| ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠶ ᠪᠠ ᠬᠥᠳᠡᠭᠡ ᠲᠤᠰᠬᠤᠨ ᠮᠠᠯᠵᠢᠬᠤ ᠣᠷᠣᠨ ᠤ ᠲᠢᠩᠬᠢᠮ ᠠᠴᠠ ᠣᠶᠢᠯᠠᠭᠠᠭᠰᠠᠨ ᠢᠶᠠᠷ᠂ 5 | ᠳ᠋ᠤᠭᠠᠷ ᠰᠠᠷ᠎ᠠ ᠶᠢᠨ 10 ᠤ ᠡᠳᠦᠷ ᠪᠣᠯᠲᠠᠯ᠎ᠠ᠂ ᠪᠥᠬᠦ ᠣᠷᠣᠨ ᠨᠢᠭᠡᠨᠲᠡ 5753.4 ᠲᠦᠮᠡᠨ ᠮᠥ ᠠᠮᠤ ᠪᠤᠳᠠᠭᠠᠨ ᠤ ᠲᠠᠷᠢᠮᠠᠯ ᠳᠠᠷᠢᠵᠤ᠂ ᠠᠬᠢᠴᠠ ᠨᠢ 51.8% ᠳᠤ | ᠬᠦᠷᠴᠦ᠂ ᠬᠠᠪᠤᠷ ᠤᠨ ᠲᠠᠷᠢᠶᠠᠯᠠᠭ᠎ᠠ ᠣᠷᠭᠢᠯ ᠤᠨ ᠬᠤᠭᠤᠴᠠᠭᠠᠨ ᠳᠤ ᠪᠠᠨ ᠣᠷᠣᠵᠠᠶ᠃ ᠡᠭᠦᠨ ᠳᠤ᠂ ᠪᠥᠬᠦ ᠣᠷᠣᠨ ᠢᠶᠠᠷ ᠢᠶᠠᠨ ᠰᠢᠷ᠎ᠠ ᠪᠤᠷᠴᠠᠭ ᠡᠷᠳᠡᠨᠢ ᠰᠢᠰᠢ ᠶᠢᠨ | ᠪᠦᠰᠡᠯᠢᠭ ᠬᠡᠯᠪᠡᠷᠢᠲᠡᠢ ᠬᠤᠯᠢᠮᠠᠭ ᠲᠠᠷᠢᠮᠠᠯ ᠢ 67 ᠲᠦᠮᠡᠨ ᠮᠥ ᠲᠠᠷᠢᠵᠤ᠂ ᠶᠡᠷᠦᠩᠬᠡᠶ ᠲᠠᠷᠢᠮᠠᠯ ᠤᠨ ᠡᠭᠦᠷᠭᠡ ᠶᠢᠨ 41.9% ᠶᠢ ᠡᠵᠡᠯᠡᠪᠡ᠃ | ᠬᠠᠪᠤᠷ ᠤᠨ ᠲᠠᠷᠢᠶᠠᠯᠠᠭ᠎ᠠ ᠠᠴᠠ ᠨᠠᠭᠠᠰᠢ᠂ ᠮᠠᠨ ᠤ ᠣᠷᠣᠨ ᠤ ᠰᠢᠮᠡᠳᠬᠡᠯ ᠤᠨ ᠪᠠᠶᠢᠳᠠᠯ ᠶᠡᠷᠦᠩᠬᠡᠶ ᠳᠤ ᠪᠠᠨ ᠨᠡᠯᠢᠶᠡᠳ ᠰᠠᠶᠢᠨ᠂ ᠴᠠᠭ ᠠᠭᠤᠷ ᠤᠨ | ᠲᠣᠪᠴᠢᠶ᠎ᠠ ᠶᠢᠨ 5 ᠳ᠋ᠤᠭᠠᠷ ᠰᠠᠷ᠎ᠠ ᠶᠢᠨ 