ᠵᠠᠷᠤᠳ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠬᠠᠨ ᠠᠭᠤᠯᠠ ᠣᠢ ᠰᠢᠭᠤᠶ ᠶᠢᠨ ᠲᠠᠯᠠᠪᠠᠢ ᠶᠢᠨ ᠲᠣᠮᠢᠯᠠᠭᠰᠠᠨ ᠰᠠᠯᠪᠤᠷᠢ
ᠨᠡᠶᠢᠲᠡᠯᠡᠭᠰᠡᠨ ᠴᠠᠭ᠄
2022/11/20
      ᠬᠠᠨ ᠠᠭᠤᠯᠠ ᠣᠶ ᠰᠢᠭᠤᠶ ᠶᠢᠨ ᠲᠠᠯᠠᠪᠠᠶ ᠳᠤ ᠬᠥᠮᠦᠨ ᠥᠬᠡᠶ ᠡᠵᠡᠭᠦᠢ ᠪᠠᠶᠢᠵᠤ᠂ ᠲᠡᠯᠡᠶ ᠶᠢᠨ ᠲᠦᠪᠰᠢᠨ ᠠᠴᠠ 1000 ᠭᠠᠷᠤᠶ ᠮᠧᠲᠷ ᠡᠷᠭᠦᠭᠳᠡᠵᠦ᠂ ᠵᠢᠯ ᠤᠨ ᠳᠤᠮᠳᠠᠴᠢ ᠠᠭᠠᠷ ᠤᠨ ᠳᠤᠯᠠᠭᠠᠨ ᠨᠢ ᠵᠥᠪᠬᠡᠨ ᠲᠡᠭ ᠠᠴᠠ ᠳᠣᠷᠣᠭᠰᠢ 3 ᠭᠷᠠᠳᠦ᠋ᠰ ᠪᠠᠶᠢᠵᠤ᠂ ᠬᠠᠬᠢᠷ ᠬᠦᠢᠲᠡᠨ᠂ ᠡᠳᠦᠷ ᠰᠥᠨᠢ ᠶᠢᠨ ᠳᠤᠯᠠᠭᠠᠨ ᠤ ᠵᠥᠷᠢᠶ᠎ᠡ ᠶᠡᠭᠡ᠂ ᠠᠭᠤᠷ ᠠᠮᠢᠰᠬᠤᠯ ᠮᠠᠭᠤ ᠪᠠᠶᠢᠳᠠᠭ᠃ ᠡᠨᠡ ᠬᠦ ᠶᠡᠷᠦᠩᠬᠡᠶ ᠲᠠᠯᠠᠪᠠᠶ ᠨᠢ 147 ᠲᠦᠮᠡᠨ ᠮᠥ ᠪᠠᠶᠢᠬᠤ ᠬᠥᠮᠦᠨ ᠥᠬᠡᠶ ᠣᠷᠣᠨ ᠢᠶᠠᠷ ᠴᠠᠭᠳᠠᠨ ᠲᠣᠭᠤᠷᠢᠬᠤ ᠪᠣᠯ ᠬᠠᠨ ᠠᠭᠤᠯᠠ ᠣᠶ ᠰᠢᠭᠤᠶ ᠶᠢᠨ ᠲᠠᠯᠠᠪᠠᠶ ᠶᠢᠨ ᠲᠣᠮᠢᠯᠠᠭᠰᠠᠨ ᠰᠠᠯᠪᠤᠷᠢ ᠶᠢᠨ ᠠᠷᠠᠳ ᠤᠨ ᠴᠠᠭᠳᠠᠭ᠎ᠠ ᠶᠢᠨ ᠡᠳᠦᠷ ᠪᠦᠷᠢ ᠶᠢᠨ ᠬᠠᠮᠤᠭ ᠤᠨ ᠭᠤᠤᠯ ᠠᠵᠢᠯ ᠤᠨ ᠡᠭᠦᠷᠭᠡ  ᠪᠣᠯᠵᠤ᠂ ᠢᠯᠠᠩᠭᠤᠶ᠎ᠠ ᠠᠷᠪᠠᠳᠤᠭᠠᠷ ᠰᠠᠷ᠎ᠠ ᠶᠢᠨ ᠡᠬᠢᠨ ᠤ ᠭᠠᠯ ᠰᠡᠷᠭᠡᠶᠢᠯᠡᠬᠦ ᠤᠯᠠᠷᠢᠯ ᠳᠤ᠂ ᠠᠷᠠᠳ ᠤᠨ ᠴᠠᠭᠳᠠᠭ᠎ᠠ ᠨᠠᠷ ᠰᠠᠨᠠᠭᠠᠴᠢᠯᠠᠭ᠎ᠠ ᠠᠴᠠ ᠪᠠᠨ ᠠᠷᠪᠠᠨ ᠰᠠᠷ᠎ᠠ ᠶᠢᠨ ᠨᠢᠭᠡᠨ ᠤ ᠠᠮᠠᠷᠠᠯᠲᠠ ᠪᠠᠨ ᠬᠠᠶᠠᠵᠤ᠂ ᠠᠵᠢᠯ ᠤᠨ ᠪᠠᠶᠢᠷᠢ ᠪᠠᠨ ᠪᠠᠲᠤ ᠰᠠᠬᠢᠵᠤ᠂ ᠪᠦᠬᠦ᠋ᠢᠯᠡ ᠰᠢᠭᠤᠶᠢᠲᠤ ᠣᠷᠣᠨ ᠳᠤ ᠡᠳᠦᠷ ᠪᠦᠷᠢ ᠬᠡᠳᠦᠨ ᠠᠷᠪᠠᠨ ᠴᠠᠭ ᠨᠠᠭᠠᠰᠢ ᠴᠠᠭᠠᠰᠢ ᠶᠠᠪᠤᠵᠤ᠂ ᠰᠢᠭᠤᠶᠢᠲᠤ ᠣᠷᠣᠨ ᠤ ᠠᠮᠤᠷ ᠲᠦᠪᠰᠢᠨ ᠢ ᠬᠠᠮᠠᠭᠠᠯᠠᠵᠤ ᠪᠠᠶᠢᠳᠠᠭ᠃     ᠬᠥᠮᠦᠨ ᠥᠬᠡᠶ ᠡᠵᠡᠭᠦᠶ ᠣᠷᠣᠨ᠂ ᠥᠨᠳᠥᠷ ᠰᠦᠷᠯᠢᠭ ᠬᠠᠨ ᠠᠭᠤᠯᠠ᠃ ᠮᠣᠷᠳᠠᠬᠤ ᠠᠴᠠ ᠡᠮᠦᠨ᠎ᠡ᠂ ᠠᠷᠠᠳ ᠤᠨ ᠴᠠᠭᠳᠠᠭ᠎ᠠ ᠨᠠᠷ ᠴᠥᠮ ᠤᠯᠤᠰ ᠤᠨ ᠲᠤᠭ ᠪᠣᠯᠤᠨ ᠴᠠᠭᠳᠠᠭᠠᠨ ᠤ ᠲᠤᠭ ᠤᠨ ᠳᠣᠣᠷ᠎ᠠ ᠶᠣᠰᠣᠯᠠᠨ ᠲᠠᠩᠭᠠᠷᠢᠭᠯᠠᠵᠤ᠂ ︽ᠬᠥᠬᠡ ᠬᠠᠷ᠎ᠠ ᠬᠤᠪᠴᠠᠰᠤ ᠲᠠᠢ ᠬᠠᠮᠠᠭᠠᠯᠠᠭᠴᠢ᠂ ᠡᠭᠦᠷᠭᠡ ᠲᠤᠰᠢᠶᠠᠯ ᠢᠶᠠᠨ ᠬᠢᠴᠢᠶᠡᠩᠭᠦ᠋ᠢᠯᠡᠨ ᠭᠦᠢᠴᠡᠳᠭᠡᠬᠦ᠂ ᠦᠷᠡᠭᠳᠡᠯ ᠰᠦᠢᠳᠦᠯ ᠠᠴᠠ ᠠᠶᠤᠬᠤ ᠦᠭᠡᠢ᠂ ᠵᠣᠷᠢᠭᠲᠠᠶ ᠪᠠᠷ ᠬᠤᠪᠢ ᠨᠡᠮᠡᠷᠢ ᠦᠵᠡᠭᠦᠯᠬᠦ᠂ ᠠᠮᠢ ᠠᠬᠤᠢ ᠶᠢᠨ ᠠᠮᠤᠷ ᠲᠦᠪᠰᠢᠨ ᠢ ᠪᠠᠲᠤᠯᠠᠬᠤ︾ ᠪᠠᠲᠤ ᠠᠮᠠᠯᠠᠯᠲᠠ ᠶᠢᠨ ᠲᠣᠤᠷ᠎ᠠ᠂ ᠠᠷᠠᠳ ᠤᠨ ᠴᠠᠭᠳᠠᠭ᠎ᠠ ᠨᠠᠷ ᠨᠢᠭᠡ ᠡᠳᠦᠷ ᠤᠨ ᠴᠠᠭᠳᠠᠯᠲᠠ ᠪᠠᠨ ᠡᠬᠢᠯᠡᠭᠦᠯᠳᠡᠭ᠃ ᠴᠠᠭᠳᠠᠨ ᠲᠣᠭᠤᠷᠢᠬᠤ ᠳᠤ᠂ ᠬᠠᠶᠠ ᠨᠢᠭᠡ ᠥᠩᠭᠡᠷᠡᠬᠦ ᠬᠡᠭᠡᠷ᠎ᠡ ᠶᠢᠨ ᠠᠮᠢᠲᠠᠨ ᠠᠴᠠ ᠭᠠᠳᠠᠨ᠎ᠠ᠂ ᠵᠥᠪᠬᠡᠨ ᠰᠦᠨᠳᠡᠷᠯᠡᠭᠰᠡᠨ ᠮᠣᠳᠣ ᠪᠠ ᠡᠭᠴᠡ ᠠᠰᠠᠭ᠎ᠠ ᠠᠭᠤᠯᠠᠨ ᠵᠠᠮ ᠬᠠᠷᠠᠭᠳᠠᠵᠤ᠂ ᠠᠯᠬᠤᠮ ᠪᠦᠷᠢ ᠳᠤ ᠠᠷᠠᠳ ᠤᠨ ᠴᠠᠭᠳᠠᠭ᠎ᠠ ᠶᠢᠨ ᠤᠯᠤᠰ ᠤᠨ ᠲᠥᠯᠥᠭᠡ ᠰᠠᠬᠢᠨ ᠬᠠᠮᠠᠭᠠᠯᠠᠬᠤ ᠣᠮᠣᠭᠰᠢᠯ ᠪᠠ ᠪᠠᠲᠤ ᠪᠠᠷᠢᠮᠲᠠᠯᠠᠯ ᠢ ᠭᠡᠷᠡᠴᠢᠯᠡᠵᠦ᠂ ᠶᠠᠭ ᠲᠡᠳᠡᠨ ᠤ ᠥᠪᠡᠷ ᠤᠨ ᠬᠡᠯᠡᠭᠰᠡᠨ ︽ᠠᠳᠡ ᠴᠠᠭᠳᠠᠭ᠎ᠠ ᠪᠣᠯᠤᠭᠰᠠᠨ ᠨᠢ᠂ ᠤᠮᠠᠷᠠᠲᠤ ᠬᠢᠯᠢ ᠶᠢᠨ ᠠᠮᠢ ᠠᠬᠤᠢ ᠶᠢᠨ ᠬᠠᠯᠬᠠᠪᠴᠢ ᠶᠢ ᠰᠠᠬᠢᠨ ᠬᠠᠮᠠᠭᠠᠯᠠᠬᠤ ᠪᠣᠯ ᠲᠡᠭᠦᠨ ᠤ ᠤᠳᠬ᠎ᠠ ᠠᠭᠤᠯᠭ᠎ᠠ ᠶᠤᠮ᠃︾
0e8d111dec555a3b480042f06de7202.jpg   
     ᠳᠠᠯᠠᠶ ᠶᠢᠨ ᠲᠦᠪᠰᠢᠨ ᠠᠴᠠ ᠪᠠᠷᠤᠭ 500 ᠮᠧᠲᠷ ᠡᠷᠭᠦᠭᠳᠡᠭᠰᠡᠨ ᠣᠪᠤᠭ᠎ᠠ ᠠᠭᠤᠯᠠᠨ ᠳᠡᠭᠡᠷ᠎ᠡ ᠨᠢᠭᠡᠨ ᠥᠩᠭᠡᠲᠦ ᠪᠥᠰ ᠢᠶᠠᠷ ᠣᠷᠢᠶᠠᠭᠰᠠᠨ ᠣᠪᠣᠭ᠎ᠠ ᠪᠠᠶᠢᠵᠤ᠂ 1 ᠮᠧᠲᠷ ᠭᠠᠷᠤᠶ ᠥᠨᠳᠥᠷ ᠣᠪᠣᠭ᠎ᠠ ᠨᠢ ᠦᠶ᠎ᠡ ᠦᠶ᠎ᠡ ᠶᠢᠨ ᠺᠠᠳ᠋ᠷ ᠴᠠᠭᠳᠠᠭ᠎ᠠ ᠨᠠᠷ ᠤᠨ ᠰᠢᠷᠭᠠᠭᠤ ᠬᠠᠲᠠᠭᠤᠵᠢᠯᠲᠠᠶ ᠲᠡᠮᠡᠴᠡᠭᠰᠡᠨ ᠲᠡᠦᠬᠡ ᠶᠢ ᠲᠡᠮᠳᠡᠭᠯᠡᠵᠦ ᠪᠠᠶᠢᠳᠠᠭ᠃ ᠳᠡᠭᠡᠷ᠎ᠡ ᠨᠢ ᠬᠠᠷᠠᠭᠳᠠᠵᠤ ᠪᠠᠶᠢᠭ᠎ᠠ ᠥᠩᠭᠡᠲᠦ ᠪᠥᠰ ᠨᠢ ᠲᠡᠳᠡᠨ ᠤ ᠲᠤᠬᠠᠶ ᠶᠢᠨ ᠵᠢᠯ ᠤᠨ ᠪᠠᠷ᠎ᠠ ᠶᠢ ᠣᠯᠵᠤ ᠬᠠᠷᠠᠭᠰᠠᠨ ᠮᠡᠲᠦ᠂ ᠡᠨᠡᠭᠦᠷ ᠥᠩᠭᠡᠷᠡᠬᠦ ᠪᠦᠷᠢ ᠠᠷᠠᠳ ᠤᠨ ᠴᠠᠭᠳᠠᠭ᠎ᠠ ᠨᠠᠷ ᠴᠥᠮ ᠵᠣᠭᠰᠣᠩᠭᠤᠶᠢᠷᠠᠵᠤ᠂ ᠣᠪᠣᠭ᠎ᠠ ᠶᠢ ᠲᠣᠭᠤᠷᠢᠨ ᠭᠤᠷᠪᠠᠨ ᠡᠷᠭᠢᠳᠡᠭ᠃ ᠲᠠᠬᠢᠯᠭ᠎ᠠ ᠪᠣᠯ ᠲᠡᠳᠡᠨ ᠤ ᠦᠶ᠎ᠡ ᠦᠶ᠎ᠡ ᠶᠢᠨ ᠪᠠᠲᠤ ᠰᠠᠬᠢᠯ᠂ ᠡᠬᠡ ᠤᠯᠤᠰ ᠤᠨ ᠢᠶᠠᠨ ᠰᠠᠶᠢᠨ ᠰᠠᠶᠢᠬᠠᠨ ᠠᠭᠤᠯᠠ ᠤᠰᠤ ᠶᠢ ᠳᠠᠭᠠᠳᠬᠠᠵᠤ ᠪᠠᠶᠢᠭ᠎ᠠ ᠶᠠᠪᠤᠳᠠᠯ᠂ ᠮᠥᠨ ᠴᠦ ᠡᠬᠡ ᠪᠠᠶᠢᠭᠠᠯᠢ ᠪᠠᠨ ᠪᠢᠰᠢᠷᠡᠨ ᠬᠦᠨᠳᠦᠳᠭᠡᠵᠦ ᠪᠠᠶᠢᠭ᠎ᠠ ᠶᠠᠪᠤᠳᠠᠯ ᠪᠣᠯᠤᠨ᠎ᠠ᠃ ᠤᠪᠤᠭ᠎ᠠ ᠠᠭᠤᠯᠠ ᠠᠴᠠ ᠳᠡᠮᠡᠢ ᠬᠤᠯᠠ ᠦᠭᠡᠢ ᠭᠠᠵᠠᠷ ᠪᠣᠯ ᠴᠠᠭᠳᠠᠨ ᠪᠠᠶᠢᠴᠠᠭᠠᠬᠤ ᠡᠭᠦᠷᠭᠡ ᠶᠢᠨ ᠨᠢᠭᠡᠳᠦᠭᠡᠷ ᠬᠠᠷᠠᠯᠲᠠ ᠪᠣᠯᠬᠤ ︽ᠴᠠᠭᠠᠨ ᠬᠤᠰᠤᠨ ᠤᠢ︾ ᠪᠠᠶᠢᠵᠤ᠂ ᠠᠷᠪᠠᠨ ᠬᠡᠳᠦᠨ ᠴᠠᠭ ᠤᠨ ᠴᠠᠭᠳᠠᠨ ᠪᠠᠶᠢᠴᠠᠭᠠᠬᠤ ᠬᠤᠭᠤᠴᠠᠭᠠᠨ ᠳᠤ᠂ ᠠᠷᠠᠳ ᠤᠨ ᠴᠠᠭᠳᠠᠭ᠎ᠠ ᠲᠡᠷᠡ ᠪᠦᠬᠦᠨ ᠲᠡᠷᠭᠡᠨ ᠳᠤ ᠰᠠᠭᠤᠵᠤ ᠴᠠᠭᠳᠠᠬᠤ ᠪᠢᠰᠢ᠂ ᠬᠠᠷᠢᠨ ᠶᠡᠬᠡᠩᠬᠢ ᠴᠠᠭ ᠲᠤ ᠴᠥᠮ ᠶᠠᠪᠠᠭᠠᠨ ᠢᠶᠠᠷ ᠴᠠᠭᠳᠠᠨ ᠲᠣᠭᠤᠷᠢᠬᠤ ᠴᠢᠬᠤᠯᠠᠲᠠᠢ ᠪᠠᠶᠢᠵᠤ᠂ ᠬᠠᠷᠢᠶ᠎ᠠ ᠣᠷᠣᠨ ᠤ 40 ᠭᠠᠷᠤᠢ ᠭᠤᠣᠯᠳᠠᠯᠭ᠎ᠠ ᠲᠠᠢ ᠭᠠᠵᠠᠷ ᠣᠷᠣᠨ ᠳᠤ ᠭᠠᠯ ᠤᠨ ᠰᠤᠷ ᠪᠠᠶᠢᠬᠤ ᠡᠰᠡᠬᠦ᠂ ᠬᠤᠯᠠᠭᠠᠶᠢᠯᠠᠨ ᠠᠩᠨᠠᠭᠰᠠᠨ᠂ ᠬᠡᠭᠡᠷ᠎ᠡ ᠶᠢᠨ ᠡᠮ ᠤᠨ ᠮᠠᠲ᠋ᠧᠷᠢᠶᠠᠯ ᠢ ᠬᠤᠯᠠᠭᠠᠶᠢᠯᠠᠨ ᠮᠠᠯᠲᠠᠭᠰᠠᠨ ᠵᠡᠷᠭᠡ ᠪᠠᠶᠢᠳᠠᠯ ᠢ ᠪᠠᠶᠢᠴᠠᠭᠠᠨ ᠦᠵᠡᠵᠦ᠂ ᠭᠡᠮ ᠰᠣᠭᠤᠭ ᠢ ᠴᠠᠭ ᠲᠤᠬᠠᠢ ᠳᠤ ᠨᠢ ᠠᠷᠢᠯᠭᠠᠬᠤ ᠶᠤᠮ᠃
 5c781ea69d33170bf1e809ae8b0001b.jpg  
     ᠬᠠᠨ ᠠᠭᠤᠯᠠ ᠣᠢ ᠰᠢᠭᠤᠶ ᠶᠢᠨ ᠲᠠᠯᠠᠪᠠᠢ ᠶᠢᠨ ᠲᠣᠮᠢᠯᠠᠭᠰᠠᠨ ᠰᠠᠯᠪᠤᠷᠢ ᠶᠢᠨ ᠳᠠᠷᠤᠭ᠎ᠠ ᠯᠢᠦ ᠭᠤᠸᠠᠩ ᠪᠦᠦ ᠪᠢᠳᠡᠨ ᠳᠤ᠂ ᠪᠢ ᠠᠩᠬ᠎ᠠ ᠤᠳᠠᠭ᠎ᠠ ᠠᠩᠭᠢ ᠪᠠᠨ ᠳᠠᠭᠠᠭᠤᠯᠤᠨ ᠲᠣᠭᠤᠷᠢᠨ ᠴᠠᠭᠳᠠᠬᠤ ᠳᠤ ᠡᠪᠦᠯ ᠪᠠᠶᠢᠪᠠ᠃ ᠲᠡᠷᠡ ᠡᠳᠦᠷ ᠣᠪᠤᠭ᠎ᠠ ᠠᠭᠤᠯᠠᠨ ᠳᠤ ᠬᠦᠷᠬᠦ ᠠᠴᠠ ᠡᠮᠦᠨ᠎ᠡ᠂ ᠶᠡᠭᠡ ᠴᠠᠰᠤ ᠯᠠᠪᠰᠠᠯᠠᠵᠤ᠂ ᠭᠠᠵᠠᠷ ᠵᠠᠮ ᠬᠤᠶᠠᠭᠤᠯᠠ ᠶᠢ ᠢᠯᠭᠠᠬᠤ ᠳᠤ ᠬᠦᠴᠢᠷ ᠪᠣᠯᠵᠤ᠂ ᠠᠷᠭ᠎ᠠ ᠪᠤᠰᠤ ᠨᠢᠭᠡ ᠭᠡᠰᠢᠭᠦᠨ ᠢᠶᠠᠨ ᠳᠠᠭᠠᠭᠤᠯᠤᠨ ᠡᠪᠦᠳᠦᠭ ᠳᠠᠪᠠᠮᠠᠷ ᠴᠠᠰᠤᠨ ᠳᠡᠭᠡᠭᠦᠷ ᠵᠠᠮ ᠴᠠᠭᠳᠠᠨ᠂ ᠲᠡᠷᠭᠡ ᠠᠷᠤ ᠠᠴᠠ ᠨᠢ ᠳᠠᠭᠠᠵᠤ᠂ 18 ᠴᠠᠭ ᠤᠨ ᠬᠦᠴᠢᠷ ᠪᠡᠷᠬᠡᠰᠢᠶᠡᠯ ᠲᠠᠢ ᠪᠠᠷ ᠠᠶᠠᠯᠠᠭᠠᠳ ᠡᠴᠦᠰ ᠲᠤ ᠪᠠᠨ ᠠᠮᠤᠷ ᠲᠦᠪᠰᠢᠨ ᠢᠶᠠᠷ ᠪᠤᠴᠠᠵᠤ ᠢᠷᠡᠪᠡ᠃     ᠶᠠᠷᠢᠯᠴᠠᠬᠤ ᠳᠤᠮᠳᠠ ᠦᠳᠡ ᠶᠢᠨ ᠬᠤᠭᠤᠯᠠᠨ ᠤ ᠴᠠᠭ ᠪᠣᠯᠵᠤ᠂ ᠠᠷᠠᠳ ᠤᠨ ᠴᠠᠭᠳᠠᠭ᠎ᠠ ᠪᠣᠭᠴᠣ ᠠᠴᠠ ᠪᠠᠨ ᠮᠠᠨᠲᠠᠤ ᠪᠣᠯᠤᠨ ᠨᠣᠭᠤᠭ᠎ᠠ ᠪᠠᠨ ᠭᠠᠷᠭᠠᠵᠤ ᠠᠭᠤᠯᠠᠨ ᠣᠷᠤᠢ ᠳᠤ ᠦᠳᠡ ᠶᠢᠨ ᠬᠤᠭᠤᠯᠠ ᠪᠠᠨ ᠢᠳᠡᠪᠡ᠃ ᠬᠡᠳᠦ᠋ᠢᠪᠡᠷ ᠠᠮᠲᠠᠲᠤ ᠢᠳᠡᠭᠡᠨ ᠪᠢᠰᠢ ᠪᠣᠯᠪᠠᠴᠤ᠂ ᠬᠥᠮᠦᠨ ᠪᠣᠯᠭᠠᠨ ᠤ ᠬᠠᠴᠠᠷ ᠳᠡᠭᠡᠷ᠎ᠡ ᠪᠦᠷ ᠢᠨᠢᠶᠡᠮᠰᠦᠭᠯᠡᠯ ᠪᠢᠯᠬᠠᠵᠤ᠂ ᠵᠠᠯᠠᠭᠤ ᠰᠢᠭ ᠬᠤᠶᠠᠷ ᠠᠷᠠᠳ ᠤᠨ ᠴᠠᠭᠳᠠᠭ᠎ᠠ ᠬᠠᠷᠢᠯᠴᠠᠨ ᠥᠴᠥᠭᠡᠳᠦᠷ ᠤᠨ ᠥᠩᠭᠡᠷᠡᠯᠲᠡ ᠪᠠᠨ ᠶᠠᠷᠢᠵᠤ᠂ ᠨᠢᠭᠡ ᠴᠠᠭ ᠤᠨ ᠬᠤᠭᠤᠯᠠ ᠨᠢ ᠬᠠᠯᠠᠭᠤᠨ ᠳᠣᠲᠣᠨᠣ ᠮᠥᠷᠲᠡᠭᠡᠨ ᠪᠠᠶᠠᠷ ᠵᠢᠷᠭᠠᠯ ᠢᠶᠠᠷ ᠪᠢᠯᠬᠠᠵᠤ ᠪᠠᠶᠢᠪᠠ᠃
cd379ef9dc5f38da9ac32e05fb2804a.jpg   
     ︽ᠲᠣᠭᠤᠷᠢᠨ ᠴᠠᠭᠳᠠᠬᠤ ᠠᠵᠢᠯ ᠬᠠᠲᠠᠭᠤᠵᠢᠯᠲᠠᠢ ᠮᠥᠷᠲᠡᠭᠡᠨ ᠶᠠᠳᠠᠷᠠᠯᠲᠠᠢ᠂ ᠪᠠᠰᠠ ᠮᠠᠰᠢ ᠤᠶᠢᠳᠬᠠᠷ ᠲᠠᠢ᠂ ᠶᠠᠮᠠᠷ ᠵᠣᠷᠢᠭ ᠰᠠᠨᠠᠭ᠎ᠠ ᠨᠢ ᠤᠯᠠᠨ ᠢ ᠠᠳᠡ ᠪᠠᠲᠤ ᠰᠠᠬᠢᠭᠤᠯᠤᠭᠰᠠᠨ ᠪᠤᠢ︖ ᠪᠢᠳᠡ ᠯᠢᠦ ᠭᠤᠸᠠᠩ ᠪᠦᠦ ᠳᠠᠷᠤᠭ᠎ᠠ ᠠᠴᠠ ᠠᠰᠠᠭᠤᠭᠰᠠᠨ ᠳᠤ᠂ ᠲᠡᠷᠡ᠄ ︽ᠶᠡᠷᠦᠩᠬᠡᠶ ᠱᠦᠵᠢ ᠶᠢᠨ ᠬᠡᠯᠡᠭᠰᠡᠨ ︿ᠬᠥᠬᠡᠮᠳᠦᠭ ᠨᠣᠭᠤᠭᠠᠨ ᠠᠭᠤᠯᠠ ᠤᠰᠤ ᠪᠣᠯ ᠳᠠᠷᠤᠶ ᠠᠯᠲᠠ ᠮᠥᠩᠭᠦᠨ ᠠᠭᠤᠯᠠ ᠮᠥᠨ﹀ ᠭᠡᠬᠦ ᠦᠭᠡ ᠨᠠᠳᠠ ᠳᠤ ᠮᠠᠰᠢ ᠭᠦᠨ ᠲᠥᠷᠥᠭᠳᠡᠯ ᠲᠠᠢ ᠶᠤᠮ᠃ ᠠᠭᠤᠯᠠᠨ ᠣᠶ ᠳᠠᠬᠢ ᠬᠤᠪᠤᠷ ᠴᠤᠬᠠᠭ ᠬᠦᠭᠡᠷᠦᠬᠦᠢ ᠠᠮᠢᠲᠠᠨ᠂ ᠢᠯᠠᠩᠭᠤᠶ᠎ᠠ ᠮᠥᠬᠦᠬᠦ ᠰᠢᠬᠠᠭᠰᠠᠨ ᠤᠯᠤᠰ ᠤᠨ ᠬᠠᠮᠠᠭᠠᠯᠠᠯᠲᠠ ᠶᠢᠨ ᠠᠮᠢᠲᠠᠨ ᠢ ᠣᠯᠵᠤ ᠦᠵᠡᠬᠦ ᠪᠦᠷᠢ᠂ ᠡᠨᠡ ᠴᠠᠭᠳᠠᠭᠠᠨ ᠤ ᠬᠤᠪᠴᠠᠰᠤ ᠶᠢ ᠡᠮᠦᠰᠬᠦ ᠠᠴᠠ ᠡᠮᠦᠨ᠎ᠡ ᠪᠢ ᠪᠦᠷ ᠲᠡᠳᠡᠨ ᠢ ᠬᠡᠷᠬᠢᠨ ᠠᠷᠠᠴᠢᠯᠠᠵᠤ ᠬᠠᠮᠠᠭᠠᠯᠠᠬᠤ ᠶᠢ ᠪᠣᠳᠤᠵᠤ ᠪᠠᠶᠢᠭᠰᠠᠨ᠂ ᠢᠯᠠᠩᠭᠤᠶ᠎ᠠ ᠮᠠᠨ ᠤ ᠬᠠᠨ ᠠᠭᠤᠯᠠ ᠣᠶ ᠰᠢᠭᠤᠶ ᠶᠢᠨ ᠲᠠᠯᠠᠪᠠᠶ ᠶᠢᠨ ᠲᠣᠮᠢᠯᠠᠭᠰᠠᠨ ᠰᠠᠯᠪᠤᠷᠢ ᠶᠢᠨ ᠺᠠᠳ᠋ᠷ ᠴᠠᠭᠳᠠᠭ᠎ᠠ ᠨᠠᠷ ᠤᠨ ᠡᠭᠦᠷᠭᠡ ᠬᠠᠷᠢᠭᠤᠴᠠᠯᠭ᠎ᠠ ᠪᠣᠯ ᠲᠡᠳᠡᠨ ᠤ ᠬᠡᠷ ᠣᠷᠣᠨ ᠢᠶᠠᠨ ᠰᠠᠬᠢᠨ ᠬᠠᠮᠠᠭᠠᠯᠠᠬᠤ ᠶᠠᠪᠤᠳᠠᠯ ᠪᠣᠯᠤᠨ᠎ᠠ︕︾ ᠭᠡᠪᠡ᠃     ᠣᠬᠤᠷᠬᠠᠨ ᠦᠳᠡ ᠶᠢᠨ ᠬᠤᠭᠤᠯᠠᠨ ᠤ ᠳᠠᠷᠠᠭ᠎ᠠ᠂ ᠺᠠᠳ᠋ᠷ ᠴᠠᠭᠳᠠᠭ᠎ᠠ ᠨᠠᠷ ᠦᠷᠭᠦᠯᠵᠢᠯᠡᠨ ᠴᠠᠭᠳᠠᠵᠤ᠂ ᠵᠠᠮ ᠳᠡᠭᠡᠷ᠎ᠡ ᠨᠢᠭᠡ ᠪᠦᠳᠦᠭᠦᠨ ᠮᠣᠳᠣ ᠰᠠᠯᠬᠢᠨ ᠳᠤ ᠦᠯᠢᠶᠡᠭᠳᠡᠨ ᠭᠠᠯ ᠤᠨᠳᠠᠷᠠᠭᠠᠬᠤ ᠵᠠᠮ ᠳᠡᠭᠡᠷ᠎ᠡ ᠤᠨᠠᠵᠤ᠂ ᠡᠨᠡ ᠮᠣᠳᠣ ᠶᠢ ᠬᠤᠶᠠᠷ ᠬᠥᠮᠦᠨ ᠳᠡᠪᠡᠷᠢᠪᠡᠯ ᠰᠠᠶ᠋ᠢ ᠭᠠᠷ ᠭᠠᠷ ᠢᠶᠠᠷ ᠢᠶᠠᠨ ᠬᠤᠯᠪᠤᠵᠤ ᠴᠢᠳᠠᠨ᠎ᠠ᠃ ᠯᠢᠦ ᠭᠤᠸᠠᠩ ᠪᠦᠦ ᠲᠡᠷᠡ ᠳᠠᠷᠤᠶ ᠳᠤ ᠨᠢ ᠠᠷᠠᠳ ᠤᠨ ᠴᠠᠭᠳᠠᠭ᠎ᠠ ᠪᠠᠨ ᠵᠣᠬᠢᠶᠠᠨ ᠪᠠᠶᠢᠭᠤᠯᠵᠤ᠂ ᠬᠤᠶᠠᠷ ᠴᠠᠭ ᠭᠠᠷᠤᠶ ᠶᠢᠨ ᠲᠡᠮᠡᠴᠡᠯ ᠢᠶᠠᠷ ᠳᠡᠮᠵᠢᠨ᠂ ᠡᠴᠦᠰ ᠲᠤ ᠪᠠᠨ ᠵᠠᠮ ᠳᠡᠭᠡᠷᠡᠬᠢ ᠡᠨᠡ ᠬᠦ ᠮᠣᠳᠣ ᠶᠢ ᠴᠡᠪᠡᠷᠯᠡᠵᠦ ᠳᠠᠭᠤᠰᠬᠠᠪᠠ᠃ ᠡᠶᠢᠮᠦᠷᠬᠦ ᠦᠵᠡᠭᠳᠡᠯ ᠤᠳ ᠨᠢ᠂ ᠦᠶ᠎ᠡ ᠦᠶ᠎ᠡ ᠶᠢᠨ ᠠᠷᠠᠳ ᠤᠨ ᠴᠠᠭᠳᠠᠭ᠎ᠠ ᠨᠠᠷ ᠤᠨ ᠰᠡᠳᠬᠢᠯ ᠬᠥᠳᠡᠯᠭᠡᠮ᠎ᠡ ᠥᠯᠢᠭᠡᠷ ᠢ ᠪᠣᠢ ᠪᠣᠯᠭᠠᠵᠤ᠂ ᠬᠠᠨ ᠱᠠᠨ ᠣᠶ ᠰᠢᠭᠤᠶ ᠶᠢᠨ ᠲᠠᠯᠠᠪᠠᠶ ᠶᠢ ᠬᠡᠳᠦᠨ ᠠᠷᠪᠠᠨ ᠵᠢᠯ ᠰᠠᠬᠢᠨ ᠬᠠᠮᠠᠭᠠᠯᠠᠨ᠂ ᠨᠡᠶᠢᠲᠡ 450 ᠭᠠᠷᠤᠶ ᠲᠦᠮᠡᠨ ᠺᠢᠯᠦᠮᠧᠲᠷ ᠤᠨ ᠭᠠᠵᠠᠷ ᠢ ᠴᠠᠭᠳᠠᠨ ᠲᠣᠭᠤᠷᠢᠵᠤ᠂ ᠳᠡᠯᠡᠬᠡᠶ ᠶᠢᠨ ᠪᠦᠰᠡᠯᠡᠭᠦᠷ ᠢ 107 ᠭᠠᠷᠤᠶ ᠣᠷᠢᠶᠠᠵᠤ ᠬᠦᠷᠳᠡᠭ᠃      
ᠢᠷᠡᠯᠲᠡ᠄ ᠲᠦᠩᠯᠢᠶᠤᠤ ᠬᠤᠲᠠ ᠶᠢᠨ ᠲᠣᠳᠤᠭᠠᠳᠤ ᠶᠢ ᠬᠠᠮᠠᠭᠠᠯᠠᠬᠤ ᠲᠤᠪᠴᠢᠶ᠎ᠠ