88 ᠨᠠᠰᠤᠲᠠᠶ ᠠᠵᠢᠯ ᠠᠴᠠ ᠪᠠᠨ ᠠᠮᠠᠷᠠᠭᠰᠠᠨ ᠠᠬᠠᠮᠠᠳ ᠴᠠᠭᠳᠠᠭ᠎ᠠ ᠴᠠᠭᠳᠠᠭᠠᠨ ᠤ ᠲᠤᠭ ᠲᠤ ᠪᠠᠨ ᠰᠦᠰᠦᠭᠯᠡᠪᠡ
ᠨᠡᠶᠢᠲᠡᠯᠡᠭᠰᠡᠨ ᠴᠠᠭ᠄
2021/9/6
     88 ᠨᠠᠰᠤᠲᠠᠶ ᠠᠵᠢᠯ ᠠᠴᠠ ᠪᠠᠨ ᠠᠮᠠᠷᠠᠭᠰᠠᠨ ᠠᠬᠠᠮᠠᠳ      ᠴᠠᠭᠳᠠᠭ᠎ᠠ ᠴᠠᠭᠳᠠᠭᠠᠨ ᠤ ᠲᠤᠭ ᠲᠤ ᠪᠠᠨ ᠰᠦᠰᠦᠭᠯᠡᠪᠡ          ᠡᠨᠡ ᠨᠠᠰᠤᠲᠠᠨ ᠤ ᠨᠡᠷ᠎ᠡ ᠨᠢ ᠯᠢᠶᠠᠩ ᠲᠢᠩ ᠬᠤᠸᠠᠨ ᠭᠡᠳᠡᠭ᠂ 1933 ᠣᠨ ᠤ 1 ᠳ᠋ᠦ᠋ᠭᠡᠷ ᠰᠠᠷ᠎ᠠ ᠳᠤ ᠲᠦᠷᠦᠵᠦ᠂ 1952 ᠣᠨ ᠳᠤ ᠠᠵᠢᠯᠯᠠᠵᠤ᠂ 1995 ᠣᠨ ᠳᠤ ᠠᠵᠢᠯ ᠠᠴᠠ ᠪᠠᠨ ᠠᠮᠠᠷᠠᠪᠠ᠂ ᠡᠨᠡ ᠵᠢᠯ 88 ᠨᠠᠰᠤᠲᠠᠶ᠂ 43 ᠵᠢᠯ ᠴᠠᠭᠳᠠᠭ᠎ᠠ ᠶᠢᠨ ᠠᠵᠢᠯ ᠬᠢᠵᠦ᠂ ᠤᠯᠠᠭᠠᠨᠴᠠᠪ ᠬᠤᠲᠠ ᠶᠢᠨ ᠰᠢᠩ ᠾᠧ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠨᠠᠷᠢᠨ ᠪᠢᠴᠢᠭᠡᠴᠢ᠂ ᠣᠨᠴᠠ ᠲᠣᠮᠢᠯᠠᠭᠳᠠᠭᠰᠠᠳ᠂ ᠦ᠋ ᠢ ᠰᠢᠶᠠᠩ ᠤᠨ ᠲᠣᠮᠢᠯᠠᠭᠰᠠᠨ ᠰᠠᠯᠪᠤᠷᠢ ᠶᠢᠨ ᠳᠠᠷᠤᠭ᠎ᠠ ᠵᠡᠷᠭᠡ ᠲᠤᠰᠢᠶᠠᠯ ᠢ ᠡᠭᠦᠷᠭᠡᠯᠡᠵᠦ ᠥᠩᠭᠡᠷᠡᠪᠡ᠃ ᠴᠠᠭᠳᠠᠭᠠᠨ ᠤ ᠲᠤᠭ ᠢ ᠣᠯᠵᠤ ᠦᠵᠡᠭᠰᠡᠨ ᠨᠠᠰᠤᠲᠠᠨ᠄ ︽ᠪᠢᠳᠡ ᠪᠠᠰᠠ ᠥᠪᠡᠷ ᠤᠨ ᠲᠤᠭ ᠲᠠᠢ ᠪᠣᠯᠵᠠᠶ ᠂ ᠪᠢ ᠳᠣᠭᠳᠣᠯᠬᠤ ᠠᠴᠠ ᠭᠠᠳᠠᠨ᠎ᠠ ᠣᠮᠣᠭᠰᠢᠨ᠎ᠠ᠂ ᠠᠩᠬ᠎ᠠ ᠴᠠᠭᠳᠠᠭ᠎ᠠ ᠪᠣᠯᠬᠤ ᠲᠠᠩᠭᠠᠷᠢᠭ ᠤᠨ ᠦᠭᠡ ᠤᠩᠰᠢᠭᠰᠠᠨ᠂ ᠠᠷᠠᠳ ᠤᠨ ᠴᠠᠭᠳᠠᠭᠠᠨ ᠤ ᠳᠠᠭᠤᠤ ᠶᠢ ᠳᠠᠭᠤᠯᠠᠭᠰᠠᠨ ᠢᠶᠠᠨ ᠡᠷᠭᠢᠴᠡᠭᠦᠯᠬᠦᠶ᠎ᠡ ᠴᠢᠬᠢᠨ ᠤ ᠬᠠᠵᠠᠭᠤ ᠳᠤ ᠴᠤᠤᠷᠢᠶᠠᠲᠤᠭᠰᠠᠭᠠᠷ᠂ ᠠᠩᠬ᠎ᠠ ᠤᠳᠠᠭ᠎ᠠ ᠴᠠᠭᠳᠠᠭᠠᠨ ᠤ ᠬᠤᠪᠴᠠᠰᠤ ᠡᠮᠦᠰᠬᠦ ᠳᠤ ᠪᠠᠨ ᠪᠠᠶᠠᠷᠯᠠᠭᠠᠳ ᠥᠪᠡᠷ ᠤᠨ ᠡᠷᠬᠡ ᠦᠭᠡᠶ ᠪᠣᠯᠤᠭᠰᠠᠨ ᠢᠶᠠᠨ ᠮᠠᠷᠲᠠᠬᠤᠶ᠎ᠠ ᠪᠡᠷᠬᠡ᠂ ᠭᠠᠷ ᠫᠤᠤ ᠶᠢ ᠠᠩᠬ᠎ᠠ ᠣᠯᠵᠤ ᠦᠵᠡᠬᠦ ᠦᠶ᠎ᠡ ᠶᠢᠨ ᠬᠠᠴᠢᠨ ᠰᠣᠨᠢᠨ ᠪᠠ ᠪᠠᠶᠠᠷ ᠪᠠᠭ᠋ᠠᠳᠤᠯ ᠢ ᠮᠠᠷᠲᠠᠬᠤᠶ᠎ᠠ ᠪᠡᠷᠬᠡ᠂ ᠴᠠᠭᠳᠠᠭ᠎ᠠ ᠪᠣᠯᠬᠤ ᠲᠠᠩᠭᠠᠷᠢᠭᠯᠠᠬᠤ ᠦᠶ᠎ᠡ ᠶᠢᠨ ᠬᠠᠮᠤᠭ ᠪᠡᠶ᠎ᠡ ᠴᠡᠴᠡᠷᠡᠨ ᠳᠣᠭᠳᠣᠯᠵᠤ ᠪᠠᠶᠢᠭ᠎ᠠ ᠶᠢ ᠨᠡᠩ ᠴᠤ ᠮᠠᠷᠲᠠᠬᠤ ᠶᠢᠨ ᠠᠷᠭ᠎ᠠ ᠦᠭᠡᠶ ᠁ ᠡᠳᠡᠭᠡᠷ ᠪᠦᠬᠦᠨ ᠨᠢ ᠬᠤᠵᠢᠮ ᠵᠥᠪᠬᠡᠨ ᠵᠡᠭᠦᠳᠦᠨ ᠳᠤ ᠢᠯᠡᠷᠡᠭᠰᠡᠨ᠂ ᠪᠢ ᠴᠠᠭᠳᠠᠭᠠᠨ ᠤ ᠲᠤᠭ ᠢ ᠦᠨᠦᠰᠴᠦ᠂ ᠮᠠᠨ ᠤ ᠳᠣᠲᠣᠭᠠᠳᠤ ᠶᠢ ᠬᠠᠮᠠᠭᠠᠯᠠᠬᠤ ᠡᠩᠨᠡᠭᠡ ᠶᠢᠨ ᠥᠪᠡᠷ ᠤᠨ ᠲᠤᠭ ᠲᠤ ᠪᠠᠨ ᠳᠠᠬᠢᠨ ᠨᠢᠭᠡ ᠤᠳᠠᠭ᠎ᠠ ᠶᠣᠰᠣᠯᠠᠶ᠎ᠠ︾ ᠭᠡᠵᠦ ᠬᠡᠯᠡᠪᠡ᠃
ᠢᠷᠡᠯᠲᠡ᠄ ᠲᠤᠳᠤᠭᠠᠳᠦ ᠶᠢ ᠬᠠᠮᠠᠭᠠᠯᠠᠬᠤ ᠲᠢᠩᠬᠢᠮ ᠤᠨ ᠠᠯᠪᠠᠨ ᠰᠦᠯᠵᠢᠶ᠎ᠡ