ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠪᠦᠬᠦ ᠣᠷᠤᠨ ᠤ ᠬᠡᠥᠬᠡᠳ ᠤᠨ ᠪᠥᠬᠡ ᠶᠢᠨ ᠤᠷᠤᠯᠳᠤᠭᠠᠨ ᠤ ᠠᠮᠤᠷ ᠢ ᠬᠠᠮᠠᠭᠠᠯᠠᠬᠤ ᠡᠭᠦᠷᠭᠡ ᠶᠢ ᠲᠡᠭᠦᠰ ᠠᠮᠵᠢᠯᠲᠠ ᠲᠠᠢ ᠪᠡᠶᠡᠯᠡᠭᠦᠯᠪᠡ
ᠨᠡᠶᠢᠲᠡᠯᠡᠭᠰᠡᠨ ᠴᠠᠭ᠄
2021/9/1
     ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ      ᠪᠦᠬᠦ ᠣᠷᠤᠨ ᠤ ᠬᠡᠥᠬᠡᠳ ᠤᠨ ᠪᠥᠬᠡ ᠶᠢᠨ ᠤᠷᠤᠯᠳᠤᠭᠠᠨ ᠤ ᠠᠮᠤᠷ ᠢ ᠬᠠᠮᠠᠭᠠᠯᠠᠬᠤ      ᠡᠭᠦᠷᠭᠡ ᠶᠢ ᠲᠡᠭᠦᠰ ᠠᠮᠵᠢᠯᠲᠠ ᠲᠠᠢ ᠪᠡᠶᠡᠯᠡᠭᠦᠯᠪᠡ      7 ᠳ᠋ᠤᠭᠠᠷ ᠰᠠᠷ᠎ᠠ ᠶᠢᠨ 7 ᠤ ᠦᠳᠡ ᠶᠢᠨ ᠡᠮᠦᠨ᠎ᠡ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠰᠦᠷᠳᠡᠭᠦᠯᠦᠯ ᠢ ᠡᠰᠡᠷᠭᠦᠴᠡᠬᠦ ᠪᠠ ᠣᠨᠴᠠ ᠴᠠᠭᠳᠠᠭᠠᠨ ᠤ ᠶᠡᠭᠡ ᠠᠩᠭᠢ ᠬᠤᠰᠢᠭᠤᠨ ᠤ ᠦᠨᠳᠦᠰᠦᠲᠡᠨ ᠤ ᠬᠡᠦᠬᠡᠳ ᠤᠨ ᠴᠡᠴᠡᠷᠯᠢᠭ ᠲᠤ ᠬᠦᠷᠴᠦ ᠪᠥᠬᠦ ᠣᠷᠣᠨ ᠤ ᠬᠡᠦᠬᠡᠳ ᠤᠨ ᠪᠥᠬᠡ ᠶᠢᠨ ᠤᠷᠤᠯᠳᠤᠭᠠᠨ ᠤ ᠠᠮᠤᠷ ᠢ ᠬᠠᠮᠠᠭᠠᠯᠠᠬᠤ ᠡᠭᠦᠷᠭᠡ ᠶᠢ ᠭᠦᠢᠴᠡᠳᠭᠡᠪᠡ᠃
     ᠪᠥᠭᠡ ᠪᠣᠯ ᠮᠣᠩᠭᠤᠯᠴᠤᠳ ᠤᠨ ᠣᠨᠴᠠ ᠶᠢᠨ ᠳᠤᠷ᠎ᠠ ᠪᠠᠭ᠋ᠠᠲᠠᠢ ᠨᠢᠭᠡ ᠵᠦᠢᠯ ᠤᠨ ᠲᠠᠮᠢᠷ ᠤᠨ ᠬᠥᠳᠡᠯᠭᠡᠭᠡᠨ ᠮᠥᠨ᠂ ᠪᠦᠬᠡ ᠪᠠᠷᠢᠯᠳᠤᠬᠤ ᠳᠤ ᠬᠠᠮᠤᠭ ᠴᠢᠬᠤᠯᠠ ᠨᠢ ᠵᠣᠳᠤᠭ ᠢᠶᠠᠨ ᠡᠮᠦᠰᠬᠦ ᠬᠡᠷᠡᠭᠳᠡᠢ᠃ ᠵᠣᠳᠤᠭ ᠢ ᠪᠤᠯᠢᠭᠠᠷᠢ᠂ ᠰᠢᠷᠢ᠂ ᠢᠰᠡᠭᠡᠢ᠂ ᠪᠦᠰ ᠵᠡᠷᠭᠡ ᠪᠠᠷ ᠪᠦᠷ ᠬᠢᠳᠡᠭ᠃ ᠬᠡᠯᠪᠡᠷᠢ ᠶᠢᠨ ᠬᠤᠪᠢ ᠳᠤ ᠪᠢᠲᠡᠭᠦᠦ ᠵᠤᠳᠤᠭ ᠪᠠ ᠵᠠᠳᠠᠭᠠᠢ ᠵᠤᠳᠤᠭ ᠬᠡᠮᠡᠨ ᠬᠤᠶᠠᠷ ᠵᠦᠢᠯ ᠪᠠᠶᠢᠳᠠᠭ᠃ ᠵᠠᠳᠠᠭᠠᠢ ᠵᠤᠳᠤᠭ ᠢ ᠵᠠᠷᠢᠮ ᠨᠢ ᠪᠠᠰᠠ ᠡᠷᠪᠡᠬᠡᠢ ᠵᠤᠳᠤᠭ ᠪᠤᠶᠤ ᠲᠠᠯᠠᠪᠴᠢᠨ ᠵᠤᠳᠤᠭ ᠬᠡᠮᠡᠨ ᠨᠡᠷᠡᠯᠡᠳᠡᠭ᠃ ᠬᠡᠦᠬᠡᠳ ᠤᠳ ᠪᠠᠷᠢᠯᠳᠤᠬᠤ ᠳᠤ ᠪᠠᠨ ᠢᠰᠡᠭᠡᠢ ᠪᠤᠶᠤ ᠪᠦᠰ ᠵᠤᠳᠤᠭ ᠡᠮᠦᠰᠴᠤ ᠪᠠᠶᠢᠳᠠᠭ᠃ ᠬᠡᠦᠬᠡᠳ ᠤᠨ ᠪᠡᠶ᠎ᠡ ᠪᠢᠯᠳᠠᠷ ᠭᠦᠢᠴᠡᠳ ᠪᠤᠶᠢᠵᠢᠭ᠎ᠠ ᠦᠭᠡᠢ ᠶᠢ ᠠᠩᠬᠠᠷᠴᠤ᠂ ᠵᠥᠭᠡᠯᠡᠨ ᠰᠢᠭ ᠵᠤᠳᠤᠭ ᠡᠮᠦᠰᠦᠭᠦᠯᠳᠡᠭ ᠠᠵᠠᠢ᠃ ᠲᠤᠮᠤ ᠪᠥᠬᠡᠴᠤᠤᠯ ᠪᠦᠷ ᠰᠢᠷᠢ ᠪᠤᠶᠤ ᠪᠤᠯᠢᠭᠠᠷᠢᠨ ᠵᠤᠳᠤᠭ ᠡᠮᠦᠰᠬᠦ ᠲᠡᠳᠦᠢ ᠪᠢᠰᠢ᠂ ᠵᠤᠳᠤᠭ ᠤᠨ ᠢᠶᠠᠨ ᠬᠦᠪᠡᠭᠡ ᠪᠠᠷ ᠮᠥᠩᠭᠦ᠂ ᠵᠠᠰ ᠭᠠᠤᠯᠢᠨ ᠲᠤᠪᠤᠷᠤᠤ ᠰᠢᠭᠢᠳᠬᠡᠭᠰᠡᠨ ᠪᠠᠶᠢᠳᠠᠭ᠃ ᠪᠠᠰᠠ ᠨᠢᠷᠤᠭᠤᠨ ᠭᠤᠤᠯ ᠳᠤ ᠪᠠᠨ ᠠᠷᠰᠯᠠᠨ ᠪᠠᠷᠰ᠂ ᠯᠤᠤ ᠭᠠᠷᠤᠳᠢ ᠶᠢᠨ ᠰᠡᠶᠢᠯᠪᠦᠷᠢ ᠪᠥᠬᠦᠢ ᠠᠯᠲᠠ ᠮᠥᠩᠭᠦᠨ ᠲᠤᠯᠢ ᠬᠠᠳᠠᠳᠠᠭ ᠪᠠᠶᠢᠨ᠎ᠠ᠃ ᠵᠤᠳᠤᠭ ᠤᠨ ᠲᠤᠪᠤᠷᠤᠤ ᠨᠢ ᠲᠤᠭᠲᠠᠭᠰᠠᠨ ᠲᠤᠭ᠎ᠠ ᠦᠭᠡᠢ᠂ ᠶᠡᠭᠡ ᠲᠥᠯᠦᠪ ᠲᠠᠪᠤᠨ ᠵᠠᠭᠤ ᠠᠷᠪᠠ ᠬᠤᠷᠢᠨ ᠲᠤᠪᠤᠷᠤᠤ ᠬᠡᠷᠡᠭᠰᠡᠨ᠎ᠡ᠃ ᠨᠠᠶᠢᠷ ᠨᠠᠭᠠᠳᠤᠮ ᠤᠨ ᠦᠶ᠎ᠡ ᠳᠤ ᠪᠦᠬᠡᠴᠤᠳ ᠥᠪᠡᠷ ᠤᠨ ᠵᠤᠳᠤᠭ ᠢᠶᠠᠨ ᠡᠮᠦᠰᠴᠤ ᠪᠤᠯᠬᠤ ᠪᠦᠭᠡᠳ ᠨᠠᠶᠢᠷ ᠠᠴᠠ ᠪᠡᠯᠡᠳᠬᠡᠭᠰᠡᠨ ᠵᠤᠳᠤᠭ ᠢ ᠴᠤ ᠡᠮᠦᠰᠴᠤ ᠪᠤᠯᠳᠠᠭ ᠪᠠᠶᠢᠨ᠎ᠠ᠃ ᠵᠤᠳᠤᠭ ᠤᠨ ᠪᠦᠰᠡ ᠶᠢ ᠡᠯᠳᠡᠭᠰᠡᠨ ᠰᠤᠷ ᠢᠶᠠᠷ ᠬᠢᠳᠡᠭ᠃  ᠵᠤᠳᠤᠭ  ᠤᠨ  ᠤᠶᠢᠯᠡᠳᠦᠯ  ᠤᠨ  ᠬᠤᠪᠢ  ᠳᠤ  ᠪᠡᠶ᠎ᠡ ᠬᠠᠮᠠᠭᠠᠯᠠᠬᠤ ᠡᠮᠦᠰᠭᠡᠯ᠂ ᠪᠠᠷᠢᠯᠳᠤᠬᠤ ᠳᠤ ᠪᠠᠷᠢᠴᠠ ᠬᠠᠩᠭᠠᠬᠤ ᠬᠡᠷᠡᠭᠰᠡᠯ ᠪᠤᠯᠬᠤ ᠪᠦᠭᠡᠳ ᠢᠯᠠᠩᠭᠤᠶ᠎ᠠ ᠠᠯᠲᠠ ᠮᠥᠩᠭᠦ ᠲᠤᠪᠤᠷᠤᠤ ᠨᠢ ᠪᠠᠶᠠᠨ ᠡᠷᠬᠢᠮ ᠤᠨ ᠢᠯᠡᠷᠬᠡᠶᠢᠯᠡᠯ ᠪᠤᠯᠵᠤ ᠪᠠᠶᠢᠳᠠᠭ ᠠᠵᠠᠢ᠃ ᠡᠭᠦᠨ ᠳᠤ ᠨᠢᠷᠤᠭᠤᠨ ᠭᠤᠤᠯ ᠳᠠᠬᠢ ᠲᠡᠮᠦᠷᠯᠢᠭ ᠬᠢᠴᠠ ᠪᠥᠬᠦᠢ ᠲᠤᠯᠢ ᠨᠢ ᠬᠠᠷᠢᠨ ᠲᠠᠶᠢᠨ ᠪᠠᠶᠢᠯᠳᠤᠭᠠᠨ ᠤ ᠬᠤᠶᠠᠭ ᠠᠴᠠ ᠤᠯᠠᠷᠢᠵᠤ ᠢᠷᠡᠭᠰᠡᠨ ᠨᠢ ᠲᠤᠲᠤᠷᠬᠠᠢ ᠪᠠᠶᠢᠨ᠎ᠠ᠃
     ᠠᠵᠢᠯᠯᠠᠭ᠎ᠠ ᠶᠢᠨ ᠲᠡᠭᠦᠰ ᠠᠮᠵᠢᠯᠲᠠ ᠲᠠᠢ ᠤᠷᠤᠭᠰᠢᠲᠠᠶ ᠶᠠᠪᠤᠭᠳᠠᠬᠤ ᠶᠢ ᠪᠠᠲᠤᠯᠠᠬᠤ ᠶᠢᠨ ᠲᠥᠯᠥᠭᠡ᠂ ᠨᠠᠷᠢᠨ ᠨᠢᠮᠪᠠᠶ ᠵᠣᠬᠢᠶᠠᠨ ᠪᠠᠶᠢᠭᠤᠯᠵᠤ᠂ ᠤᠷᠢᠳᠴᠢᠯᠠᠨ ᠪᠠᠶᠢᠷᠢᠯᠠᠭᠤᠯᠵᠤ᠂ ᠴᠠᠭᠳᠠᠭᠠᠨ ᠤ ᠬᠦᠴᠦᠨ ᠢ ᠢᠳᠡᠪᠬᠢᠲᠡᠶ ᠲᠣᠬᠢᠷᠠᠭᠤᠯᠤᠨ᠂ ᠰᠤᠷᠭᠠᠭᠤᠯᠢ ᠶᠢᠨ ᠬᠦᠷᠢᠶᠡᠨ ᠳᠤ ᠭᠦᠨᠵᠡᠭᠡᠶᠢᠷᠡᠨ ᠲᠤᠬᠠᠶ ᠶᠢᠨ ᠲᠠᠯᠠᠪᠠᠶ ᠶᠢᠨ ᠡᠮᠬᠢ ᠳᠢᠭᠯᠢᠮ ᠢ ᠪᠦᠬᠦ ᠬᠦᠴᠦ ᠪᠠᠷ ᠬᠠᠮᠠᠭᠠᠯᠠᠪᠠ᠃ ︵ᠪᠤᠭᠤᠳᠤ ᠬᠤᠲᠠ ᠶᠢᠨ ᠲᠣᠳᠤᠭᠠᠳᠣ ᠶᠢ ᠬᠠᠮᠠᠭᠠᠯᠠᠬᠤ ᠲᠣᠪᠴᠢᠶ᠎ᠠ ᠶᠢᠨ ᠠᠯᠪᠠᠨ ᠭᠡᠷ ᠤᠨ  ᠵᠠᠩ ᠢᠦᠢ ᠮᠡᠳᠡᠭᠡᠯᠡᠪᠡ︶
ᠢᠷᠡᠯᠲᠡ᠄ ᠪᠤᠭᠤᠲᠤ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