ᠪᠦᠭᠦ ᠣᠷᠣᠨ ᠤ ᠥᠷᠭᠡᠨ ᠣᠯᠠᠨ ᠺᠠᠳ᠋ᠷ ᠣᠯᠠᠨ ᠲᠦᠮᠡᠨ ᠳᠤ᠄
ᠬᠠᠪᠤᠷ ᠤᠨ ᠤᠷᠢᠬᠠᠨ ᠰᠠᠯᠬᠢ ᠢᠯᠪᠢᠵᠦ᠂ ᠬᠠᠩᠰᠢ ᠶᠢᠨ ᠡᠳᠦᠷ ᠬᠦᠷᠴᠦ ᠢᠷᠡᠬᠦ ᠪᠣᠯᠣᠯ᠎ᠠ᠃ ᠬᠠᠩᠰᠢ ᠶᠢᠨ ᠡᠳᠦᠷ ᠨᠢ ᠠᠮᠢ ᠨᠠᠰᠤ ᠶᠢ ᠬᠦᠨᠳᠦᠳᠬᠡᠬᠦ ᠪᠠ ᠰᠣᠶᠣᠯ ᠤᠨ ᠤᠯᠠᠮᠵᠢᠯᠠᠯ ᠵᠠᠯᠭᠠᠮᠵᠢᠯᠠᠯ ᠤᠨ ᠤᠳᠬ᠎ᠠ ᠰᠠᠨᠠᠭ᠎ᠠ ᠶᠢ ᠠᠬᠤᠭᠤᠯᠵᠤ ᠪᠤᠢ᠃ ᠰᠢᠯᠢᠳᠡᠭ ᠤᠯᠠᠮᠵᠢᠯᠠᠯ ᠢ ᠪᠠᠳᠠᠷᠠᠭᠤᠯᠵᠤ᠂ ᠪᠣᠯᠬᠢ ᠳᠠᠳᠬᠠᠯ ᠬᠠᠭᠤᠴᠢᠨ ᠵᠠᠩᠰᠢᠯ ᠢ ᠲᠡᠪᠴᠢᠵᠦ ᠰᠢᠨ᠎ᠡ ᠬᠡᠪ ᠰᠤᠷᠲᠠᠯ ᠢ ᠰᠠᠨᠠᠭᠠᠴᠢᠯᠠᠨ᠂ ᠪᠣᠯᠪᠠᠰᠤᠨ᠂ ᠠᠮᠤᠷ ᠲᠦᠪᠰᠢᠨ᠂ ᠪᠣᠬᠢᠷᠳᠤᠯ ᠦᠭᠡᠢ᠂ ᠡᠮᠬᠢ ᠵᠢᠷᠤᠮ ᠲᠠᠢ ᠲᠠᠭᠢᠯᠭ᠎ᠠ ᠶᠢᠨ ᠠᠭᠤᠷ ᠠᠮᠢᠰᠬᠤᠯ ᠢ ᠪᠤᠶ ᠪᠤᠯᠭᠠᠬᠤ ᠶᠢᠨ ᠲᠥᠯᠥᠭᠡ ᠣᠲᠣ ᠪᠦᠭᠦ ᠣᠷᠣᠨ ᠤ ᠥᠷᠭᠡᠨ ᠣᠯᠠᠨ ᠺᠠᠳ᠋ᠷ ᠣᠯᠠᠨ ᠲᠦᠮᠡᠨ ᠳᠤ ᠳᠣᠣᠷᠠᠬᠢ ᠮᠡᠲᠦ ᠰᠠᠨᠠᠭᠠᠴᠢᠯᠠᠶ᠎ᠠ᠄
ᠨᠢᠭᠡ᠂ ᠪᠣᠬᠢᠷᠳᠤᠯ ᠦᠭᠡᠢ ᠣᠷᠣᠰᠢᠭᠤᠯᠭ᠎ᠠ ᠶᠢ ᠬᠡᠷᠡᠭᠵᠢᠭᠦᠯᠵᠦ᠂ ᠪᠣᠯᠪᠠᠰᠤᠨ ᠲᠠᠭᠢᠯᠭ᠎ᠠ ᠶᠢ ᠡᠷᠬᠢᠮᠯᠡᠶ᠎ᠡ᠃ ᠰᠣᠷᠭᠤᠭ ᠴᠡᠴᠡᠭ ᠬᠦᠷᠭᠡᠵᠦ ᠳᠠᠭᠢᠯᠭ᠎ᠠ ᠬᠢᠬᠦ᠂ ᠮᠣᠳᠣ ᠲᠠᠷᠢᠵᠤ ᠳᠠᠭᠢᠯᠭ᠎ᠠ ᠬᠢᠬᠦ᠂ ᠰᠦᠯᠵᠢᠶᠡᠨ ᠳᠡᠭᠡᠷ᠎ᠡ ᠳᠠᠭᠢᠯᠭ᠎ᠠ ᠬᠢᠬᠦ ᠵᠡᠷᠭᠡ ᠰᠢᠨ᠎ᠡ ᠭᠡᠯᠪᠡᠷᠢ ᠶᠢᠨ ᠪᠣᠯᠪᠠᠰᠤᠨ ᠲᠠᠭᠢᠯᠭ᠎ᠠ ᠶᠢᠨ ᠭᠡᠯᠪᠡᠷᠢ ᠪᠠᠷ ᠨᠥᠭᠴᠢᠭᠰᠡᠳ ᠢᠶᠠᠨ ᠮᠥᠷᠥᠭᠡᠳᠦᠨ ᠰᠠᠨᠠᠭᠠᠯᠵᠠᠬᠤ ᠶᠢ ᠰᠠᠨᠠᠭᠠᠴᠢᠯᠠᠵᠤ᠂ ᠲᠦᠯᠡᠰᠢ ᠳᠣᠶ᠋ᠢᠩ ᠰᠢᠲᠠᠭᠠᠬᠤ ᠵᠡᠷᠭᠡ ᠪᠣᠯᠪᠠᠰᠤᠨ ᠪᠤᠰᠤ ᠳᠠᠭᠢᠯᠭ᠎ᠠ ᠶᠢᠨ ᠦᠢᠯᠡ ᠠᠵᠢᠯᠯᠠᠭ᠎ᠠ ᠶᠢ ᠡᠷᠡᠰ ᠬᠤᠷᠢᠭᠯᠠᠵᠤ᠂ ᠰᠦᠯᠢᠶᠥᠦ ᠴᠡᠴᠡᠭ᠂ ᠲᠣᠷᠭ᠎ᠠ ᠪᠠᠷ ᠬᠢᠭᠰᠡᠨ ᠴᠡᠴᠡᠭ ᠵᠡᠷᠭᠡ ᠵᠠᠳᠠᠷᠠᠬᠤ ᠳᠤ ᠪᠡᠷᠬᠡ ᠲᠠᠢ ᠳᠠᠭᠢᠯᠭ᠎ᠠ ᠶᠢᠨ ᠬᠡᠷᠡᠭᠰᠡᠯ ᠢ ᠬᠡᠷᠡᠭᠯᠡᠬᠦ ᠶᠢ ᠲᠡᠪᠴᠢᠵᠦ᠂ ᠣᠷᠴᠢᠨ ᠲᠣᠭᠤᠷᠢᠨ ᠤ ᠪᠣᠬᠢᠷᠳᠤᠯ ᠢ ᠪᠠᠭᠠᠰᠬᠠᠵᠤ᠂ ᠬᠥᠬᠡ ᠲᠡᠭᠷᠢ ᠬᠥᠬᠡᠮᠳᠦᠭ ᠤᠰᠤᠨ ᠪᠦᠬᠦᠢ ᠠᠮᠢ ᠠᠬᠤᠢ ᠣᠷᠴᠢᠨ ᠲᠣᠭᠤᠷᠢᠨ ᠢ ᠬᠠᠮᠲᠤ ᠪᠠᠷ ᠬᠠᠮᠠᠭᠠᠯᠠᠶ᠎ᠠ᠃
ᠬᠤᠶᠠᠷ᠂ ᠤᠯᠠᠮᠵᠢᠯᠠᠯᠲᠤ ᠰᠠᠶᠢᠬᠠᠨ ᠶᠣᠰᠣ ᠰᠤᠷᠲᠠᠯ ᠢ ᠪᠠᠳᠠᠷᠠᠭᠤᠯᠵᠤ᠂ ᠪᠣᠯᠪᠠᠰᠤᠨ ᠰᠢᠨ᠎ᠡ ᠬᠡᠪ ᠰᠤᠷᠲᠠᠯ ᠢ ᠦᠢᠯᠡᠳᠦᠯᠭᠡᠵᠢᠭᠦᠯᠦᠶ᠎ᠡ᠃ ᠲᠠᠭᠢᠯᠭ᠎ᠠ ᠶᠢᠨ ᠠᠵᠢᠯᠯᠠᠭ᠎ᠠ ᠶᠢ ᠳᠤᠮᠳᠠᠳᠤ ᠶᠢᠨ ᠦᠨᠳᠦᠰᠦᠲᠡᠨ ᠤ ︽ᠨᠠᠰᠤᠲᠠᠨ ᠢᠶᠠᠨ ᠬᠦᠨᠳᠦᠯᠡᠵᠦ ᠨᠠᠰᠤᠲᠠᠨ ᠢᠶᠠᠨ ᠬᠠᠶᠢᠷᠠᠯᠠᠬᠤ᠂ ᠲᠥᠷᠥᠯ ᠰᠠᠳᠤᠨ ᠢᠶᠠᠨ ᠠᠴᠢᠯᠠᠨ ᠬᠦᠨᠳᠦᠯᠡᠬᠦ︾ ᠤᠯᠠᠮᠵᠢᠯᠠᠯᠲᠤ ᠰᠠᠶᠢᠬᠠᠨ ᠰᠤᠷᠲᠠᠯ ᠢ ᠪᠠᠳᠠᠷᠠᠭᠤᠯᠬᠤ ᠲᠠᠢ ᠤᠶᠠᠯᠳᠤᠭᠤᠯᠵᠤ᠂ ᠠᠮᠢᠳᠤ ᠰᠡᠷᠡᠭᠦᠨ ᠪᠠᠶᠢᠬᠤ ᠳᠤᠨᠢ ᠠᠴᠢᠯᠠᠯ ᠭᠦᠢᠴᠡᠳᠬᠡᠬᠦ᠂ ᠨᠠᠰᠤ ᠪᠠᠷᠠᠭᠰᠠᠨ ᠤ ᠳᠠᠷᠠᠭ᠎ᠠ ᠠᠷᠪᠢᠴᠢ ᠭᠠᠮᠲᠠᠢ ᠪᠡᠯᠪᠡᠰᠦᠷᠡᠯ ᠡᠷᠭᠢᠯᠡᠭᠦ᠂ ᠪᠣᠯᠪᠠᠰᠤᠨ ᠲᠠᠭᠢᠯᠭ᠎ᠠ ᠬᠢᠬᠦ ᠶᠢ ᠰᠠᠨᠠᠭᠠᠴᠢᠯᠠᠵᠤ᠂ ᠬᠠᠩᠰᠢ ᠶᠢᠨ ᠡᠳᠦᠷ ᠤᠷᠢᠳᠤᠬᠢ ᠬᠥᠮᠥᠰ ᠤᠨ ᠥᠯᠢᠭᠡᠷ ᠢ ᠰᠠᠶᠢᠲᠤᠷ ᠶᠠᠷᠢᠬᠤ ᠶᠢ ᠵᠣᠷᠢᠭᠵᠢᠭᠤᠯᠵᠤ᠂ ᠰᠠᠶᠢᠨ ᠰᠠᠶᠢᠬᠠᠨ ᠭᠡᠷ ᠤᠨ ᠰᠤᠷᠲᠠᠯ ᠢ ᠪᠤᠶ ᠪᠤᠯᠭᠠᠵᠤ᠂ ᠪᠣᠯᠪᠠᠰᠤᠨ ᠨᠡᠶᠢᠭᠡᠮ ᠤᠨ ᠰᠢᠨ᠎ᠡ ᠬᠡᠪ ᠰᠤᠷᠲᠠᠯ ᠢ ᠪᠤᠶ ᠪᠣᠯᠭᠠᠶ᠎ᠠ᠃ ᠬᠠᠷᠢᠯᠴᠠᠨ ᠠᠳᠠᠯᠢᠳᠬᠠᠬᠤ᠂ ᠯᠠᠷᠵᠢᠶ᠎ᠠ ᠶᠠᠩᠪᠠ ᠦᠵᠡᠭᠦᠯᠭᠦ ᠮᠠᠭᠤ ᠮᠠᠭᠤᠬᠠᠢ ᠳᠠᠳᠬᠠᠯ ᠢ ᠡᠷᠡᠰ ᠡᠰᠡᠷᠭᠦᠴᠡᠶ᠎ᠡ᠃
ᠭᠤᠷᠪᠠ᠂ ᠤᠶᠤᠨ ᠰᠠᠨᠠᠭᠠᠨ ᠤ ᠬᠦᠴᠦᠨ ᠴᠢᠳᠠᠯ ᠢ ᠨᠢᠭᠲᠠᠷᠠᠭᠤᠯᠵᠤ᠂ ᠰᠣᠶᠣᠯ ᠤᠨ ᠢᠲᠡᠭᠡᠯ ᠢ ᠬᠠᠮᠲᠤ ᠪᠠᠷ ᠴᠣᠭᠴᠠᠯᠠᠶ᠎ᠠ᠃ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠤᠯᠠᠮᠵᠢᠯᠠᠨ ᠵᠠᠯᠭᠠᠮᠵᠢᠯᠠᠵᠤ᠂ ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ ᠢ ᠮᠥᠷᠥᠭᠡᠳᠦᠨ ᠰᠠᠨᠠᠭᠠᠯᠵᠠᠵᠤ᠂ ᠨᠥᠭᠴᠢᠭᠰᠡᠳ ᠤᠨ ᠦᠯᠢᠭᠡᠷ ᠳᠠᠭᠤᠷᠢᠶᠠᠯ ᠢ ᠳᠤᠷᠠᠰᠤᠨ ᠰᠠᠨᠠᠭᠠᠯᠵᠠᠵᠤ᠂ ᠳᠤᠮᠳᠠᠳᠤ ᠶᠢᠨ ᠪᠣᠯᠪᠠᠰᠤᠨ ᠤ ᠤᠶᠤᠨ ᠰᠠᠨᠠᠭᠠᠨ ᠤ ᠪᠡᠯᠭᠡ ᠲᠡᠮᠳᠡᠭ ᠢ ᠤᠬᠠᠭᠠᠷᠠᠨ ᠣᠶᠢᠯᠠᠭᠠᠵᠤ᠂ ᠰᠣᠶᠣᠯ ᠤᠨ ᠬᠠᠮᠲᠤ ᠶᠢᠨ ᠲᠠᠨᠢᠯᠲᠠ ᠪᠠ ᠦᠨᠳᠦᠰᠦᠲᠡᠨ ᠤ ᠣᠮᠣᠭᠰᠢᠯᠲᠤ ᠰᠡᠳᠬᠢᠯᠭᠡ ᠶᠢ ᠨᠡᠮᠡᠭᠳᠡᠭᠦᠯᠦᠶ᠎ᠡ᠃ ᠬᠤᠪᠢᠰᠬᠠᠯ ᠤᠨ ᠲᠠᠭᠢᠯᠭ᠎ᠠ᠂ ᠭᠤᠣᠯ ᠰᠡᠳᠦᠪᠲᠦ ᠦᠵᠡᠭᠦᠯᠭᠡ ᠵᠡᠷᠭᠡ ᠠᠵᠢᠯᠯᠠᠭ᠎ᠠ ᠥᠷᠨᠢᠭᠦᠯᠬᠦ ᠶᠢ ᠰᠠᠨᠠᠭᠠᠴᠢᠯᠠᠵᠤ᠂ ᠨᠠᠮ ᠢᠶᠠᠨ ᠬᠠᠶᠢᠷᠠᠯᠠᠬᠤ ᠤᠯᠤᠰ ᠢᠶᠠᠨ ᠬᠠᠶᠢᠷᠠᠯᠠᠬᠤ ᠨᠡᠶᠢᠭᠡᠮ ᠵᠢᠷᠤᠮ ᠢᠶᠠᠨ ᠬᠠᠶᠢᠷᠠᠯᠠᠬᠤ ᠴᠠᠭ ᠦᠶ᠎ᠡ ᠶᠢᠨ ᠭᠤᠣᠯ ᠭᠦᠭ ᠠᠶᠠᠰ ᠢ ᠴᠢᠪᠬᠠᠳᠠᠶ᠎ᠠ᠃
ᠳᠥᠷᠪᠡ᠂ ᠠᠮᠤᠷ ᠲᠦᠪᠰᠢᠨ ᠤ ᠬᠤᠷᠢᠭ᠎ᠠ ᠱᠤᠭᠤᠮ ᠢ ᠴᠢᠩᠭ᠎ᠠ ᠰᠠᠬᠢᠵᠤ᠂ ᠬᠠᠮᠲᠤ ᠪᠠᠷ ᠬᠠᠩᠰᠢ ᠶᠢᠨ ᠡᠳᠦᠷ ᠢ ᠠᠮᠤᠷ ᠲᠦᠪᠰᠢᠨ ᠥᠩᠭᠡᠷᠡᠭᠦᠯᠦᠶ᠎ᠡ᠃ ᠣᠶᠢᠲᠤ ᠣᠷᠣᠨ᠂ ᠡᠪᠡᠰᠦ ᠲᠠᠢ ᠭᠠᠵᠠᠷ ᠵᠡᠷᠭᠡ ᠲᠦᠢᠮᠡᠷ ᠠᠮᠠᠷᠬᠠᠨ ᠡᠭᠦᠰᠬᠦ ᠣᠷᠣᠨ ᠳᠤ ᠢᠯᠡ ᠭᠠᠯ ᠬᠡᠷᠡᠭᠯᠡᠬᠦ᠂ ᠲᠦᠯᠡᠰᠢ ᠥᠭᠬᠦ᠂ ᠬᠦᠵᠢ ᠵᠤᠯᠠ ᠠᠰᠠᠭᠠᠬᠤ᠂ ᠫᠤᠤᠵᠢᠩ ᠲᠠᠯᠪᠢᠬᠤ ᠶᠢ ᠴᠢᠩᠭ᠎ᠠ ᠴᠠᠭᠠᠵᠠᠯᠠᠵᠤ᠂ ᠣᠶᠢᠲᠤ ᠣᠷᠣᠨ ᠳᠤ ᠨᠣᠴᠣᠭᠠᠭᠤᠷ ᠠᠪᠴᠤ ᠣᠷᠣᠵᠤ ᠪᠤᠯᠬᠤ ᠦᠭᠡᠢ᠃ ᠭᠠᠳᠠᠭᠰᠢ ᠭᠠᠷᠬᠤ ᠴᠠᠭ ᠢᠶᠠᠨ ᠵᠣᠬᠢᠰᠲᠠᠢ ᠲᠣᠬᠢᠷᠠᠭᠤᠯᠵᠤ᠂ ᠣᠷᠭᠢᠯ ᠤᠨ ᠬᠤᠭᠤᠴᠠᠭ᠎ᠠ ᠶᠢ ᠵᠥᠷᠢᠭᠦᠯᠦᠨ ᠲᠠᠭᠢᠯᠭ᠎ᠠ ᠬᠢᠵᠦ᠂ ᠭᠠᠳᠠᠭᠰᠢ ᠭᠠᠷᠬᠤ ᠳᠠᠭᠠᠨ ᠪᠠᠭ᠎ᠠ ᠨᠡᠭᠦᠷᠡᠰᠦᠲᠥ᠋ᠷᠥᠭᠴᠢᠲᠦ ᠭᠡᠯᠪᠡᠷᠢ ᠶᠢ ᠰᠣᠩᠭᠤᠵᠤ᠂ ᠤᠯᠠᠨ ᠬᠥᠮᠥᠨ ᠤᠪᠤᠭᠠᠷᠠᠯᠳᠤᠵᠤ ᠲᠠᠭᠢᠯᠭ᠎ᠠ ᠬᠢᠬᠦ ᠠᠴᠠ ᠵᠠᠶᠢᠯᠠᠰᠬᠢᠵᠦ᠂ ᠲᠠᠭᠢᠯᠭ᠎ᠠ ᠶᠢᠨ ᠠᠵᠢᠯᠯᠠᠭ᠎ᠠ ᠶᠢᠨ ᠠᠮᠤᠷ ᠲᠦᠪᠰᠢᠨ᠂ ᠤᠷᠤᠭᠰᠢᠲᠠᠢ᠂ ᠡᠮᠬᠢ ᠵᠢᠷᠤᠮ ᠲᠠᠢ ᠶᠠᠪᠤᠭᠳᠠᠬᠤ ᠶᠢ ᠪᠠᠲᠤᠯᠠᠶ᠎ᠠ᠃
