ᠰᠢᠯᠢ ᠵᠢᠨ ᠭᠣᠤᠯ ᠠᠢ᠌ᠮᠠᠭ᠎ᠤᠨ ᠰᠥᠨᠢᠳ ᠵᠡᠭᠦᠨ ᠬᠤᠰᠢᠭᠤᠨ᠎ᠤ ᠬᠣᠷᠢᠭᠤᠯ᠎ᠤᠨ ᠭᠠᠵᠠᠷ ᠶᠡᠷᠦ᠎ᠠᠴᠠ 《ᠬᠥᠮᠦᠨ ᠵᠶ᠋ᠠᠷ ᠦᠨᠳᠦᠰᠦ ᠪᠣᠯᠭ᠋ᠠᠬᠤ᠂ ᠵᠠᠯᠬᠠᠭ᠋ᠠᠬᠤ ᠰᠤᠷᠭ᠋ᠠᠬᠤ ᠵᠢ ᠵᠡᠷᠭᠡ᠎ᠪᠡᠷ ᠴᠢᠬᠤᠯᠠᠴᠢᠯᠠᠬᠤ》 ᠣᠢ᠍ᠯᠠᠭ᠋ᠠᠭᠳᠠᠬᠤᠨ᠎ᠢ ᠪᠠᠷᠢᠮᠲᠠᠯᠠᠨ ᠠᠵᠢᠯ ᠵᠶ᠋ᠠᠨ ᠥᠷᠨᠢᠭᠦᠯᠵᠦ᠂ ᠬᠠᠤᠯᠢ ᠴᠠᠭ᠋ᠠᠵᠠ᠎ᠪᠠᠷ ᠵᠠᠰᠠᠬᠤ ᠣᠢ᠍ᠯᠠᠭ᠋ᠠᠭᠳᠠᠬᠤᠨ ᠵᠶ᠋ᠠᠷ ᠬᠣᠷᠢᠭᠳᠠᠵᠤ ᠪᠠᠢ᠌ᠭ᠎ᠠ ᠬᠥᠮᠦᠰ᠎ᠢ ᠰᠤᠷᠭ᠋ᠠᠨ ᠬᠥᠮᠦᠵᠢᠭᠦᠯᠵᠦ ᠬᠥᠲᠥᠯᠦᠨ ᠵᠢᠯᠣᠭᠣᠳᠴᠤ᠂ ᠦᠵᠡᠯ ᠰᠠᠨᠠᠭ᠋ᠠᠨ᠎ᠤ ᠲᠠᠯ᠎ᠠ᠎ᠠᠴᠠ ᠬᠦᠮᠦᠵᠢᠯ ᠬᠦᠷᠳᠡᠭᠡᠨ᠂ ᠢᠷᠡᠭᠡᠳᠦᠢ ᠵᠢᠨ ᠠᠮᠢᠳᠤᠷᠠᠯ᠎ᠤᠨ ᠰᠠᠢ᠌ᠨ ᠰᠠᠢ᠌ᠬᠠᠨ ᠥᠩᠭᠡ ᠪᠣᠲᠤᠭᠢ ᠨᠡᠮᠡᠭᠳᠡᠭᠦᠯᠬᠦ ᠵᠢᠨ ᠬᠠᠮᠲᠤ᠂ ᠪᠣᠳᠠᠲᠤ ᠠᠬᠤᠢ ᠪᠠᠢ᠌ᠳᠠᠯ᠎ᠳᠤ ᠢᠳᠡᠪᠬᠢᠲᠡᠢ ᠬᠠᠨᠳᠤᠵᠤ᠂ ᠰᠢᠨ᠎ᠡ ᠠᠮᠢᠳᠤᠷᠠᠯ ᠵᠶ᠋ᠠᠨ ᠡᠬᠢᠯᠡᠭᠦᠯᠬᠦ ᠵᠢ ᠰᠠᠨᠠᠭᠤᠯᠪᠠ᠃
ᠡᠨᠡ ᠵᠢᠯ᠎ᠠᠴᠠ ᠨᠠᠭ᠋ᠠᠰᠢ᠂ ᠰᠥᠨᠢᠳ ᠵᠡᠭᠦᠨ ᠬᠤᠰᠢᠭᠤᠨ᠎ᠤ ᠬᠤᠷᠢᠭᠤᠯ᠎ᠤᠨ ᠭᠠᠵᠠᠷ᠎ᠤᠨ ᠨᠠᠮ᠎ᠤᠨ ᠪᠠᠶ᠋ᠢᠭᠤᠯᠤᠯᠲᠠ᠎ᠪᠠᠷ ᠬᠥᠲᠥᠯᠦᠨ ᠳᠠᠭ᠋ᠠᠭᠤᠯᠬᠤ ᠠᠵᠢᠯ᠎ᠤᠨ ᠵᠠᠭᠪᠤᠷ᠎ᠢ ᠥᠷᠨᠢᠭᠦᠯᠵᠦ᠂ ᠬᠤᠷᠢᠭᠳᠠᠵᠤ ᠪᠠᠶ᠋ᠢᠭ᠎ᠠ ᠬᠥᠮᠦᠰ᠎ᠲᠤ ᠦᠨᠡᠨ ᠰᠡᠳᠬᠢᠯ᠎ᠠᠴᠠ᠎ᠪᠠᠨ ᠰᠡᠳᠬᠢᠯ᠎ᠤᠨ ᠦᠭᠡ᠎ᠪᠠᠨ ᠶᠠᠷᠢᠯᠴᠠᠵᠤ᠂ ᠰᠡᠳᠬᠢᠴᠡ ᠵᠢᠨ ᠪᠠᠶ᠋ᠢᠳᠠᠯ᠂ ᠵᠥᠷᠢᠴᠡᠯ ᠵᠠᠭᠤᠷᠠᠯᠳᠤᠭ᠋ᠠᠨ᠂ ᠬᠡᠷ ᠪᠦᠯᠢ ᠵᠢᠨ ᠪᠠᠶ᠋ᠢᠳᠠᠯ᠎ᠢ ᠣᠶ᠋ᠢᠯᠠᠭ᠋ᠠᠭᠰᠠᠨ ᠪᠥᠭᠡᠳ ᠣᠯᠠᠨ ᠲᠠᠯ᠎ᠠ᠎ᠠᠴᠠ ᠦᠵᠡᠯ ᠰᠠᠨᠠᠭ᠋ᠠᠨ᠎ᠤ ᠬᠦᠮᠦᠵᠢᠯ ᠬᠢᠪᠠ᠃
ᠬᠤᠷᠢᠭᠤᠯ᠎ᠤᠨ ᠭᠠᠵᠠᠷ᠎ᠤᠨ ᠨᠠᠮ᠎ᠤᠨ ᠡᠭᠦᠷ᠎ᠤᠨ 《ᠰᠤᠷᠤᠯᠴᠠᠯᠭ᠎ᠠ ᠬᠥᠮᠦᠵᠢᠯ》 ᠵᠶ᠋ᠠᠷ ᠭᠤᠣᠯ ᠰᠢᠵᠢᠮ ᠪᠣᠯᠭ᠋ᠠᠵᠤ᠂ 《ᠨᠠᠮ᠎ᠤᠨ ᠪᠠᠶ᠋ᠢᠭᠤᠯᠤᠯᠲᠠ ᠵᠢ ᠠᠳᠬᠤᠬᠤ᠂ ᠬᠡᠪ ᠴᠢᠨᠠᠷ᠎ᠢ ᠴᠢᠩᠭ᠋ᠠᠳᠬᠠᠬᠤ᠂ ᠰᠤᠷᠲᠠᠯ᠎ᠢ ᠴᠡᠭᠴᠡᠯᠡᠬᠦ᠂ ᠳᠦᠷᠢ ᠲᠥᠷᠬᠦ ᠵᠢ ᠪᠣᠢ ᠪᠣᠯᠭ᠋ᠠᠬᠤ》 ᠲᠤᠰᠬᠠᠢ ᠠᠵᠢᠯᠯᠠᠭ᠎ᠠ ᠵᠢ ᠥᠷᠨᠢᠭᠦᠯᠵᠦ᠂ ᠬᠤᠷᠢᠭᠳᠠᠵᠤ ᠪᠠᠶ᠋ᠢᠭ᠎ᠠ ᠬᠥᠮᠦᠰ᠎ᠤᠨ ᠭᠡᠷ᠎ᠤᠨ ᠬᠥᠮᠦᠰ ᠵᠶ᠋ᠠᠨ ᠰᠠᠨᠠᠭ᠋ᠠᠰᠢᠷᠠᠵᠤ ᠪᠠᠶ᠋ᠢᠭ᠎ᠠ ᠰᠡᠳᠬᠢᠯᠭᠡ ᠵᠢ᠎ᠨᠢ ᠬᠥᠳᠡᠯᠦᠩᠭᠦᠢ᠎ᠪᠠᠷ ᠬᠤᠷᠢᠭᠤᠯ᠎ᠤᠨ ᠭᠠᠵᠠᠷ᠎ᠤᠨ ᠨᠠᠮ᠎ᠤᠨ ᠡᠭᠦᠷ᠎ᠤᠨ ᠬᠡᠰᠢᠭᠦᠳ ᠭᠡᠷ᠎ᠲᠤ᠎ᠨᠢ ᠬᠦᠷᠴᠦ ᠲᠡᠳᠡᠨ᠎ᠤ ᠭᠡᠷ᠎ᠤᠨ ᠬᠥᠮᠦᠰ᠎ᠢ ᠲᠣᠬᠤᠨᠢᠭᠤᠯᠤᠭᠰᠠᠨ ᠪᠥᠭᠡᠳ ᠲᠡᠳᠡᠨ᠎ᠳᠤ ᠬᠤᠷᠢᠭᠳᠠᠵᠤ ᠪᠠᠶ᠋ᠢᠭ᠎ᠠ ᠬᠥᠮᠦᠰ᠎ᠤᠨ ᠥᠭᠡᠷᠡᠴᠢᠯᠡᠯᠲᠡ ᠵᠢᠨ ᠢᠯᠡᠷᠡᠯ ᠵᠢᠴᠢ ᠪᠡᠶ᠎ᠡ ᠮᠠᠬᠠᠪᠣᠳ᠎ᠤᠨ ᠪᠠᠶ᠋ᠢᠳᠠᠯ᠎ᠢ ᠳᠠᠮᠵᠢᠭᠤᠯᠵᠤ᠂ ᠭᠡᠷ ᠪᠦᠯᠢ ᠵᠢᠨ ᠰᠤᠷᠪᠤᠯᠵᠢᠯᠠᠯᠲᠠᠪᠠᠷ ᠳᠠᠮᠵᠢᠨ ᠬᠤᠷᠢᠭᠳᠠᠵᠤ ᠪᠠᠶ᠋ᠢᠭ᠎ᠠ ᠬᠥᠮᠦᠰ᠎ᠤᠨ ᠭᠡᠷ᠎ᠤᠨ ᠬᠥᠮᠦᠰ᠎ᠨᠢ ᠴᠦ᠍ ᠳᠡᠲᠡᠨᠡᠷᠤᠨ ᠲᠥᠯᠦᠭᠡ ᠵᠣᠪᠠᠵᠤ ᠵᠦᠳᠡᠵᠦ ᠪᠠᠢ᠌ᠭ᠎ᠠ ᠦᠨᠡᠨ ᠪᠠᠶ᠋ᠢᠳᠠᠯ᠎ᠢ ᠤᠯᠠᠮ ᠨᠢᠭᠡ ᠠᠯᠬᠤᠮ ᠣᠶ᠋ᠢᠯᠠᠭ᠋ᠠᠵᠤ᠂ ᠲᠡᠳᠡᠨ᠎ᠤ ᠭᠡᠷ ᠪᠦᠯᠢ ᠵᠢᠨ᠎ᠬᠢᠨ᠎ᠳᠤ ᠰᠡᠳᠬᠢᠯ᠎ᠤᠨ ᠲᠠᠯ᠎ᠠ᠎ᠪᠠᠷ ᠬᠥᠲᠥᠯᠥᠨ ᠵᠢᠯᠣᠭᠤᠳᠬᠤ ᠠᠵᠢᠯ ᠬᠢᠵᠦ᠂ ᠠᠮᠢᠳᠤᠷᠠᠯ᠎ᠳᠤ᠎ᠪᠠᠨ ᠵᠦᠪ ᠬᠠᠨᠳᠤᠬᠤ ᠤᠷᠮ᠎ᠠ ᠰᠡᠳᠭᠢᠯᠭᠡ ᠵᠢ ᠶᠡᠬᠡᠪᠡᠷ ᠬᠦᠭᠵᠢᠭᠡᠪᠡ᠃
