《ᠮᠥᠩᠬᠦ ᠤᠬᠢᠶᠠᠭᠰᠠᠨ ᠡᠷᠡᠭᠦᠦ ᠵᠢᠨ ᠬᠡᠷᠡᠭ᠎ᠢ ᠰᠢᠢ᠍ᠳᠪᠦᠷᠢᠯᠡᠬᠦ᠎ᠳᠤ ᠬᠠᠤᠯᠢ ᠴᠠᠭ᠋ᠠᠵᠠ ᠵᠢ ᠲᠣᠬᠢᠷᠠᠭᠤᠯᠤᠨ ᠬᠡᠷᠡᠭᠯᠡᠬᠦ ᠠᠰᠠᠭᠤᠳᠠᠯ᠎ᠤᠳ᠎ᠤᠨ ᠲᠤᠬᠠᠶ ᠠᠷᠠᠳ᠎ᠤᠨ ᠳᠡᠭᠡᠳᠦ ᠰᠢᠭᠦᠬᠦ ᠬᠣᠷᠢᠶ᠎ᠠ᠂ ᠠᠷᠠᠳ᠎ᠤᠨ ᠳᠡᠭᠡᠳᠦ ᠪᠠᠶ᠋ᠢᠴᠠᠭ᠋ᠠᠬᠤ ᠬᠣᠷᠢᠶᠠᠨ᠎ᠤ ᠲᠠᠶ᠋ᠢᠯᠪᠤᠷᠢᠯᠠᠯᠲᠠ》 ᠵᠢ 2023 ᠣᠨ᠎ᠤ 3 ᠰᠠᠷ᠎ᠠ ᠵᠢᠨ 20᠎ᠤ ᠡᠳᠦᠷ ᠠᠷᠠᠳ᠎ᠤᠨ ᠳᠡᠭᠡᠳᠦ ᠰᠢᠭᠦᠬᠦ ᠬᠣᠷᠢᠶᠠᠨ᠎ᠤ ᠰᠢᠭᠦᠨ ᠲᠠᠰᠤᠯᠬᠤ ᠺᠣᠮᠢᠰ᠎ᠤᠨ 1880 ᠳ᠋ᠤᠭ᠋ᠠᠷ ᠬᠤᠷᠠᠯᠳᠤᠭ᠋ᠠᠨ᠎ᠠᠴᠠ᠂ 2024 ᠣᠨ᠎ᠤ 3 ᠰᠠᠷ᠎ᠠ ᠵᠢᠨ 29᠎ᠤ ᠡᠳᠦᠷ ᠠᠷᠠᠳ᠎ᠤᠨ ᠳᠡᠭᠡᠳᠦ ᠪᠠᠶ᠋ᠢᠴᠠᠭ᠋ᠠᠬᠤ ᠬᠣᠷᠢᠶᠠᠨ᠎ᠤ ᠠᠷᠪᠠᠨ ᠳᠥᠷᠪᠡᠳᠦᠭᠡᠷ ᠬᠤᠭᠤᠴᠠᠭ᠋ᠠᠨ᠎ᠤ ᠪᠠᠶ᠋ᠢᠴᠠᠭ᠋ᠠᠬᠤ ᠺᠣᠮᠢᠰ᠎ᠤᠨ ᠬᠣᠷᠢᠨ ᠨᠠᠢ᠍ᠮᠠᠳᠤᠭ᠋ᠠᠷ ᠬᠤᠷᠠᠯᠳᠤᠭ᠋ᠠᠨ᠎ᠠᠴᠠ ᠪᠠᠲᠤᠯᠠᠪᠠ᠂ ᠤᠳᠤ ᠨᠡᠢ᠌ᠲᠡᠯᠡᠵᠦ᠂ 2024 ᠣᠨ᠎ᠤ 8 ᠰᠠᠷ᠎ᠠ ᠵᠢᠨ 20᠎ᠤ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ᠃
ᠠᠷᠠᠳ᠎ᠤᠨ ᠳᠡᠭᠡᠳᠦ ᠰᠢᠭᠦᠬᠦ ᠬᠣᠷᠢᠶ᠎ᠠ ᠠᠷᠠᠳ᠎ᠤᠨ ᠳᠡᠭᠡᠳᠦ ᠪᠠᠶ᠋ᠢᠴᠠᠭ᠋ᠠᠬᠤ ᠬᠣᠷᠢᠶ᠎ᠠ
2024 ᠣᠨ᠎ᠤ 8 ᠰᠠᠷ᠎ᠠ ᠵᠢᠨ 19
ᠬᠠᠤᠯᠢ ᠲᠠᠶ᠋ᠢᠯᠪᠤᠷᠢᠯᠠᠯᠲᠠ [2024] 10 ᠳ᠋ᠤᠭ᠋ᠠᠷ ᠲᠣᠭ᠋ᠠᠲᠤ
ᠠᠷᠠᠳ᠎ᠤᠨ ᠳᠡᠭᠡᠳᠦ ᠰᠢᠭᠦᠬᠦ ᠬᠣᠷᠢᠶ᠎ᠠ ᠠᠷᠠᠳ᠎ᠤᠨ ᠳᠡᠭᠡᠳᠦ ᠪᠠᠶ᠋ᠢᠴᠠᠭ᠋ᠠᠬᠤ ᠬᠣᠷᠢᠶ᠎ᠠ
ᠮᠥᠩᠬᠦ ᠤᠬᠢᠶᠠᠭᠰᠠᠨ ᠡᠷᠡᠭᠦᠦ ᠵᠢᠨ ᠬᠡᠷᠡᠭ᠎ᠢ ᠰᠢᠢ᠍ᠳᠪᠦᠷᠢᠯᠡᠬᠦ᠎ᠳᠤ ᠬᠠᠤᠯᠢ ᠴᠠᠭ᠋ᠠᠵᠠ ᠵᠢ ᠲᠣᠬᠢᠷᠠᠭᠤᠯᠤᠨ ᠬᠡᠷᠡᠭᠯᠡᠬᠦ ᠠᠰᠠᠭᠤᠳᠠᠯ᠎ᠤᠳ᠎ᠤᠨ ᠲᠤᠬᠠᠶ ᠲᠠᠶ᠋ᠢᠯᠪᠤᠷᠢᠯᠠᠯᠲᠠ
(2023 ᠣᠨ᠎ᠤ 3 ᠰᠠᠷ᠎ᠠ ᠵᠢᠨ 20᠎ᠤ ᠡᠳᠦᠷ ᠠᠷᠠᠳ᠎ᠤᠨ ᠳᠡᠭᠡᠳᠦ ᠰᠢᠭᠦᠬᠦ ᠬᠣᠷᠢᠶᠠᠨ᠎ᠤ ᠰᠢᠭᠦᠨ ᠲᠠᠰᠤᠯᠬᠤ ᠺᠣᠮᠢᠰ᠎ᠤᠨ 1880 ᠳ᠋ᠤᠭ᠋ᠠᠷ ᠬᠤᠷᠠᠯᠳᠤᠭ᠋ᠠᠨ᠂ 2024 ᠣᠨ᠎ᠤ 3 ᠰᠠᠷ᠎ᠠ ᠵᠢᠨ 29᠎ᠤ ᠡᠳᠦᠷ ᠠᠷᠠᠳ᠎ᠤᠨ ᠳᠡᠭᠡᠳᠦ ᠪᠠᠶ᠋ᠢᠴᠠᠭ᠋ᠠᠬᠤ ᠬᠣᠷᠢᠶᠠᠨ᠎ᠤ ᠠᠷᠪᠠᠨ ᠳᠥᠷᠪᠡᠳᠦᠭᠡᠷ ᠬᠤᠭᠤᠴᠠᠭ᠋ᠠᠨ᠎ᠤ ᠪᠠᠶ᠋ᠢᠴᠠᠭ᠋ᠠᠬᠤ ᠺᠣᠮᠢᠰ᠎ᠤᠨ ᠬᠣᠷᠢᠨ ᠨᠠᠢ᠍ᠮᠠᠳᠤᠭ᠋ᠠᠷ ᠬᠤᠷᠠᠯᠳᠤᠭ᠋ᠠᠨ᠎ᠠᠴᠠ ᠪᠠᠲᠤᠯᠠᠪᠠ᠂ 2024 ᠣᠨ᠎ᠤ 8 ᠰᠠᠷ᠎ᠠ ᠵᠢᠨ 20᠎ᠤ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ)
ᠮᠥᠩᠬᠦ ᠤᠬᠢᠶᠠᠬᠤ ᠶᠠᠯᠠᠲᠤ ᠠᠵᠢᠯᠯᠠᠭ᠎ᠠ ᠵᠢ ᠬᠠᠤᠯᠢ ᠶᠣᠰᠣᠭ᠋ᠠᠷ ᠵᠠᠯᠬᠠᠭ᠋ᠠᠨ ᠰᠢᠢ᠍ᠳᠭᠡᠬᠦ ᠵᠢᠨ ᠲᠥᠯᠥᠭᠡ᠂ 《ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠡᠷᠡᠭᠦᠦ ᠵᠢᠨ ᠬᠠᠤᠯᠢ》᠂ 《ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠡᠷᠡᠭᠦᠦ ᠵᠢᠨ ᠵᠠᠷᠭᠤ ᠵᠢᠨ ᠬᠠᠤᠯᠢ》 ᠵᠢᠨ ᠲᠣᠭᠲᠠᠭ᠋ᠠᠯ᠎ᠢ ᠦᠨᠳᠦᠰᠦᠯᠡᠨ᠂ ᠮᠥᠩᠬᠦ ᠤᠬᠢᠶᠠᠭᠰᠠᠨ ᠡᠷᠡᠭᠦᠦ ᠵᠢᠨ ᠬᠡᠷᠡᠭ᠎ᠢ ᠰᠢᠢ᠍ᠳᠪᠦᠷᠢᠯᠡᠬᠦ᠎ᠳᠤ ᠬᠠᠤᠯᠢ ᠴᠠᠭ᠋ᠠᠵᠠ ᠵᠢ ᠲᠣᠬᠢᠷᠠᠭᠤᠯᠤᠨ ᠬᠡᠷᠡᠭᠯᠡᠬᠦ ᠠᠰᠠᠭᠤᠳᠠᠯ᠎ᠤᠳ᠎ᠤᠨ ᠲᠤᠬᠠᠶ ᠤᠳᠤ ᠳᠣᠣᠷᠠᠬᠢ ᠮᠡᠲᠦ ᠲᠠᠶ᠋ᠢᠯᠪᠤᠷᠢᠯᠠᠯᠲᠠ ᠬᠢᠶ᠎ᠡ᠄