ᠲᠠᠪᠤ᠂ ᠨᠠᠮ ᠤᠨ ᠭᠡᠰᠢᠭᠦᠨ ᠺᠠᠳ᠋ᠷ ᠲᠦᠷᠦᠭᠦᠯᠡᠨ ᠪᠣᠯᠪᠠᠰᠤᠨ ᠬᠡᠪ ᠰᠤᠷᠲᠠᠯ ᠢ ᠬᠥᠲᠥᠯᠥᠨ ᠳᠠᠭᠠᠭᠤᠯᠤᠶ᠎ᠠ᠃ ᠥᠷᠭᠡᠨ ᠣᠯᠠᠨ ᠨᠠᠮ ᠤᠨ ᠭᠡᠰᠢᠭᠦᠨ ᠺᠠᠳ᠋ᠷ ᠬᠤᠰᠢᠭᠤᠴᠢ ᠵᠢᠱᠢᠶᠡᠴᠢ ᠶᠢᠨ ᠦᠢᠯᠡᠳᠦᠯ ᠢᠶᠠᠨ ᠭᠦᠢᠴᠡᠳ ᠪᠠᠳᠠᠷᠠᠭᠤᠯᠵᠤ᠂ ᠰᠠᠨᠠᠭᠠᠴᠢᠯᠠᠭ᠎ᠠ ᠠᠴᠠ ᠪᠠᠨ ᠪᠣᠯᠪᠠᠰᠤᠨ ᠲᠠᠭᠢᠯᠭ᠎ᠠ ᠶᠢᠨ ᠵᠢᠱᠢᠶ᠎ᠡ ᠦᠵᠡᠭᠦᠯᠦᠭᠴᠢ᠂ ᠪᠣᠯᠬᠢ ᠳᠠᠳᠬᠠᠯ ᠬᠠᠭᠤᠴᠢᠨ ᠵᠠᠩ ᠵᠠᠩᠰᠢᠯ ᠢ ᠥᠭᠡᠷᠡᠴᠢᠯᠡᠬᠦ ᠠᠬᠢᠭᠤᠯᠤᠭᠴᠢ ᠪᠣᠯᠵᠤ᠂ ᠪᠣᠬᠢᠷᠳᠤᠯ ᠦᠭᠡᠢ ᠪᠠᠭ᠎ᠠ ᠨᠡᠭᠦᠷᠡᠰᠦᠲᠥ᠋ᠷᠥᠭᠴᠢᠲᠦ ᠣᠶᠢᠯᠠᠭᠠᠭᠳᠠᠬᠤᠨ ᠢ ᠲᠦᠷᠦᠭᠦᠯᠡᠨ ᠦᠢᠯᠡᠳᠦᠯᠭᠡᠵᠢᠭᠦᠯᠵᠦ᠂ ᠣᠯᠠᠨ ᠲᠦᠮᠡᠨ ᠳᠤ ᠣᠷᠣᠰᠢᠭᠤᠯᠭ᠎ᠠ ᠶᠢᠨ ᠥᠭᠡᠷᠡᠴᠢᠯᠡᠯᠲᠡ ᠶᠢᠨ ᠲᠥᠷᠥ ᠶᠢᠨ ᠪᠣᠳᠣᠯᠭ᠎ᠠ ᠶᠢ ᠢᠳᠡᠪᠬᠢᠲᠡᠢ ᠤᠬᠠᠭᠤᠯᠵᠤ᠂ ᠣᠯᠠᠨ ᠲᠦᠮᠡᠨ ᠢ ᠳᠠᠶᠢᠴᠢᠯᠠᠨ ᠤᠬᠠᠮᠰᠠᠷ ᠠᠴᠠ ᠪᠠᠨ ᠬᠠᠭᠤᠴᠢᠨ ᠶᠣᠰᠣ ᠪᠦᠳᠦᠭᠦᠯᠢᠭ ᠵᠠᠩ ᠳᠠᠳᠬᠠᠯ ᠢ ᠲᠠᠶᠠᠭᠳᠠᠵᠤ᠂ ᠪᠣᠯᠪᠠᠰᠤᠨ ᠡᠶ᠎ᠡ ᠵᠣᠬᠢᠴᠠᠩᠭᠤᠢ ᠨᠡᠶᠢᠭᠡᠮ ᠢ ᠬᠠᠮᠲᠤ ᠪᠠᠷ ᠪᠠᠶᠢᠭᠤᠯᠤᠶ᠎ᠠ᠃