ᠭᠡᠷ ᠪᠦᠯᠢ ᠵᠢᠨ ᠰᠤᠷᠪᠤᠯᠵᠢᠯᠠᠭ᠎ᠠ ᠵᠢᠨ ᠠᠵᠢᠯᠯᠠᠭ᠎ᠠ᠎ᠪᠠᠷ ᠳᠠᠮᠵᠢᠭᠤᠯᠤᠨ᠂ ᠠᠷᠠᠳ᠎ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠵᠢᠨ ᠡᠭᠦᠷᠭᠡ ᠲᠤᠰᠢᠶᠠᠯ ᠵᠶ᠋ᠠᠨ ᠦᠨᠡᠨᠴᠢ᠎ᠪᠠᠷ ᠭᠦᠢ᠍ᠴᠡᠳᠬᠡᠬᠦ᠂ ᠨᠠᠷᠢᠨ ᠬᠢᠨᠠᠮᠠᠭ᠋ᠠᠶ ᠪᠠᠶ᠋ᠢᠬᠤ᠂ ᠬᠠᠷᠢᠭᠤᠴᠠᠬᠤ᠂ ᠠᠷᠢᠭᠤᠨ ᠴᠢᠬᠡᠴᠢ ᠠᠵᠢᠯ᠎ᠤᠨ ᠬᠠᠷᠢᠭᠤᠴᠠᠯᠭ᠎ᠠ ᠡᠭᠦᠷᠭᠡᠯᠡᠬᠦ ᠵᠣᠷᠢᠭ ᠰᠠᠨᠠᠭ᠎ᠠ ᠵᠢ ᠪᠦᠲᠦᠮᠵᠢᠲᠡᠶ ᠬᠥᠭᠵᠢᠭᠡᠵᠦ᠂ ᠨᠠᠮ᠎ᠤᠨ ᠪᠠᠶ᠋ᠢᠭᠤᠯᠤᠯᠲᠠ ᠵᠢᠨ ᠠᠵᠢᠯ ᠬᠢᠭᠡᠳ ᠬᠢᠨᠠᠨ ᠬᠠᠮᠢᠶᠠᠷᠬᠤ ᠠᠵᠢᠯ᠎ᠤᠨ ᠬᠥᠭᠵᠢᠯᠲᠡ ᠵᠢ ᠵᠡᠷᠭᠡ᠎ᠪᠡᠷ ᠠᠬᠢᠭᠤᠯᠬᠤ ᠵᠢ ᠪᠡᠶᠡᠯᠡᠭᠦᠯᠪᠡ᠃ (ᠰᠦᠨᠢᠳ ᠵᠡᠭᠦᠨ ᠬᠤᠰᠢᠭᠤᠨ᠎ᠤ ᠲᠤᠳᠤᠭ᠋ᠠᠳᠤ ᠵᠢ ᠬᠠᠮᠠᠭ᠋ᠠᠯᠠᠬᠤ ᠲᠣᠪᠴᠢᠶ᠎ᠠ ᠵᠢᠨ ᠰᠣᠲᠤᠪᠢᠯᠢᠭ᠌ ᠮᠡᠳᠡᠭᠡᠯᠡᠪᠡ)