ᠰᠢ ᠶᠢᠨ ᠫᠢᠩ ᠠᠮᠧᠷᠢᠺᠠ ᠶᠢᠨ ᠶᠡᠷᠤᠩᠭᠡᠶᠢᠯᠡᠭᠴᠢ ᠪᠠᠶᠢᠳᠧᠨ ᠲᠠᠢ ᠤᠳᠠᠰᠤ ᠪᠠᠷ ᠶᠠᠷᠢᠯᠴᠠᠪᠠ
ᠨᠡᠶᠢᠲᠡᠯᠡᠭᠰᠡᠨ ᠴᠠᠭ᠄
2021/2/18

     ᠰᠢᠨᠬᠤᠸᠠ ᠬᠤᠷᠢᠶᠠᠨ ᠤ ᠪᠡᠭᠡᠵᠢᠩ ᠤᠨ 2 ᠰᠠᠷ᠎ᠡ ᠶᠢᠨ 11 ᠤ ᠴᠠᠬᠢᠯᠭᠠᠠ ᠮᠡᠳᠡᠭᠡ 2 ᠰᠠᠷ᠎ᠡ ᠶᠢᠨ 11 ᠤ ᠡᠳᠤᠷ ᠲᠤᠮᠳᠠᠳᠤ ᠤᠯᠤᠰ ᠤᠨ ᠪᠢᠯᠢᠭ ᠤᠨ ᠤᠯᠠᠷᠢᠯ ᠤᠨ ᠪᠢᠳᠡᠬᠦᠨ ᠤ ᠡᠳᠦᠷ ᠤᠨ ᠦᠳᠠ ᠶᠢᠨ ᠡᠮᠤᠨ᠎ᠡ᠂ ᠤᠯᠤᠰ ᠤᠨ ᠲᠡᠷᠢᠬᠦᠯᠡᠭᠴᠢ ᠰᠢ ᠶᠢᠨ ᠫᠢᠩ ᠠᠮᠧᠷᠢᠺᠠ ᠶᠢᠨ ᠶᠡᠷᠤᠩᠭᠡᠶᠢᠯᠡᠭᠴᠢ ᠪᠠᠶᠢᠳᠧᠨ ᠲᠠᠢ ᠤᠳᠠᠰᠤ ᠪᠠᠷ ᠶᠠᠷᠢᠯᠴᠠᠪᠠ᠃ ᠬᠤᠶᠠᠷ ᠤᠯᠤᠰ ᠤᠨ ᠲᠡᠷᠢᠬᠦᠨ ᠲᠤᠮᠳᠠᠳᠤ ᠤᠯᠤᠰ ᠤᠨ ᠦᠭᠡᠷ ᠵᠢᠯ ᠤᠨ ᠴᠠᠭᠠᠨ ᠰᠠᠷ᠎ᠡ ᠪᠠᠷ ᠬᠠᠷᠢᠯᠴᠠᠨ ᠮᠡᠨᠳᠤᠴᠢᠯᠠᠯ ᠲᠡᠪᠰᠢᠬᠦᠯᠦᠭᠰᠡᠨ ᠪᠦᠭᠡᠳ ᠬᠤᠶᠠᠷ ᠲᠠᠯ᠎ᠡ ᠶᠢᠨ ᠬᠠᠷᠢᠯᠴᠠᠭ᠎ᠠ ᠪᠠ ᠤᠯᠠᠨ ᠤᠯᠤᠰ ᠵᠢᠴᠢ ᠭᠠᠵᠠᠷ ᠤᠷᠤᠨ ᠤ ᠴᠢᠬᠤᠯᠠ ᠶᠡᠭᠡ ᠠᠰᠠᠭᠤᠳᠠᠯ ᠤᠨ ᠲᠤᠬᠠᠢ ᠰᠠᠨᠠᠯ ᠢᠶᠠᠨ ᠬᠦᠨᠵᠡᠭᠡᠢ ᠰᠤᠯᠢᠯᠴᠠᠪᠠ᠃
     ᠪᠠᠶᠢᠳᠧᠨ ᠲᠤᠮᠳᠠᠳᠤ ᠤᠯᠤᠰ ᠤᠨ ᠠᠷᠠᠳ ᠲᠦᠮᠡᠨ ᠳᠤ ᠴᠠᠭᠠᠨ ᠰᠠᠷ᠎ᠡ ᠶᠢᠨ ᠮᠠᠨᠳᠤᠴᠢᠯᠠᠯ ᠲᠡᠪᠰᠢᠬᠦᠯᠵᠤ᠂ ᠲᠤᠮᠳᠠᠳᠤ ᠤᠯᠤᠰ ᠤᠨ ᠠᠷᠠᠳ ᠲᠦᠮᠡᠨ ᠢ ᠴᠠᠭᠠᠨ ᠰᠠᠷ᠎ᠡ ᠳᠠᠭᠠᠨ ᠪᠠᠶᠠᠷ ᠬᠦᠷ ᠲᠠᠢ᠂ ᠠᠵᠤ ᠠᠮᠢᠳᠤᠷᠠᠯ ᠦᠭᠡᠳᠠ ᠡᠰᠡᠷᠡᠭ ᠪᠠᠶᠢᠬᠤ ᠶᠢ ᠬᠦᠰᠡᠨ ᠵᠦᠡᠭᠨᠡᠪᠡ᠃ ᠰᠢ ᠶᠢᠨ ᠫᠢᠩ ᠪᠠᠶᠢᠳᠧᠨ ᠤ ᠠᠮᠧᠷᠢᠺᠠ ᠶᠢᠨ ᠶᠡᠷᠤᠩᠭᠡᠶᠢᠯᠡᠭᠴᠢ ᠶᠢᠨ ᠲᠤᠰᠢᠶᠠᠯ ᠳᠤ ᠭᠠᠷᠤᠬᠰᠡᠨ ᠳᠤ ᠲᠠᠬᠢᠨᠳᠠ ᠪᠠᠶᠠᠷ ᠬᠦᠷᠭᠡᠭᠰᠡᠨ ᠪᠦᠭᠡᠳ ᠲᠤᠮᠳᠠᠳᠤ ᠠᠮᠧᠷᠢᠺᠠ ᠬᠤᠶᠠᠷ ᠤᠯᠤᠰ ᠤᠨ ᠠᠷᠠᠳ ᠲᠦᠮᠡᠨ ᠤ ᠴᠠᠭᠠᠨ ᠰᠠᠷ᠎ᠡ ᠳᠠᠭᠠᠨ ᠪᠠᠶᠠᠷ ᠬᠦᠷ ᠲᠠᠢ᠂ ᠦᠭᠡᠷ ᠵᠢᠯ ᠳᠡᠭᠡᠨ ᠦᠯᠵᠡᠢ ᠪᠡᠯᠭᠡ ᠲᠠᠢ ᠪᠠᠶᠢᠬᠤ ᠶᠢ ᠬᠦᠰᠡᠨ ᠵᠦᠡᠭᠨᠡᠪᠡ᠃
     ᠰᠢ ᠶᠢᠨ ᠫᠢᠩ᠂ ᠦᠡᠭᠭᠡᠷᠡᠭᠰᠡᠨ ᠬᠠᠭᠠᠰ ᠵᠠᠭᠤᠨ ᠭᠠᠷᠤᠢ ᠶᠢᠨ ᠲᠤᠷᠰᠢ᠂ ᠤᠯᠠᠨ ᠤᠯᠤᠰ ᠤᠨ ᠬᠠᠷᠢᠯᠴᠠᠭ᠎ᠠ ᠳᠠᠬᠢ ᠨᠢᠭᠡᠨ ᠬᠠᠮᠤᠭ ᠤᠨ ᠴᠢᠬᠤᠯᠠ ᠤᠴᠢᠷ ᠶᠠᠪᠤᠳᠠᠯ ᠪᠤᠯ ᠲᠤᠮᠳᠠᠳᠤ ᠠᠮᠧᠷᠢᠺᠠ ᠶᠢᠨ ᠬᠠᠷᠢᠯᠴᠠᠭ᠎ᠠ ᠰᠡᠷᠬᠦᠵᠦ ᠬᠦᠭᠵᠢᠭᠰᠡᠨ ᠶᠠᠪᠤᠳᠠᠯ ᠪᠤᠯᠤᠨ᠎ᠡ᠃ ᠡᠨᠡ ᠬᠦ ᠬᠤᠭᠤᠴᠠᠭᠠᠨ ᠳᠤ ᠴᠦᠭᠡᠨ ᠪᠤᠰᠤ ᠬᠠᠷᠰᠢ ᠰᠠᠭᠠᠳ ᠪᠠ ᠬᠦᠴᠢᠷ ᠪᠡᠷᠭᠡᠰᠢᠶᠠᠯ ᠢ ᠦᠡᠭᠭᠡᠷᠡᠬᠦᠯᠦᠭᠰᠡᠨ ᠪᠤᠯᠪᠠᠴᠤ ᠶᠡᠷᠤᠩᠭᠡᠢ ᠳᠡᠭᠡᠨ ᠲᠠᠰᠤᠷᠠᠯᠳᠠ ᠦᠭᠡᠢ ᠤᠷᠤᠬᠰᠢᠯᠠᠬᠰᠡᠨ ᠪᠦᠭᠡᠳ ᠪᠠᠶᠠᠯᠢᠭ ᠦᠷ᠎ᠡ ᠪᠦᠳᠤᠭᠡᠯ ᠤᠯᠵᠤ᠂ ᠬᠤᠶᠠᠷ ᠤᠯᠤᠰ ᠤᠨ ᠠᠷᠠᠳ ᠲᠦᠮᠡᠨ ᠳᠤ ᠪᠤᠶᠠᠨ ᠦᠢᠯᠡᠳᠦᠭᠰᠡᠨ ᠪᠦᠭᠡᠳ ᠲᠡᠯᠡᠭᠡᠢ ᠶᠢᠨ ᠡᠩᠭᠡ ᠲᠠᠶᠢᠪᠤᠩ᠂ ᠲᠤᠬᠳᠠᠭᠤᠨ ᠪᠠᠶᠢᠳᠠᠯ᠂ ᠴᠡᠴᠡᠭᠯᠡᠯ ᠬᠦᠭᠵᠢᠯ ᠢ ᠠᠬᠢᠭᠤᠯᠵᠠᠢ᠃ ᠲᠤᠮᠳᠠᠳᠤ ᠠᠮᠧᠷᠢᠺᠠ ᠬᠠᠮᠳᠤᠷᠠᠯᠴᠠᠪᠡᠯ ᠬᠤᠶᠠᠷ ᠲᠠᠯ᠎ᠡ ᠪᠠᠷ ᠢᠶᠠᠨ ᠴᠦᠮ ᠠᠰᠢᠬ ᠬᠦᠷᠳᠡᠵᠦ᠂ ᠡᠰᠡᠷᠬᠦᠴᠡᠯᠳᠤᠪᠡᠯ ᠬᠤᠶᠠᠷ ᠲᠠᠯ᠎ᠠ ᠪᠠᠷ ᠢᠶᠠᠨ ᠴᠦᠮ ᠬᠤᠬᠢᠷᠠᠯ ᠠᠮᠰᠠᠨ᠎ᠠ᠂ ᠬᠠᠮᠳᠤᠷᠠᠯᠴᠠᠭ᠎ᠠ ᠪᠤᠯ ᠬᠤᠶᠠᠷ ᠲᠠᠯ᠎ᠡ ᠶᠢᠨ ᠴᠤᠷ ᠤᠨ ᠭᠠᠭᠴᠠ ᠵᠦᠪ ᠰᠤᠩᠭᠤᠯᠳᠠ ᠪᠤᠯᠤᠨ᠎ᠡ᠃ ᠲᠤᠮᠳᠠᠳᠤ ᠠᠮᠧᠷᠢᠺᠠ ᠬᠠᠮᠳᠤᠷᠠᠯᠴᠠᠪᠡᠯ ᠬᠤᠶᠠᠷ ᠤᠯᠤᠰ ᠪᠠ ᠲᠡᠯᠡᠭᠡᠢ ᠶᠢᠷᠳᠢᠨᠴᠤ ᠳᠤ ᠠᠰᠢᠬᠳᠠᠢ ᠮᠠᠰᠢ ᠤᠯᠠᠨ ᠶᠡᠭᠡ ᠶᠠᠪᠤᠳᠠᠯ ᠢ ᠪᠦᠳᠤᠭᠡᠵᠤ ᠲᠠᠶᠢᠯᠤᠨ᠎ᠡ᠂ ᠲᠤᠮᠳᠠᠳᠤ ᠠᠮᠧᠷᠢᠺᠠ ᠡᠰᠡᠷᠬᠦᠴᠡᠯᠳᠤᠪᠡᠯ ᠬᠤᠶᠠᠷ ᠤᠯᠤᠰ ᠪᠠ ᠲᠡᠯᠡᠭᠡᠢ ᠶᠢᠷᠳᠢᠨᠴᠤ ᠳᠤ ᠯᠠᠪᠳᠠᠢ ᠭᠠᠢ ᠭᠠᠮᠰᠢᠭ ᠤᠴᠠᠷᠠᠭᠤᠯᠬᠤ ᠪᠤᠯᠤᠨ᠎ᠡ ᠭᠡᠵᠤ ᠵᠢᠭᠠᠵᠤ ᠭᠠᠷᠭᠠᠪᠠ᠃
     ᠰᠢ ᠶᠢᠨ ᠫᠢᠩ᠂ ᠤᠳᠤᠬᠠᠨ ᠳᠤ᠂ ᠲᠤᠮᠳᠠᠳᠤ ᠠᠮᠧᠷᠢᠺᠠ ᠶᠢᠨ ᠬᠠᠷᠢᠯᠴᠠᠭ᠎ᠠ ᠵᠠᠩᠭᠢᠯᠠᠭ᠎ᠠ ᠶᠢᠨ ᠬᠤᠭᠤᠴᠠᠭᠠᠨ ᠳᠤ ᠤᠷᠤᠰᠢᠵᠤ ᠪᠠᠶᠢᠨ᠎ᠡ᠃ ᠲᠤᠮᠳᠠᠳᠤ ᠠᠮᠧᠷᠢᠺᠠ ᠶᠢᠨ ᠬᠠᠷᠢᠯᠴᠠᠭ᠎ᠠ ᠶᠢᠨ ᠡᠷᠡᠬᠦᠯ ᠲᠤᠬᠳᠠᠭᠤᠨ ᠬᠦᠭᠵᠢᠯᠳᠠ ᠶᠢ ᠠᠬᠢᠭᠤᠯᠬᠤ ᠪᠤᠯ ᠬᠤᠶᠠᠷ ᠤᠯᠤᠰ ᠤᠨ ᠠᠷᠠᠳ ᠲᠦᠮᠡᠨ ᠪᠠ ᠲᠡᠯᠡᠭᠡᠢ ᠨᠡᠶᠢᠭᠡᠮ ᠤᠨ ᠬᠢᠨ ᠤ ᠬᠠᠮᠳᠤ ᠶᠢᠨ ᠬᠦᠰᠡᠯ ᠪᠤᠯᠤᠨ᠎ᠡ᠃ ᠠᠮᠧᠷᠢᠺᠠ ᠶᠢᠨ ᠬᠠᠮᠤᠭ ᠤᠨ ᠶᠡᠭᠡ ᠤᠨᠴᠠᠯᠢᠭ ᠪᠤᠯ ᠪᠤᠯᠤᠮᠵᠢᠳᠦ ᠴᠢᠨᠠᠷ ᠪᠤᠯᠤᠨ᠎ᠡ ᠭᠡᠵᠤ ᠲᠡ ᠬᠡᠯᠡᠵᠤ ᠦᠡᠭᠭᠡᠷᠡᠪᠡ᠃ ᠤᠳᠤ ᠡᠨᠡ ᠬᠦ ᠵᠦᠢᠯ ᠤᠨ ᠪᠤᠯᠤᠮᠵᠢᠳᠦ ᠴᠢᠨᠠᠷ ᠢ ᠬᠤᠶᠠᠷ ᠤᠯᠤᠰ ᠤᠨ ᠬᠠᠷᠢᠯᠴᠠᠭ᠎ᠠ ᠶᠢ ᠰᠠᠶᠢᠵᠢᠷᠠᠭᠤᠯᠬᠤ ᠳᠤ ᠠᠰᠢᠬᠳᠠᠢ ᠴᠢᠭᠯᠡᠯ ᠲᠠᠶᠢᠰᠢ ᠬᠦᠭᠵᠢᠬᠦᠯᠬᠦ ᠶᠢ ᠬᠦᠰᠡᠵᠤ ᠪᠠᠶᠢᠨ᠎ᠡ᠃ ᠬᠤᠶᠠᠷ ᠤᠯᠤᠰ ᠢᠶᠠᠷ ᠢᠶᠠᠨ ᠬᠠᠮᠳᠤ ᠪᠠᠷ ᠴᠢᠷᠮᠠᠶᠢᠵᠤ᠂ ᠢᠵᠢᠯᠢ ᠴᠢᠭᠯᠡᠯ ᠢᠶᠠᠷ ᠤᠷᠤᠬᠰᠢᠯᠠᠨ᠂ ᠮᠦᠷᠬᠦᠯᠳᠤᠭᠡᠨ ᠭᠠᠷᠭᠠᠬᠤ ᠦᠭᠡᠢ ᠡᠰᠡᠷᠬᠦᠴᠡᠯᠳᠦᠬᠦ ᠦᠭᠡᠢ᠂ ᠬᠠᠷᠢᠯᠴᠠᠨ ᠬᠦᠨᠳᠤᠳᠭᠡᠬᠦ᠂ ᠬᠠᠮᠳᠤᠷᠠᠯᠴᠠᠵᠤ ᠬᠠᠮᠳᠤ ᠪᠠᠷ ᠠᠰᠢᠭ ᠬᠦᠷᠳᠡᠬᠦ ᠵᠤᠷᠢᠭ ᠰᠠᠨᠠᠭ᠎ᠠ ᠶᠢ ᠪᠠᠷᠢᠮᠳᠠᠯᠠᠵᠤ᠂ ᠬᠠᠮᠳᠤᠷᠠᠯᠴᠠᠭ᠎ᠠ ᠳᠤ ᠠᠩᠬᠠᠷᠤᠯ ᠢᠶᠠᠨ ᠲᠦᠪᠯᠡᠷᠡᠬᠦᠯᠵᠤ᠂ ᠵᠦᠷᠢᠯᠳᠤᠭᠡᠨ ᠢᠶᠠᠨ ᠬᠠᠮᠢᠶᠠᠷᠤᠨ ᠡᠵᠡᠮᠳᠡᠵᠤ᠂ ᠲᠤᠮᠳᠠᠳᠤ ᠠᠮᠧᠷᠢᠺᠠ ᠶᠢᠨ ᠬᠠᠷᠢᠯᠴᠠᠭ᠎ᠠ ᠶᠢᠨ ᠡᠷᠡᠬᠦᠯ ᠲᠤᠬᠳᠠᠭᠤᠨ ᠬᠦᠭᠵᠢᠯᠳᠠ ᠶᠢ ᠠᠬᠢᠭᠤᠯᠵᠤ᠂ ᠬᠤᠶᠠᠷ ᠤᠯᠤᠰ ᠤᠨ ᠠᠷᠠᠳ ᠲᠦᠮᠡᠨ ᠳᠤ ᠨᠡᠩ ᠤᠯᠠᠨ ᠪᠤᠳᠠᠳᠠᠢ ᠠᠰᠢᠭ ᠬᠦᠷᠳᠡᠭᠡᠵᠦ᠂ ᠰᠢᠨ᠎ᠡ ᠳᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠲᠠᠢ ᠲᠡᠮᠡᠴᠡᠬᠦ᠂ ᠲᠡᠯᠡᠭᠡᠢ ᠶᠢᠨ ᠠᠵᠤ ᠠᠬᠤᠢ ᠶᠢᠨ ᠰᠡᠷᠬᠦᠯᠳᠠ ᠶᠢ ᠠᠬᠢᠭᠤᠯᠬᠤ ᠪᠠ ᠭᠠᠵᠠᠷ ᠤᠷᠤᠨ ᠤ ᠡᠩᠭᠡ ᠲᠠᠶᠢᠪᠤᠩ ᠲᠤᠬᠳᠠᠭᠤᠨ ᠪᠠᠶᠢᠳᠠᠯ ᠢ ᠬᠠᠮᠠᠭᠠᠯᠬᠠᠤ ᠳᠤ ᠦᠵᠡᠬᠦᠯᠪᠡᠰᠤ ᠵᠤᠬᠢᠬᠤ ᠬᠤᠪᠢ ᠨᠠᠮᠠᠷᠢ ᠪᠠᠨ ᠦᠵᠡᠬᠦᠯᠪᠡᠯ ᠵᠤᠬᠢᠨ᠎ᠡ ᠭᠡᠵᠤ ᠴᠢᠬᠤᠯᠠᠴᠢᠯᠠᠪᠠ᠃
     ᠰᠢ ᠶᠢᠨ ᠫᠢᠩ᠂ ᠳᠤᠮᠳᠠᠳᠤ ᠠᠮᠧᠷᠢᠺᠠ ᠵᠠᠷᠢᠮ ᠠᠰᠠᠭᠤᠳᠠᠯ ᠤᠨ ᠲᠠᠯ᠎ᠠ ᠪᠠᠷ ᠠᠳᠠᠯᠢ ᠪᠤᠰᠤ ᠦᠵᠡᠯᠳᠠ ᠲᠠᠢ ᠪᠠᠶᠢᠨ᠎ᠠ᠂ ᠵᠠᠩᠬᠢᠯᠠᠭ᠎ᠠ ᠨᠢ ᠬᠠᠷᠢᠯᠴᠠᠨ ᠬᠦᠨᠳᠤᠳᠬᠡᠵᠤ᠂ ᠡᠷᠬᠡ ᠲᠡᠭᠰᠢ ᠪᠠᠷ ᠬᠠᠨᠳᠤᠵᠤ᠂ ᠪᠦᠳᠤᠬᠡᠯᠴᠢ ᠬᠡᠯᠪᠡᠷᠢ ᠪᠠᠷ ᠵᠤᠬᠢᠰᠳᠠᠢ ᠬᠠᠮᠢᠶᠠᠷᠤᠨ ᠡᠵᠡᠮᠳᠡᠬᠦ ᠪᠠ ᠰᠢᠢᠳᠪᠤᠷᠢᠯᠠᠪᠠᠯ ᠵᠤᠬᠢᠨ᠎ᠠ᠃ ᠬᠤᠶᠠᠷ ᠤᠯᠤᠰ ᠤᠨ ᠭᠠᠳᠠᠭᠠᠳᠤ ᠬᠠᠷᠢᠯᠴᠠᠭ᠎ᠠ ᠶᠢᠨ ᠰᠠᠯᠠᠭ᠎ᠠ ᠮᠦᠴᠢᠷ ᠤᠨ ᠬᠢᠨ ᠬᠤᠶᠠᠷ ᠲᠠᠯ᠎ᠠ ᠶᠢᠨ ᠬᠠᠷᠢᠯᠴᠠᠭ᠎ᠠ ᠳᠠᠬᠢ ᠦᠷᠬᠡᠨ ᠲᠡᠯᠬᠡᠷ ᠠᠰᠠᠭᠤᠳᠠᠯ ᠵᠢᠴᠢ ᠲᠡᠯᠡᠬᠡᠢ ᠶᠢᠨ ᠪᠠ ᠭᠠᠵᠠᠷ ᠤᠷᠤᠨ ᠤ ᠴᠢᠬᠤᠯᠠ ᠶᠡᠭᠡ ᠠᠰᠠᠭᠤᠳᠠᠯ ᠤᠨ ᠲᠤᠬᠠᠢ ᠬᠦᠨᠵᠡᠬᠡᠢ ᠤᠯᠤᠯᠴᠠᠵᠤ᠂ ᠬᠤᠶᠠᠷ ᠤᠯᠤᠰ ᠤᠨ ᠠᠵᠤ ᠠᠬᠤᠢ᠂ ᠮᠦᠩᠬᠦᠨ ᠬᠦᠢᠯᠬᠡᠬᠡ᠂ ᠬᠠᠤᠯᠢ ᠭᠡᠷᠡᠭᠵᠢᠬᠦᠯᠬᠦ᠂ ᠴᠡᠷᠢᠭ ᠠᠩᠬᠢ ᠵᠡᠷᠬᠡ ᠰᠠᠯᠠᠭ᠎ᠠ ᠮᠦᠴᠢᠷ ᠴᠤ ᠢᠯᠡᠬᠦᠬᠡᠨ ᠤᠢᠢᠷᠠᠳᠤᠯᠴᠠᠵᠤ ᠪᠤᠯᠤᠨ᠎ᠠ᠃ ᠳᠤᠮᠳᠠᠳᠤ ᠠᠮᠧᠷᠢᠺᠠ ᠬᠤᠶᠠᠷ ᠲᠠᠯ᠎ᠠ ᠪᠠᠷ ᠢᠶᠠᠨ ᠡᠯ᠎ᠠ ᠵᠦᠢᠯ ᠤᠨ ᠶᠠᠷᠢᠯᠴᠠᠭ᠎ᠠ ᠬᠢᠬᠦ ᠲᠤᠭᠳᠠᠴᠠ ᠶᠢ ᠲᠠᠬᠢᠨ ᠪᠠᠶᠢᠭᠤᠯᠵᠤ᠂ ᠲᠤᠰ ᠲᠤᠰ ᠤᠨ ᠢᠶᠠᠨ ᠲᠦᠷᠤ ᠶᠢᠨ ᠪᠤᠳᠤᠯᠭ᠎ᠠ ᠰᠠᠨᠠᠭ᠎ᠠ ᠵᠤᠷᠢᠯᠳᠠ ᠶᠢ ᠤᠨᠤᠴᠠᠳᠠᠢ ᠤᠢᠢᠯᠠᠭᠠᠵᠤ᠂ ᠠᠳᠡᠬᠦᠤ ᠤᠢᠢᠯᠠᠭᠠᠵᠤ ᠪᠤᠷᠤᠭᠤ ᠮᠠᠭᠠᠳᠯᠠᠬᠤ ᠠᠴᠠ ᠵᠠᠶᠢᠯᠠᠰᠬᠢᠪᠠᠯ ᠵᠤᠬᠢᠨ᠎ᠠ᠃ ᠠᠯᠢ ᠨᠢ ᠵᠦᠷᠢᠯᠳᠤᠬᠡᠨ ᠪᠤᠯᠬᠤ ᠶᠢ ᠳᠤᠳᠤᠷᠬᠠᠢ ᠪᠤᠯᠭᠠᠵᠤ᠂ ᠨᠡᠩ ᠰᠠᠶᠢᠨ ᠬᠠᠮᠢᠶᠠᠷᠤᠨ ᠡᠵᠡᠮᠳᠡᠪᠠᠯ ᠵᠤᠬᠢᠨ᠎ᠠ︔ ᠠᠯᠢ ᠨᠢ ᠬᠠᠮᠳᠤᠷᠠᠯᠴᠠᠭ᠎ᠠ ᠬᠢᠬᠦ ᠠᠴᠢ ᠬᠤᠯᠪᠤᠬᠳᠠᠯ ᠲᠠᠢ ᠭᠡᠳᠡᠭ ᠢ ᠳᠤᠳᠤᠷᠬᠠᠢ ᠪᠤᠯᠭᠠᠵᠤ᠂ ᠬᠠᠮᠳᠤᠷᠠᠯᠴᠠᠬᠤ ᠵᠠᠮ ᠳᠤ ᠤᠷᠤᠭᠤᠯᠪᠠᠯ ᠵᠤᠬᠢᠨ᠎ᠠ᠃ ᠲᠠᠶᠢᠸᠠᠨ᠂ ᠰᠢᠶᠠᠩᠭᠠᠩ ᠳᠤ ᠬᠤᠯᠪᠤᠬᠳᠠᠬᠤ᠂ ᠰᠢᠨᠵᠢᠶᠠᠩ ᠳᠤ ᠬᠤᠯᠪᠤᠬᠳᠠᠬᠤ ᠵᠡᠷᠬᠡ ᠠᠰᠠᠭᠤᠳᠠᠯ ᠪᠤᠯ ᠳᠤᠮᠳᠠᠳᠤ ᠤᠯᠤᠰ ᠤᠨ ᠳᠤᠳᠤᠭᠠᠳᠤ ᠶᠠᠪᠤᠳᠠᠯ᠂ ᠳᠤᠮᠳᠠᠳᠤ ᠤᠯᠤᠰ ᠤᠨ ᠡᠷᠬᠡ ᠮᠡᠳᠡᠯ ᠪᠤᠯᠤᠨ ᠨᠤᠳᠤᠬ ᠲᠡᠪᠢᠰᠬᠡᠷ ᠤᠨ ᠪᠦᠷᠢᠨ ᠪᠦᠳᠤᠨ ᠪᠠᠶᠢᠬᠤ ᠳᠤ ᠬᠤᠯᠪᠤᠬᠳᠠᠵᠤ ᠪᠠᠶᠢᠨ᠎ᠠ᠂ ᠠᠮᠧᠷᠢᠺᠠ ᠶᠢᠨ ᠬᠢᠨ ᠳᠤᠮᠳᠠᠳᠤ ᠤᠯᠤᠰ ᠤᠨ ᠭᠤᠤᠯᠯᠠᠬᠴᠢ ᠠᠰᠢᠬ ᠲᠤᠰᠠ ᠶᠢ ᠬᠦᠨᠳᠤᠳᠬᠡᠵᠤ᠂ ᠬᠢᠨᠠᠭᠤᠷ ᠪᠤᠯᠭᠤᠮᠵᠢᠳᠠᠢ ᠪᠠᠷ ᠠᠵᠢᠯᠯᠠᠭ᠎ᠠ ᠠᠪᠤᠪᠠᠯ ᠵᠤᠬᠢᠨ᠎ᠠ ᠬᠡᠵᠤ ᠴᠢᠬᠤᠯᠠᠴᠢᠯᠠᠪᠠ᠃
