ᠰᠦᠨ ᠱᠣᠣ ᠴᠧᠩ ᠳᠥᠷᠪᠡᠳ ᠬᠤᠰᠢᠭᠤᠨ ᠳᠤ ᠬᠦᠷᠴᠦ ᠲᠣᠬᠤᠨᠢᠭᠤᠯᠪᠠ
ᠨᠡᠶᠢᠲᠡᠯᠡᠭᠰᠡᠨ ᠴᠠᠭ᠄
2023/1/19

       ᠴᠠᠭᠠᠨ ᠰᠠᠷ᠎ᠠ ᠠᠴᠠ ᠡᠮᠦᠨᠡᠬᠡᠨ ᠂ 1 ᠰᠠᠷ᠎ᠠ ᠶᠢᠨ 18 ᠤ ᠡᠳᠦᠷ ᠂ ᠰᠦᠨ ᠱᠣᠸ ᠴᠧᠩ ᠳᠥᠷᠪᠡᠳ ᠬᠤᠰᠢᠭᠤᠨ ᠳᠤ ᠬᠦᠷᠴᠦ ᠡᠷᠭᠢᠨ ᠦᠵᠡᠵᠦ ᠲᠣᠬᠤᠨᠢᠭᠤᠯᠪᠠ ᠃

W020230119286426734465.jpg 

      1 ᠰᠠᠷ᠎ᠠ ᠶᠢᠨ 18 ᠤ ᠡᠳᠦᠷ ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠱᠦᠵᠢ ᠰᠦᠨ ᠱᠣᠸ ᠴᠧᠩ ᠤᠯᠠᠭᠠᠨᠴᠠᠪ ᠬᠤᠲᠠ ᠶᠢᠨ ᠳᠥᠷᠪᠡᠳ ᠬᠤᠰᠢᠭᠤᠨ ᠤ ᠵᠡᠭᠦᠨ ᠨᠠᠢᠮᠠᠳᠤᠭᠠᠷ ᠰᠢᠶᠠᠩ ᠤᠨ ᠪᠠᠶ᠋ᠬᠠᠣᠪᠤᠭ᠎ᠠ ᠵᠠᠰᠠᠭ ᠵᠠᠬᠢᠷᠭᠠᠨ ᠤ ᠲᠣᠰᠬᠤᠨ ᠤ ᠴᠢ ᠯᠢᠶᠠᠨ ᠰᠦᠸᠧ ᠶᠢᠨ ᠭᠡᠷ ᠲᠤ ᠬᠦᠷᠴᠦ ᠪᠣᠯᠭᠤᠭᠠᠨ ᠲᠣᠬᠤᠨᠢᠭᠤᠯᠪᠠ᠃


      ᠪᠠᠶ᠋ᠬᠠᠣᠪᠤᠭ᠎ᠠ ᠵᠠᠰᠠᠭ ᠵᠠᠬᠢᠷᠭᠠᠨ ᠤ ᠲᠣᠰᠬᠤᠨ ᠳᠤ ᠂ ᠰᠦᠨ ᠱᠤᠤ ᠴᠧᠩ ᠲᠣᠰᠬᠤᠨ ᠤ ᠨᠠᠮ ᠤᠨ ᠡᠭᠦᠷ ᠬᠢᠭᠡᠳ ᠠᠷᠠᠳ ᠤᠨ ᠵᠥᠪᠯᠡᠯ ᠤᠨ ᠪᠠᠭ ᠤᠨ ᠪᠦᠷᠢᠯᠳᠦᠭᠦᠨ ᠪᠣᠯᠣᠨ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠶᠢᠨ ᠭᠡᠰᠢᠭᠦᠳ ᠢ ᠡᠷᠭᠢᠨ ᠦᠵᠡᠵᠦ ᠲᠣᠬᠤᠨᠢᠭᠤᠯᠪᠠ ᠃ ᠲᠣᠰᠬᠤᠨ ᠤ ᠬᠤᠯᠪᠣᠭᠳᠠᠯ ᠪᠦᠬᠦᠢ ᠪᠠᠶᠢᠳᠠᠯ ᠢ ᠨᠠᠷᠢᠨ ᠣᠶᠢᠯᠠᠭᠠᠵᠤ ᠂ ᠬᠠᠶᠢᠷ᠎ᠠ ᠬᠠᠯᠠᠮᠵᠢ ᠶᠢᠨ ᠡᠮ ᠤᠨ ᠪᠣᠭᠤᠳᠠᠯ ᠲᠠᠷᠬᠠᠭᠠᠬᠤ ᠠᠴᠠ ᠣᠨᠴᠠᠯᠢᠭᠲᠤ ᠠᠵᠤ ᠦᠢᠯᠡᠰ ᠤᠨ ᠬᠥᠭᠵᠢᠯᠲᠡ ᠬᠦᠷᠲᠡᠯ᠎ᠡ ᠂ ᠲᠠᠬᠢᠭᠠᠳ ᠲᠣᠰᠬᠤᠨ ᠳᠤ ᠰᠠᠭᠤᠭ᠎ᠠ ᠺᠠᠳ᠋ᠷ ᠤᠨ ᠠᠵᠢᠯ ᠠᠮᠢᠳᠤᠷᠠᠯ ᠢ ᠲᠡᠷᠡ ᠮᠠᠰᠢ ᠬᠠᠯᠠᠮᠵᠢᠯᠠᠵᠤ᠂ ᠨᠠᠷᠢᠨ ᠪᠣᠳᠠᠲᠠᠢ ᠠᠰᠠᠭᠤᠵᠤ ᠪᠠᠶᠢᠯ᠎ᠠ ᠃ ᠰᠦᠨ ᠱᠤᠤ ᠴᠧᠩ ᠂  ᠤᠳᠠᠯ ᠦᠭᠡᠢ ᠰᠢᠨᠡᠯᠡᠬᠦ ᠪᠣᠯᠣᠯ᠎ᠠ᠂ ᠪᠢ ᠤᠯᠠᠨ ᠳᠤ ᠰᠢᠨ᠎ᠡ ᠶᠢᠨ ᠮᠡᠨᠳᠦ ᠬᠦᠷᠭᠡᠵᠦ ᠪᠠᠶᠢᠨ᠎ᠠ᠃ ᠬᠥᠳᠡᠭᠡ ᠲᠣᠰᠬᠤᠨ ᠤ ᠠᠵᠢᠯ ᠮᠠᠰᠢ ᠣᠯᠠᠨ ᠶᠤᠮ ᠂ ᠲᠠ ᠨᠠᠷ ᠴᠥᠮ ᠮᠠᠰᠢ ᠵᠦᠳᠡᠷᠡᠯᠲᠡᠢ ᠪᠠᠶᠢᠨ᠎ᠠ ᠂ ᠴᠢᠷᠮᠠᠶᠢᠭᠰᠠᠨ ᠳᠡᠭᠡᠷ᠎ᠡ ᠪᠠᠨ ᠴᠢᠷᠮᠠᠶᠢᠵᠤ ᠂ ᠲᠣᠰᠬᠤᠨ ᠤ ᠡᠯ᠎ᠡ ᠵᠦᠢᠯ ᠤᠨ ᠠᠵᠢᠯ ᠢᠯᠠᠩᠭᠤᠶ᠎ᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠯᠠᠪᠳᠠᠭᠤᠨ ᠪᠠᠲᠤᠲᠠᠢ ᠰᠠᠶᠢᠲᠤᠷ ᠬᠢᠵᠦ ᠂ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ ᠪᠠᠶᠢᠭᠠᠳ ᠠᠷᠠᠳ ᠤᠯᠠᠨ ᠤ ᠶᠠᠪᠤᠳᠠᠯ ᠢ ᠰᠠᠶᠢᠲᠤᠷ ᠬᠢᠬᠦ ᠬᠡᠷᠡᠭᠲᠡᠢ ᠭᠡᠵᠡᠢ ᠃

      ︽ᠭᠡᠷ ᠲᠤ ᠴᠢᠨᠢ ᠳᠤᠯᠠᠭᠠᠬᠠᠨ ᠪᠠᠶᠢᠨ᠎ᠠ ᠤᠤ︾᠂ ᠰᠦᠨ ᠱᠣᠣ ᠴᠧᠩ ᠨᠠᠭᠠᠲᠤ ᠵᠠᠬ᠎ᠠ ᠶᠢᠨ ᠠᠮᠢᠳᠤᠷᠠᠯ ᠤᠨ ᠪᠠᠲᠤᠯᠠᠭ᠎ᠠ ᠬᠦᠷᠲᠡᠵᠦ ᠪᠠᠶᠢᠭ᠎ᠠ ᠴᠢ ᠯᠢᠶᠠᠨ ᠰᠦᠸᠧ ᠶᠢᠨ ᠭᠡᠷ ᠲᠤ ᠣᠷᠣᠮᠠᠭᠴᠠ ᠬᠠᠯᠠᠭᠤᠨ ᠬᠠᠨᠵᠤ ᠶᠢ ᠨᠢ ᠲᠡᠮᠲᠡᠷᠢᠵᠦ ᠦᠵᠡᠪᠡ ᠃ ᠬᠤᠨᠢ ᠲᠡᠵᠢᠭᠡᠨ ᠡᠪᠡᠰᠦ ᠳᠠᠷᠢᠭᠠᠳ ᠵᠢᠯ ᠳᠤ ᠬᠡᠳᠦᠢ ᠵᠣᠭᠤᠰ ᠣᠯᠵᠤ ᠪᠠᠶᠢᠬᠤ ᠂ ᠨᠠᠰᠤᠵᠢᠯ ᠤᠨ ᠠᠰᠠᠷᠠᠮᠵᠢ ᠶᠢᠨ ᠮᠥᠩᠭᠦ ᠂ ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭ᠎ᠠ ᠶᠢᠨ ᠨᠥᠬᠦᠪᠦᠷᠢ ᠂ ᠮᠠᠯ ᠠᠵᠤ ᠠᠬᠤᠢ ᠲᠠᠷᠢᠶᠠᠯᠠᠩ ᠤᠨ ᠨᠥᠬᠦᠪᠦᠷᠢ ᠬᠡᠳᠦᠢ ᠣᠯᠵᠤ ᠪᠠᠶᠢᠬᠤ ᠂ ᠭᠡᠷ ᠪᠦᠯᠢ ᠶᠢᠨ ᠡᠳᠦᠷ ᠲᠤᠲᠤᠮ ᠤᠨ ᠵᠠᠷᠤᠯᠭ᠎ᠠ ᠬᠡᠳᠦᠢ ᠪᠠᠶᠢᠬᠤ ᠲᠤᠬᠠᠢ ᠰᠦᠨ ᠱᠣᠸ ᠴᠧᠩ ᠲᠡᠳᠡᠨᠦᠰ ᠲᠠᠢ ᠨᠢᠭᠡᠳ ᠨᠢᠭᠡ ᠪᠠᠷ ᠣᠷᠣᠯᠭ᠎ᠠ ᠶᠢᠨ ᠲᠠᠩᠰᠠ ᠪᠤᠳᠤᠵᠤ ᠦᠵᠡᠪᠡ ᠃ ᠲᠡᠷᠡ᠂ ᠲᠠ ᠨᠠᠷ ᠤᠨ ᠣᠷᠣᠯᠭ᠎ᠠ ᠨᠡᠮᠡᠭᠳᠡᠵᠦ ᠂ ᠠᠮᠢᠳᠤᠷᠠᠯ ᠪᠠᠲᠤᠯᠠᠭ᠎ᠠ ᠲᠠᠢ ᠪᠣᠯᠣᠭᠰᠠᠨ ᠢ ᠦᠵᠡᠭᠡᠳ ᠪᠢ ᠮᠠᠰᠢ ᠪᠠᠶᠠᠷᠯᠠᠵᠤ ᠪᠠᠶᠢᠨ᠎ᠠ ᠂ ᠲᠠ ᠨᠠᠷ ᠤᠨ ᠠᠮᠢᠳᠤᠷᠠᠯ ᠡᠳᠦᠷ ᠠᠴᠠ ᠡᠳᠦᠷ ᠰᠠᠶᠢᠵᠢᠷᠠᠬᠤ  ᠶᠢ ᠵᠦᠩᠨᠡᠶ᠎ᠡ ᠭᠡᠵᠦ ᠬᠡᠯᠡᠪᠡ᠃ ᠳᠠᠷᠠᠭ᠎ᠠ ᠨᠢ ᠂ ᠰᠦᠨ ᠱᠣᠸ ᠴᠧᠩ ᠪᠦᠬᠦ ᠤᠯᠤᠰ ᠤᠨ ︽5·1 ︾  ᠤ ᠬᠥᠳᠡᠯᠮᠦᠷᠢ ᠶᠢᠨ ᠱᠠᠩᠨᠠᠯ ᠤᠨ ᠮᠧᠳᠠᠯ ᠬᠦᠷᠳᠡᠭᠰᠡᠨ ᠦ᠋ ᠴᠧᠨ ᠰᠢ ᠶᠢᠨ ᠭᠡᠷ ᠲᠤ ᠬᠦᠷᠴᠦ ᠂ ᠲᠡᠭᠦᠨ ᠢ ᠢᠷᠠᠭᠤ ᠠᠯᠳᠠᠷ ᠢᠶᠠᠨ ᠨᠠᠨᠳᠢᠩᠨᠠᠵᠤ ᠂ ᠬᠢᠴᠢᠶᠡᠯ ᠤᠨ ᠲᠠᠩᠬᠢᠮ ᠳᠤ ᠳᠠᠭᠠᠭᠤᠯᠤᠭᠴᠢ ᠶᠢᠨ ᠦᠢᠯᠡᠳᠦᠯ ᠢᠶᠠᠨ ᠦᠷᠭᠦᠯᠵᠢᠯᠡᠨ ᠪᠠᠳᠠᠷᠠᠭᠤᠯᠤᠭᠠᠷᠠᠢ ᠭᠡᠵᠦ ᠵᠣᠷᠢᠭᠵᠢᠭᠤᠯᠪᠠ ᠃

      ᠤᠯᠠᠭᠠᠨ ᠵᠠᠮ ᠨᠡᠶᠢᠭᠡᠮ ᠲᠣᠭᠤᠷᠢᠭ ᠲᠤ ᠂ ᠰᠦᠨ ᠱᠤᠤ ᠴᠧᠩ ᠠᠵᠢᠯᠲᠠᠳ ᠲᠠᠢ ᠰᠠᠨᠠᠯ ᠢᠶᠠᠨ ᠭᠦᠨᠵᠡᠭᠡᠢ ᠰᠣᠯᠢᠯᠴᠠᠵᠤ ᠂ ᠲᠡᠳᠡᠨ ᠤ ᠠᠵᠢᠯ ᠤᠨ ᠪᠠᠶᠢᠳᠠᠯ ᠪᠣᠯᠣᠨ ᠬᠠᠷᠠᠭᠠᠯᠵᠠᠯ ᠤᠨ ᠲᠦᠪᠰᠢᠨ ᠢ ᠨᠠᠷᠢᠨ ᠣᠶᠢᠯᠠᠭᠠᠵᠤ ᠂ ᠤᠯᠠᠨ ᠤ ᠠᠵᠢᠯ ᠤᠨ ᠳᠤᠮᠳᠠ ᠪᠠᠰᠠ ᠶᠠᠮᠠᠷ ᠬᠦᠴᠢᠷᠳᠡᠯ ᠪᠠᠶᠢᠬᠤ ᠶᠢ ᠬᠠᠯᠠᠮᠵᠢᠯᠠᠨ ᠠᠰᠠᠭᠤᠪᠠ ᠃ ᠲᠡᠷᠡ᠂ 

ᠦᠨᠳᠦᠰᠦᠨ ᠱᠠᠲᠤᠨ ᠤ ᠠᠵᠢᠯ ᠨᠢ ᠤᠯᠠᠨ ᠲᠦᠮᠡᠨ ᠳᠤ ᠰᠢᠭᠤᠳ ᠬᠠᠨᠳᠤᠵᠤ ᠂ ᠠᠷᠭ᠎ᠠ ᠬᠡᠯᠪᠡᠷᠢ ᠪᠠᠨ ᠰᠠᠶᠢᠵᠢᠷᠠᠭᠤᠯᠬᠤ ᠶᠢ ᠠᠩᠬᠠᠷᠴᠤ ᠂ ᠶᠠᠭᠠᠬᠢᠵᠤ ᠬᠢᠪᠡᠯ ᠤᠯᠠᠨ ᠲᠦᠮᠡᠨ ᠳᠤ ᠲᠦᠬᠦᠮ ᠪᠣᠯ ᠲᠡᠭᠡᠵᠦ ᠬᠢᠵᠦ ᠂ ᠵᠠᠬᠢᠳᠠᠯ ᠰᠣᠷᠪᠤᠯᠵᠢᠯᠠᠯ ᠢ ᠣᠷᠣᠯᠠᠨ ᠭᠦᠢᠴᠡᠳᠬᠡᠬᠦ ᠳᠦᠷᠢᠮ ᠵᠡᠷᠭᠡ ᠠᠷᠠᠳ ᠲᠤ ᠲᠦᠬᠦᠮ ᠦᠵᠡᠭᠦᠯᠬᠦ ᠠᠷᠭ᠎ᠠ ᠬᠡᠮᠵᠢᠶ᠎ᠡ ᠶᠢ ᠢᠳᠡᠪᠬᠢᠲᠡᠢ ᠰᠦᠪᠡᠭᠴᠢᠯᠡᠨ ᠬᠡᠷᠡᠭᠵᠢᠭᠦᠯᠵᠦ ᠂ ᠤᠯᠠᠨ ᠲᠦᠮᠡᠨ ᠳᠤ ᠨᠡᠩ ᠰᠠᠶᠢᠲᠤᠷ ᠦᠢᠯᠡᠴᠢᠯᠡᠬᠦ ᠬᠡᠷᠡᠭᠲᠡᠢ ᠭᠡᠪᠡ ᠃ ᠳᠥᠷᠪᠡᠳ ᠤᠨ ᠬᠢᠯᠢ ᠶᠢᠨ ᠬᠠᠮᠢᠶᠠᠷᠤᠯᠲᠠ ᠶᠢᠨ ᠶᠡᠭᠡ ᠠᠩᠭᠢ ᠳᠤ ᠂ ᠰᠦᠨ ᠱᠤᠤ ᠴᠧᠩ ᠶᠡᠭᠡ ᠠᠩᠭᠢ ᠶᠢᠨ ᠠᠷᠠᠳ ᠤᠨ ᠴᠠᠭᠳᠠᠭ᠎ᠠ ᠶᠢ ᠳᠣᠲᠣᠨᠣ ᠪᠠᠷ ᠲᠣᠬᠤᠨᠢᠭᠤᠯᠵᠤ ᠂ ᠳᠡᠳᠡᠨ ᠢ ᠦᠷᠭᠦᠯᠵᠢᠯᠡᠨ ᠡᠬᠡ ᠤᠯᠤᠰ ᠤᠨ ᠢᠶᠠᠨ ᠲᠥᠯᠥᠭᠡ ᠠᠵᠢᠯ ᠤᠨ ᠪᠠᠶᠢᠷᠢ ᠪᠠᠨ ᠰᠠᠶᠢᠲᠤᠷ ᠰᠠᠬᠢᠵᠤ ᠂ ᠬᠢᠯᠢ ᠶᠢ ᠰᠠᠶᠢᠲᠤᠷ  ᠬᠠᠮᠠᠭᠠᠯᠠᠭᠠᠷᠠᠢ ᠭᠡᠵᠦ ᠵᠣᠷᠢᠭᠵᠢᠭᠤᠯᠪᠠ ᠃

