ᠡᠪᠦᠯ᠎ᠤᠨ ᠤᠯᠠᠷᠢᠯ᠎ᠤᠨ ᠲᠦᠮᠡᠳ ᠵᠡᠭᠦᠨ ᠬᠣᠰᠢᠭᠤᠨ᠎ᠤ ᠸᠠᠩ ᠪᠢᠴᠢᠭᠡᠴᠢ ᠲᠣᠰᠬᠣᠨ ᠥᠯᠵᠡᠢ ᠪᠡᠯᠭᠡ᠎ᠲᠠᠢ ᠠᠮᠤᠷ ᠠᠮᠤᠭᠤᠯᠠᠩ ᠪᠠᠢ᠌ᠵᠤ᠂ ᠨᠢᠭᠡ ᠤᠳᠠᠭ᠎ᠠ ᠵᠢᠨ ᠪᠠᠭ᠎ᠠ ᠴᠠᠰᠤ ᠡᠬᠡ ᠭᠠᠵᠠᠷ᠎ᠲᠤ ᠮᠥᠩᠭᠥᠨ ᠬᠤᠪᠴᠠᠰᠤ ᠨᠥᠮᠥᠷᠭᠡᠪᠡ᠃ ᠭᠡᠷ ᠵᠢᠨᠨ ᠴᠡᠪᠡᠷᠯᠡᠵᠦ ᠪᠠᠢ᠌ᠭᠰᠠᠨ ᠱᠤᠤ ᠬᠦᠢ ᠬᠤᠸᠠ ᠨᠠᠰᠤᠲᠠᠨ᠎ᠤ ᠳᠤᠮᠳᠠ ᠴᠣᠩᠬᠣ᠎ᠨᠢ ᠲᠤᠩᠭ᠋ᠠᠯᠠᠭ᠂ ᠬᠡᠳᠦᠨ ᠫᠸᠩᠰᠡ ᠨᠣᠭᠣᠭ᠋ᠠᠨ ᠤᠷᠭᠤᠮᠠᠯ ᠬᠠᠪᠤᠷ᠎ᠤᠨ ᠤᠯᠠᠷᠢᠯ᠎ᠳᠤ ᠪᠠᠳᠠᠷᠠᠨ ᠳᠡᠯᠭᠡᠷᠡᠨ᠎ᠡ᠃
71 ᠨᠠᠰᠤᠲᠠᠢ ᠲᠣᠰᠬᠣᠨ᠎ᠤ ᠠᠷᠠᠳ ᠱᠤᠤ ᠬᠦᠢ ᠬᠤᠸᠠ ᠪᠣᠯ ᠲᠣᠰᠬᠣᠨ᠎ᠤ ᠶᠠᠳᠠᠭᠤ᠎ᠠᠴᠠ ᠠᠩᠭᠢᠵᠢᠷᠠᠭᠰᠠᠨ ᠡᠷᠦᠬᠡ ᠪᠣᠯᠣᠨ᠎ᠠ᠂ ᠳᠡᠭᠡᠳᠦᠰ᠎ᠤᠨ ᠨᠤᠲᠤᠭ ᠾᠦ᠍ᠢ᠍ᠪᠸᠢ᠂ ᠸᠠᠩ ᠪᠢᠴᠢᠭᠡᠴᠢ ᠲᠣᠰᠬᠣᠨ᠎ᠳᠤ ᠭᠤᠴᠢ ᠭᠠᠷᠤᠢ ᠵᠢᠯ ᠠᠮᠢᠳᠤᠷᠠᠵᠤ᠂ ᠦᠭᠡ ᠬᠡᠯᠡᠬᠦ᠎ᠳᠡᠭᠡᠨ ᠡᡁᠥᠪᠸᠢ ᠵᠢᠨ ᠠᠮᠠᠨ ᠠᠶᠠᠯᠭᠤ᠎ᠲᠠᠢ ᠪᠠᠢ᠌ᠬᠤ᠎ᠠᠴᠠ ᠭᠠᠳᠠᠨ᠎ᠠ᠂ ᠲᠡᠷᠡ ᠨᠢᠭᠡᠨᠲᠡ ᠸᠠᠩ ᠪᠢᠴᠢᠭᠡᠴᠢ ᠲᠣᠰᠬᠣᠨ᠎ᠤ ᠡᠨᠡᠬᠦ ᠶᠡᠬᠡ ᠭᠡᠷ ᠪᠦᠯᠢ᠎ᠳᠤ ᠪᠦᠷᠢᠮᠦᠰᠦᠨ ᠠᠭᠤᠰᠤᠯᠴᠠᠵᠠᠢ᠃
《ᠠᠢ᠌ᠯ ᠰᠠᠭ᠋ᠠᠬᠠᠯᠲᠠ ᠵᠢᠨ ᠬᠣᠭᠣᠷᠣᠨᠳᠤ᠎ᠪᠠᠨ ᠲᠤᠩ ᠳᠣᠲᠣᠨᠣ᠂ ᠬᠦᠦ᠎ᠨᠢ ᠭᠠᠳᠠᠨ᠎ᠠ ᠬᠥᠯᠥᠰᠦᠨ ᠠᠵᠢᠯ ᠬᠢᠵᠦ ᠪᠠᠢ᠌ᠨ᠎ᠠ᠂ ᠪᠢ ᠥᠪᠡᠷ ᠵᠶ᠋ᠡᠨ ᠲᠣᠰᠬᠣᠨ᠎ᠳᠤ ᠠᠮᠢᠳᠤᠷᠠᠵᠤ ᠪᠠᠢ᠌ᠨ᠎ᠠ᠂ ᠤᠯᠠᠨ ᠵᠶ᠋ᠠᠷ ᠵᠶ᠋ᠠᠨ ᠨᠠᠳᠠ᠎ᠳᠤ ᠨᠢᠭᠡ ᠭᠡᠷ᠎ᠤᠨ ᠬᠥᠮᠥᠨ ᠰᠢᠭ ᠬᠠᠨᠳᠤᠨ᠎ᠠ》᠃ ᠬᠥᠷᠰᠢ ᠵᠡᠷᠭᠡᠯᠡᠳᠡᠭᠡ ᠵᠢᠨ᠎ᠬᠢᠨ᠎ᠢ ᠬᠡᠯᠡᠬᠦ᠎ᠳᠤ᠂ ᠱᠤᠤ ᠬᠦᠢ ᠬᠤᠸᠠ ᠶᠡᠷᠦ᠎ᠨᠢ ᠬᠡᠯᠡᠭᠡᠳ ᠪᠠᠷᠠᠰᠢ ᠦᠭᠡᠢ ᠲᠠᠯᠠᠷᠬᠠᠯ᠎ᠤᠨ ᠰᠡᠳᠬᠢᠯᠭᠡ᠎ᠲᠠᠢ ᠪᠠᠢ᠌ᠳᠠᠭ᠃
《ᠬᠡᠳᠦᠨ ᠡᠳᠦᠷ᠎ᠤᠨ ᠡᠮᠦᠨ᠎ᠡ ᠠᠭᠤᠷ ᠠᠮᠢᠰᠬᠤᠯ ᠬᠤᠪᠢᠷᠠᠵᠤ᠂ ᠵᠤᠤᠬ᠎ᠠ᠎ᠠᠴᠠ ᠤᠲᠤᠭ᠎ᠠ ᠪᠠᠭ᠋ᠠᠭᠢᠵᠤ᠂ ᠬᠠᠬᠠᠬᠤ ᠵᠢᠨ ᠶᠡᠬᠡ᠎ᠪᠠᠷ ᠬᠠᠬᠠᠪᠠ᠂ ᠰᠤᠪᠤᠷᠭ᠎ᠠ᠎ᠳᠤ ᠭᠠᠩᠰᠠ ᠬᠢᠵᠦ ᠥᠭᠭᠦᠭᠰᠡᠨ᠎ᠳᠤ ᠪᠢ ᠲᠡᠭᠦᠨ᠎ᠳᠤ ᠶᠠᠭ᠋ᠠᠬᠢᠵᠤ ᠲᠠᠯᠠᠷᠬᠠᠬᠤ᠎ᠪᠠᠨ ᠴᠤ᠌ ᠣᠯᠬᠤ ᠦᠭᠡᠢ ᠪᠠᠢ᠌ᠪᠠ᠂ ᠪᠠᠰᠠ ᠨᠢᠭᠡ ᠤᠳᠠᠭ᠎ᠠ ᠪᠢ ᠬᠦᠷᠢᠶᠡᠨ ᠳᠣᠲᠣᠷ᠎ᠠ ᠨᠣᠬᠠᠢ᠎ᠪᠠᠨ ᠲᠡᠵᠢᠭᠡᠬᠦ᠎ᠳᠤ ᠭᠡᠨᠡᠳᠲᠡ ᠠᠶᠠᠭᠦᠢ ᠰᠠᠨᠠᠭᠳᠠᠵᠤ᠂ ᠨᠣᠬᠠᠢ᠎ᠪᠠᠨ ᠤᠶᠠᠭᠰᠠᠨ ᠳᠡᠭᠡᠰᠦᠨ᠎ᠳᠤ ᠣᠷᠢᠶᠠᠭᠳᠠᠭ᠋ᠠᠳ ᠬᠥᠳᠡᠯᠵᠦ ᠳᠡᠶ᠋ᠢᠯᠬᠦ ᠦᠭᠡᠢ ᠪᠣᠯᠪᠠ᠂ ᠰᠤᠪᠤᠷᠭ᠎ᠠ ᠨᠠᠮᠠᠶ᠋ᠢ ᠠᠪᠤᠷᠠᠬᠤ᠎ᠪᠠᠷ ᠢᠷᠡᠭᠰᠡᠨ᠎ᠠᠴᠠ ᠪᠢ ᠠᠶᠤᠵᠤ ᠪᠠᠢ᠌ᠪᠠ》 ᠭᠡᠵᠦ ᠱᠤᠤ ᠬᠦᠢ ᠬᠤᠸᠠ ᠬᠡᠯᠡᠪᠡ᠃

ᠸᠠᠩ ᠲᠠ ᠭᠠᠩ ᠪᠣᠯ ᠱᠤᠤ ᠬᠦᠢ ᠬᠤᠸᠠ ᠨᠠᠰᠤᠲᠠᠨ᠎ᠤ ᠵᠡᠷᠭᠡᠯᠡᠳᠡᠭᠡ ᠠᠢ᠌ᠯ ᠪᠣᠯᠣᠨ᠎ᠠ᠂ ᠲᠡᠭᠦᠨ᠎ᠤ ᠲᠠᠨᠢᠯᠴᠠᠭᠤᠯᠤᠭᠰᠠᠨ ᠵᠶ᠋ᠠᠷ᠂ ᠸᠠᠩ ᠪᠢ ᠺᠸ᠋ ᠴᠢ ᠲᠣᠰᠬᠣᠨ ᠪᠣᠯ ᠴᠥᠭᠡᠨ ᠲᠣᠭ᠋ᠠᠲᠤ ᠦᠨᠳᠦᠰᠦᠲᠡᠨ᠎ᠤ ᠲᠥᠪᠯᠡᠷᠡᠨ ᠰᠠᠭᠤᠭᠰᠠᠨ ᠲᠣᠰᠬᠣᠨ ᠪᠣᠯᠣᠨ᠎ᠠ᠂ ᠪᠦᠬᠦ ᠲᠣᠰᠬᠣᠨ᠎ᠳᠤ ᠨᠡᠢ᠍ᠢ᠍ᠳᠡ 70 ᠡᠷᠦᠬᠡ ᠰᠠᠭᠤᠭ᠋ᠠᠯᠢ ᠠᠷᠠᠳ᠎ᠲᠠᠢ᠂ ᠡᠭᠦᠨ᠎ᠳᠤ ᠮᠣᠩᠭᠣᠯ ᠦᠨᠳᠦᠰᠦᠲᠡᠨ 68 ᠡᠷᠦᠬᠡ᠂ ᠬᠢᠲᠠᠳ ᠦᠨᠳᠦᠰᠦᠲᠡᠨ 2 ᠡᠷᠦᠬᠡ ᠪᠤᠢ᠃ ᠱᠤᠤ ᠬᠦᠢ ᠬᠤᠸᠠ ᠨᠠᠰᠤᠲᠠᠨ ᠪᠣᠯ ᠲᠡᠳᠡᠨ᠎ᠤ ᠳᠣᠲᠣᠷᠠᠬᠢ ᠨᠢᠭᠡ ᠡᠷᠤᠬᠡ ᠮᠥᠨ᠂ ᠲᠡᠷᠡ ᠨᠠᠰᠤ ᠠᠬᠠᠰᠢᠷᠠᠭᠰᠠᠨ ᠪᠣᠯᠬᠣᠷ ᠲᠡᠭᠦᠨ᠎ᠢ ᠬᠠᠪᠰᠤᠷᠴᠤ ᠴᠢᠳᠠᠯ᠎ᠤᠨ ᠬᠢᠷᠢ᠎ᠪᠠᠷ ᠵᠶ᠋ᠡᠨ ᠪᠠᠭ᠎ᠠ ᠰᠠᠭ᠎ᠠ ᠶᠠᠪᠤᠳᠠᠯ᠎ᠢ ᠬᠢᠵᠦ ᠥᠭᠬᠦ᠎ᠨᠢ ᠭᠠᠷᠤᠨ ᠬᠦᠴᠦ ᠪᠣᠯᠬᠣᠷ ᠬᠥᠷᠰᠢ ᠵᠡᠷᠭᠡᠯᠡᠳᠡᠭᠡ ᠵᠢᠨ ᠬᠣᠭᠣᠷᠣᠨᠳᠤ᠎ᠪᠠᠨ ᠬᠠᠷᠢᠯᠴᠠᠨ ᠬᠠᠪᠰᠤᠷᠤᠯᠴᠠᠪᠠᠯ ᠵᠣᠬᠢᠨ᠎ᠠ᠃
ᠲᠠ ᠭᠠᠩ᠎ᠤᠨ ᠠᠮᠠᠨ᠎ᠳᠠᠬᠢ ᠪᠠᠭ᠎ᠠ ᠶᠠᠪᠤᠳᠠᠯ ᠪᠣᠯ ᠱᠤᠤ ᠬᠦᠢ ᠬᠤᠸᠠ ᠨᠠᠰᠤᠲᠠᠨ᠎ᠤ ᠰᠡᠳᠬᠢᠯ᠎ᠳᠠᠬᠢ ᠶᠡᠬᠡ ᠶᠠᠪᠤᠳᠠᠯ ᠶᠤᠮ᠂ ᠨᠠᠰᠤᠲᠠᠨ ᠬᠡᠳᠦᠢ᠌ᠪᠡᠷ ᠦᠭᠡ ᠬᠡᠯᠡᠬᠦ᠎ᠳᠡᠭᠡᠨ ᠮᠠᠭᠤ ᠪᠣᠯᠪᠠᠴᠤ᠂ ᠲᠠ ᠭᠠᠩ᠎ᠤᠨ ᠥᠪᠡᠷ᠎ᠤᠨ ᠪᠡᠶ᠎ᠡ ᠵᠢ ᠬᠠᠪᠰᠤᠷᠤᠭᠰᠠᠨ ᠶᠠᠪᠤᠳᠠᠯ᠎ᠢ ᠬᠡᠯᠡᠬᠦ᠎ᠳᠡᠭᠡᠨ ᠳᠠᠩᠳᠠ ᠨᠢᠭᠡ ᠭᠡᠷ᠎ᠤᠨ ᠬᠥᠮᠥᠨ ᠰᠢᠭ ᠨᠢᠭᠡ ᠨᠢᠭᠡᠨ ᠵᠶ᠋ᠡᠨ ᠢᠯᠭ᠋ᠠᠬᠤ ᠦᠭᠡᠢ ᠰᠣᠨᠣᠰᠪᠤᠷᠢᠲᠠᠢ ᠶᠠᠷᠢᠳᠠᠭ᠃
