ᠳᠣᠲᠣᠭᠠᠳᠤ ᠶᠢ ᠬᠠᠮᠠᠭᠠᠯᠠᠬᠤ ᠶᠠᠮᠤᠨ ᠠᠴᠠ ᠪᠠᠶᠠᠷ ᠤᠨ ᠡᠳᠦᠷ ᠢᠶᠠᠷ ᠭᠠᠳᠠᠭᠰᠢ ᠭᠠᠷᠬᠤ ᠥᠷᠭᠡᠨ ᠣᠯᠠᠨ ᠵᠢᠯᠣᠭᠤᠴᠢ ᠪᠣᠯᠤᠨ ᠣᠯᠠᠨ ᠲᠦᠮᠡᠨ ᠳᠤ ᠰᠠᠨᠠᠭᠤᠯᠤᠭᠰᠠᠨ ᠨᠢ
ᠨᠡᠶᠢᠲᠡᠯᠡᠭᠰᠡᠨ ᠴᠠᠭ᠄
2019/9/16
     ᠳᠣᠲᠣᠭᠠᠳᠤ ᠶᠢ ᠬᠠᠮᠠᠭᠠᠯᠠᠬᠤ ᠶᠠᠮᠤᠨ ᠠᠴᠠ ᠪᠠᠶᠠᠷ ᠤᠨ ᠡᠳᠦᠷ ᠢᠶᠠᠷ ᠭᠠᠳᠠᠭᠰᠢ ᠭᠠᠷᠬᠤ ᠥᠷᠭᠡᠨ ᠣᠯᠠᠨ ᠵᠢᠯᠣᠭᠤᠴᠢ ᠪᠣᠯᠤᠨ ᠣᠯᠠᠨ ᠲᠦᠮᠡᠨ ᠳᠤ ᠰᠠᠨᠠᠭᠤᠯᠤᠭᠰᠠᠨ ᠨᠢ      ᠬᠤᠪᠢ ᠶᠢᠨ ᠲᠡᠷᠭᠡ ᠪᠠᠷ ᠭᠠᠳᠠᠭᠰᠢ ᠭᠠᠷᠬᠤ ᠠᠴᠠ ᠡᠮᠦᠨ᠎ᠡ᠂ ᠲᠡᠷᠭᠡ ᠬᠥᠰᠬᠡ ᠶᠢᠨ ᠠᠮᠤᠷ ᠲᠦᠪᠰᠢᠨ ᠤ ᠪᠠᠶᠢᠴᠠᠭᠠᠯᠲᠠ ᠪᠠ ᠠᠷᠠᠴᠢᠯᠠᠨ ᠬᠠᠮᠠᠭᠠᠯᠠᠬᠤ ᠠᠵᠢᠯ ᠢ ᠰᠠᠶᠢᠲᠤᠷ ᠬᠢᠵᠦ᠂ ᠳ᠋ᠧᠩ᠂ ᠳᠣᠭᠤᠶᠢᠯᠠᠪᠣᠷᠢ᠂ ᠲᠤᠷᠤᠮᠰᠣᠯᠠᠭᠤᠷ᠂ ᠬᠦᠷᠦᠭᠡᠬᠦ ᠲᠦᠬᠦᠭᠡᠷᠦᠮᠵᠢ ᠵᠡᠷᠭᠡ ᠮᠠᠰᠢᠨ ᠲᠣᠨᠤᠭ ᠤᠨ ᠬᠡᠪ ᠴᠢᠨᠠᠷ ᠢ ᠪᠠᠲᠣᠯᠠᠨ᠂ ᠦᠨᠡᠮᠯᠡᠯ ᠵᠢᠴᠢ ᠭᠠᠯ ᠤᠨᠲᠠᠷᠠᠭᠠᠭᠤᠷ᠂ ᠭᠤᠷᠪᠠᠯᠵᠢᠨ ᠫᠠᠶᠢᠰᠠ ᠵᠡᠷᠭᠡ ᠠᠮᠤᠷ ᠲᠦᠪᠰᠢᠨ ᠤ ᠵᠦᠢᠯᠡᠰ ᠢᠶᠠᠨ ᠰᠠᠶᠢᠳᠤᠷ ᠪᠡᠯᠡᠳᠭᠡᠵᠦ᠂ ᠴᠠᠭ᠂ ᠵᠠᠮ ᠱᠤᠭᠤᠮ ᠢᠶᠠᠨ ᠤᠷᠢᠳᠴᠢᠯᠠᠨ ᠲᠦᠯᠦᠪᠵᠢᠭᠦᠯᠦᠨ᠂ ᠠᠯᠢ ᠴᠢᠳᠠᠬᠤ ᠪᠠᠷ ᠭᠠᠳᠠᠭᠰᠢ ᠭᠠᠷᠬᠤ ᠣᠷᠭᠢᠯ ᠪᠣᠯᠬᠤ ᠦᠶ᠎ᠡ ᠪᠠ ᠰᠥᠨᠢ ᠪᠠᠷ ᠵᠠᠮ ᠬᠦᠭᠡᠭᠡᠬᠦ ᠠᠴᠠ ᠵᠠᠶᠢᠯᠠᠰᠬᠢᠬᠦ ᠬᠡᠷᠡᠭᠲᠡᠶ᠃      ᠲᠡᠷᠭᠡ ᠵᠢᠯᠣᠭᠤᠳᠣᠨ ᠵᠠᠮ ᠬᠦᠭᠡᠭᠡᠬᠦ ᠳᠤ᠂ ᠵᠠᠮ ᠬᠠᠷᠢᠯᠴᠠᠭᠠᠨ ᠤ ᠬᠠᠤᠯᠢ ᠲᠣᠭᠲᠠᠭᠠᠯ ᠢ ᠴᠢᠩᠭ᠎ᠠ ᠵᠢᠷᠤᠮᠯᠠᠬᠤ ᠬᠡᠷᠡᠭᠲᠡᠶ᠂  ᠳᠠᠭᠠᠭᠠᠴᠠ ᠠᠴᠠ ᠬᠡᠲᠦᠷᠡᠬᠦ᠂ ᠬᠤᠷᠳᠤᠴᠠ ᠶᠢᠨ ᠪᠠᠷᠢᠮᠵᠢᠶ᠎ᠠ ᠠᠴᠠ ᠬᠡᠲᠦᠷᠡᠬᠦ᠂ ᠶᠠᠳᠠᠷᠠᠯᠲᠠᠶ ᠪᠠᠷ ᠲᠡᠷᠭᠡ ᠵᠢᠯᠣᠭᠤᠳᠬᠤ᠂ ᠲᠡᠷᠭᠡ ᠵᠢᠯᠣᠭᠤᠳᠬᠤ ᠵᠠᠭᠤᠷ᠎ᠠ ᠭᠠᠷ ᠤᠲᠠᠰᠤ ᠬᠡᠷᠡᠭᠯᠡᠬᠦ᠂ ᠠᠭᠤᠷᠯᠠᠵᠣ ᠮᠥᠴᠡᠷᠭᠡᠭᠡᠬᠦ ᠲᠡᠷᠭᠡ ᠵᠢᠯᠣᠭᠤᠳᠬᠤ ᠵᠡᠷᠭᠡ ᠨᠢ ᠴᠦᠮ ᠲᠣᠩ ᠠᠶᠣᠯᠲᠠᠢ ᠪᠦᠭᠡᠳ ᠵᠠᠮ ᠬᠠᠷᠢᠯᠴᠠᠭᠠᠨ ᠤ ᠬᠠᠣᠯᠢ ᠲᠣᠭᠲᠠᠭᠠᠯ ᠠᠴᠠ ᠵᠦᠷᠢᠴᠡᠭᠰᠡᠨ ᠪᠠᠶᠢᠨ᠎ᠠ᠂ ᠠᠶᠣᠯ ᠦᠭᠡᠢ ᠪᠦᠰᠡ ᠪᠠᠨ ᠴᠢᠩᠭ᠎ᠠ ᠪᠦᠰᠡᠯᠡᠵᠦ᠂ ᠬᠡᠷᠪᠡ ᠵᠠᠮ ᠬᠠᠷᠢᠯᠴᠠᠭᠠᠨ ᠤ ᠲᠦᠭᠵᠢᠷᠡᠯ ᠳᠤ ᠤᠴᠠᠷᠠᠪᠠᠯ᠂ ᠬᠦᠯᠢᠴᠡᠩᠭᠦᠢ ᠮᠥᠷᠯᠡᠨ ᠬᠦᠯᠢᠶᠡᠵᠦ᠂ ᠪᠠᠴᠢᠮ ᠪᠠᠶᠢᠳᠠᠯ ᠢ ᠠᠷᠭᠠᠴᠠᠬᠤ ᠲᠡᠷᠭᠡᠨ ᠵᠠᠮ ᠢ ᠡᠵᠡᠯᠡᠨ ᠬᠡᠷᠡᠭᠯᠡᠵᠦ ᠪᠣᠯᠬᠤ ᠥᠬᠡᠶ᠂ ᠵᠠᠯᠭᠠᠭ᠎ᠠ ᠪᠠᠷ ᠲᠡᠷᠭᠡ ᠵᠢᠯᠣᠭᠤᠳᠣᠭᠰᠠᠨ ᠴᠠᠭ ᠨᠢ 4 ᠴᠠᠭ ᠠᠴᠠ ᠬᠡᠲᠦᠷᠡᠵᠦ ᠪᠣᠯᠬᠤ ᠥᠬᠡᠶ᠂ ᠲᠡᠷᠭᠡ ᠵᠣᠭᠰᠣᠭᠠᠵᠣ ᠠᠮᠠᠷᠠᠬᠤ ᠳᠤ ᠪᠠᠨ 20 ᠮᠢᠨᠦ᠋ᠲ ᠠᠴᠠ ᠪᠠᠭ᠎ᠠ ᠪᠠᠶᠢᠵᠤ ᠪᠣᠯᠬᠤ ᠥᠬᠡᠶ᠃      ᠲᠡᠭᠡᠳᠦ ᠬᠤᠷᠳᠤ ᠵᠠᠰᠠᠮᠠᠯ ᠵᠠᠮ ᠢᠶᠠᠷ ᠠᠶᠠᠯᠠᠬᠤ ᠳᠤ ᠪᠠᠨ᠂ ᠠᠮᠤᠷ ᠲᠦᠪᠰᠢᠨ ᠲᠡᠷᠭᠡᠨ ᠤ ᠵᠠᠶ ᠶᠢ ᠪᠠᠲᠤᠯᠠᠬᠤ ᠶᠢ ᠠᠩᠬᠠᠷᠴᠤ᠂ ᠭᠠᠷᠬᠤ ᠵᠠᠮ ᠣᠶᠢᠷᠠᠳᠬᠤ ᠦᠶᠡᠰ ᠤᠷᠢᠳᠴᠢᠯᠠᠨ ᠵᠠᠮ ᠱᠣᠭᠤᠮ ᠢᠶᠠᠨ ᠬᠤᠪᠢᠷᠠᠭᠤᠯᠬᠤ ᠬᠡᠷᠡᠭᠲᠡᠶ᠂ ᠬᠡᠷᠪᠡ ᠭᠠᠷᠬᠤ ᠵᠠᠮ ᠠᠴᠠ ᠬᠡᠲᠦᠷᠡᠭᠰᠡᠨ ᠪᠠᠶᠢᠪᠠᠯ ᠲᠦᠷᠭᠡᠨ ᠵᠣᠭᠰᠣᠭᠠᠬᠤ᠂ ᠲᠡᠷᠭᠡ ᠤᠬᠤᠷᠢᠭᠤᠯᠬᠤ ᠪᠤᠶᠤ ᠰᠥᠷᠴᠦ ᠣᠷᠣᠭᠰᠢᠯᠠᠵᠣ ᠪᠣᠯᠬᠤ ᠥᠬᠡᠶ᠂ ᠲᠠᠷᠠᠭᠠᠴᠢ ᠶᠢᠨ ᠭᠠᠷᠬᠤ  ᠵᠠᠮ ᠠᠴᠠ ᠪᠠᠭᠤᠬᠤ ᠬᠡᠷᠡᠭᠲᠡᠶ︔ ᠬᠡᠷᠪᠡ ᠲᠡᠭᠡᠳᠦ ᠬᠤᠷᠳᠤ ᠵᠠᠰᠠᠮᠠᠯ ᠵᠠᠮ ᠳᠡᠭᠡᠷ᠎ᠡ ᠡ᠊ᠨᠳᠡᠯ ᠭᠠᠷᠪᠠᠯ᠂ ᠲᠡᠷᠭᠡ ᠪᠠᠨ ᠳᠠᠷᠤᠶ ᠲᠦᠷᠭᠡᠨ ᠪᠠᠴᠢᠮ ᠪᠠᠶᠢᠳᠠᠯ ᠢ ᠠᠷᠭᠠᠴᠠᠬᠤ ᠲᠡᠷᠭᠡᠨ ᠵᠠᠮ ᠳᠤ ᠵᠣᠭᠰᠣᠭᠠᠵᠤ᠂ ᠲᠡᠷᠭᠡᠨ ᠤ ᠠᠷᠤ ᠳᠤ ᠲᠣᠭᠲᠠᠭᠰᠠᠨ ᠵᠠᠢ ᠳᠤ ᠲᠦᠭᠰᠢᠭᠦᠷᠢ ᠶᠢᠨ ᠰᠡᠷᠡᠮᠵᠢ ᠶᠢᠨ ᠢᠯᠡᠳᠬᠡᠮᠵᠢ ᠲᠡᠮᠳᠡᠭ ᠲᠠᠯᠪᠢᠨ᠂ ᠵᠢᠯᠣᠭᠤᠴᠢ ᠪᠠ ᠠᠶᠠᠨᠴᠢᠳ ᠳᠠᠷᠣᠢ ᠲᠦᠷᠭᠡᠨ ᠬᠡᠷᠡᠰᠬᠡ ᠠᠴᠠ ᠭᠠᠳᠠᠨᠠᠬᠢ ᠠᠮᠤᠷ ᠲᠦᠪᠰᠢᠨ ᠣᠷᠣᠨ ᠳᠤ ᠬᠦᠷᠴᠦ ᠬᠦᠯᠢᠶᠡᠬᠦ ᠬᠡᠷᠡᠭᠲᠡᠶ᠃      ᠲᠡᠷᠭᠡ ᠵᠢᠯᠣᠭᠤᠳᠣᠨ ᠲᠣᠰᠬᠤᠨ ᠤ ᠵᠠᠮ᠂ ᠠᠭᠤᠯᠠᠷᠬᠠᠭ ᠣᠷᠣᠨ ᠤ ᠵᠠᠰᠠᠮᠠᠯ ᠵᠠᠮ ᠢᠶᠠᠷ ᠥᠩᠭᠡᠷᠡᠬᠦ ᠳᠤ᠂ ᠣᠭᠵᠣᠮ ᠮᠤᠷᠤᠶ ᠡᠭᠴᠡ ᠬᠥᠲᠥᠯ᠂ ᠣᠷᠣᠭᠤ ᠬᠥᠲᠥᠯ᠂ ᠭᠤᠣᠯ ᠤᠨ ᠬᠥᠪᠡᠭᠡ ᠬᠠᠳᠠᠨ ᠢᠷᠮᠡᠭ ᠵᠡᠷᠭᠡ ᠵᠠᠮ ᠤᠨ ᠬᠡᠰᠡᠭ ᠲᠤ ᠲᠣᠬᠢᠶᠠᠯᠳᠤᠪᠠᠯ᠂ ᠵᠠᠮ ᠤᠨ ᠪᠠᠶᠢᠳᠠᠯ ᠢ ᠠᠵᠢᠭᠯᠠᠨ᠂ ᠬᠤᠷᠳᠤᠴᠠ ᠪᠠᠨ ᠪᠠᠭᠠᠰᠬᠠᠵᠤ ᠠᠯᠭᠤᠷ ᠶᠠᠪᠤᠬᠤ ᠬᠡᠷᠡᠭᠲᠡᠶ᠂ ᠠᠯᠪᠠᠳᠠᠯᠭ᠎ᠠ ᠪᠠᠷ ᠡᠮᠦᠨᠡᠬᠢ ᠲᠡᠷᠭᠡ ᠠᠴᠠ ᠲᠡᠷᠢᠭᠦᠯᠡᠬᠦ ᠪᠠ ᠠᠯᠪᠠᠳᠠᠯᠭ᠎ᠠ ᠪᠠᠷ ᠲᠡᠷᠭᠡ ᠵᠥᠷᠢᠵᠦ ᠪᠣᠯᠬᠤ ᠦᠭᠡᠢ︔ ᠲᠣᠰᠬᠤᠨ ᠪᠠᠯᠭᠠᠰᠤ᠂ ᠵᠠᠮ ᠤᠨ ᠠᠭᠤᠯᠵᠠᠷ᠂ ᠣᠭᠵᠣᠮ ᠮᠣᠷᠣᠶᠢᠯᠲᠠ᠂ ᠬᠦᠲᠦᠯ ᠤᠨ ᠣᠷᠣᠢ ᠵᠡᠷᠭᠡ ᠵᠠᠮ ᠢᠶᠠᠷ ᠥᠩᠭᠡᠷᠡᠬᠦ ᠳᠤ᠂ ᠤᠷᠢᠳᠴᠢᠯᠠᠨ ᠬᠤᠷᠳᠤᠴᠠ ᠪᠠᠨ ᠪᠠᠭᠠᠰᠬᠠᠬᠤ ᠶᠢᠨ ᠬᠠᠮᠲᠤ ᠴᠠᠭ ᠲᠤᠨᠢ ᠲᠤᠬᠢᠷᠠᠭᠤᠯᠤᠨ ᠮᠠᠰᠢᠨ ᠲᠡᠷᠭᠡᠨ ᠤ ᠱᠦᠭᠯᠦ ᠳᠤᠤᠭᠠᠷᠭᠠᠵᠤ ᠳᠣᠬᠢᠶ᠎ᠠ ᠥᠭᠬᠦ ᠬᠡᠷᠡᠭᠲᠡᠶ᠃      ᠠᠶᠠᠨᠴᠢᠳ ᠤᠨ ᠮᠠᠰᠢᠨ ᠲᠡᠷᠭᠡᠨ ᠳᠤ ᠰᠠᠭᠤᠬᠤ ᠳᠤ᠂ ᠡᠷᠬᠡᠪᠰᠢ ᠬᠠᠤᠯᠢ ᠶᠣᠰᠣᠨ ᠤ ᠬᠢᠷᠢ ᠬᠡᠮ ᠲᠠᠢ ᠲᠡᠷᠭᠡ ᠪᠣᠯᠤᠨ ᠵᠢᠯᠣᠭᠤᠴᠢ ᠶᠢ ᠰᠣᠩᠭᠤᠵᠤ᠂ ᠠᠶᠣᠯ ᠦᠭᠡᠢ ᠪᠦᠰᠡ ᠪᠠᠨ ᠴᠢᠩᠭ᠎ᠠ ᠪᠦᠰᠡᠯᠡᠵᠦ᠂ ᠳᠠᠭᠠᠭᠠᠴᠠ ᠬᠡᠲᠦᠷᠡᠬᠦ᠂ ᠬᠤᠷᠳᠤᠴᠠ ᠶᠢᠨ ᠪᠠᠷᠢᠮᠵᠢᠶ᠎ᠠ ᠠᠴᠠ ᠬᠡᠲᠦᠷᠡᠬᠦ᠂ ᠶᠠᠳᠠᠷᠠᠯᠲᠠᠶ ᠪᠠᠷ ᠲᠡᠷᠭᠡ ᠵᠢᠯᠣᠭᠤᠳᠬᠤ᠂ ᠲᠡᠷᠭᠡ ᠵᠢᠯᠣᠭᠤᠳᠬᠤ ᠵᠠᠭᠤᠷ᠎ᠠ ᠭᠠᠷ ᠤᠲᠠᠰᠤ ᠬᠡᠷᠡᠭᠯᠡᠬᠦ ᠵᠡᠷᠭᠡ ᠵᠠᠮ ᠬᠠᠷᠢᠯᠴᠠᠭᠠᠨ ᠤ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠣᠯᠵᠤ ᠮᠡᠳᠡᠪᠡᠯ ᠭᠠᠷ ᠤᠲᠠᠰᠤ ᠪᠤᠶᠤ ᠪᠢᠴᠢᠯ ᠪᠦᠷᠬᠡ᠂ ᠸᠢᠴᠠᠲ ᠢᠶᠠᠷ ᠳᠠᠮᠵᠢᠭᠤᠯᠤᠨ ᠢᠯᠡᠴᠢᠯᠡᠨ ᠮᠡᠳᠡᠭᠦᠯᠵᠦ ᠪᠣᠯᠤᠨ᠎ᠠ᠃
ᠢᠷᠡᠯᠲᠡ᠄ ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠲᠣᠳᠣᠭᠠᠳᠣ ᠶᠢ ᠬᠠᠮᠠᠭᠠᠯᠠᠬᠤ ᠲᠢᠩᠬᠢᠮ