4 ᠤ ᠡᠳᠦᠷ ᠤᠨ ᠬᠢᠨᠠᠨ ᠰᠢᠨᠵᠢᠯᠡᠯᠲᠡ ᠠᠴᠠ ᠦᠵᠡᠪᠡᠯ᠂ ᠮᠠᠨ ᠤ ᠣᠷᠣᠨ ᠤ ᠨᠢᠭᠡ᠂ ᠬᠤᠶᠠᠷ᠂ ᠭᠤᠷᠪᠠᠳᠤᠭᠠᠷ ᠲᠥᠷᠥᠯ ᠤᠨ | ᠰᠢᠮᠡᠳᠬᠡᠯ ᠤᠨ ᠪᠠᠶᠢᠳᠠᠯ ᠤᠨ ᠲᠠᠯᠠᠪᠠᠶ ᠲᠣᠰ ᠪᠦᠷᠢ ᠪᠥᠬᠦ ᠣᠷᠣᠨ ᠤ ᠲᠠᠷᠢᠶᠠᠨ ᠭᠠᠵᠠᠷ ᠤᠨ ᠶᠡᠷᠦᠩᠬᠡᠶ ᠲᠠᠯᠠᠪᠠᠶ ᠶᠢᠨ 32.5%᠂ 38.2%᠂ 29.3% ᠶᠢ | ᠡᠵᠡᠯᠡᠵᠦ᠂ ᠥᠩᠭᠡᠷᠡᠭᠰᠡᠨ ᠵᠢᠯ ᠤᠨ ᠠᠳᠠᠯᠢ ᠬᠤᠭᠤᠴᠠᠭᠠᠨ ᠤ ᠲᠠᠢ ᠬᠠᠷᠢᠴᠠᠭᠤᠯᠪᠠᠯ᠂ ᠨᠢᠭᠡᠳᠦᠭᠡᠷ ᠲᠥᠷᠥᠯ ᠤᠨ ᠰᠢᠮᠡᠳᠬᠡᠯ ᠤᠨ ᠲᠠᠯᠠᠪᠠᠶ 25 ᠵᠠᠭᠤᠨ ᠤ ᠴᠡᠭ | ᠨᠡᠮᠡᠭᠳᠡᠵᠦ᠂ ᠬᠤᠶᠠᠳᠤᠭᠠᠷ ᠲᠥᠷᠥᠯ ᠤᠨ ᠰᠢᠮᠡᠳᠬᠡᠯ ᠤᠨ ᠲᠠᠯᠠᠪᠠᠶ 2 ᠵᠠᠭᠤᠨ ᠤ ᠴᠡᠭ ᠨᠡᠮᠡᠭᠳᠡᠨ᠂ ᠭᠤᠷᠪᠠᠳᠤᠭᠠᠷ ᠲᠥᠷᠥᠯ ᠤᠨ ᠰᠢᠮᠡᠳᠬᠡᠯ ᠤᠨ ᠲᠠᠯᠠᠪᠠᠶ 27 | ᠵᠠᠭᠤᠨ ᠤ ᠴᠡᠭ ᠪᠠᠭᠠᠰᠴᠤ᠂ ᠰᠢᠮᠡᠳᠬᠡᠯ ᠤᠨ ᠪᠠᠶᠢᠳᠠᠯ ᠥᠩᠭᠡᠷᠡᠭᠰᠡᠨ ᠵᠢᠯ ᠤᠨ ᠠᠳᠠᠯᠢ ᠬᠤᠭᠤᠴᠠᠭᠠᠨ ᠤ ᠠᠴᠠ ᠢᠯᠡᠳᠲᠡ ᠰᠠᠶᠢᠨ ᠪᠣᠯᠵᠠᠶ᠃ | ᠥᠪᠥᠷ ᠮᠣᠩᠭᠤᠯ ᠤᠨ ᠠᠮᠤ ᠪᠤᠳᠠᠭᠠᠨ ᠤ ᠤᠨᠠᠯᠲᠠ 4 ᠵᠢᠯ ᠳᠠᠷᠠᠭᠠᠯᠠᠨ 700 ᠳ᠋ᠦᠩᠰᠢᠭᠤᠷ ᠵᠢᠩ ᠠᠴᠠ ᠳᠡᠭᠡᠭᠰᠢ ᠪᠠᠶᠢᠬᠤ ᠶᠢ ᠪᠠᠲᠤᠯᠠᠯ᠎ᠠ᠃ 2021 | ᠣᠨ ᠳᠤ ᠠᠮᠤ ᠪᠤᠳᠠᠭᠠᠨ ᠤ ᠤᠨᠠᠯᠲᠠ ᠡᠮᠦᠨᠡᠰᠢ 2 ᠣᠷᠣᠨ ᠳᠡᠪᠰᠢᠨ᠂ ᠪᠦᠬᠦ ᠤᠯᠤᠰ ᠤᠨ ᠵᠢᠷᠭᠤᠳᠤᠭᠠᠷ ᠪᠠᠶᠢᠷᠢᠨ ᠳᠤ ᠵᠢᠭᠰᠠᠭᠠᠭᠳᠠᠵᠠᠢ᠃ ᠠᠮᠤ ᠪᠤᠳᠠᠭᠠᠨ ᠤ | ᠭᠠᠷᠤᠯᠲᠠ ᠶᠢᠨ ᠨᠡᠮᠡᠭᠳᠡᠯ ᠤᠨ ᠬᠡᠮᠵᠢᠶ᠎ᠡ ᠨᠢ ᠪᠦᠬᠦ ᠤᠯᠤᠰ ᠤᠨ ᠨᠡᠮᠡᠭᠳᠡᠯ ᠤᠨ ᠬᠡᠮᠵᠢᠶᠡᠨ ᠤ 13.18% ᠶᠢ ᠡᠵᠡᠯᠡᠵᠦ᠂ ᠪᠦᠬᠦ ᠤᠯᠤᠰ ᠤᠨ ᠳᠥᠷᠪᠡᠳᠦᠭᠡᠷ ᠲᠤ | ᠣᠷᠣᠭᠰᠠᠨ ᠶᠤᠮ᠃ | ᠪᠣᠬᠢᠷᠲᠤᠯ ᠥᠬᠡᠶ ︽ᠠᠮᠤ ᠪᠤᠳᠠᠭᠠᠨ ᠤ ᠬᠥᠮᠥᠷᠭᠡ︾ ᠪᠣᠯᠤᠭᠰᠠᠨ ᠤ ᠬᠤᠪᠢ ᠳᠤ᠂ ᠡᠨᠡ ᠵᠢᠯ ᠮᠠᠨ ᠤ ᠣᠷᠣᠨ ᠲᠠᠷᠢᠶᠠᠨ ᠭᠠᠵᠠᠷ ᠤᠨ ᠬᠦᠴᠦ ᠰᠢᠮ᠎ᠡ ᠶᠢ | ᠬᠠᠮᠠᠭᠠᠯᠠᠬᠤ ᠨᠥᠬᠦᠪᠥᠷᠢ᠂ ᠦᠢᠯᠡᠳᠪᠦᠷᠢᠯᠡᠭᠴᠢᠳ ᠲᠤ ᠣᠯᠭᠤᠬᠤ ᠨᠥᠬᠦᠪᠥᠷᠢ᠂ ᠠᠮᠤ ᠪᠤᠳᠠᠭ᠎ᠠ ᠳᠠᠷᠢᠬᠤ ᠲᠠᠷᠢᠶᠠᠴᠢᠳ ᠲᠤ ᠨᠢᠭᠡ ᠯᠠ ᠤᠳᠠᠭ᠎ᠠ ᠶᠢᠨ ᠴᠢᠨᠠᠷᠲᠠᠶ | ᠣᠯᠭᠤᠬᠤ ᠨᠥᠬᠦᠪᠥᠷᠢ 156.9 ᠳ᠋ᠦᠩᠰᠢᠭᠤᠷ ᠲᠥᠭᠦᠷᠢᠭ ᠢ ᠴᠠᠭ ᠲᠤᠬᠠᠶ ᠳᠤ ᠨᠢ ᠰᠠᠯᠭᠠᠨ ᠪᠠᠭᠤᠯᠭᠠᠵᠤ᠂ ᠲᠠᠷᠢᠶᠠᠴᠢᠳ ᠤᠨ ᠠᠮᠤ ᠪᠤᠳᠠᠭ᠎ᠠ ᠳᠠᠷᠢᠬᠤ ᠢᠳᠡᠪᠬᠢᠵᠢᠯ ᠢ | ᠭᠦᠢᠴᠡᠳ ᠳᠠᠶᠢᠴᠢᠯᠠᠵᠤ ᠪᠠᠶᠢᠨ᠎ᠠ᠃ ᠡᠭᠦᠨ ᠤ ᠬᠠᠮᠲᠤ᠂ ᠡᠷᠳᠡᠨᠢ ᠰᠢᠰᠢ ᠪᠠ ᠰᠢᠷ᠎ᠠ ᠪᠤᠷᠴᠠᠭ ᠦᠢᠯᠡᠳᠪᠦᠷᠢᠯᠡᠭᠴᠢᠳ ᠲᠤ ᠣᠯᠭᠤᠬᠤ ᠨᠥᠬᠦᠪᠥᠷᠢ ᠶᠢᠨ ᠵᠥᠷᠢᠶ᠎ᠡ ᠶᠢ | ᠶᠡᠬᠡᠰᠬᠡᠨ᠂ ᠥᠪᠡᠷᠲᠡᠭᠡᠨ ᠵᠠᠰᠠᠬᠤ ᠣᠷᠣᠨ ᠦᠢᠯᠡᠳᠪᠦᠷᠢᠯᠡᠭᠴᠢᠳ ᠲᠤ ᠣᠯᠭᠤᠬᠤ 5% ᠶᠢᠨ ᠨᠥᠬᠦᠪᠥᠷᠢ ᠶᠢ ᠲᠥᠪᠯᠡᠷᠡᠭᠦᠯᠦᠨ ᠳᠣᠭᠢᠷᠠᠭᠤᠯᠵᠤ᠂ ᠰᠢᠷ᠎ᠠ ᠪᠤᠷᠴᠠᠭ | ᠡᠷᠳᠡᠨᠢ ᠰᠢᠰᠢ ᠰᠢᠰᠢ ᠶᠢᠨ ᠪᠦᠰᠡᠯᠢᠭ ᠬᠡᠯᠪᠡᠷᠢᠲᠡᠢ ᠬᠤᠯᠢᠮᠠᠭ ᠲᠠᠷᠢᠮᠠᠯ ᠲᠠᠷᠢᠬᠤ᠂ ᠰᠢᠯᠢᠮᠳᠡᠭ ᠳᠠᠷᠢᠬᠤ ᠨᠥᠬᠦᠪᠥᠷᠢ ᠣᠯᠭᠤᠵᠤ ᠪᠠᠶᠢᠨ᠎ᠠ᠃ | ᠴᠢᠬᠤᠯᠠ ᠶᠡᠭᠡ ᠲᠦᠷᠦᠯ ᠵᠦᠢᠯ ᠤᠨ ᠪᠦᠳᠦᠭᠡᠨ ᠪᠠᠶᠢᠭᠤᠯᠤᠯᠲᠠ ᠨᠢ ᠲᠠᠷᠢᠶᠠᠯᠠᠩ ᠤᠨ ᠬᠥᠭᠵᠢᠯᠲᠡ ᠶᠢᠨ ᠬᠦᠴᠦᠨ ᠴᠢᠳᠠᠮᠵᠢ ᠶᠢ ᠡᠷᠴᠢᠮᠯᠡᠬᠦ ᠪᠣᠯ ᠡᠨᠡ ᠵᠢᠯ ᠤᠨ | ᠨᠢᠭᠡᠨ ᠶᠡᠭᠡ ᠬᠢᠯᠠᠰ ᠴᠡᠭ ᠶᠤᠮ᠃ ᠣᠳᠣᠬᠠᠨ ᠳᠤ᠂ 3000 ᠲᠦᠮᠡᠨ ᠲᠥᠭᠦᠷᠢᠭ ᠤᠨ ᠪᠠᠯᠠ ᠮᠥᠩᠭᠦ ᠶᠢ ᠨᠢᠭᠡᠳᠦᠯᠲᠡᠶ ᠲᠥᠯᠦᠪᠵᠢᠭᠦᠯᠦᠨ᠂ ᠴᠢᠨᠠᠷ ᠰᠠᠶᠢᠲᠠᠶ | ᠥᠨᠳᠥᠷ ᠪᠦᠲᠦᠮᠵᠢᠲᠡᠶ ᠠᠮᠤ ᠪᠤᠳᠠᠭ᠎ᠠ ᠶᠢ ᠨᠡᠮᠡᠭᠳᠡᠭᠦᠯᠬᠦ ᠵᠢᠱᠢᠶ᠎ᠡ ᠦᠵᠡᠭᠦᠯᠬᠦ ᠠᠵᠢᠯᠯᠠᠭ᠎ᠠ ᠶᠢ ᠬᠡᠷᠡᠭᠵᠢᠭᠦᠯᠦᠭᠡᠳ᠂ 12 ᠠᠶᠢᠮᠠᠭ ᠬᠤᠲᠠ ᠶᠢᠨ 65 ᠬᠤᠰᠢᠭᠤ | ᠰᠢᠶᠠᠨ ᠳᠤ ᠭᠤᠤᠯ ᠪᠣᠯᠬᠤ ᠠᠮᠤ ᠲᠣᠰᠣᠨ ᠤ ᠲᠠᠷᠢᠮᠠᠯ ᠤᠨ ᠮᠢᠩᠭᠠᠨ ᠮᠥ ᠶᠢᠨ 100 ᠵᠢᠱᠢᠶ᠎ᠡ ᠦᠵᠡᠭᠦᠯᠬᠦ ᠬᠡᠰᠡᠭ ᠢ ᠪᠥᠲᠥᠭᠡᠨ ᠪᠠᠶᠢᠭᠤᠯᠪᠠ᠃ ᠪᠠᠰᠠ᠂ 6000 | ᠲᠦᠮᠡᠨ ᠲᠥᠭᠦᠷᠢᠭ ᠤᠨ ᠪᠠᠯᠠ ᠮᠥᠩᠭᠦ ᠶᠢ ᠨᠡᠶᠢᠯᠡᠭᠦᠯᠦᠨ᠂ ᠬᠠᠲᠤᠨ ᠭᠤᠤᠯ ᠤᠨ ᠰᠠᠪᠠ ᠭᠠᠵᠠᠷ ᠤᠨ 7 ᠠᠶᠢᠮᠠᠭ ᠬᠤᠲᠠ ᠶᠢᠨ 42 ᠬᠤᠰᠢᠭᠤ ᠰᠢᠶᠠᠨ ᠳᠤ ᠪᠣᠬᠢᠷᠲᠤᠯ | ᠥᠬᠡᠶ ᠬᠥᠭᠵᠢᠯᠲᠡ ᠶᠢᠨ ᠵᠢᠱᠢᠶ᠎ᠡ ᠦᠵᠡᠭᠦᠯᠬᠦ ᠠᠵᠢᠯᠯᠠᠭ᠎ᠠ ᠶᠢ ᠥᠷᠨᠢᠭᠦᠯᠵᠦ᠂ ᠮᠢᠩᠭᠠᠨ ᠮᠥ ᠶᠢᠨ ᠪᠣᠬᠢᠷᠲᠤᠯ ᠥᠬᠡᠶ ᠬᠥᠭᠵᠢᠯᠲᠡ ᠶᠢᠨ 200 ᠵᠢᠱᠢᠶ᠎ᠡ ᠦᠵᠡᠭᠦᠯᠬᠦ | ᠬᠡᠰᠡᠭ ᠢ ᠪᠥᠲᠥᠭᠡᠨ ᠪᠠᠶᠢᠭᠤᠯᠵᠤ᠂ 3500 ᠲᠦᠮᠡᠨ ᠲᠥᠭᠦᠷᠢᠭ ᠢ ᠨᠡᠶᠢᠯᠡᠭᠦᠯᠦᠨ ᠳᠠᠭ᠎ᠠ ᠶᠢᠨ ᠨᠠᠭᠤᠷ ᠵᠡᠷᠭᠡ ᠭᠤᠤᠯᠳᠠᠯᠭ᠎ᠠ ᠲᠠᠢ ᠰᠠᠪᠠ ᠭᠠᠵᠠᠷ ᠲᠤ ︽ᠤᠰᠤᠨ | ᠲᠠᠷᠢᠶ᠎ᠠ ᠶᠢ ᠬᠠᠭᠤᠷᠠᠢ ᠲᠠᠷᠢᠶ᠎ᠠ ᠪᠣᠯᠭᠠᠬᠤ︾ ᠬᠡᠰᠡᠭ ᠤᠨ ᠠᠮᠤ ᠪᠤᠳᠠᠭᠠᠨ ᠤ ᠤᠨᠠᠯᠲᠠ ᠶᠢ ᠲᠣᠭᠲᠠᠪᠤᠷᠢᠵᠢᠭᠤᠯᠤᠨ ᠤᠨᠠᠯᠲᠠ ᠶᠢ ᠨᠡᠮᠡᠭᠳᠡᠭᠦᠯᠬᠦ ᠨᠥᠬᠦᠪᠥᠷᠢ ᠣᠯᠭᠤᠵᠠᠢ᠃ | ᠲᠠᠷᠠᠭᠠᠴᠢ ᠶᠢᠨ ᠠᠯᠬᠤᠮ ᠳᠤ᠂ ᠮᠠᠨ ᠤ ᠣᠷᠣᠨ ᠨᠡᠶᠢᠳᠡᠮ ᠲᠠᠷᠢᠵᠤ ᠰᠠᠶᠢᠨ ᠳᠠᠷᠢᠬᠤ ᠶᠢ ᠪᠥᠬᠦ ᠬᠦᠴᠦᠨ ᠢᠶᠠᠷ ᠢᠶᠠᠨ ᠪᠠᠲᠤᠯᠠᠬᠤ ᠶᠢᠨ ᠬᠠᠮᠲᠤ ᠪᠠᠰᠠ ᠭᠠᠩ | ᠬᠠᠭᠰᠠᠷᠠᠭᠠᠨ ᠲᠠᠢ ᠲᠡᠮᠡᠴᠡᠬᠦ ᠡᠳ᠋ ᠪᠣᠳᠠᠰ ᠢ ᠬᠦᠴᠦᠯᠡᠨ ᠨᠥᠭᠡᠴᠡᠯᠡᠵᠦ᠂ ᠴᠢᠬᠢᠭ ᠢ ᠬᠠᠮᠠᠭᠠᠯᠠᠬᠤ᠂ ᠭᠠᠩ ᠬᠠᠭᠰᠠᠷᠠᠭᠠᠨ ᠲᠠᠢ ᠲᠡᠮᠡᠴᠡᠬᠦ ︽ᠴᠣᠨᠣᠭᠯᠠᠨ ᠤᠰᠤᠯᠠᠵᠤ | ᠲᠠᠷᠢᠬᠤ︾᠂ ᠳᠠᠷᠢᠭᠰᠠᠨ ᠤ ᠳᠠᠷᠠᠭ᠎ᠠ ᠳᠤᠰᠤᠯᠭᠠᠨ ᠤᠰᠤᠯᠠᠬᠤ ᠵᠡᠷᠭᠡ ᠭᠠᠩ ᠬᠠᠭᠰᠠᠷᠠᠭᠠᠨ ᠲᠠᠢ ᠲᠡᠮᠡᠴᠡᠬᠦ ᠮᠡᠷᠭᠡᠵᠢᠯ ᠢ ᠳᠡᠯᠭᠡᠷᠡᠭᠦᠯᠵᠦ᠂ ᠴᠢᠬᠢᠯᠡᠬᠦ ᠨᠣᠷᠮ᠎ᠠ ᠶᠢ | ᠪᠠᠲᠤᠯᠠᠵᠤ᠂ ᠭᠠᠩ ᠬᠠᠭᠰᠠᠷᠠᠭᠠᠨ ᠲᠠᠢ ᠣᠷᠣᠨ ᠤ ᠬᠠᠪᠤᠷ ᠤᠨ ᠲᠠᠷᠢᠶᠠᠯᠠᠭ᠎ᠠ ᠶᠢᠨ ᠠᠵᠢᠯ ᠤᠷᠤᠭᠰᠢᠲᠠᠶ ᠶᠠᠪᠤᠭᠳᠠᠬᠤ ᠵᠢᠴᠢ ᠨᠢᠭᠡᠨᠲᠡ ᠳᠠᠷᠢᠭᠰᠠᠨ ᠲᠠᠷᠢᠮᠠᠯ ᠤᠨ ᠬᠡᠪ ᠤᠨ | ᠤᠷᠭᠤᠯᠲᠠ ᠶᠢ ᠪᠠᠲᠤᠯᠠᠨ᠎ᠠ᠃ ᠡᠭᠦᠨ ᠤ ᠳᠠᠭᠠᠤ᠂ 460 ᠲᠦᠮᠡᠨ ᠲᠥᠭᠦᠷᠢᠭ ᠤᠨ ᠪᠠᠯᠠ ᠮᠥᠩᠭᠦ ᠶᠢ ᠨᠢᠭᠡᠳᠦᠯᠲᠡᠶ ᠲᠥᠯᠦᠪᠵᠢᠭᠦᠯᠵᠦ᠂ ᠪᠠᠴᠢᠮ ᠪᠠᠶᠢᠳᠠᠯ ᠢ | ᠠᠷᠭᠠᠴᠠᠭᠠᠨ ᠰᠡᠷᠭᠡᠶᠢᠯᠡᠨ ᠡᠵᠡᠮᠳᠡᠬᠦ ᠨᠥᠬᠦᠪᠥᠷᠢ ᠣᠯᠭᠤᠵᠤ᠂ ᠡᠪᠡᠳᠴᠢᠨ ᠬᠤᠷᠣᠬᠠᠶ ᠶᠢ ᠬᠢᠨᠠᠨ ᠰᠢᠨᠵᠢᠯᠡᠬᠦ ᠴᠡᠭ ᠵᠡᠷᠭᠡ ᠶᠢ ᠪᠠᠶᠢᠭᠤᠯᠵᠤ᠂ ᠡᠪᠡᠳᠴᠢᠨ ᠬᠤᠷᠣᠬᠠᠶ ᠶᠢᠨ | ᠭᠠᠮᠰᠢᠭ ᠡᠭᠦᠰᠬᠦ ᠶᠢ ᠰᠡᠷᠭᠡᠶᠢᠯᠡᠨ᠎ᠡ᠃ | ᠡᠭᠦᠨ ᠤ ᠬᠠᠮᠲᠤ᠂ ᠬᠠᠪᠤᠷ ᠤᠨ ᠲᠠᠷᠢᠶᠠᠯᠠᠭ᠎ᠠ ᠶᠢ ᠵᠢᠯᠣᠭᠤᠳᠬᠤ ᠦᠢᠯᠡᠴᠢᠯᠡᠭᠡ ᠶᠢ ᠰᠠᠶᠢᠲᠤᠷ ᠬᠢᠨ᠎ᠠ᠃ ᠬᠥᠷᠥᠰᠥ ᠰᠢᠷᠣᠶ ᠶᠢ ᠰᠢᠨᠵᠢᠨ ᠨᠠᠶᠢᠷᠠᠯᠭ᠎ᠠ ᠲᠠᠢ | ᠪᠤᠷᠳᠤᠭᠤᠷ ᠣᠷᠣᠭᠤᠯᠬᠤ᠂ ᠤᠰᠤ ᠪᠤᠷᠳᠤᠭᠤᠷ ᠢ ᠨᠢᠭᠡ ᠴᠤᠭᠴᠠᠵᠢᠭᠤᠯᠬᠤ᠂ ᠮᠧᠬᠠᠨᠢᠭ ᠢᠶᠠᠷ ᠭᠦᠨ ᠣᠷᠣᠭᠤᠯᠤᠨ ᠪᠣᠷᠳᠤᠬᠤ ᠵᠡᠷᠭᠡ ᠰᠢᠨᠵᠢᠯᠡᠬᠦ ᠤᠬᠠᠭᠠᠨᠴᠢ ᠪᠠᠷ | ᠪᠤᠷᠳᠤᠭᠤᠷ ᠣᠷᠣᠭᠤᠯᠬᠤ ᠠᠷᠭ᠎ᠠ ᠮᠠᠶ᠋ᠢᠭ ᠢ ᠶᠡᠭᠡ ᠪᠠᠷ ᠳᠡᠯᠭᠡᠷᠡᠭᠦᠯᠵᠦ᠂ ᠬᠤᠷᠳᠤᠴᠠ ᠶᠢ ᠨᠢ ᠬᠢᠵᠠᠭᠠᠷᠯᠠᠭᠰᠠᠨ ᠠᠯᠭᠤᠷ ᠵᠠᠳᠠᠷᠠᠬᠤ ᠪᠤᠷᠳᠤᠭᠤᠷ᠂ ᠤᠰᠤᠨ ᠳᠤ | ᠠᠭᠤᠰᠬᠤ ᠪᠤᠷᠳᠤᠭᠤᠷ ᠵᠡᠷᠭᠡ ᠰᠢᠨ᠎ᠡ ᠬᠡᠯᠪᠡᠷᠢ ᠶᠢᠨ ᠥᠨᠳᠥᠷ ᠦᠷ᠎ᠡ ᠠᠰᠢᠭᠲᠤ ᠪᠤᠷᠳᠤᠭᠤᠷ ᠢ ᠳᠡᠯᠭᠡᠷᠡᠭᠦᠯᠵᠦ᠂ ᠬᠢᠮᠢ ᠶᠢᠨ ᠪᠤᠷᠳᠤᠭᠤᠷ ᠤᠨ ᠬᠡᠮᠵᠢᠶ᠎ᠡ ᠶᠢ | ᠪᠠᠭᠠᠰᠬᠠᠬᠤ ᠶᠢ ᠠᠭᠤᠰᠤᠯᠴᠠᠭᠤᠯᠤᠨ ᠠᠬᠢᠭᠤᠯᠵᠤ᠂ ᠲᠠᠷᠢᠶᠠᠴᠢᠳ ᠢ ᠬᠠᠪᠰᠤᠷᠤᠨ ᠲᠠᠷᠢᠮᠠᠯ ᠤᠨ ᠥᠪᠡᠷ ᠤᠨ ᠦᠷᠳᠡᠭ ᠢ ᠪᠠᠭᠤᠷᠠᠭᠤᠯᠤᠨ᠎ᠠ᠃ ᠪᠠᠰᠠ᠂ ᠡᠯ᠎ᠡ | ᠲᠥᠷᠥᠯ ᠤᠨ ᠲᠤᠰᠬᠠᠶᠢᠵᠢᠭᠰᠠᠨ ᠨᠡᠶᠢᠭᠡᠮᠴᠢᠯᠡᠭᠰᠡᠨ ᠦᠢᠯᠡᠴᠢᠯᠡᠬᠡᠨ ᠤ ᠬᠢᠷᠢ ᠲᠦᠪᠰᠢᠨ ᠢ ᠢᠳᠡᠪᠬᠢᠲᠡᠶ ᠳᠡᠭᠡᠭᠰᠢᠯᠡᠭᠦᠯᠵᠦ᠂ ᠣᠷᠣᠯᠠᠨ ᠬᠠᠭᠠᠯᠪᠤᠷᠢᠯᠠᠵᠤ ᠣᠷᠣᠯᠠᠨ | ᠳᠠᠷᠢᠬᠤ᠂ ᠨᠢᠭᠡᠳᠦᠯᠲᠡᠶ ᠰᠡᠷᠭᠡᠶᠢᠯᠡᠨ ᠨᠢᠭᠡᠲᠦᠯᠲᠡᠢ ᠵᠠᠰᠠᠬᠤ᠂ ᠭᠠᠵᠠᠷ ᠰᠢᠷᠣᠶ ᠶᠢ ᠨᠠᠶᠢᠳᠠᠨ ᠬᠠᠮᠢᠶᠠᠷᠤᠭᠤᠯᠬᠤ ᠵᠡᠷᠭᠡ ᠦᠢᠯᠡᠳᠪᠦᠷᠢᠡᠯᠡᠯ ᠤᠨ ᠠᠷᠭ᠎ᠠ ᠮᠠᠶ᠋ᠢᠭ ᠢ | ᠥᠷᠨᠢᠭᠦᠯᠬᠦ ᠶᠢ ᠳᠡᠮᠵᠢᠵᠦ᠂ ᠡᠷᠴᠢᠮᠵᠢᠭᠦᠯᠦᠭᠰᠡᠨ ᠡᠵᠡᠩᠨᠡᠯᠲᠡ ᠶᠢ ᠳᠠᠶᠢᠴᠢᠯᠠᠨ᠂ ᠥᠪᠡᠷ ᠤᠨ ᠥᠷᠲᠡᠭ ᠢ ᠪᠠᠭᠤᠷᠠᠭᠤᠯᠤᠨ ᠦᠷ᠎ᠡ ᠠᠰᠢᠭ ᠢ ᠨᠡᠮᠡᠭᠳᠡᠭᠦᠯᠬᠦ ᠶᠢ | ᠪᠡᠶᠡᠯᠡᠭᠦᠯᠦᠨ᠎ᠡ᠃ |