ᠲᠦᠩᠯᠢᠶᠣᠤ ᠬᠤᠲᠠ ᠶᠢᠨ ᠮᠠᠯᠵᠢᠬᠤ ᠲᠠᠷᠢᠶᠠᠯᠠᠬᠤ ᠣᠷᠣᠨ ᠤ ᠤᠤᠭᠤᠬᠤ ᠤᠰᠤᠨ ᠤ ᠠᠶᠤᠯ ᠦᠭᠡᠢ ᠶᠢᠨ ᠬᠢᠷᠢ ᠲᠦᠪᠰᠢᠨ ᠪᠦᠲᠦᠮᠵᠢᠲᠡᠶ ᠳᠡᠭᠡᠭᠰᠢᠯᠡᠪᠡ
ᠨᠡᠶᠢᠲᠡᠯᠡᠭᠰᠡᠨ ᠴᠠᠭ᠄
2021/12/8

      ᠣᠶᠢᠷ᠎ᠠ ᠶᠢᠨ ᠵᠢᠯ ᠤᠳ ᠲᠤ᠂ ᠲᠦᠩᠯᠢᠶᠣᠤ ᠬᠤᠲᠠ ᠶᠢᠨ ᠬᠢᠨ ᠮᠠᠯᠴᠢᠨ ᠲᠠᠷᠢᠶᠠᠴᠢᠨ ᠤ ᠤᠤᠭᠤᠬᠤ ᠤᠰᠤᠨ ᠤ ᠠᠰᠠᠭᠤᠳᠠᠯ ᠢ ᠰᠢᠢᠳᠪᠦᠷᠢᠯᠡᠬᠦ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠪᠠᠯᠠ ᠮᠥᠩᠭᠦ ᠶᠢᠨ ᠣᠷᠣᠭᠤᠯᠤᠯᠲᠠ ᠪᠠᠨ ᠦᠨᠡᠨ ᠬᠦ ᠨᠡᠮᠡᠭᠳᠡᠭᠦᠯᠦᠨ᠂ ᠲᠥᠪᠯᠡᠷᠡᠭᠦᠯᠦᠨ ᠤᠰᠤ ᠬᠠᠩᠭᠠᠬᠤ ᠢᠨᠵᠧᠨᠧᠷᠢᠩ ᠢ ᠲᠦᠷᠭᠡᠳᠬᠡᠨ ᠪᠠᠶᠢᠭᠤᠯᠵᠤ᠂ ᠲᠠᠷᠠᠬᠠᠶ ᠪᠤᠲᠠᠷᠬᠠᠶ ᠪᠠᠷ ᠤᠰᠤ ᠬᠠᠩᠭᠠᠬᠤ ᠶᠠᠰᠤ ᠴᠢᠨᠠᠷ ᠢ ᠬᠦᠴᠦᠯᠡᠨ ᠰᠠᠶᠢᠵᠢᠷᠠᠭᠤᠯᠬᠤ ᠪᠠ ᠳᠡᠭᠡᠭᠰᠢᠯᠡᠭᠦᠯᠵᠦ᠂ ᠬᠡᠪᠴᠢᠶᠡᠵᠢᠭᠦᠯᠦᠨ ᠤᠰᠤ ᠬᠠᠩᠭᠠᠬᠤ ᠢᠨᠵᠧᠨᠧᠷᠢᠩ ᠤᠨ ᠪᠥᠲᠥᠭᠡᠨ ᠪᠠᠶᠢᠭᠤᠯᠤᠯᠲᠠ ᠶᠢ ᠰᠦᠪᠡᠭᠴᠢᠯᠡᠨ ᠬᠡᠷᠡᠭᠵᠢᠭᠦᠯᠵᠦ᠂ ᠮᠠᠯᠵᠢᠬᠤ ᠲᠠᠷᠢᠶᠠᠯᠠᠬᠤ ᠣᠷᠣᠨ ᠤ ᠤᠤᠭᠤᠬᠤ ᠤᠰᠤᠨ ᠤ ᠠᠶᠤᠯ ᠦᠭᠡᠢ ᠶᠢᠨ ᠬᠢᠷᠢ ᠲᠦᠪᠰᠢᠨ ᠢ ᠪᠦᠲᠦᠮᠵᠢᠲᠡᠶ ᠳᠡᠭᠡᠭᠰᠢᠯᠡᠭᠦᠯᠪᠡ᠃
      ᠭᠠᠴᠠᠭ᠎ᠠ ᠲᠣᠰᠬᠤᠨ ᠳᠤ ᠲᠥᠪᠯᠡᠷᠡᠭᠦᠯᠦᠨ ᠤᠰᠤ ᠬᠠᠩᠭᠠᠬᠤ ᠢᠨᠵᠧᠨᠧᠷᠢᠩ ᠤᠨ ᠪᠦᠳᠦᠭᠡᠨ ᠪᠠᠶᠢᠭᠤᠯᠤᠯᠲᠠ ᠶᠢ ᠲᠥᠷᠭᠡᠳᠬᠡᠪᠡ᠃ 2011 ᠣᠨ ᠠᠴᠠ ᠨᠠᠭᠠᠰᠢ᠂ ᠲᠦᠩᠯᠢᠶᠣᠤ ᠬᠤᠳᠠ ᠶᠢᠨ ᠬᠢᠨ 79229 ᠲᠦᠮᠡᠨ ᠲᠥᠭᠦᠷᠢᠭ ᠤᠨ ᠪᠡᠯᠡ ᠮᠥᠩᠭᠦ ᠶᠢ ᠨᠡᠶᠢᠳᠬᠡᠵᠦ᠂ ᠲᠥᠪᠯᠡᠷᠡᠭᠦᠯᠦᠨ ᠤᠰᠤ ᠬᠠᠩᠭᠠᠬᠤ ᠢᠨᠵᠧᠨᠧᠷᠢᠩ ᠢ ᠪᠦᠬᠦ ᠬᠦᠴᠦᠨ ᠢᠶᠠᠷ ᠢᠶᠠᠨ ᠪᠦᠳᠦᠭᠡᠨ ᠪᠠᠶᠢᠭᠤᠯᠪᠠ᠃ ᠣᠳᠣᠬᠠᠨ ᠳᠤ᠂ ᠲᠦᠩᠯᠢᠶᠣᠤ ᠬᠤᠲᠠ ᠶᠢᠨ 3990 ᠠᠶᠢᠯ ᠲᠣᠰᠬᠤᠨ ᠳᠤ ᠨᠢᠭᠡᠨᠲᠡ 2531 ᠲᠥᠪᠯᠡᠷᠡᠭᠦᠯᠦᠨ ᠤᠰᠤ ᠬᠠᠩᠭᠠᠬᠤ ᠢᠨᠵᠧᠨᠧᠷᠢᠩ ᠢ ᠬᠡᠷᠡᠭᠵᠢᠭᠦᠯᠵᠦ᠂ ᠲᠥᠪᠯᠡᠷᠡᠭᠦᠯᠦᠨ ᠤᠰᠤ ᠬᠠᠩᠭᠠᠭᠰᠠᠨ ᠨᠣᠷᠮ᠎ᠠ ᠨᠢ 84.3% ᠬᠦᠷᠴᠦ᠂ ᠴᠢᠨᠡᠭᠡᠯᠢᠭ ᠨᠡᠶᠢᠭᠡᠮ ᠤᠨ ᠲᠥᠪᠯᠡᠷᠡᠭᠦᠯᠦᠨ ᠤᠰᠤ ᠬᠠᠩᠭᠠᠬᠤ ᠨᠣᠷᠮ᠎ᠠ ᠤᠨ ᠭᠦᠢᠴᠡᠳᠬᠡᠯ ᠲᠤᠭ᠎ᠠ 80%᠎ ᠠᠴᠠ 4.3 ᠵᠠᠭᠤᠨ ᠤ ᠴᠡᠭ ᠳᠠᠪᠠᠭᠰᠠᠨ ᠪᠠᠶᠢᠨ᠎ᠠ᠃ ᠡᠭᠦᠨ ᠳᠤ 10 ᠵᠢᠯ ᠠᠴᠠ ᠳᠡᠭᠡᠭᠰᠢᠬᠢ ᠢᠨᠵᠧᠨᠧᠷᠢᠩ ᠢ 1029 ᠪᠠᠶᠢᠭᠤᠯᠵᠤ᠂ 5 — 10 ᠵᠢᠯ ᠤᠨ ᠢᠨᠵᠧᠨᠧᠷᠢᠩ ᠢ 839 ᠪᠠᠶᠢᠭᠤᠯᠵᠤ᠂ 5 ᠵᠢᠯ ᠤᠨ ᠳᠣᠲᠣᠷᠠᠬᠢ ᠢᠨᠵᠧᠨᠧᠷᠢᠩ ᠢ 663 ᠪᠠᠶᠢᠭᠤᠯᠪᠠ᠃
      ᠬᠡᠪᠴᠢᠶᠡᠵᠢᠭᠦᠯᠦᠨ ᠤᠰᠤ ᠬᠠᠩᠭᠠᠬᠤ ᠶᠢ ᠰᠦᠪᠡᠭᠴᠢᠯᠡᠨ ᠬᠡᠷᠡᠭᠵᠢᠭᠦᠯᠪᠡ᠃ ︽ᠤᠤᠭᠤᠬᠤ ᠤᠰᠤ ᠲᠠᠢ︾᠎ ᠠᠴᠠ ︽ᠴᠢᠨᠠᠷ ᠰᠠᠶᠢᠲᠠᠢ ᠤᠰᠤ ᠤᠤᠭᠤᠬᠤ︾ ᠬᠠᠷᠠᠯᠲᠠ ᠶᠢ ᠲᠥᠷᠭᠡᠳᠬᠡᠨ ᠪᠡᠶᠡᠯᠡᠭᠦᠯᠬᠦ ᠶᠢᠨ ᠲᠥᠯᠥᠭᠡ᠂ ᠲᠦᠩᠯᠢᠶᠣᠤ ᠬᠤᠲᠠ ᠬᠡᠪᠴᠢᠶᠡᠵᠢᠭᠰᠡᠨ ᠤᠰᠤᠨ ᠤ ᠦᠢᠯᠡᠳᠪᠦᠷᠢ ᠶᠢᠨ ᠪᠥᠲᠥᠭᠡᠨ ᠪᠠᠶᠢᠭᠤᠯᠤᠯᠲᠠ ᠶᠢ ᠢᠳᠡᠪᠬᠢᠲᠡᠶ ᠠᠬᠢᠭᠤᠯᠵᠤ᠂ ᠣᠳᠣᠬᠠᠨ ᠳᠤ ᠨᠠᠢᠮᠠᠨ ᠬᠤᠰᠢᠭᠤ᠂ ᠬᠤᠷᠴᠢᠨ ᠲᠣᠭᠤᠷᠢᠭ᠂ ᠬᠤᠷᠴᠢᠨ ᠵᠡᠭᠦᠨ ᠭᠠᠷᠤᠨ ᠬᠤᠶᠢᠲᠤ ᠬᠤᠰᠢᠭᠤ᠂ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ ᠵᠡᠷᠭᠡ ᠬᠤᠰᠢᠭᠤ ᠰᠢᠶᠠᠨ ᠲᠣᠭᠤᠷᠢᠭ ᠲᠤ ᠨᠢᠭᠡᠨᠲᠡ ᠮᠢᠩᠭᠠᠨ ᠲᠣᠨ ᠤ ᠲᠦᠮᠡᠨ ᠬᠥᠮᠦᠨ ᠳᠤ ᠤᠰᠤ ᠬᠠᠩᠭᠠᠬᠤ ᠤᠰᠤᠨ ᠤ ᠦᠢᠯᠡᠳᠪᠦᠷᠢ ᠶᠢ 12 ᠪᠠᠶᠢᠭᠤᠯᠵᠤ᠂ ᠤᠰᠤ ᠬᠠᠩᠭᠠᠭᠰᠠᠨ ᠬᠥᠮᠦᠨ ᠠᠮᠠ ᠶᠢᠨ ᠲᠤᠭ᠎ᠠ 18.4 ᠲᠦᠮᠡ ᠳᠤ ᠬᠥᠷᠪᠡ᠃ ᠤᠤᠯ ᠤᠨ ᠬᠡᠪᠴᠢᠶᠡᠵᠢᠭᠰᠡᠨ ᠤᠰᠤᠨ ᠤ ᠦᠢᠯᠡᠳᠪᠦᠷᠢ ᠶᠢᠨ ᠠᠵᠢᠯᠯᠠᠭᠠᠨ ᠤ ᠪᠠᠶᠢᠭᠤᠯᠤᠯ ᠲᠣᠭᠲᠠᠴᠠ ᠰᠢᠯᠤᠭᠤᠨ ᠪᠤᠰᠤ᠂ ᠤᠰᠤᠨ ᠤ ᠰᠦᠢᠳᠬᠡᠯ ᠢ ᠬᠤᠷᠢᠶᠠᠬᠤ ᠳᠤ ᠬᠦᠴᠢᠷᠲᠡᠶ᠂ ᠡᠵᠡᠩᠨᠡᠯᠲᠡ ᠲᠣᠭᠲᠠᠭᠤᠨ ᠪᠤᠰᠤ ᠵᠡᠷᠭᠡ ᠠᠰᠠᠭᠤᠳᠠᠯ ᠢ ᠰᠢᠢᠳᠪᠦᠷᠢᠯᠡᠬᠦ ᠶᠢᠨ ᠲᠤᠰᠠᠳᠠ᠂ ᠨᠠᠢᠮᠠᠨ ᠬᠤᠰᠢᠭᠤᠨ ᠤ ᠤᠰᠤᠨ ᠤ ᠶᠠᠪᠤᠳᠠᠯ ᠤᠨ ᠰᠠᠯᠠᠭ᠎ᠠ ᠮᠥᠴᠢᠷ ᠵᠠᠬ᠎ᠠ ᠳᠡᠯᠭᠡᠭᠦᠷᠴᠢᠯᠡᠨ ᠠᠵᠢᠯᠯᠠᠭᠤᠯᠬᠤ᠂ ᠪᠠᠷᠢᠮᠵᠢᠶᠠᠵᠢᠭᠤᠯᠤᠨ ᠪᠥᠲᠥᠭᠡᠨ ᠪᠠᠶᠢᠭᠤᠯᠬᠤ᠂ ᠲᠤᠰᠬᠠᠶᠢᠵᠢᠭᠤᠯᠤᠨ ᠬᠠᠮᠢᠶᠠᠷᠬᠤ᠂ ᠠᠵᠤ ᠠᠬᠤᠶᠢᠴᠢᠯᠠᠨ ᠡᠵᠡᠩᠨᠡᠬᠦ ᠰᠡᠳᠬᠢᠮᠵᠢ ᠪᠠᠷ ᠪᠠᠶᠢᠰᠢᠩᠲᠤ᠂ ᠳ᠋ᠦᠩ ᠮᠢᠩ ᠤᠨ ᠤᠰᠤᠨ ᠤ ᠦᠢᠯᠡᠳᠪᠦᠷᠢ ᠶᠢ ᠰᠢᠨ᠎ᠡ ᠪᠠᠷ ᠪᠠᠶᠢᠭᠤᠯᠵᠤ᠂ ᠺᠣᠮᠫᠠᠨᠢ ᠪᠠᠶᠢᠭᠤᠯᠤᠨ ᠤᠤᠭᠤᠬᠤ ᠤᠰᠤᠨ ᠤ ᠠᠮᠤᠷ ᠲᠦᠪᠰᠢᠨ ᠤ ᠢᠨᠵᠧᠨᠧᠷᠢᠩ ᠤᠨ ᠤᠰᠤ ᠬᠠᠩᠭᠠᠬᠤ᠂ ᠠᠷᠠᠴᠢᠯᠠᠨ ᠬᠠᠮᠠᠭᠠᠯᠠᠬᠤ᠂ ᠬᠠᠮᠢᠶᠠᠷᠬᠤ ᠶᠢ ᠬᠠᠷᠢᠭᠤᠴᠠᠭᠤᠯᠵᠤ᠂ ᠮᠠᠯᠵᠢᠬᠤ ᠲᠠᠷᠢᠶᠠᠯᠠᠬᠤ ᠣᠷᠣᠨ ᠤ ᠤᠤᠭᠤᠬᠤ ᠤᠰᠤᠨ ᠤ ᠶᠠᠰᠤ ᠴᠢᠨᠠᠷ ᠢ ᠰᠠᠶᠢᠵᠢᠷᠠᠭᠤᠯᠤᠭᠰᠠᠨ ᠢᠶᠠᠷ ᠪᠠᠷᠠᠬᠤ ᠥᠬᠡᠶ᠂ ᠤᠰᠤ ᠪᠠᠷ ᠤᠰᠤ ᠶᠢ ᠲᠡᠵᠢᠭᠡᠬᠦ ᠠᠰᠢᠭᠲᠠᠢ ᠬᠥᠭᠵᠢᠯᠲᠡ ᠶᠢᠨ ᠵᠠᠮ ᠢ ᠨᠡᠭᠡᠭᠡᠭᠰᠡᠨ ᠪᠠᠶᠢᠨ᠎ᠠ᠃
      ᠲᠠᠷᠠᠬᠠᠶ ᠪᠤᠲᠠᠷᠬᠠᠶ ᠪᠠᠷ ᠤᠰᠤ ᠬᠠᠩᠭᠠᠬᠤ ᠬᠢᠷᠢ ᠲᠦᠪᠰᠢᠨ ᠢ ᠬᠦᠴᠦᠯᠡᠨ ᠰᠠᠶᠢᠵᠢᠷᠠᠭᠤᠯᠵᠤ ᠳᠡᠭᠡᠭᠰᠢᠯᠡᠭᠦᠯᠪᠡ᠃ ᠪᠠᠯᠠ ᠮᠥᠩᠭᠦ ᠶᠢᠨ ᠬᠢᠵᠠᠭᠠᠷᠯᠠᠯ᠂ ᠣᠯᠠᠨ ᠲᠦᠮᠡᠨ ᠤ ᠬᠦᠰᠡᠯ ᠡᠷᠡᠮᠡᠯᠵᠡᠯ ᠵᠡᠷᠭᠡ ᠬᠦᠴᠦᠨ ᠵᠦᠢᠯ ᠤᠨ ᠨᠥᠯᠥᠭᠡ ᠠᠴᠠ ᠪᠣᠯᠵᠣ᠂ ᠣᠳᠣᠬᠠᠨ ᠳᠤ ᠲᠦᠩᠯᠢᠶᠣᠤ ᠬᠤᠲᠠ ᠳᠤ ᠪᠠᠰᠠ 1367 ᠠᠶᠢᠯ ᠲᠣᠰᠬᠤᠨ ᠳᠤ ᠲᠥᠪᠯᠡᠷᠡᠭᠦᠯᠦᠨ ᠤᠰᠤ ᠬᠠᠩᠭᠠᠬᠤ ᠢᠨᠵᠧᠨᠧᠷᠢᠩ ᠢ ᠬᠠᠷᠠᠬᠠᠨ ᠪᠠᠶᠢᠭᠤᠯᠤᠭᠠᠳᠤᠶ ᠪᠠᠶᠢᠭᠰᠠᠭᠠᠷ᠃ ᠡᠲᠡᠭᠡᠷ ᠠᠶᠢᠯ ᠲᠣᠰᠬᠤᠨ ᠤ ᠮᠠᠯᠵᠢᠬᠤ ᠲᠠᠷᠢᠶᠠᠯᠠᠬᠤ ᠡᠷᠦᠬᠡ ᠶᠢᠨ ᠤᠰᠤ ᠬᠠᠩᠭᠠᠬᠤ ᠶᠠᠰᠤ ᠴᠢᠨᠠᠷ ᠢ ᠰᠠᠶᠢᠵᠢᠷᠠᠭᠤᠯᠬᠤ ᠶᠢᠨ ᠲᠥᠯᠥᠭᠡ᠂ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠬᠢᠨ ᠣᠯᠠᠨ ᠵᠦᠢᠯ ᠤᠨ ᠴᠢᠭᠯᠡᠯᠲᠦ ᠴᠢᠨᠠᠷᠲᠠᠶ ᠠᠷᠭ᠎ᠠ ᠬᠡᠮᠵᠢᠶ᠎ᠡ ᠠᠪᠤᠭᠰᠠᠨ ᠪᠠᠶᠢᠨ᠎ᠠ᠃ ᠮᠠᠯᠴᠢᠨ ᠲᠠᠷᠢᠶᠠᠴᠢᠨ ᠡᠷᠦᠬᠡ ᠶᠢᠨ ᠬᠤᠪᠢ ᠶᠢᠨ ᠬᠤᠳᠳᠤᠭ ᠥᠬᠡᠶ ᠪᠤᠶᠤ ᠬᠤᠪᠢ ᠶᠢᠨ ᠬᠤᠳᠳᠤᠭ ᠤᠨ ᠭᠦᠨ ᠤ ᠬᠡᠮᠵᠢᠶ᠎ᠡ ᠨᠢ ᠭᠦᠢᠴᠡᠳ ᠥᠬᠡᠶ ᠪᠠᠶᠢᠳᠠᠯ ᠳᠤ ᠴᠢᠭᠯᠡᠭᠦᠯᠦᠨ᠂ ᠵᠠᠰᠠᠭ ᠤᠨ ᠣᠷᠳᠣᠨ ᠠᠴᠠ ᠪᠠᠯᠠ ᠣᠷᠣᠭᠤᠯᠤᠨ ᠮᠠᠯᠴᠢᠨ ᠲᠠᠷᠢᠶᠠᠴᠢᠨ ᠡᠷᠦᠬᠡ ᠳᠤ ᠬᠤᠳᠳᠤᠭ ᠮᠠᠯᠲᠠᠵᠤ᠂ ᠬᠤᠳᠳᠤᠭ ᠤᠨ ᠭᠦᠨ ᠤ ᠬᠡᠮᠵᠢᠶ᠎ᠡ ᠶᠢ ᠨᠢ ᠴᠥᠮ 50 ᠮᠧᠲᠷ ᠠᠴᠠ ᠳᠡᠭᠡᠭᠰᠢ ᠪᠠᠶᠢᠯᠭᠠᠵᠤ᠂ ᠮᠠᠯᠴᠢᠨ ᠲᠠᠷᠢᠶᠠᠴᠢᠨ ᠡᠷᠦᠬᠡ ᠳᠤ ᠭᠦᠨ ᠳᠠᠪᠬᠤᠷᠭ᠎ᠠ ᠶᠢᠨ ᠤᠰᠤ ᠤᠤᠭᠤᠯᠭᠠᠪᠠ᠃ ᠢᠳᠡᠪᠬᠢᠲᠡᠶ ᠪᠠᠷ ᠪᠠᠯᠠ ᠮᠥᠩᠭᠦ ᠣᠯᠵᠤ᠂ ᠤᠰᠤᠨ ᠤ ᠴᠢᠨᠠᠷ ᠨᠢ ᠪᠠᠷᠢᠮᠵᠢᠶ᠎ᠠ ᠳᠤ ᠬᠥᠷᠬᠦ ᠥᠬᠡᠶ ᠪᠤᠶᠤ ᠳᠠᠯᠳᠠ ᠬᠡᠮ ᠣᠷᠣᠰᠢᠵᠤ ᠪᠠᠶᠢᠭ᠎ᠠ ᠮᠠᠯᠵᠢᠬᠤ ᠲᠠᠷᠢᠶᠠᠯᠠᠬᠤ ᠡᠷᠦᠬᠡ ᠳᠤ ᠤᠰᠤ ᠴᠡᠪᠡᠷᠰᠢᠭᠦᠯᠬᠦ ᠪᠡᠯᠡᠳᠬᠡᠮᠵᠢ ᠤᠭᠰᠠᠷᠠᠨ ᠥᠭᠴᠦ᠂ ᠣᠳᠣᠬᠠᠨ ᠳᠤ ᠲᠦᠩᠯᠢᠶᠣᠤ ᠬᠤᠲᠠ ᠳᠤ ᠨᠡᠶᠢᠲᠡ 10886 ᠪᠡᠯᠡᠳᠬᠡᠮᠵᠢ ᠤᠭᠰᠠᠷᠠᠵᠤ᠂ 35079 ᠬᠥᠮᠦᠨ ᠤ ᠤᠤᠭᠤᠬᠤ ᠤᠰᠤᠨ ᠤ ᠠᠮᠤᠷ ᠲᠦᠪᠰᠢᠨ ᠢ ᠪᠠᠲᠤᠯᠠᠪᠠ᠃ ᠲᠥᠪᠯᠡᠷᠡᠭᠦᠯᠦᠨ ᠤᠰᠤ ᠬᠠᠩᠭᠠᠬᠤ ᠪᠠᠷᠢᠯᠭ᠎ᠠ ᠶᠢ ᠪᠥᠳᠥᠭᠡᠨ ᠪᠠᠶᠢᠭᠤᠯᠬᠤ ᠠᠵᠢᠯ ᠤᠨ ᠬᠦᠴᠢᠷᠳᠡᠯ ᠶᠡᠭᠡ᠂ ᠲᠥᠪᠯᠡᠷᠡᠭᠦᠯᠦᠨ ᠤᠰᠤ ᠬᠠᠩᠭᠠᠬᠤ ᠪᠠᠷᠢᠯᠭ᠎ᠠ ᠶᠢ ᠪᠥᠳᠥᠭᠡᠨ ᠪᠠᠶᠢᠭᠤᠯᠬᠤ ᠭᠡᠰᠡᠨ ᠤᠯᠠᠨ ᠲᠦᠮᠡᠨ ᠤ ᠬᠦᠰᠡᠯ ᠱᠠᠭᠠᠷᠳᠠᠯᠭ᠎ᠠ ᠴᠢᠩᠭ᠎ᠠ ᠪᠤᠰᠤ ᠮᠥᠷᠲᠡᠭᠡᠨ ᠬᠡᠰᠡᠭ ᠲᠠᠷᠢᠶᠠᠯᠠᠬᠤ ᠮᠠᠯᠵᠢᠬᠤ ᠡᠷᠥᠭᠡ ᠶᠢᠨ ᠬᠤᠪᠢ ᠶᠢᠨ ᠬᠤᠳᠳᠤᠭ ᠤᠨ ᠤᠰᠤᠨ ᠤ ᠴᠢᠨᠠᠷ ᠨᠢ ᠪᠠᠷᠢᠮᠵᠢᠶ᠎ᠠ ᠳᠤ ᠬᠥᠷᠥᠭᠰᠡᠨ ᠥᠭᠡᠢ ᠠᠶᠢᠯ ᠲᠣᠰᠬᠤᠨ ᠳᠤ ᠴᠢᠭᠯᠡᠭᠦᠯᠦᠨ᠂ ᠤᠰᠤᠨ ᠤ ᠶᠠᠪᠤᠳᠠᠯ ᠤᠨ ᠰᠠᠯᠠᠭ᠎ᠠ ᠮᠥᠴᠢᠷ ᠠᠴᠠ ᠠᠶᠢᠯ ᠲᠣᠰᠬᠤᠨ ᠤ ︽ᠤᠰᠤ ᠬᠠᠩᠭᠠᠬᠤ ᠵᠢᠵᠢᠭ ᠥᠷᠳᠡᠭᠡ︾ ᠪᠠᠶᠢᠭᠤᠯᠬᠤ ᠶᠢ ᠬᠠᠶᠢᠨ ᠰᠦᠪᠡᠭᠴᠢᠯᠡᠵᠦ᠂ ᠲᠣᠰᠬᠤᠨ ᠤ ᠠᠷᠠᠳ ᠤᠨ ᠥᠪᠡᠷᠲᠡᠭᠡᠨ ᠤᠰᠤ ᠲᠠᠲᠠᠬᠤ ᠶᠢ ᠬᠠᠩᠭᠠᠬᠤ ᠪᠠᠷ ᠪᠤᠢ᠃ ᠣᠳᠣᠬᠠᠨ ᠳᠤ᠂ ᠲᠦᠩᠯᠢᠶᠣᠤ ᠬᠤᠲᠠ ︽ᠤᠰᠤ ᠬᠠᠩᠭᠠᠬᠤ ᠵᠢᠵᠢᠭ ᠥᠷᠲᠡᠭᠡ︾᠎ ᠶᠢ ᠨᠡᠶᠢᠲᠡ 38 ᠪᠠᠶᠢᠭᠤᠯᠪᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