ᠦᠪᠡᠷᠲᠡᠭᠡᠨ ᠵᠠᠰᠠᠬᠤ ᠤᠷᠤᠨ ᠤ ᠳᠤᠳᠤᠭᠠᠳᠤ ᠶᠢ ᠬᠠᠮᠠᠭᠠᠯᠠᠬᠤ ᠲᠢᠩᠬᠢᠮ 2020 ᠤᠨ ᠤ ᠦᠪᠡᠷᠲᠡᠭᠡᠨ ᠵᠠᠰᠠᠬᠤ ᠤᠷᠤᠨ ᠤ ᠫᠤᠤ ᠳᠡᠯᠪᠡᠷᠡᠬᠦ ᠡᠳ᠋ ᠲᠤ ᠬᠤᠯᠪᠤᠭᠳᠠᠭᠰᠠᠨ ᠲᠠᠪᠤᠨ ᠨᠡᠶᠢᠲᠡᠯᠢᠭ ᠬᠡᠷᠡᠭ ᠤᠨ ᠵᠢᠱᠢᠶ᠎ᠡ ᠶᠢ ᠨᠡᠶᠢᠲᠡᠯᠡᠪᠡ ︵ᠬᠤᠶᠠᠷ︶
ᠨᠡᠶᠢᠲᠡᠯᠡᠭᠰᠡᠨ ᠴᠠᠭ᠄
2021/2/1
           ᠡᠾᠧ ᠤᠪᠤᠭᠲᠠᠨ ᠵᠠᠷᠭᠡ ᠬᠦᠮᠦᠰ ᠬᠠᠤᠯᠢ            ᠪᠤᠰᠤ ᠪᠠᠷ ᠫᠤᠤ ᠠᠪᠴᠤ ᠪᠠᠶᠢᠭᠰᠠᠨ ᠬᠡᠷᠡᠭ      ᠶᠡᠭᠡ ᠬᠢᠩᠭᠠᠨ ᠳᠠᠪᠠᠭ᠎ᠠ ᠶᠢᠨ ᠤᠢ ᠰᠢᠭᠤᠢ ᠶᠢᠨ ᠳᠤᠳᠤᠭᠠᠳᠤ ᠶᠢ ᠬᠠᠮᠠᠭᠠᠯᠠᠬᠤ ᠲᠤᠪᠴᠢᠶ᠎ᠠ ᠤᠷᠴᠤᠨ ᠦᠪᠡᠷᠲᠡᠭᠡᠨ ᠵᠠᠰᠠᠬᠤ ᠬᠤᠰᠢᠭᠤᠨ ᠤ ᠲᠦᠸᠧ ᠵᠠᠮᠢᠨ ᠪᠠᠯᠭᠠᠰᠤ ᠶᠢᠨ ᠰᠠᠭᠤᠭᠠᠯᠢ ᠠᠷᠠᠳ ᠡᠾᠧ ᠤᠪᠤᠭᠲᠠᠨ ᠵᠠᠷᠭᠡ ᠬᠦᠮᠦᠰ ᠤᠨ ᠬᠠᠤᠯᠢ ᠪᠤᠰᠤ ᠪᠠᠷ  ᠫᠤᠤ ᠠᠪᠴᠤ ᠲᠠᠷᠭᠡ ᠵᠢᠯᠤᠭᠤᠳᠤᠨ ᠠᠩ ᠠᠩᠨᠠᠬᠤ ᠰᠦᠪᠡᠭᠴᠢ ᠶᠢ ᠣᠯᠵᠤ ᠮᠡᠳᠡᠭᠰᠡᠨ ᠤ ᠳᠠᠷᠠᠭ᠎ᠠ᠂ ᠴᠠᠭᠳᠠᠭ᠎ᠠ ᠨᠠᠷ ᠢ ᠵᠣᠬᠢᠰᠳᠠᠢ ᠪᠠᠶᠢᠷᠢᠯᠠᠭᠤᠯᠤᠨ ᠬᠤᠷᠢᠭᠯᠠᠨ ᠬᠠᠰᠢᠵᠤ ᠪᠠᠷᠢᠪᠴᠢᠯᠠᠬᠤ ᠠᠵᠢᠯᠯᠠᠭ᠎ᠠ ᠶᠢ ᠶᠠᠪᠤᠭᠳᠠᠭᠤᠯᠵᠤ᠂ ᠲᠤᠬᠠᠢ ᠶᠢᠨ ᠲᠠᠯᠠᠪᠠᠢ ᠳᠤ ᠶᠠᠯ᠎ᠠ ᠬᠢᠭᠰᠡᠨ ᠰᠡᠵᠢᠭᠲᠡᠨ ᠡᠾᠧ ᠤᠪᠤᠭᠲᠤ᠂ ᠰᠢᠶᠧ ᠤᠪᠤᠭᠲᠤ  ᠶᠢ ᠪᠠᠷᠢᠪᠴᠢᠯᠠᠵᠦ᠂ ᠪᠠᠰᠠ ᠭᠤᠷᠪᠠᠨ ᠶᠠᠯ᠎ᠠ ᠬᠢᠭᠰᠡᠨ ᠰᠡᠵᠢᠭᠲᠡᠨ ᠫᠤᠤ ᠠᠪᠴᠤ ᠲᠠᠷᠭᠡ ᠠᠴᠠ ᠪᠠᠨ ᠦᠰᠦᠷᠴᠦ ᠳᠤᠲᠠᠭᠠᠭᠰᠠᠨ ᠳᠤ᠂ ᠳᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠦᠴᠦᠷᠬᠡᠭ ᠶᠡᠭᠡ ᠨᠡᠭᠡᠮᠵᠢᠯᠡᠯ ᠤᠨ ᠳᠠᠷᠤᠯᠲᠠ ᠠᠯᠪᠠᠳᠠᠯᠭ᠎ᠠ ᠳᠤᠤᠷ᠎ᠠ ᠶᠠᠯ᠎ᠠ ᠪᠠᠨ ᠬᠦᠯᠢᠶᠡᠨ ᠪᠡᠶ᠎ᠡ ᠪᠠᠨ ᠲᠤᠰᠢᠶᠠᠪᠠ᠃ ᠲᠤᠶᠢᠯᠪᠤᠷᠢᠳᠠᠢ ᠮᠦᠷᠳᠡᠨ ᠪᠠᠶᠢᠴᠠᠭᠠᠯᠲᠠ ᠪᠠᠷ᠂ ᠲᠤᠰ ᠬᠡᠷᠡᠭ ᠲᠤ ᠨᠢᠭᠡᠨᠲᠡ 7 ᠶᠠᠯ᠎ᠠ ᠬᠢᠭᠰᠡᠨ ᠰᠡᠵᠢᠭᠲᠡᠨ ᠢ ᠪᠠᠷᠢᠪᠴᠢᠯᠠᠵᠦ᠂ ᠬᠡᠷᠡᠭ ᠬᠢᠭᠰᠡᠨ 6 ᠫᠤᠤ᠂ 231 ᠰᠤᠮᠤ ᠶᠢ ᠪᠠᠶᠢᠴᠠᠭᠠᠨ ᠬᠤᠷᠢᠶᠠᠮᠵᠢᠯᠠᠪᠠ᠃
ᠢᠷᠡᠯᠲᠡ᠄ ᠦᠪᠡᠷᠲᠡᠭᠡᠨ ᠵᠠᠰᠠᠬᠤ ᠤᠷᠤᠨ ᠤ ᠳᠤᠳᠤᠭᠠᠳᠤ ᠶᠢ ᠬᠠᠮᠠᠭᠠᠯᠠᠬᠤ ᠲᠢᠩᠬᠢᠮ