     ᠰᠢ ᠶᠢᠨ ᠫᠢᠩ᠂ ᠤᠳᠤᠬᠠᠨ ᠤ ᠲᠤᠭᠳᠠᠭᠠᠯᠳᠤ ᠪᠤᠰᠤ ᠴᠢᠨᠠᠷ ᠢᠶᠠᠷ ᠲᠦᠬᠦᠷᠦᠭᠰᠡᠨ ᠲᠡᠯᠡᠬᠡᠢ ᠶᠢᠨ ᠪᠠᠶᠢᠳᠠᠯ ᠳᠤ᠂ ᠳᠤᠮᠳᠠᠳᠤ ᠠᠮᠧᠷᠢᠺᠠ ᠬᠤᠶᠠᠷ ᠤᠯᠤᠰ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠪᠠᠶᠢᠩᠭᠤ ᠶᠢᠨ ᠭᠡᠷᠡᠭ ᠡᠷᠬᠢᠯᠡᠭᠦ ᠤᠯᠤᠰ ᠪᠤᠯᠤᠬᠰᠠᠨ ᠤ ᠬᠤᠪᠢ ᠳᠤ᠂ ᠤᠯᠠᠨ ᠤᠯᠤᠰ ᠤᠨ ᠤᠨᠴᠠᠭᠠᠢ ᠬᠠᠷᠢᠭᠤᠴᠠᠯᠭ᠎ᠠ ᠪᠤᠯᠤᠨ ᠡᠬᠦᠷᠬᠡ ᠶᠢ ᠡᠬᠦᠷᠬᠡᠯᠠᠵᠤ ᠪᠠᠶᠢᠨ᠎ᠠ᠃ ᠬᠤᠶᠠᠷ ᠲᠠᠯ᠎ᠠ ᠪᠠᠷ ᠢᠶᠠᠨ ᠲᠡᠯᠡᠬᠡᠢ ᠶᠢᠨ ᠤᠷᠤᠰᠬᠠᠯ ᠢ ᠲᠠᠭᠠᠵᠤ᠂ ᠠᠽᠢᠶ᠎ᠠ ᠲᠢᠪ ᠨᠤᠮᠤᠬᠠᠨ ᠲᠠᠯᠠᠢ ᠶᠢᠨ ᠤᠷᠤᠨ ᠤ ᠡᠩᠬᠡ ᠲᠠᠶᠢᠪᠤᠩ ᠲᠤᠭᠳᠠᠭᠤᠨ ᠪᠠᠶᠢᠳᠠᠯ ᠢ ᠬᠠᠮᠳᠤ ᠪᠠᠷ ᠬᠠᠮᠠᠭᠠᠯᠠᠵᠤ᠂ ᠲᠡᠯᠡᠬᠡᠢ ᠶᠢᠨ ᠡᠩᠬᠡ ᠲᠠᠶᠢᠪᠤᠩ ᠪᠠ ᠬᠦᠭᠵᠢᠯᠳᠠ ᠶᠢ ᠠᠬᠢᠭᠤᠯᠬᠤ ᠶᠢᠨ ᠲᠦᠯᠤᠬᠡ ᠲᠡᠤᠬᠡᠳᠤ ᠴᠢᠨᠠᠷᠳᠠᠢ ᠬᠤᠪᠢ ᠨᠡᠮᠡᠷᠢ ᠦᠵᠡᠬᠦᠯᠪᠡᠯ ᠵᠤᠬᠢᠨ᠎ᠠ ᠬᠡᠵᠤ ᠴᠢᠬᠤᠯᠠᠴᠢᠯᠠᠪᠠ᠃
     ᠪᠠᠶᠢᠳᠧᠨ᠂ ᠳᠤᠮᠳᠠᠳᠤ ᠤᠯᠤᠰ ᠪᠤᠯ ᠦᠨᠢ ᠤᠳᠠᠭᠠᠨ ᠲᠡᠤᠬᠡ ᠲᠠᠢ ᠠᠭᠤᠤ ᠶᠡᠭᠡ ᠪᠤᠯᠪᠠᠰᠤᠨ ᠤᠯᠤᠰ᠂ ᠳᠤᠮᠳᠠᠳᠤ ᠤᠯᠤᠰ ᠤᠨ ᠠᠷᠠᠳ ᠲᠦᠮᠡᠨ ᠪᠤᠯ ᠠᠭᠤᠤ ᠶᠡᠭᠡ ᠠᠷᠠᠳ ᠲᠦᠮᠡᠨ ᠶᠤᠮ᠃ ᠠᠮᠧᠷᠢᠺᠠ ᠳᠤᠮᠳᠠᠳᠤ ᠬᠤᠶᠠᠷ ᠤᠯᠤᠰ ᠮᠦᠷᠬᠦᠯᠳᠤᠬᠡᠨ ᠠᠴᠠ ᠵᠠᠶᠢᠯᠠᠰᠬᠢᠵᠤ᠂ ᠠᠭᠤᠷ ᠠᠮᠢᠰᠬᠤᠯ ᠤᠨ ᠬᠤᠪᠢᠷᠠᠯᠳᠠ ᠵᠡᠷᠬᠡ ᠦᠷᠭᠡᠨ ᠳᠡᠯᠭᠡᠷ ᠬᠦᠷᠢᠶᠠᠨ ᠳᠤ ᠬᠠᠮᠳᠤᠷᠠᠯᠴᠠᠭ᠎ᠠ ᠦᠷᠨᠢᠬᠦᠯᠵᠤ ᠪᠤᠯᠤᠨ᠎ᠠ᠃ ᠠᠮᠧᠷᠢᠺᠠ ᠲᠤᠷᠠᠳᠠᠶ᠎ᠠ ᠳᠤᠮᠳᠠᠳᠤ ᠤᠯᠤᠰ ᠯᠤᠭ᠎ᠠ ᠬᠠᠷᠢᠯᠴᠠᠨ ᠬᠦᠨᠳᠤᠳᠬᠡᠬᠦ ᠵᠤᠷᠢᠬ ᠰᠠᠨᠠᠭ᠎ᠠ ᠪᠠᠷ ᠴᠢᠩ ᠦᠨᠡᠨᠴᠢ ᠪᠠ ᠪᠦᠳᠤᠬᠡᠯᠴᠢ ᠴᠢᠨᠠᠷᠳᠠᠢ ᠶᠠᠷᠢᠯᠴᠠᠭ᠎ᠠ ᠦᠷᠨᠢᠬᠦᠯᠵᠤ᠂ ᠤᠢᠢᠯᠠᠭᠠᠯᠴᠠᠭ᠎ᠠ ᠪᠠᠨ ᠨᠡᠮᠡᠭᠳᠡᠬᠦᠯᠵᠤ᠂ ᠠᠳᠡᠬᠦᠤ ᠤᠢᠢᠯᠠᠭᠠᠵᠤ ᠪᠤᠷᠤᠭᠤ ᠮᠠᠭᠠᠳᠯᠠᠬᠤ ᠠᠴᠠ ᠵᠠᠶᠢᠯᠠᠰᠬᠢᠨ᠎ᠠ ᠬᠡᠵᠤ ᠢᠯᠡᠳᠬᠡᠪᠡ᠃
     ᠬᠤᠶᠠᠷ ᠤᠯᠤᠰ ᠤᠨ ᠲᠡᠷᠢᠬᠦᠨ᠂ ᠡᠨᠡ ᠡᠳᠤᠷ ᠤᠨ ᠤᠳᠠᠰᠤ ᠪᠠᠷ ᠶᠠᠷᠢᠯᠴᠠᠬᠰᠠᠨ ᠨᠢ ᠲᠡᠯᠡᠬᠡᠢ ᠳᠡᠬᠢᠨ ᠳᠤ ᠢᠳᠡᠪᠬᠢ ᠲᠤᠬᠢᠶ᠎ᠠ ᠲᠠᠮᠵᠢᠭᠤᠯᠪᠠ ᠬᠡᠮᠡᠨ ᠦᠵᠡᠵᠤ᠂ ᠬᠤᠶᠠᠷ ᠲᠠᠯ᠎ᠠ ᠪᠠᠷ ᠢᠶᠠᠨ ᠳᠤᠮᠳᠠᠳᠤ ᠠᠮᠧᠷᠢᠺᠠ ᠶᠢᠨ ᠬᠠᠷᠢᠯᠴᠠᠭ᠎ᠠ ᠪᠤᠯᠤᠨ ᠬᠠᠮᠳᠤ ᠪᠠᠷ ᠠᠩᠬᠠᠷᠴᠦ ᠪᠠᠶᠢᠭ᠎ᠠ ᠠᠰᠠᠭᠤᠳᠠᠯ ᠤᠨ ᠲᠤᠬᠠᠢ ᠨᠢᠬᠳᠠ ᠬᠠᠷᠢᠯᠴᠠᠭ᠎ᠠ ᠪᠠᠨ ᠪᠠᠳᠤᠯᠠᠬᠤ ᠶᠢ ᠵᠦᠪᠰᠢᠶᠡᠷᠡᠪᠠ᠃

ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