ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠪᠠᠶᠠᠵᠢᠯ᠎ᠤᠨ ᠬᠤᠰᠢᠭᠤᠴᠢ
ᠰᠣᠨᠢᠨ ᠮᠡᠳᠡᠭᠡ   -   ᠰᠤᠷᠪᠤᠯᠵᠢᠯᠠᠭ᠎ᠠ
ᠰᠦᠨ ᠭ᠋ᠸᠨ ᠵᠤ᠌ ᠵᠢᠨ ᠢᠳᠡᠭᠡᠯ ᠵᠤᠷᠢᠭ
ᠨᠡᠶ᠋ᠢᠲᠡᠯᠡᠭᠰᠡᠨ ᠴᠠᠭ᠄ 2020-12-24

      ᠡᠨᠡ ᠵᠢᠯ᠎ᠤᠨ ᠬᠠᠡᠭᠰᠢ᠎ᠠᠴᠠ ᠡᠮᠤᠨ᠎ᠠ ᠶᠠᠪᠤᠭᠳᠠᠭᠰᠠᠨ ᠵᠠᠯᠠᠢ᠍ᠢ᠍ᠳ ᠬᠤᠰᠢᠭᠤᠨ᠎ᠤ ᠠᠯᠳᠠᠷᠳᠤ ᠰᠤᠮᠤ ᠵᠢᠨ ᠶᠠᠳᠠᠭᠤ ᠬᠦᠴᠢᠷᠳᠠᠯ᠎ᠲᠠᠢ ᠤᠯᠠᠨ ᠲᠦᠮᠡᠨ᠎ᠤ ᠲᠠᠷᠢᠵᠤ ᠠᠷᠠᠴᠢᠯᠠᠬᠤ ᠲᠠᠵᠢᠭᠡᠨ ᠦᠷᠡᠵᠢᠬᠦᠯᠬᠦ ᠮᠡᠷᠭᠡᠵᠢᠯ ᠴᠢᠳᠠᠪᠤᠷᠢ ᠵᠢᠨ ᠪᠤᠯᠪᠠᠰᠤᠷᠠᠯ᠎ᠤᠨ ᠬᠤᠭᠤᠴᠠᠭ᠋ᠠᠨ᠎ᠳᠤ ᠰᠦᠨ ᠭ᠋ᠸᠨ ᠵᠤ᠌᠎ᠲᠠᠢ ᠠᠡᠭᠬ᠎ᠠ ᠤᠳᠠᠭ᠎ᠠ ᠠᠭᠤᠯᠵᠠᠭᠰᠠᠨ ᠶᠤᠮ᠃ ᠲᠠᠷᠢ ᠲᠡᠭᠰᠢᠭᠡᠨ ᠮᠦᠷᠳᠡᠭᠡᠨ ᠴᠡᠪᠡᠷ ᠴᠡᠮᠴᠡᠭᠡᠷ ᠡᠮᠤᠰᠦᠭᠰᠡᠨ ᠪᠦᠭᠡᠳ ᠠᠮᠠᠪᠴᠢ ᠵᠡᠬᠦᠵᠤ ᠪᠤᠯᠪᠠᠰᠤᠷᠠᠯ᠎ᠤᠨ ᠬᠢᠴᠢᠶᠠᠯ ᠵᠶ᠋ᠠᠨ ᠬᠢᠨᠠᠭᠤᠷ ᠰᠤᠨᠤᠰᠬᠤ᠎ᠪᠠᠷ ᠵᠢᠷᠭᠤᠭ᠋ᠠᠨ ᠵᠢᠯ᠎ᠤᠨ ᠡᠮᠤᠨᠡᠬᠢ ᠦᠰᠤ ᠭᠡᠵᠢᠭᠡ᠎ᠨᠢ ᠪᠤᠷᠵᠠᠢ᠍ᠢ᠍ᠵᠤ᠂ ᠡᠮᠤᠰᠭᠡᠯ ᠬᠤᠪᠴᠠᠰᠤ᠎ᠨᠢ ᠤᠨᠵᠠᠢ᠍ᠢ᠍ᠭᠰᠠᠨ ᠲᠠᠡᠭᠰᠠᠯᠠᠵᠤ ᠺᠠᠷᠳ᠋ᠯᠠᠭᠰᠠᠨ ᠶᠠᠳᠠᠭᠤ ᠬᠦᠴᠢᠷᠳᠠᠯ᠎ᠲᠠᠢ ᠰᠦᠨ ᠭ᠋ᠸᠨ ᠵᠤ᠌ ᠭᠡᠪᠠᠯ ᠢᠳᠡᠭᠡᠵᠤ ᠶᠠᠳᠠᠮᠠᠷ ᠡ!

      4 ᠰᠠᠷ᠎ᠠ ᠵᠢᠨ 18᠎ᠤ ᠡᠳᠤᠷ᠂ ᠰᠦᠨ ᠭ᠋ᠸᠨ ᠵᠤ᠌ ᠵᠢᠨ᠎ᠬᠢᠨ᠎ᠳᠤ ᠬᠦᠷᠤᠬᠦᠯᠠᠷ᠂ ᠲᠠᠷᠠ ᠮᠠᠯ᠎ᠤᠨ ᠫᠸᠡᠭ᠎ᠳᠡᠭᠡᠨ ᠦᠨᠢᠶ᠎ᠠ ᠲᠤᠭᠤᠯ ᠵᠶ᠋ᠠᠨ ᠲᠡᠵᠢᠭᠡᠵᠤ ᠪᠠᠢ᠍ᠢ᠍ᠵᠠᠢ᠃ 《ᠨᠢᠭᠡ ᠲᠤᠯᠤᠭ᠋ᠠᠢ᠂ ᠬᠤᠶᠠᠷ ᠲᠤᠯᠤᠭ᠋ᠠᠢ ᠁》 ᠰᠦᠨ ᠭ᠋ᠸᠨ ᠵᠤ᠌ ᠲᠤᠭᠤᠯ ᠵᠶ᠋ᠠᠨ ᠲᠤᠭ᠋ᠠᠯᠠᠬᠤ᠎ᠳᠤᠨᠢ ᠬᠠᠴᠠᠷ᠎ᠲᠤ᠎ᠨᠢ ᠪᠠᠶᠠᠷ᠎ᠤᠨ ᠢᠨᠢᠶᠠᠳᠤ ᠲᠤᠳᠤᠷᠠᠨ᠎ᠠ᠃ 《ᠡᠨᠡ ᠬᠤᠶᠠᠷ ᠡᠳᠤᠷ ᠰᠢᠶᠠᠡᠭ ᠲᠤᠰᠬᠤᠨ ᠬᠤᠶᠠᠷ ᠱᠠᠳᠤᠨ᠎ᠤ᠎ᠬᠢᠨ ᠪᠠᠯᠴᠢᠭᠡᠷᠯᠡᠬᠦᠯᠬᠦ ᠵᠢ ᠵᠤᠭᠰᠤᠭ᠋ᠠᠬᠤ ᠲᠤᠬᠠᠢ ᠤᠬᠠᠭᠤᠯᠭ᠎ᠠ ᠬᠢᠵᠤ ᠪᠠᠢ᠍ᠢ᠍ᠨ᠎ᠠ᠂ ᠪᠢ ᠤᠷᠢᠳᠠᠪᠡᠷ ᠭᠡᠳᠤᠨ ᠡᠳᠤᠷ ᠦᠨᠢᠶ᠎ᠠ ᠲᠤᠭᠤᠯ ᠵᠶ᠋ᠠᠨ ᠬᠠᠰᠢᠶᠠᠯᠠᠵᠤ ᠲᠠᠵᠢᠭᠡᠭᠰᠡᠨ ᠪᠠᠢ᠍ᠢ᠍ᠬᠤᠪ! ᠡᠪᠡᠰᠤ ᠪᠤᠷᠳᠤᠭ᠎ᠠ ᠡᠯᠪᠡᠭ ᠪᠠᠢ᠍ᠢ᠍ᠬᠤᠯᠠᠷ ᠰᠠᠨᠠᠭ᠋ᠠᠰᠢᠷᠠᠬᠤ ᠶᠠᠪᠤᠳᠠᠯ ᠠᠯᠠᠭ᠎ᠠ ᠳ᠋ᠠ᠂ ᠬᠠᠰᠢᠯᠠ ᠤᠨᠢᠨ ᠲᠡᠭᠡᠷ᠎ᠠ᠎ᠨᠢ ᠶᠠᠳᠠᠭᠤ ᠵᠢ ᠲᠠᠳᠬᠦᠬᠦ ᠲᠦᠷᠦ ᠵᠢᠨ ᠪᠤᠳᠤᠯᠭ᠎ᠠ ᠰᠠᠢ᠍ᠢ᠍ᠨ᠂ ᠦᠨᠤᠳᠤᠷ᠎ᠤᠨ ᠪᠠᠶᠠᠨ ᠴᠢᠨᠡᠭᠡᠯᠢᠭ ᠠᠮᠢᠳᠤᠷᠠᠯ᠎ᠢ ᠠᠪᠴᠢᠷᠠᠵᠤ ᠦᠭᠬᠦᠯ᠎ᠠ》 ᠭᠡᠵᠤ 53 ᠨᠠᠰᠤᠳᠠᠢ ᠰᠦᠨ ᠭ᠋ᠸᠨ ᠵᠤ᠌ ᠢᠳᠡᠭᠡᠯ ᠲᠠᠬᠦᠯᠳᠡᠷ ᠭᠡᠯᠡᠨ᠎ᠠ᠃

      ᠰᠦᠨ ᠭ᠋ᠸᠨ ᠵᠤ᠌ ᠭᠡᠵᠤ ᠵᠠᠯᠠᠢ᠍ᠢ᠍ᠳ ᠬᠤᠰᠢᠭᠤᠨ᠎ᠤ ᠠᠯᠳᠠᠷᠳᠤ ᠰᠤᠮᠤ ᠵᠢᠨ ᠬᠠᠷ᠎ᠠ ᠠᠭᠤᠯᠠ ᠭᠠᠴᠠᠭ᠎ᠠ ᠵᠢᠨ ᠬᠦᠮᠤᠨ᠂ ᠪᠦᠰᠡᠬᠦᠢ ᠵᠠᠡᠭ ᠬᠤᠸᠠ᠎ᠨᠢ ᠭᠡᠷᠤᠬᠦ ᠴᠢᠨᠠᠷᠳᠠᠢ ᠦᠶ᠎ᠠ ᠭᠡᠰᠢᠬᠦᠤ ᠵᠢᠨ ᠦᠷᠪᠢᠰᠤᠯ᠎ᠳᠤ ᠨᠡᠷᠪᠡᠭᠳᠡᠭᠰᠡᠨ ᠪᠤᠯᠬᠤᠷ ᠬᠦᠨᠳᠤ ᠬᠦᠳᠡᠯᠮᠤᠷᠢ᠎ᠳᠤ ᠤᠷᠤᠯᠴᠠᠵᠤ ᠲᠠᠢ᠍ᠢ᠍ᠯᠬᠦ ᠦᠭᠡᠢ᠂ ᠭᠡᠤᠭᠡᠨ᠎ᠨᠢ ᠪᠠᠰᠠ ᠰᠤᠷᠭ᠋ᠠᠭᠤᠯᠢ᠎ᠳᠤ ᠰᠤᠷᠤᠯᠴᠠᠵᠤ ᠪᠠᠢ᠍ᠢ᠍ᠬᠤᠯᠠᠷ 2014 ᠤᠨ᠎ᠳᠤ ᠲᠠᠡᠭᠰᠠᠯᠠᠵᠤ ᠺᠠᠷᠳ᠋ᠯᠠᠭᠰᠠᠨ ᠶᠠᠳᠠᠭᠤ ᠬᠦᠴᠢᠷᠳᠠᠯ᠎ᠲᠠᠢ ᠡᠷᠤᠭᠡ ᠵᠢᠨ ᠡᠡᠭᠨᠡᠭᠡ᠎ᠳᠤ ᠵᠢᠬᠰᠠᠭ᠋ᠠᠭᠳᠠᠭᠰᠠᠨ ᠪᠠᠢ᠍ᠢ᠍ᠨ᠎ᠠ᠃ 《ᠲᠤᠬᠠᠢ ᠵᠢᠨ ᠦᠶ᠎ᠠ᠎ᠳᠤ ᠠᠵᠤ ᠦᠢ᠍ᠯᠡᠰ᠎ᠤᠨ ᠬᠦᠭᠵᠢᠯᠳᠠ᠎ᠳᠤ ᠢᠳᠡᠭᠡᠯ ᠠᠨᠠᠢ᠂ ᠬᠠᠮᠤᠭ ᠬᠦᠴᠢᠷᠳᠠᠯ᠎ᠲᠠᠢ ᠦᠶ᠎ᠠ᠎ᠳᠤ ᠰᠢᠳᠤ᠎ᠪᠠᠨ ᠵᠠᠭᠤᠨ ᠲᠠᠰᠪᠤᠷᠢᠯᠡᠵᠤ᠂ ᠠᠮᠢᠳᠤᠷᠠᠯ ᠮᠠᠰᠢ ᠬᠦᠴᠢᠷᠳᠠᠢ ᠪᠠᠢ᠍ᠢ᠍ᠭᠰᠠᠨ》 ᠭᠡᠵᠤ ᠰᠦᠨ ᠭ᠋ᠸᠨ ᠵᠤ᠌ ᠦᠡᠭᠭᠡᠷᠡᠭᠰᠡᠨ ᠵᠶ᠋ᠠᠨ ᠡᠷᠬᠢᠴᠡᠬᠦᠯᠤᠨ ᠭᠡᠯᠡᠨ᠎ᠠ᠃ ᠰᠦᠨ ᠭ᠋ᠸᠨ ᠵᠤ᠌ ᠵᠢᠨ᠎ᠬᠢᠨ ᠰᠢᠶᠠᠡᠭ ᠲᠤᠰᠬᠤᠨ᠎ᠤ ᠬᠤᠶᠠᠷ ᠱᠠᠳᠤᠨ᠎ᠤ ᠵᠢᠯᠤᠭᠤᠳᠤᠯᠭ᠎ᠠ ᠪᠠ ᠵᠤᠷᠢᠭᠵᠢᠭᠤᠯᠤᠯ ᠲᠤᠤᠷ᠎ᠠ᠂ ᠤᠨᠢᠨ ᠲᠡᠭᠡᠷ᠎ᠠ᠎ᠨᠢ ᠶᠠᠳᠠᠭᠤ ᠵᠢ ᠲᠠᠳᠬᠦᠬᠦ ᠡᠯ᠎ᠠ ᠵᠦᠢ᠍ᠯ᠎ᠤᠨ ᠲᠦᠷᠦ ᠵᠢᠨ ᠪᠤᠳᠤᠯᠭ᠎ᠠ᠎ᠪᠠᠷ ᠲᠠᠮᠵᠢᠨ᠂ ᠭᠡᠤᠭᠡᠨ᠎ᠨᠢ ᠦᠪᠤᠷ ᠮᠤᠡᠭᠭᠤᠯ᠎ᠤᠨ ᠠᠨᠠᠭ᠋ᠠᠬᠤ ᠤᠬᠠᠭ᠋ᠠᠨ᠎ᠤ ᠶᠡᠭᠡ ᠰᠤᠷᠭ᠋ᠠᠭᠤᠯᠢ᠎ᠳᠤ ᠡᠯᠰᠡᠭᠳᠡᠵᠤ᠂ ᠵᠢᠯ ᠪᠦᠷᠢ ᠰᠤᠷᠭ᠋ᠠᠨ ᠬᠦᠮᠦᠵᠢᠯ᠎ᠤᠨ ᠨᠦᠬᠦᠪᠤᠷᠢ ᠬᠦᠷᠳᠡᠭᠡᠵᠤ ᠪᠠᠢ᠍ᠢ᠍ᠳᠠᠭ᠃ ᠵᠠᠬᠢᠶᠠᠯᠠᠭ᠎ᠠ ᠵᠢᠨ ᠭᠡᠯᠪᠡᠷᠢ ᠵᠢᠨ ᠠᠵᠤ ᠦᠢ᠍ᠯᠡᠰ ᠵᠶ᠋ᠠᠷ ᠶᠠᠳᠠᠭᠤ ᠵᠢ ᠲᠠᠳᠬᠦᠬᠦ᠎ᠪᠠᠷ ᠲᠠᠮᠵᠢᠭᠤᠯᠤᠨ ᠰᠦᠨ ᠭ᠋ᠸᠨ ᠵᠤ᠌ ᠵᠢᠨ᠎ᠬᠢᠨ 4 ᠦᠨᠢᠶ᠎ᠠ ᠬᠤᠪᠢᠶᠠᠨ ᠤᠯᠵᠠᠢ᠃ ᠡᠬᠦᠨ᠎ᠳᠤ ᠰᠦᠨ ᠭ᠋ᠸᠨ ᠵᠤ᠌ ᠪᠦᠰᠡᠬᠦᠢ᠎ᠲᠠᠢ᠎ᠪᠠᠨ ᠬᠤᠶᠠᠭᠤᠯᠠ ᠨᠠᠷᠢᠨ ᠨᠢᠮᠪᠠᠢ ᠠᠷᠠᠴᠢᠯᠠᠨ ᠲᠠᠵᠢᠭᠡᠭᠰᠡᠨ᠎ᠤ ᠬᠤᠪᠢ᠎ᠳᠤ᠂ ᠤᠳᠤ 4 ᠦᠨᠢᠶ᠎ᠠ᠎ᠨᠢ 23 ᠪᠤᠯᠤᠨ ᠦᠷᠡᠵᠢᠵᠤ᠂ ᠪᠤᠢ᠍ᠬᠦ ᠲᠤᠰᠬᠤᠨ᠎ᠤ ᠦᠨᠢᠶ᠎ᠠ ᠲᠡᠵᠢᠭᠡᠬᠦ ᠲᠠᠭ᠋ᠠᠭᠤᠯᠤᠭᠴᠢ ᠪᠤᠯᠤᠭᠰᠠᠨ ᠪᠠᠢ᠍ᠢ᠍ᠨ᠎ᠠ᠃ 《ᠰᠦᠨᠢ ᠵᠢᠨ ᠵᠡᠬᠦᠳᠤᠨ᠎ᠤ ᠤᠷᠤᠬᠤ ᠦᠭᠡᠢ》᠂ 《ᠠᠮᠠᠷᠬᠠᠨ ᠶᠠᠪᠤᠳᠠᠯ ᠪᠢᠰᠢ》᠂ 《ᠨᠠᠮ᠎ᠲᠠᠭᠠᠨ ᠲᠠᠯᠠᠷᠬᠠᠨ᠎ᠠ》 ᠡᠳᠡᠭᠡᠷ᠎ᠨᠢ ᠡᠳᠡᠭᠡᠷ ᠵᠢᠯ᠎ᠳᠤ ᠲᠠᠬᠦᠨ᠎ᠤ ᠭᠡᠯᠡᠭᠰᠡᠨ ᠬᠠᠮᠤᠭ ᠤᠯᠠᠨ ᠦᠭᠡ ᠪᠤᠯᠬᠤ ᠠᠵᠢ᠃

     《ᠡᠬᠢᠯᠠᠡᠭᠬᠦᠳᠠ ᠦᠨᠢᠶ᠎ᠠ ᠲᠠᠵᠢᠭᠡᠬᠦ ᠲᠠᠯ᠎ᠠ᠎ᠪᠠᠷ ᠲᠤᠷᠰᠢᠯᠭ᠎ᠠ ᠭᠡᠵᠤ ᠪᠠᠢ᠍ᠢ᠍ᠬᠤ ᠦᠭᠡᠢ᠂ ᠪᠤᠳᠤᠯ ᠰᠡᠳᠬᠢᠯ᠎ᠳᠡᠭᠡᠨ ᠮᠠᠰᠢ ᠲᠦᠪᠡᠭᠳᠡᠵᠤ ᠪᠠᠢ᠍ᠢ᠍ᠬᠰᠠᠨ᠃ ᠰᠡᠬᠦᠯᠠᠷ᠎ᠨᠢ ᠰᠢᠶᠠᠡᠭ ᠲᠤᠰᠬᠤᠨ᠎ᠤ ᠬᠤᠶᠠᠷ ᠱᠠᠳᠤᠨ᠎ᠤ ᠺᠠᠳ᠋ᠷᠴᠤᠳ ᠮᠠᠨ᠎ᠤ ᠭᠡᠷ᠎ᠲᠤ ᠢᠷᠡᠵᠤ ᠵᠢᠭ᠋ᠠᠨ ᠵᠢᠯᠤᠭᠤᠳᠤᠭᠰᠠᠨ ᠪᠦᠭᠡᠳ ᠰᠤᠮᠤ ᠵᠢᠨ ᠮᠠᠯ ᠠᠵᠤ ᠠᠬᠤᠢ ᠵᠢᠨ ᠦᠷᠳᠡᠭᠡ ᠪᠠ ᠠᠵᠢᠯ ᠤᠢ᠍ᠢ᠍ᠯᠡᠰ᠎ᠤᠨ ᠵᠢᠭ᠋ᠠᠨ ᠵᠢᠯᠤᠭᠤᠳᠤᠭᠴᠢ ᠦᠷᠬᠦᠯᠵᠢ ᠭᠡᠷ ᠵᠶ᠋ᠠᠷ ᠢᠷᠡᠵᠤ ᠵᠢᠭ᠋ᠠᠨ ᠵᠢᠯᠤᠭᠤᠳᠤᠯᠭ᠎ᠠ ᠬᠢᠳᠡᠭ᠃ ᠰᠤᠮᠤ᠎ᠠᠴᠠ ᠡᠷᠬᠢᠯᠡᠭᠰᠡᠨ ᠮᠠᠯ ᠠᠵᠤ ᠠᠬᠤᠢ ᠲᠠᠷᠢᠶᠠᠯᠠᠡᠭ᠎ᠤᠨ ᠮᠡᠷᠭᠡᠵᠢᠯ ᠴᠢᠳᠠᠪᠤᠷᠢ ᠵᠢᠨ ᠪᠤᠯᠪᠠᠰᠤᠷᠠᠯ᠎ᠳᠤ ᠠᠡᠭᠬᠢ᠎ᠳᠤ ᠪᠢ ᠬᠤᠭᠤᠴᠠᠭ᠎ᠠ ᠪᠤᠯᠭ᠋ᠠᠨ ᠤᠷᠤᠯᠴᠠᠭ᠋ᠠᠳ ᠮᠠᠰᠢ ᠤᠯᠠᠨ ᠮᠡᠷᠭᠡᠵᠢᠯ ᠡᠵᠡᠮᠰᠢᠭᠰᠡᠨ ᠰᠢᠤ᠂ ᠤᠳᠤ ᠬᠠᠷᠢᠨ ᠠᠢ᠍ᠢ᠍ᠯ ᠰᠠᠭ᠋ᠠᠬᠠᠯᠳᠠ ᠵᠢᠨ᠎ᠬᠢᠨ ᠵᠶ᠋ᠠᠨ ᠵᠢᠭ᠋ᠠᠨ ᠵᠢᠯᠤᠭᠤᠳᠬᠤ ᠪᠤᠯᠤᠭᠰᠠᠨ ᠰᠢᠤ》 ᠭᠡᠵᠤ ᠰᠦᠨ ᠭ᠋ᠸᠨ ᠵᠤ᠌ ᠭᠡᠯᠡᠬᠦ ᠵᠢᠨ ᠲᠠᠭ᠋ᠠᠤ ᠮᠠᠯ᠎ᠤᠨ ᠫᠸᠡᠭ ᠵᠶ᠋ᠠᠨ ᠠᠷᠢᠭᠤᠳᠬᠠᠨ᠎ᠠ᠃

      ᠰᠦᠨ ᠭ᠋ᠸᠨ ᠵᠤ᠌ ᠦᠪᠡᠷ᠎ᠤᠨ ᠴᠢᠷᠮᠠᠢ᠍ᠢ᠍ᠯᠭ᠎ᠠ᠎ᠪᠠᠷ ᠵᠶ᠋ᠠᠨ ᠬᠤᠷᠠᠮᠳᠤᠭᠤᠯᠤᠭᠰᠠᠨ ᠦᠨᠢᠶ᠎ᠠ ᠲᠠᠵᠢᠭᠡᠬᠦ ᠮᠠᠷᠭᠡᠵᠢᠯ ᠪᠠ ᠨᠠᠷᠢᠯᠢᠵᠢᠭᠤᠯᠤᠭᠰᠠᠨ ᠬᠠᠮᠢᠶᠠᠷᠤᠯᠳᠠ᠎ᠪᠠᠷ ᠲᠠᠮᠵᠢᠨ᠂ ᠲᠠᠬᠦᠨ᠎ᠤ ᠭᠡᠷ ᠪᠦᠯᠢ ᠵᠢᠨ᠎ᠬᠢᠨ᠎ᠤ ᠵᠢᠯ ᠲᠤᠮᠳᠠᠴᠢ ᠵᠢᠨ ᠴᠡᠪᠡᠷ ᠤᠷᠤᠯᠭ᠎ᠠ᠎ᠨᠢ 2014 