ᠦᠪᠡᠷᠲᠡᠭᠡᠨ ᠵᠠᠰᠠᠬᠤ ᠤᠷᠤᠨ ᠤ ᠳᠤᠳᠤᠭᠠᠳᠤ ᠶᠢ ᠬᠠᠮᠠᠭᠠᠯᠠᠬᠤ ᠲᠢᠩᠬᠢᠮ 2020 ᠤᠨ ᠤ ᠦᠪᠡᠷᠲᠡᠭᠡᠨ ᠵᠠᠰᠠᠬᠤ ᠤᠷᠤᠨ ᠤ ᠫᠤᠤ ᠳᠡᠯᠪᠡᠷᠡᠬᠦ ᠡᠳ᠋ ᠲᠤ ᠬᠤᠯᠪᠤᠭᠳᠠᠭᠰᠠᠨ ᠲᠠᠪᠤᠨ ᠨᠡᠶᠢᠲᠡᠯᠢᠭ ᠬᠡᠷᠡᠭ ᠤᠨ ᠵᠢᠱᠢᠶ᠎ᠡ ᠶᠢ ᠨᠡᠶᠢᠲᠡᠯᠡᠪᠡ ︵ᠲᠠᠪᠤ︶
ᠨᠡᠶᠢᠲᠡᠯᠡᠭᠰᠡᠨ ᠴᠠᠭ᠄
2021/2/1
              ᠰᠦᠨ ᠤᠪᠤᠭᠲᠠᠨ ᠬᠠᠤᠯᠢ ᠪᠤᠰᠤ ᠪᠠᠷ               ᠳᠡᠯᠪᠡᠷᠡᠬᠦ ᠡᠳ᠋ ᠬᠠᠳᠠᠭᠠᠯᠠᠭᠰᠠᠨ ᠬᠡᠷᠡᠭ      ᠠᠯᠠᠱᠠ ᠵᠠᠭᠦᠨ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠠᠮᠤᠷ ᠢ ᠬᠠᠮᠠᠭᠠᠯᠠᠬᠤ ᠴᠠᠭᠳᠠᠭᠠᠨ ᠤ ᠶᠡᠭᠡ ᠠᠩᠬᠢ ᠨᠢᠭᠡᠨ ᠠᠭᠤᠷᠬᠠᠢ ᠶᠢᠨ ᠲᠤᠭᠤᠷᠢᠭ ᠢ ᠪᠠᠶᠢᠴᠠᠭᠠᠬᠤ ᠳᠤᠮᠲᠠ ᠠᠵᠢᠯᠯᠠᠬᠤ ᠳᠤᠭᠤᠷᠢᠭ ᠲᠤ 16 ᠤᠭᠤᠲᠠ ᠳᠠᠷᠢ ᠶᠢ ᠪᠤᠯᠠᠵᠤ ᠨᠢᠭᠤᠨ ᠳᠠᠯᠳᠠᠯᠠᠭᠰᠠᠨ ᠢ ᠤᠯᠵᠤ ᠮᠡᠳᠡᠪᠡ᠃ ᠴᠢᠨᠠᠭᠰᠢᠳᠠ ᠪᠠᠶᠢᠴᠠᠭᠠᠭᠰᠠᠨ ᠳᠤ᠂ ᠳᠡᠷᠢ ᠨᠢ ᠨᠢᠭᠡᠨ ᠳᠡᠯᠪᠡᠴᠢᠬᠦ ᠺᠤᠮᠫᠠᠨᠢ ᠶᠢᠨ ᠳᠡᠯᠪᠡᠴᠢᠬᠦ ᠠᠵᠢᠯ ᠢᠶᠠᠨ ᠬᠡᠷᠡᠭᠵᠢᠭᠦᠯᠦᠭᠰᠡᠨ ᠤ ᠬᠤᠶᠢᠨ᠎ᠠ ᠦᠯᠡᠳᠡᠪᠦᠷᠢ  ᠳᠠᠷᠢ  ᠪᠤᠯᠤᠨ᠎ᠠ᠃ ᠲᠤᠰ ᠳᠡᠯᠪᠡᠴᠢᠬᠦ ᠺᠤᠮᠫᠠᠨᠢ ᠳᠤᠭᠳᠠᠭᠠᠯ ᠶᠤᠰᠤᠭᠠᠷ ᠴᠠᠭ ᠲᠤᠬᠠᠢ ᠳᠤ ᠨᠢ ᠳᠡᠯᠪᠡᠴᠢᠭᠰᠡᠨ ᠤ ᠬᠤᠶᠢᠨ᠎ᠠ ᠦᠯᠡᠳᠡᠪᠦᠷᠢ ᠳᠡᠯᠪᠡᠷᠡᠬᠦ ᠡᠳ᠋ ᠪᠤᠳᠡᠰ ᠢᠶᠠᠨ ᠢᠯᠭᠠᠷᠠᠭᠤᠯᠤᠨ ᠪᠤᠴᠠᠭᠠᠵᠤ ᠬᠦᠮᠦᠷᠭᠡ ᠳᠤ ᠤᠷᠤᠭᠤᠯᠤᠭᠰᠠᠨ ᠦᠭᠡᠢ ᠪᠠᠶᠢᠵᠤ᠂ ᠠᠵᠢᠯᠯᠠᠬᠤ ᠠᠩᠬᠢ ᠶᠢᠨ ᠬᠠᠷᠢᠭᠤᠴᠠᠯᠭᠠᠳᠡᠨ ᠰᠦᠨ ᠤᠪᠤᠭᠳᠠᠨ ᠳᠤ ᠬᠠᠤᠯᠢ ᠪᠤᠰᠤ ᠪᠠᠷ ᠳᠡᠯᠪᠡᠷᠡᠬᠦ ᠡᠳ᠋ ᠪᠤᠳᠡᠰ ᠢ ᠨᠢᠭᠤᠨ ᠳᠠᠯᠳᠠᠯᠠᠬᠤ ᠳᠤ ᠵᠠᠪᠰᠢᠶᠠᠨ ᠬᠠᠩᠭᠠᠵᠤ ᠦᠭᠴᠡᠢ᠃ ᠠᠯᠠᠱᠠ ᠵᠠᠭᠦᠨ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠲᠤᠪᠴᠢᠶ᠎ᠠ ᠬᠡᠷᠡᠭ ᠲᠤ ᠬᠤᠯᠪᠤᠭᠳᠠᠭᠰᠠᠨ ᠳᠡᠯᠪᠡᠴᠢᠬᠦ ᠺᠤᠮᠫᠠᠨᠢ ᠳᠤ ᠬᠠᠤᠯᠢ ᠶᠤᠰᠤᠭᠠᠷ ᠰᠢᠳᠭᠡᠯ ᠦᠭᠴᠦ᠂ ᠬᠤᠯᠪᠤᠭᠳᠠᠯ ᠪᠦᠬᠦᠢ  ᠬᠠᠷᠢᠭᠤᠴᠠᠯᠭᠠᠳᠡᠨ ᠳᠤ ᠵᠠᠰᠠᠭ ᠵᠠᠬᠢᠷᠭᠠᠨ ᠤ ᠰᠢᠳᠭᠡᠯ ᠦᠭᠬᠦ ᠶᠢᠨ ᠬᠠᠮᠲᠦ ᠬᠠᠤᠯᠢ ᠪᠤᠰᠤ ᠪᠠᠷ ᠳᠡᠯᠪᠡᠷᠡᠬᠦ ᠡᠳ᠋ ᠬᠠᠳᠠᠭᠠᠯᠠᠭᠰᠠᠨ ᠶᠠᠯ᠎ᠠ ᠳᠤ ᠬᠤᠯᠪᠤᠭᠳᠠᠭᠰᠠᠨ ᠢᠶᠠᠷ ᠶᠠᠯ᠎ᠠ ᠬᠢᠭᠰᠡᠨ ᠰᠡᠵᠢᠭᠲᠡᠨ ᠰᠦᠨ ᠤᠪᠤᠭᠲᠤ ᠶᠢ ᠡᠷᠡᠭᠦᠦ ᠶᠢᠨ ᠬᠡᠷᠡᠭ ᠤᠨ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠠᠢ᠃
ᠢᠷᠡᠯᠲᠡ᠄ ᠦᠪᠡᠷᠲᠡᠭᠡᠨ ᠵᠠᠰᠠᠬᠤ ᠤᠷᠤᠨ ᠤ ᠳᠤᠳᠤᠭᠠᠳᠤ ᠶᠢ ᠬᠠᠮᠠᠭᠠᠯᠠᠬᠤ ᠲᠢᠩᠬᠢᠮ