᠳᠠᠢ ᠭᠡᠵᠤ ᠴᠢᠬᠤᠯᠠᠴᠢᠯᠠᠪᠠ᠃
ᠢᠷᠡᠯᠲᠡ᠄ ᠦᠪᠦᠷ ᠮᠣᠩᠭᠤᠯ ᠤᠨ ᠡᠳᠦᠷ ᠤᠨ ᠰᠤᠨᠢᠨ