︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠬᠠᠮᠢᠶᠠᠷᠤᠯᠲᠠ ᠶᠢᠨ ᠠᠷᠭ᠎ᠠ︾ ᠶᠢ ᠳᠠᠷᠤᠮᠠᠯᠯᠠᠨ ᠶᠠᠪᠤᠭᠤᠯᠬᠤ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠤᠨ ᠮᠡᠳᠡᠭᠳᠡᠯ
ᠨᠡᠶᠢᠲᠡᠯᠡᠭᠰᠡᠨ ᠴᠠᠭ᠄
2021/4/26
ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠤᠨ ᠪᠢᠴᠢᠭ ᠮᠠᠲ᠋ᠧᠷᠢᠶᠠᠯ                                ᠦᠪᠦᠷ ᠵᠠᠰᠠᠭ ᠠᠯᠪᠠᠨ ᠲᠠᠷᠬᠠᠭᠠᠭᠰᠠᠨ ﹇2021﹈ 5 ᠳ᠋ᠤᠭᠠᠷ ᠲᠣᠭᠠᠲᠤᠡᠯ᠎ᠡ ᠠᠶᠢᠮᠠᠭ ᠤᠨ ᠵᠠᠬᠢᠷᠭ᠎ᠠ᠂ ᠬᠤᠲᠠ ᠶᠢᠨ ᠠᠷᠠᠳ ᠤᠨ ᠵᠠᠰᠠᠭ ᠤᠨ ᠣᠷᠳᠣᠨ᠂ ᠥᠪᠡᠷᠲᠡᠭᠡᠨ ᠵᠠᠰᠠᠬᠤ ᠣᠷᠣᠨ ᠤ ᠡᠯ᠎ᠡ ᠵᠥᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠂ ᠡᠯ᠎ᠡ ᠲᠤᠮᠦ ᠠᠵᠤ ᠠᠬᠤᠶᠢᠯᠠᠯ᠂ ᠠᠵᠢᠯ ᠦᠢᠯᠡᠰ ᠤᠨ ᠨᠢᠭᠡᠴᠢ ᠳᠤ᠄      ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠬᠠᠮᠢᠶᠠᠷᠤᠯᠲᠠ ᠶᠢᠨ ᠠᠷᠭ᠎ᠠ︾ ᠶᠢ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠢᠶᠠᠷ ᠵᠥᠪᠰᠢᠶᠡᠷᠡᠭᠦᠯᠦᠭᠡᠳ᠂ ᠡᠳᠦᠭᠡ ᠲᠠ ᠨᠠᠷ ᠲᠤ ᠳᠠᠷᠤᠮᠠᠯᠯᠠᠨ ᠶᠠᠪᠤᠭᠤᠯᠤᠯ᠎ᠠ᠂ ᠪᠣᠳᠠᠲᠠᠶ ᠲᠠᠢ ᠪᠠᠨ ᠤᠶᠠᠯᠳᠤᠭᠤᠯᠤᠨ᠂ ᠬᠢᠨᠠᠮᠠᠭᠠᠶ ᠲᠤᠭᠤᠰᠢᠯᠠᠭᠤᠯᠤᠨ ᠨᠠᠶᠢᠳᠠᠪᠤᠷᠢᠵᠢᠭᠤᠯᠲᠤᠭᠠᠶ᠃                            2021 ᠣᠨ ᠤ 1 ᠳ᠋ᠦ᠋ᠭᠡᠷ ᠰᠠᠷ᠎ᠠ ᠶᠢᠨ 22 ᠤᠨ ᠡᠳᠦᠷ                            ︵ᠲᠤᠰ ᠪᠢᠴᠢᠭ ᠮᠠᠲ᠋ᠧᠷᠢᠶᠠᠯ ᠢ ᠢᠯᠡ ᠨᠡᠶᠢᠲᠡᠯᠡᠨ᠎ᠡ︶          ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠥᠷᠥᠯ ᠵᠦᠢᠯ ᠤᠨ ᠵᠠᠷᠤᠯᠭ᠎ᠠ ᠶᠢᠨ          ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠬᠠᠮᠢᠶᠠᠷᠤᠯᠲᠠ ᠶᠢᠨ ᠠᠷᠭ᠎ᠠ          ᠨᠢᠭᠡᠳᠦᠭᠡᠷ ᠪᠦᠯᠦᠭ  ᠶᠡᠷᠦᠩᠬᠡᠶ ᠳᠦᠷᠢᠮ      ᠨᠢᠭᠡᠳᠦᠭᠡᠷ ᠵᠦᠢᠯ  ᠲᠥᠰᠦᠪ ᠤᠨ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢ ᠪᠦᠬᠦ ᠲᠠᠯ᠎ᠠ ᠪᠠᠷ ᠬᠡᠷᠡᠭᠵᠢᠭᠦᠯᠵᠦ᠂ ᠡᠳ᠋ ᠤᠨ ᠵᠠᠰᠠᠭ ᠤᠨ ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠠᠵᠢᠯ ᠢ ᠵᠢᠷᠤᠮᠵᠢᠭᠤᠯᠤᠨ᠂ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠠᠵᠢᠯ ᠤᠨ ᠶᠠᠰᠤ ᠴᠢᠨᠠᠷ ᠪᠠ ᠬᠢᠷᠢ ᠲᠦᠪᠰᠢᠨ ᠢ ᠳᠡᠭᠡᠭᠰᠢᠯᠡᠭᠦᠯᠬᠦ ᠶᠢᠨ ᠲᠤᠰᠠᠳᠠ᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠥᠰᠦᠪ ᠤᠨ ᠬᠠᠤᠯᠢ︾ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠥᠰᠦᠪ ᠤᠨ ᠬᠠᠤᠯᠢ ᠶᠢ ᠬᠡᠷᠡᠭᠵᠢᠭᠦᠯᠬᠦ ᠳᠦᠷᠢᠮ︾ ︽ᠲᠥᠰᠦᠪ ᠤᠨ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢ ᠪᠦᠬᠦ ᠲᠠᠯ᠎ᠠ ᠪᠠᠷ ᠬᠡᠷᠡᠭᠵᠢᠭᠦᠯᠬᠦ ᠲᠤᠬᠠᠶ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠲᠥᠷᠥ ᠶᠢᠨ ᠶᠠᠪᠤᠳᠠᠯ ᠤᠨ ᠬᠤᠷᠢᠶᠠᠨ ᠤ ᠰᠠᠨᠠᠯ︾ ︵ᠲᠥᠪ ᠲᠠᠷᠬᠠᠭᠠᠭᠰᠠᠨ ﹇︹ 2018﹈ 34 ᠳ᠋ᠦ᠋ᠭᠡᠷ ᠲᠣᠭᠠᠲᠤ︶᠂ ︽︿ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠬᠠᠮᠢᠶᠠᠷᠤᠯᠲᠠ ᠶᠢᠨ ᠠᠷᠭ᠎ᠠ﹀ ᠶᠢ ᠳᠠᠷᠤᠮᠠᠯᠯᠠᠨ ᠶᠠᠪᠤᠭᠤᠯᠬᠤ ᠲᠤᠬᠠᠶ ᠡᠳ᠋ ᠤᠨ ᠵᠠᠰᠠᠭ ᠤᠨ ᠶᠠᠮᠤᠨ ᠤ ᠮᠡᠳᠡᠭᠳᠡᠯ︾ ︵ᠡᠳ᠋ ᠲᠥᠰᠦᠪ ﹇2020﹈ 10 ᠳ᠋ᠤᠭᠠᠷ ᠲᠣᠭᠠᠲᠤ︶ ᠵᠡᠷᠭᠡ ᠬᠤᠯᠪᠣᠭᠳᠠᠯ ᠪᠦᠬᠦᠢ ᠬᠠᠤᠯᠢ ᠴᠠᠭᠠᠵᠠ᠂ ᠲᠣᠭᠲᠠᠭᠠᠯ ᠳᠦᠷᠢᠮ ᠪᠠ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠦᠨᠳᠦᠰᠦᠯᠡᠨ᠂ ᠥᠪᠡᠷᠲᠡᠭᠡᠨ ᠵᠠᠰᠠᠬᠤ ᠣᠷᠣᠨ ᠤ ᠪᠣᠳᠠᠲᠠᠢ ᠲᠠᠢ ᠤᠶᠠᠯᠳᠤᠭᠤᠯᠵᠤ᠂ ᠲᠤᠰ ᠠᠷᠭ᠎ᠠ ᠶᠢ ᠲᠣᠭᠲᠠᠭᠠᠪᠠ᠃      ᠬᠤᠶᠠᠳᠤᠭᠠᠷ ᠵᠦᠢᠯ  ᠲᠣᠰ ᠠᠷᠭ᠎ᠠ ᠶᠢ ᠡᠩ ᠤᠨ ᠣᠯᠠᠨ ᠨᠡᠶᠢᠲᠡ ᠶᠢᠨ ᠲᠥᠰᠦᠪ᠂ ᠵᠠᠰᠠᠭ ᠤᠨ ᠣᠷᠳᠣᠨ ᠤ ᠴᠢᠨᠠᠷᠲᠠᠶ ᠰᠠᠭᠤᠷᠢ ᠮᠥᠩᠭᠦᠨ ᠤ ᠲᠥᠰᠦᠪ᠂ ᠤᠯᠤᠰ ᠤᠨ ᠥᠮᠴᠢᠯᠡᠯᠲᠦ ᠬᠥᠷᠥᠩᠭᠡ ᠶᠢᠨ ᠡᠵᠡᠩᠨᠡᠯᠲᠡ ᠶᠢᠨ ᠲᠥᠰᠦᠪ ᠢᠶᠠᠷ ᠳᠣᠭᠢᠷᠠᠭᠤᠯᠤᠭᠰᠠᠨ ᠲᠥᠷᠥᠯ ᠵᠦᠢᠯ ᠤᠨ ᠵᠠᠷᠤᠯᠭ᠎ᠠ ᠳᠤ ᠲᠣᠬᠢᠷᠠᠭᠤᠯᠤᠨ ᠬᠡᠷᠡᠭᠯᠡᠵᠦ᠂ ᠲᠥᠰᠦᠪ ᠤᠨ ᠪᠠᠯᠠ ᠮᠥᠩᠭᠦ ᠵᠢᠴᠢ ᠬᠠᠮᠢᠶ᠎ᠠ ᠪᠥᠬᠦᠶ ᠠᠵᠢᠯᠯᠠᠭ᠎ᠠ ᠲᠠᠢ ᠬᠤᠯᠪᠣᠭᠳᠠᠬᠤ ᠵᠠᠰᠠᠭ ᠤᠨ ᠣᠷᠳᠣᠨ ᠤ ᠪᠠᠯᠠ ᠣᠷᠣᠭᠤᠯᠤᠯᠲᠠ ᠶᠢᠨ ᠰᠠᠭᠤᠷᠢ ᠮᠥᠩᠭᠦ᠂ ᠡᠷᠬᠡ ᠮᠡᠳᠡᠯᠲᠦ ᠡᠳ᠋ ᠬᠥᠷᠥᠩᠭᠡ ᠶᠢᠨ ᠰᠠᠭᠤᠷᠢ ᠮᠥᠩᠭᠦ᠂ ᠵᠠᠰᠠᠭ ᠤᠨ ᠣᠷᠳᠣᠨ ᠪᠠ ᠨᠡᠶᠢᠭᠡᠮ ᠤᠨ ᠬᠥᠷᠥᠩᠭᠡ ᠶᠢᠨ ᠬᠠᠮᠲᠤᠷᠠᠯᠴᠠᠭ᠎ᠠ ︵PPP︶᠂ ᠵᠠᠰᠠᠭ ᠤᠨ ᠣᠷᠳᠣᠨ ᠦᠢᠯᠡᠴᠢᠯᠡᠭᠡ ᠬᠤᠳᠠᠯᠳᠤᠨ ᠠᠪᠬᠤ᠂ ᠵᠠᠰᠠᠭ ᠤᠨ ᠣᠷᠳᠣᠨ ᠤ ᠥᠷᠢ ᠥᠭᠴᠡᠭᠡ ᠶᠢᠨ ᠲᠥᠷᠥᠯ ᠵᠦᠢᠯ ᠵᠡᠷᠭᠡ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ᠳᠤ ᠲᠣᠰ ᠠᠷᠭ᠎ᠠ ᠶᠢ ᠯᠠᠪᠯᠠᠯᠲᠠ ᠪᠣᠯᠭᠠᠨ ᠬᠡᠷᠡᠭᠵᠢᠭᠦᠯᠵᠦ ᠪᠣᠯᠤᠨ᠎ᠠ᠃      ᠭᠤᠷᠪᠠᠳᠤᠭᠠᠷ ᠵᠦᠢᠯ  ᠲᠥᠷᠥᠯ ᠵᠦᠢᠯ ᠤᠨ ᠵᠠᠷᠤᠯᠭ᠎ᠠ ᠪᠣᠯ ᠰᠠᠯᠠᠭ᠎ᠠ ᠮᠥᠴᠢᠷ ᠤᠨ ᠵᠠᠷᠤᠯᠭ᠎ᠠ ᠶᠢᠨ ᠪᠦᠷᠢᠯᠳᠦᠬᠦᠨ ᠬᠡᠰᠡᠭ ᠪᠣᠯᠬᠤ ᠪᠥᠭᠡᠳ ᠡᠯ᠎ᠡ ᠰᠠᠯᠠᠭ᠎ᠠ ᠮᠥᠴᠢᠷ ᠪᠤᠶᠤ ᠨᠢᠭᠡᠴᠢ ᠶᠢᠨ ᠣᠨᠴᠠ ᠲᠣᠭᠲᠠᠭᠰᠠᠨ ᠵᠠᠰᠠᠭ ᠵᠠᠬᠢᠷᠭᠠᠨ ᠤ ᠠᠵᠢᠯ ᠤᠨ ᠡᠭᠦᠷᠭᠡ ᠪᠤᠶᠤ ᠠᠵᠢᠯ ᠦᠢᠯᠡᠰ ᠤᠨ ᠬᠥᠭᠵᠢᠯᠲᠡ ᠶᠢᠨ ᠬᠠᠷᠠᠯᠲᠠ ᠪᠠᠨ ᠪᠡᠶᠡᠯᠡᠭᠦᠯᠬᠦ ᠶᠢᠨ ᠲᠤᠰᠠᠳᠠ᠂ ᠦᠨᠳᠦᠰᠦᠨ ᠵᠠᠷᠤᠯᠭ᠎ᠠ ᠠᠴᠠ ᠭᠠᠳᠠᠨ᠎ᠠ ᠨᠠᠶᠢᠷᠠᠭᠤᠯᠵᠤ ᠵᠣᠬᠢᠶᠠᠭᠰᠠᠨ ᠣᠨ ᠤ ᠲᠥᠷᠥᠯ ᠵᠦᠢᠯ ᠤᠨ ᠵᠠᠷᠤᠯᠭ᠎ᠠ ᠪᠣᠯᠤᠨ᠎ᠠ᠃ ᠡᠭᠦᠨ ᠳᠤ ᠦᠨᠳᠦᠰᠦᠨ ᠪᠦᠳᠦᠭᠡᠨ ᠪᠠᠶᠢᠭᠤᠯᠤᠯᠲᠠ ᠶᠢᠨ ᠲᠦᠷᠦᠯ ᠵᠦᠢᠯ᠂ ᠬᠤᠯᠪᠣᠭᠳᠠᠯ ᠪᠦᠬᠦᠢ ᠠᠵᠢᠯ ᠦᠢᠯᠡᠰ ᠤᠨ ᠬᠥᠭᠵᠢᠯᠲᠡ ᠶᠢᠨ ᠲᠤᠰᠬᠠᠢ ᠲᠥᠯᠥᠪᠯᠡᠭᠡ᠂ ᠢᠨᠵᠧᠨᠧᠷᠢᠩ᠂ ᠰᠠᠭᠤᠷᠢ ᠮᠥᠩᠭᠦᠨ ᠤ ᠲᠦᠷᠦᠯ ᠵᠦᠢᠯ᠂ ᠲᠤᠰᠬᠠᠢ ᠲᠤᠬᠠᠶᠢᠯᠠᠭᠰᠠᠨ ᠠᠵᠢᠯ ᠤᠨ ᠲᠦᠷᠦᠯ ᠵᠦᠢᠯ᠂ ᠲᠤᠮᠤ ᠬᠡᠪᠴᠢᠶᠡᠨ ᠤ ᠰᠡᠯᠪᠢᠨ ᠵᠠᠰᠠᠯᠲᠠ᠂ ᠶᠡᠭᠡ ᠬᠡᠮᠵᠢᠶ᠎ᠡ ᠪᠠᠷ ᠬᠤᠳᠠᠯᠳᠤᠨ ᠠᠪᠬᠤ᠂ ᠲᠤᠮᠤ ᠬᠡᠪᠴᠢᠶᠡᠨ ᠤ ᠬᠤᠷᠠᠯ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠲᠤᠰᠬᠠᠢ ᠲᠦᠷᠦᠯ ᠵᠦᠢᠯ᠂ ᠲᠠᠷᠢᠶᠠᠯᠠᠩ ᠤᠨ ᠶᠡᠷᠦᠩᠬᠡᠶᠢᠯᠡᠭᠰᠡᠨ ᠨᠡᠭᠡᠭᠡᠨ ᠬᠥᠭᠵᠢᠯᠲᠡ᠂ ᠲᠦᠷᠦ ᠶᠢᠨ ᠪᠤᠳᠤᠯᠭ᠎ᠠ ᠶᠢᠨ ᠴᠢᠨᠠᠷᠲᠠᠢ ᠨᠡᠮᠡᠭᠦᠷᠢ᠂ ᠭᠠᠳᠠᠭᠠᠳᠤ ᠳᠤ ᠲᠤᠰᠠᠯᠠᠮᠵᠢ ᠦᠵᠡᠭᠦᠯᠬᠦ᠂ ᠬᠥᠭᠵᠢᠭᠡᠳᠦᠢ ᠭᠠᠵᠠᠷ ᠣᠷᠣᠨ ᠢ ᠲᠤᠰᠠᠯᠠᠬᠤ ᠵᠡᠷᠭᠡ ᠲᠥᠷᠥᠯ ᠵᠦᠢᠯ ᠪᠠᠭᠲᠠᠨ᠎ᠠ᠃      ᠳᠥᠷᠪᠡᠳᠦᠭᠡᠷ ᠵᠦᠢᠯ  ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ︵ᠳᠣᠷᠣᠭᠰᠢ ᠠᠮᠵᠢᠯᠲᠠ ᠪᠦᠲᠦᠮᠵᠢ ᠶᠢᠨ ᠦᠨᠡᠯᠡᠯᠲᠡ ᠭᠡᠵᠦ ᠲᠣᠪᠴᠢᠯᠠᠨ᠎ᠠ︶ ᠭᠡᠳᠡᠭ ᠨᠢ ᠡᠳ᠋ ᠤᠨ ᠵᠠᠰᠠᠭ ᠤᠨ ᠰᠠᠯᠠᠭ᠎ᠠ ᠮᠥᠴᠢᠷ᠂ ᠲᠥᠰᠦᠪ ᠬᠢᠵᠦ ᠪᠦᠬᠦᠢ ᠰᠠᠯᠠᠭ᠎ᠠ ᠮᠥᠴᠢᠷ ᠪᠠ ᠨᠢᠭᠡᠴᠢ ᠨᠦᠭᠦᠳ ᠲᠣᠭᠲᠠᠭᠠᠭᠰᠠᠨ ᠠᠮᠵᠢᠯᠲᠠ ᠪᠦᠲᠦᠮᠵᠢ ᠶᠢᠨ ᠬᠠᠷᠠᠯᠲᠠ ᠪᠠᠨ ᠦᠨᠳᠦᠰᠦᠯᠡᠨ᠂ ᠲᠥᠷᠥᠯ ᠵᠦᠢᠯ ᠤᠨ ᠵᠠᠷᠤᠯᠭ᠎ᠠ ᠶᠢᠨ ᠠᠵᠤ ᠠᠬᠤᠢ ᠶᠢᠨ ᠴᠢᠨᠠᠷ᠂ ᠦᠷ᠎ᠡ ᠪᠦᠲᠦᠮᠵᠢ ᠶᠢᠨ ᠴᠢᠨᠠᠷ᠂ ᠦᠷ᠎ᠡ ᠠᠰᠢᠭ ᠤᠨ ᠴᠢᠨᠠᠷ ᠪᠠ ᠡᠷᠬᠡ ᠲᠡᠭᠰᠢ ᠶᠢᠨ ᠴᠢᠨᠠᠷ ᠢ ᠪᠤᠰᠤᠳᠴᠢ ᠪᠥᠭᠡᠳ ᠭᠤᠣᠯᠴᠢ ᠪᠠᠷ ᠬᠡᠮᠵᠢᠬᠦ᠂ ᠵᠠᠳᠠᠯᠬᠤ ᠪᠠ ᠦᠨᠡᠯᠡᠬᠦ ᠶᠢ ᠵᠢᠭᠠᠵᠤ ᠪᠤᠶ᠃      ᠲᠠᠪᠤᠳᠤᠭᠠᠷ ᠵᠦᠢᠯ  ᠲᠤᠰ ᠠᠷᠭ᠎ᠠ ᠳᠤ ᠬᠡᠯᠡᠵᠦ ᠪᠠᠶᠢᠭ᠎ᠠ ᠠᠮᠵᠢᠯᠲᠠ ᠪᠦᠲᠦᠮᠵᠢ ᠶᠢᠨ ᠦᠨᠡᠯᠡᠯᠲᠡ ᠳᠤ ᠨᠢᠭᠡᠴᠢ ᠶᠢᠨ ᠥᠪᠡᠷᠰᠡᠳ ᠤᠨ ᠦᠨᠡᠯᠡᠯᠲᠡ᠂ ᠰᠠᠯᠠᠭ᠎ᠠ ᠮᠥᠴᠢᠷ ᠤᠨ ᠦᠨᠡᠯᠡᠯᠲᠡ ᠪᠠ ᠡᠳ᠋ ᠤᠨ ᠵᠠᠰᠠᠭ ᠤᠨ ᠦᠨᠡᠯᠡᠯᠲᠡ ᠪᠠᠭᠲᠠᠨ᠎ᠠ᠃ ᠨᠢᠭᠡᠴᠢ ᠶᠢᠨ ᠥᠪᠡᠷᠰᠡᠳ ᠤᠨ ᠦᠨᠡᠯᠡᠯᠲᠡ ᠭᠡᠳᠡᠭ ᠪᠣᠯ ᠲᠥᠷᠥᠯ ᠵᠦᠢᠯ ᠤᠨ ᠨᠢᠭᠡᠴᠢ ᠨᠢ ᠬᠤᠯᠪᠣᠭᠳᠠᠯ ᠪᠦᠬᠦᠢ ᠲᠣᠭᠲᠠᠭᠠᠯ ᠪᠠ ᠱᠠᠭᠠᠷᠳᠠᠯᠭ᠎ᠠ ᠶᠣᠰᠣᠭᠠᠷ ᠠᠮᠵᠢᠯᠲᠠ ᠪᠦᠲᠦᠮᠵᠢ ᠶᠢᠨ ᠬᠠᠷᠠᠯᠲᠠ ᠶᠢ ᠪᠡᠶᠡᠯᠡᠭᠦᠯᠦᠭᠰᠡᠨ ᠪᠠᠶᠢᠳᠠᠯ ᠳᠤ ᠪᠠᠨ ᠥᠪᠡᠷᠰᠡᠳ ᠢᠶᠠᠨ ᠦᠨᠡᠯᠡᠯᠲᠡ ᠬᠢᠬᠦ ᠶᠢ ᠵᠢᠭᠠᠵᠤ ᠪᠤᠶ᠃ ᠰᠠᠯᠠᠭ᠎ᠠ ᠮᠥᠴᠢᠷ ᠤᠨ ᠦᠨᠡᠯᠡᠯᠲᠡ ᠭᠡᠳᠡᠭ ᠪᠣᠯ ᠡᠯ᠎ᠡ ᠱᠠᠲᠤᠨ ᠤ ᠲᠥᠰᠦᠪ ᠬᠢᠵᠦ ᠪᠦᠬᠦᠢ ᠰᠠᠯᠠᠭ᠎ᠠ ᠮᠥᠴᠢᠷ ᠨᠢ ᠬᠠᠮᠢᠶ᠎ᠠ ᠪᠦᠬᠦᠢ ᠱᠠᠭᠠᠷᠳᠠᠯᠭ᠎ᠠ ᠶᠢ ᠦᠨᠳᠦᠰᠦᠯᠡᠨ᠂ ᠠᠮᠵᠢᠯᠲᠠ ᠪᠦᠲᠦᠮᠵᠢ ᠳᠤ ᠦᠨᠡᠯᠡᠯᠲᠡ ᠬᠢᠬᠦ ᠰᠢᠨᠵᠢᠯᠡᠬᠦ ᠤᠬᠠᠭᠠᠨᠴᠢ᠂ ᠵᠦᠢ ᠵᠣᠬᠢᠰᠲᠠᠶ ᠭᠦᠢᠴᠡᠳᠬᠡᠯ ᠲᠤᠭ᠎ᠠ᠂ ᠦᠨᠡᠯᠡᠬᠦ ᠪᠠᠷᠢᠮᠵᠢᠶ᠎ᠠ ᠪᠠ ᠦᠨᠡᠯᠡᠬᠦ ᠠᠷᠭ᠎ᠠ ᠶᠢ ᠬᠡᠷᠡᠭᠯᠡᠨ ᠲᠤᠰ ᠰᠠᠯᠠᠭ᠎ᠠ ᠮᠥᠴᠢᠷ ᠤᠨ ᠲᠥᠷᠥᠯ ᠵᠦᠢᠯ ᠳᠤ ᠪᠠᠨ ᠵᠣᠬᠢᠶᠠᠨ ᠪᠠᠶᠢᠭᠤᠯᠵᠤ ᠥᠷᠨᠢᠭᠦᠯᠦᠭᠰᠡᠨ ᠠᠮᠵᠢᠯᠲᠠ ᠪᠦᠲᠦᠮᠵᠢ ᠶᠢᠨ ᠦᠨᠡᠯᠡᠯᠲᠡ ᠶᠢ ᠵᠢᠭᠠᠵᠤ ᠪᠤᠶ᠃ ᠡᠳ᠋ ᠤᠨ ᠵᠠᠰᠠᠭ ᠤᠨ ᠦᠨᠡᠯᠡᠯᠲᠡ ᠭᠡᠳᠡᠭ ᠪᠣᠯ ᠡᠳ᠋ ᠤᠨ ᠵᠠᠰᠠᠭ ᠤᠨ ᠰᠠᠯᠠᠭ᠎ᠠ ᠮᠥᠴᠢᠷ ᠨᠢ ᠲᠥᠰᠦᠪ ᠬᠢᠵᠦ ᠪᠦᠬᠦᠢ ᠰᠠᠯᠠᠭ᠎ᠠ ᠮᠥᠴᠢᠷ ᠤᠨ ᠲᠥᠷᠥᠯ ᠵᠦᠢᠯ ᠳᠤ ᠵᠣᠬᠢᠶᠠᠨ ᠪᠠᠶᠢᠭᠤᠯᠵᠤ ᠥᠷᠨᠢᠭᠦᠯᠦᠭᠰᠡᠨ ᠠᠮᠵᠢᠯᠲᠠ ᠪᠦᠲᠦᠮᠵᠢ ᠶᠢᠨ ᠦᠨᠡᠯᠡᠯᠲᠡ ᠶᠢ ᠵᠢᠭᠠᠵᠤ ᠪᠤᠶ᠃      ᠤᠯᠤᠰ ᠤᠨ ᠥᠮᠴᠢᠯᠡᠯᠲᠦ ᠬᠥᠷᠥᠩᠭᠡ ᠶᠢᠨ ᠡᠵᠡᠩᠨᠡᠯᠲᠡ ᠶᠢᠨ ᠲᠥᠰᠦᠪ ᠬᠢᠵᠦ ᠪᠦᠬᠦᠢ ᠨᠢᠭᠡᠴᠢ ᠶᠢᠨ ᠪᠡᠯᠡ ᠭᠠᠷᠭᠠᠭᠴᠢ ᠶᠢᠨ ᠡᠭᠦᠷᠭᠡ ᠬᠠᠷᠢᠭᠤᠴᠠᠯᠭ᠎ᠠ ︵ᠭᠤᠣᠯᠴᠢᠯᠠᠨ ᠬᠠᠮᠢᠶᠠᠷᠬᠤ︶ ᠶᠢ ᠭᠦᠢᠴᠡᠳᠬᠡᠬᠦ ᠰᠠᠯᠠᠭ᠎ᠠ ᠮᠥᠴᠢᠷ ᠨᠢ ᠬᠢᠨᠠᠨ ᠬᠠᠮᠢᠶᠠᠷᠴᠤ ᠪᠦᠬᠦᠢ ᠠᠵᠤ ᠠᠬᠤᠶᠢᠯᠠᠯ ᠤᠨ ᠲᠥᠷᠥᠯ ᠵᠦᠢᠯ ᠳᠤ ᠵᠣᠬᠢᠶᠠᠨ ᠪᠠᠶᠢᠭᠤᠯᠵᠤ ᠥᠷᠨᠢᠭᠦᠯᠦᠭᠰᠡᠨ ᠠᠮᠵᠢᠯᠲᠠ ᠪᠦᠲᠦᠮᠵᠢ ᠶᠢᠨ ᠦᠨᠡᠯᠡᠯᠲᠡ ᠶᠢ ᠰᠠᠯᠠᠭ᠎ᠠ ᠮᠥᠴᠢᠷ ᠤᠨ ᠦᠨᠡᠯᠡᠯᠲᠡ ᠶᠢᠨ ᠬᠡᠪᠴᠢᠶᠡᠨ ᠳᠤ ᠣᠷᠣᠭᠤᠯᠬᠤ ᠬᠡᠷᠡᠭᠲᠡᠶ᠃      ᠵᠢᠷᠭᠤᠳᠤᠭᠠᠷ ᠵᠦᠢᠯ  ᠠᠵᠢᠯ ᠤᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠬᠤᠭᠤᠴᠠᠭ᠎ᠠ ᠬᠢᠵᠠᠭᠠᠷ ᠲᠤ᠂ ᠤᠷᠲᠤᠪᠲᠤᠷ ᠬᠤᠭᠤᠴᠠᠭ᠎ᠠ ᠵᠢᠴᠢ ᠲᠥᠷᠥᠯ ᠵᠦᠢᠯ ᠤᠨ ᠬᠤᠭᠤᠴᠠᠭ᠎ᠠ ᠳᠠᠭᠤᠰᠤᠭᠰᠠᠨ ᠤ ᠳᠠᠷᠠᠭᠠᠬᠢ ᠴᠠᠭ ᠬᠤᠭᠤᠴᠠᠭ᠎ᠠ ᠶᠢ ᠪᠠᠭᠲᠠᠭᠠᠨ᠎ᠠ︔ 5 ᠵᠢᠯ ︵ᠪᠠᠭᠲᠠᠨ᠎ᠠ︶ ᠠᠴᠠ ᠤᠷᠲᠤ ᠬᠡᠷᠡᠭᠵᠢᠭᠦᠯᠬᠦ ᠬᠤᠭᠤᠴᠠᠭ᠎ᠠ ᠲᠠᠢ ᠲᠥᠷᠥᠯ ᠵᠦᠢᠯ ᠳᠤ ᠤᠷᠲᠤᠪᠲᠤᠷ ᠬᠤᠭᠤᠴᠠᠭᠠᠨ ᠤ ᠪᠠ ᠬᠡᠷᠡᠭᠵᠢᠭᠦᠯᠦᠭᠰᠡᠨ ᠬᠤᠭᠤᠴᠠᠭᠠᠨ ᠤ ᠳᠠᠷᠠᠭᠠᠬᠢ ᠠᠮᠵᠢᠯᠲᠠ ᠪᠦᠲᠦᠮᠵᠢ ᠶᠢᠨ ᠦᠨᠡᠯᠡᠯᠲᠡ ᠶᠢ ᠴᠠᠭ ᠲᠤ ᠨᠢ ᠲᠣᠬᠢᠷᠠᠭᠤᠯᠤᠨ ᠥᠷᠨᠢᠭᠦᠯᠬᠦ ᠬᠡᠷᠡᠭᠲᠡᠶ᠃         ᠬᠤᠶᠠᠳᠤᠭᠠᠷ ᠪᠦᠯᠦᠭ  ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠵᠠᠷᠴᠢᠮ᠂ ᠦᠨᠳᠦᠰᠦᠯᠡᠯ ᠪᠠ ᠪᠠᠷᠢᠮᠵᠢᠶ᠎ᠠ      ᠳᠣᠯᠣᠳᠤᠭᠠᠷ ᠵᠦᠢᠯ  ᠠᠮᠵᠢᠯᠲᠠ ᠪᠦᠲᠦᠮᠵᠢ ᠶᠢᠨ ᠦᠨᠡᠯᠡᠯᠲᠡ ᠳᠤ ᠳᠣᠤᠷᠠᠬᠢ ᠦᠨᠳᠦᠰᠦᠨ ᠵᠠᠷᠴᠢᠮ ᠢ ᠵᠢᠷᠤᠮᠯᠠᠬᠤ ᠬᠡᠷᠡᠭᠲᠡᠶ᠄      ︵ᠨᠢᠭᠡ︶ ᠰᠢᠨᠵᠢᠯᠡᠬᠦ ᠤᠬᠠᠭᠠᠨᠴᠢ ᠪᠥᠭᠡᠳ ᠲᠥᠪ ᠭᠤᠣᠯᠴᠢ ᠪᠠᠶᠢᠬᠤ᠃ ᠠᠮᠵᠢᠯᠲᠠ ᠪᠦᠲᠦᠮᠵᠢ ᠶᠢᠨ ᠦᠨᠡᠯᠡᠯᠲᠡ ᠳᠤ ᠰᠢᠨᠵᠢᠯᠡᠬᠦ ᠤᠬᠠᠭᠠᠨᠴᠢ ᠵᠦᠢ ᠵᠣᠬᠢᠰᠲᠠᠶ ᠠᠷᠭ᠎ᠠ ᠶᠢ ᠬᠡᠷᠡᠭᠯᠡᠨ᠂ ᠵᠢᠷᠤᠮᠵᠢᠭᠰᠠᠨ ᠳᠡᠰ ᠳᠠᠷᠠᠭᠠᠯᠠᠯ ᠶᠣᠰᠣᠭᠠᠷ ᠲᠥᠷᠥᠯ ᠵᠦᠢᠯ ᠤᠨ ᠠᠮᠵᠢᠯᠲᠠ ᠪᠦᠲᠦᠮᠵᠢ ᠶᠢ ᠪᠤᠰᠤᠳᠴᠢ ᠪᠥᠭᠡᠳ ᠭᠤᠣᠯᠴᠢ ᠪᠠᠷ ᠲᠤᠰᠬᠠᠬᠤ ᠬᠡᠷᠡᠭᠲᠡᠶ︔      ︵ᠬᠤᠶᠠᠷ︶ ᠨᠢᠭᠡᠳᠦᠯᠲᠡᠶ ᠲᠥᠯᠥᠪᠯᠡᠨ ᠨᠡᠶᠢᠲᠡ ᠳᠤ ᠨᠢ ᠬᠠᠷᠠᠭᠠᠯᠵᠠᠬᠤ᠃ ᠨᠢᠭᠡᠴᠢ ᠶᠢᠨ ᠥᠪᠡᠷᠰᠡᠳ ᠤᠨ ᠦᠨᠡᠯᠡᠯᠲᠡ᠂ ᠰᠠᠯᠠᠭ᠎ᠠ ᠮᠥᠴᠢᠷ ᠪᠠ ᠡᠳ᠋ ᠤᠨ ᠵᠠᠰᠠᠭ ᠤᠨ ᠦᠨᠡᠯᠡᠯᠲᠡ ᠳᠤ ᠡᠭᠦᠷᠭᠡ ᠬᠠᠷᠢᠭᠤᠴᠠᠯᠭ᠎ᠠ ᠶᠢ ᠨᠢ ᠲᠣᠳᠣᠷᠬᠠᠢ ᠲᠣᠭᠲᠠᠭᠠᠨ᠂ ᠲᠤᠰ ᠲᠤᠰ ᠲᠤ ᠨᠢ ᠭᠤᠣᠯᠳᠠᠯᠭ᠎ᠠ ᠲᠠᠢ ᠪᠠᠶᠢᠯᠭᠠᠵᠤ᠂ ᠬᠠᠷᠢᠯᠴᠠᠨ ᠵᠣᠯᠭᠠᠯᠳᠤᠭᠤᠯᠬᠤ ᠬᠡᠷᠡᠭᠲᠡᠢ᠃ ᠨᠢᠭᠡᠴᠢ ᠶᠢᠨ ᠥᠪᠡᠷᠰᠡᠳ ᠤᠨ ᠦᠨᠡᠯᠡᠯᠲᠡ ᠶᠢ ᠪᠣᠯ ᠲᠥᠷᠥᠯ ᠵᠦᠢᠯ ᠤᠨ ᠨᠢᠭᠡᠴᠢ ᠨᠢ ᠥᠪᠡᠷᠰᠡᠳ ᠢᠶᠠᠨ ᠪᠡᠶ᠎ᠡ ᠪᠠᠨ ᠳᠠᠭᠠᠭᠠᠵᠤ ᠬᠡᠷᠡᠭᠵᠢᠭᠦᠯᠬᠦ ᠬᠡᠷᠡᠭᠲᠡᠶ᠂ ᠰᠠᠯᠠᠭ᠎ᠠ ᠮᠥᠴᠢᠷ ᠤᠨ ᠦᠨᠡᠯᠡᠯᠲᠡ ᠪᠠ ᠡᠳ᠋ ᠤᠨ ᠵᠠᠰᠠᠭ ᠤᠨ ᠦᠨᠡᠯᠡᠯᠲᠡ ᠶᠢ ᠪᠣᠯ ᠨᠢᠭᠡᠴᠢ ᠶᠢᠨ ᠥᠪᠡᠷᠰᠡᠳ ᠤᠨ ᠦᠨᠡᠯᠡᠯᠲᠡ ᠶᠢᠨ ᠰᠠᠭᠤᠷᠢᠨ ᠳᠡᠭᠡᠷ᠎ᠡ ᠥᠷᠨᠢᠭᠦᠯᠬᠦ ᠬᠡᠷᠡᠭᠲᠡᠶ᠂ ᠴᠢᠬᠤᠯᠠᠲᠠᠶ ᠦᠶ᠎ᠡ ᠳᠤ ᠭᠤᠷᠪᠠᠳᠠᠬᠢ ᠡᠲᠡᠭᠡᠳ ᠤᠨ ᠪᠠᠶᠢᠭᠤᠯᠤᠮᠵᠢ ᠳᠤ ᠨᠠᠶᠢᠳᠠᠨ ᠬᠡᠷᠡᠭᠵᠢᠭᠦᠯᠵᠦ ᠪᠣᠯᠤᠨ᠎ᠠ︔      ︵ᠭᠤᠷᠪᠠ︶ ᠤᠷᠮᠠᠰᠢᠭᠤᠯᠬᠤ ᠪᠠ ᠬᠢᠵᠠᠭᠠᠷᠯᠠᠬᠤ᠃ ᠠᠮᠵᠢᠯᠲᠠ ᠪᠦᠲᠦᠮᠵᠢ ᠶᠢ ᠦᠨᠡᠯᠡᠭᠰᠡᠨ ᠦᠷ᠎ᠡ ᠳ᠋ᠦᠩ ᠬᠢᠭᠡᠳ ᠲᠥᠰᠦᠪ ᠤᠨ ᠲᠣᠬᠢᠷᠠᠭᠤᠯᠤᠯᠲᠠ᠂ ᠲᠥᠷᠥ ᠶᠢᠨ ᠪᠣᠳᠣᠯᠭ᠎ᠠ ᠶᠢᠨ ᠲᠣᠬᠢᠷᠠᠭᠤᠯᠤᠯᠲᠠ᠂ ᠬᠠᠯᠠᠨ ᠰᠠᠶᠢᠵᠢᠷᠠᠭᠤᠯᠬᠤ ᠬᠠᠮᠢᠶᠠᠷᠤᠯᠲᠠ ᠶᠢᠨ ᠮᠥᠨ ᠴᠢᠨᠠᠷ ᠯᠤᠭ᠎ᠠ ᠬᠤᠯᠪᠣᠭᠳᠠᠭᠤᠯᠵᠤ᠂ ᠰᠠᠶᠢᠨ ᠢ ᠨᠢ ᠱᠠᠩᠨᠠᠵᠤ ᠠᠨᠠᠢ ᠶᠢ ᠨᠢ ᠲᠣᠷᠭᠠᠬᠤ ᠪᠠ ᠤᠷᠮᠠᠰᠢᠭᠤᠯᠬᠤ ᠪᠠᠨ ᠵᠣᠬᠢᠴᠠᠯᠳᠤᠭᠤᠯᠤᠭᠰᠠᠨ ᠤᠳᠤᠷᠢᠳᠤᠮᠵᠢ ᠶᠢ ᠢᠯᠡᠷᠡᠭᠦᠯᠦᠨ᠂ ᠦᠷ᠎ᠡ ᠪᠦᠲᠦᠮᠵᠢ ᠲᠠᠢ ᠪᠣᠯ ᠲᠣᠬᠢᠷᠠᠭᠤᠯᠵᠤ᠂ ᠦᠷ᠎ᠡ ᠪᠦᠲᠦᠮᠵᠢ ᠨᠢ ᠳᠣᠣᠷ᠎ᠠ ᠪᠣᠯ ᠪᠠᠭᠠᠰᠬᠠᠵᠤ᠂ ᠦᠷ᠎ᠡ ᠪᠦᠲᠦᠮᠵᠢ ᠦᠭᠡᠶ ᠪᠣᠯ ᠬᠠᠷᠢᠭᠤᠴᠠᠯᠭ᠎ᠠ ᠬᠡᠯᠡᠯᠴᠡᠬᠦ ᠬᠡᠷᠡᠭᠲᠡᠶ︔      ︵ᠳᠥᠷᠪᠡ︶ ᠢᠯᠡ ᠲᠣᠳᠣ ᠪᠠᠶᠢᠯᠭᠠᠬᠤ᠃ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠦᠷ᠎ᠡ ᠳ᠋ᠦᠩ ᠢ ᠬᠠᠤᠯᠢ ᠲᠣᠭᠲᠠᠭᠠᠯ ᠶᠣᠰᠣᠭᠠᠷ ᠢᠯᠡ ᠪᠣᠯᠭᠠᠬᠤ ᠶᠢᠨ ᠬᠠᠮᠲᠤ᠂ ᠨᠡᠶᠢᠭᠡᠮ ᠤᠨ ᠬᠢᠨᠠᠯᠲᠠ ᠶᠢ ᠤᠬᠠᠮᠰᠠᠷ ᠠᠴᠠ ᠪᠠᠨ ᠬᠦᠯᠢᠶᠡᠬᠦ ᠬᠡᠷᠡᠭᠲᠡᠢ᠃      ᠨᠠᠢᠮᠠᠳᠤᠭᠠᠷ ᠵᠦᠢᠯ  ᠠᠮᠵᠢᠯᠲᠠ ᠪᠦᠲᠦᠮᠵᠢ ᠶᠢᠨ ᠦᠨᠡᠯᠡᠯᠲᠡ ᠬᠢᠬᠦ ᠭᠤᠣᠯ ᠦᠨᠳᠦᠰᠦᠯᠡᠯ᠄      ︵ᠨᠢᠭᠡ︶ ᠤᠯᠤᠰ ᠤᠨ ᠬᠠᠮᠢᠶ᠎ᠠ ᠪᠦᠬᠦᠢ ᠬᠠᠤᠯᠢ ᠴᠠᠭᠠᠵᠠ᠂ ᠬᠠᠤᠯᠢ ᠲᠣᠭᠲᠠᠭᠠᠯ ᠪᠠ ᠲᠣᠭᠲᠠᠭᠠᠯ ᠳᠦᠷᠢᠮ︔      ︵ᠬᠤᠶᠠᠷ︶ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶᠠᠨ ᠤ ᠴᠢᠬᠤᠯᠠ ᠶᠡᠭᠡ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ᠂ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠬᠠᠷᠠᠯᠲᠠ︔ ᠥᠪᠡᠷᠲᠡᠭᠡᠨ ᠵᠠᠰᠠᠬᠤ ᠣᠷᠣᠨ ᠤ ᠡᠯ᠎ᠡ ᠱᠠᠲᠤᠨ ᠤ ᠨᠠᠮ ᠤᠨ ᠬᠤᠷᠢᠶ᠎ᠠ ᠪᠠ ᠵᠠᠰᠠᠭ ᠤᠨ ᠣᠷᠳᠣᠨ ᠤ ᠭᠤᠣᠯᠳᠠᠯᠭ᠎ᠠ ᠲᠠᠢ ᠠᠵᠢᠯ ᠤᠨ ᠲᠣᠬᠢᠷᠠᠭᠤᠯᠤᠯᠲᠠ᠂ ᠭᠤᠣᠯᠳᠠᠯᠭ᠎ᠠ ᠲᠠᠢ ᠡᠭᠦᠷᠭᠡ ᠱᠠᠭᠠᠷᠳᠠᠯᠭ᠎ᠠ ᠵᠢᠴᠢ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠬᠠᠷᠠᠯᠲᠠ︔      ︵ᠭᠤᠷᠪᠠ︶ ᠰᠠᠯᠠᠭ᠎ᠠ ᠮᠥᠴᠢᠷ ᠤᠨ ᠡᠭᠦᠷᠭᠡ ᠬᠠᠷᠢᠭᠤᠴᠠᠯᠭ᠎ᠠ ᠶᠢᠨ ᠬᠠᠮᠢᠶ᠎ᠠ ᠪᠦᠬᠦᠢ ᠲᠣᠭᠲᠠᠭᠠᠯ︔      ︵ᠳᠥᠷᠪᠡ︶ ᠬᠠᠮᠢᠶ᠎ᠠ ᠪᠦᠬᠦᠢ ᠠᠵᠢᠯ ᠲᠥᠷᠥᠯ ᠤᠨ ᠲᠥᠷᠥ ᠶᠢᠨ ᠪᠣᠳᠣᠯᠭ᠎ᠠ᠂ ᠠᠵᠢᠯ ᠲᠥᠷᠥᠯ ᠤᠨ ᠪᠠᠷᠢᠮᠵᠢᠶ᠎ᠠ᠂ ᠠᠵᠢᠯ ᠲᠥᠷᠥᠯ ᠤᠨ ᠲᠥᠯᠥᠪᠵᠢᠭᠦᠯᠭᠡ ᠵᠢᠴᠢ ᠲᠤᠰᠬᠠᠶ ᠮᠡᠷᠭᠡᠵᠢᠯ ᠤᠨ ᠵᠢᠷᠤᠮᠵᠢᠯ︔      ︵ᠲᠠᠪᠤ︶ ᠲᠥᠰᠦᠪ ᠤᠨ ᠬᠠᠮᠢᠶᠠᠷᠤᠯᠲᠠ ᠶᠢᠨ ᠳᠦᠷᠢᠮ ᠵᠢᠴᠢ ᠠᠷᠭ᠎ᠠ᠂ ᠲᠥᠷᠥᠯ ᠵᠦᠢᠯ ᠵᠢᠴᠢ ᠪᠡᠯᠡ ᠮᠥᠩᠭᠦᠨ ᠤ ᠬᠠᠮᠢᠶᠠᠷᠤᠯᠲᠠ ᠶᠢᠨ ᠠᠷᠭ᠎ᠠ᠂ ᠡᠳ᠋ ᠤᠨ ᠶᠠᠪᠤᠳᠠᠯ ᠪᠠ ᠨᠢᠭᠲᠠᠯᠠᠨ ᠪᠣᠳᠣᠬᠤ ᠶᠢᠨ ᠮᠠᠲ᠋ᠧᠷᠢᠶᠠᠯ︔      ︵ᠵᠢᠷᠭᠤᠭ᠎ᠠ︶ ᠲᠥᠷᠥᠯ ᠵᠦᠢᠯ ᠪᠠᠶᠢᠭᠤᠯᠬᠤ ᠲᠥᠷᠥ ᠶᠢᠨ ᠪᠣᠳᠣᠯᠭ᠎ᠠ ᠶᠢᠨ ᠦᠨᠳᠦᠰᠦᠯᠡᠯ ᠪᠠ ᠬᠠᠷᠠᠯᠲᠠ᠂ ᠲᠥᠷᠥᠯ ᠵᠦᠢᠯ ᠢ ᠴᠣᠬᠤᠯᠠᠪᠤᠷᠢᠯᠠᠭᠰᠠᠨ ᠪᠢᠴᠢᠭ ᠮᠠᠲ᠋ᠧᠷᠢᠶᠠᠯ᠂ ᠲᠥᠰᠦᠪ ᠢ ᠭᠦᠢᠴᠡᠳᠬᠡᠭᠰᠡᠨ ᠪᠠᠶᠢᠳᠠᠯ᠂ ᠣᠨ ᠤ ᠲᠥᠰᠦᠪ ᠤᠨ ᠭᠦᠢᠴᠡᠳᠬᠡᠯ ᠤᠨ ᠮᠡᠳᠡᠭᠦᠯᠦᠯᠲᠡ᠂ ᠲᠥᠷᠥᠯ ᠵᠦᠢᠯ ᠤᠨ ᠲᠥᠰᠦᠪ ᠤᠨ ᠭᠦᠢᠴᠡᠳᠬᠡᠯ ᠪᠤᠶᠤ ᠰᠢᠯᠭᠠᠨ ᠬᠤᠷᠢᠶᠠᠵᠤ ᠠᠪᠤᠭᠰᠠᠨ ᠬᠤᠷᠢᠶᠠᠭᠰᠠᠨ ᠮᠡᠳᠡᠭᠦᠯᠦᠯᠲᠡ ᠵᠡᠷᠭᠡ ᠬᠠᠮᠢᠶ᠎ᠠ ᠪᠥᠬᠦᠶ ᠮᠠᠲ᠋ᠧᠷᠢᠶᠠᠯ︔      ︵ᠳᠤᠯᠤᠭ᠎ᠠ︶ ᠲᠤᠰ ᠱᠠᠲᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠬᠢᠨᠠᠨ ᠪᠠᠶᠢᠴᠠᠭᠠᠭᠰᠠᠨ ᠦᠷ᠎ᠡ ᠳ᠋ᠦᠩ ᠤᠨ ᠮᠡᠳᠡᠭᠦᠯᠦᠯᠲᠡ᠂ ᠬᠢᠨᠠᠨ ᠪᠤᠳᠤᠭᠰᠠᠨ ᠮᠡᠳᠡᠭᠦᠯᠦᠯᠲᠡ ᠵᠢᠴᠢ ᠲᠣᠭᠲᠠᠭᠠᠯ᠂ ᠡᠳ᠋ ᠤᠨ ᠵᠠᠰᠠᠭ ᠤᠨ ᠬᠢᠨᠠᠵᠤ ᠲᠤᠯᠭᠠᠨ ᠬᠠᠷᠭᠤᠭᠤᠯᠤᠭᠰᠠᠨ ᠮᠡᠳᠡᠭᠦᠯᠦᠯᠲᠡ ᠵᠡᠷᠭᠡ︔      ︵ᠨᠠᠢᠮᠠ︶ ᠪᠤᠰᠤᠳ ᠬᠠᠮᠢᠶ᠎ᠠ ᠪᠦᠬᠦᠢ ᠮᠠᠲ᠋ᠧᠷᠢᠶᠠᠯ᠃      ᠶᠢᠰᠦᠳᠦᠭᠡᠷ ᠵᠦᠢᠯ  ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠪᠠᠷᠢᠮᠵᠢᠶ᠎ᠠ ᠶᠢ ᠭᠤᠤᠯᠳᠠᠭᠤ ᠠᠮᠵᠢᠯᠲᠠ ᠪᠦᠲᠦᠮᠵᠢ ᠶᠢᠨ ᠭᠦᠢᠴᠡᠳᠬᠡᠯ ᠲᠤᠭ᠎ᠠ ᠶᠢ ᠪᠡᠶᠡᠯᠡᠭᠦᠯᠦᠭᠰᠡᠨ ᠪᠠᠶᠢᠳᠠᠯ ᠢ ᠬᠠᠷᠢᠴᠠᠭᠤᠯᠬᠤ ᠳᠤ ᠬᠡᠷᠡᠭᠯᠡᠨ᠎ᠡ᠂ ᠡᠭᠦᠨ ᠳᠤ ᠳᠣᠣᠷᠠᠬᠢ ᠵᠦᠢᠯᠡᠰ ᠪᠠᠭᠲᠠᠨ᠎ᠠ᠄      ︵ᠨᠢᠭᠡ︶ ᠲᠥᠯᠥᠪᠯᠡᠭᠡ ᠶᠢᠨ ᠪᠠᠷᠢᠮᠵᠢᠶ᠎ᠠ᠃ ᠡᠨᠡ ᠨᠢ ᠤᠷᠢᠳᠴᠢᠯᠠᠵᠤ ᠲᠣᠭᠲᠠᠭᠠᠭᠰᠠᠨ ᠬᠠᠷᠠᠯᠲᠠ᠂ ᠲᠥᠯᠥᠪᠯᠡᠭᠡ᠂ ᠲᠥᠰᠦᠪ᠂ ᠲᠣᠭᠲᠠᠭᠰᠠᠨ ᠨᠣᠷᠮ᠎ᠠ ᠵᠡᠷᠭᠡ ᠪᠠᠷ ᠦᠨᠡᠯᠡᠯᠲᠡ ᠶᠢᠨ ᠪᠠᠷᠢᠮᠵᠢᠶ᠎ᠠ ᠪᠣᠯᠭᠠᠬᠤ ᠶᠢ ᠵᠢᠭᠠᠵᠤ ᠪᠠᠶᠢᠨ᠎ᠠ︔      ︵ᠬᠤᠶᠠᠷ︶ ᠠᠵᠢᠯ ᠲᠥᠷᠥᠯ ᠤᠨ ᠪᠠᠷᠢᠮᠵᠢᠶ᠎ᠠ᠃ ᠤᠯᠤᠰ ᠠᠴᠠ ᠨᠡᠶᠢᠲᠡᠯᠡᠭᠰᠡᠨ ᠠᠵᠢᠯ ᠲᠥᠷᠥᠯ ᠤᠨ ᠭᠦᠢᠴᠡᠳᠬᠡᠯ ᠲᠣᠭᠠᠨ ᠤ ᠲᠤᠭ᠎ᠠ ᠪᠠᠷᠢᠮᠲᠠ ᠪᠠᠷ ᠯᠠᠪᠯᠠᠯᠲᠠ ᠪᠣᠯᠭᠠᠵᠤ ᠲᠣᠭᠲᠠᠭᠠᠭᠰᠠᠨ ᠦᠨᠡᠯᠡᠯᠲᠡ ᠶᠢᠨ ᠪᠠᠷᠢᠮᠵᠢᠶ᠎ᠠ ᠶᠢ ᠵᠢᠭᠠᠵᠤ ᠪᠠᠶᠢᠨ᠎ᠠ︔      ︵ᠭᠤᠷᠪᠠ︶ ᠥᠩᠭᠡᠷᠡᠭᠰᠡᠨ ᠤ ᠪᠠᠷᠢᠮᠵᠢᠶ᠎ᠠ᠃ ᠥᠩᠭᠡᠷᠡᠭᠰᠡᠨ ᠤ ᠲᠤᠭ᠎ᠠ ᠪᠠᠷᠢᠮᠲᠠ ᠪᠠᠷ ᠯᠠᠪᠯᠠᠯᠲᠠ ᠪᠣᠯᠭᠠᠵᠤ ᠲᠣᠭᠲᠠᠭᠠᠭᠰᠠᠨ ᠦᠨᠡᠯᠡᠯᠲᠡ ᠶᠢᠨ ᠪᠠᠷᠢᠮᠵᠢᠶ᠎ᠠ ᠶᠢ ᠵᠢᠭᠠᠵᠤ ᠪᠣᠢ᠂ ᠠᠮᠵᠢᠯᠲᠠ ᠪᠦᠲᠦᠮᠵᠢ ᠶᠢᠨ ᠰᠠᠶᠢᠵᠢᠷᠠᠯᠲᠠ ᠶᠢ ᠢᠯᠡᠳᠬᠡᠬᠦ ᠶᠢᠨ ᠵᠠᠷᠴᠢᠮ ᠢ ᠢᠯᠡᠳᠬᠡᠬᠦ ᠶᠢᠨ ᠲᠣᠰᠠᠳᠠ᠂ ᠪᠡᠶᠡᠯᠡᠭᠦᠯᠵᠦ ᠪᠣᠯᠬᠤ ᠨᠥᠬᠦᠴᠡᠯ ᠳᠤ ᠬᠠᠷᠢᠴᠠᠩᠭᠤᠶ ᠨᠡᠯᠢᠶᠡᠳ ᠥᠨᠳᠥᠷ ᠦᠨᠡᠯᠡᠯᠲᠡ ᠶᠢᠨ ᠪᠠᠷᠢᠮᠵᠢᠶ᠎ᠠ ᠲᠣᠭᠲᠠᠭᠠᠪᠠᠰᠤ ᠵᠣᠬᠢᠨ᠎ᠠ︔      ︵ᠳᠥᠷᠪᠡ︶ ᠡᠳ᠋ ᠤᠨ ᠵᠠᠰᠠᠭ ᠤᠨ ᠰᠠᠯᠠᠭ᠎ᠠ ᠮᠥᠴᠢᠷ ᠪᠣᠯᠤᠨ ᠲᠥᠰᠦᠪ ᠬᠢᠵᠦ ᠪᠦᠬᠦᠢ ᠰᠠᠯᠠᠭ᠎ᠠ ᠮᠥᠴᠢᠷ ᠤᠨ ᠬᠠᠮᠢᠶ᠎ᠠ ᠪᠦᠬᠦᠢ ᠲᠣᠭᠲᠠᠭᠠᠯ ᠶᠣᠰᠣᠭᠠᠷ ᠨᠤᠲᠠᠯᠠᠭᠰᠠᠨ ᠪᠤᠶᠤ ᠵᠥᠪᠰᠢᠶᠡᠷᠡᠭᠰᠡᠨ ᠪᠤᠰᠤᠳ ᠪᠠᠷᠢᠮᠵᠢᠶ᠎ᠠ᠃         ᠭᠤᠷᠪᠠᠳᠤᠭᠠᠷ ᠪᠦᠯᠦᠭ  ᠨᠢᠭᠡᠴᠢ ᠶᠢᠨ ᠥᠪᠡᠷᠰᠡᠳ ᠤᠨ ᠦᠨᠡᠯᠡᠯᠲᠡ ᠶᠢ ᠵᠣᠬᠢᠶᠠᠨ ᠪᠠᠶᠢᠭᠤᠯᠵᠤ ᠬᠡᠷᠡᠭᠵᠢᠭᠦᠯᠬᠦ      ᠠᠷᠪᠠᠳᠤᠭᠠᠷ ᠵᠦᠢᠯ  ᠨᠢᠭᠡᠴᠢ ᠶᠢᠨ ᠥᠪᠡᠷᠰᠡᠳ ᠤᠨ ᠦᠨᠡᠯᠡᠯᠲᠡ ᠬᠢᠬᠦ ᠡᠲᠡᠭᠡᠳ ᠲᠤ ᠵᠠᠰᠠᠭ ᠤᠨ ᠣᠷᠳᠣᠨ ᠤ ᠲᠥᠰᠦᠪ ᠤᠨ ᠬᠠᠮᠢᠶᠠᠷᠤᠯᠲᠠ ᠳᠤ ᠣᠷᠣᠭᠤᠯᠤᠭᠰᠠᠨ ᠪᠤᠶ ᠪᠦᠬᠦᠢ ᠲᠥᠷᠥᠯ ᠵᠦᠢᠯ ᠤᠨ ᠵᠠᠷᠤᠯᠭ᠎ᠠ ᠶᠢ ᠪᠠᠭᠲᠠᠭᠠᠨ᠎ᠠ᠂ ︽ᠬᠡᠨ ᠵᠠᠷᠤᠴᠠᠭᠤᠯᠪᠠᠯ ᠲᠡᠷᠡ ᠥᠪᠡᠷᠰᠡᠳ ᠢᠶᠠᠨ ᠦᠨᠡᠯᠡᠬᠦ︾ ᠵᠠᠷᠴᠢᠮ ᠶᠣᠰᠣᠭᠠᠷ᠂ ᠥᠪᠡᠷᠰᠡᠳ ᠤᠨ ᠦᠨᠡᠯᠡᠯᠲᠡ ᠶᠢᠨ ᠠᠵᠢᠯ ᠢ ᠲᠥᠷᠥᠯ ᠵᠦᠢᠯ ᠤᠨ ᠨᠢᠭᠡᠴᠢ ᠨᠢ ᠪᠣᠳᠠᠲᠠᠶ ᠬᠠᠷᠢᠭᠤᠴᠠᠨ ᠬᠡᠷᠡᠭᠵᠢᠭᠦᠯᠬᠦ ᠬᠡᠷᠡᠭᠲᠡᠢ᠃      ᠠᠷᠪᠠᠨ ᠨᠢᠭᠡᠳᠦᠭᠡᠷ ᠵᠦᠢᠯ  ᠨᠢᠭᠡᠴᠢ ᠶᠢᠨ ᠥᠪᠡᠷᠰᠡᠳ ᠤᠨ ᠦᠨᠡᠯᠡᠯᠲᠡ ᠶᠢᠨ ᠠᠭᠤᠯᠭ᠎ᠠ ᠳᠤ ᠭᠤᠣᠯᠳᠠᠭᠤ᠄ ᠲᠥᠷᠥᠯ ᠵᠦᠢᠯ ᠤᠨ ᠶᠡᠷᠦᠩᠬᠡᠶ ᠠᠮᠵᠢᠯᠲᠠ ᠪᠦᠲᠦᠮᠵᠢ ᠶᠢᠨ ᠬᠠᠷᠠᠯᠲᠠ᠂ ᠡᠯ᠎ᠡ ᠵᠦᠢᠯ ᠤᠨ ᠠᠮᠵᠢᠯᠲᠠ ᠪᠦᠲᠦᠮᠵᠢ ᠶᠢᠨ ᠭᠦᠢᠴᠡᠳᠬᠡᠯ ᠲᠤᠭ᠎ᠠ ᠶᠢ ᠪᠡᠶᠡᠯᠡᠭᠦᠯᠦᠭᠰᠡᠨ ᠪᠠᠶᠢᠳᠠᠯ ᠵᠢᠴᠢ ᠲᠥᠰᠦᠪ ᠢ ᠭᠦᠢᠴᠡᠳᠬᠡᠭᠰᠡᠨ ᠪᠠᠶᠢᠳᠠᠯ ᠪᠠᠭᠲᠠᠨ᠎ᠠ᠃ ᠠᠮᠵᠢᠯᠲᠠ ᠪᠦᠲᠦᠮᠵᠢ ᠶᠢᠨ ᠬᠠᠷᠠᠯᠲᠠ ᠪᠠᠨ ᠪᠡᠶᠡᠯᠡᠭᠦᠯᠦᠭᠰᠡᠨ ᠦᠭᠡᠶ ᠪᠤᠶᠤ ᠠᠮᠵᠢᠯᠲᠠ ᠪᠦᠲᠦᠮᠵᠢ ᠶᠢᠨ ᠬᠠᠷᠠᠯᠲᠠ ᠠᠴᠠ ᠪᠠᠨ ᠨᠡᠯᠢᠶᠡᠳ ᠶᠡᠭᠡ ᠵᠠᠶᠢᠳᠠᠭᠰᠠᠨ ᠲᠥᠷᠥᠯ ᠵᠦᠢᠯ ᠳᠤ ᠰᠢᠯᠲᠠᠭᠠᠨ ᠢ ᠨᠢ ᠵᠠᠳᠠᠯᠬᠤ ᠶᠢᠨ ᠬᠠᠮᠲᠤ ᠲᠡᠭᠦᠨ ᠢ ᠲᠣᠳᠣᠷᠬᠠᠶᠢᠯᠠᠵᠤ᠂ ᠬᠠᠯᠠᠨ ᠰᠠᠶᠢᠵᠢᠷᠠᠭᠤᠯᠬᠤ ᠠᠷᠭ᠎ᠠ ᠬᠡᠮᠵᠢᠶ᠎ᠡ ᠶᠢ ᠪᠠᠨ ᠰᠤᠳᠤᠯᠤᠨ ᠳᠤᠷᠠᠳᠬᠤ ᠬᠡᠷᠡᠭᠲᠡᠶ᠃      ᠠᠷᠪᠠᠨ ᠬᠤᠶᠠᠳᠤᠭᠠᠷ ᠵᠦᠢᠯ  ᠨᠢᠭᠡᠴᠢ ᠶᠢᠨ ᠥᠪᠡᠷᠰᠡᠳ ᠤᠨ ᠦᠨᠡᠯᠡᠯᠲᠡ ᠶᠢᠨ ᠭᠦᠢᠴᠡᠳᠬᠡᠯ ᠲᠤᠭ᠎ᠠ ᠪᠣᠯ ᠲᠥᠰᠦᠪ ᠢ ᠴᠣᠬᠤᠯᠠᠪᠤᠷᠢᠯᠠᠬᠤ ᠳᠤ ᠲᠣᠭᠲᠠᠭᠠᠭᠰᠠᠨ ᠠᠮᠵᠢᠯᠲᠠ ᠪᠦᠲᠦᠮᠵᠢ ᠶᠢᠨ ᠭᠦᠢᠴᠡᠳᠬᠡᠯ ᠲᠤᠭ᠎ᠠ ᠪᠤᠶᠤ ᠳᠡᠭᠡᠳᠦ ᠱᠠᠲᠤᠨ ᠤ ᠲᠤᠰᠬᠠᠶ ᠪᠡᠯᠡ ᠮᠥᠩᠭᠦ ᠶᠢ ᠭᠤᠶᠤᠴᠢᠯᠠᠬᠤ ᠳᠤ ᠲᠣᠭᠲᠠᠭᠠᠭᠰᠠᠨ ᠠᠮᠵᠢᠯᠲᠠ ᠪᠦᠲᠦᠮᠵᠢ ᠶᠢᠨ ᠭᠦᠢᠴᠡᠳᠬᠡᠯ ᠲᠤᠭ᠎ᠠ ᠪᠣᠯᠤᠨ᠎ᠠ᠂ ᠡᠭᠦᠨ ᠳᠤ ᠲᠥᠷᠥᠯ ᠵᠦᠢᠯ ᠤᠨ ᠦᠢᠯᠡᠳᠪᠦᠷᠢᠯᠡᠵᠦ ᠭᠠᠷᠭᠠᠭᠰᠠᠨ ᠬᠡᠮᠵᠢᠶ᠎ᠡ᠂ ᠶᠠᠰᠤ ᠴᠢᠨᠠᠷ᠂ ᠬᠦᠴᠦᠨ ᠲᠠᠢ ᠬᠤᠭᠤᠴᠠᠭ᠎ᠠ᠂ ᠥᠪᠡᠷ ᠤᠨ ᠥᠷᠲᠡᠭ ᠵᠢᠴᠢ ᠠᠵᠤ ᠠᠬᠤᠶ ᠶᠢᠨ ᠦᠷ᠎ᠡ ᠠᠰᠢᠭ᠂ ᠨᠡᠶᠢᠭᠡᠮ ᠤᠨ ᠦᠷ᠎ᠡ ᠠᠰᠢᠭ᠂ ᠠᠮᠢ ᠠᠬᠤᠶ ᠶᠢᠨ ᠦᠷ᠎ᠡ ᠠᠰᠢᠭ᠂ ᠦᠷᠭᠦᠯᠵᠢᠯᠡᠬᠦᠶᠢᠴᠡ ᠨᠥᠯᠥᠭᠡᠯᠡᠯ᠂ ᠦᠢᠯᠡᠴᠢᠯᠡᠭᠡ ᠬᠦᠷᠲᠡᠭᠰᠡᠳ ᠤᠨ ᠰᠡᠳᠬᠢᠯ ᠬᠠᠨᠤᠮᠵᠢᠲᠡᠢ ᠪᠠᠶᠢᠬᠤ ᠪᠠᠶᠢᠳᠠᠯ ᠵᠡᠷᠭᠡ ᠪᠠᠭᠲᠠᠨ᠎ᠠ᠃      ᠠᠷᠪᠠᠨ ᠭᠤᠷᠪᠠᠳᠤᠭᠠᠷ ᠵᠦᠢᠯ  ᠨᠢᠭᠡᠴᠢ ᠶᠢᠨ ᠥᠪᠡᠷᠰᠡᠳ ᠤᠨ ᠦᠨᠡᠯᠡᠯᠲᠡ ᠶᠢᠨ ᠭᠦᠢᠴᠡᠳᠬᠡᠯ ᠲᠣᠭᠠᠨ ᠤ ᠡᠵᠡᠯᠡᠬᠦ ᠬᠤᠪᠢᠳᠠᠯ ᠢ ᠡᠯ᠎ᠡ ᠨᠢᠭᠡᠴᠢ ᠨᠢ ᠲᠥᠷᠥᠯ ᠵᠦᠢᠯ ᠤᠨ ᠪᠣᠳᠠᠲᠤ ᠪᠠᠶᠢᠳᠠᠯ ᠢᠶᠠᠨ ᠦᠨᠳᠦᠰᠦᠯᠡᠨ ᠲᠣᠭᠲᠠᠭᠠᠨ᠎ᠠ᠃ ᠵᠠᠷᠴᠢᠮ ᠳᠡᠭᠡᠷ᠎ᠡ ᠪᠠᠨ ᠲᠥᠰᠦᠪ ᠢ ᠭᠦᠢᠴᠡᠳᠬᠡᠭᠰᠡᠨ ᠨᠣᠷᠮ᠎ᠠ ᠪᠠ ᠨᠢᠭᠡᠳᠦᠭᠡᠷ ᠳᠡᠰ ᠤᠨ ᠭᠦᠢᠴᠡᠳᠬᠡᠯ ᠲᠣᠭᠠᠨ ᠤ ᠡᠵᠡᠯᠡᠬᠦ ᠬᠤᠪᠢᠳᠠᠯ ᠢ᠄ ᠲᠥᠰᠦᠪ ᠢ ᠭᠦᠢᠴᠡᠳᠬᠡᠭᠰᠡᠨ ᠨᠣᠷᠮ᠎ᠠ 10 %᠂ ᠦᠢᠯᠡᠳᠪᠦᠷᠢᠯᠡᠵᠦ ᠭᠠᠷᠭᠠᠭᠰᠠᠨ ᠭᠦᠢᠴᠡᠳᠬᠡᠯ ᠲᠤᠭ᠎ᠠ 50 %᠂ ᠦᠷ᠎ᠡ ᠠᠰᠢᠭ ᠤᠨ ᠭᠦᠢᠴᠡᠳᠬᠡᠯ ᠲᠤᠭ᠎ᠠ 30 %᠂ ᠦᠢᠯᠡᠴᠢᠯᠡᠭᠡ ᠬᠦᠷᠲᠡᠭᠰᠡᠳ ᠤᠨ ᠰᠡᠳᠬᠢᠯ ᠬᠠᠨᠤᠮᠵᠢᠲᠡᠢ ᠪᠠᠶᠢᠬᠤ ᠪᠠᠶᠢᠳᠠᠯ ᠤᠨ ᠭᠦᠢᠴᠡᠳᠬᠡᠯ ᠲᠤᠭ᠎ᠠ 10 % ᠪᠠᠷ ᠨᠢᠭᠡᠳᠦᠯᠲᠡᠢ ᠲᠣᠭᠲᠠᠭᠠᠪᠠ᠃ ᠣᠨᠴᠠᠭᠠᠶ ᠪᠠᠶᠢᠳᠠᠯ ᠲᠠᠢ ᠪᠣᠯ᠂ ᠨᠢᠭᠡᠳᠦᠭᠡᠷ ᠳᠡᠰ ᠤᠨ ᠭᠦᠢᠴᠡᠳᠬᠡᠯ ᠲᠣᠭᠠᠨ ᠤ ᠡᠵᠡᠯᠡᠬᠦ ᠬᠤᠪᠢᠳᠠᠯ ᠢ ᠨᠢ ᠵᠣᠬᠢᠰᠲᠠᠶ ᠲᠣᠬᠢᠷᠠᠭᠤᠯᠵᠤ ᠪᠣᠯᠤᠨ᠎ᠠ᠃ ᠬᠤᠶᠠᠷ᠂ ᠭᠤᠷᠪᠠᠳᠤᠭᠠᠷ ᠳᠡᠰ ᠤᠨ ᠭᠦᠢᠴᠡᠳᠬᠡᠯ ᠲᠤᠭ᠎ᠠ ᠶᠢ ᠭᠦᠢᠴᠡᠳᠬᠡᠯ ᠲᠣᠭᠠᠨ ᠤ ᠴᠢᠬᠤᠯᠠ ᠶᠢᠨ ᠬᠡᠮᠵᠢᠶ᠎ᠡ᠂ ᠲᠥᠷᠥᠯ ᠵᠦᠢᠯ ᠢ ᠬᠡᠷᠡᠭᠵᠢᠭᠦᠯᠬᠦ ᠱᠠᠲᠤ ᠦᠶ᠎ᠡ ᠵᠡᠷᠭᠡ ᠬᠦᠴᠦᠨ ᠵᠦᠢᠯ ᠢ ᠦᠨᠳᠦᠰᠦᠯᠡᠨ ᠶᠡᠷᠦᠩᠬᠡᠶᠢᠯᠡᠨ ᠲᠣᠭᠲᠠᠭᠠᠵᠤ᠂ ᠲᠥᠷᠥᠯ ᠵᠦᠢᠯ ᠤᠨ ᠦᠢᠯᠡᠳᠪᠦᠷᠢᠯᠡᠵᠦ ᠭᠠᠷᠭᠠᠭᠰᠠᠨ ᠬᠡᠮᠵᠢᠶ᠎ᠡ ᠪᠠ ᠦᠷ᠎ᠡ ᠠᠰᠢᠭ ᠢ ᠣᠨᠣᠪᠴᠢᠲᠠᠶ ᠲᠤᠰᠬᠠᠬᠤ ᠬᠡᠷᠡᠭᠲᠡᠶ᠃ ᠬᠤᠯᠪᠣᠭᠳᠠᠯ ᠪᠦᠬᠦᠢ ᠰᠠᠯᠠᠭ᠎ᠠ ᠮᠥᠴᠢᠷ ᠲᠤ ᠠᠰᠲᠠᠭᠠᠨ ᠲᠣᠭᠲᠠᠭᠠᠯ ᠲᠠᠢ ᠪᠠᠶᠢᠪᠠᠯ᠂ ᠲᠡᠷᠡ ᠬᠦ ᠲᠣᠭᠲᠠᠭᠠᠯ ᠢᠶᠠᠷ ᠬᠡᠷᠡᠭᠵᠢᠭᠦᠯᠬᠦ ᠬᠡᠷᠡᠭᠲᠡᠢ᠃      ᠠᠷᠪᠠᠨ ᠳᠥᠷᠪᠡᠳᠦᠭᠡᠷ ᠵᠦᠢᠯ  ᠨᠢᠭᠡᠴᠢ ᠶᠢᠨ ᠥᠪᠡᠷᠰᠡᠳ ᠤᠨ ᠦᠨᠡᠯᠡᠯᠲᠡ ᠳᠤ ᠲᠣᠭᠲᠠᠮᠠᠯ ᠬᠡᠮᠵᠢᠶ᠎ᠡ ᠬᠢᠭᠡᠳ ᠲᠣᠭᠲᠠᠮᠠᠯ ᠴᠢᠨᠠᠷ ᠤᠨ ᠦᠨᠡᠯᠡᠯᠲᠡ ᠶᠢ ᠤᠶᠠᠯᠳᠤᠭᠤᠯᠤᠭᠰᠠᠨ ᠠᠳᠠᠯᠢᠳᠬᠠᠬᠤ ᠠᠷᠭ᠎ᠠ ᠶᠢ ᠬᠡᠷᠡᠭᠯᠡᠵᠦ᠂ ᠶᠡᠷᠦᠩᠬᠡᠶ ᠬᠤᠪᠢ ᠶᠢ ᠡᠯ᠎ᠡ ᠵᠦᠢᠯ ᠤᠨ ᠭᠦᠢᠴᠡᠳᠬᠡᠯ ᠲᠤᠭ᠎ᠠ ᠳᠤ ᠣᠯᠤᠭᠰᠠᠨ ᠬᠤᠪᠢ ᠶᠢ ᠬᠤᠷᠢᠶᠠᠩᠭᠤᠶᠢᠯᠠᠭᠠᠳ ᠲᠣᠭᠲᠠᠭᠠᠬᠤ ᠬᠡᠷᠡᠭᠲᠡᠢ᠃      ᠠᠷᠪᠠᠨ ᠲᠠᠪᠤᠳᠤᠭᠠᠷ ᠵᠦᠢᠯ  ᠲᠣᠭᠲᠠᠮᠠᠯ ᠬᠡᠮᠵᠢᠶᠡᠨ ᠤ ᠭᠦᠢᠴᠡᠳᠬᠡᠯ ᠲᠤᠭ᠎ᠠ ᠳᠤ ᠣᠯᠤᠭᠰᠠᠨ ᠣᠯᠭᠤᠬᠤ ᠬᠤᠪᠢ ᠶᠢ ᠳᠣᠣᠷᠠᠬᠢ ᠠᠷᠭ᠎ᠠ ᠪᠠᠷ ᠦᠨᠡᠯᠡᠨ ᠲᠣᠭᠲᠠᠭᠠᠨ᠎ᠠ᠄      ︵ᠨᠢᠭᠡ︶ ᠵᠢᠯ ᠤᠨ ᠡᠬᠢᠨ ᠤ ᠪᠤᠶᠤ ᠲᠥᠷᠥᠯ ᠵᠦᠢᠯ ᠳᠤ ᠲᠣᠭᠲᠠᠭᠠᠭᠰᠠᠨ ᠭᠦᠢᠴᠡᠳᠬᠡᠯ ᠲᠣᠭᠠᠨ ᠤ ᠬᠡᠮᠵᠢᠭᠳᠡᠯ ᠲᠠᠢ ᠬᠠᠷᠢᠴᠠᠭᠤᠯᠵᠤ᠂ ᠭᠦᠢᠴᠡᠳᠬᠡᠯ ᠲᠣᠭᠠᠨ ᠤ ᠬᠡᠮᠵᠢᠭᠳᠡᠯ ᠢ ᠪᠡᠶᠡᠯᠡᠭᠦᠯᠦᠭᠰᠡᠨ ᠪᠠᠶᠢᠪᠠᠯ᠂ ᠲᠣᠰ ᠭᠦᠢᠴᠡᠳᠬᠡᠯ ᠲᠤᠭ᠎ᠠ ᠳᠤ ᠣᠨᠣᠭᠳᠠᠭᠰᠠᠨ ᠪᠥᠬᠦ ᠬᠤᠪᠢ ᠶᠢᠨ ᠬᠡᠮᠵᠢᠭᠳᠡᠯ ᠢ ᠲᠡᠮᠳᠡᠭᠯᠡᠬᠦ ᠬᠡᠷᠡᠭᠲᠡᠶ︔      ︵ᠬᠤᠶᠠᠷ︶ ᠪᠡᠶᠡᠯᠡᠭᠦᠯᠦᠭᠰᠡᠨ ᠬᠡᠮᠵᠢᠭᠳᠡᠯ ᠨᠢ ᠭᠦᠢᠴᠡᠳᠬᠡᠯ ᠲᠣᠭᠠᠨ ᠤ ᠬᠡᠮᠵᠢᠭᠳᠡᠯ ᠠᠴᠠ ᠨᠡᠯᠢᠶᠡᠳ ᠶᠡᠭᠡ ᠪᠠᠶᠢᠪᠠᠯ᠂ ᠰᠢᠯᠲᠠᠭᠠᠨ ᠢ ᠨᠢ ᠵᠠᠳᠠᠯᠬᠤ ᠬᠡᠷᠡᠭᠲᠡᠶ᠂ ᠬᠡᠷᠪᠡ ᠵᠢᠯ ᠤᠨ ᠡᠬᠢᠨ ᠤ ᠪᠤᠶᠤ ᠲᠥᠷᠥᠯ ᠵᠦᠢᠯ ᠤᠨ ᠭᠦᠢᠴᠡᠳᠬᠡᠯ ᠲᠣᠭᠠᠨ ᠤ ᠬᠡᠮᠵᠢᠭᠳᠡᠯ ᠢ ᠢᠯᠡᠷᠬᠡᠶ ᠪᠠᠭ᠎ᠠ ᠲᠣᠭᠲᠠᠭᠠᠭᠰᠠᠨ ᠠᠴᠠ ᠪᠣᠯᠤᠭᠰᠠᠨ ᠪᠠᠶᠢᠪᠠᠯ᠂ ᠵᠠᠶᠢᠳᠠᠭᠰᠠᠨ ᠬᠡᠮᠵᠢᠶ᠎ᠡ ᠶᠢ ᠦᠵᠡᠵᠦ ᠪᠠᠶᠢᠭᠠᠳ ᠬᠤᠪᠢ ᠶᠢᠨ ᠬᠡᠮᠵᠢᠭᠳᠡᠯ ᠢ ᠨᠢ ᠵᠣᠬᠢᠰᠲᠠᠶ ᠲᠣᠬᠢᠷᠠᠭᠤᠯᠤᠨ ᠬᠠᠰᠤᠬᠤ ᠬᠡᠷᠡᠭᠲᠡᠶ︔      ︵ᠭᠤᠷᠪᠠ︶ ᠭᠦᠢᠴᠡᠳᠬᠡᠯ ᠲᠣᠭᠠᠨ ᠤ ᠬᠡᠮᠵᠢᠭᠳᠡᠯ ᠢ ᠪᠡᠶᠡᠯᠡᠭᠦᠯᠦᠭᠰᠡᠨ ᠦᠭᠡᠢ ᠪᠠᠶᠢᠪᠠᠯ᠂ ᠪᠡᠶᠡᠯᠡᠭᠦᠯᠦᠭᠰᠡᠨ ᠬᠡᠮᠵᠢᠭᠳᠡᠯ ᠪᠠ ᠭᠦᠢᠴᠡᠳᠬᠡᠯ ᠲᠣᠭᠠᠨ ᠤ ᠬᠡᠮᠵᠢᠭᠳᠡᠯ ᠤᠨ ᠬᠠᠷᠢᠴᠠᠯ ᠢᠶᠠᠷ ᠬᠤᠪᠢ ᠶᠢ ᠨᠢ ᠲᠡᠮᠳᠡᠭᠯᠡᠬᠦ ᠬᠡᠷᠡᠭᠲᠡᠢ᠃      ᠠᠷᠪᠠᠨ ᠵᠢᠷᠭᠤᠳᠤᠭᠠᠷ ᠵᠦᠢᠯ  ᠲᠣᠭᠲᠠᠮᠠᠯ ᠴᠢᠨᠠᠷ ᠤᠨ ᠭᠦᠢᠴᠡᠳᠬᠡᠯ ᠲᠤᠭ᠎ᠠ ᠳᠤ ᠣᠯᠤᠭᠰᠠᠨ ᠣᠯᠭᠤᠬᠤ ᠬᠤᠪᠢ ᠶᠢ ᠳᠣᠣᠷᠠᠬᠢ ᠠᠷᠭ᠎ᠠ ᠪᠠᠷ ᠦᠨᠡᠯᠡᠨ ᠲᠣᠭᠲᠠᠭᠠᠨ᠎ᠠ᠄ ᠭᠦᠢᠴᠡᠳᠬᠡᠯ ᠲᠤᠭ᠎ᠠ ᠶᠢ ᠪᠡᠶᠡᠯᠡᠭᠦᠯᠦᠭᠰᠡᠨ ᠪᠠᠶᠢᠳᠠᠯ ᠢ ᠨᠢ ᠦᠨᠳᠦᠰᠦᠯᠡᠨ ᠣᠨ ᠤ ᠲᠣᠬᠢᠷᠠᠯᠴᠠᠬᠤ ᠭᠦᠢᠴᠡᠳᠬᠡᠯ ᠲᠤᠭ᠎ᠠ᠂ ᠣᠨ ᠤ ᠲᠣᠬᠢᠷᠠᠯᠴᠠᠬᠤ ᠬᠡᠰᠡᠭ ᠭᠦᠢᠴᠡᠳᠬᠡᠯ ᠲᠤᠭ᠎ᠠ ᠪᠥᠭᠡᠳ ᠵᠣᠬᠢᠬᠤ ᠦᠷ᠎ᠡ ᠪᠦᠲᠦᠮᠵᠢ ᠲᠠᠢ᠂ ᠣᠨ ᠤ ᠥᠯᠥ ᠲᠣᠬᠢᠷᠠᠯᠴᠠᠬᠤ ᠭᠦᠢᠴᠡᠳᠬᠡᠯ ᠲᠤᠭ᠎ᠠ ᠮᠥᠷᠲᠡᠭᠡᠨ ᠦᠷ᠎ᠡ ᠪᠦᠲᠦᠮᠵᠢ ᠪᠠᠷ ᠨᠡᠯᠢᠶᠡᠳ ᠠᠨᠠᠶ ᠭᠤᠷᠪᠠᠨ ᠳᠡᠰ ᠬᠤᠪᠢᠶᠠᠨ᠎ᠠ᠂ ᠲᠤᠰ ᠭᠦᠢᠴᠡᠳᠬᠡᠯ ᠲᠤᠭ᠎ᠠ ᠲᠠᠢ ᠬᠠᠷᠠᠭᠠᠯᠵᠠᠬᠤ ᠬᠤᠪᠢ ᠶᠢᠨ ᠬᠡᠮᠵᠢᠭᠳᠡᠯ ᠤᠨ ᠣᠷᠣᠨ ᠢ 100 % — 80 % ︵ᠪᠠᠭᠲᠠᠨ᠎ᠠ︶᠂ 80 % — 60 % ︵ᠪᠠᠭᠲᠠᠨ᠎ᠠ︶᠂ 60 % — 0 % ᠪᠠᠷ ᠬᠤᠪᠢᠶᠠᠷᠢ ᠬᠡᠮᠵᠢᠭᠳᠡᠯ ᠢ ᠨᠢ ᠲᠤᠰ ᠲᠤᠰ ᠵᠣᠬᠢᠰᠲᠠᠶ ᠲᠣᠭᠲᠠᠭᠠᠬᠤ ᠬᠡᠷᠡᠭᠲᠡᠢ᠃      ᠠᠷᠪᠠᠨ ᠳᠣᠯᠣᠳᠤᠭᠠᠷ ᠵᠦᠢᠯ  ᠨᠢᠭᠡᠴᠢ ᠶᠢᠨ ᠥᠪᠡᠷᠰᠡᠳ ᠤᠨ ᠦᠨᠡᠯᠡᠯᠲᠡ ᠶᠢ ᠪᠣᠯ ᠭᠤᠤᠯᠳᠠᠭᠤ ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠥᠪᠡᠷᠰᠡᠳ ᠤᠨ ᠦᠨᠡᠯᠡᠯᠲᠡ ᠶᠢᠨ ᠬᠦᠰᠦᠨᠦᠭᠲᠦ ᠪᠠ ᠥᠪᠡᠷᠰᠡᠳ ᠤᠨ ᠦᠨᠡᠯᠡᠯᠲᠡ ᠶᠢᠨ ᠮᠡᠳᠡᠭᠦᠯᠦᠯᠲᠡ ᠶᠢᠨ ᠬᠡᠯᠪᠡᠷᠢ ᠮᠠᠶ᠋ᠢᠭ ᠢᠶᠠᠷ ᠳᠠᠮᠵᠢᠭᠤᠯᠤᠨ ᠲᠤᠰᠬᠠᠵᠤ᠂ ᠥᠪᠡᠷᠰᠡᠳ ᠤᠨ ᠦᠨᠡᠯᠡᠯᠲᠡ ᠶᠢᠨ ᠦᠷ᠎ᠡ ᠳ᠋ᠦᠩ ᠳᠤ ᠠᠭᠤᠯᠭ᠎ᠠ ᠶᠢ ᠨᠢ ᠪᠦᠷᠢᠨ ᠪᠦᠲᠦᠨ᠂ ᠡᠵᠡᠯᠡᠬᠦ ᠬᠤᠪᠢᠳᠠᠯ ᠢ ᠨᠢ ᠵᠦᠶ ᠵᠣᠬᠢᠰᠲᠠᠶ᠂ ᠲᠤᠭ᠎ᠠ ᠪᠠᠷᠢᠮᠲᠠ ᠶᠢ ᠨᠢ ᠦᠨᠡᠨ ᠪᠣᠳᠠᠲᠠᠶ᠂ ᠦᠷ᠎ᠡ ᠳ᠋ᠦᠩ ᠢ ᠨᠢ ᠪᠤᠰᠤᠳᠴᠢ ᠪᠠᠶᠢᠯᠭᠠᠬᠤ ᠬᠡᠷᠡᠭᠲᠡᠶ᠃ ᠲᠥᠷᠥᠯ ᠵᠦᠢᠯ ᠤᠨ ᠨᠢᠭᠡᠴᠢ ᠨᠢ ᠥᠪᠡᠷᠰᠡᠳ ᠤᠨ ᠦᠨᠡᠯᠡᠯᠲᠡ ᠶᠢᠨ ᠦᠷ᠎ᠡ ᠳ᠋ᠦᠩ ᠤᠨ ᠦᠨᠡᠨ ᠪᠣᠳᠠᠲᠤ ᠴᠢᠨᠠᠷ ᠪᠠ ᠣᠨᠣᠪᠴᠢᠲᠤ ᠴᠢᠨᠠᠷ ᠲᠤ ᠬᠠᠷᠢᠭᠤᠴᠠᠬᠤ ᠬᠡᠷᠡᠭᠲᠡᠶ᠃      ᠠᠷᠪᠠᠨ ᠨᠠᠢᠮᠠᠳᠤᠭᠠᠷ ᠵᠦᠢᠯ  ᠬᠤᠯᠪᠣᠭᠳᠠᠯ ᠪᠥᠬᠦᠶ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠪᠠ ᠡᠳ᠋ ᠤᠨ ᠵᠠᠰᠠᠭ ᠤᠨ ᠰᠠᠯᠠᠭ᠎ᠠ ᠮᠥᠴᠢᠷ ᠨᠢ ᠠᠵᠢᠯ ᠤᠨ ᠬᠡᠷᠡᠭᠴᠡᠭᠡ ᠪᠠᠨ ᠦᠨᠳᠦᠰᠦᠯᠡᠨ᠂ ᠨᠢᠭᠡᠴᠢ ᠶᠢᠨ ᠥᠪᠡᠷᠰᠡᠳ ᠤᠨ ᠦᠨᠡᠯᠡᠯᠲᠡ ᠶᠢᠨ ᠦᠷ᠎ᠡ ᠳ᠋ᠦᠩ ᠢ ᠰᠤᠭᠤᠴᠢᠨ ᠪᠠᠶᠢᠴᠠᠭᠠᠵᠤ ᠬᠠᠷᠭᠤᠭᠤᠯᠤᠨ ᠰᠢᠯᠭᠠᠬᠤ ᠬᠡᠷᠡᠭᠲᠡᠢ᠃ ᠰᠤᠭᠤᠴᠢᠨ ᠪᠠᠶᠢᠴᠠᠭᠠᠵᠤ ᠬᠠᠷᠭᠤᠭᠤᠯᠤᠨ ᠰᠢᠯᠭᠠᠬᠤ ᠳᠤ ᠢᠯᠡᠷᠡᠭᠦᠯᠦᠭᠰᠡᠨ ᠠᠰᠠᠭᠤᠳᠠᠯ ᠢ ᠲᠥᠷᠥᠯ ᠵᠦᠢᠯ ᠤᠨ ᠨᠢᠭᠡᠴᠢ ᠨᠢ ᠴᠠᠭ ᠲᠤᠬᠠᠶ ᠳᠤ ᠨᠢ ᠴᠡᠭᠴᠡᠯᠡᠨ ᠰᠠᠶᠢᠵᠢᠷᠠᠭᠤᠯᠵᠤ ᠨᠠᠶᠢᠳᠠᠪᠤᠷᠢᠵᠢᠭᠤᠯᠬᠤ ᠬᠡᠷᠡᠭᠲᠡᠶ᠃          ᠳᠥᠷᠪᠡᠳᠦᠭᠡᠷ ᠪᠦᠯᠦᠭ  ᠰᠠᠯᠠᠭ᠎ᠠ ᠮᠥᠴᠢᠷ ᠪᠠ ᠡᠳ᠋ ᠤᠨ ᠵᠠᠰᠠᠭ ᠤᠨ ᠦᠨᠡᠯᠡᠯᠲᠡ ᠶᠢ ᠵᠣᠬᠢᠶᠠᠨ ᠪᠠᠶᠢᠭᠤᠯᠵᠤ ᠬᠡᠷᠡᠭᠵᠢᠭᠦᠯᠬᠦ      ᠠᠷᠪᠠ ᠶᠢᠰᠦᠳᠦᠭᠡᠷ ᠵᠦᠢᠯ  ᠰᠠᠯᠠᠭ᠎ᠠ ᠮᠥᠴᠢᠷ ᠪᠠ ᠡᠳ᠋ ᠤᠨ ᠵᠠᠰᠠᠭ ᠤᠨ ᠦᠨᠡᠯᠡᠯᠲᠡ ᠳᠤ ᠣᠨ ᠤ ᠲᠥᠯᠥᠪᠯᠡᠭᠡ ᠶᠢᠨ ᠬᠠᠮᠢᠶᠠᠷᠤᠯᠲᠠ ᠶᠢ ᠬᠡᠷᠡᠭᠵᠢᠭᠦᠯᠵᠦ᠂ ᠵᠢᠯ ᠤᠨ ᠡᠬᠢᠨ ᠳᠤ ᠲᠥᠰᠦᠪ ᠬᠢᠵᠦ ᠪᠦᠬᠦᠢ ᠰᠠᠯᠠᠭ᠎ᠠ ᠮᠥᠴᠢᠷ᠂ ᠡᠳ᠋ ᠤᠨ ᠵᠠᠰᠠᠭ ᠤᠨ ᠰᠠᠯᠠᠭ᠎ᠠ ᠮᠥᠴᠢᠷ ᠨᠢ ᠲᠤᠰ ᠵᠢᠯ ᠤᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠠᠵᠢᠯ ᠤᠨ ᠲᠥᠯᠥᠪᠯᠡᠭᠡ ᠶᠢ ᠨᠢᠭᠡᠳᠦᠯᠲᠡᠶ ᠲᠥᠯᠥᠪᠯᠡᠵᠦ ᠰᠤᠳᠤᠯᠤᠨ ᠲᠣᠭᠲᠠᠭᠠᠵᠤ᠂ ᠲᠥᠰᠦᠪ ᠬᠢᠵᠦ ᠪᠦᠬᠦᠢ ᠰᠠᠯᠠᠭ᠎ᠠ ᠮᠥᠴᠢᠷ ᠨᠢ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠠᠵᠢᠯ ᠤᠨ ᠲᠥᠯᠥᠪᠯᠡᠭᠡ ᠪᠠᠨ ᠠᠳᠠᠯᠢ ᠱᠠᠲᠤᠨ ᠤ ᠡᠳ᠋ ᠤᠨ ᠵᠠᠰᠠᠭ ᠤᠨ ᠰᠠᠯᠠᠭ᠎ᠠ ᠮᠥᠴᠢᠷ ᠲᠤ ᠮᠡᠳᠡᠭᠦᠯᠦᠨ ᠳᠠᠩᠰᠠᠯᠠᠭᠤᠯᠬᠤ ᠬᠡᠷᠡᠭᠲᠡᠶ᠃      ᠬᠤᠷᠢᠳᠤᠭᠠᠷ ᠵᠦᠢᠯ  ᠠᠵᠢᠯ ᠤᠨ ᠬᠡᠷᠡᠭᠴᠡᠭᠡ ᠶᠢ ᠪᠠᠨ ᠦᠨᠳᠦᠰᠦᠯᠡᠨ᠂ ᠦᠨᠡᠯᠡᠯᠲᠡ ᠬᠢᠬᠦ ᠰᠠᠯᠠᠭ᠎ᠠ ᠮᠥᠴᠢᠷ ᠨᠢ ᠰᠠᠯᠠᠭ᠎ᠠ ᠮᠥᠴᠢᠷ ᠤᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠴᠢᠬᠤᠯᠠ ᠶᠡᠭᠡ ᠥᠭᠡᠷᠡᠴᠢᠯᠡᠯᠲᠡ ᠬᠥᠭᠵᠢᠯᠲᠡ ᠶᠢᠨ ᠲᠥᠷᠥᠯ ᠵᠦᠢᠯ ᠢ ᠦᠨᠡᠯᠡᠯᠲᠡ ᠬᠢᠯᠭᠡᠬᠦ ᠡᠲᠡᠭᠡᠳ ᠢᠶᠠᠷ ᠡᠩ ᠲᠡᠷᠢᠭᠦᠨ ᠳᠤ ᠰᠣᠩᠭᠤᠵᠤ᠂ ᠵᠠᠷᠴᠢᠮ ᠳᠡᠭᠡᠷ᠎ᠡ ᠪᠠᠨ 5 ᠵᠢᠯ ᠢᠶᠠᠷ ᠦᠶᠡᠯᠡᠬᠦ ᠬᠤᠭᠤᠴᠠᠭ᠎ᠠ ᠪᠣᠯᠭᠠᠨ᠂ ᠰᠠᠯᠠᠭ᠎ᠠ ᠮᠥᠴᠢᠷ ᠤᠨ ᠦᠨᠡᠯᠡᠯᠲᠡ ᠶᠢᠨ ᠭᠤᠣᠯᠳᠠᠯᠭ᠎ᠠ ᠲᠠᠢ ᠲᠥᠷᠥᠯ ᠵᠦᠢᠯ ᠪᠥᠬᠦᠨ ᠢ ᠬᠠᠮᠤᠷᠴᠤ ᠪᠠᠭᠲᠠᠭᠠᠭᠰᠠᠨ ᠪᠠᠶᠢᠬᠤ ᠬᠡᠷᠡᠭᠲᠡᠢ᠂ ᠡᠩ ᠤᠨ ᠴᠢᠨᠠᠷᠲᠠᠢ ᠲᠥᠷᠥᠯ ᠵᠦᠢᠯ ᠤᠨ ᠠᠮᠵᠢᠯᠲᠠ ᠪᠦᠲᠦᠮᠵᠢ ᠶᠢ ᠲᠠᠰᠢᠷᠠᠮ ᠢᠶᠠᠷ ᠰᠤᠭᠤᠴᠢᠨ ᠰᠣᠩᠭᠤᠵᠤ ᠪᠣᠯᠣᠨ᠎ᠠ᠃ ᠡᠳ᠋ ᠤᠨ ᠵᠠᠰᠠᠭ ᠤᠨ ᠰᠠᠯᠠᠭ᠎ᠠ ᠮᠥᠴᠢᠷ ᠨᠢ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶᠠᠨ ᠤ ᠴᠢᠬᠤᠯᠠ ᠶᠡᠭᠡ ᠴᠢᠭᠯᠡᠯᠲᠡ ᠲᠥᠷᠥ ᠶᠢᠨ ᠪᠣᠳᠣᠯᠭ᠎ᠠ ᠪᠠ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠬᠢᠭᠡᠳ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠪᠠ ᠵᠠᠰᠠᠭ ᠤᠨ ᠣᠷᠳᠣᠨ ᠤ ᠠᠵᠢᠯ ᠤᠨ ᠱᠠᠭᠠᠷᠳᠠᠯᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠲᠥᠷᠥᠯ ᠵᠦᠢᠯ ᠵᠢᠴᠢ ᠬᠠᠮᠤᠷᠬᠤ ᠬᠡᠪᠴᠢᠶ᠎ᠡ ᠨᠢ ᠥᠷᠭᠡᠨ᠂ ᠨᠥᠯᠥᠭᠡᠯᠡᠬᠦ ᠬᠦᠴᠦᠨ ᠢᠶᠠᠷ ᠶᠡᠭᠡ᠂ ᠨᠡᠶᠢᠭᠡᠮ ᠤᠨ ᠬᠢᠨ ᠤ ᠠᠩᠬᠠᠷᠤᠯ ᠢ ᠲᠠᠲᠠᠬᠤ ᠭᠡᠮᠵᠢᠶ᠎ᠠ ᠨᠢ ᠶᠡᠭᠡ᠂ ᠬᠡᠷᠡᠭᠵᠢᠭᠦᠯᠬᠦ ᠬᠤᠭᠤᠴᠠᠭ᠎ᠠ ᠨᠢ ᠤᠷᠲᠤ ᠪᠠᠶᠢᠭ᠎ᠠ ᠲᠥᠷᠥᠯ ᠵᠦᠢᠯ ᠢ ᠦᠨᠡᠯᠡᠯᠲᠡ ᠬᠢᠯᠭᠡᠬᠦ ᠲᠥᠷᠥᠯ ᠵᠦᠢᠯ ᠢᠶᠠᠷ ᠡᠩ ᠲᠡᠷᠢᠭᠦᠨ ᠳᠤ ᠰᠣᠩᠭᠤᠬᠤ ᠬᠡᠷᠡᠭᠲᠡᠶ᠃ ᠭᠤᠣᠯᠳᠠᠯᠭ᠎ᠠ ᠲᠠᠢ ᠲᠥᠷᠥᠯ ᠵᠦᠢᠯ ᠳᠤ ᠠᠵᠢᠯ ᠤᠨ ᠠᠮᠵᠢᠯᠲᠠ ᠪᠦᠲᠦᠮᠵᠢ ᠶᠢᠨ ᠦᠨᠡᠯᠡᠯᠲᠡ ᠶᠢ ᠦᠶᠡᠯᠡᠯ ᠤᠨ ᠴᠢᠨᠠᠷᠲᠠᠶ ᠪᠠᠷ ᠵᠣᠬᠢᠶᠠᠨ ᠪᠠᠶᠢᠭᠤᠯᠵᠤ ᠥᠷᠨᠢᠭᠦᠯᠬᠦ ᠬᠡᠷᠡᠭᠲᠡᠢ᠃      ᠬᠤᠷᠢᠨ ᠨᠢᠭᠡᠳᠦᠭᠡᠷ ᠵᠦᠢᠯ  ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠰᠤᠭᠤᠴᠢᠨ ᠪᠠᠶᠢᠴᠠᠭᠠᠬᠤ ᠲᠣᠭᠲᠠᠴᠠ ᠶᠢ ᠪᠠᠶᠢᠭᠤᠯᠵᠤ᠂ ᠡᠯ᠎ᠡ ᠱᠠᠲᠤᠨ ᠤ ᠡᠳ᠋ ᠤᠨ ᠵᠠᠰᠠᠭ ᠤᠨ ᠰᠠᠯᠠᠭ᠎ᠠ ᠮᠥᠴᠢᠷ ᠨᠢ ᠵᠣᠬᠢᠬᠤ ᠲᠣᠭᠠᠨ ᠤ ᠰᠠᠯᠠᠭ᠎ᠠ ᠮᠥᠴᠢᠷ ᠤᠨ ᠦᠨᠡᠯᠡᠯᠲᠡ ᠶᠢᠨ ᠲᠥᠷᠥᠯ ᠵᠦᠢᠯ ᠢ ᠵᠢᠯ ᠪᠦᠷᠢ ᠰᠤᠭᠤᠴᠢᠨ ᠠᠪᠴᠤ᠂ ᠦᠨᠡᠯᠡᠯᠲᠡ ᠶᠢᠨ ᠦᠷ᠎ᠡ ᠳ᠋ᠦᠩ ᠤᠨ ᠦᠨᠡᠨ ᠪᠣᠳᠠᠲᠤ ᠴᠢᠨᠠᠷ᠂ ᠣᠨᠣᠪᠴᠢᠲᠤ ᠴᠢᠨᠠᠷ ᠵᠡᠷᠭᠡ ᠶᠢ ᠨᠢ ᠳᠠᠬᠢᠨ ᠬᠢᠨᠠᠵᠤ ᠬᠠᠷᠭᠤᠭᠤᠯᠵᠣ᠂ ᠦᠨᠡᠯᠡᠯᠲᠡ ᠶᠢᠨ ᠦᠷ᠎ᠡ ᠳ᠋ᠦᠩ ᠤᠨ ᠪᠤᠰᠤᠳᠴᠢ ᠴᠢᠨᠠᠷ ᠢ ᠳᠡᠭᠡᠭᠰᠢᠯᠡᠭᠦᠯᠬᠦ ᠬᠡᠷᠡᠭᠲᠡᠶ᠃ ᠳᠠᠬᠢᠨ ᠬᠢᠨᠠᠬᠤ ᠬᠠᠷᠭᠤᠭᠤᠯᠬᠤ ᠠᠵᠢᠯ ᠢ ᠭᠤᠤᠯᠳᠠᠭᠤ ᠡᠳᠦᠷ ᠲᠤᠲᠤᠮ ᠤᠨ ᠡᠵᠡᠮᠰᠢᠭᠰᠡᠨ ᠪᠠᠶᠢᠳᠠᠯ ᠲᠠᠢ ᠤᠶᠠᠯᠳᠤᠭᠤᠯᠤᠨ᠂ ᠠᠮᠵᠢᠯᠲᠠ ᠪᠦᠲᠦᠮᠵᠢ ᠶᠢᠨ ᠥᠪᠡᠷᠰᠡᠳ ᠤᠨ ᠦᠨᠡᠯᠡᠯᠲᠡ ᠪᠤᠶᠤ ᠦᠨᠡᠯᠡᠯᠲᠡ ᠶᠢᠨ ᠮᠠᠲ᠋ᠧᠷᠢᠶᠠᠯ ᠢ ᠬᠢᠨᠠᠨ ᠬᠠᠷᠭᠤᠭᠤᠯᠬᠤ᠂ ᠲᠤᠯᠭᠠᠭᠤᠷᠢᠯᠠᠬᠤ ᠡᠬᠡ ᠲᠠᠩᠰᠠ ᠶᠢᠨ ᠮᠠᠲ᠋ᠧᠷᠢᠶᠠᠯ ᠢ ᠪᠠᠶᠢᠴᠠᠭᠠᠨ ᠦᠵᠡᠬᠦ᠂ ᠵᠠᠩᠭᠢᠯᠠᠭ᠎ᠠ ᠶᠢᠨ ᠭᠦᠢᠴᠡᠳᠬᠡᠯ ᠲᠣᠭᠠᠨ ᠤ ᠪᠡᠶᠡᠯᠡᠭᠦᠯᠦᠭᠰᠡᠨ ᠪᠠᠶᠢᠳᠠᠯ ᠢ ᠪᠣᠳᠠᠲᠠᠶ ᠭᠠᠵᠠᠷ ᠲᠤ ᠨᠢ ᠭᠦᠨᠵᠡᠭᠡᠶᠢᠷᠡᠭᠦᠯᠦᠨ ᠬᠢᠨᠠᠵᠤ ᠭᠦᠨᠵᠡᠭᠡᠶᠢᠷᠡᠭᠦᠯᠦᠨ ᠬᠠᠷᠭᠤᠭᠤᠯᠵᠣ ᠲᠣᠭᠳᠠᠭᠠᠬᠤ ᠵᠡᠷᠭᠡ ᠠᠷᠭ᠎ᠠ ᠮᠠᠶ᠋ᠢᠭ ᠢᠶᠠᠷ ᠥᠷᠨᠢᠭᠦᠯᠵᠦ᠂ ᠰᠤᠭᠤᠴᠢᠨ ᠪᠠᠶᠢᠴᠠᠭᠠᠬᠤ ᠳᠤ ᠢᠯᠡᠷᠡᠭᠦᠯᠦᠭᠰᠡᠨ ᠠᠰᠠᠭᠤᠳᠠᠯ ᠢ ᠰᠠᠯᠠᠭ᠎ᠠ ᠮᠥᠴᠢᠷ ᠲᠤ ᠴᠠᠭ ᠲᠤᠬᠠᠶ ᠳᠤ ᠨᠢ ᠬᠠᠷᠢᠭᠤ ᠲᠤᠰᠬᠠᠵᠤ ᠬᠢᠨᠠᠨ ᠬᠠᠷᠭᠤᠭᠤᠯᠵᠤ ᠬᠠᠷᠭᠤᠭᠤᠯᠣᠨ ᠲᠣᠭᠳᠠᠭᠠᠵᠣ ᠴᠡᠭᠴᠡᠯᠡᠨ ᠰᠠᠶᠢᠵᠢᠷᠠᠭᠤᠯᠬᠤ ᠬᠡᠷᠡᠭᠲᠡᠶ᠃      ᠬᠤᠷᠢᠨ ᠬᠤᠶᠠᠳᠤᠭᠠᠷ ᠵᠦᠢᠯ  ᠰᠠᠯᠠᠭ᠎ᠠ ᠮᠥᠴᠢᠷ ᠪᠠ ᠡᠳ᠋ ᠤᠨ ᠵᠠᠰᠠᠭ ᠤᠨ ᠦᠨᠡᠯᠡᠯᠲᠡ ᠶᠢ ᠭᠤᠷᠪᠠᠳᠠᠬᠢ ᠡᠲᠡᠭᠡᠳ ᠤᠨ ᠪᠠᠶᠢᠭᠤᠯᠤᠮᠵᠢ ᠳᠤ ᠨᠠᠶᠢᠳᠠᠨ ᠬᠡᠷᠡᠭᠵᠢᠭᠦᠯᠬᠦ ᠳᠤ᠂ ᠬᠤᠯᠪᠣᠭᠳᠠᠯ ᠪᠦᠬᠦᠢ ᠳᠦᠷᠢᠮ ᠪᠠ ᠠᠷᠭ᠎ᠠ ᠶᠢᠨ ᠶᠣᠰᠣᠭᠠᠷ᠂ ᠭᠤᠷᠪᠠᠳᠠᠬᠢ ᠡᠲᠡᠭᠡᠳ ᠤᠨ ᠪᠠᠶᠢᠭᠤᠯᠤᠮᠵᠢ ᠵᠢᠴᠢ ᠠᠵᠢᠯ ᠤᠨ ᠶᠠᠰᠤ ᠴᠢᠨᠠᠷ ᠲᠤ ᠠᠵᠢᠯ ᠶᠠᠪᠤᠳᠠᠯ ᠤᠨ ᠡᠮᠦᠨᠡᠬᠢ᠂ ᠠᠵᠢᠯ ᠶᠠᠪᠤᠳᠠᠯ ᠤᠨ ᠳᠤᠮᠳᠠᠬᠢ᠂ ᠠᠵᠢᠯ ᠶᠠᠪᠤᠳᠠᠯ ᠤᠨ ᠳᠠᠷᠠᠭᠠᠬᠢ ᠪᠦᠬᠦ ᠶᠠᠪᠤᠴᠠ ᠶᠢ ᠨᠢ ᠬᠢᠨᠠᠨ ᠬᠠᠮᠢᠶᠠᠷᠬᠤ ᠶᠢᠨ ᠬᠠᠮᠲᠤ᠂ ᠭᠤᠷᠪᠠᠳᠠᠬᠢ ᠡᠲᠡᠭᠡᠳ ᠤᠨ ᠪᠠᠶᠢᠭᠤᠯᠤᠮᠵᠢ ᠶᠢᠨ ᠭᠠᠷᠭᠠᠭᠰᠠᠨ ᠦᠨᠡᠯᠡᠯᠲᠡ ᠶᠢᠨ ᠮᠡᠳᠡᠭᠦᠯᠦᠯᠲᠡ ᠳᠤ ᠬᠢᠨᠠᠨ ᠲᠣᠭᠲᠠᠭᠠᠬᠤ ᠳᠦᠷᠢᠮ ᠢ ᠪᠠᠶᠢᠭᠤᠯᠵᠤ᠂ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠶᠠᠰᠤ ᠴᠢᠨᠠᠷ ᠢ ᠦᠨᠡᠨ ᠬᠦ ᠳᠡᠭᠡᠭᠰᠢᠯᠡᠭᠦᠯᠬᠦ ᠬᠡᠷᠡᠭᠲᠡᠶ᠃      ᠬᠤᠷᠢᠨ ᠭᠤᠷᠪᠠᠳᠤᠭᠠᠷ ᠵᠦᠢᠯ  ᠰᠠᠯᠠᠭ᠎ᠠ ᠮᠥᠴᠢᠷ ᠪᠠ ᠡᠳ᠋ ᠤᠨ ᠵᠠᠰᠠᠭ ᠤᠨ ᠦᠨᠡᠯᠡᠯᠲᠡ ᠶᠢᠨ ᠠᠭᠤᠯᠭ᠎ᠠ ᠳᠤ ᠭᠤᠣᠯᠳᠠᠭᠤ᠄ ᠲᠥᠷᠥᠯ ᠵᠦᠢᠯ ᠪᠠᠶᠢᠭᠤᠯᠤᠭᠰᠠᠨ ᠪᠠᠶᠢᠳᠠᠯ᠂ ᠠᠮᠵᠢᠯᠲᠠ ᠪᠦᠲᠦᠮᠵᠢ ᠶᠢᠨ ᠬᠠᠷᠠᠯᠲᠠ ᠪᠠ ᠠᠮᠵᠢᠯᠲᠠ ᠪᠦᠲᠦᠮᠵᠢ ᠶᠢᠨ ᠭᠦᠢᠴᠡᠳᠬᠡᠯ ᠲᠤᠭ᠎ᠠ ᠶᠢ ᠲᠣᠭᠲᠠᠭᠠᠭᠰᠠᠨ ᠪᠠᠶᠢᠳᠠᠯ᠂ ᠪᠡᠯᠡ ᠮᠥᠩᠭᠦᠨ ᠤ ᠬᠠᠮᠢᠶᠠᠷᠤᠯᠲᠠ ᠪᠠ ᠬᠡᠷᠡᠭᠯᠡᠭᠰᠡᠨ ᠪᠠᠶᠢᠳᠠᠯ᠂ ᠬᠠᠮᠢᠶ᠎ᠠ ᠪᠦᠬᠦᠢ ᠬᠠᠮᠢᠶᠠᠷᠤᠯᠲᠠ ᠶᠢᠨ ᠳᠦᠷᠢᠮ ᠪᠠ ᠠᠷᠭ᠎ᠠ ᠶᠢᠨ ᠪᠦᠷᠢᠨ ᠲᠡᠭᠦᠯᠳᠡᠷ ᠴᠢᠨᠠᠷ ᠵᠢᠴᠢ ᠬᠡᠷᠡᠭᠵᠢᠭᠦᠯᠦᠭᠰᠡᠨ ᠪᠠᠶᠢᠳᠠᠯ᠂ ᠪᠡᠶᠡᠯᠡᠭᠦᠯᠤᠭ᠍ᠰᠡᠨ ᠪᠡᠶᠡᠯᠡᠭᠦᠯᠦᠭᠡᠳ ᠪᠠᠶᠢᠭ᠎ᠠ ᠦᠢᠯᠡᠳᠪᠦᠷᠢᠯᠡᠵᠦ ᠭᠠᠷᠭᠠᠭᠰᠠᠨ ᠪᠠᠶᠢᠳᠠᠯ᠂ ᠣᠯᠣᠭᠠᠳ ᠪᠠᠶᠢᠭ᠎ᠠ ᠣᠯᠣᠭᠰᠠᠨ ᠦᠷ᠎ᠡ ᠠᠰᠢᠭ ᠤᠨ ᠪᠠᠶᠢᠳᠠᠯ᠂ ᠦᠢᠯᠡᠴᠢᠯᠡᠭᠡ ᠬᠦᠷᠲᠡᠭᠰᠡᠳ ᠤᠨ ᠰᠡᠳᠬᠢᠯ ᠬᠠᠨᠤᠮᠵᠢᠲᠠᠢ ᠪᠠᠶᠢᠬᠤ ᠪᠠᠶᠢᠳᠠᠯ᠂ ᠪᠤᠰᠤᠳ ᠬᠠᠮᠢᠶ᠎ᠠ ᠪᠦᠬᠦᠢ ᠠᠭᠤᠯᠭ᠎ᠠ ᠵᠡᠷᠭᠡ ᠪᠠᠭᠲᠠᠨ᠎ᠠ᠃      ᠬᠤᠷᠢᠨ ᠳᠥᠷᠪᠡᠳᠦᠭᠡᠷ ᠵᠦᠢᠯ  ᠦᠨᠡᠯᠡᠯᠲᠡ ᠶᠢᠨ ᠠᠵᠢᠯ ᠳᠤ ᠭᠤᠤᠯᠳᠠᠭᠤ ᠳᠣᠤᠷᠠᠬᠢ ᠲᠠᠯ᠎ᠠ ᠶᠢ ᠪᠠᠭᠲᠠᠭᠠᠨ᠎ᠠ᠄      ︵ᠨᠢᠭᠡ︶ ᠠᠮᠵᠢᠯᠲᠠ ᠪᠦᠲᠦᠮᠵᠢ ᠶᠢᠨ ᠦᠨᠡᠯᠡᠯᠲᠡ ᠬᠢᠯᠭᠡᠬᠦ ᠡᠲᠡᠭᠡᠳ ᠪᠠ ᠬᠡᠪᠴᠢᠶ᠎ᠡ ᠶᠢ ᠲᠣᠭᠲᠠᠭᠠᠬᠤ︔      ︵ᠬᠤᠶᠠᠷ︶ ᠠᠮᠵᠢᠯᠲᠠ ᠪᠦᠲᠦᠮᠵᠢ ᠶᠢᠨ ᠦᠨᠡᠯᠡᠯᠲᠡ ᠬᠢᠬᠦ ᠮᠡᠳᠡᠭᠳᠡᠯ ᠪᠠᠭᠤᠯᠭᠠᠬᠤ︔      ︵ᠭᠤᠷᠪᠠ︶ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠠᠵᠢᠯ ᠤᠨ ᠲᠥᠰᠦᠯ ᠢ ᠰᠤᠳᠤᠯᠤᠨ ᠲᠣᠭᠲᠠᠭᠠᠬᠤ︔      ︵ᠳᠥᠷᠪᠡ︶ ᠬᠠᠮᠢᠶ᠎ᠠ ᠪᠦᠬᠦᠢ ᠲᠤᠭ᠎ᠠ ᠪᠠᠷᠢᠮᠲᠠ ᠮᠠᠲ᠋ᠧᠷᠢᠶᠠᠯ ᠢ ᠴᠤᠭᠯᠠᠭᠤᠯᠬᠤ ᠶᠢᠨ ᠬᠠᠮᠲᠤ᠂ ᠲᠤᠬᠠᠶ ᠶᠢᠨ ᠭᠠᠵᠠᠷ ᠲᠤ ᠨᠢ ᠪᠠᠶᠢᠴᠠᠭᠠᠨ ᠰᠤᠳᠤᠯᠬᠤ᠂ ᠰᠠᠭᠤᠳᠠᠯ ᠤᠨ ᠬᠤᠷᠠᠯ ᠬᠢᠬᠦ︔      ︵ᠲᠠᠪᠤ︶ ᠬᠤᠯᠪᠣᠭᠳᠠᠯ ᠪᠦᠬᠦᠢ ᠪᠠᠶᠢᠳᠠᠯ ᠢ ᠬᠢᠨᠠᠨ ᠬᠠᠷᠭᠤᠭᠤᠯᠵᠤ᠂ ᠵᠠᠳᠠᠯᠤᠯᠲᠠ ᠬᠢᠵᠦ ᠠᠩᠬ᠎ᠠ ᠠᠯᠬᠤᠮ ᠤᠨ ᠳ᠋ᠦᠩᠨᠡᠯᠲᠡ ᠭᠠᠷᠭᠠᠬᠤ︔      ︵ᠵᠢᠷᠭᠤᠭ᠎ᠠ︶ ᠦᠨᠡᠯᠡᠯᠲᠡ ᠬᠢᠯᠭᠡᠭᠰᠡᠨ ᠰᠠᠯᠠᠭ᠎ᠠ ᠮᠥᠴᠢᠷ ︵ᠨᠢᠭᠡᠴᠢ︶ ᠲᠠᠢ ᠰᠠᠨᠠᠯ ᠢᠶᠠᠨ ᠰᠣᠯᠢᠯᠴᠠᠬᠤ︔      ︵ᠳᠣᠯᠤᠭ᠎ᠠ︶ ᠶᠡᠷᠦᠩᠬᠡᠶᠢᠯᠡᠨ ᠵᠠᠳᠠᠯᠤᠯᠲᠠ ᠬᠢᠬᠦ ᠶᠢᠨ ᠬᠠᠮᠲᠤ ᠡᠴᠦᠰ ᠤᠨ ᠳ᠋ᠦᠩᠨᠡᠯᠲᠡ ᠭᠠᠷᠭᠠᠬᠤ︔      ︵ᠨᠠᠢᠮᠠ︶ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠮᠡᠳᠡᠭᠦᠯᠦᠯᠲᠡ ᠶᠢ ᠲᠤᠰᠢᠶᠠᠬᠤ︔      ︵ᠶᠢᠰᠦ︶ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠳᠠᠩᠰᠠ ᠡᠪᠬᠡᠮᠡᠯ ᠢ ᠪᠠᠶᠢᠭᠤᠯᠬᠤ᠃      ᠬᠤᠷᠢᠨ ᠲᠠᠪᠤᠳᠤᠭᠠᠷ ᠵᠦᠢᠯ  ᠠᠮᠵᠢᠯᠲᠠ ᠪᠦᠲᠦᠮᠵᠢ ᠶᠢᠨ ᠦᠨᠡᠯᠡᠯᠲᠡ ᠬᠢᠬᠦ ᠮᠡᠳᠡᠭᠳᠡᠯ ᠳᠤ ᠦᠨᠡᠯᠡᠯᠲᠡ ᠶᠢᠨ ᠡᠭᠦᠷᠭᠡ᠂ ᠦᠨᠡᠯᠡᠯᠲᠡ ᠬᠢᠯᠭᠡᠬᠦ ᠡᠲᠡᠭᠡᠳ᠂ ᠦᠨᠡᠯᠡᠯᠲᠡ ᠶᠢᠨ ᠠᠭᠤᠯᠭ᠎ᠠ᠂ ᠦᠨᠡᠯᠡᠯᠲᠡ ᠶᠢᠨ ᠠᠵᠢᠯ ᠤᠨ ᠠᠬᠢᠴᠠ ᠶᠢᠨ ᠲᠣᠬᠢᠷᠠᠭᠤᠯᠤᠯᠲᠠ᠂ ᠲᠥᠷᠥᠯ ᠵᠦᠢᠯ ᠤᠨ ᠨᠢᠭᠡᠴᠢ ᠶᠢᠨ ᠬᠠᠩᠭᠠᠬᠤ ᠴᠢᠬᠤᠯᠠᠲᠠᠶ ᠮᠠᠲ᠋ᠧᠷᠢᠶᠠᠯ ᠵᠡᠷᠭᠡ ᠶᠢ ᠲᠣᠳᠣᠷᠬᠠᠢ ᠲᠣᠭᠲᠠᠭᠠᠵᠤ᠂ ᠦᠨᠡᠯᠡᠯᠳᠡ ᠶᠢᠨ ᠠᠵᠢᠯ ᠢ ᠵᠣᠬᠢᠶᠠᠨ ᠪᠠᠶᠢᠭᠤᠯᠵᠤ ᠬᠡᠷᠡᠭᠵᠢᠭᠦᠯᠬᠦ ᠠᠴᠠ ᠡᠮᠦᠨ᠎ᠡ ᠬᠤᠯᠪᠣᠭᠳᠠᠯ ᠪᠥᠬᠦᠶ ᠰᠠᠯᠠᠭ᠎ᠠ ᠮᠥᠴᠢᠷ᠂ ᠨᠢᠭᠡᠴᠢ ᠳᠤ ᠪᠠᠭᠤᠯᠭᠠᠬᠤ ᠬᠡᠷᠡᠭᠲᠡᠶ᠃      ᠬᠤᠷᠢᠨ ᠵᠢᠷᠭᠤᠳᠤᠭᠠᠷ ᠵᠦᠢᠯ  ᠦᠨᠡᠯᠡᠯᠲᠡ ᠶᠢᠨ ᠠᠵᠢᠯ ᠤᠨ ᠲᠥᠰᠦᠯ ᠢ ᠨᠢ ᠪᠣᠯᠤᠮᠵᠢᠲᠤ ᠴᠢᠨᠠᠷ᠂ ᠪᠦᠬᠦ ᠲᠠᠯ᠎ᠠ ᠶᠢᠨ ᠴᠢᠨᠠᠷ ᠪᠠ ᠲᠣᠪᠴᠢ ᠲᠣᠳᠣᠷᠬᠠᠢ ᠴᠢᠨᠠᠷ ᠤᠨ ᠵᠠᠷᠴᠢᠮ ᠳᠤ ᠨᠡᠶᠢᠴᠡᠭᠦᠯᠦᠭᠰᠡᠨ ᠪᠠᠶᠢᠵᠤ᠂ ᠦᠨᠡᠯᠡᠯᠲᠡ ᠶᠢᠨ ᠠᠭᠤᠯᠭ᠎ᠠ᠂ ᠠᠷᠭ᠎ᠠ᠂ ᠠᠯᠬᠤᠮ ᠳᠠᠷᠠᠭ᠎ᠠ ᠪᠠ ᠴᠠᠭ ᠤᠨ ᠵᠠᠩᠭᠢᠶᠠᠰᠤ ᠶᠢᠨ ᠲᠣᠬᠢᠷᠠᠭᠤᠯᠤᠯᠲᠠ ᠪᠠᠨ ᠰᠢᠨᠵᠢᠯᠡᠬᠦ ᠤᠬᠠᠭᠠᠨᠴᠢ ᠪᠥᠭᠡᠳ ᠵᠦᠢ ᠵᠣᠬᠢᠰᠲᠠᠶ ᠪᠠᠶᠢᠯᠭᠠᠬᠤ ᠬᠡᠷᠡᠭᠲᠡᠶ᠃      ᠬᠤᠷᠢᠨ ᠳᠣᠯᠣᠳᠤᠭᠠᠷ ᠵᠦᠢᠯ  ᠡᠳ᠋ ᠤᠨ ᠵᠠᠰᠠᠭ ᠪᠠ ᠰᠠᠯᠠᠭ᠎ᠠ ᠮᠥᠴᠢᠷ ᠤᠨ ᠦᠨᠡᠯᠡᠯᠲᠡ ᠶᠢ ᠬᠡᠷᠡᠭᠴᠡᠭᠡ ᠪᠠᠨ ᠦᠨᠳᠦᠰᠦᠯᠡᠨ ᠭᠤᠷᠪᠠᠳᠠᠬᠢ ᠡᠲᠡᠭᠡᠳ ᠤᠨ ᠪᠠᠶᠢᠭᠤᠯᠤᠮᠵᠢ ᠳᠤ ᠨᠠᠶᠢᠳᠠᠬᠤ ᠪᠤᠶᠤ ᠬᠠᠮᠢᠶ᠎ᠠ ᠪᠦᠬᠦᠢ ᠬᠦᠷᠢᠶᠡᠨ ᠤ ᠲᠤᠰᠬᠠᠶ ᠮᠡᠷᠭᠡᠵᠢᠯᠲᠡᠨ ᠢ ᠣᠷᠣᠯᠴᠠᠭᠤᠯᠵᠤ ᠪᠣᠯᠤᠨ᠎ᠠ᠃ ᠬᠠᠮᠢᠶ᠎ᠠ ᠪᠥᠬᠦᠶ ᠬᠦᠷᠢᠶᠡᠨ ᠤ ᠲᠤᠰᠬᠠᠶ ᠮᠡᠷᠭᠡᠵᠢᠯᠲᠡᠨ ᠨᠢ ᠲᠥᠷᠥᠯ ᠵᠦᠢᠯ ᠳᠤ ᠬᠤᠯᠪᠣᠭᠳᠠᠬᠤ ᠬᠦᠷᠢᠶ᠎ᠡ ᠴᠠᠷᠠᠭᠠᠨ ︵ᠠᠵᠢᠯ ᠲᠥᠷᠥᠯ︶ ᠤ ᠲᠤᠰᠬᠠᠶ ᠮᠡᠷᠭᠡᠵᠢᠯᠲᠡᠨ᠂ ᠡᠳ᠋ ᠤᠨ ᠶᠠᠪᠤᠳᠠᠯ ︵ᠡᠳ᠋ ᠤᠨ ᠵᠠᠰᠠᠭ︶ ᠤᠨ ᠬᠠᠮᠢᠶᠠᠷᠤᠯᠲᠠ ᠶᠢᠨ ᠲᠤᠰᠬᠠᠶ ᠮᠡᠷᠭᠡᠵᠢᠯᠲᠡᠨ᠂ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢᠨ ᠲᠤᠰᠬᠠᠶ ᠮᠡᠷᠭᠡᠵᠢᠯᠲᠡᠨ ᠵᠡᠷᠭᠡ ᠶᠢ ᠪᠠᠭᠲᠠᠭᠠᠨ᠎ᠠ᠃ ᠭᠤᠷᠪᠠᠳᠠᠬᠢ ᠡᠲᠡᠭᠡᠳ ᠤᠨ ᠪᠠᠶᠢᠭᠤᠯᠤᠮᠵᠢ ᠪᠠ ᠲᠤᠰᠬᠠᠶ ᠮᠡᠷᠭᠡᠵᠢᠯᠲᠡᠨ ᠤ ᠲᠤᠭ᠎ᠠ᠂ ᠲᠤᠰᠬᠠᠶ ᠮᠡᠷᠭᠡᠵᠢᠯ ᠤᠨ ᠪᠦᠲᠦᠴᠡ ᠵᠢᠴᠢ ᠲᠤᠬᠠᠶᠢᠯᠠᠭᠰᠠᠨ ᠠᠵᠢᠯ ᠤᠨ ᠴᠢᠳᠠᠪᠤᠷᠢ ᠨᠢ ᠦᠨᠡᠯᠡᠯᠲᠡ ᠶᠢᠨ ᠠᠵᠢᠯ ᠤᠨ ᠬᠡᠷᠡᠭᠴᠡᠭᠡ ᠶᠢ ᠬᠠᠩᠭᠠᠬᠤ ᠶᠢᠨ ᠬᠠᠮᠲᠤ᠂ ᠠᠰᠢᠭ ᠲᠤᠰᠠ ᠶᠢᠨ ᠬᠠᠷᠢᠴᠠᠭ᠎ᠠ ᠲᠠᠢ ᠬᠥᠮᠥᠰ ᠢ ᠵᠠᠶᠢᠯᠠᠭᠤᠯᠬᠤ᠂ ᠪᠦᠷᠢᠯᠳᠦᠬᠦᠨ ᠤ ᠲᠣᠭᠲᠠᠪᠤᠷᠢᠲᠤ ᠴᠢᠨᠠᠷ ᠵᠡᠷᠭᠡ ᠡᠯᠧᠮᠧᠨ᠋ᠲ ᠢ ᠭᠦᠢᠴᠡᠳ ᠪᠣᠳᠣᠯᠬᠢᠯᠠᠬᠤ ᠬᠡᠷᠡᠭᠲᠡᠶ᠃      ᠬᠤᠷᠢᠨ ᠨᠠᠢᠮᠠᠳᠤᠭᠠᠷ ᠵᠦᠢᠯ  ᠭᠤᠷᠪᠠᠳᠠᠬᠢ ᠡᠲᠡᠭᠡᠳ ᠤᠨ ᠪᠠᠶᠢᠭᠤᠯᠤᠮᠵᠢ ᠪᠤᠶᠤ ᠲᠤᠰᠬᠠᠶ ᠮᠡᠷᠭᠡᠵᠢᠯᠲᠡᠨ ᠨᠢ ᠲᠥᠷᠥᠯ ᠵᠦᠢᠯ ᠤᠨ ᠨᠢᠭᠡᠴᠢ ᠯᠦᠭᠡ ᠭᠦᠢᠴᠡᠳ ᠨᠡᠪᠲᠡᠷᠡᠯᠴᠡᠭᠰᠡᠨ ᠰᠠᠭᠤᠷᠢᠨ ᠳᠡᠭᠡᠷ᠎ᠡ᠂ ᠪᠦᠷᠢᠨ ᠪᠦᠲᠦᠨ ᠴᠢᠨᠠᠷ᠂ ᠴᠢᠬᠤᠯᠠ ᠴᠢᠨᠠᠷ᠂ ᠬᠤᠯᠪᠣᠭᠳᠠᠬᠤ ᠴᠢᠨᠠᠷ᠂ ᠬᠠᠷᠢᠴᠠᠭᠤᠯᠵᠤ ᠪᠣᠯᠬᠤᠶᠢᠴᠠ ᠴᠢᠨᠠᠷ᠂ ᠪᠣᠯᠤᠮᠵᠢᠲᠤ ᠴᠢᠨᠠᠷ ᠪᠠ ᠠᠵᠤ ᠠᠬᠤᠶ ᠶᠢᠨ ᠴᠢᠨᠠᠷ᠂ ᠪᠦᠲᠦᠮᠵᠢᠲᠦ ᠴᠢᠨᠠᠷ ᠵᠡᠷᠭᠡ ᠡᠯᠧᠮᠧᠨ᠋ᠲ ᠢ ᠪᠣᠳᠣᠯᠬᠢᠯᠠᠵᠤ᠂ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠭᠦᠢᠴᠡᠳᠬᠡᠯ ᠲᠣᠭᠠᠨ ᠤ ᠲᠣᠭᠲᠠᠯᠴᠠᠭ᠎ᠠ ᠶᠢ ᠰᠢᠨᠵᠢᠯᠡᠬᠦ ᠤᠬᠠᠭᠠᠨᠴᠢ ᠪᠠᠷ ᠨᠠᠶᠢᠷᠠᠭᠤᠯᠤᠨ ᠵᠣᠬᠢᠶᠠᠵᠤ᠂ ᠭᠦᠢᠴᠡᠳᠬᠡᠯ ᠲᠣᠭᠠᠨ ᠤ ᠡᠵᠡᠯᠡᠬᠦ ᠬᠤᠪᠢᠳᠠᠯ ᠢ ᠵᠦᠶ ᠵᠣᠬᠢᠰᠲᠠᠶ ᠬᠤᠪᠢᠶᠠᠷᠢᠯᠠᠨ᠂ ᠲᠥᠷᠥᠯ ᠵᠦᠢᠯ ᠤᠨ ᠠᠮᠵᠢᠯᠲᠠ ᠪᠦᠲᠦᠮᠵᠢ ᠶᠢᠨ ᠪᠠᠶᠢᠳᠠᠯ ᠵᠢᠴᠢ ᠠᠮᠵᠢᠯᠲᠠ ᠪᠦᠲᠦᠮᠵᠢ ᠶᠢᠨ ᠬᠠᠷᠠᠯᠲᠠ ᠶᠢ ᠪᠡᠶᠡᠯᠡᠭᠦᠯᠦᠭᠰᠡᠨ ᠬᠡᠮᠵᠢᠶ᠎ᠡ ᠶᠢ ᠭᠦᠢᠴᠡᠳ ᠢᠯᠡᠷᠡᠭᠦᠯᠬᠦ ᠪᠠ ᠪᠤᠰᠤᠳᠴᠢ ᠪᠠᠷ ᠲᠤᠰᠬᠠᠬᠤ ᠬᠡᠷᠡᠭᠲᠡᠶ᠃      ᠬᠤᠷᠢ ᠶᠢᠰᠦᠳᠦᠭᠡᠷ ᠵᠦᠢᠯ  ᠦᠨᠡᠯᠡᠯᠲᠡ ᠶᠢᠨ ᠭᠦᠢᠴᠡᠳᠬᠡᠯ ᠲᠤᠭ᠎ᠠ ᠨᠢ ᠳᠣᠤᠷᠠᠬᠢ ᠱᠠᠭᠠᠷᠳᠠᠯᠭ᠎ᠠ ᠳᠤ ᠨᠡᠶᠢᠴᠡᠭᠰᠡᠨ ᠪᠠᠶᠢᠬᠤ ᠬᠡᠷᠡᠭᠲᠡᠶ᠄      ︵ᠨᠢᠭᠡ︶ ᠦᠨᠡᠯᠡᠯᠲᠡ ᠬᠢᠯᠭᠡᠬᠦ ᠡᠲᠡᠭᠡᠳ ᠯᠦᠭᠡ ᠨᠢᠭᠲᠠ ᠬᠤᠯᠪᠣᠭ᠎ᠠ ᠲᠠᠢ ᠪᠠᠶᠢᠯᠭᠠᠵᠤ᠂ ᠲᠥᠷᠥᠯ ᠵᠦᠢᠯ ᠤᠨ ᠰᠢᠢᠳᠪᠦᠷᠢᠲᠦ ᠪᠣᠳᠣᠯᠭ᠎ᠠ᠂ ᠲᠥᠷᠥᠯ ᠵᠦᠢᠯ ᠪᠠ ᠪᠡᠯᠡ ᠮᠥᠩᠭᠦᠨ ᠤ ᠬᠠᠮᠢᠶᠠᠷᠤᠯᠲᠠ᠂ ᠦᠢᠯᠡᠳᠪᠦᠷᠢᠯᠡᠵᠦ ᠭᠠᠷᠭᠠᠬᠤ ᠪᠠ ᠦᠷ᠎ᠡ ᠠᠰᠢᠭ ᠢ ᠪᠦᠬᠦ ᠲᠠᠯ᠎ᠠ ᠪᠠᠷ ᠲᠤᠰᠬᠠᠨ᠎ᠠ︔      ︵ᠬᠤᠶᠠᠷ︶ ᠬᠠᠮᠤᠭ ᠤᠨ ᠲᠥᠯᠥᠭᠡᠯᠡᠬᠦ ᠴᠢᠨᠠᠷᠲᠠᠢ᠂ ᠦᠢᠯᠡᠳᠪᠦᠷᠢᠯᠡᠵᠦ ᠭᠠᠷᠭᠠᠬᠤ ᠪᠠ ᠦᠷ᠎ᠡ ᠠᠰᠢᠭ ᠢ ᠬᠠᠮᠤᠭ ᠠᠴᠠ ᠰᠢᠭᠤᠳ ᠲᠤᠰᠬᠠᠵᠤ ᠴᠢᠳᠠᠬᠤ ᠭᠤᠣᠯᠯᠠᠬᠤ ᠭᠦᠢᠴᠡᠳᠬᠡᠯ ᠲᠤᠭ᠎ᠠ ᠶᠢ ᠤᠷᠢᠳ ᠢᠶᠠᠷ ᠰᠣᠩᠭᠤᠵᠤ᠂ ᠴᠣᠮᠬᠠᠳᠬᠠᠨ ᠪᠣᠳᠠᠲᠠᠢ ᠬᠡᠷᠡᠭᠯᠡᠬᠦ ᠪᠣᠯᠭᠠᠨ᠎ᠠ︔      ︵ᠭᠤᠷᠪᠠ︶ ᠭᠦᠢᠴᠡᠳᠬᠡᠯ ᠲᠣᠭᠠᠨ ᠤ ᠠᠭᠤᠯᠤᠭᠳᠠᠬᠤᠨ ᠢ ᠲᠣᠳᠣᠷᠬᠠᠢ᠂ ᠪᠣᠳᠠᠲᠠᠢ᠂ ᠬᠡᠮᠵᠢᠵᠦ ᠪᠣᠯᠬᠤ ᠪᠠᠷ ᠲᠣᠭᠲᠠᠭᠠᠵᠤ᠂ ᠲᠤᠭ᠎ᠠ ᠪᠠᠷᠢᠮᠲᠠ ᠵᠢᠴᠢ ᠭᠡᠷᠡᠴᠢᠯᠡᠬᠦ ᠮᠠᠲ᠋ᠧᠷᠢᠶᠠᠯ ᠢ ᠴᠤᠭᠯᠠᠭᠤᠯᠵᠤ᠂ ᠣᠯᠵᠤ ᠪᠣᠯᠬᠤ ᠪᠣᠯᠭᠠᠨ᠎ᠠ︔      ︵ᠳᠥᠷᠪᠡ︶ ᠠᠳᠠᠯᠢ ᠲᠥᠷᠥᠯ ᠤᠨ ᠲᠥᠷᠥᠯ ᠵᠦᠢᠯ ᠤᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠭᠦᠢᠴᠡᠳᠬᠡᠯ ᠲᠤᠭ᠎ᠠ ᠪᠠ ᠪᠠᠷᠢᠮᠵᠢᠶ᠎ᠠ ᠶᠢ ᠨᠢᠭᠡᠳᠦᠯᠲᠡᠶ ᠪᠠᠶᠢᠯᠭᠠᠬᠤ ᠨᠢ ᠨᠢᠭᠡᠳᠣᠯᠳᠣ ᠴᠢᠨᠠᠷᠳᠠᠢ᠂ ᠦᠨᠡᠯᠡᠭᠰᠡᠨ ᠦᠷ᠎ᠡ ᠳ᠋ᠦᠩ ᠢ ᠬᠠᠷᠢᠯᠴᠠᠨ ᠬᠠᠷᠢᠴᠠᠭᠤᠯᠬᠤ ᠳᠤ ᠲᠥᠬᠦᠮ ᠪᠣᠯᠭᠠᠨ᠎ᠠ᠃      ᠭᠤᠴᠢᠳᠤᠭᠠᠷ ᠵᠦᠢᠯ  ᠦᠨᠡᠯᠡᠬᠦ ᠭᠦᠢᠴᠡᠳᠬᠡᠯ ᠲᠣᠭᠠᠨ ᠤ ᠡᠵᠡᠯᠡᠬᠦ ᠬᠤᠪᠢᠳᠠᠯ ᠢ ᠦᠨᠡᠯᠡᠯᠲᠡ ᠶᠢᠨ ᠰᠢᠰᠲ᠋ᠧᠮ ᠳᠠᠬᠢ ᠡᠯ᠎ᠡ ᠵᠦᠢᠯ ᠤᠨ ᠭᠦᠢᠴᠡᠳᠬᠡᠯ ᠲᠣᠭᠠᠨ ᠤ ᠴᠢᠬᠤᠯᠠ ᠪᠠᠶᠢᠬᠤ ᠬᠡᠮᠵᠢᠶ᠎ᠡ ᠶᠢ ᠦᠨᠳᠦᠰᠦᠯᠡᠨ ᠲᠣᠭᠲᠠᠭᠠᠨ᠎ᠠ᠂ ᠦᠷ᠎ᠡ ᠳ᠋ᠦᠩ ᠤᠨ ᠤᠳᠤᠷᠢᠳᠤᠮᠵᠢ ᠶᠢ ᠳᠣᠪᠣᠶᠢᠯᠭᠠᠵᠤ᠂ ᠵᠠᠷᠴᠢᠮ ᠳᠡᠭᠡᠷ᠎ᠡ ᠪᠠᠨ ᠦᠢᠯᠡᠳᠪᠦᠷᠢᠯᠡᠵᠦ ᠭᠠᠷᠭᠠᠬᠤ᠂ ᠦᠷ᠎ᠡ ᠠᠰᠢᠭ ᠤᠨ ᠭᠦᠢᠴᠡᠳᠬᠡᠯ ᠲᠣᠭᠠᠨ ᠤ ᠡᠵᠡᠯᠡᠬᠦ ᠬᠤᠪᠢᠳᠠᠯ ᠢ 60 % ᠠᠴᠠ ᠳᠣᠣᠷ᠎ᠠ ᠪᠠᠶᠢᠯᠭᠠᠵᠤ ᠪᠣᠯᠬᠤ ᠦᠭᠡᠢ᠂ ᠣᠨᠴᠠᠭᠠᠢ ᠪᠠᠶᠢᠳᠠᠯ ᠳᠤ ᠵᠣᠬᠢᠰᠲᠠᠢ ᠲᠤᠬᠢᠷᠠᠭᠤᠯᠤᠯᠳᠠ ᠬᠢᠵᠦ ᠪᠣᠯᠤᠨ᠎ᠠ᠃ ᠲᠥᠷᠥᠯ ᠵᠦᠢᠯ ᠨᠢ ᠠᠳᠠᠯᠢ ᠪᠤᠰᠤ ᠬᠡᠷᠡᠭᠵᠢᠭᠦᠯᠬᠦ ᠱᠠᠲᠤ ᠦᠶ᠎ᠡ ᠳᠤ ᠪᠠᠶᠢᠪᠠᠯ᠂ ᠭᠦᠢᠴᠡᠳᠬᠡᠯ ᠲᠣᠭᠠᠨ ᠤ ᠡᠵᠡᠯᠡᠬᠦ ᠬᠤᠪᠢᠳᠠᠯ ᠨᠢ ᠵᠥᠷᠢᠶᠡᠲᠦ ᠴᠢᠨᠠᠷ ᠢ ᠢᠯᠡᠷᠡᠭᠦᠯᠦᠭᠰᠡᠨ ᠪᠠᠶᠢᠬᠤ ᠬᠡᠷᠡᠭᠲᠡᠢ᠂ ᠡᠭᠦᠨ ᠳᠤ ᠬᠡᠷᠡᠭᠵᠢᠭᠦᠯᠬᠦ ᠬᠤᠭᠤᠴᠠᠭᠠᠨ ᠳᠠᠬᠢ ᠦᠨᠡᠯᠡᠯᠲᠡ ᠨᠢ ᠰᠢᠢᠳᠪᠦᠷᠢᠲᠦ ᠪᠣᠳᠣᠯᠭ᠎ᠠ ᠲᠣᠭᠲᠠᠭᠠᠬᠤ᠂ ᠶᠠᠪᠤᠴᠠ ᠪᠠ ᠦᠢᠯᠡᠳᠪᠦᠷᠢᠯᠡᠵᠦ ᠭᠠᠷᠭᠠᠬᠤ ᠶᠢ ᠨᠡᠩ ᠢᠯᠡᠭᠦᠦ ᠴᠢᠬᠤᠯᠠᠴᠢᠯᠠᠵᠤ᠂ ᠬᠡᠷᠡᠭᠵᠢᠭᠦᠯᠬᠦ ᠬᠤᠭᠤᠴᠠᠭ᠎ᠠ ᠳᠠᠭᠤᠰᠤᠭᠰᠠᠨ ᠤ ᠳᠠᠷᠠᠭᠠᠬᠢ ᠦᠨᠡᠯᠡᠯᠲᠡ ᠳᠤ ᠦᠢᠯᠡᠳᠪᠦᠷᠢᠯᠡᠵᠦ ᠭᠠᠷᠭᠠᠬᠤ ᠪᠠ ᠦᠷ᠎ᠡ ᠠᠰᠢᠭ ᠢ ᠨᠠᠩ ᠢᠯᠡᠭᠦᠤ ᠴᠢᠬᠤᠯᠠᠴᠢᠯᠠᠬᠤ ᠬᠡᠷᠡᠭᠲᠡᠶ᠃      ᠭᠤᠴᠢᠨ ᠨᠢᠭᠡᠳᠦᠭᠡᠷ ᠵᠦᠢᠯ  ᠠᠮᠵᠢᠯᠲᠠ ᠪᠦᠲᠦᠮᠵᠢ ᠶᠢᠨ ᠦᠨᠡᠯᠡᠯᠲᠡ ᠳᠤ ᠵᠠᠷᠴᠢᠮ ᠳᠡᠭᠡᠷ᠎ᠡ ᠪᠠᠨ ᠠᠬᠤᠢ ᠲᠠᠯᠠᠪᠠᠶ ᠪᠠ ᠠᠬᠤᠢ ᠲᠠᠯᠠᠪᠠᠶ ᠶᠢᠨ ᠪᠤᠰᠤ ᠦᠨᠡᠯᠡᠯᠲᠡ ᠶᠢ ᠤᠶᠠᠯᠳᠤᠭᠤᠯᠬᠤ ᠠᠷᠭ᠎ᠠ ᠮᠠᠶ᠋ᠢᠭ ᠢ ᠬᠡᠷᠡᠭᠯᠡᠬᠦ ᠬᠡᠷᠡᠭᠲᠡᠶ᠃      ︵ᠨᠢᠭᠡ︶ ᠠᠬᠤᠢ ᠲᠠᠯᠠᠪᠠᠶ ᠶᠢᠨ ᠦᠨᠡᠯᠡᠯᠲᠡ ᠭᠡᠳᠡᠭ ᠨᠢ ᠦᠨᠡᠯᠡᠯᠲᠡ ᠬᠢᠬᠦ ᠠᠵᠢᠯᠲᠠᠳ ᠲᠥᠷᠥᠯ ᠵᠦᠢᠯ ᠤᠨ ᠠᠬᠤᠢ ᠲᠠᠯᠠᠪᠠᠶ ᠳᠤ ᠬᠦᠷᠴᠦ ᠬᠠᠶᠢᠨ ᠪᠠᠶᠢᠴᠠᠭᠠᠬᠤ᠂ ᠠᠰᠠᠭᠤᠨ ᠯᠠᠪᠯᠠᠬᠤ᠂ ᠳᠠᠬᠢᠨ ᠬᠢᠨᠠᠬᠤ ᠬᠠᠷᠭᠤᠭᠤᠯᠬᠤ ᠪᠤᠶᠤ ᠲᠥᠷᠥᠯ ᠵᠦᠢᠯ ᠤᠨ ᠨᠢᠭᠡᠴᠢ ᠲᠠᠢ ᠶᠠᠷᠢᠯᠴᠠᠬᠤ ᠵᠡᠷᠭᠡ ᠠᠷᠭ᠎ᠠ ᠮᠠᠶ᠋ᠢᠭ ᠢ ᠬᠡᠷᠡᠭᠯᠡᠨ᠂ ᠬᠤᠯᠪᠣᠭᠳᠠᠯ ᠪᠥᠬᠦᠶ ᠪᠠᠶᠢᠳᠠᠯ ᠢ ᠬᠠᠷᠭᠤᠭᠤᠯᠬᠤ᠂ ᠡᠵᠡᠮᠰᠢᠭᠰᠡᠨ ᠮᠠᠲ᠋ᠧᠷᠢᠶᠠᠯ ᠳᠤ ᠵᠠᠳᠠᠯᠤᠯᠲᠠ ᠬᠢᠬᠦ᠂ ᠲᠥᠷᠥᠯ ᠵᠦᠢᠯ ᠳᠤ ᠦᠨᠡᠯᠡᠯᠲᠡ ᠬᠢᠬᠦ ᠶᠠᠪᠤᠴᠠ ᠶᠢ ᠵᠢᠭᠠᠵᠤ ᠪᠣᠶ᠃ ᠠᠬᠤᠢ ᠲᠠᠯᠠᠪᠠᠶ ᠶᠢᠨ ᠦᠨᠡᠯᠡᠯᠲᠡ ᠶᠢᠨ ᠬᠡᠪᠴᠢᠶ᠎ᠡ ᠶᠢ ᠨᠠᠶᠢᠳᠠᠭᠰᠠᠨ ᠲᠠᠯ᠎ᠠ ᠶᠢᠨ ᠱᠠᠭᠠᠷᠳᠠᠯᠭ᠎ᠠ ᠶᠢ ᠨᠢ ᠦᠨᠳᠦᠰᠦᠯᠡᠨ ᠲᠣᠭᠲᠠᠭᠠᠵᠤ᠂ ᠵᠠᠷᠴᠢᠮ ᠳᠡᠭᠡᠷ᠎ᠡ ᠪᠠᠨ ᠪᠣᠳᠠᠲᠠᠶ ᠲᠥᠷᠥᠯ ᠵᠦᠢᠯ ᠤᠨ ᠨᠢᠭᠡᠴᠢ ︵ᠪᠤᠶᠤ ᠲᠥᠷᠥᠯ ᠵᠦᠢᠯ ᠤᠨ ᠲᠤᠭ᠎ᠠ︶ ᠶᠢᠨ ᠶᠡᠷᠦᠩᠬᠡᠶ ᠲᠣᠭᠠᠨ ᠤ 30 %᠂ ᠲᠥᠷᠥᠯ ᠵᠦᠢᠯ ᠤᠨ ᠲᠥᠰᠦᠪ ᠤᠨ ᠶᠡᠷᠦᠩᠬᠡᠶ ᠲᠣᠭᠠᠨ ᠤ 30 % ᠠᠴᠠ ᠳᠣᠤᠷ᠎ᠠ ᠪᠠᠶᠢᠯᠭᠠᠵᠤ ᠪᠣᠯᠬᠤ ᠥᠬᠡᠶ︔      ︵ᠬᠤᠶᠠᠷ︶ ᠠᠬᠤᠢ ᠲᠠᠯᠠᠪᠠᠶ ᠶᠢᠨ ᠪᠤᠰᠤ ᠦᠨᠡᠯᠡᠯᠲᠡ ᠭᠡᠳᠡᠭ ᠨᠢ ᠦᠨᠡᠯᠡᠯᠲᠡ ᠬᠢᠬᠦ ᠠᠵᠢᠯᠲᠠᠳ ᠲᠥᠷᠥᠯ ᠵᠦᠢᠯ ᠤᠨ ᠨᠢᠭᠡᠴᠢ ᠶᠢᠨ ᠬᠠᠩᠭᠠᠭᠰᠠᠨ ᠲᠥᠷᠥᠯ ᠵᠦᠢᠯ ᠤᠨ ᠬᠠᠮᠢᠶ᠎ᠠ ᠪᠥᠬᠦᠶ ᠮᠠᠲ᠋ᠧᠷᠢᠶᠠᠯ ᠪᠠ ᠡᠯ᠎ᠡ ᠵᠦᠢᠯ ᠤᠨ ᠢᠯᠡ ᠪᠠᠶᠢᠯᠭᠠᠵᠤ ᠪᠠᠶᠢᠭ᠎ᠠ ᠲᠤᠭ᠎ᠠ ᠪᠠᠷᠢᠮᠲᠠ ᠶᠢᠨ ᠮᠠᠲ᠋ᠧᠷᠢᠶᠠᠯ ᠳᠤ ᠲᠥᠷᠥᠯ ᠬᠤᠪᠢᠶᠠᠬᠤ᠂ ᠬᠤᠷᠢᠶᠠᠩᠭᠤᠶᠢᠯᠠᠬᠤ ᠪᠠ ᠵᠠᠳᠠᠯᠤᠯᠲᠠ ᠬᠢᠵᠦ᠂ ᠲᠥᠷᠥᠯ ᠵᠦᠢᠯ ᠳᠤ ᠦᠨᠡᠯᠡᠯᠲᠡ ᠬᠢᠬᠦ ᠶᠠᠪᠤᠴᠠ ᠶᠢ ᠵᠢᠭᠠᠵᠤ ᠪᠣᠶ᠃ ᠠᠬᠤᠢ ᠲᠠᠯᠠᠪᠠᠶ ᠶᠢᠨ ᠪᠤᠰᠤ ᠦᠨᠡᠯᠡᠯᠲᠡ ᠶᠢ ᠵᠠᠷᠴᠢᠮ ᠳᠡᠭᠡᠷ᠎ᠡ ᠪᠠᠨ ᠲᠥᠷᠥᠯ ᠵᠦᠢᠯ ᠤᠨ ᠬᠡᠷᠡᠭᠵᠢᠭᠦᠯᠬᠦ ᠳᠤ ᠬᠤᠯᠪᠣᠭᠳᠠᠬᠤ ᠪᠣᠶ ᠪᠥᠬᠦᠶ ᠨᠢᠭᠡᠴᠢ ᠪᠠ ᠲᠥᠷᠥᠯ ᠵᠦᠢᠯ ᠳᠤ ᠣᠷᠣᠭᠤᠯᠤᠭᠰᠠᠨ ᠪᠠᠯᠠ ᠮᠥᠩᠭᠦ ᠶᠢ ᠬᠠᠮᠤᠷᠬᠤ ᠬᠡᠷᠡᠭᠲᠡᠢ᠃      ᠭᠤᠴᠢᠨ ᠬᠤᠶᠠᠳᠤᠭᠠᠷ ᠵᠦᠢᠯ  ᠦᠨᠡᠯᠡᠯᠲᠡ ᠶᠢᠨ ᠠᠷᠭ᠎ᠠ ᠳᠤ ᠭᠤᠣᠯᠳᠠᠭᠤ ᠥᠪᠡᠷ ᠤᠨ ᠥᠷᠲᠡᠭ ᠦᠷ᠎ᠡ ᠠᠰᠢᠭ ᠢ ᠵᠠᠳᠠᠯᠬᠤ ᠠᠷᠭ᠎ᠠ᠂ ᠬᠠᠷᠢᠴᠠᠭᠤᠯᠬᠤ ᠠᠷᠭ᠎ᠠ᠂ ᠡᠯᠧᠮᠧᠨ᠋ᠲ ᠢ ᠵᠠᠳᠠᠯᠬᠤ ᠠᠷᠭ᠎ᠠ᠂ ᠬᠠᠮᠤᠭ ᠤᠨ ᠳᠣᠣᠷ᠎ᠠ ᠥᠪᠡᠷ ᠤᠨ ᠥᠷᠲᠡᠭ ᠤᠨ ᠠᠷᠭ᠎ᠠ᠂ ᠨᠡᠶᠢᠲᠡ ᠣᠯᠠᠨ ᠤ ᠦᠨᠡᠯᠡᠨ ᠮᠠᠭᠠᠳᠯᠠᠬᠤ ᠠᠷᠭ᠎ᠠ᠂ ᠬᠡᠪ ᠳᠠᠭᠤᠷᠢᠶᠠᠯ ᠤᠨ ᠬᠠᠮᠢᠶᠠᠷᠤᠯᠲᠠ ᠶᠢᠨ ᠠᠷᠭ᠎ᠠ ᠵᠡᠷᠭᠡ ᠪᠠᠭᠲᠠᠨ᠎ᠠ᠃ ᠦᠨᠡᠯᠡᠯᠲᠡ ᠬᠢᠯᠭᠡᠬᠦ ᠡᠲᠡᠭᠡᠳ ᠤᠨ ᠪᠣᠳᠠᠲᠤ ᠪᠠᠶᠢᠳᠠᠯ ᠢ ᠦᠨᠳᠦᠰᠦᠯᠡᠨ᠂ ᠨᠢᠭᠡ ᠵᠦᠢᠯ ᠤᠨ ᠪᠤᠶᠤ ᠣᠯᠠᠨ ᠵᠦᠢᠯ ᠤᠨ ᠠᠷᠭ᠎ᠠ ᠶᠢ ᠬᠡᠷᠡᠭᠯᠡᠵᠦ ᠪᠣᠯᠤᠨ᠎ᠠ᠃      ︵ᠨᠢᠭᠡ︶ ᠥᠪᠡᠷ ᠤᠨ ᠥᠷᠲᠡᠭ ᠦᠷ᠎ᠡ ᠠᠰᠢᠭ ᠢ ᠵᠠᠳᠠᠯᠬᠤ ᠠᠷᠭ᠎ᠠ᠃ ᠡᠨᠡ ᠨᠢ ᠣᠷᠣᠭᠤᠯᠤᠯᠲᠠ ᠬᠢᠭᠡᠳ ᠦᠢᠯᠡᠳᠪᠦᠷᠢᠯᠡᠵᠦ ᠭᠠᠷᠭᠠᠬᠤ᠂ ᠦᠷ᠎ᠡ ᠠᠰᠢᠭ ᠲᠤ ᠬᠤᠯᠪᠣᠭᠳᠠᠭᠰᠠᠨ ᠢ ᠬᠤᠯᠪᠣᠭᠳᠠᠭᠤᠯᠤᠨ ᠵᠠᠳᠠᠯᠤᠯᠲᠠ ᠬᠢᠬᠦ ᠠᠷᠭ᠎ᠠ ᠶᠢ ᠵᠢᠭᠠᠵᠤ ᠪᠣᠢ︔      ︵ᠬᠤᠶᠠᠷ︶ ᠬᠠᠷᠢᠴᠠᠭᠤᠯᠬᠤ ᠠᠷᠭ᠎ᠠ᠃ ᠡᠨᠡ ᠨᠢ ᠬᠡᠷᠡᠭᠵᠢᠭᠦᠯᠦᠭᠰᠡᠨ ᠪᠠᠶᠢᠳᠠᠯ ᠬᠢᠭᠡᠳ ᠠᠮᠵᠢᠯᠲᠠ ᠪᠦᠲᠦᠮᠵᠢ ᠶᠢᠨ ᠬᠠᠷᠠᠯᠲᠠ᠂ ᠥᠩᠭᠡᠷᠡᠭᠰᠡᠨ ᠤ ᠪᠠᠶᠢᠳᠠᠯ᠂ ᠠᠳᠠᠯᠢ ᠪᠤᠰᠤ ᠰᠠᠯᠠᠭ᠎ᠠ ᠮᠥᠴᠢᠷ ᠪᠠ ᠭᠠᠵᠠᠷ ᠣᠷᠣᠨ ᠤ ᠠᠳᠠᠯᠢ ᠲᠦᠷᠦᠯ ᠤᠨ ᠵᠠᠷᠤᠯᠭ᠎ᠠ ᠶᠢᠨ ᠪᠠᠶᠢᠳᠠᠯ ᠲᠠᠢ ᠬᠠᠷᠢᠴᠠᠭᠤᠯᠬᠤ ᠠᠷᠭ᠎ᠠ ᠶᠢ ᠵᠢᠭᠠᠵᠤ ᠪᠣᠢ︔      ︵ᠭᠤᠷᠪᠠ︶ ᠡᠯᠧᠮᠧᠨ᠋ᠲ ᠢ ᠵᠠᠳᠠᠯᠬᠤ ᠠᠷᠭ᠎ᠠ᠃ ᠡᠨᠡ ᠨᠢ ᠠᠮᠵᠢᠯᠲᠠ ᠪᠦᠲᠦᠮᠵᠢ ᠶᠢᠨ ᠬᠠᠷᠠᠯᠲᠠ ᠶᠢ ᠪᠡᠶᠡᠯᠡᠭᠦᠯᠬᠦ᠂ ᠬᠡᠷᠡᠭᠵᠢᠭᠦᠯᠦᠭᠰᠡᠨ ᠤ ᠦᠷ᠎ᠡ ᠪᠦᠲᠦᠮᠵᠢ ᠶᠢ ᠨᠢ ᠨᠥᠯᠥᠭᠡᠯᠡᠬᠦ ᠳᠣᠲᠣᠭᠠᠳᠤ ᠭᠠᠳᠠᠭᠠᠳᠤ ᠲᠠᠯ᠎ᠠ ᠶᠢᠨ ᠡᠯᠧᠮᠧᠨ᠋ᠲ ᠲᠤ ᠶᠡᠷᠦᠩᠬᠡᠶᠢᠯᠡᠭᠰᠡᠨ ᠵᠠᠳᠠᠯᠤᠯᠲᠠ ᠬᠢᠬᠦ ᠠᠷᠭ᠎ᠠ ᠶᠢ ᠵᠢᠭᠠᠵᠤ ᠪᠤᠶ︔      ︵ᠳᠥᠷᠪᠡ︶ ᠬᠠᠮᠤᠭ ᠤᠨ ᠳᠣᠤᠷ᠎ᠠ ᠥᠪᠡᠷ ᠤᠨ ᠥᠷᠲᠡᠭ ᠤᠨ ᠠᠷᠭ᠎ᠠ᠃ ᠡᠨᠡ ᠨᠢ ᠠᠮᠵᠢᠯᠲᠠ ᠪᠦᠲᠦᠮᠵᠢ ᠶᠢᠨ ᠬᠠᠷᠠᠯᠲᠠ ᠶᠢ ᠲᠣᠭᠲᠠᠭᠠᠭᠰᠠᠨ ᠤᠷᠢᠲᠠᠯ ᠳᠣᠣᠷ᠎ᠠ᠂ ᠥᠪᠡᠷ ᠤᠨ ᠥᠷᠲᠡᠭ ᠢᠶᠠᠷ ᠬᠠᠮᠤᠭ ᠤᠨ ᠪᠠᠭ᠎ᠠ ᠶᠢ ᠨᠢ ᠰᠠᠶᠢᠨ ᠭᠡᠵᠦ ᠦᠨᠡᠯᠡᠬᠦ ᠠᠷᠭ᠎ᠠ ᠶᠢ ᠵᠢᠭᠠᠵᠤ ᠪᠤᠶ︔      ︵ᠲᠠᠪᠤ︶ ᠨᠡᠶᠢᠲᠡ ᠣᠯᠠᠨ ᠤ ᠦᠨᠡᠯᠡᠨ ᠮᠠᠭᠠᠳᠯᠠᠬᠤ ᠠᠷᠭ᠎ᠠ᠃ ᠲᠤᠰᠬᠠᠶ ᠮᠡᠷᠭᠡᠵᠢᠯᠲᠡᠨ ᠤ ᠦᠨᠡᠯᠡᠨ ᠵᠢᠱᠢᠬᠦ᠂ ᠨᠡᠶᠢᠲᠡ ᠣᠯᠠᠨ ᠢᠶᠠᠷ ᠠᠰᠠᠭᠤᠯᠲᠠ ᠬᠠᠷᠢᠭᠤᠯᠬᠤ ᠵᠢᠴᠢ ᠥᠯᠢᠭᠡᠷ ᠠᠪᠴᠤ ᠪᠠᠶᠢᠴᠠᠭᠠᠬᠤ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠦᠨᠡᠯᠡᠯᠲᠡ ᠬᠢᠬᠦ ᠠᠷᠭ᠎ᠠ ᠶᠢ ᠵᠢᠭᠠᠵᠤ ᠪᠣᠢ︔      ︵ᠵᠢᠷᠭᠤᠭ᠎ᠠ︶ ᠬᠡᠪ ᠳᠠᠭᠤᠷᠢᠶᠠᠯ ᠤᠨ ᠬᠠᠮᠢᠶᠠᠷᠤᠯᠲᠠ ᠶᠢᠨ ᠠᠷᠭ᠎ᠠ᠃ ᠤᠯᠤᠰ ᠤᠨ ᠳᠣᠲᠣᠭᠠᠳᠤ ᠭᠠᠳᠠᠭᠠᠳᠤ ᠶᠢᠨ ᠠᠳᠠᠯᠢ ᠠᠵᠢᠯ ᠲᠥᠷᠥᠯ ᠤᠨ ᠳᠣᠲᠣᠷᠠᠬᠢ ᠨᠡᠯᠢᠶᠡᠳ ᠥᠨᠳᠥᠷ ᠠᠮᠵᠢᠯᠲᠠ ᠪᠦᠲᠦᠮᠵᠢ ᠶᠢᠨ ᠬᠢᠷᠢ ᠬᠡᠮᠵᠢᠶ᠎ᠡ ᠪᠠᠷ ᠬᠡᠪ ᠳᠠᠭᠤᠷᠢᠶᠠᠯ ᠪᠣᠯᠭᠠᠵᠤ ᠦᠨᠡᠯᠡᠨ ᠮᠠᠭᠠᠳᠯᠠᠬᠤ ᠠᠷᠭ᠎ᠠ ᠶᠢ ᠵᠢᠭᠠᠵᠤ ᠪᠤᠶ︔      ︵ᠳᠣᠯᠤᠭ᠎ᠠ︶ ᠦᠨᠡᠯᠡᠯᠲᠡ ᠶᠢᠨ ᠪᠤᠰᠤᠳ ᠠᠷᠭ᠎ᠠ᠃      ᠭᠤᠴᠢᠨ ᠭᠤᠷᠪᠠᠳᠤᠭᠠᠷ ᠵᠦᠢᠯ  ᠦᠨᠡᠯᠡᠯᠲᠡ ᠶᠢᠨ ᠠᠵᠢᠯ ᠤᠨ ᠳᠤᠭᠤᠶᠢᠯᠠᠩ ᠨᠢ ᠠᠬᠤᠢ ᠲᠠᠯᠠᠪᠠᠶ ᠶᠢᠨ ᠦᠨᠡᠯᠡᠯᠲᠡ ᠪᠠ ᠠᠬᠤᠢ ᠲᠠᠯᠠᠪᠠᠶ ᠶᠢᠨ ᠪᠤᠰᠤ ᠦᠨᠡᠯᠡᠯᠲᠡ ᠶᠢᠨ ᠪᠠᠶᠢᠳᠠᠯ ᠢ ᠡᠮᠬᠢᠯᠡᠨ ᠬᠤᠷᠢᠶᠠᠩᠭᠤᠶᠢᠯᠠᠵᠤ ᠵᠠᠳᠠᠯᠤᠯᠲᠠ ᠬᠢᠭᠰᠡᠨ ᠰᠠᠭᠤᠷᠢᠨ ᠳᠡᠭᠡᠷ᠎ᠡ᠂ ᠲᠥᠷᠥᠯ ᠵᠦᠢᠯ ᠤᠨ ᠶᠡᠷᠦᠩᠬᠡᠶ ᠪᠠᠶᠢᠳᠠᠯ ᠳᠤ ᠶᠡᠷᠦᠩᠬᠡᠶᠢᠯᠡᠭᠰᠡᠨ ᠦᠨᠡᠯᠡᠯᠲᠡ ᠬᠢᠵᠦ᠂ ᠦᠨᠡᠯᠡᠯᠲᠡ ᠶᠢᠨ ᠦᠷ᠎ᠡ ᠳ᠋ᠦᠩ ᠢ ᠭᠠᠷᠭᠠᠬᠤ ᠶᠢᠨ ᠬᠠᠮᠲᠤ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠮᠡᠳᠡᠭᠦᠯᠦᠯᠲᠡ ᠶᠢ ᠲᠤᠭᠤᠷᠪᠢᠬᠤ ᠬᠡᠷᠡᠭᠲᠡᠶ᠃      ᠭᠤᠴᠢᠨ ᠳᠥᠷᠪᠡᠳᠦᠭᠡᠷ ᠵᠦᠢᠯ  ᠦᠨᠡᠯᠡᠯᠲᠡ ᠶᠢᠨ ᠦᠷ᠎ᠡ ᠳ᠋ᠦᠩ ᠳᠤ ᠬᠤᠪᠢ ᠲᠣᠭᠲᠠᠭᠠᠬᠤ ᠪᠠ ᠳᠡᠰ ᠲᠣᠭᠲᠠᠭᠠᠬᠤ ᠶᠢ ᠤᠶᠠᠯᠳᠤᠭᠤᠯᠤᠭᠰᠠᠨ ᠠᠷᠭ᠎ᠠ ᠮᠠᠶ᠋ᠢᠭ ᠢ ᠬᠡᠷᠡᠭᠯᠡᠨ᠂ ᠪᠣᠳᠠᠲᠠᠶ ᠬᠤᠪᠢ ᠶᠢᠨ ᠬᠡᠮᠵᠢᠭᠳᠡᠯ ᠪᠠ ᠵᠡᠷᠭᠡ ᠳᠡᠰ ᠢ ᠨᠢ ᠠᠳᠠᠯᠢ ᠪᠤᠰᠤ ᠦᠨᠡᠯᠡᠯᠲᠡ ᠶᠢᠨ ᠠᠭᠤᠯᠭ᠎ᠠ ᠶᠢ ᠦᠨᠳᠦᠰᠦᠯᠡᠨ ᠲᠣᠭᠲᠠᠭᠠᠵᠤ ᠪᠣᠯᠤᠨ᠎ᠠ᠃ ᠶᠡᠷᠦᠩᠬᠡᠶ ᠬᠤᠪᠢ ᠶᠢ ᠶᠡᠷᠦ ᠳᠤ ᠪᠠᠨ 100 ᠬᠤᠪᠢ ᠪᠠᠷ ᠲᠣᠭᠲᠠᠭᠠᠵᠤ᠂ ᠵᠡᠷᠭᠡ ᠳᠡᠰ ᠢ ᠨᠢ ᠶᠡᠷᠦ ᠳᠤ ᠪᠠᠨ ᠳᠥᠷᠪᠡᠨ ᠳᠡᠰ ᠬᠤᠪᠢᠶᠠᠨ᠎ᠠ᠄ 90 ︵ᠪᠠᠭᠲᠠᠨ᠎ᠠ︶ — 100 ᠬᠤᠪᠢ ᠲᠠᠢ ᠨᠢ ᠰᠢᠯᠢᠳᠡᠭ᠂ 80 ︵ᠪᠠᠭᠲᠠᠨ᠎ᠠ︶ — 90 ᠬᠤᠪᠢ ᠲᠠᠢ ᠨᠢ ᠰᠠᠶᠢᠨ᠂ 60 ︵ᠪᠠᠭᠲᠠᠨ᠎ᠠ︶ — 80 ᠬᠤᠪᠢ ᠲᠠᠢ ᠨᠢ ᠳᠤᠮᠳᠠ ᠶᠢᠨ᠂ 60 ᠬᠤᠪᠢ ᠠᠴᠠ ᠪᠠᠭ᠎ᠠ ᠬᠤᠪᠢ ᠲᠠᠢ ᠶᠢ ᠨᠢ ᠠᠨᠠᠶ ᠭᠡᠵᠦ ᠬᠤᠪᠢᠶᠠᠨ᠎ᠠ᠃      ᠭᠤᠴᠢᠨ ᠲᠠᠪᠤᠳᠤᠭᠠᠷ ᠵᠦᠢᠯ  ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠮᠡᠳᠡᠭᠦᠯᠦᠯᠲᠡ ᠳᠤ ᠦᠨᠡᠯᠡᠯᠲᠡ ᠬᠢᠭᠰᠡᠨ ᠲᠥᠷᠥᠯ ᠵᠦᠢᠯ ᠤᠨ ᠦᠨᠳᠦᠰᠦᠨ ᠪᠠᠶᠢᠳᠠᠯ ᠢ ᠪᠦᠬᠦ ᠲᠠᠯ᠎ᠠ ᠪᠠᠷ ᠲᠣᠳᠣᠷᠬᠠᠶᠢᠯᠠᠨ ᠪᠢᠴᠢᠵᠦ᠂ ᠦᠨᠡᠯᠡᠯᠲᠡ ᠶᠢ ᠵᠣᠬᠢᠶᠠᠨ ᠪᠠᠶᠢᠭᠤᠯᠵᠤ ᠬᠡᠷᠡᠭᠵᠢᠭᠦᠯᠦᠭᠰᠡᠨ ᠪᠠᠶᠢᠳᠠᠯ ᠢᠶᠠᠨ ᠲᠣᠳᠣᠷᠬᠠᠶᠢᠯᠠᠬᠤ ᠶᠢᠨ ᠬᠠᠮᠲᠤ᠂ ᠪᠦᠬᠦ ᠲᠠᠯ᠎ᠠ ᠪᠠᠷ ᠵᠠᠳᠠᠯᠵᠣ ᠳ᠋ᠦᠩᠨᠡᠯᠲᠡ ᠦᠨᠡᠯᠡᠯᠲᠡ ᠬᠢᠭᠰᠡᠨ ᠰᠠᠭᠤᠷᠢᠨ ᠳᠡᠭᠡᠷ᠎ᠡ᠂ ᠦᠨᠡᠯᠡᠯᠲᠡ ᠶᠢᠨ ᠭᠦᠢᠴᠡᠳᠬᠡᠯ ᠲᠣᠭᠠᠨ ᠤ ᠲᠣᠭᠲᠠᠯᠴᠠᠭ᠎ᠠ ᠲᠠᠢ ᠬᠠᠷᠢᠴᠠᠭᠤᠯᠤᠭᠠᠳ ᠪᠣᠳᠠᠲᠠᠶ ᠠᠮᠵᠢᠯᠲᠠ ᠪᠦᠲᠦᠮᠵᠢ ᠶᠢᠨ ᠵᠠᠳᠠᠯᠤᠯᠲᠠ ᠪᠠ ᠳ᠋ᠦᠩᠨᠡᠯᠲᠡ ᠭᠠᠷᠭᠠᠬᠤ ᠬᠡᠷᠡᠭᠲᠡᠶ᠃ ᠲᠥᠷᠥᠯ ᠵᠦᠢᠯ ᠤᠨ ᠠᠮᠵᠢᠯᠲᠠ ᠪᠦᠲᠦᠮᠵᠢ᠂ ᠭᠤᠤᠯ ᠪᠣᠯᠬᠤ ᠠᠰᠠᠭᠤᠳᠠᠯ ᠤᠨ ᠵᠠᠳᠠᠯᠤᠯᠲᠠ ᠵᠡᠷᠭᠡ ᠳᠤ ᠲᠤᠭ᠎ᠠ ᠪᠠᠷᠢᠮᠲᠠ ᠨᠢ ᠦᠨᠡᠨ ᠪᠣᠳᠠᠲᠠᠶ᠂ ᠠᠭᠤᠯᠭ᠎ᠠ ᠨᠢ ᠪᠦᠷᠢᠨ ᠲᠡᠭᠦᠯᠳᠡᠷ᠂ ᠬᠡᠷᠡᠭ ᠤᠨ ᠵᠢᠱᠢᠶ᠎ᠡ ᠨᠢ ᠨᠠᠷᠢᠨ ᠪᠣᠳᠠᠲᠠᠶ᠂ ᠦᠨᠳᠦᠰᠦᠯᠡᠯ ᠨᠢ ᠪᠦᠷᠢᠨ ᠭᠦᠢᠴᠡᠳ᠂ ᠵᠠᠳᠠᠯᠤᠯᠲᠠ ᠨᠢ ᠨᠡᠪᠲᠡᠷᠬᠡᠶ᠂ ᠳ᠋ᠦᠩᠨᠡᠯᠲᠡ ᠨᠢ ᠣᠨᠣᠪᠴᠢᠲᠠᠶ ᠪᠠᠶᠢᠵᠦ᠂ ᠳᠤᠷᠠᠳᠤᠭᠰᠠᠨ ᠰᠠᠨᠠᠭᠤᠯᠭ᠎ᠠ ᠨᠢ ᠬᠠᠨᠳᠤᠯᠭᠠᠲᠤ ᠴᠢᠨᠠᠷ ᠪᠠ ᠪᠣᠯᠤᠮᠵᠢᠲᠤ ᠴᠢᠨᠠᠷ ᠲᠠᠢ ᠪᠠᠶᠢᠬᠤ ᠬᠡᠷᠡᠭᠲᠡᠶ᠃          ᠲᠠᠪᠤᠳᠤᠭᠠᠷ ᠪᠦᠯᠦᠭ  ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠦᠷ᠎ᠡ ᠳ᠋ᠦᠩ ᠢ ᠬᠡᠷᠡᠭᠯᠡᠬᠦ ᠵᠢᠴᠢ ᠲᠡᠭᠦᠨ ᠢ ᠢᠯᠡ ᠪᠣᠯᠭᠠᠬᠤ      ᠭᠤᠴᠢᠨ ᠵᠢᠷᠭᠤᠳᠤᠭᠠᠷ ᠵᠦᠢᠯ  ᠲᠥᠷᠥᠯ ᠵᠦᠢᠯ ᠤᠨ ᠨᠢᠭᠡᠴᠢ ᠨᠢ ᠨᠢᠭᠡᠴᠢ ᠶᠢᠨ ᠥᠪᠡᠷᠰᠡᠳ ᠤᠨ ᠦᠨᠡᠯᠡᠯᠲᠡ ᠶᠢᠨ ᠦᠷ᠎ᠡ ᠳ᠋ᠦᠩ ᠢᠶᠠᠨ ᠡᠮᠬᠢᠯᠡᠨ ᠳᠢᠭᠯᠡᠬᠦ ᠪᠠ ᠵᠠᠳᠠᠯᠤᠯᠲᠠ ᠬᠢᠬᠦ ᠶᠢ ᠦᠨᠡᠨ ᠬᠦ ᠴᠢᠩᠭᠠᠳᠬᠠᠵᠤ᠂ ᠥᠪᠡᠷᠰᠡᠳ ᠤᠨ ᠦᠨᠡᠯᠡᠯᠲᠡ ᠶᠢᠨ ᠦᠷ᠎ᠡ ᠳ᠋ᠦᠩ ᠢ ᠲᠣᠰ ᠨᠢᠭᠡᠴᠢ ᠶᠢᠨ ᠲᠥᠷᠥ ᠶᠢᠨ ᠪᠣᠳᠣᠯᠭ᠎ᠠ᠂ ᠲᠦᠷᠢᠮ ᠢᠶᠠᠨ ᠲᠡᠭᠦᠯᠳᠡᠷᠵᠢᠭᠦᠯᠬᠦ ᠪᠠ ᠬᠠᠮᠢᠶᠠᠷᠤᠯᠲᠠ ᠪᠠᠨ ᠰᠠᠶᠢᠵᠢᠷᠠᠭᠤᠯᠬᠤ ᠴᠢᠬᠤᠯᠠ ᠦᠨᠳᠦᠰᠦᠯᠡᠯ ᠪᠣᠯᠭᠠᠬᠤ ᠬᠡᠷᠡᠭᠲᠡᠶ᠃ ᠲᠥᠰᠦᠪ ᠢ ᠭᠦᠢᠴᠡᠳᠬᠡᠭᠰᠡᠨ ᠨᠣᠷᠮ᠎ᠠ ᠨᠢ ᠳᠣᠣᠷ᠎ᠠ᠂ ᠥᠪᠡᠷᠰᠡᠳ ᠤᠨ ᠦᠨᠡᠯᠡᠯᠲᠡ ᠶᠢᠨ ᠦᠷ᠎ᠡ ᠳ᠋ᠦᠩ ᠨᠢ ᠨᠡᠯᠢᠶᠡᠳ ᠠᠨᠠᠶ ᠪᠠᠢᠭ᠎ᠠ ᠲᠥᠷᠥᠯ ᠵᠦᠢᠯ ᠳᠤ ᠪᠠᠨ ᠰᠢᠯᠲᠠᠭᠠᠨ ᠢ ᠨᠢ ᠠᠰᠲᠠᠭᠠᠨ ᠲᠣᠳᠣᠷᠬᠠᠶᠢᠯᠠᠵᠤ᠂ ᠴᠡᠭᠴᠡᠯᠡᠨ ᠰᠠᠶᠢᠵᠢᠷᠠᠭᠤᠯᠬᠤ ᠠᠷᠭ᠎ᠠ ᠬᠡᠮᠵᠢᠶ᠎ᠡ ᠳᠤᠷᠠᠳᠬᠤ ᠬᠡᠷᠡᠭᠲᠡᠶ᠃      ᠭᠤᠴᠢᠨ ᠳᠣᠯᠣᠳᠤᠭᠠᠷ ᠵᠦᠢᠯ  ᠰᠠᠯᠠᠭ᠎ᠠ ᠮᠥᠴᠢᠷ ᠪᠠ ᠡᠳ᠋ ᠤᠨ ᠵᠠᠰᠠᠭ ᠤᠨ ᠦᠨᠡᠯᠡᠯᠲᠡ ᠶᠢᠨ ᠠᠵᠢᠯ ᠢ ᠪᠡᠶᠡᠯᠡᠭᠦᠯᠦᠭᠰᠡᠨ ᠤ ᠳᠠᠷᠠᠭ᠎ᠠ᠂ ᠦᠨᠡᠯᠡᠯᠲᠡ ᠬᠢᠭᠰᠡᠨ ᠲᠠᠯ᠎ᠠ ᠨᠢ ᠦᠨᠡᠯᠡᠯᠲᠡ ᠶᠢᠨ ᠦᠷ᠎ᠡ ᠳ᠋ᠦᠩ ᠢᠶᠠᠨ ᠦᠨᠡᠯᠡᠯᠲᠡ ᠬᠢᠯᠭᠡᠭᠰᠡᠨ ᠡᠲᠡᠭᠡᠳ ᠲᠤ ᠴᠠᠭ ᠲᠤᠬᠠᠶ ᠳᠤ ᠨᠢ ᠬᠠᠷᠢᠭᠤ ᠲᠤᠰᠬᠠᠬᠤ ᠶᠢᠨ ᠬᠠᠮᠲᠤ ᠴᠡᠭᠴᠡᠯᠡᠨ ᠰᠠᠶᠢᠵᠢᠷᠠᠭᠤᠯᠬᠤ ᠴᠠᠭ ᠤᠨ ᠬᠢᠵᠠᠭᠠᠷ ᠢ ᠨᠢ ᠲᠣᠳᠣᠷᠬᠠᠶ ᠲᠣᠭᠲᠠᠭᠠᠵᠤ ᠥᠭᠬᠦ ᠬᠡᠷᠡᠭᠲᠡᠶ᠃ ᠦᠨᠡᠯᠡᠯᠲᠡ ᠬᠢᠯᠭᠡᠭᠰᠡᠨ ᠡᠲᠡᠭᠡᠳ ᠨᠢ ᠱᠠᠭᠠᠷᠳᠠᠯᠭ᠎ᠠ ᠶᠣᠰᠣᠭᠠᠷ ᠴᠡᠭᠴᠡᠯᠡᠨ ᠰᠠᠶᠢᠵᠢᠷᠠᠭᠤᠯᠵᠤ ᠨᠠᠶᠢᠳᠠᠪᠤᠷᠢᠵᠢᠭᠤᠯᠤᠭᠰᠠᠨ ᠪᠠᠶᠢᠳᠠᠯ ᠢᠶᠠᠨ ᠮᠡᠳᠡᠭᠦᠯᠦᠨ ᠬᠦᠷᠭᠡᠵᠦ᠂ ᠦᠨᠡᠯᠡᠯᠲᠡ ᠶᠢᠨ ᠦᠷ᠎ᠡ ᠳ᠋ᠦᠩ ᠬᠢᠭᠡᠳ ᠥᠪᠡᠷᠰᠡᠳ ᠤᠨ ᠦᠨᠡᠯᠡᠯᠲᠡ ᠶᠢᠨ ᠦᠷ᠎ᠡ ᠳ᠋ᠦᠩ ᠨᠢ ᠨᠡᠯᠢᠶᠡᠳ ᠶᠡᠭᠡ ᠵᠥᠷᠢᠶ᠎ᠡ ᠲᠠᠢ ᠪᠠᠶᠢᠪᠠᠯ᠂ ᠵᠥᠷᠢᠶ᠎ᠡ ᠭᠠᠷᠤᠭᠰᠠᠨ ᠰᠢᠯᠲᠠᠭᠠᠨ ᠳᠤ ᠨᠢ ᠭᠦᠨᠵᠡᠭᠡᠶ ᠵᠠᠳᠠᠯᠤᠯᠲᠠ ᠬᠢᠵᠦ᠂ ᠬᠠᠮᠢᠶ᠎ᠠ ᠪᠥᠬᠦᠶ ᠠᠵᠢᠯ ᠢᠶᠠᠨ ᠤᠯᠠᠮ ᠨᠢᠭᠡ ᠠᠯᠬᠤᠮ ᠰᠠᠶᠢᠵᠢᠷᠠᠭᠤᠯᠬᠤ ᠬᠡᠷᠡᠭᠲᠡᠶ᠃ ᠦᠨᠡᠯᠡᠯᠲᠡ ᠬᠢᠭᠰᠡᠨ ᠰᠠᠯᠠᠭ᠎ᠠ ᠮᠥᠴᠢᠷ ᠨᠢ ᠱᠠᠭᠠᠷᠳᠠᠯᠭ᠎ᠠ ᠶᠣᠰᠣᠭᠠᠷ ᠰᠠᠯᠠᠭ᠎ᠠ ᠮᠥᠴᠢᠷ ᠤᠨ ᠦᠨᠡᠯᠡᠯᠲᠡ ᠶᠢᠨ ᠦᠷ᠎ᠡ ᠳ᠋ᠦᠩ ᠢ ᠨᠢ ᠲᠤᠰ ᠱᠠᠲᠤᠨ ᠤ ᠡᠳ᠋ ᠤᠨ ᠵᠠᠰᠠᠭ ᠤᠨ ᠰᠠᠯᠠᠭ᠎ᠠ ᠮᠥᠴᠢᠷ ᠲᠤ ᠴᠠᠭ ᠲᠤᠬᠠᠢ ᠳᠤ ᠨᠢ ᠮᠡᠳᠡᠭᠦᠯᠦᠨ ᠬᠦᠷᠭᠡᠬᠦ ᠬᠡᠷᠡᠭᠲᠡᠢ᠃      ᠭᠤᠴᠢᠨ ᠨᠠᠢᠮᠠᠳᠤᠭᠠᠷ ᠵᠦᠢᠯ  ᠡᠳ᠋ ᠤᠨ ᠵᠠᠰᠠᠭ ᠤᠨ ᠰᠠᠯᠠᠭ᠎ᠠ ᠮᠥᠴᠢᠷ ᠨᠢ ᠲᠥᠰᠦᠪ ᠬᠢᠵᠦ ᠪᠦᠬᠦᠢ ᠰᠠᠯᠠᠭ᠎ᠠ ᠮᠥᠴᠢᠷ ᠤᠨ ᠭᠤᠣᠯᠳᠠᠯᠭ᠎ᠠ ᠲᠠᠢ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠦᠷ᠎ᠡ ᠳ᠋ᠦᠩ ᠢ ᠬᠡᠷᠡᠭᠯᠡᠭᠰᠡᠨ ᠪᠠ ᠴᠡᠭᠴᠡᠯᠡᠨ ᠰᠠᠶᠢᠵᠢᠷᠠᠭᠤᠯᠤᠭᠰᠠᠨ ᠪᠠᠶᠢᠳᠠᠯ ᠢ ᠨᠢ ᠪᠦᠬᠦ ᠲᠠᠯ᠎ᠠ ᠪᠠᠷ ᠬᠢᠨᠠᠨ ᠬᠠᠷᠭᠤᠭᠤᠯᠬᠤ ᠶᠢᠨ ᠬᠠᠮᠲᠤ᠂ ᠬᠡᠰᠡᠭ ᠲᠥᠷᠥᠯ ᠵᠦᠢᠯ ᠢ ᠨᠢ ᠭᠤᠣᠯᠳᠠᠯᠭ᠎ᠠ ᠲᠠᠢ ᠰᠣᠩᠭᠤᠨ ᠭᠠᠷᠭᠠᠵᠤ ᠲᠤᠰᠬᠠᠶ ᠬᠢᠨᠠᠨ ᠪᠠᠶᠢᠴᠠᠭᠠᠵᠦ᠂ ᠦᠨᠡᠯᠡᠯᠲᠡ ᠶᠢᠨ ᠦᠷ᠎ᠡ ᠳ᠋ᠦᠩ ᠤᠨ ᠬᠡᠷᠡᠭᠯᠡᠯᠲᠡ ᠶᠢ ᠰᠢᠮᠳᠠᠭᠤᠯᠤᠨ ᠴᠢᠩᠭᠠᠳᠬᠠᠬᠤ ᠬᠡᠷᠡᠭᠲᠡᠶ᠃      ᠭᠤᠴᠢ ᠶᠢᠰᠦᠳᠦᠭᠡᠷ ᠵᠦᠢᠯ  ᠰᠠᠯᠠᠭ᠎ᠠ ᠮᠥᠴᠢᠷ ᠤᠨ ᠦᠨᠡᠯᠡᠯᠲᠡ ᠶᠢᠨ ᠦᠷ᠎ᠡ ᠳ᠋ᠦᠩ ᠢ ᠲᠤᠰ ᠰᠠᠯᠠᠭ᠎ᠠ ᠮᠥᠴᠢᠷ ᠤᠨ ᠲᠥᠰᠦᠪ ᠢ ᠲᠣᠬᠢᠷᠠᠭᠤᠯᠬᠤ᠂ ᠲᠥᠷᠥ ᠶᠢᠨ ᠪᠣᠳᠣᠯᠭ᠎ᠠ ᠶᠢ ᠲᠡᠭᠦᠯᠳᠡᠷᠵᠢᠭᠦᠯᠬᠦ ᠪᠠ ᠬᠠᠮᠢᠶᠠᠷᠤᠯᠲᠠ ᠶᠢ ᠰᠠᠶᠢᠵᠢᠷᠠᠭᠤᠯᠬᠤ ᠶᠢᠨ ᠴᠢᠬᠤᠯᠠ ᠦᠨᠳᠦᠰᠦᠯᠡᠯ ᠪᠣᠯᠭᠠᠬᠤ ᠬᠡᠷᠡᠭᠲᠡᠢ︔ ᠡᠳ᠋ ᠤᠨ ᠵᠠᠰᠠᠭ ᠤᠨ ᠦᠨᠡᠯᠡᠯᠲᠡ ᠶᠢᠨ ᠦᠷ᠎ᠡ ᠳ᠋ᠦᠩ ᠢ ᠵᠠᠰᠠᠭ ᠤᠨ ᠣᠷᠳᠣᠨ ᠤ ᠲᠥᠰᠦᠪ ᠢ ᠲᠣᠬᠢᠷᠠᠭᠤᠯᠬᠤ᠂ ᠲᠥᠷᠥ ᠶᠢᠨ ᠪᠣᠳᠣᠯᠭ᠎ᠠ ᠶᠢ ᠲᠡᠭᠦᠯᠳᠡᠷᠵᠢᠭᠦᠯᠬᠦ ᠪᠠ ᠬᠠᠮᠢᠶᠠᠷᠤᠯᠲᠠ ᠶᠢ ᠰᠠᠶᠢᠵᠢᠷᠠᠭᠤᠯᠬᠤ ᠶᠢᠨ ᠴᠢᠬᠤᠯᠠ ᠦᠨᠳᠦᠰᠦᠯᠡᠯ ᠪᠣᠯᠭᠠᠬᠤ ᠬᠡᠷᠡᠭᠲᠡᠢ᠃ ᠵᠠᠷᠴᠢᠮ ᠳᠡᠭᠡᠷ᠎ᠡ ᠪᠠᠨ ᠦᠨᠡᠯᠡᠯᠲᠡ ᠶᠢᠨ ᠵᠡᠷᠭᠡ ᠳᠡᠰ ᠨᠢ ᠰᠢᠯᠢᠳᠡᠭ ᠪᠣᠶᠣ ᠰᠠᠶᠢᠨ ᠪᠠᠶᠢᠪᠠᠯ᠂ ᠪᠠᠶᠢᠳᠠᠯ ᠢ ᠨᠢ ᠦᠨᠳᠦᠰᠦᠯᠡᠨ ᠳᠡᠮᠵᠢᠯᠭᠡ ᠦᠵᠡᠭᠦᠯᠦᠨ᠎ᠡ︔ ᠦᠨᠡᠯᠡᠯᠲᠡ ᠶᠢᠨ ᠵᠡᠷᠭᠡ ᠳᠡᠰ ᠨᠢ ᠳᠤᠮᠳᠠ ᠪᠣᠶᠣ ᠠᠨᠠᠢ ᠪᠠᠶᠢᠪᠠᠯ᠂ ᠲᠦᠷᠦ ᠶᠢᠨ ᠪᠤᠳᠤᠯᠭ᠎ᠠ ᠪᠠᠨ ᠲᠡᠭᠦᠯᠳᠡᠷᠵᠢᠭᠦᠯᠦᠨ᠂ ᠬᠠᠮᠢᠶᠠᠷᠤᠯᠲᠠ ᠪᠠᠨ ᠰᠠᠶᠢᠵᠢᠷᠠᠭᠤᠯᠵᠤ᠂ ᠪᠠᠶᠢᠳᠠᠯ ᠢ ᠨᠢ ᠦᠨᠳᠦᠰᠦᠯᠡᠨ ᠲᠥᠰᠦᠪ ᠢ ᠬᠠᠷᠭᠤᠭᠤᠯᠤᠨ ᠬᠠᠰᠤᠬᠤ ᠬᠡᠷᠡᠭᠲᠡᠢ᠃ ᠴᠡᠭᠴᠡᠯᠡᠨ ᠰᠠᠶᠢᠵᠢᠷᠠᠭᠤᠯᠬᠤ ᠦᠭᠡᠶ ᠪᠤᠶᠤ ᠴᠡᠭᠴᠡᠯᠡᠨ ᠰᠠᠶᠢᠵᠢᠷᠠᠭᠤᠯᠬᠤ ᠶᠢ ᠪᠣᠳᠠᠲᠠᠶᠢᠵᠢᠭᠤᠯᠤᠭᠰᠠᠨ ᠦᠭᠡᠶ ᠪᠠᠶᠢᠪᠠᠯ᠂ ᠪᠠᠶᠢᠳᠠᠯ ᠢ ᠨᠢ ᠦᠨᠳᠦᠰᠦᠯᠡᠨ ᠲᠥᠰᠦᠪ ᠢ ᠵᠣᠬᠢᠴᠠᠩᠭᠤᠶ ᠪᠠᠷ ᠲᠣᠬᠢᠷᠠᠭᠤᠯᠤᠨ ᠬᠠᠰᠤᠬᠤ ᠪᠤᠶᠤ ᠴᠡᠭᠴᠡᠯᠡᠨ ᠰᠠᠶᠢᠵᠢᠷᠠᠭᠤᠯᠬᠤ ᠶᠢ ᠪᠣᠳᠠᠲᠠᠶᠢᠵᠢᠭᠤᠯᠤᠭᠰᠠᠨ ᠤ ᠳᠠᠷᠠᠭ᠎ᠠ ᠳᠠᠬᠢᠨ ᠲᠣᠬᠢᠷᠠᠭᠤᠯᠵᠤ ᠥᠭᠬᠦ ᠬᠡᠷᠡᠭᠲᠡᠶ᠃      ᠳᠥᠴᠢᠳᠦᠭᠡᠷ ᠵᠦᠢᠯ  ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠠᠵᠢᠯ ᠪᠠ ᠦᠷ᠎ᠡ ᠳ᠋ᠦᠩ ᠳᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ᠂ ᠬᠢᠨᠠᠨ ᠪᠣᠳᠣᠬᠤ ᠪᠠ ᠡᠳ᠋ ᠤᠨ ᠵᠠᠰᠠᠭ ᠵᠡᠷᠭᠡ ᠰᠠᠯᠠᠭ᠎ᠠ ᠮᠥᠴᠢᠷ ᠤᠨ ᠬᠢᠨᠠᠯᠲᠠ ᠲᠠᠯᠪᠢᠬᠤ ᠪᠠ ᠨᠡᠶᠢᠭᠡᠮ ᠤᠨ ᠬᠢᠨᠠᠯᠲᠠ ᠲᠠᠯᠪᠢᠬᠤ ᠶᠢ ᠬᠠᠤᠯᠢ ᠶᠣᠰᠣᠭᠠᠷ ᠬᠦᠯᠢᠶᠡᠬᠦ ᠬᠡᠷᠡᠭᠲᠡᠢ᠃      ᠳᠥᠴᠢᠨ ᠨᠢᠭᠡᠳᠦᠭᠡᠷ ᠵᠦᠢᠯ  ᠨᠢᠭᠡᠴᠢ ᠶᠢᠨ ᠥᠪᠡᠷᠰᠡᠳ ᠤᠨ ᠦᠨᠡᠯᠡᠯᠲᠡ ᠶᠢᠨ ᠦᠷ᠎ᠡ ᠳ᠋ᠦᠩ᠂ ᠰᠠᠯᠠᠭ᠎ᠠ ᠮᠥᠴᠢᠷ ᠤᠨ ᠦᠨᠡᠯᠡᠯᠲᠡ ᠪᠠ ᠡᠳ᠋ ᠤᠨ ᠵᠠᠰᠠᠭ ᠤᠨ ᠦᠨᠡᠯᠡᠯᠲᠡ ᠶᠢᠨ ᠦᠷ᠎ᠡ ᠳ᠋ᠦᠩ ᠢ ᠱᠠᠭᠠᠷᠳᠠᠯᠭ᠎ᠠ ᠶᠣᠰᠣᠭᠠᠷ ᠵᠠᠰᠠᠭ ᠤᠨ ᠣᠷᠳᠣᠨ ᠤ ᠲᠥᠰᠦᠪ ᠤᠨ ᠭᠦᠢᠴᠡᠳᠬᠡᠯ ᠪᠠ ᠲᠤᠰ ᠰᠠᠯᠠᠭ᠎ᠠ ᠮᠥᠴᠢᠷ ᠤᠨ ᠲᠥᠰᠦᠪ ᠤᠨ ᠭᠦᠢᠴᠡᠳᠬᠡᠯ ᠳᠤ ᠨᠠᠶᠢᠷᠠᠭᠤᠯᠤᠨ ᠣᠷᠣᠭᠤᠯᠵᠤ᠂ ᠲᠤᠰ ᠱᠠᠲᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ︵ᠠᠵᠢᠯᠯᠠᠬᠤ ᠬᠤᠷᠢᠶ᠎ᠠ︶ ᠳᠤ ᠮᠡᠳᠡᠭᠦᠯᠦᠨ ᠬᠦᠷᠭᠡᠬᠦ ᠶᠢᠨ ᠬᠠᠮᠲᠤ᠂ ᠬᠠᠤᠯᠢ ᠶᠣᠰᠣᠭᠠᠷ ᠢᠯᠡ ᠪᠣᠯᠭᠠᠬᠤ ᠬᠡᠷᠡᠭᠲᠡᠢ᠃          ᠵᠢᠷᠭᠤᠳᠤᠭᠠᠷ ᠪᠦᠯᠦᠭ  ᠬᠠᠤᠯᠢ ᠴᠠᠭᠠᠵᠠ ᠶᠢᠨ ᠬᠠᠷᠢᠭᠤᠴᠠᠯᠭ᠎ᠠ      ᠳᠥᠴᠢᠨ ᠬᠤᠶᠠᠳᠤᠭᠠᠷ ᠵᠦᠢᠯ  ᠡᠳ᠋ ᠤᠨ ᠵᠠᠰᠠᠭ ᠤᠨ ᠪᠡᠯᠡ ᠮᠥᠩᠭᠦ ᠶᠢ ᠬᠡᠷᠡᠭᠯᠡᠭᠡᠳ ᠦᠷ᠎ᠡ ᠠᠰᠢᠭ ᠣᠯᠣᠭᠰᠠᠨ ᠢᠶᠠᠷ ᠰᠦᠷᠡᠬᠡᠢ ᠪᠠᠭ᠎ᠠ ᠪᠠ ᠦᠴᠦᠬᠡᠨ ᠴᠤ ᠦᠷ᠎ᠡ ᠠᠰᠢᠭ ᠣᠯᠣᠭᠰᠠᠨ ᠦᠭᠡᠢ ᠪᠥᠭᠡᠳ ᠬᠦᠨᠳᠦ ᠶᠡᠭᠡ ᠬᠤᠬᠢᠷᠠᠯ ᠤᠴᠠᠷᠠᠭᠤᠯᠤᠭᠰᠠᠨ ᠬᠠᠷᠢᠭᠤᠴᠠᠯᠭ᠎ᠠ ᠲᠠᠢ ᠬᠥᠮᠥᠨ ᠠᠴᠠ ᠬᠠᠮᠢᠶ᠎ᠠ ᠪᠦᠬᠦᠢ ᠲᠣᠭᠲᠠᠭᠠᠯ ᠶᠣᠰᠣᠭᠠᠷ ᠬᠠᠷᠢᠭᠤᠴᠠᠯᠭ᠎ᠠ ᠨᠡᠬᠡᠮᠵᠢᠯᠡᠵᠦ ᠬᠠᠷᠢᠭᠤᠴᠠᠯᠭ᠎ᠠ ᠬᠡᠯᠡᠯᠴᠡᠬᠦ ᠬᠡᠷᠡᠭᠲᠡᠢ᠃ ᠠᠮᠵᠢᠯᠲᠠ ᠪᠦᠲᠦᠮᠵᠢ ᠶᠢᠨ ᠦᠨᠡᠯᠡᠯᠲᠡ ᠬᠢᠬᠦ ᠶᠠᠪᠤᠴᠠ ᠳᠤ ᠢᠯᠡᠷᠡᠭᠦᠯᠦᠭᠰᠡᠨ ᠡᠳ᠋ ᠤᠨ ᠵᠠᠰᠠᠭ ᠤᠨ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠳᠤ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠥᠰᠦᠪ ᠤᠨ ᠬᠠᠤᠯᠢ︾ ︽ᠡᠳ᠋ ᠤᠨ ᠵᠠᠰᠠᠭ ᠤᠨ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠲᠣᠷᠭᠠᠵᠤ ᠰᠢᠳᠬᠡᠬᠦ ᠳᠦᠷᠢᠮ︾ ᠵᠡᠷᠭᠡ ᠬᠤᠯᠪᠣᠭᠳᠠᠯ ᠪᠦᠬᠦᠢ ᠬᠠᠤᠯᠢ ᠴᠠᠭᠠᠵᠠ ᠬᠠᠤᠯᠢ ᠲᠣᠭᠲᠠᠭᠠᠯ ᠶᠣᠰᠣᠭᠠᠷ᠂ ᠪᠡᠯᠡ ᠮᠥᠩᠭᠦ ᠬᠡᠷᠡᠭᠯᠡᠭᠰᠡᠨ ᠨᠢᠭᠡᠴᠢ ᠪᠠ ᠬᠤᠪᠢ ᠬᠥᠮᠦᠨ ᠠᠴᠠ ᠬᠠᠮᠢᠶ᠎ᠠ ᠪᠦᠬᠦᠢ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠶ︔ ᠰᠠᠬᠢᠯᠭ᠎ᠠ ᠪᠠᠲᠤ ᠪᠠ ᠬᠠᠤᠯᠢ ᠴᠠᠭᠠᠵᠠ ᠶᠢ ᠵᠥᠷᠢᠴᠡᠭᠰᠡᠨ ᠠᠰᠠᠭᠤᠳᠠᠯ ᠤᠨ ᠰᠦᠪᠡᠭᠴᠢ ᠶᠢ ᠣᠯᠵᠤ ᠮᠡᠳᠡᠪᠡᠯ᠂ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠪᠠᠶᠢᠭᠤᠯᠭ᠎ᠠ ᠳᠤ ᠴᠠᠭ ᠲᠤᠬᠠᠢ ᠳᠤ ᠨᠢ ᠰᠢᠯᠵᠢᠭᠦᠯᠦᠨ ᠬᠦᠷᠭᠡᠬᠦ ᠬᠡᠷᠡᠭᠲᠡᠢ᠃      ᠳᠥᠴᠢᠨ ᠭᠤᠷᠪᠠᠳᠤᠭᠠᠷ ᠵᠦᠢᠯ  ᠡᠯ᠎ᠡ ᠱᠠᠲᠤᠨ ᠤ ᠡᠳ᠋ ᠤᠨ ᠵᠠᠰᠠᠭ ᠤᠨ ᠰᠠᠯᠠᠭ᠎ᠠ ᠮᠥᠴᠢᠷ᠂ ᠲᠥᠰᠦᠪ ᠬᠢᠵᠦ ᠪᠥᠬᠦᠶ ᠰᠠᠯᠠᠭ᠎ᠠ ᠮᠥᠴᠢᠷ ᠪᠠ ᠨᠢᠭᠡᠴᠢ ᠵᠢᠴᠢ ᠲᠡᠳᠡᠭᠡᠷ ᠤᠨ ᠠᠵᠢᠯᠲᠠᠳ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠠᠵᠢᠯ ᠳᠤ ᠲᠣᠰ ᠠᠷᠭ᠎ᠠ ᠠᠴᠠ ᠵᠥᠷᠢᠴᠡᠭᠰᠡᠨ ᠦᠢᠯᠡ ᠠᠵᠢᠯᠯᠠᠭ᠎ᠠ ᠵᠢᠴᠢ ᠡᠷᠬᠡ ᠲᠤᠰᠢᠶᠠᠯ ᠢᠶᠠᠨ ᠳᠤᠷ᠎ᠠ ᠪᠠᠷ ᠬᠡᠷᠡᠭᠯᠡᠭᠰᠡᠨ᠂ ᠠᠯᠪᠠᠨ ᠲᠤᠰᠢᠶᠠᠯ ᠳᠤ ᠪᠠᠨ ᠠᠯᠮᠠᠶᠢᠷᠠᠨ ᠣᠰᠣᠯᠳᠠᠭᠰᠠᠨ᠂ ᠬᠤᠪᠢ ᠶᠢᠨ ᠨᠠᠶᠢᠷ ᠬᠠᠷᠠᠵᠤ ᠬᠠᠤᠯᠢ ᠶᠣᠰᠣ ᠶᠢ ᠵᠥᠷᠢᠴᠡᠭᠰᠡᠨ ᠵᠡᠷᠭᠡ ᠬᠠᠤᠯᠢ ᠪᠠ ᠰᠠᠬᠢᠯᠭ᠎ᠠ ᠪᠠᠲᠤ ᠵᠥᠷᠢᠴᠡᠭᠰᠡᠨ ᠪᠤᠰᠤᠳ ᠦᠢᠯᠡ ᠠᠵᠢᠯᠯᠠᠭ᠎ᠠ ᠲᠠᠢ ᠪᠠᠶᠢᠪᠠᠯ᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠥᠰᠦᠪ ᠤᠨ ᠬᠠᠤᠯᠢ︾ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠯᠪᠠᠲᠠᠨ ᠤ ᠬᠠᠤᠯᠢ︾ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠢᠨᠠᠨ ᠪᠠᠶᠢᠴᠠᠭᠠᠬᠤ ᠬᠠᠤᠯᠢ︾ ︽ᠡᠳ᠋ ᠤᠨ ᠵᠠᠰᠠᠭ ᠤᠨ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠲᠣᠷᠭᠠᠵᠤ ᠰᠢᠢᠳᠬᠡᠬᠦ ᠲᠦᠷᠢᠮ︾ ᠵᠡᠷᠭᠡ ᠤᠯᠤᠰ ᠤᠨ ᠬᠤᠯᠪᠣᠭᠳᠠᠯ ᠪᠥᠬᠦᠶ ᠲᠣᠭᠲᠠᠭᠠᠯ ᠢ ᠦᠨᠳᠦᠰᠦᠯᠡᠨ ᠵᠣᠬᠢᠬᠤ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ︔ ᠶᠠᠯ᠎ᠠ ᠬᠢᠭᠰᠡᠨ ᠢᠶᠠᠷ ᠰᠡᠵᠢᠭᠯᠡᠭᠳᠡᠭᠰᠡᠨ ᠪᠠᠶᠢᠪᠠᠯ᠂ ᠬᠠᠤᠯᠢ ᠴᠠᠭᠠᠵᠠ ᠶᠢᠨ ᠪᠠᠶᠢᠭᠤᠯᠭ᠎ᠠ ᠳᠤ ᠰᠢᠯᠵᠢᠭᠦᠯᠦᠨ ᠬᠦᠷᠭᠡᠵᠦ ᠰᠢᠢᠳᠬᠡᠯᠬᠡᠬᠦ ᠬᠡᠷᠡᠭᠲᠡᠢ᠃          ᠳᠣᠯᠣᠳᠤᠭᠠᠷ ᠪᠦᠯᠦᠭ  ᠳᠠᠭᠠᠯᠳᠤᠭᠤᠯᠤᠯ ᠲᠦᠷᠢᠮ      ᠳᠥᠴᠢᠨ ᠳᠥᠷᠪᠡᠳᠦᠭᠡᠷ ᠵᠦᠢᠯ  ᠲᠤᠰ ᠠᠷᠭ᠎ᠠ ᠶᠢ ᠬᠡᠷᠡᠭᠵᠢᠭᠦᠯᠬᠦ ᠶᠠᠪᠤᠴᠠ ᠳᠠᠬᠢ ᠪᠣᠳᠠᠲᠠᠶ ᠠᠰᠠᠭᠤᠳᠠᠯ ᠢ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠲᠢᠩᠬᠢᠮ ᠠᠴᠠ ᠬᠠᠷᠢᠭᠤᠴᠠᠨ ᠲᠠᠶᠢᠯᠪᠤᠷᠢᠯᠠᠨ᠎ᠠ᠃      ᠳᠥᠴᠢᠨ ᠲᠠᠪᠤᠳᠤᠭᠠᠷ ᠵᠦᠢᠯ  ᠰᠢᠨ᠎ᠡ ᠪᠠᠷ ᠨᠡᠮᠡᠭᠳᠡᠭᠰᠡᠨ ᠰᠢᠨ᠎ᠡ ᠲᠥᠷᠥᠯ ᠵᠦᠢᠯ ︵ᠲᠥᠷᠥ ᠶᠢᠨ ᠪᠣᠳᠣᠯᠭ᠎ᠠ︶ ᠪᠤᠶᠤ ᠲᠥᠷᠥᠯ ᠵᠦᠢᠯ ︵ᠲᠥᠷᠥ ᠶᠢᠨ ᠪᠣᠳᠣᠯᠭ᠎ᠠ︶ ᠤᠨ ᠬᠤᠭᠤᠴᠠᠭ᠎ᠠ ᠨᠢ ᠲᠤᠯᠤᠭᠰᠠᠨ ᠤ ᠳᠠᠷᠠᠭ᠎ᠠ ᠦᠷᠭᠦᠯᠵᠢᠯᠡᠨ ᠬᠡᠷᠡᠭᠵᠢᠭᠦᠯᠬᠦ ᠴᠢᠬᠤᠯᠠᠲᠠᠶ ᠪᠣᠯ᠂ ᠠᠵᠢᠯ ᠶᠠᠪᠤᠳᠠᠯ ᠤᠨ ᠡᠮᠦᠨᠡᠬᠢ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠬᠤᠯᠪᠣᠭᠳᠠᠯ ᠪᠥᠬᠦᠶ ᠠᠷᠭ᠎ᠠ ᠪᠠᠷ ᠯᠠᠪᠯᠠᠯᠲᠠ ᠪᠣᠯᠭᠠᠵᠤ ᠠᠵᠢᠯ ᠶᠠᠪᠤᠳᠠᠯ ᠤᠨ ᠡᠮᠦᠨᠡᠬᠢ ᠠᠮᠵᠢᠯᠲᠠ ᠪᠦᠲᠦᠮᠵᠢ ᠶᠢᠨ ᠦᠨᠡᠯᠡᠯᠲᠡ ᠬᠢᠵᠦ᠂ ᠦᠨᠡᠯᠡᠯᠲᠡ ᠶᠢᠨ ᠦᠷ᠎ᠡ ᠳ᠋ᠦᠩ ᠢ ᠲᠥᠰᠦᠪ ᠭᠤᠶᠤᠴᠢᠯᠠᠬᠤ ᠳᠤ ᠵᠠᠪᠠᠯ ᠪᠦᠷᠢᠳᠦᠭᠦᠯᠬᠦ ᠨᠥᠬᠦᠴᠡᠯ ᠪᠠ ᠲᠥᠰᠦᠪ ᠤᠨ ᠲᠣᠬᠢᠷᠠᠭᠤᠯᠤᠯᠲᠠ ᠶᠢᠨ ᠴᠢᠬᠤᠯᠠ ᠯᠠᠪᠯᠠᠬᠤ ᠦᠨᠳᠦᠰᠦᠯᠡᠯ ᠪᠣᠯᠭᠠᠬᠤ ᠬᠡᠷᠡᠭᠲᠡᠶ᠃      ᠳᠥᠴᠢᠨ ᠵᠢᠷᠭᠤᠳᠤᠭᠠᠷ ᠵᠦᠢᠯ  ᠲᠣᠰ ᠠᠷᠭ᠎ᠠ ᠶᠢ ᠳᠠᠷᠤᠮᠠᠯᠯᠠᠨ ᠲᠠᠷᠬᠠᠭᠠᠭᠰᠠᠨ ᠡᠳᠦᠷ ᠠᠴᠠ ᠡᠬᠢᠯᠡᠨ ᠬᠡᠷᠡᠭᠵᠢᠭᠦᠯᠦᠨ᠎ᠡ᠃ ︽︿ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠬᠠᠮᠢᠶᠠᠷᠤᠯᠲᠠ ᠶᠢᠨ ᠠᠷᠭ᠎ᠠ﹀ ᠶᠢ ᠳᠠᠷᠤᠮᠠᠯᠯᠠᠨ ᠶᠠᠪᠤᠭᠤᠯᠬᠤ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠤᠨ ᠮᠡᠳᠡᠭᠳᠡᠯ︾ ︵ᠥᠪᠥᠷ ᠵᠠᠰᠠᠭ ᠠᠯᠪᠠᠨ ᠲᠠᠷᠬᠠᠭᠠᠭᠰᠠᠨ ﹇︹ 2016﹈ ︺ 171 ᠳ᠋ᠦ᠋ᠭᠡᠷ ᠲᠣᠭᠠᠲᠤ︶ ᠢ ᠬᠠᠮᠲᠤ ᠳᠤ ᠨᠢ ᠬᠦᠴᠦᠨ ᠥᠬᠡᠶ ᠪᠣᠯᠭᠠᠨ᠎ᠠ᠃     ᠳᠠᠭᠠᠯᠳᠤᠭᠤᠯᠤᠯ᠄ 1. ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠥᠪᠡᠷᠰᠡᠳ ᠤᠨ ᠦᠨᠡᠯᠡᠯᠲᠡ ᠶᠢᠨ ᠬᠦᠰᠦᠨᠦᠭᠲᠦ                      2. ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠭᠦᠢᠴᠡᠳᠬᠡᠯ ᠲᠣᠭᠠᠨ ᠤ ᠲᠣᠭᠲᠠᠯᠴᠠᠭ᠎ᠠ ᠶᠢᠨ                          ᠪᠣᠷᠣ ᠲᠥᠰᠥᠪ ︵ᠯᠠᠪᠯᠠᠬᠤ︶                      3. ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠮᠡᠳᠡᠭᠦᠯᠦᠯᠲᠡ ︵ᠯᠠᠪᠯᠠᠬᠤ ᠲᠣᠪᠴᠢᠯᠠᠯ︶                      4. ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠥᠪᠡᠷᠰᠡᠳ ᠤᠨ ᠦᠨᠡᠯᠡᠯᠲᠡ ᠶᠢᠨ ᠮᠡᠳᠡᠭᠦᠯᠦᠯᠲᠡ                          ︵ᠯᠠᠪᠯᠠᠬᠤ ᠲᠣᠪᠴᠢᠯᠠᠯ︶      ᠳᠠᠭᠠᠯᠳᠤᠭᠤᠯᠤᠯ 1      ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠥᠪᠡᠷᠰᠡᠳ ᠤᠨ ᠦᠨᠡᠯᠡᠯᠲᠡ ᠶᠢᠨ ᠬᠦᠰᠦᠨᠦᠭᠲᠦ      ᠳᠠᠭᠠᠯᠳᠤᠭᠤᠯᠤᠯ 2      ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠭᠦᠢᠴᠡᠳᠬᠡᠯ ᠲᠣᠭᠠᠨ ᠤ ᠲᠣᠭᠲᠠᠯᠴᠠᠭ᠎ᠠ ᠶᠢᠨ ᠪᠣᠷᠣ ᠲᠥᠰᠥᠪ ︵ᠯᠠᠪᠯᠠᠬᠤ︶      ᠳᠠᠭᠠᠯᠳᠤᠭᠤᠯᠤᠯ 3      ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠮᠡᠳᠡᠭᠦᠯᠦᠯᠲᠡ ︵ᠯᠠᠪᠯᠠᠬᠤ ᠲᠣᠪᠴᠢᠯᠠᠯ︶      ᠨᠢᠭᠡ᠂ ᠦᠨᠳᠦᠰᠦᠨ ᠪᠠᠶᠢᠳᠠᠯ      ︵ᠨᠢᠭᠡ︶ ᠲᠥᠷᠥᠯ ᠵᠦᠢᠯ ᠤᠨ ᠲᠦᠢᠮᠣ ᠪᠠᠶᠢᠳᠠᠯ᠃ ᠡᠭᠦᠨ ᠳᠤ ᠲᠥᠷᠥᠯ ᠵᠦᠢᠯ ᠤᠨ ᠠᠬᠤᠶ ᠪᠠᠶᠢᠳᠠᠯ᠂ ᠭᠤᠣᠯ ᠠᠭᠤᠯᠭ᠎ᠠ ᠬᠢᠭᠡᠳ ᠬᠡᠷᠡᠭᠵᠢᠭᠦᠯᠦᠭᠰᠡᠨ ᠪᠠᠶᠢᠳᠠᠯ᠂ ᠪᠡᠯᠡ ᠮᠥᠩᠭᠦ ᠣᠷᠣᠭᠤᠯᠤᠭᠰᠠᠨ ᠪᠠ ᠬᠡᠷᠡᠭᠯᠡᠭᠰᠡᠨ ᠪᠠᠶᠢᠳᠠᠯ ᠵᠡᠷᠭᠡ ᠪᠠᠭᠲᠠᠨ᠎ᠠ᠃      ︵ᠬᠤᠶᠠᠷ︶ ᠲᠥᠷᠥᠯ ᠵᠦᠢᠯ ᠤᠨ ᠠᠮᠵᠢᠯᠲᠠ ᠪᠦᠲᠦᠮᠵᠢ ᠶᠢᠨ ᠬᠠᠷᠠᠯᠲᠠ᠃ ᠡᠭᠦᠨ ᠳᠤ ᠶᠡᠷᠦᠩᠬᠡᠶ ᠬᠠᠷᠠᠯᠲᠠ ᠪᠠ ᠱᠠᠲᠤ ᠦᠶ᠎ᠡ ᠶᠢᠨ ᠴᠢᠨᠠᠷᠲᠠᠶ ᠬᠠᠷᠠᠯᠲᠠ ᠪᠠᠭᠲᠠᠨ᠎ᠠ᠃      ᠬᠤᠶᠠᠷ᠂ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠠᠵᠢᠯ ᠢ ᠥᠷᠨᠢᠭᠦᠯᠦᠭᠰᠡᠨ ᠪᠠᠶᠢᠳᠠᠯ      ︵ᠨᠢᠭᠡ︶ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠵᠣᠷᠢᠯᠭ᠎ᠠ᠂ ᠡᠲᠡᠭᠡᠳ ᠪᠠ ᠬᠡᠪᠴᠢᠶ᠎ᠡ᠃      ︵ᠬᠤᠶᠠᠷ︶ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠵᠠᠷᠴᠢᠮ᠂ ᠦᠨᠡᠯᠡᠯᠲᠡ ᠶᠢᠨ ᠭᠦᠢᠴᠡᠳᠬᠡᠯ ᠲᠣᠭᠠᠨ ᠤ ᠲᠣᠭᠲᠠᠯᠴᠠᠭ᠎ᠠ ︵ᠳᠠᠭᠠᠯᠳᠤᠭᠤᠯᠤᠯ ᠬᠦᠰᠦᠨᠦᠭᠲᠦ ᠶᠢᠨ ᠲᠣᠳᠣᠷᠬᠠᠶᠢᠯᠠᠯᠲᠠ︶᠂ ᠦᠨᠡᠯᠡᠯᠲᠡ ᠶᠢᠨ ᠠᠷᠭ᠎ᠠ᠂ ᠦᠨᠡᠯᠡᠯᠲᠡ ᠶᠢᠨ ᠪᠠᠷᠢᠮᠵᠢᠶ᠎ᠠ ᠵᠡᠷᠭᠡ᠃      ︵ᠭᠤᠷᠪᠠ︶ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠠᠵᠢᠯ ᠤᠨ ᠶᠠᠪᠤᠴᠠ᠃ ᠡᠭᠦᠨ ᠳᠤ ᠡᠬᠢᠨ ᠤ ᠬᠤᠭᠤᠴᠠᠭᠠᠨ ᠳᠠᠬᠢ ᠪᠡᠯᠡᠳᠬᠡᠯ᠂ ᠵᠣᠬᠢᠶᠠᠨ ᠪᠠᠶᠢᠭᠤᠯᠵᠤ ᠬᠡᠷᠡᠭᠵᠢᠭᠦᠯᠬᠦ ᠪᠠ ᠦᠨᠡᠯᠡᠯᠲᠡ ᠬᠢᠵᠦ ᠵᠠᠳᠠᠯᠬᠤ᠂ ᠣᠶᠢᠯᠠᠭᠠᠨ ᠨᠡᠪᠲᠡᠷᠡᠯᠴᠡᠵᠦ ᠬᠠᠷᠢᠭᠤ ᠲᠤᠰᠬᠠᠬᠤ ᠵᠡᠷᠭᠡ ᠪᠠᠭᠲᠠᠨ᠎ᠠ᠃      ᠭᠤᠷᠪᠠ᠂ ᠶᠡᠷᠦᠩᠬᠡᠶᠢᠯᠡᠭᠰᠡᠨ ᠦᠨᠡᠯᠡᠯᠲᠡ ᠬᠢᠵᠦ ᠵᠠᠳᠠᠯᠤᠭᠰᠠᠨ ᠪᠠᠶᠢᠳᠠᠯ ᠵᠢᠴᠢ ᠦᠨᠡᠯᠡᠯᠲᠡ ᠶᠢᠨ ᠳ᠋ᠦᠩᠨᠡᠯᠲᠡ ︵ᠬᠠᠮᠢᠶ᠎ᠠ ᠪᠥᠬᠦᠶ ᠬᠤᠪᠢ ᠲᠣᠭᠲᠠᠭᠠᠬᠤ ᠬᠦᠰᠦᠨᠦᠭᠲᠦ ᠶᠢ ᠳᠠᠭᠠᠯᠳᠤᠭᠤᠯᠪᠠ︶      ᠳᠥᠷᠪᠡ᠂ ᠠᠮᠵᠢᠯᠲᠠ ᠪᠦᠲᠦᠮᠵᠢ ᠶᠢᠨ ᠦᠨᠡᠯᠡᠯᠲᠡ ᠶᠢᠨ ᠭᠦᠢᠴᠡᠳᠬᠡᠯ ᠲᠣᠭᠠᠨ ᠤ ᠵᠠᠳᠠᠯᠤᠯᠲᠠ ︵ᠦᠨᠡᠯᠡᠯᠲᠡ ᠶᠢᠨ ᠭᠦᠢᠴᠡᠳᠬᠡᠯ ᠲᠣᠭᠠᠨ ᠤ ᠲᠣᠭᠲᠠᠯᠴᠠᠭ᠎ᠠ ᠲᠠᠢ ᠤᠶᠠᠯᠳᠤᠭᠤᠯᠤᠨ ᠵᠠᠳᠠᠯᠤᠯᠲᠠ ᠬᠢᠨ᠎ᠠ︶      ︵ᠨᠢᠭᠡ︶ ᠲᠥᠷᠥᠯ ᠵᠦᠢᠯ ᠤᠨ ᠰᠢᠢᠳᠪᠦᠷᠢᠲᠦ ᠪᠣᠳᠣᠯᠭ᠎ᠠ ᠲᠣᠭᠲᠠᠭᠠᠭᠰᠠᠨ ᠪᠠᠶᠢᠳᠠᠯ᠃      ︵ᠬᠤᠶᠠᠷ︶ ᠲᠥᠷᠥᠯ ᠵᠦᠢᠯ ᠤᠨ ᠶᠠᠪᠤᠴᠠ ᠶᠢᠨ ᠪᠠᠶᠢᠳᠠᠯ᠃      ︵ᠭᠤᠷᠪᠠ︶ ᠲᠥᠷᠥᠯ ᠵᠦᠢᠯ ᠤᠨ ᠦᠢᠯᠡᠳᠪᠦᠷᠢᠯᠡᠵᠦ ᠭᠠᠷᠭᠠᠭᠰᠠᠨ ᠪᠠᠶᠢᠳᠠᠯ᠃      ︵ᠳᠥᠷᠪᠡ︶ ᠲᠥᠷᠥᠯ ᠵᠦᠢᠯ ᠤᠨ ᠦᠷ᠎ᠡ ᠠᠰᠢᠭ ᠤᠨ ᠪᠠᠶᠢᠳᠠᠯ᠃      ᠲᠠᠪᠤ᠂ ᠭᠤᠣᠯ ᠪᠣᠯᠬᠤ ᠲᠤᠷᠰᠢᠯᠭ᠎ᠠ ᠬᠢᠭᠡᠳ ᠬᠢᠳᠡᠯ᠂ ᠣᠷᠣᠰᠢᠵᠤ ᠪᠠᠶᠢᠭ᠎ᠠ ᠠᠰᠠᠭᠤᠳᠠᠯ ᠵᠢᠴᠢ ᠲᠡᠭᠦᠨ ᠤ ᠰᠢᠯᠲᠠᠭᠠᠨ ᠤ ᠵᠠᠳᠠᠯᠤᠯᠲᠠ      ᠵᠢᠷᠭᠤᠭ᠎ᠠ᠂ ᠬᠤᠯᠪᠤᠨᠨᠳᠠᠯ ᠪᠦᠬᠦᠢ ᠰᠠᠨᠠᠭᠤᠯᠭ᠎ᠠ      ᠲᠤᠯᠤᠭ᠎ᠠ᠂ ᠲᠣᠳᠣᠷᠬᠠᠶᠢᠯᠠᠬᠤ ᠴᠢᠬᠤᠯᠠᠲᠠᠢ ᠪᠤᠰᠤᠳ ᠠᠰᠠᠭᠤᠳᠠᠯ      ᠳᠠᠭᠠᠯᠳᠤᠭᠤᠯᠤᠯ 4      ᠲᠥᠷᠥᠯ ᠵᠦᠢᠯ ᠤᠨ ᠵᠠᠷᠤᠯᠭ᠎ᠠ ᠶᠢᠨ ᠠᠮᠵᠢᠯᠲᠠ ᠪᠦᠲᠦᠮᠵᠢ ᠶᠢᠨ ᠥᠪᠡᠷᠰᠡᠳ ᠤᠨ ᠦᠨᠡᠯᠡᠯᠲᠡ ᠶᠢᠨ ᠮᠡᠳᠡᠭᠦᠯᠦᠯᠲᠡ ︵ᠯᠠᠪᠯᠠᠬᠤ ᠲᠣᠪᠴᠢᠯᠠᠯ︶      ᠨᠢᠭᠡ᠂ ᠲᠥᠷᠥᠯ ᠵᠦᠢᠯ ᠤᠨ ᠦᠨᠳᠦᠰᠦᠨ ᠪᠠᠶᠢᠳᠠᠯ      ︵ᠨᠢᠭᠡ︶ ᠲᠥᠷᠥᠯ ᠵᠦᠢᠯ ᠤᠨ ᠦᠨᠳᠦᠰᠦᠨ ᠪᠠᠶᠢᠳᠠᠯ ᠤᠨ ᠲᠣᠪᠴᠢ ᠲᠠᠨᠢᠯᠴᠠᠭᠤᠯᠭ᠎ᠠ᠃      ︵ᠬᠤᠶᠠᠷ︶ ᠠᠮᠵᠢᠯᠲᠠ ᠪᠦᠲᠦᠮᠵᠢ ᠶᠢᠨ ᠬᠠᠷᠠᠯᠲᠠ ᠶᠢ ᠲᠣᠭᠲᠠᠭᠠᠭᠰᠠᠨ ᠵᠢᠴᠢ ᠭᠦᠢᠴᠡᠳᠬᠡᠯ ᠲᠤᠭ᠎ᠠ ᠶᠢ ᠪᠡᠶᠡᠯᠡᠭᠦᠯᠦᠭᠰᠡᠨ ᠪᠠᠶᠢᠳᠠᠯ᠃      ᠬᠤᠶᠠᠷ᠂ ᠠᠮᠵᠢᠯᠲᠠ ᠪᠦᠲᠦᠮᠵᠢ ᠶᠢᠨ ᠥᠪᠡᠷᠰᠡᠳ ᠤᠨ ᠦᠨᠡᠯᠡᠯᠲᠡ ᠶᠢᠨ ᠠᠵᠢᠯ ᠤᠨ ᠪᠠᠶᠢᠳᠠᠯ      ︵ᠨᠢᠭᠡ︶ ᠠᠮᠵᠢᠯᠲᠠ ᠪᠦᠲᠦᠮᠵᠢ ᠶᠢᠨ ᠥᠪᠡᠷᠰᠡᠳ ᠤᠨ ᠦᠨᠡᠯᠡᠯᠲᠡ ᠶᠢᠨ ᠬᠠᠷᠠᠯᠲᠠ᠃      ︵ᠬᠤᠶᠠᠷ︶ ᠲᠥᠷᠥᠯ ᠵᠦᠢᠯ ᠤᠨ ᠪᠡᠯᠡ ᠮᠥᠩᠭᠦ ᠣᠷᠣᠭᠤᠯᠤᠭᠰᠠᠨ ᠪᠠᠶᠢᠳᠠᠯ᠃      ︵ᠭᠤᠷᠪᠠ︶ ᠲᠥᠷᠥᠯ ᠵᠦᠢᠯ ᠤᠨ ᠪᠡᠯᠡ ᠮᠥᠩᠭᠦᠨ ᠤ ᠦᠢᠯᠡᠳᠪᠦᠷᠢᠯᠡᠵᠦ ᠭᠠᠷᠭᠠᠭᠰᠠᠨ ᠪᠠᠶᠢᠳᠠᠯ᠃      ︵ᠳᠥᠷᠪᠡ︶ ᠲᠥᠷᠥᠯ ᠵᠦᠢᠯ ᠤᠨ ᠪᠡᠯᠡ ᠮᠥᠩᠭᠦᠨ ᠤ ᠬᠠᠮᠢᠶᠠᠷᠤᠯᠲᠠ ᠶᠢᠨ ᠪᠠᠶᠢᠳᠠᠯ᠃      ᠭᠤᠷᠪᠠ᠂ ᠲᠥᠷᠥᠯ ᠵᠦᠢᠯ ᠤᠨ ᠠᠮᠵᠢᠯᠲᠠ ᠪᠦᠲᠦᠮᠵᠢ ᠶᠢᠨ ᠪᠠᠶᠢᠳᠠᠯ      ︵ᠨᠢᠭᠡ︶ ᠦᠢᠯᠡᠳᠪᠦᠷᠢᠯᠡᠵᠦ ᠭᠠᠷᠭᠠᠬᠤ ᠭᠦᠢᠴᠡᠳᠬᠡᠯ ᠲᠤᠭ᠎ᠠ ᠪᠠᠨ ᠪᠡᠶᠡᠯᠡᠭᠦᠯᠦᠭᠰᠡᠨ ᠪᠠᠶᠢᠳᠠᠯ᠃      ︵ᠬᠤᠶᠠᠷ︶ ᠦᠷ᠎ᠡ ᠠᠰᠢᠭ ᠤᠨ ᠭᠦᠢᠴᠡᠳᠬᠡᠯ ᠲᠤᠭ᠎ᠠ ᠪᠠᠨ ᠪᠡᠶᠡᠯᠡᠭᠦᠯᠦᠭᠰᠡᠨ ᠪᠠᠶᠢᠳᠠᠯ᠃      ︵ᠭᠤᠷᠪᠠ︶ ᠥᠪᠡᠷᠰᠡᠳ ᠤᠨ ᠦᠨᠡᠯᠡᠯᠲᠡ ᠶᠢᠨ ᠣᠯᠤᠭᠰᠠᠨ ᠬᠤᠪᠢ ᠶᠢᠨ ᠪᠠᠶᠢᠳᠠᠯ᠃      ᠳᠦᠷᠪᠡ᠂ ᠣᠷᠣᠰᠢᠵᠤ ᠪᠠᠶᠢᠭ᠎ᠠ ᠠᠰᠠᠭᠤᠳᠠᠯ      ︵ᠨᠢᠭᠡ︶ ᠲᠥᠷᠥᠯ ᠵᠦᠢᠯ ᠪᠠᠶᠢᠭᠤᠯᠬᠤ᠂ ᠬᠡᠷᠡᠭᠵᠢᠭᠦᠯᠬᠦ ᠳᠤ ᠣᠷᠣᠰᠢᠵᠤ ᠪᠠᠶᠢᠭ᠎ᠠ ᠠᠰᠠᠭᠤᠳᠠᠯ᠃      ︵ᠬᠤᠶᠠᠷ︶ ᠪᠡᠯᠡ ᠮᠥᠩᠭᠦᠨ ᠤ ᠬᠠᠮᠢᠶᠠᠷᠤᠯᠲᠠ ᠪᠠ ᠬᠡᠷᠡᠭᠯᠡᠯᠲᠡ ᠳᠤ ᠣᠷᠣᠰᠢᠵᠤ ᠪᠠᠶᠢᠭ᠎ᠠ ᠠᠰᠠᠭᠤᠳᠠᠯ᠃      ᠲᠠᠪᠤ᠂ ᠲᠣᠳᠣᠷᠬᠠᠶᠢᠯᠠᠬᠤ ᠴᠢᠬᠤᠯᠠᠲᠠᠢ ᠪᠤᠰᠤᠳ ᠠᠰᠠᠭᠤᠳᠠᠯ      ︵ᠨᠢᠭᠡ︶ ᠬᠤᠶᠢᠰᠢᠳᠠ ᠦᠷᠭᠦᠯᠵᠢᠯᠡᠭᠦᠯᠬᠦ ᠠᠵᠢᠯ ᠤᠨ ᠲᠥᠯᠥᠪᠯᠡᠭᠡ᠃      ︵ᠬᠤᠶᠠᠷ︶ ᠠᠷᠭ᠎ᠠ ᠬᠡᠮᠵᠢᠶ᠎ᠡ ᠬᠢᠭᠡᠳ ᠠᠷᠭ᠎ᠠ᠃      
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