ᠵᠠᠩ ᠯᠧᠢ ᠶᠢᠨ ᠦᠢᠯᠡ ᠠᠵᠢᠯᠯᠠᠭ᠎ᠠ ᠠᠴᠠ ᠮᠥᠩᠬᠡ ᠶᠢᠨ ᠦᠢᠯᠡᠰ ᠲᠣᠳᠤᠷᠠᠨ᠎ᠠ
ᠨᠡᠶᠢᠲᠡᠯᠡᠭᠰᠡᠨ ᠴᠠᠭ᠄
2021/8/19
     ᠵᠠᠩ ᠯᠧᠢ ᠶᠢᠨ ᠦᠢᠯᠡ ᠠᠵᠢᠯᠯᠠᠭ᠎ᠠ ᠠᠴᠠ ᠮᠥᠩᠬᠡ ᠶᠢᠨ ᠦᠢᠯᠡᠰ ᠲᠣᠳᠤᠷᠠᠨ᠎ᠠ           ᠣᠶᠢᠷ᠎ᠠ ᠳᠤ᠂ ᠪᠠᠶᠠᠨᠨᠠᠭᠤᠷ ᠬᠤᠲᠠ ᠶᠢᠨ ᠤᠷᠠᠳ ᠤᠨ ᠳᠤᠮᠳᠠᠳᠤ ᠬᠤᠰᠢᠭᠤᠨ ᠤ X717 ᠵᠠᠮ ᠤᠨ ᠬᠡᠰᠡᠭ ᠤᠨ ᠪᠠᠶᠠᠨ ᠬᠠᠳᠠᠢ ᠣᠷᠴᠢᠮ ᠦᠶᠡᠷ ᠪᠠᠭᠤᠵᠤ ᠂ ᠠᠭᠤᠯᠠ ᠶᠢᠨ ᠦᠶᠡᠷ᠂ ᠰᠢᠪᠠᠷ ᠴᠢᠯᠠᠭᠤᠨ ᠤ ᠤᠷᠤᠰᠬᠠᠯ ᠵᠠᠮ ᠢ ᠲᠠᠰᠤᠯᠪᠠ᠃ ᠤᠷᠠᠳ ᠤᠨ ᠳᠤᠮᠳᠠᠳᠤ ᠬᠤᠰᠢᠭᠤᠨ ᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ ᠶᠢᠨ ᠵᠢᠭᠠᠨ ᠵᠢᠯᠣᠭᠤᠳᠤᠭᠴᠢ ᠠᠩᠭᠢ ᠳᠠᠭᠠᠭᠤᠯᠤᠨ ᠦᠶᠡᠷ ᠪᠠᠭᠤᠵᠤ ᠪᠠᠶᠢᠭ᠎ᠠ ᠵᠠᠮ ᠤᠨ ᠬᠡᠰᠡᠭ ᠲᠤ ᠵᠠᠮ ᠬᠠᠷᠢᠯᠴᠠᠭᠠᠨ ᠤ ᠵᠠᠬᠢᠷᠤᠨ ᠬᠠᠮᠢᠶᠠᠷᠤᠯᠲᠠ ᠶᠢ ᠬᠡᠷᠡᠭᠵᠢᠭᠦᠯᠵᠦ ᠲᠡᠷᠭᠡ ᠨᠡᠪᠲᠡᠷᠡᠬᠦ ᠶᠢ ᠴᠠᠭᠠᠵᠠᠯᠠᠪᠠ᠃ ᠭᠡᠨᠡᠳᠲᠡ ᠡᠰᠡᠷᠭᠦ ᠴᠢᠭᠯᠡᠯ ᠢᠶᠠᠷ ᠨᠢᠭᠡ ᠮᠠᠰᠢᠨ ᠲᠡᠷᠭᠡ ᠢᠷᠡᠭᠰᠡᠨ ᠳᠤ᠂ ᠠᠷᠠᠳ ᠤᠨ ᠴᠠᠭᠳᠠᠭ᠎ᠠ ᠵᠢᠯᠣᠭᠤᠳᠬᠤ ᠰᠢᠳᠠᠮ ᠡᠷᠢᠭᠦᠯᠦᠨ ᠳᠣᠬᠢᠶ᠎ᠠ ᠥᠭᠬᠦ ᠶᠢᠨ ᠬᠠᠮᠲᠤ ᠶᠡᠭᠡ ᠳᠠᠭᠤᠨ ᠢᠶᠠᠷ ︽ᠤᠰᠤ ᠭᠦᠨ ᠠᠶᠤᠯ ᠲᠠᠢ᠂ ᠨᠡᠪᠲᠡᠷᠡᠵᠦ ᠪᠣᠯᠬᠤ ᠥᠬᠡᠶ᠂ ᠨᠡᠪᠲᠡᠷᠡᠵᠦ ᠪᠣᠯᠬᠤ ᠦᠭᠡᠢ︾ ᠭᠡᠵᠦ ᠬᠠᠰᠬᠢᠷᠪᠠ᠃ ᠭᠡᠪᠡᠴᠦ ᠲᠣᠰ ᠲᠡᠷᠭᠡᠨ ᠤ ᠵᠢᠯᠣᠭᠤᠴᠢ ᠵᠠᠮ ᠬᠠᠷᠢᠯᠴᠠᠭᠠᠨ ᠤ ᠴᠠᠭᠳᠠᠭ᠎ᠠ ᠶᠢᠨ ᠵᠢᠯᠣᠭᠤᠳᠤᠯᠭ᠎ᠠ ᠶᠢ ᠰᠣᠨᠣᠰᠤᠭᠰᠠᠨ ᠦᠭᠡᠢ᠂ ᠰᠢᠭᠤᠳ ᠦᠶᠡᠷ ᠤᠨ ᠤᠰᠤᠨ ᠳᠤ ᠣᠷᠣᠪᠠ᠂ ᠬᠠᠮᠤᠭ ᠲᠦᠷᠭᠡᠨ ᠤᠷᠤᠰᠬᠠᠯ ᠤᠨ ᠭᠠᠵᠠᠷ ᠬᠦᠷᠬᠦ ᠳᠤ ᠭᠡᠨᠡᠳᠲᠡ ᠡᠵᠡᠮᠰᠢᠯ ᠢᠶᠠᠨ ᠠᠯᠳᠠᠵᠤ᠂ ᠮᠠᠰᠢᠨ ᠨᠢ ᠤᠨᠲᠠᠷᠠᠵᠤ ᠶᠠᠪᠤᠬᠤ ᠶᠢᠨ ᠠᠷᠭ᠎ᠠ ᠦᠭᠡᠢ ᠬᠤᠷᠢᠭᠳᠠᠪᠠ᠃ ᠠᠶᠤᠯ ᠤᠨ ᠡᠮᠦᠨ᠎ᠡ᠂ ᠠᠷᠠᠳ ᠤᠨ ᠴᠠᠭᠳᠠᠭ᠎ᠠ ᠨᠢᠭᠡ ᠲᠠᠯ᠎ᠠ ᠪᠠᠷ ᠳᠠᠭᠤᠳᠠᠭᠤᠷ ᠢᠶᠠᠷ ᠲᠡᠷᠭᠡᠨ ᠳᠣᠲᠣᠷᠠᠬᠢ 3 ᠬᠥᠮᠥᠨ ᠤ ᠤᠷᠮ᠎ᠠ ᠰᠡᠳᠬᠢᠯᠭᠡ ᠶᠢ ᠲᠠᠶᠢᠳᠬᠤᠷᠠᠭᠤᠯᠵᠤ᠂ ᠨᠥᠭᠦᠭᠡ ᠲᠠᠯ᠎ᠠ ᠪᠠᠷ ᠤᠰᠤᠨ ᠲᠦᠪᠰᠢᠨ ᠤ ᠭᠦᠨ ᠭᠦᠶᠦᠭᠡᠨ ᠢ ᠲᠣᠳᠣᠯᠠᠵᠤ ᠠᠪᠤᠷᠠᠨ ᠲᠤᠰᠠᠯᠠᠬᠤ ᠲᠥᠯᠥᠪᠯᠡᠭᠡ ᠲᠣᠭᠲᠠᠭᠠᠬᠤ ᠶᠢᠨ ᠬᠠᠮᠲᠤ ᠣᠶᠢᠷ᠎ᠠ ᠬᠠᠪᠢ ᠶᠢᠨ ᠪᠠᠷᠢᠯᠭ᠎ᠠ ᠶᠢᠨ ᠲᠡᠷᠭᠡ ᠲᠠᠢ ᠬᠠᠷᠢᠯᠴᠠᠵᠤ ᠠᠪᠤᠷᠠᠨ ᠲᠤᠰᠠᠯᠠᠬᠤ ᠪᠠᠷ ᠪᠣᠯᠪᠠ᠃       ᠠᠪᠤᠷᠠᠨ ᠲᠤᠰᠠᠯᠠᠬᠤ ᠲᠡᠷᠭᠡ ᠶᠢ ᠬᠦᠯᠢᠶᠡᠵᠦ᠂ ᠠᠪᠤᠷᠠᠨ ᠲᠤᠰᠠᠯᠠᠬᠤ ᠪᠠᠭᠠᠵᠢ ᠬᠡᠷᠡᠭᠰᠡᠯ ᠪᠡᠯᠡᠳᠬᠡᠬᠦ ᠪᠠᠶᠢᠭ᠎ᠠ ᠦᠶ᠎ᠡ ᠳᠤ᠂ ᠠᠶᠤᠯ ᠳᠤ ᠤᠴᠠᠷᠠᠭᠰᠠᠨ ᠲᠡᠷᠭᠡ ᠠᠭᠠᠵᠢᠮ ᠢᠶᠠᠷ ᠭᠦᠨ ᠤᠰᠤ ᠤᠷᠤᠭᠤ ᠤᠷᠤᠰᠬᠠᠬᠳᠠᠵᠤ᠂ ᠲᠡᠷᠭᠡᠨ ᠲᠣᠳᠤᠷᠠᠬᠢ ᠬᠥᠮᠦᠨ ᠤᠷᠤᠰᠬᠠᠭᠳᠠᠬᠤ ᠠᠴᠠ ᠠᠶᠤᠵᠤ᠂ ᠲᠡᠷᠭᠡᠨ ᠴᠣᠩᠬᠤ ᠪᠠᠨ ᠨᠡᠭᠡᠭᠡᠵᠦ ᠮᠥᠯᠬᠦᠨ ᠭᠠᠷᠴᠤ ᠢᠷᠡᠭᠡᠳ᠂ ᠲᠡᠷᠭᠡᠨ ᠡᠭᠦᠳᠡᠨ ᠤ ᠪᠠᠷᠢᠭᠤᠯ ᠪᠠ ᠲᠡᠷᠭᠡᠨ ᠤ B ᠲᠤᠯᠭᠠᠭᠤᠷᠢ ᠶᠢ ᠲᠡᠪᠡᠷᠢᠵᠦ᠂ ᠪᠠᠭ᠎ᠠ ᠯᠠ ᠬᠢᠴᠢᠶᠡᠬᠦ ᠦᠭᠡᠢ ᠪᠣᠯ ᠦᠶᠡᠷ ᠲᠤ ᠤᠷᠤᠰᠬᠠᠭᠳᠠᠬᠤ ᠪᠣᠯᠪᠠ᠃       ᠪᠠᠴᠢᠮ ᠪᠠᠢᠳᠠᠯ ᠳᠤᠤᠷ᠎ᠠ᠂ ᠬᠠᠪᠰᠤᠷᠤᠭᠴᠢ ᠴᠠᠭᠳᠠᠭ᠎ᠠ ᠵᠠᠩ ᠯᠸᠢ ᠬᠤᠪᠢ ᠬᠥᠮᠦᠨ ᠤ ᠠᠮᠤᠷ ᠲᠦᠪᠰᠢᠨ ᠢ ᠬᠠᠢᠬᠤᠷᠤᠯ ᠥᠬᠡᠶ᠂ ᠠᠪᠤᠷᠠᠨ ᠲᠤᠰᠠᠯᠠᠬᠤ ᠳᠡᠭᠡᠰᠦ ᠪᠠᠨ ᠠᠪᠴᠤ ᠠᠪᠤᠷᠠᠨ ᠲᠤᠰᠠᠯᠠᠬᠤ ᠪᠠᠷ ᠪᠡᠯᠡᠳᠭᠡᠪᠡ᠃ ᠵᠢᠭᠠᠨ ᠵᠢᠯᠣᠭᠤᠳᠣᠭᠴᠢ ᠠᠪᠤᠷᠠᠨ ᠲᠤᠰᠠᠯᠠᠬᠤ ᠳᠡᠭᠡᠰᠦ ᠶᠢᠨ ᠨᠢᠭᠡ ᠦᠵᠦᠭᠦᠷ ᠢ ᠵᠠᠩ ᠯᠸᠢ ᠳᠤ ᠥᠭᠴᠦ᠂ ᠨᠥᠬᠦᠭᠡ ᠦᠵᠦᠭᠦᠷ ᠢ ᠨᠢ ᠭᠤᠤᠯ ᠤᠨ ᠬᠥᠪᠡᠭᠡᠨ ᠤ ᠲᠡᠷᠭᠡᠨ ᠳᠡᠭᠡᠷ᠎ᠡ ᠴᠢᠩᠭ᠎ᠠ ᠤᠶᠠᠪᠠ᠃ ᠶᠠᠪᠤᠬᠤ ᠲᠤᠲᠤᠮ ᠦᠶᠡᠷ ᠤᠨ ᠤᠰᠤ ᠭᠦᠨ ᠪᠣᠯᠬᠤ ᠮᠥᠷᠳᠡᠭᠡᠨ ᠲᠦᠷᠭᠡᠨ ᠪᠣᠯᠵᠤ᠂ ᠲᠦᠨᠡᠷ ᠬᠠᠷᠠᠩᠭᠤᠶ ᠮᠥᠷᠲᠡᠭᠡᠨ ᠪᠣᠷᠣᠭᠠᠨ ᠣᠷᠣᠵᠤ ᠪᠠᠶᠢᠬᠤ ᠪᠣᠯᠬᠤᠷ ᠭᠡᠷᠡᠯᠲᠦᠭᠦᠯᠦᠭᠰᠡᠨ ᠴᠦ ᠪᠠᠶᠢᠳᠠᠯ ᠢ ᠲᠣᠳᠣᠷᠬᠠᠢ ᠣᠯᠵᠤ ᠬᠠᠷᠠᠬᠤ ᠦᠭᠡᠢ᠂ ᠠᠷᠪᠠᠨ ᠬᠡᠳᠦᠨ ᠮᠧᠲᠷ ᠤᠨ ᠵᠠᠶ ᠶᠢ ᠭᠠᠲᠤᠯᠬᠤ ᠳᠤ ᠮᠠᠰᠢ ᠪᠡᠷᠬᠡᠰᠢᠶᠡᠯ ᠲᠠᠢ ᠪᠠᠶᠢᠪᠠ᠃ ︽ ᠪᠢᠲᠡᠭᠡᠢ  ᠬᠥᠳᠡᠯ  ᠂  ᠪᠢᠲᠡᠭᠡᠢ  ᠲᠡᠷᠭᠡᠨ  