ᠳᠠᠭᠠᠷᠠᠭᠰᠠᠨ ᠬᠥᠮᠦᠨ ᠳᠤ ᠳᠠᠬᠤ ᠬᠦᠷᠭᠡᠵᠦ ᠪᠠᠭᠠᠴᠤᠳ ᠤᠨ ᠰᠡᠳᠬᠢᠯ ᠢ ᠳᠤᠯᠠᠭᠠᠴᠠᠭᠤᠯᠤᠨ ᠬᠠᠯᠠᠭᠤᠨ ᠰᠡᠳᠬᠢᠯ ᠢᠶᠠᠷ ᠨᠡᠶᠢᠭᠡᠮ ᠢ ᠳᠣᠭᠳᠤᠯᠤᠭᠤᠯᠵᠤ | ᠴᠠᠭᠳᠠᠭᠠᠨ ᠤ ᠬᠤᠸᠠᠷᠠᠨ ᠳᠤ ᠬᠠᠶᠢᠷ᠎ᠠ ᠪᠢᠯᠬᠠᠭᠤᠯᠪᠠ | | | | ᠪᠤᠷᠤᠭᠵᠢᠭᠤᠨ ᠬᠠᠷ᠎ᠠ ᠴᠢᠷᠠᠢ ᠲᠠᠢ᠂ ᠡᠷᠡᠰ ᠰᠢᠭᠤᠷᠬᠠᠢ ᠬᠠᠷᠠᠴᠠ ᠲᠠᠢ᠂ ᠨᠠᠰᠤ ᠵᠢᠯ ᠲᠠᠢ ᠪᠠᠨ ᠨᠡᠶᠢᠴᠡᠬᠦ ᠥᠬᠡᠶ ᠪᠤᠯᠪᠠᠰᠤᠷᠠᠩᠭᠤᠢ ᠵᠠᠩ ᠠᠭᠠᠯᠢ ᠲᠠᠢ᠂ | ᠰᠠᠶ᠋ᠢ ᠠᠷᠪᠠᠨ ᠳᠥᠷᠪᠡ ᠬᠦᠷᠴᠦ ᠪᠠᠶᠢᠭ᠎ᠠ ᠡᠨᠡ ᠪᠢᠴᠢᠬᠠᠨ ᠵᠠᠯᠠᠭᠤ ᠨᠢ ᠪᠠᠷᠠᠭᠤᠨ ᠦᠵᠦᠮᠦᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ | ᠭᠤᠷᠪᠠᠳᠤᠭᠠᠷ ᠨᠠᠮ ᠤᠨ ᠡᠭᠦᠷ ᠤᠨ ᠠᠷᠠᠳ ᠤᠨ ᠴᠠᠭᠳᠠᠭ᠎ᠠ ᠨᠠᠷ ᠤᠨ ᠰᠡᠳᠬᠢᠯ ᠢ ᠳᠣᠭᠳᠣᠯᠤᠭᠤᠯᠵᠤ ᠪᠠᠶᠢᠯ᠎ᠠ᠃ | | | | | ᠡᠨᠡ ᠪᠢᠴᠢᠬᠠᠨ ᠬᠦᠦ ᠶᠢᠨ ᠨᠡᠷ᠎ᠡ ᠨᠢ ᠰᠢᠶᠣᠤ ᠯᠧ ︵ᠪᠤᠷᠤᠭᠤᠯᠠᠭᠰᠠᠨ ᠨᠡᠷ᠎ᠡ︶ ᠭᠡᠳᠡᠭ᠂ ᠪᠠᠭᠰᠢ ᠪᠣᠯᠤᠨ ᠰᠤᠷᠭᠠᠭᠤᠯᠢ ᠶᠢᠨ ᠵᠠᠬᠢᠷᠤᠯ ᠠᠴᠠ ᠰᠣᠨᠣᠰᠬᠤ | ᠳᠤ᠂ ᠰᠢᠶᠣᠤ ᠯᠧ ᠶᠢ ᠪᠠᠭ᠎ᠠ ᠳᠤ ᠨᠢ ᠠᠪᠤ ᠡᠵᠢ ᠨᠢ ᠤᠷᠤᠭ ᠰᠠᠯᠤᠭᠠᠳ᠂ ᠰᠡᠭᠦᠯᠳᠦ ᠨᠢ ᠠᠪᠤ ᠨᠢ ᠦᠷᠭᠦᠯᠵᠢ ᠠᠷᠢᠬᠢᠨ ᠣᠣᠭᠤᠳᠠᠭ ᠪᠦᠭᠡᠳ ᠬᠦᠨᠳᠦ ᠡᠪᠡᠳᠴᠢᠨ | ᠲᠠᠢ ᠪᠠᠶᠢᠵᠦ᠂ ᠰᠢᠶᠣᠤ ᠯᠧ ᠨᠢ ᠠᠪᠤ ᠪᠠᠨ ᠳᠠᠭᠠᠭᠠᠳ ᠡᠪᠦᠭᠡ ᠡᠮᠡᠭᠡ ᠶᠢᠨ ᠳᠤ ᠪᠠᠨ ᠰᠠᠭᠤᠳᠠᠭ᠃ ᠠᠪᠤ ᠶᠢᠨ ᠬᠢᠨᠢ ᠡᠪᠡᠳᠴᠢᠨ ᠬᠥᠳᠡᠯᠬᠦ ᠪᠣᠯᠭᠠᠨ᠂ ᠰᠢᠶᠣᠤ ᠯᠧ | ᠳᠠᠷᠤᠢ ᠲᠦᠷᠭᠡᠨ ᠪᠣᠯᠪᠠᠰᠤᠷᠠᠩᠭᠤᠢ ᠤᠰᠤ ᠴᠢᠳᠬᠤᠨ ᠠᠯᠴᠢᠭᠤᠷ ᠠᠪᠴᠢᠷᠠᠳᠠᠭ᠂ ᠨᠠᠰᠤ ᠪᠠᠭ᠎ᠠ ᠲᠡᠭᠦᠨ ᠤ ᠬᠤᠶᠠᠷ ᠨᠢᠳᠦ ᠨᠢ ᠪᠦᠷ ᠠᠷᠭ᠎ᠠ ᠠᠯᠳᠠᠷᠠᠭᠰᠠᠨ | ᠨᠢᠯᠪᠤᠰᠤ ᠠᠰᠬᠠᠷᠠᠭᠤᠯᠵᠤ᠄ ︽ᠠᠪᠤ ᠡ ᠲᠠ ᠬᠤᠷᠳᠤᠨ ᠰᠡᠷᠡᠭᠡᠴᠢ ᠠᠪᠤ ᠡ ᠪᠢ ᠶᠠᠭᠠᠬᠢᠪᠠᠯ ᠲᠠᠭᠠᠷᠠᠨ᠎ᠠ ᠪᠣᠶ︖︾ ᠭᠡᠵᠦ ᠳᠠᠬᠢᠨ ᠲᠠᠪᠲᠠᠨ ᠰᠢᠪᠡᠨᠡᠨ᠎ᠡ᠃ ᠰᠡᠭᠦᠯᠡᠷ | ᠨᠢ᠂ ᠰᠢᠶᠤᠤ ᠯᠧ ᠶᠢᠨ ᠡᠪᠦᠭᠡ ᠡᠮᠡᠭᠡ ᠨᠢ ᠡᠪᠡᠳᠴᠢᠨ ᠢᠶᠠᠷ ᠨᠠᠰᠤ ᠪᠠᠷᠠᠭᠰᠠᠨ ᠤ ᠳᠠᠷᠠᠭ᠎ᠠ᠂ ᠡᠴᠢᠭᠡ ᠬᠦᠦ ᠬᠤᠶᠠᠷ ᠨᠢ ᠠᠮᠢᠳᠤᠷᠠᠯ ᠤᠨ ᠢᠷᠡᠯᠲᠡ ᠥᠬᠡᠶ ᠪᠣᠯᠵᠠᠶ᠃ | ᠰᠢᠶᠤᠤ ᠯᠧ ᠰᠤᠷᠭᠠᠭᠤᠯᠢ ᠳᠤ ᠶᠠᠪᠤᠬᠤ ᠵᠠᠮ ᠳᠠᠭᠠᠨ ᠪᠣᠰᠤᠳ ᠤᠨ ᠬᠤᠭ ᠲᠡᠭᠦᠵᠦ ᠬᠤᠳᠠᠯᠳᠤᠨ ᠵᠤᠭᠤᠰ ᠤᠯᠵᠤ ᠪᠠᠶᠢᠬᠤ ᠶᠢ ᠦᠵᠡᠭᠡᠳ᠂ ᠠᠪᠤ ᠪᠠᠨ | ᠳᠠᠭᠤᠳᠠᠵᠤ ᠡᠷᠲᠡ ᠪᠣᠰᠴᠤ ᠪᠠᠷᠠᠭᠤᠨ ᠦᠵᠦᠮᠦᠴᠢᠨ ᠬᠤᠰᠢᠭᠤᠨ ᠤ ᠡᠯ᠎ᠡ ᠵᠢᠵᠢᠭ ᠲᠣᠭᠤᠷᠢᠭ ᠲᠤ ᠬᠤᠭ ᠨᠣᠪᠰᠢ ᠲᠡᠭᠦᠵᠦ᠂ ᠡᠴᠢᠭᠡ ᠬᠦᠦ ᠬᠤᠶᠠᠭᠤᠯᠠ ᠬᠤᠭ | ᠨᠣᠪᠰᠢ ᠲᠡᠭᠦᠵᠦ ᠤᠯᠤᠭᠰᠠᠨ ᠵᠣᠭᠤᠰ ᠢᠶᠠᠷ ᠢᠶᠠᠨ ᠬᠤᠭᠤᠯᠠ ᠪᠤᠳᠠᠭ᠎ᠠ ᠬᠤᠳᠠᠯᠳᠤᠨ ᠠᠪᠴᠤ᠂ ᠦᠯᠡᠳᠡᠭᠰᠡᠨ ᠢ ᠨᠢ ᠠᠪᠤ ᠨᠢ ᠠᠷᠢᠬᠢ ᠠᠪᠴᠤ ᠤᠤᠭᠤᠳᠠᠭ᠃ | 2020 ᠣᠨ ᠤ 12 ᠳ᠋ᠤᠭᠠᠷ ᠰᠠᠷ᠎ᠠ ᠳᠤ᠂ ᠦᠷᠭᠦᠯᠵᠢ ᠠᠷᠢᠬᠢ ᠤᠤᠭᠤᠳᠠᠭ ᠠᠪᠤ ᠨᠢ ᠭᠡᠨᠡᠳᠲᠡ ᠡᠪᠡᠳᠴᠢᠯᠡᠵᠦ᠂ ᠡᠨᠡ ᠤᠳᠠᠭ᠎ᠠ ᠰᠢᠶᠤᠤ ᠯᠧ ᠶᠢᠨ ᠠᠪᠤ ᠨᠢ | ᠳᠠᠭᠢᠵᠤ ᠰᠡᠷᠡᠭᠦᠭᠰᠡᠨ ᠥᠬᠡᠶ᠂ ᠣᠳᠣ ᠰᠢᠶᠤᠤ ᠯᠧ ᠶᠢᠨ ᠢᠳᠡᠵᠦ ᠤᠤᠭᠤᠬᠤ ᠬᠤᠨᠣᠵᠤ ᠬᠡᠪᠲᠡᠬᠦ ᠶᠢ ᠨᠢ ᠰᠤᠷᠭᠠᠭᠤᠯᠢ ᠠᠴᠠ ᠬᠠᠩᠭᠠᠵᠤ᠂ ᠴᠢᠯᠥᠭᠡ ᠲᠠᠯᠪᠢᠭᠰᠠᠨ | ᠬᠤᠭᠤᠴᠠᠭᠠᠨ ᠳᠤ ᠲᠦᠷ ᠴᠠᠭ ᠲᠥᠷᠥᠯ ᠰᠠᠳᠤᠨ ᠤ ᠳᠤ ᠪᠠᠨ ᠰᠠᠭᠤᠵᠤ ᠪᠠᠶᠢᠨ᠎ᠠ᠃ | | | | | ᠪᠠᠷᠠᠭᠤᠨ ᠦᠵᠦᠮᠦᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠭᠤᠷᠪᠠᠳᠤᠭᠠᠷ ᠨᠠᠮ ᠤᠨ ᠡᠭᠦᠷ ᠨᠢ ᠨᠠᠮ ᠤᠨ ᠭᠡᠰᠢᠭᠦᠨ ᠪᠠ ᠣᠯᠠᠨ | ᠲᠦᠮᠡᠨ᠂ ᠺᠠᠳ᠋ᠷ ᠪᠠ ᠣᠯᠠᠨ ᠲᠦᠮᠡᠨ ᠤ ᠬᠠᠷᠢᠴᠠᠭ᠎ᠠ ᠶᠢ ᠤᠯᠠᠮ ᠨᠢᠭᠡ ᠠᠯᠬᠤᠮ ᠨᠢᠭᠳᠠᠷᠠᠭᠤᠯᠬᠤ᠂ ᠨᠠᠮ ᠤᠨ ᠲᠥᠪᠯᠡᠷᠡᠩᠭᠦᠶ ᠬᠦᠴᠦᠨ᠂ ᠨᠢᠭᠲᠠᠷᠠᠯ ᠤᠨ ᠬᠦᠴᠦᠨ | ᠪᠠ ᠳᠠᠶᠢᠴᠢᠨ ᠬᠦᠴᠦᠨ ᠢ ᠲᠠᠰᠤᠷᠠᠯᠲᠠ ᠥᠬᠡᠶ ᠴᠢᠩᠭᠠᠳᠬᠠᠬᠤ ᠶᠢᠨ ᠲᠥᠯᠥᠭᠡ᠂ ︽ᠣᠯᠠᠨ ᠲᠦᠮᠡᠨ ᠳᠤ ᠪᠣᠳᠠᠲᠤ ᠶᠠᠪᠤᠳᠠᠯ ᠬᠢᠬᠦ︾ ᠶᠢ ᠪᠣᠳᠠᠲᠠᠶ ᠳᠤ | ᠨᠠᠶᠢᠳᠠᠪᠤᠷᠢᠵᠢᠭᠤᠯᠪᠠ᠃ ᠰᠢᠶᠣᠤ ᠯᠧ ᠶᠢᠨ ᠤᠴᠢᠷ ᠢ ᠰᠣᠨᠣᠰᠤᠭᠰᠠᠨ ᠤ ᠳᠠᠷᠠᠭ᠎ᠠ᠂ ᠠᠷᠠᠳ ᠤᠨ ᠲᠥᠯᠥᠭᠡ ᠪᠣᠳᠠᠲᠤ ᠶᠠᠪᠤᠳᠠᠯ ᠬᠢᠵᠦ᠂ ᠬᠦᠴᠢᠷ ᠠᠰᠠᠭᠤᠳᠠᠯ ᠢ | ᠰᠢᠶᠳᠪᠦᠷᠢᠯᠡᠬᠦ ᠵᠣᠷᠢᠯᠲᠠ ᠪᠠᠷ᠂ ᠭᠤᠷᠪᠠᠳᠤᠭᠠᠷ ᠨᠠᠮ ᠤᠨ ᠡᠭᠦᠷ ᠤᠨ ᠪᠦᠬᠦ ᠨᠠᠮ ᠤᠨ ᠭᠡᠰᠢᠭᠦᠨ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠶᠢ ᠵᠤᠬᠢᠶᠠᠨ | ᠪᠠᠶᠢᠭᠤᠯᠵᠤ ᠵᠣᠭᠤᠰ ᠬᠠᠨᠳᠢᠪᠯᠠᠵᠤ᠂ ᠰᠢᠶᠣᠤ ᠯᠧ ᠶᠢ ᠨᠠᠰᠤᠨ ᠳᠤ ᠬᠦᠷᠲᠡᠯ᠎ᠡ ᠳᠡᠮᠵᠢᠬᠦ ᠶᠢ ᠤᠷᠢᠶᠠᠯᠠᠪᠠ᠃ | 2021 ᠣᠨ ᠤ 4 ᠳ᠋ᠦ᠋ᠭᠡᠷ ᠰᠠᠷ᠎ᠠ ᠶᠢᠨ 27 ᠤ ᠡᠳᠦᠷ᠂ ᠭᠤᠷᠪᠠᠳᠤᠭᠠᠷ ᠨᠠᠮ ᠤᠨ ᠡᠭᠦᠷ ᠤᠨ ᠭᠡᠰᠢᠭᠦᠨ ᠰᠢᠶᠤᠤ ᠯᠧ ᠶᠢᠨ ᠰᠤᠷᠭᠠᠭᠤᠯᠢ ᠳᠤ ᠢᠷᠡᠵᠦ᠂ | ᠬᠠᠨᠳᠢᠪᠯᠠᠭᠰᠠᠨ ᠪᠡᠯᠡᠨ ᠵᠣᠭᠤᠰ ᠪᠠ ᠨᠣᠮ ᠪᠢᠴᠢᠭ ᠢ ᠬᠡᠦᠬᠡᠳ ᠤᠨ ᠭᠠᠷ ᠲᠤ ᠬᠦᠷᠭᠡᠵᠦ᠂ ᠲᠡᠭᠦᠨ ᠢ ᠬᠥᠮᠦᠨ ᠤ ᠠᠮᠢᠳᠤᠷᠠᠯ ᠤᠨ ᠬᠦᠴᠢᠷ ᠪᠡᠷᠬᠡᠰᠢᠶᠡᠯ ᠳᠤ | ᠵᠣᠷᠢᠭᠲᠠᠶ ᠪᠠᠷ ᠬᠠᠨᠳᠤᠵᠤ᠂ ᠴᠢᠷᠮᠠᠶᠢᠨ ᠰᠤᠷᠤᠯᠴᠠᠵᠤ᠂ ᠢᠳᠡᠪᠬᠢᠲᠡᠶ ᠪᠠᠷ ᠴᠢᠷᠮᠠᠶᠢᠨ᠂ ᠬᠤᠵᠢᠮ ᠥᠪᠡᠷ ᠤᠨ ᠦᠶᠯᠡ ᠠᠵᠢᠯᠯᠠᠭ᠎ᠠ ᠪᠠᠷ ᠢᠶᠠᠨ ᠨᠡᠶᠢᠭᠡᠮ ᠳᠤ ᠬᠤᠪᠢ | ᠨᠡᠮᠡᠷᠢ ᠦᠵᠡᠭᠦᠯᠳᠦᠭᠡᠢ ᠭᠡᠵᠦ ᠵᠣᠷᠢᠭᠵᠢᠭᠤᠯᠪᠠ ᠃ | ᠰᠤᠷᠭᠠᠭᠤᠯᠢ ᠳᠤ ᠪᠠᠶᠢᠭ᠎ᠠ ᠬᠡᠥᠬᠡᠳ ᠤᠳ ᠥᠰᠪᠦᠷᠢ ᠨᠠᠰᠤᠨ ᠳᠤ ᠣᠷᠣᠬᠤ ᠪᠣᠯᠬᠤᠷ᠂ ᠵᠠᠯᠭᠠᠭᠠᠳ ᠭᠤᠷᠪᠠᠳᠤᠭᠠᠷ ᠨᠠᠮ ᠤᠨ ᠡᠭᠦᠷ ᠠᠴᠠ ᠲᠡᠳᠡᠨ ᠳᠤ | ᠰᠡᠳᠬᠢᠴᠡ ᠶᠢᠨ ᠵᠢᠯᠤᠭᠤᠳᠤᠯᠭ᠎ᠠ ᠪᠠ ᠬᠠᠤᠯᠢ ᠴᠠᠭᠠᠵᠠ ᠶᠢᠨ ᠮᠡᠳᠡᠯᠭᠡ ᠶᠢᠨ ᠤᠬᠠᠭᠤᠯᠭ᠎ᠠ ᠬᠢᠵᠦ᠂ ᠬᠠᠤᠯᠢ ᠴᠠᠭᠠᠵᠠ ᠶᠢᠨ ᠶᠡᠷᠦ ᠶᠢᠨ ᠮᠡᠳᠡᠯᠭᠡ ᠶᠢ ᠰᠤᠷᠤᠯᠴᠠᠬᠤ | ᠪᠠᠷ ᠳᠠᠮᠵᠢᠨ᠂ ᠤᠬᠠᠮᠰᠠᠷ ᠠᠴᠠ ᠪᠠᠨ ᠬᠠᠤᠯᠢ ᠶᠢ ᠰᠠᠬᠢᠬᠤ ᠰᠠᠶᠢᠨ ᠳᠠᠳᠬᠠᠯ ᠲᠠᠢ ᠪᠣᠯᠵᠤ᠂ ᠨᠠᠰᠤᠨ ᠳᠤ ᠦᠯᠦ ᠬᠦᠷᠦᠭᠰᠡᠳ ᠤᠨ ᠬᠠᠤᠯᠢ ᠶᠢ ᠵᠥᠷᠢᠴᠡᠭᠰᠡᠨ | ᠶᠠᠯᠠᠲᠤ ᠠᠵᠢᠯᠯᠠᠭ᠎ᠠ ᠡᠭᠦᠰᠬᠦ ᠶᠢ ᠰᠡᠷᠭᠡᠶᠢᠯᠡᠵᠦ᠂ ᠬᠠᠤᠯᠢ ᠶᠣᠰᠣᠭᠠᠷ ᠥᠪᠡᠷ ᠤᠨ ᠬᠠᠤᠯᠢ ᠶᠣᠰᠣᠨ ᠤ ᠡᠷᠬᠡ ᠠᠰᠢᠭ ᠢᠶᠠᠨ ᠬᠠᠮᠠᠭᠠᠯᠠᠬᠤ ᠦᠵᠡᠯᠲᠡ ᠶᠢ ᠪᠣᠢ ᠪᠣᠯᠭᠠᠨ | ᠂ ᠥᠪᠡᠷ ᠤᠨ ᠬᠠᠤᠯᠢ ᠴᠠᠭᠠᠵᠠ ᠶᠢᠨ ᠤᠬᠠᠮᠰᠠᠷ ᠢᠶᠠᠨ ᠳᠡᠭᠡᠭᠰᠢᠯᠡᠭᠦᠯᠵᠦ᠂ ᠬᠡᠣᠬᠡᠳ ᠤᠳ ᠢ ᠬᠦᠰᠡᠯᠡᠩ ᠲᠠᠢ᠂ ᠮᠣᠷᠠᠯ ᠲᠠᠢ᠂ ᠰᠣᠶᠣᠯ ᠲᠠᠢ᠂ ᠰᠠᠬᠢᠯᠭ᠎ᠠ ᠪᠠᠲᠤ ᠲᠠᠢ | ᠨᠡᠶᠢᠭᠡᠮ ᠵᠢᠷᠤᠮ ᠤᠨ ᠦᠢᠯᠡᠰ ᠤᠨ ᠪᠦᠲᠦᠭᠡᠨ ᠪᠠᠶᠢᠭᠤᠯᠤᠭᠴᠢ ᠪᠠ ᠵᠠᠯᠭᠠᠮᠵᠢᠯᠠᠭᠴᠢ ᠪᠣᠯᠭᠠᠬᠤ ᠪᠠᠷ ᠴᠢᠷᠮᠠᠶᠢᠪᠠ᠃ | ︽ᠤᠯᠠᠨ ᠲᠦᠮᠡᠨ ᠲᠠᠢ ᠰᠡᠳᠬᠢᠯ ᠵᠢᠷᠦᠬᠡ ᠪᠠᠨ ᠬᠤᠯᠪᠣᠪᠠᠯ ᠵᠢᠭᠠᠰᠤ ᠤᠰᠤ ᠣᠯᠵᠤ᠂ ᠤᠯᠠᠨ ᠲᠦᠮᠡᠨ ᠠᠴᠠ ᠲᠡᠷᠰᠯᠡᠪᠡᠯ ᠮᠣᠳᠣ ᠦᠨᠳᠦᠰᠦ ᠲᠠᠰᠤᠷᠠᠨ᠎ᠠ︾ | ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠪᠣᠯᠤᠨ ᠤᠯᠤᠰ ᠲᠦᠷᠦ ᠬᠠᠤᠯᠢ ᠴᠠᠭᠠᠵᠠ ᠶᠢᠨ ᠡᠩᠨᠡᠭᠡ ᠶᠢᠨ ᠬᠥᠮᠦᠵᠢᠯ ᠴᠡᠭᠴᠡᠯᠡᠯᠲᠡ ᠥᠷᠨᠢᠭᠦᠯᠦᠭᠰᠡᠨ ᠠᠴᠠ | ᠨᠠᠭᠠᠰᠢ᠂ ᠪᠠᠷᠠᠭᠤᠨ ᠦᠵᠦᠮᠦᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠭᠤᠷᠪᠠᠳᠤᠭᠠᠷ ᠨᠠᠮ ᠤᠨ ᠡᠭᠦᠷ ᠦᠵᠡᠯ ᠰᠠᠨᠠᠭ᠎ᠠ ᠲᠠᠨᠢᠯᠲᠠ ᠪᠠᠨ | ᠳᠡᠭᠡᠭᠰᠢᠯᠡᠭᠦᠯᠵᠦ᠂ ᠨᠠᠮ ᠤᠨ ᠲᠡᠦᠬᠡ ᠶᠢ ᠰᠤᠷᠤᠯᠴᠠᠨ᠂ ᠪᠣᠳᠠᠲᠤ ᠶᠠᠪᠤᠳᠠᠯ ᠬᠢᠵᠦ᠂ ᠰᠢᠨ᠎ᠡ ᠪᠠᠶᠢᠳᠠᠯ ᠢ ᠨᠡᠭᠡᠭᠡᠨ᠂ ᠰᠤᠷᠤᠯᠴᠠᠯᠭ᠎ᠠ ᠶᠢᠨ ᠦᠷ᠎ᠡ ᠪᠦᠲᠦᠭᠡᠯ ᠢᠶᠠᠨ ︽ | ᠤᠯᠠᠨ ᠲᠦᠮᠡᠨ ᠳᠤ ᠪᠣᠳᠠᠲᠤ ᠶᠠᠪᠤᠳᠠᠯ ᠬᠢᠬᠦ︾ ᠦᠢᠯᠡᠳᠦᠯᠭᠡ ᠶᠢᠨ ᠠᠵᠢᠯᠯᠠᠭ᠎ᠠ ᠪᠣᠯᠭᠠᠨ ᠬᠤᠪᠢᠷᠠᠭᠤᠯᠵᠤ᠂ ᠥᠪᠡᠷ ᠤᠨ ᠡᠭᠦᠷᠭᠡ ᠬᠠᠷᠢᠭᠤᠴᠠᠯᠭ᠎ᠠ ᠪᠠᠨ ᠢᠮᠠᠭᠲᠠ | ᠪᠠᠲᠤ ᠴᠡᠭᠡᠵᠢᠯᠡᠵᠦ᠂ ᠤᠬᠠᠮᠰᠠᠷ ᠠᠴᠠ ᠪᠠᠨ ᠦᠨᠳᠦᠰᠦᠨ ᠱᠠᠲᠤᠨ ᠳᠤ ᠭᠦᠨᠵᠡᠭᠡᠶᠢᠷᠡᠨ᠂ ᠤᠯᠠᠨ ᠲᠦᠮᠡᠨ ᠲᠠᠢ ᠬᠠᠷᠢᠯᠴᠠᠵᠤ᠂ ᠠᠷᠠᠳ ᠲᠦᠮᠡᠨ ᠳᠤ ᠦᠢᠯᠡᠴᠢᠯᠡᠬᠦ | ᠤᠬᠠᠮᠰᠠᠷ ᠢᠶᠠᠨ ᠲᠠᠰᠤᠷᠠᠯᠳᠠ ᠦᠭᠡᠢ ᠴᠢᠩᠭᠠᠳᠬᠠᠵᠤ᠂ ᠪᠣᠳᠠᠲᠤ ᠠᠵᠢᠯᠯᠠᠭ᠎ᠠ ᠪᠠᠷ ᠢᠶᠠᠨ ᠠᠷᠠᠳ ᠤᠨ ᠰᠡᠳᠬᠢᠯ ᠢ ᠳᠤᠯᠠᠭᠠᠴᠠᠭᠤᠯᠤᠨ ᠨᠢᠭᠲᠠᠷᠠᠭᠤᠯᠪᠠ᠃ ︵ | ᠪᠠᠷᠠᠭᠤᠨ ᠦᠵᠦᠮᠦᠴᠢᠨ ᠬᠤᠰᠢᠭᠤᠨ ᠤ ᠳᠤᠲᠤᠭᠠᠳᠤ ᠶᠢ ᠬᠠᠮᠠᠭᠠᠯᠠᠬᠤ ᠳᠤᠪᠴᠢᠶᠠᠨ ᠤ ᠨᠠᠷᠠᠨᠮᠠᠨᠳᠤᠯ᠎ᠠ ᠠᠴᠠ ᠮᠡᠳᠡᠭᠡᠯᠡᠪᠡ︶ |