ᠪᠢᠳᠡ ᠥᠪᠡᠷ ᠤᠨ ᠪᠡᠶ᠎ᠡ ᠠᠴᠠ ᠪᠠᠨ ᠡᠬᠢᠯᠡᠨ ᠬᠢᠵᠦ᠂ ᠪᠣᠯᠪᠠᠰᠤᠨ ᠠᠷᠭ᠎ᠠ ᠭᠡᠯᠪᠡᠷᠢ ᠪᠠᠷ ᠤᠷᠢᠳᠤᠬᠢ ᠬᠥᠮᠥᠰ ᠢᠶᠠᠨ ᠳᠤᠷᠠᠰᠤᠨ ᠰᠠᠨᠠᠭᠠᠯᠵᠠᠵᠤ᠂ ᠣᠷᠴᠢᠨ ᠲᠣᠭᠤᠷᠢᠨ ᠢ ᠬᠠᠮᠠᠭᠠᠯᠠᠬᠤ ᠠᠵᠢᠯᠯᠠᠭ᠎ᠠ ᠪᠠᠷ ᠭᠡᠷ ᠣᠷᠣᠨ ᠢᠶᠠᠨ ᠰᠠᠬᠢᠨ ᠬᠠᠮᠠᠭᠠᠯᠠᠵᠤ᠂ ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠶᠢ ᠠᠬᠢᠭᠤᠯᠬᠤ᠂ ᠴᠠᠭ ᠦᠶ᠎ᠡ ᠶᠢᠨ ᠰᠢᠨ᠎ᠡ ᠬᠡᠪ ᠰᠤᠷᠲᠠᠯ ᠢ ᠪᠠᠳᠠᠷᠠᠭᠤᠯᠬᠤ ᠳᠤ ᠬᠦᠴᠦᠨ ᠴᠢᠳᠠᠯ ᠢᠶᠠᠨ ᠡᠷᠭᠦᠵᠡᠭᠡᠶ᠎ᠡ︕
ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠶᠤᠨ ᠤ ᠪᠣᠯᠪᠠᠰᠤᠨ ᠤ ᠪᠠᠶᠢᠭᠤᠯᠤᠯᠲᠠ ᠶᠢᠨ ᠬᠤᠷᠢᠶ᠎ᠠ ᠶᠢᠨ ᠠᠯᠪᠠᠨ ᠭᠡᠷ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠶᠠᠪᠤᠳᠠᠯ ᠤᠨ ᠲᠢᠩᠬᠢᠮ
2025 ᠣᠨ ᠤ 4 ᠰᠠᠷ᠎ᠠ ᠶᠢᠨ 1 ᠤ ᠡᠳᠦᠷ