ᠬᠤᠶᠠᠳᠤᠭᠠᠷ ᠤᠳᠠᠭᠠᠨ ᠤ ᠵᠠᠮ ᠬᠠᠷᠢᠯᠴᠠᠭᠠᠨ ᠤ ᠠᠳᠡᠯ ᠢ ᠰᠡᠷᠭᠡᠶᠢᠯᠡᠬᠦ ᠳᠤ ᠡᠨᠡ ᠬᠡᠳᠦᠨ ᠲᠠᠯ᠎ᠠ ᠶᠢ ᠪᠠᠲᠤ ᠴᠡᠭᠡᠵᠢᠯᠡᠬᠦ ᠬᠡᠷᠡᠭᠲᠡᠶ
ᠨᠡᠶᠢᠲᠡᠯᠡᠭᠰᠡᠨ ᠴᠠᠭ᠄
2021/5/12
         ᠬᠤᠶᠠᠳᠤᠭᠠᠷ ᠤᠳᠠᠭᠠᠨ ᠤ ᠵᠠᠮ ᠬᠠᠷᠢᠯᠴᠠᠭᠠᠨ ᠤ ᠠᠳᠡᠯ ᠢ          ᠰᠡᠷᠭᠡᠶᠢᠯᠡᠬᠦ ᠳᠤ ᠡᠨᠡ ᠬᠡᠳᠦᠨ ᠲᠠᠯ᠎ᠠ ᠶᠢ ᠪᠠᠲᠤ ᠴᠡᠭᠡᠵᠢᠯᠡᠬᠦ ᠬᠡᠷᠡᠭᠲᠡᠶ            ᠲᠡᠷᠭᠡ ᠵᠢᠯᠣᠭᠤᠳᠴᠤ ᠵᠠᠮ ᠳᠡᠭᠡᠷ᠎ᠡ ᠭᠠᠷᠬᠤ ᠳᠤ᠂ ᠱᠦᠷᠭᠦᠭᠡᠬᠦ᠂ ᠰᠡᠭᠦᠯᠳᠡᠬᠦ ᠵᠡᠷᠭᠡ ᠬᠥᠩᠭᠡᠨ ᠠᠳᠡᠯ ᠠᠴᠠ ᠵᠠᠶᠢᠯᠠᠵᠤ ᠲᠡᠶᠢᠯᠬᠦ ᠦᠭᠡᠢ᠃ ᠢᠯᠠᠩᠭᠤᠶ᠎ᠠ ᠳᠡᠭᠡᠳᠦ ᠬᠤᠷᠳᠤ ᠶᠢᠨ ᠵᠠᠰᠠᠮᠠᠯ ᠵᠠᠮ᠂ ᠬᠤᠲᠠ ᠶᠢᠨ ᠲᠦᠷᠭᠡᠨ ᠬᠤᠷᠳᠤ ᠶᠢᠨ ᠵᠠᠮ ᠳᠡᠭᠡᠷ᠎ᠡ᠂ ᠲᠡᠷᠭᠡ ᠬᠥᠰᠬᠡ ᠶᠢᠨ ᠶᠠᠪᠤᠬᠤ ᠬᠤᠷᠳᠤᠴᠠ ᠨᠢ ᠨᠡᠯᠢᠶᠡᠳ ᠲᠦᠷᠭᠡᠨ ᠪᠠᠶᠢᠵᠤ᠂ ᠬᠡᠷᠪᠡ ᠪᠤᠰᠤᠳ ᠲᠡᠷᠭᠡ ᠨᠦᠭᠦᠳ ᠡᠮᠦᠨ᠎ᠡ ᠲᠠᠯ᠎ᠠ ᠶᠢᠨ ᠬᠡᠪ ᠤᠨ ᠪᠤᠰᠤ ᠪᠠᠶᠢᠳᠠᠯ ᠢ ᠴᠠᠭ ᠲᠤᠬᠠᠶ ᠳᠤᠨᠢ ᠣᠯᠵᠤ ᠮᠡᠳᠡᠭᠰᠡᠨ ᠦᠭᠡᠶ ᠪᠣᠯ᠂ ᠲᠦᠢᠯ ᠤᠨ ᠬᠢᠯᠪᠠᠷᠬᠠᠨ ᠢᠶᠠᠷ ᠬᠤᠶᠠᠳᠤᠭᠠᠷ ᠤᠳᠠᠭᠠᠨ ᠤ ᠠᠳᠡᠯ ᠭᠠᠷᠬᠤ ᠳᠤ ᠬᠦᠷᠦᠨ᠎ᠡ᠃      ᠲᠡᠭᠡᠪᠡᠯ ᠬᠤᠶᠠᠳᠤᠭᠠᠷ ᠤᠳᠠᠭᠠᠨ ᠤ ᠠᠳᠡᠯ ᠢ ᠴᠤᠬᠤᠮ ᠬᠡᠷᠬᠢᠨ ᠪᠦᠲᠦᠮᠵᠢᠲᠡᠢ ᠰᠡᠷᠭᠡᠶᠢᠯᠡᠬᠦ ᠪᠤᠢ︖ ᠪᠣᠶ ᠪᠥᠬᠦᠶ ᠵᠢᠯᠣᠭᠤᠴᠢ ᠡᠷᠬᠡᠪᠰᠢ ᠰᠣᠨᠣᠷ ᠰᠡᠷᠡᠮᠵᠢ ᠲᠠᠢ ᠪᠠᠶᠢᠬᠤ ᠬᠡᠷᠡᠭᠲᠡᠶ᠄ ᠵᠠᠮ ᠬᠠᠷᠢᠯᠴᠠᠭᠠᠨ ᠤ ᠠᠳᠡᠯ ᠭᠠᠷᠤᠭᠰᠠᠨ ᠤ ᠳᠠᠷᠠᠭ᠎ᠠ᠂ ᠵᠠᠮ ᠳᠡᠭᠡᠷ᠎ᠡ ︽ᠢᠯᠡᠭᠦᠦ ᠨᠢᠭᠡ ᠰᠧᠺᠦ᠋ᠨ᠋ᠳ᠋ ᠵᠣᠭᠰᠣᠬᠤ ᠨᠢ ᠮᠠᠰᠢ ᠠᠶᠤᠯᠲᠠᠶ︾᠂ ᠳᠤᠤᠷᠠᠬᠢ ᠠᠵᠢᠯᠯᠠᠬᠤ ᠠᠷᠭ᠎ᠠ ᠶᠢ ᠴᠠᠭ ᠢᠮᠠᠭᠲᠠ ᠪᠠᠲᠤ ᠴᠡᠭᠡᠵᠢᠯᠡᠬᠦ ᠬᠡᠷᠡᠭᠲᠡᠶ᠄      ᠲᠦᠭᠰᠢᠭᠦᠷᠢ ᠶᠢᠨ ᠰᠡᠷᠡᠮᠵᠢ ᠶᠢᠨ ᠳᠣᠬᠢᠶᠠᠨ ᠤ ᠭᠢᠯᠪᠠᠭᠠᠨ ᠳ᠋ᠧᠩ ᠢ ᠨᠡᠭᠡᠭᠡᠬᠦ᠄ ᠵᠠᠮ ᠬᠠᠷᠢᠯᠴᠠᠭᠠᠨ ᠤ ᠠᠳᠡᠯ ᠭᠠᠷᠤᠭᠰᠠᠨ ᠤ ᠳᠠᠷᠠᠭ᠎ᠠ᠂ ᠵᠢᠯᠣᠭᠤᠴᠢ ᠨᠢ ᠳᠠᠷᠦ᠋ᠢᠬᠠᠨ ᠲᠦᠭᠰᠢᠭᠦᠷᠢ ᠶᠢᠨ ᠰᠡᠷᠡᠮᠵᠢ ᠶᠢᠨ ᠳᠣᠬᠢᠶᠠᠨ ᠤ ᠭᠢᠯᠪᠠᠭᠠᠨ ᠳ᠋ᠧᠩ ᠢᠶᠠᠨ ᠨᠡᠭᠡᠭᠡᠵᠦ᠂ ᠰᠥᠨᠢ ᠳᠤ ᠪᠠᠨ ᠪᠠᠰᠠ ᠳᠡᠯᠭᠡᠴᠡ ᠶᠢᠨ ᠳ᠋ᠧᠩ ᠪᠣᠯᠤᠨ ᠠᠷᠤ ᠶᠢᠨ ᠳ᠋ᠧᠩ ᠢᠶᠠᠨ ᠨᠡᠭᠡᠭᠡᠬᠦ ᠬᠡᠷᠡᠭᠲᠡᠶ᠃      ᠰᠡᠷᠡᠮᠵᠢᠯᠡᠭᠦᠯᠬᠦ ᠲᠡᠮᠳᠡᠭ ᠲᠠᠯᠪᠢᠬᠤ᠄ ᠳᠡᠭᠡᠳᠦ ᠬᠤᠷᠳᠤ ᠶᠢᠨ ᠵᠠᠰᠠᠮᠠᠯ ᠵᠠᠮ ᠳᠡᠭᠡᠷ᠎ᠡ᠂ ᠲᠡᠷᠭᠡ ᠢᠷᠡᠬᠦ ᠴᠢᠭᠯᠡᠯ ᠨᠢ 150 ᠮᠧᠲᠷ ᠤᠨ ᠭᠠᠳᠠᠨ᠎ᠠ ︵ᠰᠥᠨᠢ᠂ ᠪᠣᠷᠣᠭᠠᠨ ᠴᠠᠰᠤ ᠮᠠᠨᠠᠨ ᠵᠡᠷᠭᠡ ᠮᠠᠭᠤ ᠠᠭᠤᠷ ᠠᠮᠢᠰᠬᠤᠯ ᠳᠤ 200 ᠮᠧᠲᠷ ᠬᠦᠷᠲᠡᠯ᠎ᠡ ᠶᠡᠬᠡᠰᠬᠡᠨ᠎ᠡ︶ ᠪᠠᠶᠢᠬᠤ ᠬᠡᠷᠡᠭᠲᠡᠶ᠃ ᠬᠤᠲᠠ ᠶᠢᠨ ᠵᠠᠮ ᠳᠡᠭᠡᠷ᠎ᠡ ᠢᠷᠡᠬᠦ ᠲᠡᠷᠭᠡᠨ ᠤ ᠴᠢᠭᠯᠡᠯ ᠤᠨ 50 ᠮᠧᠲᠷ ᠤᠨ ᠬᠡᠰᠡᠭ ᠲᠤ ᠭᠤᠷᠪᠠᠯᠵᠢᠨ ᠰᠡᠷᠡᠮᠵᠢ ᠶᠢᠨ ᠫᠠᠶᠢᠰᠠ ᠲᠠᠯᠪᠢᠨ᠎ᠠ᠃ ᠰᠡᠷᠡᠮᠵᠢ ᠶᠢᠨ ᠫᠠᠶᠢᠰᠠ ᠲᠠᠯᠪᠢᠬᠤ ᠦᠶᠡᠰ᠂ ᠵᠢᠯᠣᠭᠤᠴᠢ ᠬᠡᠷᠡᠰᠬᠡ ᠶᠢᠨ ᠭᠠᠳᠠᠨ᠎ᠠ ᠢᠷᠡᠬᠦ ᠲᠡᠷᠭᠡᠨ ᠤ ᠵᠦᠭ ᠶᠠᠪᠤᠪᠠᠯ᠂ ᠠᠷᠤ ᠲᠠᠯ᠎ᠠ ᠶᠢᠨ ᠲᠡᠷᠭᠡ ᠢᠷᠡᠬᠦ ᠪᠠᠶᠢᠳᠠᠯ ᠢ ᠠᠵᠢᠭᠯᠠᠬᠤ ᠳᠤ ᠳᠥᠭᠦᠮ᠃      ᠠᠮᠤᠷ ᠲᠦᠪᠰᠢᠨ ᠭᠠᠵᠠᠷ ᠲᠤ ᠤᠬᠤᠷᠢᠨ ᠣᠴᠢᠬᠤ᠄ ᠠᠳᠡᠯ ᠭᠠᠷᠤᠭᠰᠠᠨ ᠤ ᠳᠠᠷᠠᠭ᠎ᠠ᠂ ᠲᠡᠷᠭᠡ ᠮᠥᠨ ᠯᠡ ᠰᠢᠯᠵᠢᠵᠦ ᠪᠣᠯᠬᠤ ᠳᠤ ᠭᠦᠷᠪᠡᠯ᠂ ᠲᠣᠰ ᠪᠡᠶ᠎ᠡ ᠶᠢᠨ ᠠᠮᠤᠷ ᠲᠦᠪᠰᠢᠨ ᠢᠶᠠᠨ ᠦᠨᠡᠨ ᠬᠦ ᠪᠠᠲᠤᠯᠠᠭᠰᠠᠨ ᠤᠷᠢᠲᠠᠯ ᠳᠤᠤᠷ᠎ᠠ᠂ ᠬᠡᠷᠡᠯ ᠵᠢᠷᠤᠭ ᠲᠠᠲᠠᠬᠤ ᠪᠤᠶᠤ ᠠᠳᠡᠯ ᠤᠨ ᠲᠤᠬᠠᠶ ᠶᠢᠨ ᠲᠠᠯᠠᠪᠤᠷ ᠤᠨ ᠣᠷᠣᠨ ᠪᠠᠶᠢᠷᠢ ᠵᠡᠷᠭᠡ ᠬᠡᠯᠪᠡᠷᠢ ᠪᠠᠷ ᠭᠡᠷᠡᠴᠢ ᠪᠠᠷᠢᠮᠲᠠ ᠶᠢ ᠲᠣᠭᠲᠠᠪᠤᠷᠢᠵᠢᠭᠤᠯᠵᠤ᠂ ᠲᠡᠷᠭᠡ ᠶᠢ ᠵᠠᠮ ᠬᠠᠷᠢᠯᠴᠠᠭ᠎ᠠ ᠶᠢ ᠬᠠᠷᠰᠢᠯᠠᠬᠤ ᠥᠬᠡᠶ ᠭᠠᠵᠠᠷ ᠲᠤ ᠰᠢᠯᠵᠢᠭᠦᠯᠵᠦ᠂ ᠬᠥᠮᠦᠰ ᠢ ᠵᠠᠮ ᠤᠨ ᠭᠠᠳᠠᠨᠠᠬᠢ ᠠᠮᠤᠷ ᠲᠦᠪᠰᠢᠨ ᠭᠠᠵᠠᠷ ᠠᠴᠠ ᠵᠠᠶᠢᠯᠠᠭᠤᠯᠬᠤ ᠶᠢᠨ ᠬᠠᠮᠲᠤ ᠲᠦᠭᠰᠢᠭᠦᠷᠢ ᠮᠡᠳᠡᠭᠦᠯᠬᠦ ᠬᠡᠷᠡᠭᠲᠡᠶ᠃ ᠬᠡᠷᠪᠡ ᠲᠡᠷᠭᠡ ᠬᠥᠳᠡᠯᠵᠦ ᠳᠡᠶᠢᠯᠬᠦ ᠥᠬᠡᠶ ᠪᠣᠯ ᠪᠣᠶ ᠪᠥᠬᠦᠶ ᠵᠢᠯᠣᠭᠤᠴᠢ ᠳᠠᠷᠦ᠋ᠢᠬᠠᠨ ᠠᠮᠤᠷ ᠲᠦᠪᠰᠢᠨ ᠭᠠᠵᠠᠷ ᠠᠴᠠ ᠰᠠᠯᠵᠤ᠂ ᠳᠠᠬᠢᠨ ᠤᠲᠠᠰᠤᠳᠠᠵᠤ ᠴᠠᠭᠳᠠᠭ᠎ᠠ ᠳᠤ ᠮᠡᠳᠡᠭᠦᠯᠵᠦ᠂ ᠶᠠᠭᠠᠬᠢᠭᠰᠠᠨ ᠴᠤ ᠲᠡᠷᠭᠡᠨ ᠵᠠᠮ ᠳᠤ ᠰᠠᠭᠠᠲᠠᠬᠤ ᠪᠤᠶᠤ ᠲᠡᠷᠭᠡᠨ ᠳᠤ ᠪᠠᠶᠢᠵᠤ ᠪᠣᠯᠬᠤ ᠥᠬᠡᠶ᠃
ᠢᠷᠡᠯᠲᠡ᠄ ᠳᠣᠲᠣᠭᠠᠳᠤ ᠶᠢ ᠬᠠᠮᠠᠭᠠᠯᠠᠬᠤ ᠶᠠᠮᠤᠨ