ᠪᠤᠭᠤᠲᠤ ᠬᠤᠲᠠ ᠶᠢᠨ ᠵᠢᠦ ᠶᠤᠸᠠᠨ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ ᠶᠢᠨ ᠬᠢᠯᠢ ᠪᠠᠷ ᠣᠷᠣᠬᠤ ᠭᠠᠷᠬᠤ ᠬᠠᠮᠢᠶᠠᠷᠤᠯᠲᠠ ᠶᠢᠨ ᠰᠠᠯᠠᠭ᠎ᠠ ᠮᠥᠴᠢᠷ ︽ᠳᠥᠷᠪᠡᠨ  ᠵᠦᠢᠯ︾ ᠤᠨ ᠦᠢᠯᠡᠴᠢᠯᠡᠭᠡ ᠶᠢ ᠪᠠᠷᠢᠮᠲᠠᠯᠠᠵᠤ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠠᠬᠢᠭᠤᠯᠵᠤ ᠪᠠᠶᠢᠨᠠᠮ
ᠨᠡᠶᠢᠲᠡᠯᠡᠭᠰᠡᠨ ᠴᠠᠭ᠄
2019/7/4
     ᠪᠤᠭᠤᠲᠤ ᠬᠤᠲᠠ ᠶᠢᠨ ᠵᠢᠦ ᠶᠤᠸᠠᠨ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ      ᠲᠣᠪᠴᠢᠶ᠎ᠠ ᠶᠢᠨ ᠬᠢᠯᠢ ᠪᠠᠷ ᠣᠷᠣᠬᠤ ᠭᠠᠷᠬᠤ ᠬᠠᠮᠢᠶᠠᠷᠤᠯᠲᠠ ᠶᠢᠨ ᠰᠠᠯᠠᠭ᠎ᠠ ᠮᠥᠴᠢᠷ ︽ᠳᠥᠷᠪᠡᠨ        ᠵᠦᠢᠯ︾ ᠤᠨ ᠦᠢᠯᠡᠴᠢᠯᠡᠭᠡ ᠶᠢ ᠪᠠᠷᠢᠮᠲᠠᠯᠠᠵᠤ ︽ᠲᠠᠯᠪᠢᠬᠤ ᠬᠠᠮᠢᠶᠠᠷᠬᠤ ᠦᠢᠯᠡᠴᠢᠯᠡᠬᠦ︾      ᠥᠭᠡᠷᠡᠴᠢᠯᠡᠯᠲᠡ ᠶᠢ ᠠᠬᠢᠭᠤᠯᠵᠤ ᠪᠠᠶᠢᠨᠠᠮ          ᠪᠤᠭᠤᠲᠤ ᠬᠤᠲᠠ ᠶᠢᠨ ᠳᠣᠲᠣᠭᠠᠳᠤ ᠶᠢ ᠬᠠᠮᠠᠭᠠᠯᠠᠬᠤ ᠠᠵᠢᠯ ᠤᠨ ᠬᠢᠯᠢ ᠪᠠᠷ ᠣᠷᠣᠵᠤ ᠭᠠᠷᠬᠤ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠵᠢᠨ‌ᠠᠵᠢᠯ ᠤᠨ ᠭᠦᠨᠵᠡᠭᠡᠶᠢᠷᠡᠨ ᠬᠥᠭᠵᠢᠬᠦ ᠶᠢ ᠠᠬᠢᠭᠤᠯᠵᠤ᠂ ︽ᠪᠥᠬᠦ ᠤᠯᠤᠰ ᠲᠤ ᠨᠡᠶᠢᠳᠡᠮ ᠭᠦᠢᠴᠡᠳᠬᠡᠬᠦ︾ ᠪᠠ ︽ᠵᠥᠪᠬᠡᠨ ᠨᠢᠭᠡ ᠯᠠ ᠤᠳᠠᠭ᠎ᠠ ᠲᠤ ᠭᠦᠢᠴᠡᠳᠭᠡᠬᠦ︾ ᠱᠠᠭᠠᠷᠳᠠᠯᠭ᠎ᠠ ᠶᠢ ᠰᠠᠶᠢᠲᠤᠷ ᠨᠠᠶᠢᠳᠠᠪᠤᠷᠢᠵᠢᠭᠤᠯᠬᠤ ᠶᠢᠨ ᠲᠥᠯᠥᠭᠡ᠂ ᠪᠤᠭᠤᠲᠤ ᠬᠤᠲᠠ ᠶᠢᠨ ᠵᠢᠦ ᠶᠤᠸᠠᠨ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ ᠶᠢᠨ ᠬᠢᠯᠢ ᠪᠠᠷ ᠣᠷᠣᠬᠤ ᠭᠠᠷᠬᠤ ᠬᠠᠮᠢᠶᠠᠷᠤᠯᠲᠠ ᠶᠢᠨ ᠶᠡᠭᠡ ᠠᠩᠭᠢ ᠶᠢᠨ ︽ᠳᠥᠷᠪᠡᠨ ᠵᠦᠢᠯ︾ ᠤᠨ ᠦᠢᠯᠡᠴᠢᠯᠡᠭᠡᠨ ᠤ ᠦᠵᠡᠯ ᠤᠬᠠᠮᠰᠠᠷ ᠢ ᠴᠢᠩᠭᠠᠷᠠᠭᠤᠯᠵᠤ᠂ ᠴᠣᠩᠬᠤᠨ ᠦᠢᠯᠡᠴᠢᠯᠡᠭᠡᠨ ᠢ ᠨᠠᠷᠢᠯᠢᠭᠵᠢᠭᠤᠯᠬᠤ᠂ ᠵᠢᠷᠤᠮᠵᠢᠭᠤᠯᠬᠤ ᠪᠠ ᠥᠨᠳᠥᠷ ᠦᠷ᠎ᠡ ᠪᠦᠲᠦᠮᠵᠢ ᠲᠠᠢ ᠪᠣᠯᠭᠠᠬᠤ ᠬᠢᠷᠢ ᠬᠡᠮᠵᠢᠶ᠎ᠡ ᠶᠢ ᠲᠠᠰᠤᠷᠠᠯᠲᠠ ᠥᠬᠡᠶ ᠳᠡᠭᠡᠭᠰᠢᠯᠡᠭᠦᠯᠪᠡ᠃     ᠨᠢᠭᠡ ᠳᠤ᠂ ᠦᠢᠯᠡᠴᠢᠯᠡᠭᠡ ᠬᠠᠩᠭᠠᠬᠤ ᠳᠠᠭᠠᠨ ︽ᠳᠠᠲᠣᠨᠣᠰᠤᠭ︾ ᠪᠠᠶᠢᠬᠤ᠃ ᠲᠤᠰ ᠶᠡᠭᠡ ᠠᠩᠭᠢ ᠠᠵᠢᠯ ᠤᠨ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠂ ᠡᠪᠦᠯ ᠵᠤᠨ ᠤ ᠠᠮᠠᠷᠠᠯᠲᠠ ᠵᠢᠴᠢ ᠵᠢᠯ ᠤᠨ ᠡᠴᠦᠰ ᠲᠤ ᠭᠠᠳᠠᠭᠰᠢ ᠭᠠᠷᠴᠤ ᠠᠵᠢᠯ ᠬᠥᠳᠡᠯᠮᠦᠷᠢ ᠬᠢᠵᠦ ᠪᠠᠶᠢᠭ᠎ᠠ ᠬᠥᠮᠦᠰ ᠨᠤᠲᠤᠭ ᠲᠠᠭᠠᠨ ᠪᠤᠴᠠᠬᠤ ᠦᠶᠡᠰ ᠤᠨ ᠦᠨᠡᠮᠯᠡᠯ ᠠᠪᠬᠤ ᠣᠷᠭᠢᠯ ᠤᠨ ᠬᠤᠭᠤᠴᠠᠭᠠᠨ ᠳᠤ ᠴᠢᠭᠯᠡᠭᠦᠯᠦᠨ᠂ ︽ᠰᠠᠭᠠᠳ ᠦᠭᠡᠢ ᠨᠡᠪᠲᠡᠷᠡᠬᠦ ᠵᠠᠮ︾ ᠨᠡᠭᠡᠭᠡᠵᠦ᠂ ᠪᠠᠴᠢᠮ ᠬᠡᠷᠡᠭ ᠢ ᠳᠠᠷᠤᠶᠢᠬᠠᠨ ᠰᠢᠢᠳᠪᠦᠷᠢᠯᠡᠬᠦ ᠳᠣᠲᠣᠨᠣ ᠦᠢᠯᠡᠴᠢᠯᠡᠭᠡ ᠬᠠᠩᠭᠠᠨ᠎ᠠ᠃     ᠬᠤᠶᠠᠷ ᠲᠤ᠂ ᠣᠯᠠᠨ ᠲᠦᠮᠡᠨ ᠳᠤ ᠬᠠᠨᠳᠤᠬᠤ ᠳᠠᠭᠠᠨ ︽ ᠬᠠᠯᠠᠭᠤᠮᠰᠤᠭ︾ ᠪᠠᠶᠢᠬᠤ᠃ ᠬᠢᠯᠢ ᠪᠠᠷ ᠣᠷᠤᠬᠤ ᠭᠠᠷᠬᠤ ᠦᠢᠯᠡᠴᠢᠯᠡᠭᠡᠨ ᠤ ᠲᠢᠩᠬᠢᠮ ᠳᠤ ᠤᠤᠭᠤᠬᠤ ᠤᠰᠤᠨ ᠤ ᠮᠠᠰᠢᠨ᠂ ᠬᠠᠭᠤᠴᠢᠨ ᠮᠠᠶ᠋ᠢᠭ ᠤᠨ ᠬᠠᠷᠠᠭᠠᠨ ᠤ ᠰᠢᠯ ︵ᠨᠢᠳᠦᠨ ᠰᠢᠯ︶᠂ ᠦᠨ᠎ᠡ ᠲᠥᠯᠥᠪᠦᠷᠢ ᠦᠭᠡᠢ ᠪᠠᠷ ᠭᠡᠷᠡᠯ ᠵᠢᠷᠤᠭ ᠠᠪᠬᠤ᠂ ᠦᠨ᠎ᠡ ᠲᠥᠯᠥᠪᠦᠷᠢ ᠦᠭᠡᠢ ᠮᠠᠲ᠋ᠧᠷᠢᠶᠠᠯ ᠳᠠᠷᠤᠮᠠᠯᠯᠠᠬᠤ ᠵᠡᠷᠭᠡ ᠠᠷᠠᠳ ᠲᠤ ᠳᠥᠭᠦᠮ ᠦᠵᠡᠭᠦᠯᠬᠦ ᠪᠠᠭᠠᠵᠢ ᠲᠥᠬᠦᠭᠡᠷᠦᠮᠵᠢ ᠶᠢ ᠲᠣᠬᠢᠷᠠᠭᠤᠯᠵᠤ ᠬᠠᠮᠢᠶ᠎ᠠ ᠪᠦᠬᠦᠢ ᠦᠢᠯᠡᠴᠢᠯᠡᠭᠡ ᠶᠢ ᠬᠠᠩᠭᠠᠬᠤ ᠶᠢᠨ ᠬᠠᠮᠲᠤ᠂ ᠲᠤᠰᠬᠠᠶ ᠠᠵᠢᠯᠲᠠᠨ ᠲᠣᠬᠢᠷᠠᠭᠤᠯᠵᠤ ᠠᠵᠢᠯ᠂ ᠬᠡᠷᠡᠭ ᠭᠦᠢᠴᠡᠳᠬᠡᠬᠦ ᠣᠯᠠᠨ ᠲᠦᠮᠡᠨ ᠢ ᠬᠥᠲᠥᠯᠥᠨ ᠵᠢᠯᠣᠭᠤᠳᠴᠤ ᠡᠮᠬᠢ ᠵᠢᠷᠤᠮ ᠲᠠᠢ ᠭᠦᠢᠴᠡᠳᠬᠡᠭᠦᠯᠵᠦ᠂ ᠬᠦᠯᠢᠶᠡᠬᠦ ᠴᠠᠭ ᠢ ᠨᠢ ᠪᠠᠭᠠᠰᠬᠠᠪᠠ᠃ ᠨᠠᠰᠤᠲᠠᠶ᠂ ᠡᠪᠡᠳᠴᠢᠨ ᠲᠠᠢ᠂ ᠵᠡᠮᠳᠡᠭ ᠵᠡᠷᠭᠡ ᠣᠨᠴᠠᠭᠠᠢ ᠬᠥᠮᠦᠰ ᠲᠤ ᠵᠣᠷᠢᠭᠤᠯᠣᠨ ᠂ ︽ᠨᠢᠭᠡ ᠨᠢᠭᠡ ᠪᠠᠷ︾ ᠦᠢᠯᠡᠴᠢᠯᠡᠬᠦ ᠲᠤᠰᠬᠠᠢ ᠦᠢᠯᠡᠴᠢᠯᠡᠭᠡ ᠶᠢ ᠬᠠᠩᠭᠠᠵᠤ᠂ ᠠᠵᠢᠯᠲᠠᠨ ᠢᠶᠠᠨ ᠲᠣᠬᠢᠷᠠᠭᠤᠯᠤᠨ ᠪᠥᠬᠦ ᠶᠠᠪᠤᠴᠠ ᠳᠤ ᠪᠠᠷ᠎ᠠ ᠪᠣᠯᠭᠠᠨ ᠭᠦᠢᠴᠡᠳᠬᠡᠭᠦᠯᠵᠦ᠂ ᠦᠨᠡᠮᠯᠡᠯ ᠭᠦᠢᠴᠡᠳᠬᠡᠬᠦ ᠶᠠᠪᠤᠴᠠ ᠶᠢ ᠲᠠᠶᠢᠯᠪᠤᠷᠢᠯᠠᠭᠤᠯᠵᠠᠢ᠃     ᠭᠤᠷᠪᠠ ᠳᠤ᠂ ᠲᠤᠬᠠᠶᠢᠯᠠᠭᠰᠠᠨ ᠠᠵᠢᠯ ᠢ ᠭᠦᠢᠴᠡᠳᠬᠡᠬᠦ ᠳᠡᠭᠡᠨ ︽ᠨᠠᠷᠢᠨ ᠨᠢᠮᠪᠠᠶ︾ ᠪᠠᠶᠢᠬᠤ᠃  ᠨᠢᠭᠤᠷᠳᠠᠨ ᠠᠵᠢᠯᠯᠠᠭᠴᠢ᠂ ᠭᠤᠶᠤᠴᠢᠯᠠᠭᠴᠢ ᠶᠢᠨ ᠲᠤᠰᠢᠶᠠᠭᠰᠠᠨ ᠮᠠᠲ᠋ᠧᠷᠢᠶᠠᠯ ᠢ ᠨᠠᠷᠢᠨ ᠨᠢᠮᠪᠠᠶ ᠪᠥᠭᠡᠳ ᠬᠢᠨᠠᠮᠠᠭᠠᠶ ᠪᠠᠷ ᠳᠠᠬᠢᠨ ᠳᠠᠪᠲᠠᠨ ᠬᠠᠷᠭᠤᠭᠤᠯᠵᠤ᠂ ᠲᠤᠬᠠᠶᠢᠯᠠᠭᠰᠠᠨ ᠠᠵᠢᠯ ᠢ ᠬᠦᠯᠢᠶᠡᠨ ᠠᠪᠴᠤ ᠰᠢᠢᠳᠪᠦᠷᠢᠯᠡᠬᠦ ᠪᠣᠭᠤᠮᠲᠠ ᠶᠢ ᠴᠢᠩᠭ᠎ᠠ ᠠᠳᠬᠤᠵᠤ᠂ ᠦᠢᠯᠡᠴᠢᠯᠡᠭᠡᠨ ᠤ ᠶᠠᠰᠤ ᠴᠢᠨᠠᠷ ᠢ ᠲᠠᠰᠤᠷᠠᠯᠲᠠ ᠥᠬᠡᠶ ᠳᠡᠭᠡᠭᠰᠢᠯᠡᠭᠦᠯᠵᠠᠢ᠃      ᠳᠥᠷᠪᠡ ᠳᠤ᠂ ᠠᠰᠠᠭᠤᠳᠠᠯ ᠢ ᠰᠢᠢᠳᠪᠦᠷᠢᠯᠡᠬᠦ ᠳᠡᠭᠡᠨ ︽ᠬᠦᠯᠢᠴᠡᠩᠭᠦᠶ︾ ᠪᠠᠶᠢᠬᠤ᠃  ᠨᠢᠭᠤᠷᠳᠠᠨ ᠠᠵᠢᠯᠯᠠᠭᠴᠢ ᠤᠴᠢᠷ ᠶᠠᠪᠤᠳᠠᠯ ᠢᠶᠠᠨ ᠰᠢᠢᠳᠪᠦᠷᠢᠯᠡᠬᠦ ᠪᠠᠷ ᠪᠠᠶᠢᠭ᠎ᠠ ᠣᠯᠠᠨ ᠲᠦᠮᠡᠨ ᠤ ᠠᠰᠠᠭᠤᠨ ᠯᠠᠪᠯᠠᠬᠤ ᠡᠯ᠎ᠡ ᠵᠦᠢᠯ ᠤᠨ ᠬᠦᠴᠢᠷ ᠲᠦᠪᠡᠭᠲᠡᠶ ᠠᠰᠠᠭᠤᠳᠠᠯ ᠪᠠ ᠲᠥᠷᠥ ᠶᠢᠨ ᠪᠣᠳᠣᠯᠭ᠎ᠠ ᠶᠢᠨ ᠲᠤᠬᠠᠢ ᠮᠠᠳᠠᠭ ᠲᠠᠢ ᠠᠰᠠᠭᠤᠳᠠᠯ ᠢ ᠨᠠᠷᠢᠨ ᠨᠢᠮᠪᠠᠶ ᠪᠥᠭᠡᠳ ᠵᠢᠷᠤᠮᠵᠢᠭᠤᠨ ᠬᠠᠷᠢᠭᠤᠯᠬᠤ ᠶᠢᠨ ᠬᠠᠮᠲᠤ ᠲᠡᠳᠡᠨ ᠢ ᠬᠠᠪᠰᠤᠷᠬᠤ ᠬᠡᠷᠡᠭᠲᠡᠶ᠃ ᠬᠡᠷᠡᠭ ᠰᠢᠢᠳᠪᠦᠷᠢᠯᠡᠬᠦ ᠶᠠᠪᠤᠴᠠ ᠶᠢ ᠰᠠᠶᠢᠨ ᠮᠡᠳᠡᠬᠦ ᠥᠬᠡᠶ ᠣᠯᠠᠨ ᠲᠦᠮᠡᠨ ᠳᠤ ᠬᠡᠷᠡᠭ ᠰᠢᠢᠳᠪᠦᠷᠢᠯᠡᠬᠦ ᠵᠦᠭᠯᠡᠭᠦᠷ ᠢ ᠰᠠᠨᠠᠭᠠᠴᠢᠯᠠᠭ᠎ᠠ ᠠᠴᠠ ᠪᠠᠨ ᠬᠠᠩᠭᠠᠨ᠎ᠠ︔ ᠠᠦ᠋ᠲ᠋ᠤ᠋ ᠲᠥᠬᠦᠭᠡᠷᠦᠮᠵᠢ ᠶᠢ ᠠᠵᠢᠯᠯᠠᠭᠤᠯᠬᠤ ᠶᠢ ᠰᠠᠶᠢᠨ ᠮᠡᠳᠡᠬᠦ ᠥᠬᠡᠶ ᠣᠯᠠᠨ ᠲᠦᠮᠡᠨ ᠳᠤ ᠴᠠᠭ ᠲᠤᠬᠠᠶ ᠳᠤᠨᠢ ᠬᠠᠪᠰᠤᠷᠤᠯᠭ᠎ᠠ ᠦᠵᠡᠭᠦᠯᠦᠨ᠎ᠡ᠃
ᠢᠷᠡᠯᠲᠡ᠄ ᠪᠤᠭᠤᠲᠤ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