ᠣᠳᠣᠬᠠᠨ ᠳᠤ ᠤᠯᠠᠭᠠᠨᠬᠠᠳᠠ ᠬᠤᠲᠠ ᠶᠢᠨ ᠬᠠᠪᠤᠷ ᠤᠨ ᠲᠠᠷᠢᠶᠠᠯᠠᠭ᠎ᠠ ᠶᠢᠨ ᠠᠵᠢᠯ ᠨᠢᠭᠡᠨᠲᠡ ᠤᠷᠤᠭᠰᠢᠲᠠᠶ ᠳᠠᠭᠤᠰᠪᠠ᠃ ᠡᠨᠡ ᠵᠢᠯ ᠪᠥᠬᠦ ᠬᠤᠲᠠ ᠶᠢᠨ | ᠶᠡᠷᠦᠩᠬᠡᠶ ᠲᠠᠷᠢᠭᠰᠠᠨ ᠲᠠᠯᠠᠪᠠᠶ 2325.64 ᠲᠦᠮᠡᠨ ᠮᠥ ᠳᠤ ᠬᠦᠷᠴᠡᠶ᠂ ᠡᠭᠦᠨ ᠳᠤ᠄ ᠠᠮᠤ ᠪᠤᠳᠠᠭᠠᠨ ᠤ ᠲᠠᠷᠢᠮᠠᠯ ᠤᠨ ᠲᠠᠷᠢᠭᠰᠠᠨ ᠲᠠᠯᠠᠪᠠᠶ 1865.05 ᠲᠦᠮᠡᠨ | ᠮᠥ᠂ ᠡᠷᠳᠡᠨᠢ ᠰᠢᠰᠢ 905.17 ᠲᠦᠮᠡᠨ ᠮᠥ᠂ ᠪᠤᠭᠤᠳᠠᠶ 69.02 ᠲᠦᠮᠡᠨ ᠮᠥ᠂ ᠤᠰᠤᠨ ᠲᠤᠲᠤᠷᠭ᠎ᠠ 29.23 ᠲᠦᠮᠡᠨ ᠮᠥ᠂ ᠰᠢᠷ᠎ᠠ ᠪᠤᠷᠴᠠᠭ 84.5 | ᠲᠦᠮᠡᠨ ᠮᠥ᠂ ᠲᠥᠮᠥᠰᠥ 69.4 ᠲᠦᠮᠡᠨ ᠮᠥ᠂ ᠪᠤᠰᠤᠳ ᠠᠮᠤ ᠪᠤᠳᠠᠭ᠎ᠠ 593.26 ᠲᠦᠮᠡᠨ ᠮᠥ ᠳᠤ ᠬᠦᠷᠴᠦ᠂ ᠥᠪᠡᠷᠲᠡᠭᠡᠨ ᠵᠠᠰᠠᠬᠤ ᠣᠷᠣᠨ ᠠᠴᠠ ᠮᠠᠨ ᠤ | ᠬᠤᠲᠠ ᠳᠤ ᠪᠠᠭᠤᠯᠭᠠᠭᠰᠠᠨ ᠠᠮᠤ ᠪᠤᠳᠠᠭ᠎ᠠ ᠳᠠᠷᠢᠬᠤ ᠲᠠᠯᠠᠪᠠᠶ ᠶᠢ 1670 ᠲᠦᠮᠡᠨ ᠮᠥ ᠠᠴᠠ ᠳᠡᠭᠡᠭᠰᠢ ᠲᠣᠭᠲᠠᠪᠤᠷᠢᠵᠢᠭᠤᠯᠬᠤ ᠠᠵᠢᠯ ᠤᠨ ᠬᠠᠷᠠᠯᠲᠠ ᠶᠢ ᠲᠡᠭᠦᠰ | ᠠᠮᠵᠢᠯᠲᠠ ᠲᠠᠢ ᠪᠡᠶᠡᠯᠡᠭᠦᠯᠪᠡ᠃ | 6 ᠳ᠋ᠤᠭᠠᠷ ᠰᠠᠷ᠎ᠠ ᠶᠢᠨ 30 ᠤ ᠡᠳᠦᠷ ᠪᠣᠯᠲᠠᠯ᠎ᠠ᠂ ᠤᠯᠠᠭᠠᠨᠬᠠᠳᠠ ᠬᠤᠲᠠ ᠳᠤ ᠨᠢᠭᠡᠨᠲᠡ 1855.46 ᠲᠦᠮᠡᠨ ᠮᠥ ᠴᠢᠬᠢᠯᠡᠵᠦ᠂ ᠡᠭᠦᠨ ᠳᠤ 67.52 | ᠲᠦᠮᠡᠨ ᠮᠥ ᠪᠤᠭᠤᠳᠠᠶ᠂ 903.4 ᠲᠦᠮᠡᠨ ᠮᠥ ᠡᠷᠳᠡᠨᠢ ᠰᠢᠰᠢ᠂ 68.25 ᠲᠦᠮᠡᠨ ᠮᠥ ᠲᠥᠮᠥᠰᠥ᠂ 78.5 ᠲᠦᠮᠡᠨ ᠮᠥ ᠰᠢᠷ᠎ᠠ ᠪᠤᠷᠴᠠᠭ ᠴᠢᠬᠢᠯᠡᠵᠡᠢ᠃ ᠪᠥᠬᠦ | ᠬᠤᠲᠠ ᠶᠢᠨ ᠨᠢᠭᠡᠳᠦᠭᠡᠷ ᠲᠥᠷᠥᠯ ᠤᠨ ᠴᠢᠬᠢ 55.6% ᠶᠢ ᠡᠵᠡᠯᠡᠵᠦ᠂ ᠬᠤᠶᠠᠳᠤᠭᠠᠷ ᠲᠥᠷᠥᠯ ᠤᠨ ᠴᠢᠬᠢ 29.1% ᠶᠢ ᠡᠵᠡᠯᠡᠵᠦ᠂ ᠭᠤᠷᠪᠠᠳᠤᠭᠠᠷ ᠲᠥᠷᠥᠯ ᠤᠨ | ᠴᠢᠬᠢ 15.3% ᠶᠢ ᠡᠵᠡᠯᠡᠪᠡ᠃ ᠴᠠᠭ ᠠᠭᠤᠷ ᠤᠨ ᠲᠣᠪᠴᠢᠶ᠎ᠠ ᠶᠢᠨ ᠲᠤᠰᠬᠠᠶ ᠮᠡᠳᠡᠭᠦᠯᠦᠯᠲᠡ ᠶᠢ ᠦᠨᠳᠦᠰᠦᠯᠡᠪᠡᠯ᠂ 6 ᠳ᠋ᠤᠭᠠᠷ ᠰᠠᠷ᠎ᠠ ᠶᠢᠨ 28 ᠤ ᠡᠳᠦᠷ | ᠪᠣᠯᠲᠠᠯ᠎ᠠ᠂ ᠪᠥᠬᠦ ᠬᠤᠲᠠ ᠶᠢᠨ ᠨᠢᠭᠡᠳᠦᠭᠡᠷ ᠲᠥᠷᠥᠯ ᠤᠨ ᠴᠢᠬᠢᠭ ᠪᠠᠷᠤᠭ 30% ᠶᠢ ᠡᠵᠡᠯᠡᠵᠦ᠂ ᠬᠤᠶᠠᠳᠤᠭᠠᠷ ᠲᠥᠷᠥᠯ ᠤᠨ ᠴᠢᠬᠢᠭ ᠪᠠᠷᠤᠭ 40% ᠶᠢ ᠡᠵᠡᠯᠡᠵᠦ᠂ | ᠭᠤᠷᠪᠠᠳᠤᠭᠠᠷ ᠲᠥᠷᠥᠯ ᠤᠨ ᠴᠢᠬᠢᠭ ᠪᠠᠷᠤᠭ 30% ᠶᠢ ᠡᠵᠡᠯᠡᠵᠦ ᠪᠠᠶᠢᠨ᠎ᠠ᠃ | ᠣᠳᠣᠬᠠᠨ ᠳᠤ ᠤᠯᠠᠭᠠᠨᠬᠠᠳᠠ ᠬᠤᠳᠠ ᠶᠢᠨ ᠲᠤᠮᠤ ᠲᠠᠯᠠᠪᠠᠢ ᠶᠢᠨ ᠲᠠᠷᠢᠮᠠᠯ ᠨᠢᠭᠡᠨᠲᠡ ᠭᠤᠣᠯ ᠤᠷᠭᠤᠯᠳᠠ ᠶᠢᠨ ᠱᠠᠲᠤᠨ ᠳᠤ ᠪᠠᠨ ᠣᠷᠣᠵᠠᠢ᠂ ᠡᠯ᠎ᠡ | ᠭᠠᠵᠠᠷ ᠤᠨ ᠬᠢᠨ ᠴᠢᠬᠢᠯᠡᠬᠦ ᠬᠤᠭᠤᠴᠠᠭᠠᠨ ᠤ ᠲᠠᠷᠢᠶᠠᠨ ᠭᠠᠵᠠᠷ ᠤᠨ ᠬᠠᠮᠢᠶᠠᠷᠤᠯᠲᠠ ᠪᠠᠨ ᠴᠢᠩᠭᠠᠳᠬᠠᠵᠤ᠂ ᠲᠤᠩᠭᠠᠯᠠᠭ ᠰᠠᠶᠢᠬᠠᠨ ᠴᠠᠭ ᠠᠭᠤᠷ ᠢ ᠠᠰᠢᠭᠯᠠᠨ ᠴᠠᠭ | ᠲᠤᠬᠠᠢ ᠳᠤ ᠨᠢ ᠲᠠᠷᠢᠶ᠎ᠠ ᠪᠠᠨ ᠠᠷᠴᠢᠨ ᠡᠪᠡᠰᠦ ᠠᠷᠢᠯᠭᠠᠬᠤ ᠪᠠ ᠴᠢᠬᠢ ᠠᠯᠠᠭᠯᠠᠵᠤ᠂ ᠲᠠᠷᠢᠮᠠᠯ ᠤᠨ ᠲᠦᠷᠭᠡᠨ ᠤᠷᠭᠤᠯᠳᠠ ᠶᠢ ᠠᠬᠢᠭᠤᠯᠬᠤ ᠶᠢᠨ ᠬᠠᠮᠲᠤ ᠴᠢᠬᠢᠯᠡᠬᠦ | ᠬᠤᠭᠤᠴᠠᠭᠠᠨ ᠤ ᠡᠪᠡᠳᠴᠢᠨ ᠬᠤᠷᠣᠬᠠᠢ ᠶᠢᠨ ᠬᠥᠨᠥᠭᠡᠯ ᠢ ᠰᠡᠷᠭᠡᠶᠢᠯᠡᠨ ᠵᠠᠰᠠᠬᠤ ᠠᠵᠢᠯ ᠢ ᠰᠠᠶᠢᠲᠤᠷ ᠬᠢᠬᠦ ᠬᠡᠷᠡᠭᠲᠡᠢ︔ ᠡᠨᠡ ᠵᠢᠯ ᠤᠨ ᠵᠤᠨ ᠤ ᠤᠯᠠᠷᠢᠯ ᠤᠨ ᠬᠤᠷ᠎ᠠ | ᠲᠤᠨᠳᠠᠰᠤ ᠶᠢᠨ ᠣᠷᠣᠨ ᠵᠠᠶ ᠶᠢᠨ ᠲᠠᠷᠬᠠᠯᠲᠠ ᠲᠦᠢᠯ ᠤᠨ ᠵᠢᠭᠳᠡ ᠪᠤᠰᠤ ᠠᠴᠠ ᠪᠣᠯᠵᠣ᠂ ᠬᠡᠰᠡᠭ ᠭᠠᠵᠠᠷ ᠣᠷᠣᠨ ᠳᠤ ᠨᠢᠭᠡᠨᠲᠡ ᠭᠠᠩᠳᠠᠭᠰᠠᠨ ᠪᠠᠶᠢᠳᠠᠯ ᠢᠯᠡᠷᠡᠭᠰᠡᠨ | ᠪᠣᠯᠬᠤᠷ ᠭᠠᠩᠳᠠᠭᠰᠠᠨ ᠭᠠᠵᠠᠷ ᠣᠷᠣᠨ ᠳᠤ ᠭᠠᠩ ᠲᠠᠢ ᠲᠡᠮᠡᠴᠡᠬᠦ ᠪᠠᠶᠢᠷᠢᠯᠠᠭᠤᠯᠤᠯᠲᠠ ᠪᠠ ᠲᠥᠯᠥᠪᠯᠡᠭᠡ ᠪᠠᠨ ᠰᠠᠶᠢᠲᠤᠷ ᠬᠢᠬᠦ ᠬᠡᠷᠡᠭᠲᠡᠶ︔ ᠡᠪᠡᠳᠴᠢᠨ ᠬᠤᠷᠣᠬᠠᠶ ᠶᠢᠨ | ᠬᠥᠨᠥᠭᠡᠯ ᠢ ᠤᠷᠢᠳᠴᠢᠯᠠᠨ ᠰᠡᠷᠡᠮᠵᠢᠯᠡᠭᠦᠯᠬᠦ ᠪᠠ ᠰᠡᠷᠭᠡᠶᠢᠯᠡᠨ ᠵᠠᠰᠠᠬᠤ ᠠᠵᠢᠯ ᠢ ᠰᠠᠶᠢᠲᠤᠷ ᠬᠢᠵᠦ᠂ ᠶᠡᠭᠡ ᠬᠡᠪᠴᠢᠶ᠎ᠡ ᠪᠠᠷ ᠡᠪᠡᠳᠴᠢᠨ ᠬᠤᠷᠣᠬᠠᠶ ᠶᠢᠨ ᠬᠥᠨᠥᠭᠡᠯ | ᠭᠠᠷᠬᠤ ᠠᠴᠠ ᠵᠠᠶᠢᠯᠠᠰᠬᠢᠬᠦ ᠬᠡᠷᠡᠭᠲᠡᠶ︔ ᠡᠯ᠎ᠡ ᠭᠠᠵᠠᠷ ᠤᠨ ᠬᠢᠨ ᠪᠣᠬᠢᠷᠲᠤᠯ ᠦᠭᠡᠢ ᠴᠢᠨᠠᠷ ᠰᠠᠶᠢᠲᠠᠢ ᠥᠨᠳᠥᠷ ᠪᠦᠲᠦᠮᠵᠢᠲᠡᠢ ᠠᠵᠢᠯᠯᠠᠭ᠎ᠠ ᠵᠡᠷᠭᠡ ᠴᠢᠬᠤᠯᠠ ᠲᠦᠷᠦᠯ | ᠵᠦᠢᠯ ᠢ ᠦᠷᠭᠦᠯᠵᠢᠯᠡᠨ ᠰᠠᠶᠢᠲᠤᠷ ᠠᠳᠬᠤᠵᠤ᠂ ᠲᠦᠷᠦᠯ ᠵᠦᠢᠯ ᠤᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ ᠲᠣᠭᠲᠠᠭᠰᠠᠨ ᠬᠤᠭᠤᠴᠠᠭᠠᠨ ᠳᠤ ᠪᠡᠶᠡᠯᠡᠭᠦᠯᠬᠦ ᠶᠢ | ᠪᠠᠲᠤᠯᠠᠵᠤ᠂ ᠲᠦᠷᠦᠯ ᠵᠦᠢᠯ ᠤᠨ ᠵᠢᠱᠢᠶ᠎ᠡ ᠦᠵᠡᠭᠦᠯᠵᠦ ᠬᠦᠳᠦᠯᠦᠨ ᠳᠠᠭᠠᠭᠤᠯᠬᠤ ᠦᠢᠯᠡᠳᠦᠯ ᠢ ᠦᠨᠡᠨ ᠬᠦ ᠪᠠᠳᠠᠷᠠᠭᠤᠯᠬᠤ ᠬᠡᠷᠡᠭᠲᠡᠢ᠃ |