ᠨᠢᠭᠡᠳᠦᠭᠡᠷ ᠵᠦᠢ᠍ᠯ ᠲᠤᠰ ᠬᠥᠮᠦᠨ᠎ᠤ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠳᠤ ᠲᠣᠭᠲᠠᠭ᠋ᠠᠭᠰᠠᠨ ᠤᠭᠳᠤᠪᠤᠷᠢ ᠶᠠᠯᠠᠲᠤ ᠠᠵᠢᠯᠯᠠᠭ᠎ᠠ ᠵᠢ ᠬᠢᠭᠡᠳ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠪᠤᠢ ᠪᠣᠯᠤᠭᠰᠠᠨ ᠠᠰᠢᠭ ᠣᠯᠵᠠᠪᠤᠷᠢ ᠵᠢᠨ ᠢᠷᠡᠯᠳᠡ ᠪᠠ ᠰᠢᠨᠵᠢ ᠴᠢᠨᠠᠷ᠎ᠢ ᠨᠢᠭᠤᠨ ᠳᠠᠯᠳᠠᠯᠠᠬᠤ ᠵᠢᠨ ᠲᠥᠯᠥᠭᠡ᠂ ᠲᠤᠰ ᠵᠦᠢ᠍ᠯ᠎ᠤᠨ ᠨᠢᠭᠡᠳᠦᠭᠡᠷ ᠵᠤᠷᠪᠤᠰ᠎ᠲᠤ ᠲᠣᠭᠲᠠᠭ᠋ᠠᠭᠰᠠᠨ ᠮᠥᠩᠬᠦ ᠤᠬᠢᠶᠠᠬᠤ ᠦᠢ᠍ᠯᠡ ᠠᠵᠢᠯᠯᠠᠭ᠎ᠠ ᠵᠢ ᠬᠢᠭᠰᠡᠨ ᠪᠠᠶ᠋ᠢᠪᠠᠯ᠂ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠤᠨ ᠲᠣᠭᠲᠠᠭ᠋ᠠᠯ ᠶᠣᠰᠣᠭ᠋ᠠᠷ ᠶᠠᠯ᠎ᠠ ᠲᠣᠭᠲᠠᠭ᠋ᠠᠵᠤ ᠰᠢᠢ᠍ᠳᠭᠡᠨ᠎ᠡ᠃
ᠬᠣᠶᠠᠳᠤᠭ᠋ᠠᠷ ᠵᠦᠢ᠍ᠯ ᠪᠤᠰᠤᠳ ᠬᠥᠮᠦᠨ᠎ᠤ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠳᠤ ᠲᠣᠭᠲᠠᠭ᠋ᠠᠭᠰᠠᠨ ᠤᠭᠳᠤᠪᠤᠷᠢ ᠶᠠᠯᠠᠲᠤ ᠠᠵᠢᠯᠯᠠᠭ᠎ᠠ ᠵᠢ ᠬᠢᠭᠡᠳ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠪᠤᠢ ᠪᠣᠯᠤᠭᠰᠠᠨ ᠠᠰᠢᠭ ᠣᠯᠵᠠᠪᠤᠷᠢ ᠪᠣᠯᠬᠤ ᠵᠢ ᠮᠡᠳᠡᠬᠦ ᠪᠤᠶᠤ ᠮᠡᠳᠡᠬᠦ ᠶᠣᠰᠣᠲᠠᠶ ᠪᠠᠶ᠋ᠢᠲᠠᠯ᠎ᠠ᠎ᠪᠠᠨ ᠲᠡᠭᠦᠨ᠎ᠤ ᠢᠷᠡᠯᠳᠡ ᠪᠠ ᠰᠢᠨᠵᠢ ᠴᠢᠨᠠᠷ᠎ᠢ ᠨᠢᠭᠤᠨ ᠳᠠᠯᠳᠠᠯᠠᠵᠤ᠂ ᠨᠢᠭᠤᠨ ᠳᠠᠯᠳᠠᠯᠠᠬᠤ ᠵᠢᠨ ᠲᠥᠯᠥᠭᠡ᠂ ᠲᠤᠰ ᠵᠦᠢ᠍ᠯ᠎ᠤᠨ ᠨᠢᠭᠡᠳᠦᠭᠡᠷ ᠪᠠᠳᠠᠭ᠎ᠲᠤ ᠲᠣᠭᠲᠠᠭ᠋ᠠᠭᠰᠠᠨ ᠮᠥᠩᠬᠦ ᠤᠬᠢᠶᠠᠬᠤ ᠦᠢ᠍ᠯᠡ ᠠᠵᠢᠯᠯᠠᠭ᠎ᠠ ᠵᠢ ᠬᠢᠭᠰᠡᠨ ᠪᠠᠶ᠋ᠢᠪᠠᠯ᠂ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠤᠨ ᠲᠣᠭᠲᠠᠭ᠋ᠠᠯ ᠶᠣᠰᠣᠭ᠋ᠠᠷ ᠶᠠᠯ᠎ᠠ ᠲᠣᠭᠲᠠᠭ᠋ᠠᠵᠤ ᠰᠢᠢ᠍ᠳᠭᠡᠨ᠎ᠡ᠃
ᠭᠤᠷᠪᠠᠳᠤᠭ᠋ᠠᠷ ᠵᠦᠢ᠍ᠯ 《ᠮᠡᠳᠡᠬᠦ ᠪᠤᠶᠤ ᠮᠡᠳᠡᠬᠦ ᠶᠣᠰᠣᠲᠠᠶ》 ᠭᠡᠵᠦ ᠮᠠᠭ᠋ᠠᠳᠯᠠᠨ ᠲᠣᠭᠲᠠᠭ᠋ᠠᠬᠤ᠎ᠳᠤ᠂ ᠦᠢ᠍ᠯᠡ ᠠᠵᠢᠯᠯᠠᠭ᠋ᠠᠳᠠᠨ᠎ᠤ ᠬᠠᠷᠢᠯᠴᠠᠵᠤ᠂ ᠬᠦᠯᠢᠶᠡᠨ ᠠᠪᠤᠭᠰᠠᠨ ᠮᠡᠳᠡᠭᠡ ᠵᠠᠩᠭᠢ᠂ ᠪᠤᠰᠤᠳ᠎ᠤᠨ ᠶᠠᠯ᠎ᠠ ᠬᠢᠵᠦ ᠣᠯᠤᠭᠰᠠᠨ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢ ᠭᠠᠷ ᠳᠠᠮᠵᠢᠭᠰᠠᠨ ᠪᠠᠶ᠋ᠢᠳᠠᠯ᠂ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢᠨ ᠲᠦᠷᠦᠯ ᠵᠦᠢ᠍ᠯ᠂ ᠲᠣᠭ᠎ᠠ ᠬᠡᠮᠵᠢᠶ᠎ᠡ᠂ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢ ᠰᠢᠯᠵᠢᠭᠦᠯᠬᠦ᠂ ᠬᠤᠪᠢᠷᠠᠭᠤᠯᠬᠤ ᠠᠷᠭ᠎ᠠ ᠮᠠᠶᠢᠭ᠂ ᠠᠷᠠᠯᠵᠢᠶᠠᠨ᠎ᠤ ᠦᠢ᠍ᠯᠡ ᠠᠵᠢᠯᠯᠠᠭ᠎ᠠ᠂ ᠪᠡᠯᠡ ᠮᠥᠩᠭᠥᠨ᠎ᠤ ᠲᠠᠨᠭ᠌ᠰᠠᠨ ᠡᠷᠦᠬᠡ ᠵᠡᠷᠭᠡ ᠬᠡᠪ᠎ᠤᠨ ᠪᠤᠰᠤ ᠪᠠᠶ᠋ᠢᠳᠠᠯ᠎ᠢ ᠦᠢ᠍ᠯᠡ ᠠᠵᠢᠯᠯᠠᠭ᠋ᠠᠳᠠᠨ᠎ᠤ ᠠᠵᠢᠯ ᠮᠡᠷᠭᠡᠵᠢᠯ᠎ᠤᠨ ᠥᠩᠭᠡᠷᠡᠯᠲᠡ᠂ ᠤᠭᠳᠤᠪᠤᠷᠢ ᠶᠠᠯ᠎ᠠ ᠬᠢᠭᠰᠡᠳᠯᠦᠭᠡ ᠵᠢᠨ ᠬᠠᠷᠢᠴᠠᠭ᠎ᠠ ᠵᠢᠴᠢ ᠲᠡᠭᠦᠨ᠎ᠤ ᠥᠴᠢᠭᠯᠡᠯ ᠪᠠ ᠵᠥᠪᠲᠦᠭᠡᠯᠲᠡ᠂ ᠬᠠᠮᠲᠤ ᠬᠡᠷᠡᠭᠳᠡᠨᠤ ᠵᠢᠭ᠋ᠠᠨ ᠭᠡᠷᠡᠴᠢᠯᠡᠬᠦ ᠪᠠ ᠭᠡᠷᠡᠴᠢᠯᠡᠭᠴᠢ ᠵᠢᠨ ᠭᠡᠷᠡᠴᠢ ᠦᠭᠡ ᠵᠡᠷᠭᠡ ᠪᠠᠶ᠋ᠢᠳᠠᠯ᠎ᠲᠠᠢ ᠤᠶᠠᠯᠳᠤᠭᠤᠯᠤᠨ ᠶᠡᠷᠦᠩᠬᠡᠶ᠋ᠢᠯᠡᠨ ᠬᠢᠨᠠᠨ ᠪᠠᠶ᠋ᠢᠴᠠᠭ᠋ᠠᠵᠤ ᠮᠠᠭ᠋ᠠᠳᠯᠠᠨ᠎ᠠ᠃ ᠦᠢ᠍ᠯᠡ ᠠᠵᠢᠯᠯᠠᠭ᠋ᠠᠳᠠᠨ᠎ᠤ ᠦᠨᠡᠨ ᠬᠦ᠌ ᠮᠡᠳᠡᠬᠦ ᠦᠭᠡᠢ ᠪᠠᠶ᠋ᠢᠬᠤ ᠵᠢ ᠭᠡᠷᠡᠴᠢᠯᠡᠬᠦ ᠭᠡᠷᠡᠴᠢ ᠪᠠᠷᠢᠮᠲᠠ᠎ᠲᠠᠢ ᠪᠠᠶ᠋ᠢᠪᠠᠯ ᠡᠭᠦᠨ᠎ᠳᠤ ᠪᠠᠭᠲᠠᠬᠤ ᠦᠭᠡᠢ᠃
ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠳᠤ ᠲᠣᠭᠲᠠᠭ᠋ᠠᠭᠰᠠᠨ ᠳᠡᠭᠡᠷ᠎ᠡ ᠤᠷᠤᠰᠬᠠᠯ᠎ᠤᠨ ᠶᠠᠮᠠᠷ ᠨᠢᠭᠡᠨ ᠶᠠᠯᠠᠲᠤ ᠠᠵᠢᠯᠯᠠᠭ᠎ᠠ ᠵᠢᠨ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢ ᠲᠤᠰ ᠵᠦᠢ᠍ᠯ᠎ᠳᠤ ᠲᠣᠭᠲᠠᠭ᠋ᠠᠭᠰᠠᠨ ᠤᠭᠳᠤᠪᠤᠷᠢ ᠶᠠᠯᠠᠲᠤ ᠠᠵᠢᠯᠯᠠᠭ᠎ᠠ ᠵᠢᠨ ᠬᠡᠪᠴᠢᠶᠡᠨ᠎ᠳᠠᠬᠢ ᠪᠤᠰᠤᠳ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ᠎ᠪᠠᠷ ᠦᠵᠡᠭᠰᠡᠨ ᠴᠦ᠍ 《ᠮᠡᠳᠡᠬᠦ ᠪᠤᠶᠤ ᠮᠡᠳᠡᠬᠦ ᠶᠣᠰᠣᠲᠠᠶ》 ᠭᠡᠳᠡᠭ᠎ᠢ ᠮᠠᠭ᠋ᠠᠳᠯᠠᠨ ᠲᠣᠭᠲᠠᠭ᠋ᠠᠬᠤ ᠵᠢ ᠨᠥᠯᠥᠭᠡᠯᠡᠬᠦ ᠦᠭᠡᠢ᠃
ᠳᠥᠷᠪᠡᠳᠦᠭᠡᠷ ᠵᠦᠢ᠍ᠯ ᠤᠬᠢᠶᠠᠭᠰᠠᠨ ᠮᠥᠩᠬᠦ ᠵᠢᠨ ᠲᠣᠭ᠎ᠠ᠎ᠨᠢ ᠲᠠᠪᠤᠨ ᠵᠠᠭᠤᠨ ᠲᠦᠮᠡᠨ ᠲᠥᠭᠥᠷᠢᠭ᠎ᠠᠴᠠ ᠳᠡᠭᠡᠭᠰᠢ ᠪᠠᠶ᠋ᠢᠬᠤ ᠮᠥᠷᠲᠡᠭᠡᠨ ᠳᠣᠣᠷ᠎ᠠ ᠵᠢᠭᠰᠠᠭ᠋ᠠᠭᠰᠠᠨ ᠪᠠᠶ᠋ᠢᠳᠠᠯ᠎ᠤᠨ ᠨᠢᠭᠡ᠎ᠨᠢ ᠪᠠᠶ᠋ᠢᠪᠠᠯ᠂ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠳᠤ ᠲᠣᠭᠲᠠᠭ᠋ᠠᠭᠰᠠᠨ 《ᠦᠢ᠍ᠯᠡ ᠪᠠᠶ᠋ᠢᠳᠠᠯ᠎ᠨᠢ ᠬᠦᠨᠳᠦ ᠨᠣᠴᠢᠲᠠᠶ》᠎ᠪᠠᠷ ᠮᠠᠭ᠋ᠠᠳᠯᠠᠨ ᠲᠣᠭᠲᠠᠭ᠋ᠠᠬᠤ ᠬᠡᠷᠡᠭᠲᠡᠶ᠄
(ᠨᠢᠭᠡ) ᠮᠥᠩᠬᠦ ᠤᠬᠢᠶᠠᠬᠤ ᠠᠵᠢᠯᠯᠠᠭ᠎ᠠ ᠵᠢ ᠣᠯᠠᠨᠲᠠ ᠬᠢᠭᠰᠡᠨ;
(ᠬᠣᠶᠠᠷ) ᠵᠣᠭᠣᠰ ᠮᠥᠩᠭᠥ ᠡᠳ᠋ ᠪᠣᠳᠠᠰ᠎ᠢ ᠨᠡᠬᠡᠮᠵᠢᠯᠡᠨ ᠲᠤᠰᠢᠶᠠᠯᠭ᠋ᠠᠬᠤ᠎ᠳᠤ ᠬᠠᠮᠵᠢᠯᠴᠠᠬᠤ ᠵᠢ ᠲᠡᠪᠴᠢᠭᠰᠡᠨ᠎ᠠᠴᠠ ᠪᠤᠯᠵᠤ ᠪᠤᠵᠠᠷ ᠵᠣᠭᠣᠰ ᠪᠤᠵᠠᠷ ᠡᠳ᠋᠎ᠢ ᠨᠡᠬᠡᠮᠵᠢᠯᠡᠨ ᠲᠤᠰᠢᠶᠠᠯᠭ᠋ᠠᠬᠤ ᠵᠢᠨ ᠠᠷᠭ᠎ᠠ ᠦᠭᠡᠢ ᠪᠣᠯᠭ᠋ᠠᠭᠰᠠᠨ;
(ᠭᠤᠷᠪᠠ) ᠬᠣᠶᠠᠷ ᠵᠠᠭᠤ ᠲᠡᠪᠢᠠ ᠲᠦᠮᠡᠨ ᠲᠥᠭᠥᠷᠢᠭ᠎ᠠᠴᠠ ᠳᠡᠭᠡᠭᠰᠢ ᠬᠣᠬᠢᠷᠠᠯ ᠭᠠᠷᠭ᠋ᠠᠭᠰᠠᠨ;
(ᠲᠤᠢ᠍ᠷᠪᠡ) ᠪᠤᠰᠤᠳ ᠬᠦᠨᠳᠦ ᠨᠣᠴᠢᠲᠠᠶ ᠤᠷᠰᠢᠭ ᠲᠠᠲᠠᠭᠰᠠᠨ᠃
ᠬᠣᠶᠠᠷ᠎ᠠᠴᠠ ᠳᠡᠭᠡᠭᠰᠢ ᠤᠳᠠᠭ᠎ᠠ ᠮᠥᠩᠬᠦ ᠤᠬᠢᠶᠠᠭᠰᠠᠨ ᠶᠠᠯᠠᠲᠤ ᠠᠵᠢᠯᠯᠠᠭ᠎ᠠ ᠵᠢ ᠬᠢᠵᠦ᠂ ᠬᠠᠤᠯᠢ ᠶᠣᠰᠣᠭ᠋ᠠᠷ ᠡᠷᠡᠭᠦᠦ ᠵᠢᠨ ᠬᠡᠷᠡᠭ ᠵᠶ᠋ᠠᠷ ᠰᠢᠢ᠍ᠳᠪᠦᠷᠢᠯᠡᠬᠦ ᠶᠣᠰᠣᠲᠠᠶ ᠪᠠᠶ᠋ᠢᠲᠠᠯ᠎ᠠ ᠰᠢᠢ᠍ᠳᠪᠦᠷᠢᠯᠡᠭᠰᠡᠨ ᠦᠭᠡᠢ ᠪᠠᠶ᠋ᠢᠪᠠᠯ᠂ ᠵᠣᠭᠣᠰ ᠤᠬᠢᠶᠠᠭᠰᠠᠨ ᠲᠣᠭ᠎ᠠ ᠵᠢ᠎ᠨᠢ ᠨᠡᠶ᠋ᠢᠯᠡᠭᠦᠯᠦᠨ ᠪᠤᠳᠤᠨ᠎ᠠ᠃
ᠲᠠᠪᠤᠳᠤᠭ᠋ᠠᠷ ᠵᠦᠢ᠍ᠯ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠳᠤ ᠲᠣᠭᠲᠠᠭ᠋ᠠᠭᠰᠠᠨ ᠤᠭᠳᠤᠪᠤᠷᠢ ᠶᠠᠯᠠᠲᠤ ᠠᠵᠢᠯᠯᠠᠭ᠎ᠠ ᠵᠢ ᠬᠢᠭᠡᠳ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠪᠤᠢ ᠪᠣᠯᠤᠭᠰᠠᠨ ᠠᠰᠢᠭ ᠣᠯᠵᠠᠪᠤᠷᠢ ᠵᠢᠨ ᠢᠷᠡᠯᠳᠡ ᠪᠠ ᠰᠢᠨᠵᠢ ᠴᠢᠨᠠᠷ᠎ᠢ ᠨᠢᠭᠤᠨ ᠳᠠᠯᠳᠠᠯᠠᠬᠤ ᠵᠢᠨ ᠲᠥᠯᠥᠭᠡ᠂ ᠳᠣᠣᠷ᠎ᠠ ᠵᠢᠭᠰᠠᠭ᠋ᠠᠭᠰᠠᠨ ᠦᠢ᠍ᠯᠡ ᠠᠵᠢᠯᠯᠠᠭ᠎ᠠ ᠵᠢᠨ ᠨᠢᠭᠡ ᠵᠢ ᠬᠢᠭᠰᠡᠨ ᠪᠠᠶ᠋ᠢᠪᠠᠯ᠂ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠤᠨ ᠨᠢᠭᠡᠳᠦᠭᠡᠷ ᠵᠤᠷᠪᠤᠰ᠎ᠤᠨ ᠲᠠᠪᠤᠳᠤᠭ᠋ᠠᠷ ᠵᠤᠷᠪᠤᠰ᠎ᠲᠤ ᠲᠣᠭᠲᠠᠭ᠋ᠠᠭᠰᠠᠨ 《ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠪᠤᠢ ᠪᠣᠯᠤᠭᠰᠠᠨ ᠠᠰᠢᠭ ᠣᠯᠵᠠᠪᠤᠷᠢ ᠵᠢᠨ ᠢᠷᠡᠯᠳᠡ ᠪᠠ ᠰᠢᠨᠵᠢ ᠴᠢᠨᠠᠷ᠎ᠢ ᠪᠤᠰᠤᠳ ᠠᠷᠭ᠎ᠠ᠎ᠪᠠᠷ ᠨᠢᠭᠤᠨ ᠳᠠᠯᠳᠠᠯᠠᠭᠰᠠᠨ》 ᠵᠶ᠋ᠠᠷ ᠮᠠᠭ᠋ᠠᠳᠯᠠᠨ ᠲᠣᠭᠲᠠᠭ᠋ᠠᠵᠤ ᠪᠣᠯᠤᠨ᠎ᠠ᠄
(ᠨᠢᠭᠡ) ᠳᠠᠨᠵᠢᠯᠠᠬᠤ᠂ ᠲᠦᠷᠢᠶᠡᠰᠦᠯᠡᠬᠦ᠂ ᠬᠤᠳᠠᠯᠳᠤᠭᠤᠯᠬᠤ᠂ ᠪᠡᠯᠠ ᠣᠷᠣᠭᠤᠯᠬᠤ᠂ ᠦᠨ᠎ᠡ ᠬᠠᠶᠠᠨ ᠬᠤᠳᠠᠯᠳᠤᠬᠤ᠂ ᠮᠥᠩᠭᠥᠨ ᠭᠦᠢ᠍ᠯᠭᠡᠭᠡᠨ᠎ᠤ ᠤᠢ᠍ᠢ᠍ᠯᠡᠦᠡᠬᠦᠠᠢ ᠬᠤᠳᠠᠯᠳᠤᠨ ᠠᠪᠬᠤ ᠵᠡᠷᠭᠡ ᠠᠷᠭ᠎ᠠ ᠮᠠᠶᠢᠭ ᠵᠶ᠋ᠠᠷ ᠳᠠᠮᠵᠢᠭᠤᠯᠵᠤ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢ ᠰᠢᠯᠵᠢᠭᠦᠯᠦᠭᠰᠡᠨ᠂ ᠬᠤᠪᠢᠷᠠᠭᠤᠯᠤᠭᠰᠠᠨ;
(ᠬᠣᠶᠠᠷ) ᠬᠤᠳᠠᠯᠳᠤᠭ᠋ᠠᠨ᠎ᠤ ᠲᠠᠯᠠᠪᠤᠷ᠂ ᠵᠣᠴᠢᠳ᠎ᠤᠨ ᠪᠠᠭᠤᠳᠠᠯ᠂ ᠵᠤᠭ᠎ᠠ ᠴᠡᠩᠭᠡᠯ᠎ᠤᠨ ᠲᠠᠯᠠᠪᠤᠷ ᠵᠡᠷᠭᠡ ᠪᠡᠯᠡᠨ ᠵᠣᠭᠣᠰ ᠬᠤᠷᠠᠭᠰᠠᠨ ᠬᠡᠯᠪᠡᠷᠢ ᠵᠢᠨ ᠲᠠᠯᠠᠪᠤᠷ ᠭᠠᠵᠠᠷ᠎ᠤᠨ ᠡᠵᠡᠩᠨᠡᠯᠲᠡ ᠵᠢᠨ ᠣᠷᠣᠯᠭ᠎ᠠ᠎ᠲᠠᠢ ᠬᠣᠯᠢᠯᠳᠤᠭᠤᠯᠬᠤ ᠠᠷᠭ᠎ᠠ ᠮᠠᠶᠢᠭ ᠵᠶ᠋ᠠᠷ ᠳᠠᠮᠵᠢᠭᠤᠯᠤᠨ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢ ᠰᠢᠯᠵᠢᠭᠦᠯᠦᠭᠰᠡᠨ᠂ ᠬᠤᠪᠢᠷᠠᠭᠤᠯᠤᠭᠰᠠᠨ;
(ᠭᠤᠷᠪᠠ) ᠬᠤᠳᠠᠯ ᠵᠶ᠋ᠠᠷ ᠠᠷᠠᠯᠵᠢᠶᠠᠯᠠᠬᠤ᠂ ᠬᠤᠳᠠᠯ ᠵᠶ᠋ᠠᠷ ᠠᠪᠴᠠᠭ᠎ᠠ ᠥᠭᠴᠡᠭᠡ ᠵᠣᠬᠢᠶᠠᠬᠤ᠂ ᠬᠤᠳᠠᠯ ᠵᠶ᠋ᠠᠷ ᠳᠠᠭ᠋ᠠᠭ᠋ᠠᠯᠲᠠ ᠬᠢᠬᠦ᠂ ᠬᠤᠳᠠᠯ ᠵᠶ᠋ᠠᠷ ᠣᠷᠣᠯᠭ᠎ᠠ᠎ᠪᠠᠨ ᠮᠡᠳᠡᠭᠦᠯᠬᠦ ᠵᠡᠷᠭᠡ ᠠᠷᠭ᠎ᠠ ᠮᠠᠶᠢᠭ ᠵᠶ᠋ᠠᠷ ᠳᠠᠮᠵᠢᠭᠤᠯᠤᠨ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢ ᠰᠢᠯᠵᠢᠭᠦᠯᠦᠭᠰᠡᠨ᠂ ᠬᠤᠪᠢᠷᠠᠭᠤᠯᠤᠭᠰᠠᠨ;
(ᠲᠤᠢ᠍ᠷᠪᠡ) ᠬᠤᠨᠵᠢᠪᠤᠷᠢᠳᠦ ᠰᠤᠭᠤᠯᠤᠭ᠎ᠠ᠂ ᠱᠠᠩᠨᠠᠯ᠎ᠤᠨ ᠲᠡᠮᠳᠡᠭᠲᠦ᠂ ᠬᠠᠳᠠᠭ᠋ᠠᠯᠠᠮᠵᠢ ᠵᠢᠨ ᠺᠠᠷᠲ᠂ ᠠᠯᠳᠠ ᠵᠡᠷᠭᠡ ᠦᠨᠡᠲᠦ ᠲᠡᠮᠦᠷᠯᠢᠭ᠎ᠢ ᠬᠤᠳᠠᠯᠳᠤᠭ᠋ᠠᠯᠠᠬᠤ ᠵᠡᠷᠭᠡ ᠠᠷᠭ᠎ᠠ ᠮᠠᠶᠢᠭ ᠵᠶ᠋ᠠᠷ ᠳᠠᠮᠵᠢᠭᠤᠯᠤᠨ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢ ᠬᠤᠪᠢᠷᠠᠭᠤᠯᠤᠭᠰᠠᠨ;
(ᠲᠠᠪᠤ) ᠵᠣᠭᠣᠰ ᠮᠦᠷᠦᠢ᠌ᠴᠡᠬᠦ ᠠᠷᠭ᠎ᠠ ᠮᠠᠶᠢᠭ ᠵᠶ᠋ᠠᠷ ᠳᠠᠮᠵᠢᠭᠤᠯᠤᠨ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢ ᠵᠣᠭᠣᠰ ᠮᠦᠷᠦᠢ᠌ᠴᠡᠭᠰᠡᠨ ᠠᠰᠢᠭ ᠣᠯᠵᠠᠪᠤᠷᠢ ᠪᠣᠯᠭ᠋ᠠᠨ ᠬᠤᠪᠢᠷᠠᠭᠤᠯᠤᠭᠰᠠᠨ;
(ᠵᠢᠷᠭᠤᠭ᠎ᠠ) 《ᠬᠡᠶ᠋ᠢᠰᠪᠦᠷᠢ ᠡᠳ᠋ ᠬᠦᠷᠦᠩᠭᠡ》 ᠵᠢ ᠠᠷᠠᠯᠵᠢᠶᠠᠯᠠᠬᠤ᠂ ᠮᠥᠩᠭᠥᠨ ᠭᠦᠢ᠍ᠯᠭᠡᠭᠡᠨ᠎ᠤ ᠡᠳ᠋ ᠬᠦᠷᠦᠩᠭᠡ ᠵᠢ ᠰᠣᠯᠢᠬᠤ ᠠᠷᠭ᠎ᠠ ᠮᠠᠶᠢᠭ ᠵᠶ᠋ᠠᠷ ᠳᠠᠮᠵᠢᠭᠤᠯᠤᠨ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢ ᠰᠢᠯᠵᠢᠭᠦᠯᠦᠭᠰᠡᠨ᠂ ᠬᠤᠪᠢᠷᠠᠭᠤᠯᠤᠭᠰᠠᠨ;
(ᠲᠤᠯᠦᠭ᠎ᠠ) ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠣᠯᠤᠭᠰᠠᠨ ᠠᠰᠢᠭ ᠣᠯᠵᠠᠪᠤᠷᠢ ᠵᠢ ᠪᠤᠰᠤᠳ ᠠᠷᠭ᠎ᠠ ᠮᠠᠶᠢᠭ ᠵᠶ᠋ᠠᠷ ᠰᠢᠯᠵᠢᠭᠦᠯᠦᠭᠰᠡᠨ᠂ ᠬᠤᠪᠢᠷᠠᠭᠤᠯᠤᠭᠰᠠᠨ᠃
ᠵᠢᠷᠭᠤᠳᠤᠭ᠋ᠠᠷ ᠵᠦᠢ᠍ᠯ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠳᠤ ᠲᠣᠭᠲᠠᠭ᠋ᠠᠭᠰᠠᠨ ᠳᠡᠭᠡᠷ᠎ᠡ ᠤᠷᠤᠰᠬᠠᠯ᠎ᠤᠨ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠪᠤᠶ ᠪᠣᠯᠤᠭᠰᠠᠨ ᠠᠰᠢᠭ ᠣᠯᠵᠠᠪᠤᠷᠢ ᠵᠢ ᠨᠢᠭᠤᠨ ᠳᠠᠯᠳᠠᠯᠠᠵᠤ᠂ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠳᠤ ᠲᠣᠭᠲᠠᠭ᠋ᠠᠭᠰᠠᠨ ᠮᠥᠩᠬᠦ ᠤᠬᠢᠶᠠᠭᠰᠠᠨ ᠶᠠᠯ᠎ᠠ ᠪᠤᠯᠵᠤ ᠪᠦᠷᠢᠯᠳᠦᠬᠦ ᠵᠢᠨ ᠬᠠᠮᠲᠤ ᠪᠠᠰᠠ ᠡᠷᠡᠭᠦᠦ ᠵᠢᠨ ᠬᠠᠤᠯᠢ ᠵᠢᠨ ᠭᠤᠷᠪᠠᠨ ᠵᠠᠭᠤ ᠠᠷᠪᠠᠨ ᠬᠣᠶᠠᠳᠤᠭ᠋ᠠᠷ ᠵᠦᠢ᠍ᠯ᠎ᠳᠤ ᠲᠣᠭᠲᠠᠭ᠋ᠠᠭᠰᠠᠨ ᠶᠠᠯ᠎ᠠ ᠬᠢᠵᠦ ᠣᠯᠤᠭᠰᠠᠨ ᠠᠰᠢᠭ ᠣᠷᠣᠯᠭ᠎ᠠ᠂ ᠶᠠᠯ᠎ᠠ ᠬᠢᠵᠦ ᠣᠯᠤᠭᠰᠠᠨ ᠠᠰᠢᠭ ᠣᠷᠣᠯᠭ᠎ᠠ᠎ᠪᠠᠨ ᠨᠢᠭᠤᠨ ᠳᠠᠯᠳᠠᠯᠠᠭᠰᠠᠨ ᠶᠠᠯ᠎ᠠ ᠪᠤᠯᠵᠤ ᠪᠦᠷᠢᠯᠳᠦᠭᠰᠡᠨ ᠪᠠᠶ᠋ᠢᠪᠠᠯ᠂ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠤᠨ ᠲᠣᠭᠲᠠᠭ᠋ᠠᠯ ᠶᠣᠰᠣᠭ᠋ᠠᠷ ᠶᠠᠯ᠎ᠠ ᠲᠣᠭᠲᠠᠭ᠋ᠠᠵᠤ ᠰᠢᠢ᠍ᠳᠭᠡᠨ᠎ᠡ᠃
ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠳᠤ ᠲᠣᠭᠲᠠᠭ᠋ᠠᠭᠰᠠᠨ ᠮᠥᠩᠬᠦ ᠤᠬᠢᠶᠠᠭᠰᠠᠨ ᠦᠢ᠍ᠯᠡ ᠠᠵᠢᠯᠯᠠᠭ᠎ᠠ ᠵᠢ ᠬᠢᠵᠦ᠂ ᠮᠥᠩᠬᠦ ᠤᠬᠢᠶᠠᠭᠰᠠᠨ ᠶᠠᠯ᠎ᠠ ᠪᠤᠯᠵᠤ ᠪᠦᠷᠢᠯᠳᠦᠬᠦ ᠵᠢᠨ ᠬᠠᠮᠲᠤ ᠪᠠᠰᠠ ᠡᠷᠡᠭᠦᠦ ᠵᠢᠨ ᠬᠠᠤᠯᠢ ᠵᠢᠨ ᠭᠤᠷᠪᠠᠨ ᠵᠠᠭᠤ ᠳᠥᠴᠢ ᠶᠢᠰᠦᠳᠦᠭᠡᠷ ᠵᠦᠢ᠍ᠯ᠂ ᠬᠣᠶᠠᠷ ᠵᠠᠭᠤ ᠬᠣᠷᠢᠨ ᠲᠠᠪᠤᠳᠤᠭ᠋ᠠᠷ ᠵᠦᠢ᠍ᠯ᠂ ᠵᠠᠭᠤ ᠲᠠᠯᠠᠨ ᠳᠣᠯᠣᠳᠤᠭ᠋ᠠᠷ ᠵᠦᠢ᠍ᠯ᠎ᠤᠨ ᠨᠢᠭᠡ ᠪᠤᠶᠤ ᠵᠠᠭᠤ ᠬᠣᠷᠢᠳᠤᠭ᠋ᠠᠷ ᠵᠦᠢ᠍ᠯ᠎ᠤᠨ ᠨᠢᠭᠡ᠎ᠳᠤ ᠲᠣᠭᠲᠠᠭ᠋ᠠᠭᠰᠠᠨ ᠶᠠᠯ᠎ᠠ ᠵᠢ ᠪᠦᠷᠢᠯᠳᠦᠭᠦᠯᠦᠭᠰᠡᠨ ᠪᠠᠶ᠋ᠢᠪᠠᠯ᠂ ᠨᠡᠯᠢᠶᠡᠳ ᠬᠦᠨᠳᠦ᠎ᠪᠠᠷ ᠰᠢᠳᠬᠡᠬᠦ ᠲᠣᠭᠲᠠᠭ᠋ᠠᠯ ᠶᠣᠰᠣᠭ᠋ᠠᠷ ᠶᠠᠯ᠎ᠠ ᠲᠣᠭᠲᠠᠭ᠋ᠠᠵᠤ ᠰᠢᠢ᠍ᠳᠭᠡᠨ᠎ᠡ᠃
ᠳᠣᠯᠣᠳᠤᠭ᠋ᠠᠷ ᠵᠦᠢ᠍ᠯ ᠮᠥᠩᠬᠦ ᠤᠬᠢᠶᠠᠭᠰᠠᠨ ᠶᠠᠯ᠎ᠠ ᠵᠢ ᠮᠠᠭ᠋ᠠᠳᠯᠠᠨ ᠲᠣᠭᠲᠠᠭ᠋ᠠᠬᠤ᠎ᠳᠤ ᠤᠭᠳᠤᠪᠤᠷᠢ ᠶᠠᠯ᠎ᠠ ᠵᠢᠨ ᠪᠣᠳᠠᠲᠤ ᠶᠠᠪᠤᠳᠠᠯ ᠪᠠᠶ᠋ᠢᠭᠤᠯᠤᠭᠳᠠᠬᠤ᠎ᠪᠠᠷ ᠤᠷᠢᠲᠠᠯ ᠪᠣᠯᠭ᠋ᠠᠬᠤ ᠬᠡᠷᠡᠭᠲᠡᠶ᠃ ᠳᠣᠣᠷ᠎ᠠ ᠵᠢᠭᠰᠠᠭ᠋ᠠᠭᠰᠠᠨ ᠪᠠᠶ᠋ᠢᠳᠠᠯ᠎ᠲᠠᠢ ᠪᠠᠶ᠋ᠢᠪᠠᠯ᠂ ᠮᠥᠩᠬᠦ ᠤᠬᠢᠶᠠᠭᠰᠠᠨ ᠶᠠᠯ᠎ᠠ ᠵᠢ ᠮᠠᠭ᠋ᠠᠳᠯᠠᠨ ᠲᠣᠭᠲᠠᠭ᠋ᠠᠬᠤ ᠵᠢ ᠨᠥᠯᠥᠭᠡᠯᠡᠬᠦ ᠦᠭᠡᠢ᠄
(ᠨᠢᠭᠡ) ᠤᠭᠳᠤᠪᠤᠷᠢ ᠶᠠᠯᠠᠲᠤ ᠠᠵᠢᠯᠯᠠᠭ᠎ᠠ ᠵᠢ ᠬᠠᠷᠠᠬᠠᠨ ᠬᠠᠤᠯᠢ ᠶᠣᠰᠣᠭ᠋ᠠᠷ ᠲᠠᠰᠤᠯᠤᠨ ᠲᠣᠭᠲᠠᠭ᠋ᠠᠭ᠋ᠠᠳᠤᠶ ᠪᠣᠯᠪᠠᠴᠤ ᠦᠨᠡᠨ ᠬᠦ᠌ ᠣᠷᠣᠰᠢᠵᠤ ᠪᠠᠶ᠋ᠢᠬᠤ ᠵᠢ ᠭᠡᠷᠡᠴᠢᠯᠡᠬᠦ ᠭᠡᠷᠡᠴᠢ ᠪᠠᠷᠢᠮᠲᠠ᠎ᠲᠠᠢ ᠪᠠᠶ᠋ᠢᠬᠤ;
(ᠬᠣᠶᠠᠷ) ᠤᠭᠳᠤᠪᠤᠷᠢ ᠶᠠᠯᠠᠲᠤ ᠠᠵᠢᠯᠯᠠᠭ᠎ᠠ ᠦᠨᠡᠬᠡᠷ ᠣᠷᠣᠰᠢᠵᠤ ᠪᠠᠶ᠋ᠢᠬᠤ ᠵᠢ ᠭᠡᠷᠡᠴᠢᠯᠡᠬᠦ ᠭᠡᠷᠡᠴᠢ ᠪᠠᠷᠢᠮᠲᠠ᠎ᠲᠠᠢ ᠪᠠᠶ᠋ᠢᠵᠤ᠂ ᠦᠢ᠍ᠯᠡ ᠠᠵᠢᠯᠯᠠᠭ᠋ᠠᠳᠠᠨ᠎ᠨᠢ ᠤᠷᠭᠤᠨ ᠳᠠᠯᠳᠠᠯᠠᠭᠰᠠᠨ᠎ᠠᠴᠠ ᠪᠤᠯᠵᠤ ᠬᠡᠷᠡᠭ᠎ᠲᠤ ᠡᠰᠡ ᠢᠷᠡᠭᠰᠡᠨ;
(ᠭᠤᠷᠪᠠ) ᠤᠭᠳᠤᠪᠤᠷᠢ ᠶᠠᠯᠠᠲᠤ ᠠᠵᠢᠯᠯᠠᠭ᠎ᠠ ᠵᠢᠨ ᠦᠨᠡᠨ ᠬᠦ᠌ ᠣᠷᠣᠰᠢᠵᠤ ᠪᠠᠶ᠋ᠢᠬᠤ ᠵᠢ ᠭᠡᠷᠡᠴᠢᠯᠡᠬᠦ ᠭᠡᠷᠡᠴᠢ ᠪᠠᠷᠢᠮᠲᠠ᠎ᠲᠠᠢ ᠪᠠᠶ᠋ᠢᠵᠤ᠂ ᠦᠢ᠍ᠯᠡ ᠠᠵᠢᠯᠯᠠᠭ᠋ᠠᠳᠠᠨ᠎ᠨᠢ ᠦᠬᠦᠭᠰᠡᠨ ᠵᠡᠷᠭᠡ ᠰᠢᠯᠲᠠᠭ᠋ᠠᠨ᠎ᠠᠴᠠ ᠪᠤᠯᠵᠤ ᠬᠠᠤᠯᠢ ᠶᠣᠰᠣᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠭᠰᠡᠨ ᠦᠭᠡᠢ;
(ᠲᠤᠢ᠍ᠷᠪᠡ) ᠤᠭᠳᠤᠪᠤᠷᠢ ᠶᠠᠯᠠᠲᠤ ᠠᠵᠢᠯᠯᠠᠭ᠎ᠠ ᠦᠨᠡᠬᠡᠷ ᠣᠷᠣᠰᠢᠵᠤ ᠪᠠᠶ᠋ᠢᠬᠤ ᠵᠢ ᠭᠡᠷᠡᠴᠢᠯᠡᠬᠦ ᠭᠡᠷᠡᠴᠢ ᠪᠠᠷᠢᠮᠲᠠ᠎ᠲᠠᠢ ᠪᠣᠯᠪᠠᠴᠤ ᠪᠤᠰᠤᠳ ᠶᠠᠯ᠎ᠠ ᠵᠢ ᠬᠠᠮᠲᠤᠳᠤᠨᠢ ᠪᠦᠷᠢᠯᠳᠦᠭᠦᠯᠦᠭᠡᠳ ᠪᠤᠰᠤᠳ ᠶᠠᠯ᠎ᠠ ᠵᠢᠨ ᠨᠡᠷ᠎ᠡ᠎ᠪᠠᠷ ᠶᠠᠯ᠎ᠠ ᠲᠣᠭᠲᠠᠭ᠋ᠠᠵᠤ ᠰᠢᠢ᠍ᠳᠭᠡᠭᠰᠡᠨ᠃
