ᠪᠦᠬᠦ ᠤᠷᠤᠨ ᠤ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡᠨ ᠤ ᠬᠦᠮᠦᠵᠢᠯ ᠴᠡᠭᠴᠡᠯᠡᠯᠳᠠ ᠶᠢᠨ ᠠᠵᠢᠯ ᠢ ᠠᠬᠢᠭᠤᠯᠬᠤ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2021/4/14
      4 ᠰᠠᠷ᠎ᠠ ᠶᠢᠨ 10 ᠤ ᠡᠳᠦᠷ᠂ ᠪᠦᠬᠦ ᠤᠷᠤᠨ ᠤ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡᠨ ᠤ ᠬᠦᠮᠦᠵᠢᠯ ᠴᠡᠭᠴᠡᠯᠡᠯᠳᠠ ᠶᠢᠨ ᠠᠵᠢᠯ ᠢ ᠠᠬᠢᠭᠤᠯᠬᠤ ᠬᠤᠷᠠᠯ ᠬᠦᠬᠡᠬᠤᠳᠠ ᠳᠤ ᠬᠤᠷᠠᠯᠳᠤᠪᠠ᠃ ᠬᠤᠷᠠᠯ ᠠᠴᠠ ᠰᠢ ᠶᠢᠨ ᠫᠢᠩ ᠤᠨ ᠬᠠᠤᠯᠢᠵᠢᠯ ᠤᠨ ᠦᠵᠡᠯ ᠰᠠᠨᠠᠭ᠎ᠠ ᠪᠤᠯᠤᠨ ᠶᠡᠷᠦᠩᠭᠡᠢ ᠱᠦᠵᠢ ᠰᠢ ᠶᠢᠨ ᠫᠢᠩ ᠤᠨ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡᠨ ᠤ ᠬᠦᠮᠦᠵᠢᠯ ᠴᠡᠭᠴᠡᠯᠡᠯᠳᠠ ᠶᠢᠨ ᠲᠤᠬᠠᠢ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠬᠦᠨᠵᠡᠭᠡᠢ ᠰᠤᠷᠤᠯᠴᠠᠨ ᠲᠤᠭᠤᠰᠢᠯᠠᠭᠤᠯᠵᠦ᠂ ᠪᠦᠬᠦ ᠤᠯᠤᠰ ᠤᠨ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡᠨ ᠤ ᠬᠦᠮᠦᠵᠢᠯ ᠴᠡᠭᠴᠡᠯᠡᠯᠳᠠ ᠶᠢᠨ ᠠᠵᠢᠯ ᠢ ᠠᠬᠢᠭᠤᠯᠬᠤ ᠬᠤᠷᠠᠯ ᠤᠨ ᠪᠠᠶᠢᠷᠢᠯᠠᠭᠤᠯᠤᠯᠳᠠ ᠱᠠᠭᠠᠷᠳᠠᠯᠭ᠎ᠠ ᠶᠤᠰᠤᠭᠠᠷ᠂ ᠪᠠᠶᠢᠴᠠᠭᠠᠨ ᠵᠠᠯᠠᠷᠠᠭᠤᠯᠵᠦ ᠴᠡᠭᠴᠡᠯᠡᠨ ᠰᠠᠶᠢᠵᠢᠷᠠᠭᠤᠯᠬᠤ ᠭᠤᠭᠴᠤᠭᠠᠨ ᠤ ᠠᠵᠢᠯ ᠢ ᠰᠤᠳᠤᠯᠤᠨ ᠪᠠᠶᠢᠷᠢᠯᠠᠭᠤᠯᠪᠠ᠃ ᠲᠦᠪ ᠤᠨ ᠲᠦᠷᠪᠡᠳᠦᠭᠡᠷ ᠱᠠᠯᠠᠪᠳᠠᠭᠤᠯᠤᠨ ᠵᠢᠯᠤᠭᠤᠳᠬᠤ ᠲᠤᠭᠤᠢᠢᠯᠠᠩ ᠤᠨ ᠳᠠᠷᠤᠭ᠎ᠠ᠂ ᠠᠷᠪᠡᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠢᠨᠡᠨ ᠪᠠᠶᠢᠴᠠᠭᠠᠬᠤ ᠪᠠ ᠬᠠᠤᠯᠢ ᠪᠠᠷᠢᠬᠤ ᠵᠦᠪᠯᠡᠯ ᠤᠨ ᠳᠡᠳ᠋ ᠡᠷᠬᠢᠯᠡᠭᠴᠢ ᠭᠡᠰᠢᠬᠦᠨ ᠴᠧ ᠵᠢᠶᠦ᠋ᠨ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠱᠦᠵᠢ᠂ ᠥᠪᠡᠷᠲᠡᠭᠡᠨ ᠵᠠᠰᠠᠬᠤ ᠣᠷᠣᠨ ᠤ ᠤᠯᠤᠰ ᠲᠥᠷᠥ ᠬᠠᠤᠯᠢ ᠴᠠᠭᠠᠵᠠ ᠶᠢᠨ ᠡᠩᠨᠡᠭᠡᠨ ᠤ ᠬᠥᠮᠦᠵᠢᠯ ᠴᠡᠭᠴᠡᠯᠡᠯᠲᠡ ᠶᠢᠨ ᠤᠳᠤᠷᠢᠳᠬᠤ ᠳᠤᠭᠤᠶᠢᠯᠠᠩ ᠤᠨ ᠳᠠᠷᠤᠭ᠎ᠠ ᠱᠢ ᠲᠠᠢ ᠹᠧᠩ ᠬᠤᠷᠠᠯ ᠳᠤ ᠤᠷᠤᠯᠴᠠᠭᠰᠠᠨ ᠪᠦᠭᠡᠳ ᠶᠠᠷᠢᠶ᠎ᠠ ᠲᠠᠯᠪᠢᠵᠠᠢ᠃      ᠥᠪᠡᠷᠲᠡᠭᠡᠨ ᠵᠠᠰᠠᠬᠤ ᠣᠷᠣᠨ ᠤ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡᠨ ᠤ ᠬᠥᠮᠦᠵᠢᠯ ᠴᠡᠭᠴᠡᠯᠡᠯᠲᠡ ᠶᠢᠨ ᠤᠳᠤᠷᠢᠳᠬᠤ ᠳᠤᠭᠤᠶᠢᠯᠠᠩ ᠤᠨ ᠪᠠᠶᠢᠩᠭᠤ ᠶᠢᠨ ᠳᠡᠳ᠋ ᠳᠠᠷᠤᠭ᠎ᠠ ᠯᠢᠨ ᠱᠤᠤ ᠴᠦᠨ ᠬᠤᠷᠠᠯ ᠢ ᠡᠷᠬᠢᠯᠡᠪᠡ᠃ ᠲᠦᠪ ᠤᠨ ᠲᠦᠷᠪᠡᠳᠦᠭᠡᠷ ᠱᠠᠯᠠᠪᠳᠠᠭᠤᠯᠤᠨ ᠵᠢᠯᠤᠭᠤᠳᠬᠤ ᠲᠤᠭᠤᠢᠢᠯᠠᠩ ᠤᠨ ᠪᠦᠷᠢᠯᠳᠦᠬᠦᠨ᠂ ᠥᠪᠡᠷᠲᠡᠭᠡᠨ ᠵᠠᠰᠠᠬᠤ ᠣᠷᠣᠨ ᠤ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡᠨ ᠤ ᠬᠥᠮᠦᠵᠢᠯ ᠴᠡᠭᠴᠡᠯᠡᠯᠲᠡ ᠶᠢᠨ ᠤᠳᠤᠷᠢᠳᠬᠤ ᠳᠤᠭᠤᠶᠢᠯᠠᠩ ᠤᠨ ᠳᠡᠳ᠋ ᠳᠠᠷᠤᠭ᠎ᠠ ᠯᠢᠦ ᠴᠢ ᠹᠠᠨ᠂ ᠶᠠᠩ ᠸᠧᠢ ᠳ᠋ᠦᠩ᠂ ᠾᠧᠩ ᠰᠢᠶᠤᠤ ᠹᠠᠨ᠂ ᠶᠠᠩ ᠽᠦᠩ ᠷᠧᠨ᠂ ᠯᠢ ᠴᠢ ᠯᠢᠨ ᠬᠤᠷᠠᠯ ᠳᠤ ᠤᠷᠤᠯᠴᠠᠵᠠᠢ᠃      ᠴᠧ ᠵᠢᠶᠦ᠋ᠨ ᠮᠠᠨ ᠤ ᠤᠷᠤᠨ ᠤ ᠡᠮᠦᠨᠡᠬᠢ ᠱᠠᠳᠤᠨ ᠤ ᠬᠦᠮᠦᠵᠢᠯ ᠴᠡᠭᠴᠡᠯᠡᠯᠳᠠ ᠶᠢᠨ ᠠᠵᠢᠯ ᠤᠨ ᠠᠮᠵᠢᠯᠳᠠ ᠶᠢ ᠬᠦᠢᠴᠡᠳ ᠨᠤᠳᠠᠯᠠᠬᠤ ᠶᠢᠨ ᠬᠠᠮᠳᠦ ᠠᠵᠢᠯ ᠤᠨ ᠳᠤᠮᠳᠠ ᠤᠷᠤᠰᠢᠵᠦ ᠪᠠᠶᠢᠬᠤ ᠠᠰᠠᠭᠤᠳᠠᠯ ᠢ ᠵᠢᠭᠠᠵᠦ ᠭᠠᠷᠭᠠᠪᠠ᠃ ᠲᠡᠷᠡ᠂ ᠥᠪᠦᠷ ᠮᠤᠩᠭᠤᠯ ᠤᠨ ᠬᠦᠮᠦᠵᠢᠯ ᠴᠡᠭᠴᠡᠯᠡᠯᠳᠠ ᠶᠢᠨ ᠠᠵᠢᠯ ᠨᠢ ᠶᠡᠷᠦᠩᠭᠡᠢ ᠱᠦᠵᠢ ᠰᠢ  ᠶᠢᠨ ᠫᠢᠩ ᠤᠨ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠪᠤᠯᠤᠨ ᠨᠠᠮ ᠤᠨ ᠲᠦᠪ ᠬᠤᠷᠢᠶᠠᠨ ᠤ ᠴᠢᠬᠤᠯᠠ ᠶᠡᠭᠡ ᠰᠢᠢᠳᠪᠤᠷᠢᠳᠦ ᠪᠤᠳᠤᠯᠭ᠎ᠠ ᠪᠠᠶᠢᠷᠢᠯᠠᠭᠤᠯᠤᠯᠳᠠ ᠶᠢ ᠳᠠᠭᠠᠵᠦ᠂ ᠠᠷᠠᠳ ᠤᠯᠠᠨ ᠤ ᠬᠠᠤᠯᠢᠵᠢᠯ ᠤᠨ ᠪᠠᠶᠢᠭᠤᠯᠤᠯᠳᠠ ᠶᠢᠨ ᠲᠤᠬᠠᠢ ᠬᠦᠰᠡᠯ ᠱᠠᠭᠠᠷᠳᠠᠯᠭ᠎ᠠ ᠳᠤ ᠴᠢᠩᠭ᠎ᠠ ᠨᠡᠶᠢᠴᠡᠬᠦᠯᠦᠨ᠂ ᠪᠦᠬᠦ ᠤᠷᠤᠨ ᠤ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡᠨ ᠤ ᠪᠠᠶᠢᠭᠤᠯᠤᠯᠳᠠ ᠶᠢᠨ ᠪᠤᠳᠠᠳᠦ ᠪᠠᠶᠢᠳᠠᠯ ᠢ ᠴᠢᠩᠭ᠎ᠠ ᠡᠵᠡᠮᠳᠡᠵᠦ᠂ ᠬᠦᠮᠦᠵᠢᠯ ᠴᠡᠭᠴᠡᠯᠡᠯᠳᠠ ᠶᠢᠨ ᠠᠵᠢᠯ ᠳᠠᠭᠠᠨ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ︽ᠬᠤᠶᠠᠷ ᠢ ᠬᠠᠮᠠᠭᠠᠯᠠᠬᠤ︾ ᠶᠢ ᠨᠠᠶᠢᠳᠠᠪᠤᠷᠢᠵᠢᠭᠤᠯᠬᠤ ᠡᠷᠡᠰ ᠪᠠᠳᠤ ᠰᠡᠷᠭᠡᠭ ᠪᠠᠶᠢᠳᠠᠯ ᠢ ᠢᠯᠡᠷᠡᠬᠦᠯᠵᠦ᠂ ︽ᠲᠦᠷᠪᠡᠨ ᠤᠬᠠᠮᠰᠠᠷ︾ ᠢ ᠦᠢᠯᠡᠳᠦᠯᠭᠡᠵᠢᠬᠦᠯᠬᠦ ᠳᠡᠭᠡᠳᠦ ᠭᠡᠮᠵᠢᠶᠠᠨ ᠤ ᠤᠬᠠᠮᠰᠠᠷ ᠢ ᠢᠯᠡᠷᠡᠬᠦᠯᠵᠡᠢ᠃ ᠲᠦᠪ ᠤᠨ ᠲᠦᠷᠪᠡᠳᠦᠭᠡᠷ ᠱᠠᠯᠠᠪᠳᠠᠭᠤᠯᠤᠨ ᠵᠢᠯᠤᠭᠤᠳᠬᠤ ᠲᠤᠭᠤᠢᠢᠯᠠᠩ ᠤᠨ ᠬᠢᠨ ᠶᠡᠷᠦᠩᠭᠡᠢ ᠱᠦᠵᠢ ᠰᠢ ᠶᠢᠨ ᠫᠢᠩ ᠤᠨ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠪᠠᠷ ᠪᠠᠷᠢᠮᠵᠢᠶᠠᠯᠠᠨ ᠬᠠᠷᠭᠤᠭᠤᠯᠵᠦ᠂ ᠦᠪᠡᠷᠲᠡᠭᠡᠨ ᠵᠠᠰᠠᠬᠤ ᠤᠷᠤᠨ ᠤ ᠬᠦᠮᠦᠵᠢᠯ ᠴᠡᠭᠴᠡᠯᠡᠯᠳᠠ ᠶᠢᠨ ᠠᠵᠢᠯ ᠤᠨ ᠳᠤᠮᠳᠠ ᠤᠷᠤᠰᠢᠵᠦ ᠪᠠᠶᠢᠭ᠎ᠠ ᠲᠡᠩᠴᠡᠬᠦᠷᠢ ᠦᠭᠡᠢ᠂ ᠬᠦᠨᠵᠡᠭᠡᠢ ᠪᠤᠰᠤ᠂ ᠦᠯᠦ ᠬᠠᠮᠵᠢᠯᠴᠠᠬᠤ ᠵᠡᠷᠭᠡ ᠲᠤᠪᠤᠶᠢᠮ᠎ᠠ ᠠᠰᠠᠭᠤᠳᠠᠯ ᠳᠤ ᠴᠢᠭᠯᠡᠬᠦᠯᠦᠨ᠂ ᠱᠠᠯᠠᠪᠳᠠᠭᠤᠯᠤᠨ ᠵᠢᠯᠤᠭᠤᠳᠬᠤ ᠲᠤᠭᠤᠢᠢᠯᠠᠩ ᠤᠨ ᠱᠠᠯᠠᠪᠳᠠᠭᠤᠯᠬᠤ᠂ ᠵᠢᠯᠤᠭᠤᠳᠬᠤ᠂ ᠵᠤᠬᠢᠴᠠᠭᠤᠯᠬᠤ ᠪᠠ ᠠᠬᠢᠭᠤᠯᠬᠤ ᠦᠢᠯᠡᠳᠦᠯ ᠢ ᠬᠦᠢᠴᠡᠳ ᠪᠠᠳᠠᠷᠠᠭᠤᠯᠵᠦ᠂ ᠦᠪᠡᠷᠲᠡᠭᠡᠨ ᠵᠠᠰᠠᠬᠤ ᠤᠷᠤᠨ ᠤ ᠬᠦᠮᠦᠵᠢᠯ ᠴᠡᠭᠴᠡᠯᠡᠯᠳᠠ ᠶᠢᠨ ᠠᠵᠢᠯ ᠢ ᠳᠠᠰᠤᠷᠠᠯᠳᠠ ᠦᠭᠡᠢ ᠬᠦᠨᠵᠡᠭᠡᠶᠢᠷᠡᠬᠦᠯᠦᠨ ᠠᠬᠢᠭᠤᠯᠤᠨ᠎ᠠ ᠭᠡᠵᠦ ᠵᠢᠭᠠᠵᠦ ᠭᠠᠷᠭᠠᠪᠠ᠃      ᠴᠧ ᠵᠢᠶᠦ᠋ᠨ᠂ ᠬᠤᠳᠠ ᠰᠢᠶᠠᠨ ᠬᠤᠶᠠᠷ ᠱᠠᠳᠤᠨ ᠤ ᠬᠦᠮᠦᠵᠢᠯ ᠴᠡᠭᠴᠡᠯᠡᠯᠳᠠ ᠤᠳᠠᠯ ᠦᠭᠡᠢ ᠪᠠᠶᠢᠴᠠᠭᠠᠨ ᠵᠠᠯᠠᠷᠠᠭᠤᠯᠵᠦ ᠴᠡᠭᠴᠡᠯᠡᠨ ᠰᠠᠶᠢᠵᠢᠷᠠᠭᠤᠯᠬᠤ ᠭᠤᠭᠴᠤᠭ᠎ᠠ ᠳᠤ ᠤᠷᠤᠨ᠎ᠠ᠃ ᠡᠨᠡ ᠪᠤᠯ ᠬᠦᠮᠦᠵᠢᠯ ᠴᠡᠭᠴᠡᠯᠡᠯᠳᠠ ᠶᠢᠨ ᠦᠷᠬᠦᠯᠵᠢᠯᠡᠬᠦ ᠴᠠᠭ ᠢᠶᠠᠷ ᠬᠠᠮᠤᠭ ᠤᠨ ᠤᠷᠳᠤ᠂ ᠬᠤᠯᠪᠤᠭᠳᠠᠬᠤ ᠲᠦᠷᠦ ᠶᠢᠨ ᠪᠤᠳᠤᠯᠭ᠎ᠠ ᠪᠠᠷ ᠬᠠᠮᠤᠭ ᠤᠨ ᠤᠯᠠᠨ ᠭᠤᠤᠯ ᠭᠤᠭᠴᠤᠭ᠎ᠠ ᠪᠤᠯᠬᠤ ᠪᠦᠭᠡᠳ ᠪᠠᠰᠠ ᠬᠠᠳᠠᠭᠤ ᠲᠠᠢ ᠨᠢ ᠬᠠᠯᠳᠠᠵᠦ᠂ ᠱᠠᠯᠠᠪᠳᠠᠭᠤᠯᠤᠨ ᠵᠢᠯᠤᠭᠤᠳᠴᠦ ᠬᠦᠴᠦᠯᠡᠬᠦ ᠶᠢ ᠬᠠᠮᠤᠭ ᠠᠴᠠ ᠢᠯᠡᠬᠦᠦ ᠱᠠᠭᠠᠷᠳᠠᠬᠤ ᠠᠵᠢᠯ ᠤᠨ ᠭᠤᠤᠯᠳᠠᠯᠭ᠎ᠠ ᠪᠤᠯᠤᠨ᠎ᠠ᠃ ᠲᠦᠪ ᠤᠨ ᠲᠦᠷᠪᠡᠳᠦᠭᠡᠷ ᠱᠠᠯᠠᠪᠳᠠᠭᠤᠯᠤᠨ ᠵᠢᠯᠤᠭᠤᠳᠬᠤ ᠲᠤᠭᠤᠢᠢᠯᠠᠩ ᠤᠨ ᠬᠢᠨ ᠪᠦᠬᠦ ᠤᠯᠤᠰ ᠤᠨ ᠬᠦᠮᠦᠵᠢᠯ ᠴᠡᠭᠴᠡᠯᠡᠯᠳᠠ ᠶᠢᠨ ᠠᠵᠢᠯ ᠢ ᠠᠬᠢᠭᠤᠯᠬᠤ ᠬᠤᠷᠠᠯ ᠤᠨ ᠵᠤᠷᠢᠭ ᠰᠠᠨᠠᠭ᠎ᠠ ᠶᠢ ᠨᠠᠷᠢᠨ ᠬᠢᠨᠠᠮᠠᠭᠠᠢ ᠲᠤᠭᠤᠰᠢᠯᠠᠭᠤᠯᠵᠦ᠂ ᠤᠯᠤᠰ ᠲᠦᠷᠦ ᠶᠢᠨ ᠡᠬᠦᠷᠭᠡ ᠪᠠᠨ ᠡᠷᠡᠰ ᠪᠠᠳᠤ ᠬᠦᠢᠴᠡᠳᠭᠡᠨ᠂ ᠠᠵᠢᠯ ᠤᠨ ᠪᠠᠶᠢᠷᠢ ᠲᠤᠭᠳᠠᠭᠠᠯᠳᠠ ᠶᠢ ᠪᠠᠳᠤ ᠡᠵᠡᠮᠳᠡᠵᠦ᠂ ᠲᠤᠭ ᠳᠡᠮᠳᠡᠭ ᠳᠤᠳᠤᠷᠬᠠᠢ ᠪᠠᠷ ᠤᠯᠤᠰ ᠲᠦᠷᠦ ᠶᠢ ᠡᠷᠬᠢᠮᠯᠡᠬᠦ ᠪᠠᠷ ᠨᠢᠭᠡᠳᠦᠭᠡᠷ ᠱᠠᠭᠠᠷᠳᠠᠯᠭ᠎ᠠ ᠪᠤᠯᠭᠠᠠ᠂ ᠦᠨᠡᠨᠴᠢ ᠰᠢᠳᠤᠷᠭᠤ ᠪᠠᠶᠢᠬᠤ ᠶᠢ ᠡᠷᠬᠢᠮᠯᠡᠬᠦ ᠪᠠᠷ ᠨᠢᠭᠡᠳᠦᠭᠡᠷ ᠪᠠᠷᠢᠮᠵᠢᠶ᠎ᠠ ᠪᠤᠯᠭᠠᠵᠦ᠂ ᠤᠯᠤᠰ ᠲᠦᠷᠦ ᠶᠢᠨ ᠱᠠᠯᠠᠪᠳᠠᠭᠤᠯᠤᠨ ᠵᠢᠯᠤᠭᠤᠳᠬᠤ ᠪᠠᠷ ᠨᠢᠭᠡᠳᠦᠭᠡᠷ ᠴᠢᠬᠤᠯᠠ ᠶᠠᠪᠤᠳᠠᠯ ᠪᠤᠯᠭᠠᠨ᠂ ᠪᠦᠬᠦ᠋ᠢᠯᠡ ᠬᠦᠮᠦᠵᠢᠯ ᠴᠡᠭᠴᠡᠯᠡᠯᠳᠠ ᠶᠢᠨ ᠴᠢᠭᠯᠡᠯ ᠢ ᠭᠡᠯᠪᠠᠶᠢᠯᠬᠡᠬᠦ ᠦᠭᠡᠢ᠂ ᠲᠤᠲᠠᠭᠤ ᠲᠤᠷᠭᠤᠨ ᠪᠤᠯᠭᠠᠬᠤ ᠦᠭᠡᠢ ᠪᠠᠶᠢᠬᠤ ᠶᠢ ᠪᠠᠳᠤᠯᠠᠨ᠎ᠠ᠃ ᠰᠤᠷᠤᠯᠴᠠᠯᠭ᠎ᠠ ᠶᠢ ᠱᠠᠯᠠᠪᠳᠠᠭᠤᠯᠤᠨ ᠬᠦᠮᠦᠵᠢᠯ ᠢ ᠠᠬᠢᠭᠤᠯᠬᠤ ᠶᠢ ᠡᠬᠢᠨ ᠠᠴᠠ ᠨᠢ ᠳᠠᠭᠤᠰᠳᠠᠯ᠎ᠠ ᠲᠤᠭᠤᠰᠢᠯᠠᠭᠤᠯᠵᠦ᠂ ᠰᠤᠷᠤᠯᠴᠠᠯᠭ᠎ᠠ ᠪᠠᠷ ᠪᠠᠶᠢᠴᠠᠭᠠᠯᠳᠠ ᠶᠢ ᠠᠬᠢᠭᠤᠯᠬᠤ᠂ ᠰᠤᠷᠤᠯᠴᠠᠯᠭ᠎ᠠ ᠪᠠᠷ ᠰᠠᠶᠢᠵᠢᠷᠠᠭᠤᠯᠤᠯᠳᠠ ᠶᠢ ᠠᠬᠢᠭᠤᠯᠬᠤ᠂ ᠰᠤᠷᠤᠯᠴᠠᠬᠤ ᠶᠢᠨ ᠳᠠᠭᠠᠤ ᠰᠠᠶᠢᠵᠢᠷᠠᠭᠤᠯᠬᠤ ᠪᠦᠷᠢᠨ ᠪᠦᠳᠦᠨ ᠪᠢᠳᠡᠬᠦᠦ ᠭᠤᠭᠴᠤᠭ᠎ᠠ ᠶᠢ ᠪᠦᠷᠢᠯᠳᠦᠬᠦᠯᠵᠦ᠂ ᠡᠯ᠎ᠠ ᠭᠠᠵᠠᠷ ᠡᠯ᠎ᠠ ᠰᠠᠯᠠᠭ᠎ᠠ ᠮᠦᠴᠢᠷ ᠤᠨ ᠰᠤᠷᠤᠯᠴᠠᠯᠭ᠎ᠠ ᠬᠦᠮᠦᠵᠢᠯ ᠢ ᠦᠷᠬᠦᠯᠵᠢᠯᠡᠨ ᠴᠦᠬᠦᠷᠡᠰᠢ ᠦᠭᠡᠢ ᠠᠳᠬᠤᠬᠤ ᠶᠢ ᠠᠬᠢᠭᠤᠯᠤᠨ᠎ᠠ᠃ ᠠᠰᠠᠭᠤᠳᠠᠯ ᠤᠨ ᠰᠦᠪᠡᠭᠴᠢ ᠶᠢ ᠱᠠᠯᠠᠪᠳᠠᠭᠤᠯᠤᠨ ᠰᠢᠢᠳᠪᠤᠷᠢᠯᠡᠬᠦᠯᠬᠦ ᠶᠢ ᠬᠦᠳᠦᠯᠦᠨ ᠳᠠᠭᠠᠭᠤᠯᠬᠤ ᠴᠢᠨᠠᠷᠳᠠᠢ ᠪᠠᠶᠢᠷᠢᠨ ᠳᠤ ᠲᠠᠯᠪᠢᠵᠦ᠂ ᠰᠤᠷᠳᠠᠯ ᠴᠢᠭᠡᠴᠢ ᠤᠪᠤᠷ ᠲᠦᠪ ᠪᠠᠶᠢᠳᠠᠯ ᠢ ᠬᠦᠭᠵᠢᠭᠡᠨ᠂ ᠪᠦᠬᠦᠳᠠ ᠶᠢ ᠲᠦᠢᠳᠦᠭᠴᠢ ᠪᠦᠲᠦᠯ ᠦᠭᠡᠢ ᠠᠮᠢᠲᠠᠨ ᠢ ᠠᠷᠢᠯᠭᠠᠵᠦ᠂ ᠬᠦᠴᠦᠷᠭᠡᠭ ᠶᠡᠭᠡ ᠤᠯᠤᠰ ᠲᠦᠷᠦ ᠶᠢᠨ ᠦᠢᠯᠡᠳᠦᠯ ᠴᠢᠳᠠᠪᠬᠢ᠂ ᠰᠠᠬᠢᠯᠭ᠎ᠠ ᠪᠠᠳᠤ ᠬᠠᠤᠯᠢ ᠴᠠᠭᠠᠵᠠ ᠶᠢᠨ ᠦᠢᠯᠡᠳᠦᠯ ᠴᠢᠳᠠᠪᠬᠢ᠂ ᠨᠡᠶᠢᠭᠡᠮ ᠤᠨ ᠦᠢᠯᠡᠳᠦᠯ ᠴᠢᠳᠠᠪᠬᠢ ᠶᠢ ᠠᠬᠢᠭᠤᠯᠤᠨ ᠪᠦᠷᠢᠯᠳᠦᠬᠦᠯᠦᠨ᠎ᠠ᠃ ᠭᠡᠮ ᠠᠷᠬᠠᠬ ᠢ ᠴᠡᠭᠴᠡᠯᠡᠨ ᠵᠠᠰᠠᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠳᠤ ᠦᠷᠬᠦᠯᠵᠢᠯᠡᠨ ᠠᠩᠬᠠᠷᠤᠯ ᠢᠶᠠᠨ ᠲᠦᠪᠯᠡᠷᠡᠬᠦᠯᠵᠦ᠂ ᠶᠡᠭᠡ ᠪᠠᠷ ᠵᠢᠬᠰᠠᠭᠠᠨ ᠪᠠᠶᠢᠴᠠᠭᠠᠬᠤ᠂ ᠶᠡᠭᠡ ᠪᠠᠷ ᠪᠠᠶᠢᠳᠠᠯ ᠢ ᠤᠢᠢᠯᠠᠭᠠᠬᠤ᠂ ᠶᠡᠭᠡ ᠪᠠᠷ ᠴᠡᠭᠴᠡᠯᠡᠨ ᠵᠠᠰᠠᠬᠤ ᠶᠢ ᠬᠦᠨᠵᠡᠭᠡᠢ ᠠᠬᠢᠭᠤᠯᠵᠦ᠂ ᠡᠯ᠎ᠠ ᠭᠠᠵᠠᠷ ᠡᠯ᠎ᠠ ᠰᠠᠯᠠᠭ᠎ᠠ ᠮᠦᠴᠢᠷ ᠤᠨ ᠳᠤᠳᠠᠭᠤᠳᠠᠯ ᠢᠶᠠᠨ ᠬᠦᠴᠦᠯᠡᠨ ᠨᠦᠬᠦᠪᠦᠷᠢᠯᠡᠬᠦ᠂ ᠠᠯᠲᠠᠭᠲᠠᠯ ᠢᠶᠠᠨ ᠬᠦᠴᠦᠯᠡᠨ ᠨᠦᠬᠦᠬᠦ ᠶᠢ ᠠᠬᠢᠭᠤᠯᠵᠦ᠂ ᠴᠡᠭᠴᠡᠯᠡᠨ ᠰᠠᠶᠢᠵᠢᠷᠠᠭᠤᠯᠬᠤ ᠦᠷ᠎ᠠ ᠪᠦᠳᠦᠮᠵᠢ ᠶᠢ ᠲᠦᠷᠢᠮᠵᠢᠬᠦᠯᠬᠦ ᠪᠠ ᠤᠷᠳᠤ ᠬᠤᠭᠤᠴᠠᠭᠠᠨ᠎ᠠ ᠪᠦᠳᠦᠮᠵᠢᠳᠠᠢ ᠪᠤᠯᠭᠠᠬᠤ ᠶᠢ ᠠᠬᠢᠭᠤᠯᠤᠨ᠎ᠠ᠃ ᠲᠦᠪ ᠤᠨ ᠲᠦᠷᠪᠡᠳᠦᠭᠡᠷ ᠱᠠᠯᠠᠪᠳᠠᠭᠤᠯᠤᠨ ᠵᠢᠯᠤᠭᠤᠳᠬᠤ ᠲᠤᠭᠤᠢᠢᠯᠠᠩ ᠤᠨ ᠬᠢᠨ ᠲᠦᠪ ᠤᠨ ᠰᠢᠢᠳᠪᠤᠷᠢᠳᠦ ᠪᠤᠳᠤᠯᠭ᠎ᠠ ᠪᠠᠶᠢᠷᠢᠯᠠᠭᠤᠯᠤᠯᠳᠠ ᠶᠤᠰᠤᠭᠠᠷ᠂ ᠦᠨᠡᠨ ᠠᠴᠠ ᠵᠦᠪ ᠢ ᠡᠷᠢᠬᠦ ᠵᠠᠷᠴᠢᠮ ᠢ ᠪᠠᠷᠢᠮᠳᠠᠯᠠᠨ᠂ ᠲᠤᠰᠢᠶᠠᠯ ᠬᠠᠷᠢᠭᠤᠴᠠᠯᠭ᠎ᠠ ᠪᠠᠨ ᠢᠳᠡᠪᠬᠢᠳᠠᠢ ᠬᠦᠢᠴᠡᠳᠭᠡᠵᠦ᠂ ᠵᠤᠷᠢᠬᠳᠠᠢ ᠪᠠᠷ ᠬᠠᠳᠠᠭᠤ ᠲᠠᠢ ᠨᠢ ᠬᠠᠯᠳᠠᠨ᠂ ᠰᠠᠬᠢᠯᠭ᠎ᠠ ᠪᠠᠳᠤ ᠬᠠᠤᠯᠢ ᠲᠤᠭᠳᠠᠭᠠᠯ ᠢ ᠴᠢᠩᠭ᠎ᠠ ᠰᠠᠬᠢᠵᠦ᠂ ᠡᠷᠡᠰ ᠪᠠᠳᠤ ᠵᠤᠷᠢᠭ᠂ ᠴᠢᠩᠭ᠎ᠠ ᠬᠠᠳᠠᠭᠤ ᠰᠤᠷᠳᠠᠯ ᠢᠶᠠᠷ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠪᠠ ᠵᠠᠰᠠᠭ ᠤᠨ ᠤᠷᠳᠤᠨ ᠲᠠᠢ ᠬᠠᠮᠳᠤ ᠪᠠᠷ ᠱᠠᠯᠠᠪᠳᠠᠭᠤᠯᠤᠨ ᠵᠢᠯᠤᠭᠤᠳᠬᠤ ᠠᠵᠢᠯ ᠢ ᠴᠢᠨᠠᠷ ᠰᠠᠶᠢᠳᠠᠢ ᠦᠷᠨᠢᠬᠦᠯᠵᠤ᠂ ︽ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠠᠴᠠ ᠨᠠᠷᠢᠨ ᠬᠢᠨᠠᠮᠠᠭᠠᠢ ᠠᠳᠬᠤᠬᠰᠠᠨ᠂ ᠱᠠᠯᠠᠪᠳᠠᠭᠤᠯᠤᠨ ᠵᠢᠯᠤᠭᠤᠳᠬᠤ ᠲᠤᠭᠤᠢᠢᠯᠠᠩ ᠬᠠᠳᠠᠭᠤ ᠲᠠᠢ ᠨᠢ ᠬᠠᠯᠳᠠᠵᠦ ᠱᠠᠯᠠᠪᠳᠠᠭᠤᠯᠤᠬᠰᠠᠨ᠂ ᠬᠦᠮᠦᠵᠢᠯ ᠴᠡᠭᠴᠡᠯᠡᠯᠳᠠ ᠶᠢᠨ ᠠᠵᠢᠯ ᠳᠤ ᠦᠨᠡᠨ ᠪᠤᠳᠠᠳᠠᠢ ᠦᠷ᠎ᠠ ᠪᠦᠳᠦᠮᠵᠢ ᠤᠯᠤᠭᠰᠠᠨ︾ ᠰᠠᠶᠢᠨ ᠰᠠᠶᠢᠬᠠᠨ ᠪᠠᠶᠢᠳᠠᠯ ᠢ ᠴᠢᠷᠮᠠᠶᠢᠨ ᠪᠦᠷᠢᠯᠳᠦᠬᠦᠯᠵᠦ᠂ ᠨᠠᠮ ᠤᠨ ᠲᠦᠪ ᠬᠤᠷᠢᠶ᠎ᠠ ᠬᠠᠨᠤᠮᠵᠢᠳᠠᠢ ᠪᠠᠶᠢᠬᠤ᠂ ᠺᠠᠳ᠋ᠷ ᠤᠯᠠᠨ ᠲᠦᠮᠡᠨ ᠬᠠᠨᠤᠮᠵᠢᠳᠠᠢ ᠪᠠᠶᠢᠬᠤ ᠶᠢ ᠴᠢᠷᠮᠠᠶᠢᠨ ᠪᠡᠶᠡᠯᠡᠬᠦᠯᠦᠨ᠎ᠠ ᠭᠡᠵᠦ ᠴᠢᠬᠤᠯᠠᠴᠢᠯᠠᠪᠠ᠃      ᠱᠢ ᠲᠠᠢ ᠹᠧᠩ᠂ ᠨᠢᠭᠡᠳᠦᠭᠡᠷ ᠪᠦᠯᠦᠭ ᠤᠨ ᠤᠯᠤᠰ ᠲᠥᠷᠥ ᠬᠠᠤᠯᠢ ᠴᠠᠭᠠᠵᠠ ᠶᠢᠨ ᠡᠩᠨᠡᠭᠡᠨ ᠤ ᠬᠥᠮᠦᠵᠢᠯ ᠴᠡᠭᠴᠡᠯᠡᠯᠲᠡ ᠶᠢᠨ ᠠᠵᠢᠯ ᠤᠳᠠᠯ ᠦᠭᠡᠢ ᠪᠠᠶᠢᠴᠠᠭᠠᠨ ᠵᠠᠯᠠᠷᠠᠭᠤᠯᠵᠤ ᠴᠡᠭᠴᠡᠯᠡᠨ ᠰᠠᠶᠢᠵᠢᠷᠠᠭᠤᠯᠬᠤ ᠭᠤᠭᠴᠤᠭ᠎ᠠ ᠳᠤ ᠣᠷᠣᠵᠤ᠂ ᠡᠯ᠎ᠡ ᠵᠦᠢᠯ ᠤᠨ ᠡᠭᠦᠷᠭᠡ ᠨᠠᠩ ᠬᠦᠨᠳᠦ ᠨᠦᠰᠡᠷ ᠪᠣᠯᠬᠤ ᠪᠣᠯᠤᠨ᠎ᠠ᠂ ᠡᠯ᠎ᠡ ᠭᠠᠵᠠᠷ ᠣᠷᠣᠨ ᠡᠯ᠎ᠡ ᠬᠤᠯᠪᠣᠭᠳᠠᠯ ᠪᠥᠬᠦᠶ ᠰᠠᠯᠠᠭ᠎ᠠ ᠮᠥᠴᠢᠷ ᠤᠨ ᠬᠢᠨ ᠤᠯᠤᠰ ᠲᠥᠷᠥ ᠶᠢᠨ ᠮᠠᠭᠠᠳᠯᠠᠬᠤ ᠴᠢᠳᠠᠪᠤᠷᠢ᠂ ᠤᠯᠤᠰ ᠲᠥᠷᠥ ᠶᠢᠨ ᠤᠬᠠᠪᠤᠷᠢᠯᠠᠬᠤ ᠴᠢᠳᠠᠪᠤᠷᠢ᠂ ᠤᠯᠤᠰ ᠲᠥᠷᠥ ᠶᠢᠨ ᠭᠡᠷᠡᠭᠵᠢᠬᠦᠯᠬᠦ ᠴᠢᠳᠠᠪᠤᠷᠢ ᠪᠠᠨ ᠴᠢᠨᠠᠭᠰᠢᠳᠠ ᠳᠡᠭᠡᠭᠰᠢᠯᠡᠭᠦᠯᠵᠦ᠂ ᠬᠥᠮᠦᠵᠢᠯ ᠴᠡᠭᠴᠡᠯᠡᠯᠲᠡ ᠥᠷᠨᠢᠭᠦᠯᠬᠦ ᠶᠢᠨ ᠴᠢᠬᠤᠯᠠ ᠶᠡᠭᠡ ᠠᠴᠢ ᠬᠤᠯᠪᠣᠭᠳᠠᠯ ᠪᠠ ᠤᠯᠤᠰ ᠲᠥᠷᠥ ᠶᠢᠨ ᠬᠦᠨᠳᠦᠴᠡ ᠶᠢ ᠭᠦᠢᠴᠡᠳ ᠲᠠᠨᠢᠵᠤ᠂ ᠣᠳᠣᠬᠠᠨ ᠤ ᠠᠵᠢᠯ ᠤᠨ ᠳᠤᠮᠳᠠ ᠣᠷᠣᠰᠢᠵᠤ ᠪᠠᠶᠢᠬᠤ ᠵᠥᠷᠢᠶ᠎ᠡ ᠪᠠ ᠬᠦᠷᠦᠯᠴᠡᠬᠦ ᠥᠬᠡᠶ ᠲᠠᠯ᠎ᠠ ᠪᠠᠨ ᠰᠡᠷᠭᠡᠭ ᠢᠶᠠᠷ ᠲᠠᠨᠢᠵᠤ᠂ ᠨᠠᠩ ᠰᠢᠢᠳᠮᠡᠭ ᠵᠣᠷᠢᠭ᠂ ᠨᠡᠩ ᠡᠷᠡᠰ ᠲᠠᠰᠤᠷᠬᠠᠢ ᠣᠪᠣᠷ᠂ ᠨᠡᠩ ᠴᠢᠩᠭ᠎ᠠ ᠬᠦᠴᠦᠲᠡᠶ ᠠᠷᠭ᠎ᠠ ᠬᠡᠮᠵᠢᠶ᠎ᠡ ᠪᠠᠷ ᠡᠯ᠎ᠡ ᠵᠦᠢᠯ ᠤᠨ ᠡᠭᠦᠷᠭᠡ ᠶᠢᠨ ᠨᠠᠶᠢᠳᠠᠪᠤᠷᠢᠵᠢᠭᠤᠯᠤᠯᠲᠠ ᠶᠢ ᠲᠡᠷᠡ ᠶᠤᠰᠤᠭᠠᠷ ᠨᠢ ᠰᠠᠶᠢᠲᠤᠷ ᠠᠳᠬᠤᠬᠤ ᠬᠡᠷᠡᠭᠲᠡᠶ᠃ ᠪᠠᠶᠢᠴᠠᠭᠠᠨ ᠵᠠᠯᠠᠷᠠᠭᠤᠯᠵᠤ ᠴᠡᠭᠴᠡᠯᠡᠨ ᠰᠠᠶᠢᠵᠢᠷᠠᠭᠤᠯᠬᠤ ᠡᠨᠡ ᠬᠦ ᠭᠤᠤᠯ ᠭᠤᠭᠴᠤᠭ᠎ᠠ ᠶᠢᠨ ᠭᠤᠤᠯᠳᠠᠯᠭ᠎ᠠ ᠲᠠᠢ ᠡᠭᠦᠷᠭᠡ ᠶᠢ ᠴᠢᠩᠭ᠎ᠠ ᠡᠵᠡᠮᠳᠡᠵᠤ᠂ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠨ᠂ ᠴᠢᠩᠭ᠎ᠠ ᠪᠣᠳᠠᠲᠠᠶ ᠪᠠᠶᠢᠬᠤ ᠪᠠᠷᠢᠮᠵᠢᠶ᠎ᠠ ᠶᠢ ᠳᠣᠪᠤᠶᠢᠯᠭᠠᠵᠤ᠂ ᠠᠵᠢᠯ ᠤᠨ ᠠᠷᠭ᠎ᠠ ᠬᠡᠮᠵᠢᠶ᠎ᠡ ᠪᠠᠨ ᠨᠠᠷᠢᠯᠢᠬᠵᠢᠭᠤᠯᠤᠨ ᠪᠣᠳᠠᠲᠠᠶᠢᠵᠢᠭᠤᠯᠵᠤ᠂ ᠡᠯ᠎ᠡ ᠵᠦᠢᠯ ᠤᠨ ᠠᠵᠢᠯ ᠢᠶᠠᠨ ᠯᠠᠪᠳᠠᠭᠤᠨ ᠪᠥᠭᠡᠳ ᠡᠮᠬᠢ ᠵᠢᠷᠤᠮ ᠲᠠᠢ᠂ ᠯᠠᠪᠳᠠᠭᠤᠨ ᠪᠦᠭᠡᠳ ᠴᠢᠩᠭ᠎ᠠ ᠬᠦᠴᠦᠲᠡᠶ ᠰᠠᠶᠢᠲᠤᠷ ᠬᠢᠵᠦ᠂ ᠬᠥᠮᠦᠵᠢᠯ ᠴᠡᠭᠴᠡᠯᠡᠯᠲᠡ ᠶᠢ ᠭᠦᠨᠵᠡᠭᠡᠶᠢᠷᠡᠭᠦᠯᠦᠨ ᠪᠣᠳᠠᠲᠠᠶᠢᠵᠢᠭᠤᠯᠬᠤ ᠶᠢ ᠠᠬᠢᠭᠤᠯᠬᠤ ᠬᠡᠷᠡᠭᠲᠡᠶ᠃ ᠰᠤᠷᠤᠯᠴᠠᠯᠭ᠎ᠠ ᠬᠥᠮᠦᠵᠢᠯ ᠢ ᠦᠷᠭᠦᠯᠵᠢᠯᠡᠨ ᠲᠤᠪᠤᠶᠢᠮ᠎ᠠ ᠪᠠᠶᠢᠷᠢᠨ ᠳᠤ ᠲᠠᠯᠪᠢᠵᠤ᠂ ᠤᠯᠤᠰ ᠲᠦᠷᠦ ᠶᠢᠨ ᠬᠥᠮᠦᠵᠢᠯ᠂ ᠰᠡᠷᠡᠮᠵᠢᠯᠡᠭᠦᠯᠬᠦ ᠬᠥᠮᠦᠵᠢᠯ᠂ ᠪᠠᠭᠠᠲᠤᠷ ᠵᠢᠱᠢᠶᠡᠴᠢ ᠠᠴᠠ ᠰᠤᠷᠤᠯᠴᠠᠬᠤ ᠬᠥᠮᠦᠵᠢᠯ ᠢ ᠰᠠᠶᠢᠲᠤᠷ ᠠᠳᠬᠤᠬᠤ ᠶᠢ ᠪᠠᠶᠢᠴᠠᠭᠠᠨ ᠵᠠᠯᠠᠷᠠᠭᠤᠯᠵᠤ ᠴᠡᠭᠴᠡᠯᠡᠨ ᠰᠠᠶᠢᠵᠢᠷᠠᠭᠤᠯᠤᠯᠳᠠ ᠶᠢ ᠠᠬᠢᠭᠤᠯᠬᠤ ᠯᠤᠭ᠎ᠠ ᠣᠷᠭᠠᠨᠢᠭ ᠢᠶᠠᠷ ᠨᠡᠪᠲᠡᠷᠡᠯᠴᠡᠬᠦᠯᠤᠨ ᠭᠦᠨᠵᠡᠭᠡᠢ ᠠᠭᠤᠰᠤᠯᠴᠠᠭᠤᠯᠵᠤ᠂ ᠺᠠᠳ᠋ᠷ ᠴᠠᠭᠳᠠᠭ᠎ᠠ ᠶᠢᠨ ᠦᠵᠡᠯ ᠰᠠᠨᠠᠭᠠᠨ ᠤ ᠲᠠᠨᠢᠯᠲᠠ ᠶᠢᠨ ᠲᠦᠪᠰᠢᠨ ᠢ ᠲᠠᠰᠤᠷᠠᠯᠳᠠ ᠦᠭᠡᠢ ᠳᠡᠭᠡᠭᠰᠢᠯᠡᠭᠦᠯᠤᠨ᠂ ᠦᠵᠡᠯ ᠰᠠᠨᠠᠭᠠᠨ ᠤ ᠤᠬᠠᠮᠰᠠᠷ ᠢᠶᠠᠷ ᠦᠢᠯᠡ ᠠᠵᠢᠯᠯᠠᠭᠠᠨ ᠤ ᠤᠬᠠᠮᠰᠠᠷ ᠢ ᠬᠦᠳᠦᠯᠥᠨ ᠳᠠᠭᠠᠭᠤᠯᠵᠤ᠂ ᠰᠤᠷᠤᠯᠴᠠᠯᠭ᠎ᠠ ᠪᠠᠷ ᠪᠠᠶᠢᠴᠠᠭᠠᠯᠲᠠ ᠶᠢ ᠠᠬᠢᠭᠤᠯᠬᠤ᠂ ᠰᠤᠷᠤᠯᠴᠠᠯᠭ᠎ᠠ ᠪᠠᠷ ᠰᠠᠶᠢᠵᠢᠷᠠᠭᠤᠯᠤᠯᠳᠠ ᠶᠢ ᠠᠬᠢᠭᠤᠯᠬᠤ᠂ ᠰᠤᠷᠤᠯᠴᠠᠬᠤ ᠶᠢᠨ ᠳᠠᠭᠠᠤ ᠰᠠᠶᠢᠵᠢᠷᠠᠭᠤᠯᠬᠤ ᠶᠢ ᠪᠡᠶᠡᠯᠡᠭᠦᠯᠬᠦ ᠬᠡᠷᠡᠭᠲᠡᠢ᠃ ᠬᠢᠳᠤᠭᠠᠨ ᠢᠷ ᠢ ᠳᠣᠲᠣᠭᠰᠢ ᠬᠠᠨᠳᠤᠭᠤᠯᠬᠤ ᠡᠷᠡᠰ ᠬᠠᠳᠠᠭᠤ ᠵᠣᠷᠢᠭ ᠢᠶᠠᠷ ᠪᠦᠬᠦᠳᠠ ᠶᠢ ᠲᠦᠢᠳᠦᠭᠴᠢ ᠪᠦᠲᠦᠯ ᠦᠭᠡᠢ ᠠᠮᠢᠲᠠᠨ ᠢ ᠡᠷᠡᠰ ᠠᠷᠢᠯᠭᠠᠵᠤ᠂ ᠬᠤᠷᠢᠭᠠᠲᠤ ᠣᠷᠣᠨ ᠦᠭᠡᠢ᠂ ᠪᠦᠬᠦᠨ ᠢ ᠪᠦᠷᠬᠦᠬᠦᠯᠬᠦ᠂ ᠤᠬᠳᠤ ᠠᠭᠤᠴᠢᠯᠠᠬᠤ ᠦᠭᠡᠢ ᠪᠠᠶᠢᠬᠤ ᠶᠢ ᠪᠠᠷᠢᠮᠲᠠᠯᠠᠵᠤ᠂ ᠪᠠᠶᠢᠴᠠᠭᠠᠨ ᠰᠢᠢᠳᠪᠦᠷᠢᠯᠡᠬᠦ ᠭᠤᠣᠯᠳᠠᠯᠭ᠎ᠠ ᠶᠢ ᠲᠤᠪᠤᠶᠢᠯᠭᠠᠨ᠂ ᠰᠦᠪᠡᠭᠴᠢ ᠪᠠᠨ ᠬᠢᠨᠡᠨ ᠳᠤᠳᠤᠯᠠᠬᠤ ᠶᠢ ᠴᠢᠩᠭᠠᠳᠬᠠᠵᠤ᠂ ᠨᠠᠮ ᠳᠤ ᠦᠨᠡᠨᠴᠢ ᠰᠢᠳᠤᠷᠭᠤ ᠪᠤᠰᠤ︽ᠬᠤᠶᠠᠷ ᠨᠢᠭᠤᠷᠲᠠᠨ︾ ᠢ ᠡᠷᠡᠰ ᠴᠡᠪᠡᠷᠯᠡᠨ ᠪᠠᠶᠢᠴᠠᠭᠠᠵᠤ᠂ ᠬᠠᠷ᠎ᠠ ᠪᠦᠯᠦᠭᠲᠡᠨ ᠬᠠᠷᠭᠢᠰ ᠬᠦᠴᠦᠨ ᠤ ︽ᠬᠠᠮᠠᠭᠠᠯᠠᠭᠴᠢ ᠰᠢᠬᠦᠷ︾ ᠢ ᠲᠦᠢᠯᠪᠤᠷᠢᠲᠠᠢ ᠪᠠᠶᠢᠴᠠᠭᠠᠨ᠂ ᠬᠠᠤᠯᠢ ᠬᠡᠷᠡᠭᠵᠢᠭᠦᠯᠬᠦ ᠬᠠᠤᠯᠢ ᠪᠠᠷᠢᠬᠤ ᠲᠤᠮᠲᠠᠬᠢ ᠢᠯᠵᠡᠷᠡᠯ ᠢ ᠭᠦᠨᠵᠡᠭᠡᠢ ᠪᠠᠶᠢᠴᠠᠭᠠᠵᠤ᠂ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ ᠰᠠᠨᠠᠭ᠎ᠠ ᠪᠠᠨ ᠬᠤᠷᠢᠶᠠᠬᠤ ᠦᠭᠡᠢ ᠭᠠᠷ ᠢᠶᠠᠨ ᠲᠠᠲᠠᠬᠤ ᠦᠭᠡᠢ ᠪᠠᠶᠢᠬᠤ ᠢᠯᠵᠡᠷᠡᠯ ᠤᠨ ᠠᠵᠢᠯᠯᠠᠭ᠎ᠠ ᠶᠢ ᠴᠢᠩᠭ᠎ᠠ ᠪᠠᠶᠢᠴᠠᠭᠠᠵᠤ᠂ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡᠨ ᠤ ᠰᠢᠰᠲ᠋ᠧᠮ ᠢ ᠲᠠᠰᠤᠷᠠᠯᠳᠠ ᠦᠭᠡᠢ ᠠᠷᠢᠭᠤᠳᠬᠠᠨ ᠴᠡᠪᠡᠷᠰᠢᠬᠦᠯᠬᠦ ᠬᠡᠷᠡᠭᠲᠡᠢ᠃ ᠴᠢᠩᠭ᠎ᠠ ᠴᠣᠬᠢᠯᠲᠠ ᠥᠭᠴᠦ ᠬᠡᠮ ᠠᠷᠬᠠᠭ ᠢ ᠴᠡᠭᠴᠡᠯᠡᠨ ᠵᠠᠰᠠᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠰᠠᠶᠢᠲᠤᠷ ᠬᠢᠵᠦ ᠢᠯᠠᠯᠲᠠ ᠣᠯᠵᠤ᠂ ᠣᠯᠠᠨ ᠲᠦᠮᠡᠨ ᠤ ᠲᠤᠰᠬᠠᠯ ᠢᠶᠠᠷ ᠴᠢᠩᠭ᠎ᠠ᠂ ᠬᠠᠤᠯᠢ ᠬᠡᠷᠡᠭᠵᠢᠭᠦᠯᠬᠦ ᠬᠠᠤᠯᠢ ᠪᠠᠷᠢᠬᠤ ᠠᠵᠢᠯ ᠤᠨ ᠨᠡᠶᠢᠲᠡ ᠶᠢᠨ ᠢᠲᠡᠭᠡᠭᠦᠯᠬᠦ ᠬᠦᠴᠦᠨ ᠢ ᠨᠥᠯᠥᠭᠡᠯᠡᠵᠦ ᠪᠠᠶᠢᠭ᠎ᠠ ᠣᠯᠠᠨ ᠡᠭᠦᠰᠬᠦ ᠴᠢᠨᠠᠷᠲᠠᠶ᠂ ᠮᠤᠵᠢᠭᠤᠳᠠ ᠴᠢᠨᠠᠷᠲᠠᠶ᠂ ᠨᠡᠶᠢᠲᠡᠯᠢᠭ ᠴᠢᠨᠠᠷᠲᠠᠶ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠶᠡᠭᠡ ᠪᠠᠷ ᠵᠢᠭᠰᠠᠭᠠᠨ ᠪᠠᠶᠢᠴᠠᠭᠠᠬᠤ᠂ ᠶᠡᠭᠡ ᠪᠠᠷ ᠪᠠᠶᠢᠳᠠᠯ ᠢ ᠤᠢᠢᠯᠠᠭᠠᠬᠤ᠂ ᠶᠡᠭᠡ ᠪᠠᠷ ᠴᠡᠭᠴᠡᠯᠡᠨ ᠵᠠᠰᠠᠬᠤ ᠶᠢ ᠪᠥᠬᠦ ᠲᠠᠯ᠎ᠠ ᠪᠠᠷ ᠥᠷᠨᠢᠭᠦᠯᠵᠤ᠂ ᠠᠰᠠᠭᠤᠳᠠᠯ ᠢ ᠵᠢᠭᠰᠠᠭᠠᠨ ᠪᠠᠶᠢᠴᠠᠭᠠᠬᠤ ᠶᠢ ᠴᠢᠩᠭᠠᠳᠬᠠᠬᠤ᠂ ᠣᠨᠣᠴᠠᠲᠠᠶ ᠪᠠᠷ ᠠᠷᠭ᠎ᠠ ᠪᠣᠳᠣᠯᠭ᠎ᠠ ᠬᠡᠷᠡᠭᠵᠢᠭᠦᠯᠦᠨ ᠬᠠᠷᠠᠯᠳᠠ ᠲᠠᠢ ᠪᠠᠷ ᠵᠠᠰᠠᠬᠤ᠂ ᠦᠩᠭᠡᠨ ᠲᠠᠯ᠎ᠠ ᠪᠠ ᠦᠨᠳᠦᠰᠦᠨ ᠠᠴᠠ ᠨᠢ ᠵᠡᠷᠭᠡ ᠪᠠᠷ ᠵᠠᠰᠠᠬᠤ ᠶᠢ ᠭᠦᠨᠵᠡᠭᠡᠶᠢᠷᠡᠭᠦᠯᠬᠦ ᠳᠡᠭᠡᠷ᠎ᠡ ᠶᠡᠭᠡ ᠬᠦᠴᠦ ᠣᠷᠣᠭᠤᠯᠬᠤ ᠬᠡᠷᠡᠭᠲᠡᠶ᠃ ᠭᠡᠮ ᠠᠷᠬᠠᠭ ᠢ ᠴᠡᠭᠴᠡᠯᠡᠨ ᠵᠠᠰᠠᠬᠤ ᠶᠢ ᠨᠡᠭᠦᠷᠡᠰᠦᠨ ᠤ ᠡᠬᠢ ᠪᠠᠶᠠᠯᠢᠭ ᠤᠨ ᠬᠦᠷᠢᠶᠡᠨ ᠳᠠᠬᠢ ᠲᠦᠷᠢᠮ ᠲᠣᠭᠲᠠᠭᠠᠯ ᠠᠴᠠ ᠵᠥᠷᠢᠴᠡᠵᠦ ᠬᠠᠤᠯᠢ ᠠᠴᠠ ᠵᠥᠷᠢᠴᠡᠭᠰᠡᠨ ᠠᠰᠠᠭᠤᠳᠠᠯ ᠢ ᠵᠠᠰᠠᠬᠤ ᠶᠢ ᠪᠠᠶᠢᠩᠭᠤᠵᠢᠭᠤᠯᠬᠤ᠂ ᠭᠠᠵᠠᠷ ᠣᠷᠣᠨ ᠤ ᠤᠯᠤᠰ ᠲᠦᠷᠦ ᠶᠢᠨ ᠠᠮᠢ ᠠᠬᠤᠢ ᠶᠢ ᠴᠡᠪᠡᠷᠰᠢᠭᠦᠯᠬᠦ ᠵᠡᠷᠭᠡ ᠲᠠᠢ ᠣᠷᠭᠠᠨᠢᠭ ᠢᠶᠠᠷ ᠤᠶᠠᠯᠳᠤᠭᠤᠯᠵᠤ᠂ ᠨᠢᠭᠡ ᠴᠤᠬᠴᠠᠵᠢᠭᠤᠯᠤᠨ ᠬᠤᠯᠪᠣᠭᠠᠯᠠᠨ ᠠᠬᠢᠭᠤᠯᠵᠤ᠂ ᠶᠡᠷᠦᠩᠬᠡᠢ ᠳᠠᠶᠢᠯᠠᠯᠳᠤᠭᠠᠨ ᠢ ᠦᠨᠡᠨ ᠬᠦ ᠰᠠᠶᠢᠲᠤᠷ ᠬᠢᠬᠦ ᠬᠡᠷᠡᠭᠲᠡᠢ᠃ ᠲᠦᠷᠦ ᠶᠢᠨ ᠪᠤᠳᠤᠯᠭ᠎ᠠ ᠶᠢᠨ ᠱᠠᠭᠠᠷᠳᠠᠯᠭ᠎ᠠ ᠶᠢ ᠣᠨᠣᠪᠴᠢᠲᠠᠢ ᠡᠵᠡᠮᠳᠡᠨ᠂ ︽ᠥᠪᠡᠷ ᠢ ᠪᠠᠨ ᠪᠠᠶᠢᠴᠠᠭᠠᠪᠡᠯ ᠠᠭᠤᠴᠢᠯᠠᠨ ᠰᠢᠢᠳᠪᠤᠷᠢᠯᠡᠬᠦ︾ ᠶᠢᠨ ᠬᠦᠲᠦᠯᠦᠨ ᠵᠢᠯᠣᠭᠤᠳᠬᠤ ᠦᠢᠯᠡᠳᠦᠯ ᠪᠣᠯᠤᠨ ︽ᠪᠠᠶᠢᠴᠠᠭᠠᠭᠳᠠᠪᠡᠯ ᠴᠢᠩᠭ᠎ᠠ ᠰᠢᠢᠳᠬᠡᠬᠦ︾ ᠶᠢᠨ ᠭᠡᠳᠡᠷᠭᠦ ᠰᠢᠬᠠᠮᠳᠠᠭᠤᠯᠬᠤ ᠦᠢᠯᠡᠳᠦᠯ ᠢ ᠴᠢᠩᠭᠠᠳᠬᠠᠵᠤ᠂ ᠠᠭᠤᠴᠢᠯᠠᠬᠤ ᠪᠠ ᠴᠢᠩᠭ᠎ᠠ ᠰᠢᠢᠳᠬᠡᠬᠦ ᠶᠢ ᠵᠡᠷᠭᠡ ᠪᠠᠷ ᠬᠡᠷᠡᠭᠵᠢᠭᠦᠯᠬᠦ᠂ ᠠᠭᠤᠴᠢᠯᠠᠬᠤ ᠪᠠ ᠴᠢᠩᠭ᠎ᠠ ᠰᠢᠢᠳᠬᠡᠬᠦ ᠶᠢ ᠬᠡᠮ ᠬᠡᠮᠵᠢᠶ᠎ᠡ ᠲᠠᠢ ᠪᠠᠶᠢᠯᠭᠠᠬᠤ᠂ ᠠᠭᠤᠴᠢᠯᠠᠬᠤ ᠪᠠ ᠴᠢᠩᠭ᠎ᠠ ᠰᠢᠢᠳᠬᠡᠬᠦ ᠶᠢ ᠵᠣᠬᠢᠰᠲᠠᠢ ᠪᠠᠶᠢᠯᠭᠠᠬᠤ᠂ ᠣᠯᠠᠩᠬᠢ ᠲᠣᠭᠠᠲᠠᠨ ᠢ ᠬᠥᠮᠦᠵᠢᠭᠦᠯᠬᠦ᠂ ᠲᠦᠢᠯ ᠤᠨ ᠴᠥᠭᠡᠨ ᠲᠣᠭᠠᠲᠠᠨ ᠢ ᠵᠠᠯᠬᠠᠭᠠᠬᠤ ᠶᠢ ᠦᠨᠡᠨ ᠬᠦ ᠪᠡᠶᠡᠯᠡᠭᠦᠯᠵᠦ᠂ ᠤᠯᠤᠰ ᠲᠦᠷᠦ ᠶᠢᠨ ᠦᠷ᠎ᠡ ᠪᠦᠲᠦᠮᠵᠢ᠂ ᠰᠠᠬᠢᠯᠭ᠎ᠠ ᠪᠠᠲᠤ ᠬᠠᠤᠯᠢ ᠴᠠᠭᠠᠵᠠ ᠶᠢᠨ ᠦᠷ᠎ᠡ ᠪᠦᠲᠦᠮᠵᠢ᠂ ᠨᠡᠶᠢᠭᠡᠮ ᠤᠨ ᠦᠷ᠎ᠡ ᠪᠦᠲᠦᠮᠵᠢ ᠶᠢᠨ ᠣᠷᠭᠠᠨᠢᠭ ᠨᠢᠭᠡᠳᠦᠯ ᠢ ᠪᠡᠶᠡᠯᠡᠭᠦᠯᠬᠦ ᠬᠡᠷᠡᠭᠲᠡᠢ᠃ ᠠᠷᠭ᠎ᠠ ᠪᠤᠳᠤᠯᠭ᠎ᠠ ᠪᠠ ᠠᠷᠭ᠎ᠠ ᠬᠡᠮᠵᠢᠶ᠎ᠡ ᠶᠢ ᠠᠩᠬᠠᠷᠴᠤ᠂ ᠶᠠᠰᠤ ᠴᠢᠨᠠᠷ ᠪᠠ ᠦᠷ᠎ᠡ ᠪᠦᠲᠦᠮᠵᠢ ᠶᠢ ᠴᠢᠬᠤᠯᠠᠴᠢᠯᠠᠨ᠂ ︽ᠴᠢᠩᠭ᠎ᠠ ᠬᠠᠮᠢᠶᠠᠷᠬᠤ︾ ᠪᠠ ︽ᠬᠠᠶᠢᠷᠠᠯᠠᠨ ᠬᠠᠮᠠᠭᠠᠯᠠᠬᠤ︾᠂︽ᠪᠦᠬᠦ ᠲᠠᠯ᠎ᠠ︾ ᠪᠠ ︽ᠭᠤᠣᠯᠳᠠᠯᠭ᠎ᠠ︾᠂ ︽ᠠᠬᠢᠴᠠ︾ ᠪᠠ ︽ᠶᠠᠰᠤ ᠴᠢᠨᠠᠷ︾ ᠤᠨ ᠬᠠᠷᠢᠴᠠᠭ᠎ᠠ ᠶᠢ ᠰᠠᠶᠢᠲᠤᠷ ᠰᠢᠢᠳᠪᠦᠷᠢᠯᠡᠵᠦ᠂ ᠦᠨᠡᠨ ᠪᠣᠳᠠᠲᠠᠢ ᠦᠷ᠎ᠡ ᠪᠦᠲᠦᠮᠵᠢ ᠤᠯᠬᠤ ᠶᠢ ᠪᠠᠲᠤᠯᠠᠬᠤ ᠬᠡᠷᠡᠭᠲᠡᠢ ᠭᠡᠵᠤ ᠵᠢᠭᠠᠵᠤ ᠭᠠᠷᠭᠠᠪᠠ᠃      ᠱᠢ ᠲᠠᠢ ᠹᠧᠩ᠂ ᠵᠣᠬᠢᠶᠠᠨ ᠪᠠᠶᠢᠭᠤᠯᠵᠤ ᠤᠳᠤᠷᠢᠳᠬᠤ ᠪᠠᠨ ᠴᠢᠩᠭᠠᠳᠬᠠᠨ᠂ ᠬᠠᠷᠢᠭᠤᠴᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠬᠥᠮᠦᠵᠢᠯ ᠴᠡᠭᠴᠡᠯᠡᠯᠲᠡ ᠶᠢ ᠴᠢᠩᠭ᠎ᠠ ᠬᠦᠴᠦᠲᠡᠢ ᠮᠦᠷᠳᠡᠬᠡᠨ ᠡᠮᠬᠢ ᠵᠢᠷᠤᠮ ᠲᠠᠢ ᠪᠠᠷ ᠪᠦᠲᠦᠮᠵᠢᠲᠡᠢ ᠥᠷᠨᠢᠭᠦᠯᠬᠦ ᠶᠢ ᠪᠠᠲᠤᠯᠠᠬᠤ ᠬᠡᠷᠡᠭᠲᠡᠢ᠃ ᠡᠯ᠎ᠡ ᠱᠠᠲᠤᠨ ᠤ ᠨᠠᠮ ᠤᠨ ᠬᠤᠷᠢᠶ᠎ᠠ ︵ᠨᠠᠮ ᠤᠨ ᠤᠳᠤᠷᠢᠳᠬᠤ ᠳᠤᠭᠤᠶᠢᠯᠠᠩ︶ ᠭᠤᠣᠯ ᠴᠣᠭᠴᠠ ᠶᠢᠨ ᠬᠠᠷᠢᠭᠤᠴᠠᠯᠭ᠎ᠠ ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ᠂ ᠭᠤᠣᠯ ᠤᠳᠤᠷᠢᠳᠬᠤ ᠨᠥᠬᠦᠳ ᠨᠢᠭᠡᠳᠦᠭᠡᠷ ᠬᠠᠷᠢᠭᠤᠴᠠᠯᠭᠠᠲᠠᠨ ᠤ ᠬᠠᠷᠢᠭᠤᠴᠠᠯᠭ᠎ᠠ ᠶᠢ ᠡᠭᠦᠷᠭᠡᠯᠡᠨ᠂ ᠡᠯ᠎ᠡ ᠱᠠᠲᠤᠨ ᠤ ᠨᠠᠮ ᠤᠨ ᠬᠤᠷᠢᠶᠠᠨ ᠤ ᠤᠯᠤᠰ ᠲᠦᠷᠦ ᠬᠠᠤᠯᠢ ᠴᠠᠭᠠᠵᠠ ᠶᠢᠨ ᠬᠤᠷᠢᠶ᠎ᠠ᠂ ᠤᠯᠤᠰ ᠲᠦᠷᠦ ᠬᠠᠤᠯᠢ ᠴᠠᠭᠠᠵᠠ ᠶᠢᠨ ᠡᠯ᠎ᠡ ᠰᠠᠯᠠᠭ᠎ᠠ ᠮᠥᠴᠢᠷ ᠤᠨ ᠬᠢᠨ ᠰᠢᠭᠤᠳ ᠬᠠᠷᠢᠭᠤᠴᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠡᠯ᠎ᠡ ᠱᠠᠲᠤᠨ ᠤ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭ᠎ᠠ᠂ ᠵᠣᠬᠢᠶᠠᠨ ᠪᠠᠶᠢᠭᠤᠯᠬᠤ ᠰᠠᠯᠠᠭ᠎ᠠ ᠮᠥᠴᠢᠷ ᠤᠨ ᠬᠢᠨ ᠬᠠᠮᠵᠢᠯᠴᠠᠬᠤ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠤ᠂ ᠪᠠᠶᠢᠴᠠᠭᠠᠨ ᠵᠠᠯᠠᠷᠠᠭᠤᠯᠵᠤ ᠴᠡᠭᠴᠡᠯᠡᠨ ᠰᠠᠶᠢᠵᠢᠷᠠᠭᠤᠯᠬᠤ ᠭᠤᠭᠴᠣᠭᠠᠨ ᠤ ᠡᠯ᠎ᠡ ᠵᠦᠢᠯ ᠤᠨ ᠡᠭᠦᠷᠭᠡ ᠶᠢᠨ ᠨᠠᠶᠢᠳᠠᠪᠤᠷᠢᠵᠢᠭᠤᠯᠤᠯᠲᠠ ᠶᠢ ᠦᠨᠡᠨ ᠬᠦ ᠰᠠᠶᠢᠲᠤᠷ ᠠᠳᠬᠤᠬᠤ ᠬᠡᠷᠡᠭᠲᠡᠢ᠃ ᠡᠯ᠎ᠡ ᠱᠠᠲᠤᠨ ᠤ ᠬᠥᠮᠦᠵᠢᠯ ᠴᠡᠭᠴᠡᠯᠡᠯᠲᠡ ᠶᠢᠨ ᠤᠳᠤᠷᠢᠳᠬᠤ ᠳᠤᠭᠤᠶᠢᠯᠠᠩ ᠵᠢᠴᠢ ᠠᠯᠪᠠᠨ ᠭᠡᠷ ᠤᠨ ᠬᠢᠨ ᠡᠭᠦᠷᠭᠡ ᠴᠢᠳᠠᠪᠬᠢ ᠶᠢᠨ ᠦᠶ᠋ᠯᠡᠳᠦᠯ ᠢᠶᠠᠨ ᠭᠦᠢᠴᠡᠳ ᠪᠠᠳᠠᠷᠠᠭᠤᠯᠵᠤ᠂ ᠨᠢᠭᠡᠳᠦᠯᠲᠡᠶ ᠲᠥᠯᠥᠪᠵᠢᠬᠦᠯᠤᠨ ᠵᠣᠬᠢᠴᠠᠭᠤᠯᠬᠤ ᠪᠠᠨ ᠴᠢᠩᠭᠠᠳᠬᠠᠨ᠂ ᠲᠣᠬᠢᠷᠠᠭᠤᠯᠤᠨ ᠠᠬᠢᠭᠤᠯᠬᠤ ᠶᠢ ᠴᠢᠩᠭᠠᠳᠬᠠᠵᠤ᠂ ᠠᠵᠢᠯ ᠤᠨ ᠳᠤᠮᠳᠠᠬᠢ ᠳᠣᠪᠤᠶᠢᠮ᠎ᠠ ᠠᠰᠠᠭᠤᠳᠠᠯ ᠢ ᠴᠠᠭ ᠲᠤᠬᠠᠶ ᠳᠤᠨᠢ ᠰᠤᠳᠤᠯᠤᠨ ᠰᠢᠢᠳᠪᠦᠷᠢᠯᠡᠬᠦ ᠬᠡᠷᠡᠭᠲᠡᠶ᠃ ᠡᠯ᠎ᠡ ᠴᠡᠭ ᠲᠤ ᠰᠠᠭᠤᠭ᠎ᠠ ᠵᠢᠯᠣᠭᠤᠳᠬᠤ ᠳᠤᠭᠤᠶᠢᠯᠠᠩ ᠤᠨ ᠬᠢᠨ ᠨᠢᠭᠤᠷᠳᠠᠨ ᠵᠢᠯᠣᠭᠤᠳᠬᠤ ᠳᠠᠪᠠᠭᠤᠯᠢᠭ ᠢᠶᠠᠨ ᠪᠠᠳᠠᠷᠠᠭᠤᠯᠵᠤ᠂ ᠵᠢᠯᠣᠭᠤᠳᠤᠨ ᠵᠣᠬᠢᠴᠠᠭᠤᠯᠬᠤ᠂ ᠱᠠᠯᠠᠪᠳᠠᠭᠤᠯᠤᠨ ᠪᠠᠶᠢᠴᠠᠭᠠᠵᠤ ᠱᠠᠯᠠᠪᠳᠠᠭᠤᠯᠤᠨ ᠰᠢᠢᠳᠪᠦᠷᠢᠯᠡᠬᠦ ᠵᠡᠷᠭᠡ ᠠᠵᠢᠯ ᠢ ᠰᠠᠶᠢᠲᠤᠷ ᠬᠢᠬᠦ ᠬᠡᠷᠡᠭᠲᠡᠢ᠃ ᠬᠤᠯᠪᠣᠭᠳᠠᠯ ᠪᠥᠬᠦᠶ ᠲᠠᠯ᠎ᠠ ᠶᠢᠨ ᠬᠢᠨ ᠤᠬᠠᠭᠤᠯᠵᠤ ᠬᠥᠲᠥᠯᠥᠨ ᠵᠢᠯᠣᠭᠤᠳᠬᠤ ᠪᠠᠨ ᠴᠢᠩᠭᠠᠳᠬᠠᠨ᠂ ᠭᠤᠤᠯ ᠬᠥᠭ ᠠᠶᠠᠰ ᠢ ᠦᠷᠭᠦᠯᠵᠢᠯᠡᠨ ᠴᠢᠪᠬᠠᠳᠠᠵᠤ᠂ ᠢᠳᠡᠪᠬᠢ ᠬᠦᠴᠦᠨ ᠢ ᠳᠠᠮᠵᠢᠭᠤᠯᠬᠤ ᠬᠡᠷᠡᠭᠲᠡᠶ᠃ ᠡᠯ᠎ᠡ ᠭᠠᠵᠠᠷ ᠣᠷᠣᠨ ᠡᠯ᠎ᠡ ᠬᠤᠯᠪᠣᠭᠳᠠᠯ ᠪᠥᠬᠦᠶ ᠰᠠᠯᠠᠭ᠎ᠠ ᠮᠥᠴᠢᠷ ᠤᠨ ᠬᠢᠨ ᠨᠢᠭᠡᠳᠦᠯᠲᠡᠶ ᠲᠥᠯᠥᠪᠵᠢᠭᠦᠯᠵᠤ ᠨᠡᠶᠢᠲᠡ ᠳᠤᠨᠢ ᠬᠠᠷᠠᠭᠠᠯᠵᠠᠬᠤ ᠪᠠ ᠵᠣᠬᠢᠴᠠᠭᠤᠯᠤᠨ ᠠᠬᠢᠭᠤᠯᠬᠤ ᠶᠢ ᠪᠠᠷᠢᠮᠲᠠᠯᠠᠵᠤ᠂ ᠬᠤᠶᠠᠷ ᠲᠠᠯ᠎ᠠ ᠪᠠᠷ ᠠᠳᠬᠤᠵᠤ ᠬᠤᠶᠠᠷ ᠲᠠᠯ᠎ᠠ ᠪᠠᠷ ᠪᠦᠷ ᠴᠢᠩᠭ᠎ᠠ ᠪᠠᠶᠢᠬᠤ᠂ ᠬᠤᠶᠠᠷ ᠲᠠᠯ᠎ᠠ ᠶᠢ ᠥᠯᠥ ᠰᠠᠭᠠᠲᠠᠭᠠᠵᠤ ᠬᠤᠶᠠᠷ ᠲᠠᠯ᠎ᠠ ᠶᠢ ᠪᠦᠷ ᠠᠬᠢᠭᠤᠯᠬᠤ ᠶᠢ ᠪᠡᠶᠡᠯᠡᠭᠦᠯᠬᠦ ᠬᠡᠷᠡᠭᠲᠡᠶ ᠭᠡᠵᠤ ᠴᠢᠬᠤᠯᠠᠴᠢᠯᠠᠪᠠ᠃      ᠬᠤᠷᠠᠯ ᠢ ᠸᠢᠳᠢᠣ᠋ ᠬᠡᠯᠪᠡᠷᠢ ᠪᠠᠷ ᠬᠤᠷᠠᠯᠳᠤᠭᠤᠯᠪᠠ᠂ ᠥᠪᠡᠷᠲᠡᠭᠡᠨ ᠵᠠᠰᠠᠬᠤ ᠣᠷᠣᠨ ᠤ ᠤᠯᠤᠰ ᠲᠥᠷᠥ ᠬᠠᠤᠯᠢ ᠴᠠᠭᠠᠵᠠ ᠶᠢᠨ ᠡᠩᠨᠡᠭᠡᠨ ᠤ ᠬᠥᠮᠦᠵᠢᠯ ᠴᠡᠭᠴᠡᠯᠡᠯᠲᠡ ᠶᠢᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ᠂ ᠤᠳᠤᠷᠢᠳᠬᠤ ᠳᠤᠭᠤᠶᠢᠯᠠᠩ ᠤᠨ ᠠᠯᠪᠠᠨ ᠬᠡᠷ ᠤᠨ ᠳᠡᠳ᠋ ᠡᠷᠬᠢᠯᠡᠭᠴᠢ ᠭᠤᠤᠯ ᠬᠤᠷᠠᠯ ᠤᠨ ᠲᠠᠯᠠᠪᠠᠶ ᠳᠤ ᠬᠤᠷᠠᠯ ᠳᠤ ᠣᠷᠣᠯᠴᠠᠵᠤ᠂ ᠡᠯ᠎ᠡ ᠠᠶᠢᠮᠠᠭ ᠬᠤᠲᠠ ᠳᠤ ᠬᠤᠪᠢᠶᠠᠷᠢ ᠬᠤᠷᠠᠯ ᠤᠨ ᠲᠠᠯᠠᠪᠠᠶ ᠳᠣᠭᠢᠷᠠᠭᠤᠯᠵᠠᠢ᠃
ᠢᠷᠡᠯᠲᠡ᠄ ᠦᠪᠦᠷ ᠮᠣᠩᠭᠤᠯ ᠤᠨ ᠡᠳᠦᠷ ᠤᠨ ᠰᠤᠨᠢᠨ