6 ᠳ᠋ᠤᠭᠠᠷ ᠰᠠᠷ᠎ᠠ ᠶᠢᠨ 15 ᠤ ᠡᠳᠦᠷ ᠤᠨ 0 ᠴᠠᠭ ᠠᠴᠠ 24 ᠴᠠᠭ ᠪᠣᠯᠲᠠᠯ᠎ᠠ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠳᠤ ᠲᠤᠬᠠᠢ ᠶᠢᠨ | ᠭᠠᠵᠠᠷ ᠤᠨ ᠲᠣᠳᠤᠯᠠᠭᠰᠠᠨ ᠡᠪᠡᠳᠴᠢᠨ ᠤ ᠵᠢᠱᠢᠶ᠎ᠡ 13 ︵ᠴᠦᠮ ᠰᠢᠯᠢ ᠶᠢᠨ ᠭᠤᠣᠯ ᠠᠶᠢᠮᠠᠭ ᠲᠤ ᠪᠠᠶᠢᠵᠤ᠂ ᠡᠪᠡᠳᠴᠢᠨ ᠤ ᠢᠯᠡᠷᠡᠯ ᠦᠭᠡᠢ | ᠬᠠᠯᠳᠠᠪᠤᠷᠢᠯᠠᠭᠳᠠᠭᠴᠢ ᠠᠴᠠ ᠲᠣᠳᠤᠯᠠᠭᠰᠠᠨ ᠡᠪᠡᠳᠴᠢᠨ ᠤ ᠵᠢᠱᠢᠶ᠎ᠡ ᠪᠣᠯᠤᠭᠰᠠᠨ 8 ᠵᠢᠱᠢᠶ᠎ᠡ ᠪᠠᠭᠲᠠᠨ᠎ᠠ︶ ᠨᠡᠮᠡᠭᠳᠡᠪᠡ᠃ ᠲᠤᠬᠠᠢ ᠶᠢᠨ ᠭᠠᠵᠠᠷ ᠤᠨ ᠡᠪᠡᠳᠴᠢᠨ ᠤ | ᠢᠯᠡᠷᠡᠯ ᠦᠭᠡᠢ ᠬᠠᠯᠳᠠᠪᠤᠷᠢᠯᠠᠭᠳᠠᠭᠴᠢ 21 ︵ᠴᠦᠮ ᠰᠢᠯᠢ ᠶᠢᠨ ᠭᠤᠣᠯ ᠠᠶᠢᠮᠠᠭ ᠲᠤ ᠪᠤᠢ︶ ᠨᠡᠮᠡᠭᠳᠡᠪᠡ᠃ ᠲᠤᠬᠠᠢ ᠶᠢᠨ ᠭᠠᠵᠠᠷ ᠤᠨ ᠲᠣᠳᠤᠯᠠᠭᠰᠠᠨ 2 | ᠡᠪᠡᠳᠴᠢᠨ ᠤ ᠵᠢᠱᠢᠶ᠎ᠡ ᠢᠯᠡᠷᠢᠰᠢᠵᠦ ᠡᠮᠨᠡᠯᠭᠡ ᠠᠴᠠ ᠭᠠᠷᠪᠠ᠂ ᠡᠭᠦᠨ ᠳᠤ ᠲᠦᠩᠯᠢᠶᠣᠣ ᠬᠤᠲᠠ ᠳᠤ 1᠂ ᠤᠯᠠᠭᠠᠨᠬᠠᠳᠠ ᠬᠤᠲᠠ ᠳᠤ 1 ᠪᠤᠢ᠃ ᠲᠤᠬᠠᠢ ᠶᠢᠨ | ᠭᠠᠵᠠᠷ ᠤᠨ ᠡᠪᠡᠳᠴᠢᠨ ᠤ ᠢᠯᠡᠷᠡᠯ ᠦᠭᠡᠢ 1 ᠬᠠᠯᠳᠠᠪᠤᠷᠢᠯᠠᠭᠳᠠᠭᠴᠢ ︵ᠲᠦᠩᠯᠢᠶᠣᠣ ᠬᠤᠲᠠ ᠳᠤ ᠪᠤᠢ︶ ᠶᠢ ᠠᠨᠠᠭᠠᠬᠤ ᠤᠬᠠᠭᠠᠨ ᠤ ᠠᠵᠢᠭᠯᠠᠯᠲᠠ ᠠᠴᠠ ᠭᠠᠷᠭᠠᠪᠠ᠃ | 6 ᠳ᠋ᠤᠭᠠᠷ ᠰᠠᠷ᠎ᠠ ᠶᠢᠨ 15 ᠤ ᠡᠳᠦᠷ ᠤᠨ 24 ᠴᠠᠭ ᠪᠣᠯᠲᠠᠯ᠎ᠠ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠳᠤ ᠣᠳᠤ ᠲᠤᠬᠠᠢ ᠶᠢᠨ ᠭᠠᠵᠠᠷ ᠤᠨ | ᠲᠣᠳᠤᠯᠠᠭᠰᠠᠨ ᠡᠪᠡᠳᠴᠢᠨ ᠤ ᠵᠢᠱᠢᠶ᠎ᠡ 312 ᠪᠠᠶᠢᠵᠤ᠂ ᠡᠭᠦᠨ ᠳᠤ ᠲᠦᠩᠯᠢᠶᠣᠣ ᠬᠤᠲᠠ ᠳᠤ 1᠂ ᠤᠯᠠᠭᠠᠨᠬᠠᠳᠠ ᠬᠤᠲᠠ ᠳᠤ 62᠂ ᠰᠢᠯᠢ ᠶᠢᠨ ᠭᠤᠣᠯ | ᠠᠶᠢᠮᠠᠭ ᠲᠤ 249 ᠪᠤᠢ᠃ ᠲᠤᠬᠠᠢ ᠶᠢᠨ ᠭᠠᠵᠠᠷ ᠤᠨ ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠳᠠᠭᠴᠢ 274 ᠪᠠᠶᠢᠵᠤ᠂ ᠡᠭᠦᠨ ᠳᠤ ᠬᠦᠬᠡᠬᠤᠳᠠ ᠳᠤ 4᠂ | ᠲᠦᠩᠯᠢᠶᠣᠣ ᠬᠤᠲᠠ ᠳᠤ 1᠂ ᠤᠯᠠᠭᠠᠨᠬᠠᠳᠠ ᠬᠤᠲᠠ ᠳᠤ 6᠂ ᠰᠢᠯᠢ ᠶᠢᠨ ᠭᠤᠣᠯ ᠠᠶᠢᠮᠠᠭ ᠲᠤ 262᠂ ᠤᠯᠠᠭᠠᠨᠴᠠᠪ ᠬᠤᠲᠠ ᠳᠤ 1 ᠪᠤᠢ᠃ ᠬᠢᠯᠢ ᠶᠢᠨ | ᠭᠠᠳᠠᠨ᠎ᠠ ᠠᠴᠠ ᠣᠷᠤᠵᠤ ᠢᠷᠡᠭᠰᠡᠨ ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠳᠠᠭᠴᠢ 3 ︵ᠴᠦᠮ ᠬᠦᠬᠡᠬᠤᠳᠠ ᠳᠤ︶ ᠪᠤᠢ᠃ ᠪᠦᠬᠦᠨ ᠢ ᠴᠡᠭ ᠲᠣᠭᠲᠠᠭᠠᠭᠰᠠᠨ | ᠡᠮᠨᠡᠯᠭᠡ ᠶᠢᠨ ᠬᠤᠷᠢᠶ᠎ᠠ ᠳᠤ ᠲᠤᠰᠠᠭᠠᠷᠯᠠᠨ ᠡᠮᠴᠢᠯᠡᠵᠦ᠂ ᠨᠢᠭᠲᠠ ᠣᠶᠢᠷᠠᠲᠤᠭᠰᠠᠳ ᠢ ᠨᠢ ᠴᠦᠮ ᠲᠣᠭᠲᠠᠭᠰᠠᠨ ᠲᠠᠯᠠᠪᠤᠷ ᠲᠤ ᠲᠦᠪᠯᠡᠷᠡᠭᠦᠯᠦᠨ ᠲᠤᠰᠠᠭᠠᠷᠯᠠᠵᠤ | ᠠᠨᠠᠭᠠᠬᠤ ᠤᠬᠠᠭᠠᠨ ᠤ ᠠᠵᠢᠭᠯᠠᠯᠲᠠ ᠬᠢᠵᠦ᠂ ᠬᠢᠵᠢᠭ ᠲᠠᠷᠬᠠᠬᠤ ᠶᠢ ᠴᠢᠩᠭ᠎ᠠ ᠰᠡᠷᠭᠡᠶᠢᠯᠡᠵᠦ ᠪᠠᠶᠢᠨ᠎ᠠ᠃ |