ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠰᠢᠢ᠍ᠳᠪᠦᠷᠢᠲᠦ ᠲᠠᠢ᠌ᠨ᠎ᠤ ᠢᠯᠡᠯᠲᠡ ᠵᠢ ᠲᠡᠮᠡᠴᠡᠨ ᠤᠯᠬᠤ ᠲᠠᠰᠢᠷᠠᠮ᠎ᠳᠤ᠂ ᠲᠥᠪ᠎ᠤᠨ ᠤᠬᠠᠭᠤᠯᠬᠤ ᠬᠡᠯᠲᠡᠰ ᠪᠦᠬᠦ ᠨᠡᠢ᠌ᠬᠡᠮ᠎ᠳᠤ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠡᠮᠦᠨ᠎ᠡ ᠹᠷᠣᠨᠲ᠎ᠤᠨ ᠰᠢᠯᠢᠳᠡᠭ ᠨᠠᠮ᠎ᠤᠨ ᠭᠡᠰᠢᠭᠦᠨ ᠺᠠᠳ᠋ᠷ ᠬᠤᠸᠠᠩ ᠱ᠌ᠢ ᠶᠠᠨ᠂ ᠮᠤᠤ ᠰᠢᠶᠠᠩ ᠯᠢᠨ᠎ᠤ ᠲᠡᠷᠢᠭᠦᠨ᠎ᠤ ᠦᠢ᠍ᠯᠡ ᠠᠵᠢᠯᠯᠠᠭ᠎ᠠ ᠵᠢ ᠤᠬᠠᠭᠤᠯᠤᠨ ᠨᠡᠢ᠌ᠳᠡᠯᠡᠵᠦ᠂ 《ᠴᠠᠭ ᠦᠶ᠎ᠡ ᠵᠢᠨ ᠬᠡᠪ ᠳᠠᠭᠤᠷᠢᠶᠠᠯ》 ᠭᠡᠬᠦ ᠢᠷᠠᠭᠤ ᠠᠯᠳᠠᠷ᠎ᠢ ᠤᠯᠭᠤᠪᠠ᠃
ᠬᠤᠸᠠᠩ ᠱ᠌ᠢ ᠶᠠᠨ ᠠᠮᠢᠳᠤ ᠪᠠᠶ᠋ᠢᠬᠤ᠎ᠳᠠᠭᠠᠨ ᠬᠤᠨᠠᠨ ᠮᠤᠵᠢ ᠵᠢᠨ ᠵᠦᠵᠧᠦ ᠬᠣᠲᠠ ᠵᠢᠨ ᠤᠯᠤᠰ ᠲᠥᠷᠥ ᠵᠢᠨ ᠵᠥᠪᠯᠡᠯᠭᠡᠨ᠎ᠤ ᠳᠡᠳ᠋ ᠲᠡᠷᠢᠭᠦᠯᠡᠭᠴᠢ᠂ ᠶᠠᠨ ᠯᠢᠩ ᠰᠢᠶᠠᠨ᠎ᠤ ᠨᠠᠮ᠎ᠤᠨ ᠬᠣᠷᠢᠶᠠᠨ᠎ᠤ ᠱᠦᠵᠢ ᠵᠢᠨ ᠲᠤᠰᠢᠶᠠᠯ᠎ᠢ ᠬᠠᠷᠢᠭᠤᠴᠠᠵᠤ ᠪᠠᠢ᠌ᠪᠠ᠂ 2019 ᠣᠨ᠎ᠤ 11 ᠰᠠᠷ᠎ᠠ᠎ᠳᠤ ᠠᠯᠪᠠᠨ ᠶᠠᠪᠤᠳᠠᠯ ᠵᠶ᠋ᠠᠷ ᠨᠠᠰᠤ ᠪᠠᠷᠠᠪᠠ᠃ ᠲᠤᠬᠠᠢ ᠵᠢᠨ ᠵᠢᠯ 56 ᠨᠠᠰᠣᠳᠠᠢ᠃ ᠲᠡᠷᠡ ᠢᠮᠠᠭᠲᠠ ᠠᠷᠠᠳ ᠲᠦᠮᠡᠨ ᠵᠶ᠋ᠠᠷ ᠭᠣᠣᠯ ᠪᠣᠯᠭ᠋ᠠᠬᠤ ᠬᠥᠭᠵᠢᠯᠲᠡ ᠵᠢᠨ ᠦᠵᠡᠯ ᠰᠠᠨᠠᠭ᠎ᠠ ᠵᠢ ᠪᠠᠷᠢᠮᠳᠠᠯᠠᠵᠦ᠂ ᠦᠨᠳᠦᠰᠦᠨ ᠱᠠᠲᠤᠨ᠎ᠤ ᠨᠢᠭᠡᠳᠦᠭᠡᠷ ᠹᠷᠣᠨᠲ᠎ᠲᠤ ᠭᠦᠨᠵᠡᠭᠡᠢ᠌ᠷᠡᠵᠦ᠂ ᠠᠵᠢᠯ᠎ᠤᠨ ᠬᠦᠨᠳᠦ ᠡᠭᠦᠷᠭᠡ ᠵᠢ ᠵᠣᠷᠢᠭᠲᠠᠢ ᠡᠭᠦᠷᠭᠡᠯᠡᠵᠦ᠂ ᠶᠢᠰᠦᠨ ᠵᠢᠯ᠎ᠢ ᠨᠢᠭᠡ ᠯᠡ ᠡᠳᠦᠷ ᠮᠡᠳᠦ ᠦᠩᠭᠡᠷᠡᠬᠡᠵᠦ᠂ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠭᠣᠣᠯ ᠳᠠᠢ᠍ᠯᠠᠯᠳᠤᠭ᠋ᠠᠨᠤ ᠲᠠᠯᠠᠪᠤᠷ᠎ᠲᠤ ᠠᠵᠢᠯᠯᠠᠨ᠂ ᠣᠨᠴᠠᠯᠢᠭᠲᠤ ᠠᠵᠤ ᠦᠢ᠍ᠯᠡᠰ᠎ᠢ ᠬᠥᠭᠵᠢᠭᠦᠯᠦᠨ᠂ ᠲᠠᠷᠢᠶᠠᠴᠢᠳ᠎ᠤᠨ ᠣᠷᠤᠯᠭ᠎ᠠ ᠵᠢ ᠨᠡᠮᠡᠭᠳᠡᠭᠦᠯᠵᠦ᠂ ᠠᠷᠠᠳ᠎ᠤᠨ ᠠᠮᠢᠳᠤᠷᠠᠯ᠎ᠤᠨ ᠬᠦᠴᠢᠷ ᠠᠰᠠᠭᠤᠳᠠᠯ᠎ᠢ ᠰᠢᠢ᠍ᠳᠪᠦᠷᠢᠯᠡᠨ᠂ ᠵᠣᠯ ᠵᠢᠷᠭ᠋ᠠᠯ᠎ᠤᠨ ᠵᠢᠭ᠋ᠠᠯᠲᠠ ᠲᠣᠭ᠎ᠠ ᠵᠢ ᠳᠡᠭᠡᠭᠰᠢᠯᠡᠭᠦᠯᠵᠦ᠂ ᠠᠰᠠᠭᠤᠳᠠᠯ᠎ᠢ ᠲᠠᠰᠤᠷᠠᠯᠲᠠ ᠦᠭᠡᠢ ᠰᠢᠢ᠍ᠳᠪᠦᠷᠢᠯᠡᠵᠦ᠂ ᠬᠦᠴᠢᠷ ᠠᠰᠠᠭᠤᠳᠠᠯ᠎ᠢ ᠰᠢᠢ᠍ᠳᠪᠦᠷᠢᠯᠡᠨ᠂ ᠠᠵᠢᠯ ᠬᠢᠬᠦ ᠵᠢ ᠪᠣᠳᠤᠯᠬᠢᠯᠠᠵᠤ᠂ ᠠᠵᠢᠯ ᠦᠢ᠍ᠯᠡᠰ ᠪᠦᠲᠦᠭᠡᠬᠦ ᠵᠢ ᠪᠣᠳᠤᠯᠬᠢᠯᠠᠨ᠂ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠦᠢ᠍ᠯᠡᠰ᠎ᠲᠤ ᠴᠦᠭᠦᠷᠦᠯ ᠦᠭᠡᠢ ᠴᠢᠷᠮᠠᠢ᠍ᠵᠤ᠂ ᠶᠠᠨ ᠯᠢᠩ ᠰᠢᠶᠠᠨ᠎ᠢ ᠬᠤᠨᠠᠨ ᠮᠤᠵᠢ ᠵᠢᠨ ᠠᠩᠬᠠᠳᠤᠭ᠋ᠠᠷ ᠪᠦᠯᠦᠭ ᠤᠯᠤᠰ᠎ᠤᠨ ᠲᠠᠰ᠎ᠤᠨ ᠶᠠᠳᠠᠭᠤ ᠬᠦᠴᠢᠷᠲᠡᠢ ᠰᠢᠶᠠᠨ᠎ᠠᠴᠠ ᠠᠩᠭᠢᠵᠢᠷᠠᠭᠤᠯᠤᠨ᠂ ᠶᠠᠳᠠᠭᠤ ᠬᠣᠴᠤᠷᠤᠩᠭᠤᠢ ᠳᠦᠷᠰᠦ ᠪᠠᠢ᠍ᠳᠠᠯ᠎ᠢ ᠬᠤᠪᠢᠷᠠᠭᠤᠯᠵᠤ᠂ ᠠᠵᠢᠯ᠎ᠤᠨ ᠪᠣᠳᠠᠲᠤ ᠪᠦᠲᠦᠮᠵᠢ᠎ᠪᠠᠷ ᠵᠶ᠋ᠠᠨ ᠰᠢᠨ᠎ᠡ ᠴᠠᠭ ᠦᠶ᠎ᠡ ᠵᠢᠨ ᠰᠠᠢ᠍ᠨ ᠺᠠᠳ᠋ᠷ᠎ᠤᠨ ᠪᠠᠷᠢᠮᠵᠢᠶ᠎ᠠ ᠵᠢ ᠦᠢ᠍ᠯᠡᠳᠦᠯᠭᠡᠵᠢᠭᠦᠯᠵᠦ᠂ ᠰᠢᠷᠭ᠋ᠠᠭᠤ ᠬᠠᠲᠠᠭᠤᠵᠢᠯᠲᠠᠢ᠎ᠪᠠᠷ ᠪᠣᠳᠠᠲᠠᠢ ᠠᠵᠢᠯᠯᠠᠵᠤ ᠺᠠᠳ᠋ᠷ ᠣᠯᠠᠨ ᠲᠦᠮᠡᠨ᠎ᠤ ᠮᠠᠭᠲᠠᠭ᠋ᠠᠯ ᠰᠠᠶ᠋ᠢᠰᠢᠶᠠᠯ᠎ᠢ ᠣᠯᠵᠤ᠂ ᠡᠷᠬᠢᠮ ᠨᠠᠨᠳᠢᠨ ᠠᠮᠢ ᠨᠠᠰᠤ᠎ᠪᠠᠷ ᠵᠶ᠋ᠠᠨ ᠡᠪ ᠬᠠᠮᠲᠤ ᠨᠠᠮ᠎ᠤᠨ ᠭᠡᠰᠢᠭᠦᠨ᠎ᠤ ᠤᠭ ᠰᠠᠨᠠᠭ᠎ᠠ ᠪᠠ ᠡᠭᠦᠷᠭᠡ ᠬᠠᠷᠢᠭᠤᠴᠠᠯᠭ᠎ᠠ ᠵᠢ ᠢᠯᠡᠷᠡᠬᠦᠯᠵᠦ᠂ 《ᠪᠦᠬᠦ ᠤᠯᠤᠰ᠎ᠤᠨ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠵᠢᠱ᠌ᠢᠶᠡᠴᠢ》᠂ 《ᠬᠤᠨᠠᠨ ᠮᠤᠵᠢ ᠵᠢᠨ ᠰᠢᠯᠢᠳᠡᠭ ᠡᠪ ᠬᠠᠮᠲᠤ ᠨᠠᠮ᠎ᠤᠨ ᠭᠡᠰᠢᠭᠦᠨ》 ᠵᠶ᠋ᠠᠷ ᠨᠡᠬᠡᠨ ᠦᠨᠡᠯᠡᠭᠳᠡᠵᠡᠢ᠃
ᠮᠤᠤ ᠰᠢᠶᠠᠩ ᠯᠢᠨ ᠣᠳᠣ ᠴᠦᠩᠴᠢᠩ ᠬᠣᠲᠠ ᠵᠢᠨ ᠡᠤ ᠱᠠᠨ ᠰᠢᠶᠠᠨ᠎ᠤ ᠵᠦ᠍ ᠰᠢᠶᠠᠨ ᠰᠢᠶᠠᠩ᠎ᠤᠨ ᠰᠢᠶᠠ ᠵᠤᠸᠠᠩ ᠲᠣᠰᠬᠣᠨ᠎ᠤ ᠵᠥᠪᠯᠡᠯ᠎ᠤᠨ ᠡᠷᠬᠢᠯᠡᠭᠴᠢ ᠵᠢᠨ ᠲᠤᠰᠢᠶᠠᠯ᠎ᠢ ᠡᠭᠦᠷᠭᠡᠯᠡᠵᠦ ᠪᠠᠶ᠋ᠢᠨ᠎ᠠ᠃ 43 ᠵᠢᠯ᠎ᠤᠨ ᠲᠤᠷᠰᠢ ᠲᠡᠷᠡ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠂ ᠪᠤᠶ᠋ᠢᠳᠠ ᠪᠥᠭᠯᠡᠭᠦᠦ ᠠᠭᠤᠯᠠᠨ ᠲᠣᠰᠬᠣᠨ᠎ᠢ ᠪᠠᠲᠤ ᠰᠠᠬᠢᠵᠤ᠂ ᠰᠢᠷᠭ᠋ᠠᠭᠤ ᠠᠵᠢᠯᠯᠠᠵᠤ᠂ ᠲᠣᠰᠬᠣᠨ᠎ᠤ ᠠᠷᠠᠳ᠎ᠢ ᠳᠠᠭ᠋ᠠᠭᠤᠯᠤᠨ ᠪᠣᠷᠣ ᠪᠦᠳᠦᠭᠦᠯᠢᠭ ᠠᠷᠭ᠎ᠠ᠎ᠪᠠᠷ ᠠᠰᠬ᠎ᠠ ᠬᠠᠳᠠᠨ ᠳᠡᠭᠡᠷ᠎ᠡ ᠴᠢᠯᠠᠭᠤ ᠳᠡᠪᠢᠰᠴᠦ᠂ 7 ᠵᠢᠯ᠎ᠤᠨ ᠲᠤᠷᠰᠢ 8 ᠺᠢᠯᠣᠮᠧᠲᠷ᠎ᠤᠨ ᠬᠠᠳᠠ ᠵᠢ ᠳᠡᠪᠢᠰᠴᠦ ᠪᠠᠶ᠋ᠢᠵᠠᠶ᠃ ᠲᠡᠷᠡ 《ᠭᠤᠷᠪᠠᠨ ᠤᠨᠴᠠᠯᠢᠭ》᠎ᠤᠨ ᠠᠵᠤ ᠠᠬᠤᠶ ᠵᠢ ᠪᠣᠶ᠋ᠢᠵᠢᠭᠤᠯᠵᠤ᠂ ᠬᠥᠳᠡᠭᠡ ᠲᠣᠰᠬᠣᠨ᠎ᠤ ᠵᠢᠭᠤᠯᠴᠢᠯᠠᠯ᠎ᠢ ᠬᠥᠭᠵᠢᠭᠦᠯᠦᠨ᠂ ᠵᠠᠩ ᠳᠠᠳᠬᠠᠯ᠎ᠢ᠎ᠨᠢ ᠥᠭᠡᠷᠡᠴᠢᠯᠡᠬᠦ ᠵᠢ ᠠᠬᠢᠭᠤᠯᠵᠤ᠂ ᠢᠲᠡᠭᠡᠯ ᠵᠣᠷᠢᠭ᠎ᠢ᠎ᠨᠢ ᠬᠥᠪᠴᠢᠯᠡᠨ᠂ ᠬᠦᠬᠡᠮᠳᠦᠭ ᠠᠭᠤᠯᠠ ᠵᠢ ᠠᠯᠳᠠᠨ ᠠᠭᠤᠯᠠ ᠮᠥᠩᠭᠥᠨ ᠠᠭᠤᠯᠠ ᠪᠣᠯᠭ᠋ᠠᠨ ᠬᠤᠪᠢᠷᠠᠭᠤᠯᠵᠤ᠂ ᠨᠤᠲᠤᠭ᠎ᠤᠨ ᠠᠷᠠᠳᠤᠳᠢ ᠶᠠᠳᠠᠭᠤ ᠬᠦᠴᠢᠷᠳᠡᠯᠲᠡᠶ ᠬᠣᠴᠣᠷᠤᠩᠭᠤᠶ ᠳᠦᠷᠰᠦ ᠪᠠᠶ᠋ᠢᠳᠠᠯ ᠵᠶ᠋ᠠᠨ ᠬᠤᠪᠢᠷᠠᠭᠤᠯᠵᠤ᠂ ᠪᠠᠶᠠᠨ ᠴᠢᠨᠡᠭᠡᠯᠢᠭ ᠪᠣᠯᠪᠠᠰᠤᠨ ᠠᠮᠢᠳᠤᠷᠠᠯ᠎ᠲᠠᠢ ᠪᠣᠯᠭ᠋ᠠᠪᠠ᠃ ᠲᠡᠷᠡ ᠰᠢᠷᠭ᠋ᠠᠭᠤ ᠬᠠᠲᠠᠭᠤᠵᠢᠯᠲᠠᠢ ᠭᠠᠷᠮᠠᠭ᠋ᠠᠢ᠂ ᠬᠠᠯᠢᠯ ᠬᠠᠳᠠ ᠵᠢ ᠨᠡᠪᠲᠡᠷᠡᠭᠦᠯᠵᠦ᠂ ᠪᠡᠶ᠎ᠡ᠎ᠪᠠᠷ ᠵᠶ᠋ᠠᠨ ᠳᠠᠭ᠋ᠠᠭᠤᠯᠤᠨ ᠵᠠᠮ ᠵᠠᠰᠠᠵᠦ᠂ ᠨᠠᠰᠤᠨ ᠲᠤᠷᠰᠢᠳᠠ ᠶᠠᠳᠠᠭᠤ᠎ᠠᠴᠠ ᠠᠩᠭᠢᠵᠢᠷᠠᠬᠤ ᠵᠢᠷ ᠪᠦᠭᠡᠳ ᠠᠤᠭ᠎ᠠ ᠦᠢ᠍ᠯᠡᠰ᠎ᠢ ᠪᠦᠳᠦᠭᠡᠵᠦ᠂ ᠥᠷᠭᠡᠨ ᠣᠯᠠᠨ ᠠᠷᠠᠳ᠎ᠲᠤ ᠪᠤᠶᠠᠨ ᠦᠢ᠍ᠯᠡᠳᠴᠦ᠂ ᠠᠯᠳᠠᠷ ᠨᠡᠷ᠎ᠡ᠎ᠨᠢ ᠪᠦᠬᠦ ᠤᠯᠤᠰ᠎ᠤᠨ ᠡᠯ᠎ᠡ ᠭᠠᠵᠠᠷ᠎ᠲᠤ ᠲᠠᠭᠤᠷᠢᠰᠴᠦ᠂ ᠨᠡᠢ᠌ᠲᠡ ᠤᠯᠠᠨ᠎ᠤ ᠮᠠᠭᠲᠠᠭ᠋ᠠᠯ ᠰᠠᠢ᠍ᠰᠢᠶᠠᠯᠢ ᠣᠯᠵᠤ᠂ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠨᠠᠮ᠎ᠤᠨ ᠭᠡᠰᠢᠭᠦᠨ ᠺᠠᠳ᠋ᠷ᠎ᠤᠨ ᠭᠡᠷᠡᠯ ᠰᠠᠴᠤᠷᠠᠩᠭᠤᠢ ᠳᠠᠭᠤᠷᠢᠶᠠᠯ ᠪᠣᠯᠵᠤ᠂ 《ᠪᠦᠬᠦ ᠤᠯᠤᠰ᠎ᠤᠨ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠱᠠᠩᠨᠠᠯ》᠂ 《ᠳᠤᠮᠳᠠᠳᠤ ᠤᠯᠤᠰ᠎ᠤᠨ ᠰᠠᠢ᠌ᠨ ᠬᠥᠮᠦᠨ》 ᠵᠡᠷᠭᠡ ᠢᠷᠠᠭᠤ ᠠᠯᠳᠠᠷ᠎ᠤᠨ ᠴᠣᠯᠠ ᠬᠦᠷᠲᠡᠪᠡ᠃
ᠬᠤᠸᠠᠩ ᠱ᠌ᠢ ᠶᠠᠨ᠂ ᠮᠤᠤ ᠰᠢᠶᠠᠩ ᠯᠢᠨ ᠨᠥᠬᠥᠷ᠎ᠤᠨ ᠲᠡᠷᠢᠭᠦᠨ᠎ᠤ ᠦᠢ᠍ᠯᠡ ᠠᠵᠢᠯᠯᠠᠭ᠎ᠠ ᠵᠢ ᠤᠬᠠᠭᠤᠯᠤᠨ ᠮᠡᠳᠡᠭᠡᠯᠡᠭᠰᠡᠨ᠎ᠤ ᠳᠠᠷᠠᠭ᠎ᠠ᠂ ᠪᠥᠬᠥ ᠨᠡᠶ᠋ᠢᠭᠡᠮ᠎ᠳᠤ ᠴᠢᠩᠭ᠎ᠠ ᠲᠤᠰᠬᠠᠯ ᠭᠠᠷᠴᠠᠶ᠃ ᠥᠷᠭᠡᠨ ᠣᠯᠠᠨ ᠺᠠᠳ᠋ᠷ ᠣᠯᠠᠨ ᠲᠦᠮᠡᠨ᠎ᠤ ᠦᠵᠡᠬᠦ᠎ᠪᠠᠷ᠂ ᠬᠤᠸᠠᠩ ᠱ᠌ᠢ ᠶᠠᠨ᠂ ᠮᠤᠤ ᠰᠢᠶᠠᠩ ᠯᠢᠨ ᠨᠥᠬᠥᠷ ᠪᠣᠯ ᠰᠢᠨ᠎ᠡ ᠴᠠᠭ ᠦᠶ᠎ᠡ ᠵᠢᠨ ᠡᠪ ᠬᠠᠮᠲᠤ ᠨᠠᠮ᠎ᠤᠨ ᠭᠡᠰᠢᠭᠦᠨ᠎ᠤ ᠰᠢᠯᠢᠳᠡᠭ ᠲᠥᠯᠥᠭᠡᠯᠡᠭᠴᠢ᠂ ᠦᠨᠳᠦᠰᠦᠨ ᠱᠠᠲᠤᠨ᠎ᠤ ᠨᠢᠭᠡᠳᠦᠭᠡᠷ ᠹᠷᠣᠨᠲ᠎ᠲᠤ ᠭᠦᠨᠵᠡᠭᠡᠶ᠋ᠢᠷᠡᠭᠰᠡᠨ ᠶᠠᠳᠠᠭᠤ᠎ᠠᠴᠠ ᠠᠩᠭᠢᠵᠢᠷᠠᠭᠤᠯᠬᠤ ᠠᠵᠢᠯ᠎ᠤᠨ ᠳᠠᠭᠤᠷᠢᠶᠠᠯ ᠵᠢᠱ᠌ᠢᠶᠡᠴᠢ ᠪᠣᠯᠤᠨ᠎ᠠ᠃ ᠲᠡᠳᠡ ᠶᠡᠷᠦᠩᠬᠡᠢ ᠱᠦᠵᠢ ᠵᠢᠨ ᠨᠠᠢ᠌ᠳᠠᠯᠭ᠎ᠠ ᠵᠢ ᠪᠠᠲᠤ ᠴᠡᠭᠡᠵᠢᠯᠡᠵᠦ᠂ ᠨᠠᠮ ᠪᠠ ᠠᠷᠠᠳ᠎ᠤᠨ ᠠᠵᠢᠯ ᠦᠢ᠍ᠯᠡᠰ᠎ᠲᠤ ᠦᠨᠡᠨᠴᠢ ᠪᠠᠢ᠌ᠵᠤ᠂ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ᠎ᠳᠤ ᠢᠳᠡᠪᠬᠢᠲᠡᠢ ᠣᠷᠤᠯᠴᠠᠵᠤ᠂ ᠬᠥᠳᠡᠭᠡ ᠲᠣᠰᠭᠤᠨ᠎ᠢ ᠬᠥᠭᠵᠢᠭᠦᠯᠦᠨ ᠮᠠᠨᠳᠤᠭᠤᠯᠬᠤ ᠵᠢ ᠴᠢᠷᠮᠠᠢ᠍ᠨ ᠪᠡᠶᠡᠯᠡᠭᠦᠯᠵᠦ᠂ ᠶᠠᠳᠠᠭᠤ ᠬᠣᠴᠤᠷᠤᠩᠭᠤᠢ ᠳᠦᠷᠰᠦ ᠪᠠᠢ᠌ᠳᠠᠯ᠎ᠢ ᠬᠤᠪᠢᠷᠠᠭᠤᠯᠵᠤ᠂ ᠵᠣᠯ ᠵᠢᠷᠭ᠋ᠠᠯᠲᠤ ᠠᠮᠢᠳᠤᠷᠠᠯ᠎ᠤᠨ ᠵᠠᠮ᠎ᠢ ᠪᠠᠲᠤ ᠰᠠᠬᠢᠵᠤ᠂ ᠡᠷᠬᠢᠮ ᠳᠡᠭᠡᠳᠦ ᠬᠡᠪ ᠰᠤᠷᠲᠠᠯ ᠵᠶ᠋ᠠᠷ ᠣᠯᠠᠨ ᠲᠦᠮᠡᠨ᠎ᠤ ᠥᠷᠭᠡᠨ ᠳᠡᠯᠭᠡᠷ ᠢᠲᠡᠭᠡᠯ᠎ᠢ ᠣᠯᠵᠤ᠂ ᠠᠷᠠᠳ ᠲᠦᠮᠡᠨ᠎ᠤ ᠢᠲᠡᠭᠡᠯ ᠪᠢᠰᠢᠷᠡᠯ᠎ᠢ ᠣᠯᠵᠤ᠂ᠦᠨᠡᠨᠴᠢ ᠰᠢᠳᠤᠷᠭᠤ ᠤᠯᠤᠰ ᠲᠥᠷᠥ ᠵᠢᠨ ᠬᠡᠪ ᠰᠤᠷᠲᠠᠯ᠂ ᠴᠢᠩᠭ᠋᠎ᠠ ᠬᠠᠷᠢᠭᠤᠴᠠᠯᠭ᠎ᠠ᠂ ᠦᠨᠡᠨᠴᠢ ᠰᠢᠳᠤᠷᠭᠤ᠂ ᠠᠷᠠᠳ᠎ᠤᠨ ᠲᠥᠯᠥᠭᠡ ᠵᠢᠳᠬᠦᠬᠦ᠂ ᠡᠷᠬᠢᠮ ᠳᠡᠭᠡᠳᠦ ᠣᠶᠤᠨ ᠰᠠᠨᠠᠭ᠋ᠠᠨ᠎ᠤ ᠠᠬᠤᠶ ᠪᠠᠶ᠋ᠢᠳᠠᠯ᠎ᠢ ᠢᠯᠡᠷᠡᠭᠦᠯᠵᠡᠶ᠃ ᠣᠯᠠᠨ ᠵᠶ᠋ᠠᠷ ᠵᠶ᠋ᠠᠨ ᠢᠯᠡᠷᠬᠡᠶ᠋ᠢᠯᠡᠬᠦ᠎ᠳᠡᠭᠡᠨ᠂ ᠴᠠᠭ ᠦᠶ᠎ᠡ ᠵᠢᠨ ᠵᠢᠱ᠌ᠢᠶᠡᠴᠢ ᠵᠶ᠋ᠠᠷ ᠳᠠᠭᠤᠷᠢᠶᠠᠯ ᠪᠣᠯᠭ᠋ᠠᠨ᠂ ᠨᠠᠮ᠎ᠤᠨ ᠠᠷᠪᠠ ᠶᠢᠰᠦᠳᠦᠭᠡᠷ ᠬᠤᠭᠤᠴᠠᠭ᠋ᠠᠨ᠎ᠤ ᠲᠠᠪᠤᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠨᠠᠷᠢᠨ ᠬᠢᠨᠠᠮᠠᠭ᠋ᠠᠢ ᠰᠤᠷᠤᠯᠴᠠᠨ ᠲᠤᠤᠱᠯᠠᠭᠤᠯᠵᠤ᠂ ᠰᠢ ᠵᠢᠨ ᠫᠢᠩ ᠨᠥᠬᠦᠷ ᠵᠶ᠋ᠠᠷ ᠭᠣᠣᠯ ᠪᠣᠯᠭ᠋ᠠᠭᠰᠠᠨ ᠨᠠᠮ᠎ᠤᠨ ᠲᠥᠪ ᠬᠣᠷᠢᠶᠠᠨ᠎ᠤ ᠲᠣᠭᠤᠷᠢᠨ᠎ᠳᠤ ᠨᠡᠩ ᠨᠢᠭᠲᠠ ᠪᠦᠯᠬᠦᠮᠳᠡᠵᠦ᠂ 《ᠳᠥᠷᠪᠡᠨ ᠤᠬᠠᠮᠰᠠᠷ》᠎ᠢ ᠴᠢᠩᠭ᠋ᠠᠳᠭ᠋ᠠᠵᠤ᠂ 《ᠳᠥᠷᠪᠡᠨ ᠢᠲᠡᠭᠡᠯ》᠎ᠢ ᠪᠠᠲᠤᠳᠭ᠋ᠠᠵᠤ᠂ 《ᠬᠣᠶᠠᠷ᠎ᠢ ᠬᠠᠮᠠᠭ᠋ᠠᠯᠠᠬᠤ》 ᠵᠢ ᠪᠡᠶᠡᠯᠡᠭᠦᠯᠵᠦ᠂ ᠨᠢᠭᠡ ᠰᠡᠳᠭᠢᠯ ᠨᠢᠭᠡ ᠵᠣᠷᠢᠭ ᠵᠶ᠋ᠠᠷ ᠰᠢᠷᠭ᠋ᠠᠭᠤ ᠬᠠᠲᠠᠭᠤᠵᠢᠯᠲᠠᠢ ᠲᠡᠮᠡᠴᠡᠨ᠂ ᠰᠢᠨ᠎ᠡ ᠴᠠᠭ ᠦᠶ᠎ᠡ ᠵᠢᠨ ᠠᠭᠤᠤ ᠶᠡᠬᠡ ᠠᠶᠠᠨ ᠵᠠᠮ᠎ᠳᠤ 《ᠬᠣᠶᠠᠷ ᠶᠡᠬᠡ ᠭᠠᠢ᠍ᠬᠠᠮᠰᠢᠭᠲᠤ ᠰᠢᠨ᠎ᠡ ᠬᠠᠭᠤᠳᠠᠰᠤ》 ᠵᠢ ᠪᠢᠴᠢᠭᠯᠡᠵᠡᠭᠡᠶ᠎ᠡ ᠬᠡᠰᠡᠨ ᠪᠠᠢ᠌ᠨ᠎ᠠ᠃
《ᠴᠠᠭ ᠦᠶ᠎ᠡ ᠵᠢᠨ ᠬᠡᠪ ᠲᠠᠭᠤᠷᠢᠶᠠᠯ》 ᠢ ᠨᠡᠶ᠋ᠢᠲᠡᠯᠡᠭᠦ ᠶᠤᠰᠤᠯᠠᠯ᠎ᠤᠨ ᠲᠤᠬᠠᠢ ᠵᠢᠨ ᠲᠠᠯᠠᠪᠠᠢ᠎ᠳᠤ 《ᠬᠤᠸᠠᠩ ᠱ᠌ᠢ ᠶᠠᠨ᠂ ᠮᠤᠤ ᠰᠢᠶᠠᠩ ᠯᠢᠨ᠎ᠤ 〈ᠴᠠᠭ ᠦᠶ᠎ᠡ ᠵᠢᠨ ᠬᠡᠪ ᠲᠠᠭᠣᠷᠢᠶᠠᠯ〉 ᠢᠷᠠᠭᠤ ᠠᠯᠳᠠᠷ ᠣᠯᠭᠤᠬᠤ ᠲᠤᠬᠠᠢ ᠳᠤᠮᠲᠠᠲᠤ ᠤᠯᠤᠰ᠎ᠤᠨ ᠡᠪ ᠬᠠᠮᠲᠤ ᠨᠠᠮ᠎ᠤᠨ ᠲᠦᠪ ᠬᠣᠷᠢᠶᠠᠨ᠎ᠤ ᠤᠬᠠᠭᠤᠯᠬᠤ ᠬᠡᠯᠲᠡᠰ᠎ᠤᠨ ᠲᠣᠭᠲᠠᠭ᠋ᠠᠯ》᠎ᠢ ᠤᠩᠰᠢᠨ ᠨᠡᠶ᠋ᠢᠲᠡᠯᠡᠵᠦ᠂ ᠬᠤᠸᠠᠩ ᠱ᠌ᠢ ᠶᠠᠨ᠂ ᠮᠣᠤ ᠰᠢᠶᠠᠩ ᠯᠢᠨ ᠨᠦᠭᠦᠷ᠎ᠤᠨ ᠲᠡᠷᠢᠭᠦᠨ᠎ᠤ ᠦᠢ᠍ᠯᠡ ᠠᠵᠢᠯᠯᠠᠭ᠎ᠠ ᠵᠢ ᠲᠤᠰᠬᠠᠭᠰᠠᠨ ᠣᠬᠤᠷ ᠹᠢᠯᠢᠮ᠎ᠢ ᠨᠡᠪᠲᠡᠷᠡᠭᠦᠯᠪᠡ᠃ ᠲᠥᠪ᠎ᠤᠨ ᠤᠬᠠᠭᠤᠯᠬᠤ ᠬᠡᠯᠲᠡᠰ᠎ᠤᠨ ᠬᠠᠷᠢᠭᠤᠴᠠᠯᠭ᠋ᠠᠲᠠᠨ ᠨᠥᠬᠥᠳ ᠬᠤᠸᠠᠩ ᠱ᠌ᠢ ᠶᠠᠨ ᠨᠥᠬᠥᠷ᠎ᠤᠨ ᠲᠥᠷᠥᠯ ᠰᠠᠳᠤᠨ᠎ᠤ ᠲᠥᠯᠥᠭᠡᠯᠡᠭᠴᠢ᠂ ᠮᠤᠤ ᠰᠢᠶᠠᠩ ᠯᠢᠨ ᠨᠥᠬᠥᠷ᠎ᠲᠤ ᠴᠠᠭ ᠦᠶ᠎ᠡ ᠵᠢᠨ ᠳᠠᠭᠤᠷᠢᠶᠠᠯ ᠪᠣᠯᠤᠨ ᠦᠨᠡᠮᠯᠡᠯ ᠣᠯᠭᠣᠭᠰᠠᠨ ᠪᠠᠶ᠋ᠢᠨ᠎ᠠ᠃ ᠲᠥᠷᠥ ᠵᠢᠨ ᠶᠠᠪᠤᠳᠠᠯ᠎ᠤᠨ ᠬᠣᠷᠢᠶᠠᠨ᠎ᠤ ᠶᠠᠳᠠᠭᠤ ᠵᠢ ᠲᠡᠳᠬᠦᠬᠦ ᠠᠯᠪᠠᠨ ᠭᠡᠷ᠂ ᠬᠤᠨᠠᠨ ᠮᠤᠵᠢ ᠵᠢᠨ ᠨᠠᠮ᠎ᠤᠨ ᠬᠣᠷᠢᠶ᠎ᠠ᠂ ᠴᠦᠩᠴᠢᠩ ᠬᠣᠲᠠ ᠵᠢᠨ ᠨᠠᠮ᠎ᠤᠨ ᠬᠣᠷᠢᠶᠠᠨ᠎ᠤ ᠬᠠᠮᠢᠶ᠎ᠠ ᠪᠦᠬᠦᠢ ᠬᠠᠷᠢᠭᠤᠴᠠᠯᠭ᠋ᠠᠲᠠᠨ᠂ ᠴᠠᠭ ᠦᠶ᠎ᠡ ᠵᠢᠨ ᠬᠡᠪ ᠳᠠᠭᠤᠷᠢᠶᠠᠯ᠎ᠤᠨ ᠲᠥᠷᠥᠯ ᠰᠠᠳᠤᠨ᠂ ᠬᠠᠮᠲᠤ ᠠᠵᠢᠯᠯᠠᠭᠴᠢ ᠪᠣᠯᠤᠨ ᠲᠤᠬᠠᠶ ᠵᠢᠨ ᠭᠠᠵᠠᠷ᠎ᠤᠨ ᠺᠠᠳ᠋ᠷ ᠣᠯᠠᠨ ᠲᠦᠮᠡᠨ᠎ᠤ ᠲᠥᠯᠥᠭᠡᠯᠡᠭᠴᠢᠳ ᠨᠡᠶ᠋ᠢᠲᠡᠯᠡᠬᠦ ᠶᠣᠰᠣᠯᠠᠯ᠎ᠳᠤ ᠣᠷᠣᠯᠴᠠᠪᠠ᠃