ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠪᠠᠶᠠᠵᠢᠯ᠎ᠤᠨ ᠬᠤᠰᠢᠭᠤᠴᠢ
ᠰᠣᠨᠢᠨ ᠮᠡᠳᠡᠭᠡ   -   ᠰᠤᠷᠪᠤᠯᠵᠢᠯᠠᠭ᠎ᠠ
 ᠪᠠᠶᠠᠵᠢᠯ᠎ᠤᠨ ᠲᠠᠭ᠋ᠠᠭᠤᠯᠤᠭᠴᠢ ᠪᠤᠯᠠᠭ᠎ᠤᠨ᠎ᠬᠢᠨ
ᠨᠡᠶ᠋ᠢᠲᠡᠯᠡᠭᠰᠡᠨ ᠴᠠᠭ᠄ 2020-12-24

      ᠤᠢ᠍ᠢ᠍ᠷ᠎ᠠ᠎ᠠᠴᠠ ᠵᠢᠯ᠎ᠠᠴᠠ ᠨᠠᠭ᠋ᠠᠰᠢ᠂ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤ ᠵᠢᠨ᠎ᠬᠢᠨ ᠶᠠᠳᠠᠭᠤ᠎ᠠᠴᠠ ᠠᠡᠭᠬᠢᠵᠢᠷᠠᠭᠤᠯᠬᠤ ᠪᠤᠭᠤᠮᠳᠠ ᠰᠢᠪᠳᠤᠯᠬᠤ ᠲᠠᠢ᠍ᠢ᠍ᠯᠠᠯᠳᠤᠭ᠋ᠠᠨ᠎ᠤ ᠢᠯᠡᠯᠳᠠ ᠵᠢ ᠤᠯᠵᠤ᠂ ᠶᠠᠳᠠᠭᠤ᠎ᠠᠴᠠ ᠡᠠᠡᠭᠬᠢᠵᠢᠷᠠᠭᠤᠯᠬᠤ ᠪᠤᠭᠤᠮᠳᠠ ᠰᠢᠪᠳᠤᠯᠬᠤ ᠲᠠᠢ᠍ᠢ᠍ᠯᠠᠯᠳᠤᠭ᠋ᠠᠨ᠎ᠤ ᠴᠢᠨᠠᠷ ᠴᠢᠨᠰᠠᠭ᠎ᠠ ᠵᠢ ᠪᠠᠬᠢᠵᠢᠬᠦᠯᠬᠦ ᠵᠢᠨ ᠲᠦᠯᠦᠭᠡ᠂ ᠭᠡᠰᠡᠭ ᠮᠠᠯᠴᠢᠨ ᠵᠶ᠋ᠠᠨ ᠵᠤᠷᠢᠭᠵᠢᠭᠤᠯᠤᠨ ᠤᠯᠠᠮᠵᠢᠯᠠᠯᠳᠤ ᠮᠠᠯ ᠠᠵᠤ ᠠᠬᠤᠢ ᠵᠢᠨ ᠦᠢ᠍ᠯᠡᠳᠪᠤᠷᠢᠯᠡᠯ ᠵᠶ᠋ᠠᠨ ᠲᠠᠶᠠᠭᠳᠠᠵᠤ᠂ ᠪᠡᠶ᠎ᠠ᠎ᠪᠠᠨ ᠲᠠᠭ᠋ᠠᠭ᠋ᠠᠵᠤ ᠦᠢ᠍ᠯᠡᠰ ᠪᠤᠰᠬᠠᠬᠤ᠂ ᠪᠠᠶᠠᠵᠢᠯ᠎ᠤᠨ ᠲᠠᠭ᠋ᠠᠭᠤᠯᠤᠭᠴᠢ ᠪᠤᠯᠬᠤ ᠲᠠᠯ᠎ᠠ᠎ᠪᠠᠷ ᠮᠠᠰᠢ ᠶᠡᠭᠡ ᠲᠠᠮᠵᠢᠯᠭᠡ ᠦᠵᠡᠬᠦᠯᠵᠤ᠂ ᠶᠠᠳᠠᠭᠤ᠎ᠠᠴᠠ ᠠᠡᠭᠬᠢᠵᠢᠷᠠᠭᠤᠯᠤᠨ ᠪᠠᠶᠠᠵᠢᠭᠤᠯᠬᠤ ᠬᠦᠭᠵᠢᠯᠳᠠ ᠵᠢᠨ ᠰᠢᠨ᠎ᠠ ᠵᠠᠮ ᠵᠶ᠋ᠠᠷ ᠵᠠᠮᠨᠠᠪᠠ᠃ ᠪᠠᠶᠠᠨᠮᠠᠡᠭᠬ᠎ᠠ ᠰᠤᠮᠤ ᠵᠢᠨ ᠳ᠋ᠠᠷᠢ ᠬᠠᠷᠠᠴᠢᠨ ᠭᠠᠴᠠᠭ᠎ᠠ ᠵᠢᠨ ᠮᠠᠯᠴᠢᠨ ᠪᠤᠯᠠᠭ ᠪᠦᠰᠡᠬᠦᠢ᠎ᠲᠠᠢ᠎ᠪᠠᠨ ᠬᠤᠶᠠᠭᠤᠯᠠ ᠪᠠᠢ᠍ᠢ᠍ᠭ᠋ᠠᠯᠢᠯᠢᠭ ᠴᠠᠭ᠋ᠠᠨ ᠢᠳᠡᠭᠡ ᠵᠢ ᠡᠳ᠋ᠰᠢᠬᠦᠯᠤᠨ ᠪᠤᠷᠤᠯᠠᠭᠤᠯᠵᠤ ᠨᠠᠯᠢᠶᠠᠳ ᠰᠠᠢ᠍ᠢ᠍ᠨ ᠦᠷ᠎ᠠ ᠠᠰᠢᠭ ᠤᠯᠵᠤ ᠶᠠᠳᠠᠭᠤ᠎ᠠᠴᠠ ᠠᠡᠭᠬᠢᠵᠢᠷᠠᠭᠤᠯᠤᠨ ᠪᠠᠶᠠᠵᠢᠭᠤᠯᠬᠤ 《ᠲᠦᠷᠦᠬᠦᠴᠢ ᠭᠠᠯᠠᠭᠤ》 ᠪᠤᠯᠤᠭᠰᠠᠨ ᠪᠠᠢ᠍ᠢ᠍ᠨ᠎ᠠ᠃

      ᠪᠠᠶᠠᠨᠮᠠᠡᠭᠬ᠎ᠠ ᠰᠤᠮᠤ ᠵᠢᠨ ᠳ᠋ᠠᠷᠢ ᠬᠠᠷᠠᠴᠢᠨ ᠭᠠᠴᠠᠭ᠎ᠠ᠎ᠳᠤ᠂ ᠪᠤᠯᠠᠭ᠎ᠤᠨ ᠡᠳ᠋ᠰᠢᠬᠦᠯᠦᠨ ᠪᠤᠷᠤᠯᠠᠭᠤᠯᠵᠤ ᠪᠠᠢ᠍ᠢ᠍ᠭ᠎ᠠ ᠴᠠᠭ᠋ᠠᠨ ᠢᠳᠡᠭᠡ᠎ᠨᠢ   ᠠᠮᠲᠠᠲᠠᠢ᠂ ᠰᠢᠮ᠎ᠠ ᠲᠠᠵᠢᠭᠡᠯ  ᠎ᠲᠠᠢ ᠵᠡᠷᠭᠡ᠎ᠪᠠᠷ ᠵᠶ᠋ᠠᠨ ᠨᠤᠳᠤᠭ ᠤᠰᠤᠨ᠎ᠳᠠᠭᠠᠨ ᠠᠯᠳᠠᠷᠰᠢᠵᠠᠢ᠃ ᠪᠤᠯᠠᠭ᠎ᠤᠨ ᠭᠡᠷ᠎ᠲᠤ ᠬᠦᠷᠦᠬᠦᠯᠠᠷ᠂ ᠰᠦ ᠵᠢᠨ ᠦᠨᠦᠷ ᠰᠠᠡᠭᠬᠢᠨᠠᠵᠤ᠂ ᠰᠠᠶᠢᠬᠠᠨ ᠲᠤᠭᠤᠭ᠋ᠠᠨ᠎ᠠᠴᠠ᠎ᠪᠠᠨ ᠭᠠᠷᠭ᠋ᠠᠭᠰᠠᠨ ᠬᠠᠯᠠᠭᠤᠨ ᠬᠤᠷᠤᠳ᠂ ᠰᠢᠪ ᠰᠢᠷ᠎ᠠ ᠮᠦᠷᠳᠡᠭᠡᠨ ᠵᠤᠵᠠᠭ᠋ᠠᠪᠳᠤᠷ ᠬᠠᠳᠠᠭ᠋ᠠᠭᠰᠠᠨ ᠦᠷᠤᠮ᠎ᠠ ᠁ ᠵᠡᠷᠭᠡ᠎ᠳᠤ ᠬᠤᠪᠳᠤᠭ ᠬᠦᠷᠴᠤ ᠬᠤᠭᠤᠯᠠᠢ ᠭᠤᠪᠤᠭᠤᠨᠠᠨ᠎ᠠ᠃ 《ᠨᠠᠳᠠ᠎ᠳᠤ ᠨᠢᠭᠡ ᠵᠢᠡᠭ ᠰᠦ ᠰᠠᠪᠠᠯᠠᠭ᠋ᠠᠳ ᠦᠭᠬᠦ ᠤᠤ? ᠪᠢ ᠬᠤᠶᠠᠷ ᠭᠡᠰᠡᠭ ᠬᠤᠷᠤᠳ ᠠᠪᠤᠶ᠎ᠠ ᠁》 ᠬᠤᠯᠠ ᠤᠢ᠍ᠢ᠍ᠷ᠎ᠠ ᠵᠢᠨ ᠮᠠᠯᠴᠢᠨ ᠲᠠᠷᠢᠶᠠᠴᠢᠳ ᠴᠠᠭ᠋ᠠᠨ ᠢᠳᠡᠭᠡ ᠬᠤᠳᠠᠯᠳᠤᠨ ᠠᠪᠤᠵᠠᠭ᠋ᠠᠨ᠎ᠠ᠃ ᠶᠠᠷᠤ᠎ᠨᠢ ᠪᠤᠯᠠᠭ᠎ᠤᠨ᠎ᠬᠢᠨ᠎ᠠᠴᠠ ᠴᠠᠭ᠋ᠠᠨ ᠢᠳᠡᠭᠡ ᠬᠤᠳᠠᠯᠳᠤᠨ ᠠᠪᠳᠠᠭ ᠪᠤᠤ ᠯᠢᠶᠠᠡᠭ᠄ 《ᠡᠳᠡᠨ᠎ᠤ ᠴᠠᠭ᠋ᠠᠨ ᠢᠳᠡᠭᠡ ᠴᠤᠯ ᠪᠠᠢ᠍ᠢ᠍ᠭ᠋ᠠᠯᠢᠯᠢᠭ ᠮᠦᠷᠳᠡᠭᠡᠨ ᠢᠳᠡᠬᠦ᠎ᠳᠤ ᠠᠮᠳᠠᠳᠠᠢ᠂ ᠰᠢᠮ᠎ᠠ ᠰᠠᠢ᠍ᠢ᠍ᠳᠠᠢ᠂ ᠲᠠᠷᠠᠴᠢᠯᠠᠨ ᠦᠨ᠎ᠠ ᠬᠠᠡᠭᠰᠢ᠎ᠨᠢ ᠬᠢᠮᠳᠠᠬᠠᠨ ᠪᠠᠢ᠍ᠢ᠍ᠵᠤ᠂ ᠮᠠᠨ᠎ᠤ ᠭᠡᠷ᠎ᠤᠨ ᠦᠷᠯᠦᠭᠡ ᠪᠦᠷᠢ ᠤᠤᠭᠤᠳᠠᠭ ᠰᠦ ᠵᠢ ᠬᠠᠡᠭᠭ᠋ᠠᠵᠤ ᠪᠠᠢ᠍ᠢ᠍ᠳᠠᠭ》 ᠭᠡᠨ᠎ᠠ᠃

      ᠪᠤᠯᠠᠭ᠎ᠤᠨ᠎ᠬᠢᠨ ᠭᠡᠳᠤᠨ ᠦᠶ᠎ᠠ᠎ᠪᠠᠷ᠎ᠪᠠᠷ ᠰᠠᠭ᠋ᠠᠯᠢ ᠵᠢᠨ ᠦᠨᠢᠶ᠎ᠠ ᠠᠷᠠᠴᠢᠯᠠᠨ ᠲᠠᠵᠢᠭᠡᠵᠤ᠂ ᠴᠠᠭ᠋ᠠᠨ ᠢᠳᠡᠭᠡ ᠡᠳ᠋ᠰᠢᠬᠦᠯᠤᠨ ᠪᠤᠷᠤᠯᠠᠭᠤᠯᠵᠤ ᠢᠷᠠᠵᠠᠢ᠃ ᠳ᠋ᠠᠷᠢ ᠬᠠᠷᠠᠴᠢᠨ ᠭᠠᠴᠠᠭ᠋ᠠᠨ᠎ᠤ᠎ᠬᠢᠨ ᠰᠦ ᠵᠢᠨ ᠦᠢ᠍ᠳᠡᠭᠡ᠎ᠪᠠᠨ ᠭᠠᠳᠠᠭᠰᠢ ᠲᠠᠭ᠋ᠠᠭ᠋ᠠᠴᠢᠯᠠᠭᠤᠯᠬᠤ ᠭᠡᠰᠡᠨ ᠰᠤᠷᠠᠭ᠎ᠢ ᠮᠡᠳᠡᠭᠰᠡᠨ ᠲᠠᠷᠤᠢ᠍ᠢ᠍ᠬᠠᠨ ᠪᠤᠯᠠᠭ ᠰᠦ ᠵᠢᠨ ᠦᠷᠳᠡᠭᠡ ᠵᠢ ᠲᠠᠭ᠋ᠠᠭ᠋ᠠᠴᠢᠯᠠᠨ ᠠᠪᠬᠤ᠎ᠪᠠᠷ ᠪᠤᠯᠪᠠ᠃ ᠲᠠᠬᠦᠨ᠎ᠤ ᠭᠡᠯᠡᠬᠦ᠎ᠪᠠᠷ᠂ ᠰᠦ ᠵᠢᠨ ᠦᠷᠳᠡᠭᠡ ᠵᠢ ᠲᠠᠭ᠋ᠠᠭ᠋ᠠᠴᠢᠯᠠᠵᠤ ᠠᠪᠬᠤ᠎ᠨᠢ ᠴᠠᠭ᠋ᠠᠨ ᠢᠳᠡᠭᠡ ᠡᠳ᠋ᠰᠢᠬᠦᠯᠬᠦ ᠤᠯᠠᠮᠵᠢᠯᠠᠳᠤ ᠤᠷ᠎ᠠ ᠮᠡᠷᠭᠡᠰᠢᠯ ᠵᠶ᠋ᠠᠨ ᠨᠠᠡᠭ ᠰᠠᠢ᠍ᠢ᠍ᠳᠤᠷ ᠵᠠᠯᠭ᠋ᠠᠮᠵᠢᠯᠠᠬᠤ ᠵᠢᠨ ᠬᠠᠮᠳᠤ ᠤᠷᠤᠯᠭ᠎ᠠ᠎ᠪᠠᠨ ᠴᠤ᠌ ᠨᠡᠮᠡᠭᠳᠡᠬᠦᠯᠵᠤ ᠲᠠᠢ᠍ᠢ᠍ᠯᠤᠨ᠎ᠠ ᠭᠡᠰᠡᠨ ᠪᠤᠳᠤᠯ᠎ᠳᠡᠭᠡᠨ ᠬᠦᠳᠦᠯᠦᠭᠳᠡᠵᠠᠢ ᠭᠡᠨ᠎ᠠ᠃ ᠤᠢ᠍ᠢ᠍ᠯᠠᠰ ᠪᠤᠰᠬᠠᠨ ᠪᠠᠶᠠᠵᠢᠬᠤ ᠵᠠᠮ᠎ᠨᠢ ᠭᠡᠳᠤᠢ᠍ᠢ᠍ᠪᠡᠷ ᠬᠠᠳᠠᠭᠤᠵᠢᠯᠳᠠᠢ ᠭᠡᠳᠡᠭ ᠪᠤᠯᠪᠠᠴᠤ ᠪᠤᠯᠠᠭ ᠪᠦᠰᠡᠬᠦᠢ᠎ᠲᠠᠢ᠎ᠪᠠᠨ ᠬᠤᠶᠠᠭᠤᠯᠠ ᠶᠠᠷᠤ᠎ᠨᠢ ᠬᠠᠯᠠᠰᠢᠷᠠᠵᠤ ᠦᠡᠭᠭᠡᠷᠡᠭᠡ ᠦᠭᠡᠢ᠃ ᠠᠡᠭᠬ᠎ᠠ ᠡᠬᠢᠨ᠎ᠳᠡᠭᠡᠨ ᠪᠤᠯᠠᠭ᠎ᠤᠨ᠎ᠬᠢᠨ ᠮᠢᠬᠠᠨ ᠦᠭᠡᠷ ᠭᠤᠤᠯᠯᠠᠨ ᠲᠠᠵᠢᠭᠡᠵᠤ ᠪᠠᠢ᠍ᠢ᠍ᠬᠰᠠᠨ᠎ᠠᠴᠠ ᠭᠠᠳᠠᠨ᠎ᠠ 8 ᠰᠠᠭ᠋ᠠᠯᠢ ᠵᠢᠨ ᠦᠨᠢᠶ᠎ᠠ ᠠᠷᠠᠴᠢᠯᠠᠵᠤ ᠪᠠᠢ᠍ᠢ᠍ᠭᠰᠠᠨ ᠠᠵᠢ᠃ ᠪᠤᠯᠠᠭ ᠪᠦᠰᠡᠬᠦᠢ᠎ᠲᠠᠢ᠎ᠪᠠᠨ ᠬᠤᠶᠠᠭᠤᠯᠠ 8 ᠰᠠᠭ᠋ᠠᠯᠢ ᠵᠢᠨ ᠦᠨᠢᠶ᠎ᠠ ᠵᠢᠨ ᠵᠶ᠋ᠠᠨ ᠰᠦ᠎ᠪᠠᠷ ᠴᠠᠭ᠋ᠠᠨ ᠢᠳᠡᠭᠡ ᠡᠳ᠋ᠰᠢᠬᠦᠯᠤᠨ ᠪᠤᠷᠤᠯᠠᠭᠤᠯᠤᠭ᠋ᠠᠳ ᠦᠷ᠎ᠠ ᠠᠰᠢᠭ ᠬᠦᠷᠳᠡᠭᠰᠡᠨ᠎ᠤ ᠲᠠᠷᠠᠭ᠎ᠠ᠂ ᠲᠠᠵᠢᠭᠡᠵᠤ ᠪᠠᠢ᠍ᠢ᠍ᠬᠰᠠᠨ ᠮᠢᠬᠠᠨ ᠦᠭᠡᠷ ᠵᠶ᠋ᠠᠨ ᠬᠤᠳᠠᠯᠳᠤᠭ᠋ᠠᠳ 20 ᠭᠠᠷᠤᠢ ᠰᠠᠭ᠋ᠠᠯᠢ ᠵᠢᠨ ᠦᠨᠢᠶ᠎ᠠ ᠬᠤᠳᠠᠯᠳᠤᠨ ᠠᠪᠴᠠᠢ᠃ ᠡᠬᠦᠨ᠎ᠤ ᠬᠠᠮᠳᠤ᠂ ᠪᠤᠯᠠᠭ ᠪᠦᠰᠡᠬᠦᠢ᠎ᠲᠠᠢ᠎ᠪᠠᠨ ᠬᠤᠶᠠᠭᠤᠯᠠ ᠤᠯᠠᠨ ᠤᠳᠠᠭ᠎ᠠ ᠭᠠᠳᠠᠨ᠎ᠠ ᠤᠷᠤᠨ ᠵᠶ᠋ᠠᠷ ᠰᠤᠷᠤᠯᠴᠠᠨ᠂ ᠭᠡᠷ᠎ᠲᠡᠭᠡᠨ ᠪᠤᠴᠠᠵᠤ ᠢᠷᠡᠭᠰᠡᠨ᠎ᠤ᠎ᠪᠠᠨ ᠲᠠᠷᠠᠭ᠎ᠠ ᠴᠠᠭ᠋ᠠᠨ ᠢᠳᠡᠭᠡ ᠡᠳ᠋ᠰᠢᠬᠦᠯᠬᠦ ᠲᠤᠷᠰᠢᠯᠳᠠ ᠬᠢᠳᠡᠭ᠃ ᠬᠠᠯᠠᠰᠢᠷᠠᠯ ᠦᠭᠡᠢ ᠴᠢᠷᠮᠠᠢ᠍ᠢ᠍ᠯᠭ᠎ᠠ ᠵᠢᠨ ᠬᠤᠢ᠍ᠢ᠍ᠨ᠎ᠠ᠂ ᠪᠤᠯᠠᠭ ᠪᠤᠢ᠍ᠰᠡᠬᠦᠢ᠎ᠲᠠᠢ᠎ᠪᠠᠨ ᠬᠤᠶᠠᠭᠤᠯᠠ ᠦᠪᠡᠷᠰᠡᠳ᠎ᠤᠨ ᠵᠶ᠋ᠠᠨ ᠭᠡᠰᠡᠨ ᠮᠡᠷᠭᠡᠰᠢᠯ᠎ᠲᠠᠢ ᠪᠤᠯᠵᠠᠢ᠃ ᠤᠳᠤ᠂ ᠪᠤᠯᠠᠭ᠎ᠤᠨ᠎ᠬᠢᠨ 35 ᠰᠠᠭ᠋ᠠᠯᠢ ᠵᠢᠨ ᠦᠨᠢᠶ᠎ᠠ᠎ᠲᠠᠢ ᠪᠤᠯᠵᠤ᠂ ᠡᠳᠤᠷ᠎ᠲᠤ 800 ᠭᠠᠷᠤᠢ ᠵᠢᠡᠭ ᠰᠦ ᠰᠠᠭ᠋ᠠᠵᠤ᠂ ᠬᠤᠷᠤᠳ᠂ ᠬᠠᠳᠠᠭ᠋ᠠᠠᠭᠰᠠᠨ ᠦᠷᠤᠮ᠎ᠠ᠂ ᠵᠦᠭᠡᠭᠡᠢ ᠵᠡᠷᠭᠡ 10 ᠭᠠᠷᠤᠢ ᠵᠦᠢ᠍ᠯ᠎ᠤᠨ ᠴᠠᠭ᠋ᠠᠨ ᠢᠳᠡᠭᠡ ᠵᠢ ᠡᠳ᠋ᠰᠢᠬᠦᠯᠳᠡᠭ᠃ ᠪᠤᠯᠠᠭ᠎ᠤᠨ᠎ᠬᠢᠨ᠎ᠤ ᠡᠢ᠍ᠢ᠍ᠨ ᠬᠦ᠌ ᠬᠤᠪᠢᠷᠠᠯᠳᠠ᠎ᠨᠢ ᠰᠠᠭ᠋ᠠᠯᠢ ᠵᠢᠨ ᠦᠨᠢᠶ᠎ᠠ ᠲᠠᠵᠢᠭᠡᠨ ᠠᠷᠠᠴᠢᠯᠠᠵᠤ ᠡᠳ᠋ᠰᠢᠬᠦᠯᠵᠤ ᠪᠤᠷᠤᠯᠠᠭᠤᠯᠤᠭᠰᠠᠨ᠎ᠤ ᠦᠷ᠎ᠠ ᠳ᠋ᠦᠡᠭ ᠪᠤᠯᠬᠤ ᠶᠤᠮ᠃ 《ᠮᠠᠨ᠎ᠤ ᠤᠷᠤᠯᠭ᠎ᠠ ᠨᠠᠯᠢᠶᠠᠳ ᠵᠦᠭᠡᠷ ᠪᠠᠢ᠍ᠢ᠍ᠨ᠎ᠠ᠂ ᠲᠠᠭᠡᠬᠦᠯᠠᠷ ᠭᠠᠴᠠᠭ᠋ᠠᠨ᠎ᠤ᠎ᠪᠠᠨ ᠶᠠᠳᠠᠭᠤ ᠬᠦᠴᠢᠷᠳᠠᠯᠳᠠᠢ ᠮᠠᠯᠴᠢᠨ ᠲᠠᠷᠢᠶᠠᠴᠢᠨ᠎ᠢ ᠰᠦ ᠵᠢᠨ ᠦᠷᠳᠡᠭᠡ᠎ᠳᠡᠭᠡᠨ ᠠᠵᠢᠯ ᠤᠯᠭᠤᠬᠤ ᠶᠤᠮ ᠤᠤ? ᠭᠡᠵᠤ ᠪᠤᠳᠤᠵᠤ ᠪᠠᠢ᠍ᠢ᠍ᠨ᠎ᠠ᠃ ᠲᠠᠷᠠᠴᠢᠯᠠᠨ ᠤᠢ᠍ᠢ᠍ᠷ᠎ᠠ ᠬᠠᠪᠢ ᠵᠢᠨ ᠮᠠᠯᠴᠢᠨ ᠲᠠᠷᠢᠶᠠᠴᠢᠨ ᠵᠶ᠋ᠠᠨ ᠲᠠᠭ᠋ᠠᠭᠤᠯᠵᠤ ᠰᠠᠭ᠋ᠠᠯᠢ ᠵᠢᠨ ᠦᠨᠢᠶ᠎ᠠ ᠲᠠᠵᠢᠭᠡᠯᠭᠡᠵᠤ᠂ ᠲᠠᠳᠠᠨ᠎ᠤ ᠲᠠᠵᠢᠭᠡᠭᠰᠡᠨ ᠰᠠᠭ᠋ᠠᠯᠢ ᠵᠢᠨ ᠦᠨᠢᠶ᠎ᠠ ᠵᠢᠨ ᠰᠦ ᠵᠢ ᠨᠢᠭᠡᠳᠤᠯᠳᠠᠢ ᠬᠤᠳᠠᠯᠳᠤᠨ ᠠᠪᠳᠠᠭ ᠪᠤᠯ ᠤᠯᠠᠨ ᠵᠶ᠋ᠠᠷ ᠵᠶ᠋ᠠᠨ ᠪᠠᠶᠠᠵᠢᠴᠢᠬᠠᠨ᠎ᠠ》 ᠭᠡᠵᠤ ᠪᠤᠯᠠᠭ ᠲᠠᠷᠠᠭ᠋ᠠᠴᠢ ᠵᠢᠨ ᠪᠤᠳᠤᠯ ᠵᠶ᠋ᠠᠨ ᠲᠤᠳᠤᠷᠠᠭᠤᠯᠵᠤ ᠲᠦᠯᠦᠪᠯᠡᠭᠡ᠎ᠪᠠᠨ ᠲᠤᠭᠳᠠᠭ᠋ᠠᠨ᠎ᠠ᠃ ᠡᠨᠡ ᠵᠢᠯ ᠪᠢᠳᠠ ᠦᠪᠡᠷᠰᠡᠳ ᠵᠶ᠋ᠠᠨ ᠪᠠᠶᠠᠵᠢᠬᠰᠠᠨ᠎ᠤ ᠰᠠᠭᠤᠷᠢᠨ ᠲᠡᠭᠡᠷ᠎ᠠ᠂ ᠪᠠᠶᠠᠵᠢᠯ᠎ᠤᠨ ᠵᠤᠷ ᠵᠶ᠋ᠠᠨ ᠨᠠᠡᠭ ᠤᠯᠠᠨ ᠮᠠᠯᠴᠢᠨ ᠲᠠᠷᠢᠶᠠᠴᠢᠨ᠎ᠳᠤ ᠤᠯᠠᠮᠵᠢᠯᠠᠵᠤ᠂ ᠮᠠᠯᠴᠢᠨ ᠲᠠᠷᠢᠶᠠᠴᠢᠨ ᠤᠯᠠᠨ ᠲᠦᠮᠡᠨ ᠵᠶ᠋ᠠᠨ ᠲᠠᠭ᠋ᠠᠭᠤᠯᠤᠨ ᠦᠷᠬᠦᠯᠵᠢᠯᠠᠨ ᠤᠷᠤᠯᠭ᠎ᠠ᠎ᠪᠠᠨ ᠨᠠᠮᠡᠭᠳᠡᠬᠦᠯᠵᠤ ᠪᠠᠶᠠᠵᠢᠭᠤᠯᠬᠤ᠎ᠪᠠᠷ ᠴᠢᠷᠮᠠᠢ᠍ᠢ᠍ᠨ᠎ᠠ᠃
      ᠤᠳᠤ᠂ ᠪᠤᠯᠠᠭ᠎ᠤᠨ᠎ᠬᠢᠨ ᠪᠠᠶᠠᠵᠢᠯ᠎ᠤᠨ ᠦᠢ᠍ᠯᠡᠰ᠎ᠨᠢ ᠤᠯᠠᠨ ᠪᠤᠵᠠᠭ᠋ᠠᠢ᠍ᠢ᠍ᠷᠠᠵᠤ᠂ ᠠᠮᠢᠳᠤᠷᠠᠯ᠎ᠨᠢ ᠴᠤ᠌ ᠴᠢᠨᠡᠭᠡᠯᠢᠭᠵᠢᠯ᠎ᠠ᠃ ᠭᠡᠪᠠᠴᠤ ᠪᠤᠯᠠᠭ᠎ᠤᠨ᠎ᠬᠢᠨ ᠶᠠᠳᠠᠭᠤ ᠬᠦᠴᠢᠷᠳᠠᠯᠳᠠᠢ ᠮᠠᠯᠴᠢᠨ ᠲᠠᠷᠢᠶᠠᠴᠢᠨ ᠵᠶ᠋ᠠᠨ ᠪᠠᠶᠠᠵᠢᠭᠤᠯᠬᠤ ᠶᠤᠮ ᠭᠡᠵᠤ ᠭᠠᠴᠠᠭ᠋ᠠᠨ᠎ᠤ 7 ᠶᠠᠳᠠᠭᠤ ᠬᠦᠴᠢᠷᠳᠠᠯᠳᠠᠢ ᠡᠷᠤᠭᠡ ᠵᠢ ᠲᠠᠭ᠋ᠠᠭᠤᠯᠤᠨ     ᠪᠠᠶᠠᠵᠢᠯ᠎ᠤᠨ ᠵᠠᠮ ᠵᠶ᠋ᠠᠷ ᠵᠠᠮᠨᠠᠭᠤᠯᠪᠠ᠃ ᠶᠠᠳᠠᠭᠤ᠎ᠠᠴᠠ ᠠᠡᠭᠬᠢᠵᠢᠷᠠᠭᠰᠠᠨ ᠪᠠᠶᠠᠨᠮᠠᠡᠭᠬ᠎ᠠ ᠰᠤᠮᠤ ᠵᠢᠨ ᠳ᠋ᠠᠷᠢ ᠬᠠᠷᠠᠴᠢᠨ ᠭᠠᠴᠠᠭ᠋ᠠᠨ᠎ᠤ ᠰᠦ ᠵᠢᠨ ᠦᠷᠳᠡᠭᠡ᠎ᠳᠤ ᠠᠵᠢᠯᠯᠠᠵᠤ ᠪᠠᠢ᠍ᠢ᠍ᠭ᠎ᠠ ᠡᠤ ᠵᠢᠨ ᠱᠠᠨ᠄ 《  ᠨᠢᠳᠤᠨᠤᠨ   ᠵᠢᠯ  ᠎ᠤᠨ 3 ᠰᠠᠷ᠎ᠠ᠎ᠠᠴᠠ ᠰᠦ ᠵᠢᠨ ᠦᠷᠳᠡᠭᠡ᠎ᠳᠤ ᠢᠷᠠᠵᠤ ᠠᠵᠢᠯᠯᠠᠵᠠᠢ᠃ ᠡᠳᠤᠷ᠎ᠲᠤ ᠰᠠᠭ᠋ᠠᠯᠢ ᠵᠢᠨ ᠦᠨᠢᠶ᠎ᠠ ᠲᠠᠵᠢᠭᠡᠬᠦ᠂ ᠰᠦ ᠰᠠᠭ᠋ᠠᠬᠤ ᠵᠡᠷᠭᠡ ᠠᠵᠢᠯ ᠬᠢᠵᠤ ᠪᠠᠢ᠍ᠢ᠍ᠬᠰᠠᠨ ᠵᠶ᠋ᠠᠨ ᠤᠳᠤ ᠪᠠᠰᠠ ᠴᠠᠭ᠋ᠠᠨ ᠢᠳᠡᠭᠡ ᠬᠢᠬᠦ ᠮᠡᠷᠭᠡᠵᠢᠯ ᠰᠤᠷᠴᠤ ᠪᠠᠢ᠍ᠢ᠍ᠨ᠎ᠠ᠂ ᠵᠢᠯ᠎ᠤᠨ   ᠴᠠᠯᠢᠡᠭ 4 ᠲᠦᠮᠡ ᠤᠷᠴᠢᠮ ᠪᠠᠢ᠍ᠢ᠍ᠵᠤ᠂ ᠠᠮᠢᠳᠤᠷᠠᠯ ᠡᠳᠤᠷ᠎ᠠᠴᠠ ᠡᠳᠤᠷ ᠰᠠᠢ᠍ᠢ᠍ᠵᠢᠷᠠᠯ᠎ᠠ》 ᠭᠡᠵᠤ ᠪᠠᠶᠠᠷᠳᠠᠢ᠍ᠢ᠍ᠬᠠᠨ ᠭᠡᠯᠡᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ ᠲᠤᠪᠴᠢᠶ᠎ᠠ
          
ᠬᠠᠮᠢᠶ᠎ᠡ ᠪᠦᠬᠦᠢ ᠰᠣᠨᠢᠨ
ᠰᠢᠨᠵᠢᠯᠡᠬᠦ ᠤᠬᠠᠭ᠋ᠠᠨ ᠮᠡᠷᠭᠡᠵᠢᠯ᠎ᠤᠨ ᠡᠨᠧᠷᠭᠢ ᠣᠯᠭᠣᠬᠤ᠎ᠠᠴᠠ ᠬᠥᠳᠡᠭᠡ ᠲᠣᠰᠬᠣᠨ᠎ᠤ ᠠᠵᠤ ᠦᠢ᠍ᠯᠡᠰ ᠲᠦᠷᠭᠡᠰᠪᠡ
ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠡᠷᠴᠢᠮ ᠭᠦᠭ ᠵᠢᠡᠷ ᠤᠳᠤ ᠦᠶ᠎ᠡ ᠵᠢᠨ ᠬᠥᠳᠡᠭᠡ ᠠᠵᠤ ᠠᠬᠤᠢ᠎ᠨᠢ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ 《ᠪᠠᠶᠠᠵᠢᠯ᠎ᠤᠨ ᠲᠠᠭᠤ》 ᠵᠢ ᠬᠠᠩᠭᠢᠨᠠᠭᠤᠯᠵᠤ ᠪᠣᠢ
 
            