ᠬᠠᠪᠤᠷ᠎ᠤᠨ ᠡᠬᠢ᠎ᠪᠠᠷ᠂ ᠬᠢᠩᠭ᠋ᠠᠨ ᠠᠶ᠋ᠢᠮᠠᠭ᠎ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠪᠠᠯᠭ᠋ᠠᠰᠤ᠎ᠲᠠᠢ ᠰᠢᠶᠠᠩ᠎ᠳᠤ ᠡᠶ᠋ᠢᠮᠦ ᠨᠢᠭᠡ ᠪᠦᠯᠦᠭ ᠬᠥᠮᠦᠰ ᠬᠠᠭᠤᠴᠢᠨ ᠤᠷ᠎ᠠ ᠮᠡᠷᠭᠡᠵᠢᠯ ᠵᠶ᠋ᠡᠷ ᠵᠶ᠋ᠡᠨ ᠰᠤᠯᠠ ᠵᠠᠷᠤᠬᠤ ᠵᠣᠭᠣᠰ ᠣᠯᠤᠭᠰᠠᠨ ᠵᠶ᠋ᠠᠷ ᠪᠠᠷᠠᠬᠤ ᠦᠭᠡᠢ᠂ ᠤᠯᠠᠮᠵᠢᠯᠠᠯᠲᠤ ᠭᠠᠷ ᠤᠷᠠᠯᠠᠯ᠎ᠤᠨ ᠤᠷ᠎ᠠ ᠮᠡᠷᠭᠡᠵᠢᠯ᠎ᠢ ᠴᠦ᠍ ᠰᠢᠨ᠎ᠡ ᠠᠮᠢᠵᠢᠷᠠᠯ᠎ᠤᠨ ᠬᠦᠴᠦᠨ᠎ᠲᠠᠢ ᠪᠣᠯᠭ᠋ᠠᠵᠠᠢ᠃
ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠪᠠᠯᠭ᠋ᠠᠰᠤ᠎ᠲᠠᠢ ᠰᠢᠶᠠᠩ᠎ᠤᠨ ᠱᠤᠸᠠᠩ ᠹᠠ ᠲᠣᠰᠬᠣᠨ᠎ᠤ ᠠᠷᠠᠳ ᠯᠢᠶᠠᠩ ᠬᠦᠢ ᠹᠠ ᠵᠠᠯᠠᠭᠤ᠎ᠳᠠᠭᠠᠨ ᠰᠠᠭᠰᠤ ᠭᠦᠷᠦᠬᠦ ᠮᠡᠷᠭᠡᠵᠢᠯ᠎ᠢ ᠰᠤᠷᠴᠤ᠂ ᠵᠢᠯ ᠪᠦᠷᠢ ᠵᠢᠨ ᠴᠢᠯᠥᠭᠡ ᠵᠠᠪ ᠵᠶ᠋ᠠᠷ ᠵᠶ᠋ᠠᠨ ᠨᠢᠭᠡ ᠬᠤᠭᠤᠴᠠᠭ᠎ᠠ ᠨᠠᠶ᠋ᠢᠷᠠᠭᠤᠯᠳᠠᠭ᠂ ᠡᠨᠡ ᠨᠠᠶ᠋ᠢᠷᠠᠭᠤᠯᠭ᠎ᠠ ᠵᠢ 20 ᠵᠢᠯ ᠭᠡᠵᠦ ᠪᠤᠳᠤᠵᠤ ᠣᠯᠤᠭᠰᠠᠨ ᠦᠭᠡᠢ᠃ ᠨᠢᠭᠡᠨᠲᠡ 66 ᠨᠠᠰᠤᠯᠠᠭᠰᠠᠨ ᠲᠡᠷᠡ ᠰᠠᠭᠰᠤ ᠭᠦᠷᠦᠬᠦ ᠬᠠᠭᠤᠴᠢᠨ ᠤᠷ᠎ᠠ ᠮᠡᠷᠭᠡᠵᠢᠯ ᠵᠶ᠋ᠡᠨ ᠬᠠᠶᠠᠵᠤ ᠳᠡᠶ᠋ᠢᠯᠬᠦ ᠦᠭᠡᠢ᠂ ᠨᠢᠭᠡ ᠪᠤᠷᠭ᠋ᠠᠰᠤ᠂ ᠤᠷᠠᠨ ᠭᠠᠷ ᠵᠶ᠋ᠠᠷ ᠵᠶ᠋ᠠᠨ ᠳᠡᠭᠡᠭᠰᠢ ᠳᠣᠷᠣᠭᠰᠢ ᠰᠦᠯᠵᠢᠯᠳᠦᠨ ᠶᠠᠪᠤᠬᠤ᠎ᠳᠤ᠂ ᠨᠢᠭᠡᠨ ᠨᠠᠷᠢᠯᠢᠭ ᠬᠢᠴᠡᠲᠡᠶ ᠪᠤᠷᠭ᠋ᠠᠰᠤᠨ ᠰᠠᠭᠰᠤ ᠲᠡᠭᠦᠨ᠎ᠤ ᠭᠠᠷ᠎ᠠᠴᠠ ᠪᠣᠷᠣ ᠲᠥᠯᠥᠪ᠎ᠢ ᠠᠩᠬ᠎ᠠ ᠣᠯᠵᠤ ᠬᠠᠷᠠᠪᠠ᠃
《ᠨᠢᠭᠡ ᠵᠢᠯ᠎ᠳᠤ 100 ᠭᠠᠷᠤᠢ ᠬᠢᠵᠦ ᠳᠡᠶ᠋ᠢᠯᠬᠦ᠎ᠨᠢ ᠵᠥᠪᠬᠡᠨ ᠵᠣᠭᠣᠰ ᠤᠯᠬᠤ ᠵᠢᠨ ᠲᠥᠯᠥᠭᠡ ᠪᠢᠰᠢ᠂ ᠬᠠᠷᠢᠨ ᠮᠠᠨ᠎ᠤ ᠡᠨᠡ ᠬᠦ᠌ ᠬᠠᠭᠤᠴᠢᠨ ᠤᠷ᠎ᠠ ᠮᠡᠷᠭᠡᠵᠢᠯ᠎ᠢ ᠬᠥᠮᠦᠨ᠎ᠤ ᠪᠠᠬᠠᠷᠬᠠᠯ᠎ᠢ ᠲᠠᠲᠠᠬᠤ ᠵᠢᠨ ᠲᠥᠯᠥᠭᠡ ᠶᠤᠮ》 ᠭᠡᠵᠦ ᠯᠢᠶᠠᠩ ᠬᠦᠢ ᠹᠠ ᠬᠡᠯᠡᠪᠡ᠃
ᠡᠳᠦᠭᠡ᠂ ᠯᠢᠶᠠᠩ ᠬᠦᠢ ᠹᠠ ᠵᠢᠨ ᠨᠡᠬᠡᠭᠰᠡᠨ ᠪᠤᠷᠭ᠋ᠠᠰᠤᠨ ᠰᠠᠭᠰᠤ᠎ᠨᠢ ᠲᠤᠬᠠᠢ ᠵᠢᠨ ᠭᠠᠵᠠᠷ᠎ᠲᠠᠭᠠᠨ ᠪᠠᠭ᠎ᠠ ᠰᠠᠭ᠎ᠠ ᠨᠡᠷ᠎ᠡ᠎ᠲᠠᠢ ᠪᠠᠶ᠋ᠢᠬᠤ᠎ᠪᠠᠷ ᠪᠠᠷᠠᠬᠤ ᠦᠭᠡᠢ᠂ ᠪᠠᠰᠠ ᠵᠢᠷᠭᠢᠢᠡ᠂ ᠤᠲᠠᠰᠤ ᠵᠡᠷᠭᠡ ᠠᠷᠭ᠎ᠠ ᠵᠠᠮ ᠵᠶ᠋ᠠᠷ ᠪᠠᠷᠠᠭ᠎ᠠ ᠵᠠᠬᠢᠶᠠᠯᠠᠵᠤ᠂ ᠵᠠᠬᠢᠶᠠᠯᠠᠭ᠎ᠠ ᠵᠢᠨ ᠬᠠᠭᠤᠳᠠᠰᠤ ᠬᠣᠶ᠋ᠢᠨ᠎ᠠ ᠬᠣᠶ᠋ᠢᠨ᠎ᠠ᠎ᠠᠴᠠ᠎ᠪᠠᠨ ᠬᠦᠷᠴᠦ ᠢᠷᠡᠵᠠᠢ᠃
ᠰᠠᠭᠰᠤ ᠭᠦᠷᠦᠭᠰᠡᠨ ᠲᠣᠰᠬᠣᠨ᠎ᠤ ᠠᠷᠠᠳ ᠵᠢᠶᠠᠩ ᠢᠦᠶ ᠱᠠᠨ ᠄ 《 ᠠᠷᠠᠳ ᠢᠷᠭᠡᠳ ᠡᠨᠡ ᠰᠠᠭᠰᠤ ᠵᠢ ᠬᠤᠳᠠᠯᠳᠤᠨ ᠠᠪᠬᠤ ᠳᠤᠷᠠᠲᠠᠶ ᠪᠠᠶ᠋ᠢᠳᠠᠭ᠎ᠨᠢ ᠬᠢᠮᠳᠠ ᠮᠥᠷᠲᠡᠭᠡᠨ ᠠᠰᠢᠭᠲᠠᠶ ᠶᠤᠮ ᠂ ᠦᠬᠡᠷ᠎ᠲᠤ ᠡᠪᠡᠰᠦ ᠨᠡᠮᠡᠬᠦ ᠂ ᠡᠷᠳᠡᠨᠢ ᠰᠢᠰᠢ ᠵᠢᠨ ᠰᠠᠪᠠᠭ᠎ᠠ ᠰᠠᠪᠠᠯᠠᠬᠤ᠎ᠳᠤ ᠴᠥᠮ ᠲᠡᠭᠦᠨ᠎ᠢ ᠬᠡᠷᠡᠭᠯᠡᠨ᠎ᠡ 》 ᠭᠡᠵᠡᠶ ᠃
ᠮᠥᠨ ᠴᠦ᠍ ᠬᠠᠭᠤᠴᠢᠨ ᠭᠠᠷ ᠤᠷᠠᠯᠠᠯ᠎ᠤᠨ ᠠᠷᠭ᠎ᠠ᠎ᠪᠠᠷ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠪᠠᠯᠭ᠋ᠠᠰᠤ᠎ᠲᠠᠢ ᠰᠢᠶᠠᠩ᠎ᠤᠨ ᠵᠢᠨᠱ᠌ᠠᠨ ᠲᠣᠰᠬᠣᠨ᠎ᠤ ᠠᠷᠠᠳ ᠳ᠋ᠢ ᠰᠢᠶᠤᠤ ᠪᠥᠸᠧ ᠥᠪᠡᠷ᠎ᠤᠨ ᠤᠷᠠᠨ ᠮᠡᠷᠭᠡᠵᠢᠯ ᠵᠶ᠋ᠡᠷ ᠵᠶ᠋ᠡᠨ ᠵᠠᠬ᠎ᠠ ᠳᠡᠯᠭᠡᠭᠦᠷ᠎ᠤᠨ ᠡᠭᠦᠳᠡ ᠵᠢ ᠨᠡᠭᠡᠭᠡᠪᠡ᠃ ᠲᠡᠭᠦᠨ᠎ᠤ ᠦᠢ᠍ᠯᠡᠳᠦᠭᠰᠡᠨ ᠨᠢᠭᠡ ᠬᠣᠣᠰ ᠭᠣᠴᠣ ᠰᠠᠶ᠋ᠢᠬᠠᠨ ᠭᠠᠷ ᠤᠷᠠᠯᠠᠯ᠎ᠤᠨ ᠱᠠᠬᠠᠢ ᠵᠢ ᠸᠢᠴᠠᠲ᠎ᠤᠨ ᠨᠠᠶ᠋ᠢᠵᠠ ᠵᠢᠨ ᠲᠣᠭᠣᠷᠢᠭ ᠪᠤᠶᠤ ᠪᠠᠷᠢᠯᠭ᠎ᠠ ᠵᠢᠨ ᠭᠠᠵᠠᠷ᠎ᠲᠤ ᠠᠪᠠᠴᠢᠵᠤ ᠪᠣᠷᠣᠯᠠᠭᠤᠯᠤᠭ᠋ᠠᠳ᠂ ᠨᠢᠭᠡ ᠵᠢᠯ᠎ᠤᠨ ᠳᠣᠲᠣᠷ᠎ᠠ 2000 ᠭᠠᠷᠤᠢ ᠲᠥᠭᠥᠷᠢᠭ᠎ᠤᠨ ᠣᠷᠣᠯᠭ᠎ᠠ ᠨᠡᠮᠡᠭᠳᠡᠵᠡᠢ᠃ ᠳ᠋ᠢ ᠰᠢᠶᠤᠤ ᠪᠥᠸᠧ ᠬᠡᠯᠡᠬᠦ᠎ᠳᠡᠭᠡᠨ ᠂ ᠲᠡᠷᠡ 23 ᠨᠠᠰᠤᠨ ᠠᠴᠠ᠎ᠪᠠᠨ ᠡᠬᠢᠯᠡᠨ ᠭᠠᠷ ᠤᠷᠠᠯᠠᠯ᠎ᠤᠨ ᠱᠠᠬᠠᠶ ᠬᠢᠵᠦ ᠂ ᠣᠷᠣᠯᠭ᠎ᠠ᠎ᠪᠠᠨ ᠨᠡᠮᠡᠭᠳᠡᠭᠦᠯᠬᠦ ᠵᠢᠨ ᠵᠡᠷᠭᠡ᠎ᠳᠤ ᠪᠠᠰᠠ ᠥᠪᠡᠷ᠎ᠤᠨ ᠠᠵᠢᠯ᠎ᠤᠨ ᠴᠢᠯᠥᠭᠡᠨ᠎ᠤ ᠠᠮᠢᠳᠤᠷᠠᠯ ᠵᠶ᠋ᠠᠨ ᠪᠠᠶᠠᠯᠢᠭᠵᠢᠭᠤᠯᠵᠠᠶ ᠃
ᠪᠤᠷᠭ᠋ᠠᠰᠤ᠎ᠲᠠᠢ ᠰᠢᠶᠠᠩ᠎ᠤᠨ ᠮᠢᠨ ᠴᠢᠤᠸᠠᠨ ᠲᠣᠰᠬᠣᠨ᠎ᠤ ᠠᠷᠠᠳ ᠬᠤᠸᠠᠩ ᠵᠧᠨ ᠲᠢᠩ ᠭᠠᠷ ᠵᠶ᠋ᠠᠷ 《 ᠲᠠᠬᠢᠶᠠᠨ᠎ᠤ ᠬᠦᠷᠳᠦ 》 ᠨᠡᠬᠡᠬᠦ ᠭᠣᠴᠣ ᠡᠷᠳᠡᠮ᠎ᠲᠠᠢ ᠃ ᠬᠡᠰᠡᠭ ᠬᠡᠰᠡᠭ ᠪᠠᠭᠪᠠᠭ᠋ᠠᠶ ᠵᠢᠨ ᠨᠠᠪᠴᠢ᠎ᠨᠢ ᠲᠡᠭᠦᠨ᠎ᠤ ᠤᠷᠠᠨ ᠭᠠᠷᠤᠨ ᠠᠵᠢᠯᠯᠠᠭ᠎ᠠ᠎ᠪᠠᠷ ᠳᠡᠮᠡᠶ ᠤᠳᠠᠯ ᠦᠭᠡᠢ ᠨᠢᠭᠡᠨ ᠨᠠᠷᠢᠯᠢᠭ ᠬᠢᠴᠡᠲᠡᠶ 《ᠲᠠᠬᠢᠶᠠᠨ ᠬᠦᠷᠳᠦ》 ᠪᠣᠯᠤᠨ ᠬᠤᠪᠢᠷᠠᠵᠠᠶ᠃ ᠡᠨᠡ᠎ᠨᠢ ᠲᠡᠭᠦᠨ᠎ᠤ ᠤᠷᠠᠨ ᠭᠠᠷᠤᠨ ᠠᠵᠢᠯᠯᠠᠭ᠎ᠠ᠎ᠪᠠᠷ ᠳᠡᠮᠡᠶ ᠤᠳᠠᠯ ᠦᠭᠡᠢ ᠨᠢᠭᠡᠨ ᠨᠠᠷᠢᠯᠢᠭ ᠬᠢᠴᠡ᠎ᠲᠠᠢ 《ᠲᠠᠬᠢᠶᠠᠨ ᠬᠦᠷᠳᠦ》 ᠪᠣᠯᠤᠨ ᠬᠤᠪᠢᠷᠠᠵᠠᠶ᠃ ᠬᠤᠸᠠᠩ ᠵᠧᠨ ᠲᠢᠩ᠎ᠤᠨ ᠬᠡᠯᠡᠬᠦ᠎ᠪᠠᠷ ᠂ ᠡᠪᠦᠯ᠎ᠤᠨ ᠰᠡᠯᠡᠭᠦᠦ ᠴᠠᠭ᠎ᠲᠤ ᠲᠡᠷᠡ ᠡᠳᠦᠷ ᠪᠦᠷᠢ ᠭᠤᠷᠪᠠ ᠠᠴᠠ ᠳᠥᠷᠪᠡ ᠵᠣᠬᠢᠶᠠᠨ ᠪᠠᠶ᠋ᠢᠭᠤᠯᠵᠤ ᠂ ᠨᠢᠭᠡ ᠵᠢᠯ᠎ᠳᠤ 3000 ᠲᠥᠭᠥᠷᠢᠭ᠎ᠤᠨ ᠣᠷᠣᠯᠭ᠎ᠠ ᠲᠠᠢ ᠪᠣᠯᠳᠠᠭ ᠭᠡᠨ᠎ᠡ ᠃ ᠣᠳᠣᠬᠠᠨ᠎ᠳᠤ᠂ ᠲᠡᠭᠦᠨ᠎ᠤ ᠨᠡᠬᠡᠭᠰᠡᠨ 《ᠲᠠᠬᠢᠶᠠᠨ᠎ᠤ ᠬᠦᠷᠳᠦ》᠎ᠨᠢ ᠲᠤᠬᠠᠶ ᠵᠢᠨ ᠭᠠᠵᠠᠷ᠎ᠲᠠᠭᠠᠨ ᠪᠠᠭ᠎ᠠ ᠰᠠᠭ᠎ᠠ ᠨᠡᠷ᠎ᠡ ᠠᠯᠳᠠᠷᠲᠠᠶ᠎ᠪᠠᠷ ᠪᠠᠷᠠᠬᠤ ᠦᠭᠡᠢ ᠪᠠᠰᠠ ᠡᠷᠬᠢᠨ ᠲᠣᠭᠣᠷᠢᠨ᠎ᠤ ᠬᠣᠰᠢᠭᠤ ᠰᠢᠶᠠᠨ᠎ᠳᠤ ᠪᠣᠷᠣᠯᠠᠭᠤᠯᠤᠭᠳᠠᠵᠤ᠂ ᠴᠢᠨᠠᠭᠰᠢᠯᠠᠪᠠᠯ ᠬᠠᠩᠭ᠋ᠠᠯᠭ᠎ᠠ᠎ᠨᠢ ᠬᠡᠷᠡᠭᠴᠡᠭᠡ᠎ᠳᠡᠭᠡᠨ ᠬᠦᠷᠬᠦ ᠦᠭᠡᠢ ᠪᠣᠯᠵᠠᠶ᠃