ᠤᠯᠠᠭᠠᠨᠬᠠᠳᠠ ᠳᠡᠭᠡᠳᠦ ᠰᠤᠷᠭᠠᠭᠤᠯᠢ ᠶᠢᠨ ᠬᠤᠶᠠᠷ ᠰᠢᠨ᠎ᠡ ᠪᠠᠷ ᠨᠡᠮᠡᠭᠳᠡᠵᠦ ᠪᠦᠷᠢᠳᠬᠡᠨ ᠳᠠᠩᠰᠠᠯᠠᠭᠰᠠᠨ ᠵᠢᠩᠬᠢᠨᠢ ᠠᠩᠭᠢ ᠶᠢᠨ ᠲᠤᠰᠬᠠᠶ ᠮᠡᠷᠭᠡᠵᠢᠯ ᠵᠥᠪᠰᠢᠶᠡᠷᠡᠭᠳᠡᠪᠡ
ᠨᠡᠶᠢᠲᠡᠯᠡᠭᠰᠡᠨ ᠴᠠᠭ᠄
2021/3/15
     ᠣᠶᠢᠷ᠎ᠠ ᠳᠤ᠂ ᠰᠤᠷᠭᠠᠨ ᠬᠥᠮᠦᠵᠢᠯ ᠤᠨ ᠶᠠᠮᠤᠨ ᠠᠴᠠ ︽ᠰᠤᠷᠭᠠᠨ ᠬᠥᠮᠦᠵᠢᠯ ᠤᠨ ᠶᠠᠮᠤᠨ ᠤ 2020 ᠣᠨ ᠤ ᠡᠩ ᠤᠨ ᠳᠡᠭᠡᠳᠦ ᠵᠡᠷᠭᠡ ᠶᠢᠨ ᠰᠤᠷᠭᠠᠭᠤᠯᠢ ᠶᠢᠨ ᠵᠢᠩᠬᠢᠨᠢ ᠠᠩᠭᠢ ᠶᠢᠨ ᠲᠤᠰᠬᠠᠶ ᠮᠡᠷᠭᠡᠵᠢᠯ ᠤᠨ ᠪᠦᠷᠢᠳᠬᠡᠨ ᠳᠡᠩᠰᠡᠯᠡᠯᠲᠡ ᠪᠠ ᠬᠢᠨᠠᠨ ᠵᠥᠪᠰᠢᠶᠡᠷᠡᠯ ᠤᠨ ᠦᠷ᠎ᠡ ᠳ᠋ᠦᠩ ᠢ ᠨᠡᠶᠢᠲᠡᠯᠡᠬᠦ ᠲᠤᠬᠠᠶ ᠮᠡᠳᠡᠭᠳᠡᠯ︾ ︵ᠰᠤᠷᠭᠠᠨ ᠬᠥᠮᠦᠵᠢᠯ ᠳᠡᠭᠡᠳᠦ ᠵᠠᠬᠢᠳᠠᠯ ︹ 2021 ︺ 1 ᠳ᠋ᠦ᠋ᠭᠡᠷ ᠲᠣᠭᠠᠲᠤ︶ ᠢ ᠨᠡᠶᠢᠲᠡᠯᠡᠵᠦ᠂ ᠤᠯᠠᠭᠠᠨᠬᠠᠳᠠ ᠳᠡᠭᠡᠳᠦ ᠰᠤᠷᠭᠠᠭᠤᠯᠢ ᠶᠢᠨ ᠭᠤᠶᠤᠴᠢᠯᠠᠨ ᠮᠡᠳᠡᠭᠦᠯᠦᠭᠰᠡᠨ ᠮᠥᠩᠭᠦᠨ ᠭᠦᠢᠯᠭᠡᠭᠡᠨ ᠤ ᠢᠨᠵᠧᠨᠧᠷᠢᠩ ︵020302︶᠂ ᠬᠡᠷᠡᠭᠯᠡᠭᠡᠨ ᠤ ᠬᠡᠯᠡ ᠰᠢᠨᠵᠢᠯᠡᠯ ︵050106T︶ ᠭᠡᠬᠦ ᠬᠤᠶᠠᠷ ᠵᠢᠩᠬᠢᠨᠢ ᠠᠩᠭᠢ ᠶᠢᠨ ᠲᠤᠰᠬᠠᠶ ᠮᠡᠷᠭᠡᠵᠢᠯ ᠵᠥᠪᠰᠢᠶᠡᠷᠡᠭᠳᠡᠪᠡ᠃      ᠲᠣᠰ ᠤᠳᠠᠭᠠᠨ ᠤ ᠵᠥᠪᠰᠢᠶᠡᠷᠡᠯ ᠢᠶᠠᠷ ᠰᠢᠨ᠎ᠡ ᠨᠡᠮᠡᠭᠳᠡᠭᠰᠡᠨ ᠬᠤᠶᠠᠷ ᠲᠤᠰᠬᠠᠶ ᠮᠡᠷᠭᠡᠵᠢᠯ ᠨᠢ ᠤᠯᠤᠰ ᠪᠠ ᠣᠷᠣᠨ ᠨᠤᠲᠤᠭ ᠤᠨ ᠠᠵᠤ ᠠᠬᠤᠶ ᠶᠢᠨ ᠪᠥᠲᠥᠭᠡᠨ ᠪᠠᠶᠢᠭᠤᠯᠤᠯᠲᠠ ᠶᠢᠨ ᠬᠥᠭᠵᠢᠯᠲᠡ ᠶᠢᠨ ᠴᠢᠳᠠᠪᠤᠷᠢᠲᠠᠨ ᠤ ᠬᠡᠷᠡᠭᠴᠡᠭᠡ ᠱᠠᠭᠠᠷᠳᠠᠯᠭ᠎ᠠ ᠳᠤ ᠬᠠᠨᠳᠤᠭᠤᠯᠤᠨ ᠪᠠᠶᠢᠭᠤᠯᠤᠭᠳᠠᠵᠤ᠂ ᠵᠢᠭᠠᠨ ᠰᠤᠷᠭᠠᠯᠲᠠ ᠶᠢᠨ ᠨᠥᠬᠦᠴᠡᠯ ᠨᠢ ᠪᠦᠷᠢᠨ ᠲᠡᠭᠦᠯᠳᠡᠷ᠂ ᠰᠢᠨᠵᠢᠯᠡᠭᠡᠨ ᠤ ᠰᠠᠯᠠᠭ᠎ᠠ ᠶᠢᠨ ᠰᠠᠭᠤᠷᠢ ᠨᠢ ᠨᠡᠯᠢᠶᠡᠳ ᠴᠢᠩᠭ᠎ᠠ ᠪᠠᠶᠢᠨ᠎ᠠ᠃ ᠰᠢᠨ᠎ᠡ ᠪᠠᠷ ᠨᠡᠮᠡᠭᠳᠡᠭᠰᠡᠨ ᠵᠢᠩᠬᠢᠨᠢ ᠠᠩᠭᠢ ᠶᠢᠨ ᠲᠤᠰᠬᠠᠶ ᠮᠡᠷᠭᠡᠵᠢᠯ ᠤᠨ ᠵᠥᠪᠰᠢᠶᠡᠷᠡᠯ ᠨᠢ ᠰᠤᠷᠭᠠᠭᠤᠯᠢ ᠶᠢᠨ ᠲᠤᠰᠬᠠᠶ ᠮᠡᠷᠭᠡᠵᠢᠯ ᠤᠨ ᠪᠦᠲᠦᠴᠡ ᠶᠢ ᠨᠠᠩ ᠰᠢᠨᠵᠢᠯᠡᠬᠦ ᠤᠬᠠᠭᠠᠨᠴᠢ ᠪᠥᠭᠡᠳ ᠵᠦᠶ ᠵᠣᠬᠢᠰᠲᠠᠶ ᠪᠣᠯᠭᠠᠵᠤ᠂ ᠲᠤᠰᠬᠠᠶ ᠮᠡᠷᠭᠡᠵᠢᠯ ᠤᠨ ᠲᠣᠭᠲᠠᠯᠴᠠᠭ᠎ᠠ ᠶᠢ ᠨᠠᠩ ᠪᠦᠷᠢᠨ ᠲᠡᠭᠦᠯᠳᠡᠷ ᠪᠣᠯᠭᠠᠵᠠᠶ᠃ ᠬᠤᠶᠢᠰᠢᠳᠠ ᠶᠢᠨ ᠬᠥᠭᠵᠢᠯᠲᠡ ᠶᠢᠨ ᠳᠤᠮᠳᠠ᠂ ᠤᠯᠠᠭᠠᠨᠬᠠᠳᠠ ᠳᠡᠭᠡᠳᠦ ᠰᠤᠷᠭᠠᠭᠤᠯᠢ ᠲᠤᠰᠬᠠᠶ ᠮᠡᠷᠭᠡᠵᠢᠯ ᠤᠨ ᠪᠦᠲᠦᠴᠡ ᠶᠢᠨ ᠲᠣᠬᠢᠷᠠᠭᠤᠯᠤᠯᠲᠠ ᠶᠢᠨ ᠲᠣᠭᠲᠠᠴᠠ ᠪᠠᠨ ᠲᠠᠰᠤᠷᠠᠯᠲᠠ ᠥᠬᠡᠶ ᠲᠡᠭᠦᠯᠳᠡᠷᠵᠢᠭᠦᠯᠵᠦ᠂ ᠨᠡᠶᠢᠭᠡᠮ ᠤᠨ ᠰᠢᠨ᠎ᠡ ᠬᠡᠷᠡᠭᠴᠡᠭᠡ ᠱᠠᠭᠠᠷᠳᠠᠯᠭ᠎ᠠ ᠲᠠᠢ ᠰᠠᠨᠠᠭᠠᠴᠢᠯᠠᠭ᠎ᠠ ᠠᠴᠠ ᠪᠠᠨ ᠵᠣᠯᠭᠠᠭᠤᠯᠵᠤ᠂ ᠤᠯᠠᠮᠵᠢᠯᠠᠯᠲᠤ ᠲᠤᠰᠬᠠᠶ ᠮᠡᠷᠭᠡᠵᠢᠯ ᠢᠶᠠᠨ ᠥᠭᠡᠷᠡᠴᠢᠯᠡᠨ ᠲᠠᠰ ᠳᠡᠪᠰᠢᠭᠦᠯᠵᠦ᠂ ᠲᠤᠰᠬᠠᠶ ᠮᠡᠷᠭᠡᠵᠢᠯ ᠤᠨ ᠠᠭᠤᠯᠤᠭᠳᠠᠬᠤᠨ ᠤ ᠪᠠᠶᠢᠭᠤᠯᠤᠯᠲᠠ ᠪᠠᠨ ᠴᠢᠩᠭᠠᠳᠬᠠᠨ᠂ ᠤᠯᠤᠰ ᠤᠨ ᠪᠠᠶᠢᠯᠳᠤᠬᠤ ᠪᠣᠳᠣᠯᠭ᠎ᠠ ᠪᠠ ᠣᠷᠣᠨ ᠪᠦᠰᠡ ᠶᠢᠨ ᠠᠵᠤ ᠠᠬᠤᠶ ᠨᠡᠶᠢᠭᠡᠮ ᠤᠨ ᠬᠥᠭᠵᠢᠯᠲᠡ ᠳᠤ ᠦᠢᠯᠡᠴᠢᠯᠡᠬᠦ ᠴᠢᠳᠠᠪᠤᠷᠢ ᠪᠠᠨ ᠲᠠᠰᠤᠷᠠᠯᠲᠠ ᠥᠬᠡᠶ ᠳᠡᠭᠡᠭᠰᠢᠯᠡᠭᠦᠯᠵᠦ᠂ ᠢᠷᠡᠭᠡᠳᠦᠶ ᠶᠢᠨ ᠬᠥᠭᠵᠢᠯᠲᠡ ᠳᠤ ᠵᠣᠬᠢᠴᠠᠬᠤ ᠨᠠᠩ ᠣᠯᠠᠨ ᠴᠢᠨᠠᠷᠵᠢᠭᠤᠨ ᠴᠢᠳᠠᠪᠤᠷᠢᠲᠠᠨ ᠢ ᠬᠥᠮᠦᠵᠢᠭᠦᠯᠬᠦ ᠶᠢᠨ ᠲᠥᠯᠥᠭᠡ ᠴᠥᠬᠦᠷᠡᠰᠢ ᠥᠬᠡᠶ ᠴᠢᠷᠮᠠᠶᠢᠨ᠎ᠠ᠃
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