ᠮᠠᠨ ᠤ ᠣᠷᠣᠨ ᠤ 8 ᠳ᠋ᠤᠭᠠᠷ ᠰᠠᠷ᠎ᠠ ᠶᠢᠨ 21 ᠤ ᠡᠳᠦᠷ ᠤᠨ 24 ᠴᠠᠭ ᠪᠣᠯᠲᠠᠯᠠᠬᠢ ᠰᠢᠨ᠎ᠡ ᠲᠢᠲᠢᠮᠯᠢᠭ ᠠᠭᠤᠰᠭᠢᠨ ᠦᠷᠪᠢᠰᠦᠯ ᠤᠨ ᠬᠢᠵᠢᠭ ᠤᠨ ᠪᠠᠶᠢᠳᠠᠯ
ᠨᠡᠶᠢᠲᠡᠯᠡᠭᠰᠡᠨ ᠴᠠᠭ᠄
2022/8/22

      8 ᠳ᠋ᠤᠭᠠᠷ ᠰᠠᠷ᠎ᠠ ᠶᠢᠨ 21 ᠤ ᠡᠳᠦᠷ ᠤᠨ 0 ᠴᠠᠭ ᠠᠴᠠ 24 ᠴᠠᠭ ᠪᠣᠯᠲᠠᠯ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠳᠤ ᠲᠤᠬᠠᠢ ᠶᠢᠨ ᠭᠠᠵᠠᠷ ᠤᠨ ᠲᠣᠳᠤᠯᠠᠭᠰᠠᠨ ᠡᠪᠡᠳᠴᠢᠨ ᠤ ᠵᠢᠱᠢᠶ᠎ᠡ 3 ᠨᠡᠮᠡᠭᠳᠡᠵᠦ᠂ ᠡᠭᠦᠨ ᠳᠤ ᠪᠣᠭᠤᠲᠣ ᠬᠤᠲᠠ ᠳᠤ 1 ︵ᠲᠤᠰᠠᠭᠠᠷᠯᠠᠬᠤ ᠴᠡᠭ ᠠᠴᠠ ᠪᠠᠶᠢᠴᠠᠭᠠᠵᠤ ᠭᠠᠷᠭᠠᠪᠠ᠂ ᠴᠢᠩᠱᠠᠨ ᠲᠣᠭᠤᠷᠢᠭ ᠲᠤ ᠪᠤᠢ᠂ ᠲᠣᠳᠣᠯᠠᠭᠰᠠᠨ ᠡᠪᠡᠳᠴᠢᠨ ᠤ ᠵᠢᠱᠢᠶ᠎ᠡ ᠶᠢᠨ ᠨᠢᠭᠲᠠ ᠣᠶᠢᠷᠠᠲᠤᠭᠴᠢ ᠪᠣᠯᠣᠨ᠎ᠠ︶᠂ ᠬᠥᠯᠥᠨ ᠪᠤᠶᠢᠷ ᠬᠤᠲᠠ ᠳᠤ 1

︵ᠲᠤᠰᠠᠭᠠᠷᠯᠠᠬᠤ ᠴᠡᠭ ᠠᠴᠠ ᠪᠠᠶᠢᠴᠠᠭᠠᠵᠤ ᠭᠠᠷᠭᠠᠪᠠ᠂ ᠮᠠᠨᠵᠤᠤᠷ ᠬᠤᠲᠠ ᠳᠤ ᠪᠤᠢ︶᠂ ᠰᠢᠯᠢ ᠶᠢᠨ ᠭᠤᠣᠯ ᠠᠶᠢᠮᠠᠭ ᠲᠤ 1 ︵ᠨᠢᠭᠲᠠ ᠣᠶᠢᠷᠠᠲᠤᠭᠰᠠᠳ ᠤᠨ ᠰᠢᠭᠰᠢᠨ ᠪᠠᠶᠢᠴᠠᠭᠠᠯᠲᠠ ᠠᠴᠠ ᠢᠯᠡᠷᠡᠭᠦᠯᠪᠡ᠂ ᠡᠷᠢᠶᠡᠨ ᠬᠤᠲᠠ ᠳᠤ ᠪᠤᠢ︶ ᠪᠣᠢ᠃ ᠲᠤᠬᠠᠢ ᠶᠢᠨ ᠭᠠᠵᠠᠷ ᠤᠨ ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠳᠠᠭᠴᠢ 1

︵ᠨᠢᠭᠲᠠ ᠣᠶᠢᠷᠠᠲᠤᠭᠰᠠᠳ ᠤᠨ ᠰᠢᠭᠰᠢᠨ ᠪᠠᠶᠢᠴᠠᠭᠠᠯᠲᠠ ᠠᠴᠠ ᠢᠯᠡᠷᠡᠭᠦᠯᠪᠡ᠂ ᠰᠢᠯᠢ ᠶᠢᠨ ᠭᠤᠣᠯ ᠠᠶᠢᠮᠠᠭ ᠤᠨ ᠡᠷᠢᠶᠡᠨ ᠬᠤᠲᠠ ᠳᠤ ᠪᠣᠢ︶ ᠨᠡᠮᠡᠭᠳᠡᠪᠡ᠃ ᠲᠤᠬᠠᠢ ᠶᠢᠨ ᠭᠠᠵᠠᠷ ᠤᠨ ᠲᠣᠳᠣᠯᠠᠭᠰᠠᠨ 6 ᠡᠪᠡᠳᠴᠢᠨ ᠤ ᠵᠢᠱᠢᠶ᠎ᠡ ᠢᠯᠠᠷᠢᠰᠢᠵᠤ ᠡᠮᠨᠡᠯᠭᠡ ᠠᠴᠠ ᠭᠠᠷᠪᠠ᠃ ᠡᠭᠦᠨ ᠳᠤ ᠬᠥᠬᠡᠬᠤᠲᠠ ᠳᠤ 2 ︵ᠦᠴᠦᠸᠠᠨ ᠰᠢᠶᠠᠨ ᠳᠤ 1᠂ ᠠᠳᠠᠯᠢ ᠨᠢᠭᠡ ᠡᠭᠡᠯᠵᠢ ᠶᠢᠨ ᠨᠢᠰᠭᠡᠯ ᠤᠨ ᠲᠣᠳᠤᠯᠠᠭᠰᠠᠨ ᠡᠪᠡᠳᠴᠢᠨ ᠤ ᠵᠢᠱᠢᠶ᠎ᠡ 1︶᠂ ᠰᠢᠯᠢ ᠶᠢᠨ ᠭᠤᠣᠯ ᠠᠶᠢᠮᠠᠭ ᠲᠤ 2 ︵ᠴᠥᠮ ᠡᠷᠢᠶᠡᠨ ᠬᠤᠲᠠ ᠳᠤ

ᠪᠤᠢ︶᠂ ᠤᠯᠠᠭᠠᠨᠴᠠᠪ ᠬᠤᠲᠠ ᠳᠤ 2 ︵ᠴᠥᠮ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠳᠤ ᠪᠤᠢ︶ ᠪᠣᠢ᠃ ᠲᠤᠬᠠᠢ ᠶᠢᠨ ᠭᠠᠵᠠᠷ ᠤᠨ ᠡᠪᠡᠳᠴᠢᠨ ᠤ ᠢᠯᠡᠷᠡᠯ ᠦᠭᠡᠢ 3 ᠬᠠᠯᠳᠠᠪᠤᠷᠢᠯᠠᠭᠳᠠᠭᠴᠢ ᠶᠢ ᠠᠨᠠᠭᠠᠬᠤ ᠤᠬᠠᠭᠠᠨ ᠤ ᠠᠵᠢᠭᠯᠠᠯᠲᠠ ᠠᠴᠠ ᠭᠠᠷᠭᠠᠪᠠ ︵ᠴᠥᠮ ᠤᠯᠠᠭᠠᠨᠴᠠᠪ ᠬᠤᠲᠠ ᠶᠢᠨ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠳᠤ ᠪᠤᠢ︶᠃ ᠬᠢᠯᠢ ᠶᠢᠨ ᠭᠠᠳᠠᠨ᠎ᠠ ᠠᠴᠠ ᠣᠷᠣᠵᠤ ᠢᠷᠡᠭᠰᠡᠨ 2 ᠲᠣᠳᠣᠯᠠᠭᠰᠠᠨ ᠡᠪᠡᠳᠴᠢᠨ ᠤ ᠵᠢᠱᠢᠶ᠎ᠡ ᠢᠯᠠᠷᠢᠰᠢᠵᠤ ᠡᠮᠨᠡᠯᠭᠡ ᠠᠴᠠ ᠭᠠᠷᠴᠤ᠂ ᠡᠪᠡᠳᠴᠢᠨ ᠤ ᠢᠯᠡᠷᠡᠯ ᠦᠭᠡᠢ 1 ᠬᠠᠯᠳᠠᠪᠤᠷᠢᠯᠠᠭᠳᠠᠭᠴᠢ ᠶᠢ ᠠᠨᠠᠭᠠᠬᠤ ᠤᠬᠠᠭᠠᠨ ᠤ ᠠᠵᠢᠭᠯᠠᠯᠲᠠ ᠠᠴᠠ ᠭᠠᠷᠭᠠᠪᠠ᠃ ᠡᠳᠡᠭᠡᠷ ᠨᠢ ᠴᠥᠮ ᠨᠡᠶᠢᠰᠯᠡᠯ ᠤᠨ ᠣᠯᠠᠨ ᠤᠯᠤᠰ ᠤᠨ ᠨᠢᠰᠬᠡᠯ ᠤᠨ ᠪᠠᠭᠤᠳᠠᠯ ᠤᠨ ᠬᠤᠪᠢᠶᠠᠷᠢᠯᠠᠯᠲᠠ ᠪᠠᠷ ᠬᠥᠬᠡᠬᠤᠲᠠ ᠶᠢᠨ ᠴᠠᠭᠠᠨ ᠰᠤᠪᠤᠷᠭ᠎ᠠ ᠣᠯᠠᠨ ᠤᠯᠤᠰ ᠤᠨ ᠨᠢᠰᠬᠡᠯ ᠤᠨ ᠪᠠᠭᠤᠳᠠᠯ ᠳᠤ ᠪᠠᠭᠤᠭᠰᠠᠳ ᠪᠣᠯᠣᠨ᠎ᠠ᠃
      8 ᠳ᠋ᠤᠭᠠᠷ ᠰᠠᠷ᠎ᠠ ᠶᠢᠨ 21 ᠤ ᠡᠳᠦᠷ ᠤᠨ 24 ᠴᠠᠭ ᠪᠣᠯᠲᠠᠯ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠳᠤ ᠣᠲᠣ ᠲᠤᠬᠠᠢ ᠶᠢᠨ ᠭᠠᠵᠠᠷ ᠤᠨ ᠲᠣᠳᠤᠯᠠᠭᠰᠠᠨ ᠡᠪᠡᠳᠴᠢᠨ ᠤ ᠵᠢᠱᠢᠶ᠎ᠡ 43 ᠪᠠᠶᠢᠵᠤ᠂ ᠡᠭᠦᠨ ᠳᠤ ᠬᠦᠬᠡᠬᠤᠳᠠ ᠳᠤ 7 ︵ᠦᠴᠤᠸᠠᠨ ᠰᠢᠶᠠᠨ ᠳᠤ 1᠂ ᠭᠠᠳᠠᠷ ᠮᠤᠵᠢ ᠶᠢᠨ ᠬᠦᠷᠭᠡᠭᠰᠡᠨ ᠲᠣᠳᠣᠯᠠᠭᠰᠠᠨ ᠡᠪᠡᠳᠴᠢᠨ ᠤ ᠵᠢᠱᠢᠶ᠎ᠡ ᠶᠢᠨ ᠨᠢᠭᠲᠠ ᠣᠶᠢᠷᠠᠲᠤᠭᠴᠢ 1᠂ ᠪᠤᠰᠤᠳ 5 ᠵᠢᠱᠢᠶ᠎ᠡ ᠨᠢ ᠴᠦᠮ ᠠᠳᠠᠯᠢ ᠨᠢᠭᠡ ᠡᠭᠡᠯᠵᠢ ᠶᠢᠨ ᠨᠢᠰᠭᠡᠯ ᠤᠨ ᠲᠣᠳᠤᠯᠠᠭᠰᠠᠨ ᠡᠪᠡᠳᠴᠢᠨ ᠤ ᠵᠢᠱᠢᠶ᠎ᠡ︶᠂ ᠪᠣᠭᠤᠲᠤ ᠬᠤᠲᠠ ᠳᠤ 2 ︵ᠴᠥᠮ ᠴᠢᠩᠱᠠᠨ ᠲᠣᠭᠤᠷᠢᠭ ᠲᠤ︶᠂ ᠬᠥᠯᠥᠨ ᠪᠤᠶᠢᠷ ᠬᠤᠲᠠ ᠳᠤ 6 ︵ᠴᠥᠮ ᠮᠠᠨᠵᠤᠤᠷ ᠬᠤᠲᠠ ᠳᠤ︶᠂ ᠰᠢᠯᠢ ᠶᠢᠨ ᠭᠤᠣᠯ ᠠᠶᠢᠮᠠᠭ ᠲᠤ 6 ︵ᠴᠦᠮ ᠡᠷᠢᠶᠡᠨ ᠬᠤᠲᠠ ᠳᠤ︶᠂ ᠤᠯᠠᠭᠠᠨᠴᠠᠪ ᠬᠤᠲᠠ ᠳᠤ 20 ︵ᠵᠢᠨᠢᠩ ᠲᠣᠭᠤᠷᠢᠭ ᠲᠤ 1᠂ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠳᠤ 19︶  ᠣᠷᠳᠣᠰ ᠬᠤᠲᠠ ᠳᠤ 2 ︵ᠴᠥᠮ ᠣᠲᠤᠭ ᠬᠤᠰᠢᠭᠤᠨ ᠳᠤ︶ ᠪᠤᠢ᠃ ᠲᠤᠬᠠᠢ ᠶᠢᠨ ᠭᠠᠵᠠᠷ ᠤᠨ ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠳᠠᠭᠴᠢ 26 ᠪᠠᠶᠢᠵᠤ᠂ ᠡᠭᠦᠨ ᠳᠤ ᠬᠦᠯᠦᠨ ᠪᠤᠶᠢᠷ ᠬᠤᠲᠠ ᠳᠤ 3 ︵ᠴᠥᠮ ᠮᠠᠨᠵᠤᠤᠷ ᠬᠤᠲᠠ ᠳᠤ︶᠂ ᠰᠢᠯᠢ ᠶᠢᠨ ᠭᠤᠣᠯ ᠠᠶᠢᠮᠠᠭ ᠲᠤ 3 ︵ᠴᠥᠮ ᠡᠷᠢᠶᠡᠨ ᠬᠤᠲᠠ ᠳᠤ︶᠂ ᠤᠯᠠᠭᠠᠨᠴᠠᠪ ᠬᠤᠲᠠ ᠳᠤ 18 ︵ᠵᠢᠨᠢᠩ ᠲᠣᠭᠤᠷᠢᠭ ᠲᠤ 1᠂ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠳᠤ 17︶᠂ ᠠᠯᠠᠱᠠ ᠠᠶᠢᠮᠠᠭ ᠲᠤ 2 ︵ᠴᠥᠮ ᠠᠯᠠᠱᠠ ᠵᠡᠭᠦᠨ ᠬᠤᠰᠢᠭᠤᠨ ᠳᠤ︶ ᠪᠤᠢ᠃ ᠬᠢᠯᠢ ᠶᠢᠨ ᠭᠠᠳᠠᠨ᠎ᠠ ᠠᠴᠠ ᠣᠷᠤᠵᠤ ᠢᠷᠡᠭᠰᠡᠨ ᠲᠣᠳᠤᠯᠠᠭᠰᠠᠨ ᠡᠪᠡᠳᠴᠢᠨ ᠤ ᠵᠢᠱᠢᠶ᠎ᠡ 2᠂ ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠳᠠᠭᠴᠢ 2 ᠪᠠᠶᠢᠵᠤ᠂ ᠴᠦᠮ ᠬᠦᠬᠡᠬᠤᠳᠠ ᠳᠤ ᠪᠤᠢ᠃ ᠪᠦᠬᠦᠨ ᠢ ᠴᠡᠭ ᠲᠣᠭᠲᠠᠭᠠᠭᠰᠠᠨ ᠡᠮᠨᠡᠯᠭᠡ ᠶᠢᠨ ᠬᠤᠷᠢᠶ᠎ᠠ ᠳᠤ ᠲᠤᠰᠠᠭᠠᠷᠯᠠᠨ ᠡᠮᠴᠢᠯᠡᠵᠦ᠂ ᠨᠢᠭᠲᠠ ᠣᠶᠢᠷᠠᠲᠤᠭᠰᠠᠳ ᠢ ᠨᠢ ᠴᠥᠮ ᠲᠣᠭᠲᠠᠭᠰᠠᠨ ᠲᠠᠯᠠᠪᠤᠷ ᠲᠤ ᠲᠦᠪᠯᠡᠷᠡᠭᠦᠯᠦᠨ ᠲᠤᠰᠠᠭᠠᠷᠯᠠᠵᠤ ᠠᠨᠠᠭᠠᠬᠤ ᠤᠬᠠᠭᠠᠨ ᠤ ᠠᠵᠢᠭᠯᠠᠯᠲᠠ ᠬᠢᠵᠦ᠂ ᠬᠢᠵᠢᠭ ᠲᠠᠷᠬᠠᠬᠤ ᠶᠢ ᠴᠢᠩᠭ᠎ᠠ ᠰᠡᠷᠭᠡᠶᠢᠯᠡᠵᠦ ᠪᠠᠶᠢᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