      ᠰᠦᠨ ᠱᠤᠤ ᠴᠧᠩ ︽ᠠᠷᠠᠳ ᠤᠨ ᠵᠢᠱᠢᠶᠡᠴᠢ ︾ ᠲᠦᠭᠦᠶᠢᠮ᠎ᠡ ᠨᠠᠰᠤᠲᠠᠨ ᠢ ᠮᠠᠰᠢ ᠬᠠᠯᠠᠮᠵᠢᠯᠠᠵᠤ ᠪᠠᠶᠢᠯ᠎ᠠ ᠃ ᠬᠢᠵᠢᠭ ᠤᠨ ᠪᠠᠶᠢᠳᠠᠯ ᠢ ᠪᠣᠳᠣᠯᠬᠢᠯᠠᠵᠤ ᠂ ᠲᠡᠷᠡ ᠬᠤᠯᠪᠣᠭᠳᠠᠯ ᠪᠦᠬᠦᠢ ᠲᠠᠯ᠎ᠠ ᠶᠢᠨ ᠬᠢᠨ ᠳᠤ ᠨᠠᠶᠢᠳᠠᠵᠤ ᠵᠣᠬᠢᠬᠤ ᠠᠷᠭ᠎ᠠ ᠬᠡᠯᠪᠡᠷᠢ ᠪᠠᠷ ᠨᠠᠰᠤᠲᠠᠨ ᠳᠤ ᠬᠦᠨᠳᠦᠳᠬᠡᠯ ᠪᠠ ᠲᠣᠬᠤᠨᠢᠭᠤᠯᠤᠯ ᠳᠠᠮᠵᠢᠭᠤᠯᠵᠤ ᠂ ᠲᠡᠭᠦᠨ ᠤ ᠴᠠᠭᠠᠨ ᠰᠠᠷ᠎ᠠ ᠳᠠᠭᠠᠨ ᠪᠠᠶᠠᠷ ᠬᠦᠷ ᠲᠠᠢ ᠂ ᠪᠡᠶ᠎ᠡ ᠮᠠᠬᠠᠪᠤᠳ ᠡᠷᠡᠭᠦᠯ ᠴᠢᠭᠢᠷᠠᠭ ᠪᠠᠶᠢᠬᠤ ᠶᠢ ᠵᠥᠩᠨᠡᠵᠡᠢ ᠃

      ᠢᠦᠢ ᠯᠢ ᠰᠢᠨ ᠠᠵᠢᠯᠯᠠᠭ᠎ᠠ ᠳᠤ ᠣᠷᠣᠯᠴᠠᠵᠠᠢ ᠃

 

ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