ᠠᠴᠠ  ᠪᠠᠨ  ᠪᠠᠭᠤ᠂ ᠲᠡᠷᠭᠡᠨ ᠳᠤ ᠰᠠᠭᠤᠭᠠᠷᠠᠢ ᠁︾ ᠭᠡᠵᠦ ᠪᠠᠷᠬᠢᠷᠠᠵᠤ ᠣᠶᠢᠷᠠᠳᠬᠤ ᠦᠶᠡᠰ᠂ ᠦᠶᠡᠷ ᠤᠨ ᠤᠰᠤ ᠨᠢᠭᠡᠨᠲᠡ ᠵᠠᠩ ᠯᠸᠢ ᠤᠨ ᠴᠡᠭᠡᠵᠢᠨ ᠳᠤ ᠬᠦᠷᠴᠡᠢ᠃ ᠦᠶᠡᠷ ᠤᠨ ᠤᠰᠤ ᠳᠣᠯᠭᠢᠶᠠᠯᠠᠨ᠂ ᠠᠳᠡ ᠲᠡᠨᠳᠡ ᠬᠢᠰᠬᠢᠵᠦ᠂ ᠬᠤᠷᠢᠭᠳᠠᠭᠰᠠᠨ ᠲᠡᠷᠭᠡ ᠲᠠᠢ ᠣᠶᠢᠷᠠᠲᠤᠨ ᠭᠠᠷ ᠢᠶᠠᠨ ᠰᠤᠩᠭᠠᠨ ᠠᠪᠤᠷᠠᠨ ᠲᠤᠰᠠᠯᠠᠬᠤ ᠪᠠᠷ ᠪᠡᠯᠡᠳᠬᠡᠵᠦ ᠪᠠᠶᠢᠬᠤ ᠳᠤ᠂ ᠭᠡᠨᠡᠳᠲᠡ ᠦᠶᠡᠷ ᠤᠨ ᠤᠷᠤᠰᠬᠠᠯ ᠰᠢᠷᠦᠭᠦᠰᠴᠦ᠂ ᠵᠠᠩ ᠯᠸᠢ ᠬᠤᠷᠣᠮᠬᠠᠨ ᠵᠠᠭᠤᠷ᠎ᠠ ᠦᠶᠡᠷ ᠤᠨ ᠲᠦᠷᠭᠡᠨ ᠤᠷᠤᠰᠬᠠᠯ ᠳᠤ ᠬᠠᠮᠤᠷᠤᠭᠳᠠᠨ ᠣᠷᠣᠵᠤ ᠠᠯᠠᠭ᠎ᠠ ᠪᠣᠯᠪᠠ᠃ ᠠᠷᠤ ᠲᠠᠯ᠎ᠠ ᠳᠤ ᠪᠠᠶᠢᠭᠰᠠᠨ ᠵᠢᠭᠠᠨ ᠵᠢᠯᠤᠭᠤᠳᠤᠬᠴᠢ ᠪᠣᠯᠣᠨ ᠪᠣᠰᠤᠳ ᠴᠠᠭᠳᠠᠭ᠎ᠠ ᠡᠨᠡ ᠬᠦ ᠪᠠᠶᠢᠳᠠᠯ ᠢ ᠦᠵᠡᠭᠡᠳ᠂ ᠨᠢᠭᠡ ᠲᠠᠯ᠎ᠠ ᠪᠠᠷ ᠪᠦᠬᠦ ᠬᠦᠴᠦ ᠪᠠᠷ ᠢᠶᠠᠨ ᠠᠪᠤᠷᠠᠨ ᠲᠤᠰᠠᠯᠠᠬᠤ ᠳᠡᠭᠡᠰᠦ ᠶᠢ ᠲᠠᠲᠠᠵᠤ᠂ ᠨᠦᠬᠦᠭᠡ ᠲᠠᠯ᠎ᠠ ᠪᠠᠷ ᠨᠡᠷ᠎ᠡ ᠪᠠᠷ ᠨᠢ ᠬᠠᠰᠬᠢᠷᠴᠤ᠂ ᠭᠤᠷᠪᠠᠨ ᠮᠢᠨᠦ᠋ᠲ ᠤᠨ ᠰᠢᠷᠦᠭᠦᠨ ᠠᠪᠤᠷᠠᠨ ᠲᠤᠰᠠᠯᠠᠬᠤ ᠪᠠᠷ ᠲᠠᠮᠵᠢᠨ ᠵᠠᠩ ᠯᠧᠢ ᠶᠢ ᠡᠷᠭᠢ ᠳᠡᠭᠡᠷ᠎ᠡ ᠲᠠᠲᠠᠨ ᠭᠠᠷᠭᠠᠪᠠ᠃       ᠠᠪᠤᠷᠠᠨ ᠲᠤᠰᠠᠯᠠᠬᠤ ᠲᠡᠷᠭᠡ ᠬᠦᠷᠴᠦ ᠢᠷᠡᠭᠰᠡᠨ ᠤ ᠳᠠᠷᠠᠭ᠎ᠠ ᠬᠤᠶᠠᠳᠠᠬᠢ ᠤᠳᠠᠭ᠎ᠠ ᠠᠪᠤᠷᠠᠨ ᠲᠤᠰᠠᠯᠠᠬᠤ ᠠᠵᠢᠯ ᠥᠷᠨᠢᠭᠦᠯᠵᠦ᠂ ᠠᠪᠤᠷᠠᠨ ᠲᠤᠰᠠᠯᠠᠬᠤ ᠲᠡᠷᠭᠡᠨ ᠳᠤ ᠰᠠᠭᠤᠵᠤ ᠤᠷᠤᠰᠬᠠᠯ ᠰᠥᠷᠴᠦ ᠬᠤᠷᠢᠭᠳᠠᠭᠰᠠᠨ ᠲᠡᠷᠭᠡᠨ ᠤ ᠬᠠᠵᠠᠭᠤ ᠳᠤ ᠬᠦᠷᠴᠦ᠂ ᠲᠡᠷᠭᠡᠨ ᠳᠡᠭᠡᠷᠡᠬᠢ ᠬᠥᠮᠦᠰ ᠢ ᠠᠮᠤᠷ ᠲᠦᠪᠰᠢᠨ ᠭᠠᠵᠠᠷ ᠲᠤ ᠰᠢᠯᠵᠢᠭᠦᠯᠪᠡ᠃ ᠡᠨᠡ ᠦᠶ᠎ᠡ ᠳᠤ ᠦᠶᠡᠷ ᠤᠨ ᠤᠰᠤ ᠮᠥᠨ ᠯᠡ ᠰᠢᠷᠦᠭᠦᠨ ᠪᠠᠶᠢᠵᠤ᠂ ᠬᠤᠷᠢᠭᠳᠠᠭᠰᠠᠨ ᠲᠡᠷᠭᠡ ᠬᠥᠳᠡᠯᠬᠦ ᠶᠢᠨ ᠠᠷᠭ᠎ᠠ ᠥᠬᠡᠶ ᠪᠠᠶᠢᠪᠠ᠂ ᠶᠡᠭᠡ ᠠᠩᠭᠢ ᠶᠢᠨ ᠠᠷᠠᠳ ᠤᠨ ᠴᠠᠭᠳᠠᠭ᠎ᠠ ᠳᠠᠬᠢᠨᠲᠠ ᠠᠮᠤᠷ ᠲᠦᠪᠰᠢᠨ ᠢ ᠬᠠᠢᠬᠤᠷᠤᠯ ᠥᠬᠡᠶ ᠪᠠᠷ ᠬᠤᠷᠢᠭᠳᠠᠭᠰᠠᠨ ᠲᠡᠷᠭᠡᠨ ᠤ ᠬᠠᠵᠠᠭᠤ ᠳᠤ ᠬᠦᠷᠴᠦ᠂ ᠪᠣᠯᠣᠳ ᠳᠡᠭᠡᠰᠦ ᠶᠢ ᠬᠤᠷᠢᠭᠳᠠᠭᠰᠠᠨ ᠲᠡᠷᠭᠡᠨ ᠳᠡᠭᠡᠷ᠎ᠡ ᠤᠶᠠᠵᠤ᠂ ᠬᠡᠳᠦᠨ ᠠᠷᠪᠠᠨ ᠮᠢᠨᠦ᠋ᠲ ᠤᠨ ᠵᠢᠯᠣᠭᠤᠳᠣᠯᠭ᠎ᠠ ᠪᠠᠷ ᠳᠡᠮᠵᠢᠨ ᠬᠤᠷᠢᠭᠳᠠᠭᠰᠠᠨ ᠲᠡᠷᠭᠡ ᠶᠢ ᠠᠮᠵᠢᠯᠲᠠ  ᠲᠠᠢ ᠪᠠᠷ ᠠᠮᠤᠷ ᠲᠦᠪᠰᠢᠨ ᠵᠠᠮ ᠳᠤ ᠲᠠᠲᠠᠨ ᠭᠠᠷᠭᠠᠪᠠ᠃ ᠰᠣᠴᠢᠨ ᠭᠡᠯᠮᠡᠭᠳᠡᠭᠰᠡᠨ ᠠᠪᠤᠷᠠᠭᠳᠠᠭᠰᠠᠳ ᠳᠠᠬᠢᠨ ᠳᠠᠬᠢᠨ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠳᠤ ᠶᠣᠰᠣᠯᠠᠨ ᠲᠠᠯᠠᠷᠬᠠᠯ ᠢᠶᠠᠨ ᠢᠯᠡᠳᠬᠡᠪᠡ᠃
      ᠠᠪᠤᠷᠠᠨ ᠲᠤᠰᠠᠯᠠᠬᠤ ᠶᠠᠪᠤᠴᠠ ᠳᠤ᠂ ᠤᠰᠤᠨ ᠳᠣᠲᠣᠷ᠎ᠠ ᠮᠠᠰᠢ ᠣᠯᠠᠨ ᠴᠢᠯᠠᠭᠤ ᠪᠠ ᠰᠢᠯ ᠤᠷᠤᠰᠬᠠᠭᠳᠠᠭᠰᠠᠨ ᠠᠴᠠ ᠪᠣᠯᠵᠤ᠂ ᠵᠠᠩ ᠯᠸᠢ ᠶᠢᠨ ᠬᠤᠶᠠᠷ ᠬᠥᠯ᠂ ᠭᠠᠷ᠂ ᠨᠢᠭᠤᠷ ᠳᠡᠭᠡᠷᠡᠬᠢ ᠣᠯᠠᠨ ᠭᠠᠵᠠᠷ ᠰᠢᠷᠬᠠᠳᠤᠵᠤ᠂ ᠣᠳᠣᠬᠠᠨ ᠳᠤ ᠡᠮᠨᠡᠯᠭᠡ ᠳᠤ ᠪᠦᠬᠦ ᠲᠠᠯ᠎ᠠ ᠶᠢᠨ ᠪᠠᠶᠢᠴᠠᠭᠠᠯᠲᠠ ᠬᠢᠵᠦ ᠡᠮᠨᠡᠭᠦᠯᠵᠦ ᠪᠠᠶᠢᠨ᠎ᠠ᠃
ᠢᠷᠡᠯᠲᠡ᠄ ᠲᠤᠳᠤᠭᠠᠳᠦ ᠶᠢ ᠬᠠᠮᠠᠭᠠᠯᠠᠬᠤ ᠲᠢᠩᠬᠢᠮ ᠤᠨ ᠠᠯᠪᠠᠨ ᠰᠦᠯᠵᠢᠶ᠎ᠡ