ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠬᠤᠷᠢᠶ᠎ᠠ ᠠᠷᠪᠡᠨ ᠭᠤᠷᠪᠠᠳᠤᠭᠠᠷ ᠤᠳᠠᠭ᠎ᠠ ᠶᠢᠨ ᠬᠤᠷᠠᠯ ᠬᠤᠷᠠᠯᠳᠤᠭᠤᠯᠪᠠ    ᠱᠢ ᠲᠠᠢ ᠹᠧᠩ ᠬᠤᠷᠠᠯ ᠢ ᠡᠷᠬᠢᠯᠡᠵᠡᠢ
ᠨᠡᠶᠢᠲᠡᠯᠡᠭᠰᠡᠨ ᠴᠠᠭ᠄
2021/3/3

      3 ᠰᠠᠷ᠎ᠠ ᠶᠢᠨ 2 ᠤᠨ ᠡᠳᠦᠷ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠬᠤᠷᠢᠶ᠎ᠠ ᠠᠷᠪᠡᠨ ᠭᠤᠷᠪᠠᠳᠤᠭᠠᠷ ᠤᠳᠠᠭ᠎ᠠ ᠶᠢᠨ ᠬᠤᠷᠠᠯ ᠬᠤᠷᠠᠯᠳᠤᠭᠤᠯᠪᠠ᠃ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠱᠦᠵᠢ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠬᠤᠷᠢᠶᠠᠨ ᠤ ᠡᠷᠬᠢᠯᠡᠭᠴᠢ ᠱᠢ ᠲᠠᠢ ᠹᠧᠩ ᠬᠤᠷᠠᠯ ᠢ ᠡᠷᠬᠢᠯᠡᠨ ᠶᠠᠷᠢᠶ᠎ᠠ ᠲᠠᠯᠪᠢᠪᠠ᠃
      ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠬᠤᠷᠢᠶᠠᠨ ᠤ ᠳᠡᠳ᠋ ᠡᠷᠬᠢᠯᠡᠭᠴᠢ ᠯᠢᠨ ᠱᠤᠤ ᠴᠦᠨ᠂ ᠵᠠᠩ ᠱᠤᠤ ᠴᠦᠨ ᠬᠤᠷᠠᠯ ᠳᠤ ᠤᠷᠤᠯᠴᠠᠵᠠᠢ᠃
      ᠬᠤᠷᠠᠯ ᠳᠡᠭᠡᠷ᠎ᠠ ᠲᠦᠪ ᠤᠨ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠵᠦᠪᠯᠡᠯ ᠤᠨ ᠠᠷᠪᠡᠨ ᠨᠠᠢᠮᠠᠳᠤᠭᠠᠷ ᠤᠳᠠᠭᠠᠨ ᠤ ᠬᠤᠷᠠᠯ ᠤᠨ ᠵᠤᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠵᠦ᠂ ︽ᠳᠤᠮᠳᠠᠳᠤ ᠤᠯᠤᠰ ᠤᠨ ᠡᠪ ᠬᠠᠮᠳᠦ ᠨᠠᠮ ᠤᠨ ᠥᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠬᠤᠷᠢᠶ᠎ᠠ ᠶᠢᠨ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠬᠤᠷᠢᠶ᠎ᠠ ᠶᠢᠨ 2020 ᠣᠨ ᠤ ᠠᠵᠢᠯ ᠤᠨ ᠳ᠋ᠦᠩᠨᠡᠯᠳᠠ ᠶᠢᠨ ᠮᠡᠳᠡᠬᠦᠯᠦᠯᠳᠠ︾ ᠪᠠ

︽ᠳᠤᠮᠳᠠᠳᠤ ᠤᠯᠤᠰ ᠤᠨ ᠡᠪ ᠬᠠᠮᠳᠦ ᠨᠠᠮ ᠤᠨ ᠥᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠬᠤᠷᠢᠶ᠎ᠠ ᠶᠢᠨ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠬᠤᠷᠢᠶ᠎ᠠ ᠶᠢᠨ 2021 ᠣᠨ ᠤ ᠠᠵᠢᠯ ᠤᠨ ᠭᠤᠤᠯᠳᠠᠯᠭ᠎ᠠ︾ ᠶᠢ ᠬᠢᠨᠡᠨ ᠵᠦᠪᠯᠡᠵᠦ᠂ ︽ᠥᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠰᠠᠭᠤᠷᠢ ᠲᠦᠬᠦᠭᠡᠷᠤᠮᠵᠢ ᠶᠢᠨ ᠴᠢᠨᠠᠷ ᠰᠠᠶᠢᠳᠠᠢ ᠬᠦᠭᠵᠢᠯᠳᠠ ᠶᠢ ᠠᠬᠢᠭᠤᠯᠬᠤ ᠭᠡᠷᠡᠭᠵᠢᠬᠦᠯᠬᠦ ᠠᠷᠭ᠎ᠠ ᠭᠡᠮᠵᠢᠶ᠎ᠠ︾᠂ ︽ᠥᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠤᠰ ᠱᠠᠳᠤᠨ ᠤ ᠤᠯᠤᠰ ᠤᠨ ᠦᠮᠴᠢᠯᠡᠯ ᠤᠨ ᠮᠦᠩᠬᠦᠨ ᠬᠦᠢᠯᠭᠡᠭᠡᠨ ᠤ ᠬᠦᠷᠦᠩᠭᠡ ᠭᠠᠷᠭᠠᠬᠴᠢ ᠶᠢᠨ ᠲᠤᠰᠢᠶᠠᠯ ᠬᠠᠷᠢᠭᠤᠴᠠᠯᠭ᠎ᠠ ᠶᠢᠨ ᠭᠡᠷᠡᠭᠵᠢᠬᠦᠯᠬᠦ ᠲᠤᠭᠳᠠᠭᠠᠯ ︵ᠲᠦᠷ ᠭᠡᠷᠡᠭᠵᠢᠬᠦᠯᠬᠦ︶︾ ᠵᠡᠷᠭᠡ ᠦᠭᠡᠷᠡᠴᠢᠯᠡᠯᠳᠠ ᠶᠢᠨ ᠲᠦᠰᠦᠯ ᠪᠠ ᠦᠭᠡᠷᠡᠴᠢᠯᠡᠯᠳᠠ ᠶᠢᠨ 10 ᠰᠢᠯᠢᠳᠡᠭ ᠵᠢᠱᠢᠶ᠎ᠠ ᠶᠢ ᠬᠢᠨᠡᠨ ᠵᠦᠪᠯᠡᠵᠦ᠂ ᠮᠠᠨ ᠤ ᠤᠷᠤᠨ ᠤ ᠤᠳᠠᠰᠤᠳᠤ ᠲᠧᠯᠸᠢᠰ ᠤᠨ ᠰᠦᠯᠵᠢᠶ᠎ᠠ ᠶᠢ ᠨᠡᠶᠢᠳᠭᠡᠨ ᠬᠦᠭᠵᠢᠬᠦᠯᠬᠦ ᠠᠵᠢᠯ ᠢ ᠠᠬᠢᠭᠤᠯᠤᠭᠰᠠᠨ ᠬᠠᠷᠢᠭᠤ ᠮᠡᠳᠡᠬᠦᠯᠦᠯᠳᠠ ᠶᠢ ᠰᠤᠨᠤᠰᠪᠠ᠃
      ᠬᠤᠷᠠᠯ ᠠᠴᠠ᠂ ᠦᠩᠭᠡᠷᠡᠭᠰᠡᠨ ᠨᠢᠭᠡ ᠵᠢᠯ ᠳᠤ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠬᠤᠷᠢᠶ᠎ᠠ ᠨᠠᠮ ᠤᠨ ᠲᠦᠪ ᠬᠤᠷᠢᠶᠠᠨ ᠤ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠰᠢᠢᠳᠪᠤᠷᠢᠳᠦ ᠪᠤᠳᠤᠯᠭ᠎ᠠ ᠪᠠᠶᠢᠷᠢᠯᠠᠭᠤᠯᠤᠯᠳᠠ ᠶᠢ ᠨᠠᠷᠢᠨ ᠬᠢᠨᠠᠮᠠᠭᠠᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠦ᠂ ᠵᠦᠪ ᠴᠢᠭᠯᠡᠯ ᠢ ᠪᠠᠳᠤ ᠡᠵᠡᠮᠳᠡᠨ᠂ ᠪᠤᠳᠠᠳᠠᠢ ᠲᠠᠢ ᠪᠠᠨ ᠤᠶᠠᠯᠳᠤᠭᠤᠯᠤᠨ ᠨᠠᠶᠢᠳᠠᠪᠤᠷᠢᠵᠢᠭᠤᠯᠤᠯᠳᠠ ᠶᠢ ᠬᠦᠴᠦᠳᠠᠢ ᠠᠳᠬᠤᠵᠦ᠂ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠠᠵᠢᠯ ᠴᠢᠬᠤᠯᠠ ᠠᠬᠢᠴᠠ ᠲᠠᠢ ᠪᠤᠯᠬᠤ ᠶᠢ ᠠᠬᠢᠭᠤᠯᠵᠠᠢ᠃ ᠡᠨᠡ ᠵᠢᠯ ᠪᠤᠯ

︽ᠠᠷᠪᠡᠨ ᠲᠦᠷᠪᠡᠳᠦᠭᠡᠷ ᠲᠠᠪᠤᠨ ᠵᠢᠯ︾ ᠤᠨ ᠲᠦᠯᠦᠪᠵᠢᠬᠦᠯᠭᠡ ᠶᠢ ᠭᠡᠷᠡᠭᠵᠢᠬᠦᠯᠬᠦ᠂ ᠨᠡᠶᠢᠭᠡᠮ ᠵᠢᠷᠤᠮᠳᠦ ᠤᠳᠤᠬᠢᠴᠢᠯᠠᠬᠰᠠᠨ ᠤᠯᠤᠰ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠰᠢᠨ᠎ᠠ ᠠᠶᠠᠨ ᠢ ᠡᠬᠢᠯᠡᠬᠦᠯᠬᠦ ᠨᠢᠭᠡᠳᠦᠭᠡᠷ ᠵᠢᠯ ᠮᠦᠨ᠂ ᠶᠡᠷᠦᠩᠭᠡᠢ ᠱᠦᠵᠢ ᠰᠢ ᠶᠢᠨ ᠫᠢᠩ ᠤᠨ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠲᠤᠬᠠᠢ ᠴᠢᠬᠤᠯᠠ ᠦᠬᠦᠯᠡᠯᠳᠠ ᠶᠢ ᠬᠦᠨᠵᠡᠭᠡᠢ ᠰᠤᠷᠤᠯᠴᠠᠨ ᠲᠤᠭᠤᠰᠢᠯᠠᠭᠤᠯᠵᠦ᠂ ᠬᠠᠷᠢᠭᠤᠴᠠᠯᠭ᠎ᠠ ᠶᠢ ᠴᠢᠩᠳᠠᠯᠠᠨ ᠪᠤᠳᠠᠳᠠᠶᠢᠵᠢᠭᠤᠯᠵᠦ᠂ ᠵᠠᠩᠬᠢᠯᠠᠭ᠎ᠠ ᠶᠢ ᠴᠢᠩᠭ᠎ᠠ ᠡᠵᠡᠮᠳᠡᠨ᠂ ᠬᠠᠮᠵᠢᠯᠴᠠᠨ ᠪᠤᠭᠤᠮᠳᠠ ᠰᠢᠪᠳᠤᠯᠬᠤ ᠶᠢ ᠴᠢᠬᠤᠯᠠᠴᠢᠯᠠᠵᠦ᠂ ᠰᠢᠨ᠎ᠠ ᠬᠦᠭᠵᠢᠯᠳᠠ ᠶᠢᠨ ᠱᠠᠳᠤᠨ ᠤ ᠦᠭᠡᠷᠡᠴᠢᠯᠡᠯᠳᠠ ᠶᠢᠨ ᠠᠵᠢᠯ ᠲᠦᠷᠦᠬᠦᠦ ᠠᠯᠬᠤᠮ ᠢᠶᠠᠨ ᠰᠠᠶᠢᠳᠤᠷ ᠠᠯᠬᠤᠵᠦ᠂ ᠰᠢᠨ᠎ᠠ ᠲᠦᠷᠰᠦ ᠪᠠᠶᠢᠳᠠᠯ ᠭᠠᠷᠭᠠᠬᠤ ᠶᠢ ᠠᠬᠢᠭᠤᠯᠬᠤ ᠭᠡᠷᠡᠭᠲᠡᠢ ᠭᠡᠵᠦ ᠵᠢᠭᠠᠵᠦ ᠭᠠᠷᠭᠠᠪᠠ᠃
      ᠬᠤᠷᠠᠯ ᠠᠴᠠ᠂ ᠤᠳᠤᠬᠢ ᠪᠠᠶᠢᠭ᠎ᠠ ᠦᠭᠡᠷᠡᠴᠢᠯᠡᠯᠳᠠ ᠶᠢᠨ ᠰᠠᠭᠤᠷᠢᠨ ᠳᠡᠭᠡᠷ᠎ᠠ᠂ ᠰᠢᠨ᠎ᠠ ᠬᠦᠭᠵᠢᠯᠳᠠ ᠶᠢᠨ ᠱᠠᠳᠤ ᠶᠢ ᠤᠨᠤᠴᠠᠳᠠᠢ ᠡᠵᠡᠮᠳᠡᠬᠦ᠂ ᠰᠢᠨ᠎ᠠ ᠬᠦᠭᠵᠢᠯᠳᠠ ᠶᠢᠨ ᠤᠢᠢᠯᠠᠭᠠᠭᠳᠠᠬᠤᠨ ᠢ ᠬᠦᠨᠵᠡᠭᠡᠢ ᠲᠤᠭᠤᠰᠢᠯᠠᠭᠤᠯᠬᠤ᠂ ᠰᠢᠨ᠎ᠠ ᠬᠦᠭᠵᠢᠯᠳᠠ ᠶᠢᠨ ᠪᠠᠶᠢᠷᠢᠰᠢᠯ ᠳᠤ ᠦᠢᠯᠡᠴᠢᠯᠡᠨ ᠠᠭᠤᠰᠤᠯᠴᠠᠬᠤ ᠪᠠᠷ ᠴᠢᠩᠭ᠎ᠠ ᠭᠤᠤᠯᠳᠠᠭᠤᠯᠤᠨ ᠤᠨᠤᠴᠠᠳᠠᠢ ᠡᠵᠡᠮᠳᠡᠵᠦ᠂ ᠦᠭᠡᠷᠡᠴᠢᠯᠡᠯᠳᠠ ᠶᠢᠨ ᠡᠬᠦᠷᠭᠡ ᠠᠷᠭ᠎ᠠ ᠭᠡᠮᠵᠢᠶ᠎ᠠ ᠶᠢᠨ ᠤᠷᠢᠳᠠᠴᠢ ᠴᠢᠨᠠᠷ᠂ ᠴᠢᠭᠯᠡᠬᠦᠯᠦᠯᠳᠦ ᠴᠢᠨᠠᠷ ᠢ ᠴᠢᠨᠠᠬᠰᠢᠳᠠ ᠴᠢᠩᠭᠠᠳᠬᠠᠨ᠂ ᠴᠢᠨᠠᠷ ᠰᠠᠶᠢᠳᠠᠢ ᠬᠦᠭᠵᠢᠯᠳᠠ ᠶᠢᠨ ᠳᠤᠮᠳᠠᠬᠢ ᠦᠭᠡᠷᠡᠴᠢᠯᠡᠯᠳᠠ ᠶᠢᠨ ᠰᠢᠪᠳᠤᠯᠤᠯᠳᠠ ᠪᠠ ᠤᠳᠤᠷᠢᠳᠤᠮᠵᠢ ᠶᠢᠨ ᠦᠢᠯᠡᠳᠦᠯ ᠢ ᠨᠡᠩ ᠰᠠᠶᠢᠳᠤᠷ ᠪᠠᠳᠠᠷᠠᠭᠤᠯᠬᠤ ᠭᠡᠷᠡᠭᠲᠡᠢ᠃ ᠪᠠᠶᠢᠯᠳᠤᠬᠤ ᠪᠤᠳᠤᠯᠭ᠎ᠠ ᠶᠢᠨ ᠪᠠᠶᠢᠷᠢ ᠲᠤᠭᠳᠠᠭᠠᠯᠳᠠ ᠳᠤ ᠰᠠᠭᠤᠷᠢᠯᠡᠵᠦ᠂ ᠬᠠᠷᠠᠯᠳᠠ ᠡᠬᠦᠷᠭᠡ ᠶᠢ ᠴᠢᠩᠭ᠎ᠠ ᠡᠵᠡᠮᠳᠡᠨ᠂ ᠨᠠᠮ ᠤᠨ ᠲᠦᠪ ᠬᠤᠷᠢᠶ᠎ᠠ᠂ ᠶᠡᠷᠦᠩᠭᠡᠢ ᠱᠦᠵᠢ ᠰᠢ ᠶᠢᠨ ᠫᠢᠩ ᠤᠨ ᠥᠪᠦᠷ ᠮᠤᠩᠭᠤᠯ ᠳᠤ ᠲᠤᠭᠳᠠᠭᠠᠵᠦ ᠦᠭᠬᠦᠭᠰᠡᠨ ᠠᠵᠢᠯᠯᠠᠭᠠᠨ ᠤ ᠬᠦᠳᠦᠯᠪᠦᠷᠢ ᠶᠤᠰᠤᠭᠠᠷ᠂ ᠠᠮᠢ ᠠᠬᠤᠢ ᠶᠢ ᠤᠷᠢᠳ ᠢᠶᠠᠷ ᠪᠤᠳᠤᠯᠬᠢᠯᠠᠬᠤ᠂ ᠪᠤᠬᠢᠷᠳᠤᠯ ᠦᠭᠡᠢ ᠬᠦᠭᠵᠢᠬᠦᠯᠬᠦ ᠪᠠᠷ ᠤᠳᠤᠷᠢᠳᠤᠮᠵᠢ ᠪᠤᠯᠭᠠᠭᠰᠠᠨ ᠴᠢᠨᠠᠷ ᠰᠠᠶᠢᠳᠠᠢ ᠬᠦᠭᠵᠢᠯᠳᠠ ᠶᠢᠨ ᠰᠢᠨ᠎ᠠ ᠵᠠᠮ ᠢᠶᠠᠷ ᠡᠷᠡᠰ ᠭᠤᠶᠢᠪᠢᠰᠢ ᠦᠭᠡᠢ ᠵᠠᠮᠨᠠᠵᠦ᠂ ︽ᠲᠠᠪᠤ ᠪᠠᠷ ᠭᠤᠤᠯᠳᠠᠭᠤᠯᠬᠤ︾ ᠳᠤ ᠠᠩᠬᠠᠷᠤᠯ ᠲᠦᠪᠯᠡᠷᠡᠬᠦᠯᠦᠨ ᠭᠤᠤᠯᠳᠠᠯᠭ᠎ᠠ ᠲᠠᠢ ᠬᠦᠴᠦᠯᠡᠵᠦ᠂ ᠰᠢᠨ᠎ᠠ ᠬᠦᠭᠵᠢᠯᠳᠠ ᠶᠢᠨ ᠪᠠᠶᠢᠷᠢᠰᠢᠯ ᠳᠤ ᠦᠢᠯᠡᠴᠢᠯᠡᠨ ᠠᠭᠤᠰᠤᠯᠴᠠᠬᠤ ᠶᠢᠨ ᠵᠠᠩᠬᠢᠯᠠᠭ᠎ᠠ ᠶᠢᠨ ᠴᠢᠨᠠᠷᠳᠠᠢ᠂ ᠰᠠᠭᠤᠷᠢ ᠴᠢᠨᠠᠷᠳᠠᠢ ᠦᠭᠡᠷᠡᠴᠢᠯᠡᠯᠳᠠ ᠶᠢᠨ ᠲᠠᠯ᠎ᠠ ᠪᠠᠷ ᠪᠤᠳᠠᠳᠦ ᠴᠢᠨᠠᠷᠳᠠᠢ ᠠᠬᠢᠯᠳᠠ ᠲᠠᠢ ᠪᠤᠯᠬᠤ ᠪᠠᠷ ᠴᠢᠷᠮᠠᠶᠢᠬᠤ ᠭᠡᠷᠡᠭᠲᠡᠢ᠃ ᠦᠭᠡᠷᠡᠴᠢᠯᠡᠯᠳᠠ ᠶᠢᠨ ᠰᠢᠰᠲ᠋ᠧᠮᠲᠦ ᠬᠤᠷᠠᠮᠠᠯ ᠢ ᠴᠢᠩᠭᠠᠳᠬᠠᠵᠦ᠂ ᠦᠭᠡᠷᠡᠴᠢᠯᠡᠯᠳᠠ ᠶᠢᠨ ᠰᠢᠢᠳᠪᠤᠷᠢᠳᠦ ᠪᠤᠳᠤᠯᠭ᠎ᠠ ᠶᠢ ᠨᠠᠷᠢᠨ ᠤᠨᠤᠪᠴᠢᠳᠠᠢ ᠭᠡᠷᠡᠭᠵᠢᠬᠦᠯᠦᠨ᠂ ᠴᠢᠬᠤᠯᠠ ᠶᠡᠭᠡ ᠦᠭᠡᠷᠡᠴᠢᠯᠡᠯᠳᠠ ᠪᠠᠷ ᠬᠦᠳᠦᠯᠦᠮᠵᠢ ᠪᠤᠯᠭᠠᠵᠦ᠂ ᠪᠡᠶ᠎ᠠ ᠪᠠᠨ ᠳᠠᠭᠠᠭᠠᠵᠦ ᠦᠭᠡᠷᠡᠴᠢᠯᠡᠯᠳᠠ ᠬᠢᠵᠦ ᠲᠦᠯᠦᠪᠵᠢᠬᠦᠯᠦᠨ ᠠᠬᠢᠭᠤᠯᠬᠤ ᠡᠷᠴᠢᠮ ᠢᠶᠠᠨ ᠴᠢᠩᠭᠠᠳᠬᠠᠨ᠂ ᠦᠭᠡᠷᠡᠴᠢᠯᠡᠯᠳᠠ ᠶᠢᠨ ᠪᠦᠬᠦᠯᠢ ᠴᠤᠬᠴᠠ ᠶᠢᠨ ᠦᠢᠯᠡᠳᠦᠯ ᠴᠢᠳᠠᠪᠬᠢ ᠶᠢ ᠨᠡᠩ ᠰᠠᠶᠢᠳᠤᠷ ᠪᠠᠳᠠᠷᠠᠭᠤᠯᠵᠦ᠂ ᠦᠭᠡᠷᠡᠴᠢᠯᠡᠯᠳᠠ ᠶᠢ ᠪᠤᠳᠠᠳᠠᠢ ᠨᠠᠶᠢᠳᠠᠪᠤᠷᠢᠵᠢᠭᠤᠯᠤᠨ ᠦᠷ᠎ᠠ ᠠᠰᠢᠬ ᠭᠠᠷᠭᠠᠬᠤ ᠶᠢ ᠨᠡᠩ ᠰᠠᠶᠢᠳᠤᠷ ᠠᠬᠢᠭᠤᠯᠬᠤ ᠭᠡᠷᠡᠭᠲᠡᠢ᠃ ᠤᠯᠤᠰ ᠲᠦᠷᠦ ᠶᠢ ᠡᠷᠬᠢᠮᠯᠡᠬᠦ ᠦᠨᠳᠦᠷᠴᠡ ᠠᠴᠠ ᠦᠭᠡᠷᠡᠴᠢᠯᠡᠯᠳᠠ ᠶᠢᠨ ᠠᠵᠢᠯ ᠳᠤ ᠬᠠᠨᠳᠤᠵᠦ᠂ ᠤᠯᠤᠰ ᠲᠦᠷᠦ ᠶᠢᠨ ᠮᠠᠭᠠᠳᠯᠠᠬᠤ ᠴᠢᠳᠠᠪᠤᠷᠢ᠂ ᠤᠯᠤᠰ ᠲᠦᠷᠦ ᠶᠢᠨ ᠤᠢᠢᠯᠠᠭᠠᠬᠤ ᠴᠢᠳᠠᠪᠤᠷᠢ᠂ ᠤᠯᠤᠰ ᠲᠦᠷᠦ ᠶᠢᠨ ᠬᠦᠢᠴᠡᠳᠭᠡᠬᠦ ᠴᠢᠳᠠᠪᠤᠷᠢ ᠶᠢ ᠳᠡᠭᠡᠭᠰᠢᠯᠡᠬᠦᠯᠦᠨ᠂ ᠦᠭᠡᠷᠡᠴᠢᠯᠡᠯᠳᠠ ᠶᠢᠨ ᠠᠵᠢᠯᠯᠠᠭᠠᠨ ᠤ ᠤᠬᠠᠮᠰᠠᠷ ᠢ ᠴᠢᠩᠭᠠᠳᠬᠠᠵᠦ᠂ ᠦᠨᠡᠨ ᠬᠦ ᠠᠳᠬᠤᠨ ᠪᠤᠳᠠᠳᠠᠢ ᠠᠵᠢᠯᠯᠠᠬᠤ ᠰᠤᠷᠳᠠᠯ ᠢ ᠪᠠᠳᠠᠷᠠᠭᠤᠯᠵᠦ᠂ ᠦᠭᠡᠷᠡᠴᠢᠯᠡᠯᠳᠠ ᠶᠢ ᠠᠳᠬᠤᠬᠰᠠᠨ ᠪᠠᠶᠢᠳᠠᠯ ᠳᠠᠬᠢ ᠱᠠᠯᠠᠪᠳᠠᠭᠤᠯᠤᠨ ᠪᠠᠶᠢᠴᠠᠭᠠᠯᠳᠠ ᠰᠢᠯᠭᠠᠨ ᠦᠨᠡᠯᠡᠯᠳᠠ ᠶᠢᠨ ᠠᠵᠢᠯ ᠢᠶᠠᠨ ᠴᠢᠩᠭᠠᠳᠬᠠᠨ᠂ ᠬᠠᠳᠠᠭᠠᠰᠤ ᠬᠠᠳᠠᠬᠤ ᠵᠤᠷᠢᠭ ᠰᠠᠨᠠᠭ᠎ᠠ ᠪᠠᠷ ᠦᠭᠡᠷᠡᠴᠢᠯᠡᠯᠳᠠ ᠶᠢ ᠲᠦᠰᠦᠪᠯᠡᠨ᠂ ᠦᠭᠡᠷᠡᠴᠢᠯᠡᠯᠳᠠ ᠶᠢ ᠠᠳᠬᠤᠵᠦ᠂ ᠦᠭᠡᠷᠡᠴᠢᠯᠡᠯᠳᠠ ᠶᠢ ᠠᠬᠢᠭᠤᠯᠬᠤ ᠭᠡᠷᠡᠭᠲᠡᠢ ᠭᠡᠵᠦ ᠴᠢᠬᠤᠯᠠᠴᠢᠯᠠᠪᠠ᠃
      ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠦᠭᠡᠷᠡᠴᠢᠯᠡᠯᠳᠠ ᠶᠢ ᠪᠦᠬᠦ ᠲᠠᠯ᠎ᠠ ᠪᠠᠷ ᠬᠦᠨᠵᠡᠭᠡᠶᠢᠷᠡᠬᠦᠯᠬᠦ ᠬᠤᠷᠢᠶᠠᠨ ᠤ ᠭᠡᠰᠢᠬᠦᠳ ᠬᠤᠷᠠᠯ ᠳᠤ ᠤᠷᠤᠯᠴᠠᠵᠦ᠂ ᠬᠤᠯᠪᠤᠬᠳᠠᠯ ᠪᠦᠬᠦᠢ ᠲᠠᠯ᠎ᠠ ᠶᠢᠨ ᠬᠠᠷᠢᠭᠤᠴᠠᠯᠭᠠᠳᠠᠨ ᠨᠦᠬᠦᠳ ᠬᠤᠷᠠᠯ ᠳᠤ ᠰᠤᠯᠠ ᠤᠷᠤᠯᠴᠠᠵᠠᠢ᠃

ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