ᠸᠠᠩ ᠪᠢᠴᠢᠭᠡᠴᠢ ᠲᠣᠰᠬᠣᠨ᠎ᠤ ᠬᠥᠷᠰᠢ ᠵᠡᠷᠭᠡᠯᠡᠳᠡᠭᠡ ᠵᠢᠨ᠎ᠬᠢᠨ᠎ᠤ ᠪᠦᠯᠬᠦᠮᠳᠡᠨ ᠬᠠᠪᠰᠤᠷᠤᠯᠴᠠᠬᠤ ᠡᠷᠬᠢᠮ ᠰᠤᠷᠲᠠᠯ ᠭᠠᠵᠠᠷ ᠰᠠᠢ ᠦᠭᠡᠢ ᠪᠤᠢ᠃ 76 ᠨᠠᠰᠤᠲᠠᠢ ᠶᠦᠨ ᠸᠥ᠋ᠨ ᠸᠥ᠋ᠨ᠂ ᠨᠢᠳᠤᠨᠤᠨ ᠰᠠᠨᠠᠭ᠋ᠠᠨ᠎ᠳᠤ ᠦᠭᠡᠢ ᠰᠢᠷᠬᠠᠲᠤᠵᠤ᠂ ᠭᠠᠷ᠎ᠨᠢ ᠬᠤᠭᠤᠷᠠᠵᠤ᠂ ᠬᠥᠳᠡᠯᠵᠦ ᠪᠠᠷᠢᠬᠤ᠎ᠳᠤ ᠳᠥᠭᠥᠮ ᠦᠭᠡᠢ ᠪᠣᠯᠵᠠᠢ᠂ 《ᠠᠷᠪᠠᠨ ᠤᠳᠤᠨ ᠳᠡᠰ᠎ᠤᠨ ᠪᠣᠯᠪᠠᠰᠤᠨ ᠡᠷᠦᠬᠡ》 ᠠᠨ ᠾᠧ ᠶᠧ ᠰᠠᠨᠠᠭ᠋ᠠᠴᠢᠯᠠᠭ᠎ᠠ᠎ᠠᠴᠠ᠎ᠪᠠᠨ ᠭᠡᠷ᠎ᠲᠤ᠎ᠨᠢ ᠬᠦᠷᠴᠦ ᠨᠠᠰᠤᠲᠠᠨ᠎ᠤ ᠦᠰᠦ ᠵᠢ ᠵᠠᠰᠠᠵᠤ ᠥᠭᠴᠡᠢ᠃
《ᠨᠠᠰᠤᠲᠠᠢ᠌ᠴᠤᠳ᠎ᠤᠨ ᠦᠷ᠎ᠡ ᠬᠡᠦᠬᠡᠳ᠎ᠨᠢ ᠦᠷᠭᠦᠯᠵᠢ ᠳᠡᠷᠭᠡᠳᠡ᠎ᠨᠢ ᠪᠠᠢ᠌ᠳᠠᠭ ᠦᠭᠡᠢ᠂ ᠪᠢᠳᠡ ᠨᠢᠭᠡ ᠲᠣᠰᠬᠣᠨ᠎ᠤ ᠬᠥᠮᠥᠨ ᠪᠣᠯᠤᠭᠰᠠᠨ᠎ᠤ ᠬᠤᠪᠢ᠎ᠳᠤ᠂ ᠨᠠᠰᠤᠲᠠᠢ᠌ᠴᠤᠳ ᠢ ᠬᠠᠪᠰᠤᠷᠤᠨ ᠦᠰᠦ ᠵᠠᠰᠠᠵᠤ᠂ ᠲᠡᠭᠦᠨ ᠢ ᠬᠠᠷᠠᠭ᠋ᠠᠯᠵᠠᠳᠠᠭ᠂ ᠲᠡᠷᠡ ᠮᠥᠷᠲᠡᠭᠡᠨ ᠪᠢᠳᠡ ᠪᠣᠯ ᠴᠥᠮ 〈ᠨᠢᠭᠡ ᠭᠡᠷ᠎ᠤᠨ ᠬᠥᠮᠥᠨ〉 ᠮᠥᠨ》 ᠭᠡᠵᠦ ᠠᠨ ᠾᠧ ᠶᠧ ᠬᠡᠯᠡᠪᠡ᠃
ᠣᠢ᠌ᠷ᠎ᠠ ᠵᠢᠨ ᠵᠢᠯ᠎ᠠᠴᠠ᠂ ᠸᠠᠩ ᠪᠢᠴᠢᠭᠡᠴᠢ ᠲᠣᠰᠬᠣᠨ 《ᠠᠷᠪᠠᠨ ᠤᠳᠤᠨ ᠳᠡᠰ᠎ᠤᠨ ᠪᠣᠯᠪᠠᠰᠤᠨ ᠡᠷᠦᠬᠡ》 《ᠸᠠᠩ ᠴᠢ ᠵᠢᠨ ᠰᠠᠢ᠌ᠨ ᠬᠥᠮᠥᠨ》᠎ᠢ ᠰᠢᠯᠭ᠋ᠠᠷᠠᠭᠤᠯᠬᠤ᠎ᠪᠠᠷ ᠭᠠᠷᠳᠠᠴᠠ ᠪᠣᠯᠭ᠋ᠠᠵᠤ᠂ ᠲᠣᠰᠬᠣᠨ᠎ᠤ ᠠᠷᠠᠳ᠎ᠤᠨ ᠳᠤᠮᠳᠠ ᠪᠣᠯᠬᠢ ᠳᠠᠳᠬᠠᠯ᠎ᠢ ᠠᠷᠢᠯᠭ᠋ᠠᠬᠤ᠂ ᠰᠢᠨ᠎ᠡ ᠰᠤᠷᠲᠠᠯ᠎ᠢ ᠪᠤᠢ ᠪᠣᠯᠭ᠋ᠠᠬᠤ ᠵᠡᠷᠭᠡ ᠰᠢᠷᠢᠰ ᠠᠵᠢᠯᠯᠠᠭ᠎ᠠ ᠥᠷᠨᠢᠭᠦᠯᠵᠦ᠂ ᠲᠣᠰᠬᠣᠨ᠎ᠤ ᠠᠷᠠᠳ᠎ᠤᠨ ᠪᠣᠯᠪᠠᠰᠤᠨ᠎ᠤ ᠬᠡᠪ ᠪᠣᠯᠪᠠᠰᠤᠷᠠᠯ ᠪᠣᠯᠣᠨ ᠬᠠᠤᠯᠢᠵᠢᠯ᠎ᠤᠨ ᠤᠬᠠᠮᠰᠠᠷ᠎ᠢ ᠪᠦᠲᠦᠮᠵᠢᠲᠡᠢ ᠳᠡᠭᠡᠭᠰᠢᠯᠡᠭᠦᠯᠵᠦ᠂ ᠪᠦᠯᠬᠦᠮᠳᠡᠨ ᠬᠠᠪᠰᠤᠷᠤᠯᠴᠠᠬᠤ᠂ ᠦᠨᠡᠨᠴᠢ ᠢᠲᠡᠭᠡᠮᠵᠢᠲᠡᠢ ᠨᠥᠬᠥᠷᠰᠡᠭ ᠬᠠᠢ᠌ᠷ᠎ᠠ᠎ᠨᠢ ᠲᠣᠰᠬᠣᠨ᠎ᠤ ᠬᠡᠪ ᠵᠠᠩᠰᠢᠯ ᠪᠣᠯᠤᠭᠰᠠᠨ ᠪᠠᠢ᠌ᠨ᠎ᠠ᠃
《ᠳᠠᠷᠠᠭ᠋ᠠᠴᠢ ᠵᠢᠨ ᠠᠯᠬᠤᠮ᠎ᠳᠤ᠂ ᠸᠠᠩ ᠪᠢᠴᠢᠭᠡᠴᠢ ᠲᠣᠰᠬᠣᠨ ᠡᠭᠦᠳᠦᠨ ᠪᠠᠶ᠋ᠢᠭᠤᠯᠬᠤ ᠠᠴᠢᠶᠠᠯᠠᠪᠤᠷᠢ᠎ᠪᠠᠨ ᠦᠷᠭᠦᠯᠵᠢᠯᠡᠨ ᠪᠠᠶᠠᠯᠢᠭᠵᠢᠭᠤᠯᠵᠤ᠂ ᠦᠨᠳᠦᠰᠦᠲᠡᠨ᠎ᠤ ᠪᠦᠯᠬᠦᠮᠳᠡᠯ᠎ᠤᠨ ᠤᠬᠠᠭᠤᠯᠭ᠎ᠠ ᠬᠥᠮᠦᠵᠢᠯ᠎ᠢ ᠭᠦᠨᠵᠡᠭᠡᠢ᠌ᠷᠡᠭᠦᠯᠵᠦ᠂ 《ᠭᠤᠷᠪᠠᠨ ᠬᠤᠷᠠᠯ ᠨᠢᠭᠡ ᠬᠢᠴᠢᠶᠡᠯ》᠂ ᠰᠢᠨ᠎ᠡ ᠴᠠᠭ ᠦᠶ᠎ᠡ ᠵᠢᠨ ᠪᠣᠯᠪᠠᠰᠤᠨ᠎ᠤ ᠦᠢ᠍ᠯᠡᠳᠦᠯᠭᠡ ᠵᠢᠨ ᠦᠷᠳᠡᠭᠡ᠂ ᠰᠤᠷᠤᠯᠴᠠᠯᠭ᠎ᠠ ᠵᠢᠨ ᠶᠡᠬᠡ ᠬᠢᠴᠢᠶᠡᠯ᠎ᠤᠨ ᠲᠠᠩᠬᠢᠮ ᠵᠡᠷᠭᠡ ᠬᠡᠯᠪᠡᠷᠢ ᠵᠢ ᠠᠰᠢᠭᠯᠠᠵᠤ᠂ ᠲᠣᠰᠬᠣᠨ᠎ᠤ ᠠᠷᠠᠳ᠎ᠢ ᠬᠥᠮᠥᠵᠢᠭᠦᠯᠦᠨ ᠬᠥᠲᠥᠯᠥᠨ ᠵᠢᠯᠤᠭᠣᠳᠴᠤ ᠪᠠᠢ᠌ᠭ᠋ᠠᠳ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠲᠠᠰᠤᠷᠠᠯᠳᠡ ᠦᠭᠡᠢ ᠪᠠᠲᠤᠳᠬᠠᠨ᠎ᠠ》 ᠭᠡᠵᠦ ᠲᠣᠰᠬᠣᠨ᠎ᠤ ᠨᠠᠮ᠎ᠤᠨ ᠡᠭᠦᠷ᠎ᠤᠨ ᠱᠦᠵᠢ ᠸᠠᠩ ᠦ᠋ ᠬᠣᠩ ᠬᠡᠯᠡᠪᠡ᠃