ᠨᠠᠢ᠍ᠮᠠᠳᠤᠭ᠋ᠠᠷ ᠵᠦᠢ᠍ᠯ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠳᠤ ᠲᠣᠭᠲᠠᠭ᠋ᠠᠭᠰᠠᠨ 《ᠬᠠᠷ᠎ᠠ ᠪᠦᠯᠦᠭᠲᠡᠨ᠎ᠤ ᠰᠢᠨᠵᠢ ᠴᠢᠨᠠᠷᠲᠠᠶ ᠵᠣᠬᠢᠶᠠᠨ ᠪᠠᠶ᠋ᠢᠭᠤᠯᠤᠯᠲᠠ ᠵᠢᠨ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠪᠤᠶ ᠪᠣᠯᠤᠭᠰᠠᠨ ᠠᠰᠢᠭ ᠣᠯᠵᠠᠪᠤᠷᠢ》 ᠭᠡᠳᠡᠭ᠎ᠨᠢ ᠬᠠᠷ᠎ᠠ ᠪᠦᠯᠦᠭᠲᠡᠨ᠎ᠤ ᠰᠢᠨᠵᠢ ᠴᠢᠨᠠᠷᠲᠠᠢ ᠵᠣᠬᠢᠶᠠᠨ ᠪᠠᠶ᠋ᠢᠭᠤᠯᠤᠯᠲᠠ ᠵᠢᠴᠢ ᠲᠡᠭᠦᠨ᠎ᠤ ᠪᠦᠷᠢᠯᠳᠦᠬᠦᠨ᠎ᠤ ᠬᠣᠯᠪᠣᠭᠳᠠᠯ ᠪᠦᠬᠦᠢ ᠶᠠᠯᠠᠲᠤ ᠠᠵᠢᠯᠯᠠᠭ᠎ᠠ ᠵᠢ ᠬᠢᠭᠡᠳ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠪᠤᠢ ᠪᠣᠯᠤᠭᠰᠠᠨ ᠠᠰᠢᠭ ᠣᠯᠵᠠᠪᠤᠷᠢ ᠵᠢ ᠵᠢᠭ᠋ᠠᠵᠤ ᠪᠠᠶ᠋ᠢᠨ᠎ᠠ᠂ ᠡᠭᠦᠨ᠎ᠳᠤ ᠬᠠᠷ᠎ᠠ ᠪᠦᠯᠦᠭᠲᠡᠨ᠎ᠤ ᠰᠢᠨᠵᠢ ᠴᠢᠨᠠᠷᠲᠠᠢ ᠵᠣᠬᠢᠶᠠᠨ ᠪᠠᠶ᠋ᠢᠭᠤᠯᠤᠯᠲᠠ ᠵᠢᠨ ᠪᠦᠷᠢᠯᠳᠦᠨ ᠬᠥᠭᠵᠢᠬᠦ ᠶᠠᠪᠤᠴᠠ᠎ᠳᠤ ᠲᠤᠰ ᠵᠣᠬᠢᠶᠠᠨ ᠪᠠᠶ᠋ᠢᠭᠤᠯᠤᠯᠲᠠ ᠵᠢᠴᠢ ᠵᠣᠬᠢᠶᠠᠨ ᠪᠠᠶ᠋ᠢᠭᠤᠯᠤᠯᠲᠠ ᠵᠢᠨ ᠪᠦᠷᠢᠯᠳᠦᠬᠦᠨ᠎ᠤ ᠬᠠᠤᠯᠢ ᠵᠢ ᠵᠥᠷᠢᠴᠡᠭᠰᠡᠨ ᠶᠠᠯᠠᠲᠤ ᠠᠵᠢᠯᠯᠠᠭ᠎ᠠ᠎ᠪᠠᠷ ᠳᠠᠮᠵᠢᠭᠤᠯᠤᠨ ᠴᠤᠭᠯᠠᠭᠤᠯᠤᠭᠰᠠᠨ ᠪᠦᠬᠦ ᠵᠣᠭᠣᠰ ᠮᠥᠩᠭᠥ ᠡᠳ᠋ ᠪᠣᠳᠠᠰ᠂ ᠡᠳ᠋ ᠬᠦᠷᠦᠨᠭᠭᠡ ᠵᠢᠨ ᠴᠢᠨᠠᠷᠲᠠᠶ ᠡᠷᠬᠡ ᠠᠰᠢᠭ ᠵᠢᠴᠢ ᠲᠡᠭᠦᠨ᠎ᠤ ᠦᠷᠡᠵᠢᠯ ᠬᠦᠦ᠂ ᠠᠰᠢᠭ ᠣᠯᠵᠠᠪᠤᠷᠢ ᠵᠢ ᠪᠠᠭᠲᠠᠭ᠋ᠠᠨ᠎ᠠ᠃
ᠶᠢᠰᠦᠳᠦᠭᠡᠷ ᠵᠦᠢ᠍ᠯ ᠮᠥᠩᠬᠦ ᠤᠬᠢᠶᠠᠭᠰᠠᠨ ᠶᠠᠯ᠎ᠠ ᠬᠢᠪᠡᠯ᠂ ᠲᠠᠪᠤᠨ ᠵᠢᠯ᠎ᠠᠴᠠ ᠳᠣᠭᠣᠭᠰᠢ ᠬᠤᠭᠤᠴᠠᠭ᠎ᠠ᠎ᠲᠠᠢ ᠬᠣᠷᠢᠬᠤ ᠪᠤᠶᠤ ᠬᠣᠷᠢᠵᠤ ᠬᠥᠳᠡᠯᠮᠦᠷᠢᠯᠡᠭᠦᠯᠬᠦ᠎ᠪᠠᠷ ᠰᠢᠢ᠍ᠳᠭᠡᠵᠦ᠂ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠢ᠍ᠳᠭᠡᠬᠦ ᠪᠤᠶᠤ ᠲᠠᠩ ᠵᠶ᠋ᠠᠷ ᠰᠢᠢ᠍ᠳᠭᠡᠭᠰᠡᠨ ᠪᠠᠶ᠋ᠢᠪᠠᠯ᠂ ᠲᠦᠮᠡᠨ ᠲᠥᠭᠥᠷᠢᠭ᠎ᠠᠴᠠ ᠳᠡᠭᠡᠭᠰᠢ ᠵᠣᠭᠣᠰ ᠵᠶ᠋ᠠᠷ ᠲᠣᠷᠭ᠋ᠠᠬᠤ᠎ᠪᠠᠷ ᠰᠢᠢ᠍ᠳᠭᠡᠨ᠎ᠡ; ᠲᠠᠪᠤᠨ ᠵᠢᠯ᠎ᠠᠴᠠ ᠳᠡᠭᠡᠭᠰᠢ ᠠᠷᠪᠠᠨ ᠵᠢᠯ᠎ᠠᠴᠠ ᠳᠣᠭᠣᠭᠰᠢ ᠬᠤᠭᠤᠴᠠᠭ᠎ᠠ᠎ᠲᠠᠢ ᠬᠣᠷᠢᠬᠤ᠎ᠪᠠᠷ ᠰᠢᠢ᠍ᠳᠭᠡᠭᠰᠡᠨ ᠪᠠᠶ᠋ᠢᠪᠠᠯ᠂ ᠬᠣᠷᠢᠨ ᠲᠦᠮᠡᠨ ᠲᠥᠭᠥᠷᠢᠭ᠎ᠠᠴᠠ ᠳᠡᠭᠡᠭᠰᠢ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠢ᠍ᠳᠭᠡᠨ᠎ᠡ᠃
ᠠᠷᠪᠠᠳᠤᠭ᠋ᠠᠷ ᠵᠦᠢ᠍ᠯ ᠲᠤᠰ ᠲᠠᠶ᠋ᠢᠯᠪᠤᠷᠢᠯᠠᠯᠲᠠ ᠵᠢᠨ ᠨᠢᠭᠡᠳᠦᠭᠡᠷ ᠵᠦᠢ᠍ᠯ᠂ ᠬᠣᠶᠠᠳᠤᠭ᠋ᠠᠷ ᠵᠦᠢ᠍ᠯ᠎ᠤᠨ ᠲᠣᠭᠲᠠᠭ᠋ᠠᠯ᠎ᠳᠤ ᠨᠡᠶ᠋ᠢᠴᠡᠵᠦ᠂ ᠦᠢ᠍ᠯᠡ ᠠᠵᠢᠯᠯᠠᠭ᠋ᠠᠳᠠᠨ ᠶᠠᠯ᠎ᠠ ᠵᠢᠨ ᠪᠣᠳᠠᠲᠤ ᠶᠠᠪᠤᠳᠠᠯ ᠵᠶ᠋ᠠᠨ ᠦᠨᠡᠨ ᠮᠥᠨ ᠵᠶ᠋ᠠᠷ᠎ᠨᠢ ᠥᠴᠢᠭᠯᠡᠵᠦ᠂ ᠶᠠᠯ᠎ᠠ᠎ᠪᠠᠨ ᠮᠡᠳᠡᠷᠡᠵᠦ ᠶᠠᠯᠠᠳᠤ᠎ᠪᠠᠨ ᠭᠡᠮᠰᠢᠭᠰᠡᠨ ᠪᠥᠭᠡᠳ ᠶᠠᠯ᠎ᠠ ᠬᠢᠵᠦ ᠣᠯᠤᠭᠰᠠᠨ ᠠᠰᠢᠭ ᠣᠯᠵᠠᠪᠤᠷᠢ ᠵᠢᠴᠢ ᠲᠡᠭᠦᠨ᠎ᠠᠴᠠ ᠪᠤᠢ ᠪᠣᠯᠤᠭᠰᠠᠨ ᠠᠰᠢᠭ ᠣᠯᠵᠠᠪᠤᠷᠢ ᠵᠢ ᠨᠡᠬᠡᠮᠵᠢᠯᠡᠨ ᠲᠤᠰᠢᠶᠠᠯᠭ᠋ᠠᠬᠤ᠎ᠳᠤ ᠢᠳᠡᠪᠬᠢᠲᠡᠶ ᠬᠠᠮᠵᠢᠯᠴᠠᠭᠰᠠᠨ ᠪᠠᠶ᠋ᠢᠪᠠᠯ᠂ ᠬᠦᠨᠭᠭᠡᠨ ᠵᠶ᠋ᠠᠷ ᠰᠢᠳᠬᠡᠵᠦ ᠪᠣᠯᠤᠨ᠎ᠠ; ᠶᠠᠯ᠎ᠠ ᠬᠢᠭᠰᠡᠨ ᠤᠢ᠍ᠢ᠍ᠯᠠ ᠪᠠᠶ᠋ᠢᠳᠠᠯ᠎ᠨᠢ ᠬᠦᠩᠭᠡᠠ ᠪᠠᠶ᠋ᠢᠪᠠᠯ ᠬᠠᠤᠯᠢ ᠶᠣᠰᠣᠭ᠋ᠠᠷ ᠵᠡᠭ᠋ᠠᠯᠳᠦᠬᠤ ᠤᠢ᠍ᠭᠡᠢ ᠪᠤᠶᠤ ᠡᠷᠡᠭᠦᠦ ᠵᠢᠨ ᠰᠢᠢ᠍ᠳᠭᠡᠯ᠎ᠠᠴᠠ ᠬᠡᠯᠲᠦᠷᠢᠭᠦᠯᠵᠦ ᠪᠣᠯᠤᠨ᠎ᠠ᠃
ᠠᠷᠪᠠᠨ ᠨᠢᠭᠡᠳᠦᠭᠡᠷ ᠵᠦᠢ᠍ᠯ ᠨᠢᠭᠡᠴᠢ ᠮᠥᠩᠬᠦ ᠤᠬᠢᠶᠠᠭᠰᠠᠨ ᠶᠠᠯ᠎ᠠ ᠵᠢ ᠬᠢᠭᠰᠡᠨ ᠪᠠᠶ᠋ᠢᠪᠠᠯ᠂ ᠲᠤᠰ ᠲᠠᠶ᠋ᠢᠯᠪᠤᠷᠢᠯᠠᠯᠲᠠ᠎ᠳᠤ ᠲᠣᠭᠲᠠᠭ᠋ᠠᠭᠰᠠᠨ ᠵᠣᠬᠢᠴᠠᠩᠭᠤᠶ ᠪᠠᠶ᠋ᠢᠭ᠋ᠠᠯᠢ ᠬᠥᠮᠦᠨ᠎ᠤ ᠶᠠᠯ᠎ᠠ ᠵᠢᠨ ᠶᠠᠯ᠎ᠠ ᠲᠣᠭᠲᠠᠭ᠋ᠠᠵᠤ ᠡᠷᠡᠭᠦᠦ ᠰᠢᠢ᠍ᠳᠭᠡᠯ ᠣᠨᠣᠭᠳᠠᠭᠤᠯᠬᠤ ᠪᠠᠷᠢᠮᠵᠢᠶ᠎ᠠ ᠶᠣᠰᠣᠭ᠋ᠠᠷ ᠨᠢᠭᠡᠴᠢ ᠵᠢ ᠵᠣᠭᠣᠰ ᠵᠶ᠋ᠠᠷ ᠲᠣᠷᠭ᠋ᠠᠬᠤ᠎ᠪᠠᠷ ᠰᠢᠢ᠍ᠳᠭᠡᠬᠦ ᠪᠥᠭᠡᠳ ᠲᠡᠭᠦᠨ᠎ᠤ ᠰᠢᠭᠤᠳ ᠬᠠᠷᠢᠭᠤᠴᠠᠵᠤ ᠪᠠᠶ᠋ᠢᠭ᠎ᠠ ᠡᠷᠬᠢᠯᠡᠨ ᠬᠠᠮᠢᠶᠠᠷᠬᠤ ᠬᠥᠮᠦᠨ ᠪᠣᠯᠤᠨ ᠰᠢᠭᠤᠳ ᠬᠠᠷᠢᠭᠤᠴᠠᠯᠭ᠎ᠠ᠎ᠲᠠᠢ ᠪᠤᠰᠤᠳ ᠬᠥᠮᠦᠨ᠎ᠢ ᠶᠠᠯ᠎ᠠ ᠲᠣᠭᠲᠠᠭ᠋ᠠᠵᠤ ᠰᠢᠢ᠍ᠳᠭᠡᠨ᠎ᠡ᠃
ᠠᠷᠪᠠᠨ ᠬᠣᠶᠠᠳᠤᠭ᠋ᠠᠷ ᠵᠦᠢ᠍ᠯ ᠲᠤᠰ ᠲᠠᠶ᠋ᠢᠯᠪᠤᠷᠢᠯᠠᠯᠲᠠ᠎ᠳᠤ ᠬᠡᠯᠡᠵᠦ ᠪᠠᠶ᠋ᠢᠭ᠎ᠠ 《ᠤᠭᠳᠤᠪᠤᠷᠢ ᠶᠠᠯᠠᠲᠤ ᠠᠵᠢᠯᠯᠠᠭ᠎ᠠ》 ᠭᠡᠳᠡᠭ᠎ᠨᠢ ᠡᠷᠡᠭᠦᠦ ᠵᠢᠨ ᠬᠠᠤᠯᠢ ᠵᠢᠨ ᠵᠠᠭᠤ ᠶᠡᠷᠡᠨ ᠨᠢᠭᠡᠳᠦᠭᠡᠷ ᠵᠦᠢ᠍ᠯ᠎ᠳᠤ ᠲᠣᠭᠲᠠᠭ᠋ᠠᠭᠰᠠᠨ ᠬᠣᠣᠷᠲᠤ ᠡᠳ᠋᠎ᠤᠨ ᠶᠠᠯᠠᠲᠤ ᠠᠵᠢᠯᠯᠠᠭ᠎ᠠ᠂ ᠬᠠᠷ᠎ᠠ ᠪᠦᠯᠦᠭᠲᠡᠨ᠎ᠤ ᠰᠢᠨᠵᠢ ᠴᠢᠨᠠᠷᠲᠠᠢ ᠵᠣᠬᠢᠶᠠᠨ ᠪᠠᠶ᠋ᠢᠭᠤᠯᠤᠯᠲᠠ ᠵᠢᠨ ᠶᠠᠯᠠᠲᠤ ᠠᠵᠢᠯᠯᠠᠭ᠎ᠠ᠂ ᠰᠦᠷᠳᠡᠭᠦᠯᠦᠯ᠎ᠤᠨ ᠠᠵᠢᠯᠯᠠᠭ᠎ᠠ ᠵᠢᠨ ᠶᠠᠯᠠᠲᠤ ᠠᠵᠢᠯᠯᠠᠭ᠎ᠠ᠂ ᠨᠢᠭᠤᠴᠠ᠎ᠪᠠᠷ ᠠᠷᠠᠯᠵᠢᠶᠠᠯᠠᠭᠰᠠᠨ ᠶᠠᠯᠠᠲᠤ ᠠᠵᠢᠯᠯᠠᠭ᠎ᠠ᠂ ᠱᠠᠮᠰᠢᠵᠤ ᠬᠡᠭᠡᠯᠢ ᠢᠳᠡᠵᠦ ᠬᠠᠬᠤᠤᠯᠢ ᠲᠦᠯᠬᠢᠭᠰᠡᠨ ᠶᠠᠯᠠᠲᠤ ᠠᠵᠢᠯᠯᠠᠭ᠎ᠠ᠂ ᠮᠥᠩᠭᠥᠨ ᠭᠦᠢ᠍ᠯᠭᠡᠭᠡᠨ᠎ᠤ ᠬᠠᠮᠢᠶᠠᠷᠤᠯᠲᠠ ᠵᠢᠨ ᠡᠮᠬᠢ ᠵᠢᠷᠤᠮ᠎ᠢ ᠡᠪᠳᠡᠭᠰᠡᠨ ᠶᠠᠯᠠᠲᠤ ᠠᠵᠢᠯᠯᠠᠭ᠎ᠠ᠂ ᠮᠥᠩᠭᠥᠨ ᠭᠦᠢ᠍ᠯᠭᠡᠭᠡᠨ᠎ᠤ ᠮᠡᠬᠡᠯᠡᠯ᠎ᠤᠨ ᠶᠠᠯᠠᠲᠤ ᠠᠵᠢᠯᠯᠠᠭ᠎ᠠ ᠵᠢ ᠵᠢᠭ᠋ᠠᠵᠤ ᠪᠠᠶ᠋ᠢᠨ᠎ᠠ᠃
ᠠᠷᠪᠠᠨ ᠭᠤᠷᠪᠠᠳᠤᠭ᠋ᠠᠷ ᠵᠦᠢ᠍ᠯ ᠲᠤᠰ ᠲᠠᠶ᠋ᠢᠯᠪᠤᠷᠢᠯᠠᠯᠲᠠ ᠵᠢ 2024 ᠣᠨ᠎ᠤ 8 ᠰᠠᠷ᠎ᠠ ᠵᠢᠨ 20᠎ᠤ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ᠃ 《ᠮᠥᠩᠬᠦ ᠤᠬᠢᠶᠠᠭᠰᠠᠨ ᠵᠡᠷᠭᠡ ᠡᠷᠡᠭᠦᠦ ᠵᠢᠨ ᠬᠡᠷᠡᠭ᠎ᠢ ᠰᠢᠭᠦᠬᠦ᠎ᠳᠤ ᠬᠠᠤᠯᠢ ᠴᠠᠭ᠋ᠠᠵᠠ ᠵᠢ ᠪᠣᠳᠠᠲᠠᠶ᠎ᠪᠠᠷ ᠬᠡᠷᠡᠭᠯᠡᠬᠦ ᠠᠰᠠᠭᠤᠳᠠᠯ᠎ᠤᠳ᠎ᠤᠨ ᠲᠤᠬᠠᠶ ᠠᠷᠠᠳ᠎ᠤᠨ ᠳᠡᠭᠡᠳᠦ ᠰᠢᠭᠦᠬᠦ ᠬᠣᠷᠢᠶᠠᠨ᠎ᠤ ᠲᠠᠶ᠋ᠢᠯᠪᠤᠷᠢᠯᠠᠯᠲᠠ》 (ᠬᠠᠤᠯᠢ ᠲᠠᠶ᠋ᠢᠯᠪᠤᠷᠢᠯᠠᠯᠲᠠ [2009] 15 ᠳ᠋ᠤᠭ᠋ᠠᠷ ᠲᠣᠭ᠋ᠠᠲᠤ) ᠵᠢ ᠳᠠᠭ᠋ᠠᠤ᠎ᠳᠤ᠎ᠨᠢ ᠬᠦᠴᠦᠨ ᠦᠭᠡᠢ ᠪᠣᠯᠭ᠋ᠠᠨ᠎ᠠ᠃