ᠤᠨ᠎ᠳᠤ 2780 ᠲᠦᠬᠦᠷᠢᠭ ᠪᠠᠢ᠍ᠢ᠍ᠭᠰᠠᠨ᠎ᠠᠴᠠ᠎ᠪᠠᠨ 2019 ᠤᠨ ᠪᠤᠯᠬᠤ᠎ᠳᠤ 13938.93 ᠲᠦᠬᠦᠷᠢᠭ ᠪᠤᠯᠵᠤ᠂ ᠶᠠᠳᠠᠭᠤ᠎ᠠᠴᠠ ᠠᠡᠭᠬᠢᠵᠢᠷᠠᠭᠰᠠᠨ ᠵᠶ᠋ᠠᠷ ᠪᠠᠷᠠᠬᠤ ᠦᠭᠡᠢ ᠲᠤᠰᠬᠤᠨ᠎ᠳᠠᠭᠠᠨ ᠲᠠᠵᠢᠭᠡᠵᠤ ᠦᠷᠡᠵᠢᠬᠦᠯᠬᠦ ᠲᠠᠭ᠋ᠠᠭᠤᠯᠤᠭᠴᠢ ᠡᠷᠤᠭᠡ ᠭᠡᠵᠤ ᠠᠯᠳᠠᠷᠰᠢᠬᠰᠠᠨ ᠪᠠᠢ᠍ᠢ᠍ᠨ᠎ᠠ᠃ 2019 ᠤᠨ᠎ᠤ ᠰᠡᠬᠦᠯᠴᠢ ᠪᠤᠯᠳᠠᠯ᠎ᠠ᠂ ᠠᠯᠳᠠᠷᠳᠤ ᠰᠤᠮᠤ ᠵᠢᠨ ᠬᠠᠷ᠎ᠠ ᠠᠭᠤᠯᠠ ᠭᠠᠴᠠᠭ᠎ᠠ ᠵᠢᠨ 36 ᠡᠷᠤᠭᠡ 106 ᠬᠦᠮᠤᠨ ᠶᠠᠳᠠᠭᠤ᠎ᠠᠴᠠ ᠠᠡᠭᠬᠢᠵᠢᠷᠠᠵᠤ᠂ ᠪᠦᠬᠦ ᠲᠤᠰᠬᠤᠨ ᠵᠶ᠋ᠠᠷ ᠵᠶ᠋ᠠᠨ ᠶᠠᠳᠠᠭᠤ᠎ᠠᠴᠠ ᠠᠡᠭᠬᠢᠵᠢᠷᠠᠭᠰᠠᠨ ᠪᠠᠢ᠍ᠢ᠍ᠨ᠎ᠠ᠃

     《ᠬᠠᠳᠠᠭᠤᠵᠢᠯᠳᠠᠢ ᠠᠵᠢᠯᠯᠠᠳᠠᠭ ᠯᠠ ᠪᠤᠯ ᠦᠪᠡᠷ᠎ᠤᠨ ᠬᠤᠶᠠᠷ ᠭᠠᠷ ᠵᠶ᠋ᠠᠷ ᠵᠶ᠋ᠠᠨ ᠶᠠᠳᠠᠭᠤ᠎ᠠᠴᠠ ᠠᠡᠭᠬᠢᠵᠢᠷᠠᠨ ᠪᠠᠶᠠᠨ ᠴᠢᠨᠡᠭᠡᠯᠢᠭ ᠠᠮᠢᠳᠤᠷᠠᠯ ᠡᠳ᠋ᠯᠡᠵᠤ ᠪᠤᠯᠤᠨ᠎ᠠ᠂ ᠨᠠᠮ᠎ᠤᠨ ᠬᠤᠷᠢᠶ᠎ᠠ ᠵᠠᠰᠠᠭ᠎ᠤᠨ ᠤᠷᠳᠤᠨ᠂ ᠲᠤᠰᠬᠤᠨ᠎ᠳᠤ ᠰᠠᠭᠤᠭ᠎ᠠ ᠶᠠᠳᠠᠭᠤ ᠵᠢ ᠲᠠᠳᠬᠦᠬᠦ ᠠᠵᠢᠯᠯᠠᠬᠤ ᠠᠡᠭᠬᠢ ᠵᠢᠨ ᠬᠠᠢ᠍ᠢ᠍ᠷ᠎ᠠ ᠬᠠᠯᠠᠮᠵᠢᠯᠠᠯ ᠪᠠ ᠬᠠᠪᠰᠤᠷᠤᠯᠭ᠎ᠠ ᠲᠠᠮᠵᠢᠯᠭᠡ᠎ᠳᠤ ᠴᠢᠡᠭ ᠰᠡᠳᠬᠢᠯ᠎ᠠᠴᠠ᠎ᠪᠠᠨ ᠲᠠᠯᠠᠷᠬᠠᠵᠤ ᠪᠠᠢ᠍ᠢ᠍ᠨ᠎ᠠ》 ᠭᠡᠵᠤ ᠰᠦᠨ ᠭ᠋ᠸᠨ ᠵᠤ᠌ ᠪᠠᠶᠠᠷᠳᠠᠢ᠍ᠢ᠍ᠬᠠᠨ ᠭᠡᠯᠡᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ ᠲᠤᠪᠴᠢᠶ᠎ᠠ
          
ᠬᠠᠮᠢᠶ᠎ᠡ ᠪᠦᠬᠦᠢ ᠰᠣᠨᠢᠨ
 ᠪᠠᠶᠠᠵᠢᠯ᠎ᠤᠨ ᠲᠠᠭ᠋ᠠᠭᠤᠯᠤᠭᠴᠢ ᠪᠤᠯᠠᠭ᠎ᠤᠨ᠎ᠬᠢᠨ
ᠰᠢᠨᠵᠢᠯᠡᠬᠦ ᠤᠬᠠᠭ᠋ᠠᠨ ᠮᠡᠷᠭᠡᠵᠢᠯ᠎ᠤᠨ ᠡᠨᠧᠷᠭᠢ ᠣᠯᠭᠣᠬᠤ᠎ᠠᠴᠠ ᠬᠥᠳᠡᠭᠡ ᠲᠣᠰᠬᠣᠨ᠎ᠤ ᠠᠵᠤ ᠦᠢ᠍ᠯᠡᠰ ᠲᠦᠷᠭᠡᠰᠪᠡ
ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠡᠷᠴᠢᠮ ᠭᠦᠭ ᠵᠢᠡᠷ ᠤᠳᠤ ᠦᠶ᠎ᠡ ᠵᠢᠨ ᠬᠥᠳᠡᠭᠡ ᠠᠵᠤ ᠠᠬᠤᠢ᠎ᠨᠢ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ 《ᠪᠠᠶᠠᠵᠢᠯ᠎ᠤᠨ ᠲᠠᠭᠤ》 ᠵᠢ ᠬᠠᠩᠭᠢᠨᠠᠭᠤᠯᠵᠤ ᠪᠣᠢ
 
            