|
︽ᠨᠠᠮ ᠵᠠᠰᠠᠭ ᠤᠨ ᠪᠠᠶᠢᠭᠤᠯᠭ᠎ᠠ ᠶᠢᠨ ᠠᠷᠪᠢᠯᠠᠨ ᠭᠠᠮᠨᠠᠬᠤ ᠶᠢ ᠴᠢᠩᠭ᠎ᠠ ᠬᠡᠷᠡᠭᠵᠢᠭᠦᠯᠵᠦ ᠪᠦᠷᠢᠯᠭᠡᠨ ᠰᠦᠢᠳᠬᠡᠬᠦ ᠶᠢ ᠡᠰᠡᠷᠭᠦᠴᠡᠬᠦ ᠳᠦᠷᠢᠮ︾ ᠢ ᠳᠠᠷᠤᠮᠠᠯᠯᠠᠨ | ᠲᠠᠷᠬᠠᠭᠠᠪᠠ |
|
|
ᠨᠡᠶᠢᠲᠡᠯᠡᠭᠰᠡᠨ ᠴᠠᠭ᠄
2025/5/19
|
|
ᠣᠶᠢᠷ᠎ᠠ ᠳᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠵᠠᠰᠠᠪᠤᠷᠢ ᠣᠷᠣᠭᠤᠯᠤᠭᠰᠠᠨ ᠤ ᠳᠠᠷᠠᠭᠠᠬᠢ ︽ᠨᠠᠮ ᠵᠠᠰᠠᠭ ᠤᠨ ᠪᠠᠶᠢᠭᠤᠯᠭ᠎ᠠ ᠠᠷᠪᠢᠯᠠᠨ ᠭᠠᠮᠨᠠᠬᠤ ᠶᠢ ᠴᠢᠩᠭ᠎ᠠ ᠬᠡᠷᠡᠭᠵᠢᠭᠦᠯᠵᠦ ᠪᠦᠷᠢᠯᠭᠡᠨ ᠰᠦᠢᠳᠬᠡᠬᠦ ᠶᠢ ᠡᠰᠡᠷᠭᠦᠴᠡᠬᠦ ᠳᠦᠷᠢᠮ︾ ︵ᠳᠣᠷᠣᠭᠰᠢ ︽ᠳᠦᠷᠢᠮ︾ ᠭᠡᠵᠦ ᠲᠣᠪᠴᠢᠯᠠᠨ᠎ᠠ︶ ᠢ ᠳᠠᠷᠤᠮᠠᠯᠯᠠᠨ ᠲᠠᠷᠬᠠᠭᠠᠭᠰᠠᠨ ᠪᠥᠭᠡᠳ ᠮᠡᠳᠡᠭᠳᠡᠯ ᠪᠠᠭᠤᠯᠭᠠᠵᠤ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠤᠨ ᠬᠢᠨ ᠢ ᠬᠢᠨᠠᠮᠠᠭᠠᠢ ᠵᠢᠷᠤᠮᠯᠠᠨ ᠬᠡᠷᠡᠭᠵᠢᠭᠦᠯᠬᠦ ᠬᠡᠷᠡᠭᠲᠡᠢ ᠭᠡᠵᠦ ᠱᠠᠭᠠᠷᠳᠠᠪᠠ᠃ ᠮᠡᠳᠡᠭᠳᠡᠯ ᠳᠤ᠂ ︽ᠳᠦᠷᠢᠮ︾ ᠳᠤ ᠵᠠᠰᠠᠪᠤᠷᠢ ᠣᠷᠣᠭᠤᠯᠬᠤ ᠳᠠᠭᠠᠨ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠣᠯᠭᠠᠬᠤ ᠶᠢ ᠪᠠᠷᠢᠮᠲᠠᠯᠠᠵᠤ᠂ ᠬᠠᠷᠠᠯᠲᠠ ᠪᠠᠷ ᠤᠳᠤᠷᠢᠳᠤᠮᠵᠢ ᠪᠣᠯᠭᠠᠬᠤ ᠪᠠ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ ᠤᠶᠠᠯᠳᠤᠭᠤᠯᠬᠤ ᠶᠢ ᠪᠠᠷᠢᠮᠲᠠᠯᠠᠵᠤ᠂ ᠨᠠᠮ ᠵᠠᠰᠠᠭ ᠤᠨ ᠪᠠᠶᠢᠭᠤᠯᠭ᠎ᠠ ᠶᠢᠨ ᠵᠠᠷᠤᠳᠠᠯ ᠤᠨ ᠬᠠᠮᠢᠶᠠᠷᠤᠯᠲᠠ᠂ ᠤᠯᠤᠰ ᠤᠨ ᠳᠣᠲᠣᠭᠠᠳᠤ ᠶᠢᠨ ᠠᠯᠪᠠᠨ ᠶᠠᠪᠤᠳᠠᠯ ᠢᠶᠠᠷ ᠭᠠᠳᠠᠭᠰᠢ ᠭᠠᠷᠬᠤ᠂ ᠠᠯᠪᠠᠨ ᠶᠠᠪᠤᠳᠠᠯ ᠢᠶᠠᠷ ᠲᠦᠷ ᠴᠠᠭ ᠭᠠᠳᠠᠭᠠᠳᠤ ᠳᠤ ︵ᠬᠢᠯᠢ︶ ᠭᠠᠷᠬᠤ᠂ ᠠᠯᠪᠠᠨ ᠶᠠᠪᠤᠳᠠᠯ ᠤᠨ ᠵᠣᠴᠢᠯᠠᠯᠭ᠎ᠠ᠂ ᠠᠯᠪᠠᠨ ᠶᠠᠪᠤᠳᠠᠯ ᠳᠤ ᠲᠡᠷᠭᠡ ᠬᠡᠷᠡᠭᠯᠡᠬᠦ᠂ ᠬᠤᠷᠠᠯ ᠤᠨ ᠠᠵᠢᠯᠯᠠᠭ᠎ᠠ᠂ ᠠᠯᠪᠠᠯᠠᠬᠤ ᠳᠤ ᠬᠡᠷᠡᠭᠯᠡᠬᠦ ᠭᠡᠷ᠂ ᠡᠬᠢ ᠪᠠᠶᠠᠯᠢᠭ ᠢ ᠠᠷᠪᠢᠯᠠᠬᠤ ᠵᠡᠷᠭᠡ ᠲᠣᠭᠲᠠᠭᠠᠯ ᠢ ᠴᠠᠭ ᠦᠶ᠎ᠡ ᠶᠢ ᠲᠠᠭᠠᠨ ᠲᠡᠭᠦᠯᠳᠡᠷᠵᠢᠭᠦᠯᠵᠦ᠂ ᠠᠵᠢᠯᠴᠢ ᠠᠷᠪᠢᠴᠢ ᠪᠠᠷ ᠠᠷᠪᠢᠯᠠᠨ ᠭᠠᠮᠨᠠᠬᠤ ᠶᠢ ᠴᠢᠩᠭ᠎ᠠ ᠬᠡᠷᠡᠭᠵᠢᠭᠦᠯᠵᠦ᠂ ᠪᠦᠷᠢᠯᠭᠡᠨ ᠰᠦᠢᠳᠬᠡᠬᠦ ᠶᠢ ᠲᠡᠪᠴᠢᠬᠦ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠤ᠂ ᠨᠠᠮ ᠵᠠᠰᠠᠭ ᠤᠨ ᠪᠠᠶᠢᠭᠤᠯᠭ᠎ᠠ ᠲᠦᠷᠦᠭᠦᠯᠡᠨ ᠠᠷᠪᠢᠴᠢ ᠭᠠᠮᠲᠠᠢ ᠠᠮᠢᠳᠤᠷᠠᠬᠤ ᠳᠦᠷᠢᠮ ᠤᠨ ᠱᠤᠷᠠᠭ ᠢ ᠤᠯᠠᠮ ᠨᠢᠭᠡ ᠠᠯᠬᠤᠮ ᠴᠢᠩᠭᠠᠯᠠᠵᠤ᠂ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠬᠤ᠂ ︽ᠲᠦᠷᠪᠡᠨ ᠰᠤᠷᠲᠠᠯ︾ ᠢ ᠦᠷᠭᠦᠯᠵᠢᠯᠡᠨ ᠵᠠᠯᠠᠷᠠᠭᠤᠯᠤᠨ ᠴᠡᠭᠴᠡᠯᠡᠬᠦ ᠳᠤ ᠴᠢᠬᠤᠯᠠ ᠠᠴᠢ ᠬᠤᠯᠪᠣᠭᠳᠠᠯ ᠲᠠᠢ ᠶᠤᠮ ᠭᠡᠵᠦ ᠵᠢᠭᠠᠵᠤ ᠭᠠᠷᠭᠠᠪᠠ᠃ ᠮᠡᠳᠡᠭᠳᠡᠯ ᠳᠤ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠤᠨ ᠬᠢᠨ ᠰᠤᠷᠲᠠᠯ ᠤᠨ ᠪᠠᠶᠢᠭᠤᠯᠤᠯᠲᠠ ᠨᠠᠮ ᠤᠨ ᠳᠦᠷᠢ ᠲᠥᠷᠬᠦ ᠳᠤ ᠬᠤᠯᠪᠣᠭᠳᠠᠬᠤ᠂ ᠬᠥᠮᠥᠨ ᠤ ᠰᠡᠳᠬᠢᠯ ᠤᠨ ᠬᠠᠨᠳᠤᠰᠢ ᠲᠠᠢ ᠬᠤᠯᠪᠣᠭᠳᠠᠬᠤ᠂ ᠨᠠᠮ ᠪᠣᠯᠣᠨ ᠤᠯᠤᠰ ᠤᠨ ᠠᠵᠢᠯ ᠦᠢᠯᠡᠰ ᠤᠨ ᠪᠦᠲᠦᠵᠦ ᠪᠦᠷᠢᠯᠬᠦ ᠳᠤ ᠬᠤᠯᠪᠣᠭᠳᠠᠬᠤ ᠤᠯᠤᠰ ᠲᠥᠷᠥ ᠶᠢᠨ ᠥᠨᠳᠥᠷᠴᠡ ᠠᠴᠠ ︽ᠳᠦᠷᠢᠮ︾ ᠢ ᠰᠣᠷᠣᠯᠴᠠᠨ ᠤᠬᠠᠭᠤᠯᠵᠤ ᠲᠤᠭᠤᠰᠢᠯᠠᠭᠤᠯᠬᠤ ᠠᠵᠢᠯ ᠢ ᠨᠠᠷᠢᠨ ᠬᠢᠨᠠᠮᠠᠭᠠᠢ ᠰᠠᠶᠢᠲᠤᠷ ᠠᠳᠬᠤᠵᠤ᠂ ᠡᠯ᠎ᠡ ᠱᠠᠲᠤᠨ ᠤ ᠨᠠᠮ ᠵᠠᠰᠠᠭ ᠤᠨ ᠪᠠᠶᠢᠭᠤᠯᠭ᠎ᠠ ᠵᠢᠴᠢ ᠲᠡᠭᠦᠨ ᠤ ᠠᠵᠢᠯᠲᠠᠳ ᠤᠨ ︽ᠳᠦᠷᠢᠮ︾ ᠤᠨ ᠵᠣᠷᠢᠭ ᠰᠠᠨᠠᠭ᠎ᠠ ᠶᠢ ᠭᠦᠨᠵᠡᠭᠡᠢ ᠣᠶᠢᠯᠠᠭᠠᠬᠤ ᠶᠢ ᠠᠬᠢᠭᠤᠯᠵᠤ᠂ ︽ᠳᠦᠷᠢᠮ︾ ᠤᠨ ᠡᠯ᠎ᠡ ᠵᠦᠢᠯ ᠤᠨ ᠲᠣᠭᠲᠠᠭᠠᠯ ᠢ ᠡᠷᠡᠰ ᠨᠠᠶᠢᠳᠠᠪᠤᠷᠢᠵᠢᠭᠤᠯᠵᠤ᠂ ᠠᠷᠪᠢᠯᠠᠨ ᠭᠠᠮᠨᠠᠬᠤ ᠬᠡᠯᠪᠡᠷᠢ ᠶᠢᠨ ᠪᠠᠶᠢᠭᠤᠯᠭ᠎ᠠ ᠶᠢᠨ ᠪᠠᠶᠢᠭᠤᠯᠤᠯᠲᠠ ᠶᠢ ᠯᠠᠪᠳᠠᠭᠤᠨ ᠪᠠᠲᠤᠲᠠᠢ ᠠᠬᠢᠭᠤᠯᠵᠤ᠂ ᠨᠡᠶᠢᠭᠡᠮ ᠳᠠᠶᠠᠭᠠᠷ ᠲᠤ ᠪᠦᠷᠢᠯᠭᠡᠨ ᠰᠦᠢᠳᠬᠡᠬᠦ ᠨᠢ ᠢᠴᠢᠭᠦᠷᠢᠲᠡᠢ᠂ ᠠᠷᠪᠢᠯᠠᠨ ᠭᠠᠮᠨᠠᠬᠤ ᠨᠢ ᠢᠷᠠᠭᠤ ᠠᠯᠳᠠᠷᠲᠠᠢ ᠪᠠᠶᠢᠬᠤ ᠭᠦᠨ ᠵᠤᠵᠠᠭᠠᠨ ᠠᠭᠤᠷ ᠠᠮᠢᠰᠬᠤᠯ ᠢ ᠴᠢᠨᠠᠭᠰᠢᠳᠠ ᠪᠤᠢ ᠪᠣᠯᠭᠠᠬᠤ ᠬᠡᠷᠡᠭᠲᠡᠢ ᠭᠡᠵᠦ ᠱᠠᠭᠠᠷᠳᠠᠪᠠ᠃ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠤᠨ ᠬᠢᠨ ︽ᠳᠦᠷᠢᠮ︾ ᠢ ᠬᠡᠷᠡᠭᠵᠢᠭᠦᠯᠬᠦ ᠳᠤᠮᠳᠠᠬᠢ ᠴᠢᠬᠤᠯᠠ ᠪᠠᠶᠢᠳᠠᠯ ᠪᠣᠯᠣᠨ ᠰᠠᠨᠠᠭᠤᠯᠭ᠎ᠠ ᠶᠢ ᠴᠠᠭ ᠲᠤᠬᠠᠢ ᠳᠤᠨᠢ ᠨᠠᠮ ᠤᠨ ᠲᠥᠪ ᠬᠤᠷᠢᠶ᠎ᠠ᠂ ᠲᠦᠷᠤ ᠶᠢᠨ ᠶᠠᠪᠤᠳᠠᠯ ᠤᠨ ᠬᠤᠷᠢᠶ᠎ᠠ ᠳᠤ ᠮᠡᠳᠡᠭᠦᠯᠬᠦ ᠬᠡᠷᠡᠭᠲᠡᠢ᠃ |
|
ᠢᠷᠡᠯᠲᠡ᠄
ᠥᠪᠥᠷ ᠮᠣᠩᠭᠤᠯ ᠤᠨ ᠡᠳᠦᠷ ᠤᠨ ᠰᠣᠨᠢᠨ
|