ᠦᠪᠦᠷ ᠮᠣᠩᠭᠤᠯ ᠤᠨ 14 ᠭᠠᠯᠲᠤ ᠲᠡᠷᠭᠡᠨ ᠥᠷᠲᠡᠭᠡ ᠳᠤ ᠡᠯᠧᠺᠲᠷᠣᠨ ᠲᠡᠷᠭᠡᠨ ᠪᠢᠯᠧᠲ ᠤᠨ ᠦᠢᠯᠡᠴᠢᠯᠡᠭᠡ ᠬᠠᠩᠭᠠᠬᠤ ᠪᠣᠯᠪᠠ
ᠨᠡᠶᠢᠲᠡᠯᠡᠭᠰᠡᠨ ᠴᠠᠭ᠄
2019/12/23
         ᠦᠪᠦᠷ ᠮᠣᠩᠭᠤᠯ ᠤᠨ 14 ᠭᠠᠯᠲᠤ ᠲᠡᠷᠭᠡᠨ ᠥᠷᠲᠡᠭᠡ ᠳᠤ ᠡᠯᠧᠺᠲᠷᠣᠨ          ᠲᠡᠷᠭᠡᠨ ᠪᠢᠯᠧᠲ ᠤᠨ ᠦᠢᠯᠡᠴᠢᠯᠡᠭᠡ ᠬᠠᠩᠭᠠᠬᠤ ᠪᠣᠯᠪᠠ      ᠳᠤᠮᠳᠠᠳᠤ ᠣᠯᠣᠰ ᠤᠨ ᠲᠡᠮᠦᠷ ᠵᠠᠮ ᠤᠨ ᠬᠥᠬᠡᠬᠤᠲᠠ ᠲᠣᠪᠴᠢᠶ᠎ᠠ ᠶᠢᠨ ᠪᠦᠯᠦᠭᠯᠡᠯ ᠤᠨ ᠬᠢᠵᠠᠭᠠᠷᠲᠤ ᠺᠣᠮᠫᠠᠨᠢ ᠶᠢᠨ ᠮᠡᠳᠡᠭᠡ ᠶᠢ ᠦᠨᠳᠦᠰᠦᠯᠡᠪᠡᠯ᠂ ᠬᠥᠬᠡᠬᠤᠲᠠ᠂ ᠪᠤᠭᠤᠲᠤ᠂ ᠣᠷᠳᠣᠰ᠂ ᠤᠯᠠᠭᠠᠨᠴᠠᠪ ᠤᠨ ᠬᠢᠯᠢ ᠳᠣᠲᠣᠷᠠᠬᠢ 14 ᠭᠠᠯᠲᠤ ᠲᠡᠷᠭᠡᠨ ᠥᠷᠲᠡᠭᠡ ᠳᠤ ᠡᠯᠧᠺᠲᠷᠣᠨ ᠲᠡᠷᠭᠡᠨ ᠪᠢᠯᠧᠲ ᠤᠨ ᠦᠢᠯᠡᠴᠢᠯᠡᠭᠡ ᠬᠠᠩᠭᠠᠬᠤ ᠪᠣᠯᠣᠭᠰᠠᠨ ᠪᠠᠶᠢᠨ᠎ᠠ᠃ 12 ᠰᠠᠷ᠎ᠠ ᠶᠢᠨ 18 ᠤ ᠡᠳᠦᠷ ᠠᠴᠠ ᠡᠬᠢᠯᠡᠨ᠂ ᠬᠦᠳᠡᠯᠭᠡᠬᠦ ᠬᠦᠴᠦᠨᠳᠦ ᠭᠠᠯᠲᠣ ᠲᠡᠷᠭᠡᠨ ᠤ G᠂ D ᠦᠰᠦᠭᠲᠦ ᠪᠢᠯᠧᠲ ᠬᠤᠳᠠᠯᠳᠤᠨ ᠠᠪᠬᠤ ᠠᠶᠠᠨᠴᠢᠳ᠂ ᠴᠠᠭᠠᠰᠤᠨ ᠪᠢᠯᠧᠲ ᠤᠷᠢᠳᠴᠢᠯᠠᠨ ᠠᠪᠬᠤ ᠴᠢᠬᠤᠯᠠ ᠥᠬᠡᠶ᠂ ᠪᠡᠶ᠎ᠡ ᠶᠢᠨ ᠦᠨᠡᠮᠯᠡᠯ ᠪᠤᠶᠤ ᠭᠠᠷ ᠤᠲᠠᠰᠤᠨ ᠤ ᠮᠡᠷᠭᠡᠨ ᠴᠣᠬᠤᠷ ᠢ ᠰᠢᠷᠪᠢᠬᠦ ᠪᠠᠷ ᠳᠠᠮᠵᠢᠨ ᠲᠡᠷᠭᠡᠨ ᠦᠷᠲᠡᠭᠡᠨ ᠳᠤ ᠣᠷᠣᠬᠤ ᠪᠠ ᠪᠢᠯᠧᠲ ᠰᠢᠯᠭᠠᠵᠤ ᠪᠣᠯᠤᠨ᠎ᠠ᠃     ᠲᠣᠰ ᠤᠳᠠᠭ᠎ᠠ ᠡᠯᠧᠺᠲᠷᠣᠨ ᠲᠡᠷᠭᠡᠨ ᠪᠢᠯᠧᠲ ᠢ ᠬᠡᠷᠡᠭᠵᠢᠭᠦᠯᠦᠭᠰᠡᠨ ᠲᠡᠷᠭᠡᠨ ᠥᠷᠲᠡᠭᠡ ᠳᠤ ᠪᠤᠭᠤᠲᠤ᠂ ᠪᠤᠭᠤᠲᠤ ᠶᠢᠨ ᠵᠡᠭᠦᠨ ᠦᠷᠲᠡᠭᠡ᠂ ᠰᠠᠭᠠᠯᠢᠴᠢᠨ᠂ ᠴᠠᠭᠠᠰᠤᠴᠢ᠂ ᠬᠥᠬᠡᠬᠤᠲᠠ᠂ ᠬᠦᠬᠡᠬᠤᠲᠠ ᠶᠢᠨ ᠵᠡᠭᠦᠨ ᠦᠷᠲᠡᠭᠡ᠂ ᠴᠢ ᠰᠢᠶᠠ ᠶᠢᠩ ᠡᠮᠦᠨ᠎ᠡ ᠦᠷᠲᠡᠭᠡ᠂ ᠵᠦᠸᠧᠽᠢ ᠱᠠᠨ ᠵᠡᠭᠦᠨ ᠦᠷᠲᠡᠭᠡ᠂ ᠤᠯᠠᠭᠠᠨᠴᠠᠪ᠂ ᠰᠢᠩ ᠾᠧ ᠬᠤᠶᠢᠲᠣ ᠦᠷᠲᠡᠭᠡ᠂ ᠲᠣᠭᠲᠠᠬᠤ ᠵᠡᠭᠦᠨ ᠦᠷᠲᠡᠭᠡ᠂ ᠵᠡᠭᠦᠨᠭᠠᠷ᠂ ᠳ᠋ᠦᠩᠱᠧᠩ ᠵᠡᠭᠦᠨ ᠦᠷᠲᠡᠭᠡ᠂ ᠣᠷᠳᠣᠰ ᠵᠡᠷᠭᠡ 14 ᠲᠡᠷᠭᠡᠨ ᠥᠷᠲᠡᠭᠡ ᠪᠣᠶ᠂ ᠡᠭᠦᠨ ᠳᠤ ᠴᠢ ᠰᠢᠶᠠ ᠶᠢᠩ ᠡᠮᠦᠨ᠎ᠡ ᠦᠷᠲᠡᠭᠡ ᠪᠠ ᠰᠢᠩ ᠡᠾᠧ ᠬᠤᠶᠢᠲᠣ ᠥᠷᠲᠡᠭᠡ ᠨᠢ ᠴᠢᠭᠤᠯᠤᠯᠳᠣ ᠬᠠᠭᠠᠯᠭ᠎ᠠ ᠬᠦᠬᠡᠬᠤᠲᠠ ᠵᠠᠮ ᠱᠣᠭᠤᠮ ᠤᠨ ᠳᠡᠭᠡᠳᠦ ᠬᠤᠷᠲᠣ ᠶᠢᠨ ᠲᠡᠮᠦᠷ ᠵᠠᠮ ᠲᠠᠢ ᠠᠳᠠᠯᠢ ᠴᠠᠭ ᠲᠤ ᠨᠡᠪᠲᠡᠷᠡᠭᠦᠯᠦᠨ ᠠᠵᠢᠯᠯᠠᠭᠤᠯᠬᠤ ᠪᠣᠯᠤᠨ᠎ᠠ᠃     ᠲᠡᠷᠭᠡᠨ ᠳᠤ ᠰᠠᠭᠤᠬᠤ ᠶᠠᠪᠤᠴᠠ ᠳᠤ᠂ ᠠᠶᠠᠨᠴᠢᠳ ᠡᠷᠬᠡᠪᠰᠢ ᠬᠤᠳᠠᠯᠳᠤᠨ ᠠᠪᠤᠭᠰᠠᠨ ᠲᠡᠷᠭᠡᠨ ᠪᠢᠯᠧᠲ ᠤᠨ ᠡᠳᠦᠷ ᠬᠤᠭᠤᠴᠠᠭ᠎ᠠ᠂ ᠲᠡᠷᠭᠡᠨ ᠳ᠋ᠤᠭᠠᠷ᠂ ᠸᠠᠭᠤᠨ ᠤ ᠳ᠋ᠤᠭᠠᠷ ᠪᠠ ᠰᠠᠭᠤᠳᠠᠯ ᠤᠨ ᠨᠣᠮᠧᠷ ᠢᠶᠠᠷ ᠰᠠᠭᠤᠬᠤ ᠬᠡᠷᠡᠭᠲᠡᠶ᠂ ᠭᠠᠯᠲᠤ ᠲᠡᠷᠭᠡᠨ ᠤ ᠠᠵᠢᠯᠲᠠᠨ ᠲᠡᠷᠭᠡᠨ ᠪᠢᠯᠧᠲ ᠢ ᠪᠠᠶᠢᠴᠠᠭᠠᠨ ᠰᠢᠯᠭᠠᠬᠤ ᠦᠶ᠎ᠡ ᠳᠤ᠂ ᠠᠶᠠᠨᠴᠢᠳ ᠪᠢᠯᠧᠲ ᠬᠤᠳᠠᠯᠳᠤᠨ ᠠᠪᠬᠤ ᠳᠤ ᠬᠡᠷᠡᠭᠯᠡᠭᠰᠡᠨ ᠬᠦᠴᠦᠨ ᠪᠦᠬᠦᠢ ᠪᠡᠶ᠎ᠡ ᠶᠢᠨ ᠦᠨᠡᠮᠯᠡᠯ ᠢᠶᠠᠨ ᠭᠠᠷᠭᠠᠵᠤ ᠦᠵᠡᠭᠦᠯᠬᠦ ᠬᠡᠷᠡᠭᠲᠡᠶ᠃     ᠠᠩᠬᠠᠷᠤᠭᠤᠰᠢᠲᠠᠶ ᠨᠢ᠂ ᠡᠯᠧᠺᠲᠷᠣᠨ ᠲᠡᠷᠭᠡᠨ ᠪᠢᠯᠧᠲ ᠤᠨ ᠰᠣᠷᠣᠭᠴᠢ ᠶᠢᠨ ᠪᠢᠯᠧᠲ ᠬᠡᠷᠡᠭᠯᠡᠵᠦ ᠪᠠᠶᠢᠭ᠎ᠠ ᠠᠶᠠᠨᠴᠢᠳ ᠰᠤᠷᠤᠯᠭ᠎ᠠ ᠶᠢᠨ ᠬᠤᠭᠤᠴᠠᠭ᠎ᠠ ᠪᠦᠷᠢ ᠳᠤ ᠪᠡᠶ᠎ᠡ ᠶᠢᠨ ᠦᠨᠡᠮᠯᠡᠯ᠂ ᠰᠤᠷᠤᠭᠴᠢ ᠶᠢᠨ ᠦᠨᠡᠮᠯᠡᠯ ᠢᠶᠠᠨ ᠠᠪᠴᠤ ᠲᠡᠷᠭᠡᠨ ᠥᠷᠲᠡᠭᠡᠨ ᠤ ᠪᠢᠯᠧᠲ ᠬᠤᠳᠠᠯᠳᠤᠬᠤ ᠴᠣᠩᠬᠤᠨ ᠳᠤ ᠬᠦᠷᠴᠦ ᠬᠠᠷᠭᠤᠭᠤᠯᠤᠨ ᠪᠠᠶᠢᠴᠠᠭᠠᠬᠤ ᠭᠠᠷ ᠭᠦᠢᠴᠡᠳᠬᠡᠯ ᠬᠢᠬᠦ ᠬᠡᠷᠡᠭᠲᠡᠶ᠃ ᠬᠠᠷᠭᠤᠭᠤᠯᠤᠨ ᠪᠠᠶᠢᠴᠠᠭᠠᠭᠰᠠᠨ ᠤ ᠳᠠᠷᠠᠭ᠎ᠠ ᠰᠠᠶ᠋ᠢ ᠪᠡᠶ᠎ᠡ ᠶᠢᠨ ᠦᠨᠡᠮᠯᠡᠯ ᠪᠤᠶᠤ ᠮᠡᠷᠭᠡᠨ ᠴᠣᠬᠤᠷ ᠰᠢᠷᠪᠢᠨ ᠰᠢᠭᠤᠳ ᠪᠢᠯᠧᠲ ᠪᠠᠶᠢᠴᠠᠭᠠᠵᠤ ᠥᠷᠲᠡᠭᠡᠨ ᠳᠤ ᠣᠷᠣᠵᠤ ᠪᠣᠯᠤᠨ᠎ᠠ᠃     ᠲᠡᠮᠦᠷ ᠵᠠᠮ ᠤᠨ ᠰᠠᠯᠠᠭ᠎ᠠ ᠮᠥᠴᠢᠷ ᠠᠴᠠ᠂ ᠣᠳᠣᠬᠠᠨ ᠳᠤ ᠡᠯᠧᠺᠲᠷᠣᠨ ᠲᠡᠷᠭᠡᠨ ᠪᠢᠯᠧᠲ ᠢ ᠵᠥᠪᠬᠡᠨ ᠳᠡᠭᠡᠷ᠎ᠡ ᠨᠡᠶᠢᠲᠡᠯᠡᠭᠰᠡᠨ ᠲᠡᠷᠭᠡᠨ ᠥᠷᠲᠡᠭᠡᠨ ᠳᠤ ᠬᠡᠷᠡᠭᠵᠢᠭᠦᠯᠵᠦ ᠪᠣᠯᠣᠨ᠎ᠠ᠃ ᠠᠶᠠᠨᠴᠢᠳ ᠳᠡᠭᠡᠷ᠎ᠡ ᠨᠡᠶᠢᠲᠡᠯᠡᠭᠰᠡᠨ ᠲᠡᠷᠭᠡᠨ ᠦᠷᠲᠡᠭᠡᠨ ᠠᠴᠠ ᠪᠣᠰᠣᠳ ᠦᠷᠲᠡᠭᠡᠨ ᠠᠴᠠ ᠲᠡᠷᠭᠡᠨ ᠳᠤ ᠭᠠᠷᠬᠤ᠂ ᠲᠡᠷᠭᠡᠨ ᠠᠴᠠ ᠪᠠᠭᠤᠬᠤ ᠪᠣᠶᠣ ᠲᠡᠷᠭᠡᠨ ᠪᠢᠯᠧᠲ ᠬᠤᠳᠠᠯᠳᠤᠨ ᠠᠪᠬᠤ᠂ ᠬᠤᠳᠠᠯᠳᠤᠨ ᠠᠪᠤᠭᠰᠠᠨ ᠲᠡᠷᠭᠡᠨ ᠪᠢᠯᠧᠲ ᠨᠢ ᠡᠩ ᠤᠨ ᠭᠠᠯᠲᠤ ᠲᠡᠷᠭᠡᠨ ᠤ ᠲᠡᠷᠭᠡᠨ ᠪᠢᠯᠧᠲ ᠪᠣᠯᠬᠤ ᠪᠠ 12 ᠰᠠᠷ᠎ᠠ ᠶᠢᠨ 18 ᠤ ᠡᠳᠦᠷ ᠠᠴᠠ ᠡᠮᠦᠨ᠎ᠡ ᠬᠤᠳᠠᠯᠳᠤᠨ ᠠᠪᠤᠭᠰᠠᠨ ᠲᠡᠷᠭᠡᠨ ᠪᠢᠯᠧᠲ ᠮᠥᠨ ᠤᠤᠯ ᠤᠨ ᠬᠡᠯᠪᠡᠷᠢ ᠪᠠᠷ ᠴᠠᠭᠠᠰᠣᠨ ᠪᠢᠯᠧᠲ ᠠᠪᠴᠤ ᠲᠡᠷᠭᠡᠨ ᠳᠤ ᠭᠠᠷᠬᠤ ᠴᠢᠬᠤᠯᠠᠲᠠᠢ ᠭᠡᠵᠦ ᠰᠠᠨᠠᠭᠤᠯᠪᠠ᠃
ᠢᠷᠡᠯᠲᠡ᠄ ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠲᠣᠳᠣᠭᠠᠳᠣ ᠶᠢ ᠬᠠᠮᠠᠭᠠᠯᠠᠬᠤ ᠲᠢᠩᠬᠢᠮ